ᠴᠠᠭᠠᠨ ᠰᠠᠷ᠎ᠠ - ᠬᠡᠰᠢᠭ ᠫᠷᠣᠳᠢᠶᠠᠺᠱᠸᠨЦагаан сар - Хишиг продакшн Tsagaan sar - Khishig production cover ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠠᠷ᠎ᠠ - ᠬᠡᠰᠢᠭ ᠫᠷᠣᠳᠢᠶᠠᠺᠱᠸᠨЦагаан сар - Хишиг продакшн Tsagaan sar - Khishig production cover

ᠴᠠᠭᠠᠨ ᠰᠠᠷ᠎ᠠ - ᠬᠡᠰᠢᠭ ᠫᠷᠣᠳᠢᠶᠠᠺᠱᠸᠨЦагаан сар - Хишиг продакшн Tsagaan sar - Khishig production cover

ᠠᠩᠭᠢᠯᠠᠯ:ᠳᠠᠭᠤᠤ ᠬᠥᠭᠵᠢᠮ
2024-02-10

1712

ᠴᠠᠭᠠᠨ ᠰᠠᠷ᠎ᠠ

           ᠮᠣᠩᠭᠣᠯ ᠠᠷᠠᠳ ᠤ᠋ᠨ ᠳᠠᠭᠤᠤ 
ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠪᠣᠯᠤᠭᠠᠳ ᠢᠷᠡᠪᠡᠯ ᠳᠠ ᠬᠦ ᠠᠢ ᠬᠦ 
ᠴᠠᠭᠠᠨ ᠢᠰᠡᠭᠡᠢ ᠭᠠᠳᠠᠨ᠎ᠠ ᠪᠠᠨ ᠳᠡᠪᠢᠰᠦᠭᠡᠳ 
ᠲᠩᠷᠢ ᠪᠤᠷᠬᠠᠨ ᠳ᠋ᠤ᠌ ᠪᠠᠨ ᠮᠥᠷᠭᠥᠯ᠎ᠡ ᠳᠡ ᠬᠦ 
ᠴᠠᠭᠠᠨ ᠢᠳᠡᠭᠡ ᠪᠡᠨ ᠲᠠᠪᠠᠭ ᠢ᠋ᠶ᠋ᠠᠷ ᠳᠦᠭᠦᠷᠭᠡᠭᠡᠳ 
ᠠᠮᠲᠠᠨ ᠳ᠋ᠤ᠌ ᠨᠢ ᠪᠣᠯᠵᠤ ᠰᠠᠭᠤᠨ᠎ᠠ ᠬᠦ ᠠᠢ ᠬᠦ 
ᠴᠢᠷᠠᠢᠯᠢᠭ᠋ ᠲᠥᠷᠥᠭᠰᠡᠨ ᠶᠠᠩᠵᠢᠨᠳᠤᠯᠮ᠎ᠠ ᠳ᠋ᠤ᠌ ᠪᠠᠨ 
ᠰᠠᠨᠠᠭᠰᠠᠨ ᠢ᠋ ᠪᠡᠨ ᠬᠡᠯᠡᠨ᠎ᠡ ᠳᠡ ᠬᠦ 
ᠬᠠᠪᠤᠷ ᠤ᠋ᠨ ᠰᠠᠷ᠎ᠠ ᠶ᠋ᠢᠨ ᠰᠢᠨ᠎ᠡ ᠶ᠋ᠢᠨ ᠨᠢᠭᠡᠨ ᠪᠣᠯᠤᠭᠠᠳ ᠢᠷᠡᠪᠡᠯ ᠳᠠ ᠠᠢ ᠬᠦ 
ᠬᠠᠨᠠᠨ ᠢᠰᠡᠭᠡᠢ ᠪᠡᠨ ᠭᠠᠳᠠᠨ᠎ᠠ ᠪᠠᠨ ᠳᠡᠪᠢᠰᠦᠭᠡᠳ
ᠬᠠᠩᠭᠠᠢ ᠳᠡᠯᠡᠬᠡᠢ ᠳ᠋ᠦ᠍ ᠪᠡᠨ ᠮᠥᠷᠭᠥᠯ᠎ᠡ ᠳᠡ ᠬᠦ
ᠬᠠᠢᠯᠮᠠᠭ ᠲᠣᠰᠣ ᠪᠠᠷ ᠲᠠᠪᠠᠭ ᠢ᠋ᠶ᠋ᠠᠨ ᠳᠦᠭᠦᠷᠭᠡᠭᠡᠳ
ᠠᠮᠲᠠᠨ ᠳ᠋ᠤ᠌ ᠨᠢ ᠪᠣᠯᠵᠤ ᠰᠠᠭᠤᠨ᠎ᠠ ᠬᠦ ᠠᠢ ᠬᠦ
ᠬᠠᠢᠷᠠᠲᠠᠢ ᠲᠥᠷᠥᠭᠰᠡᠨ ᠶᠠᠩᠵᠢᠨᠳᠤᠯᠮ᠎ᠠ ᠳ᠋ᠤ᠌ ᠪᠠᠨ
ᠰᠠᠨᠠᠭᠰᠠᠨ ᠢ᠋ ᠪᠡᠨ ᠬᠡᠯᠡᠨ᠎ᠡ ᠳᠡ ᠬᠦ

ᠶᠢᠰᠦᠨ ᠲᠣᠪᠴᠢ ᠲᠠᠢ ᠳᠡᠪᠡᠯ ᠢ᠋ᠶ᠋ᠡᠨ ᠡᠪᠬᠡᠭᠡᠰᠦ ᠶ᠋ᠢ ᠨᠢ ᠭᠠᠷᠭᠠᠵᠤ ᠡᠮᠦᠰᠦᠭᠡᠳ
ᠨᠠᠷᠠᠨ ᠤ᠋ ᠥᠩᠭᠡ ᠲᠡᠢ ᠳᠤᠷᠳᠤᠩ ᠢ᠋ ᠵᠥᠪ ᠡᠷᠭᠢᠭᠦᠯᠵᠦ ᠪᠦᠰᠡᠯᠡᠭᠡᠳ
ᠰᠠᠷᠠᠨ ᠬᠡᠯᠪᠡᠷᠢᠲᠡᠢ ᠮᠠᠯᠠᠭᠠᠢ ᠪᠠᠷ ᠲᠡᠷᠢᠭᠦᠨ ᠶᠦ᠍ᠭᠡᠨ ᠭᠤᠶᠤᠭᠠᠳ
ᠰᠠᠢᠬᠠᠨ ᠵᠢᠯ ᠦ᠋ᠨ ᠥᠷᠯᠥᠭᠡ ᠶ᠋ᠢ ᠠᠮᠤᠷ ᠮᠡᠨᠳᠦ ᠤᠭᠲᠤᠭᠠᠷᠠᠢ!
ᠠᠭᠠᠭ ᠲᠠᠢ ᠰᠢᠷᠭᠠᠯ ᠴᠠᠢ ᠶ᠋ᠢ
ᠨᠠᠷᠠᠨ ᠤ᠋ ᠲᠤᠶᠠᠭ᠎ᠠ ᠲᠠᠢ ᠰᠠᠮᠤᠷᠴᠤ
ᠠᠯᠲᠠᠨ ᠲᠥᠷᠥ ᠶ᠋ᠢᠨ ᠰᠦᠯᠳᠡ ᠲᠡᠢ
ᠬᠣᠢᠮᠣᠷ ᠣᠨ ᠪᠤᠷᠬᠠᠨ ᠳ᠋ᠤ᠌ ᠪᠠᠨ ᠳᠡᠭᠡᠵᠢᠯᠡᠭᠡᠳ
ᠢᠷᠡᠬᠦ ᠵᠢᠯ ᠦ᠋ᠨ ᠲᠥᠭᠡᠷᠭᠡ ᠶ᠋ᠢ ᠢᠲᠡᠭᠡᠯ ᠦ᠋ᠨ ᠥᠩᠭᠡ ᠪᠡᠷ ᠰᠦᠯᠡᠵᠦ
ᠢᠳᠡᠭᠡ ᠰᠢᠭᠦᠰᠦ ᠶ᠋ᠢᠨ ᠢ᠋ᠶ᠋ᠡᠨ ᠳᠡᠷᠭᠡᠳᠡ ᠡᠷᠬᠢᠮᠰᠦᠭ ᠵᠠᠯᠠᠷᠠᠬᠤ ᠠᠪᠤ ᠡᠵᠢ ᠳ᠋ᠦ᠍ ᠪᠡᠨ
ᠲᠩᠷᠢ ᠶ᠋ᠢᠨ ᠥᠩᠭᠡ ᠲᠡᠢ ᠬᠠᠳᠠᠭ ᠢ᠋ᠶ᠋ᠠᠷ ᠢᠷᠦᠭᠡᠯ ᠡᠷᠭᠦᠵᠦ ᠵᠣᠯᠭᠠᠭᠠᠳ
ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠪᠡᠨ 
ᠡᠩᠬᠡ ᠮᠡᠨᠳᠦ ᠵᠣᠯᠭᠠᠵᠤ ᠰᠠᠷ᠎ᠠ ᠰᠢᠨ᠎ᠡ ᠳ᠋ᠦ᠍ ᠪᠡᠨ ᠰᠠᠢᠬᠠᠨ ᠰᠢᠨᠡᠯᠡᠭᠡᠷᠡᠢ!

ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠪᠣᠯᠤᠭᠠᠳ ᠢᠷᠡᠪᠡᠯ ᠳᠠ ᠬᠦ ᠠᠢ ᠬᠦ
ᠴᠠᠭᠠᠨ ᠢᠰᠡᠭᠡᠢ ᠭᠠᠳᠠᠨ᠎ᠠ ᠪᠠᠨ ᠳᠡᠪᠢᠰᠦᠭᠡᠳ
ᠲᠩᠷᠢ ᠪᠤᠷᠬᠠᠨ ᠳ᠋ᠤ᠌ ᠪᠠᠨ ᠮᠥᠷᠭᠥᠯ᠎ᠡ ᠳᠡ ᠬᠦ
ᠴᠠᠭᠠᠨ ᠢᠰᠡᠭᠡᠢ ᠭᠠᠳᠠᠨ᠎ᠠ ᠪᠠᠨ ᠳᠡᠪᠢᠰᠦᠭᠡᠳ
ᠲᠩᠷᠢ ᠪᠤᠷᠬᠠᠨ ᠳ᠋ᠤ᠌ ᠪᠠᠨ ᠮᠥᠷᠭᠥᠯ᠎ᠡ ᠳᠡ ᠬᠦ

   ᠦᠰᠦᠭ ᠠᠮᠢᠯᠠᠭᠤᠯᠤᠭᠴᠢ᠄ ᠠᠵᠠᠵᠠᠶᠠᠭ᠎ᠠ
   ᠦᠰᠦᠭ ᠬᠠᠲᠠᠭᠴᠢ᠄ ᠠᠵᠠᠵᠠᠶᠠᠭ᠎ᠠ
   ᠬᠢᠨᠠᠭᠴᠢ᠄ ᠭᠠᠷᠮ᠎ᠠ ᠰ ᠂ ᠳᠣᠷᠣᠨ᠎ᠠ ᠣᠳᠣᠨᠭᠡᠷᠡᠯ ᠨᠤᠮᠤᠴᠢᠨ ᠪᠢᠯᠢᠭ