ᠪᠣᠰᠤᠭ᠎ᠠ ᠦᠰᠦᠭ ᠢ᠋ᠶ᠋ᠡᠨ ᠨᠠᠨᠳᠢᠩᠨᠠᠨ ᠪᠢᠴᠢᠶ᠎ᠡ- ᠬᠣᠨᠢᠴᠢᠨ ᠭᠠᠷᠠᠭ
ᠪᠣᠰᠤᠭ᠎ᠠ ᠦᠰᠦᠭ ᠢ᠋ᠶ᠋ᠡᠨ ᠨᠠᠨᠳᠢᠩᠨᠠᠨ ᠪᠢᠴᠢᠶ᠎ᠡ
ᠬᠣᠨᠢᠴᠢᠨ ᠭᠠᠷᠠᠭ
ᠠᠮᠢᠨ ᠬᠠᠢᠷᠠᠲᠠᠢ ᠰᠢᠲᠦᠭᠡᠨ ᠬᠡᠯᠡ ᠪᠡᠨ
ᠠᠴᠢᠷ ᠬᠣᠢᠴᠢᠰ ᠲᠠᠭᠠᠨ
ᠤᠯᠠᠮᠵᠢᠯᠠᠨ ᠪᠢᠴᠢᠶ᠎ᠡ
ᠠᠭᠤᠤ ᠡᠬᠡᠰᠢᠭ ᠡᠷᠬᠢᠮ ᠬᠡᠯᠡ ᠪᠡᠨ
ᠠᠯᠲᠠᠨ ᠬᠣᠢᠮᠣᠷ ᠲᠤ᠌ ᠪᠠᠨ ᠰᠡᠢᠯᠦᠨ ᠪᠢᠴᠢᠶ᠎ᠡ
ᠠᠪᠢᠶ᠎ᠠ ᠵᠦᠢ ᠮᠥᠩᠬᠡ ᠬᠡᠯᠡ ᠪᠡᠨ
ᠠᠴᠤᠭ ᠰᠢᠲᠦ ᠶ᠋ᠢ ᠨᠢ ᠬᠠᠶᠠᠯ ᠦᠭᠡᠢ ᠪᠢᠴᠢᠶ᠎ᠡ
ᠪᠣᠭᠳᠠ ᠶ᠋ᠢᠨ ᠠᠯᠲᠠᠨ ᠵᠠᠷᠯᠢᠭ ᠢ᠋ᠶ᠋ᠠᠷ
ᠪᠣᠰᠤᠭ᠎ᠠ ᠦᠰᠦᠭ ᠢ᠋ᠶ᠋ᠡᠨ
ᠨᠠᠨᠳᠢᠩᠨᠠᠨ ᠪᠢᠴᠢᠶ᠎ᠡ
ᠪᠤᠭᠤᠷᠤᠯ ᠳᠡᠭᠡᠳᠦᠰ ᠦ᠋ᠨ ᠵᠠᠬᠢᠶ᠎ᠠ ᠪᠠᠷ
ᠪᠣᠳᠣᠯ ᠵᠢᠷᠦᠬᠡᠨ ᠳ᠋ᠦ᠍ ᠪᠡᠨ ᠲᠤᠩᠭᠠᠨ ᠪᠢᠴᠢᠶ᠎ᠡ
ᠪᠤᠷᠬᠠᠨ ᠵᠠᠶᠠᠭ᠎ᠠ ᠲᠠᠢ ᠮᠣᠩᠭᠣᠯ ᠪᠢᠴᠢᠭ ᠢ᠋ᠶ᠋ᠡᠨ
ᠪᠣᠯᠣᠷ ᠲᠡᠦᠬᠡ ᠲᠡᠢ ᠨᠢ ᠰᠤᠳᠤᠯᠤᠨ ᠪᠢᠴᠢᠶ᠎ᠡ
ᠰᠤᠷᠪᠤᠯᠵᠢ ᠪᠢᠴᠢᠭ ᠦ᠋ᠨ ᠦᠨᠳᠦᠰᠦᠯᠡᠯ ᠢ᠋ᠶ᠋ᠡᠷ
ᠰᠤᠤ ᠤᠬᠠᠭᠠᠨ ᠳ᠋ᠠᠭᠠᠨ ᠲᠣᠯᠢᠯᠠᠨ ᠪᠢᠴᠢᠶ᠎ᠡ
ᠰᠤᠷᠭᠠᠯ ᠵᠢᠷᠤᠮ ᠤ᠋ᠨ ᠬᠡᠯᠬᠢᠶᠡᠰᠦᠯᠡᠯ ᠢ᠋ᠶ᠋ᠡᠷ
ᠰᠣᠨᠣᠷ ᠰᠡᠷᠡᠮᠵᠢ ᠲᠡᠢ ᠥᠪᠯᠡᠨ ᠪᠢᠴᠢᠶ᠎ᠡ
ᠰᠣᠶᠣᠮᠪᠣ ᠢᠵᠠᠭᠤᠷ ᠤ᠋ᠨ ᠲᠠᠮᠠᠭᠠᠨ ᠪᠢᠴᠢᠭ ᠢ᠋ᠶ᠋ᠡᠨ
ᠰᠣᠳᠣᠨ ᠦᠷᠡᠰ ᠲᠦ᠍ ᠪᠡᠨ ᠵᠠᠯᠭᠠᠮᠵᠢᠯᠠᠨ ᠪᠢᠴᠢᠶ᠎ᠡ
2024.1.10
