ᠲᠡᠦᠬᠡ ᠪᠡᠨ ᠵᠥᠪ ᠮᠡᠳᠡᠵᠦ ᠵᠥᠪ ᠲᠠᠨᠢᠶ᠎ᠠТүүхээ зөв мадаж зөв тания
ᠲᠡᠦᠬᠡ ᠪᠡᠨ ᠵᠥᠪ ᠮᠡᠳᠡᠵᠦ ᠵᠥᠪ ᠲᠠᠨᠢᠶ᠎ᠠ
ᠲᠡᠦᠬᠡ ᠪᠡᠨ ᠮᠡᠳᠡᠬᠦ ᠦᠭᠡᠢ ᠬᠥᠮᠦᠨ ᠣᠢ ᠳ᠋ᠤ᠌ ᠲᠥᠭᠡᠷᠢᠭᠰᠡᠨ ᠪᠡᠴᠢ ᠯᠦ᠍ᠭᠡ ᠠᠳᠠᠯᠢ ᠭᠡᠳᠡᠭ ᠠ᠋!
ᠮᠣᠩᠭᠣᠯᠴᠤᠳ ᠲᠡᠦᠬᠡ ᠪᠡᠨ ᠵᠥᠪ ᠮᠡᠳᠡᠳᠡᠭ᠂ ᠵᠥᠪ ᠲᠠᠨᠢᠳᠠᠭ᠂ ᠲᠤᠬᠠᠢ ᠶ᠋ᠢᠨ ᠠᠭᠤᠤ ᠲᠡᠦᠬᠡ ᠶ᠋ᠢ ᠵᠥᠪ ᠦᠯᠢᠭᠡᠷᠯᠡᠵᠦ ᠦᠨᠡᠨ ᠦ᠌ ᠲᠥᠯᠥᠭᠡ ᠪᠠᠢᠳᠠᠭ ᠪᠠᠢᠬᠤ ᠤᠴᠢᠷᠲᠠᠢ᠂ ᠮᠣᠩᠭᠣᠯᠴᠤᠳ ᠦᠶ᠎ᠡ ᠶ᠋ᠢᠨ ᠦᠶ᠎ᠡ ᠳ᠋ᠦ᠍ ᠪᠡᠨ ᠡᠪᠦᠭᠡ ᠳᠡᠭᠡᠳᠦᠰ ᠢ᠋ᠶ᠋ᠡᠨ ᠬᠦᠨᠳᠦᠯᠡᠵᠦ ᠳᠡᠭᠡᠳᠦᠯᠡᠳᠡᠭ᠂ ᠮᠥᠩᠬᠡ ᠲᠩᠷᠢ ᠪᠡᠨ ᠰᠢᠲᠦᠳᠡᠭ᠂ ᠪᠠᠢᠭᠠᠯᠢ ᠡᠬᠡ ᠳᠡᠯᠡᠬᠡᠢ ᠲᠡᠢ ᠪᠡᠨ ᠤᠶᠠᠯᠳᠤᠭᠰᠠᠨ ᠵᠠᠩ ᠵᠠᠩᠰᠢᠯ᠂ ᠦᠢᠯᠡ ᠦᠭᠡ᠂ ᠵᠦᠢᠷ ᠦᠭᠡᠨ ᠳ᠋ᠦ᠍ ᠪᠡᠨ ᠢᠲᠡᠭᠡᠳᠡᠭ᠂ ᠡᠢᠮᠦ ᠰᠠᠢᠬᠠᠨ ᠲᠦᠮᠡᠨ ᠣᠯᠠᠨ ᠪᠢᠯᠡ᠃
ᠢᠩᠭᠢᠭᠡᠳ ᠡᠪᠦᠯ ᠬᠠᠶᠠᠭᠠᠨ ᠳ᠋ᠤ᠌ ᠢᠷᠡᠵᠦ᠂ ᠡᠪᠦᠯ ᠦ᠋ᠨ ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠨᠢᠭᠡᠨ ᠠᠢᠯᠴᠢᠯᠠᠨ ᠢᠷᠡᠯ᠎ᠡ᠃ ᠡᠨᠡ ᠡᠳᠦᠷ ᠢ᠋ ᠣᠯᠠᠨ ᠰᠤᠳᠤᠯᠭᠠᠴᠢᠳ᠂ ᠡᠷᠳᠡᠮᠲᠡᠨ ᠮᠡᠷᠭᠡᠳ ᠶᠡᠬᠡ ᠡᠵᠡᠨ ᠴᠢᠩᠭᠢᠰ ᠬᠠᠭᠠᠨ ᠤ᠋ ᠮᠠᠨᠢ ᠮᠡᠨᠳᠦᠯᠡᠭᠰᠡᠨ ᠡᠳᠦᠷ ᠭᠡᠮᠡᠨ ᠡᠨᠡ ᠴᠠᠭ ᠦᠶ᠎ᠡ ᠲᠤᠩᠬᠠᠭᠯᠠᠭᠰᠠᠨ᠃ ᠡᠭᠦᠨ ᠲᠡᠢ ᠬᠣᠯᠪᠣᠭᠳᠠᠭᠤᠯᠤᠨ ᠶᠡᠬᠡ ᠡᠵᠡᠨ ᠬᠠᠭᠠᠨ ᠢ᠋ ᠪᠡᠨ ᠰᠢᠳᠦᠨ ᠳᠡᠭᠡᠳᠦᠯᠡᠳᠡᠭ᠂ ᠮᠣᠩᠭᠣᠯ ᠲᠦᠮᠡᠨ ᠳ᠋ᠦ᠍ ᠪᠡᠨ ᠮᠡᠨᠳᠦ ᠬᠦᠷᠭᠡᠶ᠎ᠡ᠃
ᠳᠡᠯᠡᠬᠡᠢ ᠪᠡᠷ ᠲᠠᠷᠬᠠᠭᠰᠠᠨ ᠴᠢᠰᠤ ᠨᠢᠭᠡ᠂ ᠡᠯᠢᠭᠡ ᠨᠢᠭᠡ᠂ ᠶᠠᠰᠤ ᠨᠢᠭᠡᠲᠦ ᠮᠣᠩᠭᠣᠯ ᠠᠬᠠᠨ ᠲᠡᠭᠦᠦᠰ ᠲᠤ ᠪᠡᠨ ᠬᠠᠮᠤᠭ ᠮᠣᠩᠭᠣᠯ ᠢ᠋ᠶ᠋ᠠᠨ ᠤᠷᠤᠭ ᠤᠶᠠᠯᠳᠤᠭᠤᠯᠤᠨ ᠨᠢᠭᠡᠳᠬᠡᠭᠰᠡᠨ᠂ ᠠᠭᠤᠤ ᠶᠡᠬᠡ ᠡᠵᠡᠨ ᠬᠠᠭᠠᠨ ᠤ᠋ ᠪᠠᠨ ᠮᠡᠨᠳᠦᠯᠡᠭᠰᠡᠨ ᠡᠳᠦᠷ ᠦ᠋ᠨ ᠮᠡᠨᠳᠦ ᠶ᠋ᠢ ᠬᠦᠷᠭᠡᠶ᠎ᠡ᠃
ᠬᠠᠮᠤᠭ ᠮᠣᠩᠭᠣᠯ ᠮᠢᠨᠢ ᠮᠠᠨᠳᠤᠨ ᠪᠠᠳᠠᠷᠠᠭ ᠠ᠋!
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠲᠠᠭᠴᠢ᠄ ᠮᠥᠩᠬᠡ ᠭᠠᠯ
ᠬᠢᠨᠠᠭᠴᠢ᠄ ᠰᠡᠬᠡᠭᠡᠷᠡᠯ᠂ ᠪᠠᠶᠠᠷᠴᠡᠴᠡᠭ
