ᠢᠷᠭᠤᠢ ᠴᠢ ᠮᠢᠨᠢ ᠶᠠᠭᠤᠨ ᠳᠤ ᠪᠠᠨ ᠶᠠᠭᠠᠷᠠᠪᠠ -ᠯ ∙ ᠰᠦᠬᠡᠪᠠᠭᠠᠲᠤᠷЯргуй чи минь юундаа яарав-Л.Сүхбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠭᠤᠢ ᠴᠢ ᠮᠢᠨᠢ ᠶᠠᠭᠤᠨ ᠳᠤ ᠪᠠᠨ ᠶᠠᠭᠠᠷᠠᠪᠠ -ᠯ ∙ ᠰᠦᠬᠡᠪᠠᠭᠠᠲᠤᠷЯргуй чи минь юундаа яарав-Л.Сүхбаатар

ᠢᠷᠭᠤᠢ ᠴᠢ ᠮᠢᠨᠢ ᠶᠠᠭᠤᠨ ᠳᠤ ᠪᠠᠨ ᠶᠠᠭᠠᠷᠠᠪᠠ -ᠯ ∙ ᠰᠦᠬᠡᠪᠠᠭᠠᠲᠤᠷЯргуй чи минь юундаа яарав-Л.Сүхбаатар

ᠠᠩᠭᠢᠯᠠᠯ:ᠳᠠᠭᠤᠤ ᠬᠥᠭᠵᠢᠮ
2024-02-04

553

ᠢᠷᠭᠤᠢ ᠴᠢ ᠮᠢᠨᠢ ᠶᠠᠭᠤᠨ ᠳᠤ ᠪᠠᠨ ᠶᠠᠭᠠᠷᠠᠪᠠ

ᠮᠥᠷᠡᠨ ᠭᠣᠣᠯ ᠤ᠋ᠨ ᠰᠥᠩ ᠢ᠋ ᠳᠦᠷᠦᠭᠦᠯᠦᠭᠡᠳ 
ᠬᠣᠯᠠ ᠶ᠋ᠢᠨ ᠰᠢᠪᠠᠭᠤᠳ ᠢ᠋ ᠲᠤᠰᠬᠤ ᠭᠡᠳ 
ᠮᠠᠯᠴᠢᠨ ᠬᠥᠮᠦᠨ ᠦ᠌ ᠰᠡᠳᠬᠢᠯ ᠪᠠᠶᠠᠰᠤᠭᠠᠳ 
ᠲᠥᠯ ᠦ᠋ᠨ ᠳᠠᠭᠤᠨ ᠢ᠋ ᠰᠣᠨᠣᠰᠬᠤ ᠭᠡᠳ 
ᠢᠷᠭᠤᠢ ᠴᠢ ᠮᠢᠨᠢ ᠶᠠᠭᠠᠷᠠᠭᠠᠳ ᠢᠷᠡᠭᠡ ᠶᠤ᠌ 
ᠢᠷᠠᠭᠤᠬᠠᠨ ᠬᠠᠪᠤᠷ ᠲᠠᠭᠠᠨ ᠵᠣᠯᠭᠠᠭᠠᠳ ᠢᠷᠡᠭᠡ ᠶᠣ᠌ 

ᠰᠢᠵᠢᠭᠡᠷᠬᠡᠨ ᠲᠠᠷᠢᠶ᠎ᠠ ᠶ᠋ᠢ ᠦᠷᠡᠯᠡᠨ ᠰᠠᠭᠤᠯᠭᠠᠭᠰᠠᠨ 
ᠰᠢᠯᠢᠳᠡᠭ ᠲᠠᠷᠢᠶᠠᠴᠢᠳ ᠢ᠋ ᠤᠭᠲᠤᠬᠤ ᠭᠡᠳ 
ᠰᠢᠨᠡᠬᠡᠨ ᠬᠣᠲᠠ ᠤᠷᠠᠯᠠᠨ ᠪᠣᠰᠬᠠᠭᠠᠳ 
ᠰᠢᠵᠢᠭᠢᠷ ᠪᠠᠷᠢᠭᠴᠢᠳ ᠢ᠋ ᠮᠠᠭᠲᠠᠬᠤ ᠭᠡᠳ 
ᠢᠷᠭᠤᠢ ᠴᠢ ᠮᠢᠨᠢ ᠶᠠᠭᠠᠷᠠᠭᠠᠳ ᠢᠷᠡᠭᠡ ᠶᠣ᠌ 
ᠢᠷᠠᠭᠤᠬᠠᠨ ᠬᠠᠪᠤᠷ ᠲᠠᠭᠠᠨ ᠵᠣᠯᠭᠠᠭᠠᠳ ᠢᠷᠡᠭᠡ ᠶᠣ᠌

ᠴᠡᠯᠮᠡᠭᠬᠡᠨ ᠦᠳᠡᠰᠢ ᠵᠤᠰᠠᠯᠠᠩ ᠳ᠋ᠤ᠌ ᠵᠤᠭᠠᠯᠠᠭᠰᠠᠨ
ᠴᠡᠩᠭᠡᠯᠲᠡᠢ ᠵᠠᠯᠠᠭᠤᠰ ᠢ᠋ ᠦᠵᠡᠬᠦ ᠭᠡᠳ
ᠴᠡᠯᠡᠭᠡᠷᠬᠡᠨ ᠬᠥᠨᠳᠡᠢ ᠳ᠋ᠦ᠍ ᠰᠦᠷᠦᠭ ᠦ᠋ᠨ ᠳᠡᠷᠭᠡᠳᠡ
ᠴᠡᠭᠡᠯᠬᠡᠨ ᠠᠶᠠᠯᠭᠤ ᠰᠣᠨᠣᠰᠬᠤ ᠭᠡᠳ
ᠢᠷᠭᠤᠢ ᠴᠢ ᠮᠢᠨᠢ ᠶᠠᠭᠠᠷᠠᠭᠠᠳ ᠢᠷᠡᠭᠡ ᠶᠤ᠌
ᠢᠷᠠᠭᠤᠬᠠᠨ ᠬᠠᠪᠤᠷ ᠲᠠᠭᠠᠨ ᠵᠣᠯᠭᠠᠭᠠᠳ ᠢᠷᠡᠭᠡ ᠶᠣ᠌

ᠠᠵᠢᠯ ᠳ᠋ᠤ᠌ ᠰᠢᠮᠳᠠᠭᠰᠠᠨ ᠬᠥᠳᠡᠯᠮᠦᠷᠢᠴᠢ ᠲᠦᠮᠡᠨ ᠦ᠌
ᠦᠢᠯᠡᠰ ᠠᠯᠳᠠᠷ ᠢ᠋ ᠨᠢ ᠮᠠᠭᠲᠠᠬᠤ ᠭᠡᠳ
ᠠᠮᠵᠢᠯᠲᠠ ᠲᠣᠳᠣᠷᠠᠭᠰᠠᠨ ᠮᠠᠨ ᠤ᠋ ᠨᠤᠲᠤᠭ ᠤ᠋ᠨ
ᠦᠵᠡᠮᠵᠢ ᠲᠠᠩᠰᠤᠭ ᠢ᠋ ᠨᠢ ᠨᠡᠮᠡᠬᠦ ᠭᠡᠳ
ᠢᠷᠭᠤᠢ ᠴᠢ ᠮᠢᠨᠢ ᠶᠠᠭᠠᠷᠠᠭᠠᠳ ᠢᠷᠡᠭᠡ ᠶᠣ᠌
ᠢᠷᠠᠭᠤᠬᠠᠨ ᠬᠠᠪᠤᠷ ᠲᠠᠭᠠᠨ ᠵᠣᠯᠭᠠᠭᠠᠳ ᠢᠷᠡᠭᠡ ᠶᠣ᠌
ᠢᠷᠭᠤᠢ ᠴᠢ ᠮᠢᠨᠢ ᠶᠠᠭᠠᠷᠠᠭᠠᠳ ᠢᠷᠡᠭᠡ ᠶᠤ᠌
ᠢᠷᠠᠭᠤᠬᠠᠨ ᠬᠠᠪᠤᠷ ᠲᠠᠭᠠᠨ ᠵᠣᠯᠭᠠᠭᠠᠳ ᠢᠷᠡᠭᠡ ᠶᠤ᠌

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
   ᠬᠢᠨᠠᠭᠴᠢ᠄ ᠪᠠᠳᠠᠷᠠᠯᠲᠤ