ᠰᠠᠢᠬᠠᠨ ᠮᠣᠩᠭᠣᠯ ᠦᠰᠦᠭ ᠮᠢᠨᠢ- ᠮᠠᠨᠳᠤᠬᠤСайхан монгол үсэг минь-мандах
ᠰᠠᠢᠬᠠᠨ ᠮᠣᠩᠭᠣᠯ ᠦᠰᠦᠭ ᠮᠢᠨᠢ
- ᠮᠠᠨᠳᠤᠬᠤ
ᠠᠭᠠᠷᠤ ᠽᠠᠨᠳᠠᠨ ᠮᠣᠳᠣ ᠰᠢᠭ᠋
ᠠᠰᠬ᠎ᠠ ᠲᠡᠭᠰᠢ ᠨᠢᠷᠤᠭᠤ ᠲᠠᠢ
ᠠᠷ ᠲᠠᠢ ᠲᠣᠷᠭᠠᠨ ᠲᠤᠤᠰᠠ ᠰᠢᠭ᠋
ᠠᠴᠤᠭ᠂ ᠰᠢᠯᠪᠢ᠂ ᠰᠢᠳᠦ ᠲᠡᠢ
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠪᠠᠢᠨ᠎ᠠ᠃
ᠣᠶᠤᠨ ᠪᠢᠯᠢᠭᠲᠦ ᠳᠡᠭᠡᠳᠦ ᠶ᠋ᠢᠨ ᠮᠢᠨᠢ
ᠤᠬᠠᠭᠠᠨ ᠮᠡᠳᠡᠯᠭᠡ ᠶ᠋ᠢᠨ ᠲᠠᠯᠠᠰᠲᠤ ᠪᠠᠢᠨ᠎ᠠ᠃
ᠲᠡᠷᠭᠡᠯ ᠮᠥᠩᠭᠥᠨ ᠰᠠᠷ᠎ᠠ ᠰᠢᠭ᠋
ᠲᠡᠭᠰᠢ ᠳᠤᠭᠤᠷᠠᠭ ᠭᠡᠳᠡᠰᠦ ᠲᠡᠢ
ᠲᠡᠨᠢᠭᠡᠷ ᠬᠠᠰ ᠰᠡᠢᠯᠦᠮᠡᠯ ᠰᠢᠭ
ᠳᠡᠪᠬᠡ᠂ ᠭᠣᠬ᠎ᠠ᠂ ᠬᠢᠮᠤᠰᠤ ᠲᠠᠢ
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠪᠠᠢᠨ᠎ᠠ᠃
ᠤᠷᠮ᠎ᠠ ᠵᠣᠷᠢᠭᠲᠤ ᠦᠷᠡᠰ ᠲᠤ ᠪᠡᠨ
ᠤᠯᠠᠮᠵᠢᠯᠠᠵᠤ ᠥᠭᠭᠦᠭᠰᠡᠨ ᠡᠷᠳᠡᠨᠢᠰ ᠪᠠᠢᠨ᠎ᠠ᠃
ᠡᠷᠬᠡᠰ ᠲᠩᠷᠢ ᠶ᠋ᠢᠨ ᠣᠳᠣ ᠰᠢᠭ᠋
ᠡᠨᠳᠡ ᠲᠡᠨᠳᠡ ᠪᠡᠨ ᠳᠤᠰᠤᠯ ᠲᠠᠢ
ᠡᠷᠢᠶᠡᠨ ᠯᠤᠤ ᠶ᠋ᠢᠨ ᠰᠠᠬᠠᠯ ᠰᠢᠭ᠋
ᠡᠪᠡᠷ᠂ ᠭᠡᠵᠢᠭᠡ᠂ ᠰᠡᠭᠦᠯ ᠲᠡᠢ
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠪᠠᠢᠨ᠎ᠠ᠃
ᠤᠷ᠎ᠠ ᠴᠢᠳᠠᠯ ᠢ᠋ ᠬᠥᠭᠵᠢᠭᠡᠬᠦ
ᠤᠳᠬ᠎ᠠ ᠲᠡᠭᠦᠰ ᠡᠷᠳᠡᠮ ᠪᠠᠢᠨ᠎ᠠ᠃
ᠠᠷᠴᠠ ᠬᠥᠭᠵᠢᠭᠡᠭᠰᠡᠨ ᠭᠥᠯᠢᠰ ᠰᠢᠭ
ᠠᠩᠭᠠᠬᠠᠢ ᠪᠢᠲᠡᠭᠦᠦ ᠰᠠᠨᠵᠢ ᠲᠠᠢ
ᠠᠪᠤᠷᠭᠤ ᠪᠥᠬᠡ ᠶ᠋ᠢᠨ ᠮᠠᠭᠰᠢᠯᠲᠠ ᠰᠢᠭ᠋
ᠠᠴᠠᠯᠭᠠ᠂ ᠳᠡᠪᠢᠯᠭᠡ᠂ ᠳᠡᠭᠡᠭᠡ ᠲᠡᠢ
ᠤᠳᠤᠮᠰᠢᠯᠲᠤ ᠮᠣᠩᠭᠣᠯ ᠦᠰᠦᠭ ᠮᠢᠨᠢ
ᠤᠷᠠᠨ ᠵᠢᠷᠤᠭ ᠰᠢᠭ᠋ ᠰᠠᠢᠬᠠᠨ ᠪᠠᠢᠨ᠎ᠠ
ᠤᠯᠠᠮ ᠴᠢᠨᠠᠭᠰᠢᠳᠠ ᠬᠥᠭᠵᠢᠭᠦᠯᠬᠦ ᠨᠢ
ᠤᠭ ᠠ᠋ᠴᠠ ᠮᠠᠨ ᠤ᠋ ᠡᠭᠦᠷᠭᠡ ᠯᠡ ᠪᠠᠢᠨ᠎ᠠ᠃
