ᠣᠷᠴᠢᠯᠠᠩ ᠠᠷᠭᠠᠳᠠᠬᠤ ᠠᠶᠠᠯᠭᠤ-ᠮᠠᠨᠳᠤᠯ᠎ᠠОрчлон аргадах аялгуу-Мандлаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠷᠴᠢᠯᠠᠩ ᠠᠷᠭᠠᠳᠠᠬᠤ ᠠᠶᠠᠯᠭᠤ-ᠮᠠᠨᠳᠤᠯ᠎ᠠОрчлон аргадах аялгуу-Мандлаа

ᠣᠷᠴᠢᠯᠠᠩ ᠠᠷᠭᠠᠳᠠᠬᠤ ᠠᠶᠠᠯᠭᠤ-ᠮᠠᠨᠳᠤᠯ᠎ᠠОрчлон аргадах аялгуу-Мандлаа

ᠠᠩᠭᠢᠯᠠᠯ:ᠳᠠᠭᠤᠤ ᠬᠥᠭᠵᠢᠮ
2024-02-08

626

ᠣᠷᠴᠢᠯᠠᠩ ᠠᠷᠭᠠᠳᠠᠬᠤ ᠠᠶᠠᠯᠭᠤ

   ᠦᠭᠡ᠄ ᠳᠥᠷᠪᠡᠳ᠂ ᠡᠷᠳᠡᠨᠢᠪᠠᠶᠠᠷ 
   ᠠᠶ᠎ᠠ᠄ ᠪ᠊᠂ ᠮᠠᠭᠰᠤᠷᠵᠠᠪ 
   ᠳᠠᠭᠤᠴᠢᠨ᠄ ᠮᠠᠨᠳᠤᠯ᠎ᠠ 
ᠥᠷᠯᠥᠭᠡ ᠥᠷᠯᠥᠭᠡᠨ ᠦ᠌ ᠨᠠᠷᠠ ᠶ᠋ᠢ 
ᠦᠨᠡᠨ ᠬᠠᠢᠷ᠎ᠠ ᠪᠠᠷ ᠢ᠋ᠶ᠋ᠠᠨ ᠤᠭᠲᠤᠶ᠎ᠠ 
ᠦᠳᠡᠰᠢ ᠦᠳᠡᠰᠢ ᠶ᠋ᠢᠨ ᠰᠠᠷᠠ ᠶ᠋ᠢ 
ᠦᠷᠦ ᠵᠢᠷᠦᠬᠡᠨ ᠡᠴᠡ ᠪᠡᠨ ᠬᠠᠢᠷᠠᠯᠠᠶ᠎ᠠ ᠳᠠ 
ᠡᠪᠡᠢ ᠡᠪᠡᠢ ᠬᠣᠷᠸ᠎ᠠ ᠮᠢᠨᠢ 
ᠡᠩᠬᠦᠷᠡᠢᠬᠡᠨ ᠨᠢᠯᠬ᠎ᠠ ᠪᠣᠯᠬᠣᠷ ᠢ᠋ᠶ᠋ᠠᠨ 
ᠡᠪᠡᠢ ᠡᠪᠡᠢ ᠣᠷᠴᠢᠯᠠᠩ ᠮᠢᠨᠢ
ᠡᠵᠢ ᠲᠡᠢ ᠮᠢᠨᠢ ᠠᠳᠠᠯᠢᠬᠠᠨ ᠪᠦᠪᠡᠢᠯᠡᠵᠦ ᠳᠡ
ᠴᠡᠩᠬᠡᠷ ᠴᠡᠩᠬᠡᠷ ᠠᠭᠤᠯᠠᠰ ᠢ᠋ ᠪᠡᠨ
ᠴᠢᠩ ᠵᠢᠷᠦᠬᠡᠨ ᠳ᠋ᠦ᠍ ᠪᠡᠨ ᠰᠢᠲᠦᠶ᠎ᠡ ᠳᠡ
ᠴᠡᠯᠡᠯᠵᠡᠬᠦ ᠴᠡᠯᠡᠯᠵᠡᠬᠦ ᠤᠰᠤ ᠨᠤᠭᠤᠳ ᠢ᠋
ᠴᠡᠭᠡᠵᠢ ᠵᠢᠷᠦᠬᠡᠨ ᠳ᠋ᠦ᠍ ᠪᠡᠨ ᠳᠡᠭᠡᠳᠦᠯᠡᠶ᠎ᠡ ᠳᠡ 
ᠡᠪᠡᠢ ᠡᠪᠡᠢ ᠬᠣᠷᠸ᠎ᠠ ᠮᠢᠨᠢ
ᠡᠩᠬᠦᠷᠡᠢᠬᠡᠨ ᠨᠢᠯᠬ᠎ᠠ ᠪᠣᠯᠬᠣᠷ ᠢ᠋ᠶ᠋ᠠᠨ
ᠡᠪᠡᠢ ᠡᠪᠡᠢ ᠣᠷᠴᠢᠯᠠᠩ ᠮᠢᠨᠢ
ᠡᠵᠢ ᠲᠡᠢ ᠮᠢᠨᠢ ᠠᠳᠠᠯᠢᠬᠠᠨ ᠪᠦᠪᠡᠢᠯᠡᠵᠦ ᠳᠡ
ᠨᠠᠨᠳᠢᠨ ᠨᠠᠨᠳᠢᠨ ᠠᠮᠢ ᠨᠤᠭᠤᠳ ᠢ᠋
ᠨᠢᠯᠬ᠎ᠠ ᠦᠷ᠎ᠡ ᠪᠡᠨ ᠰᠢᠭ ᠥᠷᠦᠪᠳᠦᠶ᠎ᠡ
ᠨᠠᠨᠳᠢᠨ ᠨᠠᠨᠳᠢᠨ ᠰᠡᠳᠬᠢᠯ ᠦ᠋ᠳ ᠢ᠋
ᠨᠡᠷᠡᠲᠦ ᠶ᠋ᠢᠨ ᠴᠢᠯᠥᠭᠡᠨ ᠳ᠋ᠦ᠍ ᠬᠠᠢᠷᠠᠯᠠᠶ᠎ᠠ ᠳᠠ
ᠡᠪᠡᠢ ᠡᠪᠡᠢ ᠬᠣᠷᠸ᠎ᠠ ᠮᠢᠨᠢ
ᠡᠩᠬᠦᠷᠡᠢᠬᠡᠨ ᠨᠢᠯᠬ᠎ᠠ ᠪᠣᠯᠬᠣᠷ ᠢ᠋ᠶ᠋ᠠᠨ
ᠡᠪᠡᠢ ᠡᠪᠡᠢ ᠣᠷᠴᠢᠯᠠᠩ ᠮᠢᠨᠢ
ᠡᠵᠢ ᠲᠡᠢ ᠮᠢᠨᠢ ᠠᠳᠠᠯᠢᠬᠠᠨ ᠪᠦᠪᠡᠢᠯᠡᠵᠦ ᠳᠡ
ᠡᠪᠡᠢ ᠡᠪᠡᠢ ᠬᠣᠷᠸ᠎ᠠ ᠮᠢᠨᠢ
ᠡᠩᠬᠦᠷᠡᠢᠬᠡᠨ ᠨᠢᠯᠬ᠎ᠠ ᠪᠣᠯᠬᠣᠷ ᠢ᠋ᠶ᠋ᠠᠨ
ᠡᠪᠡᠢ ᠡᠪᠡᠢ ᠣᠷᠴᠢᠯᠠᠩ ᠮᠢᠨᠢ
ᠡᠵᠢ ᠲᠡᠢ ᠮᠢᠨᠢ ᠠᠳᠠᠯᠢᠬᠠᠨ ᠪᠦᠪᠡᠢᠯᠡᠵᠦ ᠳᠡ
ᠡᠵᠢ ᠲᠡᠢ ᠮᠢᠨᠢ ᠠᠳᠠᠯᠢᠬᠠᠨ ᠪᠦᠪᠡᠢᠯᠡᠵᠦ ᠳᠡ

   ᠦᠰᠦᠭ ᠠᠮᠢᠯᠠᠭᠤᠯᠤᠭᠰᠠᠨ ᠨᠢ᠄ ᠰᠡᠷᠭᠦᠯᠡᠩ
   ᠦᠰᠦᠭ ᠬᠠᠲᠠᠭᠰᠠᠨ ᠨᠢ᠄ ᠰᠡᠷᠭᠦᠯᠡᠩ
   ᠬᠢᠨᠠᠭᠴᠢ ᠪᠠᠭᠰᠢ᠄ ᠮᠥᠴᠢᠷ