ᠠᠯᠲᠠᠨ ᠰᠢᠷᠭᠠᠯ ᠵᠠᠯᠠᠭᠤ ᠨᠠᠰᠤ - ᠸ ᠂ ᠠᠭᠤᠯᠠАлтан шаргал залуу нас-В ,Уул
ᠠᠯᠲᠠᠨ ᠰᠢᠷᠭᠠᠯ ᠵᠠᠯᠠᠭᠤ ᠨᠠᠰᠤ
ᠵᠣᠬᠢᠶᠠᠭᠴᠢ ᠸ᠂ ᠠᠭᠤᠯᠠ
ᠤᠶᠠᠩᠭᠠᠯᠠᠭᠴᠢ᠄ ᠠᠯᠢᠶ᠎ᠠ
ᠬᠥᠮᠦᠰ ᠶᠡᠷᠦ ᠡᠴᠡ ᠵᠠᠯᠠᠭᠤ ᠨᠠᠰᠤ ᠶ᠋ᠢ ᠴᠠᠴᠩ ᠬᠤᠸᠠᠷ ᠮᠡᠲᠦ ᠭᠤᠸ᠎ᠠ ᠰᠠᠢᠬᠠᠨ ᠰᠢᠵᠢᠷ ᠠᠯᠲᠠ ᠰᠢᠭ᠋ ᠡᠷᠬᠢᠮ ᠨᠠᠨᠳᠢᠨ ᠭᠡᠵᠦ ᠦᠵᠡᠳᠡᠭ᠂ ᠤᠴᠢᠷ ᠨᠢ ᠵᠠᠯᠠᠭᠤ ᠨᠠᠰᠤ ᠪᠣᠯ ᠠᠮᠢᠵᠢᠷᠠᠯ ᠤ᠋ᠨ ᠬᠦᠴᠦᠨ ᠪᠠᠳᠠᠷᠠᠵᠤ᠂ ᠬᠢᠵᠠᠭᠠᠷ ᠦᠭᠡᠢ ᠬᠦᠰᠡᠯ ᠡᠷᠡᠮᠡᠯᠵᠡᠯ ᠳ᠋ᠦ᠍ ᠲᠡᠮᠡᠦᠯᠦᠨ᠂ ᠮᠣᠬᠣᠰᠢ ᠦᠭᠡᠢ ᠢᠳᠡ ᠬᠦᠴᠦ ᠡᠷ᠎ᠡ ᠴᠢᠳᠠᠯ ᠡᠷᠴᠢᠯᠡᠭᠰᠡᠨ ᠦᠶ᠎ᠡ ᠶᠦ᠍ᠮ᠂ ᠨᠠᠨᠳᠢᠨ ᠴᠠᠭ ᠢ᠋ ᠵᠠᠪᠳᠤᠨ ᠡᠰᠡ ᠴᠢᠳᠠᠪᠠᠰᠤ ᠨᠠᠰᠤ ᠵᠢᠯ ᠭᠡᠭᠴᠢ ᠬᠥᠮᠦᠨ ᠢ᠋ ᠣᠭᠲᠣᠬᠠᠨ ᠴᠤ᠌ ᠬᠦᠯᠢᠶᠡᠬᠦ ᠦᠭᠡᠢ ᠶᠦ᠍ᠮ ᠪᠢᠯᠡ᠂ ᠲᠡᠦᠬᠡᠨ ᠳᠡᠭᠡᠷ᠎ᠡ ᠮᠠᠰᠢ ᠣᠯᠠᠨ ᠡᠷᠳᠡᠮᠲᠡᠨ ᠮᠡᠷᠭᠡᠳ ᠵᠠᠯᠠᠭᠤ ᠨᠠᠰᠤᠨ ᠳ᠋ᠤ᠌ ᠪᠠᠨ ᠰᠢᠷᠭᠠᠭᠤ ᠬᠠᠲᠠᠭᠤᠵᠢᠯᠲᠠᠢ ᠪᠠᠷ ᠴᠢᠷᠮᠠᠢᠨ ᠰᠤᠷᠤᠯᠴᠠᠵᠤ᠂ ᠠᠯᠢᠪᠠ ᠬᠠᠷᠰᠢ ᠰᠠᠭᠠᠳ ᠲᠠᠢ ᠡᠷᠡᠰ ᠬᠠᠲᠠᠭᠤ ᠲᠡᠮᠡᠴᠡᠪᠡᠯ᠂ᠮᠡᠳᠡᠯᠭᠡ ᠶ᠋ᠢᠨ ᠳᠠᠯᠠᠢ ᠠ᠋ᠴᠠ ᠠᠮᠢ ᠨᠠᠰᠤᠨ ᠤ᠋ ᠮᠣᠳᠣ ᠪᠠᠨ ᠮᠥᠩᠬᠡ ᠨᠣᠭᠣᠭᠠᠷᠠᠭᠣᠯᠠᠠᠣ ᠰᠢᠮ᠎ᠡ ᠲᠡᠵᠢᠭᠡᠯ ᠢ᠋ ᠲᠠᠰᠤᠷᠠᠯᠲᠠ ᠦᠭᠡᠢ ᠬᠦᠷᠲᠡᠵᠦ ᠪᠠᠢᠳᠠᠭ ᠠ᠋ᠴᠠ ᠡᠴᠦᠰ ᠲᠡᠭᠡᠨ ᠪᠣᠯ ᠭᠡᠷᠡᠯ ᠰᠠᠴᠤᠷᠠᠩᠭᠤᠢ ᠵᠠᠮ ᠢ᠋ ᠨᠡᠭᠡᠭᠡᠵᠦ᠂ ᠲᠦᠭ ᠲᠦᠮᠡᠨ ᠡᠷᠡᠯᠬᠡᠭᠯᠡᠨ ᠴᠢᠷᠮᠠᠢᠭᠰᠠᠳ ᠤ᠋ᠨ ᠢ᠋ᠶ᠋ᠠᠨ ᠳᠤᠮᠳᠠ ᠬᠣᠰᠢᠭᠤᠷᠠᠨ᠂ ᠵᠠᠯᠠᠭᠤ ᠨᠠᠰᠤᠨ ᠤ᠋ ᠪᠠᠨ ᠭᠡᠷᠡᠯ ᠰᠠᠴᠤᠷᠠᠩᠭᠤᠢ ᠳᠠᠭᠤᠯᠠᠯ ᠢ᠋ ᠪᠢᠴᠢᠭᠯᠡᠭᠰᠡᠨ ᠶᠦᠮ᠃
ᠵᠠᠯᠠᠭᠤᠴᠤᠳ ᠮᠢᠨᠢ ᠣᠳᠣᠬᠠᠨ ᠤ᠋ ᠲᠣᠭᠠᠴᠢᠯᠠᠭᠰᠠᠨ ᠶᠢᠷᠲᠢᠨᠴᠦ ᠶ᠋ᠢᠨ ᠳᠤᠮᠳᠠ ᠮᠡᠳᠡᠯᠭᠡ ᠮᠡᠷᠭᠡᠵᠢᠯ ᠮᠡᠳᠡᠭᠡ ᠵᠠᠩᠭᠢ ᠨᠢᠰᠬᠦ ᠮᠡᠲᠦ ᠲᠦᠷᠭᠡᠨ ᠬᠥᠭᠵᠢᠵᠦ ᠪᠠᠢᠭ᠎ᠠ ᠰᠢᠨ᠎ᠡ ᠡᠷᠡᠨ ᠦ᠌ ᠪᠣᠯᠪᠠᠰᠤᠨ ᠰᠠᠢᠬᠠᠨ ᠴᠠᠭ ᠲᠣᠬᠢᠶᠠᠯ ᠢ᠋ ᠡᠵᠡᠮᠳᠡᠨ ᠠᠪᠴᠤ᠂ ᠮᠡᠷᠡᠢᠨ ᠴᠢᠷᠮᠠᠢᠬᠤ ᠴᠢᠬᠤᠯᠠ ᠲᠠᠢ ᠶᠤᠮ᠃ ᠬᠥᠮᠦᠨ ᠳ᠋ᠦ᠍ ᠮᠡᠳᠡᠯᠭᠡ ᠦᠭᠡᠢ ᠨᠢ ᠶᠠᠭ ᠯᠠ ᠰᠢᠪᠠᠭᠤᠨ ᠳ᠋ᠤ᠌ ᠳᠠᠯᠠᠪᠴᠢ ᠦᠭᠡᠢ ᠮᠡᠲᠦ᠂ ᠵᠠᠯᠠᠭᠤ ᠨᠠᠰᠤ ᠪᠣᠯ ᠮᠡᠳᠡᠯᠭᠡ ᠡᠵᠡᠮᠰᠢᠨ᠂ ᠣᠶᠤᠨ ᠪᠢᠯᠢᠭ ᠦ᠋ᠨ ᠵᠢᠮᠢᠰ ᠢ᠋ ᠰᠠᠭᠤᠯᠭᠠᠬᠤ ᠠᠯᠲᠠᠨ ᠰᠢᠷᠭᠠᠯ ᠦᠶ᠎ᠡ ᠮᠥᠨ᠂ ᠪᠠᠰᠠ ᠴᠤ᠌ ᠰᠤᠷᠴᠤ ᠡᠵᠡᠮᠰᠢᠭᠡᠳ ᠴᠢᠳᠠᠪᠤᠷᠢᠲᠠᠨ ᠪᠣᠯᠠᠠᠣ ᠶ᠋ᠢᠨ ᠵᠠᠩᠭᠢᠯᠠᠭ᠎ᠠ ᠶ᠋ᠢᠨ ᠦᠶ᠎ᠡ ᠮᠥᠨ᠂ ᠵᠠᠯᠠᠭᠤᠴᠤᠳ ᠬᠡᠷᠪᠡ ᠰᠢᠨᠳᠠᠰᠤ ᠬᠠᠲᠠᠭᠤ᠂ ᠡᠷᠴᠢ ᠵᠣᠷᠢᠭ ᠢ᠋ ᠪᠠᠳᠠᠷᠠᠭᠤᠯᠤᠨ ᠴᠢᠷᠮᠠᠢᠪᠠᠯ᠂ ᠴᠢᠨᠦ ᠥᠭᠡᠳᠡ ᠢᠯᠠᠯᠲᠠ ᠶ᠋ᠢᠨ ᠰᠠᠢᠬᠠᠨ ᠤᠯᠠᠪᠢᠷ ᠴᠠᠴᠩ ᠤ᠋ᠳ ᠥᠩᠭᠡ ᠢᠯᠭᠠᠷᠠᠨ ᠳᠡᠯᠭᠡᠷᠡᠬᠦ ᠨᠢ ᠳᠠᠮᠵᠢᠭ ᠦᠭᠡᠢ᠃
ᠠᠯᠲᠠ ᠠ᠋ᠴᠠ ᠴᠤᠬᠠᠭ ᠵᠠᠯᠠᠭᠤ ᠨᠠᠰᠤ ᠪᠠᠨ ᠪᠢᠳᠡ ᠪᠦᠬᠦᠨ ᠬᠢᠮᠠᠭᠠᠳᠠᠵᠤ᠂ ᠬᠠᠢᠷᠠᠯᠠᠵᠤ᠂ ᠨᠠᠨᠳᠢᠩᠨᠠᠵᠤ ᠶᠠᠪᠤᠵᠠᠭᠠᠶ᠎ᠠ᠂ ᠰᠤᠷᠤᠭᠰᠠᠨ ᠮᠡᠳᠡᠯᠭᠡ ᠪᠡᠨ ᠬᠡᠷᠡᠭᠯᠡᠵᠦ ᠴᠡᠴᠡᠭᠯᠡᠨ ᠬᠥᠭᠵᠢᠭᠡ ᠡᠬᠡ ᠤᠯᠤᠰ ᠤ᠋ᠨ ᠢ᠋ᠶ᠋ᠠᠨ ᠬᠠᠮᠲᠤ ᠶ᠋ᠢᠨ ᠠᠯᠤᠰ ᠢᠷᠡᠭᠡᠳᠦᠢ ᠶ᠋ᠢᠨ ᠰᠠᠷᠠᠭᠤᠯ ᠳᠠᠷᠳᠠᠩ ᠵᠠᠮ ᠳᠡᠭᠡᠷ᠎ᠡ ᠨᠡᠩ ᠥᠩᠭᠡ ᠢᠯᠭᠠᠷᠠᠮ᠎ᠠ ᠰᠣᠳᠣᠨ ᠰᠠᠢᠬᠠᠨ ᠰᠢᠨ᠎ᠡ ᠵᠢᠷᠤᠭ ᠲᠥᠰᠦᠯ ᠢ᠋ ᠲᠥᠯᠥᠪᠯᠡᠨ ᠵᠣᠬᠢᠶᠠᠵᠤ ᠠᠯᠤᠰ ᠢᠷᠡᠭᠡᠳᠦᠢ ᠳ᠋ᠦ᠍ ᠪᠡᠨ ᠪᠠᠲᠤ ᠢᠲᠡᠭᠡᠯᠲᠡᠢ ᠠᠯᠬᠤᠭ᠎ᠠ ᠨᠢᠭᠡᠲᠡᠢ ᠪᠡᠷ ᠭᠠᠷ ᠭᠠᠷ ᠢ᠋ᠶ᠋ᠠᠨ ᠬᠣᠯᠪᠣᠯᠴᠠᠨ᠂ ᠬᠤᠷᠳᠤᠨ ᠮᠣᠷᠢᠨ ᠳ᠋ᠤ᠌ ᠲᠠᠰᠢᠭᠤᠷ ᠲᠠᠯᠪᠢᠨ ᠰᠢᠨ᠎ᠡ ᠡᠭᠦᠳᠦᠯᠲᠡ ᠭᠠᠷᠭᠠᠬᠤ ᠪᠠᠷ ᠴᠢᠷᠮᠠᠢᠪᠠᠯ᠂ ᠵᠣᠬᠢᠨ᠎ᠠ᠂ ᠵᠠᠯᠠᠭᠤᠴᠤᠳ ᠮᠢᠨᠢ ᠢᠷᠡᠭᠡᠳᠦᠢ ᠵᠦᠭ ᠮᠢᠨᠳᠠᠰᠤᠨ ᠵᠢᠯᠣᠭᠣ ᠪᠠᠨ ᠴᠢᠩᠭ᠎ᠠ ᠠᠣᠠᠠᠠᠣᠵᠣ᠂ ᠢᠯᠡᠭᠦᠬᠡᠨ ᠨᠣᠮ ᠤᠩᠰᠢᠵᠤ᠂ ᠮᠡᠳᠡᠯᠭᠡ ᠬᠤᠷᠠᠮᠳᠤᠭᠤᠯᠵᠤ᠂ ᠠᠯᠤᠰ ᠢᠷᠡᠭᠡᠳᠦᠢ ᠳ᠋ᠦ᠍ ᠪᠡᠨ ᠢᠲᠡᠭᠡᠯ ᠲᠡᠭᠦᠯᠳᠡᠷ ᠢ᠋ᠶ᠋ᠡᠷ ᠡᠷᠡᠯᠬᠡᠭᠯᠡᠨ ᠤᠷᠤᠭᠰᠢᠯᠠᠵᠤ ᠪᠣᠯᠪᠠᠰᠤᠨ ᠰᠤᠷᠲᠠᠯ ᠲᠠᠢ᠂ ᠣᠶᠤᠨ ᠤᠬᠠᠭᠠᠨ ᠲᠠᠢ᠂ ᠰᠠᠬᠢᠯᠭ᠎ᠠ ᠪᠠᠲᠤ ᠲᠠᠢ ᠡᠬᠡ ᠣᠷᠣᠨ ᠳ᠋ᠠᠭᠠᠨ ᠨᠡᠮᠡᠷᠢ ᠬᠠᠨᠳᠢᠪ ᠲᠠᠢ ᠴᠢᠳᠠᠪᠤᠷᠢᠲᠠᠨ ᠪᠣᠯᠠᠠᠣ ᠪᠠᠷ ᠮᠥᠷᠥ ᠵᠡᠷᠭᠡᠴᠡᠨ ᠤᠷᠤᠭᠰᠢᠯᠠᠶ᠎ᠠ᠃
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠭᠠᠷᠮ᠎ᠠ᠂ ᠰᠠᠢᠵᠢᠷᠠᠬᠤ
