ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠨ ᠬᠣᠶᠠᠳᠤᠭᠠᠷ ᠪᠦᠯᠦᠭ > Хөх судрын залгамж - Инжинаш < Ерэн хоёрдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠨ ᠬᠣᠶᠠᠳᠤᠭᠠᠷ ᠪᠦᠯᠦᠭ > Хөх судрын залгамж - Инжинаш < Ерэн хоёрдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠨ ᠬᠣᠶᠠᠳᠤᠭᠠᠷ ᠪᠦᠯᠦᠭ > Хөх судрын залгамж - Инжинаш < Ерэн хоёрдугаар бүлэг >

ᠠᠩᠭᠢᠯᠠᠯ:ᠲᠡᠦᠬᠡ ᠰᠣᠶᠣᠯ
2024-02-07

554


               ᠶᠡᠷᠡᠨ ᠬᠣᠶᠠᠳᠤᠭᠠᠷ ᠪᠦᠯᠦᠭ   
                          ᠤᠯᠠᠭᠠᠨ ᠬᠤᠯᠤᠭᠠᠨ᠎ᠠ ᠵᠢᠯ ᠂ ᡁᠢ ᠶᠤᠸᠠᠨ ᠤ᠋ ᠠᠷᠪᠠᠨ ᠭᠤᠷᠪᠠᠨ ᠣᠨ ᠃ 
                          ᠬᠤᠪᠢᠯᠠᠢ ᠰᠡᠴᠡᠨ ᠬᠠᠭᠠᠨ ᠵᠢᠷᠠᠨ ᠨᠢᠭᠡᠨ ᠰᠡᠭᠦᠳᠡᠷ ᠲᠡᠢ ᠃ 
                          ᠰᠥᠩ ᠤᠯᠤᠰ ᠤ᠋ᠨ ᠡᠵᠡᠨ ᠰᠢᠶᠠᠨ ᠤ᠋ ᠳᠧ ᠢᠦ ᠶ᠋ᠢᠨ ᠬᠣᠶᠠᠳᠤᠭᠠᠷ ᠣᠨ  

             ᠶᠤᠸᠠᠨᠱᠤᠸᠠᠢ ᠪᠠᠶᠠᠨ ᠰᠢ ᠽᠢ ᠹᠧᠩ ᠳ᠋ᠦ᠍ᠷ ᠵᠢᠯᠣᠭᠣ ᠲᠠᠲᠠᠵᠤ   
                  ᠯᠢᠨ ᠠᠨ ᠬᠣᠲᠠ ᠶ᠋ᠢ ᠬᠥᠯ ᠳᠣᠣᠷ᠎ᠠ ᠪᠠᠨ ᠭᠢᠰᠬᠢᠪᠡᠢ  
             ᠶᠤᠸᠠᠨ ᠤᠯᠤᠰ ᠤ᠋ᠨ ᠬᠠᠭᠠᠨ ᠤ᠋ ᠥᠷᠥᠰᠢᠶᠡᠯ ᠳᠠᠯᠠᠢ ᠮᠡᠲᠦ ᠲᠤᠯᠠ   
                  ᠮᠥᠬᠥᠭᠰᠡᠨ ᠰᠥᠩ ᠦ᠋ᠨ ᠡᠵᠡᠨ ᠢ᠋ ᠢᠩ ᠭᠦᠸᠧ ᠬᠦᠩ ᠡᠷᠭᠦᠮᠵᠢᠯᠡᠪᠡᠢ   

       ᠥᠭᠦᠯᠡᠬᠦ ᠢᠨᠦ ᠪᠠᠶᠠᠨ ᠶᠤᠸᠠᠨᠱᠤᠸᠠᠢ ᠰᠥᠩ ᠤᠯᠤᠰ ᠤ᠋ᠨ ᠳᠠᠭᠠᠬᠤ ᠶ᠋ᠢ ᠵᠥᠪᠰᠢᠶᠡᠷᠡᠭᠰᠡᠨ ᠪᠣᠯᠪᠠᠴᠤ ᠳᠠᠭᠠᠬᠤ ᠢᠯᠡᠳᠬᠡᠯ ᠳ᠋ᠡᠭᠡᠨ ᠪᠠᠰᠠ ᠶᠡᠬᠡ ᠰᠥᠩ ᠤᠯᠤᠰ ᠤ᠋ᠨ ᠡᠵᠡᠨ ᠬᠡᠮᠡᠬᠦ ᠦᠭᠡ ᠬᠡᠷᠡᠭᠯᠡᠪᠡ ᠭᠡᠮᠡᠨ ᠳᠠᠬᠢᠨ ᠨᠠᠢᠷᠠᠭᠤᠯ ᠬᠡᠮᠡᠪᠡ ᠃ ᠲᠡᠢᠨ ᠬᠦ᠌ ᠴᠧᠩ ᠹᠧᠩ ᠹᠧᠢ ᠂ ᠬᠤᠸᠠᠩ ᠱᠤᠸᠠᠩ ᠱᠥᠥ ᠂ ᠵᠢᠶᠠ ᠢᠦᠢ ᠴᠢᠩ ᠨᠠᠷ ᠪᠠᠭᠤᠵᠤ ᠥᠭᠬᠦ ᠢᠯᠡᠳᠬᠡᠯ ᠦ᠋ᠨ ᠦᠭᠡ ᠥᠭᠦᠯᠡᠪᠦᠷᠢ ᠶ᠋ᠢ ᠡᠬᠢ ᠳᠠᠷᠠᠭᠠᠯᠠᠨ ᠦᠰᠦᠭ ᠪᠠᠳᠠᠭ ᠢ᠋ᠶ᠋ᠠᠷ ᠬᠢᠨᠠᠵᠤ ᠶᠡᠬᠡ ᠰᠥᠩ ᠤᠯᠤᠰ ᠬᠡᠮᠡᠬᠦ ᠥᠭᠦᠯᠡᠪᠦᠷᠢ ᠶ᠋ᠢ ᠬᠠᠰᠤᠭᠤᠯᠵᠤ ᠰᠥᠩ ᠦ᠋ᠨ ᠡᠵᠡᠨ ᠢ᠋ ᠰᠠᠭᠤᠷᠢᠨ ᠠ᠋ᠴᠠ ᠵᠠᠢᠯᠠᠭᠤᠯᠵᠤ ᠥᠭᠡᠷ᠎ᠡ ᠭᠡᠷ ᠬᠣᠷᠣᠭ᠎ᠠ ᠳ᠋ᠤᠷ ᠣᠷᠣᠭᠤᠯᠵᠤ ᠰᠠᠭᠤᠯᠭᠠᠵᠤᠬᠤᠢ᠃ 
       ᠲᠡᠳᠦᠢ ᠳ᠋ᠦ᠍ᠷ ᠪᠠᠶᠠᠨ ᠶᠤᠸᠠᠨᠱᠤᠸᠠᠢ ᠯᠢᠨ ᠠᠨ ᠬᠣᠲᠠ ᠶ᠋ᠢᠨ ᠠᠷᠤ ᠳ᠋ᠠᠬᠢ ᠬᠤ᠌ ᠵᠧᠦ ᠬᠣᠲᠠ ᠳ᠋ᠤᠷ ᠪᠠᠭᠤᠳᠠᠯᠯᠠᠨ ᠶᠡᠬᠡ ᠴᠠᠴᠠᠷ ᠢ᠋ᠶ᠋ᠠᠨ ᠪᠠᠷᠢᠵᠤ ᠶᠡᠬᠡ ᠶᠤᠸᠠᠨᠱᠤᠸᠠᠢ ᠶ᠋ᠢᠨ ᠲᠤᠭ ᠂ ᠲᠡᠮᠳᠡᠭ ᠂ ᠵᠦᠩ ᠬᠡᠩᠭᠡᠷᠭᠡ ᠶ᠋ᠢ ᠵᠢᠭᠰᠠᠭᠠᠨ ᠶᠡᠬᠡ ᠶᠤᠸᠠᠨ ᠤᠯᠤᠰ ᠤ᠋ᠨ ᠰᠦᠷ ᠭᠡᠷᠡᠯ ᠢ᠋ ᠦᠵᠡᠭᠦᠯᠦᠨ ᠮᠢᠩᠭᠠᠨ ᠤ᠋ ᠨᠣᠶᠠᠨ ᠨᠡᠩᠵᠢᠲᠡᠢ ᠵᠡᠷᠭᠡ ᠬᠥᠮᠦᠰ ᠢ᠋ᠶ᠋ᠡᠷ ᠰᠥᠩ ᠤᠯᠤᠰ ᠤ᠋ᠨ ᠤᠯᠤᠰ ᠤᠯᠠᠮᠵᠢᠯᠠᠬᠤ ᠬᠠᠰ ᠲᠠᠮᠠᠭ᠎ᠠ ᠶ᠋ᠢ ᠬᠠᠭᠠᠨ ᠳ᠋ᠤᠷ ᠪᠠᠷᠢᠭᠤᠯᠬᠤ ᠪᠠᠷ ᠨᠡᠢᠰᠯᠡᠯ ᠳ᠋ᠦ᠍ᠷ ᠶᠠᠪᠤᠭᠤᠯᠵᠤ ᠴᠡᠷᠢᠭ ᠲᠡᠢᠨ ᠦ᠌ ᠤᠴᠢᠷ ᠶᠠᠪᠤᠳᠠᠯ ᠮᠠᠰᠢ ᠰᠤᠯᠠ ᠪᠣᠯᠤᠭᠰᠠᠨ ᠲᠤᠯᠠ ᠣᠯᠠᠨ ᠵᠠᠩᠵᠤᠨ ᠲᠦᠰᠢᠮᠡᠳ ᠢ᠋ᠶ᠋ᠡᠨ ᠳᠠᠭᠠᠭᠤᠯᠤᠨ ᠯᠢᠨ ᠠᠨ ᠬᠣᠲᠠ ᠶ᠋ᠢᠨ ᠦᠵᠡᠮᠵᠢ ᠶ᠋ᠢ ᠭᠠᠢᠬᠠᠵᠤ ᠵᠧ ᠵᠢᠶᠠᠩ ᠮᠥᠷᠡᠨ ᠦ᠌ ᠴᠠᠯᠭᠢᠶᠠᠨ ᠢ ᠪᠠᠷᠠᠭᠠᠯᠠᠵᠤ ᠣᠷᠣᠢ ᠬᠤ᠌ ᠵᠧᠦ ᠬᠣᠲᠠᠨ ᠳ᠋ᠤᠷ ᠪᠤᠴᠠᠪᠠ᠃ ᠰᠥᠩ ᠤᠯᠤᠰ ᠤ᠋ᠨ ᠬᠠᠭᠠᠨ ᠤ᠋ ᠤᠭᠰᠠᠭ᠎ᠠ ᠶᠡᠬᠡ ᠲᠦᠰᠢᠮᠡᠳ ᠴᠥᠮ ᠡᠳᠦᠷ ᠳᠠᠷᠠᠭᠠᠯᠠᠨ ᠢᠷᠡᠵᠦ ᠪᠠᠶᠠᠨ ᠶᠤᠸᠠᠨᠱᠤᠸᠠᠢ ᠳ᠋ᠤᠷ ᠵᠣᠯᠭᠠᠮᠤᠢ᠃ ᠲᠦᠮᠡᠨ ᠦ᠌ ᠨᠣᠶᠠᠨ ᠵᠠᠩ ᠬᠣᠩ ᠹᠠᠨ ᠂ ᠯᠠᠩ ᠵᠦᠩ ᠲᠦᠰᠢᠮᠡᠯ ᠮᠧᠩ ᠴᠢ ᠂ ᠴᠧᠩ ᠹᠧᠩ ᠹᠧᠢ ᠶ᠋ᠢᠨ ᠵᠠᠰᠠᠵᠤ ᠪᠢᠴᠢᠭᠰᠡᠨ ᠳᠠᠭᠠᠬᠤ ᠢᠯᠡᠳᠬᠡᠯ ᠪᠠ ᠰᠥᠩ ᠦ᠋ᠨ ᠡᠵᠡᠨ ᠰᠢᠶᠠᠨ ᠪᠠ ᠰᠢᠶᠧ ᠵᠧᠦ ᠶ᠋ᠢᠨ ᠳᠠᠭᠠᠭᠠᠳᠤᠢ  ᠵᠧᠦ ᠵᠢᠶᠦ᠋ᠨ ᠳ᠋ᠦ᠍ᠷ ᠳᠠᠭᠠᠲᠤᠭᠠᠢ ᠭᠡᠮᠡᠨ ᠱᠠᠭᠠᠷᠳᠠᠭᠰᠠᠨ ᠵᠠᠷᠯᠢᠭ ᠢ᠋ ᠠᠪᠴᠤ ᠢᠷᠡᠪᠡ᠃ ᠯᠠᠩ ᠵᠦᠩ ᠲᠦᠰᠢᠮᠡᠯ ᠮᠧᠩ ᠴᠢ ᠢᠯᠡᠳᠬᠡᠯ ᠢ᠋ ᠤᠩᠰᠢᠪᠠᠰᠤ ᠄ 
       ᠰᠥᠩ ᠤᠯᠤᠰ ᠤ᠋ᠨ ᠳᠠᠭᠠᠬᠤ ᠲᠦᠰᠢᠮᠡᠯ ᠰᠢᠶᠠᠨ ᠬᠢᠴᠢᠶᠡᠩᠭᠦᠢᠯᠡᠨ ᠵᠠᠭᠤᠨᠲᠠ ᠮᠥᠷᠭᠥᠵᠦ ᠶᠡᠬᠡ ᠶᠤᠸᠠᠨ ᠤᠯᠤᠰ ᠤ᠋ᠨ ᠥᠷᠥᠰᠢᠶᠡᠯᠲᠦ ᠭᠡᠭᠡᠨ ᠰᠠᠬᠢᠭᠤᠯᠰᠤᠨ ᠪᠠᠭᠠᠲᠤᠷ ᠬᠠᠭᠠᠨ ᠤ᠋ ᠶᠡᠨᠳᠡᠷ ᠳᠣᠣᠷ᠎ᠠ ᠪᠠᠷᠢᠪᠠ᠃  
       ᠲᠦᠰᠢᠮᠡᠯ ᠪᠢ ᠥᠴᠥᠭᠡᠳᠦᠷ ᠰᠢ ᠯᠠᠩ ᠲᠦᠰᠢᠮᠡᠯ ᠯᠢᠦ ᠶᠣᠣ ᠶ᠋ᠢ ᠶᠠᠪᠤᠭᠤᠯᠵᠤ ᠠᠢᠯᠠᠳᠬᠠᠯ ᠳ᠋ᠠᠭᠠᠨ ᠄ ᠠᠶᠤᠩᠭ᠎ᠠ ᠶ᠋ᠢᠨ ᠳᠠᠭᠤᠨ ᠢ ᠰᠣᠨᠣᠰᠤᠮᠠᠭᠴᠠ ᠳᠠᠭᠠᠬᠤ ᠢᠯᠡᠳᠬᠡᠯ ᠢ᠋ᠶ᠋ᠡᠨ ᠨᠢᠰᠦᠨ ᠪᠠᠷᠢᠭᠤᠯᠪᠠ ᠬᠡᠮᠡᠭᠰᠡᠨ ᠪᠤᠶᠤ᠂ ᠡᠳᠦᠭᠡ ᠣᠷᠳᠣᠨ ᠬᠦᠷᠢᠶᠡᠯᠡᠩ ᠳ᠋ᠦ᠍ᠷ ᠯᠠᠪ ᠬᠦᠷᠴᠦ ᠮᠢᠨᠦ ᠠᠢᠯᠠᠳᠬᠠᠭᠰᠠᠨ ᠭᠠᠰᠢᠭᠤᠨ ᠵᠣᠪᠠᠭᠤᠷᠢ ᠶ᠋ᠢ ᠭᠡᠭᠡᠨ ᠡᠵᠡᠨ ᠲᠠᠨ ᠨᠢᠭᠡᠨᠲᠡ ᠰᠣᠶᠣᠷᠬᠠᠯ ᠳ᠋ᠠᠭᠠᠨ ᠠᠪᠤᠭᠰᠠᠨ ᠪᠣᠢ ᠢ᠋᠎ᠠ᠃ ᠲᠦᠰᠢᠮᠡᠯ ᠪᠢ ᠥᠴᠦᠬᠡᠨ ᠪᠥᠭᠡᠳ ᠨᠢᠯᠬ᠎ᠠ ᠠ᠋ᠴᠠ ᠭᠡᠷ ᠣᠷᠣᠨ ᠳ᠋ᠤᠷ ᠭᠠᠰᠢᠭᠤᠨ ᠵᠣᠪᠠᠯᠠᠩ ᠳᠠᠪᠬᠤᠷᠳᠠᠵᠤ ᠡᠭᠦᠨ ᠦ᠌ ᠳᠡᠭᠡᠷ᠎ᠡ ᠡᠷᠬᠡᠲᠦ ᠰᠠᠢᠳ ᠵᠢᠶᠠ ᠽᠢ ᠳ᠋ᠣᠣ ᠡᠵᠡᠨ ᠮᠡᠳᠡᠵᠦ ᠭᠡᠷ᠎ᠡ ᠪᠡᠨ ᠲᠡᠷᠰᠯᠡᠨ ᠨᠠᠮᠠᠶ᠋ᠢ ᠮᠡᠬᠡᠯᠡᠨ ᠤᠯᠤᠰ ᠢ᠋ ᠰᠠᠭᠠᠲᠠᠭᠤᠯᠪᠠ᠃ ᠲᠦᠰᠢᠮᠡᠯ ᠪᠢ ᠣᠯᠵᠤ ᠮᠡᠳᠡᠬᠦ ᠡᠴᠡ ᠡᠮᠦᠨ᠎ᠡ ᠶᠠᠯ᠎ᠠ ᠠᠰᠠᠭᠤᠬᠤ ᠴᠡᠷᠢᠭ ᠨᠢᠭᠡᠨᠲᠡ ᠬᠦᠷᠴᠦ ᠢᠷᠡᠪᠡᠢ᠃ ᠤᠯᠤᠰ ᠭᠡᠷ ᠠᠶᠤᠯᠲᠠᠢ ᠪᠣᠯᠬᠤᠢ ᠳ᠋ᠤᠷ ᠬᠠᠮᠤᠭ ᠠᠮᠢᠲᠠᠨ ᠢ᠋ ᠬᠥᠭᠡᠷᠦᠬᠦᠢ ᠭᠡᠮᠡᠨ ᠲᠦᠰᠢᠮᠡᠯ ᠪᠢ ᠲᠡᠢ ᠬᠤᠸᠠᠩ ᠲᠠᠢᠬᠡᠦ ᠯᠦ᠍ᠭᠡ ᠡᠳᠦᠷ ᠰᠥᠨᠢ ᠦᠭᠡᠢ ᠠᠶᠤᠨ ᠵᠣᠪᠠᠵᠤ ᠨᠢᠭᠡᠨ ᠳᠠᠰᠢ ᠵᠠᠢᠯᠠᠨ ᠶᠠᠪᠤᠵᠤ ᠬᠣᠶᠠᠷ ᠡᠲᠡᠭᠡᠳ ᠲᠣᠷ ᠠᠰᠢᠭ ᠲᠠᠢ ᠪᠣᠯᠬᠤ ᠶ᠋ᠢ ᠪᠣᠳᠣᠭᠰᠠᠨ ᠦᠭᠡᠢ ᠪᠤᠰᠤ ᠂ ᠭᠡᠲᠡᠯ᠎ᠡ ᠵᠠᠭᠤᠨ ᠲᠦᠮᠡᠨ ᠠᠷᠠᠳ ᠢᠷᠭᠡᠳ ᠦ᠋ᠨ ᠠᠮᠢ ᠲᠦᠰᠢᠮᠡᠯ ᠮᠢᠨᠦ ᠨᠢᠭᠡᠨ ᠬᠥᠮᠦᠨ ᠦ᠌ ᠪᠡᠶ᠎ᠡ ᠳ᠋ᠦ᠍ᠷ ᠬᠣᠯᠪᠣᠭᠳᠠᠬᠤ ᠲᠤᠯᠠ ᠦᠯᠦ ᠴᠢᠳᠠᠪᠠᠢ᠃ ᠡᠳᠦᠭᠡ ᠲᠡᠭᠷᠢ ᠶ᠋ᠢᠨ ᠰᠠᠨᠠᠭ᠎ᠠ ᠨᠢᠭᠡᠨᠲᠡ ᠲᠣᠭᠲᠠᠪᠠ᠃ ᠲᠦᠰᠢᠮᠡᠯ ᠪᠢ ᠬᠠᠮᠢᠭ᠎ᠠ ᠣᠳᠬᠤ ᠠᠵᠢ᠃ ᠡᠭᠦᠨ ᠦ᠌ ᠲᠤᠯᠠ ᠲᠥᠷᠥ ᠤᠯᠠᠮᠵᠢᠯᠠᠬᠤ ᠡᠷᠳᠡᠨᠢ ᠶ᠋ᠢ ᠠᠶᠤᠮᠰᠢᠭ ᠦᠭᠡᠢ ᠦᠯᠡᠳᠡᠭᠡᠭᠰᠡᠨ ᠦᠭᠡᠢ᠃  ᠲᠡᠢ ᠬᠤᠸᠠᠩ ᠲᠠᠢᠬᠡᠦ ᠶ᠋ᠢᠨ ᠵᠠᠷᠯᠢᠭ ᠢ᠋ᠶ᠋ᠠᠷ ᠴᠡᠭᠡᠷᠯᠡᠨ ᠭᠡᠮᠰᠢᠵᠦ ᠥᠪᠡᠰᠦᠪᠡᠨ ᠬᠠᠭᠠᠨ ᠴᠤᠯᠤ ᠪᠠᠨ ᠬᠠᠰᠤᠵᠤ ᠪᠡᠶ᠎ᠡ ᠪᠡᠨ ᠳᠣᠷᠣᠭᠰᠢᠯᠠᠭᠤᠯᠵᠤ ᠬᠣᠶᠠᠷ ᠵᠧ ᠂ ᠹᠦ ᠵᠢᠶᠠᠨ ᠂ ᠵᠢᠶᠠᠩ ᠳ᠋ᠦᠩ ᠂ ᠵᠢᠶᠠᠩ ᠰᠢ ᠂ ᠬᠤ᠌ ᠨᠠᠨ ᠂ ᠬᠤ᠌ ᠪᠧᠢ ᠂ ᠬᠣᠶᠠᠷ ᠭᠤᠸᠠᠩ ᠂  ᠰᠧᠴᠤᠸᠠᠨ ᠤ᠋ ᠳᠠᠭᠠᠭᠠᠳᠤᠢ ᠵᠧᠦ ᠵᠢᠶᠦ᠋ᠨ ᠢ᠋ ᠴᠥᠮ ᠳᠡᠭᠡᠳᠦ ᠪᠣᠭᠳᠠ ᠲᠥᠷᠥ ᠳ᠋ᠦ᠍ᠷ ᠪᠠᠷᠢᠵᠤ ᠳᠡᠭᠡᠳᠦᠰ ᠦ᠋ᠨ ᠰᠦᠮ᠎ᠡ ᠰᠠᠬᠢᠭᠤᠯᠰᠤᠨ ᠬᠢᠭᠡᠳ ᠠᠮᠢᠲᠠᠨ ᠪᠦᠬᠦᠨ ᠦ᠌ ᠲᠥᠯᠥᠭᠡ ᠭᠠᠰᠢᠭᠤᠳᠠᠨ ᠭᠤᠶᠤᠵᠤ ᠪᠣᠭᠳᠠ ᠡᠵᠡᠨ  ᠦ᠌ ᠡᠨᠡᠷᠢᠩᠭᠦᠢ ᠥᠷᠥᠰᠢᠶᠡᠯ ᠬᠠᠢᠷᠠᠯᠠᠬᠤ ᠶ᠋ᠢ ᠡᠷᠡᠮᠡᠯᠵᠡᠪᠡ᠃ ᠡᠮᠡᠭᠡ ᠡᠬᠡ ᠲᠡᠢ ᠬᠤᠸᠠᠩ ᠲᠠᠢᠬᠡᠦ ᠨᠢᠭᠡᠨᠲᠡ ᠬᠥᠭᠰᠢᠷᠡᠭᠡᠳ ᠡᠪᠡᠳᠴᠢᠯᠡᠵᠦ ᠬᠡᠳᠦᠨ ᠵᠢᠯ ᠪᠣᠯᠪᠠᠢ᠃ ᠲᠦᠰᠢᠮᠡᠯ ᠮᠢᠨᠦ ᠳᠣᠲᠣᠷ᠎ᠠ ᠰᠢᠮᠰᠢᠷᠡᠨ ᠡᠪᠡᠳᠦᠮᠦᠢ᠃ ᠨᠡᠩ ᠲᠠᠲᠠᠭᠠᠯᠵᠠᠬᠤ ᠠᠨᠤ ᠳᠡᠭᠡᠳᠦᠰ ᠦ᠋ᠨ ᠭᠤᠷᠪᠠᠨ ᠵᠠᠭᠤᠨ ᠣᠨ ᠤ᠋ ᠲᠠᠬᠢᠯᠭ᠎ᠠ ᠲᠠᠯᠪᠢᠭ᠎ᠠ ᠭᠡᠨᠡᠳᠲᠡ ᠲᠠᠰᠤᠷᠠᠵᠤ ᠰᠥᠨᠥᠬᠦᠢ ᠳ᠋ᠦ᠍ᠷ ᠲᠦᠪᠡᠭᠳᠡᠬᠦ ᠦᠭᠡᠢ᠃ ᠭᠤᠶᠤᠬᠤ ᠠᠨᠤ ᠡᠷᠭᠢᠴᠡᠭᠦᠯᠦᠨ ᠪᠣᠳᠣᠵᠤ ᠥᠷᠥᠰᠢᠶᠡᠯ ᠬᠠᠢᠷᠠᠯᠠᠨ ᠪᠤᠷᠢᠨ ᠪᠣᠯᠭᠠᠬᠤ ᠪᠠᠷ ᠲᠠᠰᠤᠯᠠᠬᠤ ᠪᠣᠯᠪᠠᠤ᠃ ᠲᠡᠢᠨ ᠠᠪᠠᠰᠤ ᠶᠡᠬᠡ ᠶᠤᠸᠠᠨ ᠤᠯᠤᠰ ᠤ᠋ᠨ ᠬᠠᠭᠠᠨ ᠤ᠋ ᠳᠠᠬᠢᠨ ᠲᠥᠷᠥᠭᠦᠯᠦᠭᠰᠡᠨ ᠥᠷᠥᠰᠢᠶᠡᠯ᠎ ᠢ ᠵᠣᠣ ᠣᠪᠣᠭᠲᠤ ᠶ᠋ᠢᠨ ᠦᠷ᠎ᠡ ᠠᠴᠢ ᠨᠠᠷ ᠦᠶ᠎ᠡ ᠤᠯᠠᠷᠢᠨ ᠲᠦᠰᠢᠭᠯᠡᠵᠦ ᠠᠶᠤᠮᠰᠢᠭ ᠦᠭᠡᠢ ᠤᠮᠠᠷᠲᠠᠬᠤ ᠦᠭᠡᠢ ᠪᠣᠯᠠᠢ᠃ ᠲᠦᠰᠢᠮᠡᠯ ᠪᠢ ᠲᠡᠭᠷᠢ  ᠶ᠋ᠢᠨ ᠢᠪᠡᠭᠡᠯ ᠪᠣᠭᠳᠠ ᠶ᠋ᠢᠨ ᠥᠷᠥᠰᠢᠶᠡᠯ ᠬᠢᠵᠠᠭᠠᠷᠯᠠᠰᠢ ᠦᠭᠡᠢ ᠳ᠋ᠦ᠍ᠷ ᠬᠡᠮᠵᠢᠰᠢ ᠦᠭᠡᠢ ᠰᠢᠲᠦᠵᠦ ᠳᠠᠯᠳᠠ ᠠ᠋ᠴᠠ ᠬᠡᠰᠢᠭ ᠢ᠋ ᠬᠦᠯᠢᠶᠡᠮᠦ ᠬᠡᠮᠡᠵᠦᠬᠦᠢ᠃ 
       ᠶᠤᠸᠠᠨᠱᠤᠸᠠᠢ ᠪᠠᠶᠠᠨ ᠢᠯᠡᠳᠬᠡᠯ ᠦ᠋ᠨ ᠦᠭᠡ ᠶ᠋ᠢ ᠰᠣᠨᠣᠰᠴᠤ ᠥᠭᠡᠷ᠎ᠡ ᠰᠡᠪ ᠲᠡᠢ ᠭᠠᠵᠠᠷ ᠦᠭᠡᠢ ᠲᠤᠯᠠ ᠦᠭᠡ ᠥᠭᠦᠯᠡᠪᠦᠷᠢ ᠶ᠋ᠢ ᠤᠯᠠᠮ ᠲᠣᠬᠢᠷᠠᠮᠵᠢᠲᠠᠢ ᠵᠠᠰᠠᠵᠤ ᠬᠠᠭᠠᠨ ᠳ᠋ᠤᠷ ᠪᠠᠷᠢᠬᠤ ᠪᠠᠷ ᠪᠡᠯᠡᠳᠭᠡ ᠭᠡᠮᠡᠨ ᠪᠠᠰᠠ ᠵᠸᠨ ᠹᠦ ᠲᠦᠰᠢᠮᠡᠯ ᠲᠠᠩᠭᠤᠲᠠᠶ ᠤ᠋ᠨ ᠮᠡᠳᠡᠭᠦᠯᠦᠭᠰᠡᠨ ᠢ ᠵᠥᠪᠰᠢᠶᠡᠷᠡᠵᠦ ᠸᠸᠨ ᠲᠢᠶᠠᠨ ᠰᠢᠶᠠᠩ ᠤ᠋ᠨ ᠡᠯᠰᠡᠭᠰᠡᠨ ᠵᠢᠷᠤᠮ ᠤ᠋ᠨ ᠴᠡᠷᠢᠭ ᠬᠣᠶᠠᠷ ᠲᠦᠮᠡ ᠢᠯᠡᠭᠦᠦ ᠬᠥᠮᠦᠨ ᠢ᠋ ᠴᠥᠮ ᠲᠠᠷᠬᠠᠭᠠᠨ ᠶᠠᠪᠤᠭᠤᠯᠪᠠ᠃ ᠵᠢᠴᠢ ᠡᠳᠦᠷ ᠶᠤᠸᠠᠨ ᠤᠯᠤᠰ ᠤ᠋ᠨ ᠶᠡᠬᠡ ᠶᠤᠸᠠᠨᠱᠤᠸᠠᠢ ᠪᠠᠶᠠᠨ ᠣᠯᠠᠨ ᠵᠠᠩᠵᠤᠨ ᠲᠦᠰᠢᠮᠡᠳ ᠢ᠋ᠶ᠋ᠡᠨ ᠳᠠᠭᠠᠭᠤᠯᠤᠨ ᠰᠢ ᠽᠢ  ᠹᠧᠩ ᠣᠷᠭᠢᠯ ᠳ᠋ᠤᠷ ᠭᠠᠷᠴᠤ ᠯᠢᠨ ᠠᠨ ᠬᠣᠲᠠ ᠶ᠋ᠢ ᠥᠩᠭᠡᠢᠨ ᠲᠡᠭᠦᠨ ᠦ᠌ ᠭᠠᠷ ᠲᠤᠷ ᠪᠠᠯᠠᠷᠠᠬᠤ ᠡᠨᠡᠬᠦ ᠬᠠᠭᠤᠴᠢᠨ ᠤᠯᠤᠰ ᠤ᠋ᠨ ᠨᠡᠢᠰᠯᠡᠯ ᠠᠯᠲᠠᠨ ᠬᠠᠰ ᠬᠣᠯᠢᠯᠳᠤᠨ ᠭᠡᠷᠡᠯ ᠲᠤᠶᠠᠭ᠎ᠠ ᠲᠠᠲᠠᠵᠤ ᠤᠷᠠᠨ ᠨᠠᠷᠢᠨ ᠣᠷᠳᠣᠨ ᠬᠠᠷᠰᠢ ᠵᠠᠯᠭᠠᠯᠳᠤᠬᠤ ᠶ᠋ᠢ ᠰᠢᠨᠵᠢᠵᠦ ᠰᠥᠩ ᠤᠯᠤᠰ ᠤ᠋ᠨ ᠬᠠᠭᠠᠨ ᠡᠵᠡᠨ ᠦ᠌ ᠬᠢᠵᠠᠭᠠᠷᠯᠠᠰᠢ ᠦᠭᠡᠢ ᠡᠳ᠋ᠯᠡᠵᠦ ᠬᠡᠷᠡᠭᠯᠡᠬᠦ ᠶ᠋ᠢ ᠭᠠᠢᠬᠠᠨ ᠰᠡᠭᠦᠷᠡᠰᠦ ᠠᠯᠳᠠᠪᠠ᠃ ᠡᠢᠨ ᠬᠦ᠌ ᠶᠢᠰᠦᠨ ᠭᠤᠳᠤᠮᠵᠢᠲᠤ ᠶᠡᠬᠡ ᠬᠣᠲᠠ ᠶ᠋ᠢ ᠡᠪᠳᠡᠵᠦ ᠰᠦᠢᠳᠬᠡᠬᠦᠢ ᠳ᠋ᠦ᠍ᠷ ᠦᠯᠦ ᠬᠦᠷᠦᠭᠦᠯᠬᠦ ᠶ᠋ᠢᠨ ᠲᠥᠯᠥᠭᠡ ᠬᠠᠷᠢᠶᠠᠲᠤ ᠵᠠᠩᠵᠤᠨ ᠰᠣᠳᠣ ᠶ᠋ᠢ ᠲᠣᠮᠢᠯᠠᠨ ᠵᠠᠩᠵᠤᠨ ᠴᠡᠷᠢᠭ ᠥᠭᠴᠦ ᠰᠠᠬᠢᠭᠤᠯᠪᠠ᠃ 
                ᠰᠤᠯᠠ ᠰᠢᠯᠦᠭ   
       ᠨᠢᠶᠠᠨ ᠨᠤ᠋ ᠵᠢᠶᠣᠤ ᠳᠠᠭᠤᠯᠠᠯ  
               ᠴᠢᠯᠠᠭᠤᠨ ᠬᠣᠲᠠᠨ① ᠳᠡᠭᠡᠷ᠎ᠡ ᠡᠴᠡ - ᠰᠢᠯᠦᠭᠴᠢᠨ ᠰᠠᠳᠤᠯᠠ② 
       ᠴᠢᠯᠠᠭᠤᠨ ᠬᠣᠲᠠᠨ ᠳᠡᠭᠡᠷ᠎ᠡ ᠡᠴᠡ ᠪᠠᠷᠠᠭᠠᠯᠠᠪᠠᠰᠤ  
       ᠴᠡᠯᠡᠢᠨ ᠴᠡᠯᠮᠡᠢᠵᠦ ᠬᠠᠷᠠᠭᠠᠨ ᠳ᠋ᠤᠷ ᠣᠷᠣᠬᠤ ᠶᠠᠭᠤ ᠴᠤ᠌ ᠦᠭᠡᠢ 
       ᠴᠢᠨᠠᠳᠤ ᠬᠠᠷᠠᠭᠠᠨ ᠤ᠋ ᠦ ᠴᠦ ③ ᠲᠡᠳᠦᠢᠯᠡᠨ 
       ᠲᠡᠷᠡ ᠭᠠᠵᠠᠷ ᠵᠢᠷᠭᠤᠭᠠᠨ ᠲᠥᠷᠥ ④ ᠮᠠᠨᠳᠤᠭᠰᠠᠨ ᠭᠡᠵᠦ ᠵᠢᠭᠠᠬᠤᠢ ᠳ᠋ᠤᠷ 
       ᠲᠡᠷᠡᠢᠨ ᠬᠥᠨᠳᠡᠯᠢᠰᠬᠦ ᠬᠥᠬᠡ ᠠᠭᠤᠯᠠ ᠬᠡᠷᠡᠮ ᠮᠡᠲᠦ ᠬᠠᠷᠠᠭᠳᠠᠮᠤᠢ 
       ᠨᠠᠷᠠ ᠰᠠᠷᠠ ᠶ᠋ᠢ ᠬᠠᠯᠬᠠᠯᠠᠬᠤ ᠲᠤᠭ ᠳᠠᠯᠪᠠᠭ᠎ᠠ 
       ᠨᠠᠮᠢᠯᠠᠬᠠᠢ ᠰᠢᠷᠤᠭ ᠡᠭᠦᠯᠡ ᠯᠦ᠍ᠬᠡ ᠦᠷᠭᠦᠯᠵᠢᠯᠡᠷᠦᠨ 
       ᠨᠡᠯᠦᠢᠲᠡᠯ᠎ᠡ ᠣᠪᠣᠭᠠᠯᠠᠭᠰᠠᠨ ᠶᠠᠰᠤᠨ ᠤ᠋ ᠦᠷᠦᠳᠡᠰᠦ ᠴᠠᠰᠤ ᠮᠡᠲᠦ ᠴᠠᠢᠷᠠᠮᠤᠢ                     
            ᠨᠢᠭᠡᠯ᠎ᠡ ᠮᠥᠷᠡᠨ ᠦ᠌ ᠡᠮᠦᠨ᠎ᠡ ᠤᠮᠠᠷ᠎ᠠ   
            ᠨᠡᠷ᠎ᠡ ᠠᠯᠳᠠᠷᠲᠠᠢ ᠪᠠᠭᠠᠲᠤᠷ ᠡᠷᠳᠡᠮᠲᠡᠨ ᠬᠡᠳᠦᠢ ᠦᠷᠡᠭᠳᠡᠪᠡᠢ ?    
       ᠡᠯᠦᠢ ᠬᠤᠯᠤᠢ ᠰᠡᠷᠢᠭᠦᠨ ᠤᠷᠲᠤ ᠠ᠋ !  
       ᠡᠶᠡᠪᠡᠷᠭᠦ ᠰᠠᠯᠬᠢᠨ ᠬᠠᠭᠠᠨ ᠤ᠋ ᠵᠠᠮ     
       ᠡᠪᠡᠰᠦ ᠮᠣᠳᠣᠨ ᠵᠢᠯ ᠵᠢᠯ ᠨᠣᠭᠣᠭᠠᠷᠠᠮᠤᠢ       
            ᠨᠠᠷᠠᠨ ᠰᠢᠩᠭᠡᠵᠦ ᠬᠥᠮᠦᠨ ᠦᠭᠡᠢ ᠨᠠᠷᠠᠰᠤ ᠮᠠᠢᠯᠠᠰᠤᠨ ᠳ᠋ᠤᠷ         
            ᠨᠡᠰᠢ ᠴᠠᠰᠢ ᠳᠡᠭᠡᠷ᠎ᠡ ᠳᠣᠣᠷ᠎ᠠ ᠬᠡᠷᠡᠯᠳᠦᠵᠦ ᠰᠥᠨᠥᠬᠦ ᠠᠯᠪᠢᠨ      
       ᠬᠤᠷᠢᠮ ᠨᠠᠢᠷ ᠳᠠᠭᠤᠤ ᠪᠥᠵᠢᠭ ᠠ᠋        
       ᠬᠣᠷᠣᠮᠬᠠᠨ ᠵᠠᠭᠤᠷᠠᠬᠢ ᠪᠠᠶᠠᠨ ᠡᠷᠬᠢᠮ ᠦ᠋ᠨ ᠲᠣᠯᠢ        
       ᠬᠣᠱᠣᠩ ᠨᠠᠭᠠᠳᠤᠮ ᠤ᠋ᠨ ᠬᠣᠭᠣᠷᠣᠨᠳᠣ 
       ᠬᠠᠷ᠎ᠠ ᠦᠰᠦ ᠴᠠᠭᠠᠨ ᠪᠣᠯᠪᠠᠢ              
            ᠴᠢᠪᠭᠦᠭᠰᠡᠨ ᠮᠢᠩᠭᠠᠨ ᠣᠨ ᠤ᠋ ᠰᠡᠳᠬᠢᠯ ᠡᠪᠡᠳᠬᠦ ᠶᠠᠪᠤᠳᠠᠯ ᠢ᠋        
            ᠴᠢᠨ ᠬᠤᠸᠠᠢ ᠮᠥᠷᠡᠨ ᠦ᠌ ᠲᠤᠩᠭᠠᠯᠠᠭ ᠰᠠᠷᠠ ᠮᠡᠳᠡᠨᠡᠮ ᠢ᠎ᠠ  
       ᠥᠭᠦᠯᠡᠬᠦ ᠢᠨᠦ ᠬᠣᠶᠠᠷ ᠰᠠᠷ᠎ᠠ ᠶ᠋ᠢᠨ ᠴᠠᠭᠠᠭᠴᠢᠨ ᠦᠬᠡᠷ ᠡᠳᠦᠷ ᠰᠥᠩ ᠤᠯᠤᠰ ᠤ᠋ᠨ ᠡᠵᠡᠨ ᠰᠢᠶᠠᠨ ᠪᠢᠴᠢᠭ ᠴᠡᠷᠢᠭ ᠦ᠋ᠨ ᠲᠦᠰᠢᠮᠡᠳ ᠢ᠋ᠶ᠋ᠡᠨ ᠳᠠᠭᠠᠭᠤᠯᠤᠨ ᠬᠠᠭᠠᠨ ᠣᠷᠳᠣᠨ ᠵᠦᠭ ᠮᠥᠷᠭᠥᠨ ᠳᠠᠭᠠᠬᠤ ᠢᠯᠡᠳᠬᠡᠯ  ᠢ᠋ᠶ᠋ᠡᠨ ᠪᠠᠷᠢᠪᠠ᠃ ᠡᠭᠦᠨ ᠡᠴᠡ ᠰᠥᠩ ᠤᠯᠤᠰ ᠤ᠋ᠨ ᠡᠵᠡᠨ ᠣᠷᠳᠣᠨ ᠬᠠᠷᠰᠢ ᠠ᠋ᠴᠠ ᠪᠠᠨ ᠰᠢᠯᠵᠢᠵᠦ ᠰᠥᠩ ᠤᠯᠤᠰ ᠤ᠋ᠨ ᠲᠥᠷᠥ ᠶ᠋ᠢᠨ ᠭᠠᠵᠠᠷ ᠶᠠᠮᠤᠨ ᠴᠥᠮ ᠬᠠᠰᠤᠭᠳᠠᠵᠤ ᠶᠤᠸᠠᠨ ᠤᠯᠤᠰ ᠲᠤᠷ ᠬᠠᠷᠢᠶᠠᠯᠠᠭᠳᠠᠨ ᠳᠠᠭᠠᠭᠠᠳᠤᠢ ᠵᠧᠦ ᠵᠢᠶᠦ᠋ᠨ ᠢ᠋ ᠡᠯᠰᠡᠨ ᠳᠠᠭᠠᠭᠤᠯᠬᠤ ᠪᠠ ᠬᠡᠰᠡᠭ ᠴᠡᠷᠢᠭ ᠵᠠᠩᠵᠤᠨ ᠢ᠋ᠶ᠋ᠠᠷ ᠬᠠᠪᠴᠢᠯ ᠪᠣᠭᠣᠮᠲᠠ ᠴᠢᠬᠤᠯᠠ ᠬᠣᠲᠠ ᠪᠠᠯᠭᠠᠰᠤᠨ ᠢ᠋ ᠰᠠᠬᠢᠭᠤᠯᠵᠤ ᠴᠢᠩᠳᠠᠯᠠᠬᠤ ᠪᠣᠯᠪᠠ᠃ 
       ᠪᠠᠶᠠᠨ ᠶᠤᠸᠠᠨᠱᠤᠸᠠᠢ ᠯᠢᠨ ᠠᠨ ᠢ᠋ ᠵᠧ ᠵᠢᠶᠠᠩ ᠤ᠋ᠨ ᠶᠡᠬᠡ  ᠳᠦ ᠳᠦ ᠶ᠋ᠢᠨ ᠶᠠᠮᠤᠨ ᠭᠡᠮᠡᠨ ᠨᠠᠷᠢᠳᠴᠤ ᠮᠠᠩᠭᠤᠲᠠᠢ ᠂ ᠹᠠᠨ ᠸᠧᠨ ᠬᠤ᠌ ᠪᠠᠷ  ᠳᠦ ᠳᠦ ᠹᠦ ᠶ᠋ᠢᠨ ᠬᠡᠷᠡᠭ ᠢ ᠰᠢᠳᠬᠡᠭᠦᠯᠪᠡ᠃ ᠪᠠᠷᠠᠭᠤᠨ ᠭᠠᠷᠤᠨ ᠰᠠᠢᠳ ᠵᠠᠩ ᠾᠦᠢ ᠂ ᠲᠥᠷᠥ ᠶ᠋ᠢᠨ ᠬᠡᠷᠡᠭ ᠢ᠋ ᠮᠡᠳᠡᠭᠴᠢ ᠠᠷᠤᠤᠬᠠᠨ ᠂ ᠲᠥᠷᠥ ᠶ᠋ᠢᠨ ᠵᠡᠭᠦᠨ ᠭᠠᠷᠤᠨ ᠰᠠᠢᠳ ᠳ᠋ᠦᠩ ᠸᠧᠨ ᠫᠢᠩ ᠂ ᠶᠡᠬᠡ ᠵᠠᠩᠵᠤᠨ ᠯᠢᠦᠢ ᠸᠧᠨ ᠬᠤᠸᠠᠨ ᠨᠠᠷ ᠢ᠋ ᠬᠣᠲᠠᠨ ᠳ᠋ᠤᠷ ᠣᠷᠣᠭᠤᠯᠵᠤ ᠴᠡᠷᠢᠭ ᠠᠷᠠᠳ ᠂ ᠠᠮᠤ ᠬᠦᠨᠡᠰᠦ ᠡᠳ᠋ ᠮᠥᠩᠭᠥ ᠂ ᠡᠳ᠋ ᠡᠷᠳᠡᠨᠢ ᠶ᠋ᠢᠨ ᠲᠣᠭ᠎ᠠ ᠪᠠᠷᠢᠮᠲᠠ ᠶ᠋ᠢ ᠳᠠᠩᠰᠠᠯᠠᠨ ᠰᠠᠩ ᠬᠦᠦ ᠶ᠋ᠢ ᠪᠠᠢᠴᠠᠭᠠᠨ ᠪᠢᠲᠡᠭᠦᠮᠵᠢᠯᠡᠨ ᠵᠡᠷᠭᠡ ᠡᠷᠬᠢᠮᠲᠡᠨ ᠦ᠌ ᠲᠠᠮᠠᠭ᠎ᠠ ᠲᠡᠮᠳᠡᠭ ᠢ ᠴᠥᠮ ᠬᠣᠷᠢᠶᠠᠨ ᠠᠪᠤᠭᠤᠯᠪᠠ᠃ 
       ᠪᠠᠶᠠᠨ ᠶᠤᠸᠠᠨᠱᠤᠸᠠᠢ ᠯᠢᠨ ᠠᠨ ᠤ᠋ ᠬᠡᠷᠡᠭ ᠶᠠᠪᠤᠳᠠᠯ ᠢ ᠰᠢᠳᠬᠡᠵᠦ ᠪᠠᠷᠠᠭᠤᠨ ᠭᠤᠸᠠᠩ ᠳ᠋ᠦᠩ ᠂ ᠭᠤᠸᠠᠩᠰᠢ ᠶ᠋ᠢ ᠪᠠᠢᠯᠳᠤᠨ ᠠᠪᠬᠤ ᠪᠠᠷ ᠴᠡᠷᠢᠭ ᠵᠠᠩᠵᠤᠨ ᠢ᠋ᠶ᠋ᠠᠨ ᠴᠢᠶᠠᠨ ᠳᠠᠩ ᠵᠢᠶᠠᠩ ᠮᠥᠷᠡᠨ ᠦ᠌ ᠬᠥᠪᠡᠭᠡᠨ ᠳ᠋ᠦ᠍ᠷ ᠪᠠᠭᠤᠳᠠᠯᠯᠠᠭᠰᠠᠨ ᠳ᠋ᠤᠷ ᠰᠥᠩ ᠤᠯᠤᠰ ᠤ᠋ᠨ ᠬᠥᠮᠦᠨ ᠴᠥᠮ ᠶᠤᠸᠠᠨ ᠤᠯᠤᠰ ᠤ᠋ᠨ ᠴᠡᠷᠢᠭ ᠵᠠᠩᠵᠤᠨ ᠣᠳᠣ ᠴᠢᠶᠠᠨ ᠳᠠᠩ ᠵᠢᠶᠠᠩ ᠮᠥᠷᠡᠨ ᠦ᠌ ᠴᠠᠯᠭᠢᠶᠠᠨ ᠳ᠋ᠤᠷ ᠠᠪᠲᠠᠵᠤ ᠠᠷᠢᠯᠤᠮᠤᠢ ᠭᠡᠮᠡᠨ ᠪᠠᠶᠠᠰᠤᠯᠴᠠᠵᠤ ᠬᠦᠯᠢᠶᠡᠬᠦᠢ ᠳ᠋ᠦ᠍ᠷ ᠴᠢᠶᠠᠨ ᠳᠠᠩ ᠵᠢᠶᠠᠩ ᠮᠥᠷᠡᠨ ᠭᠤᠷᠪᠠᠨ ᠡᠳᠦᠷ ᠴᠠᠯᠭᠢᠯᠠᠭᠰᠠᠨ ᠦᠭᠡᠢ᠃ ᠰᠥᠩ ᠤᠯᠤᠰ ᠤ᠋ᠨ ᠬᠥᠮᠦᠰ ᠴᠥᠮ ᠭᠠᠢᠬᠠᠯᠳᠤᠨ ᠲᠡᠭᠷᠢ ᠲᠡᠳᠬᠦᠮᠦᠢ ᠭᠡᠮᠡᠨ ᠪᠢᠰᠢᠷᠡᠨ ᠳᠠᠭᠠᠵᠤᠬᠤᠢ᠃ 
       ᠬᠠᠷᠠᠭᠴᠢᠨ ᠲᠠᠤᠯᠠᠢ ᠡᠳᠦᠷ ᠰᠢᠶᠧ ᠲᠠᠢᠬᠡᠦ ᠡᠴᠡ ᠡᠤ ᠴᠢᠶᠠᠨ ᠂ ᠵᠢᠶᠠ ᠢᠦᠢ ᠴᠢᠩ ᠂ ᠰᠢᠶᠧ ᠳᠠᠩ ᠂ ᠵᠢᠶᠠ ᠰᠢᠦᠸᠠᠨ ᠸᠧᠩ ᠂ ᠯᠢᠦ ᠪᠠ ᠬᠢᠭᠡᠳ ᠸᠧᠨ ᠲᠢᠶᠠᠨ ᠰᠢᠶᠠᠩ ᠢ᠋ ᠬᠠᠭᠠᠨ ᠤ᠋ ᠨᠡᠢᠰᠯᠡᠯ ᠳ᠋ᠦ᠍ᠷ ᠥᠷᠥᠰᠢᠶᠡᠯ ᠭᠤᠶᠤᠬᠤ ᠡᠯᠴᠢ ᠪᠡᠷ ᠲᠣᠮᠢᠯᠠᠵᠤ ᠶᠠᠩ ᠢᠩ ᠺᠤᠢ ᠂ ᠵᠣᠣ ᠷᠤ᠋ ᠰᠢᠦ ᠶ᠋ᠢ ᠢᠯᠡᠳᠬᠡᠯ ᠠᠢᠯᠠᠳᠬᠠᠨ ᠲᠠᠮᠠᠭ᠎ᠠ ᠲᠡᠮᠳᠡᠭ ᠢ ᠰᠠᠬᠢᠵᠤ ᠬᠦᠷᠭᠡᠬᠦ ᠲᠦᠰᠢᠮᠡᠯ ᠪᠣᠯᠭᠠᠬᠤ ᠶ᠋ᠢ ᠭᠤᠶᠤᠭᠰᠠᠨ ᠳ᠋ᠤᠷ ᠪᠠᠶᠠᠨ ᠶᠤᠸᠠᠨᠱᠤᠸᠠᠢ ᠵᠥᠪᠰᠢᠶᠡᠷᠡᠵᠦ ᠪᠠᠶᠠᠷ ᠤ᠋ᠨ ᠪᠢᠴᠢᠭ ᠨᠠᠢᠷᠠᠭᠤᠯᠤᠨ ᠠᠢᠯᠠᠳᠬᠠᠪᠠ᠃  
       ᠪᠢᠴᠢᠭ ᠦ᠋ᠨ ᠦᠭᠡ : ᠲᠦᠰᠢᠮᠡᠯ ᠨᠠᠷ ᠢ᠋ᠶ᠋ᠠᠷ ᠠᠢᠯᠠᠳᠬᠠᠬᠤ ᠠᠨᠤ᠂ ᠠᠭᠤᠤ ᠶᠡᠬᠡ ᠤᠯᠤᠰ ᠨᠢᠭᠡᠳᠪᠡᠢ᠃ ᠡᠭᠦᠨ ᠡᠴᠡ ᠠᠭᠤᠯᠠ ᠮᠥᠷᠡᠨ ᠭᠡᠭᠡᠬᠡᠨ ᠡᠵᠡᠨ ᠳ᠋ᠦ᠍ᠷ ᠬᠠᠷᠢᠶᠠᠯᠠᠭᠳᠠᠪᠠ᠃ ᠡᠵᠡᠨ ᠬᠠᠭᠠᠨ ᠤ᠋ ᠴᠡᠷᠢᠭ ᠲᠩᠷᠢ ᠶ᠋ᠢᠨ ᠵᠦᠢ ᠳ᠋ᠦ᠍ᠷ ᠨᠡᠢᠯᠡᠭᠦᠯᠦᠨ ᠮᠣᠷᠳᠠᠬᠤᠢ ᠳ᠋ᠤ᠌ ᠵᠡᠷᠯᠢᠭ ᠬᠠᠷ᠎ᠠ ᠢᠷᠭᠡᠳ ᠡᠵᠡᠨ ᠦ᠌ ᠴᠡᠷᠢᠭ ᠦ᠋ᠨ ᠰᠦᠷ ᠲᠣᠷ ᠠᠶᠤᠮᠰᠢᠭ ᠦᠭᠡᠢ ᠬᠠᠯᠳᠠᠭᠰᠠᠨ ᠠ᠋ᠴᠠ ᠲᠡᠢᠨ ᠪᠠᠢᠯᠳᠤᠭᠠᠨ ᠳᠡᠭᠳᠡᠪᠡᠢ᠃ ᠡᠳᠦᠭᠡ ᠪᠣᠯᠵᠤ ᠵᠠᠮ ᠮᠥᠷ ᠲᠦ᠍ᠷ ᠣᠷᠣᠵᠤ ᠡᠩᠬᠡᠵᠢᠭᠡᠳ ᠳᠡᠯᠡᠬᠡᠢ ᠳ᠋ᠡᠭᠡᠨ ᠬᠠᠮᠲᠤ ᠪᠠᠷ ᠪᠠᠶᠠᠰᠤᠯᠴᠠᠬᠤ ᠪᠣᠯᠪᠠ᠃ ᠡᠨᠡᠬᠦ ᠶᠡᠬᠡ ᠪᠠᠶᠠᠷ ᠲᠤᠷ ᠨᠡᠢᠯᠡᠭᠦᠯᠦᠨ ᠲᠦᠰᠢᠮᠡᠯ ᠪᠠᠶᠠᠨ ᠨᠠᠷ ᠴᠢᠩ ᠰᠠᠨᠠᠭᠠᠨ ᠠ᠋ᠴᠠ ᠪᠠᠨ ᠪᠡᠶᠡᠰᠴᠦ ᠬᠢᠴᠢᠶᠡᠩᠭᠦᠢᠯᠡᠨ ᠮᠥᠷᠭᠥᠵᠦ ᠳᠠᠬᠢᠨ ᠮᠥᠷᠭᠥᠵᠦ ᠰᠦᠰᠦᠭᠯᠡᠬᠦ ᠢᠨᠤ ᠄ ᠬᠠᠭᠠᠨ ᠤ᠋ ᠠᠷᠢᠭᠤᠨ ᠠ᠋ᠴᠠ ᠲᠠᠪᠤᠨ ᠥᠩᠭᠡ ᠶ᠋ᠢᠨ ᠭᠡᠷᠡᠯ ᠰᠠᠴᠤᠷᠠᠨ ᠥᠯᠵᠡᠢ ᠮᠢᠩᠭᠠᠨ ᠮᠢᠩᠭᠠᠨ ᠢ ᠬᠡᠲᠦᠷᠡᠵᠦ ᠡᠵᠡᠨ ᠦ᠌ ᠠᠯᠲᠠᠨ ᠲᠥᠷᠥ ᠳ᠋ᠦ᠍ᠷ ᠬᠦᠯᠦᠭ ᠣᠩᠭᠣᠴᠠ ᠨᠠᠷᠠ ᠮᠠᠨᠳᠤᠬᠤ ᠵᠦᠭ ᠦ᠋ᠨ ᠤᠯᠤᠰ ᠠ᠋ᠴᠠ ᠶᠣᠰᠣᠯᠠᠯ ᠳ᠋ᠤᠷ ᠢᠷᠡᠵᠦ ᠮᠠᠯᠠᠭᠠᠢ ᠪᠦᠰᠡᠲᠦ ᠠᠷᠠᠳ ᠬᠠᠷᠢᠶᠠᠯᠠᠭᠳᠠᠨ ᠠᠭᠤᠯᠠ ᠬᠠᠳᠠᠲᠤ ᠣᠷᠣᠨ ᠠᠯᠪᠠ ᠪᠠᠷᠢᠵᠤ ᠡᠯᠡᠰᠦᠨ ᠮᠠᠩᠬᠠᠨ ᠳᠠᠯᠠᠢ ᠴᠦ᠍ ᠨᠤᠲᠤᠭᠰᠢᠨ ᠪᠦᠬᠦᠢ ᠳ᠋ᠦ᠍ᠷ ᠭᠠᠭᠴᠠ ᠰᠥᠩ ᠤᠯᠤᠰ ᠠᠷᠠᠯ ᠲᠠᠩᠭᠢᠰ ᠤ᠋ᠨ ᠵᠡᠷᠯᠢᠭ ᠪᠥᠭᠯᠡᠭᠦᠦ ᠠᠰᠢᠭ ᠢ᠋ ᠲᠦᠰᠢᠵᠦ ᠵᠠᠷᠯᠢᠭ ᠵᠢᠭᠠᠪᠤᠷᠢ ᠶ᠋ᠢ ᠠᠪᠬᠤ ᠦᠭᠡᠢ᠂ ᠴᠡᠷᠢᠭ ᠮᠣᠷᠢ ᠡᠯᠰᠡᠵᠦ ᠮᠥᠷᠡᠨ ᠲᠠᠩᠭᠢᠰ ᠢ᠋ᠶ᠋ᠠᠷ ᠬᠠᠯᠬᠠᠪᠴᠢ ᠪᠣᠯᠭᠠᠨ ᠣᠩᠭᠣᠴᠠ ᠰᠠᠯ ᠢ᠋ᠶ᠋ᠠᠷ ᠲᠩᠷᠢ ᠶ᠋ᠢᠨ ᠴᠡᠷᠢᠭ ᠢ᠋ ᠪᠤᠴᠠᠭᠠᠵᠤ ᠪᠣᠯᠤᠮᠤᠢ ᠭᠡᠮᠡᠨ ᠳᠥᠴᠢ ᠢᠯᠡᠭᠦᠦ ᠵᠢᠯ ᠲᠡᠷᠰᠯᠡᠪᠡᠢ᠃ ᠥᠷᠥᠰᠢᠶᠡᠯ ᠢ᠋ ᠤᠮᠠᠷᠲᠠᠵᠤ ᠦᠭᠡ ᠪᠡᠨ ᠪᠤᠴᠠᠭᠰᠠᠨ ᠶᠠᠪᠤᠳᠠᠯ ᠢ᠋ ᠨᠢᠭᠡ ᠬᠣᠶᠠᠷ ᠭᠡᠮᠡᠨ ᠪᠦᠷᠢᠳᠬᠡᠬᠦ ᠪᠤᠰᠤ ᠪᠣᠯᠠᠢ᠃ ᠪᠣᠭᠳᠠ ᠡᠵᠡᠨ ᠠᠩᠬ᠎ᠠ ᠮᠥᠷᠡᠨ ᠢ᠋ ᠭᠡᠲᠦᠯᠵᠦ ᠴᠡᠷᠢᠭ ᠬᠡᠷᠡᠭᠯᠡᠬᠦᠢ ᠳ᠋ᠦ᠍ᠷ ᠰᠥᠩ ᠤᠯᠤᠰ ᠡᠯᠴᠢ ᠢᠷᠡᠭᠦᠯᠵᠦ ᠬᠣᠲᠠᠨ ᠳᠣᠣᠷᠠᠬᠢ ᠭᠡᠷ᠎ᠡ ᠪᠠᠢᠭᠤᠯᠤᠭᠰᠠᠨ ᠲᠤᠯᠠ ᠡᠵᠡᠨ ᠳᠡᠢᠯᠦᠭᠰᠡᠨ ᠶᠣᠰᠣᠭᠠᠷ ᠪᠤᠴᠠᠪᠠ᠃ ᠭᠡᠲᠡᠯ᠎ᠡ ᠰᠥᠩ ᠤᠯᠤᠰ ᠭᠡᠷ᠎ᠡ ᠪᠡᠨ ᠪᠠᠯᠠᠯᠵᠤ ᠲᠦᠷ ᠴᠠᠭ ᠤ᠋ᠨ ᠮᠡᠬᠡᠯᠡᠬᠦ ᠠᠷᠭ᠎ᠠ ᠵᠠᠯᠢ ᠪᠣᠯᠭᠠᠵᠤ ᠡᠵᠡᠨ ᠦ᠌ ᠤᠯᠤᠰ ᠤ᠋ᠨ ᠡᠯᠴᠢ ᠶ᠋ᠢ ᠬᠣᠷᠢᠬᠤ ᠶ᠋ᠢ ᠠᠨᠤ ᠬᠣᠷᠢᠵᠤ ᠂ ᠠᠯᠠᠬᠤ ᠶ᠋ᠢ ᠠᠨᠤ ᠠᠯᠠᠵᠤ ᠲᠥᠷᠥᠯ ᠣᠯᠭᠣᠭᠰᠠᠨᠨ ᠥᠷᠥᠰᠢᠶᠡᠯ ᠢ᠋ ᠤᠮᠠᠷᠲᠠᠪᠠ᠃ ᠮᠠᠨ ᠤ᠋ ᠤᠷᠪᠠᠭᠰᠠᠨ ᠲᠦᠰᠢᠮᠡᠯ ᠳ᠋ᠦ᠍ᠷ ᠵᠡᠷᠭᠡ ᠡᠷᠬᠢᠮ ᠥᠭᠴᠦ ᠵᠣᠷᠢᠭᠵᠢᠭᠤᠯᠵᠤ ᠯᠢᠶᠠᠨ ᠲᠠᠢ ᠶ᠋ᠢᠨ ᠭᠤᠷᠪᠠᠨ ᠬᠣᠲᠠ ᠶ᠋ᠢ ᠵᠠᠪᠰᠢᠨ ᠡᠵᠡᠷᠬᠡᠵᠦ ᠰᠥᠷᠭᠡᠦ ᠰᠠᠨᠠᠭ᠎ᠠ ᠡᠭᠦᠰᠬᠡᠵᠦ ᠬᠢᠯᠢ ᠬᠢᠵᠠᠭᠠᠷ ᠢ ᠬᠠᠯᠳᠠᠬᠤ ᠶᠠᠪᠤᠳᠠᠯ ᠨᠡᠩ ᠣᠯᠠᠰᠢᠷᠠᠭᠰᠠᠨ ᠢ ᠶᠠᠭᠤᠨ ᠥᠭᠦᠯᠡᠬᠦ ᠠᠵᠢ᠃ ᠡᠢᠮᠦ ᠡᠴᠡ ᠰᠢᠶᠠᠩ ᠂ ᠹᠠᠨ ᠤ᠋ ᠳᠡᠭᠡᠷᠡᠮ ᠢ᠋ ᠠᠷᠢᠯᠭᠠᠬᠤ ᠪᠠᠢᠯᠳᠤᠭᠠᠨ ᠵᠢᠷᠭᠤᠭᠠᠨ ᠵᠢᠯ ᠦᠷᠭᠦᠯᠵᠢᠯᠡᠪᠡ᠃ ᠭᠡᠲᠡᠯ᠎ᠡ ᠨᠢᠭᠡᠨ ᠶᠠᠪᠤᠭᠤᠯᠢ ᠴᠤ᠌ ᠦᠭᠡᠢ᠃ ᠭᠠᠮᠰᠢᠭ ᠢ ᠥᠪᠡᠷᠰᠦᠪᠡᠨ ᠡᠭᠡᠷᠡᠵᠦ ᠳᠡᠭᠡᠳᠦ ᠶ᠋ᠢᠨ ᠬᠢᠯᠢᠩ ᠢ ᠬᠥᠳᠡᠯᠭᠡᠪᠡ᠃ ᠲᠡᠢᠨ ᠬᠦ᠌ ᠪᠠᠶᠠᠨ ᠨᠠᠷ ᠡᠵᠡᠨ ᠦ᠌ ᠵᠠᠷᠯᠢᠭ ᠢ᠋ ᠬᠦᠯᠢᠶᠡᠨ ᠵᠠᠩᠵᠤᠨ ᠴᠡᠷᠢᠭ ᠢ᠋ ᠴᠢᠩᠳᠠᠯᠠᠨ ᠲᠡᠭᠷᠢ ᠶ᠋ᠢᠨ ᠰᠢᠳᠬᠡᠯ ᠢ᠋ ᠶᠠᠪᠤᠭᠤᠯᠪᠠ᠃ ᠡᠬᠢᠯᠡᠭᠡᠳ ᠰᠢᠶᠠᠩ ᠬᠠᠨ ᠤ᠋ ᠳᠡᠭᠡᠳᠦ ᠤᠷᠤᠰᠬᠠᠯ  ᠢ᠋ᠶ᠋ᠠᠷ ᠪᠠᠭᠤᠵᠤ ᠳᠠᠬᠢᠨ ᠡᠦ ᠴᠠᠩ ᠠ᠋ᠴᠠ ᠭᠠᠷᠴᠤ ᠳᠠᠢᠰᠤᠨ ᠤ᠋ ᠬᠠᠭᠤᠴᠢᠨ ᠣᠯᠣᠮ ᠭᠠᠷᠠᠮ ᠤ᠋ᠨ ᠬᠠᠯᠬᠠᠪᠴᠢ ᠪᠡᠯᠡᠳᠬᠡᠯ ᠢ᠋ ᠴᠥᠮ ᠬᠡᠷᠡᠭ ᠦᠭᠡᠢ ᠪᠣᠯᠭᠠᠨ ᠲᠡᠢᠨ ᠦ᠌ ᠭᠠᠯ ᠢ᠋ ᠴᠢᠶᠠᠨ ᠳᠠᠩ ᠵᠢᠶᠠᠩ ᠮᠥᠷᠡᠨ ᠬᠦᠷᠲᠡᠯ᠎ᠡ ᠦᠷᠭᠦᠯᠵᠢᠯᠡᠭᠦᠯᠦᠭᠰᠡᠨ ᠪᠥᠭᠡᠲᠡᠯ᠎ᠡ ᠰᠥᠩ ᠤᠯᠤᠰ ᠪᠠᠰᠠ ᠶᠠᠯ᠎ᠠ ᠪᠠᠨ ᠮᠡᠳᠡᠵᠦ ᠤᠬᠠᠮᠰᠠᠷᠠᠨ ᠡᠯᠴᠢ ᠶ᠋ᠢ ᠲᠠᠯᠪᠢᠬᠤ ᠦᠭᠡᠢ ᠬᠠᠷᠢᠨ ᠡᠯᠴᠢ ᠶ᠋ᠢ ᠠᠯᠠᠵᠤ ᠵᠠᠷᠯᠢᠭ ᠢ ᠰᠢᠲᠠᠭᠠᠨ ᠳᠡᠭᠡᠳᠦᠰ ᠦ᠋ᠨ ᠰᠦᠷ ᠭᠡᠷᠡᠯ ᠳ᠋ᠦ᠍ᠷ ᠬᠠᠯᠳᠠᠬᠤ ᠶᠠᠪᠤᠳᠠᠯ ᠨᠢᠭᠡ ᠪᠤᠰᠤ ᠬᠡᠳᠦ ᠭᠠᠷᠪᠠ᠃ ᠡᠢᠮᠦ ᠡᠴᠡ ᠠᠷᠤᠤᠬᠠᠨ ᠢ᠋ ᠳᠦ ᠰᠥᠩ ᠭᠤᠸᠠᠨ ᠪᠣᠭᠣᠮᠲᠠ ᠪᠠᠷ ᠂ ᠰᠢᠶᠠᠩᠸᠤᠢ ᠂ ᠳ᠋ᠦᠩ ᠸᠸᠨ ᠫᠢᠩ ᠢ ᠮᠥᠷᠡᠨ ᠳᠠᠯᠠᠢ ᠪᠠᠷ ᠤᠷᠤᠭᠰᠢᠯᠠᠭᠤᠯᠵᠤ ᠲᠦᠰᠢᠮᠡᠯ ᠪᠢ ᠠᠳᠠᠬᠠᠢ ᠯᠤᠭ᠎ᠠ ᠳᠤᠮᠳᠠᠳᠤ ᠴᠡᠷᠢᠭ ᠢ᠋ ᠠᠪᠴᠤ ᠰᠢᠭᠤᠳ ᠬᠠᠭᠤᠷᠮᠠᠭ ᠨᠡᠢᠰᠯᠡᠯ ᠯᠢᠨ ᠠᠨ ᠢ᠋ ᠴᠢᠭᠯᠡᠪᠡ ᠃ ᠡᠪᠳᠡᠷᠡᠬᠦ ᠬᠡᠮᠵᠢᠶᠡᠨ ᠳ᠋ᠦ᠍ᠷ ᠨᠢᠭᠡᠨᠲᠡ ᠬᠦᠷᠴᠦ ᠤᠰᠤᠨ ᠬᠠᠭᠤᠷᠠᠢ ᠭᠤᠷᠪᠠᠨ ᠵᠠᠮ ᠤ᠋ᠨ ᠴᠡᠷᠢᠭ ᠬᠠᠮᠲᠤ ᠪᠠᠭᠤᠵᠤ ᠴᠠᠩ ᠵᠧᠦ ᠶ᠋ᠢ ᠡᠵᠡᠯᠡᠭᠰᠡᠨ ᠦ᠌ ᠬᠣᠢᠨ᠎ᠠ ᠲᠡᠭᠦᠨ ᠦ᠌ ᠬᠠᠷᠢᠶᠠᠲᠤ ᠵᠧᠦ ᠵᠢᠶᠦ᠋ᠨ ᠢ᠋ ᠵᠠᠷ ᠲᠠᠷᠬᠠᠭᠠᠨ ᠲᠣᠭᠲᠠᠭᠠᠪᠠ᠃ ᠯᠢᠨ ᠠᠨ ᠳ᠋ᠤᠷ ᠴᠡᠷᠢᠭ ᠨᠡᠢᠯᠡᠬᠦ ᠪᠡᠷ ᠪᠣᠯᠵᠣᠭ᠎ᠠ ᠲᠣᠭᠲᠠᠭᠰᠠᠨ ᠲᠤᠯᠠ ᠣᠯᠠᠨ ᠵᠠᠩᠵᠤᠨ ᠬᠤᠭᠤᠴᠠᠭᠠᠨ ᠳ᠋ᠠᠭᠠᠨ ᠴᠡᠷᠢᠭ ᠦ᠋ᠨ ᠬᠦᠷᠢᠶ᠎ᠡ ᠬᠣᠯᠪᠣᠯᠳᠤᠨ ᠬᠦᠷᠴᠦ ᠢᠷᠡᠪᠡ᠃ ᠰᠥᠩ ᠦ᠋ᠨ ᠡᠵᠡᠨ ᠲᠦᠰᠢᠮᠡᠳ ᠣᠷᠣᠬᠤ ᠭᠠᠵᠠᠷ ᠦᠭᠡᠢ ᠪᠣᠯᠤᠭᠠᠳ ᠰᠠᠶᠢ ᠠᠯᠪᠠ ᠪᠠᠷᠢᠵᠤ ᠳᠠᠭᠠᠰᠤᠭᠠᠢ ᠭᠡᠮᠡᠨ ᠵᠠᠯᠢᠯᠠᠵᠤ ᠵᠢᠴᠢ ᠠᠴᠢ ᠪᠣᠯᠵᠤ ᠳᠠᠭᠠᠰᠤᠭᠠᠢ ᠬᠡᠮᠡᠪᠡᠢ᠃ ᠰᠠᠢᠬᠠᠨ ᠦᠭᠡ ᠬᠡᠷᠡᠭ ᠲᠦ᠍ᠷ ᠨᠡᠮᠡᠭᠦᠷᠢ ᠪᠣᠯᠬᠤ ᠦᠭᠡᠢ᠃ ᠲᠦᠰᠢᠮᠡᠯ ᠪᠢ ᠭᠠᠪᠰᠢᠭᠠᠢ ᠡᠷᠡᠰ ᠳᠠᠭᠠᠭᠤᠯᠤᠨ ᠣᠢᠷ᠎ᠠ ᠲᠣᠰᠬᠣᠨ ᠳ᠋ᠤᠷ ᠬᠦᠷᠴᠦ ᠡᠷᠬᠡ ᠪᠠᠷᠢᠬᠤ ᠲᠦᠰᠢᠮᠡᠳ ᠢ᠋ ᠳᠠᠭᠤᠳᠠᠨ ᠠᠪᠴᠤ ᠢᠷᠡᠭᠡᠳ ᠭᠡᠷ ᠨᠤᠲᠤᠭ ᠲᠠᠭᠠᠨ ᠪᠤᠴᠠᠰᠤᠭᠠᠢ ᠬᠡᠮᠡᠬᠦ ᠴᠡᠷᠢᠭ ᠠᠷᠠᠳ ᠤ᠋ᠳ ᠢ᠋ ᠲᠠᠷᠬᠠᠭᠠᠨ ᠬᠠᠲᠠᠭᠤ ᠵᠣᠷᠢᠭ ᠢ᠋ᠶ᠋ᠠᠷ ᠳᠥᠷᠪᠡᠨ ᠲᠠᠯ᠎ᠠ ᠠ᠋ᠴᠠ ᠬᠤᠮᠢᠵᠤ ᠬᠠᠮᠬᠤᠤᠯ ᠬᠡᠢᠰᠦᠭᠡᠳ ᠭᠠᠷᠬᠤ ᠭᠠᠵᠠᠷ ᠦᠭᠡᠢ ᠪᠣᠯᠭᠠᠭᠰᠠᠨ ᠲᠤᠯᠠ ᠴᠥᠮ ᠠᠷᠭ᠎ᠠ ᠦᠭᠡᠢ ᠪᠣᠯᠵᠤ ᠪᠠᠭᠤᠵᠤ ᠥᠭᠬᠦ ᠲᠤᠭ ᠪᠣᠰᠬᠠᠪᠠ ᠂ ᠰᠥᠩ ᠦ᠋ᠨ ᠡᠵᠡᠨ ᠬᠣᠶᠠᠷ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠡᠳᠦᠷ ᠬᠠᠭᠠᠨ ᠣᠷᠳᠣᠨ ᠵᠦᠭ ᠮᠥᠷᠭᠥᠨ ᠳᠠᠭᠠᠪᠠ᠃ ᠲᠡᠢᠨ ᠬᠦ᠌ ᠪᠣᠢ ᠪᠦᠬᠦᠢ ᠰᠠᠩ ᠬᠥᠮᠥᠷᠭᠡ ᠂ ᠣᠷᠳᠣᠨ ᠬᠠᠷᠰᠢ ᠂ ᠡᠳ᠋ ᠡᠷᠳᠡᠨᠢ ᠶ᠋ᠢ ᠴᠥᠮ ᠪᠠᠢᠴᠠᠭᠠᠨ ᠪᠦᠷᠢᠳᠬᠡᠵᠦ ᠪᠢᠲᠡᠭᠦᠮᠵᠢᠯᠡᠨ ᠲᠠᠯᠪᠢᠭᠠᠳ ᠡᠵᠡᠨ ᠦ᠌ ᠵᠠᠷᠯᠢᠭ ᠢ᠋ ᠬᠦᠯᠢᠶᠡᠮᠦᠢ᠃ ᠲᠦᠰᠢᠮᠡᠯ ᠪᠢ ᠶᠠᠩ ᠺᠤᠸᠠᠨ ᠳᠠ ᠪᠠᠷ ᠠᠷᠠᠳ ᠢᠷᠭᠡᠳ ᠢ ᠲᠣᠬᠣᠷᠤᠭᠤᠯᠤᠨ ᠡᠵᠡᠮᠰᠢᠭᠦᠯᠵᠦ ᠶᠢᠰᠦᠨ ᠭᠤᠲᠤᠮᠵᠢᠲᠦ ᠡᠨᠡᠬᠦ ᠶᠡᠬᠡ ᠬᠣᠲᠠ ᠂ ᠨᠢᠭᠡᠨ ᠦᠶ᠎ᠡ ᠶ᠋ᠢᠨ ᠪᠠᠶᠠᠨ ᠴᠢᠨᠡᠭᠡᠯᠢᠭ ᠬᠥᠷ ᠬᠥᠭᠵᠢᠶᠡᠨ ᠲᠡᠢ ᠪᠠᠢᠭᠰᠠᠨ ᠢ᠋ ᠬᠡᠪ ᠢ᠋ᠶ᠋ᠡᠷ ᠦᠯᠡᠳᠡᠭᠡᠪᠡᠢ᠃ ᠡᠨᠡ ᠪᠦᠬᠦᠨ ᠴᠥᠮ ᠪᠣᠭᠳᠠ ᠡᠵᠡᠨ ᠦ᠌ ᠮᠡᠷᠭᠡᠨ ᠳ᠋ᠦ᠍ᠷ ᠲᠦᠰᠢᠵᠦ ᠲᠦᠮᠡᠨ ᠭᠠᠵᠠᠷ ᠤ᠋ᠨ ᠠᠯᠤᠰ ᠢ᠋ ᠨᠢᠳᠦᠨ ᠳᠣᠣᠷ᠎ᠠ ᠪᠠᠨ ᠮᠡᠲᠦ ᠢᠯᠡ ᠰᠣᠶᠣᠷᠬᠠᠨ ᠳᠡᠯᠡᠬᠡᠢ ᠳ᠋ᠠᠬᠢᠨ ᠢ᠋ ᠠᠯᠠᠭᠠᠨ ᠳᠡᠭᠡᠷ᠎ᠡ ᠪᠡᠨ ᠠᠬᠤᠭᠤᠯᠵᠤ ᠵᠠᠰᠠᠬᠤᠢ ᠳ᠋ᠤᠷ ᠲᠦᠰᠢᠮᠡᠳ ᠪᠢᠳᠡ ᠵᠠᠪᠰᠢᠶᠠᠨ ᠢ᠋ᠶ᠋ᠠᠷ ᠭᠡᠭᠡᠬᠡᠨ ᠴᠠᠭ ᠢ᠋ ᠣᠯᠵᠤ ᠦᠵᠡᠪᠡ ᠃ ᠳᠣᠯᠣᠭᠠᠨ ᠡᠷᠳᠡᠨᠢ ᠪᠦᠷᠢᠳᠪᠡᠢ᠃ ᠶᠡᠬᠡ ᠦᠢᠯᠡᠰ ᠴᠣᠭᠴᠠᠯᠠᠪᠠᠢ ᠃ ᠯᠤᠤ ᠶ᠋ᠢᠨ ᠲᠠᠩᠬᠢᠮ ᠤ᠋ᠨ ᠥᠯᠵᠡᠢ ᠲᠦᠮᠡᠨ ᠲᠦᠮᠡᠨ ᠵᠢᠯ ᠪᠣᠯᠲᠤᠭᠠᠢ᠃ ᠪᠠᠶᠠᠨ ᠨᠠᠷ ᠠᠶᠤᠮᠰᠢᠭ ᠦᠭᠡᠢ ᠪᠣᠭᠳᠠ ᠡᠵᠡᠨ ᠳ᠋ᠦ᠍ᠷ ᠬᠢᠴᠢᠶᠡᠩᠭᠦᠢᠯᠡᠨ ᠮᠥᠷᠭᠥᠵᠦ ᠳᠠᠬᠢᠨ ᠮᠥᠷᠭᠥᠵᠦ ᠪᠠᠶᠠᠷ ᠡᠷᠭᠦᠪᠡ ᠬᠡᠮᠡᠪᠡᠢ᠃ 
       ᠳᠡᠭᠡᠳᠦ ᠨᠡᠢᠰᠯᠡᠯ ᠳ᠋ᠦ᠍ᠷ ᠪᠠᠭᠤᠵᠤ ᠥᠭᠬᠦ ᠢᠯᠡᠳᠬᠡᠯ ᠬᠦᠷᠭᠡᠬᠦ ᠪᠠ ᠥᠷᠥᠰᠢᠶᠡᠯ ᠭᠤᠶᠤᠬᠤ ᠬᠥᠮᠦᠰ ᠳᠣᠲᠣᠷ᠎ᠠ ᠰᠢᠶᠧ ᠲᠠᠢᠬᠡᠦ ᠡᠴᠡ ᠸᠸᠨ ᠲᠢᠶᠠᠨ ᠰᠢᠶᠠᠩ ᠢ ᠨᠡᠷ᠎ᠡ ᠵᠢᠭᠠᠵᠤ ᠣᠷᠣᠭᠤᠯᠤᠭᠰᠠᠨ ᠲᠤᠯᠠ ᠪᠠᠶᠠᠨ ᠶᠤᠸᠠᠨᠱᠤᠸᠠᠢ ᠶᠡᠬᠡ ᠲᠠᠯ᠎ᠠ ᠶ᠋ᠢ ᠪᠣᠳᠣᠵᠤ ᠲᠠᠯᠪᠢᠵᠤ ᠶᠠᠪᠤᠭᠤᠯᠪᠠ᠃ ᠭᠡᠲᠡᠯ᠎ᠡ ᠸᠸᠨ ᠲᠢᠶᠠᠨ ᠰᠢᠶᠠᠩ ᠵᠠᠮ ᠵᠠᠭᠤᠷ᠎ᠠ ᠪᠠᠨ ᠤᠷᠭᠤᠵᠤ ᠵᠢᠢ ᠸᠠᠩ ᠂ ᠭᠤᠸᠠᠩ ᠸᠠᠩ ᠬᠣᠶᠠᠷ ᠢ᠋ ᠡᠷᠭᠦᠵᠦ ᠰᠥᠩ ᠤᠯᠤᠰ ᠢ᠋ ᠵᠠᠯᠭᠠᠮᠵᠢᠯᠠᠭᠤᠯᠬᠤ ᠪᠠᠷ ᠵᠠᠩ ᠱᠢ ᠵᠢᠶᠧ ᠂ ᠴᠸᠨ ᠢ ᠵᠦᠩ ᠨᠠᠷ ᠲᠠᠢ ᠰᠦᠯᠪᠡᠭᠡᠯᠡᠨ ᠬᠡᠷᠡᠭ ᠪᠦᠲᠦᠭᠰᠡᠨ ᠦᠭᠡᠢ᠃ ᠰᠥᠩ ᠦ᠋ᠨ ᠵᠢᠢ ᠸᠠᠩ ᠂ ᠭᠤᠸᠠᠩ ᠸᠠᠩ ᠴᠥᠮ ᠮᠥᠷᠡᠨ ᠳᠠᠯᠠᠢ ᠳ᠋ᠤᠷ ᠦᠬᠦᠭᠡᠳ ᠸᠧᠨ ᠲᠢᠶᠠᠨ ᠰᠢᠶᠠᠩ ᠰᠤᠯᠠ ᠴᠡᠷᠢᠭ ᠲᠦ᠍ᠷ ᠪᠠᠷᠢᠭᠳᠠᠵᠤ ᠶᠡᠬᠡ ᠨᠡᠢᠰᠯᠡᠯ ᠳ᠋ᠦ᠍ᠷ ᠬᠦᠷᠭᠡᠭᠳᠡᠨ ᠬᠡᠳᠦᠨ ᠵᠢᠯ ᠬᠣᠷᠢᠭᠳᠠᠵᠤ ᠪᠠᠭᠤᠵᠤ ᠥᠭᠬᠦ ᠦᠭᠡᠢ ᠦᠬᠦᠬᠦ ᠶ᠋ᠢ ᠭᠤᠶᠤᠭᠰᠠᠨ ᠳ᠋ᠤᠷ ᠵᠣᠷᠢᠭ ᠢ᠋ ᠢᠨᠦ ᠭᠦᠢᠴᠡᠳᠬᠡᠰᠦᠭᠡᠢ ᠭᠡᠮᠡᠨ ᠴᠠᠪᠴᠢᠪᠠ᠃ ᠡᠨᠡ ᠴᠣᠬᠣᠮ ᠬᠣᠵᠢᠮ ᠤ᠋ᠨ ᠬᠡᠷᠡᠭ ᠪᠣᠯᠪᠠᠴᠤ ᠤᠷᠢᠳᠴᠢᠯᠠᠨ ᠡᠨᠳᠡ ᠳᠥᠭᠥᠮ ᠲᠡᠮᠳᠡᠭᠯᠡᠰᠦᠭᠡᠢ᠃ 
       ᠲᠡᠳᠦᠢ ᠳ᠋ᠦ᠍ᠷ ᠰᠥᠩ ᠦ᠋ᠨ ᠬᠠᠭᠠᠨ ᠤ᠋ ᠤᠭᠰᠠᠭ᠎ᠠ ᠹᠦ ᠸᠠᠩ ᠢᠦᠢ ᠷᠤᠢ ᠪᠠᠶᠠᠨ ᠶᠤᠸᠠᠨᠱᠤᠸᠠᠢ ᠳ᠋ᠤᠷ ᠪᠢᠴᠢᠭ ᠪᠠᠷᠢᠵᠤ ᠪᠠᠢᠳᠠᠯ ᠢ᠋ᠶ᠋ᠠᠨ ᠪᠢᠴᠢᠭᠰᠡᠨ ᠢᠨᠤ ᠮᠠᠰᠢ ᠦᠨᠡᠨᠴᠢ ᠤᠶᠠᠷᠠᠯᠲᠠᠢ᠃ ᠪᠠᠶᠠᠨ ᠶᠤᠸᠠᠨᠱᠤᠸᠠᠢ ᠬᠠᠷᠢᠭᠤ ᠥᠭᠴᠦ : 《ᠬᠣᠶᠠᠷ ᠤᠯᠤᠰ ᠡᠳᠦᠭᠡ ᠨᠢᠭᠡ ᠭᠡᠷ ᠪᠣᠯᠪᠠ᠃ ᠸᠠᠩ ᠲᠠᠨ ᠰᠡᠵᠢᠭᠯᠡᠬᠦ ᠦᠭᠡᠢ ᠢᠷᠡᠵᠦ ᠶᠡᠬᠡ ᠤᠴᠢᠷ ᠢ᠋ ᠵᠥᠪᠳᠡᠪᠡᠰᠦ ᠵᠣᠬᠢᠮᠤᠢ 》ᠭᠡᠮᠡᠨ ᠬᠥᠮᠦᠨ ᠶᠠᠪᠤᠭᠤᠯᠵᠤ ᠵᠠᠯᠠᠨ ᠠᠪᠴᠤ ᠢᠷᠡᠪᠡ᠃ ᠡᠨᠡ ᠬᠣᠭᠣᠷᠣᠨᠳᠣ ᠮᠥᠬᠥᠭᠰᠡᠨ ᠰᠥᠩ ᠦ᠋ᠨ ᠬᠤᠸᠠᠢ ᠰᠢ ᠶ᠋ᠢᠨ ᡁᠢ ᡁᠢ ᠱᠢ ᠲᠦᠰᠢᠮᠡᠯ ᠤᠰᠤᠨ ᠴᠡᠷᠢᠭ ᠦ᠋ᠨ ᠳᠦ ᠳᠦ ᠰᠢᠶᠠ ᠬᠦᠢ ᠬᠤᠸᠠᠢ ᠨᠠᠨ ᠤ᠋ ᠭᠠᠵᠠᠷ ᠢ᠋ ᠡᠷᠭᠦᠵᠦ ᠳᠠᠭᠠᠪᠠ᠃ ᠰᠢᠷ᠎ᠠ ᠪᠡᠴᠢᠨ ᠡᠳᠦᠷ ᠪᠠᠶᠠᠨ ᠶᠤᠸᠠᠨᠱᠤᠸᠠᠢ ᠥᠷᠥᠰᠢᠶᠡᠯ ᠭᠤᠶᠤᠬᠤ ᠪᠠ ᠳᠠᠭᠠᠬᠤ ᠢᠯᠡᠳᠬᠡᠯ ᠡᠷᠭᠦᠬᠦ ᠮᠥᠬᠥᠭᠰᠡᠨ ᠰᠥᠩ ᠦ᠋ᠨ ᠲᠦᠰᠢᠮᠡᠳ ᠢ᠋ ᠮᠣᠷᠳᠠᠭᠤᠯᠪᠠ᠃ ᠴᠠᠭᠠᠨ ᠪᠡᠴᠢᠨ ᠡᠳᠦᠷ ᠨᠠᠩᠵᠢᠳᠠᠢ ᠬᠠᠭᠠᠨ ᠤ᠋ ᠵᠠᠷᠯᠢᠭ ᠢ᠋ᠶ᠋ᠠᠷ ᠪᠠᠶᠠᠨ ᠶᠤᠸᠠᠨᠱᠤᠸᠠᠢ ᠶ᠋ᠢ ᠰᠥᠩ ᠤᠯᠤᠰ ᠤ᠋ᠨ ᠪᠠᠭᠤᠵᠤ ᠥᠭᠭᠦᠭᠰᠡᠨ ᠡᠵᠡᠨ ᠲᠦᠰᠢᠮᠡᠳ ᠢ ᠠᠪᠴᠤ ᠨᠡᠢᠰᠯᠡᠯ ᠳ᠋ᠦ᠍ᠷ ᠢᠷᠡᠭᠲᠦᠨ ᠬᠡᠮᠡᠭᠰᠡᠨ ᠲᠤᠯᠠ ᠪᠠᠶᠠᠨ ᠶᠤᠸᠠᠨᠱᠤᠸᠠᠢ ᠯᠢᠨ ᠠᠨ ᠬᠣᠲᠠᠨ ᠳ᠋ᠤᠷ ᠣᠷᠣᠵᠤ ᠯᠠᠩ ᠵᠦᠩ ᠲᠦᠰᠢᠮᠡᠯ ᠮᠧᠩ ᠴᠢ ᠪᠡᠷ ᠰᠥᠩ ᠤᠯᠤᠰ ᠤ᠋ᠨ ᠶᠣᠰᠣᠯᠠᠯ ᠬᠥᠭᠵᠢᠮ ᠲᠠᠬᠢᠯ ᠲᠠᠯᠪᠢᠭ᠎ᠠ ᠂ ᠵᠢᠭᠰᠠᠭᠠᠯ ᠤ᠋ᠨ ᠵᠡᠪᠰᠡᠩ ᠂ ᠨᠣᠮ ᠵᠢᠷᠤᠭ ᠢ᠋ ᠴᠥᠮ ᠬᠣᠷᠢᠶᠠᠨ ᠠᠪᠤᠭᠤᠯᠵᠤ ᠨᠡᠩᠵᠢᠲᠡᠢ ᠨᠠᠷ ᠯᠤᠭ᠎ᠠ ᠵᠥᠪᠳᠡᠵᠦ ᠠᠷᠤᠤᠬᠠᠨ ᠳ᠋ᠦᠩ ᠸᠧᠨ ᠫᠢᠩ ᠢ᠋ᠶ᠋ᠡᠷ ᠳᠤᠮᠳᠠᠳᠤ ᠪᠢᠴᠢᠭ ᠦ᠋ᠨ ᠮᠣᠵᠢ ᠶ᠋ᠢᠨ ᠬᠡᠷᠡᠭ ᠢ᠋ ᠮᠡᠳᠡᠭᠴᠢ ᠪᠣᠯᠭᠠᠨ ᠮᠢᠨ ᠂ ᠢᠦᠢ ᠶ᠋ᠢᠨ ᠭᠠᠵᠠᠷ ᠢ᠋ ᠵᠠᠬᠢᠷᠤᠭᠤᠯᠵᠤ ᠮᠣᠩᠭᠤᠲᠠᠶ ᠲᠤᠷ ᠳᠦ ᠳᠦ ᠶ᠋ᠢᠨ ᠲᠤᠰᠢᠶᠠᠯ ᠥᠭᠴᠦ ᠵᠧ ᠰᠢ ᠶ᠋ᠢᠨ ᠭᠠᠵᠠᠷ ᠢ᠋ ᠵᠠᠬᠢᠷᠤᠭᠤᠯᠤᠨ ᠰᠣᠳᠣ ᠶ᠋ᠢ ᠰᠢᠦᠸᠠᠨ ᠹᠦ ᠲᠦᠰᠢᠮᠡᠯ ᠦ᠋ᠨ ᠬᠤᠪᠢ ᠪᠠᠷ ᠵᠧ ᠳ᠋ᠦᠩ ᠦ᠋ᠨ ᠭᠠᠵᠠᠷ ᠢ᠋ ᠵᠠᠬᠢᠷᠤᠭᠤᠯᠤᠨ ᠲᠠᠩᠭᠤᠲᠠᠢ ᠯᠢ ᠲᠢᠩ ᠢ᠋ ᠰᠥᠩ ᠤᠯᠤᠰ ᠤ᠋ᠨ ᠡᠵᠡᠨ ᠲᠦᠰᠢᠮᠡᠳ ᠢ ᠤᠮᠠᠷᠠᠰᠢ ᠬᠠᠮᠠᠭᠠᠯᠠᠨ ᠬᠦᠷᠭᠡ ᠭᠡᠮᠡᠨ ᠥᠪᠡᠷᠦᠨ ᠪᠡᠶ᠎ᠡ ᠢᠨᠤ ᠬᠥᠬᠡᠭᠴᠢᠨ ᠭᠠᠬᠠᠢ ᠡᠳᠦᠷ ᠯᠢᠨ ᠠᠨ ᠠ᠋ᠴᠠ ᠮᠣᠷᠳᠠᠵᠤ ᠶᠡᠬᠡ ᠨᠡᠢᠰᠯᠡᠯ ᠢ᠋ ᠴᠢᠭᠯᠡᠪᠡᠢ᠃ 
       ᠤᠯᠠᠭᠠᠭᠴᠢᠨ ᠦᠬᠡᠷ ᠡᠳᠦᠷ ᠠᠳᠠᠬᠠᠢ ᠨᠠᠷ ᠬᠠᠭᠠᠨ ᠤ᠋ ᠵᠠᠷᠯᠢᠭ ᠢ᠋ᠶ᠋ᠠᠷ ᠰᠥᠩ ᠤᠯᠤᠰ ᠤ᠋ᠨ ᠡᠵᠡᠨ ᠦ᠌ ᠡᠬᠡ ᠯᠦᠩ ᠭᠦᠸᠧ ᠹᠦ ᠷᠸᠨ ᠬᠤᠸᠠᠩ ᠱᠢ ᠶ᠋ᠢ ᠨᠡᠢᠰᠯᠡᠯ ᠳ᠋ᠦ᠍ᠷ ᠪᠠᠷᠠᠭᠠᠯᠠᠭᠲᠤᠨ ᠭᠡᠮᠡᠨ ᠠᠪᠤᠷ᠎ᠠ ᠢᠷᠡᠪᠡᠢ᠃ ᠯᠦᠩ ᠭᠦᠸᠧ ᠹᠦ ᠷᠸᠨ ᠬᠤᠸᠠᠩ ᠣᠪᠣᠭᠲᠤ ᠣᠷᠳᠣᠨ ᠤ᠋ ᠬᠥᠮᠦᠨ ᠵᠠᠭᠤ ᠢᠯᠡᠭᠦᠦ ᠶ᠋ᠢ ᠳᠠᠭᠠᠭᠤᠯᠵᠤ ᠮᠣᠷᠳᠠᠪᠠᠢ᠃ ᠲᠡᠭᠦᠨ ᠳ᠋ᠦ᠍ᠷ ᠹᠦ ᠸᠠᠩ ᠢᠦᠢ ᠷᠤᠢ ᠂ ᠢ ᠸᠠᠩ ᠨᠠᠢ ᠨᠢᠦ ᠂ ᠰᠢᠶᠧ ᠳᠠᠩ ᠂ ᠸᠠᠩ ᠸᠸᠨ ᠡᠴᠡ ᠳᠣᠷᠣᠭᠰᠢ ᠨᠣᠶᠠᠳ ᠲᠦᠰᠢᠮᠡᠳ ᠲᠠᠭᠠᠯᠴᠠᠭᠰᠠᠨ ᠠᠨᠤ ᠬᠡᠳᠦᠨ ᠮᠢᠩᠭᠠᠨ ᠬᠥᠮᠦᠨ ᠪᠣᠢ᠃ ᠡᠭᠦᠨ ᠦ᠌ ᠳᠣᠲᠣᠷ᠎ᠠ ᠭᠤᠷᠪᠠᠨ ᠰᠤᠷᠭᠠᠭᠤᠯᠢ ᠶ᠋ᠢᠨ ᠰᠤᠷᠤᠭᠴᠢ ᠡᠷᠳᠡᠮᠲᠡᠨ ᠬᠡᠳᠦᠨ ᠵᠠᠭᠤ ᠪᠠᠢᠪᠠ᠃ 
       ᠲᠠᠪᠤᠨ ᠰᠠᠷ᠎ᠠ ᠶ᠋ᠢᠨ ᠬᠥᠬᠡᠭᠴᠢᠨ ᠬᠣᠨᠢᠨ ᠡᠳᠦᠷ ᠪᠠᠶᠠᠨ ᠶᠤᠸᠠᠨᠱᠤᠸᠠᠢ ᠰᠥᠩ ᠦ᠋ᠨ ᠡᠵᠡᠨ ᠢ᠋ ᠠᠪᠴᠤ ᠶᠡᠬᠡ ᠨᠡᠢᠰᠯᠡᠯ ᠳ᠋ᠦ᠍ᠷ ᠬᠤᠪᠢᠯᠠᠢ ᠬᠠᠭᠠᠨ ᠤ᠋ ᠶᠡᠬᠡ ᠠᠮᠤᠭᠤᠯᠠᠩᠲᠤ ᠣᠷᠳᠣᠨ ᠳ᠋ᠤᠷ ᠬᠦᠷᠭᠡᠵᠦ ᠢᠷᠡᠭᠰᠡᠨ ᠲᠤᠯᠠ ᠬᠤᠪᠢᠯᠠᠢ ᠬᠠᠭᠠᠨ ᠰᠥᠩ ᠦ᠋ᠨ ᠡᠵᠡᠨ ᠦ᠌ ᠮᠥᠷᠭᠥᠨ ᠳᠠᠭᠠᠬᠤ ᠶᠣᠰᠣᠯᠠᠯ ᠢ᠋ ᠬᠦᠯᠢᠶᠡᠨ ᠠᠪᠤᠭᠠᠳ ᠰᠥᠩ ᠦ᠋ᠨ ᠡᠵᠡᠨ ᠰᠢᠶᠠᠨ ᠢ᠋ ᠶᠠᠮᠤᠨ ᠪᠠᠢᠭᠤᠯᠵᠤ ᠭᠤᠷᠪᠠᠨ ᠽᠢ ᠶ᠋ᠢᠨ ᠵᠢᠭᠰᠠᠭᠠᠯ ᠢ᠋ ᠬᠡᠷᠡᠭᠯᠡᠬᠦ ᠰᠢᠯᠭᠠᠨ ᠪᠠᠢᠴᠠᠭᠠᠬᠤ ᠲᠡᠷᠢᠭᠦᠨ ᠰᠠᠢᠳ ᠢᠩ ᠭᠦᠸᠧ ᠬᠦᠩ ᠡᠷᠭᠦᠮᠵᠢᠯᠡᠪᠡ᠃ ᠰᠥᠩ ᠦ᠋ᠨ ᠡᠵᠡᠨ ᠰᠢᠶᠠᠨ ᠬᠡᠰᠢᠭ ᠲᠣᠷ ᠮᠥᠷᠭᠥᠵᠦ ᠭᠤᠸᠠᠩ ᠯᠦ᠍ ᠽᠢ ᠶ᠋ᠢᠨ ᠬᠤᠷᠢᠮ ᠢ᠋ ᠬᠦᠷᠲᠡᠭᠡᠳ ᠶᠠᠮᠤᠨ ᠳ᠋ᠤᠷ ᠬᠦᠷᠭᠡᠵᠦ ᠥᠭᠪᠡ᠃  
                  ᠰᠤᠯᠠ ᠰᠢᠯᠦᠭ    
         ( ᠤᠮᠠᠷ᠎ᠠ ᠰᠥᠩ ᠦ᠋ᠨ ᠬᠤᠢ ᠽᠦᠩ ᠬᠠᠭᠠᠨ ᠠᠯᠲᠠᠨ ᠤᠯᠤᠰ ᠲᠤᠷ ᠪᠠᠷᠢᠭᠳᠠᠵᠤ ᠶᠠᠪᠤᠬᠤ ᠳ᠋ᠠᠭᠠᠨ ) 
        ᠡᠨᠡᠷᠢᠯᠲᠦ ᠡᠨᠡ ᠰᠥᠨᠢ ᠥᠷᠥᠨ᠎ᠡ ᠰᠠᠯᠬᠢᠨ ᠬᠡᠮᠬᠡᠷᠬᠡᠢ ᠡᠭᠦᠳᠡᠨ ᠢ᠋ ᠭᠠᠩᠬᠤᠭᠤᠯᠵᠤ  
        ᠡᠯᠦᠢ ᠬᠤᠯᠤᠢ ᠥᠨᠥᠴᠢᠨ ᠪᠠᠢᠰᠢᠩ ᠳ᠋ᠤᠷ ᠨᠢᠭᠡᠬᠡᠨ ᠵᠤᠯᠠ ᠪᠦᠳᠡᠭᠢ   
        ᠡᠷᠬᠡᠨ ᠬᠠᠷᠠᠬᠤᠢ ᠳ᠋ᠤᠷ ᠭᠡᠷ ᠣᠷᠣᠨ ᠭᠤᠷᠪᠠᠨ ᠮᠢᠩᠭᠠᠨ ᠭᠠᠵᠠᠷ ᠬᠣᠯᠠᠳᠠᠭᠠᠳ  
        ᠡᠮᠦᠨᠡᠰᠢ ᠪᠡᠨ ᠨᠢᠰᠬᠦ ᠭᠠᠯᠠᠭᠤ ᠴᠤ᠌ ᠡᠰᠡ ᠬᠠᠷᠠᠭᠳᠠᠪᠠᠢ ᠬᠡᠮᠡᠵᠦᠬᠦᠢ᠃  
       
       ᠥᠭᠦᠯᠡᠬᠦ ᠢᠨᠤ ᠰᠥᠩ ᠤᠯᠤᠰ ᠡᠭᠦᠨ ᠡᠴᠡ ᠮᠥᠬᠥᠭᠡᠳ ᠰᠥᠩ ᠤᠯᠤᠰ ᠤ᠋ᠨ ᠣᠷᠣᠨ ᠨᠤᠲᠤᠭ ᠴᠥᠮ ᠶᠡᠬᠡ ᠶᠤᠸᠠᠨ ᠤᠯᠤᠰ ᠲᠤᠷ ᠬᠠᠷᠢᠶᠠᠯᠠᠭᠳᠠᠪᠠᠢ᠃ 
       ᠬᠤᠪᠢᠯᠠᠢ ᠬᠠᠭᠠᠨ ᠪᠠᠶᠠᠨ ᠶᠤᠸᠠᠨᠱᠤᠸᠠᠢ ᠶ᠋ᠢ ᠬᠠᠷ᠎ᠠ ᠬᠣᠷᠢᠨ ᠳ᠋ᠤᠷ ᠲᠣᠮᠢᠯᠠᠵᠤ ᠲᠡᠭᠷᠢ ᠭᠠᠵᠠᠷ ᠂ ᠳᠡᠭᠡᠳᠦᠰ ᠦ᠋ᠨ ᠰᠦᠮ᠎ᠡ ᠶ᠋ᠢ ᠲᠠᠬᠢᠭᠤᠯᠵᠤ ᠪᠦᠬᠦ ᠤᠯᠤᠰ ᠲᠤᠷ ᠶᠡᠬᠡ ᠱᠧ ᠪᠠᠭᠤᠯᠭᠠᠨ ᠥᠷᠥᠰᠢᠶᠡᠯ ᠦᠵᠡᠭᠦᠯᠵᠦ ᠵᠦᠭ ᠵᠦᠭ ᠡᠯᠴᠢ ᠨᠢᠰᠬᠡᠨ ᠰᠥᠩ ᠤᠯᠤᠰ ᠢ᠋ ᠮᠥᠬᠥᠭᠡᠵᠦ ᠡᠩᠬᠡᠵᠢᠭᠦᠯᠦᠭᠰᠡᠨ ᠶᠡᠬᠡ ᠪᠠᠶᠠᠷ ᠢ᠋ ᠮᠡᠳᠡᠭᠳᠡᠪᠡ᠃ ᠪᠠᠰᠠ ᠵᠠᠩᠵᠤᠨ ᠲᠦᠰᠢᠮᠡᠳ ᠦ᠋ᠨ ᠭᠠᠪᠢᠶ᠎ᠠ ᠶ᠋ᠢ ᠲᠡᠮᠳᠡᠭᠯᠡᠨ ᠵᠡᠷᠭᠡ ᠡᠷᠬᠢᠮ ᠲᠣᠭᠲᠠᠭᠠᠬᠤ ᠶᠠᠪᠤᠳᠠᠯ ᠤ᠋ᠨ ᠶᠠᠮᠤᠨ ᠳ᠋ᠤᠷ ᠲᠤᠰᠢᠶᠠᠭᠲᠤᠨ ᠭᠡᠮᠡᠨ ᠵᠠᠷᠯᠢᠭ ᠪᠣᠯᠪᠠ᠃ ᠲᠡᠢᠨ ᠬᠦ᠌ ᠪᠠᠶᠠᠨ ᠶᠤᠸᠠᠨᠱᠤᠸᠠᠢ ᠴᠠᠴᠠᠷ ᠤ᠋ᠨ ᠪᠢᠴᠢᠭ ᠳᠠᠩᠰᠠ ᠶ᠋ᠢ ᠡᠷᠬᠢᠯᠡᠬᠦ ᠲᠦᠰᠢᠮᠡᠳ ᠦ᠋ᠨ ᠬᠠᠮᠲᠤ ᠶᠡᠬᠡ ᠪᠠᠭ᠎ᠠ ᠵᠠᠩᠵᠤᠨ ᠲᠦᠰᠢᠮᠡᠳ ᠦ᠋ᠨ ᠭᠠᠪᠢᠶ᠎ᠠ ᠵᠢᠳᠬᠦᠯ ᠢ᠋ ᠭᠡᠭᠡᠭᠳᠡᠭᠦᠯᠬᠦ ᠦᠭᠡᠢ ᠪᠡᠷ ᠵᠢᠭᠰᠠᠭᠠᠨ ᠮᠡᠳᠡᠭᠦᠯᠬᠦ ᠪᠡᠷ ᠶᠠᠭᠠᠷᠠᠯᠳᠤᠬᠤ ᠪᠣᠯᠪᠠ᠃  
       ᠡᠳᠦᠷ ᠬᠣᠨᠣᠭ ᠤ᠋ᠨ ᠥᠩᠭᠡᠷᠡᠬᠦ ᠢᠨᠦ ᠬᠠᠷᠪᠤᠭᠰᠠᠨ ᠵᠡᠪᠡ ᠮᠡᠲᠦ ᠲᠤᠯᠠ ᠤᠳᠠᠬᠤ ᠦᠭᠡᠢ ᡁᠢ ᠶᠤᠸᠠᠨ ᠤ᠋ ᠠᠷᠪᠠᠨ ᠳᠥᠷᠪᠡᠨ ᠣᠨ ᠤ᠋ ᠲᠠᠪᠤᠨ ᠰᠠᠷ᠎ᠠ ᠪᠣᠯᠪᠠ᠃ ᠪᠣᠷᠣᠭᠠᠨ ᠬᠤᠷ᠎ᠠ ᠲᠡᠭᠰᠢ ᠪᠥᠭᠡᠳ ᠳᠡᠯᠡᠬᠡᠢ ᠳ᠋ᠠᠬᠢᠨ ᠠᠮᠤᠷ ᠲᠠᠢᠪᠤᠩ ᠲᠤᠯᠠ ᠴᠡᠴᠡᠭᠲᠦ ᠲᠠᠯ᠎ᠠ ᠳ᠋ᠤᠷ ᠠᠭᠲᠠ ᠶ᠋ᠢᠨ ᠰᠦᠷᠦᠭ ᠲᠠᠬᠢᠷᠠᠵᠤ ᠠᠩᠴᠢᠨ ᠮᠠᠯᠴᠢᠳ ᠠᠶᠤᠯ ᠵᠣᠪᠠᠭᠤᠷᠢ ᠦᠭᠡᠢ ᠪᠦᠬᠦᠢ ᠳ᠋ᠦ᠍ᠷ ᠬᠥᠬᠡᠭᠴᠢᠨ ᠬᠣᠨᠢᠨ ᠡᠳᠦᠷ ᠳᠡᠭᠡᠳᠦ ᠨᠡᠢᠰᠯᠡᠯ ᠦ᠋ᠨ ᠶᠡᠬᠡ ᠠᠮᠤᠭᠤᠯᠠᠩᠲᠤ ᠣᠷᠳᠣᠨ ᠠ᠋ᠴᠠ ᠶᠡᠬᠡ ᠬᠤᠷᠢᠮ ᠵᠠᠷᠯᠠᠨ ᠡᠩᠬᠡ ᠲᠦᠪᠰᠢᠨ ᠢ᠋ ᠪᠡᠯᠭᠡᠯᠡᠨ ᠦᠪᠡᠳᠡᠭᠰᠢ ᠶᠡᠬᠡ ᠨᠠᠢᠷ ᠨᠠᠭᠠᠳᠤᠮ ᠪᠣᠯᠵᠤ ᠬᠤᠷᠢᠮ ᠳ᠋ᠤᠷ ᠠᠯᠲᠠᠨ ᠣᠷᠳᠣᠨ ᠤ᠋ ᠮᠥᠩᠬᠡᠳᠡᠮᠦᠷ ᠬᠠᠨ ᠂ ᠢᠷᠡᠨ ᠦ᠌ ᠠᠪᠠᠬ᠎ᠠ ᠬᠠᠨ ᠂ ᠲᠦᠷᠺᠠᠰᠲ᠋ᠠᠨ ᠤ᠋ ᠲᠤᠸᠠᠨ ᠬᠠᠨ ᠂ ᠴᠠᠭᠠᠨ ᠣᠷᠳᠣᠨ ᠤ᠋ ᠤᠯᠤᠰ ᠬᠠᠨ ᠂ ᠬᠥᠬᠡ ᠣᠷᠳᠣᠨ ᠤ᠋ ᠱ᠌ᠢᠪᠡᠨ ᠬᠠᠨ ᠬᠤᠷᠢᠮ ᠳ᠋ᠤᠷ ᠵᠠᠯᠠᠭᠳᠠᠵᠤ ᠬᠣᠵᠢᠳ ᠤᠷᠢᠳ ᠮᠣᠷᠢᠯᠠᠨ ᠢᠷᠡᠯᠴᠡᠵᠦ ᠲᠤᠰ ᠲᠤᠰ ᠤ᠋ᠨ ᠤᠯᠤᠰ ᠣᠷᠣᠨ ᠤ᠋ ᠥᠯᠵᠡᠢᠲᠦ ᠲᠠᠯ᠎ᠠ ᠪᠠᠯᠩ  ᠢ᠋ᠶ᠋ᠠᠨ ᠪᠠᠷᠢᠵᠤ ᠪᠠᠶᠠᠰᠤᠯᠴᠠᠬᠤ ᠪᠠᠷ ᠦᠯᠦ ᠪᠠᠷᠠᠨ ᠣᠯᠠᠨ ᠤᠯᠤᠰ ᠤ᠋ᠨ ᠡᠯᠴᠢ ᠶ᠋ᠢᠨ ᠰᠠᠢᠳ ᠲᠦᠰᠢᠮᠡᠳ ᠱᠠᠰᠢᠨ ᠰᠤᠷᠲᠠᠬᠤᠨ ᠤ᠋ ᠡᠲᠡᠭᠡᠳ ᠤᠯᠤᠰ ᠤᠯᠤᠰ ᠤ᠋ᠨ ᠲᠠᠯ᠎ᠠ ᠪᠠᠯᠩ ᠢ᠋ᠶ᠋ᠠᠨ ᠪᠠᠷᠢᠵᠤ ᠮᠠᠨᠳᠤᠭᠰᠠᠨ ᠶᠡᠬᠡ ᠲᠥᠷᠥ ᠶ᠋ᠢᠨ ᠬᠤᠷᠢᠮ ᠨᠠᠢᠷ ᠢ᠋ ᠰᠣᠨᠢᠷᠬᠠᠨ ᠪᠠᠶᠠᠰᠤᠯᠴᠠᠵᠤ ᠲᠤᠰ ᠲᠤᠰ ᠤ᠋ᠨ ᠦᠭᠡ ᠬᠡᠯᠡ ᠳᠠᠭᠤᠤ ᠪᠥᠵᠢᠭ  ᠢ᠋ᠶ᠋ᠡᠨ ᠭᠠᠢᠬᠠᠭᠤᠯᠤᠨ ᠤᠮᠳᠠ ᠢᠳᠡᠭᠡ ᠠᠭᠤᠯᠠ ᠳᠠᠯᠠᠢ ᠮᠡᠲᠦ ᠬᠡᠷᠡᠭᠯᠡᠨ ᠂ ᠭᠡᠷ ᠮᠠᠢᠬᠠᠨ ᠂ ᠤᠷᠲᠤ ᠴᠠᠴᠠᠷ ᠵᠠᠯᠭᠠᠯᠳᠤᠨ ᠂ ᠲᠤᠭ ᠬᠢᠭᠢᠷᠢ ᠨᠠᠮᠢᠷᠠᠨ ᠂ ᠴᠡᠷᠢᠭ ᠠᠷᠠᠳ ᠳᠠᠪᠬᠢᠯᠳᠤᠨ ᠲᠠᠵᠢ ᠮᠠᠩᠨᠤᠰ ᠲᠣᠷᠭ᠎ᠠ ᠳᠤᠷᠳᠤᠩ  ᠢ᠋ᠶ᠋ᠠᠷ ᠴᠢᠮᠡᠭᠰᠡᠨ ᠡᠷ᠎ᠡ ᠡᠮᠡᠰ ᠢᠨᠢᠶᠡᠯᠴᠡᠨ ᠨᠠᠷᠭᠢᠯᠳᠤᠵᠤ ᠪᠥᠬᠡ ᠮᠣᠷᠢ ᠶ᠋ᠢᠨ ᠤᠷᠤᠯᠳᠤᠭᠠᠨ ᠳ᠋ᠤᠷ ᠪᠥᠭᠡᠮᠨᠡᠷᠡᠵᠦ ᠪᠦᠬᠦᠢ ᠳ᠋ᠦ᠍ᠷ ᠬᠠᠭᠠᠨ ᠤ᠋ ᠭᠠᠳᠠᠭᠠᠳᠤ ᠶᠡᠬᠡ ᠣᠷᠳᠣᠨ ᠤ᠋ ᠲᠦᠮᠡᠨ ᠡᠷᠳᠡᠨᠢ ᠶ᠋ᠢᠨ ᠬᠠᠷᠰᠢ ᠳ᠋ᠤᠷ ᠣᠯᠠᠨ ᠤᠯᠤᠰ  ᠠ᠋ᠴᠠ ᠪᠠᠷᠢᠭᠰᠠᠨ ᠡᠳ᠋ ᠡᠷᠳᠡᠨᠢ ᠶ᠋ᠢ ᠵᠢᠭᠰᠠᠭᠠᠨ ᠳᠡᠯᠭᠡᠵᠦ ᠣᠯᠠᠨ ᠳ᠋ᠤᠷ ᠦᠵᠡᠭᠦᠯᠬᠦ  ᠶ᠋ᠢᠨ ᠬᠠᠮᠲᠤ ᠮᠥᠬᠥᠭᠰᠡᠨ ᠰᠥᠩ ᠤᠯᠤᠰ ᠤ᠋ᠨ ᠬᠠᠭᠠᠨ ᠰᠠᠩ ᠤ᠋ᠨ ᠡᠳ᠋ ᠡᠷᠳᠡᠨᠢ ᠶ᠋ᠢ ᠬᠠᠷᠰᠢ ᠳᠦᠭᠦᠷᠡᠩ ᠳᠡᠯᠭᠡᠵᠦ ᠲᠠᠯᠪᠢᠭᠰᠠᠨ ᠲᠤᠯᠠ ᠣᠯᠠᠨ ᠬᠠᠳ ᠂ ᠨᠣᠶᠠᠳ ᠂ ᠰᠠᠢᠳ ᠲᠦᠰᠢᠮᠡᠳ ᠭᠠᠳᠠᠭᠠᠳᠤ ᠳᠣᠲᠣᠭᠠᠳᠤ ᠶ᠋ᠢᠨ ᠬᠦᠨᠳᠦᠲᠦ ᠵᠣᠴᠢᠳ ᠦᠵᠡᠨ ᠰᠣᠨᠢᠷᠬᠠᠮᠤᠢ᠃ ᠣᠯᠠᠨ ᠬᠥᠮᠦᠨ ᠴᠥᠮ ᠪᠡᠶᠡᠰᠦᠨ ᠴᠡᠩᠭᠡᠯᠳᠦᠬᠦᠢ ᠳ᠋ᠦ᠍ᠷ ᠭᠠᠭᠴᠠ ᠴᠢᠨ᠋ᠪᠢ ᠭᠤᠸ᠎ᠠ ᠬᠠᠲᠤᠨ ᠪᠠᠶᠠᠷ ᠦᠭᠡᠢ ᠳ᠋ᠦ᠍ᠷ ᠬᠤᠪᠢᠯᠠᠢ ᠬᠠᠭᠠᠨ ᠭᠠᠢᠬᠠᠨ ᠠᠰᠠᠭᠤᠷᠤᠨ: 《ᠡᠳᠦᠭᠡ ᠮᠥᠷᠡᠨ ᠦ᠌ ᠡᠮᠦᠨᠡᠬᠢ ᠶ᠋ᠢ ᠨᠢᠭᠡᠨᠲᠡ ᠲᠦᠪᠰᠢᠳᠬᠡᠪᠡᠢ᠃ ᠡᠭᠦᠨ ᠡᠴᠡ ᠬᠣᠢᠰᠢ ᠴᠡᠷᠢᠭ ᠲᠡᠢᠨ ᠦ᠌ ᠶᠠᠪᠤᠳᠠᠯ ᠦᠭᠡᠢ ᠪᠣᠯᠪᠠᠢ ᠭᠡᠮᠡᠨ ᠬᠥᠮᠦᠨ ᠪᠦᠬᠦᠨ ᠪᠠᠶᠠᠰᠤᠯᠴᠠᠵᠤ ᠪᠦᠬᠦᠢ ᠳ᠋ᠦ᠍ᠷ ᠬᠠᠲᠤᠨ ᠲᠠ ᠶᠠᠭᠤᠨ ᠳ᠋ᠤᠷ ᠪᠠᠶᠠᠷ ᠦᠭᠡᠢ ᠪᠣᠢ ? 》 ᠬᠡᠮᠡᠪᠡᠰᠦ ᠴᠢᠨ᠋ᠪᠢ ᠭᠤᠸ᠎ᠠ ᠬᠠᠲᠤᠨ ᠶᠠᠭᠠᠷᠠᠨ ᠰᠥᠭᠥᠳᠴᠦ ᠥᠭᠦᠯᠡᠷᠦᠨ : 《ᠭᠡᠷᠭᠡᠢ ᠮᠢᠨᠦ ᠰᠣᠨᠣᠰᠬᠠᠯ ᠢ᠋ᠶ᠋ᠠᠷ ᠡᠷᠲᠡᠨ ᠡᠴᠡ ᠮᠢᠩᠭᠠᠨ ᠣᠨ ᠤ᠋ ᠤᠯᠤᠰ ᠦᠭᠡᠢ ᠬᠡᠮᠡᠮᠦ ᠃ ᠬᠣᠵᠢᠮ ᠮᠢᠨᠦ ᠦᠷ᠎ᠡ ᠬᠡᠦᠬᠡᠳ ᠡᠨᠡ ᠬᠡᠮᠵᠢᠶᠡᠨ ᠳ᠋ᠦ᠍ᠷ ᠬᠦᠷᠬᠦ ᠦᠭᠡᠢ ᠪᠥᠭᠡᠰᠦ ᠵᠠᠪᠰᠢᠶᠠᠨ ᠪᠣᠯᠠᠢ᠃ ᠪᠠᠶᠠᠷᠯᠠᠬᠤ ᠰᠡᠳᠬᠢᠯ ᠬᠠᠮᠢᠭ᠎ᠠ ᠲᠥᠷᠥᠭᠳᠡᠬᠦ ᠠᠵᠢ 》ᠭᠡᠮᠡᠨ ᠬᠠᠷᠢᠭᠤᠯᠪᠠ᠃ ᠬᠠᠭᠠᠨ ᠤ᠋ ᠵᠠᠷᠯᠢᠭ ᠢ᠋ᠶ᠋ᠠᠷ ᠲᠡᠳᠡᠭᠡᠷ ᠡᠳ᠋ ᠡᠷᠳᠡᠨᠢ ᠶ᠋ᠢ ᠨᠢᠭᠡᠨ ᠵᠡᠷᠭᠡ ᠲᠣᠭᠣᠷᠢᠨ ᠦᠵᠡᠭᠡᠳ ᠣᠷᠳᠣᠨ ᠳ᠋ᠠᠭᠠᠨ ᠪᠤᠴᠠᠪᠠᠢ ᠃ ᠬᠠᠭᠠᠨ ᠳᠣᠲᠣᠭᠠᠳᠤ ᠵᠠᠷᠤᠴᠠ ᠪᠠᠨ ᠠᠷᠤ ᠠ᠋ᠴᠠ ᠢᠨᠦ ᠶᠠᠪᠤᠭᠤᠯᠵᠤ ᠬᠠᠲᠤᠨ ᠶᠠᠭᠤᠨ ᠢ᠋ ᠠᠪᠰᠤᠭᠠᠢ ᠬᠡᠮᠡᠮᠦᠢ ᠭᠡᠮᠡᠨ ᠠᠰᠠᠭᠤᠯᠭᠠᠬᠤᠢ ᠳ᠋ᠤᠷ ᠬᠠᠲᠤᠨ ᠥᠴᠢᠷᠦᠨ :《ᠰᠥᠩ ᠤᠯᠤᠰ ᠤ᠋ᠨ ᠡᠵᠡᠨ ᠡᠳᠡᠭᠡᠷ ᠢ᠋ ᠦᠷ᠎ᠡ ᠬᠡᠦᠬᠡᠳ ᠲᠡᠭᠡᠨ ᠴᠤᠭᠯᠠᠭᠤᠯᠵᠤ ᠥᠭᠭᠦᠭᠰᠡᠨ ᠢᠨᠤ ᠪᠤᠶᠤ ᠃ ᠬᠠᠮᠠᠭᠠᠯᠠᠵᠤ ᠡᠰᠡ ᠴᠢᠳᠠᠭᠰᠠᠨ ᠳ᠋ᠤᠷ ᠮᠠᠨ  ᠤ᠋ ᠬᠢ ᠪᠣᠯᠪᠠᠢ᠃ ᠨᠠᠳᠤᠷ ᠬᠠᠮᠢᠭ᠎ᠠ ᠠ᠋ᠴᠠ ᠨᠢᠭᠡ ᠵᠦᠢᠯ ᠢ᠋ ᠴᠦ᠍ ᠠᠪᠬᠤ ᠤᠷᠮ᠎ᠠ ᠪᠣᠢ ᠠᠵᠢ  》ᠬᠡᠮᠡᠪᠡᠢ ᠃ ᠰᠠᠢᠳ ᠲᠦᠰᠢᠮᠡᠳ ᠡᠭᠦᠨ ᠢ᠋ ᠰᠣᠨᠣᠰᠤᠭᠠᠳ ᠴᠥᠮ ᠴᠢᠩ ᠭᠡᠵᠦ ᠬᠢᠴᠢᠶᠡᠩᠭᠦᠢᠯᠡᠪᠡ᠃  
       ᠪᠠᠶᠠᠨ ᠶᠤᠸᠠᠨᠱᠤᠸᠠᠢ ᠳᠡᠭᠡᠳᠦ ᠨᠡᠢᠰᠯᠡᠯ ᠡᠴᠡ ᠪᠤᠴᠠᠵᠤ ᠢᠷᠡᠪᠡᠰᠦ ᠬᠤᠪᠢᠯᠠᠢ ᠬᠠᠭᠠᠨ ᠪᠠᠶᠠᠨ ᠤ᠋ ᠭᠠᠷ ᠢ᠋ ᠪᠠᠷᠢᠵᠤ ᠵᠦᠳᠡᠭᠡᠪᠡ ᠭᠡᠮᠡᠨ ᠪᠣᠯᠭᠣᠭᠠᠭᠰᠠᠨ ᠳ᠋ᠤᠷ ᠪᠠᠶᠠᠨ ᠮᠥᠷᠭᠥᠵᠦ ᠠᠢᠯᠠᠳᠬᠠᠷᠤᠨ : 《ᠡᠵᠡᠨ ᠦ᠌ ᠪᠣᠳᠣᠵᠤ ᠲᠣᠭᠲᠠᠭᠠᠭᠰᠠᠨ ᠳᠡᠭᠡᠷ᠎ᠡ ᠠᠵᠤᠤ ᠨᠠᠷ ᠤ᠋ᠨ ᠬᠦᠴᠦᠨ ᠳ᠋ᠦ᠍ᠷ ᠶᠡᠬᠡ ᠦᠢᠯᠡ ᠪᠦᠲᠦᠪᠡᠢ ᠲᠦᠰᠢᠮᠡᠯ ᠨᠠᠳᠤᠷ ᠶᠠᠮᠠᠷ ᠡᠷᠳᠡᠮ ᠴᠢᠳᠠᠪᠤᠷᠢ ᠪᠣᠢ ᠠᠵᠢ  》ᠭᠡᠮᠡᠨ ᠡᠵᠡᠨ ᠦ᠌ ᠬᠡᠰᠢᠭ ᠲᠣᠷ ᠮᠥᠷᠭᠥᠪᠡ᠃ 
       ᠪᠠᠶᠠᠨ ᠶᠤᠸᠠᠨᠱᠤᠸᠠᠢ ᠰᠥᠩ ᠤᠯᠤᠰ ᠢ᠋ ᠲᠦᠪᠰᠢᠳᠬᠡᠬᠦᠢ ᠳ᠋ᠦ᠍ᠷ ᠬᠢᠴᠢᠶᠡᠩᠭᠦᠢᠯᠡᠨ ᠴᠢᠷᠮᠠᠢᠵᠤ ᠶᠡᠬᠡ ᠪᠠᠭ᠎ᠠ ᠲᠡᠢᠨ ᠪᠠᠢᠯᠳᠤᠭᠠᠨ ᠬᠢᠬᠦ ᠳ᠋ᠡᠭᠡᠨ ᠪᠡᠶ᠎ᠡ ᠪᠡᠷ ᠣᠯᠠᠨᠲᠠ ᠪᠠᠢᠴᠠᠭᠠᠨ ᠠᠰᠠᠭᠤᠵᠤ ᠠᠷᠪᠠᠨ ᠬᠤᠪᠢ ᠶ᠋ᠢᠨ ᠪᠠᠲᠤᠯᠠᠭ᠎ᠠ ᠦᠭᠡᠢ ᠪᠥᠭᠡᠰᠦ ᠴᠡᠷᠢᠭ ᠬᠡᠷᠡᠭᠯᠡᠬᠦ ᠦᠭᠡᠢ ᠂ ᠪᠣᠯᠬᠤ ᠳᠣᠳᠣᠮ ᠠᠷᠭ᠎ᠠ ᠤᠬᠠᠭᠠᠨ ᠢ᠋ᠶ᠋ᠠᠷ ᠳᠠᠢᠰᠤᠨ ᠢ᠋ ᠲᠠᠢᠯᠵᠤ ᠴᠡᠷᠢᠭ ᠠᠷᠠᠳ ᠢ ᠬᠠᠢᠷᠠᠯᠠᠨ ᠵᠠᠩᠵᠤᠨ ᠲᠦᠰᠢᠮᠡᠳ ᠲᠣᠷ ᠥᠷᠥᠰᠢᠶᠡᠩᠭᠦᠢ ᠲᠤᠯᠠ ᠵᠠᠩᠵᠤᠨ ᠲᠦᠰᠢᠮᠡᠳ ᠴᠥᠮ ᠰᠠᠬᠢᠭᠤᠯᠰᠤᠨ ᠮᠡᠲᠦ ᠦᠵᠡᠵᠦ ᠬᠢᠴᠢᠶᠡᠮᠦᠢ᠃ ᠲᠥᠷᠥ ᠳ᠋ᠦ᠍ᠷ ᠪᠤᠴᠠᠬᠤ ᠳ᠋ᠠᠭᠠᠨ ᠨᠣᠮ ᠪᠢᠴᠢᠭ ᠬᠡᠳᠦᠨ ᠪᠣᠳᠢ᠂ ᠬᠤᠪᠴᠠᠰᠤ ᠬᠡᠳᠦᠨ ᠵᠠᠬ᠎ᠠ ᠠ᠋ᠴᠠ ᠥᠭᠡᠷ᠎ᠡ ᠶᠠᠭᠤ ᠴᠤ᠌ ᠦᠭᠡᠢ ᠬᠡᠮᠡᠮᠦ᠃ 
       ᠬᠤᠷᠢᠮ ᠨᠠᠢᠷ ᠨᠠᠷᠭᠢᠶᠠᠨᠲᠠᠢ ᠶᠠᠪᠤᠭᠳᠠᠵᠤ ᠡᠴᠦᠰᠯᠡᠬᠦᠢ ᠳ᠋ᠦ᠍ᠷ ᠬᠤᠪᠢᠯᠠᠢ ᠬᠠᠭᠠᠨ ᠣᠯᠠᠨ ᠬᠠᠳ ᠨᠣᠶᠠᠳ ᠵᠠᠩᠵᠤᠨ ᠲᠦᠰᠢᠮᠡᠳ ᠲᠣᠷ ᠬᠠᠨᠤᠮᠵᠢᠲᠠᠢ ᠱᠠᠩ ᠬᠡᠰᠢᠭ ᠬᠦᠷᠲᠡᠭᠡᠵᠦ ᠭᠠᠪᠢᠶ᠎ᠠ ᠪᠠᠢᠭᠤᠯᠤᠭᠰᠠᠳ ᠲᠤᠷ ᠵᠡᠷᠭᠡ ᠡᠷᠬᠢᠮ ᠨᠡᠮᠡᠵᠦ ᠬᠦᠨᠳᠦᠳᠬᠡᠨ ᠬᠡᠷᠡᠭᠯᠡᠪᠡ᠃  
       ᠪᠣᠭᠳᠠ ᠡᠵᠡᠨ ᠴᠢᠩᠭᠢᠰ ᠬᠠᠭᠠᠨ ᠤ᠋ ᠤᠯᠠ ᠮᠥᠷ ᠢ᠋ ᠥᠭᠡᠳᠡᠢ ᠬᠠᠭᠠᠨ ᠂ ᠬᠥᠶᠦᠭ ᠬᠠᠭᠠᠨ ᠂ ᠮᠥᠩᠬᠡ ᠬᠠᠭᠠᠨ ᠵᠢᠷᠤᠮᠯᠠᠨ ᠰᠠᠬᠢᠵᠤ ᠬᠤᠪᠢᠯᠠᠢ ᠰᠡᠴᠡᠨ ᠬᠠᠭᠠᠨ ᠤ᠋ ᠪᠡᠶ᠎ᠡ ᠳ᠋ᠦ᠍ᠷ ᠬᠦᠷᠴᠦ ᠰᠥᠩ ᠢ᠋ ᠮᠥᠬᠥᠭᠡᠵᠦ ᠵᠦᠩ ᠶᠤᠸᠠᠨ ᠤ᠋ ᠭᠠᠵᠠᠷ ᠶᠡᠬᠡ ᠶᠤᠸᠠᠨ ᠤ᠋ ᠮᠠᠨᠳᠤᠭᠰᠠᠨ ᠲᠥᠷᠥ ᠶ᠋ᠢ ᠪᠠᠢᠭᠤᠯᠤᠭᠰᠠᠨ ᠬᠢᠵᠠᠭᠠᠷ ᠦᠭᠡᠢ ᠶᠡᠬᠡ ᠪᠠᠶᠠᠷ ᠲᠤᠷ ᠨᠡᠢᠯᠡᠭᠦᠯᠦᠨ ᠲᠤᠰ ᠰᠤᠳᠤᠷ ᠤ᠋ᠨ ᠲᠡᠭᠦᠰᠬᠡᠯ ᠪᠣᠯᠭᠠᠭᠠᠰᠤᠭᠠᠢ᠃  
              ᠰᠠᠢᠨ ᠤᠴᠠᠷᠠᠯ          
              ᠰᠤᠯᠠ ᠳᠠᠭᠤᠯᠠᠯ             
                        ᠮᠠᠨ ᠵᠢᠶᠠᠩ ᠬᠣᠩ  
      ᠵᠢᠨ ᠯᠢᠩ ⑤ ᠳ᠋ᠦ᠍ᠷ ᠡᠷᠲᠡᠨ ᠢ᠋ ᠰᠠᠨᠠᠭᠠᠯᠵᠠᠭᠰᠠᠨ ᠠᠨᠤ                  
                             -  ᠰᠡᠳᠤᠯᠡ  
      ᠵᠢᠷᠭᠤᠭᠠᠨ ᠲᠥᠷᠥ ᠶ᠋ᠢᠨ ᠪᠠᠶᠠᠨ ᠡᠷᠬᠢᠮ  
      ᠵᠢᠷᠪᠢᠯᠵᠡᠨ ᠥᠩᠭᠡᠷᠡᠬᠦ ᠬᠠᠪᠤᠷ ᠪᠠᠷ᠎ᠠ ᠰᠤᠷᠠᠭ ᠦᠭᠡᠢ ᠲᠠᠯᠠᠭᠠᠷ ᠠᠯᠮᠠᠢᠷᠠᠮᠤᠢ  
         ᠲᠠᠩᠰᠤᠭ ᠰᠠᠢᠬᠠᠨ ᠠᠭᠤᠯᠠ ᠤᠰᠤ 
         ᠲᠠᠨᠢᠭᠳᠠᠰᠢ ᠦᠭᠡᠢ ᠬᠤᠪᠢᠷᠠᠪᠠᠢ 
      ᠦᠸᠠᠩ ᠰᠢᠶᠧ ⑥  ᠲᠠᠩᠬᠢᠮ ᠤ᠋ᠨ ᠬᠣᠣᠰ ᠬᠠᠷᠢᠶᠠᠴᠠᠢ
      ᠡᠦ᠋ ᠢ ⑦ ᠭᠤᠳᠤᠮᠵᠢ ᠳ᠋ᠤᠷ ᠲᠠᠨᠢᠯᠴᠠᠭᠰᠠᠨ ᠮᠡᠲᠦ     
         ᠤᠢᠳᠬᠠᠷᠲᠤ ᠰᠥᠨᠢ ᠬᠣᠲᠠ ᠶ᠋ᠢ ᠴᠣᠬᠢᠬᠤ ᠴᠠᠯᠭᠢᠶᠠᠨ  
         ᠤᠶᠠᠬᠠᠨ ᠬᠠᠪᠤᠷ ᠤ᠋ᠨ ᠦᠶᠡᠷ ᠰᠢᠷᠦᠭᠦᠨ ᠠᠵᠢ 
      ᠥᠩᠭᠡᠷᠡᠭᠰᠡᠨ ᠢ ᠪᠤᠳᠤᠷᠤᠨ 
      ᠦᠢᠯᠡ ᠶ᠋ᠢᠨ ᠦᠷ᠎ᠡ ᠵᠣᠪᠠᠯᠠᠩ  
         ᠬᠠᠭᠤᠴᠢᠨ ᠤᠯᠤᠰ ᠢ᠋ ᠰᠡᠳᠬᠢᠷᠦᠨ  
         ᠬᠣᠴᠣᠷᠤᠭᠰᠠᠨ ᠶᠠᠭᠤᠮ᠎ᠠ ᠶᠠᠭᠤ ᠪᠣᠢ ? 
      ᠬᠡᠭᠡᠷ᠎ᠡ ᠶ᠋ᠢᠨ ᠤᠨᠢᠶᠠᠷ 
      ᠬᠥᠬᠡ ᠡᠪᠡᠰᠦ 
      ᠬᠡᠯᠪᠡᠢᠬᠦ ᠨᠡᠷᠡᠨ᠎ᠡ ᠰᠠᠮᠠᠭᠤᠷᠠᠨ ᠨᠢᠰᠬᠦ ᠬᠡᠷᠢᠶ᠎ᠡ    
         ᠴᠠᠩᠲᠤ ᠮᠣᠳᠣ ᠳᠤᠲᠠᠮᠠᠭ ᠳᠠᠭᠤᠯᠠᠯ   
         ᠴᠠᠷᠴᠠᠭᠤ ᠰᠢᠭᠦᠳᠡᠷᠢ ᠬᠦᠢᠲᠡᠨ  
         ᠴᠢᠮᠡᠭ ᠡᠩᠭᠡᠰᠬᠡ ᠶ᠋ᠢᠨ ᠬᠤᠳᠳᠤᠭ ᠨᠤᠷᠠᠪᠠᠢ    
         ᠴᠢᠨᠳᠠᠢ ᠭᠦᠷᠡᠯᠵᠡᠭᠡᠨ᠎ᠡ ᠤᠬᠢᠯᠠᠮᠤᠢ 
      ᠡᠴᠦᠰ ᠲᠡᠭᠡᠨ 
      ᠡᠮᠦᠨᠡᠲᠦ ᠠᠭᠤᠯᠠ ᠬᠥᠬᠡ ᠪᠡᠷ ᠢ᠋ᠶ᠋ᠡᠨ 
      ᠴᠢᠨ ᠬᠤᠸᠠᠢ ᠮᠥᠷᠡᠨ ᠴᠠᠢᠷᠠᠮᠤᠢ ᠂    

- - - -  
ᠲᠠᠢᠯᠪᠤᠷᠢ: 
① ᠴᠢᠯᠠᠭᠤᠨ ᠬᠣᠲᠠ:ᠡᠳᠦᠭᠡᠬᠢ ᠨᠠᠨᠵᠢᠩ ᠬᠣᠲᠠ᠃ ᠡᠮᠦᠨᠡᠲᠦ ᠰᠥᠩ ᠦ᠋ᠨ ᠨᠡᠭᠦᠳᠡᠯ ᠦ᠋ᠨ ᠰᠡᠷᠢᠭᠦᠨ ᠤᠷᠲᠤ ᠪᠠᠢᠪᠠ᠃ 
② ᠰᠠᠳᠣᠯᠠ: ᠬᠥᠮᠦᠨ  ᠦ᠌ ᠨᠡᠷ᠎ᠡ ᠃ ᠮᠣᠩᠭᠣᠯ ᠤ᠋ᠨ ᠲᠡᠰᠢᠮᠡᠨ ᠣᠪᠣᠭᠲᠠᠨ ᠃ ᠶᠤᠸᠠᠨ ᠤᠯᠤᠰ ᠤ᠋ᠨ ᠠᠯᠳᠠᠷᠲᠤ ᠰᠢᠯᠦᠭᠴᠢᠨ ᠃ ᠲᠡᠭᠦᠨ ᠤ 《ᠶᠠᠨ ᠮᠧᠨ ᠦ᠌ ᠬᠤᠷᠢᠶᠠᠩᠭᠤᠢ 》ᠬᠡᠮᠡᠬᠦ ᠰᠢᠯᠦᠭ ᠳᠠᠭᠤᠯᠠᠯ ᠮᠠᠰᠢ ᠬᠦᠨᠳᠦᠳᠬᠡᠭᠳᠡᠨ ᠤᠯᠠᠮᠵᠢᠯᠠᠭᠳᠠᠵᠤ ᠪᠣᠢ᠃ 
③ ᠦ ᠂ ᠴᠦ : ᠡᠷᠲᠡᠨ ᠦ᠌ ᠦ ᠤᠯᠤᠰ ᠴᠦ ᠤᠯᠤᠰ ᠤ᠋ᠨ ᠭᠠᠵᠠᠷ ᠢ᠋ ᠵᠢᠭᠠᠪᠠ᠃ ᠡᠳᠦᠭᠡ ᠬᠥᠬᠡ ᠮᠥᠷᠡᠨ  ᠦ᠌ ᠡᠮᠦᠨᠡᠬᠢ ᠶ᠋ᠢ ᠴᠥᠮ ᠦ ᠂ ᠴᠦ ᠬᠡᠮᠡᠮᠦᠢ᠂ 
④ ᠵᠢᠷᠭᠤᠭᠠᠨ ᠲᠥᠷᠥ : ᠦ ᠤᠯᠤᠰ ᠂ ᠵᠡᠭᠦᠨ  ᠦ᠌ ᠂ ᠡᠮᠦᠨᠡᠲᠦ ᠰᠥᠩ ᠂ ᠴᠢ ᠂ ᠯᠢᠶᠠᠩ ᠂ ᠴᠸᠨ ᠴᠥᠮ ᠵᠢᠶᠠᠨ ᠺᠠᠩ (  ᠨᠠᠨᠵᠢᠩ ) ᠳ᠋ᠤᠷ ᠨᠡᠢᠰᠯᠡᠪᠡ᠃ 
⑤  ᠵᠢᠨ ᠯᠢᠩ  -  ᠨᠡᠨᠵᠢᠩ ᠬᠣᠲᠠ ᠶ᠋ᠢᠨ ᠥᠭᠡᠷ᠎ᠡ ᠨᠡᠷ᠎ᠡ᠃ 
⑥ ᠦᠸᠠᠩ ᠰᠢᠶᠧ ᠲᠠᠩᠬᠢᠮ - ᠵᠡᠭᠦᠨ  ᠦ᠌ ᠤᠯᠤᠰ ᠤ᠋ᠨ ᠥᠸᠡᠩ ᠂ ᠰᠢᠶᠧ ᠨᠠᠨ ᠤ᠋ ᠣᠷᠳᠣᠨ᠃ 
⑦ ᠦ ᠢ ᠭᠤᠳᠤᠮᠵᠢ - ᠭᠤᠷᠪᠠᠨ ᠤᠯᠤᠰ ᠤ᠋ᠨ ᠦᠶ᠎ᠡ ᠶ᠋ᠢᠨ ᠡᠦ᠋ ᠤᠯᠤᠰ ᠤ᠋ᠨ ᠴᠡᠷᠢᠭ ᠦ᠋ᠨ ᠪᠠᠭᠤᠴᠠ᠃ ᠦ ᠤᠯᠤᠰ ᠤ᠋ᠨ ᠴᠡᠷᠢᠭ ᠬᠠᠷ᠎ᠠ ᠬᠤᠪᠴᠠᠰᠤ ᠲᠠᠢ ᠲᠤᠯᠠ ᠦ ᠡᠢ ᠨᠡᠷ᠎ᠡ ᠲᠡᠢ ᠪᠣᠯᠪᠠᠢ ᠃   
     
        ( ᠥᠪᠥᠷ ᠮᠣᠩᠭᠣᠯ ) 
       ᠰᠢᠨ᠎ᠡ ᠳᠠᠩᠰᠠᠯᠠᠭᠰᠠᠨ 1  ᠳ᠋ᠦ᠍ᠭᠡᠷ   
   
                   ᠬᠥᠬᠡ ᠰᠤᠳᠤᠷ ᠤ᠋ᠨ ᠵᠠᠯᠭᠠᠮᠵᠢ                  
                                     ᠮᠠᠢᠯᠠᠰᠤ ᠵᠣᠬᠢᠶᠠᠪᠠ 
           ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ 
           ᠥᠪᠥᠷ ᠮᠣᠩᠭᠣᠯ ᠤ᠋ᠨ ᠰᠢᠨᠬᠤᠸᠠ ᠪᠢᠴᠢᠭ ᠦ᠋ᠨ ᠳᠡᠯᠭᠡᠭᠦᠷ ᠳᠠᠷᠠᠬᠭᠠᠪᠠ᠃ 
           ᠥᠪᠥᠷ ᠮᠣᠩᠭᠣᠯ ᠤ᠋ᠨ ᠰᠢᠨᠬᠤᠸᠠ ᠬᠡᠪᠯᠡᠬᠦ  ᠦᠢᠯᠡᠳᠪᠦᠷᠢ ᠬᠡᠪᠯᠡᠪᠡ 
           1992 ᠣᠨ ᠤ᠋ 10 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ 
           1993 ᠣᠨ ᠤ᠋ 5 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ     
                            ᠳᠡᠪᠲᠡᠷ ᠪᠦᠷᠢ ᠄ 5.55 ᠲᠥᠭᠥᠷᠢᠭ