ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠳᠦᠭᠡᠷ ᠪᠦᠯᠦᠭ > Хөх судрын залгамж - Инжинаш < Ердүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠳᠦᠭᠡᠷ ᠪᠦᠯᠦᠭ > Хөх судрын залгамж - Инжинаш < Ердүгээр бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠶᠡᠷᠡᠳᠦᠭᠡᠷ ᠪᠦᠯᠦᠭ > Хөх судрын залгамж - Инжинаш < Ердүгээр бүлэг >

ᠠᠩᠭᠢᠯᠠᠯ:ᠲᠡᠦᠬᠡ ᠰᠣᠶᠣᠯ
2024-02-04

377

ᠪᠠᠭᠰᠢ ᠰᠠᠢᠳ ᠵᠢᠶᠠ ᠽᠢ ᠳ᠋ᠣᠣ ᠶᠡᠬᠡᠯ᠎ᠡ ᠳᠡᠢᠯᠦᠭᠳᠡᠭᠡᠳ ᠡᠷᠬᠡ ᠪᠡᠨ ᠠᠯᠳᠠᠵᠤ ᠥᠴᠦᠬᠡᠨ ᠬᠥᠮᠦᠨ ᠳ᠋ᠦ᠍ᠷ ᠬᠣᠣᠷᠯᠠᠭᠳᠠᠪᠠᠢ

ᠪᠠᠶᠠᠨ ᠶᠤᠸᠠᠨᠱᠤᠸᠠᠢ ᠡᠵᠡᠨ ᠬᠠᠭᠠᠨ ᠤ᠋ ᠵᠠᠷᠯᠢᠭ ᠢ᠋ᠶ᠋ᠠᠷ ᠰᠥᠩ ᠤᠯᠤᠰ ᠢ᠋ ᠪᠠᠢᠯᠳᠤᠬᠤ ᠪᠠᠨ ᠭᠤᠷᠪᠠᠨᠲᠠ ᠬᠣᠢᠰᠢᠯᠠᠪᠠᠢ


                ᠶᠡᠷᠡᠳᠦᠭᠡᠷ ᠪᠦᠯᠦᠭ 
                           ᡁᠢ ᠶᠤᠸᠠᠨ ᠤ᠋ ᠠᠷᠪᠠᠨ ᠬᠣᠶᠠᠳᠤᠭᠠᠷ ᠣᠨ ᠂ ᠬᠥᠬᠡᠭᠴᠢᠨ ᠭᠠᠬᠠᠢ ᠵᠢᠯ ᠃ 
                           ᠬᠤᠪᠢᠯᠠᠢ ᠰᠡᠴᠡᠨ ᠬᠠᠭᠠᠨ ᠵᠢᠷᠠᠨ ᠰᠡᠭᠦᠳᠡᠷ ᠲᠡᠢ ᠃ 
                           ᠰᠥᠩ ᠤᠯᠤᠰ ᠤ᠋ᠨ ᠡᠵᠡᠨ ᠰᠢᠶᠠᠨ ᠤ᠋ ᠳᠧ ᠢᠦ ᠶ᠋ᠢᠨ ᠠᠩᠬᠠᠳᠤᠭᠠᠷ ᠣᠨ 

              ᠪᠠᠭᠰᠢ ᠰᠠᠢᠳ ᠵᠢᠶᠠ ᠽᠢ ᠳ᠋ᠣᠣ ᠶᠡᠬᠡᠯ᠎ᠡ ᠳᠡᠢᠯᠦᠭᠳᠡᠭᠡᠳ 
                  ᠡᠷᠬᠡ ᠪᠡᠨ ᠠᠯᠳᠠᠵᠤ ᠥᠴᠦᠬᠡᠨ ᠬᠥᠮᠦᠨ ᠳ᠋ᠦ᠍ᠷ ᠬᠣᠣᠷᠯᠠᠭᠳᠠᠪᠠᠢ 
              ᠪᠠᠶᠠᠨ ᠶᠤᠸᠠᠨᠱᠤᠸᠠᠢ ᠡᠵᠡᠨ ᠬᠠᠭᠠᠨ ᠤ᠋ ᠵᠠᠷᠯᠢᠭ ᠢ᠋ᠶ᠋ᠠᠷ 
                 ᠰᠥᠩ ᠤᠯᠤᠰ ᠢ᠋ ᠪᠠᠢᠯᠳᠤᠬᠤ ᠪᠠᠨ ᠭᠤᠷᠪᠠᠨᠲᠠ ᠬᠣᠢᠰᠢᠯᠠᠪᠠᠢ 

       ᠥᠭᠦᠯᠡᠬᠦ ᠢᠨᠦ ᠶᠡᠬᠡ ᠶᠤᠸᠠᠨ ᠤᠯᠤᠰ ᠤ᠋ᠨ ᠴᠡᠷᠢᠭ ᠬᠢᠭᠡᠳ ᠰᠥᠩ ᠤᠯᠤᠰ ᠤ᠋ᠨ ᠴᠡᠷᠢᠭ ᠨᠢᠭᠡᠨᠲᠡ ᠡᠰᠡᠷᠭᠦᠴᠡᠯᠳᠦᠨ ᠬᠦᠷᠢᠶ᠎ᠡ ᠪᠠᠭᠤᠭᠠᠳ ᠦᠨᠡᠬᠡᠷ ᠰᠡᠯᠡᠮ᠎ᠡ ᠰᠤᠭᠤᠯᠵᠤ ᠵᠡᠪᠡ ᠣᠨᠢᠯᠠᠬᠤ ᠪᠣᠯᠤᠭᠰᠠᠨ ᠳ᠋ᠤᠷ ᠵᠢᠶᠠ ᠽᠢ ᠳ᠋ᠣᠣ ᠪᠠᠰᠠ ᠯᠢᠦ ᠵᠧᠩ ᠦᠬᠦᠭᠡᠳ ᠪᠠᠢᠳᠠᠯ ᠮᠡᠳᠡᠬᠦ ᠬᠥᠮᠦᠨ ᠦᠭᠡᠢ ᠪᠣᠯᠤᠭᠰᠠᠨ ᠲᠤᠯᠠ ᠭᠠᠢᠭᠤᠢ ᠭᠡᠮᠡᠨ ᠰᠦᠷ ᠲᠠᠯᠪᠢᠵᠤ ᠣᠯᠠᠨ ᠢ᠋ᠶ᠋ᠠᠨ ᠵᠣᠷᠢᠭᠵᠢᠭᠤᠯᠵᠤ ᠪᠠᠢᠬᠤ ᠪᠣᠯᠪᠠᠴᠤ ᠥᠪᠡᠷᠰᠦᠪᠡᠨ ᠴᠦ᠍ ᠢᠲᠡᠭᠡᠬᠦ ᠦᠭᠡᠢ᠃ ᠲᠡᠷᠢᠭᠦᠨ ᠳ᠋ᠦ᠍ ᠂ ᠮᠣᠩᠭᠣᠯ ᠳ᠋ᠤᠷ ᠰᠢᠨᠡᠬᠡᠨ ᠳᠠᠭᠠᠭᠰᠠᠨ ᠰᠥᠩ ᠤᠯᠤᠰ ᠤ᠋ᠨ ᠴᠡᠷᠢᠭ ᠦ᠋ᠨ ᠶᠠᠪᠤᠳᠠᠯ ᠤ᠋ᠨ ᠡᠷᠬᠢᠮ ᠰᠠᠢᠳ ᠠ᠋ᠴᠠ ᡁᠢ ᡁᠢ ᠱᠢ ᠳᠦ ᠳᠦ ᠲᠦᠩ ᡁᠢ ᠂ ᠲᠦᠩ ᠹᠠᠨ ᠵᠡᠷᠭᠡ ᠪᠢᠴᠢᠭ ᠴᠡᠷᠢᠭ ᠦ᠋ᠨ ᠨᠣᠶᠠᠳ ᠲᠦᠰᠢᠮᠡᠳ ᠡᠳᠦᠢ ᠲᠡᠳᠦᠢ ᠪᠣᠢ ᠲᠤᠯᠠ ᠪᠠᠢᠳᠠᠯ ᠮᠡᠳᠡᠬᠦ ᠬᠥᠮᠦᠨ ᠦᠭᠡᠢ ᠪᠣᠯᠪᠠ ᠬᠡᠮᠡᠬᠦ ᠢᠨᠦ ᠴᠢᠬᠢ ᠪᠡᠨ ᠪᠥᠭᠯᠡᠵᠦ ᠬᠤᠩᠬ᠎ᠠ ᠬᠤᠯᠠᠭᠠᠢᠯᠠᠬᠤ ᠶᠠᠪᠤᠳᠠᠯ ᠪᠣᠯᠠᠢ᠃ ᠵᠢᠴᠢ ᠳ᠋ᠦ᠍ᠷ ᠯᠢᠦ ᠵᠧᠩ ᠮᠡᠲᠦ ᠬᠥᠮᠦᠰ ᠦ᠋ᠨ ᠲᠤᠰᠠᠯᠠᠮᠵᠢ ᠦᠭᠡᠢ ᠪᠡᠷ ᠮᠣᠩᠭᠣᠯᠴᠤᠳ ᠧᠦ᠋ᠷᠣᠫᠠ ᠶ᠋ᠢᠨ ᠬᠠᠷ᠎ᠠ ᠲᠠᠩᠭᠢᠰ ᠬᠦᠷᠲᠡᠯ᠎ᠡ ᠡᠷ᠎ᠡ ᠮᠡᠳᠡᠵᠦ ᠬᠠᠨᠳᠤᠭᠰᠠᠨ ᠵᠦᠭ ᠳᠠᠢᠰᠤᠨ ᠦᠭᠡᠢ ᠶᠠᠪᠤᠭᠰᠠᠨ ᠪᠥᠭᠡᠲᠡᠯ᠎ᠡ ᠪᠠᠭᠤᠷᠠᠢ ᠰᠥᠩ ᠤᠯᠤᠰ ᠢ᠋ ᠶᠠᠭᠤᠨ ᠥᠭᠦᠯᠡᠬᠦ ᠠᠵᠢ᠃ 
       ᠠᠩᠬᠠᠨ ᠳ᠋ᠤᠷ ᠮᠣᠩᠭᠣᠯᠴᠤᠳ ᠶᠠᠩ ᠯᠦᠸᠧ ᠪᠤᠤ ᠶ᠋ᠢ ᠡᠵᠡᠯᠡᠵᠦ ᠠᠪᠤᠭᠰᠠᠨ ᠳ᠋ᠤᠷ ᠯᠢᠦ ᠵᠧᠩ ᠴᠡᠷᠢᠭ ᠠᠪᠴᠤ ᠰᠢᠭᠤᠳ ᠰᠥᠩ ᠤᠯᠤᠰ ᠤ᠋ᠨ ᠨᠡᠢᠰᠯᠡᠯ ᠯᠢᠨ ᠠᠨ ᠢ ᠬᠣᠭᠣᠰᠣᠨ ᠪᠠᠢᠬᠤᠢ ᠳ᠋ᠤᠷ ᠠᠪᠴᠤ ᠭᠠᠪᠢᠶ᠎ᠠ ᠪᠠᠢᠭᠤᠯᠰᠤᠭᠠᠢ ᠬᠡᠮᠡᠭᠰᠡᠨ ᠳ᠋ᠦ᠍ᠷ ᠶᠤᠸᠠᠨᠱᠤᠸᠠᠢ ᠪᠠᠶᠠᠨ ᠠᠷᠠᠢ ᠪᠣᠯᠤᠭᠠᠳᠤᠢ ᠭᠡᠮᠡᠨ ᠵᠥᠪᠰᠢᠶᠡᠷᠡᠭᠰᠡᠨ ᠦᠭᠡᠢ ᠬᠠᠷᠢᠨ ᠦ ᠸᠧᠢ ᠵᠢᠶᠦ᠋ᠨ ᠢ᠋ ᠪᠠᠢᠯᠳᠤ ᠭᠡᠮᠡᠨ ᠶᠠᠪᠤᠭᠤᠯᠪᠠᠢ᠃ ᠦ ᠸᠧᠢ ᠵᠢᠶᠦ᠋ᠨ ᠮᠠᠰᠢ ᠴᠢᠩᠭ᠎ᠠ ᠲᠤᠯᠠ ᠡᠳᠦᠷ ᠬᠣᠨᠣᠭ ᠤᠳᠠᠭᠠᠳ ᠪᠠᠰᠠ ᠠᠪᠴᠤ ᠴᠢᠳᠠᠭᠰᠠᠨ ᠦᠭᠡᠢ ᠳ᠋ᠦ᠍ᠷ ᠯᠢᠦ ᠵᠧᠩ ᠶᠤᠸᠠᠨᠱᠤᠸᠠᠢ ᠨᠠᠮᠠᠶ᠋ᠢ ᠬᠡᠮᠵᠢᠪᠡ ᠭᠡᠮᠡᠨ ᠭᠣᠮᠣᠳᠠᠵᠤ ᠡᠪᠡᠳᠴᠢᠯᠡᠭᠡᠳ ᠨᠥᠭᠴᠢᠪᠡ᠃ ᠡᠭᠦᠨ ᠳ᠋ᠦ᠍ᠷ ᠵᠢᠶᠠ ᠽᠢ ᠳ᠋ᠣᠣ ᠪᠠᠶᠠᠷᠯᠠᠬᠤ ᠪᠣᠯᠪᠠᠴᠤ ᠣᠮᠣᠭᠰᠢᠬᠤ ᠰᠢᠯᠲᠠᠭᠠᠨ ᠦᠭᠡᠢ ᠪᠣᠯᠠᠢ᠃ ᠲᠡᠢᠨ ᠬᠦ᠌ ᠵᠢᠶᠠ ᠽᠢ ᠳ᠋ᠣᠣ ᠶ᠋ᠢᠨ ᠶᠡᠬᠡ ᠴᠡᠷᠢᠭ ᠦ ᠬᠤ᠌ ᠲᠠᠩᠭᠢᠰ ᠬᠦᠷᠴᠦ ᠢᠷᠡᠭᠰᠡᠨ ᠪᠣᠯᠪᠠᠴᠤ ᠪᠠᠢᠯᠳᠤᠬᠤ ᠡᠷᠡᠰ ᠵᠣᠷᠢᠭ ᠦᠭᠡᠢ ᠶᠤᠸᠠᠨ ᠤᠯᠤᠰ ᠲᠤᠷ ᠨᠢᠭᠡᠨᠲᠡ ᠪᠠᠭᠤᠵᠤ ᠥᠭᠭᠦᠭᠰᠡᠨ ᠯᠢᠦᠢ ᠱᠢ ᠺᠦᠢ ᠳ᠋ᠦ᠍ᠷ ᠬᠥᠮᠦᠨ ᠵᠠᠷᠤᠵᠤ ᠬᠣᠶᠠᠷ ᠤᠯᠤᠰ ᠤ᠋ᠨ ᠬᠣᠭᠣᠷᠣᠨᠳᠣ ᠡᠶᠡᠳᠡᠭᠦᠯᠬᠦ ᠵᠠᠭᠤᠴᠢ ᠪᠣᠯᠬᠤ ᠶ᠋ᠢ ᠭᠤᠶᠤᠭᠰᠠᠨ ᠳ᠋ᠤᠷ ᠯᠢᠦᠢ ᠱᠢ ᠺᠦᠢ ᠬᠠᠷᠢᠭᠤ ᠥᠭᠭᠦᠭᠰᠡᠨ ᠦᠭᠡᠢ ᠳ᠋ᠦ᠍ᠷ ᠵᠢᠶᠠ ᠽᠢ ᠳ᠋ᠣᠣ ᠠᠷᠭ᠎ᠠ ᠣᠯᠳᠠᠬᠤ ᠦᠭᠡᠢ ᠵᠣᠪᠠᠵᠤ ᠪᠦᠬᠦᠢ ᠳ᠋ᠦ᠍ᠷ ᠵᠠᠷᠯᠢᠭ ᠢ᠋ᠶ᠋ᠠᠷ ᠴᠡᠷᠢᠭ ᠢ᠋ᠶ᠋ᠡᠨ ᠳᠠᠭᠠᠭᠤᠯᠤᠨ ᠬᠦᠷᠴᠦ ᠢᠷᠡᠭᠰᠡᠨ ᠰᠢᠶᠠ ᠬᠦᠢ ᠬᠠᠨᠴᠤᠢ ᠠ᠋ᠴᠠ ᠪᠠᠨ ᠨᠢᠭᠡᠨ ᠲᠣᠭᠳᠣᠢ ᠪᠢᠴᠢᠭ ᠭᠠᠷᠭᠠᠨ ᠥᠭᠪᠡ᠃ ᠪᠢᠴᠢᠭ ᠲᠣᠷ ᠬᠡᠳᠦᠢ ᠪᠡᠷ ᠪᠠᠢᠯᠳᠤᠬᠤ ᠲᠤᠬᠠᠢ ᠰᠠᠨᠠᠯ ᠢ᠋ᠶ᠋ᠠᠨ ᠳᠡᠪᠰᠢᠭᠦᠯᠦᠭᠰᠡᠨ ᠪᠣᠯᠪᠠᠴᠤ : 《ᠰᠥᠩ ᠤᠯᠤᠰ ᠤ᠋ᠨ ᠲᠥᠷᠥ ᠵᠥᠪᠬᠡᠨ ᠭᠤᠷᠪᠠᠨ ᠵᠠᠭᠤᠨ ᠬᠣᠷᠢᠨ ᠣᠨ ᠤ᠋ ᠤᠯᠠᠷᠢᠯ ᠪᠣᠢ 》 ᠭᠡᠬᠦ ᠵᠡᠷᠭᠡ ᠦᠭᠡ ᠪᠣᠢ ᠃ ᠵᠢᠶᠠ ᠽᠢ ᠳ᠋ᠣᠣ ᠡᠨᠡ ᠦᠶᠡᠰ ᠲᠡᠭᠦᠨ ᠢ᠋ ᠪᠤᠷᠤᠭᠠᠰᠢᠶᠠᠬᠤ ᠪᠥᠭᠡᠰᠦ ᠤᠯᠠᠮ ᠰᠡᠳᠬᠢᠯ ᠰᠠᠯᠬᠤ ᠲᠤᠯᠠ ᠬᠡᠳᠦᠨᠲᠡ ᠰᠡᠭᠦᠷᠡᠰᠦ ᠠᠯᠳᠠᠵᠤ ᠪᠣᠳᠣᠪᠠᠰᠤ ᠰᠢᠶᠠ ᠬᠥᠷ ᠨᠠᠷ ᠴᠥᠮ ᠢᠲᠡᠭᠡᠯ ᠦᠭᠡᠢ ᠪᠣᠯᠤᠭᠰᠠᠨ ᠲᠤᠯᠠ ᠸᠠᠩ ᠯᠢ ᠰᠢᠨ ᠢ᠋ ᠰᠠᠨᠠᠭᠠᠯᠵᠠᠵᠤ ᠳᠠᠬᠢᠨ ᠤᠤᠯ ᠲᠤᠰᠢᠶᠠᠯ ᠢ᠋ᠶ᠋ᠠᠷ ᠵᠢᠩ ᠬᠤᠸᠠᠢ ᠶ᠋ᠢᠨ ᠵᠣᠣ ᠲᠤᠤ ᠱᠢ ᠪᠣᠯᠭᠠᠨ ᠵᠢᠶᠠ᠊ᠨ ᠺᠠᠩ ᠠ᠋ᠴᠠ ᠴᠡᠷᠢᠭ ᠮᠣᠷᠢ ᠡᠯᠰᠡᠵᠦ ᠪᠠᠢᠯᠳᠤᠬᠤ ᠪᠠᠷ ᠪᠡᠯᠡᠳᠭᠡ ᠭᠡᠮᠡᠨ ᠵᠠᠷᠯᠢᠭ ᠥᠭᠪᠡ᠃ 
       ᠪᠣᠳᠣᠪᠠᠰᠤ ᠪᠠᠶᠠᠨ ᠶᠤᠸᠠᠨᠱᠤᠸᠠᠢ ᠶ᠋ᠢᠨ ᠴᠡᠷᠢᠭ ᠰᠠᠶᠢ ᠬᠠᠨ ᠱᠦᠢ ᠮᠥᠷᠡᠨ ᠳ᠋ᠦ᠍ᠷ ᠪᠠᠭᠤᠳᠠᠯᠯᠠᠭᠰᠠᠨ ᠳ᠋ᠤᠷ ᠸᠠᠩ ᠯᠢ ᠰᠢᠨ ᠠᠢᠯᠠᠳᠬᠠᠯ ᠪᠢᠴᠢᠵᠦ ᠪᠠᠷᠢᠪᠠ᠃ ᠠᠢᠯᠠᠳᠬᠠᠯ ᠳ᠋ᠠᠭᠠᠨ 《ᠠᠷᠢᠬᠢ ᠂ ᠥᠩᠭᠡ ᠦᠵᠡᠮᠵᠢ ᠶ᠋ᠢᠨ ᠵᠢᠷᠭᠠᠯ ᠢ᠋ ᠵᠣᠭᠰᠣᠵᠤ ᠰᠥᠩ ᠤᠯᠤᠰ ᠤ᠋ᠨ ᠳᠣᠲᠣᠭᠠᠳᠤ ᠪᠦᠬᠦ ᠴᠡᠷᠢᠭ ᠢ᠋ ᠴᠥᠮ ᠮᠥᠷᠡᠨ ᠳᠠᠭᠤ ᠵᠢᠭᠰᠠᠭᠠᠨ ᠭᠤᠴᠢᠨ ᠭᠠᠵᠠᠷ ᠲᠤᠷ ᠨᠢᠭᠡ ᠬᠦᠷᠢᠶ᠎ᠡ ᠂ ᠵᠠᠭᠤᠨ ᠭᠠᠵᠠᠷ ᠲᠤᠷ ᠨᠢᠭᠡᠨ ᠰᠠᠭᠤᠷᠢᠨ ᠂ ᠬᠡᠳᠦᠨ ᠰᠠᠭᠤᠷᠢᠨ ᠢ᠋ ᠨᠡᠢᠯᠡᠭᠦᠯᠵᠦ ᠨᠢᠭᠡ ᠹᠦ ᠪᠣᠯᠭᠠᠨ ᠡᠢᠨ ᠬᠦ᠌ ᠮᠥᠷᠡᠨ ᠳᠠᠭᠠᠤ ᠵᠠᠭᠤᠨ ᠲᠦᠮᠡᠨ ᠦ᠌ ᠣᠯᠠᠨ ᠢ᠋ ᠵᠢᠭᠰᠠᠭᠠᠵᠤ ᠲᠡᠢᠨ ᠪᠠᠢᠯᠳᠤᠭᠠᠨ ᠭᠠᠷᠪᠠᠰᠤ ᠬᠠᠷᠢᠯᠴᠠᠨ ᠲᠤᠰᠠᠯᠠᠵᠤ ᠬᠠᠪᠴᠢᠨ ᠪᠠᠢᠯᠳᠤᠵᠤ ᠲᠡᠢᠨ ᠦᠭᠡᠢ ᠪᠥᠭᠡᠰᠦ ᠮᠥᠷᠡᠨ ᠢ ᠴᠠᠭᠳᠠᠨ ᠰᠡᠷᠭᠡᠢᠯᠡᠵᠦ ᠴᠡᠷᠢᠭ ᠮᠣᠷᠢ ᠪᠠᠨ ᠪᠣᠯᠪᠠᠰᠤᠷᠠᠨ ᠤᠯᠤᠰ ᠭᠡᠷ ᠦ᠋ᠨ ᠴᠠᠬᠢᠷᠠᠭᠵᠢᠬᠤ ᠶ᠋ᠢ ᠬᠦᠯᠢᠶᠡᠬᠦ ᠢᠨᠦ ᠳᠡᠭᠡᠳᠦ ᠠᠷᠭ᠎ᠠ ᠪᠣᠯᠠᠢ᠃ ᠡᠯᠴᠢ ᠶ᠋ᠢ ᠲᠠᠯᠪᠢᠵᠤ ᠶᠣᠰᠣ ᠪᠠᠷ ᠪᠤᠴᠠᠭᠠᠨ ᠠᠯᠪᠠ ᠪᠠᠷᠢᠵᠤ ᠡᠶᠡᠳᠡᠵᠦ ᠬᠡᠳᠦᠨ ᠵᠢᠯ ᠦ᠋ᠨ ᠳᠣᠲᠣᠷ᠎ᠠ ᠡᠪᠡᠰᠦ ᠲᠦᠯᠡᠭᠡᠨ ᠳ᠋ᠦ᠍ᠷ ᠬᠡᠪᠲᠡᠵᠦ ᠰᠥᠰᠥ ᠠᠮᠲᠠᠯᠠᠨ ᠤᠯᠤᠰ ᠢ᠋ᠶ᠋ᠠᠨ ᠴᠢᠷᠮᠠᠢᠨ ᠵᠠᠰᠠᠵᠤ ᠠᠯᠭᠤᠷ ᠳᠡᠭᠵᠢᠷᠡᠬᠦ ᠶ᠋ᠢ ᠪᠣᠳᠣᠬᠤ ᠠᠨᠤ ᠳᠤᠮᠳᠠ ᠠᠷᠭ᠎ᠠ ᠪᠣᠯᠠᠢ᠃ ᠪᠦᠬᠦ ᠬᠦᠴᠦᠨ ᠢ᠋ᠶ᠋ᠡᠷ ᠮᠥᠷᠡᠨ ᠢ᠋ ᠬᠠᠮᠠᠭᠠᠯᠠᠨ ᠴᠡᠷᠢᠭ ᠮᠣᠷᠢ ᠡᠯᠰᠡᠵᠦ ᠤᠭᠲᠤᠨ ᠪᠠᠢᠯᠳᠤᠬᠤ ᠠᠨᠤ ᠮᠥᠨ ᠴᠦ᠍ ᠪᠣᠯᠬᠤ ᠪᠣᠯᠪᠠᠴᠤ ᠴᠡᠷᠢᠭ ᠲᠡᠢᠨ ᠳ᠋ᠦ᠍ᠷ ᠪᠣᠯᠪᠠᠰᠤᠷᠠᠭᠰᠠᠨ ᠬᠥᠮᠦᠨ ᠪᠠᠢᠬᠤ ᠬᠡᠷᠡᠭ ᠲᠡᠢ᠃ ᠬᠡᠷᠪᠡ ᠡᠨᠡ ᠭᠤᠷᠪᠠᠨ ᠠᠷᠭ᠎ᠠ ᠶ᠋ᠢ ᠴᠥᠮ ᠬᠡᠷᠡᠭᠯᠡᠬᠦ ᠦᠭᠡᠢ ᠥᠩᠭᠡ ᠳᠡᠷᠡᠰᠦᠨ ᠳ᠋ᠦ᠍ ᠰᠢᠨᠤᠵᠤ ᠳᠠᠭᠤᠤ ᠬᠥᠭᠵᠢᠮ ᠳ᠋ᠦ᠍ ᠰᠣᠭᠲᠣᠭᠤᠷᠠᠨ ᠡᠳᠦᠷ ᠬᠣᠨᠣᠭ ᠢ᠋ ᠥᠩᠭᠡᠷᠡᠭᠡᠪᠡᠰᠦ ᠪᠠᠭᠤᠵᠤ ᠥᠭᠬᠦ ᠡᠴᠡ ᠥᠭᠡᠷ᠎ᠡ ᠵᠠᠮ ᠦᠭᠡᠢ ᠪᠣᠯᠤᠮᠤᠢ 》ᠬᠡᠮᠡᠭᠰᠡᠨ ᠠᠵᠤᠭᠤ᠃ ᠡᠭᠦᠨ ᠢ᠋ ᠵᠢᠶᠠ ᠽᠢ ᠳ᠋ᠣᠣ ᠦᠵᠡᠭᠡᠳ ᠪᠡᠶ᠎ᠡ ᠪᠡᠨ ᠳᠠᠭᠠᠷᠢᠪᠠ ᠭᠡᠮᠡᠨ ᠶᠡᠬᠡᠳᠡ ᠭᠡᠯᠢᠩᠯᠡᠨ ᠠᠢᠯᠠᠳᠬᠠᠯ ᠢ᠋ ᠤᠷᠠᠵᠤ:《ᠡᠨᠡ ᠮᠠᠭᠤ ᠰᠣᠬᠣᠷ ᠬᠢᠷᠢ ᠪᠡᠨ ᠮᠡᠳᠡᠬᠦ ᠦᠭᠡᠢ ! 》ᠭᠡᠮᠡᠨ ᠵᠢᠩ ᠬᠤᠸᠠᠢ ᠶ᠋ᠢᠨ ᠵᠣᠣ ᠲᠤᠤ ᠱᠢ ᠲᠤᠰᠢᠶᠠᠯ ᠠ᠋ᠴᠠ ᠬᠥᠭᠡᠭᠡᠵᠦ ᠵᠣᠣ ᠴᠢ ᠰᠦᠨ ᠳ᠋ᠦ᠍ᠷ ᠰᠢᠯᠵᠢᠭᠦᠯᠪᠡ᠃ 
       ᠡᠳᠦᠭᠡ ᠸᠠᠩ ᠯᠢ ᠰᠢᠨ ᠵᠠᠷᠯᠢᠭ ᠢ᠋ ᠣᠯᠵᠤ ᠬᠦᠷᠴᠦ ᠢᠷᠡᠪᠡᠰᠦ ᠵᠢᠶᠠ ᠽᠢ ᠳ᠋ᠣᠣ ᠡᠮᠦᠨᠡᠬᠢ ᠤᠴᠢᠷ ᠢ᠋ ᠰᠠᠨᠠᠭᠠᠯᠵᠠᠵᠤ :《ᠣᠳᠣ ᠶᠠᠮᠠᠷ ᠠᠷᠭ᠎ᠠ ᠠᠪᠤᠪᠠᠰᠤ ᠵᠣᠬᠢᠮᠤᠢ ?  》ᠭᠡᠮᠡᠨ ᠠᠰᠠᠭᠤᠪᠠᠰᠤ ᠸᠠᠩ ᠯᠢ ᠰᠢᠨ ᠰᠡᠭᠦᠷᠡᠰᠦ ᠠᠯᠳᠠᠵᠤ ᠥᠴᠢᠷᠦᠨ: 《ᠡᠳᠦᠭᠡ ᠠᠷᠭ᠎ᠠ ᠬᠠᠮᠢᠭ᠎ᠠ ᠪᠣᠢ ?  ᠳᠠᠢᠰᠤᠨ ᠨᠢᠭᠡᠨᠲᠡ ᠭᠦᠨ ᠣᠷᠣᠵᠤ ᠢᠷᠡᠪᠡ᠃ ᠮᠥᠷᠡᠨ ᠦ᠌ ᠡᠮᠦᠨᠡᠲᠦ ᠳ᠋ᠦ᠍ᠷ ᠨᠢᠭᠡᠨᠲᠡ ᠢᠮᠠᠬᠤ ᠲᠡᠳᠦᠢ ᠠᠮᠤᠭᠤᠯᠠᠩ ᠭᠠᠵᠠᠷ ᠦᠭᠡᠢ ᠪᠣᠯᠪᠠ᠃ ᠮᠢᠨᠦ ᠢᠷᠡᠭᠰᠡᠨ ᠢᠨᠤ ᠰᠥᠩ ᠦ᠋ᠨ ᠭᠠᠵᠠᠷ ᠲᠤᠷ ᠶᠠᠰᠤ ᠪᠠᠨ ᠬᠠᠶᠠᠰᠤᠭᠠᠢ ᠬᠡᠮᠡᠭᠰᠡᠨ ᠢᠨᠦ ᠪᠣᠯᠠᠢ 》ᠬᠡᠮᠡᠪᠡ᠃ 
       ᠵᠢᠶᠠ ᠽᠢ ᠳ᠋ᠣᠣ ᠬᠡᠷᠡᠭ ᠪᠠᠴᠢᠮ ᠪᠣᠯᠵᠤ ᠠᠷᠭ᠎ᠠ ᠣᠯᠳᠠᠬᠤ ᠦᠭᠡᠢ ᠪᠦᠬᠦᠢ ᠳ᠋ᠦ᠍ᠷ ᠬᠤᠪᠢᠯᠠᠢ ᠬᠠᠭᠠᠨ ᠤ᠋ ᠡᠯᠴᠢ ᠭᠡᠨᠡᠳᠲᠡ ᠬᠦᠷᠴᠦ ᠢᠷᠡᠭᠡᠳ ᠰᠥᠩ ᠤᠯᠤᠰ ᠢ᠋ ᠪᠠᠢᠯᠳᠤᠬᠤ ᠶ᠋ᠢ ᠲᠦᠷ ᠬᠣᠢᠰᠢᠯᠠᠵᠤ ᠲᠤᠰ ᠲᠤᠰ ᠤ᠋ᠨ ᠡᠵᠡᠯᠡᠭᠰᠡᠨ ᠭᠠᠵᠠᠷ ᠢ᠋ᠶ᠋ᠠᠨ ᠰᠠᠬᠢᠵᠤ ᠬᠦᠯᠢᠶᠡᠲᠦᠭᠡᠢ ᠬᠡᠮᠡᠪᠡᠢ᠃ ᠪᠠᠶᠠᠨ ᠶᠤᠸᠠᠨᠱᠤᠸᠠᠢ ᠮᠠᠰᠢ ᠰᠣᠨᠢᠷᠬᠠᠵᠤ ᠵᠠᠷᠯᠢᠭ ᠤ᠋ᠨ ᠤᠴᠢᠷ ᠢ᠋ ᠠᠵᠤᠤ ᠯᠤᠭ᠎ᠠ ᠵᠥᠪᠳᠡᠪᠡᠰᠦ ᠠᠵᠤᠤ ᠥᠭᠦᠯᠡᠷᠦᠨ: 《ᠵᠢᠶᠠ ᠽᠢ ᠳ᠋ᠣᠣ ᠶ᠋ᠢ ᠪᠠᠢᠯᠳᠤᠬᠤ ᠦᠭᠡᠢ ᠲᠠᠯᠪᠢᠪᠠᠰᠤ ᠨᠢᠭᠡᠨᠲᠡ ᠳᠠᠭᠠᠭᠰᠠᠨ ᠵᠧᠦ ᠵᠢᠶᠦ᠋ᠨ ᠡᠨᠡ ᠵᠤᠨ ᠢ ᠥᠩᠭᠡᠷᠡᠬᠦ ᠦᠭᠡᠢ ᠴᠥᠮ ᠤᠷᠪᠠᠮᠤᠢ᠃ ᠢᠯᠠᠩᠭᠤᠶ᠎ᠠ ᠰᠥᠩ ᠤᠯᠤᠰ ᠢᠲᠡᠭᠡᠮᠵᠢ ᠦᠭᠡᠢ ᠰᠠᠶᠢ ᠡᠯᠴᠢ ᠶᠠᠪᠤᠭᠤᠯᠵᠤ ᠡᠶᠡᠳᠡᠮᠦᠢ ᠬᠡᠮᠡᠭᠡᠳ ᠪᠠᠰᠠ ᠮᠠᠨ ᠤ᠋ ᠬᠠᠢᠭᠤᠯ ᠢ ᠪᠠᠷᠢᠵᠤ ᠠᠯᠠᠮᠤᠢ᠃ ᠡᠳᠦᠭᠡ ᠬᠡᠷᠪᠡ ᠴᠡᠷᠢᠭ ᠣᠷᠣᠵᠤ ᠪᠠᠢᠯᠳᠤᠬᠤ ᠦᠭᠡᠢ ᠪᠥᠭᠡᠰᠦ ᠴᠢ ᠪᠢᠳᠡ ᠦᠬᠦᠪᠡᠴᠦ ᠣᠷᠣᠰᠢᠭᠤᠯᠬᠤ ᠭᠠᠵᠠᠷ ᠦᠭᠡᠢ ᠪᠣᠯᠤᠮᠤᠢ ᠃ ᠶᠠᠯ᠎ᠠ ᠶ᠋ᠢ ᠪᠢ ᠬᠦᠯᠢᠶᠡᠰᠦᠭᠡᠢ᠃ ᠪᠢᠳᠡ ᠨᠠᠷ ᠲᠤᠷ ᠪᠠᠢᠯᠳᠤᠬᠤ ᠠ᠋ᠴᠠ ᠥᠭᠡᠷ᠎ᠡ ᠵᠠᠮ ᠦᠭᠡᠢ 》ᠬᠡᠮᠡᠪᠡ ᠃ ᠲᠡᠢᠨ ᠬᠦ᠌ ᠪᠠᠶᠠᠨ ᠶᠤᠸᠠᠨᠱᠤᠸᠠᠢ ᠬᠤᠪᠢᠯᠠᠢ ᠬᠠᠭᠠᠨ ᠤ᠋ ᠵᠠᠷᠯᠢᠭ ᠢ ᠨᠢᠭᠡᠮᠦᠰᠦᠨ ᠨᠢᠭᠤᠵᠤ ᠪᠠᠢᠯᠳᠤᠬᠤ ᠪᠠᠷ ᠵᠣᠷᠢᠭ ᠰᠢᠭᠤᠳᠪᠠ᠃ ᠵᠢᠶᠠ ᠽᠢ ᠳ᠋ᠣᠣ ᠳ᠋ᠤᠷ ᠥᠭᠡᠷ᠎ᠡ ᠠᠷᠭ᠎ᠠ ᠣᠯᠳᠠᠬᠤ ᠦᠭᠡᠢ ᠲᠤᠯᠠ ᠰᠥᠩ ᠵᠢᠩ ᠢ᠋ ᠳᠠᠬᠢᠨ ᠶᠤᠸᠠᠨ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ᠷ ᠢᠷᠡᠭᠦᠯᠵᠦ ᠠᠯᠲᠠᠨ ᠤᠯᠤᠰ ᠤ᠋ᠨ ᠺᠠᠢ ᠴᠢᠩ ᠦ᠋ᠨ ᠶᠣᠰᠣ ᠪᠠᠷ ᠠᠯᠪᠠ ᠪᠠᠷᠢᠵᠤ ᠲᠦᠰᠢᠮᠡᠯ ᠪᠣᠯᠵᠤ ᠳᠠᠭᠠᠬᠤ ᠶ᠋ᠢ ᠭᠤᠶᠤᠪᠠ᠃ ᠪᠠᠶᠠᠨ ᠶᠤᠸᠠᠨᠱᠤᠸᠠᠢ ᠰᠥᠩ ᠵᠢᠩ ᠢ᠋ ᠴᠠᠴᠠᠷ ᠲᠠᠭᠡᠨ ᠦᠯᠡᠳᠡᠭᠡᠨ ᠶᠡᠬᠡ ᠵᠠᠩᠵᠤᠨ ᠮᠠᠩᠭᠤᠲᠠᠢ ᠶ᠋ᠢ ᠰᠥᠩ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ᠷ ᠣᠴᠢᠭᠤᠯᠵᠤ ᠵᠢᠶᠠ ᠽᠢ ᠳ᠋ᠣᠣ ᠳ᠋ᠤᠷ ᠦᠭᠡ ᠤᠯᠠᠮᠵᠢᠯᠠᠭᠰᠠᠨ ᠠᠨᠤ: 《ᠮᠥᠷᠡᠨ ᠢ᠋ ᠭᠡᠲᠦᠯᠬᠦ ᠡᠴᠡ ᠡᠮᠦᠨ᠎ᠡ ᠡᠶᠡᠳᠡᠬᠦ ᠶ᠋ᠢ ᠭᠤᠶᠤᠭᠰᠠᠨ ᠪᠥᠭᠡᠰᠦ ᠬᠠᠷᠢᠨ ᠪᠣᠯᠵᠤ ᠮᠡᠳᠡᠮᠦᠢ᠃ ᠡᠳᠦᠭᠡ ᠮᠥᠷᠡᠨ ᠳᠠᠭᠠᠤ ᠵᠧᠦ ᠂ ᠵᠢᠶᠦ᠋ᠨ ᠴᠥᠮ ᠮᠣᠩᠭᠣᠯ ᠳ᠋ᠤᠷ ᠳᠠᠭᠠᠭᠰᠠᠨ ᠲᠤᠯᠠ ᠰᠠᠶᠢ ᠡᠶᠡᠳᠡᠬᠦ ᠶ᠋ᠢ ᠭᠤᠶᠤᠬᠤ ᠠᠨᠤ ᠬᠣᠵᠢᠮᠳᠠᠭᠰᠠᠨ ᠪᠣᠯᠠᠢ᠃ ᠡᠶᠡᠳᠡᠬᠦ ᠰᠡᠳᠬᠢᠯ ᠦᠨᠡᠨ ᠪᠥᠭᠡᠰᠦ ᠪᠡᠶ᠎ᠡ ᠪᠡᠷ ᠢ᠋ᠶ᠋ᠡᠨ ᠢᠷᠡᠵᠦ ᠨᠢᠭᠤᠷᠳᠠᠨ ᠶᠠᠷᠢᠯᠴᠠᠲᠤᠭᠠᠢ 》ᠬᠡᠮᠡᠪᠡᠢ᠃ ᠮᠠᠩᠭᠤᠲᠠᠢ ᠪᠤᠴᠠᠵᠤ ᠢᠷᠡᠭᠰᠡᠨ ᠪ ᠳᠠᠷᠠᠭ᠎ᠠ ᠰᠥᠩ ᠵᠢᠩ ᠢ᠋ ᠰᠠᠶᠢ ᠲᠠᠯᠪᠢᠵᠤ ᠶᠠᠪᠤᠭᠤᠯᠤᠭᠠᠳ ᠴᠡᠷᠢᠭ ᠭᠠᠷᠭᠠᠨ ᠳ᠋ᠢᠩ ᠵᠢᠶᠠ ᠵᠧᠦ ᠶ᠋ᠢ ᠰᠦᠷᠳᠡᠭᠦᠯᠬᠦᠢ ᠳ᠋ᠦ᠍ᠷ ᠵᠢᠶᠠ ᠽᠢ ᠳ᠋ᠣᠣ ᠴᠤ᠌ ᠪᠠᠢᠯᠳᠤᠬᠤ ᠠ᠋ᠴᠠ ᠥᠭᠡᠷ᠎ᠡ ᠵᠠᠮ ᠦᠭᠡᠢ ᠪᠣᠯᠪᠠ ᠃ ᠲᠡᠢᠨ ᠬᠦ᠌ ᠤᠰᠤᠨ ᠬᠠᠭᠤᠷᠠᠢ ᠬᠣᠷᠢᠨ ᠭᠤᠷᠪᠠᠨ ᠲᠦᠮᠡᠨ ᠴᠡᠷᠢᠭ ᠠᠪᠴᠤ ᠡᠭᠦᠳᠡᠨ ᠦ᠌ ᠬᠥᠮᠦᠨ ᠰᠦᠨ ᠬᠤ᠌ ᠴᠸᠨ ᠳ᠋ᠦ᠍ᠷ ᠶᠠᠪᠠᠭᠠᠨ ᠴᠡᠷᠢᠭ ᠦ᠋ᠨ ᠶᠤᠸᠠᠨᠱᠤᠸᠠᠢ ᠶ᠋ᠢᠨ ᠲᠤᠰᠢᠶᠠᠯ ᠥᠭᠴᠦ ᠡᠮᠦᠨᠡᠲᠦ ᠴᠡᠷᠢᠭ ᠢ᠋ᠶ᠋ᠡᠷ ᠵᠠᠬᠢᠷᠤᠭᠤᠯᠵᠤ ᠤᠰᠤᠨ ᠴᠡᠷᠢᠭ ᠦ᠋ᠨ ᠳᠦ ᠳᠦ ᠰᠢᠶᠠ ᠬᠦᠢ ᠳ᠋ᠦ᠍ᠷ ᠪᠠᠢᠯᠳᠤᠬᠤ ᠣᠩᠭᠣᠴᠠ ᠬᠣᠶᠠᠷ ᠮᠢᠩᠭ᠎ᠠ ᠲᠠᠪᠤᠨ ᠵᠠᠭᠤ ᠨᠡᠮᠡᠨ ᠥᠭᠴᠦ ᠤᠰᠤᠨ ᠴᠡᠷᠢᠭ ᠦ᠋ᠨ ᠬᠣᠰᠢᠭᠤᠴᠢ ᠪᠣᠯᠭᠠᠨ ᠵᠢᠶᠠ ᠽᠢ ᠳ᠋ᠣᠣ ᠶᠡᠬᠡ ᠴᠡᠷᠢᠭ ᠢ᠋ᠶ᠋ᠡᠨ ᠠᠪᠴᠤ ᠠᠷᠤ ᠲᠦᠰᠢᠭ ᠪᠣᠯᠪᠠ᠃ 
       ᠲᠡᠳᠦᠢ ᠳ᠋ᠦ᠍ᠷ ᠪᠠᠶᠠᠨ ᠶᠤᠸᠠᠨᠱᠤᠸᠠᠢ ᠦᠵᠡᠪᠡᠰᠦ ᠵᠢᠶᠠ ᠽᠢ ᠳ᠋ᠣᠣ ᠶ᠋ᠢᠨ ᠤᠰᠤᠨ ᠴᠡᠷᠢᠭ ᠦ᠋ᠨ ᠵᠢᠭᠰᠠᠭᠠᠯ ᠮᠥᠷᠡᠨ ᠦ᠌ ᠬᠥᠪᠡᠭᠡ ᠳᠠᠭᠠᠵᠤ ᠵᠢᠭᠰᠠᠭᠠᠭᠰᠠᠨ ᠪᠣᠯᠪᠠᠴᠤ ᠠᠷᠤ ᠪᠠᠷ ᠠᠨᠤ ᠴᠡᠷᠢᠭ ᠮᠣᠷᠢ ᠬᠠᠷᠠᠭᠳᠠᠬᠤ ᠦᠭᠡᠢ ᠲᠤᠯᠠ ᠮᠠᠰᠢ ᠭᠠᠢᠬᠠᠨ ᠬᠥᠮᠦᠨ ᠶᠠᠪᠤᠭᠤᠯᠵᠤ ᠲᠤᠷᠰᠢᠭᠤᠯᠪᠠᠰᠤ ᠰᠥᠩ ᠤᠯᠤᠰ ᠤ᠋ᠨ ᠮᠣᠷᠢᠲᠤ ᠶᠠᠪᠠᠭᠠᠨ ᠨᠠᠢ᠍ᠮᠠᠨ ᠲᠦᠮᠡᠨ ᠴᠡᠷᠢᠭ ᠮᠥᠷᠡᠨ ᠦ᠌ ᠬᠥᠪᠡᠭᠡᠨ ᠡᠴᠡ ᠲᠠᠪᠢᠨ ᠭᠠᠵᠠᠷ ᠬᠣᠯᠠ ᠪᠠᠭᠤᠳᠠᠯᠯᠠᠵᠤ ᠰᠠᠭᠤᠮᠤᠢ ᠂ ᠥᠭᠡᠷ᠎ᠡ ᠴᠡᠷᠢᠭ ᠮᠣᠷᠢ ᠦᠭᠡᠢ ᠬᠡᠮᠡᠮᠦ ᠃ ᠪᠠᠶᠠᠨ ᠶᠤᠸᠠᠨᠱᠤᠸᠠᠢ ᠰᠣᠨᠣᠰᠤᠭᠠᠳ ᠶᠡᠬᠡᠳᠡ ᠪᠠᠶᠠᠷᠯᠠᠨ᠄ 《ᠡᠵᠡᠨ ᠦ᠌ ᠪᠤᠶᠠᠨ ᠠ᠋ᠴᠠ ᠪᠣᠯᠪᠠ ᠃ ᠰᠥᠩ ᠤᠯᠤᠰ ᠤ᠋ᠨ ᠮᠥᠬᠥᠬᠦ ᠢᠨᠦ ᠯᠠᠪ ᠪᠣᠯᠪᠠᠢ 》ᠭᠡᠮᠡᠨ ᠲᠦᠮᠡᠨ ᠦ᠌ ᠨᠣᠶᠠᠨ ᠰᠢᠭᠡ ᠮᠠᠩᠭᠤᠲᠠᠢ ᠳ᠋ᠤᠷ ᠰᠤᠷᠭᠠᠵᠤ ᠥᠭᠦᠯᠡᠷᠦᠨ: 《ᠲᠠ ᠬᠣᠶᠠᠷ ᠰᠥᠩ ᠤᠯᠤᠰ ᠤ᠋ᠨ ᠤᠰᠤᠨ ᠴᠡᠷᠢᠭ ᠦ᠋ᠨ ᠠᠷᠤ ᠪᠠᠷ ᠣᠷᠣᠵᠤ ᠮᠥᠷᠡᠨ ᠦ᠌ ᠬᠥᠪᠡᠭᠡ ᠶ᠋ᠢ ᠡᠵᠡᠯᠡᠨ ᠠᠪᠴᠤ ᠮᠠᠨ ᠤ᠋ ᠴᠡᠷᠢᠭ ᠦ᠋ᠨ ᠶᠡᠬᠡ ᠪᠤᠤ ᠶ᠋ᠢ ᠨᠢᠭᠤᠴᠠ ᠪᠠᠷ ᠮᠥᠷᠡᠨ ᠣᠢᠷᠠᠳᠠᠭᠤᠯᠵᠤ ᠲᠠᠯᠪᠢᠭᠠᠳ ᠤᠯᠠᠭᠠᠨ ᠲᠤᠭ ᠢ ᠦᠵᠡᠮᠡᠭᠴᠡ ᠳᠠᠷᠤᠢ ᠵᠢᠶᠠ ᠽᠢ ᠳ᠋ᠣᠣ ᠶ᠋ᠢᠨ ᠤᠰᠤᠨ ᠴᠡᠷᠢᠭ ᠦ᠋ᠨ ᠴᠠᠢᠵᠠ ᠶ᠋ᠢ ᠫᠤᠤᠳᠠᠵᠤ ᠳᠡᠯᠪᠡᠴᠢᠵᠦ ᠮᠠᠨ ᠤ᠋ ᠴᠡᠷᠢᠭ ᠰᠥᠩ ᠦ᠋ᠨ ᠴᠡᠷᠢᠭ ᠯᠦ᠍ᠭᠡ ᠵᠢᠭᠤᠷᠠᠯᠳᠤᠨ ᠴᠠᠪᠴᠢᠯᠳᠤᠬᠤ ᠶ᠋ᠢ ᠦᠵᠡᠵᠦ ᠬᠤᠷᠳᠤᠨ ᠣᠩᠭᠣᠴᠠ ᠪᠠᠷ ᠰᠥᠩ ᠤᠯᠤᠰ ᠤ᠋ᠨ ᠴᠡᠷᠢᠭ ᠦ᠋ᠨ ᠠᠷᠤ ᠠ᠋ᠴᠠ ᠳᠠᠷᠤᠨ ᠣᠷᠣᠵᠤ ᠴᠡᠷᠢᠭ ᠬᠤᠷᠢᠶᠠᠬᠤ ᠬᠠᠷᠠᠩᠭ᠎ᠠ ᠴᠣᠬᠢᠵᠤ ᠰᠥᠩ ᠦ᠋ᠨ ᠴᠡᠷᠢᠭ ᠳᠡᠢᠯᠦᠭᠳᠡᠪᠡ ᠭᠡᠮᠡᠨ ᠰᠠᠮᠠᠭᠤᠷᠠᠯ ᠡᠳᠦᠵᠦ ᠦᠢᠮᠡᠯᠳᠦᠨ ᠰᠥᠩ ᠦ᠋ᠨ ᠴᠡᠷᠢᠭ ᠪᠤᠷᠤᠭᠤᠯᠠᠪᠠᠰᠤ ᠮᠥᠷᠡᠨ ᠦ᠌ ᠬᠥᠪᠡᠭᠡ ᠶ᠋ᠢ ᠳᠠᠭᠠᠵᠤ ᠨᠡᠬᠡᠮᠵᠢᠯᠡᠨ ᠣᠯᠵᠠᠯᠠᠵᠤ ᠪᠣᠯᠤᠮᠤᠢ᠃ ᠡᠭᠦᠷᠭᠡ ᠶ᠋ᠢ ᠬᠥᠩᠭᠡᠨ ᠭᠡᠮᠡᠨ ᠣᠮᠲᠣᠭᠠᠢᠯᠠᠵᠤ ᠪᠣᠯᠬᠤ ᠦᠭᠡᠢ ᠂ ᠪᠦᠬᠦ ᠴᠡᠷᠢᠭ ᠦ᠋ᠨ ᠲᠠᠢᠯᠤᠨ ᠳᠡᠢᠯᠦᠭᠳᠡᠬᠦᠢ ᠳ᠋ᠦ᠍ᠷ ᠬᠣᠯᠪᠣᠭᠳᠠᠬᠤ ᠶᠡᠬᠡ ᠦᠢᠯᠡ ᠪᠣᠯᠠᠢ ᠭᠡᠮᠡᠨ ᠪᠠᠰᠠ ᠶᠡᠬᠡ ᠵᠠᠩᠵᠤᠨ ᠨᠢᠴᠦᠮᠡᠲᠢᠨ ᠢ᠋ ᠳᠠᠭᠤᠳᠠᠵᠤ ᠄  《ᠲᠠ ᠶᠡᠬᠡ ᠫᠤᠤ ᠪᠠᠨ ᠠᠪᠴᠤ ᠡᠨᠡ ᠰᠥᠨᠢ ᠨᠢᠭᠤᠴᠠ ᠪᠠᠷ ᠰᠢᠭᠡ ᠨᠣᠶᠠᠨ ᠤ᠋ ᠮᠣᠷᠢᠲᠤ ᠴᠡᠷᠢᠭ ᠦ᠋ᠨ ᠠᠷᠤ ᠪᠠᠷ ᠤᠭᠰᠠᠷᠠᠵᠤ ᠮᠠᠷᠭᠠᠲᠠ ᠡᠷᠲᠡ ᠬᠡᠷᠡᠭᠯᠡᠬᠦ ᠪᠡᠷ ᠪᠡᠯᠡᠨ ᠪᠣᠯᠭᠠᠭᠲᠤᠨ ᠂ ᠰᠠᠭᠠᠲᠤᠵᠤ ᠪᠣᠯᠬᠤ ᠦᠭᠡᠢ ᠭᠡᠮᠡᠨ ᠵᠠᠬᠢᠵᠤ ᠵᠢᠴᠢ ᠡᠳᠦᠷ ᠪᠠᠢᠯᠳᠤᠰᠤᠭᠠᠢ ᠭᠡᠮᠡᠨ ᠰᠥᠩ ᠤᠯᠤᠰ ᠲᠤᠷ ᠡᠯᠴᠢ ᠶᠠᠪᠤᠭᠤᠯᠵᠤ ᠪᠣᠯᠵᠣᠭᠠᠯᠠᠨ ᠠᠵᠤᠤ ᠂ ᠳ᠋ᠦᠩ ᠸᠸᠨ ᠹᠢᠩ ᠂ ᠲᠡᠴᠤᠦ ᠂ ᠦ ᠰᠢᠦ ᠂  ᠠᠳᠠᠬᠠᠢ ᠂ ᠪᠤᠯᠠᠭᠠᠨ ᠂ ᠠᠯᠢᠫᠢ ᠰᠣᠳᠣᠷᠲᠠᠢ ᠨᠠᠷ ᠢ᠋ ᠤᠰᠤᠨ ᠴᠡᠷᠢᠭ ᠦ᠋ᠨ ᠬᠣᠰᠢᠭᠤᠴᠢ ᠪᠣᠯᠭᠠᠨ ᠮᠠᠨ ᠤ᠋ ᠪᠦᠬᠦ ᠴᠡᠷᠢᠭ ᠰᠥᠩ ᠤᠯᠤᠰ ᠤ᠋ᠨ ᠤᠰᠤᠨ ᠴᠡᠷᠢᠭ ᠦ᠋ᠨ ᠵᠢᠭᠰᠠᠭᠠᠯ ᠤ᠋ᠨ ᠠᠷᠤ ᠶ᠋ᠢᠨ ᠫᠤᠤ ᠶ᠋ᠢᠨ ᠳᠠᠭᠤᠨ ᠢ᠋ᠶ᠋ᠠᠷ ᠳᠣᠬᠢᠶ᠎ᠠ ᠪᠣᠯᠭᠠᠨ ᠰᠥᠩ ᠦ᠋ᠨ ᠴᠡᠷᠢᠭ ᠲᠦ᠍ᠷ ᠳᠠᠭᠠᠷᠢᠨ ᠣᠷᠣᠵᠤ ᠬᠠᠷᠠᠩᠭ᠎ᠠ ᠶ᠋ᠢᠨ ᠳᠠᠭᠤᠨ ᠢ᠋ᠶ᠋ᠠᠷ ᠤᠷᠤᠭᠰᠢᠯᠠᠨ ᠬᠡᠩᠭᠡᠷᠭᠡ ᠶ᠋ᠢᠨ ᠳᠠᠭᠤᠨ ᠢ᠋ᠶ᠋ᠠᠷ ᠪᠤᠴᠠᠮᠤᠢ᠃ ᠰᠠᠢᠲᠤᠷ ᠲᠡᠮᠳᠡᠭᠯᠡᠨ ᠶᠠᠪᠤ ᠭᠡᠮᠡᠨ ᠲᠤᠰ ᠲᠤᠰ ᠶᠠᠪᠤᠭᠤᠯᠤᠭᠠᠳ ᠥᠪᠡᠷᠦᠨ ᠪᠡᠶ᠎ᠡ ᠪᠡᠷ ᠳᠤᠮᠳᠠᠳᠤ ᠶᠡᠬᠡ ᠴᠡᠷᠢᠭ ᠢ᠋ ᠤᠳᠤᠷᠢᠳᠤᠨ ᠶᠡᠬᠡ ᠵᠠᠩᠵᠤᠨ ᠠᠷᠤᠤᠬᠠᠨ ᠨᠠᠷ ᠪᠠ ᠴᠠᠴᠠᠷ ᠤ᠋ᠨ ᠣᠯᠠᠨ ᠢ᠋ ᠳᠠᠭᠠᠭᠤᠯᠤᠨ ᠬᠦᠷᠳᠦᠲᠦ ᠶᠡᠬᠡ ᠣᠩᠭᠣᠴᠠᠨ᠎ᠠ ᠰᠠᠭᠤᠵᠤ ᠰᠢᠷᠤᠭ ᠲᠤᠷ ᠶᠤᠸᠠᠨᠱᠤᠸᠠᠢ ᠶ᠋ᠢᠨ ᠶᠡᠬᠡ ᠲᠤᠭ ᠢ᠋ ᠮᠠᠨᠳᠤᠭᠤᠯᠤᠨ ᠲᠠ ᠪᠦᠬᠦᠨ ᠮᠢᠨᠦ ᠰᠥᠩ ᠤᠯᠤᠰ ᠤ᠋ᠨ ᠤᠰᠤᠨ ᠴᠡᠷᠢᠭ ᠢ᠋ ᠡᠪᠳᠡᠬᠦ ᠶ᠋ᠢ ᠦᠵᠡᠭᠲᠦᠨ ᠭᠡᠮᠡᠨ ᠭᠠᠭᠴᠠ ᠨᠢᠴᠦᠮᠡᠲᠢᠨ ᠦ᠌ ᠫᠤᠤ ᠶ᠋ᠢᠨ ᠳᠠᠭᠤᠨ ᠢ᠋ ᠬᠦᠯᠢᠶᠡᠮᠦᠢ᠃ 
       ᠲᠡᠳᠦᠢ ᠳ᠋ᠦ᠍ᠷ ᠵᠢᠶᠠ ᠽᠢ ᠳ᠋ᠣᠣ ᠬᠡᠷᠲᠦ ᠶᠡᠬᠡ ᠣᠩᠭᠣᠴᠠᠨ᠎ᠠ ᠰᠠᠭᠤᠵᠤ ᠠᠷᠤ ᠥᠪᠥᠷ ᠢ᠋ᠶ᠋ᠡᠷ ᠥᠬᠢᠳ ᠴᠠᠢ ᠪᠠᠷᠢᠵᠤ ᠰᠢᠬᠦᠷ ᠠᠳᠬᠤᠵᠤ ᠵᠢᠭᠰᠠᠭᠠᠨ ᠪᠠᠷᠰ ᠡᠷᠪᠢᠰ ᠮᠡᠲᠦ ᠰᠢᠳᠠᠷ ᠴᠡᠷᠢᠭ ᠵᠢᠳᠠ ᠢᠯᠳᠦ ᠭᠢᠯᠠᠯᠵᠠᠭᠤᠯᠤᠨ ᠥᠨᠳᠥᠷ ᠰᠢᠷᠤᠭ ᠲᠤᠷ ᠱᠤᠸᠠᠢ ᠬᠡᠮᠡᠬᠦ ᠶᠡᠬᠡ ᠥᠰᠥᠭᠲᠦ ᠲᠤᠭ ᠡᠯᠭᠦᠵᠦ ᠶᠤᠸᠠᠨᠱᠤᠸᠠᠢ ᠶ᠋ᠢᠨ ᠶᠡᠬᠡ ᠵᠢᠭᠰᠠᠭᠠᠯ ᠤ᠋ᠨ ᠰᠢᠭᠦᠷ ᠮᠠᠨᠵᠢᠯᠭ᠎ᠠ ᠂ ᠵᠢᠳᠠ ᠂ ᠢᠯᠳᠦ ᠂ ᠰᠦᠬᠡ ᠂ ᠪᠢᠯᠠᠭᠤ ᠂ ᠰᠡᠷᠡᠭᠡ ᠵᠡᠷᠭᠡ ᠶ᠋ᠢ ᠵᠢᠭᠦᠷᠯᠡᠨ ᠬᠠᠳᠬᠤᠵᠤ ᠶᠤᠸᠠᠨᠱᠤᠸᠠᠢ ᠶ᠋ᠢᠨ ᠴᠠᠴᠠᠷ ᠤ᠋ᠨ ᠶᠡᠬᠡ ᠪᠠᠭ᠎ᠠ ᠵᠠᠩᠵᠤᠨ ᠲᠦᠰᠢᠮᠡᠳ ᠨᠠᠶᠠ ᠢᠯᠡᠭᠦᠦ ᠬᠥᠮᠦᠨ ᠡᠷᠬᠢᠮ ᠳᠣᠣᠷᠠᠲᠤ ᠶ᠋ᠢᠨ ᠢᠯᠭᠠᠯ ᠢ᠋ᠶ᠋ᠠᠷ ᠮᠥᠷᠯᠡᠨ ᠵᠢᠭᠰᠠᠭᠠᠵᠤ ᠰᠠᠭᠤᠯᠴᠠᠪᠠᠢ᠃ ᠶᠤᠸᠠᠨᠱᠤᠸᠠᠢ ᠶ᠋ᠢᠨ ᠶᠡᠬᠡ ᠣᠩᠭᠣᠴᠠ ᠶ᠋ᠢᠨ ᠡᠮᠦᠨ᠎ᠡ ᠬᠣᠢᠨ᠎ᠠ ᠬᠤᠶᠠᠭᠲᠤ ᠪᠠᠢᠯᠳᠤᠬᠤ ᠣᠩᠭᠣᠴᠠ ᠪᠠᠷ ᠬᠠᠮᠠᠭᠠᠯᠠᠨ ᠬᠤᠷᠳᠤᠨ ᠣᠩᠭᠣᠴᠠ ᠴᠠᠭᠳᠠᠵᠤ ᠶᠠᠪᠤᠮᠤᠢ᠃ ᠵᠢᠶᠠ ᠽᠢ ᠳ᠋ᠣᠣ ᠶ᠋ᠢᠨ ᠴᠢᠷᠠᠢ ᠶ᠋ᠢᠨ ᠥᠩᠭᠡ ᠮᠠᠭᠤ ᠪᠣᠯᠪᠠᠴᠤ ᠬ᠌ᠬᠢᠪ ᠪᠦᠲᠡᠭᠡᠯᠳᠦ ᠠᠯᠲᠠᠨ ᠰᠢᠷᠡᠭᠡᠨ ᠦ᠌ ᠠᠷᠤ ᠳ᠋ᠤᠷ ᠬᠥᠨᠲᠥᠷᠭᠡᠨ ᠰᠠᠭᠤᠵᠤ ᠤᠷᠲᠤ ᠰᠠᠢᠬᠠᠨ ᠭᠠᠮᠨᠠᠭᠰᠠᠨ ᠰᠠᠬᠠᠯ ᠢ᠋ᠶ᠋ᠠᠨ ᠰᠢᠪᠳᠤᠷᠴᠤ ᠪᠣᠳᠣᠯᠭ᠎ᠠ ᠪᠣᠯᠵᠤ ᠰᠠᠭᠤᠮᠤᠢ᠃ ᠴᠢᠷᠠᠢ ᠣᠯᠠᠪᠲᠤᠷ ᠂ ᠪᠡᠶ᠎ᠡ ᠮᠢᠬᠠᠯᠢᠭ ᠃ ᠯᠤᠤ ᠪᠠᠷᠰ ᠤ᠋ᠨ ᠬᠡ ᠲᠡᠢ ᠮᠠᠩᠨᠤᠭ ᠡᠮᠦᠰᠴᠦ ᠮᠢᠨᠳᠠᠰᠤᠨ ᠬᠤᠶᠠᠭ ᠢ᠋ᠶ᠋ᠠᠷ ᠳᠠᠷᠤᠭᠤᠯᠵᠤ ᠲᠡᠷᠢᠭᠦᠨ ᠳ᠋ᠦ᠍ᠷ ᠨᠠᠷᠢᠨ ᠬᠡᠴᠡ ᠲᠡᠢ ᠠᠯᠲᠠᠨ ᠳᠤᠭᠤᠯᠠᠭ᠎ᠠ ᠲᠠᠯᠪᠢᠵᠤ ᠪᠠᠢᠯᠳᠤᠭᠠᠨ ᠤ᠋ ᠰᠢᠨᠵᠢ ᠲᠡᠮᠳᠡᠭ ᠪᠣᠯᠭᠠᠪᠠ᠃ ᠬᠠᠷᠢᠨ ᠠᠷᠤ ᠳ᠋ᠤᠷ ᠬᠣᠴᠣᠷᠤᠭᠰᠠᠨ ᠮᠣᠷᠢᠲᠤ ᠶᠠᠪᠠᠭᠠᠨ ᠨᠠᠢ᠍ᠮᠠᠨ ᠲᠦᠮᠡᠨ ᠴᠡᠷᠢᠭ ᠬᠦᠯᠢᠶᠡᠨ ᠰᠠᠭᠤᠵᠤ ᠪᠦᠬᠦᠢ ᠳ᠋ᠦ᠍ᠷ ᠲᠤᠷᠰᠢᠭᠤᠯ ᠤ᠋ᠨ ᠬᠥᠮᠦᠨ ᠣᠷᠣᠵᠤ ᠢᠷᠡᠭᠡᠳ ᠮᠣᠩᠭᠣᠯ ᠤ᠋ᠨ ᠮᠣᠷᠢᠲᠤ ᠴᠡᠷᠢᠭ ᠬᠡᠳᠦᠨ ᠵᠠᠮ ᠢ᠋ᠶ᠋ᠠᠷ ᠮᠥᠷᠡᠨ ᠵᠦᠭ ᠠᠠᠢᠰᠤᠢ ᠭᠡᠮᠡᠨ ᠮᠡᠳᠡᠭᠦᠯᠦᠭᠰᠡᠨ ᠳ᠋ᠦ᠍ᠷ ᠳᠡᠷᠭᠡᠳᠡ ᠰᠠᠭᠤᠭᠰᠠᠨ ᠰᠦᠨ ᠬᠤ᠌ ᠴᠸᠨ ᠢ᠋ ᠭᠢᠯᠦᠢᠪᠡᠰᠦ ᠰᠦᠨ ᠬᠤ᠌ ᠴᠸᠨ ᠶᠠᠭᠠᠷᠠᠨ ᠪᠣᠰᠴᠤ ᠵᠣᠭᠰᠣᠭᠠᠳ ᠮᠠᠨ ᠤ᠋ ᠠᠷᠤ ᠴᠡᠷᠢᠭ ᠤᠳᠠᠬᠤ ᠦᠭᠡᠢ ᠬᠦᠷᠴᠦ ᠢᠷᠡᠬᠦ ᠲᠤᠯᠠ ᠴᠥᠭᠡᠨ ᠮᠣᠷᠢᠲᠤ ᠴᠡᠷᠢᠭ ᠬᠡᠷᠬᠢᠨ ᠲᠣᠭᠲᠠᠵᠤ ᠴᠢᠳᠠᠬᠤ ᠠᠵᠢ ᠂ ᠳᠠᠬᠢᠨ ᠲᠡᠩᠨᠡᠵᠦ ᠮᠡᠳᠡᠭᠦᠯ  》ᠭᠡᠮᠡᠨ ᠲᠤᠷᠰᠢᠭᠤᠯ ᠢ ᠭᠠᠷᠭᠠᠭᠰᠠᠨ ᠤ᠋ ᠬᠣᠢᠨ᠎ᠠ ᠵᠢᠶᠠ ᠽᠢ ᠳ᠋ᠣᠣ ᠂ ᠰᠦᠨ ᠬᠤ᠌ ᠴᠧᠨ ᠡᠴᠡ ᠠᠷᠤ ᠶ᠋ᠢᠨ ᠴᠡᠷᠢᠭ ᠦ᠋ᠨ ᠬᠣᠴᠣᠷᠤᠭᠰᠠᠨ ᠰᠢᠯᠲᠠᠭᠠᠨ ᠢ᠋ ᠠᠰᠠᠭᠤᠪᠠᠰᠤ ᠰᠦᠨ ᠬᠤ᠌ ᠴᠧᠨ ᠥᠪᠡᠷ ᠦ᠋ᠨ ᠠᠷᠢᠬᠢᠨ ᠤ᠋ ᠣᠰᠣᠯ ᠢ᠋ᠶ᠋ᠠᠷ ᠵᠠᠷᠯᠢᠭ ᠢ᠋ ᠳᠠᠷᠤᠭᠰᠠᠨ ᠢ᠋ᠶ᠋ᠠᠨ ᠥᠭᠦᠯᠡᠬᠦ ᠦᠭᠡᠢ ᠵᠠᠷᠯᠢᠭ ᠤᠯᠠᠮᠵᠢᠯᠠᠭᠰᠠᠨ ᠡᠯᠴᠢ ᠳ᠋ᠦ᠍ᠷ ᠶᠠᠯ᠎ᠠ ᠨᠥᠮᠥᠷᠭᠡᠵᠦ ᠮᠡᠳᠡᠭᠦᠯᠪᠡ ᠃ ᠲᠡᠳᠦᠢ ᠳ᠋ᠦ᠍ᠷ ᠴᠠᠴᠠᠷ ᠤ᠋ᠨ ᠨᠢᠭᠡᠨ ᠳᠣᠣᠷᠠᠲᠤ ᠵᠠᠩᠵᠤᠨ ᠠᠶᠤᠮᠰᠢᠭ ᠦᠭᠡᠢ ᠥᠴᠢᠷᠦᠨ :《ᠬᠡᠷᠪᠡ ᠮᠥᠷᠡᠨ ᠦ᠌ ᠬᠥᠪᠡᠭᠡᠨ ᠡᠴᠡ ᠭᠠᠯ ᠫᠤᠤ ᠪᠠᠷ ᠫᠤᠤᠳᠠᠪᠠᠰᠤ ᠮᠠᠨ ᠤ᠋ ᠳᠤᠮᠳᠠᠳᠤ ᠴᠡᠷᠢᠭ ᠠᠶᠤᠯᠲᠠᠢ ᠪᠣᠯᠠᠢ᠃ ᠴᠧᠩᠰᠢᠶᠠᠩ ᠡᠷᠲᠡᠬᠡᠨ ᠰᠣᠶᠣᠷᠬᠠᠮᠤ ! 》ᠬᠡᠮᠡᠬᠦᠢ ᠳ᠋ᠦ᠍ᠷ ᠵᠢᠶᠠ ᠽᠢ ᠳ᠋ᠣᠣ ᠂ ᠰᠦᠨ ᠬᠤ᠌ ᠴᠸᠨ ᠬᠣᠶᠠᠭᠤᠯᠠ ᠲᠡᠷᠡ ᠳᠣᠣᠷᠠᠲᠤ ᠵᠠᠩᠵᠤᠨ ᠢ᠋ ᠤᠳᠠᠲᠠᠯ᠎ᠠ ᠭᠢᠯᠦᠢᠵᠦ ᠮᠠᠨ ᠤ᠋ ᠶᠡᠬᠡ ᠰᠠᠢᠳ ᠲᠦᠰᠢᠮᠡᠳ ᠪᠣᠢ ᠪᠥᠭᠡᠲᠡᠯ᠎ᠡ ᠬᠢᠷᠢ ᠪᠡᠨ ᠮᠡᠳᠡᠬᠦ ᠦᠭᠡᠢ ᠥᠭᠦᠯᠡᠪᠡ ᠭᠡᠮᠡᠨ ᠪᠤᠷᠤᠭᠤᠰᠢᠶᠠᠪᠠ᠃ ᠭᠡᠪᠡᠴᠦ ᠄ 《ᠤᠰᠤᠨ ᠴᠡᠷᠢᠭ ᠦ᠋ᠨ ᠵᠢᠭᠰᠠᠭᠠᠯ ᠢ᠋ ᠮᠥᠷᠡᠨ ᠦ᠌ ᠬᠥᠪᠡᠭᠡᠨ ᠡᠴᠡ ᠵᠠᠢᠯᠠᠭᠤᠯ !》ᠭᠡᠮᠡᠨ ᠵᠢᠶᠠ ᠽᠢ ᠳ᠋ᠣᠣ ᠵᠠᠷᠯᠢᠭ ᠪᠣᠯᠵᠤ ᠳᠣᠬᠢᠶ᠎ᠠ ᠥᠭᠬᠦ ᠵᠡᠷᠭᠡ ᠪᠡᠷ ᠮᠥᠷᠡᠨ ᠦ᠌ ᠬᠥᠪᠡᠭᠡᠨ ᠡᠴᠡ ᠫᠤᠤ ᠶ᠋ᠢᠨ ᠳᠠᠭᠤᠨ ᠠᠶᠤᠩᠭ᠎ᠠ ᠮᠡᠲᠦ ᠵᠡᠷᠭᠡ ᠪᠡᠷ ᠳᠦᠩᠨᠡᠵᠦ ᠭᠠᠯ ᠰᠤᠮᠤ ᠶᠡᠬᠡ ᠵᠢᠭᠰᠠᠭᠠᠯ ᠳ᠋ᠤᠷ ᠳᠡᠯᠪᠡᠷᠡᠵᠦ ᠬᠡᠳᠦ ᠬᠡᠳᠦᠨ ᠣᠩᠭᠣᠴᠠ ᠵᠠᠯᠭᠠᠯᠳᠤᠭ᠎ᠠ ᠪᠠᠷ ᠭᠠᠯ ᠭᠠᠷᠪᠠ᠃ ᠣᠯᠠᠨ ᠬᠥᠮᠦᠨ ᠦᠢᠮᠡᠯᠳᠦᠨ ᠵᠢᠭᠰᠠᠭᠠᠯ ᠬᠥᠳᠡᠯᠵᠦ ᠰᠠᠮᠠᠭᠤᠷᠠᠬᠤᠢ ᠳ᠋ᠤᠷ ᠡᠮᠦᠨᠡᠲᠦ ᠴᠡᠷᠢᠭ ᠦ᠋ᠨ ᠶᠤᠸᠠᠨᠱᠤᠸᠠᠢ ᠰᠦᠨ ᠬᠤ᠌ ᠴᠸᠨ ᠭᠠᠷ ᠲᠠᠭᠠᠨ ᠰᠡᠯᠡᠮ᠎ᠡ ᠪᠠᠷᠢᠵᠤ ᠬᠡᠳᠦ ᠬᠡᠳᠦᠨ ᠬᠥᠮᠦᠨ ᠢ᠋ ᠵᠣᠭᠰᠣᠭ᠎ᠠ ᠪᠠᠷ ᠴᠠᠪᠴᠢᠵᠤ ᠰᠠᠮᠠᠭᠤᠷᠠᠵᠤ ᠪᠣᠯᠬᠤ ᠦᠭᠡᠢ ᠭᠡᠮᠡᠨ ᠭᠠᠯ ᠭᠠᠷᠤᠭᠰᠠᠨ ᠣᠩᠭᠣᠴᠠ ᠶ᠋ᠢ ᠵᠢᠭᠰᠠᠭᠠᠯ ᠠ᠋ᠴᠠ ᠭᠠᠷᠭᠠᠨ ᠤᠷᠤᠰᠬᠠᠯ ᠤᠷᠤᠭᠤ ᠲᠠᠯᠪᠢᠵᠤ ᠶᠠᠪᠤᠭᠤᠯᠤᠮᠤᠢ᠃ ᠨᠢᠴᠤᠮᠠᠳᠢᠨ ᠭᠤᠴᠢ ᠢᠯᠡᠭᠦᠦ ᠫᠤᠤ ᠪᠠᠷ ᠵᠡᠷᠭᠡᠪᠡᠷ ᠭᠠᠯᠯᠠᠬᠤᠢ ᠳ᠋ᠤᠷ ᠰᠥᠩ ᠤᠯᠤᠰ ᠤ᠋ᠨ ᠤᠰᠤᠨ ᠴᠡᠷᠢᠭ ᠦ᠋ᠨ ᠶᠡᠬᠡ ᠵᠢᠭᠰᠠᠭᠠᠯ ᠳᠣᠯᠭᠢᠰᠤᠨ ᠬᠥᠳᠡᠯᠵᠦ ᠶᠡᠬᠡ ᠪᠠᠬ᠎ᠠ ᠵᠠᠭᠤ ᠢᠯᠡᠭᠦᠦ ᠣᠩᠭᠣᠴᠠ ᠡᠪᠳᠡᠭᠳᠡᠵᠦ ᠭᠠᠯ ᠭᠠᠷᠴᠤ ᠪᠦᠬᠦᠢ ᠳ᠋ᠦ᠍ᠷ ᠠᠵᠤᠤ ᠂ ᠳ᠋ᠦᠩ ᠸᠸᠨ ᠹᠢᠩ ᠂ ᠲᠠᠴᠤᠤ ᠂ ᠦ ᠰᠢᠦ ᠨᠠᠷ ᠰᠢᠯᠢᠳᠡᠭ ᠴᠡᠷᠢᠭ ᠠᠪᠴᠤ ᠬᠡᠳᠦᠨ ᠵᠠᠮ  ᠢ᠋ᠶ᠋ᠠᠷ ᠵᠡᠷᠭᠡ ᠪᠡᠷ ᠳᠠᠷᠤᠨ ᠣᠷᠣᠪᠠ᠃ ᠲᠡᠳᠦᠢ ᠳ᠋ᠦ᠍ᠷ ᠰᠥᠩ ᠦ᠋ᠨ ᠤᠰᠤᠨ ᠴᠡᠷᠢᠭ ᠦ᠋ᠨ ᠬᠣᠰᠢᠭᠤᠴᠢ ᠰᠢᠶᠠ ᠬᠦᠢ ᠶ᠋ᠢᠨ ᠣᠯᠠᠨ ᠭᠠᠯ ᠫᠤᠤ ᠠ᠋ᠴᠠ ᠬᠣᠯᠠ ᠪᠠᠢᠭᠰᠠᠨ ᠲᠤᠯᠠ ᠭᠠᠯ ᠤ᠋ᠨ ᠠᠶᠤᠯ ᠳ᠋ᠤᠷ ᠤᠴᠠᠷᠠᠭᠰᠠᠨ ᠦᠭᠡᠢ ᠵᠢᠭᠰᠠᠭᠠᠯ ᠢ᠋ᠶ᠋ᠠᠨ ᠴᠢᠩᠳᠠᠯᠠᠨ ᠮᠣᠩᠭᠣᠯ ᠤ᠋ᠨ ᠴᠡᠷᠢᠭ ᠢ᠋ ᠤᠭᠲᠤᠨ ᠠᠪᠴᠤ ᠪᠠᠢᠯᠳᠤᠪᠠ᠃ ᠰᠦᠨ ᠬᠡᠦ ᠴᠸᠨ ᠡᠨᠡ ᠵᠠᠪᠰᠢᠶᠠᠨ ᠢ᠋ᠶ᠋ᠠᠷ ᠳᠤᠮᠳᠠᠳᠤ ᠴᠡᠷᠢᠭ ᠢ᠋ᠶ᠋ᠡᠨ ᠠᠷᠠᠢ ᠠᠮᠵᠢᠵᠤ ᠫᠤᠤ ᠶ᠋ᠢᠨ ᠭᠠᠯ ᠠ᠋ᠴᠠ ᠬᠣᠯᠠᠳᠠᠭᠤᠯᠵᠤ ᠰᠠᠮᠠᠭᠤᠷᠠᠭᠰᠠᠨ ᠵᠢᠭᠰᠠᠭᠠᠯ ᠢ᠋ᠶ᠋ᠠᠨ ᠲᠠᠩᠰᠢᠯᠡᠨ ᠰᠢᠶᠠ ᠬᠦᠢ ᠶ᠋ᠢ ᠲᠤᠰᠠᠯᠠᠷ᠎ᠠ ᠬᠦᠷᠴᠦ ᠢᠷᠡᠪᠡ᠃ ᠠᠵᠤᠤ ᠂ ᠳ᠋ᠦᠩ ᠸᠸᠨ ᠹᠢᠩ ᠂ ᠳᠠᠴᠤᠦ ᠂ ᠠᠳᠠᠬᠠᠢ ᠂ ᠪᠤᠯᠠᠭᠠᠨ ᠂ ᠬᠠᠯᠢᠫᠢ ᠂ ᠪᠣᠷᠣᠬᠠᠨ ᠂ ᠰᠤᠳᠤᠷᠲᠠᠢ ᠨᠠᠷ ᠵᠡᠷᠭᠡ ᠪᠡᠷ ᠣᠩᠭᠣᠴᠠ ᠶ᠋ᠢᠨ ᠲᠡᠷᠢᠭᠦᠨ ᠳ᠋ᠦ᠍ᠷ ᠵᠣᠭᠰᠣᠵᠤ ᠰᠥᠩ ᠤᠯᠤᠰ ᠤ᠋ᠨ ᠵᠢᠭᠰᠠᠭᠠᠯ ᠳ᠋ᠤᠷ ᠵᠡᠷᠭᠡ ᠪᠡᠷ ᠣᠷᠣᠵᠤ ᠲᠤᠯᠭᠠᠮ ᠴᠠᠪᠴᠢᠯᠳᠤᠵᠤ ᠬᠡᠨ ᠠᠯᠢᠨ ᠴᠤ᠌ ᠴᠥᠮ ᠪᠤᠴᠠᠬᠤ ᠦᠭᠡᠢ ᠳ᠋ᠦ᠍ᠷ ᠠᠵᠤᠤ ᠮᠠᠰᠢ ᠶᠠᠭᠠᠷᠠᠨ ᠠᠷᠤ ᠳ᠋ᠤᠷ ᠬᠣᠴᠣᠷᠤᠭᠰᠠᠨ ᠯᠢᠦ ᠭᠦᠸᠧ ᠵᠢᠶᠧ ᠂ ᠯᠢ ᠲᠢᠩ ᠦ᠋ᠨ ᠴᠡᠷᠢᠭ ᠢ᠋ ᠱᠠᠭᠠᠷᠳᠠᠨ ᠢᠷᠡᠭᠦᠯᠵᠦ ᠴᠠᠪᠴᠢᠯᠳᠤᠬᠤᠢ ᠳ᠋ᠤᠷ ᠠᠷᠠᠢ ᠬᠦᠴᠦᠨ ᠲᠡᠩᠴᠡᠪᠡᠢ᠃ ᠬᠣᠶᠠᠷ ᠡᠲᠡᠭᠡᠳ ᠦ᠋ᠨ ᠣᠩᠭᠣᠴᠠ ᠮᠥᠷᠭᠥᠯᠳᠦᠭᠡᠳ ᠰᠠᠯᠵᠤ ᠳᠠᠬᠢᠨ ᠮᠥᠷᠭᠥᠯᠳᠦᠵᠦ ᠳᠠᠬᠢᠨ ᠰᠠᠯᠵᠤ ᠵᠢᠭᠤᠷᠠᠯᠳᠤᠨ ᠪᠦᠬᠦᠢ ᠳ᠋ᠤᠢ ᠴᠠᠴᠠᠷ ᠤ᠋ᠨ ᠵᠠᠩᠵᠤᠨ ᠲᠦᠰᠢᠮᠡᠳ ᠴᠥᠮ ᠳᠤᠮᠳᠠᠳᠤ ᠴᠡᠷᠢᠭ ᠭᠠᠷᠴᠤ ᠪᠠᠢᠯᠳᠤᠪᠠᠰᠤ ᠵᠣᠬᠢᠮᠤᠢ ᠭᠡᠮᠡᠨ ᠰᠠᠨᠠᠭᠤᠯᠪᠠᠰᠤ ᠪᠠᠶᠠᠨ ᠬᠠᠷᠢᠭᠤᠯᠬᠤ ᠦᠭᠡᠢ ᠢᠨᠢᠶᠡᠨ ᠪᠥᠬᠦᠷ ᠲᠣᠷ ᠶᠠᠭᠠᠷᠠᠨ ᠳᠠᠷᠪᠠᠭᠤᠯ ᠤ᠋ᠨ ᠰᠢᠷᠤᠭ ᠲᠤᠷ ᠶᠡᠬᠡ ᠤᠯᠠᠭᠠᠨ ᠲᠤᠭ ᠡᠯᠭᠦᠮᠡᠭᠴᠡ ᠵᠢᠶᠠ ᠽᠢ ᠳ᠋ᠣᠣ ᠶ᠋ᠢᠨ ᠵᠢᠭᠰᠠᠭᠠᠯ ᠤ᠋ᠨ ᠠᠷᠤ᠎ᠠ᠋ᠴᠠ ᠬᠠᠷᠠᠩᠭ᠎ᠠ ᠶ᠋ᠢᠨ ᠳᠠᠭᠤᠨ ᠭᠠᠷᠬᠤᠢ ᠳ᠋ᠤᠷ ᠪᠠᠶᠠᠨ ᠶᠤᠸᠠᠨᠱᠤᠸᠠᠢ ᠲᠤᠭ ᠡᠷᠭᠦᠵᠦ ᠳᠣᠬᠢᠶ᠎ᠠ ᠥᠭᠭᠦᠮᠡᠭᠴᠡ ᠮᠣᠩᠭᠣᠯ ᠤ᠋ᠨ ᠳᠤᠮᠳᠠᠳᠤ ᠴᠡᠷᠢᠭ ᠮᠥᠷᠡᠨ ᠪᠠᠭᠲᠠᠬᠤ ᠦᠭᠡᠢ ᠪᠠᠭᠤᠵᠤ ᠢᠷᠡᠮᠦᠢ᠃ 
       ᠲᠡᠳᠦᠢ ᠳ᠋ᠦ᠍ᠷ ᠰᠥᠩ ᠤᠯᠤᠰ ᠤ᠋ᠨ ᠤᠰᠤᠨ ᠴᠡᠷᠢᠭ ᠦ᠋ᠨ ᠳᠦ ᠳᠦ ᠰᠢᠶᠠ ᠬᠦᠢ ᠦᠬᠦᠨ ᠴᠠᠪᠴᠢᠯᠳᠤᠵᠤ ᠲᠠᠢᠯᠤᠨ ᠳᠡᠢᠯᠦᠭᠳᠡᠬᠦ ᠢᠯᠭᠠᠷᠠᠭᠠᠳᠤᠢ ᠳ᠋ᠤᠷ ᠭᠡᠨᠡᠳᠲᠡ ᠴᠡᠷᠢᠭ ᠬᠤᠷᠢᠶᠠᠬᠤ ᠬᠠᠷᠠᠩᠭ᠎ᠠ ᠶ᠋ᠢᠨ ᠳᠠᠭᠤᠨ ᠢ᠋ ᠰᠣᠨᠣᠰᠴᠤ ᠮᠠᠰᠢ ᠭᠠᠢᠬᠠᠵᠤ ᠵᠣᠭᠰᠣᠬᠤ ᠬᠣᠭᠣᠷᠣᠨᠳᠣ ᠮᠣᠩᠭᠣᠯᠴᠤᠳ ᠄ 《ᠰᠥᠩ ᠤᠯᠤᠰ ᠳᠡᠢᠯᠦᠭᠳᠡᠪᠡᠢ !》 ᠭᠡᠮᠡᠨ ᠪᠠᠷᠬᠢᠷᠠᠨ ᠴᠠᠪᠴᠢᠨ ᠬᠦᠷᠴᠦ ᠢᠷᠡᠬᠦᠢ ᠳ᠋ᠦ᠍ᠷ ᠠᠮᠢ ᠲᠡᠮᠡᠴᠡᠨ ᠴᠠᠪᠴᠢᠯᠳᠤᠵᠤ ᠪᠠᠢᠭᠰᠠᠨ ᠴᠡᠷᠢᠭ ᠵᠠᠩᠵᠤᠨ ᠴᠥᠮ ᠰᠠᠮᠠᠭᠤᠷᠠᠨ ᠡᠭᠦᠰᠬᠡᠪᠡ᠃ ᠮᠥᠷᠡᠨ ᠥᠭᠡᠳᠡ ᠬᠠᠷᠠᠪᠠᠰᠤ ᠪᠠᠶᠠᠨ ᠶᠤᠸᠠᠨᠱᠤᠸᠠᠢ ᠶ᠋ᠢᠨ ᠳᠤᠮᠳᠠᠳᠤ ᠴᠡᠷᠢᠭ ᠮᠥᠷᠡᠨ ᠳᠦᠭᠦᠷᠡᠩ ᠪᠠᠭᠤᠵᠤ ᠠᠢᠰᠤᠢ ᠳ᠋ᠤᠷ ᠰᠢᠶᠠ ᠬᠦᠢ ᠰᠡᠭᠦᠷᠡᠰᠦ ᠠᠯᠳᠠᠵᠤ ᠵᠢᠶᠠ ᠽᠢ ᠳ᠋ᠣᠣ ᠶ᠋ᠢ ᠴᠡᠷᠢᠭ ᠬᠤᠷᠢᠶᠠᠬᠤ ᠳᠣᠬᠢᠶ᠎ᠠ ᠥᠭᠪᠡᠢ ᠭᠡᠮᠡᠨ ᠪᠣᠳᠣᠵᠤ: 《ᠲᠡᠭᠷᠢ ᠶ᠋ᠢᠨ ᠴᠠᠭ ᠪᠣᠯᠠᠢ !  》 ᠭᠡᠮᠡᠨ ᠶᠡᠬᠡ ᠣᠩᠭᠣᠴᠠ ᠪᠠᠨ ᠬᠠᠶᠠᠵᠤ ᠬᠥᠩᠭᠡᠨ ᠣᠩᠭᠣᠴᠠ ᠰᠣᠯᠢᠵᠤ ᠪᠤᠷᠤᠭᠤᠯᠠᠵᠤ ᠭᠠᠷᠬᠤ ᠳ᠋ᠠᠭᠠᠨ ᠵᠢᠶᠠ ᠽᠢ ᠳ᠋ᠣᠣ ᠶ᠋ᠢᠨ ᠶᠡᠬᠡ ᠣᠩᠭᠣᠴᠠ ᠶ᠋ᠢᠨ ᠳᠡᠷᠭᠡᠳᠡ ᠬᠦᠷᠴᠦ ᠢᠷᠡᠭᠡᠳ :《ᠲᠡᠳᠡ ᠣᠯᠠᠨ ᠪᠢᠳᠡ ᠴᠥᠭᠡᠨ ᠲᠦᠷᠭᠡᠯᠡᠬᠦ ᠦᠭᠡᠢ ᠪᠥᠭᠡᠰᠦ ᠪᠠᠷᠢᠭᠳᠠᠮᠤᠢ 》ᠭᠡᠮᠡᠨ ᠤᠷᠤᠰᠬᠠᠯ ᠢ᠋ ᠳᠠᠭᠠᠵᠤ ᠨᠢᠰᠬᠦ ᠮᠡᠲᠦ ᠯᠦ᠍ ᠵᠧᠦ ᠶ᠋ᠢ ᠵᠣᠷᠢᠪᠠ᠃ ᠵᠢᠶᠠ ᠽᠢ ᠳ᠋ᠣᠣ ᠶᠡᠬᠡ ᠬᠡᠷᠡᠭ ᠨᠢᠭᠡᠨᠲᠡ ᠥᠩᠭᠡᠷᠡᠭᠰᠡᠨ ᠢ᠋ ᠮᠡᠳᠡᠵᠦ ᠬᠤᠷᠳᠤᠨ ᠣᠩᠭᠣᠴᠠ ᠰᠣᠯᠢᠵᠤ ᠪᠢᠴᠢᠭ ᠬᠠᠷ᠎ᠠ ᠂ ᠲᠠᠮᠠᠭ᠎ᠠ ᠲᠡᠮᠳᠡᠭ ᠂ ᠴᠡᠷᠢᠭ ᠦ᠋ᠨ ᠳᠠᠩᠰᠠ ᠂ ᠭᠠᠵᠠᠷ ᠤ᠋ᠨ ᠵᠢᠷᠤᠭ ᠂ ᠵᠢᠭᠰᠠᠭᠠᠯ ᠤ᠋ᠨ ᠰᠠᠪᠠ ᠵᠡᠪᠰᠡᠭ ᠂ ᠭᠠᠩᠭᠠᠨ ᠬᠡᠦᠬᠡᠨᠴᠦᠳ ᠢ᠋ᠶ᠋ᠡᠨ ᠴᠥᠮ ᠬᠠᠶᠠᠵᠤ ᠶᠠᠩ ᠵᠧᠦ ᠶ᠋ᠢ ᠴᠢᠭᠯᠡᠨ ᠪᠤᠷᠤᠭᠤᠯᠠᠪᠠ᠃ ᠰᠦᠨ ᠬᠤ᠌ ᠴᠸᠨ ᠴᠡᠷᠢᠭ ᠦ᠋ᠨ ᠡᠷ᠎ᠡ ᠲᠤᠯᠠ ᠵᠣᠷᠢᠭ ᠭᠠᠷᠭᠠᠨ ᠵᠢᠶᠠ ᠽᠢ ᠳ᠋ᠣᠣ ᠶ᠋ᠢᠨ ᠵᠠᠷᠤᠴᠠ ᠥᠬᠢᠳ ᠪᠠ ᠴᠠᠴᠠᠷ ᠤ᠋ᠨ ᠣᠯᠠᠨ ᠢ᠋ ᠬᠤᠷᠳᠤᠨ ᠣᠩᠭᠣᠴᠠᠨ᠎ᠠ ᠭᠠᠷᠭᠠᠨ ᠰᠢᠳᠠᠷ ᠵᠠᠩᠵᠤᠨ ᠳ᠋ᠠᠭᠠᠨ ᠲᠤᠰᠢᠶᠠᠨ ᠶᠠᠪᠤᠭᠤᠯᠵᠤ ᠥᠪᠡᠷᠦᠨ ᠪᠡᠶ᠎ᠡ ᠪᠢᠰᠢᠭᠤ ᠣᠩᠭᠣᠴᠠᠨ᠎ᠠ ᠰᠠᠭᠤᠵᠤ ᠵᠢᠶᠠ ᠽᠢ ᠳ᠋ᠣᠣ ᠶ᠋ᠢᠨ ᠠᠷᠤ ᠠ᠋ᠴᠠ ᠲᠠᠭᠠᠯᠴᠠᠨ ᠢᠷᠡᠪᠡ᠃ 
       ᠥᠭᠦᠯᠡᠬᠦ ᠢᠨᠦ ᠵᠢᠶᠠ ᠽᠢ ᠳ᠋ᠣᠣ ᠶᠠᠩ ᠵᠧᠦ ᠵᠦᠭ ᠪᠤᠷᠤᠭᠤᠯᠠᠬᠤ ᠶ᠋ᠢᠨ ᠬᠠᠮᠲᠤ ᠬᠥᠮᠦᠨ ᠶᠠᠪᠤᠭᠤᠯᠵᠤ ᠰᠢᠶᠠ ᠬᠦᠢ ᠶ᠋ᠢ ᠳᠠᠭᠤᠳᠠᠭᠤᠯᠪᠠᠰᠤ ᠰᠢᠶᠠ ᠬᠦᠢ ᠬᠦᠢᠲᠡᠨ ᠢ᠋ᠶ᠋ᠡᠷ ᠢᠨᠢᠶᠡᠨ ᠬᠡᠩᠭᠡᠷᠭᠡ ᠶ᠋ᠢᠨ ᠳᠠᠭᠤᠨ ᠢ᠋ᠶ᠋ᠠᠷ ᠤᠷᠤᠭᠰᠢᠯᠠᠵᠤ ᠬᠠᠷᠠᠩᠭ᠎ᠠ ᠶ᠋ᠢᠨ ᠳᠠᠭᠤᠨ ᠢ᠋ᠶ᠋ᠠᠷ ᠪᠤᠴᠠᠬᠤ ᠬᠡᠦᠬᠡᠳ ᠦ᠋ᠨ ᠮᠡᠳᠡᠬᠦ ᠵᠦᠢᠯ ᠢ᠋ ᠴᠦ᠍ ᠮᠡᠳᠡᠬᠦ ᠦᠭᠡᠢ ᠬᠥᠮᠦᠨ ᠳ᠋ᠦ᠍ᠷ ᠦᠢᠯᠡᠴᠢᠯᠡᠬᠦ ᠢᠨᠦ ᠴᠡᠷᠢᠭ ᠦ᠋ᠨ ᠡᠷ᠎ᠡ ᠶ᠋ᠢᠨ ᠢᠴᠡᠩᠭᠦᠷᠢ ᠭᠡᠮᠡᠨ ᠴᠢᠨᠠᠭᠰᠢᠯᠠᠪᠠ᠃ ᠬᠠᠷᠢᠨ ᠪᠠᠶᠠᠨ ᠶᠤᠸᠠᠨᠱᠤᠸᠠᠢ ᠶ᠋ᠢᠨ ᠠᠷᠭ᠎ᠠ ᠭᠡᠮᠡᠨ ᠮᠡᠳᠡᠭᠡᠳᠦᠢ ᠪᠣᠯᠠᠢ᠃ 
       ᠡᠢᠮᠦ ᠡᠴᠡ ᠬᠣᠵᠢᠮ ᠤ᠋ᠨ ᠬᠥᠮᠦᠰ ᠰᠥᠩ ᠤᠯᠤᠰ ᠤ᠋ᠨ ᠳᠡᠢᠯᠦᠭᠳᠡᠭᠰᠡᠨ ᠶᠠᠯ᠎ᠠ ᠶ᠋ᠢ ᠴᠥᠮ ᠵᠢᠶᠠ ᠽᠢ ᠳ᠋ᠣᠣ ᠳ᠋ᠤᠷ ᠨᠥᠮᠥᠷᠭᠡᠵᠦ ᠪᠠᠶᠠᠨ ᠶᠤᠸᠠᠨᠱᠤᠸᠠᠢ ᠶ᠋ᠢᠨ ᠠᠷᠭ᠎ᠠ ᠶ᠋ᠢ ᠪᠠᠯᠠᠯᠠᠵᠤ ᠵᠢᠶᠠ ᠽᠢ ᠳ᠋ᠣᠣ ᠶ᠋ᠢ ᠪᠠᠢᠯᠳᠤᠬᠤ ᠳᠣᠬᠢᠶ᠎ᠠ ᠴᠡᠷᠢᠭ ᠬᠤᠷᠢᠶᠠᠬᠤ ᠳᠣᠬᠢᠶ᠎ᠠ ᠶ᠋ᠢ ᠴᠦ᠍ ᠢᠯᠭᠠᠵᠤ ᠮᠡᠳᠡᠬᠦ ᠦᠭᠡᠢ ᠲᠤᠯᠠ ᠳᠡᠢᠯᠦᠭᠳᠡᠪᠡ ᠬᠡᠮᠡᠮᠦᠢ᠃ ᠡᠨᠡ ᠦᠨᠡᠬᠡᠷ ᠮᠢᠩᠭᠠᠨ ᠦᠶ᠎ᠡ ᠶ᠋ᠢᠨ ᠬᠢᠯᠢᠰ ᠪᠣᠯᠠᠢ᠃ ᠵᠢᠶᠠ ᠽᠢ ᠳ᠋ᠣᠣ ᠶ᠋ᠢᠨ ᠳᠡᠢᠯᠦᠭᠳᠡᠭᠰᠡᠨ ᠮᠡᠳᠡᠭᠡ ᠭᠠᠷᠤᠭᠰᠠᠨ ᠳ᠋ᠤᠷ ᠰᠥᠩ ᠤᠯᠤᠰ ᠳᠠᠶᠠᠭᠠᠷ ᠳᠣᠯᠭᠢᠰᠤᠨ ᠲᠠᠢ ᠹᠠᠩ ᠵᠧᠦ ᠶ᠋ᠢᠨ ᠮᠧᠩ ᡁᠢ ᠶ᠋ᠢᠨ ᠂ ᠦ ᠸᠧᠢ ᠵᠢᠶᠦ᠋ᠨ ᠦ᠌ ᠯᠢ ᠴᠢᠤᠸᠠᠨ ᠂ ᠵᠧᠨ ᠽᠦᠥ ᠵᠢᠶᠦ᠋ᠨ ᠦ᠌ ᠽᠦᠥ ᠸᠠᠩ ᠂ ᠭᠧ ᠵᠧᠦ ᠶ᠋ᠢᠨ ᠸᠠᠩ ᠰᠢ ᠨᠠᠷ ᠬᠣᠲᠠ ᠪᠠᠨ ᠡᠷᠭᠦᠵᠦ ᠳᠠᠭᠠᠷ᠎ᠠ ᠢᠷᠡᠯᠴᠡᠮᠦᠢ᠃ 
       ᠥᠭᠦᠯᠡᠬᠦ ᠢᠨᠦ ᠵᠢᠶᠠ ᠽᠢ ᠳ᠋ᠣᠣ ᠶᠡᠬᠡᠳᠡ ᠳᠡᠢᠯᠦᠭᠳᠡᠭᠡᠳ ᠴᠡᠷᠢᠭ ᠢ᠋ᠶ᠋ᠡᠨ ᠣᠷᠬᠢᠵᠤ ᠠᠮᠢ ᠭᠠᠷᠰᠤᠭᠠᠢ ᠭᠡᠮᠡᠨ ᠵᠣ᠌ ᠠᠨ ᠱᠠᠨ ᠳ᠋ᠤᠷ ᠳᠤᠲᠠᠭᠠᠨ ᠬᠦᠷᠴᠦ ᠰᠥᠨᠢ ᠪᠡᠷ ᠰᠢᠶᠠ ᠬᠦᠢ ᠂ ᠰᠦᠨ ᠬᠤ᠌ ᠴᠦᠨ ᠨᠠᠷ ᠢ᠋ ᠴᠤᠭᠯᠠᠭᠤᠯᠤᠨ ᠵᠥᠪᠳᠡᠪᠡᠰᠦ ᠰᠦᠨ ᠬᠤ᠌ ᠴᠧᠨ ᠳᠠᠭᠤᠨ ᠲᠠᠯᠪᠢᠨ ᠤᠬᠢᠯᠠᠵᠤ ᠣᠴᠢᠷᠤᠨ ᠄ 《ᠮᠠᠨ ᠤ᠋ ᠴᠡᠷᠢᠭ ᠲᠦ᠍ᠷ ᠵᠢᠳᠬᠦᠬᠦ ᠬᠥᠮᠦᠨ ᠦᠭᠡᠢ ᠶ᠋ᠢ ᠬᠡᠷᠬᠢᠮᠦᠢ 》 ᠭᠡᠮᠡᠨ ᠭᠠᠰᠢᠭᠤᠳᠠᠪᠠᠰᠤ ᠰᠢᠶᠠ ᠬᠦᠢ ᠵᠢᠬᠡᠭᠦᠨ ᠢ᠋ᠶ᠋ᠡᠷ ᠢᠨᠢᠶᠡᠵᠦ ᠥᠭᠦᠯᠡᠷᠦᠨ : 《ᠪᠢᠳᠡ ᠮᠣᠩᠭᠣᠯᠴᠤᠳ ᠯᠤᠭ᠎ᠠ ᠬᠡᠳᠦᠨ ᠠᠷᠪᠠᠨ ᠵᠢᠯ ᠪᠠᠢᠯᠳᠤᠨ ᠲᠡᠮᠡᠴᠡᠵᠦ ᠢᠷᠡᠭᠡᠳ ᠡᠨᠡ ᠬᠡᠮᠵᠢᠶᠡᠨ ᠳ᠋ᠦ᠍ᠷ ᠬᠦᠷᠦᠭᠰᠡᠨ ᠦᠭᠡᠢ ᠪᠣᠯᠠᠢ ᠵᠢᠳᠬᠦᠬᠦ ᠬᠥᠮᠦᠨ ᠦᠭᠡᠢ ᠬᠡᠮᠡᠵᠦ ᠪᠣᠯᠤᠮᠤᠢ ᠤᠤ ?  》ᠬᠡᠮᠡᠪᠡ᠃ 
       ᠵᠢᠶᠠ ᠽᠢ ᠳ᠋ᠣᠣ ᠮᠣᠩᠭᠣᠯ ᠤ᠋ᠨ ᠴᠡᠷᠢᠭ ᠢ᠋ ᠬᠡᠷᠬᠢᠨ ᠬᠣᠷᠢᠭᠯᠠᠬᠤ ᠶ᠋ᠢ ᠵᠥᠪᠳᠡᠪᠡᠰᠦ ᠰᠢᠶᠠ ᠬᠦᠢ ᠥᠭᠦᠯᠡᠷᠦᠨ :《ᠮᠠᠨ ᠤ᠋ ᠴᠡᠷᠢᠭ ᠰᠠᠶᠢ ᠳᠡᠢᠯᠦᠭᠳᠡᠭᠡᠳ ᠵᠢᠷᠦᠬᠡ ᠦᠬᠦᠵᠦᠬᠦᠢ᠃ ᠳᠠᠬᠢᠨ ᠪᠠᠢᠯᠳᠤᠵᠤ ᠦᠯᠦ ᠪᠣᠯᠤᠮᠤᠢ᠃ ᠪᠠᠭᠰᠢ ᠰᠠᠢᠳ ᠲᠠ ᠲᠦᠷᠭᠡᠨ ᠶᠠᠩ ᠵᠧᠦ ᠳ᠋ᠦ᠍ᠷ ᠬᠦᠷᠴᠦ ᠰᠠᠷᠨᠢᠭᠰᠠᠨ ᠣᠯᠠᠨ ᠴᠡᠷᠢᠭ ᠢ᠋ ᠬᠣᠷᠢᠶᠠᠨ ᠠᠪᠴᠤ ᠬᠠᠭᠠᠨ ᠢ᠋ ᠳᠠᠯᠠᠢ ᠳ᠋ᠤᠷ ᠵᠠᠢᠯᠠᠭᠤᠯᠵᠤ ᠵᠢᠴᠢ ᠠᠯᠭᠤᠷ ᠢ᠋ᠶ᠋ᠠᠷ ᠵᠥᠪᠳᠡᠰᠦᠭᠡᠢ᠃ ᠪᠢ ᠬᠤᠸᠠᠢ ᠰᠢ ᠳ᠋ᠦ᠍ᠷ ᠪᠤᠴᠠᠵᠤ ᠴᠡᠷᠢᠭ ᠮᠣᠷᠢ ᠪᠡᠯᠡᠳᠬᠡᠨ ᠵᠠᠬᠢᠶ᠎ᠠ ᠶ᠋ᠢ ᠬᠦᠯᠢᠶᠡᠰᠦᠭᠡᠢ 》ᠭᠡᠮᠡᠨ ᠵᠢᠶᠠ ᠽᠢ ᠳ᠋ᠣᠣ ᠶ᠋ᠢᠨ ᠬᠠᠷᠢᠭᠤ ᠵᠢᠭᠠᠪᠤᠷᠢ ᠵᠠᠷᠯᠢᠭ ᠢ᠋ ᠬᠦᠯᠢᠶᠡᠬᠦ ᠦᠭᠡᠢ ᠰᠢᠭᠤᠳ ᠣᠩᠭᠣᠴᠠᠨ ᠳ᠋ᠠᠭᠠᠨ ᠭᠠᠷᠴᠤ ᠣᠳᠪᠠᠢ᠃ ᠵᠢᠶᠠ ᠽᠢ ᠳ᠋ᠣᠣ ᠰᠦᠨ ᠬᠤ᠌ ᠴᠧᠨ ᠬᠣᠶᠠᠭᠤᠯᠠ ᠭᠠᠭᠴᠠ ᠣᠩᠭᠣᠴᠠ ᠪᠠᠷ ᠶᠠᠩ ᠵᠧᠦ ᠳ᠋ᠦ᠍ᠷ ᠬᠦᠷᠴᠦ ᠬᠦᠯᠢᠶᠡᠨ ᠠᠲᠠᠯ᠎ᠠ ᠰᠠᠷᠨᠢᠭᠰᠠᠨ ᠴᠡᠷᠢᠭ ᠦ᠋ᠳ ᠮᠥᠷᠡᠨ ᠳᠦᠭᠦᠷᠡᠩ ᠪᠠᠭᠤᠵᠤ ᠠᠢᠰᠤᠢ᠃ ᠵᠢᠶᠠ ᠽᠢ ᠳ᠋ᠣᠣ ᠲᠤᠭ ᠲᠡᠮᠳᠡᠭ ᠡᠷᠭᠦᠨ ᠳᠠᠯᠠᠯᠬᠤᠢ ᠳ᠋ᠤᠷ ᠣᠢᠰᠢᠶᠠᠬᠤ ᠬᠥᠮᠦᠨ ᠦᠭᠡᠢ ᠪᠥᠭᠡᠳ ᠪᠠᠰᠠ ᠵᠠᠷᠢᠮ ᠠᠨᠤ ᠬᠠᠷᠢᠶᠠᠯ ᠲᠠᠯᠪᠢᠵᠤ ᠤᠳᠤᠮᠤᠢ᠃ ᠵᠢᠶᠠ ᠽᠢ ᠳ᠋ᠣᠣ ᠣᠭᠲᠣ ᠠᠷᠭ᠎ᠠ ᠦᠭᠡᠢ ᠯᠢᠨ ᠨᠠᠨ ᠳ᠋ᠤᠷ ᠶᠠᠯ᠎ᠠ ᠪᠠᠨ ᠬᠦᠯᠢᠶᠡᠨ ᠲᠤᠰᠢᠶᠠᠯ ᠠ᠋ᠴᠠ ᠴᠢᠯᠥᠭᠡᠯᠡᠬᠦ ᠶ᠋ᠢ ᠭᠤᠶᠤᠬᠤ ᠪᠠᠷ ᠪᠤᠴᠠᠪᠠ᠃ 
       ᠲᠡᠳᠦᠢ ᠳ᠋ᠦ᠍ᠷ ᠪᠠᠶᠠᠨ ᠶᠤᠸᠠᠨᠱᠤᠸᠠᠢ ᠶ᠋ᠢᠨ ᠶᠡᠬᠡ ᠴᠡᠷᠢᠭ ᠵᠢᠶᠠ ᠽᠢ ᠳ᠋ᠣᠣ ᠶ᠋ᠢᠨ ᠤᠰᠤᠨ ᠬᠠᠭᠤᠷᠠᠢ ᠬᠣᠶᠠᠷ ᠵᠠᠮ ᠤ᠋ᠨ ᠴᠡᠷᠢᠭ ᠢ᠋ ᠴᠥᠮ ᠳᠡᠢᠯᠦᠭᠡᠳ ᠬᠣᠶᠠᠷ ᠮᠢᠩᠭ᠎ᠠ ᠢᠯᠡᠭᠦᠦ ᠣᠩᠭᠣᠴᠠ ᠣᠯᠵᠠᠯᠠᠨ ᠵᠢᠶᠠ ᠽᠢ ᠳ᠋ᠣᠣ ᠶ᠋ᠢᠨ ᠵᠢᠭᠰᠠᠭᠠᠯ ᠤ᠋ᠨ ᠲᠤᠭ ᠳᠠᠯᠪᠠᠭ᠎ᠠ ᠂ ᠵᠢᠷᠤᠭ ᠲᠡᠮᠳᠡᠭᠯᠡᠯ ᠲᠠᠮᠠᠭ᠎ᠠ ᠲᠡᠮᠳᠡᠭ ᠲᠣᠷ ᠬᠦᠷᠲᠡᠯ᠎ᠡ ᠴᠥᠮ ᠣᠯᠵᠠᠯᠠᠵᠤ ᠳᠡᠢᠯᠦᠭᠰᠡᠨ ᠴᠡᠷᠢᠭ ᠢ᠋ᠶ᠋ᠡᠷ ᠶᠣᠣ ᠵᠧᠦ ᠶ᠋ᠢ ᠪᠠᠢᠯᠳᠤᠨ ᠠᠪᠬᠤᠢ ᠳ᠋ᠤᠷ ᠰᠥᠩ ᠤᠯᠤᠰ ᠤ᠋ᠨ ᠤᠤᠯ ᠤ᠋ᠨ ᠴᠧᠩᠰᠢᠶᠠᠩ ᠵᠢᠶᠠᠩ ᠸᠠᠨ ᠯᠢ ᠤᠰᠤᠨ ᠳ᠋ᠤᠷ ᠬᠠᠷᠠᠢᠵᠤ ᠦᠬᠦᠪᠡ᠃ ᠪᠠᠢᠳᠠᠯ ᠤᠯᠠᠮ ᠪᠠᠴᠢᠮ ᠪᠣᠯᠤᠭᠰᠠᠨ ᠲᠤᠯᠠ ᠵᠢᠶᠠᠨ ᠽᠢ ᠳ᠋ᠣᠣ ᠰᠢᠶᠠ ᠬᠦᠢ ᠶ᠋ᠢᠨ ᠦᠭᠡ ᠪᠡᠷ ᠨᠡᠢᠰᠯᠡᠯ ᠢ᠋ ᠪᠤᠰᠤ ᠲᠡᠰᠢ ᠨᠡᠭᠦᠯᠭᠡᠰᠦᠭᠡᠢ ᠬᠡᠮᠡᠭᠰᠡᠨ ᠳ᠋ᠦ᠍ᠷ ᠲᠡᠢ ᠬᠤᠸᠠᠩ ᠂ ᠲᠠᠢᠬᠡᠦ ᠰᠢᠶᠧ ᠣᠪᠣᠭᠲᠤ ᠬᠡᠷᠬᠢᠭᠰᠡᠨ ᠴᠦ᠍ ᠵᠥᠪᠰᠢᠶᠡᠷᠡᠬᠦ ᠦᠭᠡᠢ ᠬᠠᠷᠢᠨ ᠬᠠᠭᠠᠨ ᠢ᠋ ᠠᠪᠤᠷᠠᠬᠤ ᠴᠡᠷᠢᠭ ᠡᠯᠰᠡᠬᠦ ᠵᠠᠷᠯᠢᠭ ᠭᠠᠷᠭᠠᠨ ᠬᠦᠯᠢᠶᠡᠪᠡ᠃ 
       ᠲᠡᠳᠦᠢ ᠳ᠋ᠦ᠍ᠷ ᠰᠥᠩ ᠤᠯᠤᠰ ᠤ᠋ᠨ ᠣᠯᠠᠨ ᠵᠧᠦ ᠵᠢᠶᠦ᠋ᠨ  ᠦ᠌ ᠵᠠᠩᠵᠤᠨ ᠲᠦᠰᠢᠮᠡᠳ ᠲᠤᠰ ᠲᠤᠰ ᠤ᠋ᠨ ᠠᠮᠢ ᠪᠠᠨ ᠬᠠᠮᠠᠭᠠᠯᠠᠵᠤ ᠴᠢᠳᠠᠬᠤ ᠦᠭᠡᠢ ᠲᠤᠯᠠ ᠬᠠᠭᠠᠨ ᠳ᠋ᠤᠷ ᠬᠡᠷᠬᠢᠨ ᠲᠤᠰᠠᠯᠠᠵᠤ ᠴᠢᠳᠠᠬᠤ ᠠᠵᠢ᠃ ᠵᠥᠪᠬᠡᠨ ᠯᠢ ᠲᠢᠩ ᡁᠢ ᠂ ᠵᠠᠩ ᠱᠢ ᠵᠢᠶᠧ ᠴᠡᠷᠢᠭ ᠠᠪᠴᠤ ᠢᠷᠡᠪᠡ᠃ ᠭᠡᠲᠡᠯ᠎ᠡ ᠬᠡᠰᠡᠭ ᠬᠥᠮᠦᠰ ᠵᠠᠩ ᠱᠢ ᠵᠢᠶᠧ ᠶ᠋ᠢᠨ ᠨᠠᠭᠠᠴᠤ ᠮᠣᠩᠭᠣᠯ ᠤ᠋ᠨ ᠰᠠᠢᠳ ᠭᠡᠮᠡᠨ ᠰᠡᠵᠢᠭᠯᠡᠵᠦ ᠬᠠᠷᠢᠶᠠᠲᠤ ᠴᠡᠷᠢᠭ ᠢ᠋ ᠢᠨᠦ ᠠᠪᠴᠤ ᠥᠭᠡᠷ᠎ᠡ ᠴᠡᠷᠢᠭ ᠥᠭᠴᠦ ᠵᠠᠬᠢᠷᠤᠭᠤᠯᠪᠠ᠃ ᠡᠭᠦᠨ ᠢ᠋ ᠳᠠᠭᠠᠯᠳᠤᠨ ᠵᠢᠶᠠᠩ ᠰᠢ ᠶ᠋ᠢᠨ ᠡᠷᠡᠭᠦᠦ ᠶ᠋ᠢᠨ ᠬᠡᠷᠡᠭ ᠢ᠋ ᠰᠢᠳᠬᠡᠬᠦ ᠲᠢ ᠰᠢᠩ ᠱᠢ ᠲᠦᠰᠢᠮᠡᠯ ᠦ᠋ᠨ ᠸᠧᠨ ᠲᠢᠶᠠᠨ ᠰᠢᠶᠠᠩ ᠂ ᠬᠤ᠌ ᠨᠠᠨ ᠤ᠋ ᠯᠢ ᠰᠢ ᠲᠤᠰ ᠲᠤᠰ ᠤ᠋ᠨ ᠵᠢᠶᠦ᠋ᠨ ᠵᠧᠦ ᠡᠴᠡ ᠪᠡᠨ ᠴᠡᠷᠢᠭ ᠮᠣᠷᠢ ᠡᠯᠰᠡᠵᠦ ᠲᠤᠰᠠᠯᠠᠶ᠎ᠠ ᠢᠷᠡᠪᠡ᠃ ᠭᠡᠲᠡᠯ᠎ᠡ ᠡᠯᠰᠡᠭᠰᠡᠨ ᠴᠡᠷᠢᠭ ᠢᠨᠦ ᠴᠥᠮ ᠪᠣᠯᠪᠠᠰᠤᠷᠠᠯ ᠦᠭᠡᠢ ᠲᠠᠷᠢᠶᠠᠴᠢᠳ ᠲᠤᠯᠠ ᠶᠤᠸᠠᠨ ᠤᠯᠤᠰ ᠤ᠋ᠨ ᠣᠯᠠᠨ ᠤᠳᠠᠭ᠎ᠠ ᠶ᠋ᠢᠨ ᠲᠡᠢᠨ ᠪᠠᠢᠯᠳᠤᠭᠠᠨ ᠥᠩᠭᠡᠷᠡᠭᠡᠭᠰᠡᠨ ᠪᠠᠭᠠᠲᠤᠷ ᠴᠡᠷᠢᠭ ᠢ᠋ ᠬᠡᠷᠬᠢᠨ ᠡᠰᠡᠷᠭᠦᠴᠡᠬᠦ ᠪᠣᠢ ? 
       ᠢᠯᠠᠩᠭᠤᠶ᠎ᠠ ᠡᠨᠡ ᠦᠶᠡᠰ ᠰᠥᠩ ᠤᠯᠤᠰ ᠤ᠋ᠨ ᠲᠥᠷᠥ ᠶ᠋ᠢᠨ ᠴᠧᠩᠰᠢᠶᠠᠩ ᠂ ᠽᠠᠢᠰᠢᠶᠠᠩ ᠲᠡᠷᠢᠭᠦᠯᠡᠨ ᠪᠠᠢᠳᠠᠯ ᠪᠤᠰᠤ ᠶ᠋ᠢ ᠮᠡᠳᠡᠵᠦ ᠤᠷᠭᠤᠵᠤ ᠳᠤᠲᠠᠭᠠᠨ ᠰᠥᠩ  ᠦ᠋ᠨ ᠲᠥᠷᠥ ᠶᠡᠬᠡ  ᠶᠤᠸᠠᠨ ᠤᠯᠤᠰ ᠤ᠋ᠨ ᠴᠡᠷᠢᠭ ᠦ᠋ᠨ ᠴᠢᠮᠡᠭᠡᠨ ᠳ᠋ᠦ᠍ᠷ ᠨᠤᠷᠠᠬᠤᠢ ᠳ᠋ᠤᠷ ᠬᠦᠷᠴᠡᠢ᠃ ᠵᠢᠶᠠ ᠽᠢ ᠳ᠋ᠣᠣ ᠣᠯᠠᠨ ᠤ᠋ ᠬᠦᠨᠳᠦ ᠶ᠋ᠢ ᠠᠯᠳᠠᠵᠤ ᠴᠡᠷᠢᠭ ᠳᠡᠢᠯᠦᠭᠳᠡᠭᠰᠡᠨ ᠲᠤᠯᠠ ᠵᠡᠷᠭᠡ ᠡᠷᠬᠢᠮ ᠢ᠋ ᠢᠨᠦ ᠬᠠᠰᠤᠵᠤ ᠴᠸᠨ ᠢ ᠵᠦᠩ ᠢ᠋ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠮᠡᠳᠡᠭᠴᠢ ᠪᠣᠯᠭᠠᠪᠠ᠃ 
       ᠥᠭᠦᠯᠡᠬᠦ ᠢᠨᠦ ᠬᠤᠪᠢᠯᠠᠢ ᠬᠠᠭᠠᠨ ᠮᠠᠩᠭᠤᠲᠠᠢ ᠶ᠋ᠢ ᠵᠢᠶᠠ ᠽᠢ ᠳ᠋ᠣᠣ ᠯᠤᠭ᠎ᠠ ᠠᠭᠤᠯᠵᠠᠵᠤ ᠶᠠᠷᠢᠯᠴᠠᠪᠠ ᠭᠡᠮᠡᠨ ᠰᠣᠨᠣᠰᠤᠭᠠᠳ ᠵᠠᠷᠯᠢᠭ ᠢ᠋ᠶ᠋ᠠᠷ ᠳᠠᠭᠤᠳᠠᠨ ᠳᠠ ᠳᠦ ᠨᠡᠢᠰᠯᠡᠯ ᠳ᠋ᠦ᠍ᠷ ᠠᠪᠠᠴᠢᠵᠤ ᠵᠢᠶᠠ ᠽᠢ ᠳ᠋ᠣᠣ ᠯᠤᠭ᠎ᠠ ᠠᠭᠤᠯᠵᠠᠵᠤ ᠶᠠᠷᠢᠯᠴᠠᠭᠰᠠᠨ ᠪᠠᠢᠳᠠᠯ ᠢ᠋ ᠰᠣᠨᠣᠰᠬᠤ ᠠ᠋ᠴᠠ ᠭᠠᠳᠠᠨ᠎ᠠ ᠵᠢᠶᠠ ᠽᠢ ᠳ᠋ᠣᠣ ᠶ᠋ᠢᠨ ᠥᠩᠭᠡ ᠵᠢᠰᠦ ᠂ ᠪᠡᠶ᠎ᠡ ᠪᠠᠢᠴᠠ ᠂ ᠡᠮᠦᠰᠴᠦ ᠵᠡᠭᠦᠬᠦ ᠂ ᠢᠳᠡᠵᠦ ᠡᠳ᠋ᠯᠡᠬᠦ ᠂ ᠣᠷᠳᠣᠨ ᠬᠠᠷᠰᠢ ᠬᠦᠷᠲᠡᠯ᠎ᠡ ᠭᠡᠭᠡᠭᠳᠡᠯ ᠦᠭᠡᠢ ᠨᠠᠷᠢᠨ ᠠᠰᠠᠭᠤᠵᠤ ᠰᠣᠨᠢᠷᠬᠠᠨ ᠪᠤᠴᠠᠭᠠᠭᠠᠳ ᠲᠡᠷᠡ ᠳᠠᠷᠤᠢ ᠬᠣᠣ ᠵᠢᠩ ᠦ᠋ᠨ ᠳᠡᠭᠦᠦ ᠬᠣᠣ ᠵᠦᠩ ᠢ᠋ ᠡᠯᠴᠢ  ᠪᠣᠯᠭᠠᠨ ᠬᠣᠷᠢᠭᠳᠠᠵᠤ ᠤᠳᠠᠭᠰᠠᠨ ᠬᠣᠣ ᠵᠢᠩ ᠢ᠋ ᠦᠵᠡᠷ᠎ᠡ ᠶᠠᠪᠤᠭᠤᠯᠬᠤ ᠲᠤᠯᠠ ᠰᠥᠩ ᠤᠯᠤᠰ ᠢ᠋ ᠪᠠᠢᠯᠳᠤᠬᠤ ᠶ᠋ᠢ ᠲᠦᠷ ᠵᠣᠭᠰᠣ ᠭᠡᠮᠡᠨ ᠵᠠᠷᠯᠢᠭᠳᠠᠪᠠ᠃ 
       ᠰᠥᠩ ᠤᠯᠤᠰ ᠤ᠋ᠨ ᠴᠧᠩᠰᠢᠶᠠᠩ ᠴᠸᠨ ᠢ ᠵᠦᠩ ᠶᠡᠬᠡ ᠶᠤᠸᠠᠨ ᠤᠯᠤᠰ ᠤ᠋ᠨ ᠡᠯᠴᠢ ᠬᠣᠣ ᠵᠦᠩ ᠢ ᠶᠣᠰᠣᠴᠢᠯᠠᠨ ᠬᠦᠨᠳᠦᠳᠬᠡᠵᠦ ᠤᠭᠲᠤᠨ ᠠᠪᠴᠤ ᠠᠭᠤᠯᠵᠠᠵᠤ ᠶᠣᠰᠣ ᠪᠠᠷ ᠪᠤᠴᠠᠭᠠᠪᠠᠰᠤ ᠵᠣᠬᠢᠮᠤᠢ ᠭᠡᠮᠡᠨ ᠲᠡᠢ ᠬᠤᠸᠠᠩ ᠂ ᠲᠠᠢᠬᠡᠦ ᠳ᠋ᠡᠭᠡᠨ ᠮᠡᠳᠡᠭᠦᠯᠵᠦ ᠵᠥᠪᠰᠢᠶᠡᠷᠡᠯ ᠠᠪᠤᠭᠠᠳ ᠬᠣᠷᠢᠭᠤᠯ ᠳ᠋ᠤᠷ ᠪᠠᠢᠭᠰᠠᠨ ᠬᠣᠣ ᠵᠢᠩ ᠢ᠋ ᠲᠠᠯᠪᠢᠵᠤ ᠭᠠᠷᠭᠠᠨ ᠽᠦᠩ ᠭᠤᠸᠠᠨ ᠲᠦᠰᠢᠮᠡᠯ ᠳ᠋ᠤᠸᠠᠨ ᠢᠦ ᠪᠡᠷ ᠬᠢᠯᠢ ᠭᠠᠷᠲᠠᠯ᠎ᠠ ᠮᠣᠷᠳᠠᠭᠤᠯᠪᠠ᠃ ᠰᠥᠩ ᠤᠯᠤᠰ ᠲᠤᠷ ᠠᠷᠪᠠᠨ ᠵᠢᠷᠭᠤᠭᠠᠨ ᠵᠢᠯ ᠬᠣᠷᠢᠭᠳᠠᠭᠰᠠᠨ ᠬᠣᠣ ᠵᠢᠩ ᠤᠯᠤᠰ ᠲᠠᠭᠠᠨ ᠪᠤᠴᠠᠭᠠᠳ ᠳᠠᠷᠤᠢ ᠡᠪᠡᠳᠴᠢᠯᠡᠵᠦ ᠪᠡᠶ᠎ᠡ ᠥᠩᠭᠡᠷᠡᠪᠡ᠃ ᠬᠤᠪᠢᠯᠠᠢ ᠬᠠᠭᠠᠨ ᠳᠣᠲᠣᠷ᠎ᠠ ᠪᠠᠨ ᠮᠠᠰᠢ ᠬᠠᠷᠠᠮᠰᠠᠪᠠ ᠬᠡᠮᠡᠮᠦ᠃ 
       ᠶᠡᠬᠡ ᠶᠤᠸᠠᠨ ᠤᠯᠤᠰ ᠤ᠋ᠨ ᠴᠡᠷᠢᠭ ᠵᠢᠶᠠᠨ ᠺᠠᠩ ᠳ᠋ᠤᠷ ᠬᠦᠷᠦᠭᠰᠡᠨ ᠳ᠋ᠦ᠍ᠷ ᠵᠢᠶᠠᠨ ᠺᠠᠩ ᠢ᠋ ᠰᠠᠬᠢᠭᠰᠠᠨ ᠵᠠᠩᠵᠤᠨ ᠰᠢᠦᠢ ᠸᠠᠩ ᠷᠦᠩ ᠮᠣᠩᠭᠣᠯ ᠤ᠋ᠨ ᠴᠡᠷᠢᠭ ᠢ᠋ ᠤᠭᠲᠤᠨ ᠳᠠᠭᠠᠪᠠ᠃ ᠮᠣᠩᠭᠣᠯᠴᠤᠳ ᠵᠢᠶᠠᠨ ᠺᠠᠩ ᠢ᠋ ᠡᠵᠡᠯᠡᠭᠰᠡᠨ  ᠦ᠌ ᠬᠣᠢᠨ᠎ᠠ ᠭᠤᠸᠠᠩ ᠳᠧ ᠵᠡᠷᠭᠡ ᠭᠠᠵᠠᠷ ᠤ᠋ᠨ ᠰᠥᠩ ᠤᠯᠤᠰ ᠤ᠋ᠨ ᠵᠠᠩᠵᠤᠨ ᠴᠡᠷᠢᠭ ᠴᠥᠮ ᠳᠠᠭᠠᠷ᠎ᠠ ᠢᠷᠡᠮᠦᠢ᠃ ᠪᠠᠶᠠᠨ ᠶᠤᠸᠠᠨᠱᠤᠸᠠᠢ ᠶ᠋ᠢᠨ ᠰᠢᠨ᠎ᠡ ᠬᠠᠭᠤᠴᠢᠨ ᠴᠡᠷᠢᠭ ᠨᠡᠢᠯᠡᠭᠡᠳ ᠵᠠᠭᠤᠨ ᠲᠦᠮᠡ ᠬᠦᠷᠴᠦ ᠠᠶᠠᠨ ᠲᠡᠢᠨ ᠦ᠌ ᠶᠠᠪᠤᠴᠠ ᠳ᠋ᠤᠷ ᠪᠣᠯᠪᠠᠰᠤᠷᠠᠨ ᠴᠢᠬᠢᠷᠠᠭᠵᠢᠭ᠍ᠤᠢ ᠳ᠋ᠤᠷ ᠰᠥᠩ ᠤᠯᠤᠰ ᠤ᠋ᠨ ᠡᠵᠡᠨ ᠲᠦᠰᠢᠮᠡᠳ ᠨᠢᠭᠡᠮᠦᠰᠦᠨ ᠳᠣᠷᠭᠢᠨ ᠠᠶᠤᠯᠳᠤᠪᠠ᠃ 
       ᠵᠢᠶᠠ ᠽᠢ ᠳ᠋ᠣᠣ ᠨᠡᠯᠢᠶᠡᠳ ᠡᠳᠦᠷ ᠴᠢᠮᠡᠭᠡ ᠦᠭᠡᠢ ᠪᠣᠯᠤᠭᠰᠠᠨ ᠲᠤᠯᠠ ᠴᠸᠨ ᠢ ᠵᠦᠩ ᠭᠡᠨᠡᠳᠲᠡ ᠰᠠᠨᠠᠭᠠᠯᠵᠠᠭᠠᠳ ᠠᠯᠪᠠᠨ ᠠᠷᠠᠳ ᠸᠧᠩ ᠢᠩ ᠯᠦᠩ ᠡᠴᠡ ᠵᠢᠶᠠ ᠽᠢ ᠳ᠋ᠣᠣ ᠬᠠᠮᠢᠭ᠎ᠠ ᠪᠣᠢ ᠭᠡᠮᠡᠨ ᠠᠰᠠᠭᠤᠭᠰᠠᠨ ᠳ᠋ᠤᠷ ᠸᠧᠩ ᠢᠩ ᠯᠦᠩ ᠮᠡᠳᠡᠬᠦ ᠦᠭᠡᠢ ᠲᠤᠯᠠ ᠴᠧᠨ ᠢ ᠵᠦᠩ ᠵᠢᠶᠠ ᠽᠢ ᠳ᠋ᠣᠣ ᠶ᠋ᠢ ᠯᠠᠪ ᠦᠬᠦᠭᠰᠡᠨ ᠪᠣᠢ ‍ᠶ᠎ᠠ ᠭᠡᠮᠡᠨ ᠰᠢᠳᠤᠷᠭᠤ ᠰᠠᠢᠳ ᠤ᠋ᠨ ᠣᠪᠣᠷ ᠭᠠᠷᠭᠠᠵᠤ ᠂ ᠵᠢᠶᠠ ᠽᠢ ᠳ᠋ᠣᠣ ᠶ᠋ᠢ ᠠᠯᠠᠪᠠᠰᠤ ᠵᠣᠬᠢᠮᠤᠢ ᠭᠡᠮᠡᠨ ᠠᠢᠯᠠᠳᠬᠠᠠᠪᠡᠰᠦ ᠲᠡᠢ ᠬᠤᠸᠠᠩ ᠂ ᠲᠠᠢᠬᠡᠦ ᠵᠥᠪᠰᠢᠶᠡᠷᠡᠬᠦ ᠦᠭᠡᠢ ᠄ 《ᠵᠢᠶᠠ ᠽᠢ ᠳ᠋ᠣᠣ ᠭᠤᠷᠪᠠᠨ ᠲᠥᠷᠥ ᠳ᠋ᠦ᠍ᠷ ᠦᠢᠯᠡᠴᠢᠯᠡᠪᠡ ᠃ ᠨᠢᠭᠡᠨ ᠤᠳᠠᠭᠠᠨ ᠤ᠋ ᠡᠨᠳᠡᠭᠦᠦ ᠡᠴᠡ ᠬᠦᠨᠳᠦ ᠰᠢᠳᠬᠡᠯ ᠥᠭᠴᠦ ᠳᠥᠪᠭᠳᠡᠬᠦ ᠦᠭᠡᠢ 》ᠬᠡᠮᠡᠪᠡᠢ᠃ ᠭᠡᠲᠡᠯ᠎ᠡ ᠰᠥᠩ ᠤᠯᠤᠰ ᠤ᠋ᠨ ᠣᠯᠠᠨ ᠲᠦᠰᠢᠮᠡᠳ ᠴᠡᠷᠢᠭ ᠲᠡᠢᠨ ᠦ᠌ ᠠᠶᠤᠯ ᠢ᠋ ᠬᠠᠮᠢᠶᠠᠷᠠᠬᠤ ᠬᠥᠮᠦᠨ ᠦᠭᠡᠢ ᠬᠠᠷᠢᠨ ᠵᠢᠶᠠ ᠽᠢ ᠳ᠋ᠣᠣ ᠶ᠋ᠢ ᠠᠯᠠᠭᠤᠯᠬᠤ ᠦᠭᠡᠢ ᠪᠥᠭᠡᠰᠦ ᠰᠡᠳᠬᠢᠯ ᠬᠠᠨᠤᠬᠤ ᠦᠭᠡᠢ ᠨᠡᠯᠢᠶᠡᠳ ᠡᠳᠦᠷ ᠲᠠᠨᠹᠤᠷᠠᠭᠰᠠᠨ ᠰᠥᠩ ᠦ᠋ᠨ ᠲᠥᠷᠥ ᠭᠡᠨᠡᠳᠲᠡ ᠬᠡᠷᠡᠭᠦᠯ ᠮᠠᠷᠭᠤᠭᠠᠨ ᠳᠡᠭᠳᠡᠵᠦ ᠲᠡᠢ ᠬᠤᠸᠠᠩ ᠲᠠᠢᠬᠡᠦ ᠪᠡᠨ ᠰᠢᠬᠠᠵᠤ ᠪᠠᠴᠢᠮᠳᠠᠭᠤᠯᠤᠮᠤᠢ᠃ ᠲᠡᠶ ᠬᠤᠸᠠᠩ ᠲᠠᠢᠬᠡᠦ ᠠᠷᠭ᠎ᠠ ᠦᠭᠡᠢ ᠵᠢᠶᠠ ᠽᠢ ᠳ᠋ᠣᠣ ᠶ᠋ᠢᠨ ᠡᠳ᠋ ᠬᠥᠷᠥᠩᠭᠡ ᠶ᠋ᠢ ᠬᠤᠷᠢᠶᠠᠵᠤ ᠵᠡᠷᠭᠡ ᠡᠷᠬᠢᠮ ᠢ ᠡᠪᠳᠡᠰᠦᠭᠡᠢ ᠬᠡᠮᠡᠪᠡᠰᠦ ᠪᠠᠰᠠ ᠪᠣᠯᠬᠤ ᠦᠭᠡᠢ ᠳ᠋ᠦ᠍ᠷ ᠭᠣᠣ ᠵᠧᠦ ᠶ᠋ᠢᠨ ᠠᠷᠠᠳ ᠤ᠋ᠨ ᠴᠡᠷᠢᠭ ᠪᠣᠯᠪᠠᠰᠤᠷᠠᠭᠤᠯᠤᠭᠴᠢ ᠪᠠᠷ ᠶᠠᠪᠤᠭᠤᠯᠪᠠ᠃ ᠭᠡᠲᠡᠯ᠎ᠡ ᠬᠡᠰᠡᠭ ᠬᠥᠮᠦᠰ ᠪᠠᠰᠠ ᠬᠠᠨᠤᠭᠰᠠᠨ ᠦᠭᠡᠢ ᠵᠠᠮ ᠵᠠᠭᠤᠷ᠎ᠠ ᠨᠢᠭᠤᠴᠠ ᠪᠠᠷ ᠠᠯᠠᠭᠤᠯᠪᠠ᠃ 
       ᠵᠢᠶᠠ ᠽᠢ ᠳ᠋ᠣᠣ ᠤᠯᠤᠰ ᠲᠤᠷ ᠰᠠᠭᠠᠳ ᠪᠣᠯᠵᠤ ᠪᠠᠢᠨ᠎ᠠ ᠭᠡᠮᠡᠨ ᠮᠢᠬ᠎ᠠ ᠶ᠋ᠢ ᠢᠨᠦ ᠢᠳᠡᠵᠦ ᠴᠢᠰᠤ ᠶ᠋ᠢ ᠠᠨᠤ ᠤᠤᠭᠤᠮᠠᠷ ᠪᠠᠢᠭᠰᠠᠨ ᠰᠠᠢᠳ ᠡᠷᠳᠡᠮᠲᠡᠨ ᠵᠢᠶᠠ ᠽᠢ ᠳ᠋ᠣᠣ ᠶ᠋ᠢ ᠠᠯᠠᠭᠠᠳ ᠶᠡᠬᠡ ᠭᠠᠪᠢᠷ᠎ᠠ ᠪᠠᠢᠭᠤᠯᠵᠤ ᠡᠭᠦᠷᠭᠡ ᠪᠡᠨ ᠭᠦᠢᠴᠡᠳᠬᠡᠭᠰᠡᠨ ᠮᠡᠲᠦ ᠴᠢᠮᠡᠭᠡ ᠦᠭᠡᠢ ᠰᠠᠭᠤᠵᠤ ᠲᠠᠢ ᠬᠤᠸᠠᠩ ᠲᠠᠢᠬᠡᠦ ᠳ᠋ᠡᠭᠡᠨ ᠲᠤᠰᠠ ᠪᠣᠯᠬᠤ ᠬᠥᠮᠦᠨ ᠨᠢᠭᠡᠴᠦ ᠦᠭᠡᠢ ᠪᠣᠯᠪᠠᠢ᠃ ᠶᠤᠸᠠᠨ ᠤᠯᠤᠰ ᠤ᠋ᠨ ᠬᠠᠭᠤᠴᠢᠨ ᠵᠠᠩᠵᠤᠨ ᠭᠡᠮᠡᠨ ᠰᠡᠵᠢᠭᠯᠡᠭᠳᠡᠵᠦ ᠪᠠᠢᠭᠰᠠᠨ ᠵᠠᠩ ᠱᠢ ᠵᠢᠶᠧ ᠬᠠᠷᠢᠨ ᠣᠯᠠᠨ ᠭᠠᠵᠠᠷ ᠠ᠋ᠴᠠ ᠴᠡᠷᠢᠭ ᠡᠯᠰᠡᠵᠦ ᠳᠦ ᠳᠦ ᠹᠦ ᠶ᠋ᠢᠨ ᠲᠤᠰᠢᠶᠠᠯ ᠢ᠋ ᠭᠦᠢᠴᠡᠳᠬᠡᠨ ᠶᠤᠸᠠᠨ ᠤᠯᠤᠰ ᠤ᠋ᠨ ᠴᠡᠷᠢᠭ ᠢ᠋ ᠦᠬᠦᠨ ᠬᠣᠷᠢᠵᠤ ᠪᠠᠢᠯᠳᠤᠮᠤᠢ᠃ 
       ᠶᠡᠬᠡ ᠶᠤᠸᠠᠨ ᠤᠯᠤᠰ ᠤ᠋ᠨ ᠴᠡᠷᠢᠭ ᠤᠯᠠᠮ ᠣᠢᠷᠠᠲᠤᠵᠤ ᠢᠷᠡᠬᠦᠢ ᠳ᠋ᠦ᠍ᠷ ᠯᠢᠨ ᠠᠨ ᠬᠣᠲᠠ ᠨᠢᠭᠡᠨ ᠰᠥᠨᠢ ᠶ᠋ᠢᠨ ᠬᠣᠭᠣᠷᠣᠨᠳᠣ ᠬᠡᠳᠦᠨ ᠤᠳᠠᠭ᠎ᠠ ᠠᠶᠤᠯ ᠰᠣᠴᠢᠯ ᠪᠣᠯᠵᠤ ᠣᠨᠴᠠ ᠰᠡᠷᠭᠡᠢᠯᠡᠬᠦ ᠦᠭᠡᠢ ᠪᠣᠯᠬᠤ ᠦᠭᠡᠢ ᠪᠣᠯᠪᠠ᠃ ᠵᠢᠶᠠ ᠽᠢ ᠳ᠋ᠣᠣ ᠶ᠋ᠢ ᠡᠷᠬᠡᠪᠰᠢ ᠠᠯᠠᠮᠤᠢ ᠬᠡᠮᠡᠭᠰᠡᠨ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠳᠡᠳ᠋ ᠰᠠᠢᠳ ᠬᠤᠸᠠᠩ ᠶᠤᠸᠠᠨ ᠽᠢ ᠂ ᠵᠡᠭᠦᠨ ᠭᠠᠷᠤᠨ ᠢᠳᠬᠠᠬᠤ ᠲᠦᠰᠢᠮᠡᠯ ᠹᠠᠨ ᠸᠸᠨ ᠴᠢᠩ ᠂ ᠪᠠᠷᠠᠭᠤᠨ ᠭᠠᠷᠤᠨ ᠢᠳᠬᠠᠬᠤ ᠲᠦᠰᠢᠮᠡᠯ ᠵᠢᠢ ᠺᠧ ᠵᠡᠷᠭᠡ ᠠᠷᠪᠠᠨ ᠬᠡᠳᠦᠨ ᠬᠥᠮᠦᠰ ᠨᠢᠭᠡᠨ ᠰᠥᠨᠢ ᠶ᠋ᠢᠨ ᠬᠣᠭᠣᠷᠣᠨᠳᠣ ᠤᠷᠭᠤᠵᠤ ᠶᠠᠪᠤᠪᠠ᠃ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠬᠡᠷᠡᠭ ᠡᠷᠬᠢᠯᠡᠬᠦ ᠲᠦᠰᠢᠮᠡᠯ ᠵᠸᠨ ᠵᠢᠢ ᠸᠧᠩ ᠬᠢᠨᠠᠭᠴᠢ ᠲᠦᠰᠢᠮᠡᠯ ᠢ᠋ ᠭᠤᠶᠤᠵᠤ ᠪᠡᠶ᠎ᠡ ᠪᠡᠨ ᠬᠢᠷᠢ ᠲᠡᠩᠴᠡᠬᠦ ᠦᠭᠡᠢ ᠭᠡᠮᠡᠨ ᠵᠠᠭᠠᠯᠲᠤᠭᠤᠯᠤᠭᠠᠳ ᠵᠠᠷᠯᠢᠭ ᠢ᠋ ᠬᠦᠯᠢᠶᠡᠬᠦ ᠦᠭᠡᠢ ᠪᠠᠢ ᠭᠡᠷ ᠡᠷᠦᠬᠡ ᠪᠡᠨ ᠠᠪᠴᠤ ᠶᠠᠪᠤᠪᠠ᠃ ᠡᠨᠡ ᠳᠠᠷᠤᠢ ᠡᠳᠡᠭᠡᠷ ᠬᠥᠮᠦᠰ ᠦ᠋ᠨ 《ᠰᠢᠳᠤᠷᠭᠤ  》ᠪᠤᠶᠤ ᠃ 
       ᠰᠥᠩ ᠦ᠋ᠨ ᠲᠡᠢ ᠬᠤᠸᠠᠩ ᠲᠠᠢᠬᠡᠦ ᠡᠭᠦᠨ ᠢ᠋ ᠦᠵᠡᠭᠡᠳ ᠮᠠᠰᠢ ᠬᠢᠯᠢᠩᠯᠡᠨ ᠲᠤᠰᠬᠠᠢ ᠵᠠᠷᠯᠢᠭ ᠭᠠᠷᠭᠠᠨ ᠲᠥᠷᠥ ᠶ᠋ᠢᠨ ᠶᠠᠮᠤᠨ ᠳ᠋ᠤᠷ ᠨᠠᠭᠠᠵᠤ ᠴᠡᠭᠡᠷᠯᠡᠭᠦᠯᠦᠭᠰᠡᠨ ᠢᠨᠦ ᠄ 
       ᠮᠠᠨ ᠤ᠋ ᠰᠥᠩ ᠤᠯᠤᠰ ᠤ᠋ᠨ ᠲᠥᠷᠥ ᠭᠤᠷᠪᠠᠨ ᠵᠠᠭᠤ ᠬᠣᠷᠢᠨ ᠣᠨ ᠪᠣᠯᠪᠠ᠃ ᠶᠡᠷᠦ ᠡᠴᠡ ᠰᠠᠢᠨ ᠡᠷᠳᠡᠮᠲᠡᠨ ᠢ᠋ ᠶᠣᠰᠣᠴᠢᠯᠠᠨ ᠬᠦᠨᠳᠦᠳᠬᠡᠭᠰᠡᠨ ᠪᠥᠯᠥᠭᠡ᠃ ᠮᠢᠨᠦ ᠪᠡᠶ᠎ᠡ ᠳ᠋ᠦ᠍ᠷ ᠬᠦᠷᠴᠦ ᠵᠠᠯᠭᠠᠮᠵᠢ ᠡᠵᠡᠨ ᠯᠤᠬᠡ ᠬᠦᠴᠢᠷ ᠵᠣᠪᠠᠯᠠᠩ ᠣᠯᠠᠨ ᠲᠣᠬᠢᠶᠠᠯᠳᠤᠨ ᠪᠦᠬᠦᠢ ᠳ᠋ᠦ᠍ᠷ ᠲᠠᠨ ᠤ᠋ ᠶᠡᠬᠡ ᠪᠠᠭ᠎ᠠ ᠰᠠᠢᠳ ᠲᠦᠰᠢᠮᠡᠳ ᠨᠢᠭᠡ ᠦᠭᠡ ᠰᠠᠨᠠᠭᠤᠯᠵᠤ ᠤᠯᠤᠰ ᠢ᠋ ᠲᠤᠰᠠᠯᠠᠭᠰᠠᠨ ᠦᠭᠡᠢ᠃ ᠳᠣᠲᠣᠭᠠᠳᠤ ᠳ᠋ᠤᠷ ᠬᠠᠷᠢᠯᠴᠠᠨ ᠰᠦᠯᠪᠡᠭᠡᠯᠡᠨ ᠲᠤᠰᠢᠶᠠᠯ ᠢ᠋ᠶ᠋ᠠᠨ ᠬᠠᠶᠠᠵᠤ ᠳᠤᠲᠠᠭᠠᠨ ᠭᠠᠳᠠᠭᠠᠳᠤ ᠳ᠋ᠤᠷ ᠵᠠᠩᠵᠤᠨ ᠲᠦᠰᠢᠮᠡᠳ ᠲᠠᠮᠠᠭ᠎ᠠ ᠪᠠᠨ ᠣᠷᠬᠢᠵᠤ ᠳᠤᠲᠠᠭᠠᠬᠤ ᠪᠤᠶᠤ ᠳᠠᠢᠰᠤᠨ ᠳ᠋ᠤᠷ ᠳᠠᠭᠠᠵᠤ ᠲᠤᠰᠠᠯᠠᠮᠤᠢ᠃ ᠨᠢᠳᠦ ᠴᠢᠬᠢ ᠪᠣᠯᠵᠤ ᠪᠠᠢᠭ᠎ᠠ ᠶᠠᠮᠤᠨ ᠤ᠋ ᠰᠠᠢᠳ ᠲᠦᠰᠢᠮᠡᠳ ᠤᠯᠤᠰ ᠭᠡᠷ ᠦ᠋ᠨ ᠲᠥᠯᠥᠭᠡ ᠮᠠᠭᠤ ᠶ᠋ᠢ ᠨᠢᠴᠤᠭᠠᠨ ᠰᠠᠢᠨ ᠢ᠋ ᠡᠷᠭᠦᠬᠦ ᠦᠭᠡᠢ ᠲᠥᠷᠥ ᠪᠠᠷᠢᠭᠴᠢ ᠬᠡᠳᠦᠨ ᠰᠠᠢᠳ ᠣᠯᠠᠨ ᠤ᠋ ᠬᠡᠪ  ᠳᠦᠷᠢᠮ ᠪᠣᠯᠬᠤ ᠦᠭᠡᠢ᠃ ᠬᠠᠷᠢᠨ ᠳᠣᠲᠣᠭᠠᠳᠤ ᠭᠠᠳᠠᠭᠠᠳᠤ ᠯᠣᠬ᠎ᠠ ᠨᠡᠢᠯᠡᠯᠳᠦᠨ ᠰᠥᠨᠢ ᠤᠷᠭᠤᠬᠤ ᠪᠤᠶᠤ ᠡᠳᠦᠷ ᠢ᠋ᠶ᠋ᠡᠷ ᠳᠤᠲᠠᠭᠠᠮᠤᠢ᠃ ᠡᠭ ᠦ᠋ᠨ ᠴᠠᠭ ᠪᠣᠭᠳᠠ ᠡᠷᠳᠡᠮᠲᠡᠨ ᠢ᠋ ᠨᠣᠮ ᠤᠩᠰᠢᠬᠤ ᠳ᠋ᠠᠭᠠᠨ ᠶᠠᠭᠤᠨ ᠭᠡᠮᠡᠨ ᠵᠣᠷᠢᠪᠠᠢ ?  ᠡᠳᠦᠭᠡ ᠪᠣᠯᠵᠤ ᠡᠢᠨᠬᠦ ᠶᠠᠪᠤᠬᠤ ᠠᠨᠤ ᠶᠠᠮᠠᠷ ᠨᠢᠭᠤᠷ ᠢ᠋ᠶ᠋ᠠᠷ ᠪᠤᠰᠤᠳ ᠢ᠋ ᠦᠵᠡᠮᠦᠢ᠃ ᠦᠬᠦᠭᠰᠡᠨ ᠦ᠌ ᠳᠠᠷᠠᠭ᠎ᠠ ᠤᠷᠢᠳᠤ ᠬᠠᠭᠠᠨ ᠳ᠋ᠤᠷ ᠶᠠᠮᠠᠷ ᠨᠢᠭᠤᠷ ᠢ᠋ᠶ᠋ᠠᠷ ᠵᠣᠯᠭᠠᠮᠤᠢ᠃ ᠲᠡᠭᠷᠢ ᠶ᠋ᠢᠨ ᠪᠣᠱᠣᠭ ᠰᠢᠯᠵᠢᠭᠡᠳᠦᠢ ᠂ ᠤᠯᠤᠰ ᠤ᠋ᠨ ᠬᠠᠤᠯᠢ ᠴᠠᠭᠠᠵᠠ ᠪᠠᠢᠭᠰᠠᠭᠠᠷ ᠪᠣᠯᠠᠢ᠃ ᠲᠥᠷᠥ ᠶ᠋ᠢᠨ ᠪᠢᠴᠢᠭ ᠴᠡᠷᠢᠭ ᠦ᠋ᠨ ᠲᠦᠰᠢᠮᠡᠳ ᠪᠠ ᠵᠢᠴᠢ ᠪᠠᠢᠴᠠᠭᠠᠨ ᠰᠢᠭᠦᠬᠦ ᠬᠣᠶᠠᠷ ᠶᠠᠮᠤᠨ ᠳ᠋ᠤᠷ ᠮᠡᠳᠡᠭᠳᠡᠬᠦ ᠢᠨᠦ ᠲᠤᠰᠢᠶᠠᠯ ᠢ᠋ᠶ᠋ᠠᠨ ᠬᠠᠶᠠᠵᠤ ᠣᠷᠭᠣᠭᠰᠠᠳ ᠢ᠋ ᠢᠦᠢ ᠱᠢ ᠲᠡᠢ ᠡᠴᠡ ᠪᠠᠢᠴᠠᠭᠠᠨ ᠮᠡᠳᠡᠭᠦᠯ ! ᠪᠠᠢᠳᠠᠯ ᠢ᠋ ᠦᠵᠡᠵᠦ ᠰᠢᠳᠬᠡᠲᠦᠭᠡᠢ ᠬᠡᠮᠡᠪᠡ᠃ 
       ᠡᠨᠡᠬᠦ ᠵᠠᠷᠯᠢᠭ ᠰᠠᠢᠳ ᠲᠦᠰᠢᠮᠡᠳ ᠦ᠋ᠨ ᠰᠠᠷᠨᠢᠨ ᠳᠤᠲᠠᠭᠠᠬᠤ ᠶ᠋ᠢ ᠬᠣᠷᠢᠭᠯᠠᠵᠤ ᠡᠰᠡ ᠴᠢᠳᠠᠪᠠ᠃ 
       ᠲᠡᠳᠦᠢ ᠳ᠋ᠦ᠍ᠷ ᠶᠤᠸᠠᠨ ᠤᠯᠤᠰ ᠤ᠋ᠨ ᠶᠡᠬᠡ ᠴᠡᠷᠢᠭ ᠵᠢᠶᠠᠨ ᠺᠠᠩ ᠤ᠋ᠨ ᠯᠦᠩ ᠸᠸᠨ ᠬᠡᠮᠡᠬᠦ ᠭᠠᠵᠠᠷ ᠶᠡᠬᠡᠳᠡ ᠳᠡᠢᠯᠦᠭᠰᠡᠨ ᠶᠣᠰᠣ ᠪᠠᠷ ᠬᠤᠷᠢᠮᠯᠠᠪᠠ᠃ ᠭᠤᠷᠪᠠᠳᠤᠭᠠᠷ ᠰᠠᠷ᠎ᠠ ᠳ᠋ᠤᠷ ᠰᠥᠩ ᠤᠯᠤᠰ ᠤ᠋ᠨ ᠮᠥᠷᠡᠨ ᠢ᠋ ᠰᠠᠬᠢᠬᠤ ᠲᠦᠰᠢᠮᠡᠯ ᠵᠣᠣ ᠶ᠋ᠢᠨ ᠲᠤᠰᠢᠶᠠᠯ ᠢ᠋ᠶ᠋ᠠᠨ ᠬᠠᠶᠠᠵᠤ ᠳᠤᠲᠠᠭᠠᠪᠠ᠃ ᠬᠠᠷᠢᠨ ᠵᠣᠣ ᠶ᠋ᠢᠨ ᠦ᠌ ᠠᠬ᠎ᠠ ᠵᠣᠣ ᠰᠦᠨ ᠂ ᠯᠢ ᠶᠠᠩ ᠤ᠋ᠨ ᠭᠠᠵᠠᠷ ᠴᠡᠷᠢᠭ ᠡᠯᠰᠡᠵᠦ ᠰᠥᠩ ᠦ᠋ᠨ ᠲᠥᠷᠥ ᠳ᠋ᠦ᠍ᠷ ᠲᠤᠰᠠᠯᠠᠬᠤ ᠭᠡᠵᠦ ᠠᠭᠠᠳ ᠶᠡᠬᠡ ᠶᠤᠸᠠᠨ ᠤᠯᠤᠰ ᠤ᠋ᠨ ᠴᠡᠷᠢᠭ ᠲᠦ᠍ᠷ ᠪᠠᠷᠢᠭᠳᠠᠵᠤ ᠦᠬᠦᠬᠦ ᠶᠠᠯ᠎ᠠ  ᠪᠠᠷ ᠰᠢᠳᠬᠡᠭᠳᠡᠪᠡ᠃ ᠲᠡᠭᠦᠨ ᠢ᠋ ᠳᠠᠭᠠᠯᠳᠤᠨ ᠯᠢ ᠶᠠᠩ ᠤ᠋ᠨ ᠳᠦ ᠲᠦᠩ ᠲᠦᠰᠢᠮᠡᠯ ᠸᠧᠩ ᠹᠦ ᠨᠠᠷ ᠬᠣᠲᠠ ᠪᠠᠨ ᠡᠷᠭᠦᠵᠦ ᠳᠠᠭᠠᠪᠠᠢ᠃ ᠶᠡᠬᠡ ᠶᠤᠸᠠᠨ ᠤᠯᠤᠰ ᠤ᠋ᠨ ᠵᠣᠣ ᠲᠤᠤ ᠱᠢ ᠲᠦᠰᠢᠮᠡᠯ ᠰᠣᠳᠣ ᠪᠠᠷ ᠯᠢ ᠶᠠᠩ ᠢ᠋ ᠰᠠᠬᠢᠭᠤᠯᠪᠠ᠃ ᠡᠭᠦᠨ ᠢ᠋ ᠳᠠᠭᠠᠯᠳᠤᠨ ᠵᠸᠨ ᠵᠢᠶᠠᠩ ᠹᠦ ᠶ᠋ᠢᠨ ᠮᠡᠳᠡᠭᠴᠢ ᠬᠣᠩ ᠴᠢ ᠠᠶᠤᠨ ᠳᠤᠲᠠᠭᠠᠬᠤᠢ ᠳ᠋ᠤᠷ ᠽᠦᠩ ᠭᠤᠸᠠᠨ ᠲᠦᠰᠢᠮᠡᠯ ᠰᠢ ᠴᠦ᠍ ᠵᠦᠩ ᠬᠣᠲᠠ ᠪᠠᠨ ᠡᠷᠭᠦᠪᠡ᠃ ᠨᠢᠩ ᠭᠦᠸᠧ ᠹᠦ ᠶ᠋ᠢᠨ ᠮᠡᠳᠡᠭᠴᠢ ᠵᠣᠣ ᠢᠦᠢ ᠺᠧ ᠬᠣᠲᠠ ᠪᠠᠨ ᠣᠷᠬᠢᠵᠤ ᠳᠤᠲᠠᠭᠠᠵᠤ ᠷᠣᠣ ᠵᠧᠦ ᠶ᠋ᠢᠨ ᠳᠠᠩ ᠵᠸᠨ ᠪᠡᠶ᠎ᠡ ᠪᠡᠨ ᠬᠣᠣᠷᠯᠠᠭᠰᠠᠨ ᠤ᠋ ᠳᠠᠷᠠᠭ᠎ᠠ ᠮᠥᠷᠡᠨ ᠦ᠌ ᠵᠡᠭᠦᠨᠳᠡᠬᠢ ᠵᠧᠦ ᠵᠢᠶᠦ᠋ᠨ ᠴᠥᠮ ᠶᠤᠸᠠᠨ ᠤᠯᠤᠰ ᠲᠤᠷ ᠡᠵᠡᠯᠡᠭᠳᠡᠪᠡ᠃ 
       ᠡᠭᠦᠨ ᠦ᠌ ᠬᠠᠮᠲᠤ ᠬᠤᠸᠠᠢ ᠰᠢ ᠂ ᠴᠦ᠍ ᠵᠧᠦ ᠴᠥᠮ ᠤᠷᠢᠳ ᠬᠣᠵᠢᠳ ᠳᠠᠭᠠᠷ᠎ᠠ ᠢᠷᠡᠮᠦᠢ᠃ ᠰᠥᠩ ᠤᠯᠤᠰ ᠢ᠋ ᠮᠥᠬᠥᠭᠡᠬᠦ ᠶᠠᠪᠤᠳᠠᠯ ᠣᠳᠣ ᠡᠳᠦᠷ ᠵᠢᠭᠠᠵᠤ ᠬᠡᠮᠵᠢᠵᠦ ᠪᠣᠯᠬᠤ ᠳ᠋ᠤᠷ ᠬᠦᠷᠦᠭᠰᠡᠨ ᠳ᠋ᠦ᠍ᠷ ᠤᠯᠠᠭᠠᠨ ᠬᠤᠯᠤᠭᠠᠨ᠎ᠠ ᠡᠳᠦᠷ ᠤᠯᠤᠰ ᠤ᠋ᠨ ᠡᠯᠴᠢ ᠯᠢᠶᠠᠨ ᠰᠢ ᠰᠢᠶᠠᠨ ᠵᠢᠶᠠᠨ ᠺᠠᠩ ᠳ᠋ᠤᠷ ᠢᠷᠡᠵᠦ ᠣᠯᠠᠨ ᠵᠠᠩᠵᠤᠨ ᠳ᠋ᠤᠷ ᠬᠤᠪᠢᠯᠠᠢ ᠬᠠᠭᠠᠨ ᠤ᠋ ᠵᠠᠷᠯᠢᠭ ᠢ᠋ ᠤᠯᠠᠮᠵᠢᠯᠠᠨ ᠡᠵᠡᠯᠡᠭᠰᠡᠨ ᠭᠠᠵᠠᠷ ᠢ᠋ᠶ᠋ᠠᠨ ᠰᠠᠬᠢᠵᠤ ᠪᠠᠢᠯᠳᠤᠬᠤ ᠶ᠋ᠢ ᠵᠣᠭᠰᠣᠵᠤ ᠡᠶᠡᠳᠡᠬᠦ ᠭᠡᠷ᠎ᠡ ᠪᠠᠢᠭᠤᠯᠬᠤ ᠶ᠋ᠢ ᠬᠦᠯᠢᠶᠡᠭᠲᠦᠨ ᠬᠡᠮᠡᠪᠡ᠃ 
       ᠶᠣᠰᠣᠯᠠᠯ ᠤ᠋ᠨ ᠡᠷᠬᠢᠮ ᠰᠠᠢᠳ ᠯᠢᠶᠠᠨ ᠰᠢ ᠰᠢᠶᠠᠨ ᠲᠡᠷᠢᠭᠦᠯᠡᠨ ᠬᠦᠩ ᠪᠦ ᠰᠢ ᠯᠠᠩ ᠲᠦᠰᠢᠮᠡᠯ ᠶᠠᠨ ᠵᠦᠩ  ᠹᠠᠨ ᠵᠡᠷᠭᠡ ᠬᠥᠮᠦᠰ ᠴᠢᠨᠠᠭᠰᠢᠳᠠ ᠰᠥᠩ ᠤᠯᠤᠰ ᠲᠤᠷ ᠡᠯᠴᠢ ᠪᠣᠯᠵᠤ ᠣᠴᠢᠵᠤ ᠡᠶᠡᠳᠡᠬᠦ ᠶᠠᠪᠤᠳᠠᠯ ᠢ᠋ ᠵᠥᠪᠳᠡᠬᠦ ᠳ᠋ᠡᠭᠡᠨ ᠴᠡᠷᠢᠭ ᠭᠠᠷᠭᠠᠨ ᠬᠠᠮᠠᠭᠠᠯᠠᠬᠤ ᠶ᠋ᠢ ᠱᠠᠭᠠᠷᠳᠠᠬᠤᠢ ᠳ᠋ᠤᠷ ᠪᠠᠶᠠᠨ ᠶᠤᠸᠠᠨᠱᠤᠸᠠᠢ ᠬᠣᠷᠢᠭᠯᠠᠵᠤ ᠥᠭᠦᠯᠡᠷᠦᠨ :《ᠡᠯᠴᠢ ᠬᠡᠮᠡᠭᠴᠢ ᠶᠣᠰᠣᠨ ᠳ᠋ᠤᠷ ᠲᠦᠰᠢᠭᠯᠡᠮᠦᠢ᠃ ᠴᠡᠷᠢᠭ ᠲᠦ᠍ᠷ ᠨᠠᠢᠳᠠᠵᠤ ᠪᠣᠯᠬᠤ ᠦᠭᠡᠢ᠃ ᠴᠡᠷᠢᠭ ᠴᠥᠭᠡᠨ ᠪᠥᠭᠡᠰᠦ ᠦᠢᠯᠡᠳᠦᠯ ᠦᠭᠡᠢ᠃ ᠣᠯᠠᠨ ᠪᠥᠭᠡᠰᠦ ᠰᠡᠵᠢᠭᠯᠡᠭᠳᠡᠵᠦ ᠲᠤᠰᠠ ᠪᠣᠯᠬᠤ ᠦᠭᠡᠢ ᠮᠥᠷᠲᠡᠭᠡᠨ ᠰᠠᠭᠠᠳ ᠪᠣᠯᠤᠮᠤᠢ 》ᠬᠡᠮᠡᠬᠦᠢ ᠳ᠋ᠦ᠍ᠷ ᠯᠢᠶᠠᠨ ᠰᠢ ᠰᠢᠶᠠᠨ ᠬᠠᠭᠠᠨ ᠤ᠋ ᠵᠠᠷᠯᠢᠭ ᠢ᠋ᠶ᠋ᠠᠷ ᠳᠠᠷᠤᠵᠤ ᠬᠦᠯᠢᠶᠡᠬᠦ ᠦᠭᠡᠢ ᠲᠠᠪᠤᠨ ᠵᠠᠭᠤᠨ ᠴᠡᠷᠢᠭ ᠠᠪᠴᠤ ᠶᠠᠪᠤᠭᠠᠳ ᠤᠯᠠᠭᠠᠨ ᠨᠣᠬᠠᠢ ᠡᠳᠦᠷ ᠳᠦ ᠰᠥᠩ ᠯᠢᠩ ᠪᠣᠭᠣᠮᠲᠠ ᠬᠦᠷᠦᠭᠡᠳ ᠴᠥᠮ ᠰᠥᠩ ᠦ᠋ᠨ ᠪᠣᠭᠣᠮᠲᠠ ᠶ᠋ᠢ ᠰᠠᠬᠢᠭᠰᠠᠨ ᠵᠠᠩᠵᠤᠨ ᠵᠠᠩ ᠷᠣ᠌ ᠳ᠋ᠤᠷ ᠪᠠᠷᠢᠭᠳᠠᠵᠤ ᠠᠯᠠᠭᠳᠠᠪᠠᠢ᠃ ᠡᠨᠡ ᠪᠣᠯᠪᠠᠰᠤ ᠬᠤᠪᠢᠯᠠᠢ ᠬᠠᠭᠠᠨ ᠤ᠋ ᠰᠥᠩ ᠤᠯᠤᠰ ᠢ᠋ ᠶᠣᠰᠣ ᠵᠢᠷᠤᠮ ᠰᠣᠶᠣᠯᠲᠤ ᠤᠯᠤᠰ ᠭᠡᠮᠡᠨ ᠦᠯᠡᠳᠡᠰᠦᠭᠡᠢ ᠬᠡᠮᠡᠬᠦ ᠬᠠᠮᠤᠭ ᠡᠴᠦᠰ ᠦ᠋ᠨ ᠵᠣᠷᠢᠯᠲᠠ ᠳ᠋ᠤᠷ ᠳᠠᠬᠢᠨ ᠨᠢᠭᠡᠨ ᠤᠳᠠᠭ᠎ᠠ ᠶ᠋ᠢᠨ ᠬᠦᠨᠳᠦ ᠴᠣᠬᠢᠯᠲᠠ ᠪᠣᠯᠪᠠ᠃ ᠴᠣᠬᠣᠮ ᠲᠡᠭᠷᠢ ᠶ᠋ᠢᠨ ᠰᠠᠨᠠᠭ᠎ᠠ ᠵᠠᠩ ᠷᠣ᠌ ᠶ᠋ᠢᠨ ᠭᠠᠷ ᠲᠤᠷ ᠰᠥᠩ ᠤᠯᠤᠰ ᠮᠥᠬᠥᠬᠦ ᠪᠣᠯᠪᠠ᠃ 
       ᠴᠠᠭᠠᠨ ᠪᠠᠷᠰ ᠡᠳᠦᠷ ᠪᠠᠶᠠᠨ ᠶᠤᠸᠠᠨᠱᠤᠸᠠᠢ ᠶᠤᠸᠠᠨ ᠸᠧᠢ ᠯᠠᠩ ᠲᠦᠰᠢᠮᠡᠯ ᠰᠢ ᠲᠢᠶᠠᠨ ᠯᠢᠨ ᠢ᠋ ᠡᠯᠴᠢ ᠪᠣᠯᠭᠠᠨ ᠯᠢᠶᠠᠨ ᠰᠢ ᠰᠢᠶᠠᠨ ᠨᠠᠷ ᠤ᠋ᠨ ᠠᠯᠠᠭᠳᠠᠭᠰᠠᠨ ᠢ᠋ ᠬᠠᠭᠠᠨ ᠳ᠋ᠤᠷ ᠨᠠᠷᠢᠪᠴᠢᠯᠠᠨ ᠠᠢᠯᠠᠤᠬᠠᠨ ᠴᠡᠷᠢᠭ ᠬᠡᠷᠡᠭᠯᠡᠬᠦ ᠲᠤᠬᠠᠢ ᠵᠠᠷᠯᠢᠭ ᠭᠤᠶᠤᠪᠠᠰᠤ ᠬᠤᠪᠢᠯᠠᠢ ᠬᠠᠭᠠᠨ ᠮᠠᠰᠢ ᠬᠠᠷᠠᠮᠰᠠᠵᠤ ᠴᠡᠷᠢᠭ ᠭᠠᠷᠴᠤ ᠪᠠᠢᠯᠳᠤ ᠭᠡᠮᠡᠨ ᠵᠠᠷᠯᠢᠭ ᠪᠣᠯᠤᠭᠰᠠᠨ ᠤ᠋ ᠬᠠᠮᠲᠤ ᠵᠢᠶᠠᠨ ᠺᠠᠩ ᠳ᠋ᠤᠷ ᠳᠤᠮᠳᠠᠳᠤ ᠪᠢᠴᠢᠭ  ᠦ᠋ᠨ ᠮᠣᠵᠢ ᠪᠠᠢᠭᠤᠯᠵᠤ ᠪᠠᠶᠠᠨ ᠶᠤᠸᠠᠨᠱᠤᠸᠠᠢ ᠶ᠋ᠢᠨ ᠴᠠᠴᠠᠷ ᠢ᠋ ᠬᠠᠷᠢᠶᠠᠯᠠᠭᠤᠯᠵᠤ ᠵᠢᠩ ᠬᠤ᠌ ᠶ᠋ᠢᠨ ᠬᠤᠪᠢᠶᠠᠷᠢ ᠴᠡᠷᠢᠭ ᠦ᠋ᠨ ᠨᠢᠭᠤᠴᠠ ᠶ᠋ᠢᠨ ᠬᠣᠷᠢᠶ᠎ᠠ ᠶ᠋ᠢ ᠶ᠋ᠸᠨ ᠵᠢᠶᠠᠩ ᠳ᠋ᠤᠷ ᠨᠡᠭᠦᠯᠭᠡᠵᠦ ᠠᠳᠠᠬᠠᠢ ᠂ ᠳ᠋ᠦᠩ ᠸᠸᠨ ᠫᠢᠩ ᠦ᠋ᠨ ᠴᠠᠴᠠᠷ ᠢ᠋ ᠬᠠᠷᠢᠶᠠᠯᠠᠭᠤᠯᠤᠨ ᠠᠵᠤᠤ ᠳ᠋ᠤᠷ ᠲᠤᠰᠬᠠᠢ ᠵᠠᠷᠯᠢᠭ ᠥᠭᠴᠦ ᠴᠡᠷᠢᠭ ᠰᠠᠯᠭᠠᠨ ᠠᠪᠴᠤ ᠶᠠᠩ ᠵᠧᠦ ᠬᠢᠭᠡᠳ ᠵᠢᠶᠠᠩ ᠳ᠋ᠦᠩ ᠦ᠋ᠨ ᠭᠠᠵᠠᠷ ᠢ᠋ ᠪᠠᠢᠯᠳᠤᠨ ᠠᠪᠤᠭᠲᠤᠨ ᠬᠡᠮᠡᠪᠡ᠃ 
       ᠪᠠᠶᠠᠨ ᠶᠤᠸᠠᠨᠱᠤᠸᠠᠢ ᠬᠠᠭᠠᠨ ᠤ᠋ ᠵᠠᠷᠯᠢᠭ ᠢ᠋ ᠰᠣᠨᠣᠰᠴᠤ ᠳᠣᠲᠣᠷ᠎ᠠ ᠪᠠᠨ ᠶᠡᠬᠡᠳᠡ ᠰᠣᠴᠢᠪᠠ ᠃ ᠪᠣᠳᠣᠪᠠᠰᠤ ᠬᠠᠭᠠᠨ ᠯᠠᠪ ᠶᠠᠮᠠᠷ ᠨᠢᠭᠡ ᠬᠣᠪᠴᠢ ᠦᠭᠡ ᠶ᠋ᠢ ᠠᠪᠴᠤ ᠴᠡᠷᠢᠭ ᠦ᠋ᠨ ᠡᠷᠬᠡ ᠶ᠋ᠢ ᠬᠤᠪᠢᠶᠠᠨ ᠪᠠᠭᠠᠰᠬᠠᠵᠤ ᠬᠢᠵᠠᠭᠠᠷᠯᠠᠬᠤ ᠠᠨᠤ ᠪᠣᠯᠠᠢ᠃ ᠬᠢᠴᠢᠶᠡᠪᠡᠰᠦ ᠵᠣᠬᠢᠮᠤᠢ ᠭᠡᠮᠡᠨ ᠳᠣᠲᠣᠷ᠎ᠠ ᠪᠠᠨ ᠰᠡᠷᠡᠮᠵᠢᠯᠡᠨ ᠴᠡᠷᠢᠭ ᠲᠡᠢᠨ ᠦ᠌ ᠶᠡᠬᠡ ᠬᠡᠷᠡᠭ ᠶᠠᠪᠤᠳᠠᠯ ᠢ ᠲᠠᠰᠤᠯᠬᠤᠢ ᠳ᠋ᠤᠷ ᠤᠯᠠᠮ ᠬᠢᠨᠠᠮᠠᠭᠠᠢ ᠪᠣᠯᠪᠠᠢ᠃ 
       ᠥᠭᠦᠯᠡᠬᠦ ᠢᠨᠦ ᠲᠡᠷᠰᠯᠡᠭᠦᠦ ᠰᠠᠢᠳ ᠸᠠᠩ ᠸᠸᠨ ᠲᠦᠩ ᠢ᠋ ᠰᠢᠳᠬᠡᠭᠰᠡᠨ ᠦ᠌ ᠬᠣᠢᠨ᠎ᠠ ᠠᠾᠮᠠ ᠫᠢᠩ ᠵᠠᠩ ᠵᠧᠩ ᠰᠢ (ᠴᠧᠩᠰᠢᠶᠠᠩ)ᠲᠦᠰᠢᠮᠡᠯ ᠦ᠋ᠨ ᠶᠡᠬᠡ ᠲᠤᠰᠢᠶᠠᠯ ᠢ᠋ ᠬᠦᠯᠢᠶᠡᠨ ᠠᠪᠴᠤ ᠬᠡᠷᠡᠭ ᠪᠦᠬᠦᠨ ᠢ᠋ ᠬᠠᠭᠠᠨ ᠤ᠋ ᠳᠤᠷ᠎ᠠ ᠰᠣᠨᠢᠷᠬᠠᠯ ᠢ᠋ ᠳᠠᠭᠠᠭᠤᠯᠤᠨ ᠣᠷᠳᠣᠨ ᠤ᠋ ᠵᠠᠷᠤᠴᠠ ᠨᠠᠷ ᠲᠠᠢ ᠰᠦᠯᠪᠡᠭᠡᠯᠡᠨ ᠬᠠᠭᠠᠨ ᠤ᠋ ᠨᠢᠳᠦ ᠴᠢᠬᠢ ᠶ᠋ᠢ ᠬᠠᠯᠬᠠᠯᠠᠨ ᠪᠢᠯᠳᠠᠤᠴᠢᠯᠠᠬᠤ ᠲᠤᠯᠠ ᠬᠠᠭᠠᠨ ᠤ᠋ ᠬᠠᠢᠷ᠎ᠠ ᠬᠦᠨᠳᠦᠳᠬᠡᠯ ᠢ᠋ ᠮᠠᠰᠢ ᠣᠯᠪᠠ᠃ ᠠᠾᠮᠠ ᠶᠡᠷᠦ ᠶ᠋ᠢᠨ ᠴᠠᠭ ᠪᠠᠶᠠᠨ ᠤ᠋ ᠡᠷᠳᠡᠮ ᠴᠢᠳᠠᠪᠤᠷᠢ ᠶ᠋ᠢ ᠠᠲᠠᠭᠠᠷᠠᠵᠤ ᠬᠣᠷᠣᠰᠬᠤ ᠪᠣᠯᠥᠭᠡ᠂ ᠡᠳᠦᠭᠡ ᠰᠥᠩ ᠤᠯᠤᠰ ᠢ᠋ ᠮᠥᠬᠥᠭᠡᠵᠦ ᠶᠡᠬᠡ ᠭᠠᠪᠢᠶ᠎ᠠ ᠪᠠᠢᠭᠤᠯᠪᠠᠰᠤ ᠠᠾᠮᠠ ᠶ᠋ᠢᠨ ᠴᠧᠩᠰᠢᠶᠠᠩ ᠤ᠋ᠨ ᠶᠡᠬᠡ ᠡᠷᠬᠡ ᠪᠠᠢᠵᠤ ᠴᠢᠳᠠᠬᠤ ᠦᠭᠡᠢ  ᠡᠴᠡ ᠠᠶᠤᠨ ᠵᠠᠪᠰᠢᠶᠠᠨ ᠢ᠋ ᠦᠵᠡᠵᠦ ᠬᠣᠪᠴᠢᠯᠠᠬᠤ ᠪᠣᠯᠠᠢ᠃ ᠨᠢᠭᠡᠨ ᠡᠳᠦᠷ ᠬᠠᠭᠠᠨ ᠤ᠋ ᠳᠡᠷᠭᠡᠳᠡ ᠬᠥᠮᠦᠨ ᠦᠭᠡᠢ ᠶ᠋ᠢ ᠦᠵᠡᠵᠦ ᠥᠴᠢᠷᠦᠨ : 《ᠡᠳᠦᠭᠡ ᠲᠥᠷᠥ ᠶ᠋ᠢᠨ ᠣᠯᠠᠨ ᠰᠠᠢᠳ ᠲᠦᠰᠢᠮᠡᠳ ᠢ᠋ ᠪᠠᠢᠲᠤᠭᠠᠢ᠂ ᠰᠥᠩ ᠤᠯᠤᠰ ᠤ᠋ᠨ ᠡᠵᠡᠨ ᠲᠦᠰᠢᠮᠡᠳ ᠲᠦ᠍ᠷ ᠬᠦᠷᠲᠡᠯ᠎ᠡ ᠴᠥᠮ ᠪᠠᠶᠠᠨ ᠢ᠋ ᠲᠡᠭᠷᠢ ᠶ᠋ᠢᠨ ᠣᠳᠣᠨ ᠬᠡᠮᠡᠮᠦᠢ᠃ ᠰᠣᠨᠣᠰᠪᠠᠰᠤ ᠶᠡᠬᠡ ᠮᠥᠷᠡᠨ ᠭᠡᠲᠦᠯᠬᠦᠢ ᠳ᠋ᠦ᠍ᠷ ᠦᠵᠡᠭᠡᠴᠢ ᠶ᠋ᠢᠨ ᠥᠭᠦᠯᠡᠭᠰᠡᠨ ᠢᠨᠦ ᠲᠩᠷᠢ ᠶ᠋ᠢᠨ ᠴᠠᠭ ᠡᠮᠦᠨᠡᠰᠢ ᠪᠡᠨ ᠨᠡᠭᠦᠮᠦᠢ᠃ ᠲᠡᠮᠦᠷ ᠮᠣᠳᠣ ᠬᠠᠷᠰᠢᠯᠳᠤᠨ ᠬᠣᠶᠠᠷ ᠣᠳᠣᠨ ᠵᠥᠷᠢᠵᠦ ᠭᠠᠷᠬᠤ ᠴᠠᠭ ᠮᠥᠷᠡᠨ ᠢ᠋ ᠭᠡᠲᠦᠯᠵᠦ ᠪᠣᠯᠤᠮᠤᠢ ᠬᠡᠮᠡᠪᠡ ᠬᠡᠮᠡᠮᠦ᠃ ᠭᠠᠪᠢᠶᠠᠲᠤ ᠲᠦᠰᠢᠮᠡᠯ ᠡᠵᠡᠨ ᠦ᠌ ᠰᠦᠷ ᠢ᠋ ᠳᠠᠷᠤᠬᠤ ᠠᠨᠤ ᠡᠷᠲᠡᠨ ᠡᠳᠦᠭᠡ ᠶ᠋ᠢᠨ ᠡᠩ ᠦ᠋ᠨ ᠶᠠᠪᠤᠳᠠᠯ ᠪᠣᠯᠠᠢ᠃ ᠡᠵᠡᠨ ᠲᠠ ᠭᠡᠭᠡᠨ ᠳ᠋ᠡᠭᠡᠨ ᠲᠤᠩᠭᠠᠬᠤ ᠪᠣᠯᠪᠠᠤ᠃ ᠬᠡᠳᠦᠢ ᠪᠡᠷ ᠡᠨᠡ ᠬᠢᠷᠢ ᠳ᠋ᠦ᠍ᠷ ᠤᠴᠢᠷ ᠶᠠᠪᠤᠳᠠᠯ ᠦᠭᠡᠢ ᠪᠣᠯᠪᠠᠴᠤ ᠤᠷᠢᠳᠴᠢᠯᠠᠨ ᠰᠡᠷᠭᠡᠢᠯᠡᠪᠡᠰᠦ ᠵᠣᠬᠢᠮᠤᠢ᠃ ᠡᠳᠦᠭᠡ ᠪᠠᠶᠠᠨ ᠶᠡᠬᠡ ᠴᠡᠷᠢᠭ ᠵᠠᠭᠤᠨ ᠲᠦᠮᠡ ᠪᠠᠢᠯᠳᠤᠬᠤ ᠵᠠᠩᠵᠤᠨ ᠲᠦᠮᠡᠨ ᠬᠥᠮᠦᠨ ᠢ᠋ ᠵᠠᠬᠢᠷᠴᠤ ᠶᠡᠬᠡ ᠮᠥᠷᠡᠨ ᠦ᠌ ᠡᠮᠦᠨ᠎ᠡ ᠬᠥᠨᠳᠡᠯᠡᠨ ᠭᠣᠣᠯᠲᠤ ᠶᠠᠪᠤᠮᠤᠢ᠃ ᠬᠠᠨ ᠭᠣᠣ ᠼᠤᠤ ᠶ᠋ᠢᠨ ᠦᠶ᠎ᠡ ᠶ᠋ᠢᠨ ᠬᠠᠨ ᠰᠢᠨ ᠦ᠌ ᠡᠷᠬᠡ ᠬᠦᠨᠳᠦ ᠡᠴᠡ ᠬᠡᠲᠦᠷᠡᠪᠡᠢ᠃ ᠶᠤᠸᠠᠨ ᠱᠣ ᠠ᠋ᠴᠠ ᠭᠤᠷᠪᠠᠨ ᠮᠢᠩᠭᠠᠨ ᠴᠡᠷᠢᠭ ᠵᠢᠭᠡᠯᠡᠵᠦ ᠵᠢᠶᠠᠩ ᠳ᠋ᠦᠩ ᠢ᠋ ᠲᠣᠭᠲᠠᠭᠠᠭᠰᠠᠨ ᠰᠢᠶᠣᠤ ᠪᠠ ᠸᠠᠩ ᠰᠦᠨ ᠴᠧ ᠮᠡᠲᠦ ᠬᠥᠮᠦᠨ ᠢ᠋ ᠨᠡᠩ ᠶᠠᠭᠤᠨ ᠥᠭᠦᠯᠡᠬᠦ ᠠᠵᠢ 》ᠬᠡᠮᠡᠬᠦᠢ ᠳ᠋ᠦ᠍ᠷ ᠬᠤᠪᠢᠯᠠᠢ ᠬᠠᠭᠠᠨ ᠳᠠᠭᠤᠨ ᠦᠭᠡᠢ ᠰᠣᠨᠣᠰᠴᠤ ᠪᠠᠷᠠᠭᠠᠳ ᠳᠠᠬᠢᠨ ᠡᠢᠮᠦ ᠦᠭᠡ ᠭᠠᠷᠭᠠᠵᠤ ᠪᠣᠯᠬᠤ ᠦᠭᠡᠢ ᠭᠡᠮᠡᠨ ᠨᠢᠭᠤᠷ ᠥᠭᠭᠦᠭᠰᠡᠨ ᠦᠭᠡᠢ ᠪᠣᠯᠪᠠᠴᠤ ᠳᠣᠲᠣᠷ᠎ᠠ ᠪᠠᠨ ᠨᠢᠭ᠍ᠲᠡᠯᠡᠵᠦ ᠶᠠᠪᠤᠬᠤ ᠪᠣᠯᠪᠠ᠃ 
       ᠲᠡᠭᠷᠢ ᠶ᠋ᠢᠨ ᠰᠠᠯᠬᠢᠨ ᠲᠡᠭᠰᠢ ᠦᠭᠡᠢ ᠃ ᠲᠡᠷᠡ ᠵᠢᠯ ᠮᠥᠷᠡᠨ ᠦ᠌ ᠡᠮᠦᠨ᠎ᠡ ᠶᠡᠬᠡ ᠬᠤᠷ᠎ᠠ ᠶ᠋ᠢᠨ ᠭᠠᠮᠰᠢᠭ ᠪᠣᠯᠤᠭᠰᠠᠨ ᠪᠥᠭᠡᠳ ᠡᠪᠡᠳᠴᠢᠨ ᠬᠠᠯᠳᠠᠪᠤᠷᠢᠯᠠᠨ ᠪᠦᠬᠦᠢ ᠳ᠋ᠦ᠍ᠷ ᠪᠠᠶᠠᠨ ᠶᠤᠸᠠᠨᠱᠤᠸᠠᠢ ᠠᠷᠠᠳ ᠢ᠋ ᠠᠪᠤᠷᠠᠬᠤ ᠠᠨᠤ ᠴᠢᠬᠤᠯᠠ ᠭᠡᠮᠡᠨ ᠤᠯᠤᠰ ᠤ᠋ᠨ ᠰᠠᠩ ᠤ᠋ᠨ ᠠᠮᠤ ᠶ᠋ᠢ ᠲᠦᠭᠡᠭᠡᠵᠦ ᠠᠷᠠᠳ ᠢ᠋ ᠲᠡᠵᠢᠭᠡᠪᠡ᠃ ᠲᠡᠳᠦᠢ ᠳ᠋ᠦ᠍ᠷ ᠰᠥᠩ ᠤᠯᠤᠰ ᠤ᠋ᠨ ᠡᠯᠴᠢ ᠶ᠋ᠢᠨ ᠰᠠᠢᠳ ᠬᠣᠩ ᠮᠧᠢ ᠤᠯᠤᠰ ᠤ᠋ᠨ ᠪᠢᠴᠢᠭ ᠠᠪᠴᠤ ᠵᠢᠶᠠᠨ ᠺᠠᠩ ᠳ᠋ᠤᠷ ᠢᠷᠡᠵᠦ :《ᠡᠯᠴᠢ ᠶ᠋ᠢ ᠠᠯᠠᠭᠰᠠᠨ ᠶᠠᠪᠤᠳᠠᠯ ᠢ ᠲᠡᠢ ᠬᠤᠸᠠᠩ ᠲᠠᠢᠬᠡᠦ ᠣᠭᠲᠣ ᠮᠡᠳᠡᠬᠦ ᠦᠭᠡᠢ᠃ ᠴᠥᠮ ᠬᠢᠯᠢ ᠶ᠋ᠢᠨ ᠴᠡᠷᠢᠭ ᠦ᠋ᠨ ᠬᠢᠭᠰᠡᠨ ᠬᠡᠷᠡᠭ ᠲᠤᠯᠠ ᠪᠠᠷᠢᠵᠤ ᠰᠢᠳᠬᠡᠬᠦ ᠢᠨᠦ ᠵᠦᠢ ᠪᠣᠯᠠᠢ᠃ ᠴᠡᠷᠢᠭ ᠢ᠋ᠶ᠋ᠡᠨ ᠵᠣᠭᠰᠣᠵᠤ ᠡᠶᠡᠳᠡᠬᠦ ᠶ᠋ᠢ ᠬᠦᠰᠡᠮᠦᠢ  》 ᠬᠡᠮᠡᠪᠡ ᠃ ᠪᠠᠶᠠᠨ ᠶᠤᠸᠠᠨᠱᠤᠸᠠᠢ ᠡᠯᠴᠢ ᠶ᠋ᠢ ᠭᠠᠷᠭᠠᠵᠤ  ᠬᠠᠷᠢᠶᠠᠲᠤ ᠵᠠᠩᠵᠤᠨ ᠲᠦᠰᠢᠮᠡᠳ ᠲᠡᠭᠡᠨ ᠥᠭᠦᠯᠡᠷᠦᠨ :  《ᠡᠨᠡ ᠡᠯᠴᠢ ᠶ᠋ᠢᠨ ᠡᠶᠡᠳᠡᠷ᠎ᠡ ᠢᠷᠡᠭᠰᠡᠨ ᠢᠨᠦ ᠠᠷᠭ᠎ᠠ ᠪᠣᠯᠠᠢ᠃ ᠮᠠᠨ ᠤ᠋ ᠴᠡᠷᠢᠭ ᠨᠡᠯᠢᠶᠡᠳ ᠡᠳᠦᠷ ᠡᠵᠡᠨ ᠦ᠌ ᠵᠠᠷᠯᠢᠭ ᠢ᠋ ᠬᠦᠯᠢᠶᠡᠨ ᠰᠠᠭᠤᠭᠰᠠᠨ ᠳ᠋ᠤᠷ ᠲᠡᠳᠡ ᠣᠳᠣ ᠮᠠᠨ ᠤ᠋ ᠶᠠᠮᠠᠷ ᠪᠣᠯᠵᠤ ᠪᠠᠢᠭ᠎ᠠ ᠶ᠋ᠢ ᠮᠠᠲᠠᠷ᠎ᠠ ᠢᠷᠡᠭᠰᠡᠨ ᠪᠣᠯᠠᠢ᠃ ᠮᠡᠬᠡ ᠶ᠋ᠢ ᠮᠡᠬᠡ ᠪᠡᠷ ᠬᠡᠮᠡᠭᠰᠡᠨ ᠮᠡᠲᠦ ᠨᠢᠭᠡᠨ ᠬᠥᠮᠦᠨ ᠳ᠋ᠡᠭᠡᠨ ᠣᠴᠢᠵᠤ ᠰᠥᠩ ᠤᠯᠤᠰ ᠤ᠋ᠨ ᠴᠡᠷᠢᠭ ᠦ᠋ᠨ ᠪᠠᠢᠳᠠᠯ ᠢ᠋ ᠮᠡᠳᠡᠵᠦ ᠢᠷᠡᠪᠡᠰᠦ ᠰᠠᠢᠨ  》 ᠭᠡᠮᠡᠨ ᠴᠠᠴᠠᠷ ᠤ᠋ᠨ ᠵᠥᠪᠯᠡᠭᠴᠢ ᠲᠦᠰᠢᠮᠡᠯ ᠵᠠᠩ ᠢᠦᠢ ᠳ᠋ᠦ᠍ᠷ ᠬᠠᠷᠢᠭᠤ ᠪᠢᠴᠢᠭ  ᠪᠠᠷᠢᠭᠤᠯᠤᠨ ᠶᠠᠪᠤᠭᠤᠯᠤᠭᠰᠠᠨ ᠳ᠋ᠤᠷ ᠹᠠᠩ ᠵᠢᠶᠠᠩ ᠤ᠋ᠨ ᠥᠷᠲᠡᠭᠡ ᠬᠦᠷᠦᠭᠰᠡᠨ ᠳ᠋ᠦ᠍ᠷ ᠰᠥᠩ ᠤᠯᠤᠰ ᠤ᠋ᠨ ᠴᠡᠷᠢᠭ ᠪᠠᠷᠢᠵᠤ ᠠᠪᠤᠭᠠᠳ ᠪᠠᠰᠠ ᠠᠯᠠᠪᠠ᠃ 
       ᠪᠠᠶᠠᠨ ᠶᠤᠸᠠᠨᠱᠤᠸᠠᠢ ᠮᠠᠰᠢ ᠬᠢᠯᠢᠩᠯᠡᠨ ᠶᠣᠰᠣ ᠮᠡᠳᠡᠬᠦ ᠦᠭᠡᠢ ᠵᠡᠷᠯᠢᠭ ᠠᠮᠢᠲᠠᠳ ᠭᠡᠵᠦ ᠴᠡᠷᠢᠭ ᠬᠡᠷᠡᠭᠯᠡᠰᠦᠭᠡᠢ ᠭᠡᠮᠡᠨ ᠪᠡᠯᠡᠳᠬᠡᠵᠦ ᠠᠲᠠᠯ᠎ᠠ ᠳᠥᠷᠪᠡᠳᠦᠭᠡᠷ ᠰᠠᠷ᠎ᠠ ᠶ᠋ᠢᠨ ᠬᠥᠬᠡᠭᠴᠢᠨ ᠦᠬᠡᠷ ᠡᠳᠦᠷ ᠬᠠᠭᠠᠨ ᠤ᠋ ᠵᠠᠷᠯᠢᠭ ᠢᠷᠡᠵᠦ ᠴᠠᠭ ᠤᠯᠠᠷᠢᠯ ᠬᠠᠯᠠᠭᠤᠨ ᠪᠣᠯᠤᠭᠰᠠᠨ ᠲᠤᠯᠠ ᠴᠡᠷᠢᠭ ᠬᠡᠷᠡᠭᠯᠡᠬᠦᠢ ᠳ᠋ᠦ᠍ᠷ ᠵᠣᠬᠢᠰ ᠦᠭᠡᠢ ᠃ ᠨᠠᠮᠤᠷ ᠤ᠋ᠨ ᠰᠡᠷᠢᠭᠦᠨ ᠢ ᠬᠦᠯᠢᠶᠡᠨ ᠰᠠᠭᠤᠲᠤᠭᠠᠢ ᠬᠡᠮᠡᠪᠡ᠃ ᠪᠠᠶᠠᠨ ᠠᠷᠭ᠎ᠠ ᠦᠭᠡᠢ ᠡᠯᠴᠢ ᠶ᠋ᠢ ᠶᠠᠪᠤᠭᠤᠯᠵᠤ ᠠᠢᠯᠠᠳᠬᠠᠭᠰᠠᠨ ᠠᠨᠤ 《ᠰᠥᠩ ᠦ᠋ᠨ ᠬᠥᠮᠦᠰ ᠮᠥᠷᠡᠨ ᠳᠠᠯᠠᠢ ᠶ᠋ᠢ ᠡᠵᠡᠮᠰᠢᠭᠰᠡᠨ ᠢᠨᠦ ᠵᠡᠷᠯᠢᠭ ᠠᠷᠢᠶᠠᠲᠠᠨ ᠪᠠᠲᠤ ᠭᠠᠵᠠᠷ ᠰᠢᠷᠭᠤᠭᠰᠠᠨ ᠮᠡᠲᠦ ᠪᠤᠶᠤ᠃ ᠡᠳᠦᠭᠡ ᠪᠢᠳᠡ ᠨᠢᠭᠡᠨᠲᠡ ᠪᠠᠭᠠᠯᠵᠤᠤᠷᠳᠠᠭᠰᠠᠨ ᠲᠤᠯᠠ ᠬᠥᠳᠡᠯᠵᠦ ᠴᠢᠳᠠᠬᠤ ᠦᠭᠡᠢ ᠪᠣᠯᠪᠠᠢ᠃ ᠬᠡᠷᠪᠡ ᠪᠠᠭ᠎ᠠ ᠰᠤᠯᠠᠯᠠᠪᠠᠰᠤ ᠳᠠᠷᠤᠢ ᠠᠯᠠᠭ᠎ᠠ ᠪᠣᠯᠤᠮᠤᠢ 》ᠬᠡᠮᠡᠬᠦᠢ ᠳ᠋ᠦ᠍ᠷ ᠬᠤᠪᠢᠯᠠᠢ ᠬᠠᠭᠠᠨ ᠠᠢᠯᠠᠤᠬᠠᠯ ᠢ᠋ ᠰᠣᠨᠣᠰᠴᠤ ᠮᠠᠰᠢ ᠪᠠᠶᠠᠷ ᠦᠭᠡᠢ ᠪᠣᠯᠵᠤ ᠢᠷᠡᠭᠰᠡᠨ ᠡᠯᠴᠢ ᠳ᠋ᠦ᠍ᠷ ᠵᠠᠷᠯᠢᠭ ᠪᠣᠯᠤᠭᠰᠠᠨ ᠠᠨᠤ: 《ᠵᠠᠩᠵᠤᠨ ᠲᠡᠢᠨ ᠳ᠋ᠦ᠍ᠷ ᠭᠠᠷᠤᠭᠰᠠᠨ ᠬᠣᠢᠨ᠎ᠠ ᠡᠵᠡᠨ ᠦ᠌ ᠵᠠᠷᠯᠢᠭ ᠢ᠋ ᠦᠯᠦ ᠳᠠᠭᠠᠬᠤ ᠠᠨᠤ ᠶᠣᠰᠣ ᠪᠣᠯᠠᠢ᠃ ᠶᠤᠸᠠᠨᠱᠤᠸᠠᠢ ᠶ᠋ᠢᠨ ᠰᠠᠨᠠᠭ᠎ᠠ ᠪᠠᠷ ᠪᠣᠯᠲᠤᠭᠠᠢ 》ᠬᠡᠮᠡᠪᠡᠢ᠃ ᠪᠠᠶᠠᠨ ᠶᠤᠸᠠᠨᠱᠤᠸᠠᠢ ᠡᠯᠴᠢ ᠶ᠋ᠢᠨ ᠠᠮᠠᠨ ᠠ᠋ᠴᠠ ᠡᠵᠡᠨ ᠦ᠌ ᠵᠠᠷᠯᠢᠭ ᠢ᠋ ᠰᠣᠨᠣᠰᠴᠤ ᠰᠥᠩ ᠤᠯᠤᠰ ᠢ᠋ ᠰᠥᠨᠥᠭᠡᠬᠦ ᠡᠴᠦᠰ ᠦ᠋ᠨ ᠲᠡᠢᠨ ᠬᠢᠬᠦ ᠪᠡᠷ ᠪᠡᠯᠡᠳᠬᠡᠵᠦ ᠴᠡᠷᠢᠭ ᠭᠠᠷᠴᠤ ᠠᠮᠵᠢᠬᠤ ᠠ᠋ᠴᠠ ᠡᠮᠦᠨ᠎ᠡ ᠲᠠᠪᠤᠨ ᠰᠠᠷ᠎ᠠ ᠶ᠋ᠢᠨ ᠤᠯᠠᠭᠠᠨᠴᠢᠨ ᠭᠠᠬᠠᠢ ᠡᠳᠦᠷ ᠬᠠᠭᠠᠨ ᠤ᠋ ᠵᠠᠷᠯᠢᠭ ᠢ᠋ᠶ᠋ᠠᠷ ᠢᠰᠢᠨᠪᠦ᠋ᠬᠡ ᠪᠠᠶᠠᠨ ᠶᠤᠸᠠᠨᠱᠤᠸᠠᠢ ᠶ᠋ᠢ ᠠᠪᠤᠷ᠎ᠠ ᠬᠦᠷᠴᠦ ᠢᠷᠡᠪᠡ᠃ ᠵᠠᠷᠯᠢᠭ ᠲᠤᠷ ᠠᠷᠤᠤᠬᠠᠨ ᠢ᠋ ᠽᠠᠨ ᡁᠢ ᠵᠧᠩ ᠱᠢ ᠲᠦᠰᠢᠮᠡᠯ ᠡᠷᠭᠦᠮᠵᠢᠯᠡᠨ ᠪᠠᠶᠠᠨ ᠤ᠋ ᠲᠤᠰᠢᠶᠠᠯ ᠢ᠋ ᠬᠦᠯᠢᠶᠡᠨ ᠠᠪᠤᠭᠤᠯᠪᠠ᠃ ᠪᠠᠶᠠᠨ ᠶᠤᠸᠠᠨᠱᠤᠸᠠᠢ ᠵᠡᠷᠭᠡ ᠡᠷᠬᠢᠮ ᠢ᠋ᠶ᠋ᠡᠨ ᠠᠷᠤᠤᠬᠠᠨ ᠳ᠋ᠤᠷ ᠨᠠᠷᠢᠨ ᠲᠤᠰᠢᠶᠠᠨ ᠰᠢᠯᠤᠭᠤᠨ ᠡᠩ ᠦ᠋ᠨ ᠪᠢᠴᠢᠭ ᠦ᠋ᠨ ᠬᠥᠮᠦᠨ ᠦ᠌ ᠪᠥᠰ ᠬᠤᠪᠴᠠᠰᠤ ᠪᠠᠷ ᠡᠯᠴᠢ ᠢᠰᠢᠨᠪᠥ᠋ᠭᠡ ᠶ᠋ᠢ ᠳᠠᠭᠠᠵᠤ ᠳᠡᠭᠡᠳᠦ ᠨᠡᠢᠰᠯᠡᠯ ᠺᠠᠢ ᠫᠢᠩ ᠢ᠋ ᠴᠢᠭᠯᠡᠪᠡ᠃ ᠲᠡᠢᠨ ᠬᠦ ᠮᠥᠬᠥᠬᠦ ᠰᠢᠬᠠᠭᠰᠠᠨ ᠰᠥᠩ ᠤᠯᠤᠰ ᠪᠠᠰᠠ ᠨᠢᠭᠡᠨ ᠤᠳᠠᠭ᠎ᠠ ᠠᠮᠢᠰᠬᠤᠭ᠎ᠠ ᠠᠪᠴᠤ ᠲᠡᠢᠨ ᠦ᠌ ᠪᠡᠯᠡᠳᠬᠡᠯ ᠬᠢᠬᠦ ᠵᠠᠪᠰᠢᠶᠠᠨ ᠣᠯᠵᠤᠬᠤᠢ᠃ 
       ᠪᠠᠶᠠᠨ ᠶᠤᠸᠠᠨᠱᠤᠸᠠᠢ ᠵᠧᠨ ᠵᠢᠶᠠᠩ ᠳ᠋ᠤᠷ ᠬᠦᠷᠦᠭᠰᠡᠨ ᠳ᠋ᠦ᠍ᠷ ᠣᠯᠠᠨ ᠵᠠᠩᠵᠤᠨ ᠲᠦᠰᠢᠮᠡᠳ ᠬᠣᠢᠰᠢᠬᠢ ᠶᠠᠪᠤᠳᠠᠯ ᠢ᠋ ᠠᠰᠠᠭᠤᠪᠠᠰᠤ ᠪᠠᠶᠠᠨ ᠶᠤᠸᠠᠨᠱᠤᠸᠠᠢ ᠵᠥᠪᠬᠡᠨ 《ᠲᠤᠰ ᠲᠤᠰ ᠤ᠋ᠨ ᠲᠤᠰᠢᠶᠠᠯ ᠳ᠋ᠠᠭᠠᠨ ᠴᠢᠷᠮᠠᠢᠵᠤ ᠰᠢᠨ᠎ᠡ ᠨᠣᠶᠠᠨ ᠠᠷᠤᠤᠬᠠᠨ ᠳ᠋ᠤᠷ ᠰᠠᠢᠲᠤᠷ ᠲᠤᠰᠠᠯᠠᠭᠲᠤᠨ ! 》ᠬᠡᠮᠡᠪᠡ᠃ ᠪᠠᠶᠠᠨ ᠶᠤᠸᠠᠨᠱᠤᠸᠠᠢ ᠨᠢᠭᠡᠨ ᠨᠠᠪᠴᠢ ᠬᠥᠩᠭᠡᠨ ᠣᠩᠭᠣᠴᠠ ᠪᠠᠷ ᠮᠥᠷᠡᠨ ᠭᠡᠲᠦᠯᠬᠦᠢ ᠳ᠋ᠦ᠍ᠷ ᠣᠯᠠᠨ ᠵᠠᠩᠵᠤᠨ ᠲᠦᠰᠢᠮᠡᠳ ᠴᠡᠷᠢᠭ ᠠᠷᠠᠳ ᠴᠥᠮ ᠮᠥᠷᠡᠨ ᠦ᠌ ᠬᠥᠪᠡᠭᠡᠨ ᠳ᠋ᠦ᠍ᠷ ᠵᠣᠭᠰᠣᠵᠤ ᠤᠬᠢᠯᠠᠨ ᠦᠳᠡᠭᠡᠳ ᠦᠵᠡᠲᠡᠯ᠎ᠡ ᠣᠩᠭᠣᠴᠠ ᠳᠠᠯᠳᠠᠷᠠᠭᠰᠠᠨ ᠤ᠋ ᠬᠣᠢᠨ᠎ᠠ ᠰᠠᠶᠢ ᠨᠢᠯᠪᠤᠰᠤᠨ ᠢ᠋ᠶ᠋ᠠᠨ ᠠᠷᠴᠢᠵᠤ ᠪᠤᠴᠠᠵᠠᠭᠠᠪᠠ᠃ ᠡᠨᠡ ᠦᠨᠡᠬᠡᠷ᠄ 
     ᠥᠨᠥᠴᠢᠨ ᠳᠠᠷᠪᠠᠭᠤᠯ ᠤ᠋ᠨ ᠬᠣᠯᠠ ᠶ᠋ᠢᠨ ᠪᠠᠷ᠎ᠠ ᠬᠥᠬᠡ ᠣᠭᠲᠠᠷᠭᠤᠢ ᠳ᠋ᠤᠷ ᠨᠡᠢᠯᠡᠨ ᠵᠠᠮᠬᠠᠷᠠᠭᠠᠳ 
     ᠦᠷᠭᠦᠯᠵᠢ ᠳᠣᠯᠭᠢᠶᠠᠯᠠᠬᠤ ᠬᠥᠬᠡᠮᠥ᠋ᠷᠡᠨ ᠲᠠᠯᠠᠭᠠᠷ ᠬᠣᠭᠣᠰᠣᠨ ᠤᠷᠤᠰᠤᠮᠤᠢ ᠬᠡᠮᠡᠭᠰᠡᠨ ᠮᠡᠲᠦ᠃ 
       ᠥᠭᠦᠯᠡᠬᠦ ᠢᠨᠦ ᠪᠠᠶᠠᠨ ᠶᠤᠸᠠᠨᠱᠤᠸᠠᠢ ᠡᠵᠡᠨ ᠦ᠌ ᠡᠯᠴᠢ ᠶ᠋ᠢ ᠳᠠᠭᠠᠵᠤ ᠴᠢᠷᠮᠠᠢᠨ ᠶᠠᠪᠤᠭᠰᠠᠭᠠᠷ ᠰᠠᠷ᠎ᠠ ᠪᠣᠯᠵᠤ ᠣᠩᠭᠣᠴᠠ ᠮᠣᠷᠢ ᠶ᠋ᠢᠨ ᠵᠦᠳᠡᠭᠦᠷᠢ ᠶ᠋ᠢ ᠬᠦᠯᠢᠶᠡᠨ ᠳᠡᠭᠡᠳᠦ ᠨᠡᠢᠰᠯᠡᠯ ᠳ᠋ᠦ᠍ᠷ ᠬᠦᠷᠴᠦ ᠢᠷᠡᠭᠡᠳ ᠶᠠᠮᠠᠷ ᠬᠡᠷᠡᠭ ᠶᠠᠪᠤᠳᠠᠯ ᠪᠠᠢᠭᠰᠠᠨ ᠴᠤ᠌ ᠡᠵᠡᠨ ᠦ᠌ ᠡᠮᠦᠨ᠎ᠡ ᠦᠨᠡᠨ ᠴᠠᠭᠠᠨ ᠢ᠋ᠶ᠋ᠠᠨ ᠢᠯᠭᠠᠮᠤᠢ ᠭᠡᠮᠡᠨ ᠣᠭᠲᠣ ᠵᠣᠪᠠᠵᠤ ᠰᠠᠨᠳᠤᠷᠤᠭᠰᠠᠨ ᠦᠭᠡᠢ ᠡᠵᠡᠨ ᠦ᠌ ᠰᠡᠷᠢᠭᠦᠨ ᠣᠷᠳᠣᠨ ᠳ᠋ᠤᠷ ᠪᠠᠷᠠᠭᠠᠯᠪᠠᠰᠤ ᠬᠤᠪᠢᠯᠠ᠊ᠢ ᠬᠠᠭᠠᠨ ᠮᠥᠷᠡᠨ ᠦ᠌ ᠡᠮᠦᠨᠡᠬᠢ ᠪᠠᠢᠳᠠᠯ ᠢ᠋ ᠰᠣᠨᠣᠰᠴᠤ ᠮᠡᠳᠡᠭᠡᠳ ᠰᠦᠭ ᠤᠯᠤᠰ ᠢ᠋ ᠪᠠᠢᠯᠳᠤᠨ ᠳᠠᠭᠠᠭᠤᠯᠬᠤ ᠶ᠋ᠢ ᠶᠡᠬᠡ ᠬᠡᠷᠡᠭ ᠪᠣᠯᠭᠠᠭᠰᠠᠨ ᠦᠭᠡᠢ ᠮᠡᠲᠦ ᠪᠠᠶᠠᠨ ᠢ᠋ ᠪᠡᠶ᠎ᠡ ᠠᠮᠠᠷᠠᠵᠤ ᠰᠠᠭᠤ ᠬᠡᠮᠡᠵᠦᠬᠦᠢ᠃ ᠪᠠᠶᠠᠨ ᠬᠡᠰᠢᠭ ᠲᠣᠷ ᠮᠥᠷᠭᠥᠵᠦ ᠠᠵᠤᠤ᠂ ᠠᠷᠤᠤᠬᠠᠨ ᠨᠠᠷ ᠪᠠ ᠣᠯᠠᠨ ᠵᠠᠩᠵᠤᠨ ᠴᠡᠷᠢᠭ ᠦ᠋ᠨ ᠭᠠᠪᠢᠶ᠎ᠠ ᠶ᠋ᠢ ᠦᠯᠡᠮᠵᠢ ᠶᠠᠷᠢᠵᠤ ᠪᠡᠶ᠎ᠡ ᠪᠡᠨ ᠡᠳᠡᠭᠡᠷ ᠲᠦᠷ ᠲᠦᠰᠢᠭᠯᠡᠨ ᠡᠵᠡᠨ ᠦ᠌ ᠵᠠᠷᠯᠢᠭ ᠢ᠋ ᠭᠤᠲᠤᠭᠠᠬᠤᠢ ᠳ᠋ᠤᠷ ᠬᠦᠷᠦᠭᠦᠯᠦᠭᠰᠡᠨ ᠦᠭᠡᠢ ᠭᠡᠮᠡᠨ ᠮᠡᠳᠡᠭᠦᠯᠵᠦ ᠭᠡᠷ ᠲᠡᠭᠡᠨ ᠪᠤᠴᠠᠵᠤ ᠪᠣᠳᠣᠪᠠᠰᠤ ᠵᠥᠪᠬᠡᠨ ᠪᠡᠶ᠎ᠡ ᠰᠤᠪᠢᠯᠠᠭᠤᠯᠬᠤ ᠶ᠋ᠢᠨ ᠲᠥᠯᠥᠭᠡ ᠳᠠᠭᠤᠳᠠᠭᠰᠠᠨ ᠪᠤᠰᠤ ᠭᠡᠮᠡᠨ ᠮᠡᠳᠡᠵᠦ ᠮᠠᠰᠢ ᠬᠢᠴᠢᠶᠡᠵᠦ ᠡᠭᠦᠳᠡ ᠪᠡᠨ ᠳᠠᠷᠤᠵᠤ ᠪᠡᠶ᠎ᠡ ᠪᠡᠨ ᠬᠢᠴᠢᠶᠡᠨ ᠬᠡᠷᠡᠭ ᠡᠴᠡ ᠵᠠᠢᠯᠠᠵᠤ ᠪᠢᠴᠢᠭ ᠵᠢᠷᠤᠭ ᠳᠡᠯᠭᠡᠵᠦ ᠰᠠᠭᠤᠪᠠ᠃ 
       ᠲᠡᠳᠦᠢ ᠳ᠋ᠦ᠍ᠷ ᠮᠥᠷᠡᠨ ᠦ᠌ ᠡᠮᠦᠨᠡᠲᠦ ᠶᠡᠬᠡ ᠶᠤᠸᠠᠨ ᠤᠯᠤᠰ ᠤ᠋ᠨ ᠵᠠᠩᠵᠤᠨ ᠴᠡᠷᠢᠭ ᠤᠴᠢᠷ ᠶᠠᠪᠤᠳᠠᠯ ᠢ᠋ ᠮᠡᠳᠡᠬᠦ ᠦᠭᠡᠢ ᠲᠤᠯᠠ ᠴᠥᠮ ᠪᠠᠶᠠᠨ ᠶᠤᠸᠠᠨᠱᠤᠸᠠᠢ ᠶ᠋ᠢᠨ ᠪᠤᠴᠠᠵᠤ ᠢᠷᠡᠬᠦ ᠶ᠋ᠢ ᠬᠦᠯᠢᠶᠡᠨ ᠰᠠᠭᠤᠮᠤᠢ᠃ ᠳᠣᠯᠣᠳᠤᠭᠠᠷ ᠰᠠᠷ᠎ᠠ ᠶ᠋ᠢᠨ ᠬᠠᠷᠠᠭᠴᠢᠨ ᠬᠣᠨᠢᠨ ᠡᠳᠦᠷ ᠬᠠᠭᠠᠨ ᠪᠠᠶᠠᠨ ᠤ᠋ ᠭᠠᠪᠢᠶ᠎ᠠ ᠶ᠋ᠢ ᠲᠡᠮᠳᠡᠭᠯᠡᠬᠦ ᠲᠤᠯᠠ ᠳᠤᠮᠳᠠᠳᠤ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠧᠩᠰᠢᠶᠠᠩ ᠡᠷᠭᠦᠮᠵᠢᠯᠡᠪᠡ᠃ ᠬᠤᠪᠢᠯᠠᠢ ᠬᠠᠭᠠᠨ ᠡᠭᠦᠨ ᠢ᠋ᠶ᠋ᠡᠷ ᠪᠠᠶᠠᠨ ᠢ᠋ ᠲᠥᠷᠥ ᠳ᠋ᠦ᠍ᠷ ᠦᠯᠡᠳᠡᠭᠡᠰᠦᠭᠡᠢ ᠭᠡᠮᠡᠨ ᠪᠦᠬᠦᠢ ᠳ᠋ᠦ᠍ᠷ ᠠᠵᠤᠤ ᠂ ᠠᠳᠠᠬᠠᠢ ᠂ ᠠᠷᠤᠤᠬᠠᠨ ᠨᠠᠷ ᠲᠤᠰ ᠲᠤᠰ ᠤ᠋ᠨ ᠠᠢᠯᠠᠳᠬᠠᠯ ᠪᠢᠴᠢᠵᠦ ᠪᠠᠷᠢᠭᠰᠠᠨ ᠢ᠋ ᠦᠵᠡᠭᠡᠳ ᠮᠥᠷᠡᠨ ᠦ᠌ ᠡᠮᠦᠨ᠎ᠡ ᠪᠠᠶᠠᠨ ᠦᠭᠡᠢ ᠪᠡᠷ ᠪᠣᠯᠬᠤ ᠦᠭᠡᠢ ᠶ᠋ᠢ ᠮᠡᠳᠡᠵᠦ ᠠᠷᠭ᠎ᠠ ᠦᠭᠡᠢ ᠨᠠᠢ᠍ᠮᠠᠨ ᠰᠠᠷ᠎ᠠ ᠶ᠋ᠢᠨ ᠬᠠᠷᠠᠠᠭ᠍ᠴᠢᠨ ᠲᠠᠤᠯᠠᠢ ᠡᠳᠦᠷ ᠪᠠᠶᠠᠨ ᠢ᠋ ᠰᠥᠩ ᠤᠯᠤᠰ ᠲᠤᠷ ᠥᠭᠬᠦ ᠵᠠᠷᠯᠢᠭ ᠢ᠋ ᠠᠪᠴᠤ ᠲᠤᠰᠢᠶᠠᠯ ᠳ᠋ᠠᠭᠠᠨ ᠪᠤᠴᠠᠭᠲᠤᠨ ᠬᠡᠮᠡᠪᠡ᠃ 
       ᠬᠣᠵᠢᠮ ᠪᠣᠯᠵᠤ ᠰᠠᠶᠢ ᠰᠥᠷᠭᠡᠦ ᠰᠠᠢᠳ ᠠᡁᠮᠠ ᠪᠠᠶᠠᠨ ᠤ᠋ ᠭᠠᠪᠢᠶ᠎ᠠ ᠪᠠᠢᠭᠤᠯᠬᠤ ᠠ᠋ᠴᠠ ᠠᠶᠤᠵᠤ ᠬᠣᠪᠴᠢᠯᠠᠨ ᠶᠡᠬᠡ ᠦᠢᠯᠡ ᠳ᠋ᠦ᠍ᠷ ᠰᠠᠭᠠᠳ ᠪᠣᠯᠤᠭᠰᠠᠨ ᠢ᠋ᠶ᠋ᠠᠷ ᠦᠯᠦ ᠪᠠᠷᠠᠨ ᠬᠣᠵᠢᠮ ᠪᠣᠯᠵᠤ ᠪᠠᠶᠠᠨ ᠶᠤᠸᠠᠨᠱᠤᠸᠠᠢ ᠬᠠᠭᠠᠨ ᠤ᠋ ᠵᠠᠷᠯᠢᠭ ᠢ᠋ᠶ᠋ᠠᠷ ᠮᠥᠬᠥᠭᠰᠡᠨ ᠰᠥᠩ ᠤᠯᠤᠰ ᠤ᠋ᠨ ᠡᠵᠡᠨ ᠢ᠋ ᠠᠪᠴᠤ ᠶᠡᠬᠡ ᠨᠡᠢᠰᠯᠡᠯ ᠳ᠋ᠦ᠍ᠷ ᠪᠤᠴᠠᠬᠤᠢ ᠳ᠋ᠤᠷ ᠠᡁᠮᠠ ᠣᠯᠠᠨ ᠠ᠋ᠴᠠ ᠬᠣᠯᠠ ᠭᠠᠷᠴᠤ ᠤᠭᠲᠤᠭᠠᠳ ᠲᠠᠯ᠎ᠠ ᠪᠠᠯᠩ ᠱᠠᠭᠠᠷᠳᠠᠬᠤ ᠳ᠋ᠤᠷ ᠪᠠᠶᠠᠨ ᠶᠤᠸᠠᠨᠱᠤᠸᠠᠢ ᠪᠦᠰᠡᠯᠡᠭᠰᠡᠨ ᠬᠠᠰ ᠪᠥᠰ ᠢ᠋ᠶ᠋ᠡᠨ ᠲᠠᠢᠯᠵᠤ ᠪᠠᠷᠢᠬᠤᠢ ᠳ᠋ᠤᠷ ᠠᡁᠮᠠ ᠬᠥᠩᠭᠡᠯᠡᠪᠡ ᠭᠡᠮᠡᠨ ᠳᠤᠷ᠎ᠠ ᠦᠭᠡᠢᠴᠡᠬᠦᠢ ᠳ᠋ᠦ᠍ᠷ ᠪᠠᠶᠠᠨ ᠶᠤᠸᠠᠨᠱᠤᠸᠠᠢ ᠥᠭᠦᠯᠡᠷᠦᠨ:《 ᠰᠥᠩ ᠤᠯᠤᠰ ᠤ᠋ᠨ ᠡᠳ᠋ ᠡᠷᠳᠡᠨᠢ ᠣᠯᠠᠨ ᠪᠣᠢ ᠪᠣᠯᠪᠠᠴᠤ ᠮᠢᠨᠦ ᠠᠪᠤᠭᠰᠠᠨ ᠵᠦᠢᠯ ᠦᠭᠡᠢ ᠲᠤᠯᠠ ᠣᠰᠣᠯ ᠪᠣᠯᠪᠠᠢ 》 ᠬᠡᠮᠡᠪᠡ ᠃ ᠠᡁᠮᠠ ᠶᠡᠬᠡᠳᠡ ᠢᠴᠡᠩᠭᠦᠷᠡᠨ ᠬᠤᠪᠢᠯᠠᠢ ᠬᠠᠭᠠᠨ ᠳ᠋ᠤᠷ ᠬᠣᠪᠴᠢᠯᠠᠵᠤ :《 ᠰᠥᠩ ᠤᠯᠤᠰ ᠤ᠋ᠨ ᠡᠷᠳᠡᠨᠢ ᠶ᠋ᠢᠨ ᠳᠠᠩᠰᠠ ᠳ᠋ᠤᠷ ᠲᠡᠮᠳᠡᠭᠯᠡᠵᠦ ᠪᠣᠢ ᠲᠣᠭᠣᠷ ᠬᠡᠯᠪᠡᠷᠢᠲᠦ ᠡᠷᠳᠡᠨᠢ ᠶ᠋ᠢᠨ ᠬᠤᠨᠳᠠᠭ᠎ᠠ ᠠᠯᠠᠭ᠎ᠠ ᠪᠣᠯᠤᠭᠰᠠᠨ ᠠᠨᠤ ᠬᠥᠮᠦᠰ ᠦ᠋ᠨ ᠶᠠᠷᠢᠶᠠᠨ ᠠ᠋ᠴᠠ ᠰᠣᠨᠣᠰᠪᠠᠰᠤ ᠪᠠᠶᠠᠨ ᠠᠪᠤᠪᠠ ᠬᠡᠮᠡᠮᠦ》ᠬᠡᠮᠡᠬᠦᠢ ᠳ᠋ᠦ᠍ᠷ ᠬᠤᠪᠢᠯᠠᠢ ᠬᠠᠭᠠᠨ ᠪᠠᠶᠠᠨ ᠢ᠋ ᠪᠠᠷᠢᠭᠤᠯᠵᠤ ᠭᠡᠷ ᠡᠷᠦᠬᠡ ᠶ᠋ᠢ ᠨᠡᠩᠵᠢᠭᠦᠯᠭᠡᠳ ᠣᠯᠤᠭᠰᠠᠨ ᠦᠭᠡᠢ ᠪᠥᠭᠡᠳ ᠬᠡᠷᠡᠴᠢ ᠦᠭᠡᠢ ᠲᠤᠯᠠ ᠲᠦᠷ ᠲᠠᠯᠪᠢᠭᠤᠯᠪᠠ᠃ ᠬᠣᠵᠢᠮ ᠠᡁᠮᠠ ᠶ᠋ᠢᠨ ᠰᠥᠷᠭᠡᠦ ᠶᠠᠪᠤᠳᠠᠯ ᠢᠯᠡᠷᠡᠭᠡᠳ ᠭᠡᠷ ᠡᠷᠦᠬᠡ ᠶ᠋ᠢ ᠪᠠᠢᠴᠠᠭᠠᠨ ᠬᠤᠷᠢᠶᠠᠬᠤ ᠦᠶᠡᠰ ᠡᠷᠳᠡᠨᠢ ᠶ᠋ᠢᠨ ᠬᠤᠨᠳᠠᠭ᠎ᠠ ᠭᠠᠷᠴᠤ ᠢᠷᠡᠭᠰᠡᠨ ᠳ᠋ᠦ᠍ᠷ ᠬᠤᠪᠢᠯᠠᠢ ᠬᠠᠭᠠᠨ ᠪᠠᠶᠠᠨ ᠤ᠋ ᠬᠢᠯᠢᠰᠳᠡᠭᠰᠡᠨ ᠢ᠋ ᠰᠠᠶᠢ ᠮᠡᠳᠡᠵᠦ ᠬᠠᠨ ᠯᠢᠨ ᠦ᠌ ᠬᠡᠷᠬᠢᠮ ᠬᠦᠷᠲᠡᠭᠡᠵᠦ ᠳᠠᠬᠢᠨ ᠬᠡᠷᠡᠭᠯᠡᠪᠡ ᠬᠡᠮᠡᠮᠦ᠃ ᠡᠨᠡ ᠪᠦᠬᠦᠨ ᠴᠥᠮ ᠬᠣᠵᠢᠮ ᠤ᠋ᠨ ᠤᠴᠢᠷ ᠪᠣᠯᠪᠠᠴᠤ ᠪᠠᠶᠠᠨ ᠶᠤᠸᠠᠨᠱᠤᠸᠠᠢ ᠳ᠋ᠤᠷ ᠬᠣᠯᠪᠣᠭᠳᠠᠬᠤ ᠲᠤᠯᠠ ᠤᠷᠢᠳᠴᠢᠯᠠᠨ ᠡᠨᠳᠡ ᠲᠡᠮᠳᠡᠭᠯᠡᠪᠡᠢ᠃ 
       ᠶᠡᠷᠦ ᠶ᠋ᠢᠨ ᠦᠭᠡᠨ ᠳ᠋ᠦ᠍ᠷ ᠬᠠᠭᠠᠨ ᠲᠠᠢ ᠬᠠᠨᠢᠯᠠᠬᠤ ᠠᠨᠤ ᠪᠠᠷᠰ ᠲᠠᠢ ᠬᠠᠨᠢᠯᠠᠬᠤ ᠮᠡᠲᠦ ᠬᠡᠮᠡᠭᠰᠡᠨ ᠢᠨᠦ ᠦᠨᠡᠨ ᠠᠵᠢ᠃ ᠪᠠᠶᠠᠨ ᠶᠤᠸᠠᠨᠱᠤᠸᠠᠢ ᠵᠠᠷᠯᠢᠭ ᠢ᠋ᠶ᠋ᠠᠷ ᠲᠤᠰᠢᠶᠠᠯ ᠳ᠋ᠠᠭᠠᠨ ᠪᠤᠴᠠᠬᠤᠢ ᠳ᠋ᠤᠷ ᠡᠵᠡᠨ ᠦ᠌ ᠰᠡᠵᠢᠭᠯᠡᠬᠦ ᠶ᠋ᠢ ᠮᠡᠳᠡᠵᠦ ᠬᠡᠷᠡᠭ ᠪᠦᠬᠦᠨ ᠳ᠋ᠦ᠍ᠷ ᠬᠢᠴᠢᠶᠡᠨ ᠶᠠᠮᠠᠷ ᠪᠣᠯᠤᠭᠰᠠᠨ ᠴᠤ᠌ ᠰᠥᠩ ᠤᠯᠤᠰ ᠯᠤᠭ᠎ᠠ ᠡᠴᠦᠰ ᠦ᠋ᠨ ᠲᠤᠯᠤᠯᠳᠤᠭᠠᠨ ᠬᠢᠵᠦ ᠶᠡᠬᠡ ᠦᠢᠯᠡ ᠶ᠋ᠢ ᠨᠢᠭᠡᠮᠦᠰᠦᠨ ᠪᠦᠲᠦᠭᠡᠰᠦᠭᠡᠢ ᠭᠡᠮᠡᠨ ᠶᠠᠪᠤᠵᠤ ᠠᠲᠠᠯ᠎ᠠ ᠭᠡᠨᠡᠳᠲᠡ ᠠᠷᠤ ᠠ᠋ᠴᠠ ᠬᠠᠭᠠᠨ ᠤ᠋ ᠡᠯᠴᠢ ᠠᠢᠰᠤᠢ ᠭᠡᠮᠡᠨ ᠳᠠᠭᠠᠭᠰᠠᠨ ᠠᠷᠠᠳ ᠮᠡᠳᠡᠭᠦᠯᠬᠦᠢ ᠳ᠋ᠦ᠍ᠷ ᠪᠠᠶᠠᠨ ᠶᠤᠸᠠᠨᠱᠤᠸᠠᠢ ᠶ᠋ᠢᠨ ᠴᠢᠷᠠᠢ ᠬᠣᠪᠬᠤ ᠲᠠᠲᠠᠵᠤ ᠠᠷᠭ᠎ᠠ ᠦᠭᠡᠢ ᠵᠠᠮ ᠤ᠋ᠨ ᠬᠠᠵᠠᠭᠤᠳᠠ ᠭᠠᠷᠴᠤ ᠮᠣᠷᠢ ᠠ᠋ᠴᠠ ᠪᠠᠨ ᠪᠠᠭᠤᠵᠤ ᠬᠦᠯᠢᠶᠡᠪᠡ᠃ ᠪᠠᠰᠠ ᠶᠠᠮᠠᠷ ᠬᠤᠪᠢᠰᠤᠯ ᠪᠣᠯᠤᠭᠰᠠᠨ ᠢ᠋ ᠮᠡᠳᠡᠰᠦᠭᠡᠢ ᠬᠡᠮᠡᠪᠡᠰᠦ ᠵᠢᠴᠢ ᠡᠳᠦᠷ ᠦ᠋ᠨ ᠴᠠᠢ ᠶ᠋ᠢᠨ ᠳᠠᠷᠠᠭ᠎ᠠ ᠵᠠᠯᠭᠠᠵᠤ ᠪᠢᠴᠢᠬᠦ ᠶ᠋ᠢ ᠬᠦᠯᠢᠶᠡᠮᠦ᠃ 

             ᠰᠤᠯᠠ ᠰᠢᠯᠦᠭ 
      ᠦᠳᠲᠡᠷ ᠪᠤᠴᠠᠬᠤ ᠵᠠᠷᠯᠢᠭ ᠢ᠋ᠶ᠋ᠠᠷ ᠦᠴᠠᠩ ᠤ᠋ᠨ ᠣᠯᠣᠮ ᠠ᠋ᠴᠠ ᠪᠠᠶᠠᠨ ᠶᠤᠸᠠᠨᠱᠤᠸᠠᠢ ᠮᠣᠷᠳᠠᠬᠤᠢ ᠢ᠎ᠠ 
      ᠦᠳᠡᠯᠡ ᠣᠯᠠᠨ ᠡᠷᠭᠢ ᠳᠦᠭᠦᠷᠡᠩ ᠵᠣᠭᠰᠣᠵᠤ ᠤᠶᠠᠷᠠᠨ ᠦᠳᠡᠯᠴᠡᠪᠡᠢ 
      ᠥᠨᠥᠴᠢᠨ ᠳᠠᠷᠪᠠᠭᠤᠯ ᠬᠦᠨᠳᠦ ᠨᠠᠢᠷ ᠢ᠋ ᠠᠴᠢᠶᠠᠯᠠᠨ ᠶᠠᠳᠠᠵᠤ 
      ᠥᠷᠭᠡᠨ ᠮᠥᠷᠡᠨ ᠢ᠋ ᠭᠡᠲᠦᠯᠵᠦ ᠬᠠᠨ ᠱᠦᠢ ᠮᠥᠷᠡᠨ ᠢ᠋ ᠵᠠᠯᠭᠠᠮᠤᠢ 
      ᠦ ᠴᠦ ᠶ᠋ᠢᠨ ᠠᠭᠤᠯᠠ ᠤᠰᠤ ᠦᠵᠡᠲᠡᠯ᠎ᠡ ᠬᠣᠯᠠᠳᠠᠬᠤᠢ ᠢ᠎ᠠ 
      ᠦᠯᠡᠳᠡᠭᠡᠵᠦ ᠬᠣᠴᠣᠷᠤᠭᠰᠠᠨ ᠶᠠᠭᠤ ᠴᠤ᠌ ᠦᠭᠡᠢ ᠬᠡᠮᠡᠪᠡᠴᠦ 
      ᠥᠭᠡᠳᠡᠯᠡᠬᠦ ᠳᠣᠳᠣᠮ ᠡᠪᠴᠢᠭᠦᠦ ᠪᠠᠭᠲᠠᠭᠠᠬᠤ ᠦᠭᠡᠢ 
      ᠤᠢᠳᠬᠠᠷ ᠵᠣᠪᠠᠨᠢᠯ ᠲᠥᠷᠥᠭᠳᠡᠬᠦ ᠶᠠᠭᠤᠨ ?