ᠤᠯᠠᠮᠵᠢᠯᠠᠯᠲᠤ ᠨᠠᠭᠠᠳᠤᠮ- ᠣᠶᠣᠮ᠎ᠠУламжлалт наадам-Оём ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠮᠵᠢᠯᠠᠯᠲᠤ ᠨᠠᠭᠠᠳᠤᠮ- ᠣᠶᠣᠮ᠎ᠠУламжлалт наадам-Оём

ᠤᠯᠠᠮᠵᠢᠯᠠᠯᠲᠤ ᠨᠠᠭᠠᠳᠤᠮ- ᠣᠶᠣᠮ᠎ᠠУламжлалт наадам-Оём

2024-02-05

442

ᠤᠯᠠᠮᠵᠢᠯᠠᠯᠲᠤ ᠨᠠᠭᠠᠳᠤᠮ 

                 ᠣᠶᠣᠮ᠎ᠠ 

ᠠᠬᠠᠮᠠᠳ ᠠ᠋ᠴᠠ ᠤᠯᠠᠮᠵᠢᠯᠠᠭᠰᠠᠨ ᠮᠣᠳᠣᠨ ᠫᠠᠢ 
ᠠᠯᠢ ᠡᠷᠲᠡ ᠡᠴᠡ ᠨᠠᠭᠠᠳᠳᠠᠭ ᠮᠣᠩᠭᠣᠯ ᠰᠢᠳᠡᠷ᠎ᠡ 
ᠠᠵᠢᠯ ᠤ᠋ᠨ ᠴᠢᠯᠥᠭᠡ ᠪᠡᠷ ᠢ᠋ᠶ᠋ᠡᠨ ᠨᠠᠭᠠᠳᠳᠠᠭ ᠱᠠᠭ᠎ᠠ 
ᠠᠲᠠᠷ ᠲᠠᠯ᠎ᠠ ᠪᠠᠷ ᠳᠠᠪᠬᠢᠭᠤᠯᠳᠠᠭ ᠮᠣᠷᠢᠨ ᠤᠷᠤᠯᠳᠤᠭᠠᠨ 
ᠡᠷᠴᠢ ᠬᠦᠴᠦ ᠰᠢᠯᠭᠠᠷᠠᠭᠤᠯᠬᠤ ᠪᠠᠷ ᠪᠠᠷᠢᠯᠳᠤᠬᠤ 
ᠡᠷᠡᠬᠡᠢ ᠮᠡᠷᠭᠡᠨ ᠢ᠋ᠶ᠋ᠡᠨ ᠦᠵᠡᠬᠦ ᠨᠤᠮᠤ ᠰᠤᠮᠤ ᠬᠠᠷᠪᠤᠬᠤ 
ᠡᠷᠡᠯᠬᠡᠭ ᠵᠣᠷᠢᠭ ᠢ᠋ᠶ᠋ᠠᠨ ᠭᠠᠢᠬᠠᠭᠤᠯᠬᠤ ᠪᠠᠷ 
ᠡᠮᠨᠢᠭ ᠲᠣᠭᠰᠢᠨ ᠤᠨᠤᠵᠤ ᠪᠤᠯᠭᠢᠭᠤᠯᠬᠤ
ᠬᠣᠨᠢᠨ ᠤ᠋ ᠪᠡᠯᠴᠢᠭᠡᠷ ᠲᠦ ᠲᠣᠭᠯᠠᠬᠤ ᠠ᠋ᠴᠠ
ᠪᠤᠭᠤ ᠶ᠋ᠢᠨ ᠵᠢᠷᠭᠢᠭᠡᠨ ᠮᠥᠷᠥᠢᠴᠡᠭᠡᠨ ᠲᠡᠢ
ᠬᠣᠯᠠ ᠶ᠋ᠢᠨ ᠭᠠᠵᠠᠷ ᠲᠤ ᠰᠢᠨᠳᠠᠰᠤ ᠲᠠᠢ
ᠬᠤᠷᠳᠤᠨ ᠲᠡᠮᠡᠭᠡᠨ ᠦ᠌ ᠤᠷᠤᠯᠳᠤᠭᠠᠨ
ᠦᠳᠡᠯᠦᠭᠡ ᠨᠠᠰᠤᠲᠠᠨ ᠢ᠋ᠶ᠋ᠠᠨ ᠪᠠᠶᠠᠰᠬᠠᠬᠤ
ᠥᠨᠳᠥᠷ ᠨᠠᠰᠤᠨ ᠨᠠᠢᠷ ᠲᠠᠢ
ᠥᠰᠪᠥᠷᠢ ᠶ᠋ᠢᠨ ᠬᠡᠦᠬᠡᠳ ᠢ᠋ᠶ᠋ᠡᠨ ᠬᠠᠢᠷᠠᠯᠠᠭᠰᠠᠨ
ᠥᠷᠪᠥᠭᠡ ᠬᠥᠨᠳᠡᠬᠦ ᠨᠠᠢᠷ ᠲᠠᠢ
ᠠᠢᠯ ᠰᠠᠭᠠᠬᠠᠯᠲᠠ ᠪᠠᠷ ᠢ᠋ᠶ᠋ᠠᠨ ᠣᠷᠣᠯᠴᠠᠳᠠᠭ
ᠠᠳᠤᠭᠤᠨ ᠰᠣᠶᠣᠯ ᠤ᠋ᠨ ᠨᠠᠭᠠᠳᠤᠮ ᠲᠠᠢ
ᠠᠷᠭ᠎ᠠ ᠳᠠᠮ᠂ ᠴᠢᠳᠠᠯ ᠢ᠋ᠶ᠋ᠠᠨ ᠦᠵᠡᠯᠴᠡᠬᠦ
ᠠᠵᠢᠷᠭ᠎ᠠ ᠤᠷᠭᠠᠯᠠᠬᠤ ᠤᠳᠤᠮᠰᠢᠯ ᠲᠠᠢ
ᠣᠶᠤᠨ ᠤᠬᠠᠭᠠᠨ ᠢ᠋ᠶ᠋ᠠᠨ ᠬᠥᠭᠵᠢᠭᠡᠬᠦ ᠡᠴᠡ
ᠣᠨᠢᠰᠣᠭ᠎ᠠ ᠳᠠᠭᠠᠪᠤᠷᠢ ᠲᠣᠭᠯᠠᠭᠠᠮ ᠲᠠᠢ
ᠤᠷ᠎ᠠ ᠳᠠᠮ ᠢ᠋ᠶ᠋ᠠᠨ ᠰᠢᠯᠭᠠᠷᠠᠭᠤᠯᠬᠤ ᠠ᠋ᠴᠠ
ᠶᠠᠰᠤ ᠬᠤᠭᠤᠯᠬᠤ ᠮᠡᠷᠭᠡᠵᠢᠯ ᠲᠡᠢ
ᠨᠡᠭᠦᠳᠡᠯᠴᠢᠨ ᠮᠠᠨ ᠤ᠋ ᠥᠪ ᠰᠣᠶᠣᠯ
ᠤᠯᠠᠮᠵᠢᠯᠠᠯᠲᠤ ᠨᠠᠭᠠᠳᠤᠮ ᠲᠠᠢ ᠪᠣᠯᠬᠣᠷ
ᠦᠶ᠎ᠡ ᠤᠯᠠᠷᠢᠨ ᠵᠠᠯᠭᠠᠮᠵᠢᠯᠠᠨ ᠶᠠᠪᠤᠬᠤ ᠨᠢ
ᠥᠨᠢᠳᠡ ᠪᠢᠳᠡᠨ ᠦ᠌ ᠳᠠᠷᠬᠠᠨ ᠬᠠᠷᠢᠭᠤᠴᠠᠯᠭ᠎ᠠ ᠶᠤᠮ᠃

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠭᠠᠷᠮ᠎ᠠ᠂ ᠪᠠᠶᠠᠷᠴᠡᠴᠡᠭ᠂ ᠣᠶᠤᠨᠴᠡᠴᠡᠭ