ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠ ᠶᠢᠰᠦᠳᠦᠭᠡᠷ ᠪᠦᠯᠦᠭ > Хөх судрын залгамж - Инжинаш < Ная есдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠ ᠶᠢᠰᠦᠳᠦᠭᠡᠷ ᠪᠦᠯᠦᠭ > Хөх судрын залгамж - Инжинаш < Ная есдүгээр бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠ ᠶᠢᠰᠦᠳᠦᠭᠡᠷ ᠪᠦᠯᠦᠭ > Хөх судрын залгамж - Инжинаш < Ная есдүгээр бүлэг >

ᠠᠩᠭᠢᠯᠠᠯ:ᠲᠡᠦᠬᠡ ᠰᠣᠶᠣᠯ
2024-02-03

380


              ᠨᠠᠶᠠᠨ ᠶᠢᠰᠦᠳᠦᠭᠡᠷ ᠪᠦᠯᠦᠭ 
                         ᡁᠢ ᠶᠤᠸᠠᠨ ᠤ᠋ ᠠᠷᠪᠠᠨ ᠨᠢᠭᠡᠳᠦᠭᠡᠷ ᠣᠨ ᠃ 
                        ᠬᠤᠪᠢᠯᠠᠢ ᠬᠠᠭᠠᠨ ᠲᠠᠪᠢᠨ ᠶᠢᠰᠦᠨ ᠰᠡᠭᠦᠳᠡᠷ ᠲᠡᠢ ᠃ ᠬᠥᠬᠡ ᠨᠣᠬᠠᠢ ᠵᠢᠯ ᠃ 
                        ᠰᠥᠩ ᠤᠯᠤᠰ  ᠤ᠋ᠨ ᠳᠦ ᠽᠦᠩ ᠦ᠋ᠨ ᠠᠷᠪᠠᠳᠤᠭᠠᠷ ᠣᠨ  

             ᠶᠤᠸᠠᠨ ᠤᠯᠤᠰ ᠬᠣᠷᠢᠨ ᠲᠦᠮᠡᠨ ᠶᠡᠬᠡ ᠴᠡᠷᠢᠭ ᠲᠣᠮᠢᠯᠠᠵᠤ 
                   ᠰᠥᠩ ᠤᠯᠤᠰ ᠠ᠋ᠴᠠ ᠶᠠᠯ᠎ᠠ ᠠᠰᠠᠭᠤᠷ᠎ᠠ ᠮᠣᠷᠳᠠᠪᠠᠢ  
             ᠶᠤᠸᠠᠨᠱᠤᠸᠠᠢ ᠪᠠᠶᠠᠨ ᠲᠥᠷᠥ ᠶ᠋ᠢᠨ ᠶᠡᠬᠡ ᠴᠡᠷᠢᠭ ᠢ᠋ ᠳᠠᠢᠴᠢᠯᠠᠵᠤ 
                   ᠵᠢᠶᠠᠩ ᠬᠠᠨ ᠤ᠋ ᠭᠠᠵᠠᠷ ᠪᠠᠭᠠᠲᠤᠷ ᠮᠡᠷᠭᠡᠨ ᠢ᠋ᠶ᠋ᠡᠨ ᠭᠠᠢᠬᠠᠭᠤᠯᠪᠠᠢ 

       ᠥᠭᠦᠯᠡᠬᠦ ᠢᠨᠤ ᠬᠤᠪᠢᠯᠠᠢ ᠬᠠᠭᠠᠨ ᠰᠢ ᠲᠢᠶᠠᠨ ᠽᠧ ᠨᠠᠷ ᠤ᠋ᠨ ᠦᠭᠡ ᠶ᠋ᠢ ᠠᠪᠴᠤ ᠵᠣᠷᠢᠭ ᠰᠢᠭᠤᠳᠴᠤ ᠬᠣᠷᠢᠨ ᠲᠦᠮᠡᠨ ᠶᠡᠬᠡ ᠴᠡᠷᠢᠭ ᠲᠣᠮᠢᠯᠠᠨ ᠰᠥᠩ ᠤᠯᠤᠰ ᠠ᠋ᠴᠠ ᠶᠠᠯ᠎ᠠ ᠠᠰᠠᠭᠤᠰᠤᠭᠠᠢ ᠭᠡᠮᠡᠨ ᠲᠣᠭᠲᠠᠵᠤ ᡁᠢ ᠶᠤᠸᠠᠨ ᠤ᠋ ᠠᠷᠪᠠᠨ ᠨᠢᠭᠡᠨ ᠣᠨ ᠤ᠋ ᠵᠢᠷᠭᠤᠭᠠᠨ ᠰᠠᠷ᠎ᠠ ᠶ᠋ᠢᠨ ᠴᠠᠭᠠᠨ ᠪᠡᠴᠢᠨ ᠡᠳᠦᠷ ᠶᠠᠯ᠎ᠠ ᠠᠰᠠᠭᠤᠬᠤ ᠵᠠᠷᠯᠢᠭ ᠭᠠᠷᠭᠠᠨ ᠲᠥᠪ ᠪᠠ ᠬᠤᠪᠢᠶᠠᠷᠢ᠂ ᠳᠤᠮᠳᠠᠳᠤ ᠪᠢᠴᠢᠭ ᠦ᠋ᠨ ᠮᠣᠵᠢ ᠬᠢᠭᠡᠳ ᠮᠣᠩᠭᠣᠯ ᠬᠢᠲᠠᠳ ᠴᠡᠷᠢᠭ ᠦ᠋ᠨ ᠲᠦᠮᠡᠨ ᠦ᠌ ᠨᠣᠶᠠᠨ᠂ ᠮᠢᠩᠭᠠᠨ ᠤ᠋ ᠨᠣᠶᠠᠨ ᠴᠡᠷᠢᠭ ᠠᠷᠠᠳ ᠲᠤᠷ ᠵᠠᠷᠯᠠᠭᠰᠠᠨ ᠠᠨᠤ : 《ᠲᠠᠢᠽᠦ ᠪᠣᠭᠳᠠ ᠴᠢᠩᠭᠢᠰ ᠬᠠᠭᠠᠨ  ᠤ᠋ ᠦᠶ᠎ᠡ ᠡᠴᠡ ᠰᠥᠩ ᠤᠯᠤᠰ ᠯᠤᠭ᠎ᠠ ᠡᠯᠴᠢ ᠶᠠᠪᠤᠭᠤᠯᠵᠤ ᠬᠠᠷᠢᠯᠴᠠᠳᠠᠭ ᠪᠣᠯᠠᠢ᠃ ᠰᠢᠶᠠᠨ ᠽᠦᠩ ( ᠮᠥᠩᠬᠡ ) ᠬᠠᠭᠠᠨ ᠤ᠋ ᠲᠥᠷᠥ ᠳ᠋ᠦ᠍ᠷ ᠮᠡᠬᠦᠰ ᠮᠢᠨᠦ ᠪᠡᠶ᠎ᠡ ᠵᠠᠷᠯᠢᠭ ᠢ᠋ᠶ᠋ᠠᠷ ᠡᠮᠦᠨᠡᠰᠢ ᠴᠡᠷᠢᠭᠯᠡᠬᠦᠢ ᠳ᠋ᠦ᠍ᠷ ᠰᠥᠩ ᠤᠯᠤᠰ ᠤ᠋ᠨ ᠲᠥᠷᠥ ᠶ᠋ᠢᠨ ᠰᠠᠢᠳ ᠵᠢᠶᠠ ᠽᠢ ᠳ᠋ᠣᠣ ᠰᠢᠳᠠᠷ ᠲᠦᠰᠢᠮᠡᠯ ᠰᠥᠩ ᠵᠢᠩ ᠬᠡᠮᠡᠭᠴᠢ ᠶ᠋ᠢ ᠬᠣᠶᠠᠷ ᠳᠠᠬᠢᠨ ᠢᠷᠡᠭᠦᠯᠵᠦ ᠴᠡᠷᠢᠭ ᠲᠠᠲᠠᠵᠤ ᠡᠶᠡᠳᠡᠬᠦ ᠭᠡᠷ᠎ᠡ ᠪᠠᠢᠭᠤᠯᠵᠤ ᠠᠷᠠᠳ ᠢᠷᠭᠡᠳ ᠢ᠋ ᠠᠮᠤᠭᠤᠯᠠᠰᠤᠭᠠᠢ ᠬᠡᠮᠡᠪᠡᠢ᠃ ᠮᠡᠬᠦᠰ ᠪᠢ ᠰᠠᠭᠤᠷᠢᠨ᠎ᠠ ᠰᠠᠭᠤᠭᠰᠠᠨ ᠬᠣᠢᠨ᠎ᠠ ᠡᠨᠡ ᠶᠠᠪᠤᠳᠠᠯ ᠢ᠋ ᠪᠣᠳᠣᠭᠰᠠᠭᠠᠷ ᠲᠤᠯᠠ ᠬᠠᠨ ᠯᠢᠨ ᠱᠢ ᠳᠦ ᠰᠢᠶᠣᠤ ᠰᠢ ᠪᠥᠭᠡᠳ ᠽᠠᠨ ᡁᠢ ᠵᠧᠩ ᠱᠢ ᠲᠦᠰᠢᠮᠡᠯ ᠬᠣᠣ ᠵᠢᠩ ᠨᠠᠷ ᠢ᠋ ᠤᠯᠤᠰ ᠤ᠋ᠨ ᠪᠢᠴᠢᠭ ᠬᠦᠷᠭᠡᠬᠦ ᠡᠯᠴᠢ ᠪᠣᠯᠭᠠᠨ ᠰᠥᠩ ᠤᠯᠤᠰ ᠲᠤᠷ ᠵᠠᠷᠤᠵᠤ ᠵᠥᠪᠳᠡᠰᠦᠭᠡᠢ ᠬᠡᠮᠡᠭᠰᠡᠨ ᠢᠨᠦ ᠬᠠᠮᠤᠭ ᠠᠮᠢᠲᠠᠨ ᠤ᠋ ᠲᠤᠰᠠ ᠳ᠋ᠤᠷ ᠪᠣᠯᠠᠢ᠃ ᠭᠡᠲᠡᠯ᠎ᠡ ᠰᠥᠩ ᠤᠯᠤᠰ ᠦᠭᠡ ᠪᠡᠨ ᠢᠳᠡᠵᠦ ᠢᠲᠡᠭᠡᠮᠵᠢ ᠦᠭᠡᠢ ᠪᠡᠷ ᠡᠯᠴᠢ ᠶ᠋ᠢ ᠪᠠᠷᠢᠵᠤ ᠴᠡᠷᠢᠭ ᠲᠡᠢᠨ ᠢ ᠦᠷᠭᠦᠯᠵᠢᠯᠡᠭᠦᠯᠦᠨ ᠦᠬᠦᠵᠦ ᠰᠢᠷᠬᠠᠲᠤᠭᠰᠠᠳ ᠠᠨᠤ ᠣᠪᠣᠭᠠᠷᠠᠯᠳᠤᠨ ᠤᠷᠤᠭ ᠲᠥᠷᠥᠯ ᠰᠦᠢᠳᠴᠦ ᠭᠠᠰᠠᠯᠠᠩ ᠵᠣᠪᠠᠯᠠᠩ ᠨᠢᠭᠡᠨᠲᠡ ᠨᠡᠢᠳᠡᠮ ᠪᠣᠯᠪᠠᠢ᠃ ᠡᠨᠡ ᠪᠦᠬᠦᠨ ᠴᠥᠮ ᠰᠥᠩ ᠤᠯᠤᠰ ᠤ᠋ᠨ ᠥᠪᠡᠷ ᠢ᠋ᠶ᠋ᠡᠨ ᠡᠷᠢᠭᠰᠡᠨ ᠬᠡᠷᠡᠭ ᠪᠣᠯᠠᠢ᠃ ᠹᠠᠨ ᠴᠧᠩ ᠢ᠋ ᠪᠠᠢᠯᠳᠤᠨ ᠠᠪᠴᠤ ᠰᠢᠶᠠᠩ ᠶᠠᠩ ᠪᠠᠭᠤᠵᠤ ᠥᠭᠭᠦᠭᠰᠡᠨ ᠦ᠌ ᠳᠠᠷᠠᠭ᠎ᠠ ᠰᠥᠩ ᠤᠯᠤᠰ ᠯᠠᠪ ᠭᠡᠮᠰᠢᠵᠦ ᠠᠷᠭ᠎ᠠ ᠪᠣᠳᠣᠵᠤ ᠶᠠᠯ᠎ᠠ ᠪᠠᠨ ᠬᠥᠩᠭᠡᠯᠡᠬᠦ ᠮᠠᠭᠠᠳ ᠬᠡᠮᠡᠪᠡᠢ᠃ ᠭᠡᠲᠡᠯ᠎ᠡ ᠮᠤᠩᠬᠠᠭ ᠢ᠋ᠶ᠋ᠠᠨ ᠪᠠᠷᠢᠮᠲᠠᠯᠠᠨ ᠤᠬᠠᠭᠠᠷᠠᠬᠤ ᠪᠠᠢᠳᠠᠯ ᠣᠭᠲᠣ ᠦᠭᠡᠢ ᠬᠢᠯᠢ ᠬᠢᠵᠠᠭᠠᠷ ᠢ᠋ ᠬᠠᠯᠳᠠᠬᠤ ᠲᠤᠯᠠ ᠶᠠᠯ᠎ᠠ ᠠᠰᠠᠭᠤᠬᠤ ᠴᠡᠷᠢᠭ ᠡᠰᠡ ᠲᠡᠢᠴᠢᠯᠡᠪᠡᠰᠦ ᠪᠣᠯᠬᠤ ᠦᠭᠡᠢ ᠪᠣᠯᠪᠠᠢ᠃ ᠡᠳᠦᠭᠡ ᠲᠠ ᠨᠠᠷ ᠤᠰᠤᠨ ᠬᠠᠭᠤᠷᠠᠢ ᠬᠣᠶᠠᠷ ᠵᠠᠮ ᠢ᠋ᠶ᠋ᠠᠷ ᠤᠷᠤᠭᠰᠢᠯᠠᠨ ᠪᠠᠢᠯᠳᠤ ! ᠡᠭᠦᠨ ᠦ᠌ ᠲᠤᠯᠠ ᠣᠢᠷ᠎ᠠ ᠬᠣᠯᠠ ᠮᠡᠳᠡᠭᠳᠡᠪᠡᠢ᠃ ᠠᠷᠠᠳ ᠢᠷᠭᠡᠳ ᠲᠣᠷ ᠶᠠᠯ᠎ᠠ ᠦᠭᠡᠢ᠃ ᠵᠠᠩᠵᠤᠨ ᠴᠡᠷᠢᠭ ᠴᠥᠮ ᠳᠤᠷ᠎ᠠ ᠪᠠᠷ ᠠᠯᠠᠵᠤ ᠬᠠᠪᠴᠢᠵᠤ ᠪᠣᠯᠬᠤ ᠦᠭᠡᠢ᠃ ᠲᠡᠷᠰᠯᠡᠬᠦ ᠪᠠᠨ ᠪᠣᠯᠢᠵᠤ ᠪᠠᠭᠤᠵᠤ ᠥᠭᠭᠦᠭᠰᠡᠳ ᠢ ᠴᠦ᠍ ᠠᠭᠤᠴᠢᠯᠠᠬᠤ ᠬᠡᠷᠡᠭᠲᠡᠢ᠃ ᠬᠡᠷᠪᠡ ᠣᠨᠴᠠ ᠭᠠᠪᠢᠶ᠎ᠠ ᠪᠠᠢᠭᠤᠯᠪᠠᠰᠤ ᠬᠡᠮᠵᠢᠶ᠎ᠡ ᠶ᠋ᠢ ᠦᠵᠡᠵᠦ ᠵᠡᠷᠭᠡ ᠡᠷᠬᠢᠮ ᠬᠦᠷᠲᠡᠭᠡᠵᠦ ᠱᠠᠩᠨᠠᠮᠤᠢ᠃ ᠡᠰᠡᠷᠭᠦᠴᠡᠵᠦ ᠳᠠᠭᠠᠬᠤ ᠦᠭᠡᠢ ᠪᠤᠶᠤ ᠳᠠᠢᠰᠤᠨ ᠳ᠋ᠤᠷ ᠳᠠᠭᠠᠵᠤ ᠲᠡᠷᠰᠯᠡᠭᠴᠢᠳ ᠢ ᠪᠠᠷᠢᠪᠴᠢᠯᠠᠨ ᠠᠯᠠᠬᠤ ᠶ᠋ᠢ ᠶᠠᠭᠤᠨ ᠥᠭᠦᠯᠡᠬᠦ ᠠᠵᠢ ᠬᠡᠮᠡᠪᠡ᠃ 
       ᠰᠥᠩ ᠤᠯᠤᠰ ᠠ᠋ᠴᠠ ᠶᠠᠯ᠎ᠠ ᠠᠰᠠᠭᠤᠬᠤ ᠵᠠᠷᠯᠢᠭ ᠢ᠋ ᠲᠠᠷᠬᠠᠭᠠᠭᠰᠠᠨ ᠤ᠋ ᠳᠠᠷᠠᠭ᠎ᠠ ᠬᠤᠪᠢᠯᠠᠢ ᠬᠠᠭᠠᠨ ᠲᠥᠷᠥ ᠶ᠋ᠢᠨ ᠰᠠᠢᠳ ᠲᠦᠰᠢᠮᠡᠳ ᠦ᠋ᠨ ᠬᠤᠷᠠᠯ ᠳ᠋ᠤᠷ ᠡᠮᠦᠨᠡᠲᠦ ᠶ᠋ᠢ ᠳᠠᠢᠯᠠᠬᠤ ᠶᠡᠬᠡ ᠲᠤᠰᠢᠶᠠᠯ ᠢ ᠪᠠᠶᠠᠨ ᠂ ᠰᠢ ᠲᠢᠶᠠᠨ ᠽᠧ ᠬᠣᠶᠠᠷ ᠲᠤᠷ ᠲᠤᠰᠢᠶᠠᠵᠤ ᠪᠠᠰᠠ ᠡᠷᠬᠡ ᠬᠦᠨᠳᠦ ᠶ᠋ᠢ ᠪᠣᠳᠣᠵᠤ ᠵᠢᠩ ᠬᠤ᠌ ᠂ ᠬᠤᠸᠠᠢ ᠰᠢ ᠶ᠋ᠢᠨ ᠱᠤ᠌ ᠮᠢ ᠶᠤᠸᠠᠨ ᠢ᠋ ᠵᠦᠩ ᠱᠤ᠌ ᠱᠧᠩ  -  ᠳᠤᠮᠳᠠᠳᠤ ᠪᠢᠴᠢᠭ ᠦ᠋ᠨ ᠮᠣᠵᠢ ᠪᠣᠯᠭᠠᠨ ᠡᠷᠬᠡ ᠲᠤᠰᠢᠶᠠᠯ ᠢ᠋ ᠶᠡᠬᠡᠳᠬᠡᠵᠦ ᠪᠠᠶᠠᠨ ᠂ ᠰᠢ ᠲᠢᠶᠠᠨ ᠽᠧ ᠶ᠋ᠢ ᠴᠥᠮ ᠵᠡᠭᠦᠨ ᠭᠠᠷᠤᠨ ᠴᠧᠩᠰᠢᠶᠠᠩ ᠡᠷᠭᠦᠮᠵᠢᠯᠡᠨ ᠠᠵᠤᠤ ᠶ᠋ᠢ ᠲᠡᠷᠢᠭᠦᠨ ᠰᠠᠢᠳ ᠫᠢᠩ ᠵᠠᠩ ᠵᠧᠩ ᠱᠢ ᠲᠦᠰᠢᠮᠡᠯ ᠂ ᠠᠷᠠᠬᠠᠶ᠎ᠠ ᠶ᠋ᠢ ᠢᠦ ᠴᠧᠩ ᠪᠠᠷᠠᠭᠤᠨ ᠭᠠᠷᠤᠨ ᠳᠡᠳ᠋ ᠲᠦᠰᠢᠮᠡᠯ ᠂ ᠯᠢᠦᠢ ᠸᠸᠨ ᠬᠤᠸᠠᠨ ᠢ ᠲᠥᠷᠥ ᠶ᠋ᠢᠨ ᠶᠠᠪᠤᠳᠠᠯ ᠢ ᠮᠡᠳᠡᠭᠴᠢ - ᠽᠠᠨ ᡁᠢ ᠵᠧᠩ ᠱᠢ ᠲᠦᠰᠢᠮᠡᠯ ᠪᠣᠯᠭᠠᠪᠠ᠃ ᠬᠤᠸᠠᠢ ᠰᠢ ᠶ᠋ᠢᠨ ᠳᠤᠮᠳᠠᠳᠤ ᠪᠢᠴᠢᠭ ᠦ᠋ᠨ ᠮᠣᠵᠢ ᠳ᠋ᠤᠷ ᠬᠠᠳᠠᠨ ᠬᠠᠨ ᠢ᠋ ᠵᠡᠭᠦᠨ ᠭᠠᠷᠤᠨ ᠴᠧᠩᠰᠢᠶᠠᠩ ᠂ ᠲᠠᠴᠤᠤ ᠂ ᠳ᠋ᠦᠩ ᠸᠸᠨ ᠫᠢᠩ ᠢ᠋ ᠲᠥᠷᠥ ᠶ᠋ᠢᠨ ᠶᠠᠪᠤᠳᠠᠯ ᠢ ᠮᠡᠳᠡᠭᠴᠢ - ᠽᠠᠨ ᡁᠢ ᠵᠧᠩ ᠱᠢ ᠲᠦᠰᠢᠮᠡᠯ ᠂ ᠯᠢᠦ ᠵᠧᠩ ᠢ᠋ ᠰᠦᠸᠸ ᠴᠧᠩ ᠵᠡᠭᠦᠨ ᠭᠠᠷᠤᠨ ᠳᠡᠳ᠋ ᠰᠠᠢᠳ ᠪᠣᠯᠭᠠᠨ ᠲᠤᠰ ᠲᠤᠰ ᠡᠷᠭᠦᠮᠵᠢᠯᠡᠪᠡ ᠃ 
      ᠪᠠᠶᠠᠨ ᠂ ᠰᠢ ᠲᠢᠶᠠᠨ ᠽᠧ ᠵᠠᠷᠯᠢᠭ ᠢ᠋ ᠬᠦᠯᠢᠶᠡᠭᠰᠡᠨ ᠦ᠌ ᠬᠣᠢᠨ᠎ᠠ ᠵᠢᠶᠣᠤ ᠴᠠᠩ - ᠴᠡᠷᠢᠭ ᠪᠣᠯᠪᠠᠰᠤᠷᠠᠬᠤ ᠲᠠᠯᠠᠪᠠᠢ ᠳ᠋ᠤᠷ ᠶᠡᠬᠡ ᠴᠠᠴᠠᠷ ᠪᠠᠢᠭᠤᠯᠵᠤ ᠶᠤᠸᠠᠨᠱᠤᠸᠠᠢ ᠶ᠋ᠢᠨ ᠶᠡᠬᠡ ᠲᠤᠭ ᠢ ᠴᠠᠴᠠᠷ ᠤ᠋ᠨ ᠡᠮᠦᠨ᠎ᠡ ᠪᠤᠰᠬᠠᠨ ᠱᠤ᠌ ᠮᠢ ᠶᠤᠸᠠᠨ - ᠴᠡᠷᠢᠭ ᠦ᠋ᠨ ᠬᠦᠷᠢᠶᠡᠯᠡᠩ ᠦ᠋ᠨ ᠳᠠᠩᠰᠠ ᠲᠡᠮᠳᠡᠭᠯᠡᠯ ᠦ᠋ᠨ ᠲᠦᠰᠢᠮᠡᠯ ᠢ᠋ ᠳᠠᠭᠤᠳᠠᠨ ᠳᠠᠭᠠᠵᠤ ᠪᠠᠢᠯᠳᠤᠬᠤ ᠵᠠᠩᠵᠤᠨ ᠴᠡᠷᠢᠭ ᠦ᠋ᠨ ᠡᠪᠬᠡᠮᠡᠯ ᠢ᠋ ᠳᠡᠯᠭᠡᠭᠡᠨ ᠨᠡᠷ᠎ᠡ ᠳᠠᠷᠠᠭᠠᠯᠠᠨ ᠪᠦᠷᠢᠳᠬᠡᠪᠡᠰᠦ : ᠳᠡᠳ᠋ ᠶᠤᠸᠠᠨᠱᠤᠸᠠᠢ ᠰᠢ ᠲᠢᠶᠠᠨ ᠽᠧ ᠲᠡᠷᠢᠭᠦᠯᠡᠨ ᠂ ᠶᠡᠬᠡ ᠵᠠᠩᠵᠤᠨ ᠵᠢᠩ ᠬᠤ᠌ ᠶ᠋ᠢᠨ ᠳᠤᠮᠳᠠᠳᠤ ᠪᠢᠴᠢᠭ ᠦ᠋ᠨ ᠮᠣᠵᠢ ᠶ᠋ᠢᠨ ᠲᠡᠷᠢᠭᠦᠨ ᠰᠠᠢᠨ ᠠᠵᠤᠤ ᠂ ᠵᠢᠩ ᠬᠤ᠌ ᠶ᠋ᠢᠨ ᠳᠤᠮᠳᠠᠳᠤ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠲᠦᠰᠢᠮᠡᠯ ᠶᠡᠬᠡ ᠵᠠᠩᠵᠤᠨ ᠠᠷᠠᠬᠠᠶ᠎ᠡ ᠂ ᠲᠥᠷᠥ ᠶ᠋ᠢᠨ ᠶᠠᠪᠤᠳᠠᠯ ᠢ᠋ ᠮᠡᠳᠡᠭᠴᠢ ᠯᠢᠦᠢ ᠸᠸᠨ ᠬᠤᠸᠠᠨ ᠂ ᠬᠤᠸᠠᠢ ᠰᠢ ᠶ᠋ᠢᠨ ᠳᠤᠮᠳᠠᠳᠤ ᠪᠢᠴᠢᠭ ᠦ᠋ᠨ ᠮᠣᠵᠢ ᠶ᠋ᠢᠨ ᠵᠡᠭᠦᠨ ᠭᠠᠷᠤᠨ ᠴᠧᠩᠰᠢᠶᠠᠩ ᠶᠡᠬᠡ ᠪᠠᠭᠠᠲᠤᠷ ᠬᠠᠳᠠᠨ ᠬᠠᠨ ᠂ ᠲᠥᠷᠥ ᠶ᠋ᠢᠨ ᠶᠠᠪᠤᠳᠠᠯ ᠢ᠋ ᠮᠡᠳᠡᠭᠴᠢ ᠲᠦᠰᠢᠮᠡᠯ ᠳ᠋ᠦᠩ ᠸᠸᠨ ᠫᠢᠩ ᠂ ᠵᠡᠭᠦᠨ ᠭᠠᠷᠤᠨ ᠰᠠᠢᠳ ᠯᠢᠦ ᠵᠧᠩ ᠂ ᠶᠤᠸᠠᠨᠱᠤᠸᠠᠢ ᠶ᠋ᠢᠨ ᠶᠡᠬᠡ ᠴᠠᠴᠠᠷ ᠤ᠋ᠨ ᠶᠡᠬᠡ ᠵᠠᠩᠵᠤᠨ ᠲᠦᠮᠡᠨ ᠦ᠌ ᠨᠣᠶᠠᠨ ᠠᠷᠤᠤᠬᠠᠨ ᠂ ᠰᠢᠭᠡ ᠂ ᠵᠠᠩ ᠬᠣᠩ ᠹᠠᠨ ᠲᠡᠷᠢᠭᠦᠲᠡᠨ ᠶᠡᠬᠡ ᠪᠠᠭ᠎ᠠ ᠵᠠᠩᠵᠤᠨ ᠮᠢᠩᠭ᠎ᠠ ᠢᠯᠡᠭᠦᠦ ᠪᠣᠯᠪᠠᠢ᠃  
       ᠴᠡᠷᠢᠭ ᠦ᠋ᠨ ᠬᠦᠷᠢᠶᠡᠯᠡᠩ ᠡᠴᠡ ᠴᠠᠭᠠᠨ ᠬᠡᠷᠡᠮ ᠳᠠᠭᠠᠵᠤ ᠰᠠᠭᠤᠭᠰᠠᠨ ᠪᠣᠯᠪᠠᠰᠤᠷᠠᠯ ᠰᠠᠢᠲᠠᠢ ᠴᠡᠷᠢᠭ ᠬᠣᠷᠢᠨ ᠲᠦᠮᠡᠨ ᠢ᠋ ᠲᠤᠰᠢᠶᠠᠨ ᠬᠠᠷᠢᠶᠠᠯᠠᠭᠤᠯᠵᠤ ᠪᠠᠰᠠ ᠬᠠᠭᠠᠨ ᠤ᠋ ᠵᠠᠷᠯᠢᠭ ᠢ᠋ᠶ᠋ᠠᠷ ᠰᠧᠴᠤᠸᠠᠨ ᠂ ᠬᠠᠨ ᠵᠦᠩ ᠂ ᠳ᠋ᠦᠩ ᠴᠤᠸᠠᠨ ᠂ ᠬᠤᠸᠠᠢ ᠰᠢ ᠂ ᠬᠤᠸᠠᠢ ᠠᠨ ᠂ ᠰᠢᠶᠠᠩ ᠂ ᠹᠠᠨ ᠤ᠋ ᠴᠡᠷᠢᠭ ᠵᠠᠩᠵᠤᠨ ᠢ ᠴᠥᠮ ᠬᠠᠷᠢᠶᠠᠯᠠᠭᠤᠯᠤᠭᠰᠠᠨ ᠲᠤᠯᠠ ᠲᠠᠪᠢᠨ ᠬᠡᠳᠦᠨ ᠲᠦᠮᠡ ᠬᠦᠷᠴᠦᠬᠦᠢ᠃   
       ᠳᠡᠳ᠋ ᠶᠤᠸᠠᠨᠱᠤᠸᠠᠢ ᠰᠢ ᠲᠢᠶᠠᠨ ᠽᠧ ᠬᠠᠭᠠᠨ ᠳ᠋ᠤᠷ ᠠᠢᠯᠠᠳᠬᠠᠷᠤᠨ:《ᠡᠳᠦᠭᠡ ᠶᠡᠬᠡ ᠴᠡᠷᠢᠭ ᠰᠠᠶᠢ ᠪᠠᠢᠭᠤᠯᠤᠭᠳᠠᠬᠤᠢ ᠳ᠋ᠤᠷ ᠵᠢᠩ ᠬᠤ᠌ ᠂ ᠬᠤᠸᠠᠢ ᠰᠢ ᠶ᠋ᠢᠨ ᠬᠣᠶᠠᠷ ᠭᠠᠵᠠᠷ ᠴᠥᠮ ᠳᠤᠮᠳᠠᠳᠤ ᠪᠢᠴᠢᠭ ᠦ᠋ᠨ ᠮᠣᠵᠢ ᠪᠠᠢᠭᠤᠯᠪᠠᠰᠤ ᠡᠷᠬᠡ ᠮᠠᠲᠠᠯ ᠠᠳᠠᠯᠢ ᠪᠣᠯᠵᠤ ᠵᠠᠷᠯᠢᠭ ᠵᠢᠭᠠᠪᠤᠷᠢ ᠨᠢᠭᠡᠳᠴᠦ ᠴᠢᠳᠠᠬᠤ ᠦᠭᠡᠢ ᠬᠡᠷᠡᠭ ᠡᠪᠳᠡᠷᠭᠦᠢ ᠳ᠋ᠦ᠍ᠷ ᠬᠥᠷᠥᠮᠦᠢ ᠃ ᠡᠵᠡᠨ ᠰᠣᠶᠣᠷᠬᠠᠮᠤ ! 》ᠬᠡᠮᠡᠬᠦᠢ ᠳ᠋ᠦ᠍ᠷ ᠬᠤᠪᠢᠯᠠᠢ ᠬᠠᠭᠠᠨ ᠮᠥᠨ ᠭᠡᠮᠡᠨ ᠵᠥᠪᠰᠢᠶᠡᠷᠡᠵᠦ ᠬᠤᠸᠠᠢ ᠰᠢ ᠶ᠋ᠢᠨ ᠳᠤᠮᠳᠠᠳᠤ ᠪᠢᠴᠢᠭ ᠦ᠋ᠨ ᠮᠣᠵᠢ ᠶ᠋ᠢ ᠴᠡᠷᠢᠭ ᠦ᠋ᠨ ᠨᠢᠭᠤᠴᠠ ᠶ᠋ᠢᠨ ᠬᠤᠪᠢᠶᠠᠷᠢ ᠬᠦᠷᠢᠶᠡᠯᠡᠩ  - ᠰᠢᠩ ᠱᠤ᠌ ᠮᠢ ᠶᠤᠸᠠᠨ ᠭᠡᠮᠡᠨ ᠪᠠᠭᠤᠷᠠᠭᠤᠯᠪᠠ᠃ 
       ᡁᠢ ᠶᠤᠸᠠᠨ ᠤ᠋ ᠠᠷᠪᠠᠨ ᠨᠢᠭᠡᠨ ᠣᠨ ᠤ᠋ ᠳᠣᠯᠣᠭᠠᠨ ᠰᠠᠷ᠎ᠠ ᠶ᠋ᠢᠨ ᠬᠥᠬᠡᠭᠴᠢᠨ ᠬᠣᠨᠢᠨ ᠡᠳᠦᠷ ᠰᠥᠩ ᠤᠯᠤᠰ ᠠ᠋ᠴᠠ ᠶᠠᠯ᠎ᠠ ᠠᠰᠠᠭᠤᠷ᠎ᠠ ᠮᠣᠷᠳᠠᠬᠤ ᠶᠡᠬᠡ ᠴᠡᠷᠢᠭ ᠦ᠋ᠨ ᠶᠤᠸᠠᠨᠱᠤᠸᠠᠢ ᠪᠠᠶᠠᠨ ᠂ ᠳᠡᠳ᠋ ᠶᠤᠸᠠᠨᠱᠤᠸᠠᠢ ᠰᠢ ᠲᠢᠶᠠᠨ ᠽᠧ ᠂ ᠶᠤᠸᠠᠨᠱᠤᠸᠠᠢ ᠶ᠋ᠢᠨ ᠴᠠᠴᠠᠷ ᠲᠤᠷ ᠮᠣᠷᠢᠯᠠᠨ ᠰᠠᠭᠤᠵᠤ ᠣᠯᠠᠨ ᠵᠠᠩᠵᠤᠨ ᠴᠠᠴᠠᠷ ᠤ᠋ᠨ ᠡᠮᠦᠨ᠎ᠡ ᠵᠢᠭᠦᠷᠯᠡᠨ ᠵᠢᠭᠰᠠᠭᠠᠵᠤ ᠴᠠᠴᠠᠷ ᠤ᠋ᠨ ᠲᠦᠰᠢᠮᠡᠳ ᠵᠦᠩ ᠴᠣᠬᠢᠵᠤ ᠶᠤᠸᠠᠨᠱᠤᠸᠠᠢ ᠶ᠋ᠢᠨ ᠵᠠᠷᠯᠢᠭ ᠢ᠋ ᠰᠣᠨᠣᠰ ! ᠭᠡᠮᠡᠨ ᠠᠩᠬᠠᠷᠤᠭᠤᠯᠤᠭᠰᠠᠨ ᠳ᠋ᠤᠷ ᠣᠯᠠᠨ ᠵᠠᠩᠵᠤᠨ ᠲᠦᠰᠢᠮᠡᠳ ᠴᠥᠮ ᠬᠢᠴᠢᠶᠡᠩᠭᠦᠢᠯᠡᠨ ᠵᠣᠭᠰᠣᠵᠤ ᠦᠵᠡᠪᠡᠰᠦ ᠪᠠᠶᠠᠨ ᠶᠤᠸᠠᠨᠱᠤᠸᠠᠢ ᠨᠢᠭᠤᠷ ᠴᠠᠭᠠᠨ ᠰᠠᠬᠠᠯ ᠬᠠᠷ᠎ᠠ ᠂ ᠬᠥᠮᠥᠰᠬᠡ ᠤᠷᠲᠤ ᠵᠠᠭᠠᠳᠠᠰᠤ ᠳᠠᠪᠠᠵᠤ᠂ ᠨᠢᠳᠦ ᠲᠤᠩᠭᠠᠯᠠᠭ ᠭᠡᠷᠡᠯᠲᠡᠢ᠂ ᠪᠡᠶ᠎ᠡ ᠥᠨᠳᠥᠷ ᠂ ᠮᠥᠷᠥ ᠥᠷᠭᠡᠨ ᠨᠠᠰᠤ ᠲᠠᠪᠢ ᠰᠢᠬᠠᠵᠤᠬᠤᠢ᠃ ᠲᠡᠷᠢᠭᠦᠨ ᠳ᠋ᠦ᠍ᠷ ᠮᠥᠩᠭᠥᠨ ᠳᠤᠭᠤᠯᠠᠭ᠎ᠠ ᠪᠡᠶ᠎ᠡ ᠳ᠋ᠦ᠍ᠷ ᠮᠥᠩᠭᠥᠨ ᠬᠤᠶᠠᠭ ᠂ ᠳᠤᠭᠤᠯᠠᠭ᠎ᠠ ᠶ᠋ᠢᠨ ᠵᠢᠳᠠ ᠶ᠋ᠢᠨ ᠣᠷᠣᠢ ᠤᠯᠠᠭᠠᠨ ᠰᠣᠨᠣᠪᠲᠤᠷ ᠬᠠᠷᠢᠯᠴᠠᠨ ᠥᠩᠭᠡ ᠢᠯᠭᠠᠷᠠᠨ ᠬᠢᠯᠪᠠᠰᠤᠮᠤᠢ᠃ ᠡᠮᠦᠨ᠎ᠡ ᠪᠡᠨ ᠵᠠᠷᠯᠢᠭ ᠢ᠋ᠶ᠋ᠠᠷ ᠱᠠᠩᠨᠠᠭᠰᠠᠨ ᠡᠷᠳᠡᠨᠢ ᠶ᠋ᠢᠨ ᠰᠡᠯᠡᠮ᠎ᠡ ᠶ᠋ᠢ ᠲᠠᠯᠪᠢᠵᠤ ᠶᠤᠸᠠᠨᠱᠤᠸᠠᠢ ᠶ᠋ᠢᠨ ᠲᠠᠮᠠᠭ᠎ᠠ ᠲᠡᠮᠳᠡᠭ ᠢ᠋ ᠬᠠᠵᠠᠭᠤ ᠳ᠋ᠤᠷ ᠵᠢᠭᠰᠠᠭᠠᠪᠠ᠃ ᠶᠤᠸᠠᠨᠱᠤᠸᠠᠢ ᠶ᠋ᠢᠨ ᠰᠡᠷᠡᠭᠡᠲᠦ ᠵᠢᠳᠠ ᠰᠠᠭᠠᠳᠠᠭ ᠨᠤᠮᠤ ᠶ᠋ᠢ ᠰᠢᠳᠠᠷ ᠴᠡᠷᠢᠭ ᠪᠠᠷᠢᠵᠤ ᠠᠷᠤ ᠳ᠋ᠤᠷ ᠵᠢᠭᠰᠠᠭᠠᠨ ᠵᠣᠭᠰᠣᠯᠴᠠᠪᠠ᠃ ᠰᠦᠷ ᠭᠡᠷᠡᠯ ᠥᠷᠥᠰᠢᠶᠡᠯ ᠡᠷᠳᠡᠮ ᠬᠣᠣᠰᠯᠠᠭᠰᠠᠨ ᠠ᠋ᠴᠠ ᠣᠯᠠᠨ ᠴᠥᠮ : 《ᠦᠨᠡᠬᠡᠷ ᠲᠡᠭᠷᠢ ᠶ᠋ᠢᠨ ᠬᠥᠮᠦᠨ ᠪᠣᠯᠠᠢ ! 》ᠭᠡᠮᠡᠨ ᠰᠢᠲᠦᠪᠡᠢ᠃ ᠵᠠᠷᠯᠢᠭ ᠢ᠋ ᠰᠣᠨᠣᠰᠪᠠᠰᠤ ᠦᠭᠡ ᠴᠥᠭᠡᠨ ᠪᠥᠭᠡᠳ ᠣᠢᠯᠠᠭᠠᠮᠵᠢᠲᠠᠢ᠃ ᠳᠠᠭᠤᠨ ᠢᠷᠠᠭᠤ ᠳᠥᠭᠥᠮ ᠲᠣᠳᠣᠷᠬᠠᠢ᠃ ᠲᠣᠪᠴᠢᠯᠠᠪᠠᠰᠤ:  
       ᠲᠡᠷᠢᠭᠦᠨ ᠳ᠋ᠦ᠍ᠷ ᠂ ᠥᠷᠥᠰᠢᠶᠡᠩᠭᠦᠢ ᠰᠡᠳᠬᠢᠯ ᠡᠪᠦᠷᠯᠡᠵᠦ ᠠᠷᠠᠳ ᠢᠷᠭᠡᠳ ᠢ᠋ ᠭᠠᠯ ᠤᠰᠤᠨ ᠤ᠋ ᠠᠶᠤᠯ ᠠ᠋ᠴᠠ ᠠᠪᠤᠷᠠᠬᠤ ᠵᠣᠷᠢᠭ ᠢ᠋ ᠪᠠᠷᠢᠵᠤ ᠠᠷᠠᠳ ᠢᠷᠭᠡᠳ ᠢ ᠨᠠᠮᠠᠨᠴᠢᠯᠠᠵᠤ ᠡᠵᠡᠨ ᠦ᠌ ᠬᠡᠰᠢᠭ ᠢ᠋ ᠲᠦᠭᠡᠮᠡᠯᠵᠢᠭᠦᠯᠬᠦ ᠃ ᠳᠡᠳ᠋ ᠲᠦ᠍ᠷ ᠡᠰᠡᠷᠭᠦᠴᠡᠭᠰᠡᠳ ᠢ᠋ ᠦᠯᠦ ᠥᠷᠥᠰᠢᠶᠡᠬᠦ ᠂  ᠳᠠᠭᠠᠭᠰᠠᠳ ᠢ᠋ ᠦᠯᠦ ᠬᠣᠣᠷᠯᠠᠬᠤ ᠃ ᠭᠤᠲᠠᠭᠠᠷ ᠲᠤᠷ ᠭᠠᠪᠢᠶ᠎ᠠ ᠶ᠋ᠢ ᠥᠴᠦᠬᠡᠨ ᠭᠡᠮᠡᠨ ᠣᠷᠬᠢᠭᠳᠠᠭᠤᠯᠬᠤ ᠦᠭᠡᠢ ᠂ ᠶᠠᠯ᠎ᠠ ᠶ᠋ᠢ ᠥᠴᠦᠬᠡᠨ ᠭᠡᠮᠡᠨ ᠦᠯᠦ ᠥᠷᠥᠰᠢᠶᠡᠬᠦ ᠃ ᠳᠥᠲᠥᠭᠡᠷ ᠲᠣᠷ ᠡᠷᠬᠢᠮ ᠳᠣᠣᠷᠠᠲᠤ ᠶ᠋ᠢᠨ ᠢᠯᠭᠠᠯ ᠦᠭᠡᠢ ᠴᠡᠷᠢᠭ ᠦ᠋ᠨ ᠴᠠᠭᠠᠵᠠ ᠵᠠᠷᠯᠢᠭ ᠢ᠋ ᠡᠷᠡᠰ ᠳᠠᠭᠠᠬᠤ ᠃  《ᠴᠡᠷᠢᠭ ᠦ᠋ᠨ ᠶᠣᠰᠣᠨ ᠳ᠋ᠤᠷ ᠰᠤᠯᠠ ᠦᠭᠡ ᠦᠭᠡᠢ ᠬᠢᠴᠢᠶᠡᠭᠲᠦᠨ 》 ᠭᠡᠮᠡᠨ ᠵᠠᠷᠯᠢᠭ ᠤ᠋ᠨ ᠵᠡᠪᠡ ᠲᠠᠲᠠᠵᠤ ᠂ ᠲᠡᠷᠢᠭᠦᠨ ᠰᠠᠢᠳ ᠶᠡᠬᠡ ᠵᠠᠩᠵᠤᠨ ᠠᠵᠤᠤ ᠶ᠋ᠢ ᠳᠠᠭᠤᠳᠠᠵᠤ ᠡᠮᠦᠨᠡᠲᠦ ᠴᠡᠷᠢᠭ ᠦ᠋ᠨ ᠶᠡᠷᠦᠩᠬᠡᠢ ᠨᠣᠶᠠᠨ ᠪᠣᠯᠭᠠᠨ ᠲᠠᠪᠤᠨ ᠲᠦᠮᠡᠨ ᠴᠡᠷᠢᠭ ᠠᠪᠴᠤ ᠮᠣᠷᠳᠠᠬᠤ ᠪᠠᠷ ᠪᠡᠯᠡᠳᠭᠡ ᠬᠡᠮᠡᠪᠡᠰᠦ ᠠᠵᠤᠤ ᠳᠠᠪᠰᠢᠵᠤ ᠭᠠᠷ ᠰᠤᠩᠭᠠᠨ ᠵᠠᠷᠯᠢᠭ ᠤ᠋ᠨ ᠵᠡᠪᠡ ᠶ᠋ᠢ ᠬᠦᠯᠢᠶᠡᠨ ᠠᠪᠤᠪᠠ᠃ ᠳᠠᠬᠢᠨ ᠶᠡᠬᠡ ᠵᠠᠩᠵᠤᠨ ᠲᠥᠷᠥ ᠶ᠋ᠢᠨ ᠶᠠᠪᠤᠳᠠᠯ ᠢ᠋ ᠮᠡᠳᠡᠭᠴᠢ ᠳ᠋ᠦᠩ ᠸᠸᠨ ᠫᠢᠩ ᠂ ᠶᠡᠬᠡ ᠵᠠᠩᠵᠤᠨ ᠦ ᠰᠢᠦ ᠶ᠋ᠢ ᠳᠠᠭᠤᠳᠠᠵᠤ ᠡᠮᠦᠨᠡᠲᠦ ᠴᠡᠷᠢᠭ ᠦ᠋ᠨ ᠬᠣᠰᠢᠭᠤᠴᠢ ᠪᠠᠷ ᠠᠵᠤᠤ ᠶ᠋ᠢᠨ ᠴᠠᠴᠠᠷ ᠲᠤᠷ ᠨᠡᠷ᠎ᠡ ᠮᠡᠳᠡᠭᠦᠯ ᠭᠡᠮᠡᠨ ᠬᠠᠳᠠᠨ ᠬᠠᠨ ᠢ ᠳᠤᠮᠳᠠᠳᠤ ᠴᠡᠷᠢᠭ ᠦ᠋ᠨ ᠨᠣᠶᠠᠨ ᠪᠣᠯᠭᠠᠨ ᠶᠤᠸᠠᠨᠱᠤᠸᠠᠢ ᠶ᠋ᠢᠨ ᠴᠠᠴᠠᠷ ᠤ᠋ᠨ ᠬᠠᠮᠲᠤ ᠶᠠᠪᠤ ᠭᠡᠮᠡᠨ ᠶᠡᠬᠡ ᠵᠠᠩᠵᠤᠨ ᠲᠦᠮᠡᠨ ᠦ᠌ ᠨᠣᠶᠠᠨ ᠠᠷᠤᠤᠬᠠᠨ ᠂ ᠪᠠᠷᠠᠭᠤᠨ ᠭᠠᠷᠤᠨ ᠰᠠᠢᠳ ᠠᠷᠠᠬᠠᠶ᠎ᠡ ᠲᠠᠪᠤᠨ ᠲᠦᠮᠡᠨ ᠴᠡᠷᠢᠭ ᠠᠪᠴᠤ ᠬᠠᠢᠭᠤᠯ ᠪᠣᠯᠵᠤ ᠮᠣᠷᠳᠠᠬᠤ ᠪᠠᠷ ᠪᠡᠯᠡᠳᠭᠡ ᠭᠡᠮᠡᠨ ᠲᠤᠰ ᠲᠤᠰ ᠵᠠᠷᠯᠢᠭ ᠤ᠋ᠨ ᠵᠡᠪᠡ ᠥᠭᠴᠦ ᠡᠭᠦᠷᠭᠡ ᠲᠤᠰᠢᠶᠠᠯ ᠢ᠋ ᠲᠣᠳᠣᠷᠬᠠᠢᠯᠠᠨ ᠵᠢᠴᠢ ᠡᠳᠦᠷ ᠬᠠᠭᠠᠨ ᠳ᠋ᠤᠷ ᠪᠠᠷᠠᠭᠠᠯᠠᠨ ᠠᠶᠠᠷᠯᠠᠵᠤ  ᠮᠣᠷᠳᠠᠮᠤᠢ ᠭᠡᠮᠡᠨ ᠵᠠᠷᠯᠢᠭ ᠪᠣᠯᠵᠤ ᠲᠠᠷᠬᠠᠯᠴᠠᠪᠠ᠃  
     ᠳᠡᠳ᠋ ᠡᠳᠦᠷ ᠪᠠᠶᠠᠨ ᠶᠤᠸᠠᠨᠱᠤᠸᠠᠢ ᠰᠢ ᠲᠢᠶᠠᠨ ᠽᠧ ᠲᠡᠷᠢᠭᠦᠯᠡᠨ ᠠᠵᠣᠣ ᠂ ᠳᠠᠴᠣᠣ ᠂ ᠠᠷᠤᠤᠬᠠᠨ ᠂ ᠪᠤᠷᠤᠬᠠᠷ ᠂ ᠠᠷᠠᠬᠠᠶ᠎ᠡ ᠂ ᠠᠳᠠᠬᠠᠢ ᠂ ᠠᠯᠢᠹᠠᠢ ᠂ ᠪᠣᠯᠭᠠᠨ ᠂ ᠡᠦ ᠰᠢᠦ ᠂ ᠳ᠋ᠦᠩ ᠸᠸᠨ ᠫᠢᠩ ᠂ ᠵᠠᠩ ᠬᠣᠩ ᠹᠠᠨ ᠵᠡᠷᠭᠡ ᠶᠡᠬᠡ ᠵᠠᠩᠵᠤᠨ ᠴᠡᠷᠢᠭ ᠪᠣᠯᠪᠠᠰᠤᠷᠠᠬᠤ ᠲᠠᠯᠠᠪᠠᠢ - ᠵᠢᠶᠣᠤ ᠴᠠᠩ ᠳ᠋ᠤᠷ ᠬᠤᠪᠢᠯᠠᠢ ᠬᠠᠭᠠᠨ ᠳ᠋ᠤᠷ ᠪᠠᠷᠠᠭᠠᠯᠠᠨ ᠠᠶᠠᠷᠯᠠᠵᠤ ᠲᠤᠭ ᠳᠠᠬᠢᠵᠤ ᠳᠣᠯᠣᠭᠠᠨ ᠵᠡᠷᠭᠡ ᠶᠡᠬᠡ ᠫᠤᠤ ᠶ᠋ᠢᠨ ᠳᠠᠭᠤᠨ ᠳ᠋ᠤᠷ ᠶᠡᠬᠡ ᠴᠡᠷᠢᠭ ᠳᠡᠰ ᠳᠠᠷᠠᠭᠠᠯᠠᠨ ᠮᠣᠷᠳᠠᠬᠤᠢ ᠳ᠋ᠤᠷ ᠲᠤᠭ ᠬᠢᠭᠢᠷᠢ ᠣᠢ ᠮᠣᠳᠣ ᠮᠡᠲᠦ ᠨᠠᠷᠠᠨ ᠰᠠᠷᠠᠨ ᠢ᠋ ᠬᠠᠯᠬᠠᠯᠠᠨ ᠬᠣᠭ ᠲᠣᠭᠣᠰᠣ ᠥᠨᠳᠥᠷ ᠣᠭᠲᠠᠷᠭᠤᠢ ᠳ᠋ᠤᠷ ᠵᠠᠮᠬᠠᠷᠠᠨ ᠬᠥᠮᠦᠨ ᠮᠣᠷᠢ ᠶ᠋ᠢᠨ ᠦᠢᠮᠡᠭᠡᠨ ᠮᠥᠷᠡᠨ ᠭᠣᠣᠯ ᠦᠶᠡᠷᠯᠡᠬᠦ ᠮᠡᠲᠦ ᠬᠥᠮᠦᠨ ᠴᠢᠭᠢᠷᠠᠭ ᠮᠣᠷᠢ ᠲᠠᠷᠭᠤᠨ ᠰᠦᠷ ᠬᠦᠴᠦᠨ ᠳ᠋ᠦ᠍ᠷ ᠲᠣᠯᠣᠭᠠᠢ ᠳᠣᠯᠭᠢᠰᠤᠮᠤᠢ ᠃  
       ᠬᠤᠪᠢᠯᠠᠢ ᠬᠠᠭᠠᠨ ᠪᠠᠶᠠᠨ ᠶᠤᠸᠠᠨᠱᠤᠸᠠᠢ ᠶ᠋ᠢᠨ ᠮᠥᠷᠥ ᠶ᠋ᠢ ᠲᠠᠰᠢᠵᠤ ᠵᠠᠷᠯᠢᠭ ᠪᠣᠯᠤᠭᠰᠠᠨ ᠠᠨᠤ ᠄ 《ᠡᠷᠲᠡᠨ ᠡᠴᠡ ᠮᠥᠷᠡᠨ ᠦ᠌ ᠡᠮᠦᠨ᠎ᠡ ᠶ᠋ᠢ ᠨᠠᠢᠷᠠᠮᠳᠠᠭᠤ ᠪᠠᠷ ᠲᠣᠭᠲᠠᠭᠠᠵᠤ ᠴᠢᠳᠠᠭᠰᠠᠨ ᠠᠨᠤ ᠭᠠᠭᠴᠠ ᠽᠣᠤ ᠪᠢᠨ ᠪᠣᠯᠠᠢ ᠃ ᠬᠡᠷᠪᠡ ᠠᠯᠠᠬᠤ ᠶ᠋ᠢ ᠴᠡᠭᠡᠷᠯᠡᠪᠡᠰᠦ ᠴᠢᠩ ᠳᠠᠷᠤᠢ ᠮᠢᠨᠦ ᠽᠣᠤ ᠪᠢᠨ ᠪᠣᠯᠠᠢ !》ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠰᠥᠭᠥᠳᠴᠦ ᠄  《ᠡᠵᠡᠨ ᠦ᠌ ᠵᠠᠷᠯᠢᠭ ᠢ᠋ ᠦᠯᠦ ᠭᠤᠲᠤᠭᠠᠬᠤ ᠶ᠋ᠢᠨ ᠲᠥᠯᠥᠭᠡ ᠦᠬᠦᠨ ᠴᠢᠷᠮᠠᠢᠰᠤᠭᠠᠢ 》ᠭᠡᠮᠡᠨ ᠮᠥᠷᠭᠥᠨ ᠰᠠᠯᠤᠭᠠᠳ ᠶᠢᠰᠦᠨ ᠰᠠᠷ᠎ᠠ ᠶ᠋ᠢᠨ ᠬᠥᠬᠡ ᠨᠣᠬᠠᠢ ᠡᠳᠦᠷ ᠶᠡᠬᠡ ᠴᠡᠷᠢᠭ ᠰᠢᠶᠠᠩ ᠶᠠᠩ ᠂ ᠹᠠᠨ ᠴᠧᠩ ᠳ᠋ᠦ᠍ᠷ ᠬᠦᠷᠴᠦ ᠢᠷᠡᠭᠡᠳ ᠰᠢᠶᠠᠩ ᠶᠠᠩ ᠹᠠᠨ ᠴᠧᠩ ᠦ᠋ᠨ ᠰᠥᠩ ᠤᠯᠤᠰ ᠢ᠋ ᠰᠡᠷᠭᠡᠢᠯᠡᠨ ᠰᠠᠭᠤᠭᠰᠠᠨ ᠠᠷᠪᠠᠨ ᠲᠠᠪᠤᠨ ᠲᠦᠮᠡᠨ ᠴᠡᠷᠢᠭ ᠲᠡᠢ ᠨᠡᠢᠯᠡᠵᠦ ᠭᠤᠴᠢᠨ ᠲᠠᠪᠤᠨ ᠲᠦᠮᠡᠨ ᠦ᠌ ᠣᠯᠠᠨ ᠢ᠋ ᠲᠠᠪᠢᠨ ᠲᠦᠮᠡ ᠭᠡᠮᠡᠨ ᠠᠯᠳᠠᠷᠰᠢᠭᠤᠯᠵᠤ ᠪᠠᠭᠤᠳᠠᠯᠯᠠᠪᠠᠰᠤ ᠲᠠᠪᠢᠨ ᠭᠠᠵᠠᠷ ᠦᠷᠭᠦᠯᠵᠢᠯᠡᠮᠦᠢ ᠃ ᠲᠡᠢᠨ ᠬᠦ᠌ ᠮᠥᠷᠡᠨ ᠦ᠌ ᠡᠮᠦᠨ᠎ᠡ ᠬᠣᠢᠨ᠎ᠠ ᠴᠥᠮ ᠳᠣᠯᠭᠢᠰᠴᠤ ᠪᠦᠬᠦᠢ ᠳ᠋ᠦ᠍ᠷ ᠡᠷᠬᠡᠲᠦ ᠰᠠᠢᠳ ᠵᠢᠶᠠ ᠽᠢ ᠳ᠋ᠣᠣ ᠮᠣᠩᠭᠣᠯ ᠤ᠋ᠨ ᠶᠠᠯ᠎ᠠ ᠠᠰᠠᠭᠤᠬᠤ ᠴᠡᠷᠢᠭ ᠨᠢᠭᠡᠨᠲᠡ ᠮᠣᠷᠳᠠᠭᠰᠠᠨ ᠮᠡᠳᠡᠭᠡ ᠶ᠋ᠢ ᠣᠯᠵᠤ ᠬᠠᠯᠠᠭᠤᠨ ᠲᠣᠭᠣᠭᠠᠨ ᠳᠡᠭᠡᠷᠡᠬᠢ ᠰᠢᠷᠭᠤᠯᠵᠢ ᠮᠡᠲᠦ ᠣᠷᠣᠬᠤ ᠭᠠᠵᠠᠷ ᠦᠭᠡᠢ ᠪᠠᠴᠢᠮᠳᠠᠪᠠᠰᠤ ᠡᠵᠡᠨ ᠳ᠋ᠡᠭᠡᠨ ᠮᠡᠳᠡᠭᠦᠯᠬᠦ ᠦᠭᠡᠢ ᠲᠠᠭ ᠳᠠᠷᠤᠵᠤ ᠡᠳᠦᠷ ᠪᠦᠷᠢ ᠠᠮᠤᠷ ᠲᠦᠪᠰᠢᠨ ᠳᠠᠭᠤᠤ ᠬᠥᠭᠵᠢᠮ ᠢ᠋ᠶ᠋ᠡᠷ ᠮᠡᠬᠡᠯᠡᠵᠦ ᠶᠡᠬᠡ ᠶᠤᠸᠠᠨ ᠤᠯᠤᠰ ᠤ᠋ᠨ ᠪᠢᠴᠢᠭ ᠬᠦᠷᠭᠡᠬᠦ ᠡᠯᠴᠢ ᠶ᠋ᠢᠨ ᠰᠠᠢᠳ ᠬᠤ᠌ ᠵᠢᠩ ᠨᠠᠷ ᠢ᠋ ᠬᠣᠷᠢᠵᠤ ᠲᠠᠯᠪᠢᠭᠰᠠᠨ ᠳ᠋ᠠᠭᠠᠨ ᠭᠡᠮᠰᠢᠵᠦ ᠡᠵᠡᠨ ᠳ᠋ᠡᠭᠡᠨ ᠬᠤᠳᠠᠯ ᠢ᠋ᠶ᠋ᠠᠨ ᠨᠢᠭᠡᠨᠲᠡ ᠮᠡᠳᠡᠭᠳᠡᠪᠡᠰᠦ ᠲᠥᠷᠥ ᠳ᠋ᠦ᠍ᠷ ᠬᠥᠯ ᠵᠣᠭᠰᠣᠬᠤ ᠭᠠᠵᠠᠷ ᠦᠭᠡᠢ ᠪᠣᠯᠬᠤ ᠲᠤᠯᠠ ᠴᠢᠷᠮᠠᠢᠨ ᠬᠤᠸᠠᠢ ᠰᠢ ᠶ᠋ᠢᠨ ᠬᠡᠷᠡᠭ ᠮᠡᠳᠡᠭᠴᠢ ᡁᠢ ᡁᠢ ᠱᠢ ᠲᠦᠰᠢᠮᠡᠯ ᠤᠰᠤᠨ ᠴᠡᠷᠢᠭ ᠦ᠋ᠨ ᠳᠦ ᠳᠦ ᠰᠢᠶᠠ ᠬᠦᠢ ᠪᠡᠷ ᠰᠢᠶᠠᠩ ᠂ ᠹᠠᠨ ᠬᠣᠶᠠᠷ ᠬᠣᠲᠠ ᠶ᠋ᠢ ᠰᠡᠷᠭᠡᠢᠯᠡᠭᠦᠯᠦᠨ ᠬᠠᠨ ᠱᠦᠢ ᠮᠥᠷᠡᠨ ᠦ᠌ ᠪᠠᠷᠠᠭᠤᠨ ᠡᠷᠭᠢ ᠶ᠋ᠢᠨ ᠢᠩ ᠴᠧᠩ ᠦ᠋ᠨ ᠡᠰᠡᠷᠭᠦ ᠮᠥᠷᠡᠨ ᠦ᠌ ᠵᠡᠭᠦᠨ ᠡᠷᠭᠢ ᠳ᠋ᠦ᠍ᠷ ᠪᠠᠰᠠ ᠨᠢᠭᠡᠨ ᠴᠢᠯᠠᠭᠤᠨ ᠬᠣᠲᠠ ᠪᠠᠢᠭᠤᠯᠵᠤ ᠲᠡᠭᠦᠨ ᠢ᠋ ᠪᠡᠨ ᠰᠢᠨ ᠢᠩ ᠭᠡᠮᠡᠨ ᠨᠡᠷᠡᠳᠴᠦ ᠬᠣᠶᠠᠷ ᠬᠣᠲᠠ ᠶ᠋ᠢᠨ ᠬᠣᠭᠣᠷᠣᠨᠳᠣ ᠲᠡᠮᠦᠷ ᠭᠢᠨᠵᠢ ᠲᠠᠲᠠᠵᠤ ᠬᠠᠨ ᠰᠦᠢ ᠮᠥᠷᠡᠨ ᠢ ᠬᠥᠨᠳᠡᠯᠡᠨ ᠣᠨᠢᠰᠤᠯᠠᠵᠤ ᠪᠠᠰᠠ ᠪᠤᠯᠠᠷ ᠮᠣᠳᠣ ᠪᠤᠯᠠᠵᠤ ᠶᠡᠬᠡ ᠣᠩᠭᠣᠴᠠ ᠪᠠᠨ ᠬᠥᠨᠳᠡᠯᠡᠨ ᠵᠢᠭᠰᠠᠭᠠᠵᠤ ᠬᠠᠯᠬᠠᠪᠴᠢ ᠪᠤᠰᠬᠠᠨ ᠬᠤᠷᠴᠠ ᠴᠡᠷᠢᠭ ᠨᠤᠮᠤ ᠵᠡᠪᠡ ᠪᠡᠯᠡᠳᠬᠡᠨ ᠬᠣᠷᠢᠵᠤ ᠰᠠᠭᠤᠪᠠ᠃ ᠲᠡᠢᠨ ᠬᠦ᠌ ᠬᠠᠨ ᠰᠦᠢ ᠮᠥᠷᠡᠨ ᠦ᠌ ᠤᠷᠤᠭᠤ ᠪᠠᠭᠤᠬᠤᠢ ᠳ᠋ᠤᠷ ᠰᠢᠶᠠᠩ ᠶᠠᠩ ᠂ ᠹᠠᠨ ᠴᠧᠩ ᠬᠡᠳᠦᠢ ᠪᠡᠷ ᠮᠣᠩᠭᠣᠯ ᠳ᠋ᠤᠷ ᠬᠠᠷᠢᠶᠠᠯᠠᠭᠳᠠᠭᠰᠠᠨ ᠪᠣᠯᠪᠠᠴᠤ ᠬᠣᠶᠠᠷ ᠢᠩ ᠦ᠋ᠨ ᠨᠢᠭᠡ ᠶ᠋ᠢ ᠡᠰᠡ ᠠᠪᠤᠪᠠᠰᠤ ᠦᠯᠦ ᠪᠣᠯᠬᠤ ᠠᠵᠢ᠃ ᠡᠭᠦᠨ ᠦ᠌ ᠳᠡᠭᠡᠷ᠎ᠡ ᠤᠰᠤᠨ ᠴᠡᠷᠢᠭ ᠦ᠋ᠨ ᠳᠦ ᠳᠦ ᠰᠢᠶᠠ ᠬᠦᠢ ᠂ ᠵᠢᠶᠠ ᠽᠢ ᠳ᠋ᠣᠣ ᠶ᠋ᠢᠨ ᠰᠡᠳᠬᠢᠯ ᠵᠢᠷᠦᠬᠡᠨ ᠦ᠌ ᠵᠠᠩᠵᠤᠨ ᠸᠠᠩ ᠳ᠋ᠤ᠌ ᠴᠸᠨ ᠂ ᠸᠠᠩ ᠳᠠ ᠶᠦᠩ ᠂ ᠹᠠᠨ ᠸᠸᠨ ᠬᠤ᠌ ᠨᠠᠷ ᠤᠰᠤᠨ ᠬᠠᠭᠤᠷᠠᠢ ᠭᠤᠴᠢᠨ ᠲᠦᠮᠡᠨ ᠦ᠌ ᠣᠯᠠᠨ ᠢ᠋ ᠠᠪᠴᠤ ᠰᠢᠶᠠᠩ ᠶᠠᠩ ᠂ ᠹᠠᠨ ᠴᠧᠩ ᠢ᠋ ᠪᠤᠴᠠᠭᠠᠨ ᠠᠪᠬᠤ ᠰᠠᠨᠠᠭ᠎ᠠ ᠡᠪᠦᠷᠯᠡᠵᠦ ᠭᠠᠭᠴᠠᠬᠦ ᠠᠵᠤᠤ ᠶ᠋ᠢᠨ ᠨᠡᠷ᠎ᠡ ᠬᠦᠨᠳᠦ ᠡᠴᠡ ᠠᠶᠤᠨ ᠰᠦᠷᠳᠡᠵᠦ ᠡᠰᠡ ᠬᠥᠳᠡᠯᠪᠡᠢ᠃ ᠡᠢᠮᠦ ᠪᠡᠯᠡᠬᠡᠨ ᠴᠡᠷᠢᠭ ᠪᠠᠢᠭᠰᠠᠨ ᠠ᠋ᠴᠠ ᠵᠢᠶᠠ ᠽᠢ ᠳ᠋ᠣᠣ ᠬᠠᠷᠢᠨ ᠳᠡᠮᠡᠢ ᠶᠠᠭᠠᠷᠠᠬᠤ ᠪᠠᠢᠳᠠᠯ ᠮᠡᠳᠡᠭᠳᠡᠭᠰᠡᠨ ᠦᠭᠡᠢ᠃ ᠡᠨᠡ ᠪᠠᠢᠳᠠᠯ ᠢ᠋ ᠮᠡᠳᠡᠬᠦ ᠦᠭᠡᠢ ᠣᠯᠠᠨ ᠲᠦᠰᠢᠮᠡᠳ ᠶᠡᠬᠡᠳᠡ ᠠᠶᠤᠨ ᠦᠢᠮᠡᠯᠳᠦᠮᠦᠢ᠃ ᠭᠡᠲᠡᠯ᠎ᠡ ᠵᠢᠶᠠ ᠽᠢ ᠳ᠋ᠣᠣ ᠤᠯᠠᠮ ᠲᠠᠢᠪᠤᠷᠠᠵᠤ ᠯᠠᠪᠳᠠᠭᠤᠨ ᠣᠪᠤᠯᠠᠵᠤ ᠠᠯᠭᠤᠷ ᠠᠭᠠᠵᠢᠮ ᠢ᠋ᠶ᠋ᠠᠷ ᠣᠯᠠᠨ ᠵᠧᠦ ᠵᠢᠶᠦ᠋ᠨ ᠳ᠋ᠦ᠍ᠷ ᠵᠠᠷᠯᠢᠭ ᠪᠣᠯᠵᠤ ᠰᠢᠯᠢᠳᠡᠭ ᠴᠡᠷᠢᠭ ᠲᠠᠲᠠᠵᠤ ᠬᠠᠨ ᠶᠠᠩ ᠂ ᠬᠠᠨ ᠺᠧᠦ ᠂ ᠦ ᠴᠠᠩ ᠵᠡᠷᠭᠡ ᠬᠠᠨ ᠱᠦᠢ ᠮᠥᠷᠡᠨ ᠬᠥᠬᠡ ᠮᠥᠷᠡᠨ ᠳ᠋ᠦ᠍ᠷ ᠨᠡᠢᠯᠡᠬᠦ ᠠᠭᠤᠯᠵᠠᠭᠤᠷ ᠠᠮᠠ ᠶ᠋ᠢ ᠳ᠋ᠡᠭᠡᠨ ᠤᠰᠤᠨ ᠬᠠᠭᠤᠷᠠᠢ ᠭᠤᠴᠢᠨ ᠲᠦᠮᠡᠨ ᠦ᠌ ᠣᠯᠠᠨ ᠢ᠋ ᠨᠡᠮᠡᠵᠦ ᠰᠠᠬᠢᠭᠤᠯᠪᠠ᠃ ᠲᠡᠢᠨ ᠬᠦ᠌ ᠮᠠᠰᠢ ᠪᠠᠷᠳᠠᠮᠨᠠᠨ ᠮᠣᠩᠭᠣᠯᠴᠤᠳ ᠬᠠᠨ ᠱᠦᠢ ᠂ ᠰᠢᠶᠠᠩ ᠵᠢᠶᠠᠩ ᠂ ᠬᠤᠸᠠᠢ ᠾᠧ ᠂ ᠬᠥᠬᠡ ᠮᠥᠷᠡᠨ ᠵᠡᠷᠭᠡ ᠬᠡᠳᠦᠨ ᠳᠠᠪᠬᠤᠷ ᠪᠠᠢᠭᠠᠯᠢ ᠶ᠋ᠢᠨ ᠬᠠᠯᠬᠠᠪᠴᠢ ᠶ᠋ᠢ ᠭᠡᠲᠦᠯᠵᠦ ᠭᠠᠷᠴᠤ ᠢᠷᠡᠮᠦᠢ ᠬᠡᠮᠡᠭᠴᠢ ᠲᠡᠢᠮᠦ ᠬᠢᠯᠪᠠᠷ ᠭᠡᠵᠦ ᠪᠢᠲᠡᠭᠡᠢ ᠰᠠᠨᠠ ᠭᠡᠮᠡᠨ ᠯᠠᠪᠳᠠᠭᠤᠨ ᠰᠠᠭᠤᠪᠠ᠃ ᠲᠡᠳᠦᠢ ᠳ᠋ᠦ᠍ᠷ ᠡᠵᠡᠨ ᠦ᠌ ᠮᠠᠰᠢ ᠨᠠᠢᠳᠠᠵᠤ ᠶᠠᠪᠤᠭᠤᠯᠤᠭᠰᠠᠨ ᠳᠡᠳ᠋ ᠶᠤᠸᠠᠨᠱᠤᠸᠠᠢ ᠰᠢ ᠲᠢᠶᠠᠨ ᠽᠧ ᠰᠢᠶᠠᠩ ᠶᠠᠩ ᠬᠦᠷᠬᠦ ᠡᠴᠡ ᠡᠮᠦᠨ᠎ᠡ ᠡᠪᠡᠳᠴᠢᠯᠡᠭᠡᠳ ᠶᠡᠬᠡ ᠨᠡᠢᠰᠯᠡᠯ ᠳᠡ ᠳᠦ ᠬᠣᠲᠠᠨ  ᠳ᠋ᠤᠷ ᠪᠤᠴᠠᠪᠠ᠃ ᠲᠡᠢᠨ ᠬᠦ᠌ ᠰᠥᠩ ᠤᠯᠤᠰ ᠢ᠋ ᠳᠠᠢᠯᠠᠬᠤ ᠶᠡᠬᠡ ᠲᠤᠰᠢᠶᠠᠯ ᠴᠥᠮ ᠪᠠᠶᠠᠨ ᠶᠤᠸᠠᠨᠱᠤᠸᠠᠢ ᠶ᠋ᠢᠨ ᠮᠥᠷᠥ ᠳᠡᠭᠡᠷ᠎ᠡ ᠲᠤᠯᠭᠠᠷᠠᠪᠠ᠃ ᠶᠡᠬᠡ ᠴᠡᠷᠢᠭ ᠰᠢᠶᠠᠩ ᠶᠠᠩ ᠬᠦᠷᠴᠦ ᠢᠷᠡᠭᠰᠡᠨ ᠦ᠌  ᠬᠣᠢᠨ᠎ᠠ ᠳᠤᠮᠳᠠᠳᠤ ᠴᠡᠷᠢᠭ ᠦ᠋ᠨ ᠶᠡᠬᠡ ᠴᠠᠴᠠᠷ ᠢ᠋ ᠳᠠᠪᠤᠰᠤᠨ ᠤ᠋ ᠠᠭᠤᠯᠠ ᠶᠠᠨ ᠱᠠᠨ ᠳ᠋ᠤᠷ ᠪᠠᠷᠢᠭᠤᠯᠵᠤ ᠣᠯᠠᠨ ᠴᠡᠷᠢᠭ ᠦ᠋ᠨ ᠨᠣᠶᠠᠳ ᠴᠤᠭᠯᠠᠷᠠᠨ ᠢᠷᠡᠯᠴᠡᠵᠦ ᠲᠡᠢᠨ ᠪᠠᠢᠯᠳᠤᠭᠠᠨ ᠤ᠋ ᠲᠤᠬᠠᠢ ᠵᠥᠪᠳᠡᠪᠡᠰᠦ ᠪᠠᠶᠠᠨ ᠶᠤᠸᠠᠨᠱᠤᠸᠠᠢ ᠵᠠᠩᠵᠤᠨ ᠴᠡᠷᠢᠭ ᠢ᠋ ᠠᠮᠠᠷᠠᠭᠤᠯᠵᠤ ᠵᠠᠷᠯᠢᠭ ᠢ᠋ ᠬᠦᠯᠢᠶᠡᠭᠲᠦᠨ ᠭᠡᠮᠡᠨ ᠪᠤᠴᠠᠭᠠᠪᠠ᠃ ᠥᠪᠡᠷᠦᠨ ᠪᠡᠶ᠎ᠡ ᠡᠳᠦᠷ ᠪᠦᠷᠢ ᠮᠥᠷᠡᠨ ᠦ᠌ ᠣᠢᠷᠠᠬᠢ ᠴᠡᠷᠢᠭ ᠠᠷᠠᠳ ᠢ᠋ ᠴᠠᠴᠠᠷ ᠲᠠᠭᠠᠨ ᠠᠪᠴᠤ ᠰᠠᠭᠤᠨ ᠭᠠᠵᠠᠷ ᠤᠰᠤᠨ ᠤ᠋ ᠪᠠᠢᠳᠠᠯ ᠢ᠋ ᠠᠰᠠᠭᠤᠵᠤ ᠲᠡᠮᠳᠡᠭᠯᠡᠨ ᠰᠥᠨᠢ ᠪᠣᠯᠪᠠᠰᠤ ᠨᠣᠮ ᠪᠢᠴᠢᠭ ᠳᠡᠯᠭᠡᠵᠦ ᠠᠷᠢᠬᠢᠨ ᠤ᠋ ᠵᠤᠭ᠎ᠠ ᠪᠣᠯᠭᠠᠮᠤᠢ᠃ ᠡᠰᠡ ᠪᠥᠭᠡᠰᠦ ᠰᠢᠳᠠᠷ ᠠᠷᠠᠳ ᠢ᠋ᠶ᠋ᠠᠨ ᠳᠠᠭᠠᠭᠤᠯᠤᠨ ᠮᠥᠷᠡᠨ ᠲᠠᠩᠭᠢᠰ ᠢ᠋ᠶ᠋ᠠᠷ ᠵᠤᠭᠠᠴᠠᠵᠤ ᠶᠠᠪᠤᠬᠤᠢ ᠳ᠋ᠤᠷ ᠵᠠᠩᠵᠤᠨ ᠲᠦᠰᠢᠮᠡᠳ ᠲᠠᠭᠠᠯᠠᠮᠵᠢ ᠦᠭᠡᠢ ᠦᠭᠡ ᠶᠠᠷᠢᠶ᠎ᠠ ᠭᠠᠷᠭᠠᠮᠤᠢ᠃  
       ᠨᠢᠭᠡᠨ ᠡᠳᠦᠷ ᠠᠵᠤᠤ ᠶᠡᠬᠡ ᠶᠤᠸᠠᠨᠱᠤᠸᠠᠢ ᠶ᠋ᠢᠨ ᠴᠠᠴᠠᠷ ᠲᠤᠷ ᠢᠷᠡᠵᠦ ᠥᠭᠦᠯᠡᠷᠦᠨ ᠄  《ᠰᠣᠨᠣᠰᠪᠠᠰᠤ ᠶᠤᠸᠠᠨᠱᠤᠸᠠᠢ ᠶ᠋ᠢᠨ ᠣᠢ ᠪᠤᠯᠠᠭ ᠤ᠋ᠨ ᠲᠤᠩᠭᠠᠯᠠᠭ ᠤᠷᠮ᠎ᠠ ᠮᠠᠰᠢ ᠥᠨᠳᠥᠷ ᠭᠡᠨᠡᠮ᠃ ᠭᠠᠭᠴᠠᠬᠦ ᠮᠠᠨ ᠤ᠋ ᠴᠡᠷᠢᠭ ᠢᠷᠡᠭᠰᠡᠭᠡᠷ ᠨᠡᠯᠢᠶᠡᠳ ᠡᠳᠦᠷ ᠬᠣᠨᠣᠭ ᠪᠣᠯᠪᠠ᠃ ᠤᠳᠠᠪᠠᠰᠤ ᠴᠡᠷᠢᠭ ᠦ᠋ᠨ ᠬᠤᠷᠴᠠ ᠰᠦᠷ ᠪᠠᠭᠤᠷᠠᠬᠤ ᠪᠣᠯᠪᠠᠤ ᠬᠡᠮᠡᠮᠦᠢ᠃ ᠲᠤᠷᠰᠢᠭᠤᠯᠪᠠᠰᠤ ᠬᠠᠨ ᠱᠦᠢ ᠮᠥᠷᠡᠨ ᠳᠠᠭᠠᠤ ᠰᠥᠩ ᠤᠯᠤᠰ ᠤ᠋ᠨ ᠶᠢᠰᠦᠨ ᠵᠢᠶᠦ᠋ᠨ ᠦ᠌ ᠤᠰᠤᠨ ᠬᠠᠭᠤᠷᠠᠢ ᠵᠢᠷᠠᠨ ᠲᠦᠮᠡᠨ ᠴᠡᠷᠢᠭ ᠢ᠋ ᠵᠢᠭᠰᠠᠭᠠᠨ ᠮᠠᠨ ᠤ᠋ ᠴᠡᠷᠢᠭ ᠢ᠋ ᠬᠥᠬᠡ ᠮᠥᠷᠡᠨ ᠣᠢᠷᠠᠲᠤᠭᠤᠯᠬᠤ ᠰᠠᠨᠠᠭ᠎ᠠ ᠦᠭᠡᠢ᠃ ᠪᠢᠳᠡ ᠬᠣᠶᠠᠷ ᠢᠩ ᠬᠣᠲᠠ ᠶ᠋ᠢᠨ ᠳᠤᠮᠳᠠ ᠪᠠᠷ ᠰᠢᠪᠲᠤᠯᠤᠨ ᠪᠣᠯᠬᠤ ᠪᠣᠯᠪᠠᠴᠤ ᠮᠣᠷᠢᠲᠤ ᠴᠡᠷᠢᠭ ᠬᠡᠷᠡᠭᠯᠡᠬᠦ ᠠᠷᠭ᠎ᠠ ᠦᠭᠡᠢ ᠲᠤᠯᠠ ᠲᠠᠢᠯᠤᠨ ᠳᠡᠢᠯᠦᠭᠳᠡᠬᠦ ᠶ᠋ᠢ ᠮᠠᠭᠠᠳᠯᠠᠵᠤ ᠪᠣᠯᠬᠤ ᠦᠭᠡᠢ᠃ ᠶᠤᠸᠠᠨᠱᠤᠸᠠᠢ ᠳᠣᠲᠣᠷ᠎ᠠ ᠪᠠᠨ ᠪᠣᠳᠣᠭᠰᠠᠨ ᠭᠠᠵᠠᠷ ᠪᠣᠢ ᠤᠤ ?  》ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠴᠠᠴᠠᠷ ᠤ᠋ᠨ ᠣᠯᠠᠨ ᠢ ᠵᠠᠢᠯᠠᠭᠤᠯᠵᠤ ᠠᠵᠤᠤ ᠶ᠋ᠢᠨ ᠴᠢᠬᠢᠨ ᠳ᠋ᠦ᠍ᠷ ᠥᠭᠦᠯᠡᠷᠦᠨ ᠄ 《ᠮᠠᠨ ᠤ᠋ ᠠᠷᠤ ᠭᠠᠵᠠᠷ ᠤ᠋ᠨ ᠴᠡᠷᠢᠭ ᠡᠮᠦᠨ᠎ᠡ ᠭᠠᠵᠠᠷ ᠰᠠᠶᠢ ᠢᠷᠡᠭᠰᠡᠨ ᠲᠤᠯᠠ ᠬᠤᠪᠴᠠᠰᠤ ᠬᠤᠨᠠᠷ ᠢ᠋ᠶ᠋ᠠᠨ ᠨᠢᠮᠭᠡᠯᠡᠨ ᠤᠰᠤ ᠰᠢᠷᠣᠢ ᠂ ᠬᠠᠯᠠᠭᠤᠨ ᠬᠦᠢᠲᠡᠨ ᠢ᠋ ᠮᠡᠳᠡᠵᠦ ᠪᠠᠬᠠᠨ ᠢᠳᠡᠭᠡᠰᠢᠬᠦ ᠪᠣᠯᠪᠠᠤ ᠬᠡᠮᠡᠬᠦ ᠡᠴᠡ ᠪᠤᠰᠤ ᠬᠡᠷᠬᠢᠨ ᠠᠶᠤᠮᠰᠢᠭ ᠦᠭᠡᠢ ᠣᠢ ᠪᠤᠯᠠᠭ ᠤ᠋ᠨ ᠴᠡᠩᠭᠡᠯ ᠢ᠋ ᠰᠠᠨᠠᠮᠤᠢ᠃ ᠡᠵᠡᠨ ᠦ᠌ ᠬᠦᠨᠳᠦ ᠨᠠᠢᠳᠠᠭᠰᠠᠨ ᠢ᠋ ᠭᠤᠲᠤᠭᠠᠬᠤ ᠦᠭᠡᠢ ᠭᠡᠮᠡᠨ ᠳᠡᠷ᠎ᠡ ᠳᠡᠪᠢᠰᠬᠡᠷ ᠲᠣᠷ ᠠᠮᠤᠷ ᠬᠡᠪᠲᠡᠵᠦ ᠡᠰᠡ ᠴᠢᠳᠠᠬᠤ ᠶ᠋ᠢ ᠪᠤᠰᠤ ᠬᠥᠮᠦᠨ ᠮᠡᠳᠡᠬᠦ ᠦᠭᠡᠢ ᠪᠣᠢ ᠢ᠎ᠠ᠃ ᠵᠠᠩᠵᠤᠨ ᠲᠠ ᠯᠠᠪ ᠮᠡᠳᠡᠨᠡᠮ ᠂ ᠵᠠᠩᠵᠤᠨ ᠲᠠ ᠰᠢᠶᠠᠩ ᠂ ᠹᠠᠨ ᠤ᠋ ᠭᠠᠵᠠᠷ ᠤᠳᠠᠭᠠᠨ ᠰᠠᠭᠤᠭᠰᠠᠨ ᠲᠤᠯᠠ ᠯᠠᠪ ᠪᠣᠳᠣᠭᠰᠠᠨ ᠵᠦᠢᠯ ᠪᠣᠢ ᠃ ᠰᠤᠷᠭᠠᠬᠤ ᠶ᠋ᠢ ᠬᠦᠰᠡᠮᠦᠢ  》 ᠬᠡᠮᠡᠪᠡᠰᠦ ᠠᠵᠤᠤ ᠪᠣᠰᠴᠤ ᠵᠣᠭᠰᠣᠭᠠᠳ ᠠᠭᠤᠷᠯᠠᠨ ᠥᠭᠦᠯᠡᠷᠦᠨ: 《ᠶᠤᠸᠠᠨᠱᠤᠸᠠᠢ ᠶᠠᠭᠤᠨ ᠳ᠋ᠤᠷ ᠦᠨᠡᠨ ᠦᠭᠡ ᠪᠡᠨ ᠶᠠᠷᠢᠬᠤ ᠦᠭᠡᠢ ᠪᠣᠢ ! ᠬᠤᠸᠠᠩ ᠵᠢᠶᠠ ᠸᠠᠨ ᠪᠤᠤ ᠶ᠋ᠢᠨ ᠠᠮᠠ ᠪᠠᠷ ᠲᠧᠩ ᠬᠤ᠌ ᠨᠠᠭᠤᠷ ᠲᠤᠷ ᠣᠷᠣᠵᠤ ᠂ ᠳᠠᠬᠢᠨ ᠲᠧᠩ ᠬᠤ᠌ ᠨᠠᠭᠤᠷ ᠠ᠋ᠴᠠ ᠮᠥᠷᠡᠨ ᠳ᠋ᠦ᠍ᠷ ᠣᠷᠣᠬᠤ ᠰᠠᠨᠠᠭ᠎ᠠ ᠶ᠋ᠢ ᠴᠢᠨᠦ ᠪᠢ ᠮᠡᠳᠡᠮᠦᠢ᠃ ᠭᠠᠭᠴᠠᠬᠦ ᠲᠧᠩ ᠬᠤ᠌ ᠨᠠᠭᠤᠷ ᠠ᠋ᠴᠠ ᠮᠥᠷᠡᠨ ᠦ᠌ ᠬᠥᠪᠡᠭᠡ ᠬᠦᠷᠲᠡᠯ᠎ᠡ ᠠᠷᠪᠠᠭᠠᠳ ᠭᠠᠵᠠᠷ ᠤᠰᠤ ᠦᠭᠡᠢ ᠡᠯᠡᠰᠦᠨ ᠳᠠᠩ ᠢ᠋ ᠶᠤᠸᠠᠨᠱᠤᠸᠠᠢ ᠬᠡᠷᠬᠢᠨ ᠭᠡᠲᠦᠯᠰᠦᠭᠡᠢ ᠬᠡᠮᠡᠬᠦ ᠶ᠋ᠢ ᠮᠠᠲᠠᠷ᠎ᠠ ᠢᠷᠡᠪᠡ  》ᠬᠡᠮᠡᠪᠡᠰᠦ ᠪᠠᠶᠠᠨ ᠶᠤᠸᠠᠨᠱᠤᠸᠠᠢ ᠢᠨᠢᠶᠡᠨ :《ᠪᠢ ᠴᠦ᠍ ᠵᠠᠩᠵᠤᠨ ᠤ᠋ ᠨᠢᠳᠦ ᠶ᠋ᠢ ᠬᠠᠯᠬᠠᠯᠠᠬᠤ ᠰᠠᠨᠠᠭ᠎ᠠ ᠦᠭᠡᠢ ᠪᠣᠯᠠᠢ᠃ ᠭᠡᠪᠡᠴᠦ ᠴᠡᠷᠢᠭ ᠦ᠋ᠨ ᠨᠢᠭᠤᠴᠠ ᠶ᠋ᠢ ᠴᠥᠭᠡᠨ ᠬᠥᠮᠦᠨ ᠮᠡᠳᠡᠬᠦ ᠢᠨᠤ ᠠᠰᠢᠭᠲᠠᠢ ᠪᠥᠯᠥᠭᠡ᠃ ᠰᠣᠨᠣᠰᠪᠠᠰᠤ ᠲᠧᠩ ᠬᠤ᠌ ᠨᠠᠭᠤᠷ ᠦᠶᠡᠷᠯᠡᠪᠡᠰᠦ ᠢᠩ ᠴᠧᠩ ᠬᠣᠲᠠ ᠠ᠋ᠴᠠ ᠳᠣᠭᠣᠭᠰᠢ ᠭᠤᠴᠢᠨ ᠭᠠᠵᠠᠷ ᠮᠥᠷᠡᠨ ᠳ᠋ᠦ᠍ᠷ ᠴᠢᠳᠬᠤᠵᠤ ᠬᠤᠷ᠎ᠠ ᠪᠣᠷᠣᠭᠠᠨ ᠦᠭᠡᠢ ᠪᠥᠭᠡᠰᠦ ᠤᠰᠤ ᠲᠠᠲᠠᠮᠤᠢ ᠬᠡᠮᠡᠳᠡᠭ᠃ ᠪᠣᠳᠣᠪᠠᠰᠤ ᠲᠧᠩ ᠬᠤ᠌ ᠶ᠋ᠢᠨ ᠭᠠᠵᠠᠷ ᠯᠠᠪ ᠳᠡᠭᠡᠷ᠎ᠡ ᠲᠤᠯᠠ ᠳᠠᠩ ᠭᠠᠵᠠᠷ ᠬᠤᠯᠤᠰᠤ ᠳᠡᠪᠢᠰᠴᠦ ᠤᠷᠤᠭᠤ ᠲᠠᠲᠠᠪᠠᠰᠤ ᠣᠩᠭᠣᠴᠠ ᠮᠥᠷᠡᠨ ᠦ᠌ ᠳᠡᠭᠡᠷ᠎ᠡ ᠶᠠᠪᠤᠬᠤ ᠮᠡᠲᠦ ᠬᠥᠩᠭᠡᠨ ᠦᠭᠡᠢ ᠪᠣᠯᠪᠠᠴᠤ ᠳᠡᠮᠡᠢ ᠬᠦᠴᠢᠷᠳᠡᠬᠦ ᠦᠭᠡᠢ ᠭᠡᠲᠦᠯᠵᠦ ᠪᠣᠯᠬᠤ ᠮᠡᠲᠦ᠃ ᠨᠡᠩ ᠬᠡᠮᠵᠢᠪᠡᠰᠦ ᠠᠷᠪᠠᠭᠠᠳ ᠭᠠᠵᠠᠷ ᠪᠤᠰᠤ ᠲᠠᠪᠤᠬᠠᠨ ᠭᠠᠵᠠᠷ ᠲᠤᠯᠠ ᠳᠡᠮᠡᠢ ᠵᠣᠪᠠᠭᠤᠷᠢ ᠦᠭᠡᠢ ᠭᠡᠲᠦᠯᠵᠦ ᠪᠣᠯᠤᠮᠤᠢ᠃ ᠵᠠᠩᠵᠤᠨ ᠰᠢᠶᠠᠩ ᠂ ᠹᠠᠨ ᠤ᠋ ᠭᠠᠵᠠᠷ ᠤᠳᠠᠭᠠᠨ ᠰᠠᠭᠤᠭᠰᠠᠨ ᠲᠤᠯᠠ ᠯᠠᠪ ᠰᠠᠢᠨ ᠮᠡᠳᠡᠬᠦ ᠪᠣᠯᠠᠢ ᠂  ᠵᠣᠬᠢᠬᠤ ᠡᠰᠡᠬᠦ ᠶ᠋ᠢ ᠲᠠᠰᠤᠯᠲᠤᠭᠠᠢ  》ᠬᠡᠮᠡᠬᠦᠢ ᠳ᠋ᠦ᠍ᠷ ᠠᠵᠤᠤ ᠰᠠᠭᠤᠳᠠᠯ ᠢ᠋ᠶ᠋ᠠᠨ ᠣᠢᠷᠠᠲᠤᠭᠤᠯᠤᠨ ᠥᠭᠦᠯᠡᠷᠦᠨ : 《ᠶᠤᠸᠠᠨᠱᠤᠸᠠᠢ ᠶ᠋ᠢ ᠲᠡᠷᠡ ᠬᠠᠪᠢ ᠪᠠᠷ ᠵᠤᠭᠠᠴᠠᠬᠤ ᠶ᠋ᠢ ᠰᠣᠨᠣᠰᠤᠭᠠᠳ ᠯᠠᠪ ᠪᠣᠳᠣᠭᠰᠠᠨ ᠭᠠᠵᠠᠷ ᠪᠣᠢ ᠭᠡᠮᠡᠨ ᠰᠠᠨᠠᠭᠰᠠᠨ ᠪᠥᠯᠥᠭᠡ ᠂ ᠦᠨᠡᠬᠡᠷ ᠲᠡᠢᠮᠦ ᠠᠵᠢ  》ᠬᠡᠮᠡᠪᠡᠢ ᠃ ᠪᠠᠶᠠᠨ ᠶᠤᠸᠠᠨᠱᠤᠸᠠᠢ ᠥᠭᠦᠯᠡᠷᠦᠨ :《ᠰᠥᠩ ᠤᠯᠤᠰ ᠰᠢᠨ ᠢᠩ ᠬᠣᠲᠠ ᠬᠢᠭᠡᠳ ᠬᠠᠭᠤᠴᠢᠨ ᠢᠩ ᠬᠣᠲᠠ ᠪᠠᠨ ᠰᠢᠶᠠᠩ ᠶᠠᠩ ᠂ ᠹᠠᠨ ᠴᠧᠩ ᠪᠣᠯᠭᠠᠰᠤᠭᠠᠢ ᠭᠡᠮᠡᠨ ᠮᠠᠰᠢ ᠬᠡᠳᠦᠨ ᠵᠢᠯ ᠬᠦᠴᠦ ᠣᠷᠣᠭᠤᠯᠪᠠ᠃ ᠡᠭᠦᠨ ᠢ᠋ ᠪᠡᠨ ᠲᠦᠰᠢᠭᠯᠡᠨ ᠮᠠᠨ ᠤ᠋ ᠴᠡᠷᠢᠭ ᠢ᠋ ᠬᠣᠷᠢᠵᠤ ᠰᠠᠭᠤᠬᠤ ᠪᠠᠷ ᠦᠯᠦ ᠪᠠᠷᠠᠨ ᠰᠥᠨᠥᠭᠡᠰᠦᠭᠡᠢ ᠬᠡᠮᠡᠬᠦ ᠶᠡᠬᠡ ᠰᠠᠨᠠᠭ᠎ᠠ ᠡᠪᠦᠷᠯᠡᠵᠦ ᠰᠠᠭᠤᠮᠤᠢ᠃ ᠬᠡᠷᠪᠡ ᠪᠢᠳᠡ ᠲᠡᠳᠡᠨ ᠦ᠌ ᠰᠠᠨᠠᠭᠠᠨ ᠳ᠋ᠤᠷ ᠦᠭᠡᠢ ᠪᠡᠷ ᠬᠠᠭᠤᠴᠢᠨ ᠢᠩ ᠴᠧᠩ ᠦ᠋ᠨ ᠳᠣᠣᠷ᠎ᠠ ᠲᠠᠯ᠎ᠠ ᠪᠠᠷ ᠮᠥᠷᠡᠨ ᠣᠷᠣᠵᠤ ᠬᠥᠬᠡ ᠮᠥᠷᠡᠨ ᠣᠢᠷᠠᠲᠤᠵᠤ ᠦ ᠬᠠᠨ ᠤ᠋ ᠭᠤᠷᠪᠠᠨ ᠪᠠᠯᠭᠠᠰᠤᠨ ᠳ᠋ᠤᠷ ᠲᠡᠢᠨ ᠵᠠᠷᠯᠠᠪᠠᠰᠤ ᠰᠥᠩ ᠤᠯᠤᠰ ᠤ᠋ᠨ ᠲᠡᠢᠨ ᠦ᠌ ᠠᠯᠬᠤᠮ ᠢ᠋ ᠡᠪᠳᠡᠵᠦ ᠬᠥᠬᠡ ᠮᠥᠷᠡᠨ ᠢ᠋ ᠰᠦᠷᠳᠡᠭᠦᠯᠵᠦ ᠵᠢᠴᠢ ᠳ᠋ᠦ᠍ᠷ ᠬᠠᠨ ᠱᠦᠢ ᠮᠥᠷᠡᠨ ᠦ᠌ ᠠᠰᠢᠭ ᠢ᠋ ᠰᠥᠩ ᠤᠯᠤᠰ ᠯᠤᠭ᠎ᠠ ᠬᠤᠪᠢᠶᠠᠨ ᠡᠳ᠋ᠯᠡᠬᠦ ᠪᠣᠯᠤᠮᠤᠢ᠃ ᠲᠡᠳᠦᠢ ᠳ᠋ᠦ᠍ᠷ ᠬᠣᠶᠠᠷ ᠢᠩ ᠬᠣᠲᠠ ᠮᠠᠨ ᠤ᠋ ᠠᠷᠤ ᠳ᠋ᠤᠷ ᠬᠣᠴᠣᠷᠴᠤ ᠥᠨᠥᠴᠢᠨ ᠬᠣᠲᠠ ᠪᠣᠯᠬᠤ ᠲᠤᠯᠠ ᠰᠥᠩ ᠤᠯᠤᠰ ᠤᠳᠠᠭᠠᠨ ᠰᠠᠬᠢᠵᠤ ᠪᠣᠯᠤᠮᠤᠢ ᠤᠤ ? ᠡᠳᠦᠭᠡ ᠰᠢᠶᠠ ᠬᠦᠢ ᠶ᠋ᠢᠨ ᠤᠰᠤᠨ ᠴᠡᠷᠢᠭ ᠬᠤᠸᠠᠩ ᠵᠢᠶᠠ ᠸᠠᠨ ᠪᠤᠤ ᠶ᠋ᠢᠨ ᠠᠮᠠᠨ ᠳ᠋ᠤᠷ ᠳᠠᠯᠠᠩ ᠪᠠᠷᠢᠵᠤ ᠰᠠᠬᠢᠬᠤ ᠲᠤᠯᠠ ᠵᠠᠢᠯᠠᠭᠤᠯᠬᠤ ᠠᠷᠭ᠎ᠠ ᠶ᠋ᠢ ᠪᠣᠳᠣᠮᠤᠢ 》 ᠬᠡᠮᠡᠬᠦᠢ ᠳ᠋ᠦ᠍ᠷ ᠠᠵᠤᠤ ᠥᠭᠦᠯᠡᠷᠦᠨ  : 《ᠡᠨᠡ ᠬᠢᠯᠪᠠᠷ ᠪᠣᠯᠠᠢ ᠃ ᠪᠢ ᠡᠮᠦᠨᠡᠲᠦ ᠴᠡᠷᠢᠭ ᠢ᠋ᠶ᠋ᠡᠷ ᠰᠢᠨ ᠶᠢᠩ ᠬᠣᠲᠠ ᠶ᠋ᠢ ᠪᠠᠢᠯᠳᠤᠪᠠᠰᠤ ᠰᠢᠶᠠ ᠬᠦᠢ ᠯᠠᠪ ᠲᠤᠰᠠᠯᠠᠷ᠎ᠠ ᠢᠷᠡᠬᠦ ᠪᠣᠢ ‍ᠶ᠎ᠠ᠃ ᠶᠤᠸᠠᠨᠱᠤᠸᠠᠢ ᠲᠡᠷᠡ ᠵᠠᠪᠰᠢᠶᠠᠨ ᠢ ᠠᠰᠢᠭᠯᠠᠨ ᠴᠡᠷᠢᠭ ᠬᠡᠷᠡᠭᠯᠡᠲᠦᠭᠡᠢ 》 ᠬᠡᠮᠡᠪᠡ᠃ ᠪᠠᠶᠠᠨ ᠶᠤᠸᠠᠨᠱᠤᠸᠠᠢ ᠥᠭᠦᠯᠡᠷᠦᠨ : 《ᠰᠢᠨ ᠢᠩ ᠪᠠᠲᠤ ᠬᠣᠲᠠ ᠪᠣᠯᠠᠢ ᠃ ᠥᠷᠯᠥᠭᠡ ᠦᠳᠡᠰᠢ ᠶ᠋ᠢᠨ ᠬᠣᠭᠣᠷᠣᠨᠳᠣ ᠬᠢᠯᠪᠠᠷᠬᠠᠨ ᠠᠪᠴᠤ ᠪᠣᠯᠬᠤ ᠠᠨᠤ ᠪᠤᠰᠤ ᠶ᠋ᠢ ᠰᠢᠶᠠ ᠬᠦᠢ ᠮᠡᠳᠡᠬᠦ ᠲᠤᠯᠠ ᠬᠢᠯᠪᠠᠷ ᠢ᠋ᠶ᠋ᠠᠷ ᠲᠤᠰᠠᠯᠠᠷ᠎ᠠ ᠣᠴᠢᠬᠤ ᠦᠭᠡᠢ ᠪᠣᠢ ᠢ᠎ᠠ᠃ ᠬᠠᠷᠢᠨ ᠨᠢᠭᠡᠨ ᠠᠷᠭ᠎ᠠ ᠶ᠋ᠢ ᠬᠡᠷᠡᠭᠯᠡᠵᠦ ᠪᠣᠯᠬᠤ ᠮᠡᠲᠦ 》ᠭᠡᠮᠡᠨ ᠠᠵᠤᠤ ᠶ᠋ᠢᠨ ᠴᠢᠬᠢᠨ ᠳ᠋ᠦ᠍ᠷ ᠬᠡᠳᠦᠨ ᠦᠭᠡ ᠰᠤᠷᠭᠠᠪᠠᠰᠤ ᠠᠵᠤᠤ ᠪᠡᠶᠡᠰᠦᠨ ᠶᠤᠸᠠᠨᠱᠤᠸᠠᠢ ᠶ᠋ᠢᠨ ᠠᠷᠭ᠎ᠠ ᠣᠨᠣᠪᠴᠢᠲᠠᠢ ᠭᠡᠮᠡᠨ ᠶᠠᠪᠤᠰᠤᠭᠠᠢ ᠬᠡᠮᠡᠪᠡᠰᠦ ᠪᠠᠶᠠᠨ ᠶᠤᠸᠠᠨᠱᠤᠸᠠᠢ ᠥᠭᠦᠯᠡᠷᠦᠨ :《ᠠᠷᠭ᠎ᠠ ᠪᠦᠲᠦᠭᠰᠡᠨ ᠡᠰᠡᠬᠦ ᠴᠦ᠍ ᠭᠤᠲᠠᠭᠠᠷ ᠡᠳᠦᠷ ᠲᠣᠷ ᠴᠡᠷᠢᠭ ᠢ᠋ᠶ᠋ᠡᠨ ᠲᠠᠲᠠᠵᠤ ᠪᠤᠴᠠᠵᠤ ᠢᠷᠡᠭᠲᠦᠨ᠃ ᠡᠨᠡ ᠠᠷᠭ᠎ᠠ ᠪᠦᠲᠦᠬᠦ ᠦᠭᠡᠢ ᠪᠥᠭᠡᠰᠦ ᠪᠠᠰᠠ ᠨᠢᠭᠡᠨ ᠠᠷᠭ᠎ᠠ ᠪᠣᠢ  》ᠭᠡᠮᠡᠨ ᠮᠣᠷᠳᠠᠭᠤᠯᠤᠭᠠᠳ ᠴᠠᠴᠠᠷ ᠤ᠋ᠨ ᠵᠠᠩᠵᠤᠨ ᠯᠢ ᠲᠢᠩ ᠂ ᠯᠢᠦ ᠭᠦᠸᠧ ᠵᠢᠶᠧ ᠬᠣᠶᠠᠭᠤᠯᠠ ᠶ᠋ᠢ ᠳᠠᠭᠤᠳᠠᠵᠤ ᠰᠤᠷᠭᠠᠵᠤ ᠥᠭᠦᠯᠡᠷᠦᠨ : ᠡᠨᠳᠡ ᠡᠴᠡ ᠪᠠᠷᠠᠭᠤᠨ ᠡᠮᠦᠨ᠎ᠡ ᠨᠢᠭᠡᠨ ᠶᠡᠬᠡ ᠵᠡᠪᠡ ᠪᠣᠢ᠃ ᠵᠡᠪᠡ ᠪᠡᠷ ᠣᠷᠣᠵᠤ ᠬᠣᠷᠢᠨ ᠭᠠᠵᠠᠷ ᠶᠠᠪᠤᠪᠠᠰᠤ ᠳᠠᠷᠤᠢ ᠬᠤᠸᠠᠩ ᠵᠢᠶᠠ ᠸᠠᠨ ᠪᠤᠤ ᠶ᠋ᠢ ᠰᠠᠬᠢᠬᠤ ᠰᠢᠶᠠ ᠬᠦᠢ ᠶ᠋ᠢᠨ ᠴᠡᠷᠢᠭ ᠦ᠋ᠨ ᠬᠦᠷᠢᠶ᠎ᠡ ᠪᠣᠯᠠᠢ᠃ ᠵᠡᠪᠡ ᠶ᠋ᠢᠨ ᠬᠠᠳᠠ ᠥᠨᠳᠥᠷ ᠮᠣᠳᠣ  ᠢᠭ᠍ᠴᠤ ᠲᠤᠯᠠ ᠴᠡᠷᠢᠭ ᠪᠦᠭᠭᠦᠬᠦᠢ ᠳ᠋ᠦ᠍ᠷ ᠣᠯᠳᠠᠰᠢ ᠦᠭᠡᠢ ᠭᠠᠵᠠᠷ ᠪᠣᠯᠠᠢ᠃ ᠲᠠ ᠬᠣᠶᠠᠷ ᠭᠤᠷᠪᠠᠨ ᠮᠢᠩᠭᠠᠨ ᠴᠡᠷᠢᠭ ᠠᠪᠴᠤ ᠵᠡᠪᠡ ᠶ᠋ᠢᠨ ᠠᠮᠠ ᠣᠢᠷᠠᠲᠤᠵᠤ ᠪᠠᠭᠤᠭᠠᠳ ᠴᠡᠷᠢᠭ ᠮᠣᠷᠢ ᠪᠠᠨ ᠠᠮᠠᠷᠠᠭᠤᠯᠵᠤ ᠵᠢᠴᠢ ᠥᠷᠯᠥᠭᠡ ᠵᠡᠪᠡ ᠳ᠋ᠦ᠍ᠷ ᠣᠷᠣᠵᠤ ᠴᠡᠷᠢᠭ ᠪᠦᠭᠭᠦᠭᠰᠡᠨ ᠰᠢᠨᠡᠬᠡᠨ ᠣᠷᠣ ᠮᠥᠷ ᠪᠣᠢ ᠪᠥᠭᠡᠰᠦ ᠮᠥᠷ ᠢ᠋ᠶ᠋ᠡᠷ ᠢᠨᠦ ᠶᠠᠪᠤᠵᠤ ᠰᠢᠶᠠ ᠬᠦᠢ ᠶ᠋ᠢᠨ ᠴᠡᠷᠢᠭ ᠦ᠋ᠨ ᠬᠦᠷᠢᠶ᠎ᠡ ᠣᠢᠷᠠᠲᠤᠵᠤ ᠭᠡᠨᠡᠳᠲᠡ ᠫᠤᠤ ᠲᠠᠯᠪᠢᠨ ᠬᠡᠩᠭᠡᠷᠭᠡ ᠳᠡᠯᠡᠳᠳᠦᠨ ᠦᠢᠮᠡᠯᠳᠦᠪᠡᠰᠦ ᠳᠠᠢᠰᠤᠨ ᠤ᠋ ᠴᠡᠷᠢᠭ ᠯᠠᠪ ᠭᠠᠷᠴᠤ ᠪᠤᠷᠤᠭᠤᠯᠠᠮᠤᠢ ᠃ ᠲᠡᠳᠦᠢ ᠳ᠋ᠦ᠍ᠷ ᠬᠥᠭᠡᠭᠡᠵᠦ ᠪᠣᠯᠬᠤ ᠦᠭᠡᠢ᠃ ᠴᠡᠷᠢᠭ ᠦ᠋ᠨ ᠬᠦᠷᠢᠶ᠎ᠡ ᠶ᠋ᠢ ᠵᠠᠬ᠎ᠠ ᠳᠠᠷᠠᠭᠠᠯᠠᠨ ᠭᠠᠯᠳᠠᠵᠤ ᠳᠠᠢᠰᠤᠨ ᠤ᠋ ᠴᠡᠷᠢᠭ ᠬᠣᠯᠠᠳᠠᠪᠠᠰᠤ ᠲᠠ ᠬᠣᠶᠠᠷ ᠬᠤᠯᠤᠰᠤ ᠴᠠᠪᠴᠢᠨ ᠪᠡᠯᠡᠳᠭᠡ᠃ ᠬᠡᠷᠡᠭᠯᠡᠬᠦ ᠭᠠᠵᠠᠷ ᠪᠣᠢ ᠭᠡᠮᠡᠨ ᠶᠠᠪᠤᠭᠤᠯᠬᠤᠢ ᠳ᠋ᠤᠷ ᠬᠣᠶᠠᠭᠤᠯᠠ ᠴᠥᠮ ᠤᠬᠠᠬᠤ ᠦᠭᠡᠢ ᠂ ᠵᠠᠷᠯᠢᠭ ᠲᠤᠯᠠ ᠠᠷᠭ᠎ᠠ ᠦᠭᠡᠢ ᠮᠣᠷᠳᠠᠯᠴᠠᠪᠠ᠃
       ᠥᠭᠦᠯᠡᠬᠦ ᠢᠨᠦ ᠶᠡᠬᠡ ᠵᠠᠩᠵᠤᠨ ᠠᠵᠤᠤ ᠡᠮᠦᠨᠡᠲᠦ ᠴᠡᠷᠢᠭ ᠦ᠋ᠨ ᠶᠤᠸᠠᠨᠱᠤᠸᠠᠢ ᠶ᠋ᠢᠨ ᠴᠠᠴᠠᠷ ᠲᠠᠭᠡᠨ ᠪᠤᠴᠠᠵᠤ ᠡᠮᠦᠨᠡᠲᠦ ᠴᠡᠷᠢᠭ ᠢ᠋ ᠤᠰᠤᠨ ᠬᠠᠭᠤᠷᠠᠢ ᠬᠣᠶᠠᠷ ᠵᠠᠮ ᠢ᠋ᠶ᠋ᠠᠷ ᠪᠠᠭᠤᠵᠤ ᠰᠢᠨ ᠢᠩ ᠬᠣᠲᠠ ᠶ᠋ᠢ ᠣᠢᠷᠠᠲᠤᠵᠤ ᠪᠠᠢᠯᠳᠤᠬᠤ ᠪᠠᠷ ᠪᠡᠯᠡᠳᠭᠡ ᠭᠡᠮᠡᠨ ᠵᠠᠷᠯᠢᠭ ᠪᠣᠯᠤᠭᠰᠠᠨ ᠲᠤᠯᠠ ᠡᠮᠦᠨᠡᠲᠦ ᠴᠡᠷᠢᠭ ᠲᠡᠷᠡ ᠡᠳᠦᠷ ᠲᠡᠭᠡᠨ ᠮᠣᠷᠳᠠᠵᠤ ᠰᠢᠨ ᠢᠩ ᠬᠣᠲᠠ ᠶ᠋ᠢ ᠬᠦᠷᠢᠶᠡᠯᠡᠨ ᠪᠠᠭᠤᠳᠠᠯᠯᠠᠭᠠᠳ ᠬᠠᠷᠢᠨ ᠪᠠᠢᠯᠳᠤᠬᠤ ᠦᠭᠡᠢ ᠶᠠᠮᠠᠷ ᠨᠢᠭᠡ ᠵᠠᠪᠰᠢᠶᠠᠨ ᠢ ᠬᠦᠯᠢᠶᠡᠬᠦ ᠮᠡᠲᠦ ᠠᠪᠠᠢ᠃ ᠰᠢᠨ ᠢᠩ ᠬᠣᠲᠠ ᠶ᠋ᠢ ᠰᠠᠬᠢᠬᠤ ᠭᠣᠣᠯ ᠵᠠᠩᠵᠤᠨ ᠪᠢᠶᠠᠨ ᠵᠢᠦᠢ ᠢ ᠡᠭᠦᠨ ᠢ᠋ ᠦᠵᠡᠭᠡᠳ ᠮᠠᠰᠢ ᠭᠠᠢᠬᠠᠨ ᠳᠡᠳ᠋ ᠵᠠᠩᠵᠤᠨ ᠵᠠᠩ ᠱᠢ ᠵᠢᠶᠧ ᠯᠦ᠍ᠭᠡ ᠵᠥᠪᠳᠡᠯᠴᠡᠵᠦ ᠮᠣᠩᠭᠣᠯ ᠴᠡᠷᠢᠭ ᠢ᠋ ᠰᠡᠷᠭᠡᠢᠯᠡᠨ ᠡᠭᠡᠯᠵᠢᠯᠡᠨ ᠪᠠᠢᠴᠠᠭᠠᠨ ᠴᠢᠩᠳᠠᠯᠠᠰᠤᠭᠠᠢ ᠭᠡᠮᠡᠨ ᠲᠣᠭᠲᠠᠵᠤ ᠪᠢᠶᠠᠨ ᠵᠢᠦᠢ ᠢ ᠲᠡᠷᠢᠭᠦᠨ ᠡᠭᠡᠯᠵᠢ ᠪᠡᠷ ᠬᠣᠲᠠ ᠶ᠋ᠢᠨ ᠬᠠᠢᠰᠠᠩ ᠳ᠋ᠤᠷ ᠭᠠᠷᠴᠤ ᠪᠠᠢᠴᠠᠭᠠᠨ ᠴᠢᠩᠳᠠᠯᠠᠵᠤ ᠶᠠᠪᠤᠭᠰᠠᠭᠠᠷ ᠪᠦᠷᠦᠢ ᠲᠠᠰᠤᠷᠠᠬᠤ ᠦᠶᠡᠰ ᠵᠡᠭᠦᠨ ᠡᠭᠦᠳᠡ ᠬᠦᠷᠴᠦ ᠢᠷᠡᠪᠡᠰᠦ ᠬᠣᠲᠠ ᠶ᠋ᠢᠨ ᠳᠣᠲᠣᠷ᠎ᠠ ᠠ᠋ᠴᠠ ᠨᠢᠭᠡᠨ ᠬᠥᠮᠦᠨ ᠄  《ᠵᠠᠩ ᠵᠠᠩᠵᠤᠨ ᠰᠡᠢᠨᠡᠦ !  ᠮᠠᠨ ᠤ᠋ ᠶᠤᠸᠠᠨᠱᠤᠸᠠᠢ ᠵᠠᠩᠵᠤᠨ ᠢ᠋ ᠲᠦᠷᠭᠡᠯᠡᠭᠲᠦᠨ ᠬᠡᠮᠡᠮᠦᠢ 》ᠭᠡᠮᠡᠨ ᠪᠠᠰᠠ ᠳᠠᠬᠢᠨ ᠶᠠᠭᠤ ᠶᠠᠷᠢᠬᠤ ᠬᠡᠮᠡᠮᠦᠢ᠃ ᠪᠢᠶᠠᠨ ᠵᠢᠦᠢ ᠢ ᠡᠭᠦᠨ ᠢ᠋ ᠰᠣᠨᠣᠰᠤᠭᠠᠳ ᠶᠡᠬᠡᠳᠡ ᠠᠭᠤᠷᠯᠠᠨ᠄ 《ᠶᠠᠭᠠᠬᠢᠭᠰᠠᠨ ᠬᠥᠮᠦᠨ ?  ᠣᠷᠣᠢ ᠪᠦᠷᠦᠢ ᠶᠠᠭᠤᠨ ᠬᠢᠰᠦᠭᠡᠢ ᠬᠡᠮᠡᠮᠦᠢ ! 》ᠭᠡᠮᠡᠨ ᠵᠠᠩᠳᠤᠷᠪᠠᠰᠤ ᠲᠡᠷᠡ ᠬᠥᠮᠦᠨ ᠶᠠᠭᠠᠷᠠᠨ ᠬᠣᠯᠠᠳᠠᠵᠤ ᠶᠠᠪᠤᠪᠠ᠃ ᠬᠥᠮᠦᠨ ᠭᠠᠷᠭᠠᠵᠤ ᠨᠡᠬᠡᠭᠦᠯᠪᠡᠰᠦ ᠬᠡᠳᠦᠢᠨᠡᠢ ᠮᠣᠩᠭᠣᠯ ᠤ᠋ᠨ ᠴᠡᠷᠢᠭ ᠦ᠋ᠨ ᠬᠦᠷᠢᠶᠡᠨ ᠳ᠋ᠦ᠍ᠷ ᠳᠠᠯᠳᠠᠯᠠᠪᠠ ᠬᠡᠮᠡᠮᠦ᠃ ᠵᠠᠩ ᠱᠢ ᠵᠢᠶᠧ ᠶ᠋ᠢᠨ ᠨᠠᠭᠠᠴᠤ ᠵᠠᠩ ᠿᠧᠦ ᠮᠣᠩᠭᠣᠯ ᠤ᠋ᠨ ᠭᠠᠪᠶᠠᠲᠤ ᠰᠠᠢᠳ ᠪᠥᠭᠡᠳ ᠵᠠᠩ ᠱᠢ ᠵᠢᠶᠧ ᠴᠦ᠍ ᠮᠣᠩᠭᠣᠯ ᠤ᠋ᠨ ᠴᠡᠷᠢᠭ ᠦ᠋ᠨ ᠨᠣᠶᠠᠨ ᠠᠭᠠᠳ ᠰᠡᠭᠦᠯᠴᠢ ᠪᠡᠷ ᠶᠠᠯ᠎ᠠ ᠬᠢᠵᠦ ᠰᠥᠩ ᠤᠯᠤᠰ ᠲᠤᠷ ᠠᠮᠢ ᠰᠢᠷᠭᠤᠷ᠎ᠠ ᠢᠷᠡᠭᠰᠡᠨ ᠢ᠋ ᠬᠥᠮᠦᠨ ᠪᠦᠬᠦᠨ ᠮᠡᠳᠡᠬᠦ ᠲᠤᠯᠠ ᠪᠢᠶᠠᠨ ᠵᠢᠦᠢ ᠢ ᠰᠡᠵᠢᠭᠯᠡᠬᠦ ᠦᠭᠡᠢ ᠪᠠᠢᠵᠤ ᠴᠢᠳᠠᠬᠤ ᠦᠭᠡᠢ᠃ ᠬᠥᠮᠦᠨ ᠭᠠᠷᠭᠠᠨ ᠭᠡᠲᠡᠭᠦᠯᠵᠦ ᠶᠠᠮᠠᠷ ᠨᠢᠭᠡ ᠬᠤᠪᠢᠰᠤᠯ ᠪᠣᠯᠬᠤ ᠶ᠋ᠢ ᠰᠡᠷᠭᠡᠢᠯᠡᠪᠡ ᠃ ᠵᠢᠴᠢ ᠡᠳᠦᠷ ᠵᠠᠩ ᠱᠢ ᠵᠢᠶᠧ ᠶ᠋ᠢᠨ ᠡᠭᠡᠯᠵᠢ ᠪᠣᠯᠵᠤ ᠬᠣᠲᠠ ᠴᠠᠭᠳᠠᠬᠤᠢ ᠳ᠋ᠤᠷ ᠮᠥᠨ ᠪᠦᠷᠦᠢ ᠲᠠᠰᠤᠷᠠᠬᠤ ᠦᠶᠡᠰ ᠬᠣᠲᠠ ᠶ᠋ᠢᠨ ᠳᠣᠣᠷ᠎ᠠ ᠨᠢᠭᠡᠨ ᠬᠥᠮᠦᠨ ᠪᠣᠯᠭᠣᠮᠵᠢᠯᠠᠬᠤ ᠳᠣᠣᠷ᠎ᠠ ᠳᠠᠭᠤᠨ ᠢ᠋ᠶ᠋ᠠᠷ: 《ᠵᠠᠩ ᠵᠠᠩᠵᠤᠨ ! 》 ᠭᠡᠮᠡᠨ ᠳᠠᠭᠤᠳᠠᠵᠤ ᠵᠠᠩ ᠱᠢ ᠵᠢᠶᠧ ᠦᠭᠡ ᠬᠠᠷᠢᠭᠤᠯᠵᠤ ᠠᠮᠵᠢᠬᠤ ᠠ᠋ᠴᠠ ᠡᠮᠦᠨ᠎ᠡ ᠥᠭᠦᠯᠡᠷᠦᠨ : 《ᠥᠴᠥᠭᠡᠳᠦᠷ ᠣᠷᠣᠢ ᠪᠤᠰᠤ ᠬᠥᠮᠦᠨ ᠢ᠋ ᠵᠠᠩᠵᠤᠨ ᠭᠡᠮᠡᠨ ᠡᠨᠳᠡᠭᠦᠷᠡᠵᠦ ᠡᠰᠡᠯ᠎ᠡ ᠶᠡᠬᠡ ᠬᠡᠷᠡᠭ ᠲᠦ᠍ᠷ ᠰᠠᠭᠠᠳ ᠪᠣᠯᠪᠠ᠃ ᠨᠠᠭᠠᠴᠤ ᠶ᠋ᠢᠨ ᠴᠢᠨᠦ ᠵᠠᠬᠢᠳᠠᠯ ᠡᠨᠳᠡ ᠪᠣᠢ ᠂ ᠶᠤᠸᠠᠨᠱᠤᠸᠠᠢ ᠴᠢᠨᠦ ᠰᠠᠢᠨ ᠴᠢᠮᠡᠭᠡ ᠶ᠋ᠢ ᠬᠦᠯᠢᠶᠡᠮᠦᠢ 》ᠭᠡᠮᠡᠨ ᠨᠢᠭᠡᠨ ᠲᠣᠭᠳᠣᠢ ᠵᠠᠬᠢᠳᠠᠯ ᠢ᠋ ᠬᠣᠲᠠᠨ ᠳ᠋ᠤᠷ ᠬᠠᠷᠪᠤᠵᠤ ᠭᠠᠷᠭᠠᠪᠠ᠃ ᠵᠠᠩ ᠱᠢ ᠵᠢᠶᠧ ᠶᠡᠬᠡᠳᠡ ᠠᠭᠤᠷᠯᠠᠨ ᠨᠢᠭᠡᠨᠲᠡ ᠬᠠᠷᠪᠤᠭᠰᠠᠨ ᠳ᠋ᠤᠷ ᠲᠡᠷᠡ ᠬᠥᠮᠦᠨ ᠵᠡᠪᠡ ᠶ᠋ᠢ ᠲᠣᠰᠴᠤ ᠠᠪᠤᠭᠠᠳ ᠭᠠᠷ ᠡᠷᠭᠦᠨ ᠶᠣᠰᠣ ᠭᠦᠢᠴᠡᠳᠬᠡᠨ ᠲᠠᠯᠲᠠᠷᠢᠪᠠ᠃ ᠰᠢᠳᠠᠷ ᠬᠥᠮᠦᠰ ᠬᠠᠷᠪᠤᠵᠤ ᠭᠠᠷᠭᠠᠭᠰᠠᠨ ᠵᠠᠬᠢᠳᠠᠯ ᠢ᠋ ᠵᠠᠩ ᠱᠢ ᠵᠢᠶᠧ ᠳ᠋ᠦ᠍ᠷ ᠪᠠᠷᠢᠪᠠᠰᠤ ᠬᠠᠷᠢᠨ ᠬᠣᠭᠣᠰᠣᠨ ᠲᠣᠭᠳᠣᠢ ᠲᠤᠯᠠ ᠵᠠᠩ ᠱᠢ ᠵᠢᠶᠧ ᠭᠠᠵᠠᠷ ᠣᠷᠬᠢᠵᠤ ᠬᠠᠷᠠᠢᠨ ᠪᠣᠰᠴᠤ ᠬᠣᠲᠠᠨ ᠠ᠋ᠴᠠ ᠪᠠᠭᠤᠪᠠ᠃ 
       ᠲᠡᠳᠦᠢ ᠳ᠋ᠦ᠍ᠷ ᠪᠢᠶᠠᠨ ᠵᠢᠦᠢ ᠡᠢ ᠶ᠋ᠢᠨ ᠰᠢᠳᠠᠷ ᠬᠥᠮᠦᠰ ᠬᠡᠳᠦᠢᠨᠡᠢ ᠲᠡᠷᠡ ᠵᠠᠬᠢᠳᠠᠯ ᠢ᠋ ᠣᠯᠵᠤ ᠪᠢᠶᠠᠨ ᠵᠢᠦᠢ ᠡᠢ ᠳ᠋ᠦ᠍ ᠪᠠᠷᠢᠵᠤ ᠭᠠᠪᠢᠶ᠎ᠠ ᠪᠠᠢᠭᠤᠯᠰᠤᠭᠠᠢ ᠭᠡᠮᠡᠨ ᠨᠡᠮᠡᠭᠡᠰᠦ ᠴᠢᠮᠡᠭᠡᠰᠦ ᠲᠡᠢ ᠦᠵᠡᠭᠰᠡᠨ ᠪᠦᠬᠦᠨ ᠢ᠋ᠶ᠋ᠡᠨ ᠪᠢᠶᠠᠨ ᠵᠢᠦᠢ ᠢ ᠳ᠋ᠦ᠍ᠷ ᠮᠡᠳᠡᠭᠦᠯᠦᠭᠰᠡᠨ ᠳ᠋ᠦ᠍ᠷ ᠪᠢᠶᠠᠨ ᠵᠢᠦᠢ ᠡᠢ ᠦᠵᠡᠪᠡᠰᠦ ᠬᠣᠭᠣᠰᠣᠨ ᠲᠣᠭᠳᠣᠢ ᠪᠠᠢᠵᠤ ᠳᠡᠭᠡᠷ᠎ᠡ ᠢᠨᠤ ᠄ ᠵᠢᠭᠡ ᠬᠥᠪᠡᠭᠦᠨ ᠵᠠᠩ ᠱᠢ ᠵᠢᠶᠧ ᠳ᠋ᠦ᠍ᠷ ᠨᠢᠭᠤᠷᠳᠠᠨ ᠲᠤᠰᠢᠶᠠᠮᠤ ᠭᠡᠮᠡᠨ ᠪᠢᠴᠢᠪᠡᠠ᠋᠃ ᠪᠢᠶᠠᠨ ᠵᠢᠦᠢ ᠢ ᠶᠡᠬᠡᠳᠡ ᠰᠡᠵᠢᠭᠯᠡᠨ ᠵᠠᠩ ᠱᠢ ᠵᠢᠶᠧ ᠶ᠋ᠢᠨ ᠬᠠᠷᠪᠤᠭᠰᠠᠨ ᠲᠡᠷᠡ ᠵᠡᠪᠡ ᠳ᠋ᠦ᠍ᠷ ᠤᠴᠢᠷ ᠪᠣᠢ ᠭᠡᠮᠡᠨ ᠬᠤᠪᠢᠰᠤᠯ ᠭᠠᠷᠬᠤ ᠠ᠋ᠴᠠ ᠡᠮᠦᠨ᠎ᠡ ᠵᠠᠪᠳᠤᠰᠤᠭᠠᠢ ᠭᠡᠮᠡᠨ ᠵᠠᠩ ᠱᠢ ᠵᠢᠶᠧ ᠶ᠋ᠢᠨ ᠬᠣᠲᠠ ᠴᠠᠭᠳᠠᠬᠤ ᠶ᠋ᠢ ᠵᠣᠭᠰᠣᠭᠠᠨ ᠪᠡᠶ᠎ᠡ ᠪᠡᠷ ᠴᠡᠷᠢᠭ ᠮᠣᠷᠢ ᠪᠠᠨ ᠵᠠᠬᠢᠷᠴᠤ ᠡᠳᠦᠷ ᠰᠥᠨᠢ ᠦᠭᠡᠢ ᠰᠡᠷᠭᠡᠢᠯᠡᠬᠦ ᠬᠠᠮᠲᠤ ᠬᠤᠸᠠᠢ ᠰᠢ ᠬᠢᠭᠡᠳ ᠮᠥᠷᠡᠨ ᠢ᠋ ᠶᠡᠷᠦᠩᠬᠡᠢᠯᠡᠨ ᠰᠠᠬᠢᠬᠤ ᠶᠠᠨ ᠵᠢᠶᠠᠩ ᡁᠢ ᡁᠢ ᠱᠢ ᠲᠦᠰᠢᠮᠡᠯ ᠰᠢᠶᠠ ᠬᠦᠢ ᠳ᠋ᠦ᠍ᠷ ᠪᠠᠴᠢᠮ ᠮᠡᠳᠡᠭᠳᠡᠪᠡ᠃ ᠵᠠᠩ ᠱᠢ ᠵᠢᠶᠧ ᠶᠡᠷᠦ ᠶ᠋ᠢᠨ ᠴᠠᠭ ᠲᠤᠷ ᠪᠡᠶ᠎ᠡ ᠪᠡᠨ ᠪᠠᠭᠠᠲᠤᠷ ᠭᠡᠮᠡᠨ ᠰᠥᠩ ᠦ᠋ᠨ ᠵᠠᠩᠵᠤᠨ ᠢ᠋ ᠨᠢᠳᠦᠨ ᠳ᠋ᠡᠭᠡᠨ ᠬᠠᠪᠴᠢᠬᠤ ᠦᠭᠡᠢ ᠪᠥᠭᠡᠳ ᠤᠴᠢᠷ ᠶᠠᠪᠤᠳᠠᠯ ᠲᠤᠯᠭᠠᠷᠠᠪᠠᠰᠤ ᠥᠴᠦᠬᠡᠨ ᠴᠦ᠍ ᠨᠠᠢᠷ ᠲᠠᠯᠪᠢᠬᠤ ᠦᠭᠡᠢ ᠲᠤᠯᠠ ᠬᠥᠮᠦᠰ ᠴᠥᠮ ᠲᠠᠭᠠᠯᠠᠮᠵᠢ ᠦᠭᠡᠢ ᠪᠣᠯᠠᠢ᠃ ᠲᠡᠢᠨ ᠬᠦ᠌ ᠰᠢᠶᠠ ᠬᠦᠢ ᠮᠡᠳᠡᠭᠡ ᠶ᠋ᠢ ᠣᠯᠵᠤ ᠠᠪᠤᠮᠠᠭᠴᠠ ᠰᠢᠨ ᠢᠩ ᠬᠣᠲᠠ ᠲᠦᠭᠰᠢᠭᠦᠷᠢᠲᠡᠢ ᠪᠣᠯᠪᠠ ᠭᠡᠮᠡᠨ ᠰᠠᠨᠳᠤᠷᠴᠤ ᠣᠯᠠᠨ ᠢ᠋ ᠪᠣᠳᠣᠬᠤ ᠵᠠᠪ ᠦᠭᠡᠢ ᠲᠠᠪᠤᠨ ᠮᠢᠩᠭᠠᠨ ᠴᠡᠷᠢᠭ ᠦᠯᠡᠳᠡᠭᠡᠵᠦ ᠄ ᠠᠷᠤ ᠶ᠋ᠢᠨ ᠵᠡᠪᠡ ᠶ᠋ᠢᠨ ᠵᠠᠮ ᠢ᠋ ᠰᠠᠢᠲᠤᠷ ᠬᠢᠴᠢᠶᠡᠨ ᠴᠡᠷᠢᠭ ᠪᠦᠭᠭᠦᠵᠦ ᠰᠠᠬᠢᠭᠲᠤᠨ᠃ ᠬᠠᠷᠢᠨ ᠭᠠᠷᠴᠤ ᠪᠠᠢᠯᠳᠤᠵᠤ ᠪᠣᠯᠬᠤ ᠦᠭᠡᠢ᠃ ᠤᠰᠤᠨ ᠵᠠᠮ  ᠢ᠋ᠶ᠋ᠠᠷ ᠬᠠᠯᠳᠠᠷ᠎ᠠ ᠢᠷᠠᠪᠠᠰᠤ ᠬᠠᠭᠤᠴᠢᠨ ᠢᠩ ᠴᠧᠩ ᠬᠣᠲᠠ ᠠ᠋ᠴᠠ ᠲᠤᠰᠠᠯᠠᠬᠤ ᠲᠤᠯᠠ ᠠᠶᠤᠬᠤ ᠬᠡᠷᠡᠭ ᠦᠭᠡᠢ ᠭᠡᠮᠡᠨ ᠳᠠᠬᠢᠨ ᠳᠠᠪᠲᠠᠨ ᠵᠠᠬᠢᠵᠤ ᠤᠰᠤᠨ ᠴᠡᠷᠢᠭ  ᠢ᠋ᠶ᠋ᠡᠨ ᠠᠪᠴᠤ ᠬᠤᠸᠠᠩ ᠵᠢᠶᠠ ᠸᠠᠨ ᠪᠤᠤ ᠠ᠋ᠴᠠ ᠮᠣᠷᠳᠠᠪᠠ᠃ 
       ᠥᠭᠦᠯᠡᠬᠦ ᠢᠨᠦ ᠯᠢᠢ ᠲᠢᠩ ᠂ ᠯᠢ ᠭᠦᠸᠧ ᠵᠢᠶᠧ ᠴᠡᠷᠢᠭ ᠢ᠋ᠶ᠋ᠡᠨ ᠠᠪᠴᠤ ᠳᠣᠲᠣᠷ᠎ᠠ ᠳᠣᠲᠣᠷ᠎ᠠ ᠪᠠᠨ ᠰᠡᠵᠢᠭᠯᠡᠵᠦ ᠂ ᠵᠠᠷᠯᠢᠭ ᠲᠤᠯᠠ ᠵᠥᠷᠢᠴᠡᠵᠦ ᠪᠣᠯᠬᠤ ᠦᠭᠡᠢ ᠴᠡᠷᠢᠭ ᠢ᠋ᠶ᠋ᠡᠨ ᠱᠠᠭᠠᠷᠳᠠᠨ ᠵᠡᠪᠡ ᠶ᠋ᠢᠨ ᠠᠮᠠ ᠬᠦᠷᠴᠦ ᠢᠷᠡᠭᠡᠳ ᠮᠠᠰᠢ ᠡᠷᠲᠡ ᠪᠠᠭᠤᠳᠠᠯᠯᠠᠵᠤ ᠭᠡᠷ ᠮᠠᠢᠬᠠᠨ ᠢ᠋ᠶ᠋ᠠᠨ ᠪᠠᠷᠢᠵᠤ ᠴᠡᠷᠢᠭ ᠮᠣᠷᠢ ᠪᠠᠨ ᠠᠮᠠᠷᠠᠭᠤᠯᠵᠤ ᠭᠠᠯ ᠤᠲᠤᠭ᠎ᠠ ᠮᠠᠨᠳᠤᠭᠤᠯᠤᠨ ᠴᠠᠢ ᠬᠣᠭᠣᠯᠠ ᠬᠢᠵᠦ ᠰᠠᠭᠤᠬᠤ ᠬᠠᠮᠲᠤ ᠴᠥᠭᠡᠨ ᠬᠥᠮᠦᠨ ᠭᠠᠷᠭᠠᠨ ᠵᠡᠪᠡ ᠳ᠋ᠦ᠍ᠷ ᠣᠷᠣᠭᠤᠯᠵᠤ ᠲᠤᠷᠰᠢᠭᠤᠯᠪᠠᠰᠤ ᠨᠢᠭᠡ ᠴᠦ᠍ ᠰᠠᠬᠢᠬᠤ ᠴᠡᠷᠢᠭ ᠦᠭᠡᠢ ᠬᠡᠮᠡᠬᠦ ᠲᠤᠯᠠ ᠬᠣᠶᠠᠭᠤᠯᠠ ᠶᠤᠸᠠᠨᠱᠤᠸᠠᠢ ᠶ᠋ᠢᠨ ᠦᠭᠡ ᠬᠣᠭᠣᠰᠣᠨ ᠪᠣᠯᠪᠠ ᠭᠡᠮᠡᠨ ᠥᠴᠦᠬᠡᠨ ᠴᠠᠴᠠᠷ ᠪᠣᠰᠬᠠᠨ ᠠᠵᠢᠭ ᠦᠭᠡᠢ ᠬᠡᠳᠦᠨ ᠬᠤᠨᠳᠠᠭ᠎ᠠ ᠤᠤᠭᠤᠵᠤ ᠢᠨᠢᠶᠡᠯᠴᠡᠨ ᠵᠡᠪᠡ ᠳ᠋ᠦ᠍ᠷ ᠰᠠᠬᠢᠬᠤ ᠴᠡᠷᠢᠭ ᠦᠭᠡᠢ ᠲᠤᠯᠠ ᠬᠡᠵᠢᠶ᠎ᠡ ᠣᠷᠣᠭᠰᠠᠨ ᠴᠤ᠌ ᠴᠥᠮ ᠪᠣᠯᠬᠤ ᠠᠲᠠᠯ᠎ᠠ ᠡᠷᠬᠡᠪᠰᠢ ᠴᠡᠷᠢᠭ ᠪᠦᠭᠭᠦᠭᠰᠡᠨ ᠮᠥᠷ ᠢ᠋ ᠦᠵᠡᠵᠦ ᠰᠠᠶᠢ ᠣᠷᠣᠬᠤ ᠠᠨᠤ ᠪᠡᠶ᠎ᠡ ᠳ᠋ᠡᠭᠡᠨ ᠶᠠᠷᠰᠢᠭ ᠲᠠᠲᠠᠬᠤ ᠠᠨᠤ ᠪᠣᠯᠠᠢ ᠭᠡᠮᠡᠨ ᠵᠤᠭ᠎ᠠ ᠪᠣᠯᠭᠠᠨ ᠰᠥᠨᠢ ᠶ᠋ᠢ ᠥᠩᠭᠡᠷᠡᠨ ᠦᠷ ᠢ᠋ᠶ᠋ᠡᠷ ᠵᠡᠪᠡ ᠳ᠋ᠦ᠍ᠷ ᠣᠷᠣᠵᠤ ᠪᠠᠢᠴᠠᠭᠠᠨ ᠦᠵᠡᠪᠡᠰᠦ ᠦᠨᠡᠬᠡᠷ ᠴᠡᠷᠢᠭ ᠪᠦᠭᠭᠦᠭᠰᠡᠨ ᠣᠷᠣ ᠮᠥᠷ ᠵᠡᠪᠡ ᠳᠦᠭᠦᠷᠡᠩ ᠲᠤᠯᠠ ᠰᠠᠶᠢ ᠭᠠᠢᠬᠠᠨ ᠴᠡᠷᠢᠭ ᠢ᠋ᠶ᠋ᠡᠨ ᠱᠠᠭᠠᠷᠳᠠᠵᠤ ᠮᠥᠷ ᠢ᠋ ᠳ᠋ᠡᠭᠡᠨ ᠶᠠᠪᠤᠭᠰᠠᠭᠠᠷ ᠬᠤᠸᠠᠩ ᠵᠢᠶᠠ ᠸᠠᠨ ᠪᠤᠤ ᠶ᠋ᠢᠨ ᠴᠡᠷᠢᠭ ᠦ᠋ᠨ ᠬᠦᠷᠢᠶ᠎ᠡ ᠣᠢᠷᠠᠲᠤᠪᠠᠰᠤ ᠬᠡᠳᠦ ᠬᠡᠳᠦᠨ ᠬᠠᠷᠠᠭᠤᠯ ᠤ᠋ᠨ ᠬᠥᠮᠦᠨ ᠰᠡᠷᠡᠮᠵᠢ ᠠᠪᠴᠤ ᠄  《ᠮᠣᠩᠭᠣᠯᠴᠤᠳ ᠠᠢᠰᠤᠢ ! ᠮᠣᠩᠭᠣᠯᠴᠤᠳ ᠠᠢᠰᠤᠢ !》ᠭᠡᠮᠡᠨ ᠪᠠᠷᠬᠢᠷᠠᠨ ᠳᠤᠲᠠᠭᠠᠮᠤᠢ ᠃ ᠯᠢ ᠲᠢᠩ ᠂ ᠯᠢᠦ ᠭᠦᠸᠧ ᠵᠢᠶᠧ ᠴᠡᠷᠢᠭ  ᠢ᠋ᠶ᠋ᠡᠨ ᠱᠠᠭᠠᠷᠳᠠᠨ ᠰᠥᠩ ᠦ᠋ᠨ ᠴᠡᠷᠢᠭ ᠦ᠋ᠨ ᠬᠦᠷᠢᠶᠡᠨ ᠦ᠌ ᠣᠢᠷ᠎ᠠ ᠢᠷᠡᠵᠦ ᠵᠡᠷᠭᠡ ᠵᠡᠷᠭᠡ ᠪᠡᠷ ᠫᠤᠤ ᠲᠠᠯᠪᠢᠨ ᠬᠡᠩᠭᠡᠷᠭᠡ ᠳᠡᠯᠡᠤᠡᠳᠦᠨ ᠄ ᠠᠯᠠ ! ᠳᠠᠭᠠᠷᠢ ! ᠭᠡᠮᠡᠨ ᠪᠠᠷᠬᠢᠷᠠᠨ ᠭᠠᠯ ᠲᠠᠯᠪᠢᠵᠤ ᠡᠬᠢᠯᠡᠪᠡ᠃ ᠰᠥᠩ ᠤᠯᠤᠰ ᠤ᠋ᠨ ᠴᠡᠷᠢᠭ ᠰᠥᠨᠢᠵᠢᠨ ᠵᠡᠪᠡ ᠳ᠋ᠦ᠍ᠷ ᠪᠦᠭᠭᠦᠵᠦ ᠦᠷ ᠡᠴᠡ ᠯᠡ ᠡᠮᠦᠨ᠎ᠡ ᠰᠠᠶᠢ ᠪᠤᠴᠠᠵᠤ ᠳᠡᠷ᠎ᠡ ᠳᠡᠪᠢᠰᠬᠡᠷ ᠲᠡᠭᠡᠨ ᠣᠷᠣᠵᠤ ᠲᠤᠭ ᠨᠣᠢᠷ ᠲᠤᠷ ᠠᠬᠤᠢ ᠳ᠋ᠤᠷ ᠭᠡᠨᠡᠳᠲᠡ ᠫᠤᠤ ᠶ᠋ᠢᠨ ᠳᠠᠭᠤᠨ ᠠᠭᠤᠯᠠ ᠮᠥᠷᠡᠨ ᠳᠡᠯᠪᠡᠷᠡᠬᠦ ᠮᠡᠲᠦ ᠭᠠᠷᠴᠤ ᠬᠡᠩᠭᠡᠷᠭᠡ ᠶ᠋ᠢᠨ ᠳᠠᠭᠤᠨ ᠪᠣᠷᠣᠭᠠᠨ ᠳᠤᠰᠤᠯ ᠮᠡᠲᠦ ᠳᠦᠵᠢᠩᠨᠡᠬᠦᠢ  ᠳ᠋ᠦ᠍ᠷ ᠰᠣᠴᠢᠨ ᠰᠡᠷᠢᠭᠡᠳ ᠨᠣᠢᠷᠮᠤᠭ ᠢ᠋ᠶ᠋ᠠᠷ ᠵᠡᠭᠦᠨ ᠪᠠᠷᠠᠭᠤᠨ ᠢ᠋ ᠢᠯᠭᠠᠬᠤ ᠦᠭᠡᠢ ᠱᠠᠯᠳᠠᠩ ᠨᠢᠴᠦᠭᠦᠨ ᠢ᠋ᠶ᠋ᠡᠷ ᠪᠤᠴᠠᠵᠤ ᠬᠠᠷᠠᠬᠤ ᠦᠭᠡᠢ ᠭᠠᠷᠴᠤ ᠳᠤᠲᠠᠭᠠᠨ ᠶᠠᠪᠤᠮᠤᠢ᠃ ᠯᠢ ᠲᠢᠩ ᠂ ᠯᠢᠦ ᠭᠦᠸᠧ ᠵᠢᠶᠧ ᠂ ᠪᠠᠶᠠᠨ ᠶᠤᠸᠠᠨᠱᠤᠸᠠᠢ ᠶ᠋ᠢᠨ ᠵᠡᠪᠡ ᠳ᠋ᠦ᠍ᠷ ᠴᠡᠷᠢᠭ ᠪᠦᠭᠭᠦᠭᠰᠡᠨ ᠪᠥᠭᠡᠰᠦ ᠰᠠᠶᠢ ᠲᠠᠭᠠᠯᠴᠠᠨ ᠣᠷᠣ ᠬᠡᠮᠡᠭᠰᠡᠨ ᠤᠴᠢᠷ ᠢ᠋ ᠮᠡᠳᠡᠵᠦ ᠰᠠᠶᠢ ᠪᠢᠰᠢᠷᠡᠪᠡᠢ᠃ ᠲᠡᠢᠨ ᠬᠦ᠌ ᠬᠤᠯᠤᠰᠤ ᠴᠠᠪᠴᠢᠬᠤ ᠡᠭᠦᠷᠭᠡ ᠪᠡᠨ ᠰᠠᠢᠲᠤᠷ ᠭᠦᠢᠴᠡᠳᠬᠡᠰᠦᠭᠡᠢ ᠭᠡᠮᠡᠨ ᠴᠡᠷᠢᠭ  ᠢ᠋ᠶ᠋ᠡᠨ ᠳᠠᠭᠠᠭᠤᠯᠤᠨ ᠰᠢᠮᠳᠠᠨ ᠬᠤᠯᠤᠰᠤ ᠴᠠᠪᠴᠢᠭᠤᠯᠬᠤ ᠶ᠋ᠢ ᠥᠭᠦᠯᠡᠬᠦ ᠦᠭᠡᠢ ᠂ ᠬᠤᠸᠠᠩ ᠵᠢᠶᠠ ᠸᠠᠨ ᠪᠤᠤ ᠶ᠋ᠢ ᠰᠠᠬᠢᠬᠤ ᠰᠥᠩ ᠦ᠋ᠨ ᠴᠡᠷᠢᠭ ᠠᠮᠢ ᠭᠠᠷᠤᠰᠤᠭᠠᠢ ᠭᠡᠮᠡᠨ ᠲᠡᠮᠡᠴᠡᠯᠳᠦᠨ ᠣᠩᠭᠣᠴᠠ ᠰᠠᠯ ᠳ᠋ᠤᠷ ᠭᠠᠷᠴᠤ ᠰᠢᠭᠤᠳ ᠮᠥᠷᠡᠨ ᠦ᠌ ᠤᠷᠤᠭᠤ ᠪᠤᠷᠤᠭᠤᠯᠠᠨ ᠶᠠᠪᠤᠪᠠ᠃ 
       ᠲᠡᠳᠦᠢ ᠳ᠋ᠦ᠍ᠷ ᠠᠵᠤᠤ ᠶᠤᠸᠠᠨᠱᠤᠸᠠᠢ ᠡᠮᠦᠨᠡᠲᠦ ᠴᠡᠷᠢᠭ ᠦ᠋ᠨ ᠶᠤᠸᠠᠨᠱᠤᠸᠠᠢ ᠶ᠋ᠢᠨ ᠴᠠᠴᠠᠷ ᠲᠤᠷ ᠰᠠᠭᠤᠵᠤ ᠬᠦᠯᠢᠶᠡᠪᠡᠰᠦ ᠦᠵᠡᠲᠡᠯ᠎ᠡ ᠬᠣᠶᠠᠷ ᠡᠳᠦᠷ ᠪᠣᠯᠵᠤ ᠰᠢᠶᠠ ᠬᠦᠢ ᠶ᠋ᠢᠨ ᠲᠤᠰᠠᠯᠠᠬᠤ ᠴᠡᠷᠢᠭ ᠰᠤᠷᠠᠭ ᠴᠢᠮᠡᠭᠡ ᠦᠭᠡᠢ ᠳ᠋ᠦ᠍ᠷ ᠠᠷᠭ᠎ᠠ ᠪᠦᠲᠦᠭᠰᠡᠨ ᠦᠭᠡᠢ ᠭᠡᠮᠡᠨ ᠪᠣᠳᠣᠵᠤ ᠪᠦᠬᠦᠢ ᠳ᠋ᠦ᠍ᠷ ᠲᠤᠷᠰᠢᠭᠤᠯ ᠤ᠋ᠨ ᠬᠥᠮᠦᠰ ᠣᠷᠣᠵᠤ ᠢᠷᠡᠨ ᠰᠢᠶᠠ ᠬᠦᠢ ᠶ᠋ᠢᠨ ᠤᠰᠤᠨ ᠴᠡᠷᠢᠭ ᠮᠥᠷᠡᠨ ᠪᠠᠭᠲᠠᠭᠠᠬᠤ ᠦᠭᠡᠢ ᠪᠡᠷ ᠬᠦᠷᠴᠦ ᠢᠷᠡᠪᠡ ᠭᠡᠮᠡᠨ ᠮᠡᠳᠡᠭᠦᠯᠦᠭᠰᠡᠨ ᠳ᠋ᠦ᠍ᠷ ᠠᠵᠦᠤ ᠶᠤᠸᠠᠨᠱᠤᠸᠠᠢ ᠠᠷᠭ᠎ᠠ ᠪᠦᠲᠦᠪᠡ ᠭᠡᠮᠡᠨ ᠪᠠᠶᠠᠷᠯᠠᠵᠤ ᠤᠰᠤᠨ ᠴᠡᠷᠢᠭ ᠢ ᠦ ᠰᠢᠦ ᠂ ᠳᠠᠴᠤᠤ ᠂ ᠳ᠋ᠦᠩ ᠸᠸᠨ ᠫᠢᠩ ᠭᠤᠷᠪᠠᠭᠤᠯᠠ ᠳ᠋ᠤᠷ ᠲᠤᠰᠢᠶᠠᠨ ᠬᠤᠸᠠᠩ ᠵᠢᠶᠠ ᠸᠠᠨ ᠪᠤᠤ ᠶ᠋ᠢ ᠴᠢᠭᠯᠡᠨ ᠮᠣᠷᠳᠠᠭᠤᠯᠵᠤ ᠥᠪᠡᠷ ᠦ᠋ᠨ ᠪᠡᠶ᠎ᠡ ᠮᠣᠷᠢᠲᠠᠢ ᠶᠠᠪᠠᠭᠠᠨ ᠴᠡᠷᠢᠭ ᠢ᠋ᠶ᠋ᠡᠨ ᠠᠪᠴᠤ ᠹᠠᠨ ᠴᠧᠩ ᠳ᠋ᠦ᠍ᠷ ᠢᠷᠡᠵᠦ ᠮᠥᠷᠡᠨ ᠭᠡᠲᠦᠯᠵᠦ ᠶᠡᠬᠡ ᠶᠤᠸᠠᠨᠱᠤᠸᠠᠢ ᠶ᠋ᠢᠨ ᠴᠠᠴᠠᠷ ᠲᠤᠷ ᠬᠦᠷᠴᠦ ᠢᠷᠠᠪᠠᠰᠤ ᠪᠠᠶᠠᠨ ᠶᠤᠸᠠᠨᠱᠤᠸᠠᠢ ᠮᠣᠷᠢ ᠡᠮᠡᠭᠡᠯᠯᠡᠨ ᠬᠦᠯᠢᠶᠡᠵᠦ ᠰᠠᠭᠤᠪᠠ᠃ ᠠᠵᠤᠤ ᠬᠤᠸᠠᠩ ᠵᠢᠶᠠᠨ ᠸᠠᠨ ᠪᠤᠤ ᠶ᠋ᠢᠨ ᠣᠯᠵᠤ ᠠᠯᠳᠠᠭᠰᠠᠨ ᠢ᠋ ᠠᠰᠠᠭᠤᠪᠠᠰᠤ ᠪᠠᠶᠠᠨ ᠶᠤᠸᠠᠨᠱᠤᠸᠠᠢ ᠢᠨᠢᠶᠡᠨ: ᠪᠢ ᠴᠦ᠍ ᠯᠠᠪ ᠮᠡᠳᠡᠭᠡ ᠶ᠋ᠢ ᠣᠯᠤᠭᠠᠳᠤᠢ᠂ ᠭᠡᠪᠡᠴᠦ ᠡᠵᠡᠯᠡᠨ ᠠᠪᠤᠭᠰᠠᠨ ᠭᠡᠮᠡᠨ ᠳᠠᠭᠠᠵᠤ ᠪᠣᠯᠤᠮᠤᠢ᠂ ᠪᠢᠳᠡ ᠬᠤᠸᠠᠩ  ᠵᠢᠶᠠ ᠸᠠᠨ ᠪᠤᠤ ᠶ᠋ᠢᠨ ᠠᠷᠤ ᠵᠠᠮ ᠢ᠋ᠶ᠋ᠠᠷ ᠣᠷᠣᠰᠤᠭᠠᠢ ᠭᠡᠮᠡᠨ ᠴᠡᠷᠢᠭ ᠮᠣᠷᠢ ᠪᠠᠨ ᠠᠪᠴᠤ ᠵᠡᠪᠡ ᠶ᠋ᠢᠨ ᠠᠮᠠ ᠪᠠᠷ ᠣᠷᠣᠵᠤ ᠶᠠᠪᠤᠬᠤᠢ ᠳ᠋ᠤᠷ ᠪᠠᠶᠠᠨ ᠶᠤᠸᠠᠨᠱᠤᠸᠠᠢ ᠵᠡᠪᠡ ᠶ᠋ᠢᠨ ᠬᠣᠶᠠᠷ ᠬᠠᠵᠠᠭᠤᠳᠠ ᠴᠡᠷᠢᠭ ᠪᠦᠭᠭᠦᠭᠰᠡᠨ ᠣᠷᠣ ᠮᠥᠷ ᠢ᠋ ᠦᠵᠡᠭᠡᠳ ᠪᠡᠶᠡᠰᠦᠨ ᠬᠤᠸᠠᠩ ᠵᠢᠶᠠ ᠸᠠᠨ ᠯᠠᠪ ᠮᠠᠨ ᠤ᠋ ᠬᠢ ᠪᠣᠯᠪᠠ᠃ ᠭᠡᠪᠡᠴᠦ ᠰᠠᠬᠢᠬᠤ ᠴᠡᠷᠢᠭ ᠣᠯᠠᠨ ᠦᠭᠡᠢ ᠲᠤᠯᠠ ᠲᠦᠷᠭᠡᠯᠡᠪᠡᠰᠦ ᠵᠣᠬᠢᠮᠤᠢ ᠭᠡᠮᠡᠨ ᠵᠢᠯᠣᠭᠣ ᠲᠠᠯᠪᠢᠨ ᠬᠤᠷᠳᠤᠯᠠᠨ ᠶᠠᠪᠤᠵᠤ ᠬᠦᠷᠴᠦ ᠢᠷᠡᠬᠦᠢ ᠳ᠋ᠦ᠍ᠷ ᠰᠠᠶᠢ ᠬᠦᠷᠴᠦ ᠢᠷᠡᠭᠰᠡᠨ ᠦ ᠰᠢᠦ ᠂ ᠳᠠᠴᠤᠦ ᠨᠠᠷ ᠤ᠋ᠨ ᠴᠡᠷᠢᠭ ᠡᠴᠡ ᠥᠭᠡᠷ᠎ᠡ ᠰᠠᠬᠢᠬᠤ ᠴᠡᠷᠢᠭ ᠨᠢᠭᠡᠴᠦ ᠦᠭᠡᠢ ᠳ᠋ᠦ᠍ᠷ ᠠᠵᠤᠤ ᠨᠠᠷ ᠶᠡᠬᠡᠳᠡ ᠭᠡᠯᠮᠡᠪᠡ᠃ 
       ᠲᠡᠳᠦᠢ ᠳ᠋ᠦ᠍ᠷ ᠯᠢ ᠲᠢᠩ ᠂ ᠯᠢᠦ ᠭᠦᠸᠧ ᠵᠢᠶᠧ ᠂ ᠪᠠᠶᠠᠨ ᠶᠤᠸᠠᠨᠱᠤᠸᠠᠢ ᠶ᠋ᠢᠨ ᠬᠦᠷᠴᠦ ᠢᠷᠡᠭᠰᠡᠨ ᠢ᠋ ᠰᠣᠨᠣᠰᠴᠤ ᠶᠠᠭᠠᠷᠠᠨ ᠢᠷᠡᠵᠦ ᠬᠤᠸᠠᠩ ᠵᠢᠶᠠ ᠸᠠᠨ ᠪᠤᠤ ᠶ᠋ᠢ ᠡᠵᠡᠯᠡᠭᠰᠡᠨ ᠢ᠋ᠶ᠋ᠡᠨ ᠮᠡᠳᠡᠭᠦᠯᠵᠦ ᠵᠡᠪᠰᠡᠭ ᠲᠣᠷ ᠴᠢᠰᠤ ᠬᠦᠷᠦᠭᠰᠡᠨ ᠦᠭᠡᠢ ᠴᠥᠮ ᠶᠤᠸᠠᠨᠱᠤᠸᠠᠢ ᠶ᠋ᠢᠨ ᠪᠣᠳᠣᠭᠰᠠᠨ ᠢ᠋ᠶ᠋ᠠᠷ ᠪᠣᠯᠪᠠ᠃ ᠭᠠᠭᠴᠠᠬᠦ ᠡᠳᠡᠭᠡᠷ ᠬᠥᠮᠦᠰ ᠢ᠋ ᠬᠢᠳᠤᠵᠤ ᠣᠯᠵᠠᠯᠠᠭᠰᠠᠨ ᠦᠭᠡᠢ ᠳ᠋ᠦ᠍ᠷ ᠵᠠᠩᠵᠤᠨ ᠴᠡᠷᠢᠭ ᠴᠥᠮ ᠬᠠᠷᠠᠮᠰᠠᠮᠤᠢ ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠢᠨᠢᠶᠡᠨ ᠥᠭᠦᠯᠡᠷᠦᠨ :《ᠲᠠ ᠨᠠᠷ ᠨᠡᠬᠡᠮᠵᠢᠯᠡᠭᠰᠡᠨ ᠪᠥᠭᠡᠰᠦ ᠳᠠᠢᠰᠤᠨ ᠭᠠᠷᠴᠤ ᠴᠢᠳᠠᠬᠤ ᠦᠭᠡᠢ ᠪᠡᠨ ᠮᠡᠳᠡᠵᠦ ᠦᠬᠦᠨ ᠴᠠᠪᠴᠢᠯᠳᠤᠵᠤ ᠡᠷᠡᠭᠴᠢᠨ ᠡᠮᠡᠭᠴᠢᠨ ᠢ᠋ᠶ᠋ᠡᠨ ᠢᠯᠭᠠᠬᠤ ᠪᠣᠢ ᠢ᠎ᠠ᠃ ᠨᠡᠬᠡᠮᠵᠢᠯᠡᠭᠰᠡᠨ ᠦᠭᠡᠢ ᠳ᠋ᠦ᠍ᠷ ᠲᠡᠳᠡ ᠰᠠᠶᠢ ᠠᠮᠢ ᠭᠠᠷᠪᠠ ᠭᠡᠮᠡᠨ ᠪᠠᠶᠠᠰᠤᠯᠴᠠᠵᠤ ᠪᠤᠴᠠᠵᠤ ᠬᠠᠷᠠᠬᠤ ᠦᠭᠡᠢ ᠠᠷᠢᠯᠤᠭᠰᠠᠨ ᠪᠣᠯᠠᠢ 》 ᠬᠡᠮᠡᠪᠡ᠃ ᠠᠵᠤᠤ ᠶᠤᠸᠠᠨᠱᠤᠸᠠᠢ ᠥᠭᠦᠯᠡᠷᠦᠨ᠄  《ᠨᠢᠭᠡᠨᠲᠡ ᠡᠵᠡᠯᠡᠨ ᠠᠪᠤᠭᠰᠠᠨ ᠠᠲᠠᠯ᠎ᠠ ᠴᠡᠷᠢᠭ ᠭᠠᠷᠭᠠᠨ ᠰᠠᠬᠢᠬᠤ ᠦᠭᠡᠢ ᠂ ᠣᠯᠤᠭᠠᠳ ᠠᠯᠳᠠᠬᠤᠢ ᠳ᠋ᠤᠷ ᠬᠦᠷᠪᠡ  》 ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠥᠭᠦᠯᠡᠷᠦᠨ : 《ᠳᠠᠢᠰᠤᠨ ᠤ᠋ ᠴᠡᠷᠢᠭ ᠦ᠋ᠨ ᠬᠦᠷᠢᠶ᠎ᠡ ᠡᠴᠡ ᠲᠡᠭᠷᠢ ᠲᠤᠯᠤᠮ ᠭᠠᠯ ᠮᠠᠨᠳᠤᠵᠤ ᠠᠬᠤᠢ ᠳ᠋ᠤᠷ ᠰᠠᠬᠢᠬᠤ ᠴᠡᠷᠢᠭ ᠦᠭᠡᠢ ᠭᠡᠮᠡᠨ ᠬᠡᠨ ᠰᠠᠨᠠᠮᠤᠢ᠃ ᠵᠢᠴᠢ ᠳ᠋ᠦ᠍ᠷ ᠰᠢᠶᠠ ᠬᠦᠢ ᠨᠢᠭᠡᠨᠲᠡ ᠮᠣᠷᠳᠠᠪᠠᠰᠤ ᠰᠢᠨ ᠢᠩ ᠬᠦᠷᠬᠦ ᠪᠣᠯᠠᠢ᠃ ᠮᠠᠨ ᠤ᠋ ᠤᠰᠤᠨ ᠵᠠᠮ ᠤ᠋ᠨ ᠴᠡᠷᠢᠭ ᠲᠡᠭᠦᠨ ᠢ ᠬᠦᠷᠬᠦ ᠡᠴᠡ ᠡᠮᠦᠨ᠎ᠡ ᠢᠨᠠᠭᠰᠢᠯᠠᠬᠤ ᠲᠤᠯᠠ ᠪᠢ ᠰᠠᠬᠢᠬᠤ ᠴᠡᠷᠢᠭ ᠦᠭᠡᠢ ᠡᠴᠡ ᠠᠶᠤᠮᠤᠢ ᠤᠤ ? ᠣᠳᠣ ᠤᠳᠠᠬᠤ ᠦᠭᠡᠢ ᠰᠢᠶᠠ ᠬᠦᠢ ᠶ᠋ᠢᠨ ᠴᠡᠷᠢᠭ ᠬᠦᠷᠴᠦ ᠢᠷᠡᠮᠦᠢ᠃ ᠪᠢᠳᠡ ᠳᠠᠯᠠᠩ ᠢ᠋ ᠰᠡᠲᠡᠯᠵᠦ ᠲᠧᠩ ᠬᠤ᠌ ᠨᠠᠭᠤᠷ ᠲᠤᠷ ᠣᠷᠣᠬᠤ ᠵᠠᠮ ᠢ᠋ ᠨᠡᠪᠲᠡᠷᠡᠭᠦᠯᠰᠦᠭᠡᠢ  》ᠭᠡᠮᠡᠨ ᠰᠢᠶᠠ ᠬᠦᠢ ᠶ᠋ᠢᠨ ᠪᠠᠷᠢᠭᠰᠠᠨ ᠬᠤᠸᠠᠩ ᠵᠢᠶᠠ ᠸᠠᠨ  ᠤ᠋ ᠳᠠᠯᠠᠩ ᠢ᠋ ᠰᠡᠲᠡᠯᠵᠦ ᠪᠦᠬᠦᠢ ᠳ᠋ᠦ᠍ᠷ ᠰᠢᠶᠠ ᠬᠦᠢ ᠦᠨᠡᠬᠡᠷ ᠴᠡᠷᠢᠭ ᠢ᠋ᠶ᠋ᠡᠨ ᠠᠪᠴᠤ ᠬᠦᠷᠴᠦ ᠢᠷᠡᠭᠡᠳ ᠮᠣᠩᠭᠣᠯ ᠤ᠋ᠨ ᠣᠯᠠᠨ ᠴᠡᠷᠢᠭ ᠮᠣᠷᠢ ᠶ᠋ᠢ ᠦᠵᠡᠭᠡᠳ ᠣᠢᠷᠠᠲᠤᠭᠰᠠᠨ ᠦᠭᠡᠢ ᠬᠠᠭᠤᠴᠢᠨ ᠢᠩ ᠴᠧᠩ ᠬᠣᠲᠠ ᠶ᠋ᠢ ᠴᠢᠭᠯᠡᠪᠡ ᠃  
     ᠥᠭᠦᠯᠡᠬᠦ ᠢᠨᠥ ᠰᠢᠶᠠ ᠬᠦᠢ ᠵᠠᠩ ᠱᠢ ᠵᠢᠶᠧ ᠶ᠋ᠢ ᠤᠷᠪᠠᠵᠤ ᠬᠤᠪᠢᠰᠬᠤ ᠠ᠋ᠴᠠ ᠡᠮᠦᠨ᠎ᠡ ᠰᠢᠨ ᠢᠩ ᠳ᠋ᠦ᠍ᠷ ᠬᠦᠷᠴᠦ ᠢᠷᠡᠪᠡᠰᠦ ᠮᠣᠩᠭᠣᠯ ᠤ᠋ᠨ ᠴᠡᠷᠢᠭ ᠭᠡᠨᠡᠳᠲᠡ ᠴᠥᠮ ᠲᠠᠲᠠᠵᠤ ᠪᠠᠷ᠎ᠠ ᠰᠤᠷᠠᠭ ᠦᠭᠡᠢ ᠪᠣᠯᠤᠭᠰᠠᠨ ᠳ᠋ᠤᠷ ᠶᠡᠬᠡᠳᠡ ᠭᠠᠢᠬᠠᠨ ᠭᠡᠨᠡᠳᠲᠡ ᠬᠤᠸᠠᠩ ᠵᠢᠶᠠ ᠸᠠᠨ ᠪᠤᠤ ᠪᠠᠨ ᠰᠠᠨᠠᠭᠠᠯᠵᠠᠵᠤ ᠵᠠᠩ ᠱᠢ ᠵᠢᠶᠧ ᠶ᠋ᠢᠨ ᠬᠡᠷᠡᠭ ᠢ᠋ ᠴᠦ᠍ ᠰᠢᠳᠬᠡᠵᠦ ᠵᠠᠪᠳᠤᠬᠤ ᠦᠭᠡᠢ ᠤᠰᠤᠨ ᠴᠡᠷᠢᠭ ᠢ᠋ᠶ᠋ᠡᠨ ᠱᠠᠭᠠᠷᠳᠠᠨ ᠬᠤᠸᠠᠩ ᠵᠢᠶᠠ ᠸᠠᠨ ᠬᠦᠷᠴᠦ ᠢᠷᠡᠪᠡᠰᠦ ᠮᠣᠩᠭᠣᠯ ᠤ᠋ᠨ ᠴᠡᠷᠢᠭ ᠮᠣᠷᠢ ᠳᠦᠭᠦᠷᠴᠦ ᠬᠠᠰᠢᠵᠤ ᠪᠠᠷᠢᠭᠰᠠᠨ ᠳᠠᠯᠠᠩ ᠢ᠋ ᠰᠡᠲᠡᠯᠵᠦ ᠨᠤᠷᠠᠭᠠᠮᠤᠢ ᠃ ᠮᠣᠩᠭᠣᠯᠴᠤᠳ ᠤ᠋ᠨ ᠠᠷᠭᠠᠨ ᠳ᠋ᠤᠷ ᠣᠷᠣᠭᠰᠠᠨ ᠳ᠋ᠠᠭᠠᠨ ᠭᠡᠮᠰᠢᠵᠦ ᠡᠪᠦᠳᠦᠭ ᠠᠯᠠᠭᠠᠳᠠᠨ ᠴᠡᠷᠢᠭ ᠢ᠋ᠶ᠋ᠡᠨ ᠠᠪᠴᠤ ᠬᠠᠭᠤᠴᠢᠨ ᠢᠩ ᠬᠣᠲᠠ ᠶ᠋ᠢ ᠲᠦᠰᠢᠵᠦ ᠪᠠᠭᠤᠳᠠᠯᠯᠠᠨ ᠲᠧᠩ ᠬᠤ᠌ ᠨᠠᠭᠤᠷ ᠠ᠋ᠴᠠ ᠮᠥᠷᠡᠨ ᠣᠷᠣᠵᠤ ᠪᠣᠯᠬᠤ ᠶ᠋ᠢ ᠰᠠᠨᠠᠭᠰᠠᠨ ᠦᠭᠡᠢ ᠃ 
       ᠵᠢᠴᠢ ᠳ᠋ᠦ᠍ᠷ ᠮᠣᠩᠭᠣᠯ ᠤ᠋ᠨ ᠤᠰᠤᠨ ᠬᠠᠭᠤᠷᠠᠢ ᠬᠣᠶᠠᠷ ᠵᠠᠮ ᠤ᠋ᠨ ᠴᠡᠷᠢᠭ ᠴᠥᠮ ᠬᠤᠸᠠᠩ ᠵᠢᠶᠠ ᠸᠠᠨ ᠪᠤᠤ ᠳ᠋ᠤᠷ ᠴᠤᠭᠯᠠᠷᠠᠨ ᠢᠷᠡᠯᠴᠡᠵᠦ ᠣᠭᠲᠣ ᠬᠠᠷᠰᠢ ᠰᠠᠭᠠᠳ ᠦᠭᠡᠢ ᠬᠤᠸᠠᠩ ᠵᠢᠶᠠ ᠸᠠᠨ ᠤ᠋ ᠠᠮᠠ ᠪᠠᠷ ᠲᠧᠩ ᠬᠤ᠌ ᠨᠠᠭᠤᠷ ᠲᠤᠷ ᠣᠷᠣᠵᠤ ᠳᠠᠬᠢᠨ ᠲᠧᠩ ᠬᠤ᠌ ᠨᠠᠭᠤᠷ ᠠ᠋ᠴᠠ ᠣᠩᠭᠣᠴᠠ ᠪᠠᠨ ᠡᠯᠡᠰᠦᠨ ᠳᠠᠩ ᠳᠡᠭᠡᠷ᠎ᠡ ᠭᠠᠷᠭᠠᠨ ᠢᠷᠣᠭᠠᠷ ᠲᠤᠷ ᠬᠤᠯᠤᠰᠤ ᠳᠡᠪᠢᠰᠴᠦ ᠤᠷᠤᠭᠤ ᠴᠢᠷᠴᠦ ᠮᠠᠰᠢ ᠬᠢᠯᠪᠠᠷᠬᠠᠨ ᠢ᠋ᠶ᠋ᠠᠷ ᠬᠠᠨ ᠱᠦᠢ ᠮᠥᠷᠡᠨ ᠳ᠋ᠦ᠍ᠷ ᠳᠠᠬᠢᠨ ᠣᠷᠣᠵᠤ ᠰᠥᠩ ᠤᠯᠤᠰ ᠤ᠋ᠨ ᠬᠡᠳᠦᠢ ᠵᠢᠯ ᠬᠥᠯᠥᠰᠥ ᠴᠢᠰᠤ ᠪᠠᠨ ᠤᠷᠤᠰᠬᠠᠵᠤ ᠪᠡᠯᠡᠳᠬᠡᠭᠰᠡᠨ ᠬᠣᠶᠠᠷ ᠢᠩ ᠬᠣᠲᠠ ᠨᠢᠭᠡᠨᠲᠡ ᠮᠣᠩᠭᠣᠯ ᠴᠡᠷᠢᠭ ᠦ᠋ᠨ ᠠᠷᠤ ᠳ᠋ᠤᠷ ᠬᠣᠴᠣᠷᠴᠤ ᠬᠡᠷᠡᠭᠴᠡᠭᠡ ᠦᠭᠡᠢ ᠪᠣᠯᠪᠠ ᠃ 
       ᠮᠣᠩᠭᠣᠯ ᠤ᠋ᠨ ᠤᠰᠤᠨ ᠴᠡᠷᠢᠭ ᠬᠠᠨ ᠰᠦᠢ ᠮᠥᠷᠡᠨ ᠳ᠋ᠦ᠍ᠷ ᠵᠢᠭᠰᠠᠭᠠᠨ ᠦ ᠬᠠᠨ ᠤ᠋ ᠭᠤᠷᠪᠠᠨ ᠶᠡᠬᠡ ᠪᠠᠯᠭᠠᠰᠤᠨ ᠢ᠋ ᠰᠦᠷᠳᠡᠭᠦᠯᠬᠦᠢ ᠳ᠋ᠦ᠍ᠷ ᠴᠠᠴᠠᠷ ᠤ᠋ᠨ ᠣᠯᠠᠨ ᠵᠠᠩᠵᠤᠨ ᠲᠦᠰᠢᠮᠡᠳ ᠴᠥᠮ ᠪᠤᠴᠠᠵᠤ ᠰᠢᠨ᠎ᠡ ᠬᠠᠭᠤᠴᠢᠨ ᠢᠩ ᠬᠣᠲᠠ ᠶ᠋ᠢ ᠠᠪᠬᠤ ᠦᠭᠡᠢ ᠪᠥᠭᠡᠰᠦ ᠬᠣᠵᠢᠮ ᠬᠣᠣᠷ ᠪᠣᠯᠤᠮᠤᠢ ᠭᠡᠮᠡᠨ ᠢᠳᠬᠠᠬᠤᠢ ᠳ᠋ᠤᠷ ᠪᠠᠶᠠᠨ ᠶᠤᠸᠠᠨᠱᠤᠸᠠᠢ ᠳᠤᠷ᠎ᠠ ᠥᠭᠡᠢᠰᠴᠦ ᠥᠭᠦᠯᠡᠷᠦᠨ ᠄ 《ᠴᠡᠷᠢᠭ ᠬᠡᠷᠡᠭᠯᠡᠬᠦᠢ ᠳ᠋ᠦ᠍ᠷ ᠤᠷᠢᠳ ᠬᠣᠵᠢᠳ ᠠᠯᠭᠤᠷ ᠪᠠᠴᠢᠮ ᠢ᠋ ᠡᠰᠡ ᠢᠯᠭᠠᠪᠠᠰᠤ ᠦᠯᠦ ᠪᠣᠯᠤᠮᠤᠢ ᠃ ᠢᠩ ᠴᠧᠩ ᠢ ᠪᠠᠢᠯᠳᠤᠬᠤ ᠪᠥᠭᠡᠰᠦ ᠤᠷᠤᠰᠬᠠᠯ ᠳᠡᠭᠡᠷ᠎ᠡ ᠡᠴᠡ ᠪᠠᠢᠯᠳᠤᠮᠤᠢ ‍ᠶ᠎ᠠ ᠂ ᠲᠧᠩ ᠬᠤ᠌ ᠨᠠᠭᠤᠷ  ᠢ᠋ᠶ᠋ᠠᠷ ᠳᠣᠭᠣᠭᠰᠢ ᠪᠠᠭᠤᠭᠰᠠᠨ ᠠᠨᠤ ᠢᠯᠡᠭᠦᠴᠡ ᠬᠡᠷᠡᠭ ᠪᠣᠯᠬᠤ ᠪᠤᠰᠤ ᠤᠤ ?  ᠢᠩ ᠴᠧᠩ ᠬᠣᠲᠠ ᠪᠠᠭ᠎ᠠ ᠪᠣᠯᠪᠠᠴᠤ ᠪᠠᠲᠤ ᠪᠣᠯᠠᠢ ᠃ ᠪᠢᠳᠡ ᠪᠠᠢᠯᠳᠤᠬᠤ ᠦᠭᠡᠢ ᠣᠷᠬᠢᠪᠠᠰᠤ ᠬᠡᠷᠡᠭᠴᠡᠭᠡ ᠦᠭᠡᠢ ᠪᠣᠯᠤᠮᠤᠢ ᠃ ᠴᠡᠷᠢᠭ ᠮᠣᠷᠢ ᠲᠡᠭᠦᠨ ᠳ᠋ᠦ᠍ᠷ ᠰᠠᠭᠠᠳᠪᠠᠰᠤ ᠬᠡᠷᠡᠭᠴᠡᠭᠡᠲᠡᠢ ᠪᠣᠯᠤᠮᠤᠢ᠃ ᠲᠡᠢᠨ ᠬᠦ᠌ ᠲᠦᠷ ᠣᠷᠬᠢᠵᠤ ᠵᠢᠴᠢ ᠮᠡᠳᠡᠰᠦᠭᠡᠢ  》ᠬᠡᠮᠡᠬᠦᠢ ᠳ᠋ᠦ᠍ᠷ ᠠᠵᠤᠤ ᠨᠠᠷ ᠮᠥᠨ ᠬᠡᠮᠡᠪᠡᠢ᠃ ᠲᠡᠢᠨ ᠬᠦ᠌ ᠮᠣᠩᠭᠣᠯ ᠤ᠋ᠨ ᠴᠡᠷᠢᠭ ᠤᠰᠤᠨ ᠬᠠᠭᠤᠷᠠᠢ ᠬᠡᠳᠦᠨ ᠵᠠᠮ  ᠢ᠋ᠶ᠋ᠠᠷ ᠮᠢᠶᠠᠨ ᠺᠧᠦ ᠶ᠋ᠢ ᠴᠢᠭᠯᠡᠬᠦᠢ ᠳ᠋ᠦ᠍ᠷ ᠵᠠᠭᠤᠨ ᠭᠠᠵᠠᠷ ᠦᠷᠭᠦᠯᠵᠢᠯᠡᠨ ᠲᠤᠭ ᠬᠢᠭᠢᠷᠢ ᠲᠡᠭᠷᠢ ᠨᠠᠷᠠ ᠶ᠋ᠢ ᠬᠠᠯᠬᠠᠯᠠᠨ ᠤᠲᠤᠭ᠎ᠠ ᠤᠨᠢᠶᠠᠷ ᠣᠭᠲᠠᠷᠭᠤᠢ ᠳ᠋ᠤᠷ ᠦᠷᠭᠦᠯᠵᠢᠯᠡᠨ ᠴᠡᠷᠢᠭ ᠦ᠋ᠨ ᠰᠦᠷ ᠶᠡᠬᠡᠳᠡ ᠮᠠᠨᠳᠤᠪᠠᠢ ᠃ ᠵᠠᠮ ᠳᠠᠭᠠᠤ ᠰᠥᠩ ᠦ᠋ᠨ ᠬᠣᠲᠠ ᠪᠠᠯᠭᠠᠰᠤ ᠶ᠋ᠢ ᠰᠠᠬᠢᠬᠤ ᠵᠠᠩᠵᠤᠨ ᠲᠦᠰᠢᠮᠡᠳ ᠰᠠᠯᠬᠢᠨ ᠤ᠋ ᠠᠶ᠎ᠠ ᠪᠠᠷ ᠳᠠᠭᠠᠷ᠎ᠠ ᠢᠷᠡᠮᠦᠢ ᠃ 
      ᠲᠡᠳᠦᠢ ᠳ᠋ᠦ᠍ᠷ ᠶᠡᠬᠡ ᠶᠤᠸᠠᠨᠱᠤᠸᠠᠢ ᠪᠠᠶᠠᠨ ᠠᠵᠤᠤ ᠬᠣᠶᠠᠭᠤᠯᠠ ᠵᠠᠭᠤ ᠬᠦᠷᠬᠦ ᠦᠭᠡᠢ ᠰᠢᠳᠠᠷ ᠡᠷᠡᠰ ᠢ᠋ᠶ᠋ᠡᠨ ᠳᠠᠭᠠᠭᠤᠯᠤᠨ ᠪᠦᠬᠦ ᠴᠡᠷᠢᠭ ᠦ᠋ᠨ ᠬᠠᠢᠭᠤᠯ ᠪᠣᠯᠵᠤ ᠨᠠᠮᠤᠭᠲᠤ ᠠᠭᠤᠯᠠ ᠶ᠋ᠢᠨ ᠨᠢᠭᠡᠨ ᠶᠡᠬᠡ ᠵᠡᠪᠡ ᠪᠡᠷ ᠣᠷᠣᠵᠤ ᠶᠠᠪᠤᠬᠤᠢ ᠳ᠋ᠤᠷ ᠬᠠᠭᠤᠴᠢᠨ ᠢᠩ ᠴᠧᠩ ᠬᠣᠲᠠ ᠶ᠋ᠢ ᠰᠠᠬᠢᠭᠰᠠᠨ ᠲᠡᠷᠢᠭᠦᠯᠡᠭᠰᠡᠨ ᠵᠠᠩᠵᠤᠨ ᠵᠣᠣ ᠸᠧᠨ ᠢ ᠂ ᠹᠠᠨ ᠰᠢᠩ ᠬᠣᠶᠠᠭᠤᠯᠠ ᠭᠡᠲᠡᠵᠦ ᠮᠡᠳᠡᠭᠡᠳ ᠶᠤᠸᠠᠨ ᠤᠯᠤᠰ ᠤ᠋ᠨ ᠶᠡᠬᠡ ᠶᠤᠸᠠᠨᠱᠤᠸᠠᠢ ᠶ᠋ᠢ ᠪᠠᠷᠢᠵᠤ ᠭᠠᠢᠬᠠᠮᠰᠢᠭᠲᠤ ᠭᠠᠪᠢᠶ᠎ᠠ ᠪᠠᠢᠭᠤᠯᠬᠤ ᠠᠨᠤ ᠡᠨᠡ ᠡᠳᠦᠷ ᠪᠣᠯᠠᠢ ᠭᠡᠮᠡᠨ ᠬᠣᠶᠠᠷ ᠮᠢᠩᠭᠠᠨ ᠮᠣᠷᠢᠲᠠᠨ ᠳᠠᠭᠠᠭᠤᠯᠤᠨ ᠭᠡᠨᠡᠳᠲᠡ ᠪᠠᠶᠠᠨ ᠶᠤᠸᠠᠨᠱᠤᠸᠠᠢ ᠶ᠋ᠢᠨ ᠠᠷᠤ ᠠ᠋ᠴᠠ ᠬᠦᠷᠴᠦ ᠢᠷᠡᠬᠦᠢ ᠳ᠋ᠦ᠍ᠷ ᠶᠡᠬᠡ ᠵᠠᠩᠵᠤᠨ ᠠᠵᠤᠤ ᠬᠠᠳᠠᠭᠠᠨᠠᠨ ᠢᠨᠢᠶᠡᠵᠦ ᠄ 《ᠶᠤᠸᠠᠨᠱᠤᠸᠠᠢ ᠶ᠋ᠢᠨ ᠰᠠᠬᠢᠭᠤᠯᠰᠤᠨ ᠠᠷᠭ᠎ᠠ ᠠ᠋ᠴᠠ ᠭᠠᠷᠤᠭᠰᠠᠨ ᠦᠭᠡᠢ 》ᠭᠡᠮᠡᠨ ᠥᠭᠦᠯᠡᠲᠡᠯ᠎ᠡ ᠵᠡᠪᠡ ᠶ᠋ᠢᠨ ᠠᠮᠠᠨ ᠳ᠋ᠤᠷ ᠫᠤᠤ ᠶ᠋ᠢᠨ ᠳᠠᠭᠤᠨ ᠭᠠᠷᠤᠮᠠᠭᠴᠠ ᠪᠦᠭᠭᠦᠭᠰᠡᠨ ᠴᠡᠷᠢᠭ ᠵᠡᠷᠭᠡᠪᠡᠷ ᠭᠠᠷᠴᠤ ᠢᠷᠡᠪᠡᠢ᠃ ᠵᠣᠣ ᠸᠸᠨ ᠢ ᠂ ᠹᠠᠨ ᠰᠢᠩ ᠬᠣᠶᠠᠭᠤᠯᠠ ᠠᠷᠭᠠᠨ ᠳ᠋ᠤᠷ ᠣᠷᠣᠭᠰᠠᠨ ᠢ᠋ᠶ᠋ᠠᠨ ᠮᠡᠳᠡᠵᠦ ᠠᠮᠢ ᠴᠦᠯᠡᠵᠦ ᠪᠠᠢᠯᠳᠤᠷ᠎ᠠ ᠢᠷᠡᠬᠦᠢ ᠳ᠋ᠦ᠍ᠷ ᠪᠠᠶᠠᠨ ᠶᠤᠸᠠᠨᠱᠤᠸᠠᠢ ᠦᠬᠦᠬᠦ ᠪᠡᠨ ᠮᠡᠳᠡᠬᠦ ᠦᠭᠡᠢ ᠮᠠᠯ ᠪᠠᠭᠤᠵᠤ ᠥᠭᠬᠦ ᠦᠭᠡᠢ ᠶᠠᠭᠤᠨ ᠢ ᠬᠦᠯᠢᠶᠡᠮᠦᠢ ᠭᠡᠮᠡᠨ ᠵᠠᠩᠳᠤᠷᠴᠤ ᠮᠣᠷᠢ ᠲᠠᠯᠪᠢᠨ ᠤᠭᠲᠤᠨ ᠭᠠᠷᠴᠤ ᠭᠠᠭᠴᠠ ᠤᠳᠠᠭᠠᠨ ᠳ᠋ᠤᠷ ᠲᠡᠷᠢᠭᠦᠨ ᠵᠠᠩᠵᠤᠨ ᠵᠣᠣ ᠸᠸᠨ ᠢ ᠶ᠋ᠢ ᠰᠢᠪᠲᠤ ᠵᠢᠳᠠᠯᠠᠨ ᠠᠯᠠᠭᠠᠳ ᠪᠡᠶ᠎ᠡ ᠤᠷᠪᠠᠵᠤ ᠭᠠᠷ ᠰᠤᠩᠭᠠᠨ ᠠᠷᠤ ᠠ᠋ᠴᠠ ᠵᠣᠣ ᠸᠧᠨ ᠢ ᠶ᠋ᠢ ᠲᠡᠩᠬᠡᠷᠡᠭᠦᠯᠦᠷ᠎ᠡ ᠢᠷᠡᠭᠰᠡᠨ ᠹᠠᠨ ᠰᠢᠩ ᠢ ᠵᠠᠢᠯᠠᠵᠤ ᠵᠠᠪᠳᠤᠬᠤ ᠠ᠋ᠴᠠ ᠡᠮᠦᠨ᠎ᠡ ᠬᠤᠶᠠᠭ ᠤ᠋ᠨ ᠣᠭᠣᠰᠣᠷ ᠠ᠋ᠴᠠ ᠲᠠᠲᠠᠵᠤ ᠠᠪᠤᠭᠠᠳ ᠭᠠᠵᠠᠷ ᠰᠢᠲᠠᠵᠤ ᠠᠯᠠᠪᠠ᠃ ᠶᠡᠬᠡ ᠵᠠᠩᠵᠤᠨ ᠠᠵᠤᠤ ᠡᠰᠡᠷᠭᠦᠴᠡᠭᠰᠡᠨ ᠴᠥᠭᠡᠨ ᠬᠥᠮᠦᠨ ᠢ᠋ ᠠᠯᠠᠵᠤ ᠦᠯᠡᠳᠡᠭᠰᠡᠨ ᠣᠯᠠᠨ ᠢ᠋ ᠵᠠᠩᠳᠤᠷᠴᠤ ᠳᠠᠭᠠᠭᠤᠯᠤᠨ ᠠᠪᠴᠤ ᠮᠣᠩᠭᠣᠯ ᠴᠡᠷᠢᠭ ᠢ᠋ ᠬᠣᠯᠢᠴᠠᠯᠳᠤᠭᠤᠯᠤᠨ ᠳᠡᠢᠯᠦᠭᠳᠡᠪᠡ ᠭᠡᠮᠡᠨ ᠢᠩ ᠴᠧᠩ ᠳ᠋ᠦ᠍ᠷ ᠪᠤᠷᠤᠭᠤᠯᠠᠨ ᠬᠦᠷᠴᠦ ᠢᠷᠠᠪᠠᠰᠤ ᠬᠣᠲᠠ ᠶ᠋ᠢᠨ ᠬᠥᠮᠦᠰ ᠴᠡᠷᠢᠭ ᠢ᠋ᠶ᠋ᠡᠨ ᠲᠠᠨᠢᠬᠤ ᠪᠣᠯᠪᠠᠴᠤ ᠵᠣᠣ ᠂ ᠹᠠᠨ ᠬᠣᠶᠠᠷ ᠵᠠᠩᠵᠤᠨ ᠬᠠᠮᠢᠭ᠎ᠠ ᠪᠣᠢ ᠭᠡᠮᠡᠨ ᠠᠰᠠᠭᠤᠪᠠᠰᠤ ᠣᠯᠠᠨ ᠴᠥᠮ ᠦᠬᠦᠵᠦ ᠡᠳᠡᠭᠡᠭᠰᠡᠨ ᠢ᠋ ᠮᠡᠳᠡᠬᠦ ᠦᠭᠡᠢ ᠳᠠᠢᠰᠤᠨ ᠤ᠋ ᠴᠡᠷᠢᠭ ᠬᠦᠷᠴᠦ ᠢᠷᠡᠮᠦᠢ ᠬᠡᠮᠡᠬᠦ ᠲᠤᠯᠠ ᠶᠠᠭᠠᠷᠠᠨ ᠡᠯᠭᠦᠮᠡᠯ ᠬᠥᠭᠥᠷᠭᠡ ᠪᠡᠨ ᠲᠠᠯᠪᠢᠵᠤ ᠣᠷᠣᠭᠤᠯᠪᠠᠰᠤ ᠬᠠᠷᠢᠨ ᠮᠠᠰᠢ ᠣᠯᠠᠨ ᠮᠣᠩᠭᠣᠯ ᠴᠡᠷᠢᠭ ᠬᠣᠯᠢᠯᠳᠤᠨ ᠣᠷᠣᠵᠤ ᠢᠷᠡᠭᠡᠳ ᠬᠠᠭᠠᠯᠠᠭ᠎ᠠ ᠶ᠋ᠢ ᠴᠠᠪᠴᠢᠨ ᠡᠵᠡᠯᠡᠵᠦ ᠠᠵᠤᠤ ᠰᠢᠯᠭᠠᠷᠠᠭᠰᠠᠨ ᠡᠷᠡᠰ ᠳᠠᠭᠠᠭᠤᠯᠤᠨ ᠣᠷᠣᠵᠤ ᠢᠷᠡᠭᠡᠳ ᠪᠠᠭᠤᠵᠤ ᠥᠭᠬᠦ ᠦᠭᠡᠢ ᠪᠥᠭᠡᠰᠦ ᠬᠢᠳᠤᠮᠤᠢ ᠭᠡᠮᠡᠨ ᠰᠦᠷᠳᠡᠭᠦᠯᠵᠦ ᠪᠠᠭᠤᠯᠭᠠᠨ ᠠᠪᠤᠪᠠᠢ᠃ ᠬᠠᠭᠤᠴᠢᠨ ᠢᠩ ᠬᠣᠲᠠ ᠬᠢᠯᠪᠠᠷᠬᠠᠨ ᠠᠪᠲᠠᠭᠰᠠᠨ ᠲᠤᠯᠠ ᠰᠢᠨ ᠢᠩ ᠬᠣᠲᠠ ᠤᠯᠠᠮ ᠥᠨᠥᠴᠢᠷᠡᠵᠦ ᠲᠤᠰᠠᠯᠠᠬᠤ ᠴᠡᠷᠢᠭ ᠦ᠋ᠨ ᠵᠠᠮ ᠢ᠋ ᠴᠥᠮ ᠮᠣᠩᠭᠣᠯ ᠴᠡᠷᠢᠭ ᠲᠠᠰᠤᠯᠠᠭᠰᠠᠨ ᠲᠤᠯᠠ ᠪᠠᠭᠤᠵᠤ ᠥᠭᠬᠦ ᠡᠴᠡ ᠥᠭᠡᠷ᠎ᠡ ᠵᠠᠮ ᠦᠭᠡᠢ ᠪᠣᠯᠵᠤᠬᠤᠢ᠃ ᠬᠣᠲᠠ ᠶ᠋ᠢ ᠰᠠᠬᠢᠭᠰᠠᠨ ᠲᠦᠩ ᠹᠠᠨ ᠲᠦᠰᠢᠮᠡᠯ ᠪᠢᠶᠠᠨ ᠵᠢᠦᠢ ᠢ ᠣᠯᠠᠨ ᠢ᠋ᠶ᠋ᠠᠨ ᠴᠤᠭᠯᠠᠭᠤᠯᠤᠨ ᠥᠭᠦᠯᠡᠷᠦᠨ ᠄  《ᠪᠢ ᠤᠭ ᠠ᠋ᠴᠠ ᠬᠣᠲᠠ ᠶ᠋ᠢ ᠦᠬᠦᠨ ᠰᠠᠬᠢᠵᠤ ᠰᠢᠳᠤᠷᠭᠤ ᠶ᠋ᠢ ᠭᠦᠢᠴᠡᠳᠬᠡᠰᠦᠭᠡᠢ ᠬᠡᠮᠡᠭᠰᠡᠨ ᠪᠥᠯᠥᠭᠡ ᠃ ᠡᠳᠦᠭᠡ ᠡᠨᠡ ᠬᠣᠲᠠ ᠶ᠋ᠢ ᠰᠠᠬᠢᠬᠤ ᠴᠢᠬᠤᠯᠠ ᠦᠭᠡᠢ ᠪᠣᠯᠤᠭᠰᠠᠨ ᠲᠤᠯᠠ ᠪᠢ ᠰᠥᠩ ᠦ᠋ᠨ ᠡᠵᠡᠨ  ᠦ᠌ ᠬᠡᠰᠢᠭ ᠢ᠋ ᠬᠡᠳᠦᠨ ᠦᠶ᠎ᠡ ᠬᠦᠷᠲᠡᠭᠰᠡᠨ ᠲᠤᠯᠠ ᠦᠬᠦᠵᠦ ᠰᠢᠳᠤᠷᠭᠤ ᠶ᠋ᠢ ᠭᠦᠢᠴᠡᠳᠬᠡᠬᠦ ᠠᠨᠤ ᠵᠦᠢ ᠪᠣᠯᠠᠢ᠃ ᠲᠠ ᠨᠠᠷ ᠲᠤᠰ ᠲᠤᠰ ᠤ᠋ᠨ ᠪᠣᠯᠤᠮᠵᠢ ᠪᠠᠨ ᠦᠵᠡᠵᠦ ᠮᠡᠳᠡᠲᠦᠭᠡᠢ ᠭᠡᠮᠡᠨ ᠳᠣᠲᠣᠭᠰᠢ ᠣᠷᠣᠭᠠᠳ ᠤᠳᠠᠭᠰᠠᠨ ᠦᠭᠡᠢ ᠭᠡᠷ ᠦ᠋ᠨ ᠬᠥᠮᠦᠰ ᠦ᠋ᠨ ᠤᠬᠢᠯᠠᠯᠴᠠᠬᠤ ᠳᠠᠭᠤᠨ ᠭᠠᠷᠴᠤ ᠣᠯᠠᠨ ᠣᠷᠣᠵᠤ ᠦᠵᠡᠪᠡᠰᠦ ᠨᠢᠭᠡᠨᠲᠡ ᠬᠣᠭᠣᠯᠠᠢ ᠪᠠᠨ ᠣᠭᠲᠣᠯᠵᠤ ᠦᠬᠦᠪᠡ᠃ ᠣᠯᠠᠨ ᠢ᠋ᠶ᠋ᠠᠷ ᠢ᠋ᠶ᠋ᠠᠨ ᠭᠠᠰᠢᠭᠤᠳᠠᠨ ᠦᠢᠮᠡᠯᠳᠦᠵᠦ ᠪᠣᠢ ᠳ᠋ᠤᠷ ᠠᠷᠤᠤᠬᠠᠨ ᠤ᠋ ᠨᠢᠭᠡᠨ ᠵᠠᠮ ᠤ᠋ᠨ ᠴᠡᠷᠢᠭ ᠬᠦᠷᠴᠦ ᠢᠷᠡᠬᠦᠢ ᠳ᠋ᠦ᠍ᠷ ᠰᠢᠨ ᠢᠩ ᠢ ᠰᠠᠬᠢᠬᠤ ᠳᠡᠳ᠋ ᠲᠦᠩ ᠹᠠᠨ ᠲᠦᠰᠢᠮᠡᠯ ᠵᠠᠩ ᠱᠢ ᠵᠢᠶᠧ ᠬᠢᠯᠢᠰ ᠢ᠋ᠶ᠋ᠡᠷ ᠰᠡᠵᠢᠭᠯᠡᠭᠳᠡᠭᠰᠡᠨ ᠳ᠋ᠡᠭᠡᠨ ᠠᠭᠤᠷᠯᠠᠨ ᠴᠡᠷᠢᠭ ᠠᠪᠴᠤ ᠤᠭᠲᠤᠨ ᠪᠠᠢᠯᠳᠤᠷ᠎ᠠ ᠭᠠᠷᠤᠭᠰᠠᠨ ᠳ᠋ᠤᠷ ᠠᠷᠤᠤᠬᠠᠨ ᠤ᠋ ᠰᠢᠳᠠᠷ ᠵᠠᠩᠵᠤᠨ ᠮᠥᠩᠬᠡᠲᠦ ᠲᠣᠰᠣᠨ ᠠᠪᠴᠤ ᠭᠤᠴᠢ ᠰᠢᠬᠠᠮ ᠤᠳᠠᠭ᠎ᠠ ᠪᠤᠯᠬᠤᠢ ᠳ᠋ᠤᠷ ᠠᠷᠤᠤᠬᠠᠨ ᠤ᠋ ᠶᠡᠬᠡ ᠴᠡᠷᠢᠭ ᠬᠡᠳᠦᠨ ᠲᠠᠯ᠎ᠠ ᠠ᠋ᠴᠠ ᠬᠤᠮᠢᠵᠤ ᠢᠷᠡᠬᠦ ᠲᠤᠯᠠ ᠵᠠᠩ ᠱᠢ ᠵᠢᠶᠧ ᠭᠠᠷᠴᠤ ᠴᠢᠳᠠᠬᠤ ᠦᠭᠡᠢ ᠪᠦᠰᠡᠯᠡᠭᠳᠡᠬᠦ ᠡᠴᠡ ᠪᠡᠨ ᠠᠶᠤᠵᠤ ᠢᠯᠳᠦ ᠪᠡᠨ ᠴᠢᠷᠴᠦ ᠬᠤᠸᠠᠢ ᠰᠢ ᠵᠦᠭ ᠪᠤᠷᠤᠭᠤᠯᠠᠪᠠ᠃ ᠬᠣᠴᠣᠷᠤᠭᠰᠠᠨ ᠣᠯᠠᠨ ᠠᠷᠭ᠎ᠠ ᠦᠭᠡᠢ ᠬᠣᠲᠠ ᠪᠠᠨ ᠡᠷᠭᠦᠵᠦ ᠳᠠᠭᠠᠪᠠ᠃ ᠡᠭᠦᠨ ᠡᠴᠡ ᠬᠠᠨ ᠱᠦᠢ ᠮᠥᠷᠡᠨ ᠦ᠌ ᠳᠡᠭᠡᠳᠦ ᠤᠷᠤᠰᠬᠠᠯ ᠳ᠋ᠤᠷ ᠰᠥᠩ ᠤᠯᠤᠰ ᠤ᠋ᠨ ᠬᠥᠯ ᠵᠣᠭᠰᠣᠬᠤ ᠭᠠᠵᠠᠷ ᠦᠭᠡᠢ ᠪᠣᠯᠪᠠᠢ᠃ 
       ᠰᠢᠨ᠎ᠡ ᠬᠠᠭᠤᠴᠢᠨ ᠬᠣᠶᠠᠷ ᠢᠩ ᠬᠣᠲᠠ ᠶ᠋ᠢ ᠵᠡᠪᠰᠡᠭ ᠲᠣᠷ ᠴᠢᠰᠤ ᠨᠠᠭᠠᠯᠳᠤᠭᠤᠯᠤᠭᠰᠠᠨ ᠦᠭᠡᠢ ᠠᠪᠤᠭᠰᠠᠨ ᠳ᠋ᠤᠷ ᠴᠠᠴᠠᠷ ᠤ᠋ᠨ ᠪᠢᠴᠢᠭ ᠴᠡᠷᠢᠭ ᠦ᠋ᠨ ᠲᠦᠰᠢᠮᠡᠳ ᠪᠠᠶᠠᠨ ᠶᠤᠸᠠᠨᠱᠤᠸᠠᠢ ᠶ᠋ᠢᠨ ᠪᠠᠭᠠᠲᠤᠷ ᠮᠡᠷᠭᠡᠨ ᠢ᠋ ᠭᠠᠢᠬᠠᠨ ᠪᠢᠰᠢᠷᠡᠵᠦ ᠬᠦᠨᠳᠦᠳᠬᠡᠨ ᠰᠢᠲᠦᠬᠦ ᠪᠣᠯᠪᠠᠢ᠃  
       ᠪᠠᠶᠠᠨ ᠶᠤᠸᠠᠨᠱᠤᠸᠠᠢ ᠮᠣᠩᠭᠣᠯ ᠤ᠋ᠨ ᠪᠠᠭᠠᠷᠢᠨ ᠠᠢᠮᠠᠭ ᠤ᠋ᠨ ᠬᠥᠮᠦᠨ᠃ ᠳᠡᠭᠡᠳᠦ ᠡᠪᠦᠭᠡ ᠰᠢᠯᠦᠭᠲᠦ ᠢᠨᠤ ᠪᠣᠭᠳᠠ ᠴᠢᠩᠭᠢᠰ ᠬᠠᠭᠠᠨ ᠤ᠋ ᠰᠢᠳᠠᠷ ᠬᠠᠮᠠᠭᠠᠯᠠᠬᠤ ᠵᠡᠭᠦᠨ ᠭᠠᠷᠤᠨ ᠮᠢᠩᠭᠠᠨ ᠤ᠋ ᠨᠣᠶᠠᠨ ᠪᠣᠯᠠᠢ᠃ ᠡᠪᠦᠭᠡ ᠠᠷᠠᠯ ᠡᠴᠢᠭᠡ ᠶ᠋ᠢᠨ ᠢ᠋ᠶ᠋ᠡᠨ ᠲᠤᠰᠢᠶᠠᠯ ᠢ᠋ ᠵᠠᠯᠭᠠᠮᠵᠢᠯᠠᠨ ᠪᠠᠰᠠ ᠰᠢᠭᠦᠬᠦ ᠨᠣᠶᠠᠨ ᠢ᠋ ᠣᠷᠣᠯᠠᠵᠤ ᠪᠠᠢᠪᠠ᠃ ᠬᠣᠲᠠᠨ ᠤ᠋ ᠬᠤᠪᠢᠰᠤᠯ ᠢ᠋ ᠳᠠᠷᠤᠬᠤᠢ ᠳ᠋ᠤᠷ ᠭᠠᠪᠢᠶ᠎ᠠ ᠪᠠᠢᠭᠤᠯᠵᠤ ᠂ ᠡᠴᠢᠭᠡ ᠶ᠋ᠢᠨ ᠪᠠᠢᠭᠰᠠᠨ ᠭᠠᠵᠠᠷ ᠨᠤᠲᠤᠭ ᠲᠤᠷ ᠡᠷᠭᠦᠮᠴᠢᠯᠡᠭᠳᠡᠪᠡ᠃ ᠪᠠᠶᠠᠨ ᠤ᠋ ᠡᠴᠢᠭᠡ ᠱᠤᠭᠤᠳᠠᠢ ᠥᠭᠡᠳᠡᠢ ᠬᠠᠭᠠᠨ ᠤ᠋ ᠲᠥᠷᠥ ᠳ᠋ᠦ᠍ᠷ ᠤᠤᠯ ᠤ᠋ᠨ ᠮᠢᠩᠭᠠᠨ ᠤ᠋ ᠲᠤᠰᠢᠶᠠᠯ ᠢ᠋ᠶ᠋ᠠᠷ ᠬᠤᠯᠤᠭᠤ ᠬᠠᠨ ᠢ᠋ ᠳᠠᠭᠠᠵᠤ ᠪᠠᠷᠠᠭᠤᠨ ᠬᠢᠵᠠᠭᠠᠷ ᠢ᠋ ᠪᠠᠢᠯᠳᠤᠨ ᠳᠠᠭᠠᠭᠤᠯᠬᠤ ᠠᠶᠠᠨ ᠲᠡᠢᠨ ᠳ᠋ᠦ᠍ᠷ ᠶᠠᠪᠤᠭᠰᠠᠨ ᠲᠤᠯᠠ ᠪᠠᠶᠠᠨ ᠢᠷᠡᠨ - ᠪᠠᠬᠳᠠᠤᠨ ᠣᠷᠴᠢᠮ ᠡᠷᠡᠴᠢᠯᠡᠪᠡ᠃ ᠬᠤᠯᠤᠭᠤ ᠬᠠᠨ ᠪᠠᠶᠠᠨ ᠢ᠋ ᠳᠡᠭᠡᠳᠦ ᠨᠡᠢᠰᠯᠡᠯ ᠳ᠋ᠦ᠍ᠷ ᠡᠯᠴᠢ ᠪᠣᠯᠭᠠᠨ ᠶᠠᠪᠤᠭᠤᠯᠤᠭᠰᠠᠨ ᠳ᠋ᠤᠷ ᠬᠤᠪᠢᠯᠠᠢ ᠬᠠᠭᠠᠨ ᠦᠵᠡᠭᠡᠳ ᠮᠠᠰᠢ ᠭᠠᠢᠬᠠᠨ ᠰᠣᠶᠣᠷᠬᠠᠷᠤᠨ :《ᠡᠨᠡ ᠬᠥᠮᠦᠨ ᠬᠠᠳ ᠨᠣᠶᠠᠳ ᠤ᠋ᠨ ᠲᠦᠰᠢᠮᠡᠯ ᠪᠤᠰᠤ ᠃ ᠬᠠᠷᠢᠨ ᠡᠵᠡᠨ ᠬᠠᠭᠠᠨ ᠤ᠋ ᠶᠡᠬᠡ ᠲᠥᠷᠥ ᠶ᠋ᠢᠨ ᠰᠠᠢᠳ ᠪᠣᠯᠠᠢ ᠃ ᠬᠠᠭᠠᠨ ᠲᠥᠷᠥ ᠳ᠋ᠦ᠍ᠷ ᠦᠯᠡᠳᠡᠭᠡᠪᠡᠰᠦ ᠵᠣᠬᠢᠮᠤᠢ  》ᠭᠡᠮᠡᠨ ᠪᠤᠴᠠᠭᠠᠭᠰᠠᠨ ᠦᠭᠡᠢ᠃  
       ᠬᠤᠪᠢᠯᠠᠢ ᠬᠠᠭᠠᠨ ᠨᠢᠭᠡᠨ ᠡᠳᠦᠷ ᠭᠦᠸᠧ ᠸᠠᠩ ᠮᠤᠬᠤᠯᠠᠢ ᠶ᠋ᠢᠨ ᠠᠴᠢ ᠠᠨ ᠲᠦᠩ ᠦ᠋ᠨ ᠥᠬᠢᠨ ᠢ᠋ ᠪᠠᠶᠠᠨ ᠳ᠋ᠤᠷ ᠡᠬᠡᠨᠡᠷ ᠪᠣᠯᠭᠠᠨ ᠥᠭᠬᠦ ᠭᠡᠮᠡᠨ ᠵᠠᠷᠯᠢᠭ ᠪᠣᠯᠵᠤ ᠄ 《ᠪᠠᠶᠠᠨ ᠤ᠋ ᠡᠬᠡᠨᠡᠷ ᠪᠣᠯᠪᠠᠢ ᠭᠡᠮᠡᠨ ᠲᠠᠨ ᠤ᠋ ᠣᠪᠣᠭ ᠲᠥᠷᠥᠯ ᠢ᠋ ᠭᠤᠲᠤᠭᠠᠬᠤᠢ ᠳ᠋ᠤᠷ ᠬᠦᠷᠦᠭᠦᠯᠬᠦ ᠦᠭᠡᠢ ᠪᠣᠯᠠᠢ᠃ ᠲᠠ ᠬᠣᠵᠢᠮ ᠮᠡᠳᠡᠮᠦᠢ  》ᠬᠡᠮᠡᠵᠦᠬᠦᠢ᠃ ᡁᠢ ᠶᠤᠸᠠᠨ ᠤ᠋ ᠬᠣᠶᠠᠳᠤᠭᠠᠷ ᠣᠨ ᠳ᠋ᠤᠷ ᠪᠠᠶᠠᠨ ᠵᠡᠭᠦᠨ ᠭᠠᠷᠤᠨ ᠰᠦᠸᠧ ᠴᠧᠩ ᠪᠥᠭᠡᠳ ᠭᠤᠸᠠᠩ ᠯᠦ᠍ ᠲᠡᠢ ᠹᠦ ᠶ᠋ᠢᠨ ᠡᠷᠬᠢᠮ ᠢ ᠬᠦᠷᠲᠡᠪᠡ᠃ ᠣᠯᠠᠨ ᠰᠠᠢᠳ ᠲᠦᠰᠢᠮᠡᠳ ᠦ᠋ᠨ ᠲᠠᠰᠤᠯᠵᠤ ᠡᠰᠡ ᠴᠢᠳᠠᠬᠤ ᠶᠠᠪᠤᠳᠠᠯ ᠢ᠋ ᠪᠠᠶᠠᠨ ᠴᠥᠭᠡᠨ ᠦᠭᠡ ᠪᠡᠷ ᠲᠣᠳᠣᠷᠬᠠᠢᠯᠠᠨ ᠪᠢᠰᠢᠷᠡᠭᠦᠯᠳᠡᠭ᠃ ᠲᠥᠷᠥ ᠶ᠋ᠢᠨ ᠰᠠᠢᠳ ᠴᠥᠮ  《ᠲᠡᠭᠷᠢ ᠶ᠋ᠢᠨ ᠣᠳᠣᠨ ᠪᠣᠯᠠᠢ 》ᠭᠡᠮᠡᠨ ᠬᠦᠨᠳᠦᠳᠬᠡᠮᠦᠢ ᠃ ᠤᠢᠭᠤᠷ ᠮᠣᠩᠭᠣᠯ ᠢ᠋ᠶ᠋ᠠᠷ ᠤᠴᠢᠷ ᠶᠠᠪᠤᠳᠠᠯ ᠲᠡᠮᠳᠡᠭᠯᠡᠨ ᠪᠢᠴᠢᠬᠦᠢ ᠳ᠋ᠦ᠍ᠷ ᠰᠠᠢᠨ ᠪᠥᠭᠡᠳ ᠫᠧᠷᠰ ᠬᠡᠯᠡ ᠬᠢᠭᠡᠳ ᠬᠢᠲᠠᠳ ᠬᠡᠯᠡ ᠶ᠋ᠢᠨ ᠵᠣᠬᠢᠶᠠᠯ ᠳ᠋ᠤᠷ ᠨᠡᠪᠲᠡᠷᠬᠡᠢ ᠪᠣᠯᠠᠢ᠃  
       ᠲᠡᠳᠦᠢ ᠳ᠋ᠦ᠍ᠷ ᠰᠥᠩ ᠤᠯᠤᠰ ᠤ᠋ᠨ ᠳᠦ ᠽᠦᠩ ᠬᠠᠭᠠᠨ ᠭᠡᠨᠡᠳᠲᠡ ᠦᠬᠦᠭᠡᠳ ᠲᠠᠢᠽᠢ ᠰᠢᠶᠠᠨ ᠰᠥᠩ ᠤᠯᠤᠰ ᠤ᠋ᠨ ᠵᠠᠯᠠᠭᠠᠮᠵᠢ ᠡᠵᠡᠨ ᠪᠣᠯᠪᠠ᠃ 
       ᠳᠦ ᠽᠦᠩ ᠂ ᠰᠥᠩ ᠤᠯᠤᠰ ᠤ᠋ᠨ ᠡᠵᠡᠨ ᠰᠠᠭᠤᠷᠢᠨ ᠳ᠋ᠤᠷ ᠠᠷᠪᠠᠨ ᠵᠢᠯ ᠪᠣᠯᠪᠠ ᠃ ᠭᠤᠴᠢᠨ ᠲᠠᠪᠤᠨ ᠨᠠᠰᠤᠨ ᠳ᠋ᠠᠭᠠᠨ ᠡᠴᠦᠰᠯᠡᠪᠡᠢ ᠃ ᠳᠦ ᠽᠦᠩ ᠪᠠᠭ᠎ᠠ ᠶ᠋ᠢᠨ ᠦᠶ᠎ᠡ ᠳ᠋ᠡᠭᠡᠨ ᠮᠡᠷᠭᠡᠨ ᠴᠤᠤ ᠲᠠᠢ ᠪᠣᠯᠪᠠᠴᠤ ᠡᠵᠡᠨ ᠰᠠᠭᠤᠷᠢᠨ ᠳ᠋ᠤᠷ ᠰᠠᠭᠤᠭᠠᠳ ᠠᠷᠢᠬᠢ ᠥᠩᠭᠡᠨ ᠳ᠋ᠦ᠍ᠷ ᠤᠨᠠᠵᠤ ᠣᠬᠣᠷ ᠨᠠᠰᠤᠯᠠᠪᠠᠢ ᠃ ᠰᠥᠩ ᠤᠯᠤᠰ ᠤ᠋ᠨ ᠲᠣᠭᠲᠠᠭᠠᠯ ᠢ᠋ᠶ᠋ᠠᠷ ᠬᠠᠲᠤᠨ ᠹᠧᠢ ᠨᠠᠷ ᠬᠠᠭᠠᠨ ᠤ᠋ ᠬᠠᠢᠷ᠎ᠠ ᠶ᠋ᠢ ᠬᠦᠯᠢᠶᠡᠵᠦ ᠳᠡᠷ᠎ᠡ ᠳᠡᠪᠢᠰᠬᠡᠷ ᠲᠣᠷ ᠦᠢᠯᠡᠴᠢᠯᠡᠭᠰᠡᠨ ᠦ᠌ ᠬᠣᠢᠨ᠎ᠠ ᠳᠡᠳ᠋ ᠥᠷᠯᠥᠭᠡ ᠣᠷᠳᠣᠨ ᠤ᠋ ᠡᠭᠦᠳᠡᠨ ᠳ᠋ᠦ᠍ᠷ ᠢᠷᠡᠵᠦ ᠬᠡᠰᠢᠭ ᠬᠦᠷᠲᠡᠭᠡᠭᠰᠡᠨ ᠭᠡᠮᠡᠨ ᠮᠥᠷᠭᠥᠨ ᠡᠳᠦᠷ ᠰᠠᠷ᠎ᠠ ᠪᠠᠨ ᠲᠡᠮᠳᠡᠭᠯᠡᠭᠦᠯᠳᠡᠭ ᠪᠣᠯᠠᠢ᠃ ᠳᠦ ᠽᠦᠩ ᠦ᠋ᠨ ᠲᠥᠷᠥ ᠳ᠋ᠦ᠍ᠷ ᠡᠳᠦᠷ ᠪᠦᠷᠢ ᠬᠡᠰᠢᠭ ᠬᠦᠷᠲᠡᠭᠰᠡᠨ ᠬᠠᠲᠤᠨ ᠹᠧᠢ ᠭᠤᠴᠢ ᠢᠯᠡᠭᠦᠦ ᠬᠥᠮᠦᠨ ᠥᠷᠯᠥᠭᠡ ᠢᠷᠡᠵᠦ ᠮᠥᠷᠭᠥᠨ ᠲᠡᠮᠳᠡᠭᠯᠡᠭᠦᠯᠳᠡᠭ ᠬᠡᠮᠡᠮᠦᠢ᠃ ᠡᠨᠡ ᠮᠡᠲᠦ ᠳ᠋ᠦ᠍ᠷ ᠬᠡᠷᠬᠢᠨ ᠦᠬᠦᠬᠦ ᠦᠭᠡᠢ ᠪᠠᠢᠵᠤ ᠴᠢᠳᠠᠬᠤ ᠠᠵᠢ᠃  
       ᠲᠠᠢᠽᠢ ᠰᠢᠶᠠᠨ ᠡᠵᠡᠨ ᠰᠠᠭᠤᠷᠢᠨ ᠳ᠋ᠤᠷ ᠰᠠᠶᠢ ᠳᠥᠷᠪᠡᠨ ᠨᠠᠰᠤᠲᠠᠢ᠃ ᠲᠡᠭᠦᠨ ᠦ᠌ ᠠᠬ᠎ᠠ ᠱᠢ ᠨᠠᠰᠤ ᠶᠡᠬᠡ ᠲᠤᠯᠠ ᠣᠯᠠᠨ ᠲᠦᠰᠢᠮᠡᠳ ᠲᠡᠭᠦᠨ ᠢ᠋ ᠡᠷᠭᠦᠰᠦᠭᠡᠢ ᠬᠡᠮᠡᠭᠰᠡᠨ ᠢ ᠵᠢᠶᠠ ᠽᠢ ᠳ᠋ᠣᠣ ᠡᠵᠡᠷᠬᠡᠨ ᠰᠢᠶᠠᠨ ᠢ᠋ ᠡᠵᠡᠨ ᠪᠣᠯᠭᠠᠵᠤ ᠰᠢᠶᠧ ᠲᠠᠢᠬᠡᠦ ᠪᠡᠷ ᠲᠥᠷᠥ ᠶ᠋ᠢ ᠪᠠᠷᠢᠭᠤᠯᠵᠤ ᠡᠷᠬᠡ ᠪᠦᠬᠦᠨ ᠢ᠋ ᠴᠥᠮ  ᠵᠢᠶᠠ ᠽᠢ ᠳ᠋ᠣᠣ ᠥᠪᠡᠷ ᠦ᠋ᠨ ᠭᠠᠷ ᠲᠠᠭᠠᠨ ᠣᠷᠣᠭᠤᠯᠵᠤ ᠠᠪᠤᠪᠠ᠃  
      ᠲᠡᠳᠦᠢ ᠳ᠋ᠦ᠍ᠷ ᠶᠡᠬᠡ ᠶᠤᠸᠠᠨ ᠤᠯᠤᠰ ᠤ᠋ᠨ ᠬᠠᠭᠠᠨ ᠬᠤᠪᠢᠯᠠᠢ ᠰᠡᠴᠡᠨ ᠶᠡᠬᠡ ᠰᠠᠢᠳ ᠪᠠᠶᠠᠨ ᠢ᠋ᠶ᠋ᠠᠷ ᠲᠠᠪᠢᠨ ᠲᠦᠮᠡᠨ ᠶᠡᠬᠡ ᠴᠡᠷᠢᠭ ᠳᠠᠢᠴᠢᠯᠠᠭᠤᠯᠤᠨ ᠰᠥᠩ ᠤᠯᠤᠰ ᠠ᠋ᠴᠠ ᠶᠠᠯ᠎ᠠ ᠠᠰᠠᠭᠤᠬᠤ ᠪᠠᠷ ᠬᠠᠨ ᠱᠦᠢ ᠮᠥᠷᠡᠨ ᠢ᠋ ᠡᠵᠡᠯᠡᠨ ᠠᠪᠴᠤ ᠪᠠᠭᠤᠵᠤ ᠢᠷᠡᠬᠦ ᠵᠠᠮ ᠳᠠᠭᠠᠤ ᠬᠣᠲᠠ ᠪᠠᠯᠭᠠᠰᠤᠨ ᠢ᠋ ᠴᠢᠬᠢᠷᠰᠦ ᠡᠪᠬᠡᠬᠦ ᠮᠡᠲᠦ ᠬᠤᠮᠢᠵᠤ ᠠᠪᠤᠨ᠂ ᠥᠩᠭᠡᠷᠡᠭᠰᠡᠨ ᠮᠡᠲᠦ ᠠᠷᠠᠳ ᠢᠷᠭᠡᠳ ᠢ᠋ ᠣᠯᠵᠠᠯᠠᠨ ᠠᠪᠬᠤ ᠦᠭᠡᠢ ᠪᠥᠭᠡᠳ ᠰᠠᠢᠨ ᠦᠭᠡ ᠪᠡᠷ ᠲᠣᠬᠣᠷᠤᠭᠤᠯᠤᠨ ᠬᠣᠲᠠ ᠶ᠋ᠢᠨ ᠲᠦᠰᠢᠮᠡᠯ ᠢ᠋ ᠲᠣᠬᠢᠷᠠᠭᠤᠯᠤᠨ ᠰᠥᠩ ᠤᠯᠤᠰ ᠤ᠋ᠨ ᠶᠠᠯ᠎ᠠ ᠶ᠋ᠢ ᠲᠣᠭᠠᠴᠠᠭᠰᠠᠨ ᠵᠠᠷ ᠲᠠᠷᠬᠠᠭᠠᠵᠤ ᠶᠠᠪᠤᠬᠤ ᠶ᠋ᠢ ᠰᠣᠨᠣᠰᠤᠭᠠᠳ ᠵᠢᠶᠠ ᠽᠢ ᠳ᠋ᠣᠣ ᠮᠣᠩᠭᠣᠯ ᠤ᠋ᠨ ᠰᠠᠨᠠᠭ᠎ᠠ ᠬᠣᠯᠠ ᠪᠠᠢᠬᠤ ᠶ᠋ᠢ ᠮᠡᠳᠡᠵᠦ ᠮᠠᠰᠢ ᠰᠣᠴᠢᠵᠤ ᠡᠷᠲᠡᠨ ᠡᠴᠡ ᠪᠣᠳᠣᠪᠠᠰᠤ ᠵᠣᠬᠢᠮᠤᠢ ᠭᠡᠮᠡᠨ ᠲᠥᠷᠥ ᠶ᠋ᠢᠨ ᠰᠠᠢᠳ ᠲᠦᠰᠢᠮᠡᠳ  ᠢ᠋ᠶ᠋ᠡᠨ ᠴᠤᠭᠯᠠᠭᠤᠯᠤᠨ ᠵᠥᠪᠳᠡᠪᠡᠰᠦ ᠥᠩᠭᠡᠷᠡᠭᠰᠡᠨ ᠳ᠋ᠦ᠍ᠷ ᠵᠦᠩ ᠶᠤᠸᠠᠨ ᠤ᠋ ᠭᠠᠵᠠᠷ ᠢ᠋ ᠪᠤᠴᠠᠭᠠᠨ ᠠᠪᠴᠤ ᠮᠣᠩᠭᠣᠯᠴᠤᠳ ᠢ᠋ ᠬᠢᠳᠤᠰᠤᠭᠠᠢ ᠭᠡᠮᠡᠨ ᠬᠠᠨᠴᠤᠢ ᠰᠢᠮᠠᠯᠠᠵᠤ ᠨᠢᠳᠤᠷᠭ᠎ᠠ ᠵᠠᠩᠭᠢᠳᠤᠨ ᠪᠠᠷᠬᠢᠷᠠᠵᠤ ᠰᠢᠯᠦᠭ ᠳᠠᠭᠤᠯᠠᠯ ᠢ᠋ᠶ᠋ᠠᠷ ᠵᠤᠭ᠎ᠠ ᠪᠣᠯᠭᠠᠵᠤ ᠪᠠᠢᠭᠰᠠᠨ ᠪᠠᠭᠠᠲᠤᠷ ᠪᠣᠳᠣᠯᠭ᠎ᠠ ᠲᠠᠢ ᠠᠭᠤᠤ ᠰᠠᠨᠠᠭ᠎ᠠ ᠡᠪᠦᠷᠯᠡᠭᠴᠢᠳ ᠡᠳᠦᠭᠡ ᠴᠥᠮ ᠨᠠᠮᠤᠷ ᠤ᠋ᠨ ᠬᠥᠷᠭᠡᠯᠵᠡᠭᠡᠨ᠎ᠡ ᠮᠡᠲᠦ ᠦᠭᠡ ᠳᠠᠭᠤᠨ ᠦᠭᠡᠢ ᠪᠣᠯᠪᠠᠢ᠃ ᠵᠢᠶᠠ ᠽᠢ ᠳ᠋ᠣᠣ ᠵᠢᠬᠡᠭᠦᠨ ᠢ᠋ᠶ᠋ᠡᠷ ᠢᠨᠢᠶᠡᠨ :《ᠦᠮᠡᠬᠡᠢ ᠪᠢᠴᠢᠭ ᠦ᠋ᠨ ᠮᠠᠩᠬᠤᠴᠤᠳ ᠬᠡᠷᠡᠭ ᠦᠭᠡᠢ ᠴᠠᠭ ᠲᠤᠷ ᠪᠠᠪᠠᠭᠠᠨᠠᠨ ᠰᠢᠯᠦᠭ ᠪᠢᠴᠢᠭ ᠨᠠᠢᠷᠠᠭᠤᠯᠤᠨ ᠤᠯᠤᠰ ᠢ᠋ᠶ᠋ᠠᠨ ᠬᠠᠢᠷᠠᠯᠠᠭᠴᠢ ᠪᠣᠯᠵᠤ ᠬᠡᠷᠡᠭ ᠲᠡᠢ ᠴᠠᠭ ᠤᠩᠭᠤᠰᠤ ᠠᠯᠳᠠᠬᠤ ᠬᠥᠮᠦᠨ ᠦᠭᠡᠢ ᠦᠯᠦ ᠮᠡᠳᠡᠭᠴᠢ ᠪᠣᠯᠵᠤ ᠰᠠᠭᠤᠮᠤᠢ᠃ ᠡᠵᠡᠨ ᠦ᠌ ᠬᠡᠰᠢᠭ ᠢ᠋ ᠬᠦᠷᠲᠡᠭᠡᠳ ᠶᠠᠷᠰᠢᠭ ᠲᠠᠲᠠᠬᠤ ᠠ᠋ᠴᠠ ᠲᠤᠰᠠ ᠪᠣᠯᠬᠤ ᠵᠦᠢᠯ ᠦᠭᠡᠢ 》ᠬᠡᠮᠡᠭᠡᠳ ᠵᠢᠴᠢ ᠣᠯᠠᠨ ᠵᠧᠦ ᠵᠢᠶᠦ᠋ᠨ ᠳ᠋ᠦ᠍ᠷ ᠵᠠᠷᠯᠢᠭ ᠥᠭᠴᠦ ᠴᠡᠷᠢᠭ ᠮᠣᠷᠢ ᠡᠯᠰᠡᠵᠦ ᠬᠣᠲᠠ ᠪᠠᠯᠭᠠᠰᠤᠨ ᠢ᠋ᠶ᠋ᠠᠨ ᠴᠢᠩᠳᠠᠯᠠᠨ ᠬᠠᠮᠠᠭᠠᠯᠠᠵᠤ ᠪᠠᠢᠯᠳᠤᠬᠤ ᠪᠠᠷ ᠪᠡᠯᠡᠦᠬᠡ ᠬᠡᠮᠡᠵᠦ ᠪᠠᠰᠠ ᠵᠦᠭ ᠵᠦᠭ ᠡᠴᠡ ᠴᠡᠷᠢᠭ ᠵᠠᠩᠵᠤᠨ ᠵᠠᠷᠯᠠᠵᠤ ᠬᠠᠪᠴᠢᠯ ᠪᠣᠭᠣᠮᠲᠠ ᠪᠠᠨ ᠴᠢᠩᠳᠠᠯᠠᠨ ᠰᠠᠬᠢᠪᠠ᠃  
       ᠲᠡᠳᠦᠢ ᠳ᠋ᠦ᠍ᠷ ᠶᠤᠸᠠᠨ ᠤᠯᠤᠰ ᠤ᠋ᠨ ᠴᠡᠷᠢᠭ ᠬᠠᠨ ᠱᠦᠢ ᠮᠥᠷᠡᠨ ᠦ᠌ ᠤᠷᠤᠰᠬᠠᠯ ᠢ᠋ ᠳᠠᠭᠠᠵᠤ ᠪᠠᠭᠤᠵᠤ ᠬᠠᠨ ᠺᠧᠦ ᠣᠢᠷᠠᠲᠤᠵᠤ ᠰᠥᠩ ᠦ᠋ᠨ ᠦᠬᠠᠨ ᠤ᠋ ᠭᠤᠷᠪᠠᠨ ᠶᠡᠬᠡ ᠪᠠᠯᠭᠠᠰᠤᠨ ᠢ᠋ ᠰᠦᠷᠳᠡᠭᠦᠯᠦᠨ ᠣᠩᠭᠣᠴᠠ ᠰᠠᠯ ᠶᠡᠬᠡ ᠬᠡᠮᠵᠢᠶ᠎ᠡ ᠪᠡᠷ ᠪᠡᠯᠡᠳᠬᠡᠨ ᠴᠢᠨᠠᠭᠰᠢᠳᠠ ᠶᠡᠬᠡ ᠬᠥᠬᠡ ᠮᠥᠷᠡᠨ ᠣᠷᠣᠬᠤ ᠪᠠᠷ ᠪᠡᠯᠡᠳᠬᠡᠮᠦᠢ᠃ ᠲᠡᠢᠨ ᠬᠦ᠌ ᠵᠢᠶᠠ ᠽᠢ ᠳ᠋ᠣᠣ ᠂ ᠬᠤᠸᠠᠢ ᠰᠢ ᠶ᠋ᠢᠨ ᡁᠢ ᡁᠢ ᠱᠢ ᠬᠠᠨ ᠱᠦᠢ ᠮᠥᠷᠡᠨ ᠢ ᠰᠠᠬᠢᠨ ᠰᠠᠭᠤᠬᠤ ᠤᠰᠤᠨ ᠴᠡᠷᠢᠭ ᠦ᠋ᠨ ᠶᠡᠬᠡ ᠳᠦ ᠳᠦ ᠰᠢᠶᠠ ᠬᠦᠢ ᠶ᠋ᠢ ᠬᠠᠷᠢᠶᠠᠲᠤ ᠠᠷᠪᠠᠨ ᠲᠠᠪᠤᠨ ᠲᠦᠮᠡᠨ ᠴᠡᠷᠢᠭ ᠪᠠ ᠬᠠᠨ ᠶᠠᠩ ᠂ ᠧ ᠵᠧᠦ ᠶ᠋ᠢᠨ ᠣᠯᠠᠨ ᠢ᠋ ᠠᠪᠴᠤ ᠬᠠᠨ ᠱᠦᠢ ᠮᠥᠷᠡᠨ ᠦ᠌ ᠬᠠᠪᠴᠢᠯ ᠪᠣᠭᠣᠮᠲᠠ ᠶ᠋ᠢ ᠦᠬᠦᠨ ᠰᠠᠬᠢ ᠭᠡᠮᠡᠨ ᠵᠠᠷᠯᠢᠭ ᠥᠭᠴᠦ ᠵᠠᠷ ᠵᠡᠪᠰᠡᠭ ᠠᠮᠤ ᠬᠦᠨᠡᠰᠦ ᠪᠡᠷ ᠶᠡᠬᠡᠳᠡ ᠳᠡᠮᠵᠢᠵᠦ ᠪᠠᠰᠠ ᠣᠰᠣᠯ ᠭᠠᠷᠬᠤ ᠠ᠋ᠴᠠ ᠠᠶᠤᠨ ᠥᠪᠡᠷᠦᠨ ᠰᠡᠳᠬᠢᠯ ᠵᠢᠷᠦᠬᠡᠨ ᠦ᠌ ᠬᠥᠮᠦᠨ ᠹᠠᠨ ᠵᠸᠨ ᠬᠡᠦ ᠶ᠋ᠢ ᠶᠡᠬᠡ ᠮᠥᠷᠡᠨ ᠢ᠋ ᠰᠠᠬᠢᠬᠤ ᠵᠠᠷᠯᠢᠭ ᠤ᠋ᠨ ᠲᠦᠰᠢᠮᠡᠯ ᠬᠠᠨ ᠶᠠᠩ ᠂ ᠬᠠᠨ ᠺᠧᠦ ᠂ ᠦ ᠴᠠᠩ ᠢ᠋ ᠶᠡᠷᠦᠩᠬᠡᠢᠯᠡᠨ ᠵᠠᠬᠢᠷᠬᠤ ᠤᠰᠤᠨ ᠬᠠᠭᠤᠷᠠᠢ ᠴᠡᠷᠢᠭ ᠦ᠋ᠨ ᠶᠤᠸᠠᠨᠱᠤᠸᠠᠢ ᠶ᠋ᠢᠨ ᠲᠤᠰᠢᠶᠠᠯ ᠢ᠋ ᠥᠭᠴᠦ ᠰᠢᠶᠠ ᠬᠦᠢ ᠳ᠋ᠦ᠍ᠷ ᠲᠦᠰᠢᠭ ᠪᠣᠯᠤᠭᠲᠤᠨ ᠭᠡᠮᠡᠨ ᠶᠠᠪᠤᠭᠤᠯᠪᠠ ᠃ ᠹᠠᠨ ᠸᠸᠨ ᠬᠤ᠌ ᠦ ᠴᠠᠩ ᠳ᠋ᠤᠷ ᠤᠰᠤᠨ ᠴᠡᠷᠢᠭ ᠦ᠋ᠨ ᠶᠡᠬᠡ ᠬᠦᠷᠢᠶ᠎ᠡ ᠪᠠᠢᠭᠤᠯᠵᠤ ᠬᠥᠬᠡ ᠮᠥᠷᠡᠨ ᠦ᠌ ᠡᠮᠦᠨᠡᠲᠦ ᠬᠥᠪᠡᠭᠡ ᠶ᠋ᠢ ᠪᠡᠬᠢᠯᠡᠨ ᠰᠠᠭᠤᠪᠠ᠃ ᠲᠤᠷᠰᠢᠭᠤᠯᠪᠠᠰᠤ ᠲᠤᠭ ᠬᠢᠭᠢᠷᠢ ᠭᠢᠯᠠᠯᠵᠠᠨ ᠳᠣᠬᠢᠶ᠎ᠠ ᠲᠡᠮᠳᠡᠭ ᠦᠷᠭᠦᠯᠵᠢᠯᠡᠨ ᠢᠯᠠᠩᠭᠤᠶ᠎ᠠ ᠴᠡᠷᠢᠭ ᠦ᠋ᠨ ᠬᠦᠷᠢᠶ᠎ᠡ ᠶ᠋ᠢ ᠴᠢᠩᠭ᠎ᠠ ᠲᠡᠭᠰᠢ ᠵᠢᠭᠰᠠᠭᠠᠵᠤ ᠤᠯᠠᠷᠢᠭᠤᠯᠤᠭᠰᠠᠨ ᠠᠨᠤ ᠣᠨᠴᠠ ᠪᠠᠲᠤ ᠪᠡᠬᠢ ᠡᠭᠦᠳᠡᠨ ᠬᠠᠭᠠᠯᠭ᠎ᠠ ᠲᠣᠳᠣᠷᠬᠠᠢ ᠣᠷᠣᠵᠤ ᠭᠠᠷᠬᠤᠢ ᠳ᠋ᠤᠷ ᠳᠥᠭᠥᠮ ᠶᠡᠬᠡ ᠣᠩᠭᠣᠴᠠ ᠪᠠᠷ ᠬᠣᠲᠠᠯᠠᠵᠤ ᠬᠤᠷᠳᠤᠨ ᠣᠩᠭᠣᠴᠠ ᠪᠠᠷ ᠴᠠᠭᠳᠠᠨ ᠴᠢᠩᠳᠠᠯᠠᠮᠤᠢ ᠃ ᠬᠠᠯᠬᠠᠪᠴᠢ ᠮᠣᠳᠣᠨ ᠤ᠋ ᠠᠷᠤ ᠳ᠋ᠤᠷ ᠬᠡᠴᠡᠭᠦᠦ ᠡᠷᠡᠰ ᠬᠠᠲᠠᠭᠤ ᠨᠤᠮᠤ ᠪᠠᠷᠢᠵᠤ ᠵᠣᠭᠰᠣᠭᠠᠳ ᠣᠢᠷᠠᠲᠤᠭᠰᠠᠨ ᠪᠦᠬᠦᠨ ᠢ᠋ ᠠᠮᠢᠳᠤ ᠭᠠᠷᠭᠠᠬᠤ ᠰᠠᠨᠠᠭ᠎ᠠ ᠦᠭᠡᠢ ᠪᠡᠯᠡᠳᠬᠡᠵᠦ ᠮᠣᠩᠭᠣᠯᠴᠤᠳ ᠵᠢᠭᠦᠷ ᠤᠷᠭᠤᠬᠤ ᠦᠭᠡᠢ ᠪᠥᠭᠡᠰᠦ ᠬᠥᠬᠡ ᠮᠥᠷᠡᠨ ᠭᠡᠲᠦᠯᠬᠦ ᠶ᠋ᠢ ᠪᠤᠤ ᠰᠠᠨᠠᠭᠲᠤᠨ ᠭᠡᠮᠡᠨ ᠮᠠᠰᠢ ᠪᠠᠷᠳᠠᠮ ᠰᠠᠭᠤᠮᠤᠢ ᠬᠡᠮᠡᠮᠦ᠃ 
       ᠡᠭᠦᠨ ᠢ᠋ᠶ᠋ᠡᠷ ᠦᠯᠦ ᠪᠠᠷᠠᠨ ᠶᠠᠩ ᠯᠦᠸᠧ ᠪᠤᠤ ᠶ᠋ᠢ ᠰᠢᠳᠠᠷ ᠵᠠᠩᠵᠤᠨ ᠳᠦ ᠲᠦᠩ ᡁᠢ ᠲᠦᠰᠢᠮᠡᠯ ᠸᠠᠩ ᠳᠠ ᠪᠠᠷ ᠰᠠᠬᠢᠭᠤᠯᠵᠤ ᠵᠢᠩ ᠬᠣᠣ ᠶ᠋ᠢᠨ ᠴᠡᠷᠢᠭ ᠢ᠋ ᠵᠠᠬᠢᠷᠬᠤ ᠲᠦᠰᠢᠮᠡᠯ ᠵᠣ᠌ ᠴᠢ ᠰᠦᠨ ᠦ᠌ ᠴᠡᠷᠢᠭ  ᠢ᠋ᠶ᠋ᠡᠷ ᠬᠠᠨ ᠱᠦᠢ ᠮᠥᠷᠡᠨ ᠦ᠌ ᠳᠤᠮᠳᠠᠳᠤ ᠤᠷᠤᠰᠬᠠᠯ ᠢ᠋ ᠰᠠᠬᠢᠭᠤᠯᠵᠤ ᠰᠠᠭᠤᠭᠰᠠᠨ ᠠ᠋ᠴᠠ ᠶᠤᠸᠠᠨ ᠤᠯᠤᠰ ᠤ᠋ᠨ ᠴᠡᠷᠢᠭ ᠣᠷᠣᠬᠤ ᠵᠠᠮ ᠦᠭᠡᠢ ᠪᠣᠯᠪᠠ᠃ 
       ᠪᠠᠶᠠᠨ ᠶᠤᠸᠠᠨᠱᠤᠸᠠᠢ ᠨᠤᠲᠤᠭ ᠤ᠋ᠨ ᠡᠪᠦᠭᠡᠳ ᠡᠴᠡ ᠠᠰᠠᠭᠤᠪᠠᠰᠤ : ᠬᠠᠨ ᠰᠦᠢ ᠮᠥᠷᠡᠨ ᠦ᠌ ᠰᠠᠯᠠᠭ᠎ᠠ ᠤᠷᠤᠰᠬᠠᠯ ᠱᠠ ᠦ ᠺᠧᠦ ᠶ᠋ᠢᠨ ᠠᠮᠠ ᠪᠠᠷ ᠶᠣᠣ ᠽᠢ ᠱᠠᠨ ᠠᠭᠤᠯᠠ ᠶ᠋ᠢ ᠴᠢᠭᠯᠡᠵᠦ ᠳᠠᠩ ᠭᠠᠩ ᠳ᠋ᠤᠷ ᠣᠷᠣᠮᠤᠢ ᠃ ᠳᠠᠩ ᠭᠠᠩ ᠠ᠋ᠴᠠ ᠬᠥᠬᠡ ᠮᠥᠷᠡᠨ ᠳ᠋ᠦ᠍ᠷ ᠴᠢᠳᠬᠤᠬᠤ ᠤᠷᠤᠰᠬᠠᠯ ᠢ ᠯᠦᠨ ᠬᠸ ᠭᠣᠣᠯ ᠬᠡᠮᠡᠮᠦᠢ ᠃ ᠯᠦᠨ ᠬᠸ ᠭᠣᠣᠯ ᠤ᠋ᠨ ᠠᠮᠠ ᠶ᠋ᠢ ᠰᠠᠬᠢᠬᠤ ᠠᠨᠤ ᠶᠠᠩ ᠯᠦᠸᠧ ᠪᠤᠤ ᠪᠡᠬᠢᠯᠡᠯᠲᠡ ᠪᠣᠯᠠᠢ ᠬᠡᠮᠡᠪᠡᠢ᠃ ᠭᠡᠲᠡᠭᠦᠯᠪᠡᠰᠦ ᠱᠠ ᠦ ᠺᠧᠦ ᠶ᠋ᠢ ᠰᠢᠶᠠ ᠬᠦᠢ ᠬᠡᠳᠦᠢᠨᠡᠢ ᠥᠨᠳᠥᠷ ᠳᠠᠯᠠᠩ ᠪᠣᠰᠬᠠᠨ ᠪᠦᠭᠭᠦᠭᠦᠯᠵᠦ ᠲᠠᠯᠪᠢᠭᠠᠳ ᠥᠪᠡᠷ ᠦ᠋ᠨ ᠪᠡᠶ᠎ᠡ ᠪᠡᠷ ᠬᠦᠨᠳᠦ ᠴᠡᠷᠢᠭ ᠠᠪᠴᠤ ᠰᠠᠬᠢᠨ ᠰᠠᠭᠤᠪᠠ᠃ 
       ᠪᠠᠶᠠᠨ ᠶᠤᠸᠠᠨᠱᠤᠸᠠᠢ ᠪᠠᠢᠳᠠᠯ ᠢ ᠣᠯᠵᠤ ᠮᠡᠳᠡᠭᠡᠳ ᠶᠤᠸᠠᠨᠱᠤᠸᠠᠢ ᠶ᠋ᠢᠨ ᠴᠠᠴᠠᠷ ᠲᠤᠷ ᠣᠯᠠᠨ ᠵᠠᠩᠵᠤᠨ ᠲᠦᠰᠢᠮᠡᠳ ᠢ᠋ᠶ᠋ᠡᠨ ᠴᠤᠭᠯᠠᠭᠤᠯᠤᠨ ᠵᠥᠪᠳᠡᠵᠦ ᠥᠭᠦᠯᠡᠷᠦᠨ : 《ᠰᠥᠩ ᠤᠯᠤᠰ ᠤ᠋ᠨ ᠪᠠᠢᠯᠳᠤᠬᠤ ᠵᠠᠩᠵᠤᠨ ᠰᠢᠯᠢᠳᠡᠭ ᠴᠡᠷᠢᠭ ᠴᠥᠮ ᠬᠠᠨ ᠱᠦᠢ ᠮᠥᠷᠡᠨ ᠦ᠌ ᠠᠮᠠᠨ ᠳ᠋ᠤᠷ ᠴᠤᠭᠯᠠᠷᠠᠪᠠ ᠃ ᠪᠢᠳᠡ ᠶᠡᠬᠡ ᠮᠥᠷᠡᠨ ᠳ᠋ᠦ᠍ᠷ ᠣᠷᠣᠰᠤᠭᠠᠢ ᠬᠡᠮᠡᠪᠡᠰᠦ ᠡᠷᠬᠡᠪᠰᠢ ᠬᠠᠨ ᠺᠧᠦ ᠶ᠋ᠢᠨ ᠠᠮᠠ ᠪᠠᠷ ᠪᠠᠭᠤᠬᠤ ᠲᠤᠯᠠ ᠬᠠᠨ ᠶᠠᠩ ᠢ ᠡᠰᠡ ᠠᠪᠤᠪᠠᠰᠤ ᠦᠯᠦ ᠪᠣᠯᠤᠮᠤᠢ᠃ ᠲᠡᠢᠨ ᠬᠦ᠌ ᠪᠢᠳᠡ ᠣᠳᠣ ᠤᠰᠤᠨ ᠬᠠᠭᠤᠷᠠᠢ ᠵᠠᠮ ᠢ᠋ᠶ᠋ᠠᠷ ᠵᠡᠷᠭᠡᠪᠡᠷ ᠣᠷᠣᠵᠤ ᠬᠠᠨ ᠶᠠᠩ ᠢ᠋ ᠪᠦᠰᠡᠯᠡᠨ ᠪᠠᠢᠯᠳᠤᠬᠤ ᠠ᠋ᠴᠠ ᠥᠭᠡᠷ᠎ᠡ ᠠᠷᠭ᠎ᠠ ᠦᠭᠡᠢ᠃ ᠡᠨᠡ ᠤᠳᠠᠭᠠᠨ ᠤ᠋ ᠲᠡᠢᠨ ᠦ᠌ ᠲᠠᠢᠯᠤᠨ ᠳᠡᠢᠯᠦᠭᠳᠡᠬᠦ ᠠᠨᠤ ᠮᠠᠨ ᠤ᠋ ᠰᠥᠩ ᠡᠴᠡ ᠶᠠᠯ᠎ᠠ ᠠᠰᠠᠭᠤᠬᠤ ᠠᠶᠠᠨ ᠲᠡᠢᠨ ᠳ᠋ᠦ᠍ᠷ ᠬᠣᠯᠪᠣᠭᠳᠠᠬᠤ ᠲᠤᠯᠠ ᠣᠯᠠᠨ ᠬᠦᠩ ᠨᠠᠷ ᠡᠰᠡ ᠬᠢᠴᠢᠶᠡᠨ ᠴᠢᠷᠮᠠᠢᠪᠠᠰᠤ ᠦᠯᠦ ᠪᠣᠯᠤᠮᠤᠢ ᠭᠡᠮᠡᠨ ᠬᠡᠳᠦᠨ ᠵᠠᠮ ᠢ᠋ᠶ᠋ᠠᠷ ᠴᠡᠷᠢᠭ ᠣᠷᠣᠵᠤ ᠬᠠᠨ ᠶᠠᠩ ᠢ᠋ ᠪᠦᠰᠡᠯᠡᠵᠦ ᠠᠪᠤᠭᠠᠳ ᠫᠤᠤ ᠰᠤᠮᠤ ᠣᠷᠣᠭᠤᠯᠵᠤ ᠶᠡᠬᠡᠳᠡ ᠪᠠᠢᠯᠳᠤᠬᠤᠢ ᠳ᠋ᠤᠷ ᠰᠢᠶᠠ ᠬᠦᠢ ᠴᠡᠷᠢᠭ ᠠᠪᠴᠤ ᠲᠤᠰᠠᠯᠠᠰᠤᠭᠠᠢ ᠭᠡᠮᠡᠨ ᠪᠣᠳᠣᠪᠠᠴᠤ ᠠᠩᠬ᠎ᠠ ᠤᠳᠠᠭ᠎ᠠ ᠰᠢᠨ ᠢᠩ ᠢ᠋ ᠲᠤᠰᠠᠯᠠᠬᠤ ᠪᠠᠷ ᠣᠴᠢᠭᠠᠳ ᠬᠤᠸᠠᠩ ᠵᠢᠶᠠ ᠸᠠᠨ ᠪᠤᠤ ᠶ᠋ᠢ ᠠᠯᠳᠠᠭᠰᠠᠨ ᠢ᠋ᠶ᠋ᠠᠨ ᠪᠣᠳᠣᠵᠤ ᠳᠠᠬᠢᠨ ᠭᠡᠨᠡᠳᠡᠬᠦ ᠡᠴᠡ ᠠᠶᠤᠵᠤ ᠬᠥᠳᠡᠯᠦᠭᠰᠡᠨ ᠦᠭᠡᠢ᠃ ᠬᠣᠶᠠᠷ ᠡᠳᠦᠷ ᠥᠩᠭᠡᠷᠡᠭᠡᠳ ᠭᠡᠲᠡᠭᠦᠯᠪᠡᠰᠦ ᠮᠣᠩᠭᠣᠯᠴᠤᠳ ᠬᠠᠨ ᠶᠠᠩ ᠢ᠋ ᠡᠳᠦᠷ ᠰᠥᠨᠢ ᠦᠭᠡᠢ ᠪᠠᠢᠯᠳᠤᠵᠤ ᠡᠷᠬᠡᠪᠰᠢ ᠠᠪᠰᠤᠭᠠᠢ ᠬᠡᠮᠡᠮᠦᠢ ᠭᠡᠮᠡᠨ ᠰᠣᠨᠣᠰᠤᠭᠠᠳ ᠬᠠᠨ ᠶᠠᠩ ᠢ᠋ ᠠᠯᠳᠠᠪᠠᠰᠤ ᠱᠠ ᠦ ᠺᠧᠦ ᠶ᠋ᠢ ᠰᠠᠬᠢᠭᠰᠠᠨ ᠬᠡᠷᠡᠭ ᠦᠭᠡᠢ ᠪᠣᠯᠤᠮᠤᠢ ᠭᠡᠮᠡᠨ ᠪᠠᠴᠢᠮᠳᠠᠵᠤ ᠪᠦᠬᠦᠢ ᠳ᠋ᠦ᠍ᠷ ᠮᠥᠷᠡᠨ ᠦ᠌ ᠴᠠᠭᠳᠠᠭᠠᠨ ᠤ᠋ ᠣᠩᠭᠣᠴᠠ ᠨᠢᠭᠡᠨ ᠬᠤᠯᠤᠰᠤᠨ ᠰᠠᠯ ᠢ᠋ᠶ᠋ᠠᠷ ᠪᠤᠷᠤᠭᠤᠯᠠᠨ ᠶᠠᠪᠤᠬᠤ ᠬᠡᠳᠦᠨ ᠴᠡᠷᠢᠭ ᠢ᠋ ᠪᠠᠷᠢᠵᠤ ᠬᠦᠷᠭᠡᠵᠦ ᠢᠷᠡᠪᠡ᠃ ᠬᠠᠨ ᠶᠠᠩ ᠬᠣᠲᠠ ᠶ᠋ᠢᠨ ᠪᠠᠢᠳᠠᠯ ᠢ ᠠᠰᠠᠭᠤᠪᠠᠰᠤ ᠮᠣᠩᠭᠣᠯᠴᠤᠳ ᠬᠣᠲᠠ ᠶ᠋ᠢᠨ ᠪᠠᠷᠠᠭᠤᠨ ᠬᠣᠢᠨ᠎ᠠ ᠠ᠋ᠴᠠ ᠨᠦᠬᠡᠯᠡᠵᠦ ᠣᠷᠣᠵᠤ ᠢᠷᠡᠭᠡᠳ ᠶᠡᠬᠡᠳᠡ ᠪᠠᠢᠯᠳᠤᠮᠤᠢ ᠬᠡᠮᠡᠬᠦ ᠡᠴᠡ ᠥᠭᠡᠷ᠎ᠡ ᠤᠴᠢᠷ ᠢ᠋ ᠳᠡᠮᠡᠢ ᠮᠡᠳᠡᠬᠦ ᠦᠭᠡᠢ᠃ ᠶᠠᠭ ᠪᠠᠢᠯᠳᠤᠭᠠᠨ ᠤ᠋ ᠪᠠᠴᠢᠮ ᠴᠠᠭ ᠬᠣᠲᠠ ᠶ᠋ᠢᠨ ᠲᠦᠩ ᠹᠠᠨ ᠲᠦᠰᠢᠮᠡᠯ ᠸᠠᠩ ᠢ ᠪᠢᠳᠡ ᠬᠡᠳᠦᠭᠦᠯᠡ ᠶ᠋ᠢ ᠨᠤᠲᠤᠭ ᠤ᠋ᠨ ᠬᠥᠮᠦᠨ ᠭᠡᠮᠡᠨ ᠨᠢᠭᠡᠨ ᠡᠯᠴᠢ ᠳ᠋ᠦ᠍ᠷ ᠵᠠᠮᠴᠢ ᠪᠣᠯᠭᠠᠨ ᠰᠬᠠᠰᠤ ᠪᠠᠷ ᠲᠠᠯᠪᠢᠵᠤ ᠪᠠᠭᠤᠯᠭᠠᠭᠠᠳ ᠵᠠᠢ ᠵᠠᠪᠰᠠᠷ ᠢ᠋ ᠦᠵᠡᠵᠦ ᠶᠠᠪᠤᠵᠤ ᠠᠭᠠᠳ ᠡᠯᠴᠢ ᠪᠠᠷᠢᠭᠳᠠᠵᠤ ᠪᠢᠳᠡ ᠲᠠᠪᠤᠭᠤᠯᠠ ᠶ᠋ᠢᠨ ᠬᠣᠶᠠᠷ ᠠᠨᠤ ᠠᠯᠠᠭᠳᠠᠵᠤ ᠪᠢᠳᠡ ᠭᠤᠷᠪᠠ ᠣᠢ ᠳ᠋ᠤᠷ ᠰᠢᠷᠭᠤᠵᠤ ᠠᠮᠢ ᠭᠠᠷᠴᠤ ᠬᠣᠲᠠᠨ ᠳ᠋ᠤᠷ ᠣᠷᠣᠵᠤ ᠪᠣᠯᠬᠤ ᠦᠭᠡᠢ ᠲᠤᠯᠠ ᠳᠤᠲᠠᠭᠠᠨ ᠶᠠᠪᠤᠬᠤ ᠠᠨᠤ ᠪᠣᠯᠠᠢ᠃ ᠣᠷᠣᠬᠤ ᠭᠠᠵᠠᠷ ᠦᠭᠡᠢ ᠲᠤᠯᠠ ᠴᠡᠷᠢᠭ ᠲᠡᠭᠡᠨ ᠬᠣᠴᠣᠷᠤᠭᠤᠯᠵᠤ ᠠᠪᠤᠮᠤᠢ ᠤᠤ ?  ᠭᠡᠮᠡᠨ ᠭᠤᠶᠤᠮᠤᠢ᠃ ᠰᠢᠶᠠ ᠬᠦᠢ ᠭᠤᠷᠪᠠᠨ ᠣᠷᠭᠣᠳᠠᠯ ᠠ᠋ᠴᠠ ᠬᠠᠨ ᠶᠠᠩ ᠤ᠋ᠨ ᠲᠦᠭᠰᠢᠭᠦᠷᠢᠲᠡᠢ ᠪᠠᠢᠳᠠᠯ ᠢ᠋ ᠰᠣᠨᠣᠰᠴᠤ ᠲᠣᠭᠲᠠᠵᠤ ᠴᠢᠳᠠᠬᠤ ᠦᠭᠡᠢ ᠪᠣᠯᠵᠤ ᠬᠠᠨ ᠶᠠᠩ ᠢ᠋ ᠡᠰᠡ ᠲᠤᠰᠠᠯᠠᠪᠠᠰᠤ ᠮᠢᠨᠦ ᠶᠠᠯ᠎ᠠ ᠪᠣᠯᠤᠮᠣᠷ ᠭᠡᠮᠡᠨ ᠶᠠᠩ ᠯᠦᠸᠧ ᠪᠤᠤ ᠶ᠋ᠢ ᠰᠠᠬᠢᠬᠤ ᠳᠦ ᠲᠦᠩ ᡁᠢ ᠲᠦᠰᠢᠮᠡᠯ ᠸᠠᠩ ᠳᠠ ᠳ᠋ᠤᠷ ᠲᠦᠮᠡᠨ ᠴᠡᠷᠢᠭ ᠨᠡᠮᠡᠵᠦ ᠥᠭᠭᠦᠭᠡᠳ ᠱᠠ ᠦ ᠺᠧᠦ ᠶ᠋ᠢᠨ ᠣᠯᠵᠤ ᠠᠯᠳᠠᠬᠤ ᠠᠨᠤ ᠶᠠᠩ ᠯᠦᠸᠧ ᠪᠤᠤ ᠳ᠋ᠤᠷ ᠬᠣᠯᠪᠣᠭᠳᠠᠬᠤ ᠲᠤᠯᠠ ᠲᠤᠯᠭ᠎ᠠ ᠶ᠋ᠢᠨ ᠬᠥᠯ ᠮᠡᠲᠦ ᠬᠠᠷᠢᠯᠴᠠᠨ ᠲᠤᠰᠠᠯᠠᠯᠴᠠᠪᠠᠰᠤ ᠬᠡᠳᠦᠨ ᠡᠳᠦᠷ ᠰᠠᠬᠢᠵᠤ ᠪᠣᠯᠤᠮᠤᠢ᠃ ᠲᠡᠳᠦᠢ ᠳ᠋ᠦ᠍ᠷ ᠪᠢ ᠪᠡᠶ᠎ᠡ ᠪᠡᠷ ᠪᠤᠴᠠᠵᠤ ᠢᠷᠡᠬᠦ ᠦᠭᠡᠢ ᠪᠣᠯᠪᠠᠴᠤ ᠯᠠᠪ ᠲᠤᠰᠠᠯᠠᠬᠤ ᠴᠡᠷᠢᠭ ᠶᠠᠪᠤᠭᠤᠯᠰᠤᠭᠠᠢ ᠭᠡᠮᠡᠨ ᠳᠠᠬᠢᠨ ᠳᠠᠪᠲᠠᠨ ᠠᠩᠬᠠᠷᠤᠭᠤᠯᠵᠤ ᠬᠡᠷᠪᠡ ᠲᠠᠪᠤᠨ ᠡᠳᠦᠷ ᠳᠣᠲᠣᠷ᠎ᠠ ᠰᠠᠬᠢᠭᠰᠠᠨ ᠢ᠋ᠶ᠋ᠠᠨ ᠠᠯᠳᠠᠬᠤ ᠦᠭᠡᠢ ᠪᠥᠭᠡᠰᠦ ᠲᠡᠷᠢᠭᠦᠨ ᠭᠠᠪᠢᠶ᠎ᠠ ᠭᠡᠮᠡᠨ ᠰᠠᠶᠢ ᠤᠰᠤᠨ ᠵᠠᠮ ᠢ᠋ᠶ᠋ᠠᠷ ᠬᠠᠨ ᠶᠠᠩ ᠢ᠋ ᠲᠤᠰᠠᠯᠠᠬᠤ ᠪᠠᠷ ᠮᠣᠷᠳᠠᠪᠠ᠃ ᠲᠡᠳᠦᠢ ᠳ᠋ᠦ᠍ᠷ ᠪᠠᠶᠠᠨ ᠶᠤᠸᠠᠨᠱᠤᠸᠠᠢ ᠶ᠋ᠢᠨ ᠨᠢᠭᠤᠴᠠ ᠵᠠᠬᠢᠶ᠎ᠠ ᠶ᠋ᠢ ᠬᠦᠯᠢᠶᠡᠨ ᠱᠠ ᠦ ᠺᠧᠦ ᠣᠢᠷ᠎ᠠ ᠪᠦᠭᠭᠦᠵᠦ ᠰᠠᠭᠤᠭᠰᠠᠨ ᠶᠡᠬᠡ ᠵᠠᠩᠵᠤᠨ ᠲᠥᠷᠥ ᠶ᠋ᠢᠨ ᠶᠠᠪᠤᠳᠠᠯ ᠢ᠋ ᠮᠡᠳᠡᠭᠴᠢ ᠲᠦᠰᠢᠮᠡᠯ ᠠᠷᠤᠤᠬᠠᠨ ᠤ᠋ ᠴᠡᠷᠢᠭ ᠰᠢᠶᠠ ᠬᠦᠢ ᠶ᠋ᠢᠨ ᠣᠯᠠᠨ ᠮᠣᠷᠳᠠᠭᠠᠳ ᠳᠠᠯᠳᠠ ᠣᠷᠣᠭᠰᠠᠨ ᠤ᠋ ᠳᠠᠷᠠᠭ᠎ᠠ ᠫᠤᠤ ᠲᠠᠯᠪᠢᠨ ᠰᠦᠷ ᠮᠠᠨᠳᠤᠭᠤᠯᠵᠤ ᠱᠠ ᠦ ᠺᠧᠦ ᠶ᠋ᠢᠨ ᠳᠠᠯᠠᠩ ᠢ᠋ ᠰᠠᠬᠢᠬᠤ ᠴᠡᠷᠢᠭ ᠢ᠋ ᠪᠠᠢᠯᠳᠤᠨ ᠣᠷᠣᠪᠠ᠃ ᠬᠣᠴᠣᠷᠴᠤ ᠳᠠᠯᠠᠩ ᠰᠠᠬᠢᠬᠤ ᠴᠡᠷᠢᠭ ᠰᠠᠶᠢ ᠰᠢᠶᠠ ᠬᠦᠢ ᠶ᠋ᠢ ᠮᠣᠷᠳᠠᠭᠤᠯᠤᠭᠠᠳ ᠱᠠ ᠦ ᠺᠧᠦ ᠶ᠋ᠢ ᠬᠡᠷᠬᠢᠨ ᠰᠠᠬᠢᠬᠤ ᠪᠠᠨ ᠴᠤ᠌ ᠵᠥᠪᠳᠡᠵᠦ ᠵᠠᠪᠳᠤᠭᠰᠠᠨ ᠦᠭᠡᠢ ᠮᠣᠩᠭᠣᠯ ᠤ᠋ᠨ ᠴᠡᠷᠢᠭ ᠭᠡᠨᠡᠳᠲᠡ ᠬᠦᠷᠴᠦ ᠢᠷᠡᠬᠦᠢ ᠳ᠋ᠦ᠍ᠷ ᠥᠴᠦᠬᠡᠨ ᠴᠦ᠍ ᠪᠡᠯᠡᠳᠬᠡᠯ ᠦᠭᠡᠢ ᠲᠤᠯᠠ ᠰᠣᠴᠢᠨ ᠰᠠᠨᠳᠤᠷᠴᠤ ᠠᠮᠢ ᠭᠠᠷᠬᠤ ᠪᠠᠨ ᠪᠣᠳᠣᠵᠤ ᠣᠩᠭᠣᠴᠠᠨ ᠳ᠋ᠠᠭᠠᠨ ᠪᠤᠯᠢᠶᠠᠯᠳᠤᠨ ᠭᠠᠷᠴᠤ ᠰᠢᠶᠠ ᠬᠦᠢ ᠶ᠋ᠢᠨ ᠶᠡᠬᠡ ᠴᠡᠷᠢᠭ ᠦ᠋ᠨ ᠬᠣᠢᠨ᠎ᠠ ᠠ᠋ᠴᠠ ᠪᠤᠷᠤᠭᠤᠯᠠᠨ ᠶᠠᠪᠤᠪᠠ ᠃ ᠲᠡᠢᠨ ᠬᠦ᠌ ᠠᠷᠤᠤᠬᠠᠨ ᠤ᠋ ᠴᠡᠷᠢᠭ ᠱᠠ ᠦ ᠺᠧᠦ ᠶ᠋ᠢ ᠥᠴᠦᠬᠡᠨ ᠴᠦ᠍ ᠬᠦᠴᠦ ᠣᠷᠣᠭᠰᠠᠨ ᠦᠭᠡᠢ ᠡᠵᠡᠯᠡᠨ ᠠᠪᠴᠤ ᠳᠠᠯᠠᠩ ᠢ ᠨᠤᠷᠠᠭᠠᠬᠤ ᠶ᠋ᠢ ᠥᠭᠦᠯᠡᠬᠦ ᠦᠭᠡᠢ᠃ ᠶᠠᠩ ᠯᠦᠸᠧ ᠪᠤᠤ ᠶ᠋ᠢᠨ ᠳᠦ ᠲᠦᠩ ᡁᠢ ᠲᠦᠰᠢᠮᠡᠯ ᠸᠠᠩ ᠳᠠ ᠂ ᠱᠠ ᠦ ᠺᠧᠦ ᠡᠴᠡ ᠶᠠᠪᠤᠭᠤᠯᠤᠭᠰᠠᠨ ᠡᠯᠴᠢ ᠶ᠋ᠢᠨ ᠪᠢᠴᠢᠭ ᠢ ᠦᠵᠡᠪᠡᠰᠦ ᠮᠣᠩᠭᠣᠯ ᠤ᠋ᠨ ᠨᠢᠭᠡᠨ ᠰᠠᠯᠠᠭ᠎ᠠ ᠴᠡᠷᠢᠭ ᠱᠠ ᠦ ᠺᠧᠦ ᠶ᠋ᠢ ᠪᠠᠢᠯᠳᠤᠬᠤ ᠲᠤᠯᠠ ᠲᠤᠰᠠᠯᠠᠬᠤ ᠠᠨᠤ ᠵᠦᠢ᠃ ᠤᠷᠤᠭᠤᠯ ᠦᠭᠡᠢ ᠪᠥᠭᠡᠰᠦ ᠰᠢᠳᠦ ᠵᠢᠬᠡᠭᠦᠴᠡᠮᠦᠢ ᠭᠡᠮᠡᠨ ᠳᠡᠳ᠋ ᠲᠦᠩ ᡁᠢ ᠳ᠋ᠡᠭᠡᠨ ᠬᠣᠲᠠ ᠪᠠᠨ ᠰᠠᠢᠲᠤᠷ ᠲᠤᠰᠢᠶᠠᠨ ᠥᠭᠴᠦ ᠥᠪᠡᠷᠦᠨ ᠪᠡᠶ᠎ᠡ ᠬᠣᠶᠠᠷ ᠲᠦᠮᠡᠨ ᠴᠡᠷᠢᠭ ᠠᠪᠴᠤ ᠭᠣᠣᠯ ᠥᠭᠡᠳᠡᠯᠡᠨ ᠱᠠ ᠦ ᠺᠧᠦ ᠬᠦᠷᠴᠦ ᠢᠷᠡᠪᠡᠰᠦ ᠮᠣᠩᠭᠣᠯ ᠤ᠋ᠨ ᠴᠡᠷᠢᠭ ᠱᠠ ᠦ ᠺᠧᠦ ᠶ᠋ᠢ ᠨᠢᠭᠡᠨᠲᠡ ᠡᠵᠡᠯᠡᠭᠡᠳ ᠠᠮᠠ ᠶ᠋ᠢ ᠬᠠᠰᠢᠭᠰᠠᠨ ᠳᠠᠯᠠᠩ ᠢ᠋ ᠴᠥᠮ ᠨᠤᠷᠠᠭᠠᠵᠤ ᠲᠠᠯᠪᠢᠪᠠ᠃ ᠸᠠᠩ ᠳᠠ ᠮᠣᠩᠭᠣᠯ ᠤ᠋ᠨ ᠴᠡᠷᠢᠭ ᠣᠯᠠᠨ ᠦᠭᠡᠢ ᠶ᠋ᠢ ᠦᠵᠡᠭᠡᠳ ᠵᠣᠷᠢᠭ ᠣᠷᠣᠵᠤ ᠱᠠ ᠦ ᠺᠧᠦ ᠶ᠋ᠢ ᠪᠤᠯᠢᠶᠠᠨ ᠠᠪᠰᠤᠭᠠᠢ ᠭᠡᠮᠡᠨ ᠪᠠᠢᠯᠳᠤᠷ᠎ᠠ ᠢᠷᠠᠪᠠᠰᠤ ᠠᠷᠤᠤᠬᠠᠨ ᠳᠠᠯᠠᠩ ᠳᠡᠭᠡᠷ᠎ᠡ ᠮᠣᠷᠢ ᠲᠡᠳᠡᠨ ᠵᠣᠭᠰᠣᠵᠤ ᠢᠨᠢᠶᠡᠨ ᠥᠭᠦᠯᠡᠷᠦᠨ :《ᠴᠢ ᠮᠠᠨ ᠤ᠋ ᠶᠤᠸᠠᠨᠱᠤᠸᠠᠢ ᠶ᠋ᠢᠨ ᠠᠷᠭᠠᠨ ᠳ᠋ᠤᠷ ᠣᠷᠣᠭᠰᠠᠨ ᠢ᠋ᠶ᠋ᠠᠨ ᠪᠠᠰᠠ ᠮᠡᠳᠡᠭᠡᠳᠦᠢ ᠤᠤ ?  》ᠭᠡᠮᠡᠨ ᠲᠠᠰᠢᠭᠤᠷ ᠢ᠋ᠶ᠋ᠠᠷ ᠶᠠᠩ ᠯᠦᠸᠧ ᠪᠤᠤ ᠵᠦᠭ ᠵᠢᠭᠠᠪᠠᠰᠤ ᠲᠡᠷᠡ ᠵᠦᠭ ᠲᠦ᠍ᠷ ᠭᠠᠯ ᠤᠲᠤᠭ᠎ᠠ ᠲᠡᠭᠷᠢ ᠶ᠋ᠢ ᠲᠤᠯᠤᠮ᠎ᠠ ᠮᠠᠨᠳᠤᠵᠤ ᠶᠠᠩ ᠯᠦᠸᠧ ᠪᠤᠤ ᠶᠠᠮᠠᠷ ᠪᠣᠯᠤᠭᠰᠠᠨ ᠢ ᠮᠡᠳᠡᠬᠦ ᠦᠭᠡᠢ ᠲᠤᠯᠠ ᠸᠠᠩ ᠳᠠ ᠪᠠᠢᠯᠳᠤᠬᠤ ᠰᠡᠳᠬᠢᠯ ᠦᠭᠡᠢ ᠪᠣᠯᠵᠤ ᠰᠠᠨᠳᠤ ᠮᠦᠡᠳᠤ ᠪᠤᠴᠠᠪᠠᠰᠤ ᠠᠷᠤᠤᠬᠠᠨ ᠴᠡᠷᠢᠭ ᠢ᠋ᠶ᠋ᠡᠨ ᠳᠠᠯᠠᠯᠤᠨ ᠠᠷᠤ ᠠ᠋ᠴᠠ ᠣᠷᠣᠵᠤ ᠳᠠᠭᠤᠰᠲᠠᠯ᠎ᠠ ᠬᠢᠳᠤᠵᠤ ᠰᠠᠶᠢ ᠴᠡᠷᠢᠭ ᠬᠤᠷᠢᠶᠠᠪᠠ᠃ ᠸᠠᠩ ᠳᠠ ᠣᠯᠠᠨ ᠢ᠋ᠶ᠋ᠠᠨ ᠬᠢᠳᠤᠭᠤᠯᠵᠤ ᠶᠠᠩ ᠯᠦᠸᠧ ᠪᠤᠤ ᠵᠦᠭ ᠪᠤᠷᠤᠭᠤᠯᠠᠬᠤᠢ ᠳ᠋ᠤᠷ ᠬᠡᠳᠦ ᠬᠡᠳᠦᠨ ᠡᠪᠡᠰᠦ ᠲᠦᠯᠡᠭᠡ ᠣᠪᠣᠭᠠᠯᠠᠭᠰᠠᠨ ᠶᠡᠬᠡ ᠰᠠᠯ ᠭᠠᠯ ᠤᠲᠤᠭ᠎ᠠ ᠮᠠᠨᠳᠤᠭᠤᠯᠤᠨ ᠤᠷᠤᠰᠬᠠᠯ ᠳᠠᠭᠠᠵᠤ ᠪᠠᠭᠤᠬᠤ ᠶ᠋ᠢ ᠦᠵᠡᠭᠡᠳ ᠪᠠᠰᠠ ᠠᠷᠭᠠᠨ ᠳ᠋ᠤᠷ ᠣᠷᠣᠭᠰᠠᠨ ᠢ᠋ᠶ᠋ᠠᠨ ᠮᠡᠳᠡᠵᠦ ᠵᠠᠪᠰᠢᠶᠠᠨ ᠢ᠋ᠶ᠋ᠠᠷ ᠶᠠᠩ ᠯᠦᠸᠧ ᠪᠤᠤ ᠬᠠᠷᠢᠨ ᠡᠪᠳᠡᠭᠳᠡᠭᠡᠳᠦᠢ ᠭᠡᠮᠡᠨ ᠪᠡᠬᠢᠯᠡᠯᠲᠡ ᠳ᠋ᠡᠭᠡᠨ ᠣᠷᠣᠵᠤ ᠰᠠᠬᠢᠪᠠ᠃  
      ᠥᠭᠦᠯᠡᠬᠦ ᠢᠨᠦ ᠪᠠᠶᠠᠨ ᠶᠤᠸᠠᠨᠱᠤᠸᠠᠢ ᠬᠠᠨ ᠶᠠᠩ ᠢ᠋ ᠪᠦᠰᠡᠯᠡᠨ ᠠᠪᠤᠭᠠᠳ ᠫᠤᠤ ᠲᠠᠯᠪᠢᠨ ᠵᠡᠪᠡ ᠴᠢᠯᠠᠭᠤ ᠬᠠᠷᠪᠤᠵᠤ ᠰᠦᠷ ᠦᠵᠡᠭᠦᠯᠦᠨ ᠵᠠᠩᠵᠤᠨ ᠴᠡᠷᠢᠭ ᠢ᠋ᠶ᠋ᠡᠨ ᠬᠣᠲᠠ ᠣᠢᠷᠠᠲᠤᠭᠤᠯᠬᠤ ᠦᠭᠡᠢ ᠭᠠᠭᠴᠠᠬᠦ ᠠᠮᠢᠲᠠᠢ ᠵᠦᠢᠯ ᠢ᠋ ᠭᠠᠷᠭᠠᠵᠤ ᠪᠣᠯᠬᠤ ᠦᠭᠡᠢ ᠭᠡᠮᠡᠨ ᠬᠠᠲᠠᠭᠤ ᠴᠠᠭᠠᠵᠠᠯᠠᠪᠠ᠃ ᠲᠡᠢᠨ ᠬᠦ᠌ ᠣᠯᠠᠨ ᠴᠥᠮ ᠭᠠᠢᠬᠠᠵᠤ ᠬᠣᠱᠣᠩ ᠨᠠᠭᠠᠳᠤᠮ ᠪᠣᠯᠭᠠᠨ 《ᠡᠭᠦᠨ ᠢ᠋ ᠳᠠᠷᠤᠢ ᠰᠢᠷᠡᠭᠡ ᠠᠯᠠᠭᠠᠳᠠᠵᠤ ᠮᠢᠭᠤᠢ ᠶ᠋ᠢ ᠠᠶᠤᠯᠭᠠᠬᠤ ᠠᠷᠭ᠎ᠠ ᠬᠡᠮᠡᠮᠦᠢ 》ᠬᠡᠮᠡᠯᠴᠡᠨ ᠰᠡᠮᠡᠬᠡᠷ ᠢᠨᠢᠶᠡᠯᠳᠦᠨ ᠭᠠᠯ ᠤᠲᠤᠭ᠎ᠠ ᠳᠡᠭᠳᠡᠭᠡᠨ ᠴᠤᠤ ᠴᠢᠮᠡᠭᠡ ᠭᠠᠷᠭᠠᠨ ᠪᠦᠬᠦᠢ ᠳ᠋ᠦ᠍ᠷ ᠲᠤᠷᠰᠢᠭᠤᠯ ᠤ᠋ᠨ ᠬᠥᠮᠦᠰ ᠠᠷᠤ ᠠᠷᠤ ᠠ᠋ᠴᠠ ᠪᠠᠨ ᠳᠠᠭᠠᠯᠳᠤᠨ ᠢᠷᠡᠵᠦ ᠰᠢᠶᠠ ᠬᠦᠢ ᠶᠡᠬᠡ ᠴᠡᠷᠢᠭ ᠠᠪᠴᠤ ᠠᠢᠰᠤᠢ ᠭᠡᠮᠡᠨ ᠮᠡᠳᠡᠭᠦᠯᠪᠡᠰᠦ ᠪᠠᠶᠠᠨ ᠶᠤᠸᠠᠨᠱᠤᠸᠠᠢ ᠬᠠᠷᠠᠩᠭ᠎ᠠ ᠴᠣᠬᠢᠭᠤᠯᠵᠤ ᠴᠡᠷᠢᠭ ᠬᠤᠷᠢᠶᠠᠵᠤ ᠰᠢᠶᠠ ᠬᠦᠢ ᠶ᠋ᠢᠨ ᠴᠡᠷᠢᠭ ᠬᠠᠨ ᠶᠠᠩ ᠬᠦᠷᠴᠦ ᠢᠷᠡᠬᠦᠢ ᠳ᠋ᠦ᠍ᠷ ᠪᠠᠶᠠᠨ ᠶᠤᠸᠠᠨᠱᠤᠸᠠᠢ ᠶ᠋ᠢᠨ ᠤᠰᠤᠨ ᠴᠡᠷᠢᠭ ᠬᠡᠳᠦᠢᠨᠡᠢ ᠱᠠ ᠦ ᠺᠧᠦ ᠶ᠋ᠢ ᠴᠢᠭᠯᠡᠪᠡ᠃ ᠰᠢᠶᠠ ᠬᠦᠢ ᠬᠠᠨ ᠶᠠᠩ ᠳ᠋ᠤᠷ ᠣᠷᠣᠵᠤ ᠸᠠᠩ ᠢ ᠨᠣᠶᠠᠨ ᠠ᠋ᠴᠠ ᠠᠰᠠᠭᠤᠪᠠᠰᠤ ᠮᠣᠩᠭᠣᠯᠴᠤᠳ ᠬᠣᠲᠠ ᠶ᠋ᠢ ᠪᠦᠰᠡᠯᠡᠭᠰᠡᠨ ᠪᠣᠯᠪᠠᠴᠤ ᠬᠣᠲᠠ ᠶ᠋ᠢ ᠪᠠᠢᠯᠳᠤᠭᠰᠠᠨ ᠦᠭᠡᠢ ᠪᠥᠭᠡᠳ ᠬᠠᠨ ᠶᠠᠩ ᠠ᠋ᠴᠠ ᠡᠯᠴᠢ ᠶᠠᠪᠤᠭᠤᠯᠤᠭᠰᠠᠨ ᠦᠭᠡᠢ ᠬᠡᠮᠡᠬᠦ ᠶ᠋ᠢ ᠰᠣᠨᠣᠰᠴᠤ ᠳᠠᠬᠢᠨ ᠠᠷᠭᠠᠨ ᠳ᠋ᠤᠷ ᠣᠷᠣᠭᠰᠠᠨ ᠢ᠋ᠶ᠋ᠠᠨ ᠮᠡᠳᠡᠵᠦ ᠶᠡᠬᠡᠳᠡ ᠭᠡᠮᠰᠢᠵᠦ ᠦᠬᠦᠰᠦᠭᠡᠢ ᠭᠡᠮᠡᠨ ᠰᠡᠯᠡᠮ᠎ᠡ ᠪᠡᠨ ᠲᠠᠲᠠᠬᠤᠢ ᠳ᠋ᠤᠷ ᠣᠯᠠᠨ ᠵᠠᠩᠵᠤᠨ ᠵᠠᠪᠳᠤᠵᠤ ᠬᠣᠷᠢᠭᠯᠠᠨ ᠵᠣᠭᠰᠣᠭᠠᠪᠠ᠃  
       ᠥᠭᠦᠯᠡᠬᠦ ᠢᠨᠦ ᠪᠠᠶᠠᠨ ᠶᠤᠸᠠᠨᠱᠤᠸᠠᠢ ᠬᠠᠨ ᠶᠠᠩ ᠠ᠋ᠴᠠ ᠴᠡᠷᠢᠭ ᠲᠠᠲᠠᠵᠤ ᠱᠠ ᠦ ᠺᠧᠦ ᠪᠡᠷ ᠣᠷᠣᠵᠤ ᠢᠷᠡᠬᠦᠢ ᠳ᠋ᠦ᠍ᠷ ᠣᠯᠠᠨ ᠵᠠᠩᠵᠤᠨ ᠴᠡᠷᠢᠭ ᠰᠠᠶᠢ ᠰᠢᠶᠠ ᠬᠦᠢ ᠶ᠋ᠢ ᠱᠠ ᠦ ᠺᠧᠦ ᠡᠴᠡ ᠵᠠᠢᠯᠠᠭᠤᠯᠬᠤ ᠠᠷᠭ᠎ᠠ ᠭᠡᠮᠡᠨ ᠮᠡᠳᠡᠵᠦ ᠮᠢᠭᠤᠢ ᠠᠶᠤᠯᠭᠠᠬᠤ ᠴᠤ᠌ ᠮᠢᠭᠤᠢ ᠠᠶᠤᠯᠭᠠᠬᠤ ᠪᠣᠯᠠᠢ᠃ ᠭᠡᠪᠡᠴᠦ ᠬᠠᠨ ᠶᠠᠩ ᠤ᠋ᠨ ᠮᠢᠭᠤᠢ ᠪᠤᠰᠤ ᠱᠠ ᠦ ᠺᠧᠦ ᠶ᠋ᠢᠨ ᠮᠢᠭᠤᠢ ᠪᠠᠢᠭᠰᠠᠨ ᠢ᠋ ᠬᠡᠨ ᠮᠡᠳᠡᠪᠡᠢ ᠭᠡᠮᠡᠨ ᠢᠨᠢᠶᠡᠯᠳᠦᠪᠡ᠃  
       ᠶᠡᠬᠡ ᠴᠡᠷᠢᠭ ᠱᠠ ᠦ ᠺᠧᠦ ᠪᠡᠷ ᠣᠷᠣᠵᠤ ᠦ ᠵᠢᠢ ᠶ᠋ᠢᠨ ᠭᠠᠵᠠᠷ ᠬᠦᠷᠦᠭᠡᠳ ᠶᠠᠩ ᠯᠦᠸᠧ ᠪᠤᠤ ᠶ᠋ᠢᠨ ᠳᠠᠢᠰᠤᠨ ᠢ᠋ ᠴᠠᠭᠳᠠᠨ ᠰᠡᠷᠭᠡᠢᠯᠡᠵᠦ ᠯᠦᠨ ᠭᠧ ᠭᠣᠣᠯ ᠤ᠋ᠨ ᠠᠮᠠ ᠳ᠋ᠤᠷ ᠬᠦᠷᠴᠦ ᠭᠣᠣᠯ ᠤ᠋ᠨ ᠲᠣᠬᠣᠢ ᠶ᠋ᠢᠨ ᠠᠰᠢᠭᠲᠠᠢ ᠪᠠᠢᠳᠠᠯ ᠢ᠋ ᠠᠰᠢᠭᠯᠠᠨ ᠤᠰᠤᠨ ᠴᠡᠷᠢᠭ ᠦ᠋ᠨ ᠴᠠᠢᠵᠠ ᠪᠠᠢᠭᠤᠯᠵᠤ ᠬᠥᠯ ᠲᠣᠭᠲᠠᠬᠤ ᠭᠠᠵᠠᠷ ᠲᠠᠢ ᠪᠣᠯᠭᠠᠪᠠ᠃  
       ᠲᠡᠢᠨ ᠬᠦ᠌ ᠶᠡᠬᠡ ᠮᠥᠷᠡᠨ ᠢ᠋ ᠭᠡᠲᠦᠯᠬᠦ ᠶᠠᠪᠤᠳᠠᠯ ᠢ᠋ ᠵᠥᠪᠳᠡᠪᠡᠰᠦ ᠣᠯᠠᠨ ᠴᠥᠮ ᠶᠠᠩ ᠯᠦᠸᠧ ᠪᠤᠤ ᠶ᠋ᠢ ᠡᠰᠡ ᠠᠪᠤᠪᠠᠰᠤ ᠪᠢᠳᠡ ᠴᠡᠷᠢᠭ ᠬᠡᠷᠡᠭᠯᠡᠬᠦᠢ ᠳ᠋ᠦ᠍ᠷ ᠬᠦᠴᠦᠨ ᠬᠤᠪᠢᠶᠠᠭᠳᠠᠮᠤᠢ ᠬᠡᠮᠡᠯᠳᠦᠪᠡ᠃ ᠶᠠᠩ ᠯᠦᠸᠧ ᠪᠤᠤ ᠶ᠋ᠢ ᠰᠠᠬᠢᠬᠤ ᠲᠦᠩ ᡁᠢ ᠲᠦᠰᠢᠮᠡᠯ ᠸᠠᠩ ᠳᠠ ᠮᠣᠩᠭᠣᠯ ᠤ᠋ᠨ ᠰᠦᠷ ᠢ᠋ ᠨᠢᠭᠡᠨᠲᠡ ᠦᠵᠡᠭᠰᠡᠨ ᠲᠤᠯᠠ ᠰᠠᠢᠨ ᠦᠭᠡ ᠪᠡᠷ ᠢᠳᠬᠠᠨ ᠳᠠᠭᠠᠭᠤᠯᠬᠤ ᠠᠨᠤ ᠳᠡᠭᠡᠳᠦ ᠠᠷᠭ᠎ᠠ ᠭᠡᠮᠡᠨ ᠪᠠᠷᠠᠭᠤᠨ ᠭᠠᠷᠤᠨ ᠲᠦᠰᠢᠮᠡᠯ ᠶᠡᠬᠡ ᠵᠠᠩᠵᠤᠨ ᠠᠷᠠᠬᠠᠶ᠎ᠡ ᠥᠭᠦᠯᠡᠪᠡᠰᠦ ᠪᠠᠶᠠᠨ ᠶᠤᠸᠠᠨᠱᠤᠸᠠᠢ ᠦᠭᠡ ᠶ᠋ᠢ ᠠᠪᠴᠤ ᠬᠥᠮᠦᠨ ᠶᠠᠪᠤᠭᠤᠯᠵᠤ ᠳᠠᠭᠠᠲᠤᠭᠠᠢ ᠬᠡᠮᠡᠪᠡᠰᠦ ᠬᠣᠲᠠ ᠶ᠋ᠢ ᠰᠠᠬᠢᠬᠤ ᠴᠡᠷᠢᠭ ᠵᠠᠩᠵᠤᠨ ᠴᠥᠮ ᠥᠭᠦᠯᠡᠷᠦᠨ:《ᠪᠢᠳᠡ ᠰᠥᠩ ᠤᠯᠤᠰ ᠤ᠋ᠨ ᠬᠡᠰᠢᠭ ᠢ ᠬᠦᠷᠲᠡᠭᠰᠡᠭᠡᠷ ᠤᠳᠠᠪᠠᠢ᠃ ᠦᠬᠦᠨ ᠪᠠᠢᠯᠳᠤᠵᠤ ᠬᠠᠷᠢᠭᠤᠯᠬᠤ ᠠᠨᠤ ᠡᠨᠡ ᠡᠳᠦᠷ ᠪᠣᠯᠠᠢ᠃ ᠤᠷᠪᠠᠵᠤ ᠲᠡᠷᠰᠯᠡᠭᠡᠳ ᠬᠠᠷᠢᠶᠠᠯ ᠢ᠋ ᠠᠮᠰᠠᠬᠤ ᠠ᠋ᠴᠠ ᠦᠬᠦᠨ ᠪᠠᠢᠯᠳᠤᠬᠤᠢ ᠳ᠋ᠤᠷ ᠬᠦᠷᠬᠦ ᠦᠭᠡᠢ᠃ ᠮᠠᠨ ᠤ᠋ ᠰᠥᠩ ᠤᠯᠤᠰ ᠤ᠋ᠨ ᠬᠤᠪᠢ ᠵᠠᠶᠠᠭ᠎ᠠ ᠪᠣᠯᠵᠣᠭ᠎ᠠ ᠲᠠᠯᠪᠢᠬᠤ ᠮᠡᠲᠦ ᠪᠣᠯᠪᠠᠢ᠃ ᠨᠢᠭᠡᠨ ᠤᠳᠠᠭ᠎ᠠ ᠶ᠋ᠢᠨ ᠣᠯᠵᠤ ᠠᠯᠳᠠᠬᠤᠢ ᠳ᠋ᠤᠷ ᠨᠠᠢᠳᠠᠮᠤᠢ᠃ ᠴᠡᠷᠢᠭ ᠢ᠋ᠶ᠋ᠡᠨ ᠪᠡᠯᠡᠳᠬᠡᠵᠦ ᠪᠠᠢᠯᠳᠤᠷ᠎ᠠ ᠢᠷᠡᠭᠲᠦᠨ ! ᠢᠯᠡᠭᠦᠴᠡ ᠦᠭᠡ ᠬᠡᠷᠡᠭ ᠦᠭᠡᠢ 》ᠬᠡᠮᠡᠪᠡᠢ᠃  
       ᠪᠠᠶᠠᠨ ᠶᠤᠸᠠᠨᠱᠤᠸᠠᠢ ᠂ ᠬᠠᠳᠠᠨ ᠬᠠᠨ ᠂ ᠠᠷᠠᠬᠠᠶ᠎ᠠ ᠂ ᠠᠵᠤᠤ ᠶ᠋ᠢᠨ ᠴᠡᠷᠢᠭ  ᠢ᠋ᠶ᠋ᠡᠷ ᠶᠠᠩ ᠯᠦᠸᠧ ᠪᠤᠤ ᠶ᠋ᠢ ᠡᠳᠦᠷ ᠰᠥᠨᠢ ᠡᠭᠡᠯᠵᠢᠯᠡᠨ ᠪᠠᠢᠯᠳᠤᠭᠤᠯᠵᠤ ᠦᠵᠡᠪᠡᠰᠦ ᠬᠣᠲᠠ ᠪᠠᠲᠤ ᠪᠡᠬᠢ ᠪᠥᠭᠡᠳ ᠴᠡᠷᠢᠭ ᠠᠷᠠᠳ ᠰᠡᠳᠬᠢᠯ ᠨᠢᠭᠡᠳᠴᠦ ᠰᠠᠬᠢᠬᠤ ᠲᠤᠯᠠ ᠬᠢᠯᠪᠠᠷᠬᠠᠨ ᠡᠵᠡᠯᠡᠵᠦ ᠦᠯᠦ ᠪᠣᠯᠬᠤ ᠠᠵᠢ ᠃ ᠪᠠᠶᠠᠨ ᠶᠤᠸᠠᠨᠱᠤᠸᠠᠢ ᠠᠵᠤᠤ ᠳ᠋ᠤᠷ ᠥᠭᠦᠯᠡᠷᠦᠨ ᠄ 《ᠪᠠᠲᠤ ᠬᠣᠲᠠ ᠶ᠋ᠢ ᠦᠬᠦᠨ ᠪᠠᠢᠯᠳᠤᠵᠤ ᠴᠡᠷᠢᠭ ᠮᠣᠷᠢ ᠬᠣᠬᠢᠷᠠᠭᠤᠯᠵᠤ ᠡᠳᠦᠷ ᠬᠣᠨᠣᠭ ᠤᠳᠠᠬᠤ ᠠᠨᠤ ᠰᠥᠩ ᠦ᠋ᠨ ᠡᠷᠡᠮᠡᠯᠵᠡᠬᠦ ᠢᠨᠤ ᠪᠣᠯᠠᠢ᠃ ᠮᠥᠷᠡᠨ ᠦ᠌ ᠡᠮᠦᠨ᠎ᠡ ᠬᠠᠷᠠᠭᠳᠠᠬᠤ ᠬᠥᠬᠡ ᠠᠭᠤᠯᠠ ᠶ᠋ᠢᠨ ᠬᠣᠷᠮᠣᠢ ᠶ᠋ᠢ ᠴᠢᠩ ᠱᠠᠨ ᠵᠢᠢ ᠬᠡᠮᠡᠮᠦᠢ ᠃ ᠣᠩᠭᠣᠴᠠ ᠶ᠋ᠢᠨ ᠬᠠᠭᠠᠰ ᠢ᠋ ᠠᠪᠴᠤ ᠲᠡᠷᠡ ᠠᠭᠤᠯᠠ ᠶ᠋ᠢᠨ ᠡᠰᠡᠷᠭᠦ ᠠᠷᠭᠠᠮᠵᠢᠵᠤ ᠲᠣᠬᠢᠶᠠᠯ ᠢ᠋ ᠦᠵᠡᠵᠦ ᠭᠡᠲᠦᠯᠪᠡᠰᠦ ᠪᠢᠳᠡ ᠴᠡᠷᠢᠭ ᠬᠡᠷᠡᠭᠯᠡᠬᠦ ᠭᠠᠵᠠᠷ ᠲᠠᠢ ᠪᠣᠯᠤᠮᠤᠢ 》ᠬᠡᠮᠡᠭᠰᠡᠨ ᠳ᠋ᠦ᠍ᠷ ᠠᠵᠤᠤ ᠥᠭᠦᠯᠡᠷᠦᠨ ᠄ 《ᠭᠠᠭᠴᠠᠬᠦ ᠮᠤᠷᠠᠨ ᠭᠡᠲᠦᠯᠦᠭᠰᠡᠨ ᠤ ᠳᠠᠷᠠᠭ᠎ᠠ ᠬᠥᠬᠡ ᠠᠭᠤᠯᠠ ᠶ᠋ᠢᠨ ᠬᠣᠷᠮᠣᠢ ᠳ᠋ᠤᠷ ᠣᠩᠭᠣᠴᠠ ᠠᠷᠭᠠᠮᠵᠢᠬᠤ ᠭᠠᠵᠠᠷ ᠦᠭᠡᠢ ᠡᠴᠡ ᠠᠶᠤᠮᠤᠢ᠃ ᠬᠡᠷᠪᠡ ᠬᠥᠯ ᠲᠣᠭᠲᠠᠬᠤ ᠭᠠᠵᠠᠷ ᠣᠯᠳᠠᠪᠠᠰᠤ ᠶᠠᠩ ᠯᠦᠸᠧ ᠪᠤᠤ ᠮᠥᠨ ᠢᠩ ᠴᠧᠩ ᠬᠣᠲᠠ ᠮᠡᠲᠦ ᠬᠡᠷᠡᠭ ᠦᠭᠡᠢ ᠪᠣᠯᠵᠤ ᠠᠷᠤ ᠳ᠋ᠤᠷ ᠬᠣᠴᠣᠷᠤᠮᠤᠢ 》 ᠬᠡᠮᠡᠪᠡ᠃ ᠪᠠᠶᠠᠨ ᠶᠤᠸᠠᠨᠱᠤᠸᠠᠢ ᠥᠭᠦᠯᠡᠷᠦᠨ : 《ᠪᠢ ᠬᠡᠳᠦᠨ ᠡᠳᠦᠷ ᠠᠵᠢᠭᠯᠠᠪᠠᠰᠤ ᠠᠭᠤᠯᠠ ᠶ᠋ᠢᠨ ᠠᠮᠠ ᠮᠠᠰᠢ ᠲᠡᠭᠰᠢ ᠬᠠᠷᠠᠭᠳᠠᠮᠤᠢ ᠃ ᠨᠤᠲᠤᠭ ᠤ᠋ᠨ ᠬᠥᠮᠦᠰ ᠠᠰᠠᠭᠤᠪᠠᠰᠤ ᠡᠯᠡᠰᠦᠨ ᠳᠠᠩ ᠬᠡᠮᠡᠮᠦ 》ᠬᠡᠮᠡᠬᠦᠢ ᠳ᠋ᠦ᠍ᠷ ᠠᠵᠤᠤ ᠄  《ᠶᠠᠮᠠᠷ ᠪᠣᠯᠤᠭᠰᠠᠨ ᠴᠤ᠌ ᠪᠢ ᠨᠢᠭᠡᠨᠲᠡ ᠶᠠᠪᠤᠵᠤ ᠦᠵᠡᠰᠦᠭᠡᠢ ᠃ ᠬᠡᠷᠪᠡ ᠬᠡᠷᠡᠭ ᠪᠦᠲᠦᠭᠡᠮᠵᠢᠲᠡᠢ ᠪᠥᠭᠡᠰᠦ ᠪᠢ ᠤᠲᠤᠭ᠎ᠠ ᠲᠠᠯᠪᠢᠵᠤ ᠮᠡᠳᠡᠭᠳᠡᠰᠦᠭᠡᠢ᠃ ᠬᠡᠷᠡᠭ ᠢ ᠠᠯᠭᠤᠷᠯᠠᠵᠤ ᠪᠣᠯᠬᠤ ᠦᠭᠡᠢ᠃ ᠲᠦᠷᠭᠡᠯᠡᠪᠡᠰᠦ ᠵᠣᠬᠢᠮᠤᠢ 》ᠬᠡᠮᠡᠵᠦᠬᠦᠢ᠃ ᠪᠠᠶᠠᠨ ᠶᠤᠸᠠᠨᠱᠤᠸᠠᠢ ᠮᠠᠰᠢ ᠪᠠᠶᠠᠷᠯᠠᠨ : 《ᠶᠠᠪᠤᠳᠠᠯ ᠢ᠋ ᠲᠦᠷᠭᠡᠯᠡᠬᠦ ᠠᠨᠤ ᠵᠦᠢ᠃ ᠭᠡᠪᠡᠴᠦ ᠶᠡᠷᠦ ᠲᠡᠢᠮᠦ ᠬᠥᠮᠦᠨ ᠡᠣᠯᠳᠠᠬᠤ ᠦᠭᠡᠢ ᠳ᠋ᠦ᠍ᠷ ᠪᠠᠴᠢᠮᠳᠠᠮᠤᠢ ᠃ ᠵᠠᠩᠵᠤᠨ ᠲᠠ ᠨᠢᠭᠡᠨᠲᠡ ᠡᠢᠨ ᠥᠭᠦᠯᠡᠬᠦ ᠲᠤᠯᠠ ᠡᠨᠡ ᠰᠥᠨᠢ ᠭᠤᠷᠪᠠᠨ ᠮᠢᠩᠭᠠᠨ ᠲᠡᠮᠦᠷ ᠬᠤᠶᠠᠭᠲᠤ ᠮᠣᠷᠢᠲᠤ ᠴᠡᠷᠢᠭ ᠠᠪᠴᠤ ᠶᠡᠬᠡ ᠣᠩᠭᠣᠴᠠ ᠶ᠋ᠢᠨ ᠠᠷᠤ ᠳ᠋ᠤᠷ ᠠᠬᠤᠭᠤᠯᠵᠤ ᠬᠥᠬᠡ ᠠᠭᠤᠯᠠ ᠶ᠋ᠢᠨ ᠬᠣᠷᠮᠣᠢ ᠶ᠋ᠢᠨ ᠨᠠᠭᠠᠳᠤ ᠬᠥᠪᠡᠭᠡᠨ ᠳ᠋ᠦ᠍ᠷ ᠠᠷᠭᠠᠮᠵᠢᠨ ᠪᠣᠯᠤᠮᠵᠢ ᠶ᠋ᠢ ᠦᠵᠡᠵᠦ ᠡᠮᠦᠨᠡᠰᠢ ᠭᠡᠲᠦᠯᠵᠦ ᠦᠵᠡᠰᠦᠭᠡᠢ᠃ ᠣᠩᠭᠣᠴᠠ ᠲᠣᠭᠲᠠᠬᠤ ᠭᠠᠵᠠᠷ ᠪᠣᠢ ᠪᠥᠭᠡᠰᠦ ᠲᠡᠮᠳᠡᠭ ᠭᠠᠯ ᠲᠠᠯᠪᠢᠵᠤ ᠮᠡᠳᠡᠭᠳᠡᠪᠡᠰᠦ ᠪᠢ ᠳᠠᠷᠤᠢ ᠲᠤᠰᠠᠯᠠᠬᠤ ᠴᠡᠷᠢᠭ ᠶᠠᠪᠤᠭᠤᠯᠰᠤᠭᠠᠢ ᠭᠡᠮᠡᠨ ᠪᠣᠯᠵᠣᠭᠠᠯᠠᠨ ᠰᠢᠭᠡ ᠵᠡᠷᠭᠡ ᠠᠷᠪᠠᠨ ᠶᠡᠬᠡ ᠵᠠᠩᠵᠤᠨ ᠢ ᠬᠠᠮᠲᠤ ᠶᠠᠪᠤᠭᠤᠯᠪᠠ᠃ 
       ᠰᠥᠩ ᠤᠯᠤᠰ ᠤ᠋ᠨ ᠠᠩᠬᠠᠷᠤᠯ ᠢ᠋ ᠲᠠᠲᠠᠬᠤ ᠲᠤᠯᠠ ᠪᠠᠷᠠᠭᠤᠨ ᠭᠠᠷᠤᠨ ᠰᠠᠢᠳ ᠠᠷᠠᠬᠠᠶ᠎ᠠ ᠂ ᠳᠦ ᠳᠦ ᠪᠥᠭᠡᠳ ᠲᠦᠮᠡᠨ  ᠦ᠌ ᠨᠣᠶᠠᠨ ᠵᠠᠩ ᠬᠣᠩ ᠹᠠᠨ ᠂ ᠶᠡᠬᠡ ᠵᠠᠩᠵᠤᠨ ᠬᠣᠰᠢᠬᠠᠶ᠎ᠡ ᠂ ᠵᠠᠳᠠᠮᠢᠰᠢ ᠵᠡᠷᠭᠡ ᠵᠠᠩᠵᠤᠨ ᠴᠡᠷᠢᠭ ᠢ ᠱᠠᠭᠠᠷᠳᠠᠨ ᠶᠠᠩ ᠯᠦᠸᠧ ᠪᠤᠤ ᠶ᠋ᠢ ᠡᠷᠬᠡᠪᠰᠢ ᠠᠪᠤᠮᠤᠢ ᠭᠡᠮᠡᠨ ᠡᠳᠦᠷ ᠰᠥᠨᠢ ᠦᠭᠡᠢ ᠪᠠᠢᠯᠳᠤᠭᠤᠯᠵᠤ ᠰᠥᠩ ᠤᠯᠤᠰ ᠤ᠋ᠨ ᠰᠢᠶᠠ ᠬᠦᠢ ᠨᠠᠷ ᠤ᠋ᠨ ᠰᠠᠨᠠᠭᠠᠨ ᠳ᠋ᠤᠷ ᠦᠭᠡᠢ ᠪᠡᠷ ᠶᠡᠬᠡ ᠵᠠᠩᠵᠤᠨ ᠠᠵᠤᠤ ᠂ ᠲᠦᠮᠡᠨ ᠦ᠌ ᠨᠣᠶᠠᠨ ᠶᠠᠡᠰᠠᠷ ᠂ ᠮᠠᠩᠭᠤᠲᠠᠢ ᠂ ᠰᠢᠭᠡ ᠂ ᠵᠢᠶᠠ ᠸᠧᠨ ᠹᠧᠢ ᠵᠡᠷᠭᠡ ᠠᠷᠪᠠᠨ ᠵᠠᠩᠵᠤᠨ ᠢ᠋ ᠠᠪᠴᠤ ᠮᠣᠷᠢᠳ ᠢ᠋ᠶ᠋ᠠᠨ ᠣᠩᠭᠣᠴᠠ ᠶ᠋ᠢᠨ ᠠᠷᠤ ᠳ᠋ᠤᠷ ᠠᠴᠢᠶᠠᠯᠠᠨ ᠤᠷᠤᠰᠬᠠᠯ ᠥᠭᠡᠳᠡᠯᠡᠨ ᠳᠥᠴᠢᠨ ᠭᠠᠵᠠᠷ ᠶᠠᠪᠤᠵᠤ ᠬᠥᠬᠡ ᠠᠭᠤᠯᠠ ᠶ᠋ᠢᠨ ᠬᠣᠷᠮᠣᠢ ᠶ᠋ᠢᠨ ᠡᠰᠡᠷᠡᠬᠦ ᠵᠠᠩᠭᠤᠤ ᠪᠠᠭᠤᠯᠭᠠᠨ ᠣᠩᠭᠣᠴᠠ ᠪᠠᠨ ᠠᠷᠭᠠᠮᠵᠢᠭᠠᠳ ᠴᠡᠷᠢᠭ ᠮᠣᠷᠢ ᠪᠠᠨ ᠬᠦᠷᠢᠶᠡᠯᠡᠨ ᠪᠠᠭᠤᠳᠠᠯᠯᠠᠪᠠ ᠃ ᠲᠡᠷᠡ ᠰᠥᠨᠢ ᠶᠡᠬᠡ ᠴᠠᠰᠤ ᠣᠷᠣᠵᠤ ᠦᠷ ᠢ᠋ᠶ᠋ᠡᠷ ᠬᠠᠷᠠᠪᠠᠰᠤ ᠶᠡᠬᠡ ᠮᠤᠷᠠᠨ ᠤ᠋ ᠡᠮᠦᠨᠡᠲᠦ ᠬᠥᠪᠡᠭᠡ ᠶ᠋ᠢᠨ ᠡᠯᠡᠰᠦᠨ ᠳᠠᠩ  ᠳ᠋ᠤᠷ ᠴᠠᠰᠤ ᠪᠠᠭᠤᠵᠤ ᠣᠨᠴᠠ ᠴᠠᠭᠠᠨ ᠬᠠᠷᠠᠭᠳᠠᠬᠤ ᠲᠤᠯᠠ ᠠᠵᠤᠤ ᠮᠠᠰᠢ ᠪᠠᠶᠠᠷᠯᠠᠨ ᠲᠡᠨᠳᠡ ᠬᠥᠯ ᠲᠣᠭᠲᠠᠵᠤ ᠪᠣᠯᠤᠮᠤᠢ ᠭᠡᠮᠡᠨ ᠥᠪᠡᠷ ᠦ᠋ᠨ ᠪᠡᠶ᠎ᠡ ᠪᠡᠷ ᠣᠩᠭᠣᠴᠠ ᠶ᠋ᠢᠨ ᠲᠡᠷᠢᠭᠦᠨ ᠳ᠋ᠦ᠍ᠷ ᠵᠣᠭᠰᠣᠵᠤ ᠡᠮᠦᠨᠡᠲᠦ ᠬᠥᠪᠡᠭᠡ ᠶ᠋ᠢ ᠴᠢᠭᠯᠡᠨ ᠣᠴᠢᠪᠠᠢ᠃  
      ᠦᠵᠡᠬᠦ ᠮᠡᠷᠭᠡᠳ : ᠠᠵᠤᠤ ᠶᠠᠭᠤᠨ ᠳ᠋ᠤᠷ ᠰᠢᠭᠤᠳ ᠮᠥᠷᠡᠨ ᠭᠡᠲᠦᠯᠡᠬᠦ ᠦᠭᠡᠢ ᠤᠷᠤᠰᠬᠠᠯ ᠥᠭᠡᠳᠡ ᠳᠥᠴᠢᠨ ᠭᠠᠵᠠᠷ ᠶᠠᠪᠤᠵᠤ ᠲᠡᠨᠳᠡ ᠡᠴᠡ ᠪᠠᠰᠠ ᠬᠥᠬᠡ ᠠᠭᠤᠯᠠ ᠶ᠋ᠢᠨ ᠬᠣᠷᠮᠣᠢ ᠴᠢᠩ ᠱᠠᠨ ᠵᠢᠢ ᠶ᠋ᠢᠨ ᠡᠯᠡᠰᠦᠨ ᠳᠠᠩ ᠢ᠋ ᠴᠢᠭᠯᠡᠬᠦ ᠪᠣᠢ ?   ᠭᠡᠮᠡᠨ ᠰᠣᠨᠢᠷᠬᠠᠨ ᠭᠠᠢᠬᠠᠬᠤ ᠮᠠᠭᠠᠳ ᠃ ᠶᠡᠬᠡ ᠬᠥᠬᠡ ᠮᠥᠷᠡᠨ ᠬᠡᠮᠡᠭᠴᠢ ᠥᠷᠭᠡᠨ ᠪᠥᠭᠡᠳ ᠤᠷᠤᠰᠬᠠᠯ ᠰᠢᠷᠦᠭᠦᠨ ᠃ ᠮᠥᠷᠡᠨ  ᠦ᠌ ᠬᠣᠶᠠᠷ ᠬᠠᠵᠠᠭᠤ ᠶ᠋ᠢᠨ ᠡᠷᠭᠢ ᠥᠨᠳᠥᠷ ᠪᠣᠰᠤᠭ᠎ᠠ ᠣᠩᠭᠣᠴᠠ ᠠᠷᠭᠠᠮᠵᠢᠵᠤ ᠪᠣᠯᠬᠤ ᠦᠭᠡᠢ ᠲᠤᠯᠠ ᠲᠡᠭᠰᠢ ᠭᠠᠵᠠᠷ ᠪᠤᠶᠤ ᠠᠭᠤᠯᠠ ᠶ᠋ᠢᠨ ᠠᠮᠠ ᠣᠯᠣᠮ ᠭᠠᠷᠠᠮ ᠴᠢᠬᠤᠯᠠ ᠲᠠᠢ ᠪᠣᠯᠠᠢ ᠃ ᠭᠡᠲᠡᠯ᠎ᠡ ᠭᠡᠲᠦᠯᠵᠦ ᠪᠣᠯᠬᠤ ᠣᠯᠣᠮ ᠠᠮᠠ ᠶ᠋ᠢ ᠰᠥᠩ ᠤᠯᠤᠰ ᠨᠢᠭᠡᠨᠲᠡ ᠪᠡᠬᠢᠯᠡᠨ ᠰᠠᠬᠢᠭᠰᠠᠨ ᠲᠤᠯᠠ ᠵᠠᠪᠰᠢᠶᠠᠨ ᠢ᠋ᠶ᠋ᠠᠷ ᠠᠵᠤᠤ ᠳ᠋ᠤᠷ ᠡᠢᠮᠦ ᠭᠠᠵᠠᠷ ᠣᠯᠳᠠᠭᠰᠠᠨ ᠳ᠋ᠤᠷ ᠪᠠᠶᠠᠷᠯᠠᠬᠤ ᠦᠭᠡᠢ ᠬᠡᠷᠬᠢᠨ ᠪᠠᠢᠵᠤ ᠪᠣᠯᠬᠤ ᠪᠣᠢ᠃  
      ᠥᠭᠦᠯᠡᠬᠦ ᠢᠨᠦ ᠠᠵᠤᠤ ᠶ᠋ᠢᠨ ᠴᠡᠷᠢᠭ ᠦ᠋ᠨ ᠣᠩᠭᠣᠴᠠ ᠡᠮᠦᠨᠡᠲᠦ ᠬᠥᠪᠡᠭᠡᠨ ᠪ‍ ᠳᠠᠩ ᠭᠠᠵᠠᠷ ᠢ᠋ ᠴᠢᠭᠯᠡᠨ ᠶᠠᠪᠤᠬᠤᠢ ᠳ᠋ᠤᠷ ᠶᠡᠬᠡ ᠵᠠᠩᠵᠤᠨ ᠰᠢᠭᠡ ᠶ᠋ᠢᠨ ᠣᠩᠭᠣᠴᠠ ᠡᠮᠦᠨᠡᠲᠦ ᠬᠥᠪᠡᠭᠡᠨ ᠳ᠋ᠦ᠍ᠷ ᠤᠷᠢᠳᠴᠢᠯᠠᠨ ᠬᠦᠷᠴᠦ ᠢᠷᠡᠬᠦᠢ ᠢ᠋᠎ᠡ ᠂ ᠰᠥᠩ ᠤᠯᠤᠰ ᠤ᠋ᠨ ᠳᠦ ᠲᠦᠩ ᡁᠢ ᠲᠦᠰᠢᠮᠡᠯ ᠴᠧᠩ ᠹᠧᠩ ᠹᠧᠢ ᠤᠭᠲᠤᠨ ᠪᠠᠢᠯᠳᠤᠵᠤ ᠳᠠᠬᠢᠨ ᠮᠥᠷᠡᠨ ᠦ᠌ ᠭᠣᠣᠯ ᠤᠷᠤᠰᠬᠠᠯ ᠳ᠋ᠤᠷ ᠬᠠᠰᠢᠵᠤ ᠣᠷᠣᠭᠤᠯᠪᠠ ᠃ ᠠᠵᠤᠤ ᠶᠡᠬᠡᠳᠡ ᠬᠢᠯᠢᠩᠯᠡᠨ ᠥᠪᠡᠷ ᠦ᠋ᠨ ᠪᠡᠶ᠎ᠡ ᠪᠡᠷ ᠣᠩᠭᠣᠴᠠ ᠶ᠋ᠢᠨ ᠴᠢᠭᠯᠡᠭᠦᠷ ᠢ ᠪᠠᠷᠢᠵᠤ ᠳᠠᠢᠰᠤᠨ ᠯᠤᠭ᠎ᠠ ᠮᠥᠷᠡᠨ ᠦ᠌ ᠭᠣᠣᠯ ᠳ᠋ᠤᠷ ᠵᠢᠭᠤᠷᠠᠯᠳᠤᠨ ᠪᠠᠢᠯᠳᠤᠵᠤ ᠳᠠᠢᠰᠤᠨ ᠪ‍ ᠭᠠᠪᠰᠢᠭᠠᠢ ᠵᠠᠩᠵᠤᠨ ᠭᠣᠣ ᠪᠠᠩ ᠰᠢᠶᠠᠨ ᠵᠡᠷᠭᠡ ᠬᠥᠮᠦᠰ ᠢ᠋ ᠠᠮᠢᠳᠤ ᠪᠠᠷᠢᠵᠤ ᠠᠪᠤᠭᠰᠠᠨ ᠪᠥᠭᠡᠳ ᠳᠠᠢᠰᠤᠨ ᠤ᠋ ᠵᠠᠩᠵᠤᠨ ᠲᠤᠭ ᠢ᠋ ᠴᠠᠪᠴᠢᠵᠤ ᠤᠨᠠᠭᠠᠪᠠ ᠃ ᠭᠡᠲᠡᠯ᠎ᠡ ᠰᠥᠩ ᠤᠯᠤᠰ ᠤ᠋ᠨ ᠵᠠᠩᠵᠤᠨ ᠴᠡᠷᠢᠭ ᠴᠦ᠍ ᠪᠤᠴᠠᠬᠤ ᠦᠭᠡᠢ ᠴᠧᠩ ᠹᠧᠩ ᠹᠧᠢ ᠨᠠᠷ ᠲᠡᠷᠢᠭᠦᠯᠡᠨ ᠦᠬᠦᠨ ᠴᠠᠪᠴᠢᠯᠳᠤᠮᠤᠢ ᠃ ᠬᠣᠶᠠᠷ ᠡᠲᠡᠭᠡᠳ ᠦ᠋ᠨ ᠴᠡᠷᠢᠭ ᠦ᠋ᠨ ᠣᠩᠭᠣᠴᠠ ᠮᠥᠷᠭᠥᠯᠳᠦᠨ ᠤᠷᠪᠠᠬᠤ ᠰᠢᠬᠠᠭᠰᠠᠨ ᠠᠨᠤ ᠬᠡᠳᠦᠨ ᠤᠳᠠᠭ᠎ᠠ ᠪᠣᠯᠪᠠ ᠃ ᠲᠦᠮᠡᠨ ᠪ‍ ᠨᠣᠶᠠᠨ ᠶᠠᠨᠰᠠᠷ ᠂ ᠮᠠᠩᠭᠤᠲᠠᠢ ᠂ ᠰᠢᠭᠡ ᠂ ᠭᠧ ᠦᠢ ᠨᠠᠷ ᠴᠥᠮ ᠣᠬᠣᠷ ᠵᠡᠪᠰᠡᠭ ᠪᠠᠷᠢᠵᠤ ᠪᠠᠮᠪᠠᠢ ᠲᠣᠬᠣᠢᠯᠠᠨ ᠱᠠᠯᠠᠮᠠᠭᠠᠢᠯᠠᠨ ᠴᠠᠪᠴᠢᠵᠤ ᠣᠷᠣᠭᠰᠠᠨ ᠳ᠋ᠤᠷ ᠴᠧᠩ ᠹᠧᠩ ᠹᠧᠢ ᠶ᠋ᠢᠨ ᠪᠡᠶ᠎ᠡ ᠳᠣᠯᠣᠭ᠎ᠠ ᠰᠢᠷᠬᠠᠲᠤᠵᠤ ᠦᠵᠡᠲᠡᠯ᠎ᠡ ᠪᠠᠢᠯᠳᠤᠬᠤ ᠬᠥᠮᠦᠨ ᠤᠯᠠᠮ ᠴᠥᠭᠡᠭᠡᠷᠴᠦ ᠲᠤᠰᠠᠯᠠᠬᠤ ᠴᠡᠷᠢᠭ ᠴᠦ᠍ ᠦᠭᠡᠢ ᠲᠤᠯᠠ ᠠᠷᠭ᠎ᠠ ᠦᠭᠡᠢ ᠪᠤᠷᠤᠭᠤᠯᠠᠪᠠ ᠃ ᠶᠡᠬᠡ ᠵᠠᠩᠵᠤᠨ ᠠᠵᠤᠤ ᠨᠠᠷ ᠪᠦᠬᠦ ᠪᠡᠶ᠎ᠡ ᠴᠠᠰᠤ ᠪᠣᠯᠵᠤ ᠣᠩᠭᠣᠴᠠ ᠶ᠋ᠢᠨ ᠲᠡᠷᠢᠭᠦᠨ ᠳ᠋ᠦ᠍ᠷ ᠵᠣᠭᠰᠣᠵᠤ ᠦᠵᠡᠪᠡᠰᠦ ᠪᠠᠭᠤᠵᠤ ᠥᠭᠭᠦᠭᠰᠡᠨ ᠪᠤᠶᠤ ᠪᠤᠯᠢᠶᠠᠨ ᠠᠪᠤᠭᠰᠠᠨ ᠶᠡᠬᠡ ᠪᠠᠭ᠎ᠠ ᠣᠩᠭᠣᠴᠠ ᠬᠡᠳᠦᠨ ᠵᠠᠭᠤ ᠪᠣᠯᠪᠠ ᠃ ᠠᠵᠤᠤ ᠣᠯᠠᠨ ᠣᠩᠭᠣᠴᠠ ᠪᠠᠨ ᠵᠢᠭᠰᠠᠭᠠᠨ ᠮᠥᠷᠡᠨ ᠦ᠌ ᠡᠮᠦᠨᠡᠲᠦ ᠬᠥᠪᠡᠭᠡ ᠣᠢᠷᠠᠲᠤᠬᠤᠢ ᠳ᠋ᠤᠷ ᠮᠥᠷᠡᠨ ᠦ᠌ ᠬᠥᠪᠡᠭᠡ ᠶ᠋ᠢ ᠰᠠᠬᠢᠭᠰᠠᠨ ᠬᠠᠭᠤᠷᠠᠢ ᠵᠠᠮ ᠤ᠋ᠨ ᠴᠡᠷᠢᠭ ᠮᠥᠷᠡᠨ ᠦ᠌ ᠬᠥᠪᠡᠭᠡᠨ ᠳ᠋ᠦ᠍ᠷ ᠵᠢᠭᠰᠠᠭᠠᠨ ᠬᠦᠯᠢᠶᠡᠭᠰᠡᠨ ᠲᠤᠯᠠ ᠶᠡᠬᠡ ᠵᠠᠩᠵᠤᠨ ᠠᠵᠤᠤ ᠪᠠ ᠰᠢᠭᠡ ᠂ ᠶᠠᠨᠰᠠᠷ ᠂ ᠮᠠᠩᠭᠤᠲᠠᠢ ᠂ ᠭᠧ ᠦᠢ ᠨᠠᠷ ᠤ᠋ᠨ ᠬᠠᠮᠲᠤ ᠬᠡᠳᠦᠨ ᠠᠷᠪᠠᠨ ᠬᠥᠮᠦᠨ ᠣᠩᠭᠣᠴᠠ ᠠ᠋ᠴᠠ ᠬᠠᠷᠠᠢᠨ ᠪᠠᠭᠤᠵᠤ ᠣᠬᠣᠷ ᠵᠡᠪᠰᠡᠭ ᠪᠠᠷᠢᠵᠤ ᠮᠥᠷᠡᠨ ᠦ᠌ ᠬᠥᠪᠡᠭᠡ ᠰᠠᠬᠢᠬᠤ ᠴᠡᠷᠢᠭ ᠦ᠋ᠨ ᠵᠢᠭᠰᠠᠭᠠᠯ ᠳ᠋ᠤᠷ ᠰᠢᠭᠤᠳ ᠴᠠᠪᠴᠢᠨ ᠣᠷᠣᠭᠰᠠᠨ ᠳ᠋ᠤᠷ ᠵᠢᠭᠤᠷᠠᠯᠳᠤᠨ ᠰᠠᠯᠤᠭᠰᠠᠨ ᠠᠨᠤ ᠬᠡᠳᠦᠨ ᠤᠳᠠᠭ᠎ᠠ ᠪᠣᠯᠪᠠᠢ᠃ ᠮᠥᠷᠡᠨ ᠦ᠌ ᠬᠥᠪᠡᠭᠡ ᠰᠠᠬᠢᠬᠤ ᠴᠡᠷᠢᠭ ᠠᠷᠭ᠎ᠠ ᠦᠭᠡᠢ ᠪᠠᠬᠠᠨ ᠤᠬᠤᠷᠢᠭᠰᠠᠨ ᠳ᠋ᠤᠷ ᠮᠣᠩᠭᠣᠯᠴᠤᠳ ᠣᠩᠭᠣᠴᠠ ᠪᠠᠨ ᠮᠥᠷᠡᠨ ᠦ᠌ ᠬᠥᠪᠡᠭᠡᠨ ᠳ᠋ᠦ᠍ᠷ ᠠᠷᠭᠠᠮᠵᠢᠨ ᠮᠣᠷᠢ ᠪᠠᠨ ᠠᠮᠵᠢᠵᠤ ᠪᠠᠭᠤᠯᠭᠠᠨ ᠠᠪᠴᠤ ᠠᠯᠠᠪᠬᠢᠨ ᠮᠣᠷᠳᠠᠯᠴᠠᠵᠤ ᠭᠡᠨᠡᠳᠲᠡ ᠲᠡᠭᠷᠢ ᠡᠴᠡ ᠪᠠᠭᠤᠭᠰᠠᠨ ᠮᠡᠲᠦ ᠣᠷᠢᠯᠠᠨ ᠳᠠᠭᠠᠷᠢᠭᠰᠠᠨ ᠳ᠋ᠤᠷ ᠮᠥᠷᠡᠨ ᠦ᠌ ᠬᠥᠪᠡᠭᠡ ᠰᠠᠬᠢᠭᠰᠠᠨ ᠴᠡᠷᠢᠭ ᠦ᠋ᠳ ᠬᠣᠷᠢᠭᠯᠠᠬᠤ ᠠᠷᠭ᠎ᠠ ᠦᠭᠡᠢ ᠪᠣᠯᠵᠤ ᠵᠠᠮ ᠳᠦᠭᠦᠷᠡᠩ ᠦᠬᠦᠳᠡᠯ ᠢ᠋ᠶ᠋ᠡᠨ ᠬᠠᠶᠠᠵᠤ ᠰᠠᠷᠨᠢᠨ ᠪᠤᠷᠤᠭᠤᠯᠠᠪᠠ᠃  
       ᠲᠡᠳᠦᠢ ᠳ᠋ᠦ᠍ᠷ ᠰᠥᠩ ᠤᠯᠤᠰ ᠤ᠋ᠨ ᠶᠡᠬᠡ ᠵᠠᠩᠵᠤᠨ ᠰᠢᠶᠠ ᠬᠦᠢ ᠂ ᠹᠠᠨ ᠸᠸᠨ ᠬᠤ᠌ ᠨᠠᠷ ᠪᠦᠬᠦ ᠠᠩᠬᠠᠷᠤᠯ ᠢ᠋ᠶ᠋ᠠᠨ ᠴᠥᠮ ᠶᠠᠩ ᠯᠦᠸᠧ ᠪᠤᠤ ᠳ᠋ᠤᠷ ᠲᠠᠯᠪᠢᠵᠤ ᠬᠥᠬᠡ ᠠᠭᠤᠯᠠ ᠶ᠋ᠢᠨ ᠣᠯᠣᠮ ᠢ᠋ᠶ᠋ᠠᠷ ᠮᠣᠩᠭᠣᠯᠴᠤᠳ ᠨᠢᠭᠡᠨᠲᠡ ᠮᠥᠷᠡᠨ ᠭᠡᠲᠦᠯᠦᠭᠰᠡᠨ ᠢ᠋ ᠪᠠᠰᠠ ᠮᠡᠳᠡᠭᠡᠳᠦᠢ ᠠᠪᠠᠢ ᠃ ᠶᠡᠬᠡ ᠴᠡᠷᠢᠭ ᠠᠪᠴᠤ ᠶᠠᠩ ᠯᠦᠸᠧ ᠪᠤᠤ ᠶ᠋ᠢ ᠲᠤᠰᠠᠯᠠᠷ᠎ᠠ ᠢᠷᠡᠪᠡᠰᠦ ᠮᠣᠩᠭᠣᠯ ᠤ᠋ᠨ ᠵᠠᠩᠵᠤᠨ ᠠᠷᠠᠬᠠᠶ᠎ᠡ ᠂ ᠵᠠᠩ ᠷᠦᠩ ᠰᠢ ᠂ ᠰᠢᠶᠧ ᠷᠸ᠋ ᠵᠢᠢ ᠨᠠᠷ ᠤ᠋ᠨ ᠳᠥᠷᠪᠡᠨ ᠵᠠᠮ ᠤ᠋ᠨ ᠴᠡᠷᠢᠭ ᠰᠢᠶᠠ ᠬᠦᠢ ᠶ᠋ᠢᠨ ᠶᠡᠬᠡ ᠴᠡᠷᠢᠭ ᠢ᠋ ᠬᠣᠷᠢᠵᠤ ᠵᠢᠭᠰᠠᠭᠠᠪᠠ ᠃ ᠦᠵᠡᠪᠡᠰᠦ ᠮᠣᠩᠭᠣᠯ ᠤ᠋ᠨ ᠶᠡᠬᠡ ᠪᠠᠬ᠎ᠠ ᠣᠩᠭᠣᠴᠠ ᠮᠥᠷᠡᠨ ᠦ᠌ ᠤᠮᠠᠷ᠎ᠠ ᠳ᠋ᠤᠷ ᠨᠢᠳᠦᠨ ᠦᠵᠦᠭᠦᠷ ᠭᠠᠷᠲᠠᠯ᠎ᠠ ᠦᠷᠭᠦᠯᠵᠢᠯᠡᠵᠦ ᠰᠦᠷ ᠬᠦᠴᠦᠨ ᠬᠠᠯᠳᠠᠵᠤ ᠪᠣᠯᠣᠰᠢ ᠦᠭᠡᠢ ᠪᠣᠯᠪᠠᠢ ᠃ ᠪᠠᠢᠯᠳᠤᠰᠤᠭᠠᠢ ᠭᠡᠮᠡᠨ ᠪᠦᠬᠦᠢ ᠳ᠋ᠦ᠍ᠷ ᠮᠣᠩᠭᠣᠯ ᠤ᠋ᠨ ᠶᠡᠬᠡ ᠵᠠᠩᠵᠤᠨ ᠠᠵᠤᠤ ᠬᠥᠬᠡ ᠠᠭᠤᠯᠠ ᠶ᠋ᠢᠨ ᠣᠯᠣᠮ ᠴᠢᠩ ᠱᠠᠨ ᠵᠢᠢ ᠪᠡᠷ ᠬᠥᠬᠡ ᠮᠥᠷᠡᠨ ᠢ᠋ ᠨᠢᠰᠦᠨ ᠭᠡᠲᠦᠯᠵᠦ ᠮᠥᠷᠡᠨ ᠰᠠᠬᠢᠬᠤ ᠰᠥᠩ ᠦ᠋ᠨ ᠴᠡᠷᠢᠭ ᠢ᠋ ᠴᠥᠮ ᠠᠯᠠᠨ ᠰᠠᠷᠨᠢᠭᠤᠯᠪᠠ ᠭᠡᠮᠡᠨ ᠮᠡᠳᠡᠭᠦᠯᠦᠭᠰᠡᠨ ᠳ᠋ᠦ᠍ᠷ ᠪᠠᠶᠠᠨ ᠶᠤᠸᠠᠨᠱᠤᠸᠠᠢ ᠶ᠋ᠢᠨ ᠠᠷᠭᠠᠨ ᠳ᠋ᠤᠷ ᠭᠤᠷᠪᠠᠨᠲᠠ ᠣᠷᠣᠭᠰᠠᠨ ᠢ᠋ᠶ᠋ᠠᠨ ᠮᠡᠳᠡᠵᠦ ᠡᠪᠦᠳᠦᠭ ᠠᠯᠠᠭᠠᠳᠠᠨ :  《ᠪᠠᠷᠠᠪᠠ ! 》ᠭᠡᠮᠡᠨ ᠪᠠᠷᠬᠢᠷᠠᠨ ᠴᠢᠰᠤ ᠪᠠᠷ ᠣᠭᠰᠢᠵᠤ ᠮᠠᠨᠠᠷᠠᠬᠤᠢ ᠳ᠋ᠤᠷ ᠬᠥᠮᠦᠰ ᠶᠠᠭᠠᠷᠠᠨ ᠥᠷᠥᠭᠡᠨ ᠳ᠋ᠦ᠍ᠷ ᠲᠦᠰᠢᠵᠦ ᠣᠷᠣᠭᠤᠯᠤᠨ ᠬᠡᠪᠲᠡᠭᠦᠯᠵᠦ ᠶᠠᠩ ᠯᠦᠸᠧ ᠪᠤᠤ ᠶ᠋ᠢ ᠲᠤᠰᠠᠯᠠᠵᠤ ᠴᠢᠳᠠᠬᠤ ᠦᠭᠡᠢ ᠪᠤᠷᠤᠭᠤᠯᠠᠪᠠ ᠃ ᠶᠡᠬᠡ ᠵᠠᠩᠵᠤᠨ ᠠᠷᠠᠬᠠᠶ᠎ᠡ ᠨᠠᠷ ᠨᠢᠭᠡᠨ ᠵᠡᠷᠭᠡ ᠳᠠᠷᠤᠨ ᠠᠯᠠᠭᠠᠳ ᠮᠠᠰᠢ ᠠᠷᠪᠢᠨ ᠢ᠋ ᠣᠯᠵᠠᠯᠠᠪᠠ᠃  
       ᠤᠯᠠᠭᠠᠨ ᠯᠤᠤ ᠡᠳᠦᠷ ᠠᠵᠣᠣ ᠮᠥᠷᠡᠨ ᠢ᠋ ᠭᠡᠲᠦᠯᠵᠦ ᠮᠠᠰᠢ ᠠᠷᠪᠢᠨ ᠠᠯᠠᠵᠤ ᠣᠯᠵᠠᠯᠠᠭᠰᠠᠨ ᠢ᠋ᠶ᠋ᠠᠨ ᠪᠠᠶᠠᠨ ᠶᠤᠸᠠᠨᠱᠤᠸᠠᠢ ᠳ᠋ᠤᠷ ᠮᠡᠳᠡᠭᠦᠯᠦᠭᠰᠡᠨ ᠳ᠋ᠦ᠍ᠷ ᠪᠠᠶᠠᠨ ᠶᠤᠸᠠᠨᠱᠤᠸᠠᠢ ᠶᠡᠬᠡᠳᠡ ᠪᠠᠶᠠᠷᠯᠠᠨ ᠪᠠᠶᠠᠷ ᠤ᠋ᠨ ᠮᠡᠳᠡᠭᠡ ᠶ᠋ᠢ ᠣᠯᠠᠨ ᠳ᠋ᠤᠷ ᠮᠡᠳᠡᠭᠳᠡᠭᠰᠡᠨ ᠳ᠋ᠦ᠍ᠷ ᠵᠠᠩᠵᠤᠨ ᠴᠡᠷᠢᠭ ᠴᠥᠮ ᠵᠣᠷᠢᠭᠵᠢᠭᠠᠳ ᠶᠠᠩ ᠯᠦᠸᠧ ᠪᠤᠤ ᠶ᠋ᠢ ᠦᠬᠦᠨ ᠪᠠᠢᠯᠳᠤᠵᠤ ᠰᠢᠪᠲᠤᠯᠤᠨ ᠣᠷᠣᠵᠤ ᠡᠪᠳᠡᠭᠡᠳ ᠬᠣᠲᠠ ᠶ᠋ᠢᠨ  ᠳᠦ ᠲᠦᠩ ᡁᠢ ᠲᠦᠰᠢᠮᠡᠯ ᠸᠠᠩ ᠳᠠ ᠶ᠋ᠢ ᠪᠠᠷᠢᠵᠤ ᠴᠠᠪᠴᠢᠭᠠᠳ ᠪᠤᠰᠤ ᠣᠯᠠᠨ ᠢ ᠴᠥᠮ ᠳᠠᠭᠠᠭᠤᠯᠪᠠ᠃   
     ᠰᠢᠶᠠ ᠬᠦᠢ ᠰᠠᠷᠨᠢᠭᠰᠠᠨ ᠴᠡᠷᠢᠭ ᠢ᠋ᠶ᠋ᠡᠨ ᠠᠪᠴᠤ ᠹᠠᠨ ᠸᠸᠨ ᠬᠤ᠌ ᠶ᠋ᠢᠨ ᠰᠢᠨ᠎ᠡ ᠬᠦᠴᠦᠨ ᠦ᠌ ᠴᠡᠷᠢᠭ ᠲᠡᠢ ᠨᠡᠢᠯᠡᠵᠦ ᠬᠦᠴᠦ ᠬᠠᠮᠲᠤᠷᠠᠨ ᠶᠠᠩ ᠯᠦᠸᠧ ᠪᠤᠤ ᠶ᠋ᠢ ᠲᠤᠰᠠᠯᠠᠰᠤᠭᠠᠢ ᠭᠡᠮᠡᠨ ᠢᠷᠡᠪᠡᠰᠦ ᠶᠠᠩ ᠯᠦᠸᠧ ᠪᠤᠤ ᠨᠢᠭᠡᠨᠲ᠌ᠨ ᠠᠪᠲᠠᠪᠠ ᠭᠡᠮᠡᠨ ᠰᠣᠨᠣᠰᠤᠭᠠᠳ ᠶᠡᠬᠡ ᠬᠡᠷᠡᠭ ᠮᠠᠭᠤ ᠪᠣᠯᠤᠭᠰᠠᠨ ᠢ᠋ ᠮᠡᠳᠡᠵᠦ ᠣᠩᠭᠣᠴᠠ ᠪᠠᠨ ᠵᠠᠯᠠᠵᠤ ᠪᠠᠢ ᠬᠤ᠌ ᠱᠠᠨ ᠠᠭᠤᠯᠠ ᠶ᠋ᠢ ᠴᠢᠭᠯᠡᠪᠡ᠃  
      ᠥᠭᠦᠯᠡᠬᠦ ᠢᠨᠣ ᠡᠨᠡ ᠬᠡᠳᠦᠨ ᠤᠳᠠᠭᠠᠨ ᠤ᠋ ᠮᠥᠷᠭᠥᠯᠳᠦᠭᠡᠨ ᠳ᠋ᠦ᠍ᠷ ᠰᠥᠩ ᠤᠯᠤᠰ ᠤ᠋ᠨ ᠠᠷᠪᠠᠨ ᠬᠡᠳᠦᠨ ᠲᠦᠮᠡᠨ ᠴᠡᠷᠢᠭ ᠴᠥᠮ ᠰᠠᠷᠨᠢᠨ ᠪᠤᠲᠠᠷᠠᠵᠤ ᠦᠬᠦᠵᠦ ᠬᠣᠬᠢᠷᠠᠪᠠ ᠃ ᠠᠩᠬ᠎ᠠ ᠰᠢᠶᠠ ᠬᠦᠢ ᠭᠠᠷᠴᠤ ᠳᠤᠲᠠᠭᠠᠬᠤᠢ ᠳ᠋ᠤᠷ ᠣᠯᠠᠨ ᠵᠠᠩᠵᠤᠨ ᠰᠥᠩ ᠦ᠋ᠨ ᠶᠡᠬᠡ ᠵᠠᠩᠵᠤᠨ ᠢ᠋ ᠪᠠᠷᠢᠰᠤᠭᠠᠢ ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠢᠨᠢᠶᠡᠨ ᠥᠭᠦᠯᠡᠷᠦᠨ : 《ᠰᠢᠶᠠ ᠬᠦᠢ ᠳᠡᠢᠯᠦᠭᠳᠡᠭᠰᠡᠨ  ᠢ᠋ᠶ᠋ᠡᠨ ᠬᠠᠯᠬᠠᠯᠠᠬᠤ ᠲᠤᠯᠠ ᠮᠠᠨ ᠤ᠋ ᠰᠦᠷ ᠬᠦᠴᠦᠨ ᠢ᠋ ᠮᠠᠨᠳᠤᠭᠤᠯᠵᠤ ᠶᠠᠷᠢᠬᠤ ᠠᠨᠤ  ᠯᠠᠪᠲᠠᠢ ᠪᠥᠭᠡᠳ ᠲᠡᠭᠦᠨ ᠦ᠌ ᠦᠭᠡ ᠭᠠᠵᠠᠷ ᠶᠠᠪᠤᠭᠳᠠᠬᠤ ᠲᠤᠯᠠ ᠮᠠᠨ ᠤ᠋ ᠬᠡᠯᠡ ᠪᠣᠯᠭᠠᠨ ᠤᠷᠭᠢᠰᠤᠭᠠᠢ  》ᠭᠡᠮᠡᠨ ᠣᠯᠠᠨ ᠢ᠋ ᠬᠣᠷᠢᠭᠯᠠᠵᠤ ᠪᠤᠴᠠᠪᠠ᠃  
     ᠤᠯᠠᠭᠠᠭᠴᠢᠨ ᠮᠣᠭᠠᠢ ᠡᠳᠦᠷ ᠪᠶᠠᠨ ᠶᠤᠸᠠᠨᠱᠤᠸᠠᠢ ᠣᠯᠠᠨ ᠵᠠᠩᠵᠤᠨ ᠲᠦᠰᠢᠮᠡᠳ ᠦ᠋ᠨ ᠬᠠᠮᠲᠤ ᠦ ᠵᠢᠢ ᠱᠠᠨ ᠠᠭᠤᠯᠠ ᠳ᠋ᠤᠷ ᠭᠠᠷᠴᠤ ᠶᠡᠬᠡ ᠮᠥᠷᠡᠨ ᠦ᠌ ᠠᠭᠤᠤ ᠦᠵᠡᠮᠵᠢ ᠶ᠋ᠢ ᠪᠠᠷᠠᠭᠠᠯᠠᠪᠠᠰᠤ ᠮᠥᠷᠡᠨ ᠦ᠌ ᠡᠮᠦᠨ᠎ᠡ ᠤᠮᠠᠷ᠎ᠠ ᠴᠥᠮ ᠶᠡᠬᠡ ᠶᠤᠸᠠᠨ ᠤᠯᠤᠰ ᠤ᠋ᠨ ᠲᠤᠭ ᠲᠡᠮᠳᠡᠭ ᠪᠣᠯᠵᠤ ᠰᠦᠷ ᠬᠦᠴᠦᠨ ᠬᠢᠵᠠᠭᠠᠷᠯᠠᠰᠢ ᠦᠭᠡᠢ ᠳ᠋ᠦ᠍ᠷ ᠣᠯᠠᠨ ᠵᠠᠩᠵᠤᠨ ᠲᠦᠰᠢᠮᠡᠳ ᠭᠠᠷ ᠡᠷᠭᠦᠨ ᠪᠠᠶᠠᠷ ᠤ᠋ᠨ ᠶᠣᠰᠣ ᠬᠢᠵᠦ ᠶᠤᠸᠠᠨᠱᠤᠸᠠᠢ ᠳ᠋ᠤᠷ ᠪᠠᠶᠠᠷ ᠬᠦᠷᠭᠡᠬᠦᠢ ᠳ᠋ᠦ᠍ᠷ ᠪᠠᠶᠠᠨ ᠪᠡᠶ᠎ᠡ ᠮᠡᠬᠦᠢᠨ ᠲᠠᠯᠠᠷᠬᠠᠵᠤ ᠡᠵᠡᠨ ᠦ᠌ ᠪᠤᠶᠠᠨ ᠣᠯᠠᠨ ᠵᠠᠩᠵᠤᠨ ᠴᠡᠷᠢᠭ ᠦ᠋ᠨ ᠭᠠᠪᠢᠶ᠎ᠠ ᠠ᠋ᠴᠠ ᠪᠤᠰᠤ ᠪᠠᠶᠠᠨ ᠨᠠᠳᠤᠷ ᠶᠠᠮᠠᠷ ᠡᠷᠳᠡᠮ ᠴᠢᠳᠠᠪᠤᠷᠢ ᠪᠣᠢ ᠭᠡᠮᠡᠨ ᠶᠡᠬᠡ ᠶᠣᠰᠣᠨ ᠢ ᠬᠦᠯᠢᠶᠡᠮᠦᠢ ᠭᠡᠮᠡᠨ ᠮᠠᠷᠭᠤᠪᠠ᠃   
     ᠠᠵᠤᠤ ᠮᠥᠷᠡᠨ ᠢ᠋ ᠭᠡᠲᠦᠯᠵᠦ ᠪᠤᠴᠠᠵᠤ ᠢᠷᠡᠭᠡᠳ ᠴᠡᠷᠢᠭ ᠣᠷᠣᠬᠤ ᠲᠤᠬᠠᠢ ᠵᠥᠪᠳᠡᠪᠡᠰᠦ ᠣᠯᠠᠨ ᠵᠠᠩᠵᠤᠨ ᠲᠦᠰᠢᠮᠡᠳ ᠴᠥᠮ ᠴᠢ ᠬᠤᠸᠠᠩ ᠢ ᠪᠠᠢᠯᠳᠤᠰᠤᠭᠠᠢ ᠬᠡᠮᠡᠪᠡᠰᠦ ᠠᠵᠤᠤ ᠥᠭᠦᠯᠡᠷᠦᠨ :《ᠬᠡᠷᠪᠡ ᠤᠷᠤᠰᠬᠠᠯ ᠳᠠᠭᠠᠵᠤ ᠪᠠᠭᠤᠪᠠᠰᠤ ᠤᠬᠤᠷᠢᠬᠤ ᠭᠠᠵᠠᠷ ᠦᠭᠡᠢ ᠪᠣᠯᠤᠮᠤᠢ᠃ ᠲᠡᠢᠨ ᠬᠦ᠌ ᠧ ᠵᠧᠦ ᠂ ᠬᠠᠨ ᠶᠠᠩ ᠢ᠋ ᠡᠰᠡ ᠠᠪᠤᠪᠠᠰᠤ ᠪᠣᠯᠬᠤ ᠦᠭᠡᠢ᠃ ᠡᠨᠡ ᠬᠣᠶᠠᠷ ᠬᠣᠲᠠ ᠶ᠋ᠢ ᠪᠠᠢᠯᠳᠤᠬᠤᠢ ᠳ᠋ᠤᠷ ᠬᠡᠳᠦᠢ ᠪᠡᠷ ᠬᠡᠳᠦᠨ ᠡᠳᠦᠷ ᠣᠷᠣᠪᠠᠴᠤ ᠪᠦᠷᠢᠨ ᠠᠷᠭ᠎ᠠ ᠬᠡᠮᠡᠵᠦ ᠦᠵᠡᠪᠡᠰᠦ ᠵᠣᠬᠢᠮᠤᠢ  》 ᠬᠡᠮᠡᠪᠡ᠃ ᠪᠠᠶᠠᠨ ᠶᠤᠸᠠᠨᠱᠤᠸᠠᠢ ᠮᠥᠨ ᠭᠡᠮᠡᠨ ᠶᠡᠬᠡ ᠵᠠᠩᠵᠤᠨ ᠠᠵᠤᠤ ᠪᠠᠷ ᠧ ᠵᠧᠦ ᠶ᠋ᠢ ᠠᠪᠤᠭᠤᠯᠬᠤ ᠪᠠᠷ ᠶᠠᠪᠤᠭᠤᠯᠪᠠ ᠃ ᠠᠵᠣᠣ ᠪᠠᠢᠯᠳᠤᠬᠤ ᠠ᠋ᠴᠠ ᠡᠮᠦᠨ᠎ᠡ ᠯᠢᠦᠢ ᠸᠸᠨ ᠬᠤᠸᠠᠨ ᠂ ᠶᠠᠩ ᠷᠸᠨ ᠹᠧᠩ ᠬᠣᠶᠠᠭᠤᠯᠠ ᠪᠠᠷ ᠧ ᠵᠧᠦ ᠶ᠋ᠢ ᠰᠠᠬᠢᠭᠰᠠᠨ ᠵᠠᠩᠵᠤᠨ ᠳ᠋ᠤᠷ ᠦᠭᠡ ᠳᠠᠮᠵᠢᠭᠤᠯᠵᠤ : 《ᠲᠠ ᠨᠠᠷ ᠤ᠋ᠨ ᠨᠠᠢᠳᠠᠵᠤ ᠢᠲᠡᠭᠡᠮᠵᠢᠯᠡᠭᠰᠡᠨ ᠢᠨᠣ ᠮᠥᠷᠡᠨ ᠭᠣᠣᠯ ᠳ᠋ᠤᠷ ᠪᠣᠯᠠᠢ ᠃ ᠡᠳᠦᠭᠡ ᠮᠠᠨ ᠤ᠋ ᠶᠡᠬᠡ ᠴᠡᠷᠢᠭ ᠬᠠᠨ ᠱᠦᠢ ᠮᠥᠷᠡᠨ ᠢ᠋ ᠠᠷᠭ᠎ᠠ ᠪᠠᠷ ᠡᠵᠡᠯᠡᠨ ᠬᠥᠬᠡ ᠮᠥᠷᠡᠨ ᠢ᠋ ᠨᠢᠰᠦᠨ ᠭᠡᠲᠦᠯᠪᠡᠢ ᠃ ᠲᠠᠨ ᠤ᠋ ᠣᠯᠠᠨ ᠣᠳᠣ ᠶᠠᠭᠤᠨ ᠳ᠋ᠤᠷ ᠲᠦᠰᠢᠵᠦ ᠦᠯᠦ ᠳᠠᠭᠠᠮᠤᠢ ᠃ ᠬᠡᠷᠪᠡ ᠳᠠᠭᠠᠪᠠᠰᠤ ᠵᠡᠷᠭᠡ ᠡᠷᠬᠢᠮ ᠢ᠋ ᠨᠡᠮᠡᠵᠦ ᠬᠦᠨᠳᠦ ᠱᠠᠩ ᠬᠡᠰᠢᠭ ᠬᠦᠷᠲᠡᠭᠡᠰᠦᠭᠡᠢ ᠃ ᠡᠰᠡ ᠪᠥᠭᠡᠰᠦ ᠬᠣᠲᠠ ᠶ᠋ᠢ ᠬᠢᠳᠤᠬᠤ ᠶ᠋ᠢ ᠮᠡᠳᠡᠬᠦ ᠪᠣᠢ ᠢ᠎ᠡ ! 》ᠬᠡᠮᠡᠬᠦᠢ ᠳ᠋ᠦ᠍ᠷ ᠧ ᠵᠧᠦ ᠶ᠋ᠢᠨ ᠣᠯᠠᠨ ᠴᠥᠮ ᠬᠠᠨ ᠶᠠᠩ ᠵᠡᠷᠭᠡ ᠠᠬ᠎ᠠ ᠳᠡᠭᠦᠦ ᠬᠣᠲᠠ ᠪᠣᠢ ᠲᠤᠯᠠ ᠪᠢᠳᠡ ᠭᠠᠭᠴᠠᠭᠠᠷᠳᠠᠬᠤ ᠦᠭᠡᠢ ᠭᠡᠮᠡᠨ ᠶᠡᠬᠡ ᠥᠭᠦᠯᠡᠵᠦ ᠪᠤᠴᠠᠭᠠᠪᠠ ᠃ ᠠᠵᠤᠤ ᠵᠠᠷᠯᠢᠭ ᠪᠣᠯᠵᠤ ᠭᠠᠯ ᠫᠤᠤ ᠤᠭᠰᠠᠷᠠᠵᠤ ᠧ ᠵᠧᠦ ᠶ᠋ᠢᠨ ᠪᠠᠢᠯᠳᠤᠬᠤ ᠣᠩᠭᠣᠴᠠ ᠶ᠋ᠢ ᠭᠡᠨᠡᠳᠲᠡ ᠳᠡᠯᠪᠡᠴᠡᠵᠦ ᠰᠢᠲᠠᠭᠠᠭᠰᠠᠨ ᠳ᠋ᠤᠷ ᠮᠠᠨᠳᠤᠭᠰᠠᠨ ᠭᠠᠯ ᠧ ᠵᠧᠦ ᠬᠣᠲᠠ ᠶ᠋ᠢ ᠭᠡᠷᠡᠯᠲᠦᠭᠦᠯᠦᠭᠰᠡᠨ  ᠢ᠋ᠶ᠋ᠡᠷ ᠦᠯᠦ ᠪᠠᠷᠠᠨ ᠮᠥᠷᠡᠨ ᠦ᠌ ᠴᠢᠨᠠᠳᠤ ᠬᠠᠨ ᠶᠠᠩ ᠠ᠋ᠴᠠ ᠢᠯᠡ ᠬᠠᠷᠠᠭᠳᠠᠮᠤᠢ ᠃ ᠲᠡᠢᠨ ᠬᠦ᠌ ᠧ ᠵᠧᠦ ᠬᠣᠲᠠ ᠶ᠋ᠢᠨ ᠴᠡᠷᠢᠭ ᠠᠷᠠᠳ ᠴᠥᠮ ᠠᠶᠤᠯᠳᠤᠪᠠ ᠃ ᠮᠣᠩᠭᠣᠯ ᠤ᠋ᠨ ᠴᠡᠷᠢᠭ ᠬᠠᠨ ᠶᠠᠩ ᠬᠢᠭᠡᠳ ᠧ ᠵᠧᠦ ᠶ᠋ᠢ ᠵᠡᠷᠭᠡ ᠪᠡᠷ ᠪᠦᠰᠡᠯᠡᠨ ᠰᠢᠬᠠᠮᠳᠠᠭᠤᠯᠪᠠᠰᠤ ᠧ ᠵᠧᠦ ᠶ᠋ᠢᠨ ᠮᠡᠳᠡᠭᠴᠢ ᠶᠠᠩ ᠶᠠᠨ ᠷᠠᠨ ᠂ ᠬᠠᠨ ᠶᠠᠩ ᠤ᠋ᠨ ᠮᠡᠳᠡᠭᠴᠢ ᠸᠠᠩ ᠢ ᠂ ᠳᠧ ᠠᠨ ᠹᠦ ᠶ᠋ᠢᠨ ᠮᠡᠳᠡᠭᠴᠢ ᠯᠠᠢ ᠰᠢᠩ ᠭᠦᠸᠧ ᠨᠠᠷ ᠴᠥᠮ  ᠡᠰᠡᠷᠭᠦᠴᠡᠯ ᠪᠤᠰᠤ ᠪᠠᠨ ᠮᠡᠳᠡᠵᠦ ᠬᠣᠲᠠ ᠪᠠᠨ ᠡᠷᠭᠦᠵᠦ ᠳᠠᠭᠠᠵᠤᠬᠤᠢ᠃ 
       ᠴᠧᠩ ᠹᠧᠩ ᠹᠧᠢ ᠳᠡᠢᠯᠦᠭᠳᠡᠭᠰᠡᠨ ᠴᠡᠷᠢᠭ ᠢ᠋ᠶ᠋ᠡᠨ ᠳᠠᠭᠠᠭᠤᠯᠤᠨ ᠲᠦᠰᠢᠬᠦ ᠭᠠᠵᠠᠷ ᠦᠭᠡᠢ ᠪᠣᠯᠵᠤ ᠣᠯᠠᠨ ᠵᠧᠦ ᠵᠢᠶᠦ᠋ᠨ ᠮᠣᠩᠭᠣᠯ ᠳ᠋ᠤᠷ ᠳᠠᠭᠠᠷ᠎ᠠ ᠢᠷᠡᠬᠦ ᠶ᠋ᠢ ᠦᠵᠡᠭᠡᠳ ᠭᠠᠭᠴᠠ ᠴᠡᠷᠢᠭ  ᠢ᠋ᠶ᠋ᠡᠷ ᠡᠰᠡᠷᠭᠦᠴᠡᠪᠡᠴᠦ ᠲᠤᠰᠠ ᠦᠭᠡᠢ ᠪᠥᠭᠡᠳ ᠭᠠᠷᠬᠤ ᠵᠠᠮ ᠦᠭᠡᠢ ᠪᠣᠯᠤᠭᠰᠠᠨ ᠲᠤᠯᠠ ᠬᠠᠷᠢᠶᠠᠲᠤ ᠴᠡᠷᠢᠭ  ᠢ᠋ᠶ᠋ᠡᠨ ᠠᠪᠴᠤ ᠪᠠᠭᠤᠵᠤ ᠥᠭᠪᠡ ᠂ ᠲᠡᠢᠨ ᠬᠦ᠌ ᠶᠡᠬᠡ ᠴᠡᠷᠢᠭ ᠰᠠᠭᠠᠳ ᠦᠭᠡᠢ ᠮᠥᠷᠡᠨ ᠢ᠋ ᠭᠡᠲᠦᠯᠵᠦ ᠧ ᠵᠧᠦ ᠬᠣᠲᠠ ᠠ᠋ᠴᠠ ᠭᠤᠴᠢᠨ ᠭᠠᠵᠠᠷ ᠵᠠᠢᠲᠠᠢ ᠪᠠᠭᠤᠳᠠᠯᠯᠠᠭᠠᠳ ᠶᠡᠬᠡ ᠴᠠᠴᠠᠷ ᠢ᠋ᠶ᠋ᠠᠨ ᠪᠠᠷᠢᠵᠤ ᠥᠨᠳᠥᠷ ᠰᠢᠷᠤᠭ ᠪᠤᠰᠬᠠᠨ ᠶᠡᠬᠡ ᠶᠤᠸᠠᠨᠱᠤᠸᠠᠢ ᠶ᠋ᠢᠨ ᠲᠡᠮᠳᠡᠭ ᠲᠤᠭ ᠢ ᠥᠨᠳᠥᠷ ᠮᠠᠨᠳᠤᠭᠤᠯᠵᠤ ᠲᠦᠮᠡᠨ ᠲᠦᠮᠡᠨ ᠦ᠌ ᠢᠯᠭᠠᠯ ᠢ᠋ᠶ᠋ᠠᠷ ᠳᠤᠮᠳᠠᠳᠤ ᠴᠡᠷᠢᠭ ᠦ᠋ᠨ ᠬᠦᠷᠢᠶ᠎ᠡ ᠶ᠋ᠢ ᠲᠣᠭᠣᠷᠢᠨ ᠬᠠᠮᠠᠭᠠᠯᠠᠨ ᠪᠠᠭᠤᠭᠰᠠᠨ ᠲᠤᠯᠠ ᠥᠩᠭᠡ ᠥᠩᠭᠡ ᠶ᠋ᠢᠨ ᠲᠤᠭ ᠬᠢᠭᠢᠷᠢ ᠣᠢ ᠮᠣᠳᠣ ᠮᠡᠲᠦ ᠤᠲᠤᠭ᠎ᠠ ᠤᠨᠢᠶᠠᠷ ᠡᠭᠦᠯᠡ ᠬᠦᠳᠡᠩ ᠮᠡᠲᠦ ᠳᠡᠭᠳᠡᠵᠦ ᠵᠠᠭᠤᠨ ᠭᠠᠵᠠᠷ ᠦᠷᠭᠦᠯᠵᠢᠯᠡᠪᠡᠢ᠃ ᠶᠤᠸᠠᠨᠱᠤᠸᠠᠢ ᠶ᠋ᠢᠨ ᠴᠠᠴᠠᠷ ᠲᠤᠷ ᠰᠢᠨ᠎ᠡ ᠬᠠᠭᠤᠴᠢᠨ ᠵᠠᠩᠵᠤᠨ ᠲᠦᠰᠢᠮᠡᠳ ᠲᠣᠷ ᠮᠥᠷᠡᠨ ᠭᠡᠲᠦᠯᠦᠭᠰᠡᠨ ᠪᠠᠶᠠᠷ ᠤ᠋ᠨ ᠬᠤᠷᠢᠮ ᠲᠠᠯᠪᠢᠵᠤ ᠬᠤᠷᠢᠮᠯᠠᠨ ᠬᠠᠭᠤᠴᠢᠨ ᠵᠠᠩᠵᠤᠨ ᠲᠦᠰᠢᠮᠡᠳ ᠦ᠋ᠨ ᠭᠠᠪᠢᠶ᠎ᠠ ᠶ᠋ᠢ ᠲᠡᠮᠳᠡᠭᠯᠡᠨ ᠰᠢᠨ᠎ᠡ ᠳᠠᠭᠠᠭᠰᠠᠨ ᠵᠠᠩᠵᠤᠨ ᠲᠦᠰᠢᠮᠡᠳ ᠦ᠋ᠨ ᠵᠡᠷᠭᠡ ᠡᠷᠬᠢᠮ ᠢ᠋ ᠪᠠᠶᠠᠨ ᠶᠤᠸᠠᠨᠱᠤᠸᠠᠢ ᠲᠣᠯᠣᠭᠠᠢ ᠮᠡᠳᠡᠵᠦ ᠳᠡᠪᠰᠢᠭᠦᠯᠦᠨ ᠬᠡᠷᠡᠭᠯᠡᠪᠡ᠃  
      ᠤᠷᠢᠳ ᠬᠡᠳᠦᠨ ᠵᠢᠯ ᠂ ᠰᠥᠩ ᠤᠯᠤᠰ ᠲᠤᠷ ᠣᠯᠵᠠᠯᠠᠭᠳᠠᠵᠤ ᠮᠥᠷᠡᠨ ᠦ᠌ ᠡᠮᠦᠨ᠎ᠡ ᠪᠣᠭᠣᠯ ᠰᠢᠪᠡᠭᠴᠢᠨ ᠪᠣᠯᠵᠤ ᠭᠡᠷ ᠡᠷᠦᠬᠡ ᠦᠭᠡᠢ ᠵᠣᠪᠠᠯ ᠵᠦᠳᠡᠭᠦᠷᠢ ᠠᠮᠰᠠᠵᠤ ᠪᠠᠢᠭᠰᠠᠨ ᠮᠣᠩᠭᠣᠯ ᠤ᠋ᠨ ᠠᠷᠠᠳ ᠢᠷᠭᠡᠳ ᠲᠣᠷ ᠵᠣᠭᠣᠰ ᠮᠥᠩᠭᠥ ᠲᠤᠰᠠᠯᠠᠵᠤ ᠭᠡᠷ ᠣᠷᠣᠨ ᠳ᠋ᠤᠷ ᠠᠨᠤ ᠪᠤᠴᠠᠭᠠᠪᠠ᠃ ᠤᠯᠠᠭᠠᠭᠴᠢᠨ ᠲᠠᠤᠯᠠᠢ ᠡᠳᠦᠷ ᠲᠦᠮᠡᠨ ᠦ᠌ ᠨᠣᠶᠠᠨ ᠢᠳᠡᠭᠡ ᠂ ᠶᠡᠷᠦᠩᠬᠡᠢ ᠮᠡᠳᠡᠭᠴᠢ ᠬᠣᠨᠲᠤᠲᠠᠢ ᠬᠣᠶᠠᠭᠤᠯᠠ ᠶ᠋ᠢ ᠡᠯᠴᠢ ᠪᠣᠯᠭᠠᠨ ᠳᠡᠭᠡᠳᠦ ᠨᠡᠢᠰᠯᠡᠯ ᠺᠠᠢ ᠫᠢᠩ ᠳ᠋ᠦ᠍ᠷ ᠮᠥᠷᠡᠨ ᠭᠡᠲᠦᠯᠦᠭᠰᠡᠨ ᠪᠠᠶᠠᠷ ᠢ᠋ ᠠᠢᠯᠠᠳᠬᠠᠬᠤ ᠪᠠᠷ ᠶᠠᠪᠤᠭᠤᠯᠪᠠ᠃ ᠵᠢᠴᠢ ᠴᠡᠷᠢᠭ ᠣᠷᠣᠬᠤ ᠶᠠᠪᠤᠳᠠᠯ ᠢ᠋ ᠬᠣᠢᠰᠢᠯᠠᠵᠤ ᠪᠣᠯᠬᠤ ᠦᠭᠡᠢ ᠭᠡᠮᠡᠨ ᠪᠠᠶᠠᠨ ᠶᠤᠸᠠᠨᠱᠤᠸᠠᠢ ᠣᠯᠠᠨ ᠢ᠋ ᠴᠤᠭᠯᠠᠭᠤᠯᠤᠨ ᠥᠭᠦᠯᠡᠷᠦᠨ :《ᠧ ᠵᠧᠦ ᠬᠣᠲᠠ ᠠᠭᠤᠯᠠ ᠶ᠋ᠢ ᠲᠦᠰᠢᠵᠦ ᠮᠥᠷᠡᠨ ᠢ᠋ ᠥᠩᠭᠡᠢᠨ ᠣᠷᠣᠰᠢᠪᠠᠢ᠃ ᠳᠠᠪᠰᠢᠪᠠᠰᠤ ᠪᠠᠢᠯᠳᠤᠵᠤ ᠤᠬᠤᠷᠢᠪᠠᠰᠤ ᠰᠠᠬᠢᠵᠤ ᠪᠣᠯᠬᠤ ᠭᠠᠵᠠᠷ ᠲᠤᠯᠠ ᠴᠡᠷᠢᠭ ᠬᠡᠷᠡᠭᠯᠡᠭᠴᠢᠳ ᠦ᠋ᠨ ᠡᠷᠬᠢᠮᠯᠡᠬᠦ ᠢᠨᠤ ᠪᠣᠯᠠᠢ᠃ ᠡᠳᠦᠭᠡ ᠱᠤ᠌ ᠭᠠᠵᠠᠷ ᠤ᠋ᠨ ᠵᠢᠶᠠᠩ ᠯᠢᠩ ᠂ ᠶᠣᠣ ᠂ ᠧ ᠵᠡᠷᠭᠡ ᠭᠠᠵᠠᠷ ᠢ᠋ ᠴᠥᠮ ᠠᠪᠤᠭᠠᠳᠤᠢ᠃ ᠢᠯᠠᠩᠭᠤᠶ᠎ᠠ ᠴᠡᠷᠢᠭ ᠦ᠋ᠨ ᠠᠮᠤ ᠡᠪᠡᠰᠦ ᠴᠥᠮ ᠡᠨᠡ ᠬᠣᠲᠠᠨ ᠳ᠋ᠤᠷ ᠪᠣᠢ ᠲᠤᠯᠠ ᠨᠢᠭᠡᠨ ᠶᠡᠬᠡ ᠵᠠᠩᠵᠤᠨ ᠢ᠋ᠶ᠋ᠠᠷ ᠰᠠᠬᠢᠭᠤᠯᠬᠤ ᠦᠭᠡᠢ ᠪᠥᠭᠡᠰᠦ ᠳᠡᠭᠡᠳᠦ ᠤᠷᠤᠰᠬᠠᠯ ᠳ᠋ᠤᠷ ᠥᠴᠦᠬᠡᠨ ᠣᠰᠣᠯ ᠭᠠᠷᠪᠠᠰᠤ ᠧ ᠵᠧᠦ ᠮᠠᠨ ᠤ᠋ ᠪᠤᠰᠤ ᠪᠣᠯᠤᠮᠤᠢ᠃ ᠲᠡᠢᠨ ᠠᠪᠠᠰᠤ ᠮᠠᠨ ᠤ᠋ ᠴᠡᠷᠢᠭ ᠮᠥᠷᠡᠨ ᠦ᠌ ᠡᠮᠦᠨᠡᠲᠦ ᠳ᠋ᠦ᠍ᠷ ᠲᠣᠭᠲᠠᠵᠤ ᠴᠢᠳᠠᠬᠤ ᠦᠭᠡᠢ ᠪᠣᠯᠠᠢ 》ᠭᠡᠮᠡᠨ ᠠᠷᠠᠬᠠᠶ᠎ᠠ ᠶ᠋ᠢ ᠬᠠᠷᠠᠪᠠᠰᠤ ᠠᠷᠠᠬᠠᠶ᠎ᠠ ᠶᠤᠸᠠᠨᠱᠤᠸᠠᠢ ᠶ᠋ᠢᠨ ᠰᠠᠨᠠᠭ᠎ᠠ ᠶ᠋ᠢ ᠮᠡᠳᠡᠵᠦ ᠪᠣᠰᠴᠤ ᠵᠣᠭᠰᠣᠭᠠᠳ ᠬᠡᠷᠪᠡ ᠶᠤᠸᠠᠨᠱᠤᠸᠠᠢ ᠢᠲᠡᠭᠡᠮᠵᠢᠯᠡᠬᠦ ᠪᠥᠭᠡᠰᠦ ᠪᠢ ᠲᠦᠮᠡᠨᠲᠡ ᠦᠬᠦᠬᠦ ᠡᠴᠡ ᠠᠶᠤᠬᠤ ᠦᠭᠡᠢ ᠪᠡᠷ ᠬᠦᠨᠳᠦ ᠲᠤᠰᠢᠶᠠᠯ ᠢ᠋ ᠬᠦᠯᠢᠶᠡᠨ ᠠᠪᠰᠤᠭᠠᠢ ᠬᠡᠮᠡᠬᠦᠢ ᠳ᠋ᠦ᠍ᠷ ᠪᠠᠶᠠᠨ ᠶᠤᠸᠠᠨᠱᠤᠸᠠᠢ ᠮᠠᠰᠢ ᠪᠠᠶᠠᠷᠯᠠᠨ ᠡᠨᠡ ᠲᠤᠰᠢᠶᠠᠯ ᠢ᠋ ᠠᠪᠤᠭᠠᠢ ᠠ᠋ᠴᠠ ᠥᠭᠡᠷ᠎ᠡ ᠬᠥᠮᠦᠨ ᠦᠯᠦ ᠪᠣᠯᠤᠮᠤᠢ ᠭᠡᠮᠡᠨ ᠲᠠᠪᠤᠨ ᠲᠦᠮᠡᠨ ᠰᠢᠯᠢᠳᠡᠭ ᠴᠡᠷᠢᠭ ᠥᠭᠴᠦ :《ᠧ ᠵᠧᠦ ᠶ᠋ᠢ ᠵᠠᠩᠵᠤᠨ ᠲᠠ ᠬᠣᠴᠣᠷᠴᠤ ᠰᠠᠬᠢᠬᠤ ᠲᠤᠯᠠ ᠮᠠᠨ ᠤ᠋ ᠶᠡᠬᠡ ᠴᠡᠷᠢᠭ ᠠᠷᠤ ᠳ᠋ᠠᠭᠠᠨ ᠨᠠᠢᠳᠠᠭᠤᠰᠢᠲᠠᠢ ᠪᠣᠯᠪᠠᠢ᠃ ᠡᠨᠳᠡ ᠡᠴᠡ ᠵᠢᠩ ᠂ ᠬᠤ᠌ ᠶ᠋ᠢᠨ ᠭᠠᠵᠠᠷ ᠢ᠋ ᠠᠪᠴᠤ ᠪᠣᠯᠪᠠᠴᠤ ᠵᠠᠩᠵᠤᠨ ᠲᠠ ᠪᠣᠯᠬᠤ ᠪᠣᠯᠤᠮᠵᠢ ᠪᠠᠨ ᠦᠵᠡᠵᠦ ᠮᠡᠳᠡᠲᠦᠭᠡᠢ  》 ᠭᠡᠮᠡᠨ ᠵᠢᠴᠢ ᠡᠳᠦᠷ ᠴᠡᠷᠢᠭ ᠮᠣᠷᠳᠠᠬᠤ ᠪᠠᠷ ᠵᠠᠷᠯᠢᠭ ᠪᠣᠯᠵᠤ ᠠᠵᠤᠤ ᠶ᠋ᠢᠨ ᠡᠮᠦᠨᠡᠲᠦ ᠴᠡᠷᠢᠭ ᠬᠤᠸᠠᠩ ᠵᠧᠦ ᠶ᠋ᠢ ᠤᠷᠢᠳᠴᠢᠯᠠᠨ ᠠᠪᠤᠭᠲᠤᠨ ᠭᠡᠮᠡᠨ ᠶᠠᠪᠤᠭᠤᠯᠵᠤ ᠥᠪᠡᠷ ᠦ᠋ᠨ ᠪᠡᠶ᠎ᠡ ᠶᠡᠬᠡ ᠴᠡᠷᠢᠭ ᠢ᠋ᠶ᠋ᠡᠨ ᠠᠪᠴᠤ ᠯᠢᠨ ᠠᠨ ᠢ᠋ ᠴᠢᠭᠯᠡᠨ ᠮᠣᠷᠳᠠᠪᠠ᠃ ᡁᠢ ᠶᠤᠸᠠᠨ ᠪ‍ ᠠᠷᠪᠠᠨ ᠬᠣᠶᠠᠳᠤᠭᠠᠷ ᠣᠨ ᠤ᠋ ᠴᠠᠭᠠᠨ ᠰᠠᠷ᠎ᠠ ᠶ᠋ᠢᠨ ᠬᠥᠬᠡ ᠨᠣᠬᠠᠢ ᠡᠳᠦᠷ ᠠᠵᠦᠤ ᠬᠤᠸᠠᠩ ᠵᠧᠦ ᠳ᠋ᠦ᠍ᠷ ᠬᠦᠷᠴᠦ ᠢᠷᠡᠬᠦᠢ ᠳ᠋ᠦ᠍ᠷ ᠰᠥᠩ ᠤᠯᠤᠰ ᠤ᠋ᠨ ᠮᠥᠷᠡᠨ ᠳᠠᠭᠠᠤ ᠶ᠋ᠢ ᠵᠠᠬᠢᠷᠬᠤ ᠶᠠᠨ ᠵᠢᠶᠠᠩ ᡁᠢ ᡁᠢ ᠱᠢ ᠲᠦᠰᠢᠮᠡᠯ ᠬᠤᠸᠠᠩ ᠵᠧᠦ ᠶ᠋ᠢᠨ ᠮᠡᠳᠡᠭᠴᠢ ᠴᠸᠨ ᠢ ᠡᠰᠡᠷᠭᠦᠴᠡᠯ ᠪᠤᠰᠤ ᠪᠠᠨ ᠮᠡᠳᠡᠵᠦ ᠬᠣᠲᠠ ᠪᠠᠨ ᠡᠷᠭᠦᠵᠦ ᠪᠠᠭᠤᠵᠤ ᠥᠭᠪᠡ ᠃ ᠲᠡᠢᠨ ᠬᠦ᠌ ᠴᠸᠨ ᠡᠢ ᠶ᠋ᠢ ᠶᠤᠸᠠᠨᠱᠤᠸᠠᠢ ᠳ᠋ᠤᠷ ᠤᠴᠠᠷᠠᠲᠤᠭᠠᠢ ᠭᠡᠮᠡᠨ ᠬᠥᠮᠦᠨ ᠳᠠᠭᠠᠭᠤᠯᠤᠨ ᠶᠠᠪᠤᠭᠤᠯᠤᠭᠰᠠᠨ ᠳ᠋ᠤᠷ ᠪᠠᠶᠠᠨ ᠶᠤᠸᠠᠨᠱᠤᠸᠠᠢ ᠠᠪᠴᠤ ᠠᠭᠤᠯᠵᠠᠭᠠᠳ ᠰᠠᠢᠨ ᠦᠭᠡ ᠪᠡᠷ ᠲᠣᠬᠣᠷᠤᠭᠤᠯᠤᠨ ᠮᠥᠷᠡᠨ ᠳᠠᠭᠠᠤ ᠶ᠋ᠢ ᠵᠠᠬᠢᠷᠠᠬᠤ ᠳᠦ ᠳᠦ ᠡᠷᠭᠦᠮᠵᠢᠯᠡᠪᠡ᠃ ᠴᠸᠨ ᠢ ᠦᠵᠡᠪᠡᠰᠦ ᠪᠠᠶᠠᠨ ᠶᠤᠸᠠᠨᠱᠤᠸᠠᠢ ᠮᠣᠩᠭᠣᠯ ᠪᠠ ᠰᠥᠩ ᠦ᠋ᠨ ᠪᠠᠢᠳᠠᠯ ᠢ ᠰᠢᠭᠦᠮᠵᠢᠯᠡᠵᠦ ᠥᠭᠦᠯᠡᠬᠦ ᠪᠠ ᠴᠡᠷᠢᠭ ᠲᠡᠢᠨ ᠦ᠌ ᠪᠠᠢᠳᠠᠯ ᠢ᠋ ᠰᠢᠭᠦᠮᠵᠢᠯᠡᠬᠦ ᠢᠨᠤ ᠰᠢᠨ᠎ᠡ ᠰᠣᠨᠢᠷᠬᠠᠯᠲᠠᠢ ᠪᠥᠭᠡᠳ ᠪᠠᠢᠳᠠᠯ ᠳ᠋ᠤ᠌ ᠨᠡᠢᠴᠡᠬᠦ ᠪᠠ ᠣᠪᠣᠷ ᠰᠤᠷᠲᠠᠯ ᠬᠥᠩᠭᠡᠮᠰᠦᠭ ᠂ ᠳᠦᠷᠰᠦ ᠪᠠᠢᠳᠠᠯ ᠬᠡᠭᠡᠨᠴᠢᠷ ᠂ ᠡᠷᠳᠡᠮ ᠮᠠᠲᠠᠯ ᠮᠥᠷᠡᠨ  ᠦ᠌ ᠡᠮᠦᠨᠡᠬᠢ ᠰᠠᠢᠳ ᠡᠷᠳᠡᠮᠲᠡᠨ ᠢ᠋ ᠳᠠᠪᠠᠭᠰᠠᠨ ᠲᠤᠯᠠ ᠲᠡᠭᠷᠢ ᠶ᠋ᠢᠨ ᠴᠠᠭ ᠮᠣᠩᠭᠣᠯ ᠳ᠋ᠤᠷ ᠪᠣᠯᠪᠠᠢ ᠭᠡᠮᠡᠨ ᠳᠣᠲᠣᠷ᠎ᠠ ᠪᠠᠨ ᠪᠢᠰᠢᠷᠡᠭᠡᠳ ᠵᠢᠶᠠᠨ ᠰᠦᠢ ᠶ᠋ᠢ ᠰᠠᠬᠢᠭᠰᠠᠨ ᠬᠥᠪᠡᠭᠦᠨ ᠶᠠᠨ ᠳ᠋ᠤᠷ ᠵᠠᠬᠢᠳᠠᠯ ᠥᠭᠴᠦ ᠳᠠᠭᠤᠳᠠᠨ ᠠᠪᠴᠤ ᠢᠷᠡᠭᠡᠳ ᠳᠠᠭᠠᠭᠤᠯᠪᠠ᠃ 
       ᠲᠡᠨᠳᠡ ᠡᠴᠡ ᠯᠢᠦᠢ ᠸᠸᠨ ᠬᠤᠸᠠᠨ ᠂ ᠴᠸᠨ ᠢ ᠬᠣᠶᠠᠷ ᠲᠤᠷ ᠪᠢᠴᠢᠭ ᠪᠠᠷᠢᠭᠤᠯᠵᠤ ᠴᠢ ᠵᠧᠦ ᠶ᠋ᠢᠨ ᠵᠣᠣ ᠲᠤᠤ ᠱᠢ ᠵᠠᠷᠯᠢᠭ ᠢ᠋ᠶ᠋ᠠᠷ ᠪᠠᠢᠯᠳᠤᠨ ᠳᠠᠭᠠᠭᠤᠯᠬᠤ ᠲᠦᠰᠢᠮᠡᠯ ᠭᠤᠸᠠᠨ ᠵᠢᠩ ᠮᠧᠢ ᠶ᠋ᠢ ᠳᠠᠭᠠᠲᠤᠭᠠᠢ ᠭᠡᠮᠡᠨ ᠢᠳᠬᠠᠨ ᠠᠴᠢ ᠬᠣᠯᠪᠣᠭᠳᠠᠯ ᠢ᠋ ᠳᠡᠯᠭᠡᠭᠡᠵᠦ ᠶᠠᠷᠢᠭᠰᠠᠨ ᠳ᠋ᠤᠷ ᠭᠤᠸᠠᠨ ᠵᠢᠩ ᠮᠧᠢ ᠠᠷᠭ᠎ᠠ ᠪᠤᠰᠤ ᠤᠭᠲᠤᠵᠤ ᠳᠠᠭᠠᠪᠠ᠃ ᠪᠠᠶᠠᠨ ᠶᠤᠸᠠᠨᠱᠤᠸᠠᠢ ᠲᠡᠭᠦᠨ ᠢ᠋ ᠬᠤᠸᠠᠢ ᠰᠢ ᠶ᠋ᠢᠨ ᠰᠢᠦᠸᠠᠨ ᠹᠦ ᠱᠢ ᠲᠦᠰᠢᠮᠡᠯ ᠪᠣᠯᠭᠠᠨ ᠬᠡᠷᠡᠭᠯᠡᠪᠡ᠃ ᠲᠦᠮᠡᠨ ᠦ᠌ ᠨᠣᠶᠠᠨ ᠲᠠᠢᠳᠠᠷ ᠢ᠋ᠶ᠋ᠠᠷ ᠴᠢ ᠵᠧᠦ ᠬᠣᠲᠠ ᠶ᠋ᠢ ᠰᠠᠬᠢᠭᠤᠯᠵᠤ ᠠᠵᠤᠤ ᠤᠰᠤᠨ ᠵᠠᠮ  ᠢ᠋ᠶ᠋ᠠᠷ ᠵᠢᠶᠠᠩ ᠵᠧᠦ ᠳ᠋ᠦ᠍ᠷ ᠬᠦᠷᠬᠦᠢ ᠳ᠋ᠦ᠍ᠷ ᠰᠥᠩ ᠤᠯᠤᠰ ᠤ᠋ᠨ ᠴᠡᠷᠢᠭ ᠦ᠋ᠨ ᠶᠠᠪᠤᠳᠠᠯ ᠤ᠋ᠨ ᠰᠠᠢᠳ ᠪᠢᠩ ᠪᠦ ᠱᠠᠩ ᠱᠤ᠌ ᠯᠢᠦᠢ ᠱᠢ ᠺᠤᠢ ᠵᠢᠶᠠᠩ ᠵᠧᠦ ᠳ᠋ᠦ᠍ᠷ ᠪᠠᠢᠭᠰᠠᠨ ᠲᠤᠯᠠ ᠵᠢᠶᠠᠩ ᠵᠧᠦ ᠶ᠋ᠢᠨ ᠮᠡᠳᠡᠭᠡᠴᠢ ᠴᠢᠶᠠᠨ ᠵᠸᠨ ᠰᠦᠨ ᠦ᠌ ᠬᠠᠮᠲᠤ ᠬᠥᠮᠦᠨ ᠵᠠᠷᠤᠵᠤ ᠳᠠᠭᠠᠬᠤ ᠢᠯᠡᠳᠬᠡᠯ ᠪᠠᠷᠢᠪᠠ᠃ ᠪᠠᠶᠠᠨ ᠶᠤᠸᠠᠨᠱᠤᠸᠠᠢ ᠳᠤᠮᠳᠠ ᠵᠠᠮ ᠤ᠋ᠨ ᠴᠡᠷᠢᠭ ᠢ᠋ᠶ᠋ᠡᠨ ᠠᠪᠴᠤ ᠵᠢᠶᠠᠩ ᠵᠧᠦ ᠳ᠋ᠦ᠍ᠷ ᠬᠦᠷᠴᠦ ᠢᠷᠡᠭᠡᠳ ᠯᠢᠦᠢ ᠱᠢ ᠺᠤᠢ ᠶ᠋ᠢ ᠵᠢᠶᠠᠩ ᠵᠧᠦ ᠠᠨ ᠲᠠᠢ ᠱᠧᠦ ᠲᠦᠰᠢᠮᠡᠯ ᠪᠣᠯᠭᠠᠨ ᠬᠡᠷᠡᠭᠯᠡᠪᠡ᠃ ᠲᠡᠢᠨ ᠬᠦ᠌ ᠯᠢᠦᠢ ᠱᠢ ᠺᠤᠢ ᠶᠡᠬᠡᠳᠡ ᠲᠠᠯᠠᠷᠬᠠᠨ ᠮᠥᠷᠡᠨ  ᠦ᠌ ᠡᠮᠦᠨᠡᠬᠢ ᠲᠡᠷᠢᠭᠦᠨ ᠠᠰᠠᠷ ᠴᠤᠤ ᠲᠠᠢ ᠱᠧᠦ ᠬᠦᠩ ᠯᠧᠦ ᠳ᠋ᠦ᠍ᠷ ᠬᠤᠷᠢᠮᠯᠠᠬᠤᠢ ᠳ᠋ᠤᠷ ᠰᠥᠩ ᠤᠯᠤᠰ ᠤ᠋ᠨ ᠬᠠᠭᠠᠨ  ᠤ᠋ ᠤᠭᠰᠠᠭ᠎ᠠ ᠶ᠋ᠢᠨ ᠬᠣᠶᠠᠷ ᠭᠤᠸ᠎ᠠ ᠥᠬᠢᠳ ᠢ᠋ ᠰᠣᠩᠭᠣᠨ ᠠᠪᠴᠤ ᠴᠢᠮᠡᠵᠦ ᠠᠷᠢᠬᠢ ᠪᠠᠷᠢᠭᠤᠯᠤᠨ ᠪᠠᠶᠠᠨ ᠶᠤᠸᠠᠨᠱᠤᠸᠠᠢ ᠶ᠋ᠢᠨ ᠠᠷᠤ ᠥᠪᠥᠷ ᠡᠴᠡ ᠰᠠᠯᠬᠤ ᠦᠭᠡᠢ ᠳ᠋ᠦ᠍ᠷ ᠪᠠᠶᠠᠨ ᠶᠤᠸᠠᠨᠱᠤᠸᠠᠢ ᠮᠠᠰᠢ ᠠᠭᠤᠷᠯᠠᠨ ᠰᠢᠷᠡᠭᠡ ᠠᠯᠠᠭᠠᠳᠠᠵᠤ ᠪᠣᠰᠤᠭᠠᠳ :《ᠪᠢ ᠬᠡᠮᠡᠭᠴᠢ ᠲᠡᠭᠷᠢ ᠶ᠋ᠢᠨ ᠬᠥᠪᠡᠭᠦᠨ  ᠦ᠌ ᠵᠠᠷᠯᠢᠭ ᠢ᠋ᠶ᠋ᠠᠷ ᠥᠷᠥᠰᠢᠶᠡᠩᠭᠦᠢ ᠴᠡᠷᠢᠭ ᠪᠠᠢᠭᠤᠯᠤᠨ ᠰᠥᠩ ᠤᠯᠤᠰ ᠠ᠋ᠴᠠ ᠶᠠᠯ᠎ᠠ ᠠᠰᠠᠭᠤᠷ᠎ᠠ ᠢᠷᠡᠭᠰᠡᠨ ᠢᠨᠤ ᠪᠣᠯᠠᠢ ᠃ ᠶᠠᠭᠤᠨ ᠳ᠋ᠤᠷ ᠥᠬᠢᠳ ᠦ᠋ᠨ ᠥᠩᠭᠡ ᠪᠡᠷ ᠠᠲᠠᠯᠠᠮᠤᠢ ᠃ ᠪᠢ ᠲᠡᠷᠡ ᠥᠴᠦᠬᠡᠨ ᠶᠠᠪᠤᠳᠠᠯ ᠳ᠋ᠤᠷ ᠬᠥᠳᠡᠯᠭᠡᠭᠳᠡᠬᠦ ᠢᠨᠤ ᠪᠤᠰᠤ ! ᠰᠣᠨᠣᠰᠪᠠᠰᠤ ᠡᠨᠡ ᠬᠣᠶᠠᠷ ᠴᠥᠮ ᠰᠥᠩ ᠦ᠋ᠨ ᠡᠵᠡᠨ ᠤ ᠤᠭᠰᠠᠭ᠎ᠠ ᠬᠡᠮᠡᠮᠦ ᠂ ᠰᠥᠩ ᠮᠥᠬᠥᠭᠡᠳᠦᠢ ᠳ᠋ᠦ᠍ᠷ ᠡᠵᠡᠨ ᠦ᠌ ᠤᠭᠰᠠᠭ᠎ᠠ ᠶ᠋ᠢ ᠡᠨᠡ ᠬᠡᠮᠵᠢᠶᠡᠨ ᠳ᠋ᠦ᠍ᠷ ᠬᠦᠷᠦᠭᠦᠯᠬᠦᠢ ᠳ᠋ᠦ᠍ᠷ ᠲᠦᠰᠢᠮᠡᠯ ᠠᠭᠰᠠᠳ ᠬᠡᠷᠬᠢᠨ ᠲᠦᠪᠳᠡᠬᠦ ᠠᠵᠢ  》ᠭᠡᠮᠡᠨ ᠬᠣᠶᠠᠷ ᠥᠬᠢᠳ ᠢ᠋ ᠭᠠᠷᠭᠠᠵᠤ ᠪᠠᠭ᠎ᠠ ᠰᠠᠭᠤᠭᠠᠳ ᠡᠶ᠎ᠡ ᠦᠭᠡᠢ ᠳᠠᠷᠤᠢ ᠮᠣᠷᠳᠠᠪᠠ᠃ ᠯᠢᠦᠢ ᠱᠢ ᠺᠤᠢ ᠲᠤᠩ ᠢᠴᠡᠩᠭᠦᠷᠡᠨ ᠭᠡᠮᠰᠢᠵᠦ ᠮᠣᠩᠭᠣᠯᠴᠤᠳ ᠴᠥᠮ ᠠᠷᠢᠬᠢ ᠥᠩᠭᠡᠨ ᠳ᠋ᠦ᠍ᠷ ᠳᠤᠷ᠎ᠠ ᠲᠠᠢ ᠬᠡᠮᠡᠭᠰᠡᠨ ᠴᠤᠤᠷᠬᠠᠯ ᠦᠭᠡ ᠶ᠋ᠢ ᠰᠣᠨᠣᠰᠴᠤ ᠡᠰᠡᠯ᠎ᠡ ᠮᠢᠨᠦ ᠶᠡᠬᠡ ᠶᠠᠪᠤᠳᠠᠯ ᠳ᠋ᠤᠷ ᠰᠠᠭᠠᠳ ᠪᠣᠯᠪᠠ ᠭᠡᠮᠡᠨ ᠶᠤᠸᠠᠨᠱᠤᠸᠠᠢ ᠶ᠋ᠢᠨ ᠶᠡᠬᠡ ᠴᠠᠴᠠᠷ ᠲᠤᠷ ᠬᠦᠷᠴᠦ ᠣᠰᠣᠯ ᠢ᠋ᠶ᠋ᠠᠨ ᠮᠡᠳᠡᠵᠦ ᠶᠠᠯ᠎ᠠ ᠬᠦᠯᠢᠶᠡᠪᠡ᠃      
      ᠲᠡᠳᠦᠢ ᠳ᠋ᠦ᠍ᠷ ᠠᠨ ᠺᠠᠩ ᠤ᠋ᠨ ᠴᠡᠷᠢᠭ ᠦ᠋ᠨ ᠶᠠᠪᠤᠳᠠᠯ ᠤ᠋ᠨ ᠲᠦᠰᠢᠮᠡᠳ ᠶᠧ ᠴᠠᠩ ᠳᠠᠭᠠᠷ᠎ᠠ ᠢᠷᠡᠪᠡ᠃ ᠠᠨ ᠴᠢᠩ ᠹᠦ ᠶ᠋ᠢᠨ ᠮᠡᠳᠡᠭᠡᠴᠢ ᠹᠠᠨ ᠸᠸᠨ ᠬᠤ᠌ ᠪᠢᠴᠢᠭ ᠪᠠᠷᠢᠵᠤ ᠳᠠᠭᠠᠬᠤ ᠶ᠋ᠢ ᠭᠤᠶᠤᠪᠠ ᠃ ᠠᠵᠤᠤ ᠶ᠋ᠢᠨ ᠡᠮᠦᠨᠡᠲᠦ ᠴᠡᠷᠢᠭ ᠤᠰᠤᠨ ᠵᠠᠮ ᠢ᠋ᠶ᠋ᠠᠷ ᠠᠨ ᠴᠢᠩ ᠳ᠋ᠦ᠍ᠷ ᠬᠦᠷᠴᠦ ᠢᠷᠡᠭᠰᠡᠨ ᠳ᠋ᠦ᠍ᠷ ᠹᠠᠨ ᠸᠸᠨ ᠬᠤ᠌ ᠬᠣᠲᠠᠨ ᠠ᠋ᠴᠠ ᠭᠠᠷᠴᠤ ᠤᠭᠲᠤᠪᠠ᠃ ᠶᠡᠬᠡ ᠴᠡᠷᠢᠭ ᠣᠭᠲᠣ ᠰᠠᠭᠠᠳ ᠦᠭᠡᠢ ᠪᠦᠸᠧ ᠶᠠᠩ ᠬᠤ᠌ ᠲᠠᠩᠭᠢᠰ ᠤ᠋ᠨ ᠠᠮᠠ ᠬᠤ᠌ ᠺᠧᠦ ᠳ᠋ᠦ᠍ᠷ ᠬᠦᠷᠬᠦᠢ ᠳ᠋ᠦ᠍ᠷ ᠪᠠᠶᠠᠨ ᠶᠤᠸᠠᠨᠱᠤᠸᠠᠢ ᠮᠢᠩᠭᠠᠨ ᠤ᠋ ᠨᠣᠶᠠᠨ ᠨᠢᠩ ᠢᠦᠢ ᠪᠡᠷ ᠲᠠᠲᠠᠮᠠᠯ ᠬᠥᠭᠥᠷᠭᠡ ᠲᠠᠲᠠᠭᠤᠯᠤᠭᠰᠠᠨ ᠳ᠋ᠤᠷ ᠶᠡᠬᠡ ᠰᠠᠯᠬᠢᠨ ᠬᠥᠳᠡᠯᠵᠦ ᠬᠥᠭᠥᠷᠭᠡ ᠲᠣᠭᠲᠠᠬᠤ ᠦᠭᠡᠢ ᠳ᠋ᠦ᠍ᠷ ᠪᠠᠶᠠᠨ ᠶᠤᠸᠠᠨᠱᠤᠸᠠᠢ ᠳᠠ ᠭᠤ᠌ ᠱᠠᠨ ᠠᠭᠤᠯᠠ ᠶ᠋ᠢᠨ ᠡᠵᠡᠳ ᠲᠣᠷ ᠠᠷᠢᠬᠢ ᠪᠠᠷᠢᠵᠤ ᠲᠠᠬᠢᠭᠰᠠᠨ ᠳ᠋ᠤᠷ ᠰᠠᠯᠬᠢᠨ ᠲᠡᠷᠡ ᠳᠣᠣᠷ᠎ᠠ ᠪᠠᠨ ᠨᠠᠮᠵᠢᠵᠤ ᠬᠥᠭᠥᠷᠭᠡ ᠪᠦᠲᠦᠭᠡᠳ ᠶᠡᠬᠡ ᠴᠡᠷᠢᠭ ᠴᠥᠮ ᠭᠡᠲᠦᠯᠪᠡᠢ᠃ ᠪᠠᠶᠠᠨ ᠶᠤᠸᠠᠨᠱᠤᠸᠠᠢ ᠠᠨ ᠴᠢᠩ ᠳ᠋ᠦ᠍ᠷ ᠬᠦᠷᠴᠦ ᠹᠠᠨ ᠸᠸᠨ ᠬᠤ᠌ ᠶ᠋ᠢ ᠵᠧ ᠳ᠋ᠦᠩ ᠵᠧ ᠰᠢ ᠶ᠋ᠢᠨ ᠶᠡᠬᠡ ᠳᠦ ᠳᠦ ᠡᠷᠭᠦᠮᠵᠢᠯᠡᠨ ᠲᠡᠭᠦᠨ ᠦ᠌ ᠡᠷᠭᠦᠮᠡᠯ ᠬᠥᠪᠡᠭᠦᠨ ᠢᠦᠢ ᠰᠢᠨ ᠢ᠋ ᠠᠨ ᠴᠢᠩ ᠦ᠋ᠨ ᠮᠡᠳᠡᠭᠴᠢ ᠲᠦᠰᠢᠮᠡᠯ ᠪᠣᠯᠭᠠᠨ ᠲᠦᠮᠡᠨ ᠦ᠌ ᠨᠣᠶᠠᠨ ᠴᠢᠶᠣᠤ ᠬᠦᠢ ᠪᠡᠷ ᠠᠨ ᠴᠢᠩ ᠢ ᠰᠠᠬᠢᠭᠤᠯᠪᠠ᠃ ᡂᠢ ᠵᠧᠦ ᠶ᠋ᠢᠨ ᠲᠦᠩ ᠹᠠᠨ ᠲᠦᠰᠢᠮᠡᠯ ᠵᠣᠣ ᠠᠩ ᠡᠬᠡᠨᠡᠷ ᠬᠡᠦᠬᠡᠳ ᠦ᠋ᠨ ᠬᠠᠮᠲᠤ ᠪᠣᠭᠣᠮᠢᠯᠠᠵᠤ ᠦᠬᠦᠪᠡ᠃  
      ᠵᠢᠶᠠ ᠽᠢ ᠳ᠋ᠣᠣ ᠶ᠋ᠢᠨ ᠢᠲᠡᠭᠡᠯ ᠨᠠᠢᠳᠠᠪᠤᠷᠢ ᠶ᠋ᠢ ᠣᠯᠤᠭᠰᠠᠨ ᠰᠡᠳᠬᠢᠯ ᠵᠢᠷᠦᠬᠡᠨ ᠦ᠌ ᠬᠥᠮᠦᠰ ᠣᠯᠠᠩᠬᠢ ᠠᠨᠤ ᠴᠥᠮ ᠰᠠᠯᠬᠢᠨ ᠤ᠋ ᠠᠶ᠎ᠠ ᠪᠠᠷ ᠮᠣᠩᠭᠣᠯ ᠳ᠋ᠤᠷ ᠳᠠᠭᠠᠬᠤ ᠶ᠋ᠢ ᠰᠣᠨᠣᠰᠤᠭᠠᠳ ᠮᠠᠰᠢ ᠢᠴᠡᠩᠭᠦᠷᠡᠨ ᠪᠠᠴᠢᠮᠳᠠᠵᠤ ᠪᠦᠬᠦᠢ ᠳ᠋ᠦ᠍ᠷ ᠲᠤᠷᠰᠢᠭᠤᠯ ᠠ᠋ᠴᠠ ᠶᠤᠸᠠᠨ ᠤᠯᠤᠰ ᠤ᠋ᠨ ᠵᠠᠩᠵᠤᠨ ᠯᠢᠦ ᠵᠧᠩ ᠦᠬᠦᠪᠡ ᠭᠡᠮᠡᠨ ᠰᠣᠨᠣᠰᠤᠭᠠᠳ ᠶᠡᠬᠡᠳᠡ ᠪᠠᠶᠠᠷᠯᠠᠨ ᠮᠣᠩᠭᠣᠯᠴᠤᠳ ᠤ᠋ᠨ ᠨᠢᠭᠡ ᠮᠥᠷᠥ ᠲᠠᠰᠤᠷᠠᠪᠠ᠃ ᠯᠢᠦ ᠵᠧᠩ ᠨᠠᠷ ᠦᠭᠡᠢ ᠪᠥᠭᠡᠰᠦ ᠮᠣᠩᠭᠣᠯ ᠠ᠋ᠴᠠ ᠠᠶᠤᠬᠤ ᠶᠠᠪᠤᠳᠠᠯ ᠦᠭᠡᠢ᠃ ᠲᠡᠭᠷᠢ ᠰᠥᠩ ᠤᠯᠤᠰ ᠢ ᠲᠡᠳᠬᠦᠮᠦᠢ ᠭᠡᠮᠡᠨ ᠵᠠᠩᠵᠤᠨ ᠲᠦᠰᠢᠮᠡᠳ ᠢ᠋ᠶ᠋ᠡᠨ ᠵᠣᠷᠢᠭᠵᠢᠭᠤᠯᠵᠤ ᠨᠢᠭᠡᠨᠲᠡ ᠢᠲᠡᠭᠡᠯ  ᠢ᠋ᠶ᠋ᠡᠨ ᠠᠯᠳᠠᠵᠤ ᠪᠠᠢᠯᠳᠤᠬᠤ ᠰᠡᠳᠬᠢᠯ ᠦᠭᠡᠢ ᠬᠥᠮᠦᠰ  ᠢ᠋ᠶ᠋ᠡᠨ ᠣᠮᠣᠭᠰᠢᠭᠤᠯᠵᠤ ᠭᠤᠴᠢᠨ ᠲᠦᠮᠡᠨ ᠶᠡᠬᠡ ᠴᠡᠷᠢᠭ ᠳᠠᠢᠴᠢᠯᠠᠨ ᠵᠠᠭᠤᠨ ᠲᠦᠮᠡ ᠭᠡᠮᠡᠨ ᠠᠯᠳᠠᠷᠰᠢᠭᠤᠯᠵᠤ ᠡᠵᠡᠨ ᠬᠠᠭᠠᠨ ᠳ᠋ᠠᠭᠠᠨ ᠴᠡᠷᠢᠭ ᠭᠠᠷᠬᠤ ᠪᠢᠶᠣᠤ ᠪᠢᠴᠢᠭ ᠡᠷᠭᠦᠨ ᠶᠢᠰᠦᠨ ᠵᠡᠷᠭᠡ ᠫᠤᠤ ᠲᠠᠯᠪᠢᠨ ᠬᠠᠭᠠᠨ ᠤ᠋ ᠵᠢᠭᠰᠠᠭᠠᠯ ᠢ᠋ᠶ᠋ᠠᠷ ᠰᠦᠷ ᠮᠠᠨᠳᠤᠭᠤᠯᠵᠤ ᠮᠣᠷᠳᠠᠵᠤ ᠭᠠᠷᠪᠠ᠃ ᠶᠡᠬᠡ ᠪᠠᠭ᠎ᠠ ᠪᠠᠢᠯᠳᠤᠬᠤ ᠣᠩᠭᠣᠴᠠ ᠂ ᠶᠠᠪᠠᠭᠠᠨ ᠮᠣᠷᠢᠲᠤ ᠴᠡᠷᠢᠭ ᠂ ᠤᠰᠤᠨ ᠬᠠᠭᠤᠷᠠᠢ ᠨᠡᠢᠯᠡᠵᠦ ᠵᠠᠭᠤᠨ ᠭᠠᠵᠠᠷ ᠦᠷᠭᠦᠯᠵᠢᠯᠡᠪᠡᠢ᠃  
      ᠥᠭᠦᠯᠡᠬᠦ ᠢᠨᠦ ᠪᠠᠶᠠᠨ ᠶᠤᠸᠠᠨᠱᠤᠸᠠᠢ ᠡᠨᠡ ᠮᠡᠳᠡᠭᠡ ᠶ᠋ᠢ ᠣᠯᠵᠤ ᠶᠡᠬᠡ ᠵᠠᠩᠵᠤᠨ ᠬᠠᠳᠠᠨ ᠬᠠᠨ ᠂ ᠠᠵᠤᠤ ᠂ ᠠᠷᠤᠤᠬᠠᠨ ᠳᠠᠴᠤᠤ ᠂ ᠮᠠᠩᠭᠤᠲᠠᠢ ᠂ ᠯᠢᠦᠢ ᠸᠸᠨ ᠬᠤᠸᠠᠨ ᠨᠠᠷ ᠲᠠᠢ ᠵᠥᠪᠳᠡᠵᠦ ᠡᠨᠡ ᠤᠳᠠᠭ᠎ᠠ ᠰᠥᠩ ᠤᠯᠤᠰ ᠤ᠋ᠨ ᠴᠡᠷᠢᠭ ᠢ᠋ ᠨᠢᠭᠡᠨᠲᠡ ᠳᠡᠢᠯᠪᠡᠰᠦ ᠰᠥᠩ ᠤᠯᠤᠰ ᠪᠠᠭᠤᠵᠤ ᠥᠭᠬᠦ ᠡᠴᠡ ᠥᠭᠡᠷ᠎ᠡ ᠵᠠᠮ ᠦᠭᠡᠢ ᠪᠣᠯᠬᠤ ᠲᠤᠯᠠ ᠣᠮᠲᠣᠭᠠᠢᠯᠠᠨ ᠣᠮᠣᠷᠬᠠᠭᠯᠠᠵᠤ ᠪᠣᠯᠬᠤ ᠦᠭᠡᠢ ᠭᠡᠮᠡᠨ ᠠᠩᠬᠠᠷᠤᠭᠤᠯᠵᠤ ᠨᠠᠷᠢᠨ ᠵᠥᠪᠳᠡᠯᠴᠡᠵᠦ ᠴᠡᠷᠢᠭ ᠮᠣᠷᠢ ᠪᠠᠨ ᠪᠡᠯᠡᠳᠬᠡᠬᠦᠢ ᠳ᠋ᠦ᠍ᠷ ᠵᠢᠶᠠ ᠽᠢ ᠳ᠋ᠣᠣ ᠶ᠋ᠢᠨ ᠶᠡᠬᠡ ᠴᠡᠷᠢᠭ ᠮᠠᠰᠢ ᠣᠢᠷᠠᠲᠤᠵᠤ ᠢᠷᠡᠮᠦᠢ᠃ ᠬᠣᠶᠠᠷ ᠤᠯᠤᠰ ᠤ᠋ᠨ ᠲᠠᠢᠯᠤᠨ ᠳᠡᠢᠯᠦᠭᠳᠡᠬᠦ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃   

                    ᠰᠤᠯᠠ ᠰᠢᠯᠦᠭ  
       ᠪᠠᠶᠠᠨ ᠶᠤᠸᠠᠨᠱᠤᠸᠠᠢ ᠶ᠋ᠢᠨ ᠨᠢᠭᠡᠯ᠎ᠡ ᠠᠷᠭᠠᠨ ᠳ᠋ᠤᠷ ᠭᠤᠷᠪᠠᠨᠲᠠ ᠣᠷᠣᠭᠰᠠᠨ ᠰᠢᠶᠠ ᠬᠦᠢ ᠭᠡᠮᠰᠢᠬᠦᠢ ᠢ᠎ᠡ  
       ᠪᠡᠶ᠎ᠡ ᠪᠡᠨ ᠮᠡᠳᠡᠭᠰᠡᠨ ᠦᠭᠡᠢ ᠥᠳᠥᠭᠡᠬᠦ ᠠᠷᠭᠠᠨ ᠳ᠋ᠤᠷ ᠠᠮᠢ ᠪᠠᠨ ᠠᠯᠳᠠᠭᠰᠠᠨ ᠵᠣᠣ ᠸᠸᠨ ᠡᠢ ᠨᠡᠩ ᠬᠠᠷᠠᠮᠰᠠᠮᠤᠢ 
       ᠪᠠᠢᠯᠳᠤᠭᠠᠨ ᠤ᠋ ᠭᠠᠵᠠᠷ ᠰᠢᠨᠵᠢᠬᠦᠢ ᠢ᠎ᠡ ᠦ ᠵᠢᠢ ᠱᠠᠨ ᠳ᠋ᠤᠷ ᠬᠦᠨᠳᠦ ᠶᠣᠰᠣ ᠶ᠋ᠢ ᠮᠠᠷᠭᠤᠭᠰᠠᠨ ᠪᠠᠶᠠᠨ ᠶᠤᠸᠠᠨᠱᠤᠸᠠᠢ ᠬᠥᠩᠭᠡᠮᠰᠦᠭ ᠬᠡᠮᠡᠬᠦᠯ᠎ᠡ   
       ᠪᠠᠷᠠᠭᠳᠠᠬᠤ ᠲᠥᠷᠥ ᠳ᠋ᠦ᠍ᠷ ᠵᠢᠳᠬᠦᠵᠦ ᠴᠡᠷᠢᠭ ᠳᠠᠢᠴᠢᠯᠠᠭᠰᠠᠨ ᠵᠢᠶᠠ ᠽᠢ ᠳ᠋ᠣᠣ ᠰᠢᠳᠤᠷᠭᠤ ᠡᠰᠡᠬᠦ ?