ᠮᠣᠩᠭᠣᠯ ᠰᠣᠶᠣᠯ ᠳ᠋ᠠᠭᠠᠨ ᠬᠠᠢᠷᠠᠲᠠᠢ-ᠮᠥᠷᠡᠨМонгол соёлдоо хайртай-Мөрөн
ᠮᠣᠩᠭᠣᠯ ᠰᠣᠶᠣᠯ ᠳ᠋ᠠᠭᠠᠨ ᠬᠠᠢᠷᠠᠲᠠᠢ-ᠮᠥᠷᠡᠨ
ᠲᠣᠭᠲᠠᠬᠤ
ᠪᠣᠰᠤᠭ᠎ᠠ ᠮᠣᠩᠭᠣᠯ ᠰᠣᠶᠣᠯ ᠢ᠋ᠶ᠋ᠠᠨ ᠭᠡᠳ
ᠪᠣᠳᠣᠯᠭᠠᠨ ᠳ᠋ᠠᠭᠠᠨ ᠪᠠᠭᠲᠠᠭᠠᠭᠰᠠᠨ ᠣᠷᠳᠣᠰ ᠺᠣᠮᠫᠠᠨᠢ
ᠪᠣᠳᠠᠲᠠᠢ ᠬᠦᠴᠢᠷᠳᠡᠭᠰᠡᠨ ᠲᠤᠬᠠᠢ ᠶ᠋ᠢᠨ ᠴᠠᠭ ᠲᠤ
ᠪᠣᠯᠭᠣᠭᠠᠵᠤ ᠳᠡᠮᠵᠢᠭᠰᠡᠨ ᠣᠷᠳᠣᠰ ᠺᠣᠮᠫᠠᠨᠢ
ᠠᠭᠤᠤ ᠮᠣᠩᠭᠣᠯ ᠰᠣᠶᠣᠯ ᠢ᠋ᠶ᠋ᠠᠨ
ᠠᠩᠬᠠᠷᠤᠯ ᠳ᠋ᠠᠭᠠᠨ ᠠᠪᠤᠭᠰᠠᠨ ᠣᠷᠳᠣᠰ ᠺᠣᠮᠫᠠᠨᠢ
ᠠᠷᠠᠳ ᠤ᠋ᠨ ᠵᠣᠭᠣᠰ ᠢ᠋ᠶ᠋ᠠᠨ ᠬᠠᠢᠷᠠᠯᠠᠭᠰᠠᠨ ᠦᠭᠡᠢ
ᠠᠪᠴᠢᠷᠠᠵᠤ ᠦᠭᠭᠦᠭᠰᠡᠨ ᠣᠷᠳᠣᠰ ᠺᠣᠮᠫᠠᠨᠢ
ᠢᠪᠴᠤᠭᠤᠷᠠᠵᠤ ᠪᠠᠢᠭ᠎ᠠ ᠦᠰᠦᠭ ᠪᠢᠴᠢᠭ ᠢ᠋ᠶ᠋ᠡᠨ
ᠠᠩᠬᠠᠷᠴᠤ ᠪᠠᠢᠭ᠎ᠠ ᠳ᠋ᠤ᠌ ᠴᠢᠨᠢ ᠲᠠᠯᠠᠷᠬᠠᠵᠤ ᠪᠠᠢᠨ᠎ᠠ
ᠮᠣᠩᠭᠣᠯ ᠰᠣᠶᠣᠯ ᠤ᠋ᠨ ᠪᠠᠬᠠᠳᠠᠳ ᠢ᠋ᠶ᠋ᠠᠨ
ᠵᠣᠷᠢᠭᠵᠢᠭᠤᠯᠵᠤ ᠪᠠᠢᠭ᠎ᠠ ᠳ᠋ᠤ᠌ ᠴᠢᠨᠢ ᠪᠠᠶᠠᠷᠯᠠᠵᠤ ᠪᠠᠢᠨ᠎ᠠ
ᠬᠦᠴᠦᠯᠡᠨ ᠣᠯᠤᠭᠰᠠᠨ ᠬᠥᠯᠥᠰᠥ ᠮᠥᠩᠭᠥ ᠪᠡᠨ
ᠬᠠᠷᠠᠮ ᠦᠭᠡᠢ ᠬᠠᠨᠳᠢᠪᠯᠠᠭᠰᠠᠨ ᠣᠷᠳᠣᠰ ᠺᠣᠮᠫᠠᠨᠢ
ᠬᠥᠬᠡ ᠮᠣᠩᠭᠣᠯ ᠤ᠋ᠨ ᠢᠷᠡᠭᠡᠳᠦᠢ ᠳ᠋ᠡᠭᠡᠨ
ᠬᠦᠴᠦ ᠪᠡᠨ ᠡᠷᠭᠦᠭᠡᠳ ᠴᠢᠷᠮᠠᠢᠵᠤ ᠪᠠᠢᠨ᠎ᠠ
ᠠᠷᠪᠠᠨ ᠵᠢᠷᠭᠤᠳᠤᠭᠠᠷ ᠬᠣᠯᠪᠣᠭᠠᠨ ᠤ᠋
ᠠᠬ᠎ᠠ ᠳᠡᠭᠦᠦ ᠡᠭᠡᠴᠢ ᠳᠡᠭᠦᠦ ᠣᠯᠠᠨ ᠢ᠋ᠶ᠋ᠠᠷ ᠢ᠋ᠶ᠋ᠠᠨ
ᠢᠪᠡᠭᠡᠨ ᠳᠡᠮᠵᠢᠭᠰᠡᠨ ᠨᠣᠣᠷᠽ ᠯᠡᠨᠳᠧᠢ ᠺᠣᠮᠫᠠᠨᠢ ᠳ᠋ᠠᠭᠠᠨ
ᠦᠨᠡᠨ ᠰᠡᠳᠬᠢᠯ ᠡᠴᠡ ᠪᠡᠨ ᠲᠠᠯᠠᠷᠬᠠᠵᠤ ᠪᠠᠢᠨ᠎ᠠ
ᠡᠵᠡᠨ ᠴᠢᠩᠭᠢᠰ ᠦ᠋ᠨ ᠦᠶ᠎ᠡ ᠡᠴᠡ
ᠡᠭᠦᠰᠦᠯ ᠬᠥᠭᠵᠢᠯᠲᠡ ᠲᠡᠢ ᠦᠰᠦᠭ ᠶᠦᠮ
ᠣᠨ ᠵᠢᠯ ᠦ᠋ᠨ ᠨᠤᠭᠤᠴᠠᠭᠠᠨ ᠳ᠋ᠤ᠌
ᠢᠪᠴᠤᠭᠤᠷᠠᠵᠤ ᠪᠠᠢᠭ᠎ᠠ ᠰᠣᠶᠣᠯ ᠶᠤᠮ
ᠮᠣᠩᠭᠣᠯ ᠪᠢᠴᠢᠯᠭᠡ ᠳ᠋ᠡᠭᠡᠨ ᠳᠤᠷ᠎ᠠ ᠪᠠᠬᠠᠲᠠᠢ
ᠮᠠᠨ ᠤ᠋ ᠬᠣᠯᠪᠣᠭ᠎ᠠ ᠮᠠᠭᠲᠠᠭᠤᠰᠢᠲᠠᠢ
ᠮᠣᠩᠭᠣᠯ ᠰᠣᠶᠣᠯ ᠢ᠋ᠶ᠋ᠠᠨ ᠳᠡᠮᠵᠢᠭᠰᠡᠨ
ᠨᠣᠣᠷᠽ ᠯᠠᠨᠳᠧᠢ ᠺᠣᠮᠫᠠᠨᠢ ᠰᠠᠢᠰᠢᠶᠠᠯᠲᠠᠢ
ᠦᠢᠯᠡᠳᠪᠦᠷᠢᠯᠡᠯ ᠬᠤᠳᠠᠯᠳᠤᠭ᠎ᠠ ᠶ᠋ᠢᠨ ᠣᠷᠣᠯᠭ᠎ᠠ ᠨᠢ
ᠡᠳᠦᠷ ᠡᠴᠡ ᠡᠳᠦᠷ ᠨᠡᠮᠡᠭᠳᠡᠭᠡᠷᠡᠢ
ᠢᠷᠡᠬᠦ ᠮᠠᠷᠭᠠᠰᠢ ᠶ᠋ᠢᠨ ᠢᠷᠡᠭᠡᠳᠦᠢ ᠴᠢᠨᠢ
ᠢᠷᠦᠭᠡᠯ ᠵᠥᠩᠨᠡᠯ ᠢ᠋ᠶ᠋ᠡᠷ ᠮᠠᠨᠳᠤᠭᠠᠷᠠᠢ
ᠠᠷᠠᠳ ᠢ᠋ᠶ᠋ᠠᠨ ᠬᠠᠪᠰᠤᠷᠳᠠᠭ ᠣᠷᠳᠣᠰ ᠺᠣᠮᠫᠠᠨᠢ ᠳ᠋ᠠᠭᠠᠨ
ᠠᠵᠠ ᠬᠡᠢᠮᠣᠷᠢ ᠶ᠋ᠢ ᠨᠢ ᠢᠷᠥᠭᠡᠵᠦ ᠪᠠᠢᠨ᠎ᠠ
ᠠᠮᠵᠢᠯᠲᠠ ᠶ᠋ᠢᠨ ᠠᠯᠲᠠᠨ ᠳᠥᠷᠦᠭᠡᠨ ᠳ᠋ᠦ᠍ᠨᠢ
ᠠᠢᠷᠠᠭ ᠴᠡᠭᠡ ᠲᠣᠰᠣᠭᠠᠵᠤ ᠪᠠᠢᠨ᠎ᠠ
ᠣᠮ ᠰᠠᠢᠨ ᠠᠮᠤᠭᠤᠯᠠᠩ ᠪᠣᠯᠲᠤᠭᠠᠢ
ᠤᠴᠢᠷᠲᠠᠢ ᠰᠠᠢᠬᠠᠨ ᠵᠢᠷᠭᠠᠯᠠᠩ ᠪᠣᠯᠲᠤᠭᠠᠢ
ᠤᠷᠭᠤᠭ᠎ᠠ ᠮᠣᠩᠭᠣᠯ ᠰᠣᠶᠣᠯ ᠮᠢᠨᠢ
ᠣᠷᠴᠢᠯᠠᠩ ᠤ᠋ᠨ ᠵᠠᠢ ᠳ᠋ᠤ᠌ ᠮᠥᠩᠬᠡᠷᠡᠲᠦᠭᠡᠢ!
ᠲᠣᠭᠲᠠᠬᠤ
ᠠᠷᠤ ᠬᠥᠨᠳᠡᠯᠡᠨ ᠪᠠᠯᠭᠠᠰᠤ ᠶ᠋ᠢᠨ ᠪᠠᠷᠠᠭᠤᠨ ᠪᠠᠶᠠᠨᠴᠠᠭᠠᠨ ᠭᠠᠴᠠᠭ᠎ᠠ
