ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠨ ᠨᠢᠭᠡᠳᠦᠭᠡᠷ ᠪᠦᠯᠦᠭ > Хөх судрын залгамж - Инжинаш < Ерэн нэгдүгээр бүлэг >
ᠶᠡᠷᠡᠨ ᠨᠢᠭᠡᠳᠦᠭᠡᠷ ᠪᠦᠯᠦᠭ
ᡁᠢ ᠶᠤᠸᠠᠨ ᠤ᠋ ᠠᠷᠪᠠᠨ ᠭᠤᠷᠪᠠᠳᠤᠭᠠᠷ ᠣᠨ ᠂ ᠤᠯᠠᠭᠠᠨ ᠬᠤᠯᠤᠭᠠᠨ᠎ᠠ ᠵᠢᠯ᠃
ᠬᠤᠪᠢᠯᠠᠢ ᠬᠠᠭᠠᠨ ᠡᠨᠡ ᠵᠢᠯ ᠵᠢᠷᠠᠨ ᠨᠢᠭᠡᠨ ᠰᠡᠭᠦᠳᠡᠷ ᠲᠡᠢ ᠂
ᠰᠥᠩ ᠦ᠋ᠨ ᠡᠵᠡᠨ ᠰᠢᠶᠠᠨ ᠤ᠋ ᠳᠧ ᠢᠦ ᠶ᠋ᠢᠨ ᠬᠣᠶᠠᠳᠤᠭᠠᠷ ᠣᠨ
ᠰᠥᠷᠭᠡᠦ ᠰᠥᠩ ᠦ᠋ᠨ ᠣᠩᠭᠣᠴᠠ ᠬᠣᠯᠪᠣᠭᠰᠠᠨ ᠵᠢᠭᠰᠠᠭᠠᠯ ᠢ᠋
ᠪᠠᠶᠠᠨ ᠶᠤᠸᠠᠨᠱᠤᠸᠠᠢ ᠭᠠᠯ ᠢ᠋ᠶ᠋ᠠᠷ ᠶᠡᠬᠡᠳᠡ ᠡᠪᠳᠡᠪᠡᠢ
ᠰᠥᠩ ᠤᠯᠤᠰ ᠤ᠋ᠨ ᠡᠵᠡᠨ ᠲᠦᠰᠢᠮᠡᠳ ᠠᠩᠬ᠎ᠠ ᠤᠳᠠᠭ᠎ᠠ
ᠪᠠᠭᠤᠵᠤ ᠥᠭᠬᠦ ᠪᠢᠴᠢᠭ ᠢ᠋ᠶ᠋ᠡᠨ ᠡᠵᠡᠨ ᠳ᠋ᠦ᠍ᠷ ᠡᠷᠭᠦᠨ ᠪᠠᠷᠢᠪᠠᠢ
ᠪᠠᠶᠠᠨ ᠶᠤᠸᠠᠨᠱᠤᠸᠠᠢ ᠲᠤᠰᠢᠶᠠᠯ ᠳ᠋ᠠᠭᠠᠨ ᠶᠠᠪᠤᠵᠤ ᠠᠲᠠᠯ᠎ᠠ ᠠᠷᠤ ᠠ᠋ᠴᠠ ᠬᠠᠭᠠᠨ ᠤ᠋ ᠡᠯᠴᠢ ᠠᠢᠰᠤᠢ ᠬᠡᠮᠡᠬᠦ ᠶ᠋ᠢ ᠰᠣᠨᠣᠰᠤᠭᠠᠳ ᠪᠠᠰᠠ ᠶᠠᠮᠠᠷ ᠬᠤᠪᠢᠰᠤᠯ ᠭᠠᠷᠤᠭᠰᠠᠨ ᠢ᠋ ᠮᠡᠳᠡᠬᠦ ᠦᠭᠡᠢ ᠲᠤᠯᠠ ᠰᠥᠩ ᠢ᠋ ᠪᠠᠢᠯᠳᠤᠬᠤ ᠶᠡᠬᠡ ᠦᠢᠯᠡ ᠳ᠋ᠦ᠍ᠷ ᠰᠠᠭᠠᠳ ᠪᠣᠯᠬᠤ ᠪᠢᠵᠡ ᠭᠡᠮᠡᠨ ᠮᠠᠰᠢ ᠰᠠᠨᠳᠤᠷᠴᠤ ᠴᠢᠷᠠᠢ ᠬᠤᠪᠢᠷᠠᠪᠠᠢ᠃ ᠡᠵᠡᠨ ᠦ᠌ ᠡᠯᠴᠢ ᠬᠡᠮᠡᠬᠦ ᠲᠤᠯᠠ ᠠᠷᠭ᠎ᠠ ᠪᠤᠰᠤ ᠮᠣᠷᠢ ᠪᠠᠨ ᠲᠠᠲᠠᠵᠤ ᠵᠠᠮ ᠤ᠋ᠨ ᠬᠠᠵᠠᠭᠤᠳᠠ ᠪᠠᠭᠤᠵᠤ ᠬᠦᠯᠢᠶᠡᠬᠦᠢ ᠳ᠋ᠦ᠍ᠷ ᠬᠠᠷᠢᠨ ᠰᠢᠦᠸᠠᠨ ᠹᠦ ᠲᠦᠰᠢᠮᠡᠯ ᠢᠦ ᠰᠢᠶᠠᠨ ᠠᠵᠤᠭᠤ᠃ ᠬᠡᠳᠦᠢ ᠪᠡᠷ ᠬᠠᠭᠠᠨ ᠤ᠋ ᠵᠠᠷᠯᠢᠭ ᠪᠡᠶ᠎ᠡ ᠳ᠋ᠦ᠍ᠷ ᠪᠣᠢ ᠪᠣᠯᠪᠠᠴᠤ ᠪᠠᠶᠠᠨ ᠶᠤᠸᠠᠨᠱᠤᠸᠠᠢ ᠳ᠋ᠤᠷ ᠥᠭᠬᠦ ᠪᠤᠰᠤ ᠲᠤᠯᠠ ᠮᠥᠨ ᠮᠣᠷᠢᠨ ᠠ᠋ᠴᠠ ᠪᠠᠭᠤᠵᠤ ᠭᠠᠷ ᠪᠠᠷᠢᠯᠴᠠᠨ ᠵᠣᠯᠭᠠᠪᠠ᠃ ᠤᠴᠢᠷ ᠢ᠋ ᠠᠰᠠᠭᠤᠪᠠᠰᠤ ᠴᠧᠩ ᠳᠦ ᠳ᠋ᠦ᠍ᠷ ᠣᠴᠢᠵᠤ ᠬᠠᠪᠤᠷ ᠤ᠋ᠨ ᠴᠡᠷᠢᠭ ᠳᠡᠢᠯᠦᠭᠳᠡᠭᠰᠡᠨ ᠣᠯᠠᠨ ᠵᠠᠩᠵᠤᠨ ᠤ᠋ ᠶᠠᠯ᠎ᠠ ᠶ᠋ᠢ ᠭᠡᠯᠳᠦᠷᠡᠭᠦᠯᠦᠨ ᠴᠡᠷᠢᠭ ᠲᠦ᠍ᠷ ᠦᠢᠯᠡᠴᠢᠯᠡᠭᠦᠯᠵᠦ ᠭᠠᠪᠢᠶ᠎ᠠ ᠪᠠᠢᠭᠤᠯ ᠬᠡᠮᠡᠬᠦ ᠵᠠᠷᠯᠢᠭ ᠢ ᠤᠯᠠᠮᠵᠢᠯᠠᠬᠤ ᠪᠥᠭᠡᠳ ᠢᠦ ᠰᠢᠶᠠᠨ ᠢ᠋ ᠬᠤᠸᠠᠢ ᠰᠢ ᠶ᠋ᠢᠨ ᠴᠡᠷᠢᠭ ᠦ᠋ᠨ ᠨᠢᠭᠤᠴᠠ ᠶ᠋ᠢᠨ ᠬᠣᠷᠢᠶ᠎ᠠ ᠶ᠋ᠢᠨ ᠰᠦᠸᠧ ᠴᠧᠩ ᠵᠡᠭᠦᠨ ᠦ᠌ ᠲᠦᠰᠢᠮᠡᠯ ᠢ᠋ᠶ᠋ᠡᠷ ᠲᠣᠮᠢᠯᠠᠭᠰᠠᠨ ᠠ᠋ᠴᠠ ᠮᠥᠨ ᠪᠠᠶᠠᠨ ᠶᠤᠸᠠᠨᠱᠤᠸᠠᠢ ᠳ᠋ᠤᠷ ᠬᠠᠷᠢᠶᠠᠯᠠᠭᠳᠠᠮᠤᠢ᠃ ᠬᠣᠶᠠᠭᠤᠯᠠ ᠵᠠᠮ ᠨᠢᠭᠡᠲᠡᠢ ᠬᠡᠳᠦᠨ ᠡᠳᠦᠷ ᠶᠠᠪᠤᠬᠤ ᠲᠤᠯᠠ ᠰᠠᠢᠨ ᠪᠣᠯᠪᠠ ᠭᠡᠮᠡᠨ ᠲᠤᠰ ᠲᠤᠰ ᠮᠣᠷᠳᠠᠵᠤ ᠶᠡᠬᠡ ᠵᠠᠮ ᠪᠠᠷᠢᠵᠤ ᠶᠠᠪᠤᠬᠤᠢ ᠳ᠋ᠤᠷ ᠪᠠᠶᠠᠨ ᠨᠢᠳᠦ ᠡᠷᠭᠦᠨ ᠦᠵᠡᠪᠡᠰᠦ ᠨᠢᠭᠡᠨ ᠦᠯᠦ ᠲᠠᠨᠢᠬᠤ ᠳᠤᠮᠳᠠ ᠨᠠᠰᠤᠨ ᠤ᠋ ᠬᠥᠮᠦᠨ ᠢᠦ ᠰᠢᠶᠠᠨ ᠤ᠋ ᠠᠷᠤ ᠳ᠋ᠤᠷ ᠶᠠᠪᠤᠮᠤᠢ᠃ ᠠᠷᠤᠤᠬᠠᠨ ᠬᠡᠭᠡᠨᠴᠢᠷ ᠶᠡᠷᠦ ᠴᠡᠷᠢᠭ ᠦ᠋ᠨ ᠡᠷᠡᠰ ᠪᠤᠰᠤ᠃ ᠢᠦ ᠰᠢᠶᠠᠨ ᠂ ᠪᠠᠶᠠᠨ ᠶᠤᠸᠠᠨᠱᠤᠸᠠᠢ ᠶ᠋ᠢᠨ ᠠᠩᠬᠠᠷᠤᠯ ᠢ᠋ ᠲᠠᠲᠠᠭᠰᠠᠨ ᠲᠡᠷᠡ ᠬᠥᠮᠦᠨ ᠢ᠋ ᠳᠠᠯᠠᠯᠵᠤ ᠳᠡᠷᠭᠡᠳᠡ ᠪᠡᠨ ᠠᠪᠴᠤ ᠢᠷᠡᠭᠡᠳ ᠪᠠᠶᠠᠨ ᠳ᠋ᠤᠷ ᠲᠠᠨᠢᠯᠴᠠᠭᠤᠯᠤᠨ ᠥᠭᠦᠯᠡᠷᠦᠨ :《ᠡᠨᠡ ᠢᠨᠦ ᠤᠷᠢᠳᠤ ᠲᠥᠷᠥ ᠶ᠋ᠢᠨ ᠠᠯᠳᠠᠷᠲᠤ ᠰᠠᠢᠳ ᠸᠠᠩ ᠰᠢ ᠰᠢᠶᠠᠨ ᠤ᠋ ᠳᠥᠲᠥᠭᠡᠷ ᠬᠥᠪᠡᠭᠦᠨ ᠪᠠᠭᠠᠲᠤᠷ ᠵᠠᠩᠵᠤᠨ ᠸᠠᠩ ᠲᠢᠶᠠᠨ ᠬᠡ ᠶ᠋ᠢᠨ ᠳᠡᠭᠦᠦ ᠸᠠᠩ ᠢᠦᠢ ᠵᠧᠨ ᠪᠣᠯᠠᠢ᠃ ᠬᠥᠶᠦᠭ ᠬᠠᠭᠠᠨ ᠤ᠋ ᠡᠷᠭᠦᠮᠡᠯ ᠬᠡᠦᠬᠡᠨ ᠲᠡᠢ ᠭᠡᠷᠯᠡᠭᠰᠡᠨ ᠲᠤᠯᠠ ᠬᠠᠭᠠᠨ ᠤ᠋ ᠰᠠᠳᠤᠨ ᠳ᠋ᠤᠷ ᠳᠠᠩᠰᠠᠯᠠᠭᠰᠠᠨ ᠪᠢᠴᠢᠭ ᠦ᠋ᠨ ᠶᠠᠪᠤᠳᠠᠯ ᠤ᠋ᠨ ᠳ᠋ᠡᠰᠯᠡᠨ ᠤᠩᠰᠢᠭᠴᠢ ᠲᠦᠰᠢᠮᠡᠯ ᠦ᠋ᠨ ᠬᠤᠪᠢ ᠳ᠋ᠤᠷ ᠪᠣᠢ 》ᠬᠡᠮᠡᠬᠦᠢ ᠳ᠋ᠦ᠍ᠷ ᠪᠠᠶᠠᠨ ᠢᠨᠢᠶᠡᠮᠰᠦᠭᠯᠡᠨ ᠭᠠᠷ ᠡᠷᠭᠦᠵᠦ ᠥᠭᠦᠯᠡᠷᠦᠨ ᠄ 《ᠪᠣᠯᠬᠢ ᠴᠡᠷᠢᠭ ᠦ᠋ᠨ ᠡᠷ᠎ᠡ ᠡᠷᠳᠡᠮᠲᠡᠨ ᠰᠠᠢᠳ ᠤ᠋ᠨ ᠶᠡᠬᠡ ᠠᠯᠳᠠᠷ ᠢ ᠰᠣᠨᠣᠰᠴᠤ ᠤᠳᠠᠪᠠ᠃ ᠭᠠᠭᠴᠠᠬᠦ ᠨᠢᠭᠤᠷ ᠤᠴᠠᠷᠠᠵᠤ ᠰᠤᠷᠭᠠᠯ ᠢ ᠬᠦᠷᠲᠡᠭᠰᠡᠨ ᠦᠭᠡᠢ ᠢᠨᠤ ᠬᠠᠷᠠᠮᠰᠠᠯᠲᠠᠢ ᠪᠣᠯᠠᠢ᠃ ᠡᠳᠦᠭᠡ ᠵᠠᠪᠰᠢᠶᠠᠨ ᠢ᠋ᠶ᠋ᠠᠷ ᠨᠢᠭᠡᠨ ᠵᠠᠮ ᠪᠣᠯᠤᠭᠰᠠᠨ ᠲᠤᠯᠠ ᠥᠷᠯᠥᠭᠡ ᠦᠳᠡᠰᠢ ᠠᠷᠢᠭᠤᠨ ᠰᠤᠷᠭᠠᠯ ᠢ᠋ ᠬᠦᠷᠲᠡᠰᠦᠭᠡᠢ ᠬᠡᠮᠡᠮᠦᠢ 》ᠬᠡᠮᠡᠬᠦᠢ ᠳ᠋ᠦ᠍ᠷ ᠸᠠᠩ ᠢᠦᠢ ᠵᠧᠨ ᠬᠦᠯᠢᠶᠡᠵᠦ ᠴᠢᠳᠠᠬᠤ ᠦᠭᠡᠢ ᠭᠡᠮᠡᠨ ᠪᠡᠶ᠎ᠡ ᠮᠡᠬᠦᠢᠵᠦ ᠥᠴᠢᠷᠦᠨ: 《ᠥᠴᠦᠬᠡᠨ ᠪᠢ ᠮᠣᠷᠢ ᠳᠡᠭᠡᠷ᠎ᠡ ᠲᠤᠯᠠ ᠭᠦᠨ ᠶᠣᠰᠣ ᠬᠢᠵᠦ ᠴᠢᠳᠠᠬᠤ ᠦᠭᠡᠢ᠃ ᠶᠤᠸᠠᠨᠱᠤᠸᠠᠢ ᠶ᠋ᠢᠨ ᠭᠡᠭᠡᠨ ᠳ᠋ᠦ᠍ᠷ ᠠᠭᠤᠯᠵᠠᠭᠰᠠᠨ ᠠᠨᠤ ᠦᠨᠡᠬᠡᠷ ᠨᠠᠷᠠᠨ ᠤ᠋ ᠭᠡᠷᠡᠯ ᠢ᠋ ᠬᠦᠷᠲᠡᠭᠰᠡᠨ ᠮᠡᠲᠦ ᠰᠠᠷᠠᠭᠤᠯ ᠪᠣᠯᠪᠠᠢ ᠃ ᠥᠷᠯᠥᠭᠡ ᠣᠷᠣᠢ ᠵᠠᠷᠤᠭᠳᠠᠬᠤ ᠶ᠋ᠢ ᠬᠦᠰᠡᠮᠦᠢ 》ᠭᠡᠮᠡᠨ ᠮᠡᠬᠦᠢᠨ ᠶᠣᠰᠣᠯᠠᠪᠠᠢ᠃ ᠪᠠᠶᠠᠨ ᠦᠵᠡᠪᠡᠰᠦ ᠪᠠᠢᠳᠠᠯ ᠳᠦᠷᠰᠦ ᠬᠡᠭᠡᠨᠴᠢᠷ ᠲᠠᠯᠪᠢᠭᠤ ᠦᠭᠡ ᠠᠶᠠᠯᠭᠤ ᠲᠠᠭᠠᠯᠠᠮᠵᠢᠲᠠᠢ ᠳ᠋ᠤᠷ ᠪᠡᠶᠡᠰᠴᠦ ᠵᠤᠭ᠎ᠠ ᠳᠡᠯᠭᠡᠵᠦ ᠵᠠᠮ ᠬᠣᠷᠣᠭᠠᠬᠤ ᠠᠵᠤᠭᠤ᠃
ᠦᠵᠡᠰᠡ ! ᠸᠠᠩ ᠢᠦᠢ ᠵᠸᠨ ᠭᠦᠶᠦᠭ ᠬᠠᠭᠠᠨ ᠳ᠋ᠤᠷ ᠥᠷᠦᠰᠢᠶᠡᠭᠳᠡᠨ ᠭᠣᠣ ᠶ᠋ᠢᠨ ᠶᠠᠩ ᠲᠠᠢ ᠤᠷᠤᠭᠯᠠᠭᠰᠠᠨ ᠲᠤᠯᠠ ᠬᠠᠭᠠᠨ ᠤ᠋ ᠬᠦᠷᠭᠡᠨ ᠢ᠋ᠶ᠋ᠡᠷ ᠲᠡᠮᠳᠡᠭᠯᠡᠭᠳᠡᠨ ᠭᠣᠣ ᠶ᠋ᠢᠨ ᠶᠠᠩ ᠢ᠋ ᠤᠯᠤᠰ ᠤ᠋ᠨ ᠭᠦᠩᠵᠦ ᠶ᠋ᠢᠨ ᠶᠣᠰᠣ ᠪᠠᠷ ᠳᠣᠲᠣᠭᠠᠳᠤ ᠣᠷᠳᠣᠨ ᠠ᠋ᠴᠠ ᠮᠣᠷᠳᠠᠭᠤᠯᠵᠤ ᠵᠣᠣ ᠢᠦᠢ ᠵᠢᠩ ᠴᠦ᠍ ᠰᠥᠩ ᠦ᠋ᠨ ᠬᠠᠭᠠᠨ ᠤ᠋ ᠤᠭᠰᠠᠭ᠎ᠠ ᠪᠥᠭᠡᠳ ᠮᠣᠩᠭᠣᠯ ᠤ᠋ᠨ ᠬᠦᠩ ᠦ᠋ᠨ ᠡᠷᠬᠢᠮ ᠳ᠋ᠦ᠍ᠷ ᠪᠣᠢ ᠵᠣᠣ ᠢᠦᠢ ᠵᠣ᠌ ᠶ᠋ᠢᠨ ᠳᠡᠭᠦᠦ ᠲᠤᠯᠠ ᠵᠠᠰᠠᠯ ᠤ᠋ᠨ ᠮᠥᠩᠭᠥ ᠶ᠋ᠢ ᠬᠠᠭᠠᠨ ᠤ᠋ ᠳᠣᠲᠣᠭᠠᠳᠤ ᠠ᠋ᠴᠠ ᠳᠠᠪᠬᠤᠷ ᠱᠠᠩᠨᠠᠵᠤ ᠸᠠᠩ ᠢᠦᠢ ᠵᠸᠨ ᠤᠯᠤᠰ ᠤ᠋ᠨ ᠬᠦᠷᠭᠡᠨ ᠦ᠌ ᠶᠣᠰᠣ ᠶ᠋ᠢ ᠭᠦᠢᠴᠡᠳᠬᠡᠨ ᠰᠡᠳᠬᠢᠯ ᠵᠢᠷᠦᠬᠡᠨ ᠦ᠌ ᠬᠣᠶᠠᠷ ᠬᠠᠲᠤᠨ ᠲᠠᠢ ᠪᠠᠨ ᠬᠤᠷᠢᠮᠯᠠᠨ ᠡᠳᠦᠭᠡ ᠲᠤᠰ ᠲᠤᠰ ᠬᠠᠷ᠎ᠠ ᠴᠠᠭᠠᠨ ᠦᠷ᠎ᠡ ᠠᠴᠢ ᠳᠡᠯᠭᠡᠷᠡᠵᠦ ᠡᠷᠦᠬᠡ ᠭᠡᠷ ᠶᠡᠬᠡᠳᠦᠵᠦ ᠬᠥᠭᠵᠢᠭᠰᠡᠨ ᠢ᠋ ᠥᠭᠦᠯᠡᠬᠦ ᠦᠭᠡᠢ᠃ ᠵᠣᠣ ᠢᠦᠢ ᠵᠣ᠌ ᠂ ᠾᠦᠢ ᠡᠯ ᠢ᠋ ᠭᠡᠷᠭᠡᠢ ᠪᠣᠯᠭᠠᠨ ᠠᠪᠤᠭᠠᠳ ᠪᠠᠰᠠ ᠥᠬᠢᠳ ᠬᠡᠦᠬᠡᠳ ᠲᠡᠢ ᠪᠣᠯᠤᠭᠰᠠᠨ ᠪᠣᠯᠪᠠᠴᠤ᠂ ᠾᠦᠢ ᠡᠯ ᠪᠠᠭ᠎ᠠ ᠠ᠋ᠴᠠ ᠪᠠᠨ ᠰᠡᠳᠬᠢᠭᠰᠡᠨ ᠢ ᠪᠦᠲᠦᠭᠡᠭᠴᠢ ᠰᠦᠮ᠎ᠡ ᠳ᠋ᠦ᠍ᠷ ᠨᠠᠮ ᠰᠡᠯᠡᠭᠦᠬᠡᠨ ᠠᠮᠢᠳᠤᠷᠠᠵᠤ ᠰᠤᠷᠤᠭᠰᠠᠨ ᠲᠤᠯᠠ ᠦᠢᠮᠡᠭᠡᠨ ᠱᠤᠤᠭᠢᠶᠠᠨ ᠠ᠋ᠴᠠ ᠦᠷᠭᠦᠯᠵᠢ ᠵᠠᠢᠯᠠᠵᠤ ᠵᠣᠣ ᠢᠦᠢ ᠵᠣ᠌ ᠶ᠋ᠢ ᠬᠠᠲᠤᠨ ᠵᠠᠯᠠᠲᠤᠭᠠᠢ ᠭᠡᠮᠡᠨ ᠢᠳᠬᠠᠮᠤᠢ᠃ ᠵᠣᠣ ᠢᠦᠢ ᠵᠣ᠌ ᠴᠦ᠍ ᠶᠢᠷᠲᠢᠨᠴᠦ ᠶ᠋ᠢᠨ ᠬᠡᠷᠡᠭ ᠶᠠᠪᠤᠳᠠᠯ ᠢ ᠥᠩᠭᠡᠷᠡᠭᠡᠭᠰᠡᠨ ᠬᠥᠮᠦᠨ ᠲᠤᠯᠠ ᠰᠤᠯᠠ ᠰᠡᠯᠡᠭᠦᠬᠡᠨ ᠳ᠋ᠦ᠍ᠷ ᠳᠤᠷᠠᠲᠠᠢ᠃ ᠪᠠᠶᠠᠨ ᠡᠷᠬᠢᠮ ᠢ᠋ ᠶᠡᠷᠦ ᠵᠢᠭᠰᠢᠵᠦ ᠲᠤᠤ ᠶᠤᠸᠠᠨ ᠮᠢᠩ ᠦ᠋ᠨ ᠠᠭᠤᠯᠠ ᠤᠰᠤ ᠬᠠᠰᠢᠶ᠎ᠠ ᠲᠠᠷᠢᠶᠠᠯᠠᠩ ᠤ᠋ᠨ ᠰᠢᠯᠦᠭ ᠪᠢᠴᠢᠭ ᠢ ᠪᠠᠬᠠᠷᠤᠨ ᠠᠭᠤᠯᠠ ᠤᠰᠤ ᠬᠡᠰᠦᠵᠦ ᠶᠠᠪᠤᠳᠠᠭ ᠲᠤᠯᠠ ᠬᠠᠲᠤᠨ ᠵᠠᠯᠠᠬᠤ ᠶᠠᠪᠤᠳᠠᠯ ᠢ᠋ ᠬᠡᠳᠦ ᠬᠡᠳᠦᠨ ᠬᠥᠮᠦᠨ ᠳᠤᠷᠠᠳᠤᠭᠰᠠᠨ ᠪᠣᠯᠪᠠᠴᠤ ᠲᠠᠰᠤ ᠬᠦᠯᠢᠶᠡᠨ ᠠᠪᠤᠭᠰᠠᠨ ᠦᠭᠡᠢ᠃ ᠡᠳᠦᠭᠡ ᠵᠢᠶᠠᠩ ᠬᠠᠨ ᠤ᠋ ᠭᠠᠵᠠᠷ ᠪᠠᠢᠲᠤᠭᠠᠢ ᠵᠢᠶᠠᠩ ᠨᠠᠨ ᠤ᠋ ᠭᠠᠵᠠᠷ ᠴᠥᠮ ᠶᠤᠸᠠᠨ ᠤᠯᠤᠰ ᠤ᠋ᠨ ᠪᠣᠯᠤᠭᠰᠠᠨ ᠲᠤᠯᠠ ᠲᠡᠷᠢᠭᠦᠨ ᠳ᠋ᠦ᠍ᠷ 《ᠰᠡᠳᠬᠢᠭᠰᠡᠨ ᠢ᠋ ᠪᠦᠲᠦᠭᠡᠭᠴᠢ 》ᠰᠦᠮ᠎ᠡ ᠶ᠋ᠢᠨ ᠬᠥᠭᠰᠢᠨ ᠪᠣᠮᠪᠣ ᠶ᠋ᠢ ᠪᠣᠯᠭᠣᠭᠠᠵᠤ ᠾᠦᠢ ᠡᠯ ᠪᠠᠭᠰᠢ ᠪᠠᠨ ᠮᠥᠷᠥᠭᠡᠳᠦᠬᠦ ᠰᠠᠨᠠᠭ᠎ᠠ ᠶ᠋ᠢ ᠭᠦᠢᠴᠡᠳᠬᠡᠨ ᠵᠢᠴᠢ ᠳ᠋ᠦ᠍ᠷ ᠰᠡᠳᠬᠢᠭᠰᠡᠨ ᠢ᠋ ᠪᠦᠲᠦᠭᠡᠭᠴᠢ ᠰᠦᠮ᠎ᠡ ᠶ᠋ᠢᠨ ᠠᠭᠤᠯᠠ ᠤᠰᠤ ᠮᠠᠰᠢ ᠲᠠᠭᠠᠯᠠᠮᠵᠢᠲᠠᠢ ᠪᠥᠭᠡᠳ ᠢᠳᠡᠭᠡᠰᠢᠭᠰᠡᠨ ᠲᠤᠯᠠ ᠬᠣᠵᠢᠮ ᠲᠡᠷᠡ ᠭᠠᠵᠠᠷ ᠨᠤᠲᠤᠭᠰᠢᠵᠤ ᠪᠠᠶᠠᠨ ᠡᠷᠬᠢᠮ ᠦ᠋ᠨ ᠬᠦᠯᠢᠶᠡᠰᠦ ᠡᠴᠡ ᠨᠢᠭᠡᠮᠦᠰᠦᠨ ᠰᠠᠯᠵᠤ ᠠᠮᠤᠷ ᠲᠤᠩᠭᠠᠯᠠᠭ ᠰᠠᠭᠤᠰᠤᠭᠠᠢ ᠭᠡᠮᠡᠨ ᠾᠦᠢ ᠡᠯ ᠯᠦ᠍ᠭᠡ ᠦᠷᠭᠦᠯᠵᠢ ᠵᠥᠪᠳᠡᠬᠦ ᠪᠥᠯᠥᠭᠡ᠃ ᠡᠳᠦᠭᠡ ᠢᠦ ᠰᠢᠶᠠᠨ ᠳᠣᠣᠷ᠎ᠠ ᠵᠠᠮ ᠢ᠋ᠶ᠋ᠠᠷ ᠡᠮᠦᠨᠡᠰᠢ ᠢᠷᠡᠬᠦ ᠲᠡᠢ ᠨᠡᠢᠯᠡᠭᠦᠯᠦᠨ ᠳᠡᠭᠦᠦ ᠬᠦᠷᠭᠡᠨ ᠸᠠᠩ ᠢᠦᠢ ᠵᠸᠨ ᠢ᠋ ᠶᠠᠪᠤᠭᠤᠯᠤᠭᠰᠠᠨ ᠠᠨᠤ ᠡᠨᠡ ᠪᠣᠯᠠᠢ ᠃ ᠬᠠᠷᠢᠨ ᠠᠯᠪᠠᠨ ᠤᠴᠢᠷ ᠪᠤᠰᠤ ᠃ ᠸᠠᠩ ᠢᠦᠢ ᠵᠸᠨ ᠴᠦ᠍ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠬᠦᠷᠴᠦ ᠬᠠᠢᠷᠠᠲᠤ ᠬᠣᠶᠠᠷ ᠹᠦ ᠷᠸᠨ ᠦ᠌ ᠤᠳᠠᠭᠠᠨ ᠵᠢᠯ ᠨᠢᠭᠤᠵᠤ ᠰᠠᠭᠤᠭᠰᠠᠨ ᠭᠠᠵᠠᠷ ᠢ ᠮᠡᠳᠡᠲᠦᠭᠡᠢ ᠭᠡᠮᠡᠨ ᠬᠣᠶᠠᠷ ᠹᠦ ᠷᠸᠨ ᠦ᠌ ᠡᠮᠦᠨ᠎ᠡ ᠡᠴᠡ ᠬᠥᠭᠰᠢᠨ ᠪᠣᠮᠪᠣ ᠶ᠋ᠢᠨ ᠠᠴᠢ ᠶ᠋ᠢ ᠬᠠᠷᠢᠭᠤᠯᠬᠤ ᠶ᠋ᠢᠨ ᠬᠠᠮᠲᠤ ᠲᠡᠨᠳᠡᠬᠢ ᠠᠭᠤᠯᠠ ᠤᠰᠤ ᠰᠠᠢᠬᠠᠨ ᠬᠡᠮᠡᠬᠦ ᠲᠤᠯᠠ ᠨᠢᠭᠡᠨᠲᠡ ᠦᠵᠡᠰᠦᠭᠡᠢ ᠭᠡᠮᠡᠨ ᠬᠣᠶᠠᠷ ᠹᠦ ᠷᠸᠨ ᠯᠤᠭ᠎ᠠ ᠪᠠᠨ ᠵᠥᠪᠳᠡᠵᠦ ᠥᠪᠡᠷᠦᠨ ᠲᠥᠯᠥᠭᠡ ᠴᠦ᠍ ᠲᠡᠷᠡ ᠂ ᠪᠤᠰᠤᠳ ᠤ᠋ᠨ ᠲᠥᠯᠥᠭᠡ ᠴᠦ᠍ ᠲᠡᠷᠡ ᠨᠢᠭᠡᠨᠲᠡ ᠶᠠᠪᠤᠭᠠᠳ ᠢᠷᠡᠰᠦᠭᠡᠢ ᠬᠡᠮᠡᠪᠡ᠃ ᠲᠡᠢᠨ ᠬᠦ᠌ ᠢᠦ ᠰᠢᠶᠠᠨ ᠲᠠᠢ ᠬᠠᠨᠢᠯᠠᠵᠤ ᠶᠠᠪᠤᠮᠤᠢ᠃ ᠡᠳᠦᠭᠡ ᠤᠯᠤᠰ ᠤ᠋ᠨ ᠶᠡᠬᠡ ᠰᠠᠢᠳ ᠤ᠋ᠨ ᠥᠩᠭᠡ ᠭᠡᠷᠡᠯ ᠪᠠ ᠡᠷᠳᠡᠮ ᠮᠠᠲᠠᠯ ᠳᠡᠯᠡᠬᠡᠢ ᠳ᠋ᠠᠬᠢᠨ ᠢ ᠪᠠᠭᠲᠠᠭᠠᠬᠤ ᠪᠣᠯᠪᠠᠴᠤ ᠳᠠᠷᠤᠤ ᠬᠥᠩᠭᠡᠮᠰᠦᠭ ᠢ᠋ ᠦᠵᠡᠵᠦ ᠰᠡᠳᠬᠢᠯ ᠡᠴᠡ ᠪᠡᠨ ᠪᠢᠰᠢᠷᠡᠵᠦ ᠦᠨᠡᠬᠡᠷ ᠲᠡᠭᠷᠢ ᠶ᠋ᠢᠨ ᠬᠥᠮᠦᠨ ᠪᠣᠯᠠᠢ ᠭᠡᠮᠡᠨ ᠬᠢᠴᠢᠶᠡᠩᠭᠦᠢᠯᠡᠨ ᠰᠢᠲᠦᠪᠡ᠃
ᠵᠠᠮ ᠵᠠᠭᠤᠷᠠᠬᠢ ᠶᠠᠪᠤᠳᠠᠯ ᠢ᠋ ᠨᠠᠷᠢᠨ ᠥᠭᠦᠯᠡᠬᠦ ᠦᠭᠡᠢ ᠂ ᠬᠡᠳᠦᠨ ᠡᠳᠦᠷ ᠦ᠋ᠨ ᠳᠠᠷᠠᠭ᠎ᠠ ᠰᠢᠶᠠᠩ ᠶᠠᠩ ᠳ᠋ᠤᠷ ᠬᠦᠷᠦᠭᠡᠳ ᠢᠦ ᠰᠢᠶᠠᠨ ᠂ ᠸᠠᠩ ᠢᠦᠢ ᠵᠸᠨ ᠰᠧᠴᠤᠸᠠᠨ ᠥᠭᠡᠳᠡ ᠶᠠᠪᠤᠬᠤ ᠲᠤᠯᠠ ᠪᠠᠶᠠᠨ ᠶᠤᠸᠠᠨᠱᠤᠸᠠᠢ ᠠ᠋ᠴᠠ ᠰᠠᠯᠵᠤ ᠣᠳᠪᠠ᠃
ᠥᠭᠦᠯᠡᠬᠦ ᠢᠨᠤ ᠪᠠᠶᠠᠨ ᠶᠤᠸᠠᠨᠱᠤᠸᠠᠢ ᠢ ᠳᠦ ᠶ᠋ᠢᠨ ᠵᠠᠮ ᠢ᠋ᠶ᠋ᠠᠷ ᠣᠷᠣᠵᠤ ᠵᠠᠮ ᠳᠠᠭᠠᠤ ᠣᠯᠠᠨ ᠭᠠᠵᠠᠷ ᠤ᠋ᠨ ᠪᠠᠢᠯᠳᠤᠭᠠᠨ ᠤ᠋ ᠪᠡᠯᠡᠳᠬᠡᠯ ᠠᠷᠠᠳ ᠢᠷᠭᠡᠳ ᠦ᠋ᠨ ᠠᠮᠢᠳᠤᠷᠠᠯ ᠢ ᠪᠠᠢᠴᠠᠭᠠᠨ ᠰᠢᠯᠭᠠᠵᠤ ᠬᠤᠸᠠᠢ ᠳ᠋ᠦᠩ ᠦ᠋ᠨ ᠳᠦ ᠶᠤᠸᠠᠨᠱᠤᠸᠠᠢ ᠪᠣᠷᠣᠬᠠᠨ ᠳᠡᠳ᠋ ᠳᠦ ᠶᠤᠸᠠᠨᠱᠤᠸᠠᠢ ᠠᠯᠢᠫᠢ ᠶ᠋ᠢ ᠬᠠᠷᠢᠶᠠᠲᠤ ᠴᠡᠷᠢᠭ ᠢ᠋ᠶ᠋ᠡᠨ ᠠᠪᠴᠤ ᠬᠤᠸᠠᠢ ᠨᠠᠨ ᠤ᠋ ᠵᠠᠮ ᠢ᠋ᠶ᠋ᠠᠷ ᠣᠷᠣᠵᠤ ᠬᠤᠸᠠᠢ ᠨᠠᠨ ᠬᠣᠲᠠ ᠶ᠋ᠢ ᠠᠪᠤᠭᠲᠤᠨ ᠭᠡᠮᠡᠨ ᠵᠠᠷᠯᠢᠭ ᠪᠣᠯᠵᠤ ᠲᠤᠰ ᠲᠤᠰ ᠴᠡᠷᠢᠭ ᠦ᠋ᠨ ᠬᠠᠮᠲᠤ ᠬᠤᠸᠠᠢ ᠨᠠᠨ ᠬᠦᠷᠴᠦ ᠢᠷᠡᠪᠡᠰᠦ ᠬᠣᠲᠠ ᠶ᠋ᠢ ᠰᠠᠬᠢᠭᠰᠠᠨ ᠵᠠᠩᠵᠤᠨ ᠳᠠᠭᠠᠬᠤ ᠦᠭᠡᠢ ᠳ᠋ᠦ᠍ᠷ ᠵᠣᠣ ᠲᠤᠤ ᠱᠢ ᠲᠦᠰᠢᠮᠡᠯ ᠪᠢᠶᠧᠯᠢᠮᠢᠰᠢ ᠬᠣᠲᠠ ᠶ᠋ᠢᠨ ᠠᠷᠤ ᠡᠭᠦᠳᠡᠨ ᠢ᠋ ᠡᠪᠳᠡᠵᠦ ᠡᠵᠡᠯᠡᠭᠰᠡᠨ ᠳ᠋ᠦ᠍ᠷ ᠪᠠᠶᠠᠨ ᠶᠤᠸᠠᠨᠱᠤᠸᠠᠢ ᠪᠣᠷᠣᠬᠠᠨ ᠂ ᠠᠯᠢᠫᠢ ᠶ᠋ᠢ ᠳᠠᠭᠠᠭᠤᠯᠤᠨ ᠡᠮᠦᠨ᠎ᠡ ᠬᠠᠭᠠᠯᠭ᠎ᠠ ᠪᠠᠷ ᠠᠪᠠᠷᠢᠨ ᠭᠠᠷᠴᠤ ᠠᠷᠤ ᠥᠪᠥᠷ ᠡᠴᠡ ᠬᠠᠪᠴᠢᠨ ᠪᠠᠢᠯᠳᠤᠵᠤ ᠬᠣᠲᠠ ᠶ᠋ᠢ ᠡᠵᠡᠯᠡᠪᠡ ᠃ ᠳᠠᠭᠠᠯᠳᠤᠨ ᠪᠤᠤ ᠵᠢᠩ ᠵᠢᠶᠦ᠋ᠨ ᠢ᠋ ᠪᠠᠢᠯᠳᠤᠨ ᠠᠪᠴᠤ ᠭᠣᠣ ᠢᠦ ᠳᠠᠭᠠᠭᠰᠠᠨ ᠳ᠋ᠤᠷ ᠰᠢᠭᠤᠳ ᠶᠠᠩ ᠵᠧᠦ ᠳ᠋ᠦ᠍ᠷ ᠬᠦᠷᠴᠦ ᠬᠣᠲᠠ ᠶ᠋ᠢ ᠪᠦᠰᠡᠯᠡᠵᠦ ᠲᠠᠯᠪᠢᠭᠤᠯᠤᠭᠠᠳ ᠪᠣᠷᠣᠬᠠᠨ ᠢ᠋ᠶ᠋ᠠᠷ ᠮᠥᠷᠡᠨ ᠦ᠌ ᠲᠣᠬᠣᠢ ᠶ᠋ᠢᠨ ᠰᠢᠨ᠎ᠡ ᠪᠡᠬᠢᠯᠡᠯᠲᠡ ᠶ᠋ᠢ ᠰᠠᠬᠢᠭᠤᠯᠬᠤ ᠪᠠᠷ ᠦᠯᠡᠳᠡᠭᠡᠵᠦ ᠠᠯᠢᠫᠢ ᠶ᠋ᠢ ᠳᠠᠭᠠᠭᠤᠯᠤᠨ ᠵᠸᠨ ᠵᠢᠶᠠᠩ ᠳ᠋ᠤᠷ ᠬᠦᠷᠴᠦ ᠢᠷᠡᠪᠡᠢ᠃
ᠠᠵᠤᠤ ᠂ ᠳ᠋ᠦᠩ ᠸᠸᠨ ᠫᠢᠩ ᠬᠣᠶᠠᠭᠤᠯᠠ ᠲᠡᠨᠳᠡ ᠢᠷᠡᠵᠦ ᠤᠭᠲᠤᠨ ᠠᠭᠤᠯᠵᠠᠭᠠᠳ ᠪᠠᠢᠳᠠᠯ ᠢ᠋ ᠠᠰᠠᠭᠤᠪᠠᠰᠤ ᠄
ᠪᠠᠶᠠᠨ ᠶᠤᠸᠠᠨᠱᠤᠸᠠᠢ ᠤᠮᠠᠷᠠᠰᠢ ᠪᠤᠴᠠᠭᠰᠠᠨ ᠳ᠋ᠤᠷ᠂ ᠲᠡᠢᠨ ᠪᠠᠢᠯᠳᠤᠭᠠᠨ ᠲᠠᠰᠤᠷᠠᠭᠰᠠᠨ ᠦᠭᠡᠢ᠃ ᠲᠡᠷᠡ ᠵᠠᠭᠤᠷ᠎ᠠ ᠶᠠᠩ ᠵᠧᠦ ᠂ ᠵᠸᠨ ᠵᠧᠦ ᠶ᠋ᠢᠨ ᠳᠠᠢᠰᠤᠨ ᠬᠣᠲᠠ ᠪᠠᠨ ᠦᠬᠦᠨ ᠰᠠᠬᠢᠵᠤ ᠪᠠᠭᠤᠵᠤ ᠥᠭᠬᠦ ᠦᠭᠡᠢ ᠪᠡᠷ ᠦᠯᠦ ᠪᠠᠷᠠᠨ ᠴᠠᠩ ᠵᠧᠦ ᠂ ᠰᠦ᠍ ᠵᠧᠦ ᠵᠡᠷᠭᠡ ᠣᠢᠷ᠎ᠠ ᠬᠠᠪᠢ ᠶ᠋ᠢᠨ ᠵᠧᠦ ᠵᠢᠶᠦ᠋ᠨ ᠢ ᠥᠳᠥᠭᠡᠨ ᠤᠷᠪᠠᠭᠤᠯᠵᠤ ᠵᠠᠩ ᠱᠢ ᠵᠢᠶᠧ ᠂ ᠰᠦᠨ ᠬᠤ᠌ ᠴᠸᠨ ᠨᠠᠷ ᠰᠠᠷᠨᠢᠭᠰᠠᠨ ᠴᠡᠷᠢᠭ ᠮᠣᠷᠢ ᠪᠠᠨ ᠴᠤᠭᠯᠠᠭᠤᠯᠤᠨ ᠬᠣᠷᠢᠨ ᠲᠠᠪᠤᠨ ᠲᠦᠮᠡᠨ ᠦ᠌ ᠣᠯᠠᠨ ᠲᠠᠢ ᠪᠣᠯᠵᠤ ᠲᠠᠪᠢᠨ ᠲᠦᠮᠡ ᠭᠡᠮᠡᠨ ᠠᠯᠳᠠᠷᠰᠢᠭᠤᠯᠵᠤ ᠨᠢᠭᠡᠨ ᠵᠡᠷᠭᠡ ᠳᠣᠯᠭᠢᠰᠤᠨ ᠬᠥᠳᠡᠯᠦᠭᠰᠡᠨ ᠰᠥᠩ ᠦ᠋ᠨ ᠲᠥᠷᠥ ᠳᠠᠬᠢᠨ ᠰᠠᠭᠤᠷᠢ ᠲᠠᠢ ᠪᠣᠯᠵᠤ ᠬᠠᠭᠠᠨ ᠳ᠋ᠤᠷ ᠲᠤᠰᠠᠯᠠᠬᠤ ᠴᠡᠷᠢᠭ ᠡᠯᠰᠡᠬᠦ ᠪᠡᠷ ᠵᠠᠷ ᠲᠠᠷᠬᠠᠭᠠᠨ ᠭᠠᠵᠠᠷ ᠪᠦᠬᠦᠨ ᠴᠡᠷᠢᠭ ᠮᠣᠷᠢ ᠡᠯᠰᠡᠵᠦ ᠶᠠᠭᠠᠷᠠᠯᠳᠤᠮᠤᠢ ᠬᠡᠮᠡᠮᠦ᠃
ᠲᠡᠳᠦᠢ ᠳ᠋ᠦ᠍ᠷ ᠮᠣᠩᠭᠣᠯ ᠠ᠋ᠴᠠ ᠤᠷᠪᠠᠭᠰᠠᠨ ᠵᠠᠩ ᠱᠢ ᠵᠢᠶᠧ ᠂ ᠰᠦᠨ ᠬᠤ᠌ ᠴᠸᠨ ᠨᠠᠷ ᠬᠥᠬᠡ ᠮᠤᠷᠠᠨ ᠤ᠋ ᠵᠢᠶᠣᠤ ᠱᠠᠨ ᠠᠭᠤᠯᠠ ᠶ᠋ᠢᠨ ᠳᠣᠣᠷ᠎ᠠ ᠵᠠᠬ᠎ᠠ ᠪᠠᠷ ᠣᠩᠭᠣᠴᠠ ᠪᠠᠨ ᠠᠷᠪᠠ ᠠᠷᠪᠠ ᠪᠠᠷ ᠬᠣᠯᠪᠣᠵᠤ ᠮᠥᠷᠡᠨ ᠦ᠌ ᠠᠭᠤᠳᠠᠮ ᠳ᠋ᠤᠷ ᠵᠢᠭᠰᠠᠭᠠᠨ ᠮᠣᠩᠭᠣᠯᠴᠤᠳ ᠲᠤᠷ ᠳᠡᠢᠯᠦᠭᠳᠡᠪᠡᠰᠦ ᠠᠮᠢᠳᠤ ᠪᠤᠴᠠᠬᠤ ᠦᠭᠡᠢ ᠭᠡᠮᠡᠨ ᠠᠮᠠᠯᠠᠨ ᠬᠦᠯᠢᠶᠡᠪᠡᠢ᠃ ᠡᠵᠡᠨ ᠦ᠌ ᠵᠠᠷᠯᠢᠭ ᠢ᠋ᠶ᠋ᠠᠷ ᠪᠠᠢᠯᠳᠤᠬᠤ ᠶ᠋ᠢ ᠵᠣᠭᠰᠣᠭᠰᠠᠨ ᠠ᠋ᠴᠠ ᠰᠠᠬᠢᠵᠤ ᠰᠠᠭᠤᠭᠰᠠᠨ ᠬᠣᠲᠠ ᠪᠠᠯᠭᠠᠰᠤᠨ ᠢ᠋ᠶ᠋ᠠᠨ ᠴᠤ᠌ ᠠᠯᠳᠠᠬᠤ ᠠᠶᠤᠯ ᠲᠠᠢ ᠪᠣᠯᠪᠠ ᠃ ᠪᠢᠳᠡᠨᠡᠷ ᠭᠠᠷ ᠨᠤᠬᠤᠯᠬᠢᠯᠠᠨ ᠶᠤᠸᠠᠨᠱᠤᠸᠠᠢ ᠶ᠋ᠢ ᠬᠦᠯᠢᠶᠡᠮᠦᠢ ᠬᠡᠮᠡᠪᠡ᠃
ᠪᠠᠶᠠᠨ ᠶᠤᠸᠠᠨᠱᠤᠸᠠᠢ ᠪᠠᠢᠳᠠᠯ ᠢ᠋ ᠰᠣᠨᠣᠰᠴᠤ ᠮᠡᠳᠡᠭᠡᠳ ᠥᠭᠦᠯᠡᠷᠦᠨ: 《ᠡᠳᠦᠭᠡ ᠰᠥᠩ ᠤᠯᠤᠰ ᠤ᠋ᠨ ᠴᠡᠷᠢᠭ ᠠᠷᠠᠳ ᠵᠠᠩᠵᠤᠨ ᠲᠦᠰᠢᠮᠡᠳ ᠴᠥᠮ ᠵᠢᠷᠦᠬᠡ ᠦᠬᠦᠬᠦ ᠦᠭᠡᠢ ᠰᠠᠯᠬᠢᠨ ᠤ᠋ ᠠᠶ᠎ᠠ ᠶ᠋ᠢ ᠦᠵᠡᠵᠦ ᠰᠠᠭᠤᠮᠤᠢ ᠃ ᠪᠣᠯᠬᠤ ᠳᠣᠲᠣᠷ᠎ᠠ ᠬᠠᠷᠢ ᠶ᠋ᠢᠨ ᠬᠥᠮᠦᠰ ᠲᠣᠷ ᠦᠯᠦ ᠳᠠᠭᠠᠬᠤ ᠶ᠋ᠢ ᠰᠠᠨᠠᠵᠤ ᠪᠦᠬᠦ ᠡᠷᠡᠮᠡᠯᠵᠡᠯᠡᠯ ᠢ᠋ᠶ᠋ᠡᠨ ᠴᠥᠮ ᠵᠠᠩ ᠱᠢ ᠵᠢᠶᠧ ᠂ ᠰᠦᠨ ᠬᠤ᠌ ᠴᠸᠨ ᠦ᠌ ᠡᠨᠡ ᠨᠢᠭᠡᠨ ᠤᠳᠠᠭ᠎ᠠ ᠶ᠋ᠢᠨ ᠪᠠᠢᠯᠳᠤᠭᠠᠨ ᠳ᠋ᠤᠷ ᠲᠠᠯᠪᠢᠪᠠᠢ ᠃ ᠪᠢᠳᠡ ᠳᠡᠢᠯᠦᠭᠳᠡᠪᠡᠰᠦ ᠰᠥᠩ ᠤᠯᠤᠰ ᠯᠠᠪ ᠪᠦᠬᠦᠨ ᠢ᠋ᠶ᠋ᠡᠷ ᠢ᠋ᠶ᠋ᠡᠨ ᠬᠥᠳᠡᠯᠦᠮᠦᠢ ᠃ ᠲᠡᠢᠨ ᠬᠦ᠌ ᠡᠨᠡ ᠨᠢᠭᠡᠨ ᠬᠦᠴᠦᠨ ᠢ᠋ ᠠᠷᠢᠯᠭᠠᠵᠤ ᠰᠥᠩ ᠦ᠋ᠨ ᠬᠥᠮᠦᠰ ᠦ᠋ᠨ ᠭᠣᠷᠢᠳᠠᠯ ᠢ᠋ ᠲᠠᠰᠤᠯᠪᠠᠰᠤ ᠪᠤᠰᠤ ᠬᠣᠲᠠ ᠲᠣᠰᠬᠣᠨ ᠯᠠᠪ ᠰᠠᠯᠬᠢᠨ ᠤ᠋ ᠠᠶᠠᠪᠡᠷ ᠳᠠᠭᠠᠷ᠎ᠠ ᠢᠷᠡᠮᠦᠢ᠃ ᠬᠡᠷᠬᠢᠵᠦ ᠪᠠᠢᠯᠳᠤᠬᠤ ᠲᠤᠬᠠᠢ ᠲᠠ ᠬᠣᠶᠠᠷ ᠲᠤᠷ ᠪᠣᠳᠣᠭᠰᠠᠨ ᠭᠠᠵᠠᠷ ᠪᠣᠢ ᠤᠤ? 》 ᠭᠡᠮᠡᠨ ᠠᠰᠠᠭᠤᠪᠠᠰᠤ ᠳ᠋ᠦᠩ ᠸᠸᠨ ᠫᠢᠩ ᠥᠭᠦᠯᠡᠷᠦᠨ :《 ᠵᠠᠩ ᠱᠢ ᠵᠢᠶᠧ ᠂ ᠰᠦᠨ ᠬᠤ᠌ ᠴᠸᠨ ᠦ᠌ ᠣᠩᠭᠣᠴᠠ ᠴᠥᠮ ᠮᠥᠷᠡᠨ ᠦ᠌ ᠠᠭᠤᠳᠠᠮ ᠳ᠋ᠤᠷ ᠵᠢᠭᠰᠠᠭᠠᠭᠰᠠᠨ ᠲᠤᠯᠠ ᠭᠠᠯ ᠫᠤᠤ ᠬᠦᠷᠬᠦ ᠦᠭᠡᠢ ᠪᠣᠯᠪᠠ ᠃ ᠴᠣᠬᠣᠮ ᠡᠷ᠎ᠡ ᠪᠡᠷ ᠪᠠᠢᠯᠳᠤᠬᠤ ᠪᠣᠢ ᠶᠠ 》ᠬᠡᠮᠡᠪᠡ᠃ ᠠᠵᠤᠤ ᠭᠠᠢᠬᠠᠵᠤ ᠥᠭᠦᠯᠡᠷᠦᠨ :《ᠣᠩᠭᠣᠴᠠ ᠬᠣᠯᠪᠣᠬᠤ ᠵᠢᠭᠰᠠᠭᠠᠯ ᠢ᠋ ᠭᠠᠯ ᠢ᠋ᠶ᠋ᠠᠷ ᠪᠠᠢᠯᠳᠤᠬᠤ ᠶ᠋ᠢ ᠥᠴᠦᠬᠡᠨ ᠬᠡᠦᠬᠡᠳ ᠴᠦ᠍ ᠮᠡᠳᠡᠬᠦ ᠠᠲᠠᠯ᠎ᠠ ᠰᠥᠩ ᠦ᠋ᠨ ᠬᠥᠮᠦᠰ ᠶᠠᠭᠤᠨ ᠳ᠋ᠤᠷ ᠪᠠᠰᠠ ᠠᠶᠤᠮᠰᠢᠭ ᠦᠭᠡᠢ ᠣᠩᠭᠣᠴᠠ ᠬᠣᠯᠪᠣᠬᠤ ᠠᠵᠢ ᠃ ᠦ ᠤᠯᠤᠰ ᠤ᠋ᠨ ᠳᠦ ᠳᠦ ᠵᠧᠦ ᠯᠠᠩ ᠡᠨᠳᠡ ᠡᠴᠡ ᠬᠣᠯᠠ ᠦᠭᠡᠢ ᡂᠢ ᠪᠢ ᠳ᠋ᠦ᠍ᠷ ᠽᠣᠤ ᠮᠧᠩ ᠳᠧ ᠶ᠋ᠢᠨ ᠬᠣᠯᠪᠣᠭᠠᠲᠤ ᠣᠩᠭᠣᠴᠠ ᠶ᠋ᠢ ᠰᠢᠲᠠᠭᠠᠭᠰᠠᠨ ᠢ᠋ ᠥᠭᠦᠯᠡᠬᠦ ᠦᠭᠡᠢ ᠣᠢᠷ᠎ᠠ ᠶ᠋ᠢᠨ ᠡᠳᠦᠷ ᠪᠠᠶᠠᠨ ᠶᠤᠸᠠᠨᠱᠤᠸᠠᠢ ᠳ᠋ᠤᠷ ᠬᠡᠳᠦ ᠳᠠᠬᠢᠨ ᠰᠢᠲᠠᠭᠠᠭᠳᠠᠭᠰᠠᠨ ᠢ᠋ᠶ᠋ᠠᠨ ᠯᠠᠪ ᠤᠮᠠᠷᠲᠠᠭᠠᠳᠤᠢ ᠪᠣᠢ ᠶᠠ᠃ ᠯᠠᠪ ᠤᠴᠢᠷ ᠪᠣᠢ 》ᠬᠡᠮᠡᠪᠡ᠃ ᠪᠠᠶᠠᠨ ᠶᠤᠸᠠᠨᠱᠤᠸᠠᠢ ᠥᠭᠦᠯᠡᠷᠦᠨ ᠄《ᠳᠠᠢᠰᠤᠨ ᠤ᠋ ᠣᠩᠭᠣᠴᠠ ᠬᠣᠯᠪᠣᠭᠰᠠᠨ ᠠᠨᠤ ᠵᠥᠪᠬᠡᠨ ᠵᠠᠩᠵᠤᠨ ᠴᠡᠷᠢᠭ ᠠᠶᠤᠨ ᠳᠤᠲᠠᠭᠠᠬᠤ ᠶ᠋ᠢ ᠰᠡᠷᠭᠡᠢᠯᠡᠨ ᠬᠠᠷᠢᠯᠴᠠᠨ ᠱᠠᠭᠠᠷᠳᠠᠵᠤ ᠦᠬᠦᠨ ᠪᠠᠢᠯᠳᠤᠬᠤ ᠶ᠋ᠢᠨ ᠲᠥᠯᠥᠭᠡ ᠠᠪᠤᠭᠰᠠᠨ ᠠᠷᠭ᠎ᠠ ᠪᠤᠰᠤ ᠠᠷᠭ᠎ᠠ ᠪᠣᠯᠠᠢ᠃ ᠭᠠᠯ ᠠ᠋ᠴᠠ ᠠᠶᠤᠬᠤ ᠦᠭᠡᠢ ᠶᠣᠰᠣ ᠪᠣᠢ ᠤᠤ? ᠪᠢᠳᠡ ᠭᠠᠯ ᠢ᠋ᠶ᠋ᠠᠷ ᠪᠠᠢᠯᠳᠤᠪᠠᠰᠤ ᠯᠠᠪ ᠲᠠᠢᠯᠵᠤ ᠪᠣᠯᠤᠮᠤᠢ᠃ ᠡᠨᠡ ᠮᠥᠨ ᠴᠦ᠍ ᠡᠵᠡᠨ ᠦ᠌ ᠠᠭᠤᠤ ᠪᠤᠶᠠᠨ ᠪᠣᠯᠠᠢ 》ᠭᠡᠮᠡᠨ ᠰᠦᠩᠭᠤᠸᠡᠨ ᠲᠦᠰᠢᠮᠡᠯ ᠯᠢ ᠲᠢᠩ ᠂ ᠯᠢᠦ ᠭᠦᠸᠧ ᠵᠢᠶᠧ ᠬᠣᠶᠠᠷ ᠢ᠋ ᠳᠠᠭᠤᠳᠠᠵᠤ ᠵᠢᠶᠣᠤ ᠱᠠᠨ ᠠᠭᠤᠯᠠ ᠶ᠋ᠢᠨ ᠡᠬᠢᠨ ᠳ᠋ᠦ᠍ᠷ ᠶᠡᠬᠡ ᠰᠠᠯ ᠬᠣᠷᠢ ᠪᠡᠯᠡᠳᠬᠡᠵᠦ ᠳᠦᠭᠦᠷᠡᠩ ᠲᠦᠯᠡᠭᠡ ᠮᠣᠳᠣ ᠣᠪᠣᠭᠠᠯᠠᠨ ᠬᠡᠷᠡᠭᠯᠡᠬᠦᠢ ᠳ᠋ᠦ᠍ᠷ ᠪᠡᠯᠡᠬᠡᠨ ᠪᠣᠯᠤᠭ᠎ᠠ ᠭᠡᠮᠡᠨ ᠲᠣᠰᠪᠣᠷᠢ ᠬᠣᠶᠠᠷ ᠮᠢᠩᠭᠠᠨ ᠴᠡᠷᠢᠭ ᠥᠭᠴᠦ ᠶᠠᠪᠤᠭᠤᠯᠪᠠ᠃
ᠵᠢᠴᠢ ᠠᠵᠣᠤ ᠂ ᠳ᠋ᠦᠩ ᠸᠸᠨ ᠫᠢᠩ ᠂ ᠳᠡᠴᠦᠦ ᠂ ᠦ ᠰᠢᠦ ᠳᠥᠷᠪᠡᠭᠦᠯᠡ ᠶ᠋ᠢ ᠲᠤᠰ ᠲᠤᠰ ᠬᠤᠷᠳᠤᠨ ᠣᠩᠭᠣᠴᠠ ᠵᠠᠭᠤ ᠂ ᠭᠠᠪᠰᠢᠭᠠᠢ ᠡᠷᠡᠰ ᠭᠤᠷᠪᠠᠨ ᠮᠢᠩᠭ᠎ᠠ ᠰᠢᠯᠭᠠᠨ ᠠᠪᠴᠤ ᠠᠵᠤᠤ ᠪᠠᠷ ᠠᠭᠯᠠᠭᠤᠯᠵᠤ ᠡᠮᠦᠨᠡᠬᠢ ᠠᠩᠭᠢ ᠪᠣᠯᠵᠤ ᠭᠤᠲᠠᠭᠠᠷ ᠡᠳᠦᠷ ᠦ᠋ᠨ ᠥᠷᠯᠥᠭᠡ ᠵᠢᠶᠣᠤ ᠱᠠᠨ ᠠᠭᠤᠯᠠ ᠶ᠋ᠢᠨ ᠠᠮᠠᠨ ᠳ᠋ᠤᠷ ᠬᠦᠷᠴᠦ ᠯᠢ ᠲᠢᠩ ᠂ ᠯᠢᠦ ᠭᠦᠸᠧ ᠵᠢᠶᠧ ᠶ᠋ᠢᠨ ᠴᠡᠷᠢᠭ ᠲᠦ᠍ᠷ ᠨᠡᠢᠯᠡᠵᠦ ᠵᠠᠷᠯᠢᠭ ᠢ᠋ ᠬᠦᠯᠢᠶᠡᠭᠲᠦᠨ ᠭᠡᠮᠡᠨ ᠲᠤᠰᠢᠶᠠᠵᠤ ᠳᠤᠮᠳᠠᠳᠤ ᠶᠡᠬᠡ ᠴᠡᠷᠢᠭ ᠢ᠋ ᠥᠪᠡᠷ ᠦ᠋ᠨ ᠪᠡᠶ᠎ᠡ ᠪᠡᠷ ᠤᠳᠤᠷᠢᠳᠤᠨ ᠬᠠᠳᠠᠨ ᠬᠠᠨ ᠢ᠋ᠶ᠋ᠠᠷ ᠬᠠᠢᠭᠤᠯ ᠪᠣᠯᠭᠠᠪᠠ ᠃
ᠵᠠᠩᠵᠤᠨ ᠴᠡᠷᠢᠭ ᠢ᠋ᠶ᠋ᠡᠨ ᠲᠣᠬᠢᠷᠠᠭᠤᠯᠵᠤ ᠪᠠᠷᠠᠮᠠᠭᠴᠠ ᠳᠠᠷᠤᠢ ᠠᠵᠤᠤ ᠂ ᠠᠳᠠᠬᠠᠢ ᠨᠠᠷ ᠤ᠋ᠨ ᠬᠠᠮᠲᠤ ᠵᠢᠶᠣᠤ ᠱᠠᠨ ᠤ᠋ ᠭᠠᠵᠠᠷ ᠤ᠋ᠨ ᠪᠠᠢᠴᠠ ᠶ᠋ᠢ ᠦᠵᠡᠰᠦᠭᠡᠢ ᠭᠡᠮᠡᠨ ᠬᠥᠩᠭᠡᠨ ᠣᠩᠭᠣᠴᠠ ᠪᠠᠷ ᠳᠦᠭᠦᠷᠡᠩ ᠰᠠᠯᠬᠢ ᠲᠠᠲᠠᠭᠤᠯᠤᠨ ᠮᠣᠷᠳᠠᠪᠠ᠃
ᠥᠭᠦᠯᠡᠬᠦ ᠢᠨᠤ ᠵᠠᠩ ᠱᠢ ᠵᠢᠶᠧ ᠂ ᠰᠦᠨ ᠬᠤ᠌ ᠴᠧᠨ ᠂ ᠸᠸᠨ ᠲᠢᠶᠠᠨ ᠰᠢᠶᠠᠩ ᠨᠠᠷ ᠡᠳᠦᠷ ᠰᠥᠨᠢ ᠦᠭᠡᠢ ᠴᠡᠷᠢᠭ ᠡᠯᠰᠡᠵᠦ ᠪᠣᠯᠪᠠᠰᠤᠷᠠᠭᠤᠯᠤᠨ ᠣᠯᠠᠨ ᠵᠧᠦ ᠵᠢᠶᠦ᠋ᠨ ᠢ᠋ᠶ᠋ᠡᠷ ᠵᠠᠷ ᠲᠠᠷᠬᠠᠭᠠᠨ ᠮᠣᠩᠭᠣᠯ ᠤ᠋ᠨ ᠰᠦᠷ ᠬᠦᠴᠦᠨ ᠳ᠋ᠦ᠍ᠷ ᠳᠠᠷᠤᠭᠳᠠᠵᠤ ᠳᠠᠭᠠᠭᠰᠠᠨ ᠵᠧᠦ ᠵᠢᠶᠦ᠋ᠨ ᠪᠤᠴᠠᠵᠤ ᠢᠷᠡᠪᠡᠰᠦ ᠶᠠᠯᠠᠯᠠᠬᠤ ᠦᠭᠡᠢ ᠪᠥᠭᠡᠳ ᠭᠠᠪᠢᠶ᠎ᠠ ᠪᠠᠢᠭᠤᠯᠤᠭᠰᠠᠳ ᠲᠤᠷ ᠬᠦᠨᠳᠦ ᠱᠠᠩ ᠬᠦᠷᠲᠡᠭᠡᠮᠦᠢ᠃ ᠡᠳᠦᠭᠡ ᠶᠡᠬᠡ ᠰᠥᠩ ᠤᠯᠤᠰ ᠵᠢᠶᠣᠤ ᠱᠠᠨ ᠤ᠋ ᠳᠣᠣᠷ᠎ᠠ ᠠᠮᠠᠨ ᠳ᠋ᠤᠷ ᠲᠠᠪᠢᠨ ᠲᠦᠮᠡᠨ ᠦ᠌ ᠣᠯᠠᠨ ᠢ᠋ ᠵᠢᠭᠰᠠᠭᠠᠨ ᠮᠣᠩᠭᠣᠯᠴᠤᠳ ᠤ᠋ᠨ ᠳᠣᠲᠣᠭᠰᠢᠯᠠᠬᠤ ᠶ᠋ᠢ ᠬᠣᠷᠢᠭᠯᠠᠨ ᠠᠪᠴᠤ ᠬᠡᠳᠦᠨ ᠰᠠᠷ᠎ᠠ ᠪᠣᠯᠪᠠ᠃ ᠬᠡᠷᠪᠡ ᠪᠦᠭᠦᠳᠡᠭᠡᠷ ᠳᠠᠬᠢᠨ ᠥᠴᠦᠬᠡᠨ ᠴᠢᠷᠮᠠᠢᠪᠠᠰᠤ ᠮᠣᠩᠭᠣᠯᠴᠤᠳ ᠢ᠋ ᠮᠥᠷᠡᠨ ᠦ᠌ ᠡᠮᠦᠨ᠎ᠡ ᠡᠴᠡ ᠬᠥᠭᠡᠭᠡᠨ ᠭᠠᠷᠭᠠᠬᠤ ᠠᠨᠤ ᠬᠦᠴᠢᠷ ᠶᠠᠪᠤᠳᠠᠯ ᠪᠤᠰᠤ᠃ ᠵᠠᠯᠢᠬᠠᠢ ᠰᠠᠢᠳ ᠵᠢᠶᠠ ᠽᠢ ᠳ᠋ᠣᠣ ᠶ᠋ᠢ ᠨᠢᠭᠡᠨᠲᠡ ᠴᠠᠭᠠᠵᠠ ᠪᠠᠷ ᠰᠢᠳᠬᠡᠭᠰᠡᠨ ᠲᠤᠯᠠ ᠰᠥᠩ ᠤᠯᠤᠰ ᠤ᠋ᠨ ᠳᠠᠬᠢᠨ ᠮᠠᠨᠳᠤᠬᠤ ᠶ᠋ᠢ ᠬᠠᠨ ᠤᠯᠤᠰ ᠤ᠋ᠨ ᠭᠤᠸᠠᠩ ᠡᠤ ᠶ᠋ᠢᠨ ᠣᠨ ᠨᠤᠭᠤᠳ ᠲᠠᠢ ᠠᠳᠠᠯᠢᠳᠬᠠᠵᠤ ᠦᠵᠡᠬᠦ ᠢᠨᠤ ᠬᠡᠲᠦᠷᠬᠡᠢ ᠪᠤᠰᠤ 》ᠭᠡᠬᠦ ᠮᠡᠲᠦ ᠦᠭᠡ ᠲᠠᠷᠬᠠᠭᠠᠨ ᠮᠠᠰᠢ ᠣᠯᠠᠨ ᠵᠧᠦ ᠵᠢᠶᠦ᠋ᠨ ᠢ᠋ ᠲᠡᠳᠡᠨ ᠠᠪᠴᠠᠢ᠃ ᠪᠠᠰᠠ ᠡᠳᠦᠢ ᠲᠡᠳᠦᠢ ᠵᠧᠦ ᠵᠢᠶᠦ᠋ᠨ ᠢᠯᠡ ᠪᠡᠷ ᠴᠢᠳᠠᠬᠤ ᠦᠭᠡᠢ ᠪᠣᠯᠪᠠᠴᠤ ᠳᠠᠯᠳᠠ ᠪᠠᠷ ᠲᠤᠰᠠᠯᠠᠯᠴᠠᠮᠤᠢ᠃
ᠲᠡᠳᠦᠢ ᠳ᠋ᠦ᠍ᠷ ᠶᠡᠬᠡ ᠵᠠᠩᠵᠤᠨ ᠠᠵᠤᠤ ᠂ ᠪᠠᠶᠠᠨ ᠶᠤᠸᠠᠨᠱᠤᠸᠠᠢ ᠶ᠋ᠢᠨ ᠬᠠᠮᠲᠤ ᠰᠢ ᠬᠦᠩ ᠱᠠᠨ ᠠᠭᠤᠯᠠᠨ ᠳ᠋ᠤᠷ ᠭᠠᠷᠴᠤ ᠰᠥᠩ ᠤᠯᠤᠰ ᠤ᠋ᠨ ᠵᠢᠭᠰᠠᠭᠠᠯ ᠢ᠋ ᠭᠡᠲᠡᠪᠡᠰᠦ ᠪᠠᠢᠯᠳᠤᠭᠠᠨ ᠤ᠋ ᠣᠩᠭᠣᠴᠠ ᠮᠥᠷᠡᠨ ᠢ᠋ ᠪᠦᠷᠬᠦᠵᠦ ᠲᠤᠭ ᠬᠢᠭᠢᠷᠢ ᠨᠠᠷᠠᠨ ᠢ᠋ ᠬᠠᠯᠬᠠᠯᠠᠨ ᠰᠦᠷ ᠬᠦᠴᠦᠨ ᠥᠩᠭᠡᠷᠡᠭᠰᠡᠨ ᠦ᠌ ᠬᠢ ᠯᠦ᠍ᠭᠡ ᠠᠳᠠᠯᠢᠳᠬᠠᠵᠤ ᠦᠯᠦ ᠪᠣᠯᠤᠮᠤᠢ᠃ ᠪᠠᠶᠠᠨ ᠶᠤᠸᠠᠨᠱᠤᠸᠠᠢ ᠦᠵᠡᠭᠡᠳ ᠤᠷᠲᠤ ᠰᠡᠭᠦᠷᠡᠰᠦ ᠠᠯᠳᠠᠵᠤ ᠤᠳᠠᠲᠠᠯ᠎ᠠ ᠦᠭᠡ ᠳᠠᠭᠤᠨ ᠦᠭᠡᠢ ᠳ᠋ᠦ᠍ᠷ ᠠᠵᠤᠤ ᠢᠨᠢᠶᠡᠨ ᠥᠭᠦᠯᠡᠷᠦᠨ ᠄ 《ᠮᠠᠨ ᠤ᠋ ᠴᠡᠷᠢᠭ ᠬᠡᠷᠪᠡ ᠵᠤᠨ ᠤ᠋ ᠬᠤᠭᠤᠴᠠᠭᠠᠨ ᠳ᠋ᠤᠷ ᠳᠠᠷᠤᠨ ᠣᠷᠣᠵᠤ ᠰᠥᠩ ᠤᠯᠤᠰ ᠲᠤᠷ ᠠᠮᠢᠰᠬᠤᠭ᠎ᠠ ᠲᠠᠯᠪᠢᠭᠰᠠᠨ ᠦᠭᠡᠢ ᠪᠥᠭᠡᠰᠦ ᠯᠢᠨ ᠠᠨ ᠬᠡᠳᠦᠢᠨᠡᠢ ᠮᠠᠨ ᠤ᠋ ᠪᠣᠯᠪᠠ ! ᠡᠨᠡ ᠮᠡᠲᠦ ᠶᠡᠬᠡ ᠲᠡᠢᠨ ᠬᠠᠮᠢᠭ᠎ᠠ ᠪᠣᠢ ᠠᠵᠢ ᠭᠡᠮᠡᠨ ᠶᠤᠸᠠᠨᠱᠤᠸᠠᠢ ᠲᠠ ᠰᠠᠨᠠᠬᠤ ᠦᠭᠡᠢ ᠤᠤ? 》 ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠥᠭᠦᠯᠡᠷᠦᠨ : 《ᠡᠨᠡ ᠴᠥᠮ ᠲᠡᠭᠷᠢ ᠶ᠋ᠢᠨ ᠲᠣᠭᠲᠠᠭᠠᠯ ᠪᠣᠯᠠᠢ ᠂ ᠬᠥᠮᠦᠨ ᠦ᠌ ᠮᠡᠳᠡᠬᠦ ᠢᠨᠦ ᠪᠤᠰᠤ ᠪᠤᠶᠤ ᠃ ᠡᠨᠡ ᠤᠳᠠᠭᠠᠨ ᠤ᠋ ᠲᠡᠢᠨ ᠳ᠋ᠦ᠍ᠷ ᠬᠡᠳᠦᠢ ᠪᠠᠭᠠᠲᠤᠷ ᠰᠢᠳᠤᠷᠭᠤ ᠡᠷᠡᠰ ᠠᠮᠢ ᠠᠯᠳᠠᠬᠤ ᠶ᠋ᠢ ᠬᠡᠷᠬᠢᠨ ᠮᠡᠳᠡᠮᠦᠢ 》ᠭᠡᠮᠡᠨ ᠳᠠᠬᠢᠨ ᠰᠡᠭᠦᠷᠡᠰᠦ ᠠᠯᠳᠠᠪᠠ᠃
ᠪᠠᠶᠠᠨ ᠶᠤᠸᠠᠨᠱᠤᠸᠠᠢ ᠴᠠᠴᠠᠷ ᠲᠠᠭᠡᠨ ᠪᠤᠴᠠᠭᠠᠳ ᠭᠤᠷᠪᠠᠨ ᠡᠳᠦᠷ ᠦ᠋ᠨ ᠳᠠᠷᠠᠭ᠎ᠠ ᠪᠠᠢᠯᠳᠤᠰᠤᠭᠠᠢ ᠭᠡᠮᠡᠨ ᠡᠯᠴᠢ ᠶᠠᠪᠤᠭᠤᠯᠵᠤ ᠪᠠᠢᠯᠳᠤᠬᠤ ᠪᠢᠴᠢᠭ ᠬᠦᠷᠭᠡᠯᠭᠦᠯᠬᠦᠢ ᠳ᠋ᠦ᠍ᠷ ᠠᠵᠤᠤ ᠭᠠᠢᠬᠠᠵᠤ ᠠᠰᠠᠭᠤᠷᠤᠨ : 《ᠬᠠᠷ᠎ᠠ ᠳ᠋ᠤᠷ ᠣᠷᠣᠪᠠᠰᠤ ᠬᠠᠷ᠎ᠠ ᠪᠣᠯᠵᠤ ᠰᠢᠷ᠎ᠠ ᠳ᠋ᠤᠷ ᠣᠢᠷᠠᠲᠤᠪᠠᠰᠤ ᠰᠢᠷ᠎ᠠ ᠬᠠᠯᠳᠠᠮᠤᠢ ᠬᠡᠮᠡᠭᠰᠡᠨ ᠮᠡᠲᠦ ᠶᠤᠸᠠᠨᠱᠤᠸᠠᠢ ᠲᠠ ᠬᠡᠵᠢᠶ᠎ᠡ ᠡᠴᠡ ᠪᠠᠰᠠ ᠡᠢᠮᠦ ᠰᠤᠷᠲᠠᠯ ᠲᠠᠢ ᠪᠣᠯᠪᠠ 》ᠬᠡᠮᠡᠪᠡᠰᠦ ᠪᠠᠶᠠᠨ ᠶᠤᠸᠠᠨᠱᠤᠸᠠᠢ ᠥᠭᠦᠯᠡᠷᠦᠨ :《ᠲᠡᠳᠡ ᠮᠠᠨ ᠢ᠋ ᠡᠨᠡ ᠤᠳᠠᠭᠠᠨ ᠤ᠋ ᠪᠠᠢᠯᠳᠤᠭᠠᠨ ᠢ᠋ᠶ᠋ᠠᠷ ᠮᠥᠷᠡᠨ ᠤ ᠡᠮᠦᠨᠡᠲᠦ ᠡᠴᠡ ᠬᠥᠭᠡᠭᠡᠵᠦ ᠶᠠᠪᠤᠭᠤᠯᠰᠤᠭᠠᠢ ᠬᠡᠮᠡᠬᠦᠢ ᠳ᠋ᠦ᠍ᠷ ᠪᠢ ᠡᠨᠡ ᠨᠢᠭᠡᠨ ᠤᠳᠠᠭᠠᠨ ᠤ᠋ ᠲᠡᠢᠨ ᠢ᠋ᠶ᠋ᠡᠷ ᠲᠡᠭᠦᠨ ᠢ᠋ ᠠᠷᠢᠯᠭᠠᠰᠤᠭᠠᠢ ᠬᠡᠮᠡᠬᠦ ᠲᠤᠯᠠ ᠲᠡᠳᠡᠨ ᠪᠠᠢᠯᠳᠤᠬᠤ ᠪᠢᠴᠢᠭ ᠢ ᠦᠵᠡᠪᠡᠰᠦ ᠯᠠᠪ ᠪᠦᠬᠦ ᠬᠦᠴᠦᠨ ᠢ᠋ᠶ᠋ᠡᠨ ᠲᠠᠯᠪᠢᠬᠤ ᠪᠣᠢ ᠢ᠎ᠠ᠃ ᠲᠡᠢᠨ ᠠᠪᠠᠰᠤ ᠨᠢᠭᠡᠯᠡ ᠳᠣᠣᠷ᠎ᠠ ᠰᠥᠨᠥᠭᠡᠬᠦᠢ ᠳ᠋ᠦ᠍ᠷ ᠳᠥᠭᠥᠮ ᠪᠣᠯᠤᠮᠤᠢ 》ᠬᠡᠮᠡᠪᠡ᠃
ᠬᠣᠷᠣᠮᠬᠠᠨ ᠵᠠᠭᠤᠷ᠎ᠠ ᠭᠤᠲᠠᠭᠠᠷ ᠡᠳᠦᠷ ᠦ᠋ᠨ ᠥᠷᠯᠥᠭᠡ ᠪᠣᠯᠵᠤ ᠶᠤᠸᠠᠨᠱᠤᠸᠠᠢ ᠶ᠋ᠢᠨ ᠶᠡᠬᠡ ᠴᠠᠴᠠᠷ ᠤ᠋ᠨ ᠴᠠᠭ ᠢ᠋ ᠰᠠᠬᠢᠬᠤ ᠲᠦᠰᠢᠮᠡᠯ ᠮᠣᠷᠳᠠᠬᠤ ᠳᠣᠬᠢᠶ᠎ᠠ ᠲᠠᠯᠪᠢᠬᠤᠢ ᠳ᠋ᠤᠷ ᠲᠡᠮᠳᠡᠭ ᠫᠤᠤ ᠶ᠋ᠢᠨ ᠳᠠᠭᠤᠨ ᠵᠡᠷᠭᠡ ᠭᠠᠷᠴᠤ ᠠᠵᠤᠤ ᠶ᠋ᠢᠨ ᠵᠠᠬᠢᠷᠬᠤ ᠡᠮᠦᠨᠡᠲᠦ ᠴᠡᠷᠢᠭ ᠳᠠᠷᠠᠭᠠᠯᠠᠨ ᠵᠢᠶᠣᠤ ᠱᠠᠨ ᠢ ᠴᠢᠭᠯᠡᠨ ᠤᠷᠤᠭᠤᠳᠠᠨ ᠬᠥᠳᠡᠯᠪᠡ᠃
ᠥᠭᠦᠯᠡᠬᠦ ᠢᠨᠦ ᠯᠢ ᠲᠢᠩ ᠂ ᠯᠢᠦ ᠭᠦᠸᠧ ᠵᠢᠶᠧ ᠨᠠᠷ ᠵᠢᠶᠣᠤ ᠱᠠᠨ ᠠᠭᠤᠯᠠ ᠶ᠋ᠢᠨ ᠣᠢ ᠮᠣᠳᠣ ᠵᠤᠵᠠᠭᠠᠨ ᠭᠠᠵᠠᠷ ᠣᠩᠭᠣᠴᠠ ᠪᠠᠨ ᠠᠷᠭᠠᠮᠵᠢᠵᠤ ᠥᠭᠦᠯᠡᠷᠦᠨ : 《ᠡᠨᠡ ᠤᠳᠠᠭᠠᠨ ᠤ᠋ ᠡᠭᠦᠷᠭᠡ ᠬᠤᠯᠤᠰᠤ ᠪᠤᠰᠤ ᠮᠣᠳᠣ ᠪᠣᠯᠵᠤ ᠬᠢᠯᠪᠠᠷ ᠪᠡᠶᠡᠯᠡᠭᠳᠡᠬᠦ ᠦᠭᠡᠢ ᠪᠤᠶᠤ᠃ ᠴᠢᠷᠮᠠᠢᠪᠠᠰᠤ ᠵᠣᠬᠢᠮᠤᠢ 》ᠭᠡᠮᠡᠨ ᠬᠤᠸᠠᠩ ᠵᠢᠶᠠ ᠸᠠᠨ ᠪᠤᠤ ᠶ᠋ᠢᠨ ᠪᠠᠢᠯᠳᠤᠭᠠᠨ ᠳ᠋ᠤᠷ ᠬᠤᠯᠤᠰᠤ ᠴᠠᠪᠴᠢᠵᠤ ᠶᠡᠬᠡ ᠭᠠᠪᠢᠶ᠎ᠠ ᠪᠠᠢᠭᠤᠯᠤᠭᠰᠠᠨ ᠢ᠋ᠶ᠋ᠠᠨ ᠪᠣᠳᠣᠵᠤ ᠴᠡᠷᠢᠭ ᠦ᠋ᠨ ᠠᠷᠠᠳ ᠢ᠋ᠶ᠋ᠠᠨ ᠱᠠᠭᠠᠷᠳᠠᠵᠤ ᠥᠨᠳᠥᠷ ᠥᠨᠳᠥᠷ ᠮᠣᠳᠣ ᠴᠠᠪᠴᠢᠵᠤ ᠶᠡᠬᠡ ᠰᠠᠯ ᠤᠶᠠᠵᠤ ᠬᠠᠭᠤᠷᠠᠢ ᠡᠪᠡᠰᠦ ᠲᠦᠯᠡᠭᠡ ᠶ᠋ᠢ ᠠᠭᠤᠯᠠ ᠮᠡᠲᠦ ᠠᠴᠢᠶᠠᠯᠠᠨ ᠶᠡᠬᠡ ᠣᠩᠭᠣᠴᠠ ᠶ᠋ᠢᠨ ᠠᠷᠤ ᠳ᠋ᠤᠷ ᠬᠣᠯᠪᠣᠵᠤ ᠠᠷᠠᠭᠠᠮᠵᠢᠭᠠᠳ ᠪᠡᠯᠡᠨ ᠪᠣᠯᠭᠠᠨ ᠬᠦᠯᠢᠶᠡᠵᠦ ᠰᠠᠭᠤᠪᠠᠢ᠃
ᠥᠭᠦᠯᠡᠬᠦ ᠢᠨᠤ ᠠᠵᠤᠤ ᠂ ᠲᠠᠴᠤᠤ ᠂ ᠳ᠋ᠦᠩ ᠸᠸᠨ ᠫᠢᠩ ᠂ ᠦ ᠰᠢᠦ ᠨᠠᠷ ᠡᠮᠦᠨᠡᠲᠦ ᠴᠡᠷᠢᠭ ᠢ᠋ᠶ᠋ᠡᠨ ᠠᠪᠴᠤ ᠯᠢ ᠲᠢᠩ ᠂ ᠯᠢᠦ ᠭᠦᠸᠧ ᠵᠢᠶᠧ ᠶ᠋ᠢᠨ ᠴᠡᠷᠢᠭ ᠯᠦ᠍ᠬᠡ ᠨᠡᠢᠯᠡᠬᠦ ᠪᠡᠷ ᠬᠦᠷᠴᠦ ᠢᠷᠡᠬᠦᠢ ᠳ᠋ᠦ᠍ᠷ ᠮᠥᠷᠡᠨ ᠦ᠌ ᠲᠣᠬᠣᠢ ᠠ᠋ᠴᠠ ᠬᠣᠣᠰ ᠳᠠᠷᠪᠠᠭᠤᠯᠲᠤ ᠨᠢᠭᠡ ᠬᠤᠷᠳᠤᠨ ᠣᠩᠭᠣᠴᠠ ᠵᠡᠪᠡ ᠮᠡᠲᠦ ᠬᠦᠷᠴᠦ ᠢᠷᠡᠮᠦᠢ ᠃ ᠭᠠᠢᠬᠠᠵᠤ ᠦᠵᠡᠪᠡᠰᠦ ᠬᠠᠷᠢᠨ ᠪᠠᠶᠠᠨ ᠶᠤᠸᠠᠨᠱᠤᠸᠠᠢ ᠪᠣᠯᠠᠢ᠃
ᠶᠡᠬᠡ ᠮᠥᠷᠡᠨ ᠵᠡᠭᠦᠨᠰᠢ ᠪᠡᠨ ᠤᠷᠤᠰᠬᠤ ᠲᠤᠯᠠ ᠵᠸᠨ ᠵᠢᠶᠠᠩ ᠠ᠋ᠴᠠ ᠵᠢᠶᠣᠤ ᠱᠠᠨ ᠬᠦᠷᠬᠦᠢ ᠳ᠋ᠦ᠍ᠷ ᠤᠷᠤᠰᠬᠠᠯ ᠤᠷᠤᠭᠤ ᠪᠥᠭᠡᠳ ᠶᠠᠭ ᠡᠪᠦᠯ ᠦ᠋ᠨ ᠡᠬᠢᠨ ᠦ᠌ ᠰᠠᠷ᠎ᠠ ᠲᠤᠯᠠ ᠬᠣᠩᠭᠣᠷ ᠰᠠᠯᠬᠢᠨ ᠪᠠᠷᠠᠭᠤᠨ ᠬᠣᠢᠲᠤ ᠠ᠋ᠴᠠ ᠬᠦᠴᠦᠲᠡᠢ ᠦᠯᠢᠶᠡᠨ ᠳᠠᠷᠪᠠᠭᠤᠯ ᠳᠦᠭᠦᠷᠡᠩ ᠰᠠᠯᠬᠢ ᠲᠠᠲᠠᠵᠤ ᠣᠩᠭᠣᠴᠠ ᠰᠤᠮᠤ ᠮᠡᠲᠦ ᠶᠠᠪᠤᠮᠤᠢ᠃
ᠪᠠᠶᠠᠨ ᠶᠤᠸᠠᠨᠱᠤᠸᠠᠢ ᠰᠠᠯᠬᠢᠨ ᠤ᠋ ᠪᠠᠢᠳᠠᠯ ᠢ᠋ ᠦᠵᠡᠵᠦ ᠰᠠᠯ ᠢ᠋ᠶ᠋ᠠᠨ ᠶᠡᠬᠡ ᠣᠩᠭᠣᠴᠠ ᠶ᠋ᠢᠨ ᠠᠷᠤ ᠳ᠋ᠤᠷ ᠬᠣᠯᠪᠣᠵᠤ ᠲᠠᠪᠤ ᠲᠠᠪᠤ ᠪᠠᠷ ᠬᠥᠨᠳᠡᠯᠡᠨ ᠵᠢᠭᠰᠠᠭᠠᠨ ᠰᠤᠷᠭᠠᠵᠤ ᠥᠭᠦᠯᠡᠷᠦᠨ: ᠬᠥᠬᠡ ᠲᠤᠭ ᠦᠵᠡᠮᠡᠭᠴᠡ ᠲᠡᠷᠢᠭᠦᠨ ᠦ᠌ ᠲᠠᠪᠤᠨ ᠰᠠᠯ ᠤ᠋ᠨ ᠵᠦᠭᠯᠡᠭᠦᠷ ᠦ᠋ᠨ ᠴᠡᠷᠢᠭ ᠢ᠋ᠶ᠋ᠡᠨ ᠬᠣᠷᠢᠶᠠᠨ ᠠᠪᠴᠤ ᠣᠩᠭᠣᠴᠠ ᠡᠷᠭᠢᠵᠦ ᠰᠠᠯ ᠢ᠋ᠶ᠋ᠠᠨ ᠡᠮᠦᠨ᠎ᠡ ᠪᠡᠨ ᠭᠠᠷᠭᠠᠵᠤ ᠰᠥᠩ ᠦ᠋ᠨ ᠭᠣᠣᠯ ᠵᠢᠭᠰᠠᠭᠠᠯ ᠢ᠋ ᠴᠢᠭᠯᠡᠨ ᠂ ᠤᠯᠠᠭᠠᠨ ᠲᠤᠭ ᠦᠵᠡᠮᠡᠭᠴᠡ ᠭᠠᠯ ᠲᠠᠯᠪᠢᠵᠤ ᠬᠣᠯᠪᠣᠭᠰᠠᠨ ᠳᠡᠭᠡᠰᠦ ᠪᠡᠨ ᠴᠠᠪᠴᠢᠵᠤ ᠲᠠᠯᠪᠢᠨ ᠶᠠᠪᠤᠭᠤᠯ ! ᠵᠠᠩ ᠱᠢ ᠵᠢᠶᠧ ᠶ᠋ᠢᠨ ᠵᠢᠭᠰᠠᠭᠠᠯ ᠭᠠᠯ ᠤ᠋ᠨ ᠣᠪᠣᠭ᠎ᠠ ᠶ᠋ᠢ ᠦᠵᠡᠪᠡᠰᠦ ᠲᠡᠮᠦᠷ ᠣᠩᠭᠣᠴᠠ ᠪᠣᠯᠤᠭᠰᠠᠨ ᠴᠤ᠌ ᠤᠯᠠᠢᠬᠤ ᠲᠤᠯᠠ ᠬᠥᠳᠡᠯᠬᠦ ᠦᠭᠡᠢ ᠶᠣᠰᠣ ᠪᠣᠢ ᠤᠤ ! ᠲᠡᠳᠦᠢ ᠳ᠋ᠦ᠍ᠷ ᠲᠠᠴᠤᠤ ᠂ ᠦ ᠰᠢᠦ ᠂ ᠳ᠋ᠦᠩ ᠸᠸᠨ ᠫᠢᠩ ᠴᠡᠷᠢᠭ ᠢ᠋ᠶ᠋ᠡᠨ ᠠᠪᠴᠤ ᠲᠤᠰ ᠲᠤᠰ ᠨᠢᠭᠡᠨ ᠠᠩᠭᠢ ᠲᠠᠪᠤᠨ ᠰᠠᠯ ᠢ᠋ ᠳᠠᠭᠠᠵᠤ ᠵᠠᠩ ᠱᠢ ᠵᠧᠧ ᠶ᠋ᠢᠨ ᠵᠢᠭᠰᠠᠭᠠᠯ ᠢ᠋ ᠣᠢᠷᠠᠲᠤᠵᠤ ᠭᠠᠯ ᠲᠠᠯᠪᠢᠨ ᠭᠤᠷᠪᠠᠨ ᠵᠠᠮ ᠢ᠋ᠶ᠋ᠠᠷ ᠠᠯᠠᠨ ᠣᠷᠣ! ᠠᠵᠤᠤ ᠬᠣᠰᠢᠭᠤᠴᠢ ᠴᠡᠷᠢᠭ ᠦ᠋ᠨ ᠪᠠᠢᠳᠠᠯ ᠢ᠋ ᠦᠵᠡᠵᠦ ᠬᠦᠷᠦᠯᠴᠡᠬᠦ ᠦᠭᠡᠢ ᠭᠠᠵᠠᠷ ᠲᠤᠷ ᠲᠤᠰᠠᠯᠠ᠃ ᠴᠠᠴᠠᠷ ᠤ᠋ᠨ ᠣᠯᠠᠨ ᠵᠠᠩᠵᠤᠨ ᠲᠦᠰᠢᠮᠡᠯ ᠨᠠᠮ᠎ᠠ ᠶ᠋ᠢ ᠳᠠᠭᠠᠵᠤ ᠶᠡᠬᠡ ᠣᠩᠭᠣᠴᠠᠨ ᠳ᠋ᠤᠷ ᠭᠠᠷᠴᠤ ᠮᠢᠨᠦ ᠰᠥᠩ ᠦ᠋ᠨ ᠣᠩᠭᠣᠴᠠ ᠬᠣᠯᠪᠣᠭᠰᠠᠨ ᠵᠢᠭᠰᠠᠭᠠᠯ ᠢ ᠡᠪᠳᠡᠬᠦ ᠶ᠋ᠢ ᠦᠵᠡᠭᠲᠦᠨ ᠭᠡᠮᠡᠨ ᠵᠠᠷᠯᠢᠭ ᠥᠭᠴᠦ ᠮᠣᠷᠳᠠᠬᠤ ᠲᠡᠮᠳᠡᠭ ᠫᠤᠤ ᠲᠠᠯᠪᠢᠭᠤᠯᠤᠨ ᠲᠡᠷᠢᠭᠦᠨ ᠠᠩᠭᠢ ᠲᠠᠪᠤᠨ ᠰᠠᠯ ᠴᠢᠷᠦᠭᠰᠡᠨ ᠯᠢ ᠲᠢᠩ ᠦ᠋ᠨ ᠠᠴᠢᠶᠠᠨ ᠤ᠋ ᠶᠡᠬᠡ ᠣᠩᠭᠣᠴᠠ ᠶ᠋ᠢ ᠳᠠᠭᠠᠯᠳᠤᠨ ᠠᠵᠤᠤ ᠶ᠋ᠢᠨ ᠬᠣᠰᠢᠭᠤᠴᠢ ᠴᠡᠷᠢᠭ ᠲᠤᠰ ᠲᠤᠰ ᠨᠢᠭᠡᠨ ᠠᠩᠭᠢ ᠲᠠᠪᠤᠨ ᠶᠡᠬᠡ ᠰᠠᠯ ᠤ᠋ᠨ ᠠᠷᠤ ᠳ᠋ᠤᠷ ᠳᠠᠭᠠᠵᠤ ᠮᠣᠷᠳᠠᠪᠠ᠃ ᠪᠠᠶᠠᠨ ᠶᠤᠸᠠᠨᠱᠤᠸᠠᠢ ᠶ᠋ᠢᠨ ᠳᠤᠮᠳᠠᠳᠤ ᠶᠡᠬᠡ ᠴᠡᠷᠢᠭ ᠬᠣᠰᠢᠭᠤᠴᠢ ᠣᠩᠭᠣᠴᠠ ᠮᠠᠰᠢ ᠬᠣᠯᠠᠳᠠᠭᠰᠠᠨ ᠤ᠋ ᠬᠣᠢᠨ᠎ᠠ ᠰᠠᠶᠢ ᠬᠠᠭᠠᠰ ᠳᠠᠷᠪᠠᠭᠤᠯ ᠢ᠋ᠶ᠋ᠠᠷ ᠠᠯᠭᠤᠷ ᠪᠠᠭᠤᠬᠤᠢ ᠳ᠋ᠤ᠌ ᠥᠷᠥᠨ᠎ᠡ ᠰᠠᠯᠬᠢᠨ ᠠᠶᠠᠲᠠᠢᠬᠠᠨ ᠦᠯᠢᠶᠡᠨ ᠵᠥᠭᠡᠯᠡᠨ ᠳᠣᠯᠭᠢᠶᠠᠨ ᠣᠩᠭᠣᠴᠠ ᠶ᠋ᠢ ᠤᠬᠢᠶᠠᠮᠤᠢ᠃ ᠪᠠᠶᠠᠨ ᠶᠤᠸᠠᠨᠱᠤᠸᠠᠢ ᠂ ᠶᠤᠸᠠᠨᠱᠤᠸᠠᠢ ᠶ᠋ᠢᠨ ᠲᠡᠮᠳᠡᠭ ᠲᠤᠭ ᠤ᠋ᠨ ᠳᠣᠣᠷ᠎ᠠ ᠵᠣᠭᠰᠣᠵᠤ ᠵᠠᠩ ᠱᠢ ᠵᠢᠶᠧ ᠶ᠋ᠢᠨ ᠶᠡᠬᠡ ᠤᠰᠤᠨ ᠴᠡᠷᠢᠭ ᠦ᠋ᠨ ᠴᠠᠢᠵᠠ ᠶ᠋ᠢ ᠦᠵᠡᠵᠦ ᠥᠭᠦᠯᠡᠷᠦᠨ᠄ 《ᠡᠨᠡ ᠡᠳᠦᠷ ᠬᠡᠷᠪᠡ ᠺᠦᠩ ᠮᠢᠩ ᠳᠠᠬᠢᠨ ᠠᠮᠢᠳᠤᠷᠠᠵᠤ ᠵᠡᠭᠦᠨ ᠦ᠌ ᠰᠠᠯᠬᠢᠨ ᠢ ᠤᠷᠢᠬᠤ ᠦᠭᠡᠢ ᠪᠥᠭᠡᠰᠦ ᠵᠠᠩ ᠱᠢ ᠵᠢᠶᠧ ᠶ᠋ᠢᠨ ᠣᠯᠠᠨ ᠭᠠᠯ ᠤᠰᠤᠨ ᠤ᠋ ᠠᠶᠤᠯ ᠠ᠋ᠴᠠ ᠬᠡᠯᠲᠦᠷᠢᠵᠦ ᠦᠯᠦ ᠴᠢᠳᠠᠮᠤᠢ 》ᠭᠡᠮᠡᠨ ᠠᠲᠠᠯ᠎ᠠ ᠳᠡᠭᠡᠳᠦ ᠤᠷᠤᠰᠬᠠᠯ ᠠ᠋ᠴᠠ ᠬᠠᠳᠠᠨ ᠬᠠᠨ ᠂ ᠰᠣᠳᠣᠷᠲᠠᠢ ᠂ ᠠᠲᠠᠬᠠᠢ ᠨᠠᠷ ᠬᠠᠢᠭᠤᠯ ᠤ᠋ᠨ ᠶᠡᠬᠡ ᠴᠡᠷᠢᠭ ᠢ᠋ ᠠᠪᠴᠤ ᠮᠥᠨ ᠬᠠᠭᠠᠰ ᠰᠠᠯᠬᠢᠨ ᠲᠠᠲᠠᠭᠤᠯᠵᠤ ᠠᠯᠭᠤᠷ ᠪᠠᠭᠤᠵᠤ ᠢᠷᠡᠮᠦᠢ᠃ ᠲᠡᠳᠦᠢ ᠳ᠋ᠦ᠍ᠷ ᠯᠢ ᠲᠢᠩ ᠂ ᠯᠢᠦ ᠭᠦᠸᠧ ᠵᠢᠶᠧ ᠬᠠᠯᠬᠠᠪᠴᠢᠲᠤ ᠠᠴᠢᠶᠠᠨ ᠤ᠋ ᠶᠡᠬᠡ ᠣᠩᠭᠣᠴᠠ ᠪᠠᠨ ᠭᠣᠣᠯ ᠤᠷᠤᠰᠬᠠᠯ ᠢ᠋ᠶ᠋ᠠᠷ ᠳᠠᠷᠪᠠᠭᠤᠯ ᠳᠦᠭᠦᠷᠡᠩ ᠰᠠᠯᠬᠢ ᠲᠠᠲᠠᠭᠤᠯᠤᠨ ᠨᠢᠰᠬᠦ ᠮᠡᠲᠦ ᠤᠷᠤᠭᠤ ᠲᠠᠯᠪᠢᠬᠤᠢ ᠳ᠋ᠤᠷ ᠵᠠᠩ ᠱᠢ ᠵᠢᠶᠧ ᠠᠢᠰᠤᠢ ᠴᠥᠭᠡᠨ ᠣᠩᠭᠣᠴᠠ ᠶ᠋ᠢ ᠵᠢᠭᠰᠠᠭᠠᠯ ᠣᠢᠷᠠᠲᠤᠭᠤᠯᠵᠤ ᠪᠣᠯᠬᠤ ᠦᠭᠡᠢ ᠭᠡᠮᠡᠨ ᠬᠤᠷᠳᠤᠨ ᠣᠩᠭᠣᠴᠠ ᠭᠠᠷᠭᠠᠨ ᠶᠠᠪᠤᠭᠤᠯᠪᠠᠰᠤ ᠮᠣᠩᠭᠣᠯᠴᠤᠳ ᠬᠠᠯᠬᠠᠪᠴᠢᠲᠤ ᠣᠩᠭᠣᠴᠠ ᠠ᠋ᠴᠠ ᠬᠠᠲᠠᠭᠤ ᠨᠤᠮᠤ ᠪᠠᠷ ᠬᠠᠷᠪᠤᠵᠤ ᠣᠢᠷᠠᠲᠤᠭᠤᠯᠬᠤ ᠦᠭᠡᠢ ᠰᠢᠭᠤᠳ ᠵᠢᠭᠰᠠᠭᠠᠯ ᠣᠢᠷᠠᠲᠤᠵᠤ ᠢᠷᠡᠭᠡᠳ ᠭᠡᠨᠡᠳᠲᠡ ᠡᠷᠭᠢᠵᠦ ᠠᠷᠤ ᠳ᠋ᠤᠷ ᠬᠣᠯᠪᠣᠭᠰᠠᠨ ᠰᠠᠯ ᠢ᠋ᠶ᠋ᠠᠨ ᠡᠮᠦᠨ᠎ᠡ ᠪᠡᠨ ᠪᠣᠯᠭᠠᠨ ᠰᠥᠩ ᠦ᠋ᠨ ᠵᠠᠩᠵᠤᠨ ᠡᠷᠡᠰ ᠬᠣᠷᠢᠵᠤ ᠵᠢᠭᠰᠠᠭᠠᠬᠤᠢ ᠳ᠋ᠤᠷ ᠠᠷᠤ ᠶ᠋ᠢᠨ ᠣᠩᠭᠣᠴᠠ ᠠ᠋ᠴᠠ ᠤᠯᠠᠭᠠᠨ ᠲᠤᠭ ᠡᠷᠭᠦᠮᠡᠭᠴᠡ ᠰᠠᠯ ᠳ᠋ᠤᠷ ᠣᠪᠣᠭᠠᠳᠠᠢ ᠮᠣᠳᠣ ᠲᠦᠯᠡᠭᠡ ᠭᠡᠨᠡᠳᠲᠡ ᠭᠠᠯ ᠮᠠᠨᠳᠤᠵᠤ ᠰᠥᠩ ᠦ᠋ᠨ ᠬᠣᠷᠢᠵᠤ ᠵᠣᠭᠰᠣᠭᠰᠠᠨ ᠣᠩᠭᠣᠴᠠ ᠲᠣᠭᠲᠠᠵᠤ ᠴᠢᠳᠠᠬᠤ ᠦᠭᠡᠢ ᠵᠠᠢᠯᠠᠨ ᠶᠠᠪᠤᠪᠠᠢ᠃ ᠬᠣᠯᠪᠣᠭᠰᠠᠨ ᠳᠡᠭᠡᠰᠦ ᠪᠡᠨ ᠲᠠᠰᠤ ᠲᠠᠰᠤ ᠴᠠᠪᠴᠢᠭᠰᠠᠨ ᠳ᠋ᠤᠷ ᠲᠠᠪᠤᠨ ᠮᠥᠷ ᠭᠠᠯ ᠤ᠋ᠨ ᠣᠪᠣᠭ᠎ᠠ ᠵᠠᠩ ᠱᠢ ᠵᠢᠶᠧ ᠶ᠋ᠢᠨ ᠬᠣᠯᠪᠣᠭᠰᠠᠨ ᠣᠩᠭᠣᠴᠠ ᠶ᠋ᠢᠨ ᠵᠢᠭᠰᠠᠭᠠᠯ ᠳ᠋ᠤᠷ ᠳᠠᠭᠠᠷᠢᠨ ᠣᠷᠣᠵᠤ ᠢᠷᠡᠮᠦᠢ᠃ ᠬᠥᠮᠦᠨ ᠣᠢᠷᠠᠲᠤᠵᠤ ᠪᠣᠯᠬᠤ ᠦᠭᠡᠢ ᠲᠤᠯᠠ ᠬᠦᠷᠦᠭᠰᠡᠨ ᠭᠠᠵᠠᠷ ᠴᠥᠮ ᠵᠠᠮ ᠲᠠᠯᠪᠢᠵᠤ ᠥᠭᠬᠦ ᠪᠣᠯᠵᠤ ᠵᠠᠩ ᠱᠢ ᠵᠢᠶᠧ ᠶ᠋ᠢᠨ ᠶᠡᠬᠡ ᠵᠢᠭᠰᠠᠭᠠᠯ ᠨᠢᠭᠡᠨᠲᠡ ᠬᠥᠳᠡᠯᠵᠦ ᠪᠦᠬᠦᠢ ᠳ᠋ᠦ᠍ᠷ ᠠᠵᠤᠤ ᠶ᠋ᠢᠨ ᠬᠣᠰᠢᠭᠤᠴᠢ ᠴᠡᠷᠢᠭ ᠪᠠᠰᠠ ᠭᠠᠯᠲᠤ ᠰᠠᠯ ᠤ᠋ᠨ ᠠᠷᠤ ᠳ᠋ᠤᠷ ᠳᠠᠭᠠᠵᠤ ᠬᠦᠷᠴᠦ ᠢᠷᠡᠪᠡ ᠃ ᠵᠠᠩ ᠱᠢ ᠵᠢᠶᠧ ᠶ᠋ᠢᠨ ᠵᠢᠭᠰᠠᠭᠠᠯ ᠭᠠᠯ ᠤ᠋ᠨ ᠳᠠᠯᠠᠢ ᠪᠣᠯᠵᠤ ᠭᠠᠯ ᠰᠠᠯᠬᠢ ᠲᠠᠲᠠᠵᠤ ᠰᠠᠯᠬᠢᠨ ᠭᠠᠯ ᠳ᠋ᠤᠷ ᠬᠦᠴᠦ ᠨᠡᠮᠡᠨ ᠵᠠᠩ ᠱᠢ ᠵᠢᠶᠧ ᠶ᠋ᠢᠨ ᠤᠰᠤᠨ ᠴᠡᠷᠢᠭ ᠦ᠋ᠨ ᠤᠬᠢᠯᠠᠬᠤ ᠪᠠᠷᠬᠢᠷᠠᠬᠤ ᠳᠠᠭᠤᠨ ᠶᠡᠬᠡᠳᠡ ᠭᠠᠷᠴᠤ ᠰᠢᠲᠠᠭᠳᠠᠬᠤ ᠪᠤᠶᠤ ᠤᠰᠤᠨ ᠳ᠋ᠤᠷ ᠬᠠᠷᠠᠢᠵᠤ ᠦᠬᠦᠬᠦ ᠢᠨᠦ ᠲᠣᠭᠠᠯᠠᠰᠢ ᠦᠭᠡᠢ᠃ ᠭᠠᠯ ᠤ᠋ᠨ ᠣᠪᠣᠭᠠᠨ ᠤ᠋ ᠠᠷᠤ ᠠ᠋ᠴᠠ ᠠᠵᠤᠤ ᠂ ᠲᠠᠴᠤᠤ ᠂ ᠦ ᠰᠢᠦ ᠂ ᠳ᠋ᠦᠩ ᠸᠸᠨ ᠫᠢᠩ ᠨᠠᠷ ᠵᠠᠮ ᠬᠤᠪᠢᠶᠠᠨ ᠲᠤᠰ ᠲᠤᠰ ᠭᠤᠷᠪᠠᠨ ᠮᠢᠩᠭᠠᠨ ᠭᠠᠪᠰᠢᠭᠠᠢ ᠡᠷᠡᠰ ᠢ᠋ᠶ᠋ᠡᠨ ᠠᠪᠴᠤ ᠠᠯᠠᠨ ᠣᠷᠣᠪᠠᠠ᠋᠃ ᠭᠠᠯᠲᠤ ᠰᠠᠯ ᠪᠠ ᠰᠢᠲᠠᠭᠠᠭᠳᠠᠭᠰᠠᠨ ᠣᠩᠭᠣᠴᠠ ᠰᠥᠩ ᠤᠯᠤᠰ ᠤ᠋ᠨ ᠵᠢᠭᠰᠠᠭᠠᠯ ᠤ᠋ᠨ ᠳᠤᠮᠳᠠ ᠪᠠᠷ ᠨᠢᠭᠡᠨ ᠪᠥᠭᠡᠮ ᠭᠠᠯ ᠠᠭᠤᠯᠠ ᠪᠣᠯᠵᠤ ᠤᠷᠤᠰᠬᠠᠯ ᠳᠠᠭᠠᠵᠤ ᠪᠠᠭᠤᠬᠤᠢ ᠳ᠋ᠤᠷ ᠵᠠᠩ ᠱᠢ ᠵᠢᠶᠧ ᠶ᠋ᠢᠨ ᠤᠰᠤᠨ ᠴᠡᠷᠢᠭ ᠪᠤᠷᠤᠭᠤᠯᠠᠨ ᠶᠠᠪᠤᠬᠤ ᠶ᠋ᠢ ᠵᠠᠩ ᠱᠢ ᠵᠢᠶᠧ ᠂ ᠰᠦᠨ ᠬᠤ᠌ ᠴᠸᠨ ᠬᠣᠷᠢᠭᠯᠠᠨ ᠠᠪᠴᠤ ᠬᠡᠳᠦ ᠬᠡᠳᠦᠨ ᠬᠥᠮᠦᠨ ᠢ᠋ ᠴᠠᠪᠴᠢᠵᠤ ᠴᠡᠭᠡᠷᠯᠡᠭᠦᠯᠦᠨ ᠲᠣᠭᠲᠠᠭᠠᠨ ᠠᠪᠴᠤ ᠵᠢᠭᠰᠠᠭᠠᠨ ᠠᠵᠤᠤ ᠨᠠᠷ ᠤ᠋ᠨ ᠡᠮᠦᠨᠡᠲᠦ ᠴᠡᠷᠢᠭ ᠢ᠋ ᠤᠭᠲᠤᠵᠤ ᠠᠪᠤᠭᠠᠳ ᠵᠢᠭᠤᠷᠠᠯᠳᠤᠨ ᠴᠠᠪᠴᠢᠯᠳᠤᠵᠤ ᠡᠬᠢᠯᠡᠪᠡ ᠃ ᠨᠢᠭᠡᠨ ᠵᠡᠷᠭᠡ ᠠᠯᠠ ! ᠴᠠᠪᠴᠢ ! ᠬᠡᠮᠡᠬᠦ ᠳᠠᠭᠤᠨ ᠪᠠ ᠵᠢᠳᠠ ᠢᠯᠳᠦ ᠶ᠋ᠢᠨ ᠬᠠᠷᠰᠢᠯᠳᠤᠬᠤ ᠳᠠᠭᠤᠨ ᠴᠢᠮᠡᠭᠡ ᠶᠡᠬᠡᠳᠡ ᠭᠠᠷᠤᠮᠤᠢ᠃
ᠵᠠᠩ ᠱᠢ ᠵᠢᠶᠧ ᠶ᠋ᠢᠨ ᠴᠡᠷᠢᠭ ᠦ᠋ᠨ ᠣᠩᠭᠣᠴᠠ ᠬᠣᠯᠪᠣᠭᠠᠰᠤ ᠲᠠᠢ ᠪᠥᠭᠡᠡᠳ ᠶᠡᠬᠡ ᠲᠤᠯᠠ ᠠᠵᠣᠤ ᠶ᠋ᠢᠨ ᠡᠮᠦᠨᠡᠲᠦ ᠴᠡᠷᠢᠭ ᠮᠠᠰᠢ ᠪᠠᠴᠢᠮᠳᠠᠵᠤ ᠳᠠᠢᠰᠤᠨ ᠤ᠋ ᠣᠩᠭᠣᠴᠠ ᠶ᠋ᠢ ᠬᠡᠳᠦ ᠬᠡᠳᠦ ᠪᠤᠯᠢᠶᠠᠨ ᠠᠪᠤᠭᠰᠠᠨ ᠢ᠋ᠶ᠋ᠠᠷ ᠠᠷᠠᠢ ᠬᠥᠯ ᠲᠣᠭᠲᠠᠵᠤ ᠴᠢᠳᠠᠪᠠᠢ᠃ ᠦᠵᠡᠲᠡᠯ᠎ᠡ ᠲᠠᠢᠯᠤᠨ ᠳᠡᠢᠯᠦᠭᠳᠡᠬᠦ ᠶᠠᠪᠤᠳᠠᠯ ᠨᠢᠳᠦ ᠢᠷᠮᠡᠬᠦ ᠬᠣᠭᠣᠷᠣᠨᠳᠣ ᠪᠣᠯᠵᠤ ᠰᠥᠩ ᠤᠯᠤᠰ ᠤ᠋ᠨ ᠵᠠᠩᠵᠤᠨ ᠦᠬᠦᠨ ᠴᠢᠷᠮᠠᠢ᠌ᠢᠵᠤ ᠣᠭᠲᠣ ᠪᠤᠴᠠᠬᠤ ᠦᠭᠡᠢ ᠂ ᠢᠯᠠᠩᠭᠤᠶ᠎ᠠ ᠭᠠᠯ ᠤ᠋ᠨ ᠠᠶᠤᠯ ᠠ᠋ᠴᠠ ᠪᠤᠷᠤᠭᠤᠯᠠᠵᠤ ᠶᠠᠪᠤᠭᠰᠠᠨ ᠣᠩᠭᠣᠴᠠ ᠪᠠᠨ ᠰᠦᠨ ᠬᠤ᠌ ᠴᠸᠨ ᠬᠣᠷᠢᠶᠠᠨ ᠠᠪᠴᠤ ᠬᠦᠴᠦ ᠨᠡᠮᠡᠮᠦᠢ᠃ ᠠᠵᠤᠤ ᠨᠠᠷ ᠤ᠋ᠨ ᠴᠡᠷᠢᠭ ᠴᠥᠭᠡᠨ ᠲᠤᠯᠠ ᠬᠣᠷᠢᠭᠳᠠᠵᠤ ᠭᠠᠷᠴᠤ ᠴᠢᠳᠠᠬᠤ ᠦᠭᠡᠢ ᠲᠦᠭᠰᠢᠭᠦᠷᠢᠲᠡᠢ ᠪᠣᠯᠤᠭᠰᠠᠨ ᠳ᠋ᠤᠷ ᠰᠥᠩ ᠦ᠋ᠨ ᠪᠠᠢᠯᠳᠤᠬᠤ ᠣᠩᠭᠣᠴᠠ ᠭᠡᠨᠡᠳᠲᠡ ᠳᠠᠬᠢᠨ ᠭᠠᠯ ᠮᠠᠨᠳᠤᠵᠤ ᠡᠬᠢᠯᠡᠪᠡ᠃ ᠦᠵᠡᠰᠡ᠂ ᠵᠠᠩ ᠱᠢ ᠵᠢᠶᠧ ᠨᠠᠷ ᠮᠣᠩᠭᠣᠯᠴᠤᠳ ᠤ᠋ᠨ ᠭᠠᠯ ᠢ᠋ᠶ᠋ᠠᠷ ᠪᠠᠢᠯᠳᠤᠬᠤ ᠠ᠋ᠴᠠ ᠠᠶᠤᠨ ᠣᠩᠭᠣᠴᠠ ᠪᠠᠨ ᠰᠢᠪᠡᠷ ᠢᠯᠠᠵᠤ ᠲᠠᠯᠪᠢᠭᠰᠠᠨ ᠲᠤᠯᠠ ᠬᠢᠯᠪᠠᠷ ᠭᠠᠯ ᠠᠪᠬᠤ ᠦᠭᠡᠢ ᠪᠠᠢᠵᠤ ᠰᠢᠪᠠᠷ ᠬᠠᠲᠠᠬᠤ ᠪᠥᠭᠡᠳ ᠮᠣᠩᠭᠣᠯᠴᠤᠳ ᠲᠠᠰᠤᠷᠠᠯᠲᠠ ᠦᠭᠡᠢ ᠭᠠᠯ ᠵᠡᠪᠡ ᠪᠡᠷ ᠬᠠᠷᠪᠤᠬᠤᠢ ᠳ᠋ᠤᠷ ᠰᠢᠲᠠᠭᠠᠭᠳᠠᠬᠤ ᠦᠭᠡᠢ ᠶᠣᠰᠣ ᠪᠣᠢ ᠤᠤ ?
ᠲᠡᠳᠦᠢ ᠳ᠋ᠦ᠍ᠷ ᠠᠵᠣᠤ ᠂ ᠳ᠋ᠦᠩ ᠸᠸᠨ ᠫᠢᠩ ᠂ ᠲᠠᠴᠤᠤ ᠂ ᠦ ᠰᠢᠦ ᠨᠠᠷ ᠰᠥᠩ ᠤᠯᠤᠰ ᠤ᠋ᠨ ᠣᠩᠭᠣᠴᠠ ᠯᠤᠭ᠎ᠠ ᠵᠢᠭᠤᠷᠠᠯᠳᠤᠨ ᠪᠠᠢᠯᠳᠤᠬᠤ ᠲᠤᠯᠠ ᠭᠠᠯ ᠳ᠋ᠤᠷ ᠬᠣᠷᠢᠭᠳᠠᠨ ᠭᠠᠷᠬᠤ ᠵᠠᠮ ᠦᠭᠡᠢ ᠪᠠᠴᠢᠮᠳᠠᠵᠤ ᠪᠦᠬᠦᠢ ᠳ᠋ᠦ᠍ᠷ ᠨᠢᠭᠡᠨ ᠰᠠᠯᠠᠭ᠎ᠠ ᠤᠰᠤᠨ ᠴᠡᠷᠢᠭ ᠰᠢᠭᠤᠳ ᠬᠤᠶᠠᠭᠲᠤ ᠶᠡᠬᠡ ᠣᠩᠭᠣᠴᠠ ᠪᠠᠷ ᠵᠠᠮ ᠨᠡᠭᠡᠭᠡᠨ ᠠᠯᠠᠨ ᠣᠷᠣᠵᠤ ᠢᠷᠡᠭᠡᠳ ᠠᠵᠤᠤ ᠨᠠᠷ ᠤ᠋ᠨ ᠬᠡᠳᠦᠨ ᠰᠠᠯᠠᠭ᠎ᠠ ᠴᠡᠷᠢᠭ ᠢ᠋ ᠭᠠᠯ ᠳᠤᠮᠳᠠ ᠠ᠋ᠴᠠ ᠠᠪᠤᠷᠠᠨ ᠭᠠᠷᠴᠤ ᠢᠷᠡᠬᠦᠢ ᠳ᠋ᠦ᠍ᠷ ᠰᠥᠩ ᠦ᠋ᠨ ᠵᠠᠩᠵᠤᠨ ᠴᠡᠷᠢᠭ ᠬᠣᠷᠢᠭᠯᠠᠵᠤ ᠴᠢᠳᠠᠭᠰᠠᠨ ᠬᠥᠮᠦᠨ ᠦᠭᠡᠢ᠃ ᠣᠯᠠᠨ ᠦᠵᠡᠪᠡᠰᠦ ᠲᠡᠷᠢᠭᠦᠯᠡᠭᠰᠡᠨ ᠵᠠᠩᠵᠤᠨ ᠠᠨᠤ ᠪᠠᠶᠠᠨ ᠶᠤᠸᠠᠨᠱᠤᠸᠠᠢ ᠲᠤᠯᠠ ᠵᠣᠷᠢᠭ ᠨᠡᠮᠡᠭᠳᠡᠨ ᠮᠥᠷᠡᠨ ᠪᠠᠭᠲᠠᠬᠤ ᠦᠭᠡᠢ ᠪᠠᠭᠤᠵᠤ ᠢᠷᠡᠬᠦ ᠳᠤᠮᠳᠠᠳᠤ ᠶᠡᠬᠡ ᠴᠡᠷᠢᠭ ᠦ᠋ᠨ ᠬᠠᠮᠲᠤ ᠠᠯᠠᠨ ᠣᠷᠣᠬᠤᠢ ᠳ᠋ᠤᠷ ᠵᠠᠩ ᠱᠢ ᠵᠢᠶᠧ ᠨᠠᠷ ᠭᠠᠯ ᠤ᠋ᠨ ᠳᠤᠮᠳᠠ ᠠ᠋ᠴᠠ ᠴᠥᠭᠡᠨ ᠣᠩᠭᠣᠴᠠ ᠠᠪᠴᠤ ᠮᠥᠷᠡᠨ ᠤᠷᠤᠭᠤ ᠪᠤᠷᠤᠭᠤᠯᠠᠪᠠᠢ᠃ ᠬᠣᠴᠣᠷᠤᠭᠰᠠᠨ ᠬᠣᠯᠪᠣᠭᠠᠲᠤ ᠣᠩᠭᠣᠴᠠ ᠬᠠᠷᠢᠯᠴᠠᠨ ᠵᠢᠭᠤᠷᠠᠯᠳᠤᠨ ᠭᠠᠯ ᠤ᠋ᠨ ᠬᠦᠴᠦᠨ ᠤᠯᠠᠮ ᠨᠡᠮᠡᠭᠳᠡᠬᠦᠢ ᠳ᠋ᠦ᠍ᠷ ᠰᠦᠭ ᠦ᠋ᠨ ᠵᠠᠩᠵᠤᠨ ᠴᠡᠷᠢᠭ ᠭᠠᠯ ᠤ᠋ᠨ ᠠᠶᠤᠯ ᠠ᠋ᠴᠠ ᠵᠠᠢᠯᠠᠵᠤ ᠤᠰᠤᠨ ᠳ᠋ᠤᠷ ᠬᠠᠷᠠᠢᠵᠤ ᠦᠬᠦᠬᠦ ᠢᠨᠤ ᠲᠣᠭᠠᠯᠠᠰᠢ ᠦᠭᠡᠢ᠃ ᠬᠥᠮᠦᠨ ᠦ᠌ ᠦᠬᠦᠳᠡᠯ ᠂ ᠵᠠᠷ ᠵᠡᠪᠰᠡᠭ ᠂ ᠡᠪᠳᠡᠷᠡᠵᠦ ᠰᠢᠲᠠᠭᠠᠭᠳᠠᠭᠰᠠᠨ ᠶᠡᠬᠡ ᠪᠠᠭ᠎ᠠ ᠣᠩᠭᠣᠴᠠ ᠣᠪᠣᠭᠠᠷᠠᠯᠳᠤᠨ ᠮᠥᠷᠡᠨ ᠦ᠌ ᠤᠰᠤ ᠨᠢᠭᠡ ᠵᠡᠷᠭᠡ ᠤᠷᠤᠰᠬᠤ ᠦᠭᠡᠢ ᠪᠣᠯᠪᠠ ᠬᠡᠮᠡᠮᠦ᠃
ᠵᠠᠩ ᠱᠢ ᠵᠢᠶᠧ ᠂ ᠰᠦᠨ ᠬᠤ᠌ ᠴᠧᠨ ᠨᠠᠷ ᠬᠡᠳᠦᠢ ᠴᠢᠷᠮᠠᠢᠭᠰᠠᠨ ᠪᠣᠯᠪᠠᠴᠤ ᠡᠴᠦᠰ ᠲᠡᠭᠡᠨ ᠴᠡᠷᠢᠭ ᠰᠥᠨᠥᠵᠦ ᠵᠠᠩᠵᠤᠨ ᠴᠥᠭᠡᠬᠡᠷᠡᠵᠦ ᠪᠤᠷᠤᠭᠤᠯᠠᠨ ᠶᠠᠪᠤᠬᠤᠢ ᠳ᠋ᠤᠷ ᠳ᠋ᠦᠩ ᠸᠸᠨ ᠫᠢᠩ ᠭᠤᠷᠪᠠᠨ ᠮᠢᠩᠭᠠᠨ ᠰᠠᠢᠨ ᠡᠷ᠎ᠡ ᠪᠡᠨ ᠠᠪᠴᠤ ᠨᠡᠬᠡᠮᠵᠢᠯᠡᠪᠡᠰᠦ ᠵᠠᠩ ᠱᠢ ᠵᠢᠶᠧ ᠶᠡᠬᠡᠳᠡ ᠭᠢᠯᠢᠭᠯᠡᠨ ᠪᠡᠶ᠎ᠡ ᠤᠷᠪᠠᠵᠤ ᠰᠠᠷᠨᠢᠨ ᠪᠤᠷᠤᠭᠤᠯᠠᠬᠤ ᠴᠡᠷᠢᠭ ᠢ᠋ᠶ᠋ᠡᠨ ᠳᠠᠯᠠᠯᠤᠨ ᠬᠤᠷᠢᠶᠠᠵᠤ ᠳ᠋ᠦᠩ ᠸᠸᠨ ᠫᠧᠩ ᠦ᠋ᠨ ᠴᠡᠷᠢᠭ ᠢ ᠤᠭᠲᠤᠨ ᠠᠪᠴᠤ ᠤᠳᠠᠲᠠᠯ᠎ᠠ ᠪᠠᠢᠯᠳᠤᠵᠤ ᠠᠷᠤ ᠠ᠋ᠴᠠ ᠲᠤᠰᠠᠯᠠᠬᠤ ᠴᠡᠷᠢᠭ ᠠᠢᠰᠤᠢ ᠶ᠋ᠢ ᠦᠵᠡᠭᠡᠳ ᠰᠠᠶᠢ ᠳᠠᠯᠠᠢ ᠳ᠋ᠤᠷ ᠣᠷᠣᠵᠤ ᠪᠤᠷᠤᠭᠤᠯᠠᠪᠠ᠃ ᠳ᠋ᠦᠩ ᠸᠸᠨ ᠫᠢᠩ ᠨᠠᠷ ᠤ᠋ᠨ ᠣᠩᠭᠣᠴᠠ ᠪᠠᠭ᠎ᠠ ᠲᠤᠯᠠ ᠳᠠᠯᠠᠢ ᠳ᠋ᠤᠷ ᠳᠠᠭᠠᠵᠤ ᠣᠷᠣᠵᠤ ᠴᠢᠳᠠᠭᠰᠠᠨ ᠦᠭᠡᠢ ᠠᠯᠳᠠᠵᠤ ᠶᠠᠪᠤᠭᠤᠯᠪᠠᠢ᠃
ᠡᠨᠡ ᠤᠳᠠᠭᠠᠨ ᠤ᠋ ᠪᠠᠢᠯᠳᠤᠭᠠᠨ ᠳ᠋ᠤᠷ ᠪᠠᠶᠠᠨ ᠶᠤᠸᠠᠨᠱᠤᠸᠠᠢ ᠪᠠᠢᠯᠳᠤᠬᠤ ᠣᠩᠭᠣᠴᠠ ᠳᠣᠯᠣᠭᠠᠨ ᠵᠠᠭᠤ ᠢᠯᠡᠭᠦᠦ ᠬᠤᠶᠠᠭᠲᠤ ᠴᠡᠷᠢᠭ ᠲᠦᠮᠡ ᠢᠯᠡᠭᠦᠦ ᠣᠯᠵᠠᠯᠠᠭᠠᠳ ᠴᠡᠷᠢᠭ ᠦ᠋ᠨ ᠬᠤᠶᠠᠭ ᠵᠡᠪᠰᠡᠭ ᠢ ᠬᠣᠷᠢᠶᠠᠨ ᠠᠪᠴᠤ ᠴᠥᠮ ᠲᠠᠯᠪᠢᠨ ᠶᠠᠪᠤᠭᠤᠯᠪᠠ᠃
ᠲᠡᠢᠨ ᠦ᠌ ᠳᠠᠷᠠᠭ᠎ᠠ ᠠᠵᠤᠤ ᠂ ᠳ᠋ᠦᠩ ᠸᠸᠨ ᠫᠢᠩ ᠂ ᠦ ᠰᠢᠦ ᠂ ᠳᠠᠴᠤᠤ ᠨᠠᠷ ᠡᠨᠡ ᠤᠳᠠᠭᠠᠨ ᠤ᠋ ᠪᠠᠢᠯᠳᠤᠭᠠᠨ ᠢ᠋ ᠴᠥᠮ ᠰᠥᠩ ᠤᠯᠤᠰ ᠲᠤᠷ ᠣᠷᠣᠵᠤ ᠢᠷᠡᠭᠰᠡᠨ ᠡᠴᠡ ᠤᠴᠠᠷᠠᠭᠰᠠᠨ ᠬᠠᠮᠤᠭ ᠰᠢᠷᠦᠭᠦᠨ ᠪᠠᠢᠯᠳᠤᠭᠠᠨ ᠬᠡᠮᠡᠯᠳᠦᠪᠡ᠃ ᠬᠡᠷᠪᠡ ᠶᠤᠸᠠᠨᠱᠤᠸᠠᠢ ᠬᠡᠳᠦᠨ ᠳᠠᠪᠬᠤᠷ ᠠᠷᠭ᠎ᠠ ᠠᠪᠤᠭᠰᠠᠨ ᠦᠭᠡᠢ ᠪᠥᠭᠡᠰᠦ ᠬᠠᠷᠢᠨ ᠶᠠᠮᠠᠷ ᠪᠣᠯᠬᠤ ᠶ᠋ᠢ ᠮᠡᠳᠡᠵᠦ ᠪᠣᠯᠬᠤ ᠦᠭᠡᠢ ᠬᠡᠮᠡᠪᠡ᠃ ᠪᠠᠶᠠᠨ ᠶᠤᠸᠠᠨᠱᠤᠸᠠᠢ ᠥᠭᠦᠯᠡᠷᠦᠨ᠄ 《ᠡᠬᠢᠯᠡᠭᠡᠳ ᠲᠠᠨ ᠤ᠋ ᠴᠥᠭᠡᠨ ᠴᠡᠷᠢᠭ ᠢ᠋ᠶ᠋ᠡᠷ ᠪᠠᠢᠯᠳᠤᠭᠤᠯᠤᠭᠰᠠᠨ ᠠᠨᠤ ᠴᠣᠬᠣᠮ ᠭᠠᠯ ᠳ᠋ᠤᠷ ᠬᠠᠭᠠᠭᠳᠠᠪᠠᠰᠤ ᠭᠠᠷᠭᠠᠨ ᠠᠪᠴᠤ ᠡᠰᠡ ᠴᠢᠳᠠᠬᠤ ᠶ᠋ᠢ ᠪᠣᠳᠣᠭᠰᠠᠨ ᠪᠥᠯᠥᠭᠡ᠃ ᠬᠣᠵᠢᠮ ᠦᠵᠡᠪᠡᠰᠦ ᠦᠨᠡᠬᠡᠷ ᠲᠡᠢᠮᠦ ᠠᠵᠢ 》 ᠭᠡᠮᠡᠨ ᠣᠩᠭᠣᠴᠠ ᠪᠠᠨ ᠠᠷᠭᠠᠮᠵᠢᠨ ᠠᠳᠠᠬᠠᠢ ᠶ᠋ᠢᠨ ᠬᠠᠢᠬᠤᠯ ᠣᠩᠭᠣᠴᠠ ᠠ᠋ᠴᠠ ᠠᠷᠢᠬᠢ ᠮᠢᠬ᠎ᠠ ᠲᠦᠭᠡᠭᠡᠨ ᠥᠭᠴᠦ ᠵᠠᠩᠵᠤᠨ ᠴᠡᠷᠢᠭ ᠦ᠋ᠨ ᠬᠠᠮᠲᠤ ᠳᠡᠢᠯᠦᠭᠰᠡᠨ ᠶᠣᠰᠣ ᠪᠠᠷ ᠬᠤᠷᠢᠮᠯᠠᠪᠠ᠃
ᠪᠠᠶᠠᠨ ᠶᠤᠸᠠᠨᠱᠤᠸᠠᠢ ᠲᠤᠩᠭᠠᠯᠠᠭ ᠮᠥᠷᠡᠨ ᠰᠠᠷᠠᠭᠤᠯ ᠰᠠᠷ᠎ᠠ ᠶ᠋ᠢ ᠦᠵᠡᠭᠡᠳ ᠮᠠᠰᠢ ᠪᠡᠶᠡᠰᠦᠨ ᠥᠭᠦᠯᠡᠷᠦᠨ :《ᠬᠡᠦᠬᠡᠳ ᠪᠠᠢᠬᠤᠢ ᠳ᠋ᠤᠷ ᠪᠠᠭᠰᠢ ᡂᠢ ᠪᠢ ᠶ᠋ᠢᠨ ᠮᠠᠭᠲᠠᠭᠠᠯ ᠢ ᠲᠠᠢᠯᠪᠤᠷᠢᠯᠠᠬᠤᠢ ᠳ᠋ᠤᠷ ᠡᠷᠡᠴᠢᠯᠡᠭᠰᠡᠨ ᠦ᠌ ᠬᠣᠢᠨ᠎ᠠ ᠠᠯᠲᠠ ᠣᠩᠭᠣᠴᠠᠨ᠎ᠠ ᠰᠠᠢᠬᠠᠨ ᠠᠷᠢᠬᠢ ᠠᠬᠤᠭᠤᠯᠠᠵᠤ ᠰᠦ᠍ ᠽᠢ ᠶ᠋ᠢᠨ ᠮᠥᠷ ᠢ᠋ᠶ᠋ᠡᠷ 《ᠪᠣᠰᠤᠭ᠎ᠠ ᠡᠷᠭᠢ ᠮᠢᠩᠭᠠᠨ ᠲᠣᠬᠣᠢ ᠮᠥᠷᠡᠨ ᠦ᠌ ᠤᠷᠤᠰᠬᠠᠯ ᠴᠢᠬᠢᠨ᠎ᠡ ᠰᠣᠨᠣᠰᠳᠠᠵᠤ ᠠᠭᠤᠯᠠ ᠥᠨᠳᠥᠷ ᠲᠣᠷ ᠰᠠᠷ᠎ᠠ ᠵᠢᠵᠢᠭᠬᠡᠨ ! 》ᠬᠡᠮᠡᠬᠦ ᠭᠠᠢᠬᠠᠮᠰᠢᠭ ᠢ᠋ ᠦᠵᠡᠰᠦᠭᠡᠢ ᠬᠡᠮᠡᠭᠰᠡᠨ ᠪᠥᠯᠥᠭᠡ ᠃ ᠡᠳᠦᠭᠡ ᡂᠢ ᠪᠢ ᠬᠣᠯᠠ ᠦᠭᠡᠢ ᠪᠣᠯᠪᠠᠴᠤ ᠡᠵᠡᠨ ᠦ᠌ ᠵᠠᠷᠯᠢᠭ ᠢ᠋ᠶ᠋ᠠᠷ ᠬᠦᠨᠳᠦ ᠲᠤᠰᠢᠶᠠᠯ ᠳ᠋ᠤᠷ ᠶᠠᠪᠤᠬᠤ ᠲᠤᠯᠠ ᠠᠶᠤᠮᠰᠢᠭ ᠥᠬᠡᠢ ᠠᠮᠤᠷ ᠲᠤᠩᠭᠠᠯᠠᠭ ᠢ ᠬᠡᠷᠬᠢᠨ ᠰᠠᠨᠠᠮᠤᠢ ᠭᠡᠮᠡᠨ ᠶᠡᠬᠡ ᠬᠤᠨᠳᠠᠭ᠎ᠠ ᠠᠪᠴᠤ ᠢᠷᠡᠭᠦᠯᠦᠨ ᠮᠥᠷᠡᠨ ᠰᠠᠷ᠎ᠠ ᠳ᠋ᠤᠷ ᠭᠤᠷᠪᠠᠨ ᠵᠡᠷᠭᠡ ᠴᠠᠴᠤᠯᠠᠨ ᠳᠠᠢᠪᠠ᠃
ᡁᠢ ᠶᠤᠸᠠᠨ ᠤ᠋ ᠠᠷᠪᠠᠨ ᠨᠢᠭᠡᠳᠦᠭᠡᠷ ᠣᠨ ᠳ᠋ᠤᠷ ᠬᠤᠪᠢᠯᠠᠢ ᠬᠠᠭᠠᠨ ᠶᠡᠬᠡ ᠰᠠᠢᠳ ᠰᠢᠶᠠᠩᠸᠣ᠌ᠢ ᠳ᠋ᠤᠷ ᠬᠣᠩᠭᠢᠷᠠᠳ ᠵᠡᠷᠭᠡ ᠲᠠᠪᠤᠨ ᠠᠢᠮᠠᠭ ᠤ᠋ᠨ ᠴᠡᠷᠢᠭ ᠢ᠋ ᠵᠠᠬᠢᠷᠤᠭᠤᠯᠤᠨ ᠪᠠᠶᠠᠨ ᠳ᠋ᠤᠷ ᠲᠤᠰᠠᠯᠠᠵᠤ ᠰᠥᠩ ᠤᠯᠤᠰ ᠢ ᠪᠠᠢᠯᠳᠤ ᠭᠡᠮᠡᠨ ᠶᠠᠪᠤᠭᠤᠯᠪᠠ᠃
ᠰᠢᠶᠠᠩᠸᠣ᠌ᠢ ᠮᠣᠩᠭᠣᠯ ᠤ᠋ᠨ ᠡᠷᠳᠡᠮᠲᠡᠨ ᠰᠠᠢᠳ ᠮᠤᠬᠤᠯᠠᠢ ᠶ᠋ᠢᠨ ᠠᠴᠢ ᠪᠣᠯᠠᠢ᠃ ᠲᠡᠦᠬᠡ ᠰᠤᠳᠤᠷ ᠲᠤᠷ ᠨᠡᠪᠲᠡᠷᠬᠡᠢ ᠡᠷᠲᠡᠨ ᠡᠳᠦᠭᠡᠬᠢ ᠶ᠋ᠢ ᠰᠢᠭᠦᠮᠵᠢᠯᠡᠬᠦᠢ ᠳ᠋ᠦ᠍ᠷ ᠰᠢᠳᠤᠷᠭᠤ ᠪᠠᠭᠠᠲᠤᠷᠴᠤᠳ ᠤ᠋ᠨ ᠦᠢᠯᠡ ᠶᠠᠪᠤᠳᠠᠯ ᠢ᠋ ᠰᠣᠨᠣᠰᠴᠤ ᠰᠠᠢᠨ ᠭᠡᠮᠡᠨ ᠪᠠᠶᠠᠰᠤᠮᠤᠢ᠃ ᠵᠠᠩ ᠴᠢᠨᠠᠷ ᠬᠦᠨᠳᠦ ᠪᠠᠲᠤ᠂ ᠠᠷᠢᠬᠢ ᠥᠩᠭᠡ ᠶ᠋ᠢ ᠵᠢᠭᠰᠢᠮᠦᠢ᠃ ᠦᠭᠡ ᠳᠠᠭᠤᠨ ᠴᠥᠭᠡᠨ ᠶᠡᠬᠡ ᠪᠠᠭ᠎ᠠ ᠶᠠᠪᠤᠳᠠᠯ ᠵᠥᠪᠳᠡᠬᠦᠢ ᠳ᠋ᠦ᠍ᠷ ᠦᠭᠡ ᠲᠣᠳᠣᠷᠬᠠᠢ ᠶᠣᠰᠣ ᠣᠨᠣᠪᠴᠢᠲᠠᠢ᠃ ᠪᠠᠶᠠᠨ ᠯᠤᠭ᠎ᠠ ᠭᠦᠨ ᠬᠠᠨᠢᠯᠠᠪᠠᠢ᠃ ᠲᠡᠢᠨ ᠬᠦ᠌ ᠨᠢᠭᠡᠨ ᠮᠥᠷᠥ ᠶ᠋ᠢᠨ ᠬᠦᠴᠦᠨ ᠪᠣᠯᠰᠤᠭᠠᠢ ᠭᠡᠮᠡᠨ ᠰᠢᠭᠤᠳ ᠵᠧᠩ ᠶᠠᠩ ᠢ᠋ ᠴᠢᠭᠯᠡᠨ ᠠᠨ ᠹᠧᠩ ᠢ ᠡᠵᠡᠯᠡᠵᠦ ᠯᠤᠤ ᠺᠧᠦ ᠶ᠋ᠢ ᠪᠠᠢᠯᠳᠤᠨ ᠠᠪᠤᠭᠠᠳ ᠽᠢ ᠬᠦᠩ ᠱᠠᠨ ᠢ᠋ᠶ᠋ᠠᠷ ᠳᠠᠭᠠᠷᠢᠨ ᠶᠧ ᠷᠸᠨ ᠶᠤᠸᠠᠨ ᠢ᠋ ᠲᠦᠪᠰᠢᠳᠬᠡᠨ ᠠᠨ ᠴᠢᠩ ᠦ᠋ᠨ ᠵᠠᠮ ᠢ᠋ᠶ᠋ᠠᠷ ᠣᠷᠣᠵᠤ ᠮᠥᠷᠡᠨ ᠢ᠋ ᠭᠡᠲᠦᠯᠵᠦ ᠵᠡᠭᠦᠨᠰᠢᠯᠡᠨ ᠶᠠᠪᠤᠵᠤ ᠷᠸᠨ ᠵᠧᠦ ᠳ᠋ᠦ᠍ ᠬᠦᠷᠴᠦ ᠪᠠᠶᠠᠨ ᠶᠤᠸᠠᠨᠱᠤᠸᠠᠢ ᠶ᠋ᠢᠨ ᠴᠡᠷᠢᠭ ᠯᠤᠭ᠎ᠠ ᠨᠡᠢᠯᠡᠪᠡ᠃ ᠪᠠᠶᠠᠨ ᠶᠤᠸᠠᠨᠱᠤᠸᠠᠢ ᠶᠡᠬᠡᠳᠡ ᠪᠠᠶᠠᠷᠯᠠᠨ ᠤᠭᠲᠤᠵᠤ ᠰᠢᠶᠠᠩᠸᠣ᠌ᠢ ᠶ᠋ᠢᠨ ᠴᠡᠷᠢᠭ ᠵᠠᠩᠵᠤᠨ ᠳ᠋ᠤᠷ ᠠᠷᠢᠬᠢ ᠮᠢᠬ᠎ᠠ ᠦᠯᠡᠮᠵᠢ ᠥᠭᠴᠦ ᠶᠡᠬᠡ ᠬᠤᠷᠢᠮᠯᠠᠪᠠᠢ᠃ ᠪᠠᠶᠠᠨ ᠶᠤᠸᠠᠨᠱᠤᠸᠠᠢ ᠬᠤᠨᠳᠠᠭ᠎ᠠ ᠪᠠᠷᠢᠵᠤ ᠥᠭᠦᠯᠡᠷᠦᠨ᠄ 《ᠶᠡᠬᠡ ᠰᠠᠢᠳ ᠲᠠ ᠢᠷᠡᠭᠰᠡᠨ ᠢᠨᠤ ᠰᠥᠩ ᠤᠯᠤᠰ ᠤ᠋ᠨ ᠮᠥᠬᠥᠬᠦ ᠴᠠᠭ ᠣᠢᠷᠠᠲᠤᠵᠤ ᠴᠡᠷᠢᠭ ᠦ᠋ᠨ ᠡᠷᠡᠰ ᠪᠢᠳᠡ ᠳᠡᠮᠡᠢ ᠤᠳᠠᠬᠤ ᠦᠭᠡᠢ ᠠᠭᠲᠠ ᠪᠠᠨ ᠠᠲᠠᠷ ᠲᠠᠯ᠎ᠠ ᠳ᠋ᠤᠷ ᠲᠠᠯᠪᠢᠵᠤ ᠵᠠᠷ ᠵᠡᠪᠰᠡᠭ ᠢ᠋ᠶ᠋ᠡᠨ ᠰᠠᠩ ᠬᠦᠦ ᠳ᠋ᠦ᠍ᠷ ᠬᠣᠷᠢᠶᠠᠨ ᠭᠡᠷ ᠣᠷᠣᠨ ᠳ᠋ᠠᠭᠠᠨ ᠪᠤᠴᠠᠵᠤ ᠡᠵᠡᠨ ᠦ᠌ ᠬᠡᠰᠢᠭ ᠲᠣᠷ ᠠᠮᠤᠷ ᠲᠤᠩᠭᠠᠯᠠᠭ ᠢ ᠡᠳ᠋ᠯᠡᠬᠦ ᠴᠠᠭ ᠪᠣᠯᠪᠠᠢ 》ᠭᠡᠮᠡᠨ ᠥᠭᠦᠯᠡᠪᠡᠰᠦ ᠰᠢᠶᠠᠩᠸᠣ᠌ᠢ ᠮᠠᠷᠭᠤᠨ ᠥᠭᠦᠯᠡᠷᠦᠨ ᠄ 《ᠮᠤᠩᠬᠠᠭ ᠪᠢ ᠡᠨᠡ ᠡᠳᠦᠷ ᠶᠤᠸᠠᠨᠱᠤᠸᠠᠢ ᠶ᠋ᠢᠨ ᠶᠡᠬᠡ ᠴᠠᠴᠠᠷ ᠤ᠋ᠨ ᠨᠢᠭᠡᠨ ᠴᠡᠷᠢᠭ ᠦ᠋ᠨ ᠡᠷ᠎ᠡ ᠪᠣᠯᠤᠭᠰᠠᠨ ᠳ᠋ᠠᠭᠠᠨ ᠰᠠᠨᠠᠭᠰᠠᠨ ᠳ᠋ᠤᠷ ᠬᠦᠷᠪᠡ ᠭᠡᠮᠡᠨ ᠪᠠᠶᠠᠷᠯᠠᠬᠤ ᠪᠦᠯᠥᠭᠡ᠃ ᠶᠤᠸᠠᠨᠱᠤᠸᠠᠢ ᠶᠠᠭᠤᠨ ᠳ᠋ᠤᠷ ᠬᠡᠳᠦ ᠬᠥᠩᠭᠡᠮᠰᠦᠭᠯᠡᠮᠦᠢ᠃ ᠶᠤᠸᠠᠨᠱᠤᠸᠠᠢ ᠬᠡᠷᠪᠡ ᠭᠣᠯᠣᠬᠤ ᠦᠭᠡᠢ ᠬᠡᠷᠡᠭᠯᠡᠬᠦ ᠭᠠᠵᠠᠷ ᠪᠣᠢ ᠠᠪᠠᠰᠤ ᠢᠯᠳᠦ ᠰᠦᠬᠡ ᠡᠴᠡ ᠵᠠᠢᠯᠠᠬᠤ ᠦᠭᠡᠢ ᠵᠢᠳᠬᠦᠰᠦᠭᠡᠢ ᠬᠡᠮᠡᠮᠦᠢ 》ᠭᠡᠮᠡᠨ ᠶᠡᠬᠡᠳᠡ ᠪᠠᠶᠠᠰᠤᠯᠴᠠᠨ ᠶᠠᠷᠢᠯᠴᠠᠪᠠ᠃ ᠣᠯᠠᠨ ᠵᠠᠩᠵᠤᠨ ᠲᠦᠰᠢᠮᠡᠳ ᠡᠨᠡ ᠡᠳᠦᠷ ᠰᠠᠶᠢ ᠪᠠᠶᠠᠨ ᠶᠤᠸᠠᠨᠱᠤᠸᠠᠢ ᠶ᠋ᠢᠨ ᠬᠠᠯᠠᠮᠰᠠᠭᠰᠠᠨ ᠢ ᠣᠯᠵᠤ ᠦᠵᠡᠪᠡ᠃
ᠵᠢᠴᠢ ᠳ᠋ᠦ᠍ᠷ ᠳᠣᠬᠢᠶ᠎ᠠ ᠲᠠᠯᠪᠢᠵᠤ ᠵᠠᠩᠵᠤᠨ ᠲᠦᠰᠢᠮᠡᠳ ᠢ ᠶᠡᠬᠡ ᠴᠠᠴᠠᠷ ᠲᠤᠷ ᠴᠤᠭᠯᠠᠭᠤᠯᠤᠨ ᠰᠢᠶᠠᠩᠸᠣ᠌ᠢ ᠂ ᠠᠵᠤᠤ ᠬᠣᠶᠠᠭᠤᠯᠠ ᠶ᠋ᠢ ᠵᠡᠭᠦᠨ ᠪᠠᠷᠠᠭᠤᠨ ᠭᠠᠷ ᠲᠤᠷ ᠠᠪᠴᠤ ᠰᠠᠭᠤᠭᠠᠳ ᠣᠯᠠᠨ ᠵᠠᠩᠵᠤᠨ ᠲᠦᠰᠢᠮᠡᠳ ᠵᠢᠭᠦᠷᠯᠡᠨ ᠵᠣᠭᠰᠣᠭᠰᠠᠨ ᠤ᠋ ᠬᠣᠢᠨ᠎ᠠ ᠪᠠᠶᠠᠨ ᠶᠤᠸᠠᠨᠱᠤᠸᠠᠢ ᠥᠭᠦᠯᠡᠷᠦᠨ : 《ᠡᠷᠲᠡ ᠡᠳᠦᠷ ᠡᠵᠡᠨ ᠦ᠌ ᠴᠡᠷᠢᠭ ᠶᠠᠩ ᠯᠦᠸᠧ ᠪᠤᠤ ᠶ᠋ᠢ ᠠᠪᠤᠮᠠᠭᠴᠠ ᠶᠡᠬᠡ ᠵᠠᠩᠵᠤᠨ ᠯᠢᠦ ᠵᠧᠩ ᠬᠥᠩᠭᠡᠨ ᠴᠡᠷᠢᠭ ᠢ᠋ᠶ᠋ᠡᠷ ᠬᠣᠭᠣᠰᠣᠨ ᠪᠠᠢᠬᠤ ᠯᠢᠨ ᠠᠨ ᠬᠣᠲᠠ ᠶ᠋ᠢ ᠡᠵᠡᠯᠡᠨ ᠠᠪᠰᠤᠭᠠᠢ ᠬᠡᠮᠡᠪᠡᠢ᠃ ᠲᠡᠭᠦᠨ ᠤ ᠦᠭᠡ ᠪᠡᠷ ᠪᠣᠯᠵᠤ ᠯᠢᠨ ᠠᠨ ᠬᠣᠲᠠ ᠶ᠋ᠢ ᠠᠪᠴᠤ ᠪᠣᠯᠬᠤ ᠵᠠᠪᠰᠢᠶᠠᠨ ᠦᠨᠡᠬᠡᠷ ᠪᠠᠢᠭᠰᠠᠨ ᠪᠣᠯᠪᠠᠴᠤ ᠪᠢ ᠲᠡᠭᠦᠨ ᠦ᠌ ᠦᠭᠡ ᠶ᠋ᠢ ᠠᠪᠤᠭᠰᠠᠨ ᠦᠭᠡᠢ᠃ ᠤᠴᠢᠷ ᠠᠨᠤ ᠰᠥᠩ ᠤᠯᠤᠰ ᠪᠠᠭᠤᠷᠠᠢ ᠪᠣᠯᠤᠭᠰᠠᠨ ᠤᠴᠢᠷ ᠠᠨᠤ ᠡᠵᠡᠨ ᠬᠠᠭᠠᠨ ᠬᠢᠭᠡᠳ ᠲᠥᠷᠥ ᠶ᠋ᠢᠨ ᠲᠡᠷᠢᠭᠦᠯᠡᠭᠰᠡᠨ ᠰᠠᠢᠳ ᠲᠤᠷ ᠪᠣᠢ ᠪᠣᠯᠠᠢ᠃ ᠡᠳᠡᠭᠡᠷ ᠬᠥᠮᠦᠰ ᠬᠡᠳᠦᠢ ᠪᠠᠭᠤᠷᠠᠢ ᠪᠣᠯᠪᠠᠴᠤ ᠰᠥᠩ ᠤᠯᠤᠰ ᠡᠳᠡᠭᠡᠷ ᠬᠥᠮᠦᠰ ᠦ᠋ᠨ ᠡᠷᠬᠡ ᠰᠦᠷ ᠳᠣᠣᠷ᠎ᠠ ᠨᠢᠭᠡᠳᠴᠦ ᠪᠣᠢ ᠪᠥᠯᠥᠭᠡ᠃ ᠬᠡᠷᠪᠡ ᠵᠢᠭᠦᠷ ᠥᠳᠥ ᠶ᠋ᠢ ᠲᠠᠰᠤᠴᠠᠵᠤ ᠵᠧᠦ ᠵᠢᠶᠦ᠋ᠨ ᠢ᠋ ᠡᠵᠡᠯᠡᠨ ᠠᠪᠬᠤ ᠦᠭᠡᠢ ᠪᠡᠷ ᠨᠢᠭᠡᠨᠲᠡ ᠯᠢᠨ ᠠᠨ ᠢ ᠡᠵᠡᠯᠡᠨ ᠰᠥᠩ ᠦ᠋ᠨ ᠡᠵᠡᠨ ᠰᠢᠶᠠᠨ ᠢ ᠪᠠᠷᠢᠵᠤ ᠠᠪᠬᠤᠢ ᠳ᠋ᠤᠷ ᠰᠥᠩ ᠤᠯᠤᠰ ᠬᠡᠯᠬᠢᠶᠡᠰᠦ ᠲᠠᠰᠤᠷᠠᠵᠤ ᠠᠷᠪᠠᠨ ᠰᠢᠶᠠᠨ ᠬᠣᠷᠢᠨ ᠰᠢᠶᠠᠨ ᠭᠠᠷᠴᠤ ᠢᠷᠡᠨ ᠵᠧᠦ ᠵᠢᠶᠦ᠋ᠨ ᠢ ᠡᠵᠡᠯᠡᠨ ᠲᠤᠭ ᠪᠤᠰᠬᠠᠵᠤ ᠮᠥᠬᠥᠭᠰᠡᠨ ᠰᠥᠩ ᠢ ᠳᠠᠬᠢᠨ ᠰᠡᠷᠭᠦᠭᠡᠮᠦᠢ ᠭᠡᠮᠡᠨ ᠳᠦᠢᠪᠡᠭᠡᠪᠡᠰᠦ ᠪᠢᠳᠡ ᠨᠢᠭᠡ ᠰᠥᠩ ᠤᠯᠤᠰ ᠲᠠᠢ ᠪᠠᠢᠯᠳᠤᠬᠤ ᠪᠤᠰᠤ ᠬᠠᠷᠢᠨ ᠣᠯᠠᠨ ᠠᠷᠪᠢᠨ ᠤᠯᠤᠰ ᠲᠠᠢ ᠪᠠᠢᠯᠳᠤᠬᠤ ᠪᠣᠯᠤᠮᠤᠢ᠃ ᠯᠢᠦ ᠵᠧᠩ ᠭᠠᠪᠢᠶ᠎ᠠ ᠪᠠᠢᠭᠤᠯᠬᠤ ᠶ᠋ᠢ ᠯᠡ ᠪᠣᠳᠣᠭᠰᠠᠨ ᠠ᠋ᠴᠠ ᠪᠤᠰᠤ ᠡᠳᠡᠭᠡᠷ ᠬᠣᠯᠠ ᠶ᠋ᠢᠨ ᠶᠠᠪᠤᠳᠠᠯ ᠢ᠋ ᠬᠡᠷᠬᠢᠨ ᠮᠡᠳᠡᠬᠦ ᠠᠵᠢ᠃ ᠡᠳᠦᠭᠡ ᠰᠥᠩ ᠤᠯᠤᠰ ᠤ᠋ᠨ ᠣᠯᠠᠩᠬᠢ ᠵᠧᠦ ᠵᠢᠶᠦ᠋ᠨ ᠴᠥᠮ ᠮᠠᠨ ᠤ᠋ ᠭᠠᠷ ᠲᠤᠷ ᠣᠷᠣᠪᠠ᠃ ᠵᠢᠶᠣᠤ ᠱᠠᠨ ᠤ᠋ ᠨᠢᠭᠡᠨ ᠤᠳᠠᠭ᠎ᠠ ᠶ᠋ᠢᠨ ᠪᠠᠢᠯᠳᠤᠭᠠᠨ ᠳ᠋ᠤᠷ ᠰᠥᠩ ᠤᠯᠤᠰ ᠤ᠋ᠨ ᠬᠠᠮᠤᠭ ᠤ᠋ᠨ ᠡᠴᠦᠰ ᠦ᠋ᠨ ᠴᠡᠷᠢᠭ ᠦ᠋ᠨ ᠬᠦᠴᠦᠨ ᠢ᠋ ᠤᠰᠠᠳᠬᠠᠪᠠ᠃ ᠲᠡᠢᠨ ᠬᠦ᠌ ᠳᠠᠭᠠᠭᠠᠳᠤᠢ ᠵᠧᠦ ᠵᠢᠶᠦ᠋ᠨ ᠨᠢᠭᠡᠨᠲᠡ ᠰᠥᠰᠥ ᠬᠡᠮᠬᠡᠷᠡᠪᠡ᠃ ᠦᠨᠡᠨ ᠳ᠋ᠡᠭᠡᠨ ᠯᠢᠨ ᠠᠨ ᠨᠢᠭᠡᠨᠲᠡ ᠥᠨᠥᠴᠢᠨ ᠬᠣᠲᠠ ᠪᠣᠯᠪᠠ᠃ ᠯᠢᠨ ᠠᠨ ᠢ᠋ ᠡᠵᠡᠯᠡᠨ ᠰᠥᠩ ᠦ᠋ᠨ ᠡᠵᠡᠨ ᠢ ᠪᠠᠷᠢᠵᠤ ᠰᠥᠩ ᠤᠯᠤᠰ ᠢ ᠮᠥᠬᠥᠭᠡᠬᠦ ᠴᠠᠭ ᠣᠳᠣ ᠪᠣᠯᠪᠠᠢ᠃ ᠲᠡᠢᠨ ᠬᠦ᠌ ᠭᠤᠷᠪᠠᠨ ᠵᠠᠮ ᠬᠤᠪᠢᠶᠠᠨ ᠴᠡᠷᠢᠭ ᠣᠷᠣᠵᠤ ᠯᠢᠨ ᠠᠨ ᠳ᠋ᠤᠷ ᠠᠭᠤᠯᠵᠠᠬᠤ ᠪᠠᠷ ᠪᠣᠯᠵᠣᠭ᠎ᠠ ᠲᠣᠭᠲᠠᠰᠤᠭᠠᠢ᠃ ᠬᠦᠩ ᠨᠠᠷ ᠤ᠋ᠨ ᠰᠠᠨᠠᠭᠠᠨ ᠳ᠋ᠤᠷ ᠶᠠᠮᠠᠷ? 》ᠭᠡᠮᠡᠨ ᠰᠢᠶᠠᠩᠸᠦᠢ ᠂ ᠠᠵᠤᠤ ᠠ᠋ᠴᠠ ᠲᠡᠷᠢᠭᠦᠯᠡᠨ ᠣᠯᠠᠨ ᠵᠠᠩᠵᠤᠨ ᠲᠦᠰᠢᠮᠡᠳ ᠢ᠋ ᠦᠵᠡᠪᠡᠰᠦ ᠪᠦᠭᠦᠳᠡᠭᠡᠷ ᠶᠤᠸᠠᠨᠱᠤᠸᠠᠢ ᠶ᠋ᠢᠨ ᠪᠣᠳᠣᠭᠰᠠᠨ ᠮᠠᠰᠢ ᠵᠦᠢ᠃ ᠶᠤᠸᠠᠨᠱᠤᠸᠠᠢ ᠵᠠᠷᠯᠢᠭ ᠥᠭᠭᠦᠭᠲᠦᠨ ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠲᠥᠪ ᠰᠠᠭᠤᠵᠤ ᠵᠠᠷᠯᠢᠭ ᠤ᠋ᠨ ᠵᠡᠪᠡ ᠶ᠋ᠢ ᠭᠠᠷ ᠲᠠᠭᠠᠨ ᠪᠠᠷᠢᠵᠤ ᠶᠡᠬᠡ ᠵᠠᠩᠵᠤᠨ ᠳ᠋ᠦᠩ ᠸᠸᠨ ᠫᠢᠩ ᠢ ᠳᠠᠭᠤᠳᠠᠵᠤ ᠵᠠᠷᠯᠢᠭ ᠪᠣᠯᠤᠷᠤᠨ: 《ᠲᠠ ᠲᠠᠪᠤᠨ ᠵᠠᠭᠤᠨ ᠶᠡᠬᠡ ᠣᠩᠭᠣᠴᠠ ᠠᠪᠴᠤ ᠶᠡᠬᠡ ᠮᠥᠷᠡᠨ ᠢ᠋ᠶ᠋ᠡᠷ ᠳᠠᠯᠠᠢ ᠳ᠋ᠤᠷ ᠣᠷᠣᠵᠤ ᠯᠢᠨ ᠠᠨ ᠳ᠋ᠤᠷ ᠣᠢᠷᠠᠲᠤᠵᠤ ᠵᠧ ᠵᠢᠶᠠᠩ ᠮᠥᠷᠡᠨ ᠦ᠌ ᠣᠯᠣᠮ ᠢ ᠰᠠᠬᠢᠨ ᠰᠥᠩ ᠤᠯᠤᠰ ᠤ᠋ᠨ ᠡᠵᠡᠨ ᠲᠦᠰᠢᠮᠡᠳ ᠦ᠋ᠨ ᠳᠠᠯᠠᠢ ᠳ᠋ᠤᠷ ᠣᠷᠣᠬᠤ ᠵᠠᠮ ᠢ᠋ ᠲᠠᠰᠤᠯᠵᠤ ᠴᠢᠳᠠᠪᠠᠰᠤ ᠲᠡᠷᠢᠭᠦᠨ ᠭᠠᠪᠢᠶ᠎ᠠ ᠪᠣᠯᠠᠢ᠃ ᠶᠡᠬᠡ ᠴᠡᠷᠢᠭ ᠢ᠋ ᠲᠡᠨᠳᠡ ᠬᠦᠯᠢᠶᠡᠭᠲᠦᠨ᠃ ᠠᠷᠤ ᠳ᠋ᠤᠷ ᠶᠡᠬᠡ ᠰᠠᠢᠳ ᠰᠢᠶᠠᠩᠸᠦᠢ ᠲᠦᠰᠢᠭ ᠪᠣᠯᠵᠤ ᠶᠠᠪᠤᠮᠤᠢ ᠃ ᠬᠡᠷᠡᠭ ᠶᠠᠪᠤᠳᠠᠯ ᠲᠣᠬᠢᠶᠠᠯᠳᠤᠬᠤ ᠪᠥᠭᠡᠰᠦ ᠲᠡᠭᠦᠨ ᠯᠦ᠍ᠭᠡ ᠵᠥᠪᠳᠡᠵᠦ ᠳᠠᠰᠤᠯ ᠭᠡᠮᠡᠨ ᠵᠠᠷᠯᠢᠭ ᠤ᠋ᠨ ᠵᠡᠪᠡ ᠶ᠋ᠢ ᠳ᠋ᠦᠩ ᠸᠸᠨ ᠫᠢᠩ ᠳ᠋ᠦ᠍ᠷ ᠭᠠᠷᠳᠠᠭᠤᠯᠪᠠ᠃ ᠪᠠᠶᠠᠨ ᠶᠤᠸᠠᠨᠱᠤᠸᠠᠢ ᠪᠠᠰᠠ ᠨᠢᠭᠡ ᠵᠠᠷᠯᠢᠭ ᠤ᠋ᠨ ᠪᠢᠴᠢᠭ ᠢ᠋ ᠭᠠᠷ ᠲᠠᠭᠠᠨ ᠪᠠᠷᠢᠵᠤ ᠤᠳᠠᠲᠠᠯ᠎ᠠ ᠪᠣᠳᠣᠵᠤ ᠶᠡᠬᠡ ᠵᠠᠩᠵᠤᠨ ᠠᠷᠤᠤᠬᠠᠨ ᠢ᠋ ᠳᠠᠭᠤᠳᠠᠵᠤ ᠪᠠᠷᠠᠭᠤᠨ ᠵᠠᠮ ᠤ᠋ᠨ ᠶᠡᠬᠡ ᠴᠡᠷᠢᠭ ᠢ᠋ ᠠᠪᠴᠤ ᠵᠢᠶᠠᠨ ᠺᠠᠩ ᠠ᠋ᠴᠠ ᠮᠣᠷᠳᠠᠵᠤ ᠯᠢ ᠰᠦᠢ ᠂ ᠯᠢ ᠶᠠᠩ ᠢ᠋ ᠴᠢᠭᠯᠡᠨ ᠂ ᠰᠢᠨ ᠱᠣᠣ ᠂ ᠳ᠋ᠦᠩ ᠪᠠ ᠵᠡᠷᠭᠡ ᠭᠠᠵᠠᠷ ᠢ ᠡᠵᠡᠯᠡᠨ ᠳᠦ ᠰᠥᠩ ᠯᠢᠩ ᠪᠣᠭᠣᠮᠲᠠ ᠪᠠᠷ ᠣᠷᠣᠵᠤ ᠯᠢᠨ ᠠᠨ ᠳ᠋ᠤᠷ ᠴᠡᠷᠢᠭ ᠨᠡᠢᠯᠡᠰᠦᠭᠡᠢ ᠬᠡᠮᠡᠪᠡᠰᠦ ᠠᠷᠤᠤᠬᠠᠨ 《ᠵᠧ 》ᠭᠡᠮᠡᠨ ᠵᠠᠷᠯᠢᠭ ᠤ᠋ᠨ ᠲᠡᠮᠳᠡᠭ ᠢ᠋ ᠬᠦᠯᠢᠶᠡᠨ ᠠᠪᠴᠤ ᠪᠣᠰᠴᠤ ᠵᠣᠭᠰᠣᠪᠠ ᠃ ᠪᠤᠰᠤ ᠣᠯᠠᠨ ᠵᠠᠩᠵᠤᠨ ᠲᠦᠰᠢᠮᠡᠳ ᠶᠡᠬᠡ ᠴᠠᠴᠠᠷ ᠢ᠋ ᠳᠠᠭᠠᠵᠤ ᠮᠣᠷᠳᠠᠮᠤᠢ ᠬᠡᠮᠡᠭᠰᠡᠨ ᠳ᠋ᠦ᠍ᠷ ᠰᠢᠶᠩᠸᠦᠢ ᠰᠠᠭᠤᠳᠠᠯ ᠠ᠋ᠴᠠ ᠪᠣᠰᠴᠤ ᠥᠭᠦᠯᠡᠷᠦᠨ ᠄ 《ᠪᠣᠯᠬᠢ ᠡᠷ᠎ᠡ ᠪᠢ ᠡᠵᠡᠨ ᠦ᠌ ᠵᠠᠷᠯᠢᠭ ᠢ᠋ᠶ᠋ᠠᠷ ᠴᠡᠷᠢᠭ ᠠᠪᠴᠤ ᠰᠥᠩ ᠢ᠋ ᠪᠠᠢᠯᠳᠤᠬᠤ ᠪᠠᠷ ᠢᠷᠡᠭᠰᠡᠨ ᠲᠤᠯᠠ ᠪᠠᠭ᠎ᠠ ᠰᠠᠭ᠎ᠠ ᠭᠠᠪᠢᠶ᠎ᠠ ᠪᠠᠢᠭᠤᠯᠵᠤ ᠡᠵᠡᠨ ᠤ ᠬᠡᠰᠢᠭ ᠲᠣᠷ ᠬᠠᠷᠢᠭᠤᠯᠵᠤ ᠶᠤᠸᠠᠨᠱᠤᠸᠠᠢ ᠳ᠋ᠤᠷ ᠥᠴᠦᠬᠡᠨ ᠬᠦᠴᠦ ᠪᠡᠨ ᠡᠷᠭᠦᠰᠦᠭᠡᠢ ᠬᠡᠮᠡᠭᠰᠡᠨ ᠪᠥᠯᠥᠭᠡ᠃ ᠦᠵᠡᠲᠡᠯ᠎ᠡ ᠣᠯᠠᠨ ᠵᠠᠩᠵᠤᠨ ᠴᠥᠮ ᠪᠠᠢᠯᠳᠤᠬᠤ ᠵᠠᠷᠯᠢᠭ ᠢ ᠬᠦᠯᠢᠶᠡᠨ ᠠᠲᠠᠯ᠎ᠠ ᠪᠣᠯᠬᠢ ᠨᠠᠮᠠᠶ᠋ᠢ ᠶᠠᠭᠤᠨ ᠳ᠋ᠤᠷ ᠠᠷᠤ ᠳ᠋ᠤᠷ ᠪᠣᠯᠭᠠᠨ ᠬᠡᠮᠵᠢᠬᠦ ᠪᠣᠢ ? ᠪᠢ ᠬᠦᠯᠢᠶᠡᠪᠡᠴᠦ ᠮᠢᠨᠦ ᠳᠠᠭᠠᠭᠤᠯᠵᠤ ᠢᠷᠡᠭᠰᠡᠨ ᠵᠠᠩᠵᠤᠨ ᠴᠡᠷᠢᠭ ᠦᠯᠦ ᠬᠦᠯᠢᠶᠡᠮᠦᠢ 》ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠰᠢᠶᠠᠩᠸᠤᠢ ᠶ᠋ᠢᠨ ᠭᠠᠷ ᠠ᠋ᠴᠠ ᠠᠳᠬᠤᠵᠤ ᠢᠨᠢᠶᠡᠨ ᠥᠭᠦᠯᠡᠷᠦᠨ ᠄ 《ᠡᠳᠦᠭᠡ ᠵᠢᠶᠠᠩ ᠬᠤᠸᠠᠢ ᠶ᠋ᠢᠨ ᠭᠠᠵᠠᠷ ᠤ᠋ᠨ ᠣᠯᠠᠩᠬᠢ ᠵᠧᠦ ᠵᠢᠶᠦ᠋ᠨ ᠢ ᠪᠠᠢᠯᠳᠤᠭᠠᠳᠤᠢ ᠲᠤᠯᠠ ᠬᠤᠸᠠᠢ ᠰᠢ ᠶ᠋ᠢᠨ ᡁᠢ ᡁᠢ ᠰᠢ ᠲᠦᠰᠢᠮᠡᠯ ᠰᠢᠶᠠ ᠬᠦᠢ ᠨᠠᠷ ᠬᠤᠸᠠᠢ ᠶ᠋ᠢᠨ ᠬᠠᠪᠢ ᠪᠠᠷ ᠰᠢᠨ᠎ᠡ ᠬᠠᠭᠤᠴᠢᠨ ᠢ᠋ᠶ᠋ᠠᠨ ᠴᠤᠭᠯᠠᠭᠤᠯᠤᠨ ᠮᠠᠨ ᠤ᠋ ᠮᠥᠷᠡᠨ ᠤᠷᠤᠭᠤ ᠪᠠᠭᠤᠬᠤ ᠵᠠᠮ ᠢ᠋ ᠠᠷᠤ ᠥᠪᠥᠷ ᠡᠴᠡ ᠲᠠᠰᠤᠯᠬᠤ ᠪᠠᠷ ᠪᠡᠯᠡᠳᠬᠡᠵᠦ ᠪᠣᠢ᠃ ᠳ᠋ᠦᠩ ᠸᠸᠨ ᠫᠢᠩ ᠬᠡᠷᠪᠡ ᠡᠳᠡᠭᠡᠷ ᠳᠠᠢᠰᠤᠨ ᠯᠤᠭ᠎ᠠ ᠠᠪᠤᠴᠠᠯᠳᠤᠵᠤ ᠪᠠᠢᠯᠳᠤᠪᠠᠰᠤ ᠰᠥᠩ ᠦ᠋ᠨ ᠡᠵᠡᠨ ᠲᠦᠰᠢᠮᠡᠳ ᠳᠠᠯᠠᠢ ᠳ᠋ᠤᠷ ᠣᠷᠣᠵᠤ ᠵᠠᠢᠯᠠᠬᠤ ᠠᠶᠤᠯᠲᠠᠢ ᠲᠤᠯᠠ ᠡᠷᠭᠢᠨ ᠲᠠᠨ ᠤ᠋ ᠴᠡᠷᠢᠭ ᠢ᠋ᠶ᠋ᠡᠷ ᠵᠢᠶᠠᠩ ᠬᠤᠸᠠᠢ ᠶ᠋ᠢᠨ ᠳᠠᠢᠰᠤᠨ ᠢ᠋ ᠰᠦᠷᠳᠡᠭᠦᠯᠦᠨ ᠳ᠋ᠦᠩ ᠸᠸᠨ ᠫᠢᠩ ᠳ᠋ᠦ᠍ᠷ ᠰᠠᠭᠠᠳ ᠦᠯᠦ ᠪᠣᠯᠬᠤ ᠶ᠋ᠢ ᠪᠣᠳᠣᠭᠰᠠᠨ ᠪᠥᠯᠥᠭᠡ᠃ ᠡᠳᠦᠭᠡ ᠳ᠋ᠦᠩ ᠸᠸᠨ ᠫᠢᠩ ᠬᠡᠷᠪᠡ ᠰᠠᠭᠠᠳ ᠦᠭᠡᠢ ᠳᠠᠯᠠᠢ ᠳ᠋ᠤᠷ ᠣᠷᠣᠭᠰᠠᠨ ᠤ᠋ ᠬᠣᠢᠨ᠎ᠠ ᠬᠤᠸᠠᠢ ᠠᠨ ᠤ᠋ ᠳᠠᠢᠰᠤᠨ ᠢ ᠪᠠᠢᠯᠳᠤᠨ ᠬᠣᠲᠠ ᠪᠠᠯᠭᠠᠰᠤᠨ ᠢ ᠡᠵᠡᠯᠡᠨ ᠶᠠᠪᠤᠵᠤ ᠭᠠᠭᠴᠠ ᠴᠡᠷᠢᠭ ᠢ᠋ᠶ᠋ᠡᠷ ᠪᠠᠢᠯᠳᠤᠵᠤ ᠠᠬᠤ ᠠᠵᠤᠤ ᠳ᠋ᠤᠷ ᠪᠠᠷ᠎ᠠ ᠪᠣᠯᠬᠤ ᠠᠨᠤ ᠠᠷᠤ ᠳ᠋ᠤᠷ ᠬᠣᠴᠣᠷᠪᠠ ᠬᠡᠮᠡᠵᠦ ᠪᠣᠯᠤᠮᠤᠢ ᠤᠤ ? 》 ᠬᠡᠮᠡᠬᠦᠢ ᠳ᠋ᠦ᠍ᠷ ᠰᠢᠶᠠᠩᠸᠤᠢ ᠢᠨᠢᠶᠡᠨ 《ᠶᠤᠸᠠᠨᠱᠤᠸᠠᠢ ᠶ᠋ᠢᠨ ᠴᠠᠭᠠᠵᠠ ᠵᠡᠪᠡ ᠶ᠋ᠢ ᠬᠦᠯᠢᠶᠡᠮᠦᠢ 》 ᠭᠡᠮᠡᠨ ᠵᠠᠷᠯᠢᠭ ᠤ᠋ᠨ ᠵᠡᠪᠡ ᠶ᠋ᠢ ᠠᠪᠴᠤ ᠴᠡᠷᠢᠭ ᠢ᠋ᠶ᠋ᠡᠨ ᠴᠢᠩᠳᠠᠯᠠᠨ ᠳ᠋ᠦᠩ ᠸᠸᠨ ᠫᠢᠩ ᠦ᠋ᠨ ᠠᠷᠤ ᠳ᠋ᠤᠷ ᠠᠯᠭᠤᠷ ᠪᠠᠭᠤᠬᠤᠢ ᠳ᠋ᠤᠷ ᠂ ᠰᠢᠶᠠ ᠬᠦᠢ ᠨᠠᠷ ᠮᠣᠩᠭᠣᠯᠴᠤᠳ ᠤ᠋ᠨ ᠠᠷᠭ᠎ᠠ ᠭᠡᠮᠡᠨ ᠠᠶᠤᠵᠤ ᠦᠨᠡᠬᠡᠷ ᠬᠥᠳᠡᠯᠵᠦ ᠴᠢᠳᠠᠭᠰᠠᠨ ᠦᠭᠡᠢ᠃ ᠳ᠋ᠦᠩ ᠸᠸᠨ ᠫᠢᠩ ᠳᠠᠷᠪᠠᠭᠤᠯ ᠳᠦᠭᠦᠷᠡᠩ ᠰᠠᠯᠬᠢ ᠲᠠᠲᠠᠭᠤᠯᠵᠤ ᠶᠠᠮᠠᠷ ᠴᠤ᠌ ᠰᠠᠭᠠᠳ ᠦᠭᠡᠢ ᠳᠠᠯᠠᠢ ᠳ᠋ᠤᠷ ᠣᠷᠣᠪᠠ᠃
ᠳ᠋ᠦᠩ ᠸᠸᠨ ᠫᠢᠩ ᠦ᠋ᠨ ᠴᠡᠷᠢᠭ ᠵᠠᠮ ᠳᠠᠭᠠᠤ ᠠᠷᠠᠳ ᠢᠷᠭᠡᠳ ᠢ ᠠᠶᠤᠯᠭᠠᠨ ᠰᠣᠴᠢᠭᠠᠭᠰᠠᠨ ᠦᠭᠡᠢ ᠲᠤᠯᠠ ᠵᠠᠮ ᠳᠠᠭᠠᠤ ᠲᠩᠷᠢ ᠶ᠋ᠢᠨ ᠴᠡᠷᠢᠭ ᠭᠡᠮᠡᠨ ᠴᠠᠢ ᠤᠰᠤ ᠂ ᠭᠠᠬᠠᠢ ᠬᠣᠨᠢ ᠳᠠᠮᠨᠠᠵᠤ ᠤᠭᠲᠤᠮᠤᠢ᠃ ᠳᠠᠯᠠᠢ ᠶ᠋ᠢᠨ ᠳᠡᠭᠡᠷᠡᠮ ᠵᠠᠩ ᠰᠢᠦᠸᠠᠨ ᠬᠡᠮᠡᠭᠴᠢ ᠬᠡᠳᠦᠨ ᠮᠢᠩᠭᠠᠨ ᠤ᠋ ᠣᠯᠠᠨ ᠢ ᠳᠠᠭᠠᠭᠤᠯᠤᠨ ᠬᠥᠨᠳᠡᠯᠡᠨ ᠶᠠᠪᠤᠬᠤ ᠬᠥᠮᠦᠨ ᠠᠵᠤᠭᠤ᠃ ᠳ᠋ᠦᠩ ᠸᠸᠨ ᠫᠢᠩ ᠬᠥᠪᠡᠭᠦᠨ ᠢ᠋ᠶ᠋ᠡᠨ ᠵᠠᠷᠤᠵᠤ ᠠᠴᠢ ᠬᠣᠯᠪᠣᠭᠳᠠᠯ ᠢ ᠶᠠᠷᠢᠵᠤ ᠳᠠᠭᠠᠭᠤᠯᠤᠨ ᠪᠠᠰᠠ ᠢᠦᠢ ᠰᠢᠶᠠ ᠯᠤᠭ᠎ᠠ ᠡᠶᠡᠳᠡᠵᠦ ᠯᠢᠨ ᠠᠨ ᠣᠢᠷᠠᠲᠤᠵᠤ ᠵᠧ ᠵᠢᠶᠠᠩ ᠲᠢᠩ ᠢ ᠰᠠᠬᠢᠵᠤ ᠰᠥᠩ ᠤᠯᠤᠰ ᠤ᠋ᠨ ᠡᠵᠡᠨ ᠲᠦᠰᠢᠮᠡᠳ ᠦ᠋ᠨ ᠳᠠᠯᠠᠢ ᠳ᠋ᠤᠷ ᠣᠷᠣᠬᠤ ᠴᠢᠬᠤᠯᠠ ᠵᠠᠮ ᠢ ᠰᠠᠬᠢᠵᠤ ᠰᠠᠭᠤᠪᠠ᠃
ᠶᠡᠬᠡ ᠵᠠᠩᠵᠤᠨ ᠠᠵᠤᠤ ᠡᠵᠡᠨ ᠦ᠌ ᠵᠠᠷᠯᠢᠭ ᠢ᠋ᠶ᠋ᠠᠷ ᠵᠡᠭᠦᠨ ᠭᠠᠷᠤᠨ ᠴᠧᠩᠰᠢᠶᠠᠩ ᠡᠷᠭᠦᠮᠵᠢᠯᠡᠭᠳᠡᠨ ᠵᠠᠷᠯᠢᠭ ᠪᠣᠯᠤᠭᠰᠠᠨ ᠠᠨᠤ᠄ 《ᠬᠤᠸᠠᠢ ᠠᠨ ᠤ᠋ ᠯᠢ ᠲᠢᠩ ᡁᠢ ᠵᠠᠯᠢ ᠮᠡᠬᠡ ᠶᠡᠬᠡ ᠲᠤᠯᠠ ᠪᠡᠶ᠎ᠡ ᠪᠡᠷ ᠢ᠋ᠶ᠋ᠡᠨ ᠣᠴᠢᠵᠤ ᠰᠠᠬᠢᠬᠤ ᠦᠭᠡᠢ ᠦᠯᠦ ᠪᠣᠯᠤᠮᠤᠢ 》ᠬᠡᠮᠡᠭᠰᠡᠨ ᠲᠤᠯᠠ ᠠᠵᠤᠤ ᠬᠠᠷᠢᠶᠠᠲᠤ ᠴᠡᠷᠢᠭ ᠢ᠋ᠶ᠋ᠡᠨ ᠠᠪᠴᠤ ᠭᠤᠸᠠᠨ ᠵᠧᠦ ᠶ᠋ᠢ ᠰᠠᠬᠢᠵᠤ ᠶᠠᠩ ᠵᠧᠦ ᠶ᠋ᠢᠨ ᠳᠠᠢᠰᠤᠨ ᠯᠢᠨ ᠠᠨ ᠢ᠋ ᠲᠤᠰᠠᠯᠠᠬᠤ ᠵᠠᠮ ᠢ᠋ ᠪᠦᠭᠭᠦᠵᠦ ᠰᠠᠭᠤᠪᠠᠢ᠃
ᠡᠷᠳᠡᠮᠲᠡᠨ ᠰᠠᠢᠳ ᠰᠢᠶᠠᠩᠸᠦᠢ ᠬᠠᠷᠢᠶᠠᠲᠤ ᠴᠡᠷᠢᠭ ᠢ᠋ᠶ᠋ᠡᠨ ᠠᠪᠴᠤ ᠳ᠋ᠦᠩ ᠸᠧᠨ ᠫᠢᠩ ᠦ᠋ᠨ ᠠᠷᠤ ᠳ᠋ᠤᠷ ᠠᠯᠭᠤᠷ ᠳᠠᠭᠠᠵᠤ ᠵᠠᠮ ᠳᠠᠭᠠᠤ ᠥᠷᠥᠰᠢᠶᠡᠯ ᠦᠵᠡᠭᠦᠯᠦᠨ ᠶᠠᠪᠤᠬᠤᠢ ᠳ᠋ᠤᠷ ᠵᠢᠶᠠᠩ ᠨᠠᠨ ᠂ ᠬᠤᠸᠠ ᠲᠢᠩ ᠂ ᠭᠠᠨ ᠹᠦ ᠂ ᠱᠠᠩᠬᠠᠢ ᠵᠡᠷᠭᠡ ᠬᠣᠲᠠ ᠴᠥᠮ ᠬᠡᠰᠢᠭ ᠲᠣᠷ ᠰᠢᠲᠦᠵᠦ ᠳᠠᠭᠠᠷ᠎ᠠ ᠢᠷᠡᠮᠦᠢ᠃ ᠶᠠᠨ ᠭᠤᠸᠠᠨ ᠬᠦᠷᠴᠦ ᠪᠠᠭᠤᠳᠠᠯᠯᠠᠨ ᠲᠤᠷᠰᠢᠭᠤᠯᠪᠠᠰᠤ ᠳ᠋ᠦᠩ ᠸᠸᠨ ᠫᠢᠩ ᠰᠠᠭᠠᠳ ᠦᠭᠡᠢ ᠵᠧ ᠵᠢᠶᠠᠩ ᠲᠢᠩ ᠬᠦᠷᠦᠭᠰᠡᠨ ᠲᠤᠯᠠ ᠨᠢᠭᠡᠨ ᠲᠠᠯ᠎ᠠ ᠶ᠋ᠢᠨ ᠲᠤᠰᠢᠶᠠᠯ ᠢ᠋ᠶ᠋ᠠᠨ ᠭᠦᠢᠴᠡᠭᠡᠪᠡ ᠭᠡᠮᠡᠨ ᠴᠡᠷᠢᠭ ᠢ᠋ᠶ᠋ᠡᠨ ᠠᠪᠴᠤ ᠭᠤᠸᠠᠨ ᠵᠧᠦ ᠳ᠋ᠦ᠍ᠷ ᠠᠵᠤᠤ ᠶ᠋ᠢᠨ ᠴᠡᠷᠢᠭ ᠲᠡᠢ ᠨᠡᠢᠯᠡᠵᠦ ᠶᠠᠩ ᠵᠧᠦ ᠶ᠋ᠢ ᠪᠠᠢᠯᠳᠤᠷ᠎ᠠ ᠮᠣᠷᠳᠠᠪᠠ᠃
ᠲᠡᠳᠦᠢ ᠳ᠋ᠦ᠍ᠷ ᠪᠠᠷᠠᠭᠤᠨ ᠵᠠᠮ ᠤ᠋ᠨ ᠠᠷᠤᠤᠬᠠᠨ ᠤ᠋ ᠶᠡᠬᠡ ᠴᠡᠷᠢᠭ ᠰᠢᠭᠤᠳ ᠯᠢ ᠰᠦᠢ ᠂ ᠯᠢ ᠶᠠᠩ ᠢ ᠴᠢᠭᠯᠡᠨ ᠰᠢᠨ ᠱᠣᠣ ᠂ ᠳ᠋ᠦᠩ ᠪᠠ ᠶ᠋ᠢᠨ ᠭᠠᠵᠠᠷ ᠢ ᠡᠪᠳᠡᠨ ᠡᠵᠡᠯᠡᠭᠡᠳ ᠬᠤ᠌ ᠶᠠ ᠮᠠᠨ ᠂ ᠴᠢᠩ ᠹᠧᠩ ᠡᠦ ᠶ᠋ᠢᠨ ᠭᠠᠵᠠᠷ ᠰᠥᠩ ᠤᠯᠤᠰ ᠤ᠋ᠨ ᠯᠢᠨ ᠠᠨ ᠢ᠋ ᠬᠠᠮᠠᠭᠠᠯᠠᠬᠤ ᠪᠠᠷ ᠴᠤᠭᠯᠠᠭᠤᠯᠤᠭᠰᠠᠨ ᠨᠠᠢ᠍ᠮᠠᠨ ᠲᠦᠮᠡᠨ ᠴᠡᠷᠢᠭ ᠢ᠋ ᠪᠠᠢᠯᠳᠤᠵᠤ ᠳᠣᠯᠣᠭᠠᠨ ᠮᠢᠩᠭ᠎ᠠ ᠢᠯᠡᠭᠦᠦ ᠠᠯᠠᠵᠤ ᠣᠯᠵᠠᠯᠠᠭᠰᠠᠨ ᠪᠥᠭᠡᠳ ᠵᠠᠩᠵᠤᠨ ᠲᠦᠰᠢᠮᠡᠳ ᠵᠣ᠌ ᠯᠢᠶᠠᠩ ᠲᠡᠷᠢᠭᠦᠲᠡᠨ ᠬᠡᠳᠦᠨ ᠬᠥᠮᠦᠨ ᠢ᠋ ᠪᠠᠷᠢᠪᠠ ᠃ ᠰᠥᠩ ᠤᠯᠤᠰ ᠤ᠋ᠨ ᠳᠦ ᠲᠦᠩ ᠲᠦᠰᠢᠮᠡᠯ ᠮᠢ ᠢᠦ ᠨᠠᠷ ᠳᠠᠬᠢᠨ ᠪᠠᠢᠯᠳᠤᠷ᠎ᠠ ᠢᠷᠠᠪᠠᠰᠤ ᠪᠠᠰᠠ ᠳᠣᠯᠣᠭᠠᠨ ᠮᠢᠩᠭ᠎ᠠ ᠢᠯᠡᠭᠦᠦ ᠠᠯᠠᠵᠤ ᠲᠤᠰᠠᠯᠠᠷ᠎ᠠ ᠢᠷᠡᠭᠰᠡᠨ ᠨᠥᠭᠦᠭᠡ ᠰᠠᠯᠠᠭ᠎ᠠ ᠴᠡᠷᠢᠭ ᠢ᠋ ᠠᠷᠪᠠᠨ ᠬᠡᠳᠦᠨ ᠭᠠᠵᠠᠷ ᠨᠡᠬᠡᠮᠵᠢᠯᠡᠨ ᠠᠯᠠᠵᠤ ᠳᠦ ᠲᠦᠩ ᠵᠡᠷᠭᠡ ᠭᠤᠷᠪᠠᠨ ᠵᠠᠩᠵᠤᠨ ᠢ ᠪᠠᠷᠢᠵᠤ ᠴᠠᠪᠴᠢᠭᠠᠳ ᠭᠤᠷᠪᠠᠨ ᠮᠢᠩᠭ᠎ᠠ ᠢᠯᠡᠭᠦᠦ ᠳᠠᠢᠰᠤᠨ ᠢ ᠠᠮᠢᠳᠤ ᠪᠠᠷᠢᠪᠠ᠃
ᠡᠨᠡ ᠮᠡᠲᠦ ᠪᠡᠷ ᠠᠷᠤᠤᠬᠠᠨ ᠤ᠋ ᠪᠠᠷᠠᠭᠤᠨ ᠵᠠᠮ ᠤ᠋ᠨ ᠴᠡᠷᠢᠭ ᠬᠠᠳᠤᠭᠰᠠᠨ ᠵᠦᠭ ᠳᠠᠢᠰᠤᠨ ᠦᠭᠡᠢ ᠭᠤᠸᠠᠩ ᠳᠧ ᠶ᠋ᠢᠨ ᠴᠡᠷᠢᠭ ᠢ᠋ ᠰᠢᠪᠲᠤᠯᠤᠨ ᠳᠠᠭᠠᠷᠢᠵᠤ ᠠᠯᠠᠨ ᠰᠠᠷᠨᠢᠭᠤᠯᠤᠭᠠᠳ ᠳᠦ ᠰᠥᠩ ᠭᠤᠸᠠᠨ ᠪᠣᠭᠣᠮᠲᠠ ᠪᠠᠷ ᠣᠷᠣᠵᠤ ᠢᠷᠡᠪᠡ᠃ ᠰᠥᠩ ᠦ᠋ᠨ ᠳᠦ ᠰᠥᠩ ᠭᠤᠸᠠᠨ ᠢ ᠰᠠᠬᠢᠭᠰᠠᠨ ᠵᠠᠩᠵᠤᠨ ᠵᠠᠩ ᠷᠦ ᠠᠮᠠ ᠳᠦᠭᠦᠷᠡᠩ ᠵᠡᠷᠯᠢᠭ ᠮᠣᠩᠭᠣᠯ ᠭᠡᠮᠡᠨ ᠬᠠᠷᠢᠶᠠᠵᠤ ᠡᠯᠴᠢ ᠶ᠋ᠢᠨ ᠰᠠᠢᠳ ᠯᠢᠶᠠᠨ ᠰᠢ ᠰᠢᠶᠠᠨ ᠨᠠᠷ ᠢ᠋ ᠠᠯᠠᠭᠰᠠᠨ ᠠ᠋ᠴᠠ ᠡᠵᠡᠨ ᠦ᠌ ᠵᠠᠷᠯᠢᠭ ᠢ᠋ᠶ᠋ᠠᠷ ᠪᠠᠷᠢᠵᠤ ᠰᠢᠳᠬᠡᠭᠲᠦᠨ ᠬᠡᠮᠡᠭᠰᠡᠨ ᠲᠤᠯᠠ ᠠᠷᠤᠤᠬᠨ ᠣᠨᠴᠠ ᠠᠩᠬᠠᠷᠴᠤ ᠶᠠᠪᠤᠭᠰᠠᠨ ᠪᠣᠯᠠᠢ ᠃ ᠠᠷᠤᠤᠬᠠᠨ ᠤ᠋ ᠴᠡᠷᠢᠭ ᠱᠠᠩ ᠪᠧᠢ ᠵᠸᠨ ᠪᠠᠯᠭᠠᠰᠤᠨ ᠳ᠋ᠤᠷ ᠬᠦᠷᠴᠦ ᠢᠷᠡᠬᠦᠢ ᠳ᠋ᠦ᠍ᠷ ᠵᠠᠩ ᠷᠦ ᠶᠡᠷᠦ ᠮᠣᠩᠭᠣᠯᠴᠤᠳ ᠯᠤᠭ᠎ᠠ ᠪᠠᠢᠯᠳᠤᠵᠤ ᠦᠵᠡᠭᠡᠳᠦᠢ ᠲᠤᠯᠠ ᠡᠯᠴᠢ ᠶ᠋ᠢ ᠪᠠᠷᠢᠵᠤ ᠠᠯᠠᠬᠤ ᠮᠡᠲᠦ ᠬᠢᠯᠪᠠᠷ ᠪᠣᠳᠣᠵᠤ ᠄ 《ᠱᠠ ᠳ᠋ᠠᠽᠢ ᠴᠢᠦᠢ! 》ᠭᠡᠮᠡᠨ ᠲᠠᠪᠤᠨ ᠮᠢᠩᠭᠠᠨ ᠴᠡᠷᠢᠭ ᠠᠪᠴᠤ ᠭᠠᠷᠴᠤ ᠢᠷᠡᠭᠡᠳ ᠳᠥᠷᠪᠡᠯᠵᠢᠨ ᠵᠢᠭᠰᠠᠭᠠᠵᠤ ᠵᠠᠩ ᠥᠰᠥᠭᠲᠦ ᠶᠡᠬᠡ ᠲᠤᠭ ᠤ᠋ᠨ ᠳᠣᠣᠷ᠎ᠠ ᠮᠣᠷᠢ ᠲᠡᠳᠡᠨ ᠵᠣᠭᠰᠣᠵᠤ ᠡᠩᠨᠡᠵᠦ ᠬᠦᠷᠴᠦ ᠢᠷᠡᠬᠦ ᠮᠣᠩᠭᠣᠯᠴᠤᠳ ᠢ᠋ ᠰᠣᠨᠢᠷᠬᠠᠵᠤ ᠦᠵᠡᠮᠦᠢ᠃ ᠠᠷᠤᠤᠬᠠᠨ ᠳᠣᠲᠣᠷ᠎ᠠ ᠪᠠᠨ ᠮᠠᠰᠢ ᠭᠠᠢᠬᠠᠵᠤ ᠪᠣᠳᠣᠪᠠᠰᠤ ᠰᠥᠩ ᠤᠯᠤᠰ ᠲᠤᠷ ᠣᠷᠣᠵᠤ ᠢᠷᠡᠭᠰᠡᠨ ᠡᠴᠡ ᠢᠨᠠᠭᠰᠢ ᠤᠭᠲᠤᠨ ᠪᠠᠢᠯᠳᠤᠬᠤ ᠵᠠᠩᠵᠤᠨ ᠲᠣᠬᠢᠶᠠᠯᠳᠤᠭᠰᠠᠨ ᠦᠭᠡᠢ ᠲᠤᠯᠠ ᠯᠠᠪ ᠬᠠᠲᠠᠭᠤ ᠡᠷ᠎ᠡ ᠭᠡᠮᠡᠨ ᠪᠣᠳᠣᠵᠤ ᠵᠢᠳᠠ ᠰᠤᠩᠭᠠᠨ ᠪᠠᠢᠯᠳᠤᠷ᠎ᠠ ᠢᠷᠡᠬᠦᠢ ᠳ᠋ᠦ᠍ᠷ ᠵᠠᠩ ᠷᠦ ᠬᠣᠣᠰ ᠢᠯᠳᠦ ᠪᠡᠷ ᠲᠣᠰᠣᠨ ᠠᠪᠴᠤ ᠬᠣᠶᠠᠷ ᠮᠣᠷᠢ ᠣᠢᠷᠠᠲᠤᠵᠤ ᠢᠷᠡᠬᠦᠢ ᠳ᠋ᠦ᠍ᠷ ᠠᠷᠤᠤᠬᠠᠨ ᠴᠠᠪᠴᠢᠭᠰᠠᠨ ᠢᠯᠳᠦ ᠶ᠋ᠢ ᠪᠠᠮᠪᠠᠢ ᠪᠠᠷ ᠲᠣᠰᠴᠤ ᠠᠪᠤᠭᠠᠳ ᠰᠢᠷᠭᠤᠨ ᠣᠷᠣᠵᠤ ᠬᠤᠶᠠᠭ ᠤ᠋ᠨ ᠣᠭᠣᠰᠣᠷ ᠠ᠋ᠴᠠ ᠲᠡᠳᠡᠨ ᠠᠪᠴᠤ ᠰᠢᠳᠠᠷ ᠠᠷᠠᠳ ᠲᠤᠷ ᠲᠤᠰᠢᠶᠠᠨ ᠵᠢᠳᠠ ᠪᠠᠷ ᠠᠷᠤ ᠶ᠋ᠢᠨ ᠴᠡᠷᠢᠭ ᠢ᠋ᠶ᠋ᠡᠨ ᠳᠠᠯᠠᠯᠤᠨ ᠠᠯᠠᠨ ᠣᠷᠣᠬᠤᠢ ᠳ᠋ᠤᠷ ᠰᠥᠩ ᠦ᠋ᠨ ᠴᠡᠷᠢᠭ ᠴᠥᠮ ᠰᠠᠷᠨᠢᠨ ᠪᠤᠷᠤᠭᠤᠯᠠᠪᠠ᠃ ᠳᠡᠳ᠋ ᠵᠠᠩᠵᠤᠨ ᠹᠧᠩ ᠢ ᠪᠢᠨ ᠬᠣᠷᠢᠭᠯᠠᠵᠤ ᠴᠢᠳᠠᠭᠰᠠᠨ ᠦᠭᠡᠢ ᠠᠮᠢᠳᠤ ᠪᠠᠷᠢᠭᠳᠠᠵᠤ ᠬᠣᠶᠠᠷ ᠮᠢᠩᠭ᠎ᠠ ᠢᠯᠡᠭᠦᠦ ᠴᠠᠪᠴᠢᠭᠳᠠᠪᠠ᠃ ᠮᠣᠩᠭᠣᠯᠴᠤᠳ ᠳᠡᠢᠯᠦᠭᠰᠡᠨ ᠬᠦᠴᠦᠨ ᠳ᠋ᠡᠭᠡᠨ ᠰᠥᠩ ᠦ᠋ᠨ ᠴᠡᠷᠢᠭ ᠯᠦ᠍ᠭᠡ ᠬᠣᠯᠢᠯᠳᠤᠨ ᠳᠦ ᠰᠥᠩ ᠭᠤᠸᠠᠨ ᠪᠣᠭᠣᠮᠲᠠ ᠳ᠋ᠤᠷ ᠳᠠᠪᠬᠢᠯᠳᠤᠨ ᠣᠷᠣᠵᠤ ᠡᠵᠡᠯᠡᠪᠡ ᠃ ᠲᠡᠢᠨ ᠬᠦ᠌ ᠮᠣᠩᠭᠣᠯ ᠤ᠋ᠨ ᠴᠡᠷᠢᠭ ᠦ᠋ᠨ ᠰᠦᠷ ᠤᠯᠠᠮ ᠮᠠᠨᠳᠤᠵᠤ ᠵᠠᠮ ᠳᠠᠭᠠᠤ ᠣᠯᠠᠨ ᠵᠧᠦ ᠵᠢᠶᠦ᠋ᠨ ᠢ ᠡᠵᠡᠯᠡᠨ ᠶᠠᠪᠤᠬᠤ ᠠᠨᠤ ᠬᠣᠩᠭᠣᠷ ᠰᠠᠯᠬᠢᠨ ᠬᠤᠪᠠᠬᠠᠢ ᠨᠠᠪᠴᠢ ᠶ᠋ᠢ ᠦᠯᠢᠶᠡᠬᠦ ᠮᠡᠲᠦ ᠪᠣᠯᠪᠠᠢ᠃
ᠶᠡᠬᠡ ᠵᠠᠩᠵᠤᠨ ᠠᠷᠤᠤᠬᠠᠨ ᠬᠠᠷᠢᠶᠠᠲᠤ ᠵᠠᠩᠵᠤᠨ ᠰᠣᠲᠣᠷᠲᠠᠢ ᠂ ᠯᠢ ᠭᠧᠩ ᠳ᠋ᠦ᠍ᠷ ᠭᠤᠷᠪᠠᠨ ᠲᠦᠮᠡᠨ ᠴᠡᠷᠢᠭ ᠬᠤᠪᠢᠶᠠᠨ ᠥᠭᠴᠦ ᠯᠦᠩ ᠰᠢᠩ ᠢ᠋ ᠪᠠᠢᠯᠳᠤᠷ᠎ᠠ ᠶᠠᠪᠤᠭᠤᠯᠤᠭᠠᠳ ᠶᠡᠬᠡ ᠪᠠᠭ᠎ᠠ ᠬᠣᠲᠠ ᠪᠠᠯᠭᠠᠰᠤᠨ ᠠᠷᠪᠠᠨ ᠨᠢᠭᠡᠨ ᠢ ᠡᠵᠡᠯᠡᠨ ᠠᠪᠤᠭᠤᠯᠪᠠ᠃ ᠠᠷᠤᠤᠬᠠᠨ ᠤ᠋ ᠶᠡᠬᠡ ᠴᠡᠷᠢᠭ ᠡᠦ ᠵᠧᠦ ᠳ᠋ᠦ᠍ᠷ ᠣᠢᠷᠠᠲᠤᠪᠠᠰᠤ ᠡᠦ ᠵᠧᠦ ᠶ᠋ᠢ ᠰᠠᠬᠢᠭᠰᠠᠨ ᠵᠠᠩᠵᠤᠨ ᠬᠤᠸᠠᠩ ᠸᠠᠨ ᠰᠢ ᠠᠶᠤᠨ ᠬᠣᠲᠠ ᠪᠠᠨ ᠣᠷᠬᠢᠵᠤ ᠵᠢᠶᠠᠨ ᠴᠠᠩ ᠳ᠋ᠤᠷ ᠳᠤᠲᠠᠭᠠᠪᠠ᠃ ᠠᠷᠤᠤᠬᠠᠨ ᠤ᠋ ᠴᠡᠷᠢᠭ ᠡᠦ ᠵᠧᠦ ᠶ᠋ᠢ ᠡᠵᠡᠯᠡᠭᠡᠳ ᠵᠢᠶᠠᠨ ᠴᠠᠩ ᠢ ᠪᠠᠢᠯᠳᠤᠷ᠎ᠠ ᠢᠷᠡᠭᠰᠡᠨ ᠳ᠋ᠦ᠍ᠷ ᠬᠤᠸᠠᠩ ᠸᠠᠨ ᠰᠢ ᠹᠦ ᠵᠧᠦ ᠳ᠋ᠦ᠍ᠷ ᠳᠤᠲᠠᠭᠠᠨ ᠣᠴᠢᠪᠠ᠃ ᠠᠷᠤᠤᠬᠠᠨ ᠤ᠋ ᠴᠡᠷᠢᠭ ᠵᠢᠶᠠᠨ ᠴᠠᠩ ᠢ ᠡᠵᠡᠯᠡᠭᠡᠳ ᠹᠦ ᠵᠧᠦ ᠶ᠋ᠢ ᠪᠠᠢᠯᠳᠤᠶ᠎ᠠ ᠢᠷᠡᠭᠰᠡᠨ ᠳ᠋ᠦ᠍ᠷ ᠬᠤᠸᠠᠩ ᠸᠠᠨ ᠰᠢ ᠳᠤᠲᠠᠭᠠᠬᠤ ᠭᠠᠵᠠᠷ ᠦᠭᠡᠢ ᠪᠣᠯᠵᠤ ᠰᠠᠶᠢ ᠪᠠᠭᠤᠵᠤ ᠥᠭᠪᠡ᠃ ᠡᠨᠡ ᠮᠡᠲᠦ ᠪᠡᠷ ᠠᠷᠤᠤᠬᠠᠨ ᠤ᠋ ᠪᠠᠷᠠᠭᠤᠨ ᠵᠠᠮ ᠤ᠋ᠨ ᠴᠡᠷᠢᠭ ᠵᠢᠶᠠᠩ ᠰᠢ ᠶ᠋ᠢᠨ ᠭᠠᠵᠠᠷ ᠢ ᠴᠥᠮ ᠳᠠᠭᠠᠭᠤᠯᠤᠨ ᠠᠪᠴᠤ ᠰᠢᠭᠤᠳ ᠯᠢᠨ ᠠᠨ ᠵᠦᠭ ᠰᠠᠭᠠᠳ ᠦᠭᠡᠢ ᠤᠷᠤᠭᠰᠢᠯᠠᠨ ᠪᠣᠯᠵᠣᠭ᠎ᠠ ᠶ᠋ᠢᠨ ᠬᠤᠭᠤᠴᠠᠭᠠᠨ ᠳ᠋ᠠᠭᠠᠨ ᠬᠦᠷᠴᠦ ᠢᠷᠡᠪᠡ᠃
ᠲᠡᠳᠦᠢ ᠳ᠋ᠦ᠍ᠷ ᠪᠠᠶᠠᠨ ᠶᠤᠸᠠᠨᠱᠤᠸᠠᠢ ᠶ᠋ᠢᠨ ᠳᠤᠮᠳᠠᠳᠤ ᠴᠡᠷᠢᠭ ᠬᠠᠷ᠎ᠠ ᠮᠣᠷᠢ ᠡᠳᠦᠷ ᠴᠠᠩ ᠵᠧᠦ ᠳ᠋ᠦ᠍ᠷ ᠬᠦᠷᠴᠦ ᠢᠷᠡᠬᠦᠢ ᠳ᠋ᠦ᠍ᠷ ᠴᠠᠩ ᠵᠧᠦ ᠶ᠋ᠢ ᠰᠠᠬᠢᠭᠰᠠᠨ ᠵᠠᠩᠵᠤᠨ ᠸᠠᠩ ᠰᠥᠩ ᠵᠣ᠌ ᠤᠷᠭᠤᠪᠠᠢ ᠃ ᠲᠦᠩ ᠹᠠᠨ ᠲᠦᠰᠢᠮᠡᠯ ᠸᠠᠩ ᠬᠤ᠌ ᠴᠸᠨ ᠬᠣᠲᠠ ᠪᠠᠨ ᠡᠷᠭᠦᠵᠦ ᠳᠠᠭᠠᠵᠤᠬᠤᠢ ᠂ ᠭᠡᠲᠡᠯ᠎ᠡ ᠬᠣᠲᠠ ᠶ᠋ᠢᠨ ᠳᠦ ᠲᠦᠩ ᡁᠢ ᠲᠦᠰᠢᠮᠡᠯ ᠯᠢᠦ ᠰᠢ ᠶᠦᠩ ᠂ ᠵᠠᠩ ᠶᠠᠨ ᠂ ᠸᠠᠩ ᠠᠨ ᠵᠢᠶᠧ ᠵᠡᠷᠭᠡ ᠬᠥᠮᠦᠨ ᠬᠣᠲᠠ ᠥᠨᠳᠥᠷ ᠪᠡᠬᠢ ᠲᠤᠯᠠ ᠵᠠᠩ ᠶᠠᠨ ᠢ᠋ᠶ᠋ᠠᠷ ᠠᠬᠠᠯᠠᠭᠤᠯᠤᠨ ᠬᠣᠲᠠ ᠪᠠᠨ ᠰᠠᠬᠢᠭᠰᠠᠨ ᠳ᠋ᠤᠷ ᠤᠳᠠᠲᠠᠯ᠎ᠠ ᠪᠦᠰᠡᠯᠡᠨ ᠪᠠᠢᠯᠳᠤᠭᠠᠳ ᠬᠣᠲᠠ ᠶ᠋ᠢ ᠡᠪᠳᠡᠵᠦ ᠴᠢᠳᠠᠭᠰᠠᠨ ᠦᠭᠡᠢ᠃ ᠲᠡᠢᠨ ᠬᠦ᠌ ᠪᠢᠴᠢᠭ ᠬᠠᠷᠪᠤᠵᠤ ᠣᠷᠣᠭᠤᠯᠤᠨ : ᠪᠠᠭᠤᠵᠤ ᠥᠭᠭᠦᠭᠡᠳ ᠳᠠᠬᠢᠨ ᠤᠷᠪᠠᠪᠠᠢ ᠭᠡᠮᠡᠨ ᠠᠶᠤᠬᠤ ᠬᠡᠷᠡᠭ ᠦᠭᠡᠢ᠃ ᠡᠰᠡᠷᠭᠦᠴᠡᠪᠡᠢ ᠭᠡᠮᠡᠨ ᠠᠶᠤᠬᠤ ᠬᠡᠷᠡᠭ ᠦᠭᠡᠢ᠃ ᠪᠠᠭᠤᠵᠤ ᠥᠭᠪᠡᠰᠦ ᠳᠠᠷᠤᠢ ᠭᠠᠪᠢᠶ᠎ᠠ ᠪᠣᠯᠠᠢ ᠬᠡᠮᠡᠪᠡᠰᠦ ᠮᠥᠨ ᠣᠢᠰᠢᠶᠠᠬᠤ ᠦᠭᠡᠢ ᠲᠤᠯᠠ ᠪᠠᠶᠠᠨ ᠶᠤᠸᠠᠨᠱᠤᠸᠠᠢ ᠴᠠᠴᠠᠷ ᠤ᠋ᠨ ᠵᠠᠩᠵᠤᠨ ᠴᠡᠷᠢᠭ ᠢ᠋ ᠱᠠᠭᠠᠷᠳᠠᠨ ᠡᠮᠦᠨ᠎ᠡ ᠬᠣᠲᠠᠨ ᠳ᠋ᠤᠷ ᠣᠢᠷᠠᠲᠤᠭᠤᠯᠵᠤ ᠶᠡᠬᠡ ᠫᠤᠤ ᠂ ᠬᠠᠲᠠᠭᠤ ᠨᠤᠮᠤ ᠪᠡᠯᠡᠳᠬᠡᠨ ᠡᠳᠦᠷ ᠰᠥᠨᠢ ᠦᠭᠡᠢ ᠪᠠᠢᠯᠳᠤᠵᠤ ᠪᠦᠬᠦᠢ ᠳ᠋ᠦ᠍ᠷ ᠰᠥᠩ ᠦ᠋ᠨ ᠵᠧ ᠰᠢ ᠶ᠋ᠢᠨ ᠲᠢ ᠰᠢᠩ ᠱᠢ ᠰᠢᠭᠦᠬᠦ ᠲᠦᠰᠢᠮᠡᠯ ᠸᠸᠨ ᠲᠢᠶᠠᠨ ᠰᠢᠶᠠᠩ ᠂ ᠬᠠᠷᠢᠶᠠᠲᠤ ᠵᠠᠩᠵᠤᠨ ᠤ᠋ ᠢᠦᠢ ᠂ ᠮᠠ ᠰᠢ ᠯᠦᠩ ᠳ᠋ᠦ᠍ᠷ ᠴᠡᠷᠢᠭ ᠥᠭᠴᠦ ᠲᠤᠰᠠᠯᠠᠷ᠎ᠠ ᠢᠷᠡᠪᠡᠰᠦ ᠪᠠᠶᠠᠨ ᠶᠤᠸᠠᠨᠱᠤᠸᠠᠢ ᠴᠢᠮᠡᠭᠡ ᠶ᠋ᠢ ᠣᠯᠵᠤ ᠵᠠᠮ ᠳ᠋ᠤᠷ ᠴᠡᠷᠢᠭ ᠪᠦᠭᠭᠦᠭᠦᠯᠵᠦ ᠴᠥᠮ ᠢ ᠬᠢᠳᠤᠭᠠᠳ ᠳᠡᠢᠯᠦᠭᠰᠡᠨ ᠬᠦᠴᠦᠨ ᠳ᠋ᠦ᠍ᠷ ᠴᠠᠴᠠᠷ ᠤ᠋ᠨ ᠰᠢᠳᠠᠷ ᠬᠥᠮᠦᠰ ᠢ᠋ᠶ᠋ᠡᠨ ᠵᠠᠩᠳᠤᠷᠤᠨ ᠬᠣᠲᠠᠨ ᠳ᠋ᠤᠷ ᠠᠪᠠᠷᠢᠭᠤᠯᠵᠤ ᠶᠤᠸᠠᠨᠱᠤᠸᠠᠢ ᠶ᠋ᠢᠨ ᠤᠯᠠᠭᠠᠨ ᠲᠤᠭ ᠢ᠋ ᠬᠣᠲᠠ ᠶ᠋ᠢᠨ ᠬᠠᠢᠰᠠᠩ ᠳ᠋ᠤᠷ ᠪᠣᠰᠬᠠᠭᠰᠠᠨ ᠲᠤᠯᠠ ᠣᠯᠠᠨ ᠵᠠᠩᠵᠤᠨ ᠴᠡᠷᠢᠭ ᠦᠵᠡᠭᠡᠳ ᠶᠤᠸᠠᠨᠱᠤᠸᠠᠢ ᠪᠡᠶ᠎ᠡ ᠪᠡᠷ ᠤᠷᠢᠤᠴᠢᠯᠠᠨ ᠭᠠᠷᠪᠠ ᠭᠡᠮᠡᠨ ᠪᠠᠷᠬᠢᠷᠠᠯᠳᠤᠨ ᠬᠣᠲᠠ ᠥᠭᠡᠳᠡ ᠰᠢᠷᠭᠤᠯᠵᠢ ᠮᠡᠲᠦ ᠮᠠᠴᠤᠯᠠᠨ ᠭᠠᠷᠤᠭᠰᠠᠨ ᠳ᠋ᠤᠷ ᠰᠥᠩ ᠤᠯᠤᠰ ᠤ᠋ᠨ ᠴᠡᠷᠢᠭ ᠬᠣᠷᠢᠭᠯᠠᠵᠤ ᠴᠢᠳᠠᠭᠰᠠᠨ ᠦᠭᠡᠢ ᠬᠣᠲᠠ ᠪᠠᠨ ᠠᠪᠲᠠᠪᠠ᠃ ᠶᠤᠸᠠᠨ ᠤᠯᠤᠰ ᠤ᠋ᠨ ᠴᠡᠷᠢᠭ ᠬᠣᠲᠠ ᠶ᠋ᠢ ᠡᠵᠡᠯᠡᠭᠡᠳ ᠡᠰᠡᠷᠭᠦᠴᠡᠭᠰᠡᠨ ᠪᠦᠬᠦᠨ ᠢ ᠬᠢᠳᠤᠵᠤ ᠠᠷᠠᠳ ᠢᠷᠭᠡᠳ ᠢ ᠬᠥᠨᠳᠡᠭᠡᠭᠰᠡᠨ ᠦᠭᠡᠢ᠃ ᠵᠠᠩ ᠶᠠᠨ ᠂ ᠴᠸᠨ ᠱᠧᠦ ᠵᠡᠷᠭᠡ ᠬᠥᠮᠦᠨ ᠴᠥᠮ ᠰᠠᠮᠠᠭᠤᠨ ᠴᠡᠷᠢᠭ ᠲᠦ᠍ᠷ ᠠᠯᠠᠭᠳᠠᠪᠠ᠃ ᠸᠠᠩ ᠠᠨ ᠵᠢᠶᠧ ᠠᠮᠢᠳᠤ ᠪᠠᠷᠢᠭᠳᠠᠪᠠᠢ᠃ ᠭᠠᠭᠴᠠ ᠯᠢᠦ ᠰᠢ ᠶᠦᠩ ᠢᠷᠭᠡᠳ ᠦ᠋ᠨ ᠬᠤᠪᠴᠠᠰᠤ ᠰᠣᠯᠢᠵᠤ ᠭᠠᠭᠴᠠ ᠪᠡᠶ᠎ᠡ ᠪᠡᠷ ᠳᠤᠲᠠᠭᠠᠨ ᠭᠠᠷᠪᠠ᠃ ᠣᠯᠠᠨ ᠵᠠᠩᠵᠤᠨ ᠨᠡᠬᠡᠰᠦᠭᠡᠢ ᠬᠡᠮᠡᠪᠡᠰᠦ ᠪᠠᠶᠠᠨ ᠶᠤᠸᠠᠨᠱᠤᠸᠠᠢ ᠬᠣᠷᠢᠭᠯᠠᠨ ᠵᠣᠭᠰᠣᠭᠠᠵᠤ ᠄ 《ᠳᠠᠢᠰᠤᠨ ᠤ᠋ ᠴᠡᠷᠢᠭ ᠯᠢᠦ ᠰᠢ ᠶᠦᠩ ᠦ᠋ᠨ ᠠᠮᠠ ᠠ᠋ᠴᠠ ᠴᠠᠩ ᠵᠧᠦ ᠶ᠋ᠢᠨ ᠡᠰᠡᠷᠭᠦᠴᠡᠭᠰᠡᠨ ᠦᠷ᠎ᠡ ᠳ᠋ᠦᠩ ᠢ᠋ ᠰᠣᠨᠣᠰᠴᠤ ᠰᠠᠶᠢ ᠰᠥᠰᠥ ᠬᠡᠮᠬᠡᠷᠡᠮᠦᠢ᠃ ᠢᠯᠡᠭᠦᠦ ᠨᠢᠭᠡᠨ ᠬᠥᠮᠦᠨ ᠢ ᠴᠠᠪᠴᠢᠵᠤ ᠬᠡᠷᠬᠢᠬᠦ ᠃ ᠮᠠᠨ ᠤ᠋ ᠬᠢᠳᠦᠭᠰᠡᠨ ᠠᠨᠤ ᠠᠯᠠᠬᠤ ᠶ᠋ᠢᠨ ᠲᠥᠯᠥᠭᠡ ᠪᠤᠰᠤ ᠪᠣᠯᠠᠢ᠃ ᠴᠡᠭᠡᠷᠯᠡᠭᠦᠯᠬᠦ ᠶ᠋ᠢᠨ ᠲᠥᠯᠥᠭᠡ ᠪᠤᠶᠤ 》ᠭᠡᠮᠡᠨ ᠬᠤᠪᠢᠶᠠᠷᠢ ᠬᠣᠷᠢᠶᠠᠨ ᠤ᠋ ᠬᠡᠷᠡᠭ ᠮᠡᠳᠡᠭᠴᠢ ᠮᠠ᠋ ᠱᠤ᠌ ᠪᠠᠷ ᠴᠠᠩ ᠵᠧᠦ ᠶ᠋ᠢ ᠰᠠᠬᠢᠭᠤᠯᠤᠨ ᠮᠣᠩᠭᠣᠯ ᠴᠡᠷᠢᠭ ᠦ᠋ᠨ ᠳᠦ ᠶᠤᠸᠠᠨᠱᠤᠸᠠᠢ ᠲᠦᠮᠡᠨ ᠦ᠌ ᠨᠣᠶᠠᠨ ᠬᠤᠸᠠᠢᠳᠤ ᠪᠠᠷ ᠦ ᠰᠢ ᠵᠧᠦ ᠶ᠋ᠢ ᠰᠠᠬᠢᠭᠤᠯᠤᠨ ᠲᠦᠮᠡᠨ ᠦ᠌ ᠨᠣᠶᠠᠨ ᠮᠠᠩᠭᠤᠲᠠᠢ ᠂ ᠶᠠᠨᠲ᠋ᠡᠮᠦᠷ ᠬᠣᠶᠠᠷ ᠢ᠋ᠶ᠋ᠠᠷ ᠲᠠᠢ ᠬᠤ᠌ ᠨᠠᠭᠤᠷ ᠢ ᠴᠠᠭᠳᠠᠨ ᠰᠡᠷᠭᠡᠢᠯᠡᠭᠦᠯᠦᠨ ᠪᠠᠢᠯᠳᠤᠭᠠᠨ ᠤ᠋ ᠬᠢᠨᠠᠭᠴᠢ ᠢᠵᠢᠯᠲᠡᠢ ᠂ ᠵᠣᠣ ᠲᠤᠤ ᠰᠢ ᠲᠦᠰᠢᠮᠡᠯ ᠰᠣᠳᠣ ᠂ ᠰᠢᠦᠸᠠᠨ ᠹᠦ ᠰᠢ ᠲᠦᠰᠢᠮᠡᠯ ᠢᠦ ᠰᠢᠶᠠᠨ ᠤ᠋ ᠬᠠᠮᠲᠤ ᠹᠢᠩ ᠵᠢᠶᠠᠩ ᠢ ᠣᠴᠢᠵᠤ ᠰᠠᠬᠢᠭᠲᠤᠨ ᠭᠡᠮᠡᠨ ᠲᠤᠰ ᠲᠤᠰ ᠶᠠᠪᠤᠭᠤᠯᠤᠭᠠᠳ ᠰᠢᠨ᠎ᠡ ᠳᠠᠭᠠᠭᠰᠠᠨ ᠢᠦ ᠵᠢᠶᠧ ᠰᠢ ᠳ᠋ᠦ᠍ᠷ ᠬᠠᠭᠠᠨ ᠤ᠋ ᠵᠠᠷᠯᠢᠭ ᠨᠢᠭᠡ ᠬᠤᠪᠢ ᠰᠡᠢᠷᠡᠭᠦᠯᠦᠨ ᠥᠭᠴᠦ ᠰᠥᠩ ᠤᠯᠤᠰ ᠲᠤᠷ ᠶᠠᠪᠤᠭᠤᠯᠪᠠ ᠃ ᠢᠦ ᠵᠢᠶᠧ ᠰᠢ ᠠᠷᠪᠠᠨ ᠬᠣᠶᠠᠷ ᠰᠠᠷ᠎ᠠ ᠶ᠋ᠢᠨ ᠴᠠᠭᠠᠭᠴᠢᠨ ᠦᠬᠡᠷ ᠡᠳᠦᠷ ᠦ ᠰᠢ ᠬᠦᠷᠴᠦ ᠬᠠᠭᠠᠨ ᠤ᠋ ᠵᠠᠷᠯᠢᠭ ᠢ᠋ ᠤᠯᠠᠮᠵᠢᠯᠠᠪᠠ᠃ ᠲᠡᠢᠨ ᠬᠦ᠌ ᠰᠥᠩ ᠤᠯᠤᠰ ᠤ᠋ᠨ ᠤᠷᠠᠴᠤᠳ ᠤ᠋ᠨ ᠶᠠᠮᠤᠨ ᠤ᠋ ᠰᠠᠢᠳ ᠬᠦᠩ ᠪᠦ ᠵᠢᠶᠠᠨ ᠲᠦᠰᠢᠮᠡᠯ ᠯᠢᠦ ᠶᠣᠣ ᠵᠡᠷᠭᠡ ᠬᠥᠮᠦᠨ ᠤᠯᠤᠰ ᠤ᠋ᠨ ᠡᠵᠡᠨ ᠬᠢᠭᠡᠳ ᠲᠡᠢ ᠬᠤᠸᠠᠩ ᠲᠠᠢᠬᠡᠦ ᠶ᠋ᠢᠨ ᠪᠢᠴᠢᠭ ᠂ ᠰᠥᠩ ᠤᠯᠤᠰ ᠤ᠋ᠨ ᠣᠯᠠᠨ ᠰᠠᠢᠳ ᠨᠠᠷ ᠤ᠋ᠨ ᠪᠠᠶᠠᠨ ᠶᠤᠸᠠᠨᠱᠤᠸᠠᠢ ᠳ᠋ᠤᠷ ᠪᠠᠷᠢᠬᠤ ᠪᠢᠴᠢᠭ ᠢ ᠬᠠᠮᠲᠤᠷᠠᠭᠤᠯᠤᠨ ᠠᠪᠴᠤ ᠢᠷᠡᠭᠡᠳ ᠨᠢᠯᠪᠤᠰᠤ ᠤᠨᠠᠭᠠᠨ ᠭᠤᠶᠤᠵᠤ ᠥᠴᠢᠷᠦᠨ: 《 ᠲᠡᠢ ᠬᠤᠸᠠᠩ ᠲᠠᠢᠬᠡᠦ ᠶ᠋ᠢᠨ ᠵᠢᠯ ᠥᠨᠳᠥᠷ ᠪᠣᠯᠤᠭᠠᠳ ᠵᠠᠯᠭᠠᠮᠵᠢ ᠡᠵᠡᠨ ᠨᠢᠯᠬ᠎ᠠ ᠳᠡᠭᠡᠷ᠎ᠡ ᠪᠠᠰᠠ ᠪᠡᠯᠪᠡᠰᠦᠷᠡᠯ ᠳ᠋ᠦ᠍ᠷ ᠪᠣᠢ᠃ ᠡᠷᠲᠡᠨ ᠡᠴᠡ ᠶᠣᠰᠣᠨ ᠳ᠋ᠤᠷ ᠪᠡᠯᠪᠡᠰᠦᠷᠡᠯ ᠢ᠋ ᠦᠯᠦ ᠲᠠᠢᠯᠠᠮᠤᠢ ᠬᠡᠮᠡᠵᠦᠬᠦᠢ᠃ ᠥᠷᠥᠰᠢᠶᠡᠨ ᠴᠡᠷᠢᠭ ᠢ᠋ᠶ᠋ᠡᠨ ᠲᠠᠲᠠᠪᠠᠰᠤ ᠵᠢᠯ ᠪᠦᠷᠢ ᠶ᠋ᠢᠨ ᠠᠯᠪᠠ ᠶ᠋ᠢ ᠠᠶᠤᠯ ᠦᠭᠡᠢ ᠲᠠᠰᠤᠯᠬᠤ ᠦᠭᠡᠢ ᠪᠣᠯᠠᠢ᠃ ᠡᠨᠡ ᠡᠳᠦᠷ ᠦ᠋ᠨ ᠶᠠᠪᠤᠳᠠᠯ ᠴᠥᠮ ᠵᠠᠯᠢᠬᠠᠢ ᠰᠠᠢᠳ ᠵᠢᠶᠠ ᠽᠢ ᠳ᠋ᠣᠣ ᠶ᠋ᠢᠨ ᠢᠲᠡᠭᠡᠮᠵᠢ ᠦᠭᠡᠢ ᠡᠴᠡ ᠤᠯᠤᠰ ᠢ ᠰᠠᠭᠠᠳᠠᠭᠤᠯᠪᠠ 》ᠭᠡᠮᠡᠨ ᠭᠤᠶᠤᠬᠤ ᠠᠨᠤ ᠮᠠᠰᠢ ᠤᠶᠠᠷᠠᠯ ᠲᠠᠢ᠃ ᠪᠠᠶᠠᠨ ᠶᠤᠸᠠᠨᠱᠤᠸᠠᠢ ᠥᠭᠦᠯᠡᠷᠦᠨ :《ᠮᠠᠨ ᠤ᠋ ᠡᠵᠡᠨ ᠰᠠᠭᠤᠷᠢᠨ ᠢ᠋ ᠵᠠᠯᠭᠠᠮᠵᠢᠯᠠᠭᠰᠠᠨ ᠤ᠋ ᠪᠠᠨ ᠳᠠᠷᠠᠭᠠᠬᠠᠨ ᠤᠯᠤᠰ ᠤ᠋ᠨ ᠪᠢᠴᠢᠭ ᠶᠠᠪᠤᠭᠤᠯᠵᠤ ᠲᠠᠨ ᠤ᠋ ᠤᠯᠤᠰ ᠯᠤᠭ᠎ᠠ ᠨᠠᠢᠷᠠᠯᠳᠤᠰᠤᠭᠠᠢ ᠬᠡᠮᠡᠭᠰᠡᠨ ᠪᠥᠯᠥᠭᠡ ᠃ ᠭᠡᠲᠡᠯ᠎ᠡ ᠲᠠᠨ ᠤ᠋ ᠤᠯᠤᠰ ᠡᠯᠴᠢ ᠶ᠋ᠢ ᠪᠠᠷᠢᠵᠤ ᠬᠣᠷᠢᠭᠠᠳ ᠠᠷᠪᠠᠨ ᠵᠢᠷᠭᠤᠭᠠᠨ ᠵᠢᠯ ᠪᠣᠯᠪᠠᠢ ᠃ ᠡᠢᠮᠦ ᠡᠴᠡ ᠶᠠᠯ᠎ᠠ ᠠᠰᠠᠭᠤᠬᠤ ᠴᠡᠷᠢᠭ ᠪᠠᠢᠭᠤᠯᠪᠠ ᠃ ᠭᠡᠲᠡᠯ᠎ᠡ ᠲᠠᠨ ᠤ᠋ ᠤᠯᠤᠰ ᠶᠠᠯ᠎ᠠ ᠪᠠᠨ ᠮᠡᠳᠡᠵᠦ ᠪᠤᠷᠤᠭᠤ ᠪᠠᠨ ᠬᠦᠯᠢᠶᠡᠨ ᠭᠤᠶᠤᠬᠤ ᠦᠭᠡᠢ ᠲᠡᠭᠷᠢ ᠶ᠋ᠢᠨ ᠴᠡᠷᠢᠭ ᠢ᠋ ᠡᠰᠡᠷᠭᠦᠴᠡᠨ ᠯᠢᠶᠠᠨ ᠹᠧᠩ ᠱᠢ ᠨᠠᠷ ᠤ᠋ᠨ ᠬᠡᠳᠦᠨ ᠵᠠᠭᠤᠨ ᠬᠥᠮᠦᠨ ᠢ᠋ ᠠᠯᠠᠭᠰᠠᠨ ᠪᠠ ᠲᠡᠭᠦᠨ ᠦ᠌ ᠳᠠᠷᠠᠭ᠎ᠠ ᠮᠢᠨᠦ ᠶᠠᠪᠤᠭᠤᠯᠤᠭᠰᠠᠨ ᠤᠷᠢᠳ ᠬᠣᠵᠢᠳ ᠭᠤᠷᠪᠠᠨ ᠤᠳᠠᠭ᠎ᠠ ᠶ᠋ᠢᠨ ᠡᠯᠴᠢ ᠶ᠋ᠢ ᠴᠥᠮ ᠪᠠᠷᠢᠵᠤ ᠠᠯᠠᠪᠠ᠃ ᠬᠡᠨ ᠦ᠌ ᠶᠠᠯ᠎ᠠ ᠪᠣᠢ? ᠬᠡᠷᠪᠡ ᠮᠠᠨ ᠢ ᠴᠡᠷᠢᠭ ᠵᠣᠭᠰᠣ ᠬᠡᠮᠡᠪᠡᠰᠦ ᠴᠢᠶᠠᠨ ᠸᠠᠩ ᠢ᠋ ᠳᠠᠭᠤᠷᠢᠶᠠᠨ ᠭᠠᠵᠠᠷ ᠨᠤᠲᠤᠭ ᠢ᠋ᠶ᠋ᠠᠨ ᠡᠷᠭᠦᠬᠦ ᠪᠤᠶᠤ ᠯᠢ ᠾᠧᠦ ᠵᠣ᠌ ᠶ᠋ᠢ ᠳᠠᠭᠤᠷᠢᠶᠠᠨ ᠨᠢᠴᠦᠭᠦᠨ ᠭᠠᠷᠴᠤ ᠳᠠᠭᠠᠬᠤ ? ᠲᠠᠨ ᠤ᠋ ᠰᠥᠩ ᠤᠯᠤᠰ ᠶᠡᠷᠦ ᠬᠡᠦᠬᠡᠳ ᠦ᠋ᠨ ᠭᠠᠷ ᠠ᠋ᠴᠠ ᠤᠯᠤᠰ ᠢ᠋ ᠣᠯᠤᠭᠰᠠᠨ ᠲᠤᠯᠠ ᠮᠥᠨ ᠬᠡᠦᠬᠡᠳ ᠦ᠋ᠨ ᠭᠠᠷ ᠠ᠋ᠴᠠ ᠠᠯᠳᠠᠬᠤ ᠠᠨᠤ ᠵᠦᠢ ᠪᠣᠯᠠᠢ᠃ ᠢᠯᠡᠭᠦᠴᠡ ᠦᠭᠡ ᠬᠡᠷᠡᠭ ᠦᠭᠡᠢ 》 ᠬᠡᠮᠡᠪᠡᠰᠦ ᠯᠢᠦ ᠶᠣᠣ ᠮᠥᠷᠭᠥᠨ ᠤᠬᠢᠯᠠᠭᠠᠳ ᠰᠠᠯᠬᠤ ᠦᠭᠡᠢ ᠃ ᠲᠡᠢᠨ ᠬᠦ᠌ ᠵᠣᠣ ᠲᠤᠤ ᠱᠢ ᠲᠦᠰᠢᠮᠡᠯ ᠴᠣᠷᠵᠢ ᠶ᠋ᠢ ᠳᠠᠭᠤᠳᠠᠵᠤ ᠯᠢᠦ ᠶᠣᠣ ᠶ᠋ᠢᠨ ᠢᠷᠡᠭᠰᠡᠨ ᠤᠴᠢᠷ ᠪᠠ ᠯᠢᠶᠠᠨ ᠹᠧᠩ ᠱᠢ ( ᠯᠢᠶᠠᠨ ᠰᠢ ᠰᠢᠶᠠᠨ ᠤ᠋ ᠳᠡᠭᠦᠦ ) ᠶ᠋ᠢᠨ ᠬᠠᠭᠠᠨ ᠤ᠋ ᠵᠠᠷᠯᠢᠭ ᠢ ᠠᠪᠴᠤ ᠢᠷᠡᠭᠰᠡᠨ ᠲᠤᠬᠠᠢ ᠳᠡᠭᠡᠳᠦ ᠨᠡᠢᠰᠯᠡᠯ ᠳ᠋ᠦ᠍ᠷ ᠠᠢᠯᠠᠳᠬᠠᠷ᠎ᠠ ᠳᠠᠪᠬᠢᠭᠤᠯᠪᠠ᠃
ᠡᠨᠡ ᠬᠣᠭᠣᠷᠣᠨᠳᠣ ᠹᠢᠩ ᠵᠢᠶᠠᠩ ᠤ᠋ᠨ ᠲᠦᠩ ᠹᠠᠨ ᠲᠦᠰᠢᠮᠡᠯ ᠬᠤ᠌ ᠵᠢᠦᠢ ᠂ ᠳᠦ ᠲᠦᠩ ᠲᠦᠰᠢᠮᠡᠯ ᠸᠠᠩ ᠢᠦᠢ ᠴᠥᠮ ᠤᠭᠲᠤᠨ ᠳᠠᠭᠠᠭᠰᠠᠨ ᠲᠤᠯᠠ ᠶᠡᠬᠡ ᠴᠡᠷᠢᠭ ᠰᠢᠭᠤᠳ ᠦ ᠵᠢᠶᠠᠩ ᠮᠥᠷᠡᠨ ᠳ᠋ᠦ᠍ᠷ ᠬᠦᠷᠴᠦ ᠢᠷᠡᠪᠡᠢ᠃ ᠪᠠᠶᠠᠨ ᠶᠤᠸᠠᠨᠱᠤᠸᠠᠢ ᠦ ᠵᠢᠶᠠᠩ ᠮᠥᠷᠡᠨ ᠦ᠌ ᠪᠤᠯᠠᠩᠭᠢᠷᠲᠤ ᠤᠷᠤᠰᠬᠠᠯ ᠢ᠋ ᠦᠵᠡᠵᠦ ᠴᠦ ᠂ ᠬᠠᠨ ᠬᠣᠶᠠᠷ ᠤᠯᠤᠰ ᠤ᠋ᠨ ᠲᠡᠮᠡᠴᠡᠯᠳᠦᠭᠡᠨ ᠳ᠋ᠦ᠍ᠷ ᠴᠦ ᠪᠠ ᠸᠠᠩ ᠰᠢᠶᠠᠩ ᠢᠦᠢ ᠦ ᠵᠢᠶᠠᠩ ᠮᠥᠷᠡᠨ ᠳ᠋ᠦ᠍ᠷ ᠭᠠᠴᠢᠭᠳᠠᠬᠤ ᠳ᠋ᠠᠭᠠᠨ ᠵᠣᠬᠢᠶᠠᠭᠰᠠᠨ ᠤᠨᠠᠭᠤᠯᠢ ᠳᠣᠣᠷ᠎ᠠ ᠬᠡᠮᠡᠬᠦ ᠳᠠᠭᠤᠤ ᠶ᠋ᠢ ᠰᠠᠨᠠᠭᠠᠯᠵᠠᠵᠤ ᠠᠮᠠᠨ ᠤ᠋ ᠠᠶ᠎ᠠ ᠪᠠᠷ ᠢ᠋ᠶ᠋ᠠᠨ ᠤᠩᠰᠢᠷᠤᠨ ᠄
ᠠᠭᠤᠯᠠ ᠶ᠋ᠢ ᠨᠡᠭᠦᠯᠭᠡᠬᠦ ᠴᠢᠳᠠᠯ ᠲᠠᠢ ᠬᠦ᠌
ᠠᠯᠲᠠᠨ ᠳᠡᠯᠡᠬᠡᠢ ᠶ᠋ᠢ ᠪᠠᠭᠲᠠᠭᠠᠬᠤ ᠵᠣᠷᠢᠭᠲᠠᠢ
ᠠᠰᠢᠭ ᠦᠭᠡᠢ ᠴᠠᠭ ᠲᠣᠬᠢᠶᠠᠯᠠᠳᠤᠪᠠᠢ ᠬᠦ᠌
ᠠᠭᠲᠠ ᠬᠤᠷᠳᠤᠨ ᠬᠦᠯᠦᠭ ᠮᠢᠨᠦ ᠵᠣᠭᠰᠣᠪᠠᠢ
ᠠᠢᠬᠤᠪᠲᠤᠷ ᠪᠣᠷᠣ ᠮᠢᠨᠦ ᠵᠣᠭᠰᠣᠵᠠᠢ ᠬᠦ᠌
ᠠᠮᠠᠷᠠᠭ ᠢᠦᠢ ᠬᠠᠲᠤᠨ ᠢ᠋ᠶ᠋ᠠᠨ ᠶᠠᠭᠠᠬᠢᠶ᠎ᠠ ᠳᠠ ᠭᠡᠮᠡᠨ ᠬᠡᠩᠰᠢᠬᠦᠢ ᠳ᠋ᠦ᠍ᠷ ᠳᠡᠷᠭᠡᠳᠡ ᠵᠣᠭᠰᠣᠭᠰᠠᠨ ᠴᠠᠴᠠᠷ ᠤ᠋ᠨ ᠵᠥᠪᠯᠡᠭᠴᠢ ᠲᠦᠰᠢᠮᠡᠯ ᠯᠢᠶᠠᠩ ᠸᠸᠨ ᠢ ᠥᠭᠦᠯᠡᠷᠦᠨ:《ᠶᠤᠸᠠᠨᠱᠤᠸᠠᠢ ᠶᠠᠭᠤᠨ ᠳ᠋ᠤᠷ ᠡᠢᠨ ᠬᠦ᠌ ᠪᠡᠯᠭᠡ ᠥᠬᠡᠢ ᠳᠠᠭᠤᠯᠠᠯ ᠢ ᠬᠡᠩᠰᠢᠮᠦᠢ᠃ ᠡᠷᠲᠡ ᠭᠤᠷᠪᠠᠨ ᠤᠯᠤᠰ ᠤ᠋ᠨ ᠽᠣᠤ ᠽᠣᠤ ᠨᠠᠶᠠᠨ ᠭᠤᠷᠪᠠᠨ ᠲᠦᠮᠡᠨ ᠦ᠌ ᠣᠯᠠᠨ ᠢ᠋ ᠠᠪᠴᠤ ᠶᠡᠬᠡ ᠮᠥᠷᠡᠨ ᠳ᠋ᠦ᠍ᠷ ᠵᠢᠭᠰᠠᠭᠠᠨ ᠵᠢᠶᠠᠩ ᠳ᠋ᠦᠩ ᠦ᠋ᠨ ᠭᠠᠵᠠᠷ ᠢ ᠵᠠᠯᠭᠢᠵᠤ ᠯᠢᠦ ᠪᠧᠢ ᠶ᠋ᠢ ᠥᠭᠡᠢᠬᠢᠰᠦᠭᠡᠢ ᠭᠡᠮᠡᠨ ᠶᠡᠬᠡᠳᠡ ᠪᠠᠷᠳᠠᠮᠨᠠᠨ :《ᠰᠠᠷᠠᠨ ᠲᠤᠩᠭᠠᠯᠠᠭ ᠣᠳᠣᠨ ᠰᠡᠢᠷᠡᠭ ᠬᠡᠷᠢᠶ᠎ᠡ ᠱᠠᠭᠠᠵᠠᠭᠠᠢ ᠡᠮᠦᠨᠡᠰᠢ ᠪᠡᠨ ᠨᠢᠰᠦᠮᠦᠢ 》ᠭᠡᠮᠡᠨ ᠵᠢᠳᠠ ᠪᠠᠷᠢᠵᠤ ᠪᠥᠵᠢᠭᠯᠡᠨ ᠳᠠᠭᠤᠯᠠᠵᠤ ᠢᠷᠣ᠎ᠠ ᠮᠡᠳᠡᠭᠳᠡᠭᠰᠡᠨ ᠢ ᠶᠤᠸᠠᠨᠱᠤᠸᠠᠢ ᠯᠠᠪ ᠤᠮᠠᠷᠲᠠᠭᠠᠳᠤᠢ ᠪᠣᠢ ᠊ᠶ᠎ᠠ 》ᠬᠡᠮᠡᠪᠡ᠃ ᠪᠠᠶᠠᠨ ᠶᠤᠸᠠᠨᠱᠤᠸᠠᠢ ᠶᠡᠬᠡᠳᠡ ᠢᠨᠢᠶᠡᠨ ᠥᠭᠦᠯᠡᠷᠦᠨ: 《ᠮᠢᠨᠦ ᠪᠡᠶ᠎ᠡ ᠽᠣᠤ ᠽᠣᠤ ᠪᠤᠰᠤ ᠪᠥᠭᠡᠲᠡᠯ᠎ᠡ ᠡᠷᠭᠢᠨ ᠦ᠌ ᠪᠡᠶ᠎ᠡ ᠶᠠᠭᠤᠨ ᠳ᠋ᠤᠷ ᠡᠷᠬᠡᠪᠡᠰᠢ ᠯᠢᠦ ᠹᠦ ᠶ᠋ᠢ ᠳᠠᠭᠤᠷᠢᠶᠠᠮᠤᠢ᠃ ᠪᠢ ᠪᠣᠯᠪᠠᠰᠤ ᠡᠩ ᠦ᠋ᠨ ᠨᠢᠭᠡ ᠴᠡᠷᠢᠭ ᠦ᠋ᠨ ᠡᠷ᠎ᠡ ᠪᠤᠶᠤ᠃ ᠰᠠᠢᠨ ᠢ ᠦᠵᠡᠪᠡᠰᠦ ᠪᠡᠶᠡᠰᠴᠦ ᠮᠠᠭᠤ ᠶ᠋ᠢ ᠦᠵᠡᠪᠡᠰᠦ ᠵᠢᠭᠰᠢᠵᠦ ᠵᠣᠪᠠᠯᠠᠩ ᠢ᠋ ᠦᠵᠡᠪᠡᠰᠦ ᠤᠶᠠᠷᠠᠨ ᠬᠡᠷᠴᠡᠭᠡᠢ ᠶ᠋ᠢ ᠦᠵᠡᠪᠡᠰᠦ ᠬᠣᠷᠣᠰᠬᠤ ᠪᠣᠯᠠᠢ᠃ ᠡᠨᠡ ᠴᠣᠬᠣᠮ ᠬᠥᠮᠦᠰ ᠦ᠋ᠨ ᠡᠩ ᠦ᠋ᠨ ᠬᠡᠷᠡᠭ ᠪᠤᠶᠤ᠃ ᠬᠡᠷᠬᠢᠨ ᠡᠵᠡᠨ ᠦ᠌ ᠶᠡᠬᠡ ᠦᠢᠯᠡᠰ ᠲᠣᠷ ᠢᠷᠣ᠎ᠠ ᠪᠣᠯᠤᠮᠤᠢ᠃ ᠵᠢᠴᠢ ᠥᠭᠦᠯᠡᠪᠡᠰᠦ ᠽᠣᠤ ᠽᠣᠤ ᠶ᠋ᠢᠨ ᠠᠷᠭ᠎ᠠ ᠤᠬᠠᠭᠠᠨ ᠺᠦᠩ ᠮᠢᠩ ᠂ ᠵᠧᠦ ᠢᠦᠢ ᠳ᠋ᠦ᠍ᠷ ᠬᠦᠷᠬᠦ ᠦᠭᠡᠢ ᠲᠤᠯᠠ ᠳᠡᠢᠯᠦᠭᠳᠡᠭᠰᠡᠨ ᠡᠴᠡ ᠪᠤᠰᠤ ᠽᠣᠤ ᠽᠣᠤ ᠶ᠋ᠢᠨ ᠳᠠᠭᠤᠯᠠᠯ ᠤ᠋ᠨ ᠢᠷᠣ᠎ᠠ ᠠ᠋ᠴᠠ ᠪᠣᠯᠤᠭᠰᠠᠨ ᠪᠤᠰᠤ ᠪᠤᠶᠤ᠃ ᠡᠳᠦᠭᠡ ᠨᠢᠭᠡᠨ ᠦᠶ᠎ᠡ ᠶ᠋ᠢᠨ ᠪᠠᠭᠠᠲᠤᠷ ᠡᠷ᠎ᠡ ᠂ ᠬᠠᠷᠭᠢᠰ ᠴᠢᠨ ᠢ᠋ ᠤᠰᠠᠳᠬᠠᠭᠰᠠᠨ ᠵᠢᠳᠬᠦᠯᠲᠡᠨ ᠦ᠌ ᠰᠥᠨᠥᠭᠰᠡᠨ ᠭᠠᠵᠠᠷ ᠬᠦᠷᠴᠦ ᠢᠷᠡᠭᠰᠡᠨ ᠲᠤᠯᠠ ᠨᠢᠭᠡᠨ ᠬᠤᠨᠳᠠᠭ᠎ᠠ ᠴᠡᠴᠦᠯᠡᠨ ᠳᠠᠢᠬᠤ ᠠᠨᠤ ᠶᠣᠰᠣ ᠪᠣᠯᠠᠢ ᠭᠡᠮᠡᠨ ᠴᠠᠴᠠᠷ ᠤ᠋ᠨ ᠠᠷᠠᠳ ᠢ᠋ ᠳᠠᠭᠤᠳᠠᠨ ᠠᠷᠢᠬᠢ ᠢᠳᠡᠭᠡ ᠠᠪᠴᠤ ᠢᠷᠡᠭᠦᠯᠦᠨ ᠮᠥᠷᠡᠨ ᠳ᠋ᠦ᠍ᠷ ᠴᠡᠴᠦᠯᠡᠨ ᠴᠦ ᠪᠠ ᠸᠠᠩ ᠢ᠋ ᠳᠤᠷᠠᠰᠬᠠᠨ ᠳᠠᠭᠢᠪᠠ᠃
ᠲᠡᠳᠦᠢ ᠳ᠋ᠦ᠍ᠷ ᠰᠥᠩ ᠭᠤᠸᠠᠨ ᠲᠦᠰᠢᠮᠡᠯ ᠨᠢᠩ ᠢᠦᠢ ᠶᠤᠸᠠᠨᠱᠤᠸᠠᠢ ᠶ᠋ᠢᠨ ᠵᠢᠭᠠᠪᠤᠷᠢ ᠪᠠᠷ ᠦ ᠵᠢᠶᠠᠩ ᠮᠥᠷᠡᠨ ᠦ᠌ ᠡᠪᠳᠡᠭᠳᠡᠭᠰᠡᠨ ᠬᠥᠭᠥᠷᠭᠡ ᠶ᠋ᠢ ᠰᠡᠯᠪᠢᠨ ᠵᠠᠰᠠᠵᠤ ᠠᠷᠪᠠ ᠬᠣᠨᠣᠭ ᠲᠤᠷ ᠳᠠᠷᠤᠢ ᠪᠦᠲᠦᠭᠡᠵᠦᠬᠦᠢ᠃ ᠲᠡᠢᠨ ᠬᠦ᠌ ᠶᠡᠬᠡ ᠴᠡᠷᠢᠭ ᠮᠥᠷᠡᠨ ᠭᠡᠲᠦᠯᠰᠦᠭᠡᠢ ᠭᠡᠮᠡᠨ ᠪᠦᠬᠦᠢ ᠳ᠋ᠦ᠍ᠷ ᠰᠥᠩ ᠤᠯᠤᠰ ᠲᠤᠷ ᠬᠠᠭᠠᠨ ᠤ᠋ ᠵᠠᠷᠯᠢᠭ ᠢ ᠬᠦᠷᠭᠡᠵᠦ ᠣᠴᠢᠭᠰᠠᠨ ᠡᠯᠴᠢ ᠨᠡᠩᠵᠢᠲᠡᠶ ᠰᠥᠩ ᠤᠯᠤᠰ ᠤ᠋ᠨ ᠱᠠᠩ ᠱᠤ᠌ ᠲᠦᠰᠢᠮᠡᠯ ᠰᠢᠶᠠ ᠰᠢ ᠯᠢᠨ ᠂ ᠰᠢ ᠯᠠᠩ ᠲᠦᠰᠢᠮᠡᠯ ᠯᠢᠦᠢ ᠰᠢ ᠮᠧᠩ ᠤᠭᠰᠠᠭ᠎ᠠ ᠶ᠋ᠢᠨ ᠰᠥᠩ ᠵᠧᠩ ᠲᠦᠰᠢᠮᠡᠯ ᠱᠣᠣ ᠴᠢᠩ ᠂ ᠲᠦᠰᠢᠮᠡᠯ ᠯᠦ᠍ ᠰᠢᠦᠢ ᠹᠦ ᠨᠠᠷ ᠢ᠋ ᠳᠠᠭᠠᠭᠤᠯᠤᠨ ᠭᠤᠶᠤᠳᠠᠯ ᠤ᠋ᠨ ᠪᠢᠴᠢᠭ ᠬᠦᠷᠭᠡᠵᠦ ᠢᠷᠡᠭᠡᠳ ᠬᠤᠪᠢᠯᠠᠢ ᠬᠠᠭᠠᠨ ᠢ ᠶᠡᠬᠡ ᠡᠴᠢᠭᠡ ᠡᠷᠭᠦᠮᠵᠢᠯᠡᠨ ᠬᠡᠦᠬᠡᠳ ᠠᠴᠢ ᠶ᠋ᠢᠨ ᠦᠢᠯᠡ ᠶ᠋ᠢ ᠭᠦᠢᠴᠡᠳᠬᠡᠨ ᠵᠢᠯ ᠪᠦᠷᠢ ᠮᠥᠩᠭᠥ ᠬᠣᠷᠢᠨ ᠲᠠᠪᠤᠨ ᠲᠦᠮᠡᠨ ᠬᠡᠰᠡᠭ ᠂ ᠪᠥᠰ ᠪᠠᠷᠠᠭ᠎ᠠ ᠬᠣᠷᠢᠨ ᠲᠦᠮᠡᠨ ᠵᠠᠬ᠎ᠠ ᠪᠠᠷᠢᠰᠤᠭᠠᠢ ᠬᠡᠮᠡᠪᠡ ᠃ ᠪᠠᠶᠠᠨ ᠶᠤᠸᠠᠨᠱᠤᠸᠠᠢ ᠡᠭᠦᠨ ᠢ ᠵᠥᠪᠰᠢᠶᠡᠷᠡᠭᠰᠡᠨ ᠦᠭᠡᠢ᠃ ᠳᠠᠬᠢᠨ ᠵᠥᠪᠳᠡᠭᠡᠳ ᠢᠷ᠎ᠡ ᠭᠡᠮᠡᠨ ᠯᠢᠦᠢ ᠰᠢ ᠮᠧᠩ ᠨᠠᠷ ᠢ᠋ ᠨᠡᠩᠵᠢᠲᠡᠢ ᠯᠤᠭ᠎ᠠ ᠯᠢᠨ ᠠᠨ ᠳ᠋ᠤᠷ ᠪᠤᠴᠠᠭᠠᠪᠠ᠃ ᠰᠥᠩ ᠦ᠋ᠨ ᠡᠵᠡᠨ ᠲᠦᠰᠢᠮᠡᠳ ᠠᠷᠭ᠎ᠠ ᠦᠭᠡᠢ ᠪᠣᠯᠵᠤ ᠴᠸᠨ ᠢ ᠵᠦᠩ ᠲᠡᠢ ᠬᠤᠸᠠᠩ ᠲᠠᠢᠬᠡᠦ ᠯᠦ᠍ᠭᠡ ᠪᠡᠨ ᠵᠥᠪᠳᠡᠵᠦ ᠶᠡᠬᠡ ᠶᠤᠶᠠᠨ ᠤᠯᠤᠰ ᠲᠤᠷ ᠲᠦᠰᠢᠮᠡᠯ ᠪᠣᠯᠵᠤ ᠳᠠᠭᠠᠬᠤ ᠪᠢᠴᠢᠭ ᠨᠠᠢᠷᠠᠭᠤᠯᠤᠨ ᠲᠦᠰᠢᠮᠡᠯ ᠯᠢᠦ ᠪᠠ ᠪᠠᠷ ᠪᠠᠶᠠᠨ ᠶᠤᠸᠠᠨᠱᠤᠸᠠᠢ ᠶ᠋ᠢᠨ ᠶᠡᠬᠡ ᠴᠠᠴᠠᠷ ᠲᠤᠷ ᠬᠦᠷᠭᠡᠵᠦ ᠨᠠᠷᠢᠨ ᠶᠠᠪᠤᠳᠠᠯ ᠢ᠋ ᠰᠥᠩ ᠤᠯᠤᠰ ᠤ᠋ᠨ ᠴᠧᠩᠰᠢᠶᠠᠩ ᠴᠸᠨ ᠢ ᠵᠦᠩ ᠪᠡᠶ᠎ᠡ ᠪᠡᠷ ᠴᠠᠩ ᠠᠨ ᠪᠠᠯᠭᠠᠰᠤᠨ ᠳ᠋ᠤᠷ ᠠᠭᠤᠯᠵᠠᠵᠤ ᠵᠥᠪᠳᠡᠰᠦᠭᠡᠢ ᠭᠡᠮᠡᠨ ᠪᠣᠯᠵᠣᠭᠠᠯᠠᠪᠠ᠃ ᠪᠠᠶᠠᠨ ᠶᠤᠸᠠᠨᠱᠤᠸᠠᠢ ᠶ᠋ᠢᠨ ᠶᠡᠬᠡ ᠴᠡᠷᠢᠭ ᠰᠥᠩ ᠳᠧ ᠳ᠋ᠦ᠍ᠷ ᠬᠦᠷᠴᠦ ᠢᠷᠡᠬᠦᠶ᠎ᠡ ᠰᠥᠩ ᠤᠯᠤᠰ ᠤ᠋ᠨ ᠴᠧᠩᠰᠢᠶᠠᠩ ᠴᠸᠨ ᠢ ᠵᠦᠩ ᠳᠦ ᠲᠦᠩ ᠲᠦᠰᠢᠮᠡᠯ ᠬᠣᠩ ᠮᠦᠸᠧ ᠳ᠋ᠦ᠍ᠷ ᠪᠢᠴᠢᠭ ᠪᠠᠷᠢᠭᠤᠯᠤᠨ ᠨᠠᠩᠵᠢᠲᠠᠢ ᠶ᠋ᠢᠨ ᠬᠠᠮᠲᠤ ᠪᠠᠶᠠᠨ ᠶᠤᠸᠠᠨᠱᠤᠸᠠᠢ ᠶ᠋ᠢᠨ ᠴᠠᠴᠠᠷ ᠲᠤᠷ ᠢᠷᠡᠵᠦ ᠶᠡᠬᠡ ᠴᠡᠷᠢᠭ ᠢ᠋ᠶ᠋ᠡᠨ ᠲᠦᠷ ᠬᠣᠢᠰᠢᠯᠠᠬᠤ ᠪᠣᠯᠪᠠᠤ ᠭᠡᠮᠡᠨ ᠭᠤᠶᠤᠴᠢᠯᠠᠪᠠ᠃
ᠲᠡᠳᠦᠢ ᠰᠥᠩ ᠤᠯᠤᠰ ᠤ᠋ᠨ ᠬᠤ᠌ ᠵᠧᠦ ᠂ ᠵᠢᠶᠠ ᠰᠢᠩ ᠵᠡᠷᠭᠡ ᠵᠧᠦ ᠵᠢᠶᠦ᠋ᠨ ᠴᠥᠮ ᠳᠠᠭᠠᠷ᠎ᠠ ᠢᠷᠡᠮᠦᠢ ᠃ ᠥᠭᠦᠯᠡᠬᠦ ᠢᠨᠤ ᠰᠥᠩ ᠤᠯᠤᠰ ᠤ᠋ᠨ ᠴᠧᠩᠰᠢᠶᠠᠩ ᠴᠧᠨ ᠢ ᠵᠦᠩ ᠮᠣᠩᠭᠣᠯ ᠳ᠋ᠤᠷ ᠪᠠᠭᠤᠵᠤ ᠥᠭᠬᠦ ᠡᠷᠭᠦᠳᠡᠯ ᠪᠠᠷᠢᠭᠰᠠᠨ ᠪᠣᠯᠪᠠᠴᠤ ᠣᠯᠠᠨ ᠰᠠᠢᠳ ᠲᠦᠰᠢᠮᠡᠳ ᠦ᠋ᠨ ᠰᠢᠭᠦᠮᠵᠢ ᠶ᠋ᠢ ᠰᠣᠨᠣᠰᠴᠤ ᠲᠠᠲᠠᠭᠠᠯᠵᠠᠨ ᠪᠦᠬᠦᠢ ᠳ᠋ᠦ᠍ᠷ ᠸᠸᠨ ᠲᠢᠶᠠᠨ ᠰᠢᠶᠠᠩ ᠨᠠᠷ ᠬᠣᠢᠰᠢᠬᠢ ᠶ᠋ᠢ ᠪᠣᠳᠣᠪᠠᠰᠤ ᠵᠣᠬᠢᠮᠤᠢ ᠭᠡᠮᠡᠨ ᠲᠡᠢ ᠬᠤᠸᠠᠩ ᠲᠠᠢᠬᠡᠦ ᠳ᠋ᠡᠭᠡᠨ ᠠᠢᠯᠠᠳᠬᠠᠨ ᠬᠠᠭᠠᠨ ᠤ᠋ ᠠᠬ᠎ᠠ ᠵᠢᠢ ᠸᠠᠩ ᠵᠧᠩ ᠢ᠋ ᠳᠡᠪᠰᠢᠭᠦᠯᠦᠨ ᠢ ᠸᠠᠩ ᠪᠣᠯᠭᠠᠨ ᠹᠦ ᠵᠧᠦ ᠳ᠋ᠦ᠍ᠷ ᠡᠷᠭᠦᠮᠵᠢᠯᠡᠵᠦ ᠰᠢᠨ ᠸᠠᠩ ᠪᠢᠩ ᠢ᠋ ᠳᠡᠪᠰᠢᠭᠦᠯᠵᠦ ᠭᠤᠸᠠᠩ ᠸᠠᠩ ᠪᠣᠯᠭᠠᠨ ᠴᠢᠦᠸᠠᠨ ᠵᠧᠦ ᠳ᠋ᠦ᠍ᠷ ᠡᠷᠭᠦᠮᠵᠢᠯᠡᠪᠡ᠃ ᠲᠥᠷᠥ ᠶ᠋ᠢᠨ ᠲᠦᠰᠢᠮᠡᠳ ᠴᠸᠨ ᠢ ᠵᠦᠩ ᠢ ᠪᠠᠭᠤᠵᠤ ᠥᠭᠬᠦ ᠪᠢᠴᠢᠭ ᠪᠠᠷᠢᠪᠠ ᠭᠡᠮᠡᠨ ᠮᠡᠳᠡᠵᠦ ᠰᠥᠩ ᠢ᠋ ᠮᠥᠬᠥᠭᠡᠭᠰᠡᠨ ᠵᠠᠯᠢᠬᠠᠢ ᠰᠠᠢᠳ ᠭᠡᠮᠡᠨ ᠬᠠᠷᠢᠶᠠᠯ ᠲᠠᠯᠪᠢᠬᠤᠢ ᠳ᠋ᠤᠷ ᠴᠸᠨ ᠢ ᠵᠦᠩ ᠨᠡᠢᠰᠯᠡᠯ ᠢ᠋ᠶ᠋ᠡᠨ ᠨᠡᠭᠦᠯᠭᠡᠨ ᠮᠣᠩᠭᠣᠯ ᠤ᠋ᠨ ᠴᠡᠷᠢᠭ ᠦ᠋ᠨ ᠬᠤᠷᠴᠠ ᠰᠦᠷ ᠡᠴᠡ ᠲᠦᠷ ᠵᠠᠢᠯᠠᠵᠤ ᠵᠢᠴᠢ ᠮᠡᠳᠡᠰᠦᠭᠡᠢ ᠭᠡᠮᠡᠨ ᠪᠣᠳᠣᠵᠤ ᠠᠢᠯᠠᠳᠬᠠᠪᠠᠰᠤ ᠲᠠᠢ ᠬᠤᠸᠠᠩ ᠲᠠᠢᠬᠡᠦ ᠢᠨᠤ ᠡᠬᠢᠯᠡᠭᠡᠳ ᠵᠥᠪᠰᠢᠶᠡᠷᠡᠬᠦ ᠦᠭᠡᠢ ᠬᠣᠵᠢᠮ ᠦᠬᠦᠨ ᠭᠤᠶᠤᠭᠰᠠᠨ ᠳ᠋ᠤᠷ ᠠᠷᠭ᠎ᠠ ᠦᠭᠡᠢ ᠲᠣᠯᠣᠭᠠᠢ ᠳᠣᠬᠢᠵᠤ ᠣᠷᠳᠣᠨ ᠤ᠋ ᠣᠯᠠᠨ ᠢ᠋ᠶ᠋ᠠᠷ ᠠᠪᠴᠤ ᠶᠠᠪᠤᠬᠤ ᠡᠳ᠋ ᠡᠷᠳᠡᠨᠢ ᠣᠷᠣ ᠳᠡᠪᠢᠰᠬᠡᠷ ᠬᠦᠷᠲᠡᠯ᠎ᠡ ᠴᠥᠮ ᠪᠠᠭᠴᠠᠯᠠᠵᠤ ᠲᠠᠯᠪᠢᠭᠠᠳ ᠬᠦᠯᠢᠶᠡᠪᠡᠰᠦ ᠲᠡᠷᠡ ᠬᠣᠭᠣᠷᠣᠨᠳᠣ ᠴᠸᠨ ᠢ ᠵᠦᠩ ᠬᠠᠷᠢᠨ ᠵᠠᠩ ᠱᠢ ᠵᠢᠶᠧ ᠨᠠᠷ ᠤ᠋ᠨ ᠬᠠᠮᠲᠤ ᠢ ᠸᠠᠩ ᠭᠤᠸᠠᠩ ᠸᠠᠩ ᠢ᠋ ᠠᠪᠴᠤ ᠤᠷᠭᠤᠵᠤᠬᠤᠢ᠃
ᠪᠠᠶᠠᠨ ᠶᠤᠸᠠᠨᠱᠤᠸᠠᠢ ᠴᠠᠩ ᠠᠨ ᠪᠠᠯᠭᠠᠰᠤᠨ ᠤ᠋ ᠪᠣᠯᠵᠣᠭ᠎ᠠ ᠳ᠋ᠠᠭᠠᠨ ᠢᠷᠡᠭᠰᠡᠨ ᠳ᠋ᠦ᠍ᠷ ᠰᠥᠩ ᠤᠯᠤᠰ ᠤ᠋ᠨ ᠡᠷᠬᠡ ᠪᠠᠷᠢᠬᠤ ᠰᠠᠢᠳ ᠴᠸᠨ ᠢ ᠵᠦᠩ ᠪᠣᠯᠵᠣᠭ᠎ᠠ ᠳ᠋ᠠᠭᠠᠨ ᠢᠷᠡᠭᠰᠡᠨ ᠦᠭᠡᠢ ᠲᠤᠯᠠ ᠶᠡᠬᠡ ᠴᠡᠷᠢᠭ ᠳᠠᠷᠤᠢ ᠯᠠᠨ ᠹᠢᠩ ᠵᠸᠨ ᠪᠠᠯᠭᠠᠰᠤᠨ ᠳ᠋ᠤᠷ ᠬᠦᠷᠴᠦ ᠪᠠᠢᠯᠳᠤᠨ ᠡᠵᠡᠯᠡᠭᠡᠳ ᠲᠤᠷᠰᠢᠭᠤᠯ ᠤ᠋ᠨ ᠴᠡᠷᠢᠭ ᠭᠣᠣ ᠲᠢᠩ ᠱᠠᠨ ᠬᠦᠷᠦᠭᠰᠡᠨ ᠳ᠋ᠦ᠍ᠷ ᠰᠥᠩ ᠤᠯᠤᠰ ᠤ᠋ᠨ ᠡᠵᠡᠨ ᠰᠠᠶᠢ ᠯᠢᠨ ᠠᠨ ᠤ᠋ ᠮᠡᠳᠡᠭᠴᠢ ᠵᠢᠶᠠ ᠢᠦᠢ ᠴᠢᠩ ᠂ ᠤᠭᠰᠠᠭ᠎ᠠ ᠶ᠋ᠢᠨ ᠸᠠᠩ ᠪᠤᠤ ᠺᠠᠩ ᠤ᠋ᠨ ᠴᠡᠷᠢᠭ ᠢ᠋ ᠮᠡᠳᠡᠭᠴᠢ ᠶ᠋ᠢᠨ ᠹᠦ ᠂ ᠬᠸ ᠵᠧᠦ ᠶ᠋ᠢ ᠰᠡᠷᠭᠡᠢᠯᠡᠨ ᠬᠠᠮᠠᠭᠠᠯᠠᠬᠤ ᠲᠦᠰᠢᠮᠡᠯ ᠷᠢᠹᠦ᠋ ᠨᠠᠷ ᠢ᠋ᠶ᠋ᠠᠷ ᠤᠯᠤᠰ ᠤᠯᠠᠮᠵᠢᠯᠠᠬᠤ ᠬᠠᠰ ᠲᠠᠮᠠᠭ᠎ᠠ ᠬᠢᠭᠡᠳ ᠪᠠᠭᠤᠵᠤ ᠥᠭᠬᠦ ᠪᠢᠴᠢᠭ ᠢ᠋ᠶ᠋ᠡᠨ ᠠᠪᠴᠤ ᠶᠡᠬᠡ ᠴᠡᠷᠢᠭ ᠦ᠋ᠨ ᠬᠦᠷᠢᠶᠡᠨ ᠳ᠋ᠦ᠍ᠷ ᠢᠷᠡᠵᠦ ᠪᠠᠷᠢᠭᠰᠠᠨ ᠳ᠋ᠤᠷ ᠪᠠᠶᠠᠨ ᠶᠤᠸᠠᠨᠱᠤᠸᠠᠢ ᠬᠦᠯᠢᠶᠡᠨ ᠠᠪᠤᠭᠠᠳ ᠨᠡᠩᠵᠢᠲᠡᠶ ᠢ᠋ ᠵᠢᠶᠠ ᠢᠦᠢ ᠴᠢᠩ ᠯᠤᠭ᠎ᠠ ᠯᠢᠨ ᠠᠨ ᠳ᠋ᠤᠷ ᠵᠠᠷᠤᠵᠤ ᠰᠥᠩ ᠤᠯᠤᠰ ᠤ᠋ᠨ ᠡᠷᠬᠡ ᠪᠠᠷᠢᠬᠤ ᠲᠦᠰᠢᠮᠡᠳ ᠢ᠋ ᠪᠠᠭᠤᠵᠤ ᠥᠭᠬᠦ ᠨᠠᠷᠢᠨ ᠶᠠᠪᠤᠳᠠᠯ ᠢ᠋ᠶ᠋ᠠᠨ ᠵᠥᠪᠳᠡᠨ ᠲᠣᠭᠲᠠᠭᠠᠭᠲᠤᠨ ᠬᠡᠮᠡᠪᠡ᠃ ᠡᠨᠡ ᠦᠨᠡᠬᠡᠷ ᠡᠮᠦᠨᠡᠲᠦ ᠰᠥᠩ ᠦ᠋ᠨ ᠠᠯᠳᠠᠷᠲᠤ ᠰᠢᠯᠦᠭᠴᠢᠨ ᠯᠦ᠍ ᠢᠦ ᠶ᠋ᠢᠨ ᠥᠭᠦᠯᠡᠭᠰᠡᠨ ᠮᠡᠲᠦ ᠄
ᠲᠡᠭᠷᠢ ᠶ᠋ᠢᠨ ᠨᠡᠬᠡᠮᠡᠯ ᠡᠭᠦᠯᠡᠨ ᠬᠡᠮᠡᠷᠯᠢᠭ
ᠲᠡᠭᠦᠨ ᠢ᠋ ᠬᠡᠷᠡᠭᠯᠡᠬᠦ ᠡᠷᠳᠡᠮ ᠨᠠᠳᠤᠷ ᠪᠣᠢ
ᠲᠡᠭᠰᠢ ᠨᠠᠷᠢᠯᠢᠭ ᠡᠰᠬᠡᠵᠦ ᠣᠶᠣᠬᠤ ᠤᠷᠠᠨ
ᠲᠡᠮᠦᠷ ᠬᠠᠢᠴᠢ ᠳ᠋ᠤᠷ ᠪᠤᠰᠤ ᠴᠡᠭᠡᠵᠢᠨ ᠳ᠋ᠦ᠍ᠷ ᠬᠡᠮᠡᠭᠰᠡᠨ ᠮᠡᠲᠦ ᠃
ᠲᠡᠳᠦᠢ ᠳ᠋ᠦ᠍ᠷ ᠧ ᠵᠧᠦ ᠶ᠋ᠢ ᠰᠠᠬᠢᠵᠤ ᠬᠣᠴᠣᠷᠤᠭᠰᠠᠨ ᠶᠡᠬᠡ ᠰᠠᠢᠳ ᠠᠷᠠᠬᠠᠶ᠎ᠠ ᠴᠡᠷᠢᠭ ᠵᠠᠩᠵᠤᠨ ᠢ᠋ᠶ᠋ᠠᠨ ᠴᠠᠭᠠᠵᠠᠯᠠᠨ ᠠᠷᠠᠳ ᠢᠷᠭᠡᠳ ᠢ᠋ ᠥᠴᠦᠬᠡᠨ ᠴᠦ᠍ ᠬᠠᠯᠳᠠᠭᠰᠠᠨ ᠦᠭᠡᠢ ᠥᠷᠥᠰᠢᠶᠡᠯ ᠢ᠋ᠶ᠋ᠡᠷ ᠵᠠᠰᠠᠵᠤ ᠡᠩᠬᠡᠵᠢᠭᠦᠯᠦᠭᠰᠡᠨ ᠢ᠋ᠶ᠋ᠡᠷ ᠠᠷᠠᠳ ᠢᠷᠭᠡᠳ ᠠᠷᠠᠬᠠᠷᠠ ᠶ᠋ᠢ ᠶᠡᠬᠡᠳᠡ ᠰᠢᠲᠦᠵᠦ ᠲᠡᠭᠦᠨ ᠦ᠌ ᠠᠷᠢᠭᠤᠨ ᠴᠢᠭᠴᠢ ᠥᠷᠥᠰᠢᠶᠡᠯ ᠡᠨᠡᠷᠡᠩᠭᠦᠢ ᠨᠡᠷ᠎ᠡ ᠬᠣᠯᠠ ᠣᠢᠷ᠎ᠠ ᠠᠯᠳᠠᠷᠰᠢᠵᠤ ᠱᠣᠣ ᠴᠠᠩ ᠂ ᠰᠢᠨ ᠶᠠᠩ ᠂ ᠳᠧ ᠠᠨ ᠵᠡᠷᠭᠡ ᠵᠧᠦ ᠵᠢᠶᠦ᠋ᠨ ᠬᠣᠵᠢᠳ ᠤᠷᠢᠳ ᠳᠠᠭᠠᠷ᠎ᠠ ᠢᠷᠡᠮᠦᠢ ᠃ ᠵᠢᠶᠠᠩ ᠯᠢᠩ ᠦ᠋ᠨ ᠭᠠᠵᠠᠷ ᠢ᠋ ᠡᠪ ᠢ᠋ ᠦᠵᠡᠵᠦ ᠳᠠᠭᠠᠭᠤᠯᠰᠤᠭᠠᠢ ᠭᠡᠮᠡᠨ ᠪᠦᠬᠦᠢ ᠳ᠋ᠦ᠍ᠷ ᠰᠥᠩ ᠤᠯᠤᠰ ᠤ᠋ᠨ ᠠᠨ ᠹᠦ ᠲᠦᠰᠢᠮᠡᠯ ᠭᠣᠣ ᠰᠢ ᠵᠢᠶᠧ ᠶ᠋ᠢᠨ ᠴᠡᠷᠢᠭ ᠯᠦ᠍ᠭᠡ ᠪᠠ ᠯᠢᠩ ᠦ᠋ᠨ ᠭᠠᠵᠠᠷ ᠲᠣᠬᠢᠶᠠᠯᠳᠤᠪᠠ᠃
ᠠᠷᠠᠬᠠᠷᠠ ᠬᠠᠷᠢᠶᠠᠲᠤ ᠵᠠᠩᠵᠤᠨ ᠵᠠᠩ ᠷᠦᠩ ᠰᠢ ᠶ᠋ᠢᠨ ᠴᠡᠷᠢᠭ ᠢ᠋ᠶ᠋ᠡᠷ ᠭᠣᠣᠯ ᠵᠢᠭᠰᠠᠭᠠᠯ ᠢ᠋ ᠪᠠᠢᠯᠳᠤᠭᠤᠯᠤᠨ ᠰᠢᠶᠧ ᠵᠢᠢ ᠳ᠋ᠦ᠍ᠷ ᠨᠢᠭᠡᠨ ᠰᠠᠯᠠᠭ᠎ᠠ ᠴᠡᠷᠢᠭ ᠥᠭᠴᠦ ᠵᠡᠭᠦᠨ ᠪᠠᠷᠠᠭᠤᠨ ᠬᠣᠶᠠᠷ ᠲᠠᠯ᠎ᠠ ᠪᠠᠷ ᠳᠠᠭᠠᠷᠢᠨ ᠣᠷᠣᠵᠤ ᠪᠠᠢᠯᠳᠤᠭᠰᠠᠨ ᠳ᠋ᠤᠷ ᠭᠣᠣ ᠰᠢ ᠵᠢᠶᠧ ᠳᠡᠢᠯᠦᠭᠳᠡᠵᠦ ᠳᠤᠲᠠᠭᠠᠬᠤᠢ ᠳ᠋ᠤᠷ ᠠᠷᠠᠬᠠᠷᠠ ᠲᠤᠤ ᠬᠤᠸᠠ ᠲᠠᠨ ᠤ᠋ ᠭᠠᠵᠠᠷ ᠬᠦᠷᠲᠡᠯ᠎ᠡ ᠨᠡᠬᠡᠮᠵᠢᠯᠡᠨ ᠪᠠᠭᠤᠯᠭᠠᠨ ᠠᠪᠤᠪᠠ ᠃ ᠶᠣᠣ ᠵᠧᠦ ᠳᠠᠭᠠᠪᠠᠢ ᠃ ᠴᠡᠷᠢᠭ ᠱᠠ ᠴᠧᠩ ᠳ᠋ᠦ᠍ᠷ ᠬᠦᠷᠦᠭᠰᠡᠨ ᠳ᠋ᠦ᠍ᠷ ᠱᠠ ᠴᠧᠩ ᠪᠠᠭᠤᠵᠤ ᠥᠭᠬᠦ ᠦᠭᠡᠢ ᠳ᠋ᠦ᠍ᠷ ᠭᠠᠯ ᠢ᠋ᠶ᠋ᠠᠷ ᠪᠠᠢᠯᠳᠤᠵᠤ ᠬᠣᠲᠠ ᠶ᠋ᠢ ᠡᠪᠳᠡᠭᠰᠡᠨ ᠳ᠋ᠦ᠍ᠷ ᠰᠥᠩ ᠦ᠋ᠨ ᠰᠢᠦᠸᠠᠨ ᠹᠦ ᠲᠦᠰᠢᠮᠡᠯ ᠵᠣ᠌ ᠢ ᠰᠦᠨ ᠂ ᡁᠢ ᡁᠢ ᠱᠢ ᠲᠦᠰᠢᠮᠡᠯ ᠭᠣᠣ ᠳᠠ ᠠᠶᠤᠨ ᠬᠣᠲᠠ ᠪᠠᠨ ᠡᠷᠭᠦᠵᠦ ᠳᠠᠭᠠᠪᠠ ᠃ ᠲᠡᠢᠨ ᠬᠦ᠌ ᠵᠢᠶᠠᠩ ᠯᠢᠩ ᠳ᠋ᠦ᠍ᠷ ᠣᠷᠣᠭᠠᠳ ᠶᠠᠯᠲᠠᠨ ᠢ᠋ ᠰᠤᠯᠠᠯᠠᠵᠤ ᠴᠡᠷᠢᠭ ᠠᠯᠪᠠᠨ ᠠᠷᠠᠳ ᠢ᠋ ᠭᠡᠷ ᠣᠷᠣᠨ ᠳ᠋ᠤᠷ ᠠᠨᠤ ᠰᠠᠢᠨ ᠦᠭᠡ ᠪᠡᠷ ᠲᠣᠬᠣᠷᠤᠭᠤᠯᠤᠨ ᠪᠤᠴᠠᠭᠠᠵᠤ ᠭᠠᠢᠯᠢ ᠲᠠᠲᠠᠪᠤᠷᠢ ᠶ᠋ᠢ ᠬᠠᠰᠤᠵᠤ ᠠᠷᠠᠳ ᠲᠤᠷ ᠳᠥᠭᠥᠮ ᠦᠭᠡᠢ ᠰᠥᠩ ᠦ᠋ᠨ ᠬᠠᠤᠯᠢ ᠴᠠᠭᠠᠵᠠ ᠶ᠋ᠢ ᠥᠭᠡᠷᠡᠴᠢᠯᠡᠨ ᠰᠢᠨ᠎ᠡ ᠳᠠᠭᠠᠭᠰᠠᠳ ᠲᠤᠷ ᠡᠷᠬᠡ ᠮᠠᠲᠠᠯ ᠥᠭᠭᠦᠭᠰᠡᠨ ᠡᠴᠡ ᠵᠢᠩ ᠂ ᠬᠦᠢ ᠂ ᠵᠢᠶᠠ ᠂ ᠴᠠᠩ ᠂ ᠳᠧ ᠹᠧᠩ ᠂ ᠰᠦᠢ ᠂ ᠵᠸᠨ ᠂ ᠷᠤᠸᠠᠨ ᠂ ᠹᠦ ᠂ ᠵᠢᠶᠦ᠋ᠨ᠂ ᠰᠢ ᠵᠢᠩ ᠮᠸᠨ ᠪᠠ ᠠᠭᠤᠢ ᠶ᠋ᠢᠨ ᠣᠯᠠᠨ ᠮᠠᠨ ᠠᠢᠮᠠᠭ ᠬᠦᠷᠲᠡᠯ᠎ᠡ ᠦᠯᠦ ᠳᠠᠭᠠᠭᠰᠠᠨ ᠠᠨᠤ ᠦᠭᠡᠢ ᠪᠣᠯᠠᠢ ᠃ ᠪᠠᠭᠤᠵᠤ ᠥᠭᠭᠦᠭᠰᠡᠳ ᠦ᠋ᠨ ᠡᠷᠬᠡ ᠮᠠᠲᠠᠯ ᠢ᠋ ᠬᠥᠳᠡᠯᠭᠡᠭᠰᠡᠨ ᠦᠭᠡᠢ ᠪᠡᠷ ᠬᠡᠷᠡᠭᠯᠡᠨ ᠴᠡᠷᠢᠭ ᠭᠠᠷᠭᠠᠨ ᠵᠢᠶᠠ ᠵᠧᠦ ᠶ᠋ᠢ ᠰᠠᠬᠢᠭᠤᠯᠵᠤ ᠠᠮᠠ ᠡᠷᠦᠬᠡ ᠡᠳ᠋ ᠬᠥᠷᠥᠩᠭᠡ ᠶ᠋ᠢ ᠳᠠᠩᠰᠠᠯᠠᠨ ᠠᠢᠯᠠᠳᠬᠠᠭᠰᠠᠨ ᠳ᠋ᠤᠷ ᠬᠤᠪᠢᠯᠠᠢ ᠬᠠᠭᠠᠨ ᠶᠡᠬᠡᠳᠡ ᠪᠠᠶᠠᠷᠯᠠᠵᠤ ᠭᠤᠷᠪᠠᠨ ᠡᠳᠦᠷ ᠦ᠋ᠨ ᠶᠡᠬᠡ ᠬᠤᠷᠢᠮ ᠵᠠᠷᠯᠠᠨ ᠬᠤᠷᠢᠮᠯᠠᠵᠤ ᠣᠢᠷ᠎ᠠ ᠲᠦᠰᠢᠮᠡᠳ ᠲᠣᠷ ᠥᠭᠦᠯᠡᠷᠦᠨ᠄ 《ᠪᠠᠶᠠᠨ ᠤ᠋ ᠴᠡᠷᠢᠭ ᠵᠡᠭᠦᠨᠰᠢᠯᠡᠬᠦᠢ ᠳ᠋ᠦ᠍ᠷ ᠠᠷᠠᠬᠠᠷᠠ ᠭᠠᠭᠴᠠ ᠴᠡᠷᠢᠭ ᠢ᠋ᠶ᠋ᠡᠷ ᠧ ᠵᠧᠦ ᠶ᠋ᠢ ᠰᠠᠬᠢᠪᠠ ᠬᠡᠮᠡᠬᠦ ᠶ᠋ᠢ ᠰᠣᠨᠣᠰᠴᠤ ᠮᠡᠬᠦᠰ ᠪᠢ ᠮᠠᠰᠢ ᠵᠣᠪᠠᠪᠠᠢ ᠃ ᠡᠳᠦᠭᠡ ᠵᠢᠶᠠᠩ ᠨᠠᠨ ᠤ᠋ ᠭᠠᠵᠠᠷ ᠲᠣᠭᠲᠠᠭᠰᠠᠨ ᠲᠤᠯᠠ ᠮᠠᠨ ᠤ᠋ ᠵᠡᠭᠦᠨ ᠵᠠᠮ ᠤ᠋ᠨ ᠴᠡᠷᠢᠭ ᠠᠷᠤ ᠳ᠋ᠠᠭᠠᠨ ᠠᠶᠤᠯ ᠦᠭᠡᠢ ᠪᠣᠯᠪᠠᠢ 》ᠭᠡᠮᠡᠨ ᠬᠠᠭᠠᠨ ᠭᠠᠷ ᠢ᠋ᠶ᠋ᠠᠷ ᠵᠠᠷᠯᠢᠭ ᠪᠢᠴᠢᠵᠦ ᠰᠠᠢᠰᠢᠶᠠᠭᠰᠠᠨ ᠪᠥᠭᠡᠳ ᠪᠠᠷᠠᠭᠤᠨ ᠭᠠᠷᠤᠨ ᠯᠢᠶᠠᠨ ᠰᠢ ᠰᠢᠶᠠᠨ ᠢ᠋ᠶ᠋ᠠᠷ ᠵᠢᠶᠠᠩ ᠯᠢᠩ ᠢ᠋ ᠰᠠᠬᠢᠭᠤᠯᠤᠨ ᠠᠷᠠᠬᠠᠷᠠ ᠶ᠋ᠢ ᠲᠦᠷᠭᠡᠨ ᠧ ᠵᠧᠦ ᠳ᠋ᠡᠭᠡᠨ ᠪᠤᠴᠠᠵᠤ ᠰᠠᠬᠢᠬᠤ ᠪᠥᠭᠡᠳ ᠮᠥᠷᠡᠨ ᠳᠠᠭᠠᠤ ᠰᠢᠨ᠎ᠡ ᠳᠠᠭᠠᠭᠰᠠᠨ ᠬᠣᠲᠠ ᠪᠠᠯᠭᠠᠰᠤᠨ ᠢ᠋ ᠴᠥᠮ ᠠᠷᠠᠬᠠᠷᠠ ᠳ᠋ᠤᠷ ᠬᠠᠷᠢᠶᠠᠯᠠᠭᠤᠯᠪᠠ ᠃ ᠠᠷᠠᠬᠠᠷᠠ ᠧ ᠵᠧᠦ ᠳ᠋ᠦ᠍ᠷ ᠪᠤᠴᠠᠵᠤ ᠢᠷᠡᠭᠡᠳ ᠲᠠᠨ ᠵᠧᠦ ᠶ᠋ᠢ ᠰᠠᠬᠢᠭᠰᠠᠨ ᠰᠥᠩ ᠤᠯᠤᠰ ᠤ᠋ᠨ ᠲᠦᠰᠢᠮᠡᠯ ᠯᠢ ᠱᠢ ᠶ᠋ᠢ ᠳᠠᠭᠠᠭᠲᠤᠨ ᠭᠡᠮᠡᠨ ᠬᠥᠮᠦᠨ ᠶᠠᠪᠤᠭᠤᠯᠤᠭᠰᠠᠨ ᠳ᠋ᠤᠷ ᠯᠢ ᠱᠢ ᠪᠠᠭᠤᠵᠤ ᠥᠭᠬᠦ ᠦᠭᠡᠢ ᠲᠤᠯᠠ ᠴᠠᠩ ᠱᠠᠨ ᠵᠦᠭ ᠴᠡᠷᠢᠭ ᠶᠠᠪᠤᠭᠤᠯᠵᠤ ᠰᠢᠶᠠᠩ ᠤ᠋ᠨ ᠢ᠋ ᠪᠠᠢᠯᠳᠤᠨ ᠠᠪᠴᠤ ᠲᠠᠨ ᠵᠧᠦ ᠬᠦᠷᠴᠦ ᠢᠷᠡᠭᠡᠳ ᠬᠡᠷᠪᠡ ᠪᠠᠭᠤᠵᠤ ᠥᠭᠬᠦ ᠦᠭᠡᠢ ᠪᠥᠭᠡᠰᠦ ᠬᠠᠰ ᠴᠢᠯᠠᠭᠤ ᠢᠯᠭᠠᠬᠤ ᠦᠭᠡᠢ ᠬᠣᠲᠠ ᠶ᠋ᠢ ᠬᠢᠳᠤᠮᠤᠢ ᠬᠡᠮᠡᠭᠰᠡᠨ ᠳ᠋ᠦ᠍ᠷ ᠬᠣᠲᠠ ᠶ᠋ᠢ ᠰᠠᠬᠢᠬᠤ ᠵᠠᠩᠵᠤᠨ ᠯᠢ ᠱᠢ ᠦᠭᠡ ᠠᠪᠬᠤ ᠦᠭᠡᠢ ᠲᠤᠯᠠ ᠬᠤᠸᠠᠩ ᠱᠦᠢ ᠭᠣᠣᠯ ᠤ᠋ᠨ ᠬᠠᠰᠢᠯᠭ᠎ᠠ ᠶ᠋ᠢ ᠰᠡᠲᠡᠯᠵᠦ ᠤᠰᠤ ᠪᠠᠷ ᠬᠣᠲᠠ ᠶ᠋ᠢ ᠪᠢᠯᠬᠠᠭᠤᠯᠤᠭᠰᠠᠨ ᠤ᠋ ᠬᠠᠮᠲᠤ ᠪᠦᠳᠦᠭᠦᠨ ᠫᠤᠤ ᠪᠠᠷ ᠳᠡᠯᠪᠡᠴᠢᠵᠦ ᠭᠠᠳᠠᠷ ᠬᠣᠲᠠ ᠶ᠋ᠢ ᠡᠪᠳᠡᠬᠦᠶ᠎ᠡ ᠠᠷᠠᠬᠠᠷᠠ ᠭᠠᠷ ᠲᠠᠭᠠᠨ ᠰᠡᠯᠡᠮ᠎ᠡ ᠪᠠᠷᠢᠵᠤ ᠣᠯᠠᠨ ᠢ ᠳᠠᠭᠠᠭᠤᠯᠤᠨ ᠣᠷᠣᠬᠤᠢ ᠳ᠋ᠤᠷ ᠵᠡᠷᠯᠢᠭ ᠵᠡᠪᠡ ᠠᠷᠠᠬᠠᠷᠠ ᠶ᠋ᠢᠨ ᠴᠡᠭᠡᠵᠢᠨ ᠳ᠋ᠦ᠍ᠷ ᠤᠨᠤᠭᠠᠳ ᠰᠢᠷᠬ᠎ᠠ ᠮᠠᠰᠢ ᠬᠦᠨᠳᠦ ᠠᠭᠰᠠᠨ ᠪᠣᠯᠪᠠᠴᠤ ᠲᠡᠰᠪᠦᠷᠢᠯᠡᠨ ᠬᠣᠲᠠ ᠶ᠋ᠢ ᠨᠡᠩ ᠰᠢᠷᠦᠭᠦᠨ ᠪᠠᠢᠯᠳᠤᠵᠤ ᠠᠪᠤᠭᠰᠠᠨ ᠤ᠋ ᠬᠣᠢᠨ᠎ᠠ ᠲᠠᠨ ᠵᠧᠦ ᠶ᠋ᠢᠨ ᠴᠡᠷᠢᠭ ᠠᠷᠠᠳ ᠪᠠᠰᠠ ᠳᠣᠲᠣᠭᠠᠳᠤ ᠪᠡᠬᠢᠯᠡᠯᠲᠡ ᠪᠠᠢᠭᠤᠯᠵᠤ ᠡᠰᠡᠷᠭᠦᠴᠡᠪᠡ᠃ ᠲᠡᠢᠨ ᠬᠦ᠌ ᠳᠠᠯᠠᠨ ᠬᠡᠳᠦᠨ ᠡᠳᠦᠷ ᠪᠣᠯᠵᠤ ᠶᠡᠬᠡ ᠪᠠᠭ᠎ᠠ ᠬᠡᠳᠦᠨ ᠠᠷᠪᠠᠨ ᠤᠳᠠᠭ᠎ᠠ ᠪᠠᠢᠯᠳᠤᠵᠤ ᠰᠠᠶᠢ ᠡᠵᠡᠯᠡᠨ ᠠᠪᠤᠪᠠᠢ᠃ ᠲᠠᠨ ᠵᠧᠦ ᠶ᠋ᠢ ᠰᠠᠬᠢᠭᠰᠠᠨ ᠵᠠᠩᠵᠤᠨ ᠯᠢ ᠱᠢ ᠂ ᠹᠧᠢ ᠢᠩ ᠂ ᠴᠸᠨ ᠢ ᠵᠡᠷᠭᠡ ᠵᠠᠩᠵᠤᠨ ᠴᠥᠮ ᠪᠠᠢᠯᠳᠤᠭᠠᠨ ᠳ᠋ᠤᠷ ᠦᠬᠦᠭᠡᠳ ᠯᠢᠦ ᠵᠦᠩ ᠵᠡᠪᠰᠡᠭ ᠢ᠋ᠶ᠋ᠡᠨ ᠬᠠᠶᠠᠵᠤ ᠳᠠᠭᠠᠪᠠ᠃ ᠣᠯᠠᠨ ᠵᠠᠩᠵᠤᠨ ᠴᠥᠮ ᠬᠣᠲᠠ ᠶ᠋ᠢ ᠭᠢᠲᠦᠰᠦᠭᠠᠢ ᠬᠡᠮᠡᠭᠰᠡᠨ ᠳ᠋ᠦ᠍ᠷ ᠠᠷᠠᠬᠠᠶ᠎ᠠ ᠬᠣᠷᠢᠭᠯᠠᠨ ᠥᠭᠦᠯᠡᠷᠦᠨ᠄ 《ᠡᠵᠡᠨ ᠡᠴᠡ ᠪᠠᠶᠠᠨ ᠶᠤᠸᠠᠨᠱᠤᠸᠠᠢ ᠶ᠋ᠢ ᠮᠢᠨᠦ ᠽᠣᠤ ᠪᠢᠨ ᠪᠣᠯᠲᠤᠭᠠᠢ ᠬᠡᠮᠡᠭᠰᠡᠨ ᠢᠨᠦ ᠦᠯᠦ ᠠᠯᠠᠬᠤ ᠰᠠᠨᠠᠭ᠎ᠠ ᠪᠣᠯᠠᠢ᠃ ᠢᠯᠠᠩᠭᠤᠶ᠎ᠠ ᠡᠨᠡ ᠵᠧᠦ ᠬᠡᠳᠦᠨ ᠵᠠᠭᠤᠨ ᠮᠢᠩᠭᠠᠨ ᠬᠥᠮᠦᠨ ᠠᠮᠠ ᠪᠣᠢ᠃ ᠴᠥᠭᠡᠨ ᠬᠥᠮᠦᠨ ᠦ᠌ ᠶᠠᠯ᠎ᠠ ᠠ᠋ᠴᠠ ᠪᠣᠯᠵᠤ ᠴᠥᠮ ᠢ᠋ ᠬᠢᠳᠤᠬᠤ ᠠᠨᠤ ᠵᠣᠬᠢᠬᠤ ᠦᠭᠡᠢ 》ᠭᠡᠮᠡᠨ ᠰᠠᠩ ᠬᠦᠦ ᠶ᠋ᠢᠨ ᠠᠮᠤ ᠬᠦᠨᠡᠰᠦ ᠶ᠋ᠢ ᠲᠠᠷᠬᠠᠭᠠᠨ ᠥᠯᠪᠡᠷᠴᠦ ᠪᠠᠢᠭ᠎ᠠ ᠬᠣᠲᠠ ᠶ᠋ᠢᠨ ᠠᠷᠠᠳ ᠢ᠋ ᠲᠡᠵᠢᠭᠡᠪᠡ᠃ ᠵᠢᠴᠢ ᠱᠸᠨ ᠵᠧᠦ ᠂ ᠬᠦᠢ ᠶᠠᠩ ᠂ ᠶᠦᠩ ᠭᠧᠩ ᠂ ᠦ ᠭᠠᠩ ᠂ ᠪᠤᠤ ᠴᠢᠩ ᠂ ᠶᠤᠸᠠᠨ ᠱᠣᠣ ᠂ ᠠᠨ ᠰᠢᠦᠩ ᠵᠡᠷᠭᠡ ᠣᠯᠠᠨ ᠵᠧᠦ ᠵᠢᠶᠦ᠋ᠨ ᠢ᠋ ᠰᠠᠬᠢᠬᠤ ᠲᠦᠰᠢᠮᠡᠯ ᠴᠥᠮ ᠠᠷᠠᠬᠠᠶ᠎ᠠ ᠶ᠋ᠢᠨ ᠥᠷᠥᠰᠢᠶᠡᠯ ᠵᠢᠷᠤᠮ ᠢ᠋ ᠰᠢᠲᠦᠵᠦ ᠳᠠᠭᠠᠪᠠ᠃ ᠠᠷᠠᠬᠠᠶ᠎ᠠ ᠴᠥᠮ ᠰᠠᠢᠨ ᠦᠭᠡ ᠪᠡᠷ ᠲᠣᠬᠣᠷᠤᠭᠤᠯᠤᠨ ᠤᠤᠯ ᠵᠡᠷᠭᠡ ᠡᠷᠬᠢᠮ ᠢ᠋ᠶ᠋ᠡᠷ ᠬᠡᠷᠡᠭᠯᠡᠪᠡ᠃ ᠭᠠᠭᠴᠠ ᠫᠢᠩ ᠵᠢᠶᠠᠩ ᠢ᠋ ᠰᠠᠬᠢᠭᠰᠠᠨ ᠰᠥᠩ ᠦ᠋ᠨ ᠵᠢᠩ ᠯᠢᠶᠣᠣ ᠱᠢ ᠲᠦᠰᠢᠮᠡᠯ ᠮᠠ ᠵᠢᠢ ᠪᠠᠭᠤᠵᠤ ᠥᠭᠬᠦ ᠦᠭᠡᠢ ᠪᠥᠭᠡᠳ ᠬᠡᠯᠡᠯᠴᠡᠷ᠎ᠡ ᠣᠴᠢᠭᠰᠠᠨ ᠰᠥᠩ ᠭᠤᠸᠠᠨ ᠲᠦᠰᠢᠮᠡᠯ ᠢᠦᠢ ᠴᠢᠦᠸᠠᠨ ᠨᠠᠷ ᠢ᠋ ᠠᠯᠠᠵᠤ ᠲᠡᠭᠦᠨ ᠦ᠌ ᠬᠣᠢᠨ᠎ᠠ ᠰᠥᠩ ᠤᠯᠤᠰ ᠤ᠋ᠨ ᠡᠵᠡᠨ ᠦ᠌ ᠪᠠᠭᠤᠵᠤ ᠥᠭᠭᠦᠭᠰᠡᠨ ᠵᠠᠷᠯᠢᠭ ᠢ᠋ ᠰᠢᠶᠠᠩ ᠱᠠᠨ ᠠᠭᠤᠯᠠ ᠶ᠋ᠢᠨ ᠲᠣᠢᠨ ᠽᠦᠩ ᠮᠢᠶᠠᠨ ᠳ᠋ᠤᠷ ᠥᠭᠴᠦ ᠣᠴᠢᠭᠤᠯᠤᠭᠰᠠᠨ ᠳ᠋ᠤᠷ ᠮᠥᠨ ᠴᠠᠪᠴᠢᠪᠠᠢ᠃ ᠬᠣᠵᠢᠮ ᠪᠣᠯᠵᠤ ᠰᠥᠩ ᠤᠯᠤᠰ ᠨᠢᠭᠡᠨᠲᠡ ᠰᠥᠨᠥᠭᠡᠳ ᠠᠷᠠᠬᠠᠷᠠ ᠫᠢᠩ ᠵᠢᠶᠠᠩ ᠵᠧᠩ ᠱᠢ ᠲᠦᠰᠢᠮᠡᠯ ᠡᠷᠭᠦᠮᠵᠢᠯᠡᠭᠳᠡᠨ ᠵᠠᠷᠯᠢᠭ ᠢ᠋ᠶ᠋ᠠᠷ ᠫᠢᠩ ᠵᠢᠶᠠᠩ ᠢ᠋ ᠳᠠᠭᠠᠲᠤᠭᠠᠢ ᠬᠡᠮᠡᠪᠡᠰᠦ ᠮᠥᠨ ᠲᠡᠷᠰᠯᠡᠬᠦ ᠲᠤᠯᠠ ᠠᠷᠠᠬᠠᠶ᠎ᠠ ᠶᠡᠬᠡ ᠴᠡᠷᠢᠭ ᠢ᠋ᠶ᠋ᠡᠷ ᠶᠠᠨ ᠭᠤᠸᠠᠨ ᠪᠣᠭᠣᠮᠲᠠ ᠶ᠋ᠢ ᠡᠪᠳᠡᠨ ᠡᠵᠡᠯᠡᠵᠦ ᠰᠢᠶᠣᠤ ᠷᠦᠩ ᠢᠩ ᠦ᠋ᠨ ᠳᠦ ᠲᠦᠩ ᠲᠦᠰᠢᠮᠡᠯ ᠮᠠ ᠵᠢᠩ ᠯᠢᠨ ᠪᠤᠷᠤᠭᠤᠯᠠᠭᠰᠠᠨ ᠲᠤᠯᠠ ᠠᠷᠠᠬᠠᠶ᠎ᠠ ᠶ᠋ᠢᠨ ᠶᠡᠬᠡ ᠴᠡᠷᠢᠭ ᠰᠢᠭᠤᠳ ᠫᠢᠩ ᠵᠢᠶᠠᠩ ᠳ᠋ᠤᠷ ᠬᠠᠭᠠᠨ ᠤ᠋ ᠵᠠᠷᠯᠢᠭ ᠢ᠋ ᠥᠭᠭᠦᠭᠰᠡᠨ ᠳ᠋ᠦ᠍ᠷ ᠮᠠ ᠵᠢᠢ ᠵᠠᠷᠯᠢᠭ ᠢ᠋ ᠰᠢᠲᠠᠭᠠᠨ ᠡᠯᠴᠢ ᠶ᠋ᠢ ᠠᠯᠠᠪᠠ᠃ ᠫᠢᠩ ᠵᠢᠶᠠᠩ ᠬᠣᠲᠠ ᠤᠰᠤᠨ ᠢ᠋ᠶ᠋ᠠᠷ ᠪᠡᠬᠢᠯᠡᠵᠦ ᠲᠣᠭᠲᠠᠬᠤ ᠲᠤᠯᠠ ᠠᠷᠠᠬᠶᠠ ᠳᠠ ᠶᠠᠩ ᠂ ᠰᠢᠶᠣᠤ ᠷᠤᠩ ᠬᠣᠶᠠᠷ ᠭᠣᠣᠯ ᠤ᠋ᠨ ᠤᠰᠤ ᠶ᠋ᠢ ᠬᠠᠰᠢᠵᠤ ᠪᠤᠰᠤ ᠲᠡᠰᠢ ᠤᠷᠤᠰᠬᠠᠨ ᠬᠣᠲᠠ ᠬᠠᠮᠠᠭᠠᠯᠠᠬᠤ ᠤᠰᠤ ᠶ᠋ᠢ ᠲᠠᠰᠤᠯᠤᠭᠰᠠᠨ ᠤ᠋ ᠳᠠᠷᠠᠭ᠎ᠠ ᠮᠣᠩᠭᠣᠯ ᠤ᠋ᠨ ᠶᠡᠬᠡ ᠴᠡᠷᠢᠭ ᠬᠣᠲᠠ ᠶ᠋ᠢ ᠡᠪᠳᠡᠵᠦ ᠣᠷᠣᠬᠤᠢ ᠳ᠋ᠤᠷ ᠬᠣᠲᠠ ᠶ᠋ᠢᠨ ᠠᠷᠠᠳ ᠭᠡᠷ ᠪᠠᠢᠰᠢᠩ ᠢ᠋ᠶ᠋ᠠᠨ ᠭᠠᠯᠳᠠᠵᠤ ᠤᠰᠤᠨ ᠳ᠋ᠤᠷ ᠬᠠᠷᠠᠢᠵᠤ ᠦᠬᠦᠭᠰᠡᠨ ᠢᠨᠤ ᠮᠠᠰᠢ ᠣᠯᠠᠨ ᠪᠠᠢᠪᠠ᠃ ᠮᠠ ᠵᠢᠢ ᠪᠠ ᠬᠣᠲᠠ ᠶ᠋ᠢᠨ ᠲᠦᠩ ᡁᠢ ᠲᠦᠰᠢᠮᠡᠯ ᠬᠤᠸᠠᠩ ᠸᠸᠨ ᠢᠩ ᠰᠥᠩ ᠭᠤᠸᠠᠨ ᠲᠦᠰᠢᠮᠡᠯ ᠶᠠᠩ ᠬᠤ᠌ ᠶ᠋ᠢᠨ ᠬᠠᠮᠲᠤ ᠳᠠᠷᠤᠭᠳᠠᠭᠰᠠᠨ ᠴᠡᠷᠢᠭ ᠢ᠋ᠶ᠋ᠡᠨ ᠳᠠᠭᠠᠭᠤᠯᠤᠨ ᠪᠦᠰᠡᠯᠡᠯᠲᠡ ᠶ᠋ᠢ ᠡᠪᠳᠡᠵᠦ ᠭᠠᠷᠰᠤᠭᠠᠢ ᠭᠡᠮᠡᠨ ᠴᠥᠮ ᠠᠮᠢᠳᠤ ᠪᠠᠷᠢᠭᠳᠠᠪᠠ᠃ ᠫᠢᠩ ᠵᠢᠶᠠᠩ ᠤ᠋ᠨ ᠠᠷᠠᠳ ᠤᠷᠪᠠᠬᠤ ᠳᠤᠷᠠᠲᠠᠢ ᠂ ᠲᠠᠨ ᠵᠧᠦ ᠯᠤᠭ᠎ᠠ ᠠᠳᠠᠯᠢ ᠦᠭᠡᠢ ᠬᠦᠨᠳᠦ ᠡᠷᠡᠭᠦᠦ ᠲᠤᠯᠭᠠᠬᠤ ᠦᠭᠡᠢ ᠪᠥᠭᠡᠰᠦ ᠭᠤᠸᠠᠩ ᠰᠢ ᠶ᠋ᠢᠨ ᠣᠯᠠᠨ ᠵᠧᠦ ᠶ᠋ᠢ ᠰᠦᠷᠳᠡᠭᠦᠯᠵᠦ ᠴᠢᠳᠠᠬᠤ ᠦᠭᠡᠢ ᠭᠡᠮᠡᠨ ᠮᠠ ᠵᠢᠢ ᠨᠠᠷ ᠢ᠋ ᠵᠡᠭᠡᠯᠢ ᠳ᠋ᠦ᠍ᠷ ᠴᠡᠭᠡᠷᠯᠡᠯ ᠪᠣᠯᠭᠠᠨ ᠴᠠᠪᠴᠢᠭᠤᠯᠵᠤ ᠴᠡᠷᠢᠭ ᠦ᠋ᠨ ᠠᠷᠠᠳ ᠢ ᠴᠥᠮ ᠠᠮᠢᠳᠤ ᠪᠠᠷ ᠪᠤᠯᠠᠭᠤᠯᠪᠠ᠃ ᠡᠨᠡ ᠴᠥᠮ ᠰᠥᠩ ᠢ᠋ ᠮᠥᠬᠥᠭᠡᠭᠰᠡᠨ ᠡᠴᠡ ᠬᠡᠳᠦᠨ ᠵᠢᠯ ᠦ᠋ᠨ ᠬᠣᠢᠨᠠᠬᠢ ᠬᠡᠷᠡᠭ ᠪᠣᠯᠪᠠᠴᠤ ᠤᠷᠢᠳᠴᠢᠯᠠᠨ ᠡᠨᠳᠡ ᠲᠡᠮᠳᠡᠭᠯᠡᠪᠡ᠃
ᠥᠭᠦᠯᠡᠬᠦ ᠢᠨᠤ ᠪᠠᠶᠠᠨ ᠶᠤᠸᠠᠨᠱᠤᠸᠠᠢ ᠶ᠋ᠢᠨ ᠶᠡᠬᠡ ᠴᠡᠷᠢᠭ ᠯᠢᠨ ᠠᠨ ᠠ᠋ᠴᠠ ᠠᠷᠪᠠᠨ ᠲᠠᠪᠤᠨ ᠭᠠᠵᠠᠷ ᠵᠠᠢᠲᠠᠢ ᠪᠠᠭᠤᠳᠠᠯᠯᠠᠨ ᠶᠤᠸᠠᠨᠱᠤᠸᠠᠢ ᠶ᠋ᠢᠨ ᠵᠢᠭᠠᠪᠤᠷᠢ ᠪᠠᠷ ᠳ᠋ᠦᠩ ᠸᠸᠨ ᠫᠢᠩ ᠂ ᠯᠢᠦᠢ ᠸᠸᠨ ᠬᠤᠸᠠᠨ ᠂ ᠹᠠᠨ ᠸᠸᠨ ᠬᠤ᠌ ᠪᠠᠷ ᠯᠢᠨ ᠠᠨ ᠬᠣᠲᠠ ᠶ᠋ᠢ ᠴᠠᠭᠳᠠᠨ ᠪᠠᠢᠴᠠᠭᠠᠨ ᠰᠥᠩ ᠤᠯᠤᠰ ᠤ᠋ᠨ ᠠᠷᠠᠳ ᠢᠷᠭᠡᠳ ᠢ᠋ ᠠᠶᠤᠨ ᠰᠣᠴᠢᠵᠤ ᠰᠠᠮᠠᠭᠤᠷᠠᠬᠤ ᠶ᠋ᠢ ᠰᠡᠷᠭᠡᠢᠯᠡᠭᠦᠯᠪᠡᠢ᠃ ᠰᠥᠩ ᠤᠯᠤᠰ ᠲᠤᠷ ᠡᠯᠴᠢ ᠪᠣᠯᠵᠤ ᠵᠥᠪᠳᠡᠯᠴᠡᠬᠦ ᠪᠡᠷ ᠣᠴᠢᠭᠰᠠᠨ ᠨᠡᠩᠵᠢᠲᠡᠢ ᠂ ᠬᠣᠩ ᠮᠦᠸᠧ ᠨᠠᠷ ᠢᠷᠡᠭᠡᠳ ᠴᠸᠨ ᠢ ᠵᠦᠩ ᠂ ᠵᠠᠩ ᠱᠢ ᠵᠢᠶᠧ ᠂ ᠰᠦ᠍ ᠢ ᠂ ᠯᠢᠦ ᠰᠢ ᠵᠦᠩ ᠵᠡᠷᠭᠡ ᠬᠥᠮᠦᠨ ᠨᠢᠭᠡᠨᠲᠡ ᠰᠥᠩ ᠦ᠋ᠨ ᠬᠠᠭᠠᠨ ᠤ᠋ ᠠᠬ᠎ᠠ ᠵᠢᠢ ᠸᠠᠩ ᠂ ᠭᠤᠸᠠᠩ ᠸᠠᠩ ᠢ᠋ ᠠᠪᠴᠤ ᠸᠧ ᠵᠢᠶᠠᠩ ᠮᠥᠷᠡᠨ ᠢ᠋ᠶ᠋ᠡᠷ ᠪᠠᠭᠤᠵᠤ ᠳᠠᠯᠠᠢ ᠳ᠋ᠤᠷ ᠣᠷᠣᠭᠰᠠᠨ ᠢ᠋ ᠶᠠᠭᠠᠷᠠᠤ ᠮᠡᠳᠡᠭᠦᠯᠬᠦᠢ ᠳ᠋ᠦ᠍ᠷ ᠪᠠᠶᠠᠨ ᠶᠤᠸᠠᠨᠱᠤᠸᠠᠢ ᠲᠡᠷᠡ ᠳᠣᠣᠷ᠎ᠠ ᠪᠠᠨ ᠪᠠᠷᠠᠭᠤᠨ ᠵᠠᠮ ᠤ᠋ᠨ ᠠᠷᠤᠤᠬᠠᠨ ᠂ ᠤᠯᠤᠰ ᠨᠣᠶᠠᠨ ᠬᠣᠶᠠᠷ ᠤ᠋ᠨ ᠴᠡᠷᠢᠭ ᠬᠢᠭᠡᠳ ᠵᠡᠭᠦᠨ ᠵᠠᠮ ᠤ᠋ᠨ ᠳ᠋ᠦᠩ ᠸᠸᠨ ᠫᠢᠩ ᠂ ᠹᠠᠨ ᠸᠸᠨ ᠬᠤ᠌ ᠶ᠋ᠢᠨ ᠴᠡᠷᠢᠭ ᠢ᠋ ᠭᠠᠷᠭᠠᠵᠤ ᠨᠡᠬᠡᠭᠦᠯᠪᠡᠰᠦ ᠨᠢᠭᠡᠨᠲᠡ ᠬᠣᠯᠠᠳᠠᠪᠠᠢ᠃
ᠰᠥᠩ ᠤᠯᠤᠰ ᠣᠳᠣ ᠨᠢᠭᠡᠨᠲᠡ ᠮᠥᠬᠥᠬᠦ ᠵᠠᠮ ᠳ᠋ᠠᠭᠠᠨ ᠣᠷᠣᠵᠤ ᠲᠥᠷᠥ ᠳ᠋ᠦ᠍ᠷ ᠬᠡᠷᠡᠭ ᠮᠡᠳᠡᠬᠦ ᠲᠦᠰᠢᠮᠡᠯ ᠦᠭᠡᠢ ᠪᠣᠯᠤᠭᠰᠠᠨ ᠳᠡᠭᠡᠷ᠎ᠡ ᠲᠠᠨ ᠵᠧᠦ ᠠᠪᠲᠠᠵᠤ ᠯᠢ ᠱᠢ ᠨᠠᠷ ᠤᠯᠤᠰ ᠤ᠋ᠨ ᠲᠥᠯᠥᠭᠡ ᠦᠬᠦᠪᠡ ᠬᠡᠮᠡᠬᠦ ᠲᠤᠯᠠ ᠤᠯᠠᠮ ᠳᠣᠷᠭᠢᠯᠳᠤᠵᠤ ᠴᠤᠤᠷᠬᠠᠯ ᠦᠭᠡ ᠣᠯᠠᠨ ᠲᠠᠷᠬᠠᠵᠤ ᠲᠥᠷᠥ ᠶ᠋ᠢᠨ ᠲᠦᠰᠢᠮᠡᠯ ᠴᠸᠨ ᠸᠸᠨ ᠯᠦᠩ ᠂ ᠴᠡᠷᠢᠭ ᠦ᠋ᠨ ᠶᠠᠪᠤᠳᠠᠯ ᠤ᠋ᠨ ᠲᠦᠰᠢᠮᠡᠯ ᠬᠤᠸᠠᠩ ᠷᠤᠩ ᠳᠠᠭᠠᠯᠳᠤᠨ ᠤᠷᠭᠤᠪᠠ᠃
ᠰᠥᠩ ᠦ᠋ᠨ ᠡᠵᠡᠨ ᠵᠠᠷᠯᠢᠭ ᠭᠠᠷᠭᠠᠨ ᠡᠤ ᠵᠢᠶᠠᠨ ᠢ᠋ ᠵᠡᠭᠦᠨ ᠭᠠᠷᠤᠨ ᠴᠧᠩᠰᠢᠶᠠᠩ ᠴᠠᠩ ᠮᠦᠸᠧ ᠶ᠋ᠢ ᠲᠥᠷᠥ ᠶ᠋ᠢᠨ ᠶᠠᠪᠤᠳᠠᠯ ᠢ᠋ ᠮᠡᠳᠡᠭᠴᠢ ᠲᠦᠰᠢᠮᠡᠯ ᠪᠣᠯᠭᠠᠨ ᠽᠢ ᠶᠦᠨ ᠲᠢᠶᠠᠨ ᠬᠠᠷᠰᠢ ᠳ᠋ᠤᠷ ᠵᠠᠷᠯᠢᠭ ᠪᠣᠯᠬᠤᠢ ᠳ᠋ᠤᠷ ᠪᠢᠴᠢᠭ ᠦ᠋ᠨ ᠲᠦᠰᠢᠮᠡᠳ ᠦ᠋ᠨ ᠮᠥᠷ ᠲᠣᠷ ᠵᠢᠷᠭᠤᠭᠠᠨ ᠬᠥᠮᠦᠨ ᠦ᠌ ᠲᠡᠳᠦᠢᠯᠡ ᠪᠣᠯᠪᠠᠢ᠃ ᠳᠡᠮᠡᠢ ᠬᠣᠶᠠᠷ ᠡᠳᠦᠷ ᠪᠣᠯᠤᠭᠰᠠᠨ ᠦᠭᠡᠢ ᠴᠠᠩ ᠮᠦᠸᠧ ᠮᠥᠨ ᠣᠷᠭᠣᠪᠠᠢ᠃ ᠡᠭᠦᠨ ᠢ᠋ ᠳᠠᠭᠠᠯᠳᠤᠨ ᠵᠢᠶᠠ ᠰᠢᠩ ᠂ ᠠᠨ ᠵᠢᠢ ᠵᠧᠦ ᠵᠡᠷᠭᠡ ᠭᠠᠵᠠᠷ ᠬᠣᠢᠨ᠎ᠠ ᠬᠣᠢᠨ᠎ᠠ ᠠ᠋ᠴᠠ ᠪᠠᠨ ᠳᠠᠭᠠᠵᠤ ᠰᠥᠩ ᠤᠯᠤᠰ ᠤ᠋ᠨ ᠬᠠᠪᠴᠢᠯ ᠪᠣᠭᠣᠮᠲᠠ ᠰᠠᠬᠢᠬᠤ ᠵᠠᠩᠵᠤᠨ ᠴᠡᠷᠢᠭ ᠴᠥᠮ ᠰᠠᠷᠨᠢᠮᠤᠢ᠃ ᠲᠡᠢᠨ ᠬᠦ᠌ ᠰᠥᠩ ᠦ᠋ᠨ ᠲᠡᠢ ᠬᠤᠸᠠᠩ ᠲᠠᠢᠬᠡᠦ ᠡᠳᠦᠷ ᠰᠥᠨᠢ ᠦᠭᠡᠢ ᠠᠶᠤᠨ ᠡᠮᠢᠶᠡᠵᠦ ᠶᠤᠸᠠᠨ ᠤᠯᠤᠰ ᠲᠤᠷ ᠲᠦᠰᠢᠮᠡᠯ ᠪᠣᠯᠵᠤ ᠳᠠᠭᠠᠲᠤᠭᠠᠢ ᠬᠡᠮᠡᠮᠦᠢ᠃ ᠬᠡᠷᠪᠡ ᠳᠡᠭᠡᠳᠦᠰ ᠦ᠋ᠨ ᠲᠠᠬᠢᠯᠭ᠎ᠠ ᠶ᠋ᠢ ᠲᠠᠰᠤᠯᠬᠤ ᠥᠬᠡᠢ ᠪᠥᠭᠡᠰᠦ ᠲᠦᠰᠢᠮᠡᠯ ᠪᠣᠯᠤᠭᠰᠠᠨ ᠴᠤ᠌ ᠭᠣᠮᠣᠳᠠᠯ ᠦᠭᠡᠢ ᠭᠡᠮᠡᠨ ᠵᠠᠬᠢᠪᠠ᠃ ᠪᠠᠢᠴᠠᠭᠠᠨ ᠬᠢᠨᠠᠬᠤ ᠲᠦᠰᠢᠮᠡᠯ ᠯᠢᠦ ᠪᠠ ᠶᠤᠸᠠᠨ ᠤᠯᠤᠰ ᠤ᠋ᠨ ᠶᠤᠸᠠᠨᠱᠤᠸᠠᠢ ᠶ᠋ᠢᠨ ᠴᠠᠴᠠᠷ ᠠ᠋ᠴᠠ ᠪᠤᠴᠠᠵᠤ ᠢᠷᠡᠭᠡᠳ ᠪᠠᠶᠠᠨ ᠶᠤᠸᠠᠨᠱᠤᠸᠠᠢ ᠶ᠋ᠢᠨ ᠵᠥᠪᠰᠢᠶᠡᠷᠡᠬᠦ ᠦᠭᠡᠢ ᠵᠦᠢᠯ ᠦ᠋ᠳ ᠢ᠋ ᠠᠢᠯᠠᠳᠬᠠᠭᠰᠠᠨ ᠳ᠋ᠤᠷ ᠰᠥᠩ ᠤᠯᠤᠰ ᠤ᠋ᠨ ᠲᠠᠢ ᠬᠤᠸᠠᠩ ᠲᠠᠢᠬᠡᠦ ᠣᠯᠠᠨ ᠲᠦᠰᠢᠮᠡᠳ ᠢ᠋ᠶ᠋ᠡᠨ ᠴᠤᠭᠯᠠᠭᠤᠯᠤᠨ ᠵᠥᠪᠳᠡᠪᠡᠰᠦ ᠳᠠᠭᠤᠨ ᠭᠠᠷᠬᠤ ᠬᠥᠮᠦᠨ ᠨᠢᠭᠡᠴᠦ ᠦᠭᠡᠢ᠃ ᠲᠡᠢ ᠬᠤᠸᠠᠩ ᠲᠠᠢᠬᠡᠦ ᠲᠤᠩ ᠭᠠᠴᠢᠭᠳᠠᠵᠤ ᠳᠠᠭᠤᠨ ᠲᠠᠯᠪᠢᠨ ᠤᠬᠢᠯᠠᠨ ᠥᠭᠦᠯᠡᠷᠦᠨ :《ᠣᠯᠠᠨ ᠴᠥᠮ ᠵᠢᠶᠠ ᠽᠢ ᠳ᠋ᠣᠣ ᠶ᠋ᠢ ᠮᠠᠭᠤ ᠭᠡᠮᠡᠨ ᠥᠭᠦᠯᠡᠬᠦᠢ ᠳ᠋ᠦ᠍ᠷ ᠪᠢ ᠦᠯᠦ ᠵᠥᠪᠪᠰᠢᠶᠡᠷᠡᠬᠦ ᠪᠥᠯᠥᠭᠡ ᠃ ᠡᠷᠡᠰ ᠭᠣᠶᠣᠬᠤᠢ ᠳ᠋ᠤᠷ ᠰᠠᠶᠢ ᠲᠡᠭᠦᠨ ᠦ᠌ ᠵᠡᠷᠭᠡ ᠡᠷᠬᠢᠮ ᠢ᠋ ᠡᠪᠳᠡᠪᠡ᠃ ᠡᠳᠦᠭᠡ ᠪᠣᠯᠵᠤ ᠣᠯᠠᠨ ᠬᠥᠮᠦᠰ ᠵᠢᠶᠠ ᠽᠢ ᠳ᠋ᠣᠣ ᠶ᠋ᠢ ᠠᠯᠠᠭᠤᠨ ᠶᠠᠭᠤᠨ ᠳ᠋ᠤᠷ ᠨᠢᠭᠡᠨ ᠦᠭᠡ ᠪᠡᠷ ᠴᠦ᠍ ᠲᠤᠰᠠᠯᠠᠬᠤ ᠦᠭᠡᠢ ᠬᠠᠷᠢᠨ ᠤᠷᠭᠤᠨ ᠳᠤᠲᠠᠭᠠᠮᠤᠢ 》ᠬᠡᠮᠡᠪᠡᠢ᠃
ᠲᠡᠳᠦᠢ ᠳ᠋ᠦ᠍ᠷ ᠮᠣᠩᠭᠣᠯ ᠤ᠋ᠨ ᠴᠡᠷᠢᠭ ᠭᠣᠣ ᠲᠢᠩ ᠱᠠᠨ ᠳ᠋ᠤᠷ ᠬᠦᠷᠴᠦ ᠢᠷᠡᠭᠡᠳ ᠠᠷᠤᠤᠬᠠᠨ ᠂ ᠳ᠋ᠦᠩ ᠸᠸᠨ ᠫᠢᠩ ᠦ᠋ᠨ ᠴᠡᠷᠢᠭ ᠦ᠋ᠨ ᠬᠦᠷᠢᠶᠡᠨ ᠳ᠋ᠦ᠍ᠷ ᠨᠡᠢᠯᠡᠵᠦ ᠡᠮᠦᠨᠡᠲᠦ ᠴᠡᠷᠢᠭ ᠰᠢᠭᠤᠳ ᠯᠢᠨ ᠠᠨ ᠬᠣᠲᠠ ᠶ᠋ᠢᠨ ᠬᠣᠢᠲᠤ ᠡᠭᠦᠳᠡ ᠬᠦᠷᠴᠦ ᠴᠠᠭᠳᠠᠮᠤᠢ᠃
ᠪᠠᠶᠠᠨ ᠶᠤᠸᠠᠨᠱᠤᠸᠠᠢ ᠡᠯᠴᠢ ᠶᠠᠪᠤᠭᠤᠯᠵᠤ ᠰᠥᠩ ᠤᠯᠤᠰ ᠤ᠋ᠨ ᠡᠷᠬᠡ ᠪᠠᠷᠢᠬᠤ ᠲᠦᠰᠢᠮᠡᠯ ᠢ᠋ ᠶᠤᠸᠠᠨ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ᠷ ᠢᠷᠡᠵᠦ ᠪᠠᠭᠤᠵᠤ ᠥᠭᠬᠦ ᠨᠠᠷᠢᠨ ᠶᠠᠪᠤᠳᠠᠯ ᠢ᠋ ᠵᠥᠪᠳᠡᠰᠦᠭᠡᠢ ᠭᠡᠮᠡᠨ ᠳᠠᠬᠢᠨ ᠳᠠᠪᠲᠠᠨ ᠱᠠᠭᠠᠷᠳᠠᠭᠰᠠᠨ ᠳ᠋ᠤᠷ ᠰᠥᠩ ᠦ᠋ᠨ ᠡᠵᠡᠨ ᠸᠸᠨ ᠲᠢᠶᠠᠨ ᠰᠢᠶᠠᠩ ᠢ᠋ ᠴᠧᠩᠰᠢᠶᠠᠩ ᠡᠷᠭᠦᠮᠵᠢᠯᠡᠨ ᠵᠡᠭᠦᠨ ᠭᠠᠷᠤᠨ ᠴᠧᠩᠰᠢᠶᠠᠩ ᠡᠦ ᠵᠢᠶᠠᠨ ᠨᠠᠷ ᠤ᠋ᠨ ᠬᠠᠮᠲᠤ ᠶᠤᠸᠠᠨ ᠤᠯᠤᠰ ᠤ᠋ᠨ ᠶᠤᠸᠠᠨᠱᠤᠸᠠᠢ ᠶ᠋ᠢᠨ ᠴᠠᠴᠠᠷ ᠲᠤᠷ ᠵᠥᠪᠳᠡᠯᠴᠡᠬᠦ ᠪᠡᠷ ᠢᠯᠡᠭᠡᠪᠡ᠃
ᠸᠸᠨ ᠲᠢᠶᠠᠨ ᠰᠢᠶᠠᠩ ᠪᠠᠶᠠᠨ ᠶᠤᠸᠠᠨᠱᠤᠸᠠᠢ ᠶ᠋ᠢᠨ ᠴᠠᠴᠠᠷ ᠲᠤᠷ ᠣᠷᠣᠵᠤ ᠮᠥᠷᠭᠥᠬᠦ ᠦᠭᠡᠢ ᠳᠡᠮᠡᠢᠯᠡ ᠬᠡᠬᠦᠯᠵᠡᠨ ᠠᠭᠠᠰᠢᠯᠠᠮᠤᠢ ᠃ ᠪᠠᠶᠠᠨ ᠶᠤᠸᠠᠨᠱᠤᠸᠠᠢ ᠰᠥᠩ ᠦ᠋ᠨ ᠵᠡᠭᠦᠨ ᠭᠠᠷ ᠤ᠋ᠨ ᠴᠧᠩᠰᠢᠶᠠᠩ ᠡᠦ ᠵᠢᠶᠠᠨ ᠂ ᠴᠡᠷᠢᠭ ᠦ᠋ᠨ ᠶᠠᠪᠤᠳᠠᠯ ᠤ᠋ᠨ ᠲᠦᠰᠢᠮᠡᠯ ᠰᠢᠶᠧ ᠳᠠᠩ ᠂ ᠠᠨ ᠹᠦ ᠲᠦᠰᠢᠮᠡᠯ ᠵᠢᠶᠠ ᠢᠦᠢ ᠴᠢᠩ ᠂ ᠳᠣᠲᠣᠭᠠᠳᠤ ᠣᠷᠳᠣᠨ ᠤ᠋ ᠵᠧᠩ ᠸᠧᠢ ᠱᠠᠨ ᠨᠠᠷ ᠢ᠋ ᠢᠯᠪᠡᠨ ᠲᠣᠬᠣᠷᠤᠭᠤᠯᠵᠤ ᠦᠯᠦ ᠠᠶᠤᠨ ᠰᠠᠨᠳᠤᠷᠬᠤ ᠶ᠋ᠢ ᠤᠬᠠᠭᠤᠯᠤᠨ ᠴᠥᠮ ᠪᠤᠴᠠᠭᠠᠵᠤ ᠭᠠᠭᠴᠠ ᠸᠸᠨ ᠲᠢᠶᠠᠨ ᠰᠢᠶᠠᠩ ᠢ᠋ ᠦᠯᠡᠳᠡᠭᠡᠨ ᠠᠪᠤᠪᠠ᠃ ᠨᠢᠭᠡᠨᠲᠡᠭᠦᠷ ᠯᠢᠦᠢ ᠸᠸᠨ ᠬᠤᠸᠠᠨ ᠳ᠋ᠤᠷ ᠮᠣᠩᠭᠣᠯ ᠤ᠋ᠨ ᠶᠡᠬᠡ ᠬᠠᠭᠠᠨ ᠤ᠋ ᠵᠠᠷᠯᠢᠭ ᠢ᠋ ᠪᠠᠷᠢᠭᠤᠯᠵᠤ ᠯᠢᠨ ᠠᠨ ᠬᠣᠲᠠ ᠶ᠋ᠢᠨ ᠭᠠᠳᠠᠭᠠᠳᠤ ᠳᠣᠲᠣᠭᠠᠳᠤ ᠳ᠋ᠤᠷ ᠲᠠᠷᠬᠠᠭᠠᠨ ᠲᠣᠭᠲᠠᠭᠤᠨ ᠪᠥᠭᠡᠳ ᠬᠡᠪ ᠢ᠋ᠶ᠋ᠡᠨ ᠰᠠᠬᠢᠵᠤ ᠠᠵᠤ ᠲᠥᠷᠥᠵᠦ ᠰᠠᠭᠤᠲᠤᠭᠠᠢ ᠃ ᠰᠠᠮᠠᠭᠤᠷᠠᠯ ᠡᠳᠦᠭᠰᠡᠳ ᠢ᠋ ᠬᠦᠨᠳᠦᠳᠡ ᠰᠢᠳᠬᠡᠮᠦᠢ ᠭᠡᠮᠡᠨ ᠮᠡᠳᠡᠭᠳᠡᠵᠦ ᠠᠮᠤᠷ ᠲᠦᠪᠰᠢᠨ ᠪᠣᠯᠭᠠᠪᠠᠢ᠃ ᠡᠭᠦᠨ ᠡᠴᠡ ᠡᠮᠦᠨ᠎ᠡ ᠰᠥᠩ ᠦ᠋ᠨ ᠲᠥᠷᠥ ᠶ᠋ᠢ ᠬᠠᠮᠠᠭᠠᠯᠠᠬᠤ ᠴᠡᠷᠢᠭ ᠬᠠᠷ᠎ᠠ ᠡᠳᠦᠷ ᠢ᠋ᠶ᠋ᠡᠷ ᠬᠥᠮᠦᠨ ᠠᠯᠠᠵᠤ ᠪᠤᠯᠢᠶᠠᠨ ᠳᠡᠭᠡᠷᠡᠮᠳᠡᠵᠦ ᠳᠠᠯᠳᠠ ᠭᠤᠳᠤᠮᠵᠢ ᠶ᠋ᠢᠨ ᠥᠴᠦᠬᠡᠨ ᠠᠷᠠᠳ ᠡᠭᠦᠨ ᠢ᠋ ᠳᠠᠭᠠᠵᠤ ᠳᠠᠯᠢᠮᠳᠠᠭᠤᠯᠤᠨ ᠪᠤᠯᠢᠶᠠᠮᠤᠢ᠃ ᠢᠯᠠᠩᠭᠤᠶ᠎ᠠ ᠵᠠᠩ ᠱᠢ ᠵᠢᠶᠧ ᠶ᠋ᠢᠨ ᠴᠡᠷᠢᠭ ᠦ᠋ᠳ ᠲᠤᠢᠯ ᠤ᠋ᠨ ᠰᠠᠮᠠᠭᠤᠨ ᠪᠠᠢᠭᠰᠠᠨ ᠬᠡᠮᠡᠮᠦ᠃
ᠸᠸᠨ ᠲᠢᠶᠠᠨ ᠰᠢᠶᠠᠩ ᠮᠣᠩᠭᠣᠯ ᠤ᠋ᠨ ᠴᠡᠷᠢᠭ ᠦ᠋ᠨ ᠬᠦᠷᠢᠶᠡᠨ ᠳ᠋ᠦ᠍ᠷ ᠬᠡᠳᠦᠨ ᠡᠳᠦᠷ ᠪᠣᠯᠵᠤ ᠪᠤᠴᠠᠰᠤᠭᠠᠢ ᠭᠡᠮᠡᠨ ᠬᠡᠳᠦᠨ ᠤᠳᠠᠭ᠎ᠠ ᠭᠣᠶᠣᠪᠠᠰᠤ ᠪᠠᠶᠠᠨ ᠣᠭᠲᠣ ᠬᠠᠷᠢᠭᠤ ᠦᠭᠡᠢ ᠢᠨᠢᠶᠡᠮᠡᠰᠦᠭᠯᠡᠨ ᠥᠩᠭᠡᠷᠡᠭᠡᠮᠦᠢ᠃ ᠸᠸᠨ ᠲᠢᠶᠠᠨ ᠰᠢᠶᠠᠩ ᠥᠴᠢᠷᠦᠨ: 《ᠡᠨᠡ ᠤᠳᠠᠭᠠᠨ ᠤ᠋ ᠢᠷᠡᠭᠰᠡᠨ ᠢᠨᠤ ᠬᠣᠶᠠᠷ ᠤᠯᠤᠰ ᠤ᠋ᠨ ᠲᠥᠯᠥᠭᠡ ᠪᠣᠯᠠᠢ ᠃ ᠪᠤᠰᠤᠳ ᠢ᠋ ᠴᠥᠮ ᠪᠤᠴᠠᠭᠠᠨ ᠨᠠᠮᠠᠶ᠋ᠢ ᠦᠯᠡᠳᠡᠭᠡᠬᠦ ᠢᠨᠤ ᠶᠠᠭᠤᠨ ? 》ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠥᠭᠦᠯᠡᠷᠦᠨ ᠄ 《ᠲᠠ ᠰᠥᠩ ᠤᠯᠤᠰ ᠤ᠋ᠨ ᠶᠡᠬᠡ ᠰᠠᠢᠳ ᠪᠣᠯᠠᠢ᠃ ᠲᠤᠰᠢᠶᠠᠯ ᠠᠨᠤ ᠬᠥᠩᠭᠡᠨ ᠪᠤᠰᠤ᠃ ᠡᠨᠡ ᠡᠳᠦᠷ ᠲᠥᠪ ᠭᠡᠮᠡᠨ ᠨᠠᠳᠠ ᠲᠠᠢ ᠬᠠᠮᠲᠤᠷᠠᠵᠤ ᠠᠵᠢᠯᠯᠠᠪᠠᠰᠤ ᠵᠣᠬᠢᠮᠤᠢ 》ᠭᠡᠮᠡᠨ ᠮᠠᠩᠭᠤᠲᠠᠢ ᠂ ᠰᠣᠳᠣ ᠬᠣᠶᠠᠷ ᠲᠤᠷ ᠲᠤᠰᠢᠶᠠᠨ᠄ ᠡᠨᠡ ᠬᠥᠮᠦᠨ ᠥᠭᠡᠷ᠎ᠡ ᠰᠠᠨᠠᠭ᠎ᠠ ᠡᠪᠦᠷᠯᠡᠪᠡ᠃ ᠪᠠᠭᠤᠳᠠᠯ ᠳ᠋ᠤᠷ ᠬᠠᠨᠢᠯᠠᠵᠤ ᠰᠠᠬᠢᠨ ᠰᠠᠭᠤᠭᠲᠤᠨ ᠬᠡᠮᠡᠪᠡ᠃
ᠪᠠᠶᠠᠨ ᠶᠤᠸᠠᠨᠱᠤᠸᠠᠢ ᠰᠥᠩ ᠤᠯᠤᠰ ᠢ᠋ ᠬᠡᠷᠬᠢᠨ ᠮᠥᠬᠥᠭᠡᠬᠦ ᠶ᠋ᠢ ᠮᠡᠳᠡᠰᠦᠭᠡᠢ ᠬᠡᠮᠡᠪᠡᠰᠦ ᠡᠴᠦᠰ ᠦ᠋ᠨ ᠪᠦᠯᠦᠭ ᠲᠣᠷ ᠦᠵᠡᠲᠦᠭᠡᠢ᠃
ᠰᠤᠯᠠ ᠳᠠᠭᠤᠯᠠᠯ
ᠨᠢᠶᠠᠨ ᠨᠦ᠍ ᠵᠢᠶᠣᠤ
ᡂᠢ ᠪᠢ ᠳ᠋ᠦ᠍ᠷ ᠡᠷᠲᠡᠨ ᠢ᠋ ᠰᠠᠨᠠᠭᠠᠯᠵᠠᠭᠰᠠᠨ ᠠᠨᠤ ᠰᠦ᠍ ᠱᠢ
ᠶᠡᠬᠡ ᠮᠥᠷᠡᠨ ᠵᠡᠭᠦᠨᠰᠢ ᠤᠷᠤᠰᠬᠤᠶ᠎ᠠ
ᠶᠡᠷᠦᠳᠡ ᠮᠢᠩᠭᠠᠨ ᠦᠶ᠎ᠡ ᠶ᠋ᠢᠨ ᠪᠠᠭᠠᠲᠤᠷ ᠡᠷᠳᠡᠮᠲᠡᠨ ᠢ᠋ ᠰᠢᠯᠭᠡᠮᠦᠢ
ᠬᠠᠭᠤᠴᠢᠨ ᠬᠠᠰᠢᠯᠭ᠎ᠠ ᠶ᠋ᠢᠨ ᠪᠠᠷᠠᠭᠤᠨ ᠳ᠋ᠤᠷ
ᠬᠠᠷᠢᠨ ᠭᠤᠷᠪᠠᠨ ᠤᠯᠤᠰ ᠤ᠋ᠨ ᠵᠧᠦ ᠯᠠᠩ ᠤ᠋ᠨ ᡂᠢ ᠪᠢ ᠭᠡᠨᠡᠮ
ᠣᠪᠤᠭᠠᠷ ᠴᠢᠯᠠᠭᠤ ᠡᠭᠦᠯᠡ ᠣᠭᠲᠠᠷᠭᠤᠢ ᠲᠤᠯᠵᠤ
ᠣᠪᠣᠭᠠᠷᠠᠯᠳᠤᠭᠰᠠᠨ ᠳᠣᠯᠭᠢᠶᠠᠨ ᠡᠷᠭᠢ ᠶ᠋ᠢ ᠠᠯᠠᠭᠠᠳᠠᠨ
ᠣᠷᠢᠶᠠᠯᠳᠤᠭᠰᠠᠨ ᠬᠥᠭᠡᠰᠦ ᠮᠢᠩᠭᠠᠨ ᠡᠪᠭᠡᠷ ᠴᠠᠰᠤ
ᠠᠭᠤᠯᠠ ᠮᠥᠷᠡᠨ ᠵᠢᠷᠤᠭ ᠮᠡᠲᠦ ᠭᠣᠶᠣ ᠳ᠋ᠤᠷ
ᠠᠷᠤᠤᠬᠠᠨ ᠪᠠᠭᠠᠲᠤᠷ ᠡᠷᠳᠡᠮᠲᠡᠨ ᠨᠢᠭᠡᠨ ᠦᠶ᠎ᠡ ᠶᠠᠭᠠᠬᠢᠭᠰᠠᠨ ᠣᠯᠠᠨ ᠪᠣᠢ ?
ᠡᠷᠭᠢᠵᠦ ᠪᠣᠳᠣᠪᠠᠰᠤ ᠬᠦᠩ ᠦ᠋ᠨ ᠲᠡᠷᠡ ᠦᠶᠡᠰ
ᠡᠬᠡᠨᠡᠷ ᠰᠢᠶᠣᠤ ᠴᠢᠶᠣᠤ ᠶ᠋ᠢ ᠰᠠᠶᠢ ᠪᠡᠷᠢ ᠪᠣᠯᠭᠠᠨ
ᠡᠷᠬᠡ ᠰᠦᠷ ᠶᠠᠭ ᠪᠠᠳᠠᠷᠠᠬᠤ ᠴᠠᠭ
ᠥᠳᠥ ᠶ᠋ᠢᠨ ᠭᠦᠪᠢᠭᠦᠷ ᠬᠠᠷ᠎ᠠ ᠠᠯᠴᠢᠭᠤᠷᠲᠤ ᠵᠣᠴᠢᠳ ᠯᠤᠭ᠎ᠠ
ᠦᠯᠦ ᠮᠡᠳᠡᠮ ᠢᠨᠢᠶᠡᠵᠦ ᠨᠠᠭᠠᠳᠬᠤ ᠵᠠᠭᠤᠷ᠎ᠠ
ᠦᠨᠡᠭᠡᠨ ᠦ᠌ ᠣᠩᠭᠣᠴᠠ ᠰᠠᠯ ᠨᠢᠭᠡᠨᠲᠡ ᠤᠲᠤᠭ᠎ᠠ ᠦᠨᠡᠰᠦ ᠪᠣᠯᠪᠠᠢ
ᠬᠠᠷ᠎ᠠ ᠨᠤᠲᠤᠭ ᠲᠤᠷ ᠡᠷᠭᠢᠴᠡᠨ ᠲᠣᠭᠣᠷᠢᠬᠤᠢ ᠳ᠋ᠤᠷ
ᠬᠠᠢᠷᠠᠬᠠᠨ ᠦᠯᠡᠮᠵᠢ ᠨᠠᠢᠷᠡᠲᠦ ᠪᠤᠭᠤᠷᠤᠯ ᠭᠡᠮᠡᠨ
ᠬᠠᠷᠢᠯᠴᠠᠨ ᠡᠯᠡᠭᠯᠡᠨ ᠱᠣᠭᠯᠠᠮᠤᠢ ᠊ᠶ᠎ᠠ
ᠬᠥᠮᠦᠨ ᠲᠥᠷᠥᠯᠬᠢᠲᠡᠨ ᠵᠡᠭᠦᠳᠦᠨ ᠵᠡᠷᠭᠡᠯᠭᠡ ᠮᠡᠲᠦ ᠪᠣᠯᠪᠠᠴᠤ
ᠬᠦᠰᠡᠬᠦ ᠰᠡᠳᠬᠢᠯᠭᠡ ᠪᠡᠷ ᠮᠥᠷᠡᠨ ᠰᠠᠷ᠎ᠠ ᠳ᠋ᠤᠷ ᠳᠠᠬᠢᠨ ᠨᠢᠭᠡ ᠬᠤᠨᠳᠠᠭ᠎ᠠ ᠡᠷᠭᠦᠮᠦ᠃
