ᠮᠣᠩᠭᠣᠯᠴᠣᠳ ᠤᠨ ᠭᠠᠯ ᠤᠨ ᠰᠢᠲᠦᠯᠭᠡ - ᠵᠢᠮᠪᠠ Монголчуудын галын шүтлэг - Жамбаа ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠣᠳ ᠤᠨ ᠭᠠᠯ ᠤᠨ ᠰᠢᠲᠦᠯᠭᠡ - ᠵᠢᠮᠪᠠ Монголчуудын галын шүтлэг - Жамбаа

ᠮᠣᠩᠭᠣᠯᠴᠣᠳ ᠤᠨ ᠭᠠᠯ ᠤᠨ ᠰᠢᠲᠦᠯᠭᠡ - ᠵᠢᠮᠪᠠ Монголчуудын галын шүтлэг - Жамбаа

ᠠᠩᠭᠢᠯᠠᠯ:ᠵᠠᠩ ᠦᠢᠯᠡ
2024-02-02

525

ᠮᠣᠩᠭᠣᠯᠴᠣᠳ ᠤᠨ ᠭᠠᠯ ᠤᠨ ᠰᠢᠲᠦᠯᠭᠡ


                               ᠵᠢᠮᠪᠠ
                                   ( ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ)

       ᠬᠥᠮᠦᠨ ᠲᠥᠷᠥᠯᠬᠢᠲᠡᠨ ᠭᠠᠯ ᠢ᠋ ᠠᠰᠢᠭ᠍ᠯᠠᠵᠤ ᠠᠮᠢᠳᠤᠷᠠᠭᠠᠳ᠂ ᠣᠯᠠᠨ ᠲᠦᠮᠡᠨ ᠵᠢᠯ ᠦ᠋ᠨ ᠲᠡᠦᠬᠡᠨ ᠬᠤᠭᠤᠴᠠᠬ᠎ᠠ ᠶ᠋ᠢ ᠥᠩᠭᠡᠷᠡᠭᠦᠯᠦᠭᠰᠡᠨ ᠪᠢᠯᠡ᠃ ᠭᠠᠯ ᠨᠢ ᠬᠥᠮᠦᠨ ᠲᠥᠷᠥᠯᠬᠢᠲᠡᠨ ᠦ᠌ ᠡᠭᠦᠰᠦᠯ ᠠᠬᠤᠢ ᠠᠮᠢᠳᠤᠷᠠᠯ ᠭᠡᠭᠡᠳ ᠨᠡᠢᠭᠡᠮ ᠦ᠋ᠨ ᠬᠥᠭᠵᠢᠯ ᠳ᠋ᠦ᠍ ᠨᠠᠷᠠᠨ ᠤ ᠭᠡᠷᠡᠯ ᠂ ᠤᠰᠤ ᠬᠡᠢ ᠠᠭᠠᠷ ᠠ᠋ᠴᠠ ᠳᠤᠲᠠᠭᠤ ᠦᠬᠡᠢ ᠠᠴᠢ ᠲᠤᠰᠠ ᠪᠠᠨ ᠦᠵᠡᠭᠦᠯᠦᠭᠰᠡᠨ ᠪᠠᠢᠨ᠎ᠠ᠃ ᠬᠥᠮᠦᠨ ᠲᠥᠷᠥᠯᠬᠢᠲᠡᠨ ᠦ᠌ ᠡᠪᠦᠭᠡ ᠳᠡᠭᠡᠳᠦᠰ ᠂ ᠪᠠᠯᠠᠷ ᠡᠷᠲᠡᠨ ᠦ᠌ ᠪᠦᠯᠦᠭᠯᠡᠯ ᠪᠤᠶᠤ ᠬᠠᠭᠤᠴᠢᠨ ᠴᠢᠯᠠᠭᠤᠨ ᠵᠡᠪᠰᠡᠭ ᠦ᠋ᠨ ᠠᠩᠬᠠᠨ ᠱᠠᠲᠤ (ᠪᠠᠷᠤᠭᠯᠠᠪᠠᠯ 25 ᠲᠦᠮᠡᠨ ᠵᠢᠯ ᠦ᠋ᠨ ᠡᠮᠦᠨ᠎ᠡ) ᠳ᠋ᠦ᠍ ᠣᠢ ᠲᠠᠢᠭ᠎ᠠ ᠂ ᠪᠡᠯᠡᠨ ᠠᠭᠤᠢ ᠳ᠋ᠤ᠌ ᠬᠣᠷᠭᠣᠳᠠᠵᠤ᠂ ᠠᠩ ᠬᠦᠷᠦᠭᠡ ᠬᠢᠵᠦ ᠤᠷᠭᠤᠮᠠᠯ ᠤ᠋ᠨ ᠦᠷ᠎ᠡ ᠵᠢᠮᠢᠰ ᠲᠡᠭᠦᠵᠦ ᠢᠳᠡᠵᠦ ᠪᠠᠢᠪᠠ᠃ ᠲᠡᠷᠡ ᠦᠶ᠎ᠡ ᠳ᠋ᠦ᠍ ᠠᠶᠤᠩᠭ᠎ᠠ ᠴᠠᠬᠢᠯᠭᠠᠨ  ᠪᠤᠶᠤ ᠬᠡᠭᠡᠷ᠎ᠡ ᠶ᠋ᠢᠨ ᠲᠦᠢᠮᠡᠷ ᠵᠡᠷᠭᠡ ᠶ᠋ᠢ ᠵᠥᠪᠬᠡᠨ ᠬᠠᠬᠢᠷ ᠬᠦᠢᠲᠡᠨ ᠳ᠋ᠦ᠍ ᠳᠤᠯᠠᠭᠠᠴᠠᠬᠤ ᠂ ᠬᠡᠭᠡᠷ᠎ᠡ ᠶ᠋ᠢᠨ ᠠᠷᠢᠶᠠᠲᠠᠨ ᠢ᠋ ᠰᠦᠷᠳᠡᠭᠦᠯᠬᠦ ᠳ᠋ᠦ ᠬᠡᠷᠡᠭᠯᠡᠵᠦ ᠪᠠᠢᠭᠰᠠᠨ ᠶᠤᠮ᠃ ᠬᠣᠵᠢᠮ ᠨᠢ ᠬᠥᠳᠡᠯᠮᠦᠷᠢ ᠲᠡᠮᠡᠴᠡᠯ ᠦ᠋ᠨ ᠳᠤᠮᠳᠠ ᠤᠭᠤᠷᠠᠭ ᠲᠠᠷᠢᠬᠢ ᠨᠢ ᠬᠥᠭᠵᠢᠵᠦ᠂ ᠡᠬᠡ ᠶ᠋ᠢᠨ ᠡᠷᠬᠡᠲᠦ ᠣᠪᠣᠭ ᠲᠥᠷᠥᠯ ᠦ᠋ᠨ ᠪᠠᠢᠭᠤᠯᠤᠯ ᠤ᠋ᠨ ᠠᠩᠬᠠᠨ ᠱᠠᠲᠤᠨ ᠳ᠋ᠤ᠌ ᠬᠦᠷᠦᠭᠡᠳ ᠠᠭᠤᠯᠠ ᠲᠠᠯ᠎ᠠ ᠪᠠᠷ ᠡᠩ ᠬᠦᠷᠦᠭᠡ ᠬᠢᠵᠦ ᠪᠠᠢᠭᠰᠠᠨ ᠠ᠋ᠴᠠ ᠤᠰᠤᠨ ᠤ᠋ ᠠᠮᠢᠲᠠᠨ ᠢ᠋ ᠰᠢᠭᠦᠵᠦ ᠢᠳᠡᠬᠦ ᠪᠣᠯᠤᠭᠰᠠᠨ ᠦᠶ᠎ᠡ ᠳ᠋ᠦ᠍ ᠮᠣᠳᠣ ᠪᠤᠶᠤ ᠴᠢᠯᠠᠭᠤ ᠶ᠋ᠢ ᠥᠷᠣᠵᠤ ᠭᠠᠯ ᠨᠣᠴᠣᠭᠠᠵᠤ ᠰᠤᠷᠤᠭᠰᠠᠨ ᠪᠠᠢᠪᠠ᠃ ᠲᠡᠭᠦᠨ ᠡᠴᠡ ᠡᠬᠢᠯᠡᠵᠦ ᠪᠣᠯᠭᠣᠭᠰᠠᠨ ᠢᠳᠡᠭᠡᠨ ᠢᠳᠡᠵᠦ 《ᠠᠭᠤᠷ ᠠᠮᠢᠰᠬᠤᠯ ᠪᠠ ᠭᠠᠵᠠᠷ ᠣᠷᠣᠨ ᠤ᠋ ᠬᠢᠵᠠᠭᠠᠷ ᠡᠴᠡ ᠳᠠᠪᠠᠵᠤ 》 ᠨᠤᠲᠤᠭ ᠰᠡᠯᠭᠦᠨ ᠲᠣᠬᠢᠲᠠᠢ ᠭᠠᠵᠠᠷ ᠠᠮᠢᠳᠤᠷᠠᠬᠤ ᠪᠣᠯᠵᠤ ᠂ ᠠᠷᠳᠠᠭ ᠪᠠᠢᠭᠠᠯᠢ ᠶ᠋ᠢᠨ ᠵᠠᠭ᠎ᠠ ᠵᠣᠬ᠎ᠠ ᠡᠴᠡ ᠮᠡᠳᠡᠷᠡᠬᠦ ᠪᠣᠯᠵᠠᠢ᠃ ᠡᠨᠡ ᠨᠢ ᠬᠥᠮᠦᠨ ᠲᠥᠷᠥᠯᠬᠢᠲᠡᠨ ᠦ᠌ ᠲᠡᠦᠬᠡᠨ ᠳ᠋ᠡᠬᠢ ᠠᠤᠬ᠎ᠠ ᠲᠠᠪᠰᠢᠯᠲᠠ ᠪᠣᠯᠤᠭᠰᠠᠨ ᠭᠡᠯᠲᠡᠢ᠃ ᠭᠠᠯ ᠪᠣᠯ ᠡᠷᠲᠡᠨ ᠦ᠌ ᠬᠥᠮᠦᠨ ᠦ᠌ ᠤᠭᠤᠷᠠᠭ ᠲᠠᠷᠢᠬᠢᠨ ᠤ᠋ ᠬᠥᠭᠵᠢᠯ᠂ ᠣᠷᠣᠰᠢᠨ ᠲᠣᠭᠲᠠᠨᠢᠯ ᠬᠢᠭᠡᠳ ᠠᠬᠤᠢ ᠠᠮᠢᠳᠤᠷᠠᠯ ᠳ᠋ᠤ᠌ ᠪᠢᠰᠢᠭᠦᠢ ᠶᠡᠬᠡ ᠠᠴᠢ ᠲᠤᠰᠠ ᠶ᠋ᠢ ᠦᠵᠡᠭᠦᠯᠦᠭᠰᠡᠨ ᠪᠢᠯᠡ᠃ ᠶᠠᠭ ᠡᠩᠭᠧᠯᠰ ᠦ᠋ᠨ ᠬᠡᠯᠡᠰᠡᠭᠴᠢᠯᠡᠨ 《ᠬᠥᠮᠦᠨ ᠭᠠᠯ ᠢ᠋ ᠥᠷᠥᠯᠲᠡ ᠪᠡᠷ ᠭᠠᠷᠭᠠᠬᠤ ᠪᠣᠯᠵᠤ ᠪᠠᠢᠭᠠᠯᠢ ᠶ᠋ᠢᠨ ᠬᠦᠴᠦ ᠶ᠋ᠢ ᠡᠷᠬᠡᠰᠢᠶᠡᠨ ᠲᠡᠭᠦᠪᠡᠷ ᠢ᠋ᠶ᠋ᠡᠨ ᠬᠥᠮᠦᠨ ᠢ᠋ ᠠᠳᠤᠭᠤᠰᠤᠨ ᠠᠮᠢᠲᠠᠨ ᠤ᠋ ᠠᠢᠮᠠᠭ ᠠ᠋ᠴᠠ ᠪᠦᠷᠢᠮᠦᠰᠦᠨ ᠰᠠᠯᠭᠠᠭᠰᠠᠨ ᠪᠠᠢᠨ᠎ᠠ 》᠃ 
       ᠪᠠᠯᠠᠷ ᠡᠷᠲᠡᠨ ᠦ᠌ ᠦᠶ᠎ᠡ ᠶ᠋ᠢᠨ ᠭᠠᠯ ᠤ᠋ᠨ ᠰᠢᠲᠦᠯᠭᠡ ᠪᠣᠯ ᠬᠠᠮᠤᠭ ᠠᠩᠬ᠎ᠠ ᠪᠠᠢᠭᠠᠯᠢ ᠶ᠋ᠢᠨ ᠰᠢᠲᠦᠯᠭᠡ ᠶ᠋ᠢᠨ ᠨᠢᠭᠡ ᠬᠡᠯᠪᠡᠷᠢ ᠪᠠᠢᠵᠠᠢ᠃ ᠪᠠᠢᠭᠠᠯᠢ ᠶ᠋ᠢᠨ ᠰᠢᠲᠦᠯᠭᠡ ᠶ᠋ᠢᠨ ᠦᠶᠡᠰ ᠬᠥᠮᠦᠨ ᠲᠥᠷᠥᠯᠬᠢᠲᠡᠨ ᠨᠢᠭᠡᠨᠲᠡ 《ᠬᠡᠦᠬᠡᠳ ᠦᠶ᠎ᠡ》 ᠡᠴᠡ ᠪᠡᠨ ᠠᠩᠭᠢᠵᠢᠷᠠᠭᠰᠠᠨ ᠪᠣᠯᠪᠠᠴᠤ ᠦᠵᠡᠯ ᠤᠬᠠᠮᠠᠰᠠᠷ ᠨᠢ ᠮᠥᠨ ᠳᠣᠣᠷ᠎ᠠ᠂ ᠦᠢᠯᠡᠳᠪᠦᠷᠢᠯᠡᠯ ᠦ᠋ᠨ ᠬᠦᠴᠦᠨ ᠮᠠᠰᠢ ᠳᠣᠷᠣᠢ ᠪᠠᠢᠭᠰᠠᠨ ᠲᠤᠯᠠ ᠲᠡᠭᠷᠢ ᠭᠠᠵᠠᠷ ᠂ ᠨᠠᠷᠠᠨ ᠰᠠᠷᠠᠨ ᠂ ᠠᠭᠤᠯᠠ ᠤᠰᠤ ᠂ ᠭᠣᠣᠯ ᠮᠥᠷᠡᠨ᠂ ᠠᠶᠤᠩᠭ᠎ᠠ ᠴᠠᠬᠢᠯᠭᠠᠨ ᠂ ᠭᠠᠯ  ᠲᠦᠢᠮᠡᠷ ᠵᠡᠷᠭᠡ ᠲᠦᠭ ᠲᠦᠮᠡᠨ ᠪᠠᠢᠭᠠᠯᠢ ᠶ᠋ᠢᠨ ᠦᠵᠡᠭᠳᠡᠯ ᠢ᠋ ᠬᠠᠷᠠᠬᠠᠨ ᠲᠠᠨᠢᠵᠤ ᠴᠢᠳᠠᠬᠤ ᠦᠬᠡᠢ ᠲᠡᠭᠦᠨ ᠦ᠌ ᠡᠷᠬᠡᠰᠢᠶᠡᠯ ᠳ᠋ᠦ᠍ ᠠᠮᠢᠳᠤᠷᠠᠵᠤ ᠪᠠᠢᠵᠠᠢ᠃ ᠭᠠᠯ ᠲᠦᠢᠮᠡᠷ ᠪᠠ ᠠᠶᠤᠩᠭ᠎ᠠ ᠴᠠᠬᠢᠯᠭᠠᠨ ᠪᠣᠯ ᠪᠠᠢᠭᠠᠯᠢ ᠶ᠋ᠢᠨ ᠦᠵᠡᠭᠳᠡᠯ ᠮᠥᠨ᠃ ᠡᠷᠲᠡᠨ ᠦ᠌ ᠬᠥᠮᠦᠨ ᠨᠢᠭᠡ ᠲᠠᠯ᠎ᠠ ᠪᠠᠷ ᠭᠠᠯ ᠲᠦᠢᠮᠡᠷ ᠦ᠋ᠨ ᠠᠶᠤᠯ ᠬᠥᠨᠥᠭᠡᠯ ᠡᠴᠡ ᠠᠶᠤᠨ ᠵᠢᠷᠦᠬᠡᠰᠢᠶᠡᠵᠦ᠂ ᠨᠥᠭᠦᠭᠡ ᠲᠠᠯ᠎ᠠ ᠪᠠᠷ ᠭᠠᠯ ᠤᠨ ᠢᠯᠴᠢ ᠭᠡᠷᠡᠯ ᠳ᠋ᠦ᠍ ᠰᠦᠰᠦᠭᠯᠡᠨ ᠪᠢᠰᠢᠷᠡᠵᠦ ᠲᠡᠭᠦᠨ ᠢ᠋ ᠶᠠᠮᠠᠷ ᠨᠢᠭᠡᠨ ᠡᠵᠡᠳ ᠰᠠᠬᠢᠭᠤᠯᠠᠰᠤᠨ ᠲᠠᠢ ᠪᠤᠶᠤ ᠳᠠᠯᠳᠠ ᠶ᠋ᠢᠨ ᠬᠦᠴᠦ ᠲᠡᠢ ᠭᠡᠵᠦ ᠤ᠌ᠢᠯᠭᠠᠭᠠᠳ ᠪᠠᠢᠭᠠᠯᠢ ᠶ᠋ᠢᠨ ᠦᠵᠡᠭᠳᠡᠯ ᠳ᠋ᠦ ᠪᠢᠰᠢᠷᠡᠨ ᠰᠢᠲᠦᠬᠦ ᠶ᠋ᠢᠨ ᠡᠭᠦᠰᠪᠦᠷᠢ ᠭᠠᠷᠴᠤ ᠰᠦᠰᠦᠭ ᠪᠢᠰᠢᠷᠡᠯ ᠪᠣᠯᠵᠤ ᠭᠠᠯ ᠢ᠋ ᠰᠢᠲᠦᠬᠦ ᠪᠣᠯᠤᠭᠰᠠᠨ ᠪᠠᠢᠨ᠎ᠠ᠃ ᠭᠡᠪᠡᠴᠦ ᠪᠠᠢᠭᠠᠯᠢ ᠶ᠋ᠢᠨ ᠰᠢᠲᠦᠯᠭᠡ ᠶ᠋ᠢᠨ ᠦᠶ᠎ᠡ ᠶ᠋ᠢᠨ ᠭᠠᠯ ᠤ᠋ᠨ ᠰᠢᠲᠦᠯᠭᠡ ᠪᠣᠯ ᠡᠷᠲᠡᠨ ᠦ᠌ ᠬᠥᠮᠦᠨ ᠦ᠌ ᠰᠢᠭᠤᠳ ᠰᠡᠷᠡᠬᠦᠢ ᠡᠴᠡ ᠡᠭᠦᠰᠦᠭᠰᠡᠨ ᠤᠬᠠᠮᠰᠠᠷ ᠦᠭᠡᠢ ᠰᠢᠲᠦᠯᠭᠡ ᠪᠣᠯᠬᠣᠷ ᠵᠥᠪᠬᠡᠨ ᠰᠦᠰᠦᠭ ᠪᠢᠰᠢᠷᠡᠯ ᠪᠤᠶᠤ ᠰᠢᠲᠦᠯᠭᠡ ᠪᠢᠰᠢᠷᠡᠯ ᠦ᠋ᠨ ᠠᠩᠬᠠᠨ ᠤ᠋ ᠬᠡᠯᠪᠡᠷᠢ ᠲᠡᠳᠦᠢ ᠪᠠᠢᠪᠠ᠃ ᠬᠥᠮᠦᠨ ᠲᠥᠷᠥᠯᠬᠢᠲᠡᠨ ᠳ᠋ᠦ᠍ ᠵᠢᠩᠬᠢᠨᠢ ᠭᠠᠯ ᠤ᠋ᠨ ᠰᠢᠲᠦᠯᠭᠡ ᠲᠡᠢ ᠪᠣᠯᠤᠭᠰᠠᠨ ᠨᠢ ᠬᠠᠷᠢᠨ ᠱᠠᠰᠢᠨ ᠰᠤᠷᠲᠠᠬᠤᠨ ᠪᠣᠢ ᠪᠣᠯᠤᠭᠰᠠᠨ ᠠ᠋ᠴᠠ ᠬᠤᠢᠰᠢᠬᠢ ᠬᠡᠷᠡᠭ ᠶᠦᠮ᠃ 
       ᠨᠢᠭᠡ᠂ ᠮᠣᠩᠭᠣᠯᠴᠤᠳ ᠬᠡᠵᠢᠶ᠎ᠡ ᠡᠴᠡ ᠭᠠᠯ ᠢ ᠰᠢᠲᠦᠬᠦ ᠪᠣᠯᠤᠭᠰᠠᠨ ᠲᠤᠬᠠᠢ ᠮᠠᠭᠠᠳᠯᠠᠨ ᠬᠡᠯᠡᠬᠦ ᠳ᠋ᠦ᠍ ᠪᠡᠷᠬᠡ ᠲᠡᠢ᠃ ᠬᠠᠷᠢᠨ ᠪᠤᠷᠢᠶᠠᠳ ᠡᠷᠳᠡᠮᠲᠡᠨ ᠳᠣᠷᠵᠢ ᠶ᠋ᠢᠨ ᠪᠠᠨᠽᠠᠷᠤᠸ ᠠ᠋ᠴᠠ ᠮᠣᠩᠭᠣᠯᠴᠤᠳ ᠤ᠋ᠨ ᠭᠠᠯ ᠤ᠋ᠨ ᠰᠢᠲᠦᠯᠭᠡ ᠪᠣᠯ ᠫᠧᠷᠰ ᠡᠴᠡ ᠤᠯᠠᠮᠵᠢᠯᠠᠯᠲᠠᠢ ᠭᠡᠰᠡᠨ ᠢ᠋ ᠴᠠᠰᠢ ᠰᠣᠳᠣᠯᠣᠭᠠᠰᠢᠲᠠᠢ ᠶᠤᠮ᠃ ᠥᠭᠡᠷ᠎ᠡ ᠪᠡᠷ ᠬᠡᠯᠡᠪᠡᠯ ᠂ ᠮᠣᠩᠭᠣᠯᠴᠤᠳ ᠤ᠋ᠨ ᠭᠠᠯ ᠢ᠋ ᠰᠢᠲᠦᠵᠦ ᠡᠬᠢᠯᠡᠭᠰᠡᠨ ᠨᠢ ᠫᠧᠷᠰ ᠡᠴᠡ ᠡᠷᠲᠡ ᠪᠠᠢᠭ᠍ᠰᠠᠨ ᠭᠡᠵᠦ ᠪᠢ ᠰᠠᠨᠠᠵᠤ ᠪᠠᠢᠨ᠎ᠠ᠃ ᠭᠠᠳᠠᠭᠠᠳᠤ ᠳᠣᠲᠣᠭᠠᠳᠤ ᠶ᠋ᠢᠨ ᠪᠥᠬᠡ ᠶ᠋ᠢᠨ ᠱᠠᠰᠢᠨ ᠤ᠋ ᠰᠤᠳᠤᠯᠭᠠᠨ ᠠ᠋ᠴᠠ ᠦᠵᠡᠬᠦ ᠳ᠋ᠦ᠍ ᠪᠥᠬᠡ ᠶ᠋ᠢᠨ ᠱᠠᠰᠢᠨ ᠪᠣᠯ ᠡᠬᠡ ᠶ᠋ᠢᠨ ᠡᠷᠬᠡᠲᠦ ᠣᠪᠣᠭ ᠲᠥᠷᠥᠯ ᠦ᠋ᠨ ᠪᠠᠢᠭᠤᠯᠤᠯ ᠦᠶ᠎ᠡ ᠳ᠋ᠦ᠍ ᠪᠣᠢ ᠪᠣᠯᠤᠭᠰᠠᠨ ᠪᠠ ᠲᠡᠭᠦᠨ ᠳ᠋ᠦ᠍ ᠭᠠᠯ ᠤ᠋ᠨ ᠰᠢᠲᠦᠯᠭᠡ ᠭᠣᠣᠯ ᠪᠣᠯᠵᠤ ᠪᠠᠢᠵᠠᠢ᠃ ᠭ᠍ᠡᠯ ᠦ᠋ᠨ ᠰᠢᠲᠦᠯᠭᠡ ᠶ᠋ᠢ ᠡᠬᠡ ᠶ᠋ᠢᠨ ᠡᠷᠬᠡᠲᠦ ᠣᠪᠣᠭ ᠲᠥᠷᠥᠯ ᠦ᠋ᠨ ᠪᠠᠢᠭᠤᠯᠤᠯ ᠰᠡᠭᠦᠯᠴᠢ ᠪᠤᠶᠤ ᠰᠢᠨ᠎ᠡ ᠴᠢᠯᠠᠭᠤᠨ ᠵᠡᠪᠰᠡᠭ ᠦ᠋ᠨ ᠠᠩᠬᠠᠨ ᠱᠠᠲᠤᠨ ᠠ᠋ᠴᠠ ᠡᠬᠢᠯᠡᠨ  ᠪᠣᠳᠣᠬᠤ ᠳ᠋ᠤ᠌ ᠨᠠᠭᠠᠳᠤ ᠵᠠᠬ᠎ᠠ ᠨᠢ 5000 ᠵᠢᠯ ᠦ᠋ᠨ ᠲᠡᠦᠬᠡ ᠲᠡᠢ ᠪᠣᠯᠤᠭᠰᠠᠨ ᠪᠠᠢᠨ᠎ᠠ᠃ ᠲᠡᠭᠡᠬᠦᠯᠡᠷ ᠮᠣᠩᠭᠣᠯᠴᠤᠳ ᠤ᠋ᠨ ᠭᠠᠯ ᠤ᠋ᠨ ᠰᠢᠲᠦᠯᠭᠡ ᠨᠢ ᠫᠧᠷᠰ ᠡᠴᠡ ᠬᠣᠵᠢᠭᠤ ᠪᠠᠢᠬᠤ ᠶ᠋ᠢᠨ ᠠᠷᠬ᠎ᠠ ᠦᠭᠡᠢ ᠶᠦᠮ᠃ ᠡᠨᠡ ᠲᠤᠬᠠᠢ ᠲᠥᠪ ᠠᠽᠢᠶ᠎ᠠ ᠳ᠋ᠤ᠌ ᠨᠤᠲᠤᠭᠲᠠᠢ ᠡᠷᠲᠡᠨ ᠦ᠌ ᠮᠣᠩᠭᠣᠯ ᠤᠭᠰᠠᠭᠠᠨ ᠤ᠋ ᠨᠡᠭᠦᠳᠡᠯᠴᠢᠨ ᠣᠪᠣᠭ ᠠᠢᠮᠠᠭ ᠤ᠋ᠨ ᠱᠠᠰᠢᠨ ᠰᠢᠲᠦᠯᠭᠡ ᠡᠴᠡ ᠬᠠᠩᠭᠠᠮᠵᠢᠲᠠᠢ ᠬᠠᠷᠢᠭᠤᠯᠲᠠ ᠶ᠋ᠢ ᠣᠯᠵᠤ ᠪᠣᠯᠤᠨ᠎ᠠ᠃ ᠳᠤᠮᠳᠠᠳᠤ ᠤᠯᠤᠰ ᠤ᠋ᠨ ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠲᠡᠦᠬᠡ ᠡᠴᠡ ᠯᠠᠪᠠᠬᠤ ᠳ᠋ᠤ᠌ ᠡᠷᠲᠡᠨ ᠦ  ᠰᠢᠶᠦ᠋ᠩᠨᠦ᠂ ᠰᠢᠶᠠᠨᠪᠢ᠂ ᠿᠦ  ᠿᠠᠨ᠂ ᠲᠦᠷᠺ ᠵᠡᠷᠭᠡ ᠤᠯᠤᠰ ᠦᠨᠳᠦᠰᠦᠲᠡᠨ ᠪᠥᠬᠡ ᠶ᠋ᠢᠨ ᠱᠠᠰᠢᠨ ᠢ᠋ ᠮᠠᠰᠢ ᠡᠷᠲᠡᠨ ᠡᠴᠡ ᠰᠢᠲᠦᠵᠦ ᠢᠷᠡᠭᠰᠡᠨ ᠪᠠᠢᠨ᠎ᠠ᠃ ᠪᠦᠭᠦᠳᠡ ᠨᠠᠢᠢᠷᠠᠮᠳᠠᠬᠤ ᠮᠣᠩᠭᠣᠯ ᠠᠷᠠᠳ ᠤᠯᠤᠰ ᠤ᠋ᠨ ᠲᠡᠦᠬᠡ 》 ᠳ᠋ᠦ᠍  ᠲᠡᠮᠳᠡᠭᠯᠡᠭᠰᠡᠨ ᠨᠢ᠄ 
       ᠰᠢᠶᠦ᠋ᠩᠨᠦ ( ᠨᠡᠢᠲᠡ ᠶᠢᠨ ᠣᠨ ᠲᠣᠭᠠᠯᠠᠯ ᠠ᠋ᠴᠠ ᠡᠮᠦᠨ᠎ᠡ 4 - 3 ᠳ᠋ᠤᠭᠠᠷ ᠵᠠᠭᠤᠨ) ᠳ᠋ᠤ᠌ ᠪᠥᠬᠡ ᠶ᠋ᠢᠨ ᠱᠠᠰᠢᠨ ᠮᠠᠰᠢ ᠡᠷᠲᠡᠨ ᠡᠴᠡ ᠳᠡᠯᠭᠡᠷᠡᠵᠦ ᠲᠡᠭᠷᠢ ᠭᠠᠵᠠᠷ ᠂ ᠨᠠᠷᠠᠨ ᠰᠠᠷᠠᠨ ᠂ ᠳᠡᠭᠡᠳᠦᠰ ᠦ᠋ᠨ ᠰᠢᠲᠦᠭᠡᠨ ᠬᠢᠭᠡᠳ ᠭᠠᠯ ᠢ᠋ ᠡᠷᠬᠢᠮᠯᠡᠨ ᠰᠢᠲᠦᠵᠦ ᠪᠠᠢᠵᠠᠢ᠃ ᠰᠢᠶᠦ᠋ᠩᠨᠦ ᠶ᠋ᠢᠨ ᠴᠠᠨ ᠢᠦᠢ ᠥᠷᠯᠥᠭᠡ ᠨᠠᠷᠠᠨ ᠳ᠋ᠤ᠌ ᠂ ᠦᠳᠡᠰᠢ ᠰᠠᠷᠠᠨ ᠳ᠋ᠤ᠌ ᠮᠥᠷᠭᠥᠳᠡᠭ ᠂ ᠰᠠᠷ᠎ᠠ ᠪᠦᠷᠢ ᠶ᠋ᠢᠨ ᠰᠢᠨ᠎ᠡ ᠶ᠋ᠢᠨ ᠨᠢᠭᠡᠨ ᠢ᠋ ᠬᠦᠨᠳᠦᠳᠬᠡᠳᠡᠭ ᠪᠠᠢᠨ᠎ᠠ᠃ ᠰᠢᠶᠦ᠋ᠩᠨᠦ ᠨᠠᠷ ᠤ᠋ᠨ ᠨᠤᠲᠤᠭ ᠲᠤ ᠪᠥᠬᠡ ᠮᠥᠷᠭᠥᠯ ᠦ᠋ᠨ ᠲᠠᠬᠢᠯᠭ᠎ᠠ ᠶ᠋ᠢᠨ ᠰᠦᠮ᠎ᠡ ᠭᠡᠢᠳ ᠨᠡᠯᠢᠶᠡᠳ ᠪᠠᠢᠭᠰᠠᠨ ᠪᠠ ᠵᠢᠯ ᠪᠦᠷᠢ ᠶ᠋ᠢᠨ ᠲᠣᠭᠲᠠᠭᠰᠠᠨ ᠤᠯᠠᠷᠢᠯ ᠳ᠋ᠤ᠌ ᠡᠪᠦᠭᠡᠳ ᠦ᠋ᠨ ᠱᠠᠷᠢᠯ ᠂ ᠲᠡᠭᠷᠢ ᠭᠠᠵᠠᠷ ᠲᠤ ᠲᠠᠬᠢᠯᠭ᠎ᠠ ᠬᠢᠳᠡᠭ 》 ᠰᠢᠶᠦ᠋ᠩᠨᠦ ᠶ᠋ᠢᠨ ᠢᠵᠠᠭᠤᠷᠲᠠᠨ ᠤ᠋ ᠪᠤᠯᠠᠰᠢᠨ ᠳ᠋ᠤ᠌ 《 ᠳ᠋ᠧᠩ ᠦ᠋ᠨ ᠴᠥᠭᠥᠴᠡ ᠂  ᠥᠷᠥᠵᠦ ᠭᠠᠯ ᠭᠠᠷᠭᠠᠬᠤ ᠮᠣᠳᠣ ᠂ ᠬᠥᠮᠦᠨ ᠦ᠌  ᠬᠢᠷᠭᠠᠭᠰᠠᠨ ᠦᠰᠦ ᠭᠡᠵᠢᠭᠡ ᠬᠢᠭᠰᠡᠨ ᠪᠠᠢᠳᠠᠭ 》᠃ ᠰᠢᠶᠠᠨᠪᠢᠴᠤᠳ(ᠨᠡᠢᠲᠡ ᠶ᠋ᠢᠨ ᠣᠨ ᠳᠣᠭᠠᠯᠠᠯ ᠤᠨ  ᠨᠢᠭᠡᠳᠦᠭᠡᠷ ᠵᠠᠭᠤᠨ) 《 ᠡᠪᠡᠳᠴᠦ ᠵᠣᠪᠠᠪᠠᠯ ᠠᠭᠢ ᠰᠢᠲᠠᠭᠠᠵᠤ ᠂ ᠣᠲᠣᠬᠤ ᠂ ᠴᠢᠯᠠᠭᠤ ᠬᠠᠯᠠᠭᠠᠨ ᠲᠥᠭᠡᠨᠡᠬᠦ ᠂ ᠪᠠᠰᠠ ᠬᠠᠯᠠᠭᠠᠭᠰᠠᠨ ᠭᠠᠵᠠᠷ ᠳᠡᠭᠡᠷ᠎ᠡ ᠵᠢᠩᠨᠡᠨ ᠬᠡᠪᠲᠡᠬᠦ ᠂ ᠡᠪᠡᠳᠴᠢᠯᠡᠭᠰᠡᠨ ᠡᠷᠬᠡᠲᠡᠨ ᠢ᠋ ᠬᠠᠶᠠᠵᠤ ᠴᠢᠰᠤ ᠭᠠᠷᠭᠠᠬᠤ 》 ᠵᠡᠷᠭᠡ ᠡᠮᠴᠢᠯᠡᠬᠦ ᠠᠷᠭ᠎ᠠ ᠶ᠋ᠢ ᠡᠷᠲᠡᠨ ᠡᠴᠡ ᠰᠤᠷᠤᠭᠰᠠᠨ ᠪᠠᠢᠳᠠᠭ᠃ ᠬᠡᠭᠦᠷ ᠣᠷᠣᠰᠢᠭᠤᠯᠬᠤ ᠳ᠋ᠠᠭᠠᠨ 《 ᠲᠡᠭᠦᠨ ᠦ᠌ ᠮᠣᠷᠢ᠂ ᠬᠤᠪᠴᠠᠰᠤ ᠬᠣᠨᠢᠷ ᠢ᠋ ᠰᠢᠲᠠᠭᠠᠵᠤ ᠳᠠᠭᠠᠯᠳᠤᠭᠤᠯᠤᠨ ᠪᠤᠯᠠᠬᠤ ᠪᠠ ᠨᠠᠰᠤ ᠪᠠᠷᠠᠭᠰᠠᠨ ᠬᠥᠮᠦᠨ ᠦ᠌ ᠰᠦᠨᠡᠰᠦ ᠶ᠋ᠢ ᠬᠠᠷᠠᠵᠤ ᠰᠠᠬᠢᠭᠤᠯᠬᠤ ᠪᠠᠷ ᠨᠣᠬᠠᠢ ᠳᠠᠭᠠᠭᠤᠯᠵᠤ ᠣᠷᠣᠰᠢᠭᠤᠯᠬᠤ ᠵᠠᠩ ᠲᠠᠢ 》 ᠰᠢᠶᠠᠨᠪᠢᠴᠤᠳ ᠪᠠᠰᠠ ᠨᠠᠷᠠ ᠰᠠᠷᠠ ᠂ ᠭᠠᠵᠠᠷ ᠂ ᠭᠣᠣᠯ  ᠮᠥᠷᠡᠨ ᠂ ᠡᠪᠦᠭᠡ ᠳᠡᠭᠡᠳᠦᠰ ᠢᠶᠡᠨ ᠡᠷᠬᠢᠮᠯᠡᠨ ᠰᠢᠲᠦᠵᠦ ᠪᠠᠢᠭᠰᠠᠨ ᠠ᠋ᠴᠠ ᠦᠵᠡᠬᠦ ᠳ᠋ᠦ᠍ ᠂ ᠭᠠᠯ ᠤ᠋ᠨ ᠰᠢᠲᠦᠯᠭᠡ ᠶ᠋ᠢ ᠴᠤ᠌ ᠣᠮᠲᠣᠭᠠᠢᠯᠠᠬᠤ ᠦᠭᠡᠢ ᠪᠠᠢᠭᠰᠠᠨ ᠨᠢ ᠶᠠᠷᠢᠶᠠᠨ ᠦᠭᠡᠢ ᠶᠦᠮ᠃ 
       ᠲᠦᠷᠺᠴᠦᠳ(ᠨᠡᠢᠲᠡ ᠶ᠋ᠢᠨ ᠣᠨ ᠲᠣᠭᠠᠯᠠᠯ ᠤ᠋ᠨ 6-7 ᠳ᠋ᠤᠭᠠᠷ ᠵᠠᠭᠤᠨ ) ᠡᠷᠲᠡᠨ ᠡᠴᠡ ᠪᠥᠬᠡ ᠶ᠋ᠢᠨ ᠱᠠᠰᠢᠨ ᠪᠠ ᠪᠤᠳ᠋ᠳ᠋ᠾᠠ ᠶ᠋ᠢᠨ ᠱᠠᠰᠢᠨ ᠢ᠋ ᠵᠡᠷᠭᠡ ᠳ᠋ᠦ᠍ᠨᠢ ᠰᠢᠲᠦᠵᠦ ᠪᠠᠢᠪᠠ᠃  ᠭᠡᠪᠡᠴᠦ ᠵᠣᠩᠬᠢᠯᠠᠬᠤ ᠱᠠᠰᠢᠨ ᠨᠢ ᠪᠥᠬᠡ ᠶ᠋ᠢᠨ ᠱᠠᠰᠢᠨ ᠪᠠᠢᠵᠠᠢ᠃ ᠲᠡᠳᠡ 《ᠬᠥᠬᠡ ᠲᠡᠭᠷᠢ᠂ ᠬᠥᠷᠥᠰᠥᠲᠦ ᠳᠡᠯᠡᠬᠡᠢ ᠶ᠋ᠢ ᠡᠷᠬᠢᠮᠯᠡᠨ ᠰᠢᠲᠦᠵᠦ》 ᠪᠠᠢᠭᠰᠠᠨ ᠤ᠋ ᠬᠠᠮᠲᠤ ᠂ ᠭᠠᠯ ᠢ᠋ ᠴᠤ᠌ ᠬᠦᠨᠳᠦᠳᠬᠡᠨ ᠰᠢᠲᠦᠵᠦ ᠪᠠᠢᠪᠠ᠃  ᠣᠨᠴᠣᠭᠤᠢᠯᠡᠨ《ᠭᠠᠯ ᠳᠠᠬᠢᠬᠤ ᠳ᠋ᠠᠭᠠᠨ ᠳᠥᠯᠥ ᠶ᠋ᠢᠨ ᠥᠩᠭᠡ ᠶ᠋ᠢ ᠨᠢ ᠬᠠᠷᠠᠵᠤ ᠂ ᠴᠠᠭᠠᠪᠲᠤᠷ ᠪᠣᠯ ᠭᠠᠩ ᠪᠣᠯᠬᠤ᠂ ᠤᠯᠠᠭᠠᠪᠲᠤᠷ ᠪᠣᠯ ᠳᠠᠢᠨ ᠳᠠᠵᠢᠨ ᠪᠣᠯᠬᠤ᠂ ᠨᠣᠭᠣᠭᠠᠪᠳᠤᠷ ᠪᠣᠯ ᠤᠰᠤ ᠪᠡᠯᠴᠢᠭᠡᠷ ᠰᠠᠢᠨ ᠂ ᠰᠢᠷ᠎ᠠ ᠪᠣᠯ ᠡᠪᠡᠳᠴᠢᠨ ᠵᠣᠪᠠᠯᠠᠩ ᠪᠣᠯᠬᠤ ᠶ᠋ᠢᠨ ᠲᠡᠮᠳᠡᠭ》 ᠭᠡᠵᠦ ᠭᠠᠯ ᠤ᠋ᠨ ᠥᠩᠭᠡ ᠪᠡᠷ ᠲᠥᠯᠭᠡ ᠮᠡᠷᠭᠡ ᠦᠵᠡᠵᠦ᠂ ᠪᠡᠯᠭᠡ ᠢᠷᠣ᠎ᠠ ᠰᠢᠨᠵᠢᠵᠦ ᠂ ᠪᠠᠢᠭᠰᠠᠨ ᠨᠢ ᠲᠦᠷᠺᠴᠦᠳ ᠦ᠋ᠨ ᠭᠠᠯ ᠤ᠋ᠨ ᠰᠢᠲᠦᠯᠭᠡ ᠮᠠᠰᠢ ᠡᠷᠲᠡᠨ ᠡᠴᠡ ᠳᠡᠯᠭᠡᠷᠡᠭᠰᠡᠨ ᠢ᠋ ᠬᠠᠷᠠᠭᠤᠯᠵᠤ ᠪᠠᠢᠨ᠎ᠠ᠃ ᠡᠭᠦᠨ᠎ᠡ ᠡᠴᠡ ᠭᠠᠳᠠᠨ᠎ᠠ ᠫᠧᠷᠰ ᠦ᠋ᠨ ᠲᠡᠦᠬᠡᠴᠢᠨ ᠷᠡᠰᠢᠳ᠋ - ᠠᠳ᠋ - ᠳ᠋ᠢᠨ  ᠪᠢᠴᠢᠭ᠌᠎ ᠲᠤ ᠪᠠᠰᠠ ᠮᠣᠩᠭᠣᠯᠴᠤᠳ ᠤ᠋ᠨ ᠭᠠᠯ ᠤ᠋ᠨ ᠰᠢᠲᠦᠯᠭᠡ ᠶ᠋ᠢᠨ ᠲᠤᠬᠠᠢ ᠮᠡᠳᠡᠭᠡ ᠪᠣᠢ᠄ 
       《ᠬᠣᠶᠠᠷ ᠮᠢᠩᠭᠠᠨ ᠵᠢᠯ ᠦ᠋ᠨ ᠤᠷᠢᠳᠠᠬᠢ ᠡᠷᠲᠡᠨ ᠦ᠌ ᠮᠣᠩᠭᠣᠯ ᠠᠨᠤ ᠲᠡᠭᠦᠨ ᠡᠴᠡ ᠪᠤᠰᠤ ᠲᠦᠷᠺ ᠠᠢᠮᠠᠭ ᠯᠤᠭ᠎ᠠ ᠳᠠᠢᠯᠠᠯᠳᠤᠨ ᠠᠯᠠᠯᠳᠤᠵᠤ᠂ ᠦᠯᠡᠳᠡᠭᠰᠡᠨ᠂  ᠬᠣᠶᠠᠷ ᠬᠣᠣᠰ ᠡᠷᠡᠭᠲᠡᠢ ᠡᠮᠡᠭᠲᠡᠢ ᠢᠨᠤ ᠡᠷᠭᠦᠨ᠎ᠡ ᠬᠤᠨ ᠳ᠋ᠤ᠌ ᠣᠴᠢᠵᠤ ᠁ ᠬᠥᠮᠦᠨ ᠠᠮᠠ ᠣᠯᠠᠰᠢᠷᠠᠵᠤ ᠭᠠᠵᠠᠷ ᠢᠪᠴᠤᠳᠠᠭᠰᠠᠨ ᠬᠠᠷᠠᠭ᠎ᠠ ᠪᠠᠷ ᠭᠠᠷᠬᠤ ᠵᠠᠮ  ᠡᠭᠦᠳᠴᠦ ᠲᠦᠯᠡᠭᠡ ᠨᠡᠭᠦᠷᠡᠰᠦ ᠣᠪᠣᠭᠠᠯᠠᠵᠤ ᠂ ᠭᠠᠯ ᠨᠣᠴᠣᠭᠠᠨ ᠬᠠᠳᠠ ᠶ᠋ᠢ ᠬᠠᠢᠯᠠᠭᠤᠯᠵᠤ ᠠᠭᠤᠯᠠᠨ ᠠ᠋ᠴᠠ ᠭᠠᠷᠤᠭᠰᠠᠨ ᠪᠠᠢᠨ᠎ᠠ 》᠃  ᠲᠡᠭᠦᠨ ᠡᠴᠡ ᠬᠣᠢᠰᠢ ᠴᠢᠩᠭᠡᠰ ᠬᠠᠭᠠᠨ ᠤ᠋ ᠣᠪᠣᠭ ᠲᠤ ᠵᠢᠯ ᠪᠦᠷᠢ ᠶ᠋ᠢᠨ 《 ᠪᠢᠲᠡᠭᠦᠨ ᠦ᠌ ᠦᠳᠡᠰᠢ ᠬᠥᠭᠡᠷᠭᠡ᠂ ᠲᠡᠮᠦᠷ ᠦ᠋ᠨ ᠵᠤᠤᠬ᠎ᠠ 》  ᠬᠢᠭᠡᠳ ᠨᠡᠭᠦᠷᠡᠰᠦ ᠪᠡᠯᠡᠳᠬᠡᠵᠦ ᠵᠤᠤᠬ᠎ᠠ ᠪᠠᠨ ᠲᠦᠯᠡᠵᠦ ᠲᠡᠮᠦᠷ ᠤᠯᠠᠢᠯᠭᠠᠨ ᠳᠠᠪᠲᠠᠵᠤ᠂ ᠡᠷᠲᠡ ᠴᠠᠭ ᠥᠪᠡᠷ ᠦ᠋ᠨ ᠢ᠋ᠶ᠋ᠡᠨ ᠴᠢᠯᠥᠭᠡᠯᠡᠭᠳᠡᠭᠰᠡᠨ ᠶᠠᠪᠤᠳᠠᠯ ᠢ᠋ᠶ᠋ᠠᠨ ᠳᠤᠷᠠᠳᠬᠠᠨ ᠪᠡᠯᠭᠡᠯᠡᠬᠦ ᠵᠠᠩᠰᠢᠯ ᠲᠠᠢ ᠪᠣᠯᠵᠠᠢ᠃  ᠡᠨᠡ ᠮᠡᠳᠡᠭᠡᠨ ᠳ᠋ᠦ᠍ ᠮᠣᠩᠭᠣᠯᠴᠤᠳ ᠭᠠᠯ ᠢ ᠠᠰᠢᠭᠯᠠᠵᠤ ᠲᠡᠮᠦᠷ ᠬᠠᠢᠯᠠᠭᠤᠯᠵᠤ ᠴᠢᠳᠠᠬᠤ ᠪᠣᠯᠤᠭᠠᠳ ᠨᠢᠭᠡᠨᠲᠡ᠂ 2000 ᠵᠢᠯ ( ᠪᠠᠷᠤᠭ ᠨᠡᠢᠲᠡ ᠶ᠋ᠢᠨ ᠣᠨ ᠲᠤᠠᠭᠠᠯᠠᠯ ᠤ᠋ᠨ 7 ᠳ᠋ᠤᠭᠠᠷ ᠵᠠᠭᠤᠨ) ᠲᠡᠦᠬᠡ ᠲᠡᠢ ᠪᠣᠯᠤᠭᠰᠠᠨ ᠢ᠋ ᠬᠡᠯᠡᠵᠦ ᠥᠭᠭᠦᠭᠰᠡᠨ ᠪᠠᠢᠨ᠎ᠠ᠃ ᠲᠡᠷᠡ ᠦᠶ᠎ᠡ ᠳ᠋ᠦ᠍ ᠮᠣᠩᠭᠣᠯᠴᠤᠳ ᠨᠢᠭᠡᠨᠲᠡ ᠬᠥᠮᠦᠨ ᠲᠥᠷᠥᠯᠬᠡᠲᠡᠨ ᠦ᠌ 《 ᠪᠠᠭᠠᠲᠤᠷᠯᠢᠭ ᠴᠠᠭ ᠦᠶ᠎ᠡ 》 ᠳ᠋ᠦ᠍ ᠣᠷᠣᠴᠢᠬᠠᠭᠰᠠᠨ ᠠ᠋ᠴᠠ ᠦᠵᠡᠬᠦ ᠳ᠋ᠦ᠍ ᠮᠣᠩᠭᠣᠯᠴᠤᠳ ᠤ᠋ᠨ ᠭᠠᠯ ᠰᠢᠲᠦᠬᠦ ᠶᠣᠰᠣ ᠨᠢ ᠯᠠᠪ ᠫᠧᠷᠰ ᠡᠴᠡ ᠡᠷᠲᠡ ᠪᠠᠢᠬᠤ ᠶᠣᠰᠣᠲᠠᠢ᠃ ᠮᠣᠩᠭᠣᠯᠴᠤᠳ ᠤ᠋ᠨ ᠭᠠᠯ ᠤ᠋ᠨ ᠰᠢᠲᠦᠯᠭᠡ ᠪᠣᠯ ᠡᠬᠡ ᠶ᠋ᠢᠨ ᠡᠷᠬᠡᠲᠦ ᠣᠪᠣᠭ ᠲᠥᠷᠥᠯ ᠦ᠋ᠨ ᠪᠠᠢᠭᠤᠯᠤᠯ ᠤ᠋ᠨ ᠦᠶ᠎ᠡ ᠶ᠋ᠢᠨ ᠪᠥᠬᠡ ᠶ᠋ᠢᠨ ᠱᠠᠰᠢᠨ ᠠ᠋ᠴᠠ ᠡᠭᠦᠰᠦᠭᠰᠡᠨ ᠪᠠᠢᠳᠠᠭ᠃ 《 ᠭᠠᠯ ᠤ᠋ᠨ ᠲᠠᠬᠢᠯᠭ᠎ᠠ ᠶ᠋ᠢᠨ ᠰᠤᠳᠤᠷ》  ᠲᠤ ᠭᠠᠯ ᠤ᠋ᠨ ᠰᠠᠬᠢᠭᠤᠯᠰᠤᠨ ᠢ᠋ᠶ᠋ᠠᠨ《 ᠭᠠᠯᠢᠬᠠᠨ ᠡᠬᠡ 》 《 ᠭᠠᠯ ᠤ᠋ᠨ ᠬᠠᠨ ᠡᠳᠦᠭᠡᠨ》  ᠪᠤᠶᠤ 《 ᠭᠣᠯᠣᠮᠲᠠ ᠡᠬᠡ 》 ᠭᠡᠵᠦ ᠪᠠᠢᠭ᠎ᠠ ᠨᠢ ᠲᠡᠭᠦᠨ ᠦ᠌ ᠪᠣᠳᠠᠲᠠᠢ ᠭᠡᠷᠡᠴᠢ ᠮᠥᠨ᠃ 
       ᠬᠣᠶᠠᠷ᠂ ᠭᠠᠯ ᠪᠣᠯ ᠪᠥᠬᠡ ᠶ᠋ᠢᠨ ᠱᠠᠰᠢᠨ ᠤ᠋ ᠣᠯᠠᠨ ᠰᠢᠲᠦᠭᠡᠨ ᠦ᠌ ᠴᠢᠬᠤᠯᠠ ᠰᠢᠲᠦᠭᠡᠨ ᠪᠣᠯᠤᠨ᠎ᠠ ᠃ ᠪᠥᠬᠡ ᠶ᠋ᠢᠨ ᠱᠠᠰᠢᠨ ᠤ᠋ ᠦᠵᠡᠬᠦ ᠪᠡᠷ᠂ ᠭᠠᠯ ᠤ᠋ᠨ ᠰᠢᠲᠦᠭᠡᠨ ᠪᠣᠯ ᠬᠥᠬᠡ ᠲᠡᠭᠷᠢ᠂ ᠬᠥᠷᠥᠰᠥᠲᠦ ᠡᠳᠦᠭᠡᠨ ᠦ᠌ ᠡᠪᠦᠭᠡ ᠳᠡᠭᠡᠳᠦᠰ ᠦ᠋ᠨ ᠰᠦᠨᠡᠰᠦ ᠰᠦᠯᠳᠡ ᠮᠡᠲᠦ ᠳᠠᠷᠬᠠᠨ ᠴᠢᠨᠠᠷ ᠲᠠᠢ ᠲᠤᠯᠠ ᠬᠦᠨᠳᠦᠳᠬᠡᠨ ᠰᠢᠲᠦᠬᠦ ᠬᠡᠷᠡᠭᠲᠡᠢ᠃ ᠮᠣᠩᠭᠣᠯᠴᠤᠳ ᠡᠳᠦᠷ ᠪᠦᠷᠢ ᠬᠣᠭᠣᠯᠠ ᠴᠠᠢ ᠡᠴᠡ ᠡᠮᠦᠨ᠎ᠡ ᠢᠳᠡᠭᠡᠨ ᠤᠮᠳᠠᠭᠠᠨ ᠤ ᠳᠡᠭᠡᠵᠢ ᠪᠡᠨ ᠲᠡᠭᠷᠢ ᠭᠠᠵᠠᠷ ᠠᠭᠤᠯᠠ ᠤᠰᠤᠨ ᠤ᠋ ᠨᠠᠪᠳᠠᠭ ᠰᠠᠪᠳᠠᠭ ᠬᠢᠭᠡᠳ ᠡᠪᠦᠭᠡ ᠳᠡᠭᠡᠳᠦᠰ ᠲᠡᠭᠡᠨ ᠡᠷᠭᠦᠯ ᠰᠠᠴᠤᠯᠢ ᠥᠭᠳᠡᠭ ᠵᠠᠩᠰᠢᠯ ᠲᠠᠢ ᠭᠡᠵᠦ ᠷᠥᠪᠷᠦ᠋ᠩ ᠬᠡᠯᠡᠵᠡᠢ᠃ 《ᠡᠮᠦᠨ᠎ᠡ ᠵᠦᠭ ᠬᠠᠷᠠᠵᠤ ᠭᠠᠵᠠᠷ ᠰᠥᠬᠥᠳᠦᠨ ᠭᠤᠷᠪᠠᠨᠲᠠ ᠮᠥᠷᠭᠥᠬᠦ ᠶ᠋ᠢᠨ ᠰᠠᠴᠠᠭᠤ ᠠᠷᠢᠬᠢ ᠪᠠᠷ ᠭᠤᠷᠪᠠ ᠳᠠᠬᠢᠨ ᠰᠡᠷᠵᠢᠮ ᠡᠷᠭᠦᠨ᠎ᠡ ᠃ ᠡᠨᠡ ᠪᠣᠯ ᠭᠠᠯ ᠤ᠋ᠨ ᠰᠢᠲᠦᠭᠡᠨ ᠳ᠋ᠦ᠍ ᠬᠢᠵᠦ ᠪᠠᠢᠭ᠎ᠠ ᠰᠠᠴᠤᠯᠢ ᠮᠥᠷᠭᠥᠯ ᠶᠦᠮ᠃ ᠮᠣᠩᠭᠣᠯᠴᠤᠳ ᠤ᠋ᠨ ᠭᠠᠯ ᠢ᠋ ᠰᠢᠲᠦᠬᠦ ᠤᠴᠢᠷ ᠪᠣᠯ ᠭᠠᠯ ᠭᠣᠯᠣᠮᠲᠠ ᠶ᠋ᠢᠨ ᠠᠮᠢᠯᠠᠯ ᠬᠥᠭᠵᠢᠯ ᠪᠠ ᠠᠷᠢᠭᠤᠨ ᠭᠡᠭᠡᠨ ᠳᠠᠷᠬᠠᠨ ᠴᠢᠨᠠᠷ ᠲᠠᠢ ᠪᠠᠢᠭ᠎ᠠ ᠳ᠋ᠤ᠌ ᠣᠷᠣᠰᠢᠨ᠎ᠠ᠃ 
       ᠭᠠᠯ ᠪᠣᠯ ᠠᠮᠢᠯᠠᠯ ᠬᠥᠭᠵᠢᠯ ᠦ᠋ᠨ ᠪᠡᠯᠭᠡ ᠲᠡᠮᠳᠡᠭ ᠮᠥᠨ᠃ ᠮᠣᠩᠭᠣᠯᠴᠤᠳ ᠭᠠᠯ ᠤ᠋ᠨ ᠰᠢᠲᠦᠭᠡᠨ ᠢ᠋ᠶ᠋ᠡᠨ ᠭᠠᠯᠢᠬᠠᠨ ᠡᠬᠡ ᠤᠳᠬᠤᠨ ᠭᠠᠯ ᠤ᠋ᠨ ᠬᠠᠨ ᠪᠤᠶᠤ ᠭᠣᠯᠣᠮᠲᠠ ᠡᠬᠡ ᠭᠡᠵᠦ ᠳᠠᠭᠤᠳᠠᠳᠠᠭ ᠨᠢ ᠭᠠᠯ ᠭᠣᠯᠣᠮᠲᠠ ᠪᠣᠯ ᠡᠲᠦᠭᠡᠨ ᠡᠬᠡ ᠮᠡᠲᠦ ᠲᠦᠮᠡᠨ ᠪᠣᠳᠠᠰ ᠢ᠋ ᠲᠥᠯᠵᠢᠭᠦᠯᠵᠦ ᠂ ᠡᠭᠦᠳᠡ ᠡᠷᠦᠬᠡ ᠶ᠋ᠢ ᠭᠡᠷᠡᠯᠲᠦᠭᠦᠯᠵᠦ ᠂ ᠤᠳᠤᠮ ᠤᠭᠰᠠᠭ᠎ᠠ ᠶ᠋ᠢ ᠨᠢ ᠪᠡᠯᠭᠡᠳᠡᠭᠰᠡᠨ ᠶᠦᠮ᠃ 《 ᠭᠠᠯᠢᠬᠠᠨ 》 ᠭᠡᠰᠡᠨ ᠦᠭᠡ ᠪᠣᠯ ᠭᠠᠯ ᠤ᠋ᠨ ᠬᠠᠨ ᠪᠤᠶᠤ ᠭᠠᠯ ᠤ᠋ᠨ ᠡᠵᠡᠨ ᠭᠡᠰᠡᠨ ᠦᠭᠡ ᠮᠥᠨ᠃ ᠡᠷᠲᠡᠨ ᠦ᠌ ᠮᠣᠩᠭᠣᠯᠴᠤᠳ ᠣᠪᠣᠭ ᠠᠢᠮᠠᠭ ᠤ᠋ᠨ ᠬᠠᠨ ᠂ ᠠᠢᠯ ᠭᠡᠷ ᠦ᠋ᠨ ᠡᠵᠡᠨ ᠢ᠋ᠶ᠋ᠡᠨ ᠬᠦᠨᠳᠦᠳᠬᠡᠵᠦ ᠪᠠᠢᠭ᠎ᠠ ᠶᠣᠰᠣ ᠨᠢ ᠲᠡᠭᠦᠨ ᠳ᠋ᠦ᠍ ᠭᠠᠯ ᠤ᠋ᠨ ᠬᠠᠨ ᠮᠡᠲᠦ ᠡᠭᠦᠳᠡ ᠡᠷᠦᠬᠡ ᠪᠡᠨ ᠲᠥᠯᠥᠭᠡᠯᠡᠵᠦ ᠤᠳᠤᠮ ᠤᠭᠰᠠᠭ᠎ᠠ ᠪᠠᠨ ᠮᠠᠨᠳᠤᠭᠤᠯᠬᠤ ᠳᠠᠷᠬᠠᠨ ᠡᠷᠬᠡ ᠲᠡᠢ ᠡᠴᠡ ᠪᠣᠯᠤᠭᠰᠠᠨ ᠶᠤᠮ᠃ ᠲᠡᠷᠡᠴᠢᠯᠡᠨ ᠬᠣᠯᠠ ᠵᠠᠮ ᠤ᠋ᠨ ᠠᠶᠠᠨ ᠲᠣᠭᠣᠰᠣᠨ ᠳ᠋ᠤ᠌ ᠶᠠᠪᠤᠭᠰᠠᠳ ᠪᠦᠯᠦᠭ ᠪᠦᠯᠦᠭ ᠂  ᠪᠥᠭᠡᠮ ᠪᠥᠭᠡᠮ ᠢ᠋ᠶ᠋ᠡᠷ ᠨᠢᠭᠡ ᠭᠠᠯ ᠪᠣᠯᠵᠤ ᠬᠠᠰᠢᠷ ᠳᠠᠳᠮᠠᠭᠠᠢ ᠨᠡᠷ᠎ᠡ ᠬᠦᠨᠳᠦ ᠲᠡᠢ ᠨᠢᠭᠡ ᠶ᠋ᠢ ᠪᠡᠨ《 ᠭᠠᠯ ᠤ᠋ᠨ ᠠᠬ᠎ᠠ》 ᠪᠠᠷ ᠰᠣᠩᠭᠣᠵᠤ ᠠᠶᠠᠨ ᠲᠣᠭᠣᠰᠣᠨ ᠤ᠋ ᠠᠯᠢᠪᠠ ᠬᠡᠷᠡᠭ ᠢ᠋ ᠬᠠᠮᠢᠶᠠᠷᠠᠭᠤᠯᠬᠤ ᠵᠠᠩᠰᠢᠯ ᠨᠢ ᠴᠤ᠌ ᠭᠠᠯ ᠤ᠋ᠨ ᠰᠢᠲᠦᠯᠭᠡ ᠲᠡᠢ ᠬᠣᠯᠪᠣᠭ᠎ᠠ ᠲᠠᠢ ᠠᠵᠢ᠃《 ᠣᠳᠬᠣᠨ》 ᠭᠡᠰᠡᠨ ᠦᠭᠡ ᠶ᠋ᠢᠨ ᠣᠳ ᠪᠣᠯ ᠲᠦᠷᠺ ᠭᠠᠷᠤᠯ ᠲᠠᠢ ᠭᠠᠯ ᠭᠡᠰᠡᠨ ᠦᠭᠡ᠃ ᠬᠤᠨ ᠪᠤᠶᠤ ᠠᠬᠨ ᠪᠣᠯ ᠬᠠᠨ ᠭᠡᠰᠡᠨ ᠦᠭᠡ ᠮᠥᠨ᠃ ᠮᠣᠩᠭᠣᠯᠴᠤᠳ ᠤ᠋ᠨ ᠳᠣᠲᠣᠷ᠎ᠠ  ᠣᠳᠬᠣᠨ᠂ ᠣᠳᠬᠣᠨᠪᠠᠶᠠᠷ᠂ ᠣᠳᠬᠣᠨᠴᠢᠮᠡᠭ  ᠭᠡᠬᠦ ᠮᠡᠲᠦ ᠪᠡᠷ ᠬᠡᠦᠬᠡᠳ ᠦ᠋ᠨ ᠢ᠋ᠶ᠋ᠡᠨ ᠬᠠᠮᠤᠭ ᠪᠠᠭ᠎ᠠ ᠶ᠋ᠢ ᠨᠡᠷᠡᠢᠳᠴᠦ ᠢᠷᠡᠭᠰᠡᠨ ᠨᠢ ᠣᠳᠬᠣᠨ ᠬᠡᠦᠬᠡᠳ ᠦ᠋ᠨ ᠣᠨᠴᠠ ᠡᠷᠬᠡ ᠶ᠋ᠢ ᠳᠣᠪᠣᠢᠯᠭᠠᠵᠤ ᠪᠠᠢᠨ᠎ᠠ᠃ ᠤᠴᠢᠷ ᠨᠢ ᠮᠣᠩᠭᠣᠯᠴᠤᠳ ᠤ᠋ᠨ ᠳᠣᠲᠣᠷ᠎ᠠ ᠣᠳᠬᠣᠨ ᠬᠦᠦ ᠨᠢ ᠡᠴᠢᠭᠡ ᠶ᠋ᠢᠨ ᠢ᠋ᠶ᠋ᠡᠨ ᠥᠪ ᠬᠥᠷᠥᠩᠭᠡ ᠶ᠋ᠢ ᠵᠠᠯᠭᠠᠮᠵᠢᠯᠠᠵᠤ ᠡᠭᠦᠳᠡ ᠡᠷᠦᠬᠡ ᠪᠡᠨ ᠭᠡᠷᠡᠯᠲᠦᠭᠦᠯᠵᠦ ᠦᠷ᠎ᠡ ᠦᠨᠳᠦᠰᠦ ᠵᠠᠯᠭᠠᠬᠤ ᠵᠠᠩᠰᠢᠯ ᠲᠠᠢ ᠪᠠᠢᠵᠠᠢ᠃ ᠮᠣᠩᠭᠣᠯᠴᠤᠳ ᠭᠠᠯ ᠤ᠋ᠨ ᠰᠢᠲᠦᠭᠡᠨ ᠢ᠋ᠶ᠋ᠡᠨ《 ᠭᠣᠯᠣᠮᠲᠠ ᠡᠬᠡ》 ᠭᠡᠵᠦ ᠰᠢᠲᠦᠳᠡᠭ ᠨᠢ ᠭᠠᠯ ᠭᠣᠯᠣᠮᠲᠠ ᠪᠣᠯ ᠡᠭᠦᠳᠡ ᠡᠷᠦᠬᠡ ᠪᠠ ᠡᠰᠡᠨᠢᠯ ᠮᠠᠨᠳᠠᠯ ᠢ᠋ ᠲᠥᠯᠥᠭᠡᠯᠡᠬᠦ ᠳ᠋ᠦ᠍ ᠣᠷᠣᠰᠢᠨ᠎ᠠ᠃ ᠮᠠᠨ ᠤ᠋ ᠮᠣᠩᠭᠣᠯᠴᠤᠳ ᠤ᠋ᠨ ᠵᠠᠩᠰᠢᠯ ᠢ᠋ᠶ᠋ᠠᠷ ᠪᠣᠯ ᠠᠢᠯ ᠭᠡᠷ ᠭᠠᠯ ᠲᠠᠢ ᠪᠠᠢᠪᠠᠯ ᠡᠭᠦᠳᠡ ᠡᠷᠦᠬᠡ ᠨᠡᠭᠡᠭᠡᠭᠳᠡᠵᠦ ᠦᠷ᠎ᠡ ᠦᠨᠳᠦᠰᠦ ᠳᠡᠯᠭᠡᠷᠡᠨ᠎ᠡ᠂ ᠡᠷᠦᠬᠡ ᠭᠡᠷ ᠭᠠᠯ ᠦᠭᠡᠢ ᠪᠣᠯ ᠭᠣᠯᠣᠮᠲᠠ ᠨᠢ ᠬᠠᠷᠠᠯᠠᠵᠤ ᠠᠵᠤ ᠠᠮᠢᠳᠤᠷᠠᠬᠤ ᠶ᠋ᠢᠨ ᠤᠳᠬ᠎ᠠ ᠴᠢᠨᠠᠷ ᠢ᠋ᠶ᠋ᠠᠨ ᠠᠯᠳᠠᠨ᠎ᠠ ᠭᠡᠳᠡᠭ᠃ ᠮᠣᠩᠭᠣᠯ ᠦᠨᠳᠦᠰᠦᠲᠡᠨ ᠦ᠌ ᠭᠠᠯ ᠮᠠᠨᠠᠬᠤ ᠬᠠᠭᠤᠴᠢᠨ ᠤ᠋ ᠵᠠᠩᠰᠢᠯ ᠨᠢ ᠴᠤ᠌ ᠭᠠᠯ ᠭᠣᠯᠣᠮᠲᠠ ᠶ᠋ᠢᠨ ᠠᠮᠢᠯᠠᠯ ᠬᠥᠭᠵᠢᠯ ᠳ᠋ᠦ᠍ ᠰᠢᠲᠦᠵᠦ ᠥᠭᠡᠳᠡ ᠲᠡᠢ ᠡᠰᠡᠷᠡᠭ ᠠᠵᠤ ᠲᠥᠷᠥᠬᠦ ᠭᠡᠰᠡᠨ ᠪᠡᠯᠭᠡ ᠲᠡᠢ ᠰᠠᠨᠠᠬ᠎ᠠ ᠶ᠋ᠢ ᠬᠠᠷᠠᠭᠤᠯᠵᠤ ᠪᠠᠢᠭ᠎ᠠ ᠶᠤᠮ᠃ 
       ᠭᠠᠯ ᠪᠣᠯ ᠠᠷᠢᠭᠤᠨ ᠭᠡᠭᠡᠨ ᠦ᠌ ᠪᠡᠯᠭᠡ ᠲᠡᠮᠲᠡᠭ ᠪᠠ ᠪᠤᠵᠠᠷ ᠪᠤᠷᠲᠠᠭ ᠢ᠋ ᠠᠷᠢᠯᠠᠭᠠᠵᠤ ᠭᠠᠢ ᠪᠠᠷᠴᠢᠳ ᠢ᠋ ᠵᠠᠢᠯᠠᠭᠤᠯᠬᠤ ᠳᠠᠯᠳᠠ ᠶ᠋ᠢᠨ ᠬᠦᠴᠦ ᠲᠡᠢ ᠪᠠᠢᠳᠠᠭ᠃  ᠫᠯᠠᠨ ᠺᠠᠷᠫᠢᠨ ᠲᠡᠮᠲᠡᠭᠯᠡᠭᠰᠡᠨ ᠨᠢ ᠮᠣᠩᠭᠣᠯᠴᠤᠳ《 ᠨᠠᠷᠠ ᠰᠠᠷᠠ ᠂ ᠭᠠᠯ ᠤᠰᠤ ᠬᠢᠭᠡᠳ ᠭᠠᠵᠠᠷ ᠢ᠋ ᠬᠦᠨᠳᠦᠳᠬᠡᠨ ᠰᠢᠲᠦᠨ᠎ᠡ 》  ᠲᠡᠳᠡ ᠭᠠᠯ ᠢ᠋ ᠠᠷᠢᠭᠤᠨ ᠭᠡᠭᠡᠨ ᠪᠥᠭᠡᠳ ᠪᠤᠵᠠᠷ ᠪᠤᠷᠲᠠᠭ ᠢ᠋ ᠠᠷᠢᠭᠤᠳᠬᠠᠨ᠎ᠠ ᠭᠡᠵᠦ ᠢᠲᠡᠭᠡᠳᠡᠭ᠃ 《 ᠲᠡᠢᠮᠦ ᠤᠴᠢᠷ ᠠ᠋ᠴᠠ ᠡᠯᠴᠢᠨ ᠰᠠᠢᠳ᠂ ᠨᠣᠶᠠᠳ ᠲᠦᠰᠢᠮᠡᠳ ᠪᠤᠶᠤ ᠥᠭᠡᠷ᠎ᠡ ᠶᠠᠮᠠᠷ ᠬᠥᠮᠦᠨ ᠪᠣᠯᠲᠤᠭᠠᠢ᠂ ᠲᠡᠳᠡᠨᠡᠷ ᠦ᠋ᠨ ᠲᠡᠨᠳᠡ ᠬᠦᠷᠴᠦ ᠣᠴᠢᠪᠠᠯ ᠲᠡᠳᠡᠨᠡᠷ ᠦ᠋ᠨ ᠥᠪᠡᠷᠰᠡᠳ ᠦ᠋ᠨ ᠪᠡᠶ᠎ᠡ ᠬᠢᠭᠡᠳ ᠲᠡᠳᠡᠨᠡᠷ᠎ ᠲᠤ ᠪᠡᠯᠡᠭ ᠰᠡᠯᠲᠡ ᠡᠷᠭᠦᠨ ᠪᠠᠷᠢᠭ᠍ᠴᠢᠳ ᠢ᠋ ᠴᠥᠮ ᠬᠣᠶᠠᠷ ᠬᠡᠰᠡᠭ ᠭᠠᠯ ᠤ᠋ᠨ ᠳᠤᠮᠳᠠᠭᠤᠷ ᠶᠠᠪᠤᠭᠤᠯᠤᠨ ᠭᠠᠯ ᠤ᠋ᠨ ᠠᠷᠢᠭᠤᠳᠬᠠᠯ ᠬᠢᠵᠦ ᠲᠡᠳᠡᠨᠡᠷ ᠶᠠᠮᠠᠷ ᠨᠢᠭᠡᠨ ᠬᠣᠣᠷ ᠭᠦᠷᠦᠭᠡᠯ ᠠᠪᠴᠢᠷᠠᠵᠤ ᠂ ᠠᠶᠤᠯ ᠭᠠᠮᠰᠢᠭ ᠪᠣᠯᠬᠤ ᠠ᠋ᠴᠠ ᠰᠡᠷᠡᠮᠵᠢᠯᠡᠳᠡᠭ ᠪᠠᠢᠨ᠎ᠠ 》 ᠭᠡᠵᠡᠢ᠃  ᠷᠦᠪᠷᠦᠩ ᠲᠡᠮᠳᠡᠭᠯᠡᠭᠰᠡᠨ ᠨᠢ : 《 ᠣᠷᠳᠣᠨ ᠳ᠋ᠤ᠌ ᠠᠪᠴᠤ ᠣᠷᠣᠬᠤ ᠶᠠᠭᠤᠮ᠎ᠠ ᠶ᠋ᠢ ᠶᠠᠭᠤ ᠪᠣᠯᠪᠠᠴᠤ ᠴᠥᠮ ᠲᠦᠯᠭᠡᠴᠢᠳ ᠨᠢ ᠬᠣᠶᠠᠷ ᠭᠠᠯ ᠤ᠋ᠨ ᠳᠤᠮᠳᠠᠭᠤᠷ ᠥᠩᠭᠡᠷᠡᠭᠡᠵᠦ ᠶᠠᠪᠤᠭᠤᠯᠬᠤ  ᠪᠥᠭᠡᠳ ᠲᠡᠭᠡᠬᠦ ᠵᠠᠭᠤᠷ᠎ᠠ ᠪᠠᠨ ᠲᠡᠳᠡᠭᠡᠷ ᠶᠠᠭᠤᠮᠠᠰ ᠠ᠋ᠴᠠ ᠪᠠᠭ᠎ᠠ ᠵᠡᠷᠭᠡ ᠳᠡᠭᠡᠵᠢ ᠶ᠋ᠢ ᠨᠢ ᠠᠪᠤᠨ᠎ᠠ᠃ ᠡᠭᠦᠨ ᠡᠴᠡ ᠭᠠᠳᠠᠨ᠎ᠠ ᠬᠡᠷᠪᠡ ᠬᠥᠮᠦᠨ ᠦᠬᠦᠭᠰᠡᠨ ᠪᠠᠢᠪᠠᠯ ᠲᠡᠭᠦᠨ ᠦ᠌ ᠣᠷᠣ ᠳᠡᠪᠢᠰᠬᠡᠷ ᠢ᠋ ᠮᠥᠨ ᠬᠣᠶᠠᠷ ᠭᠠᠯ ᠤ᠋ᠨ ᠳᠤᠮᠳᠠ ᠠᠪᠴᠤ ᠣᠴᠢᠭᠠᠳ ᠠᠷᠢᠭᠤᠳᠬᠠᠨ᠎ᠠ᠃ ᠬᠡᠨ ᠬᠥᠮᠦᠨ ᠪᠣᠯᠪᠠᠴᠤ᠂ ᠦᠬᠦᠭᠰᠡᠨ ᠬᠣᠢᠨ᠎ᠠ ᠲᠡᠭᠦᠨ ᠦ᠌ ᠡᠳ᠋  ᠬᠤᠭ᠍ᠰᠢᠯ ᠢ᠋ ᠭᠠᠯ ᠢ᠋ᠶ᠋ᠠᠷ ᠠᠷᠢᠭᠤᠳᠬᠠᠬᠤ ᠠ᠋ᠴᠠ ᠡᠮᠦᠨ᠎ᠡ ᠪᠤᠰᠤᠳ ᠬᠥᠮᠦᠨ ᠭᠠᠷ ᠬᠦᠷᠴᠦ ᠦᠯᠦ ᠪᠣᠯᠤᠨ᠎ᠠ 》 ᠭᠡᠵᠡᠢ᠃ ᠮᠣᠩᠭᠣᠯᠴᠤᠳ ᠡᠷᠲᠡᠨ ᠡᠴᠡ ᠠᠪᠤᠭᠠᠳ  ᠦᠬᠦᠯ ᠮᠥᠬᠥᠯ ᠢ᠋ ᠮᠠᠭᠤ ᠢᠷᠣ᠎ᠠ ᠲᠠᠢ ᠭᠡᠵᠦ ᠦᠵᠡᠳᠡᠭ ᠪᠣᠯᠬᠣᠷ ᠦᠬᠦᠭᠰᠡᠳ ᠦ᠋ᠨ ᠬᠡᠭᠦᠷ ᠢ᠋ ᠭᠠᠯ ᠢ᠋ᠶ᠋ᠠᠷ ᠠᠷᠢᠭᠤᠳᠬᠠᠬᠤ ᠵᠠᠩᠰᠢᠯ ᠲᠠᠢ ᠪᠣᠯᠵᠠᠢ᠃ ᠣᠷᠴᠢᠨ ᠦᠶ᠎ᠡ ᠶ᠋ᠢᠨ ᠡᠷᠳᠡᠮᠲᠡᠨ  ᠯᠣᠪᠰᠠᠩᠴᠦᠢᠳᠠᠨ《 ᠮᠣᠩᠭᠣᠯ ᠤ᠋ᠨ ᠵᠠᠩ ᠠᠭᠠᠯᠢ ᠶ᠋ᠢᠨ ᠣᠢᠯᠠᠪᠤᠷᠢ 》 ᠳ᠋ᠠᠭᠠᠨ ᠲᠡᠮᠳᠡᠭᠯᠡᠭᠰᠡᠨ ᠨᠢ᠂ ᠬᠥᠮᠦᠨ ᠦᠬᠦᠪᠡᠰᠦ 《ᠦᠬᠦᠳᠡᠯ ᠢᠳᠡᠷᠬᠡᠨ ᠳ᠋ᠦ᠍ ᠲᠡᠭᠡᠭᠡᠵᠦ ᠠᠢᠯ ᠦᠭᠡᠢ ᠭᠠᠵᠠᠷ ᠁ ᠬᠠᠶᠠᠭᠠᠳ ᠲᠡᠷᠭᠡ ᠪᠡᠨ ᠬᠥᠭᠡᠭᠡᠵᠦ ᠡᠭᠡᠮᠦᠢ᠃  ᠦᠬᠦᠳᠡᠯ ᠢ᠋ ᠭᠡᠭᠡᠭᠰᠡᠨ ᠲᠡᠷᠭᠡ ᠡᠭᠡᠵᠦ ᠢᠷᠡᠬᠦ ᠳ᠋ᠦ᠍ ᠭᠡᠷ ᠣᠢᠷᠠᠯᠴᠠᠭ᠎ᠠ ᠭᠠᠯ ᠲᠠᠯᠪᠢᠵᠤ ᠲᠡᠷᠭᠡ ᠶ᠋ᠢ ᠳᠣᠷᠤᠮᠳᠠᠵᠤ (ᠠᠷᠢᠭᠤᠳᠬᠠᠵᠤ ) ᠭᠠᠯ ᠢ᠋ᠶ᠋ᠠᠷ ᠠᠷᠢᠭᠤᠯᠤᠨ ᠬᠦᠷᠢᠶᠡᠨ ᠳ᠋ᠡᠭᠡᠨ ᠣᠷᠣᠭᠤᠯᠤᠮᠤᠢ 》 ᠭᠡᠪᠡ ᠃  ᠡᠢᠮᠦᠷᠬᠦ ᠵᠠᠩᠰᠢᠯ ᠨᠢ ᠭᠠᠯ ᠪᠣᠯ ᠪᠤᠵᠠᠷ ᠪᠤᠷᠲᠠᠭ ᠢ᠋ ᠠᠷᠢᠯᠭᠠᠵᠤ ᠠᠷᠢᠭᠤᠨ ᠴᠡᠪᠡᠷ ᠴᠢᠨᠠᠷ ᠲᠡᠢ ᠂ ᠭᠠᠢ ᠪᠠᠷᠴᠢᠳ ᠢ᠋ ᠬᠥᠭᠡᠭᠡᠬᠦ ᠂ ᠬᠣᠣᠷ ᠬᠥᠨᠥᠭᠡᠯ ᠢ᠋ ᠠᠷᠢᠯᠭᠠᠬᠤ ᠳᠠᠯᠳᠠ ᠶ᠋ᠢᠨ ᠬᠦᠴᠦ ᠲᠡᠢ ᠭᠡᠵᠦ ᠢᠲᠡᠭᠡᠳᠡᠭ ᠡᠴᠡ ᠪᠣᠯᠤᠭᠰᠠᠨ ᠶᠤᠮ᠃ 
       ᠡᠷᠲᠡᠨ ᠦ᠌ ᠭᠠᠯ ᠤ᠋ᠨ ᠰᠢᠲᠦᠯᠭᠡ ᠨᠢ ᠬᠡᠭᠦᠷ ᠣᠷᠣᠰᠢᠭᠤᠯᠬᠤ ᠶᠣᠰᠣᠨ ᠯᠤᠭ᠎ᠠ ᠬᠣᠯᠪᠣᠭ᠎ᠠ ᠲᠠᠢ ᠶᠤᠮ᠃ ᠴ ᠂ ᠳᠠᠯᠠᠢ 《 ᠮᠣᠩᠭᠣᠯᠴᠤᠳ ᠤ᠋ᠨ ᠪᠥᠬᠡ ᠶ᠋ᠢᠨ ᠮᠥᠷᠭᠥᠯ ᠦ᠋ᠨ ᠲᠣᠪᠴᠢ ᠲᠡᠦᠬᠡ 》 ᠳ᠋ᠡᠭᠡᠨ ᠪᠢᠴᠢᠭᠰᠡᠨ ᠨᠢ᠂ ᠬᠡᠭᠦᠷ ᠣᠷᠣᠰᠢᠭᠤᠯᠭ᠎ᠠ ᠳ᠋ᠤ᠌ 《 ᠭᠠᠯ ᠢ᠋ᠶ᠋ᠠᠷ ᠰᠢᠲᠠᠭᠠᠬᠤ ( ᠭᠠᠯ ᠢ᠋ᠶ᠋ᠠᠷ ᠮᠠᠨᠳᠠᠯᠳᠠᠬᠤ)᠂ ᠭᠠᠵᠠᠷ ᠲᠤ ᠪᠤᠯᠠᠬᠤ᠂ ᠬᠡᠭᠡᠷ᠎ᠡ ᠭᠠᠳᠠᠨ᠎ᠠ ᠢᠯᠡ ᠣᠷᠣᠰᠢᠭᠤᠯᠬᠤ ᠵᠡᠷᠭᠡ ᠶᠠᠩᠵᠤ ᠪᠦᠷᠢ ᠶ᠋ᠢᠨ ᠵᠠᠩᠰᠢᠯ ᠲᠠᠢ ᠪᠠᠢᠵᠠᠢ 》 ᠭᠡᠪᠡ᠃  ᠡᠭᠦᠨ ᠳ᠋ᠦ᠍ ᠦᠬᠦᠭᠰᠡᠳ ᠦ᠋ᠨ ᠬᠡᠭᠦᠷ ᠢ᠋ ᠭᠠᠯ ᠢ᠋ᠶ᠋ᠠᠷ ᠰᠢᠲ᠌ᠠᠭᠠᠬᠤ ᠠᠷᠭ᠎ᠠ ᠶ᠋ᠢ ᠡᠷᠬᠢᠮᠯᠡᠨ ᠦᠵᠡᠳᠡᠭ ᠪᠠᠢᠪᠠ ᠃ 《 ᠶᠠᠭᠤᠨ ᠤ᠋ ᠤᠴᠢᠷ ᠭᠠᠯ ᠤ᠋ᠨ ᠮᠠᠨᠳᠠᠯ ᠰᠠᠢᠨ ᠪᠣᠢ ᠬᠡᠮᠡᠪᠡᠰᠦ ᠁ ᠠᠮᠢᠲᠠᠨ ᠤ᠋ ᠠᠮᠢ ᠨᠢᠭᠦᠯ ᠪᠡᠷᠬᠡ ᠲᠤᠯᠠᠳᠠ ᠴᠠᠭ ᠵᠠᠭᠤᠷ᠎ᠠ ᠦᠢᠯᠡ ᠵᠣᠪᠠᠯᠠᠩ ᠢ᠋ ᠠᠷᠢᠯᠭᠠᠬᠤ ᠶ᠋ᠢᠨ ᠲᠤᠯᠠ ᠪᠣᠢ 》 ᠭᠡᠵᠦ ᠯᠣᠪᠰᠠᠩᠴᠦᠢᠳᠠᠨ ᠬᠡᠯᠡᠭᠰᠡᠨ ᠪᠠᠢᠳᠠᠭ᠃  ᠡᠨᠳᠡ ᠭᠠᠯ ᠣᠷᠣᠰᠢᠭᠤᠯᠭ᠎ᠠ ᠶ᠋ᠢᠨ ᠶᠣᠰᠣᠨ ᠢ᠋ ᠬᠥᠮᠦᠨ ᠠᠮᠢᠲᠠᠨ ᠤ᠋ ᠦᠯᠡᠨ ᠵᠣᠪᠠᠯᠠᠩ ᠢ᠋ ᠠᠷᠢᠯᠭᠠᠬᠤ ᠭᠡᠰᠡᠨ ᠪᠤᠷᠬᠠᠨ ᠤ᠋ ᠱᠠᠰᠢᠨ ᠤ᠋ ᠡᠭᠦᠳᠡᠨ ᠡᠴᠡ ᠲᠠᠢᠯᠪᠤᠷᠢᠯᠠᠭᠰᠠᠨ ᠨᠢ ᠪᠤᠷᠤᠭᠤ ᠪᠣᠯᠤᠭᠰᠠᠨ ᠰᠢᠭ᠋᠃  ᠦᠨᠡᠨ ᠳ᠋ᠡᠭᠡᠨ ᠭᠠᠯ ᠣᠷᠣᠰᠢᠭᠤᠯᠭ᠎ᠠ ᠪᠣᠯ ᠨᠢᠭᠡ ᠲᠠᠯ᠎ᠠ ᠪᠠᠷ ᠢ᠋ᠶ᠋ᠠᠨ ᠡᠷᠲᠡᠨ ᠦ᠌ ᠮᠣᠩᠭᠣᠯᠴᠤᠳ ᠭᠠᠯ ᠢ᠋ᠶ᠋ᠠᠨ ᠠᠷᠢᠭᠤᠨ ᠴᠡᠪᠡᠷ ᠦ᠋ᠨ ᠡᠷᠬᠢᠮ ᠳᠡᠭᠡᠳᠦ ᠪᠠ ᠪᠤᠵᠠᠷ ᠪᠤᠷᠲᠠᠭ ᠢ᠋ ᠠᠷᠢᠯᠭᠠᠬᠤ ᠳᠠᠯᠳᠠ ᠶ᠋ᠢᠨ ᠬᠦᠴᠦ ᠲᠡᠢ ᠭᠡᠵᠦ ᠦᠵᠡᠭᠰᠡᠨ ᠳ᠋ᠦ᠍ ᠣᠷᠣᠰᠢᠨ᠎ᠠ᠃ ᠨᠥᠭᠦᠭᠡ ᠲᠠᠯ᠎ᠠ ᠪᠠᠷ ᠪᠥᠬᠡ ᠶ᠋ᠢᠨ ᠱᠠᠰᠢᠨ ᠤ᠋ ᠰᠦᠨᠡᠰᠦᠨ ᠦ᠌ ᠦᠵᠡᠯᠲᠡ ᠡᠴᠡ ᠪᠣᠯᠤᠭᠰᠠᠨ ᠶᠤᠮ᠃ ᠪᠥᠬᠡ ᠶ᠋ᠢᠨ ᠱᠠᠰᠢᠨ ᠤ᠋ ᠦᠵᠡᠯᠲᠡ ᠪᠡᠷ ᠬᠥᠮᠦᠨ ᠳ᠋ᠦ᠍ ᠰᠦᠨᠡᠰᠦᠨ ᠲᠡᠢ᠂ ᠬᠡᠭᠦᠷ ᠪᠡᠶ᠎ᠡ ᠨᠢ ᠦᠬᠦᠪᠡᠴᠦ ᠰᠦᠨᠡᠰᠦ ᠨᠢ ᠦᠬᠦᠬᠦ ᠦᠭᠡᠢ᠂ ᠦᠷᠭᠦᠯᠵᠢᠯᠡᠨ ᠠᠮᠢᠳᠤᠷᠠᠳᠠᠭ ᠭᠡᠨ᠎ᠡ᠃ ᠭᠠᠯ ᠣᠷᠣᠰᠢᠭᠤᠯᠭ᠎ᠠ ᠪᠣᠯ ᠲᠡᠷᠡᠬᠦ ᠦᠬᠦᠭᠰᠡᠳ ᠦ᠋ᠨ ᠰᠦᠨᠡᠰᠦ ᠶ᠋ᠢ ᠠᠷᠤ ᠭᠡᠷ ᠠᠳᠠᠯ ᠠᠮᠢᠳᠤᠷᠠᠯ ᠳ᠋ᠠᠭᠠᠨ ᠤᠳᠠᠭᠠᠨ ᠪᠠᠢᠯᠭᠠᠬᠤ ᠦᠭᠡᠢ ᠴᠠᠭ ᠵᠠᠭᠤᠷ᠎ᠠ ᠳᠡᠭᠡᠳᠦ ᠣᠷᠴᠢᠯᠠᠩ ( ᠲᠡᠭᠷᠢ ᠶ᠋ᠢᠨ ᠣᠷᠣᠨ) ᠳ᠋ᠤ᠌ ᠣᠴᠢᠭᠤᠯᠬᠤ ᠶ᠋ᠢᠨ ᠲᠥᠯᠥᠭᠡ ᠪᠠᠢᠳᠠᠭ᠃ ᠮᠣᠩᠭᠣᠯᠴᠤᠳ ᠭᠠᠯ ᠢ᠋ᠶ᠋ᠠᠨ ᠭᠠᠢ ᠪᠠᠷᠴᠢᠳ ᠢ᠋ ᠠᠷᠢᠯᠭᠠᠬᠤ ᠷᠢᠳᠢ ᠰᠢᠳᠢ ᠲᠡᠢ ᠭᠡᠵᠦ ᠦᠵᠡᠳᠡᠭ  ᠪᠣᠯᠬᠣᠷ ᠣᠷᠣᠢ ᠦᠳᠡᠰᠢ ᠭᠠᠳᠠᠨ᠎ᠠ ᠠ᠋ᠴᠠ ᠬᠥᠮᠦᠨ ᠢᠷᠡᠪᠡᠯ ᠬᠠᠲᠠᠪᠴᠢ ᠶ᠋ᠢᠨ ᠤᠭ ᠲᠤ ᠴᠣᠭ ᠬᠠᠶᠠᠵᠤ ᠭᠡᠷ ᠲᠡᠭᠡᠨ ᠣᠷᠣᠭᠤᠯᠬᠤ ᠵᠠᠩᠰᠢᠯ ᠣᠳᠣᠬᠠᠨ ᠪᠣᠯᠲᠠᠯ᠎ᠠ ᠮᠣᠩᠭᠣᠯ ᠭᠠᠵᠠᠷ ᠪᠠᠢᠭᠰᠠᠨ ᠶᠤᠮ᠃ 
       ᠭᠠᠯ ᠪᠣᠯ ᠵᠣᠯ ᠵᠢᠷᠭᠠᠯ ᠪᠠ ᠡᠳ᠋ ᠬᠥᠷᠥᠩᠭᠡ ᠶ᠋ᠢᠨ ᠣᠯᠭᠣᠭᠴᠢ ᠮᠥᠨ᠃ ᠬᠠᠭᠤᠴᠢᠨ ᠨᠡᠢᠭᠡᠮ ᠦ᠋ᠨ ᠦᠶ᠎ᠡ ᠳ᠋ᠤ ᠡᠷᠡᠭᠲᠡᠢ ᠡᠮᠡᠭᠲᠡᠢ ᠵᠠᠯᠠᠭᠤᠴᠤᠳ ᠤᠷᠤᠭ ᠪᠠᠷᠢᠯᠳᠤᠪᠠᠰᠤ ᠬᠤᠷᠢᠮ ᠤ᠋ᠨ ᠲᠦᠷᠦᠭᠦᠨ ᠳ᠋ᠦ᠍ ᠲᠡᠭᠷᠢ ᠭᠠᠵᠠᠷ ᠪᠠ ᠭᠠᠯ ᠭᠣᠯᠣᠮᠲᠠ ᠳ᠋ᠠᠭᠠᠨ ᠮᠥᠷᠭᠥᠬᠦ ᠵᠠᠩ ᠲᠠᠢ ᠪᠠᠢᠵᠠᠢ᠃ ᠡᠨᠡ ᠨᠢ ᠭᠠᠯ ᠭᠣᠯᠣᠮᠲᠠ ᠪᠣᠯ ᠡᠭᠦᠳᠡ ᠡᠷᠦᠬᠡ ᠶ᠋ᠢ ᠨᠡᠭᠡᠭᠡᠵᠦ ᠦᠨᠳᠦᠰᠦ ᠤᠭᠰᠠᠭ᠎ᠠ ᠶ᠋ᠢ ᠵᠠᠯᠭᠠᠬᠤ᠂ ᠤᠷᠲᠤ ᠨᠠᠰᠤᠯᠠᠵᠤ ᠤᠳᠠᠭᠠᠨ ᠵᠢᠷᠭᠠᠬᠤ ᠬᠡᠰᠢᠭ ᠪᠤᠶᠠᠨ ᠬᠦᠷᠲᠡᠬᠦ ᠶ᠋ᠢ ᠳᠠᠭᠠᠳᠬᠠᠨ ᠵᠠᠯᠪᠠᠷᠢᠭᠰᠠᠨ ᠬᠡᠷᠡᠭ ᠠᠵᠠᠢ᠃ ᠯᠣᠪᠰᠠᠩᠴᠦᠢᠳᠠᠨ ᠲᠡᠮᠳᠡᠭᠯᠡᠬᠦ ᠳ᠋ᠡᠭᠡᠨ᠄《 ᠡᠷ᠎ᠡ ᠡᠮ᠎ᠡ ᠬᠣᠯᠪᠣᠬᠤ ᠶᠣᠰᠣᠨ ᠪᠣᠯᠪᠠᠰᠤ ᠭᠠᠯ ᠤ᠋ᠨ ᠰᠠᠬᠢᠭᠤᠯᠰᠤᠨ ᠳ᠋ᠤ᠌ ᠮᠥᠷᠭᠥᠵᠦ ᠡᠷ᠎ᠡ ᠡᠮ᠎ᠡ ᠶ᠋ᠢᠨ ᠬᠡᠯᠬᠢᠶ᠎ᠡ ᠶ᠋ᠢ ᠲᠣᠭᠲᠠᠭᠠᠮᠤᠢ᠂ ᠡᠢᠮᠦ ᠰᠤᠷᠲᠠᠯ ᠠᠭᠠᠯᠢ ᠠᠨᠤ ᠪᠤᠷᠬᠠᠨ ᠤ᠋ ᠰᠤᠷᠲᠠᠯ( ᠰᠤᠷᠭᠠᠯ) ᠢᠷᠡᠬᠦ ᠶ᠋ᠢᠨ ᠤᠷᠢᠳᠤ ᠪᠠᠢᠭᠰᠠᠨ ᠠᠵᠤᠭᠤ》 ᠭᠡᠵᠡᠢ᠃ ᠡᠨᠡ ᠨᠢ ᠮᠣᠩᠭᠣᠯᠴᠤᠳ ᠤ᠋ᠨ ᠤᠷᠤᠭ ᠬᠤᠷᠢᠮ ᠤ᠋ᠨ ᠶᠣᠰᠣᠨ ᠳ᠋ᠤ᠌ ᠬᠠᠷ᠎ᠠ ᠦᠰᠦ ᠶ᠋ᠢ ᠨᠢ ᠬᠠᠭᠠᠯᠵᠤ ᠬᠠᠯᠠᠭᠤᠨ ᠭᠣᠯᠣᠮᠲᠠ ᠳ᠋ᠠᠭᠠᠨ ᠮᠥᠷᠭᠥᠭᠦᠯᠬᠦ ᠪᠣᠯ ᠪᠤᠷᠬᠠᠨ ᠤ᠋ ᠱᠠᠰᠢᠨ ᠯᠤᠭ᠎ᠠ ᠬᠠᠮᠢᠭ᠎ᠠ ᠦᠭᠡᠢ᠂ ᠡᠷᠲᠡᠨ ᠡᠴᠡ ᠤᠯᠠᠮᠵᠢᠯᠠᠯᠲᠠᠢ ᠵᠠᠩᠰᠢᠯ ᠪᠠᠢᠭᠰᠠᠨ ᠢ᠋ ᠵᠥᠪ ᠢ᠋ᠶ᠋ᠡᠷ ᠳᠤᠰᠬᠠᠭᠰᠠᠨ ᠪᠢᠯᠡ᠃ ᠬᠠᠭᠤᠴᠢᠨ ᠤ᠋ 《 ᠪᠡᠷᠢ ᠶ᠋ᠢᠨ ᠢᠷᠦᠭᠡᠯ 》 ᠳ᠋ᠦ᠍ 
      《 ᠡᠭᠦᠯᠡᠨ ᠴᠢᠯᠥᠭᠡ ᠪᠡᠷ ᠭᠠᠷᠤᠭᠰᠠᠨ 
       ᠨᠠᠷᠠᠨ ᠮᠡᠲᠦ ᠣᠷᠭᠣᠲᠤᠭᠠᠢ 
       ᠡᠳᠦᠭᠡᠨ ᠡᠬᠡ ᠶ᠋ᠢᠨ ᠡᠷᠦᠬᠡ ᠳ᠋ᠦ᠍ ᠤᠷᠭᠤᠭᠰᠠᠨ 
       ᠴᠡᠴᠡᠭ ᠮᠡᠲᠦ ᠪᠠᠶᠠᠵᠢᠨ ᠳᠡᠯᠭᠡᠷᠡᠲᠦᠭᠡᠢ ᠁ 
       ᠨᠠᠭᠤᠷ ᠳᠠᠯᠠᠢ ᠮᠡᠲᠦ ᠢᠳᠡᠭᠡᠳᠡᠢ ᠪᠣᠯᠲᠤᠭᠠᠢ 
       ᠨᠤᠭᠤᠰᠤᠨ ᠭᠠᠯᠠᠭᠤᠨ ᠮᠡᠲᠦ ᠦᠷᠡᠲᠡᠢ ᠪᠣᠯᠲᠤᠭᠠᠢ 
       ᠪᠤᠲᠠ ᠬᠠᠷᠭᠠᠨ᠎ᠠ ᠮᠡᠲᠦ ᠣᠯᠠᠨ ᠮᠠᠯ ᠲᠠᠢ ᠪᠣᠯᠲᠤᠭᠠᠢ 
       ᠪᠤᠶᠠᠨ ᠬᠡᠰᠢᠭ ᠴᠢᠨᠦ ᠡᠨᠳᠡ ᠲᠣᠭᠲᠠᠲᠤᠭᠠᠢ》 ᠭᠡᠵᠦ ᠢᠷᠦᠭᠡᠳᠡᠭ᠃ ᠲᠡᠭᠦᠨ ᠳ᠋ᠦ᠍ ᠤᠳᠤᠮ ᠤᠭᠰᠠᠭ᠎ᠠ ᠵᠠᠯᠭᠠᠮᠵᠢᠯᠠᠬᠤ ᠪᠠ ᠠᠮᠢ ᠨᠠᠰᠤ ᠠᠮᠤᠷ ᠰᠠᠢᠬᠠᠨ ᠤ᠋ ᠢᠪᠡᠭᠡᠯ ᠰᠣᠶᠣᠷᠬᠠᠯ ᠢ᠋ᠶ᠋ᠠᠨ ᠬᠦᠷᠲᠡᠭᠡᠬᠦ ᠶ᠋ᠢ ᠳᠠᠭᠠᠳᠬᠠᠨ ᠬᠦᠰᠡᠭᠰᠡᠨ ᠠᠭᠤᠯᠭ᠎ᠠ ᠲᠠᠢ ᠪᠠᠢᠳᠠᠭ᠃ ᠮᠠᠯ ᠰᠦᠷᠦᠭ ᠪᠣᠯ ᠢᠰᠡᠭᠡᠢ ᠲᠤᠭᠤᠷᠭᠠᠲᠠᠨ ᠮᠣᠩᠭᠣᠯᠴᠤᠳ ᠤ᠋ᠨ ᠴᠢᠬᠤᠯᠠ ᠬᠥᠷᠥᠩᠭᠡ ᠮᠥᠨ᠃ ᠮᠠᠯ ᠰᠦᠷᠦᠭ ᠢ᠋ᠶ᠋ᠡᠨ ᠥᠨᠢᠷ ᠥᠰᠬᠡᠵᠦ᠂ ᠪᠠᠶᠠᠨ ᠵᠢᠷᠭᠠᠯ ᠲᠠᠢ ᠠᠵᠤ ᠲᠥᠷᠥᠬᠦ ᠶ᠋ᠢ ᠰᠠᠨᠠᠭᠰᠠᠨ ᠠᠷᠠᠳ ᠲᠦᠮᠡᠨ ᠦ᠌ ᠬᠦᠰᠡᠯ《 ᠭᠠᠯ ᠲᠠᠬᠢᠯᠭ᠎ᠠ》 ᠳ᠋ᠤ᠌ ᠦᠯᠡᠮᠵᠢ ᠪᠣᠢ᠄ 
         ᠨᠠᠭᠤᠷ ᠲᠤ᠌ ᠵᠣᠭᠰᠣᠬᠤ ᠣᠯᠠᠨ ᠮᠠᠯ ᠲᠠᠢ ᠪᠣᠯᠭ᠎ᠠ ᠴᠢ 
         ᠨᠣᠶᠠᠨ ᠬᠥᠮᠦᠨ ᠢ᠋ ᠳᠠᠭᠠᠬᠤ ᠬᠢᠶ᠎ᠡ ᠬᠥᠪᠡᠭᠦᠨ ᠲᠡᠢ ᠪᠣᠯᠭ᠎ᠠ ᠴᠢ 
         ᠵᠠᠳᠠᠭᠠᠢ ᠳ᠋ᠤ᠌ ᠤᠰᠤᠯᠠᠬᠤ ᠣᠯᠠᠨ ᠬᠣᠨᠢ ᠲᠠᠢ ᠪᠣᠯᠭ᠎ᠠ ᠴᠢ  
         ᠵᠠᠩ ᠰᠠᠢᠲᠤ ᠥᠬᠢᠨ ᠦᠷ᠎ᠡ ᠲᠡᠢ ᠪᠣᠯᠭ᠎ᠠ ᠴᠢ᠃ 
       ᠡᠨᠡ ᠢᠷᠦᠭᠡᠯ ᠳ᠋ᠦ᠍ 《 ᠨᠣᠶᠠᠨ》 ᠪᠠ ᠬᠢᠶ᠎ᠡ ( ᠳᠠᠭᠠᠯᠲᠠ) ᠮᠡᠲᠦ ᠶ᠋ᠢᠨ ᠹᠧᠣᠳᠠᠯ ᠠᠩᠭᠢ ᠶ᠋ᠢᠨ ᠦᠵᠡᠯ ᠬᠤᠳᠬᠠᠨ ᠣᠷᠣᠭᠰᠠᠨ ᠪᠣᠯᠪᠠᠴᠤ ᠡᠳ᠋ ᠬᠥᠷᠥᠩᠭᠡ ᠶ᠋ᠢᠨ ᠡᠵᠡᠨ ᠭᠠᠯ ᠤ᠋ᠨ ᠰᠢᠲᠦᠭᠡᠨ ᠳ᠋ᠡᠭᠡᠨ ᠳᠠᠭᠠᠳᠬᠠᠵᠤ ᠮᠠᠯ ᠰᠦᠷᠦᠭ ᠥᠰᠴᠦ ᠪᠠᠶᠠᠨ ᠵᠢᠷᠭᠠᠯᠲᠠᠢ ᠠᠮᠢᠳᠤᠷᠠᠬᠤ ᠭᠡᠰᠡᠨ ᠬᠥᠳᠡᠯᠮᠦᠷᠢᠴᠢᠨ ᠮᠠᠯᠴᠢᠳ ᠤ᠋ᠨ ᠦᠵᠡᠯ ᠰᠡᠳᠬᠢᠯᠭᠡ ᠲᠣᠳᠣᠷᠬᠠᠢ ᠪᠠᠢᠨ᠎ᠠ᠃ 
       ᠭᠤᠷᠪᠠ᠂ ᠮᠣᠩᠭᠣᠯᠴᠤᠳ ᠭᠠᠯ ᠤ᠋ᠨ ᠲᠠᠬᠢᠯᠭ᠎ᠠ ᠪᠠᠨ ᠪᠠᠭ᠎ᠠ ᠰᠢᠨ᠎ᠡ ᠭᠡᠵᠦ ᠭᠠᠯ  ᠭᠤᠯᠤᠮᠲᠠ ᠪᠠᠨ  ᠬᠦᠨᠳᠦᠳᠬᠡᠨ ᠳᠠᠬᠢᠵᠤ᠂ ᠥᠩ ᠡᠪᠦᠯ ᠣᠷᠣᠬᠤ ᠶ᠋ᠢ ᠬᠦᠰᠡᠵᠦ᠂ ᠰᠢᠨ᠎ᠡ ᠵᠢᠯ ᠢ᠋ᠶ᠋ᠡᠨ ᠤᠭᠲᠤᠵᠤ ᠰᠠᠢᠨ ᠰᠠᠢᠬᠠᠨ ᠢ᠋ᠶ᠋ᠠᠨ ᠪᠡᠯᠭᠡᠳᠡᠳᠡᠭ᠃ ᠮᠣᠩᠭᠣᠯᠴᠤᠳ ᠤ᠋ᠨ ᠭᠠᠯ ᠳᠠᠬᠢᠬᠤ ᠬᠤᠭᠤᠴᠠᠭ᠎ᠠ ᠨᠢ ᠦᠨᠳᠦᠰᠦᠨ ᠳ᠋ᠡᠭᠡᠨ ᠠᠳᠠᠯᠢ ᠪᠠᠢᠭ᠎ᠠ ᠪᠣᠯᠪᠠᠴᠤ ᠪᠠᠰᠠ ᠬᠣᠭᠣᠷᠣᠨᠳᠣ ᠪᠠᠨ ᠵᠥᠷᠢᠶ᠎ᠡ ᠲᠡᠢ᠃ ᠣᠯᠠᠩᠬᠢ ᠨᠢ ᠪᠢᠯᠢᠭ ᠦ᠋ᠨ ᠤᠯᠠᠷᠢᠯ ᠤ᠋ᠨ ᠠᠷᠪᠠᠨ ᠬᠣᠶᠠᠳᠤᠭᠠᠷ ᠰᠠᠷ᠎ᠠ ( ᠯᠠ ᠰᠠᠷ᠎ᠠ ᠪᠤᠶᠤ ᠬᠥᠬᠡᠭᠡ ᠰᠠᠷ᠎ᠠ) ᠶ᠋ᠢᠨ ᠬᠣᠷᠢᠨ ᠭᠤᠷᠪᠠᠨ ᠳ᠋ᠤ᠌ ᠭᠠᠯ ᠳᠠᠬᠢᠳᠠᠭ᠃ ᠵᠠᠷᠢᠮ ᠨᠢ ᠬᠣᠷᠢᠨ ᠳᠥᠷᠪᠡᠨ ᠳ᠋ᠦ᠍ ᠳᠠᠬᠢᠬᠤ ᠪᠠ ᠣᠨᠴᠠ ᠵᠠᠷᠢᠮ ᠨᠢ 《 ᠬᠠᠷ᠎ᠠ ᠬᠠᠷᠠᠭᠴᠢᠨ ᠡᠳᠦᠷ ᠢ᠋ ᠬᠦᠨᠳᠦᠳᠬᠡᠵᠦ》 ᠬᠠᠪᠤᠷ ᠤ᠋ᠨ ᠬᠠᠷᠠᠭᠴᠢᠨ ᠭᠠᠬᠠᠢ ᠡᠳᠦᠷ ᠭᠠᠯ ᠳᠠᠬᠢᠬᠤ ᠨᠢ ᠴᠤ᠌ ᠪᠣᠢ ᠭᠡᠨ᠎ᠡ᠃ ᠬᠣᠷᠢᠨ ᠭᠤᠷᠪᠠᠨ ᠳ᠋ᠤ᠌ ᠭᠠᠯ ᠳᠠᠬᠢᠬᠤ ᠲᠤᠬᠠᠢ ᠬᠣᠷᠴᠢᠨ ᠨᠤᠲᠤᠭ ᠲᠤ᠌ ᠡᠢᠮᠦ ᠨᠢᠭᠡᠨ ᠳᠣᠮᠣᠭ ᠪᠠᠢᠳᠠᠭ᠄ 
       ᠭᠠᠯ ᠤ᠋ᠨ ᠪᠤᠷᠬᠠᠨ ᠪᠣᠯ ᠵᠢᠯ ᠦ᠋ᠨ ᠰᠡᠭᠦᠯ ᠰᠠᠷ᠎ᠠ ᠶ᠋ᠢᠨ ᠬᠣᠷᠢᠨ ᠭᠤᠷᠪᠠᠨ ᠳ᠋ᠤ᠌ ᠲᠡᠭᠷᠢ ᠳ᠋ᠦ᠍ ᠭᠠᠷᠴᠤ ᠣᠷᠴᠢᠯᠠᠩ ᠤ᠋ᠨ ᠲᠦᠮᠡᠨ ᠠᠮᠢᠲᠠᠨ ᠤ᠋ ᠪᠠᠢᠳᠠᠯ ᠢ᠋ ᠬᠤᠷᠮᠤᠰᠲᠠ ᠲᠡᠭᠷᠢ ᠳ᠋ᠦ᠍ ᠠᠢᠯᠠᠳᠬᠠᠨ ᠮᠡᠳᠡᠭᠦᠯᠬᠦ ᠡᠭᠦᠷᠭᠡ ᠲᠡᠢ ᠶᠦᠮ ᠭᠡᠨ᠎ᠡ᠃ ᠬᠥᠮᠦᠰ ᠬᠣᠷᠢᠨ ᠭᠤᠷᠪᠠᠨ ᠳ᠋ᠤ᠌ ᠭᠠᠯ ᠳᠠᠬᠢᠬᠤ ᠨᠢ ᠲᠡᠭᠷᠢ ᠳ᠋ᠦ᠍ ᠭᠠᠷᠬᠤ ᠭᠠᠯ ᠢ᠋ ᠪᠤᠷᠬᠠᠨ ᠢ᠋ᠶ᠋ᠠᠨ ᠦᠳᠡᠵᠦ ᠪᠣᠢ ᠪᠥᠭᠡᠳ ᠱᠦᠯᠦᠭᠡᠢ ᠠᠮᠤ ᠪᠠᠷ ᠭᠠᠯ ᠤ᠋ᠨ ᠠᠮᠤᠰᠤ ( ᠭᠠᠯ ᠤ᠋ᠨ ᠬᠡᠰᠢᠭ) ᠠᠭᠰᠢᠭᠠᠵᠤ ᠪᠠᠢᠬᠤ ᠨᠢ ᠴᠤ᠌ ᠶᠡᠬᠡ ᠤᠴᠢᠷ ᠲᠠᠢ ᠪᠠᠢᠵᠠᠢ᠃ ᠭᠠᠯ ᠤ᠋ᠨ ᠪᠤᠷᠬᠠᠨ ᠲᠡᠭᠷᠢ ᠳ᠋ᠦ᠍ ᠭᠠᠷᠪᠠᠯ ᠣᠷᠴᠢᠯᠠᠩ ᠤ᠋ᠨ ᠬᠥᠮᠦᠨ ᠠᠮᠢᠲᠠᠨ ᠤ᠋ ᠮᠠᠭᠤ ᠶ᠋ᠢ ᠨᠢ ᠲᠣᠭᠠᠴᠢᠬᠤ ᠠ᠋ᠴᠠ ᠪᠢᠰᠢ ᠰᠠᠢᠨ ᠢ᠋ ᠨᠢ ᠶᠡᠷᠦ ᠬᠡᠯᠡᠳᠡᠭ ᠦᠭᠡᠢ ᠶᠤᠮᠰᠠᠨᠵᠠᠢ᠃ ᠲᠡᠭᠡᠬᠦ ᠳ᠋ᠦ᠍ ᠬᠤᠪᠳᠤᠭ ᠬᠣᠩᠰᠢᠶᠠᠷ ᠲᠠᠢ ᠭᠠᠯ ᠤ᠋ᠨ ᠪᠤᠷᠬᠠᠨ ᠤ᠋ ᠠᠮᠠ ᠶ᠋ᠢ ᠴᠠᠪᠠᠳᠳᠠᠨ᠎ᠠ ᠭᠡᠵᠦ ᠲᠤᠰᠬᠠᠢᠯᠠᠨ ᠱᠦᠯᠦᠭᠡᠢ ᠪᠤᠳᠠᠭᠠᠨ ᠤ᠋ ᠠᠮᠤᠰᠤ ᠪᠠᠷ ᠭᠠᠯ ᠢ᠋ᠶ᠋ᠠᠨ ᠳᠠᠬᠢᠳᠠᠭ ᠭᠡᠨ᠎ᠡ᠃ 
       ᠮᠣᠩᠭᠣᠯᠴᠤᠳ ᠤ᠋ᠨ ᠵᠠᠷᠢᠮ ᠨᠢ ᠬᠣᠷᠢᠨ ᠳᠥᠷᠪᠡᠨ ᠳ᠋ᠦ᠍ ᠭᠠᠯ ᠳᠠᠬᠢᠳᠠᠭ ᠪᠠᠢᠨ᠎ᠠ᠃ ᠡᠨᠡ ᠶᠠᠭᠤᠨ ᠠ᠋ᠴᠠ ᠪᠣᠯᠪᠠ ᠭᠡᠪᠡᠯ ᠤᠤᠯ ᠨᠢ ᠭᠠᠯ ᠳᠠᠬᠢᠬᠤ ᠳ᠋ᠤ᠌ ᠬᠠᠷᠠᠴᠤ ᠪᠠ ᠲᠠᠢᠵᠢ ᠶ᠋ᠢᠨ ᠢᠯᠭᠠᠭ᠎ᠠ ᠲᠠᠢ ᠪᠠᠢᠭᠰᠠᠨ ᠭᠡᠨ᠎ᠡ᠃ᠮᠣᠩᠭᠣᠯᠴᠤᠳ ᠠᠷᠤ ᠬᠠᠩᠭᠠᠢ ᠠ᠋ᠴᠠ ᠭᠣᠪᠢ ᠶ᠋ᠢᠨ ᠡᠮᠦᠨ᠎ᠡ ᠨᠡᠭᠦᠳᠡᠯᠯᠡᠵᠦ ᠢᠷᠡᠬᠦ ᠦᠶᠡᠰ ᠪᠦᠯᠦᠭ ᠪᠦᠯᠦᠭ᠂ ᠭᠠᠯ ᠭᠠᠯ ᠢ᠋ᠶ᠋ᠠᠷ ᠶᠠᠪᠤᠵᠠᠭᠠᠵᠤ ᠬᠠᠷᠠᠴᠤᠳ ᠨᠢ ᠰᠢᠨ᠎ᠡ ᠨᠤᠲᠤᠭ ᠲᠤ᠌ ᠡᠮᠦᠨ᠎ᠡ ᠨᠢᠭᠡ ᠡᠳᠦᠷ ᠢᠷᠡᠭᠰᠡᠨ ᠪᠣᠯᠬᠣᠷ ᠬᠣᠷᠢᠨ ᠭᠤᠷᠪᠠᠨ ᠳ᠋ᠤ᠌ ᠭᠠᠯ ᠢ᠋ᠶ᠋ᠠᠨ ᠳᠠᠬᠢᠵᠦ᠂ ᠲᠠᠢᠵᠢ ᠨᠠᠷ ᠨᠢ ᠬᠣᠵᠢᠳ ᠨᠢᠭᠡ ᠡᠳᠦᠷ ᠢᠷᠡᠭᠰᠡᠨ ᠪᠣᠯᠬᠣᠷ ᠬᠣᠷᠢᠨ ᠳᠥᠷᠪᠡᠨ ᠳ᠋ᠦ᠍ ᠭᠠᠯ ᠢ᠋ᠶ᠋ᠠᠨ ᠳᠠᠬᠢᠬᠤ ᠪᠣᠯᠤᠭᠰᠠᠨ ᠭᠡᠨ᠎ᠡ᠃ ᠳᠡᠭᠡᠷᠡᠬᠢ ᠦᠯᠢᠭᠡᠷ ᠡᠴᠡ ᠦᠵᠡᠬᠦ ᠳ᠋ᠦ᠍ ᠮᠣᠩᠭᠣᠯᠴᠤᠳ ᠤ᠋ᠨ ᠭᠠᠯ ᠳᠠᠬᠢᠬᠤ ᠬᠡᠯᠪᠡᠷᠢ᠂ ᠵᠠᠩ ᠦᠢᠯᠡ ᠪᠠ ᠴᠠᠭ ᠬᠤᠭᠤᠴᠠᠭ᠎ᠠ ᠶ᠋ᠢᠨ ᠲᠠᠯ᠎ᠠ ᠪᠠᠨ ᠠᠳᠠᠯᠢ ᠦᠭᠡᠢ ᠪᠠᠢᠨ᠎ᠠ᠃ ᠡᠨᠡ ᠪᠣᠯ ᠬᠠᠭᠤᠴᠢᠨ ᠤ᠋ ᠤᠯᠠᠮᠵᠢᠯᠠᠯ ᠵᠠᠩᠰᠢᠯ ᠳᠠᠷᠬᠠᠨ ᠳᠡᠯᠭᠡᠷᠡᠬᠦ ᠶᠠᠪᠤᠴᠠ ᠳ᠋ᠠᠭᠠᠨ ᠭᠠᠵᠠᠷ ᠣᠷᠣᠨ ᠤ᠋ ᠪᠠ ᠠᠮᠢᠳᠤᠷᠠᠯ ᠤ᠋ᠨ ᠣᠨᠴᠠᠯᠢᠭ ᠠ᠋ᠴᠠ ᠪᠣᠯᠵᠤ ᠬᠤᠪᠢᠷᠠᠵᠤ ᠥᠭᠡᠷᠡᠴᠢᠯᠡᠭᠳᠡᠭᠰᠡᠨ ᠢ᠋ ᠬᠠᠷᠠᠭᠤᠯᠵᠤ ᠪᠠᠢᠨ᠎ᠠ᠃ ᠭᠡᠪᠡᠴᠦ ᠲᠡᠭᠦᠨ ᠳ᠋ᠦ᠍ ᠰᠢᠷ᠎ᠠ ᠶ᠋ᠢᠨ ᠱᠠᠰᠢᠨ ᠤ᠋ ᠪᠠ ᠹᠧᠣᠳᠠᠯ ᠠᠩᠭᠢ ᠶ᠋ᠢᠨ ᠨᠥᠯᠥᠭᠡ ᠬᠤᠳᠬᠤᠨ ᠣᠷᠣᠭᠰᠠᠨ ᠠ᠋ᠴᠠ ᠦᠵᠡᠬᠦ ᠳ᠋ᠦ᠍ ᠬᠣᠵᠢᠮ ᠤ᠋ᠨ ᠦᠶ᠎ᠡ ᠳ᠋ᠦ᠍ ᠵᠣᠬᠢᠶᠠᠭᠳᠠᠭᠰᠠᠨ ᠭᠡᠳᠡᠭ ᠨᠢ ᠲᠣᠳᠣᠷᠬᠠᠢ ᠪᠠᠢᠨ᠎ᠠ᠃ 
       《ᠮᠣᠩᠭᠣᠯ ᠤ᠋ᠨ ᠨᠢᠭᠤᠴᠠ ᠲᠣᠪᠴᠢᠶᠠᠨ》 ᠵᠡᠷᠭᠡ ᠰᠤᠷᠪᠤᠯᠵᠢ ᠪᠢᠴᠢᠭ ᠡᠴᠡ ᠦᠵᠡᠬᠦ ᠳ᠋ᠦ᠍ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠤ᠋ ᠳᠤᠮᠳᠠ ᠬᠦᠷᠲᠡᠯ᠎ᠡ ᠭᠠᠯ ᠳᠠᠬᠢᠬᠤ ᠲᠤᠰᠬᠠᠢ ᠰᠠᠷ᠎ᠠ ᠡᠳᠦᠷ ᠪᠠᠢᠭᠰᠠᠨ ᠦᠭᠡᠢ ᠢᠷᠡᠵᠡᠢ᠃ ᠶᠡᠷᠦᠩᠬᠡᠢ ᠳ᠋ᠦ᠍ᠨᠢ ᠬᠡᠯᠡᠪᠡᠯ ᠪᠥᠬᠡ ᠶ᠋ᠢᠨ ᠱᠠᠰᠢᠨ ᠤ᠋ ᠵᠠᠩᠰᠢᠯ ᠶᠤᠰᠤ ᠪᠡᠷ ᠴᠠᠭ ᠤᠯᠠᠷᠢᠯ ᠤ᠋ᠨ ᠥᠩᠭᠡ ᠶ᠋ᠢ ᠦᠵᠡᠵᠦ᠂ ᠲᠡᠭᠷᠢ ᠭᠠᠵᠠᠷ᠂ ᠭᠠᠯ ᠭᠣᠯᠣᠮᠲᠠ ᠪᠠ ᠳᠡᠭᠡᠳᠦᠰ ᠦ᠋ᠨ ᠰᠢᠲᠦᠭᠡᠨ ᠦ᠌ ᠠᠯᠢ ᠨᠢᠭᠡ ᠪᠡᠷ ᠭᠣᠣᠯ ᠪᠣᠯᠭᠠᠵᠤ ᠪᠤᠰᠤᠳ ᠢ᠋ ᠨᠢ ᠳᠠᠭᠠᠯᠳᠤᠭᠤᠯᠬᠤ ᠶᠡᠷᠦᠩᠬᠡᠢ ᠳᠠᠢᠯᠭ᠎ᠠ ᠶ᠋ᠢᠨ ᠬᠡᠯᠪᠡᠷᠢ ᠪᠡᠷ ᠳᠠᠢᠭ᠎ᠠ ᠲᠠᠬᠢᠯᠭ᠎ᠠ ᠬᠢᠵᠦ ᠪᠠᠢᠪᠠ᠃  ᠵᠢᠱ᠌ᠢᠶᠡᠯᠡᠪᠡᠯ ᠬᠠᠪᠤᠷ ᠤ᠋ᠨ ᠤᠯᠠᠷᠢᠯ ᠭᠠᠩ ᠭᠠᠴᠢᠭ ᠪᠣᠯᠵᠤ ᠡᠪᠡᠳᠴᠢᠨ ᠲᠠᠬᠤᠯ ᠳᠡᠯᠭᠡᠷᠡᠬᠦ ᠪᠤᠶᠤ ᠮᠠᠯ ᠠᠳᠤᠭᠤ ᠬᠣᠬᠢᠷᠠᠪᠠᠯ ᠲᠡᠭᠷᠢ ᠳᠠᠬᠢᠬᠤ ᠪᠠᠷ ᠭᠣᠣᠯ ᠪᠣᠯᠭᠠᠵᠤ ᠠᠭᠤᠯᠠ ᠤᠰᠤᠨ ᠤ᠋ ᠨᠠᠪᠲᠠᠭ ᠰᠠᠪᠳᠠᠭ ᠪᠠ ᠭᠠᠯ ᠭᠣᠯᠣᠮᠲᠠ ᠪᠠᠨ ᠳᠠᠭᠠᠯᠳᠤᠭᠤᠯᠤᠨ ᠳᠠᠢᠵᠦ ᠪᠠᠢᠪᠠ᠃ 《ᠮᠣᠩᠭᠣᠯ ᠤ᠋ᠨ ᠨᠢᠭᠤᠴᠠ ᠲᠣᠪᠴᠢᠶᠠᠨ》 ᠤ᠋ ᠵᠦᠭᠡᠯᠢ ᠳᠠᠢᠯᠭ᠎ᠠ ᠪᠣᠯ ᠲᠡᠭᠷᠢ ᠳᠠᠬᠢᠬᠤ ᠪᠠᠷ ᠭᠣᠣᠯ ᠪᠣᠯᠭᠠᠵᠤ ᠳᠡᠭᠡᠳᠦᠰ ᠦ᠋ᠨ ᠰᠢᠲᠦᠭᠡᠨ ᠢ᠋ᠶ᠋ᠡᠨ ᠬᠠᠮᠲᠤ ᠳ᠋ᠤᠨᠢ ᠳᠠᠢᠭᠰᠠᠨ ᠶᠡᠷᠦᠩᠬᠡᠢ ᠳᠠᠢᠯᠭ᠎ᠠ ᠮᠥᠨ᠃ ᠪᠠᠰᠠ ᠶᠢᠰᠦᠬᠡᠢ  ᠪᠠᠭᠠᠲᠤᠷ ᠨᠠᠰᠤ ᠪᠠᠷᠠᠭᠰᠠᠨ ᠲᠡᠷᠡ ᠬᠠᠪᠤᠷ ᠪᠦᠬᠦ ᠪᠣᠷᠵᠢᠭᠢᠳ ᠴᠢᠭᠤᠯᠵᠤ 《ᠡᠪᠦᠭᠡ ᠳᠡᠭᠡᠳᠦᠰ ᠦ᠋ᠨ ᠬᠡᠭᠦᠷ ᠢ᠋ ᠣᠷᠣᠰᠢᠭᠤᠯᠤᠭᠰᠠᠨ ᠭᠠᠵᠠᠷ》 ᠶᠡᠬᠡᠰ ᠦ᠋ᠨ ᠲᠠᠬᠢᠯᠭ᠎ᠠ ᠶ᠋ᠢ ᠬᠢᠭᠰᠡᠨ ᠪᠠᠢᠳᠠᠭ᠃ ᠡᠨᠡ ᠲᠠᠬᠢᠯᠭ᠎ᠠ ᠳ᠋ᠤ᠌ ᠳᠡᠭᠡᠳᠦᠰ ᠦ᠋ᠨ ᠰᠢᠲᠦᠭᠡᠨ ᠢ᠋ᠶ᠋ᠡᠨ ᠭᠣᠣᠯᠯᠠᠨ ᠳᠠᠢᠵᠤ ᠂ ᠬᠥᠬᠡ ᠲᠡᠭᠷᠢ ᠂ ᠬᠥᠷᠥᠰᠥᠲᠦ ᠡᠲᠦᠭᠡᠨ ᠬᠢᠭᠡᠳ ᠭᠠᠯ ᠭᠣᠯᠣᠮᠲᠠ ᠪᠠᠨ ᠳᠠᠭᠠᠭᠤᠯᠵᠤ ᠳᠠᠢᠭᠰᠠᠨ ᠪᠠᠢᠨ᠎ᠠ᠃ ᠠᠷᠪᠠᠨ ᠭᠤᠷᠪᠠᠳᠤᠭᠠᠷ ᠵᠠᠭᠤᠨ ᠤ᠋ ᠳᠤᠮᠳᠠᠴᠢ ᠪᠠᠷ ᠬᠤᠪᠢᠯᠠᠢ ᠰᠡᠴᠡᠨ ᠬᠠᠭᠠᠨ ᠶᠤᠸᠠᠨ ᠤᠯᠤᠰ ᠤ᠋ᠨ ᠲᠥᠷᠥ ᠶ᠋ᠢ ᠲᠣᠭᠲᠠᠭᠠᠵᠤ ᠵᠦᠩᠶᠤᠸᠠᠨ ᠣᠷᠣᠨ ᠢ᠋ ᠨᠣᠶᠠᠷᠬᠠᠭᠰᠠᠨ ᠪᠠ ᠤᠯᠠᠭᠠᠨ ᠤ᠋ ᠱᠠᠰᠢᠨ ᠢ᠋ ᠳᠡᠯᠭᠡᠷᠡᠭᠦᠯᠦᠭᠰᠡᠨ ᠡᠴᠡ ᠬᠣᠢᠰᠢ ᠰᠠᠶᠢ ᠬᠠᠭᠤᠴᠢᠨ ᠤ᠋ ᠶᠡᠷᠦᠩᠬᠡᠢ ᠳᠠᠢᠯᠭ᠎ᠠ ᠶ᠋ᠢᠨ ᠬᠡᠯᠪᠡᠷᠢ ᠶ᠋ᠢ ᠥᠭᠡᠷᠡᠴᠢᠯᠡᠵᠦ ᠲᠣᠭᠲᠠᠭᠰᠠᠨ ᠰᠠᠷ᠎ᠠ ᠡᠳᠦᠷ ᠂  ᠳᠠᠢᠯᠭ᠎ᠠ ᠮᠥᠷᠭᠥᠯ ᠶᠠᠪᠤᠭᠤᠯᠬᠤ ᠪᠣᠯᠤᠭᠰᠠᠨ ᠪᠢᠯᠡ᠃ 《 ᠶᠤᠸᠠᠨ ᠤᠯᠤᠰ ᠤ᠋ᠨ ᠰᠤᠳᠤᠷ 》 ᠢ᠋  ᠦᠨᠳᠦᠰᠦᠯᠡᠪᠡᠯ᠄《ᠵᠢᠯ ᠪᠦᠷᠢ ᠲᠡᠢ ᠮᠢᠶᠣᠤ ᠶ᠋ᠢᠨ ᠳᠥᠷᠪᠡᠨ ᠲᠠᠬᠢᠯᠭ᠎ᠠ ᠶ᠋ᠢᠨ ᠶᠣᠰᠣᠯᠠᠯ ᠢ᠋ ᠤᠯᠠᠷᠢᠯ ᠳ᠋ᠤ᠌ ᠨᠢᠭᠡ ᠤᠳᠠᠭ᠎ᠠ ᠶᠠᠪᠤᠭᠤᠯᠤᠨ᠎ᠠ》᠃《 ᠵᠢᠯ ᠪᠦᠷᠢ ᠶ᠋ᠢᠨ ᠶᠢᠰᠦ ᠪᠤᠶᠤ ᠠᠷᠪᠠᠨ ᠬᠣᠶᠠᠳᠤᠭᠠᠷ ᠰᠠᠷ᠎ᠠ ᠶ᠋ᠢᠨ ᠬᠤᠷᠢᠮ ᠨᠠᠢᠷ ᠵᠢᠷᠭᠤᠭᠠᠨ ᠠ᠋ᠴᠠ ᠬᠤᠢᠰᠢ ᠱᠣᠣ ᠹᠠᠨ ᠶᠤᠸᠠᠨ( ᠰᠢᠲᠠᠭᠠᠯᠭ᠎ᠠ ᠶ᠋ᠢᠨ ᠰᠦᠮ᠎ᠡ) ᠳ᠋ᠦ᠍ ᠶᠡᠬᠡ ᠲᠠᠬᠢᠯᠭ᠎ᠠ ᠶᠠᠪᠤᠭᠤᠯᠤᠨ᠎ᠠ》 ᠭᠡᠬᠦ ᠮᠡᠲᠦ ᠶ᠋ᠢᠨ ᠲᠡᠮᠳᠡᠭᠯᠡᠯ ᠣᠯᠠᠨ ᠪᠠᠢᠳᠠᠭ᠃ 
       ᠳᠥᠷᠪᠡ᠂ ᠮᠣᠩᠭᠣᠯᠴᠤᠳ ᠤ᠋ᠨ ᠬᠣᠷᠢᠨ ᠭᠤᠷᠪᠠᠨ ᠪᠤᠶᠤ ᠬᠣᠷᠢᠨ ᠳᠥᠷᠪᠡᠨ ᠳ᠋ᠦ᠍ ᠭᠠᠯ ᠳᠠᠬᠢᠬᠤ ᠵᠠᠩᠰᠢᠯ ᠣᠯᠠᠨ ᠵᠠᠭᠤᠨ ᠵᠢᠯ ᠦ᠋ᠨ ᠲᠡᠦᠬᠡ ᠲᠡᠢ ᠪᠣᠯᠵᠠᠢ᠃ ᠬᠠᠷᠠᠮᠰᠠᠯᠲᠠᠢ ᠨᠢ ᠡᠷᠲᠡᠨ ᠦ᠌ ᠮᠣᠩᠭᠣᠯᠴᠤᠳ ᠭᠠᠯ ᠢ᠋ᠶ᠋ᠠᠨ ᠶᠠᠭᠠᠬᠢᠵᠤ ᠳᠠᠬᠢᠳᠠᠭ ᠲᠤᠬᠠᠢ ᠰᠢᠰᠲ᠋ᠧᠮ ᠲᠡᠢ ᠮᠠᠲ᠋ᠧᠷᠢᠶᠠᠯ ᠣᠯᠳᠣᠭᠠᠳᠣᠢ ᠪᠠᠢᠭᠰᠠᠭᠠᠷ᠃ ᠭᠡᠪᠡᠴᠦ ᠮᠣᠩᠭᠣᠯᠴᠤᠳ ᠣᠪᠣᠭ ᠲᠥᠷᠥᠯ ᠦ᠋ᠨ ᠨᠡᠢᠭᠡᠮ ᠦ᠋ᠨ ᠦᠶ᠎ᠡ ᠳ᠋ᠦ᠍ ᠣᠪᠣᠭ ᠠᠢᠮᠠᠭ ᠢ᠋ᠶ᠋ᠠᠷ ᠨᠢᠭᠡᠴᠢ ᠪᠣᠯᠭᠠᠵᠤ ᠣᠪᠣᠭ ᠤ᠋ᠨ ᠠᠬᠠᠯᠠᠭᠴᠢ ᠪᠤᠶᠤ ᠪᠥᠬᠡ ᠢᠳᠤᠭᠠᠨ ᠨᠠᠷ ᠭᠠᠯ ᠲᠠᠬᠢᠯᠭ᠎ᠠ ᠶ᠋ᠢᠨ ᠠᠯᠢᠪᠠ ᠬᠡᠷᠡᠭ ᠢ᠋ ᠡᠷᠬᠢᠯᠡᠨ ᠭᠦᠢᠴᠡᠳᠬᠡᠵᠦ ᠪᠠᠶᠢᠭᠰᠠᠨ ᠨᠢ ᠯᠠᠪᠲᠠᠢ ᠶᠤᠮ᠃ ᠬᠠᠷᠢᠨ ᠰᠢᠷ᠎ᠠ ᠶ᠋ᠢᠨ ᠱᠠᠰᠢᠨ ᠮᠣᠩᠭᠣᠯ ᠣᠷᠣᠨ ᠳ᠋ᠤ᠌ ᠳᠡᠯᠭᠡᠷᠡᠭᠰᠡᠨ ᠬᠣᠶᠢᠨ᠎ᠠ ᠪᠥᠬᠡ ᠶ᠋ᠢᠨ ᠱᠠᠰᠢᠨ ᠤ᠋ ᠭᠠᠯ ᠤ᠋ᠨ ᠲᠠᠬᠢᠯᠭ᠎ᠠ ᠶ᠋ᠢ ᠯᠠᠮᠠ ᠨᠠᠷ ᠣᠷᠣᠯᠠᠨ ᠬᠢᠵᠦ ᠲᠠᠬᠢᠯᠭ᠎ᠠ ᠶ᠋ᠢᠨ ᠤᠭ ᠳᠦᠷᠰᠦ ᠶ᠋ᠢ ᠥᠭᠡᠷᠡᠴᠢᠯᠡᠭᠰᠡᠨ ᠪᠠᠢᠨ᠎ᠠ᠃ ᠮᠣᠩᠭᠣᠯᠴᠤᠳ ᠤ᠋ᠨ ᠬᠠᠭᠤᠴᠢᠨ ᠤ᠋ ᠵᠠᠩᠰᠢᠯ ᠢ᠋ᠶ᠋ᠠᠷ ᠬᠣᠷᠢᠨ ᠭᠤᠷᠪᠠᠨ ᠤ᠋ ᠡᠳᠦᠷ ᠪᠣᠯᠬᠤ ᠳ᠋ᠤ᠌ ᠭᠠᠯ ᠳᠠᠬᠢᠬᠤ ᠪᠡᠯᠡᠳᠬᠡᠯ ᠢ᠋ ᠨᠠᠷᠢᠨ ᠬᠢᠳᠡᠭ᠃ ᠭᠡᠬᠦ ᠳ᠋ᠡᠭᠡᠨ ᠥᠭᠡᠬᠦ᠂ ᠰᠢᠷ᠎ᠠ ᠲᠣᠰᠣ᠂ ᠠᠷᠢᠬᠢ ᠪᠠ ᠠᠭᠰᠢᠷᠭᠠᠭᠰᠠᠨ ᠠᠮᠤᠰᠤ ᠪᠡᠯᠡᠳᠬᠡᠵᠦ᠂ ᠬᠤᠪᠢᠩ ᠲᠤᠯᠭ᠎ᠠ ᠪᠠᠨ ᠰᠢᠨᠡᠳᠬᠡᠨ ᠵᠠᠰᠠᠵᠤ ᠳᠥᠷᠪᠡᠨ ᠲᠠᠯ᠎ᠠ ᠳ᠋ᠤᠨᠢ ᠨᠣᠴᠣᠭᠠᠬᠤ ᠵᠤᠯᠠ ᠠᠪᠴᠢᠷᠠᠵᠤ᠂ ᠲᠤᠯᠭ᠎ᠠ ᠶ᠋ᠢᠨ ᠳᠥᠷᠪᠡᠨ ᠥᠨᠴᠥᠭ ᠲᠦ᠍ ᠵᠡᠯᠮ᠎ᠡ ( ᠲᠠᠪᠤᠨ ᠥᠩᠭᠡ ᠶ᠋ᠢᠨ ᠰᠢᠨ᠎ᠡ ᠪᠥᠰ ᠦ᠋ᠨ ᠥᠭᠡᠳᠡᠰᠦ) ᠳᠡᠭᠦᠵᠢᠯᠡᠵᠦ ᠲᠠᠯᠪᠢᠨ᠎ᠠ᠃ ᠵᠠᠰᠠᠵᠤ ᠴᠢᠮᠡᠭᠰᠡᠨ ᠲᠤᠯᠭᠠᠨ ᠳ᠋ᠠᠭᠠᠨ ᠬᠠᠭᠤᠷᠠᠢ ᠠᠷᠭᠠᠯ ᠲᠣᠭᠣᠷᠢᠭᠤᠯᠤᠨ ᠵᠡᠷᠭᠡᠯᠡᠵᠦ ᠳᠡᠭᠡᠷ᠎ᠡ ᠨᠢ ᠨᠠᠷᠢᠯᠢᠭ ᠬᠡᠷᠴᠢᠭᠰᠡᠨ ᠬᠠᠢᠯᠠᠰᠤ ᠪᠤᠶᠤ ᠪᠤᠷᠭᠠᠰᠤᠨ ᠮᠥᠴᠢᠷ ᠳᠥᠷᠪᠡᠯᠵᠢᠯᠡᠨ ᠵᠡᠷᠭᠡᠯᠡᠵᠦ ᠭᠠᠯ ᠳᠠᠬᠢᠬᠤ ᠳ᠋ᠤ᠌ ᠪᠡᠯᠡᠳᠬᠡᠨ᠎ᠡ᠃ ᠨᠡᠢᠲᠡ ᠮᠣᠩᠭᠣᠯᠴᠤᠳ ᠤ᠋ᠨ ᠭᠠᠵᠠᠷ ᠣᠷᠣᠨ ᠤ᠋ ᠪᠠ ᠠᠮᠢᠳᠤᠷᠠᠯ ᠤ᠋ᠨ ᠣᠨᠴᠠᠯᠢᠭ ᠤ᠋ᠨ ᠠᠳᠠᠯᠢ ᠦᠭᠡᠢ ᠡᠴᠡ ᠪᠣᠯᠵᠤ ᠭᠠᠯ ᠲᠠᠬᠢᠯᠭ᠎ᠠ ᠶ᠋ᠢᠨ ᠡᠷᠭᠦᠴᠡ ᠬᠢᠭᠡᠳ ᠬᠡᠯᠪᠡᠷᠢ ᠶᠠᠩᠵᠤ ᠴᠤ᠌ ᠬᠠᠷᠢᠯᠴᠠᠨ ᠠᠳᠠᠯᠢ ᠦᠭᠡᠢ ᠪᠠᠢᠳᠠᠭ᠃ ᠲᠠᠬᠢᠯᠭ᠎ᠠ ᠶ᠋ᠢᠨ ᠡᠷᠭᠦᠴᠡ ᠳ᠋ᠦ᠍ ᠵᠠᠷᠢᠮ ᠨᠢ ᠬᠣᠨᠢᠨ ᠤ᠋ ᠡᠪᠴᠢᠭᠦᠦ ᠪᠡᠨ ᠬᠣᠢᠬᠠᠯᠤᠨ ᠴᠢᠨᠠᠵᠤ ᠶᠠᠩᠵᠤ ᠪᠦᠷᠢ ᠪᠡᠷ ᠵᠠᠰᠠᠨ ᠴᠢᠮᠡᠵᠦ ᠳᠡᠭᠡᠷ᠎ᠡ ᠨᠢ ᠱᠠᠭᠠᠲᠤ᠂ ᠳᠥᠷᠪᠡᠨ ᠥᠨᠳᠥᠷ ᠦ᠋ᠨ ᠶᠠᠰᠤ᠂  ᠬᠡᠳᠦᠨ ᠥᠩᠭᠡ ᠶ᠋ᠢᠨ ᠪᠥᠰ ᠢ᠋ ᠳᠠᠪᠬᠤᠷᠯᠠᠨ ᠲᠠᠯᠪᠢᠵᠤ ᠰᠡᠮᠡᠵᠡᠨ ᠥᠭᠡᠬᠦ ᠪᠡᠷ ᠪᠦᠲᠡᠭᠡᠬᠦ ᠪᠠ ᠶᠢᠰᠦᠨ ᠵᠤᠯᠠ ᠨᠣᠴᠣᠭᠠᠳᠠᠭ᠃ ᠵᠠᠷᠢᠮ ᠨᠢ ᠬᠣᠨᠢᠨ ᠤ᠋ ᠡᠪᠴᠢᠭᠦᠦ ᠪᠡᠨ ᠥᠭᠡᠬᠦ ᠂ ᠰᠢᠷ᠎ᠠ ᠲᠣᠰᠣ ᠂ ᠴᠠᠭᠠᠨ ᠢᠳᠡᠭᠡ ᠪᠡᠷ ᠣᠷᠣᠯᠠᠭᠤᠯᠵᠤ᠂ ᠭᠠᠯ ᠤ᠋ᠨ ᠬᠡᠰᠢᠭ ᠲᠤ ᠪᠡᠯᠡᠳᠬᠡᠨ᠎ᠡ᠃ ᠵᠠᠷᠢᠮ ᠨᠢ ᠬᠤᠪᠢᠩ ᠲᠤᠯᠭ᠎ᠠ ᠶ᠋ᠢᠨ ᠳᠥᠷᠪᠡᠨ ᠥᠨᠴᠥᠭ ᠲᠤ ᠵᠡᠯᠮ᠎ᠡ ᠡᠯᠭᠦᠵᠦ ᠵᠤᠯᠠ ᠨᠣᠴᠣᠭᠠᠵᠤ ᠪᠠᠢᠬᠤ ᠳ᠋ᠤ᠌ ᠵᠠᠷᠢᠮ ᠨᠢ ᠂ ᠲᠡᠭᠦᠨ ᠦ᠌ ᠣᠷᠣᠨ ᠳ᠋ᠤ᠌ ᠥᠩᠭᠡ ᠪᠦᠷᠢ ᠶ᠋ᠢᠨ ᠴᠠᠭᠠᠰᠤ ᠶ᠋ᠢ ᠭᠤᠷᠪᠠᠯᠵᠢᠯᠠᠨ ᠬᠠᠢᠴᠢᠯᠠᠵᠤ ᠬᠤᠪᠢᠩ ᠲᠤᠯᠭ᠎ᠠ ᠶ᠋ᠢᠨ ᠢᠷᠮᠡᠭ ᠲᠤ ᠲᠤᠭ ᠪᠣᠯᠭᠠᠨ ᠲᠠᠯᠪᠢᠵᠤ ᠭᠠᠯ ᠤ᠋ᠨ ᠲᠠᠬᠢᠯᠭ᠎ᠠ ᠳ᠋ᠤ᠌ ᠪᠡᠯᠡᠳᠬᠡᠨ᠎ᠡ᠃ ᠶᠡᠷᠦᠩᠬᠡᠢ ᠳ᠋ᠦ᠍ᠨᠢ ᠬᠡᠯᠡᠪᠡᠯ ᠬᠠᠭᠠᠰ ᠮᠠᠯᠵᠢᠬᠤ  ᠬᠠᠭᠠᠰ ᠲᠠᠷᠢᠶᠠᠯᠠᠬᠤ ᠣᠷᠣᠨ ᠤ᠋ ᠭᠠᠯ ᠲᠠᠬᠢᠯᠭ᠎ᠠ ᠶ᠋ᠢᠨ ᠠᠭᠤᠯᠭ᠎ᠠ ᠬᠡᠯᠪᠡᠷᠢ᠂ ᠵᠠᠩ ᠦᠢᠯᠡ ᠨᠢ ᠮᠠᠯᠵᠢᠬᠤ ᠣᠷᠣᠨ ᠤ᠋ ᠬᠢ ᠡᠴᠡ ᠳᠥᠭᠥᠮ ᠪᠠᠢᠳᠠᠭ᠃ ᠭᠠᠯ ᠳᠠᠬᠢᠬᠤ ᠳ᠋ᠠᠭᠠᠨ ᠲᠠᠬᠢᠯᠭ᠎ᠠ ᠳ᠋ᠤ᠌ ᠪᠡᠯᠡᠳᠬᠡᠭᠰᠡᠨ ᠬᠣᠨᠢᠨ ᠤ᠋ ᠡᠪᠴᠢᠭᠦᠦ ᠪᠡᠨ ᠭᠠᠯ ᠳ᠋ᠠᠭᠠᠨ ᠭᠤᠷᠪᠠᠨᠲᠠ ᠬᠤᠷᠤᠢᠯᠠᠵᠤ ᠠᠷᠢᠬᠢ ᠂ ᠰᠢᠷ᠎ᠠ ᠲᠣᠰᠣ ᠂  ᠥᠭᠡᠬᠦ ᠪᠠ ᠠᠭᠰᠢᠭᠠᠭᠰᠠᠨ ᠠᠮᠤᠰᠤ ᠪᠠᠨ ᠭᠠᠯ ᠳ᠋ᠠᠭᠠᠨ ᠡᠷᠭᠦᠵᠦ ᠳᠥᠷᠪᠡᠨ ᠵᠤᠯᠠ ᠪᠠᠨ ᠨᠣᠴᠣᠭᠠᠵᠤ ᠭᠠᠯ ᠤ᠋ᠨ ᠮᠠᠮᠠ ᠭᠠᠯ ᠤ᠋ᠨ ᠢᠷᠦᠭᠡᠯ ᠤᠩᠰᠢᠨ᠎ᠠ᠃ ᠭᠠᠯ ᠲᠠᠬᠢᠬᠤ ᠦᠶᠡᠰ ᠪᠦᠬᠦ ᠭᠡᠷ ᠦ᠋ᠨ ᠬᠥᠮᠦᠰ ᠭᠠᠯ ᠳ᠋ᠠᠭᠠᠨ ᠮᠥᠷᠭᠥᠵᠦ ᠭᠠᠯ ᠤ᠋ᠨ ᠡᠷᠭᠦᠴᠡ ᠪᠡᠨ ᠲᠣᠰᠣᠭᠠᠵᠤ ᠳᠠᠭᠤᠰᠤᠭᠰᠠᠨ ᠤ᠋ ᠬᠣᠢᠨ᠎ᠠ ᠭᠠᠯ ᠤ᠋ᠨ ᠠᠮᠤᠰᠤ ᠪᠠᠨ ᠠᠮᠰᠠᠵᠠᠭᠠᠳᠠᠭ᠃ 
       ᠭᠠᠯ ᠲᠠᠬᠢᠯᠭ᠎ᠠ ᠶ᠋ᠢᠨ ᠰᠤᠳᠤᠷ ᠢ᠋ ᠦᠨᠳᠦᠰᠦᠯᠡᠪᠡᠯ ᠂ ᠭᠠᠯ ᠤ᠋ᠨ ᠢᠷᠦᠭᠡᠯ ᠳ᠋ᠦ᠍ ᠂ ᠶᠡᠬᠡ ᠲᠥᠯᠥᠪ ᠭᠠᠯ ᠤ᠋ᠨ ᠰᠢᠲᠦᠭᠡᠨ ᠦ᠌ ᠡᠭᠦᠰᠦᠯ ᠭᠠᠷᠤᠯ ᠂ ᠳᠠᠷᠬᠠᠨ ᠴᠢᠨᠠᠷ ᠬᠢᠭᠡᠳ ᠲᠤᠰᠠ ᠢᠪᠡᠭᠡᠯ ᠢ᠋ ᠳᠤᠷᠠᠳᠬᠠᠨ ᠤᠩᠰᠢᠳᠠᠭ᠄ 
       ᠬᠠᠭᠠᠨ ᠡᠵᠡᠨ ᠦ᠌ ᠴᠠᠬᠢᠭ᠍ᠰᠠᠨ
       ᠬᠠᠲᠤᠨ ᠡᠬᠡ ᠶ᠋ᠢᠨ ᠦᠯᠢᠶᠡᠭᠰᠡᠨ 
       ᠬᠠᠢᠷ ᠴᠢᠯᠠᠭᠤᠨ ᠡᠬᠡᠲᠦ 
       ᠬᠠᠳᠠᠨ ᠲᠡᠮᠦᠷ ᠡᠴᠢᠭᠡᠳᠦ 
       ᠴᠢᠩ ᠴᠢᠯᠠᠭᠤᠨ ᠡᠬᠡᠲᠦ 
       ᠴᠢᠩᠭᠡᠯ ᠲᠡᠮᠦᠷ ᠡᠴᠢᠭᠡᠲᠦ 
       ᠡᠭᠦᠯᠡ ᠨᠡᠪᠲᠡ ᠤᠨᠢᠶᠠᠷᠲᠤ 
       ᠡᠷᠦᠬᠡᠨ ᠨᠡᠪᠲᠡ ᠢᠯᠴᠢᠲᠦ 
       ᠲᠣᠷᠭᠠᠨ ᠨᠢᠭᠤᠷᠲᠤ 
       ᠲᠣᠰᠣᠨ ᠴᠢᠷᠠᠢᠲᠤ 
       ᠭᠠᠯ ᠭᠠᠯᠢᠬᠠᠨ ᠡᠬᠡ ᠳ᠋ᠡᠭᠡᠨ 
       ᠥᠭᠡᠬᠦᠨ ᠲᠣᠰᠣᠨ ᠢ᠋ ᠡᠷᠭᠦᠨᠡᠮ 》 ᠭᠡᠵᠦ ᠭᠠᠯ ᠤ᠋ᠨ ᠰᠠᠬᠢᠭᠤᠯᠰᠤᠨ ᠤ᠋ ᠠᠷᠢᠭᠤᠨ ᠭᠡᠭᠡᠨ ᠢᠯᠴᠢ ᠳᠤᠯᠠᠭᠠᠨ ᠬᠢᠭᠡᠳ ᠠᠮᠢᠯᠠᠯ ᠬᠥᠭᠵᠢᠯ ᠦ᠋ᠨ ᠠᠴᠢ ᠲᠤᠰᠠ ᠳ᠋ᠤ᠌ ᠲᠠᠯᠠᠷᠬᠠᠤ ᠠᠷᠢᠭᠤᠨ ᠢᠪᠡᠭᠡᠯ ᠢ᠋ᠶ᠋ᠡᠨ ᠤᠯᠠᠮ ᠢᠯᠡᠭᠦᠦ ᠬᠦᠷᠲᠡᠭᠡᠬᠦ ᠶ᠋ᠢ ᠢᠷᠥᠭᠡᠨ ᠳᠠᠭᠠᠳᠬᠠᠳᠠᠭ ᠃ ᠭᠠᠯ ᠤ᠋ᠨ ᠢᠷᠦᠭᠡᠯ ᠳ᠋ᠦ᠍ ᠪᠠᠰᠠ : 
       《ᠰᠢᠯᠢ ᠰᠠᠢᠲᠦ ᠬᠥᠪᠡᠭᠦᠨ ᠲᠡᠢ ᠪᠣᠯᠭᠠᠬᠤ ᠴᠢ᠃ 
       ᠰᠢᠪᠡᠷᠬᠡᠯ ᠰᠠᠢᠲᠦ ᠪᠡᠷᠢ ᠲᠡᠢ ᠪᠣᠯᠭᠠᠬᠤ ᠴᠢ᠃ 
       ᠰᠢᠯᠤᠭᠤᠨ ᠰᠠᠢᠨ ᠥᠬᠢᠨ ᠲᠡᠢ ᠪᠣᠯᠭᠠᠬᠤ ᠴᠢ ᠃  
       ᠥᠬᠢᠨ ᠦᠷ᠎ᠡ ᠪᠡᠨ ᠥᠰᠬᠡᠵᠦ 
       ᠥᠷᠢ ᠰᠢᠷᠢ ᠪᠡᠨ ᠪᠦᠲᠦᠭᠡᠵᠦ 
       ᠨᠤᠭᠤᠨ ᠦᠷ᠎ᠡ ᠪᠡᠨ ᠥᠰᠬᠡᠵᠦ 
       ᠨᠤᠲᠤᠭ ᠤᠰᠤ ᠪᠠᠨ ᠢᠳᠬᠠᠵᠤ 
       ᠡᠩᠬᠡ ᠦᠭᠡᠢ ᠲᠣᠷᠭ᠎ᠠ ᠪᠠᠨ ᠡᠰᠬᠡᠵᠦ 
       ᠡᠩᠭᠡᠷ ᠵᠠᠬ᠎ᠠ ᠶ᠋ᠢ ᠵᠠᠯᠭᠠᠵᠤ 
       ᠡᠩᠬᠡ ᠮᠥᠩᠬᠡ ᠵᠢᠷᠭᠠᠬᠤ ᠪᠣᠯᠲᠤᠭᠠᠢ》 ᠭᠡᠵᠦ ᠦᠷ᠎ᠡ ᠬᠡᠦᠬᠡᠳ ᠳᠡᠯᠭᠡᠷᠡᠵᠦ ᠦᠨᠳᠦᠰᠦ ᠤᠭᠰᠠᠭ᠎ᠠ ᠵᠠᠯᠭᠠᠵᠤ᠂ ᠡᠳ᠋ ᠬᠥᠷᠥᠩᠭᠡ ᠡᠯᠪᠡᠭ ᠳᠡᠯᠪᠡᠭ ᠪᠠᠶᠠᠨ ᠵᠢᠷᠭᠠᠯᠲᠠᠢ ᠶᠠᠪᠤᠬᠤ ᠶ᠋ᠢ ᠭᠠᠯ ᠤ᠋ᠨ ᠰᠠᠬᠢᠭᠤᠯᠰᠤᠨ ᠳ᠋ᠠᠭᠠᠨ ᠳᠠᠭᠠᠳᠬᠠᠨ ᠢᠷᠦᠭᠡᠭᠰᠡᠨ ᠪᠠᠢᠳᠠᠭ᠃ ᠲᠡᠮᠳᠡᠭᠯᠡᠬᠦ ᠴᠢᠬᠤᠯᠠ ᠲᠠᠢ ᠨᠢ ᠣᠳᠣᠬᠠᠨ ᠭᠠᠯ ᠤ᠋ᠨ ᠢᠷᠦᠭᠡᠯ ᠦ᠋ᠨ ᠣᠯᠠᠩᠬᠢ ᠨᠢ ᠬᠣᠵᠢᠮ ᠤ᠋ᠨ ᠦᠶ᠎ᠡ ᠳ᠋ᠦ᠍ ᠵᠣᠬᠢᠶᠠᠭᠳᠠᠭᠰᠠᠨ ᠪᠠᠢᠭ᠎ᠠ ᠪᠣᠯᠬᠣᠷ ᠹᠧᠣᠳᠠᠯ ᠤ᠋ᠨ ᠦᠵᠡᠯ ᠤᠬᠠᠮᠰᠠᠷ ᠪᠠ ᠰᠢᠷ᠎ᠠ ᠶ᠋ᠢᠨ ᠱᠠᠰᠢᠨ ᠤ᠋ ᠭᠬᠢᠷ ᠪᠤᠷᠲᠠᠭ ᠲᠤ᠌ ᠪᠢᠯᠳᠠᠭᠳᠠᠭᠰᠠᠨ ᠪᠠᠢᠭ᠎ᠠ ᠶ᠋ᠢ ᠠᠰᠢᠭᠯᠠᠭᠰᠠᠨ ᠮᠠᠲ᠋ᠧᠷᠢᠶᠠᠯ ᠠ᠋ᠴᠠ ᠦᠵᠡᠨ ᠮᠡᠳᠡᠵᠦ ᠪᠣᠯᠤᠨ᠎ᠠ᠃ 
       ᠮᠣᠩᠭᠣᠯᠴᠤᠳ ᠭᠠᠯ ᠢ᠋ ᠰᠢᠲᠦᠭᠰᠡᠨ ᠡᠴᠡ ᠨᠠᠰᠢ ᠂ ᠭᠠᠯ ᠭᠣᠯᠣᠮᠲᠠ ᠶ᠋ᠢᠨ ᠬᠠᠮᠢᠶ᠎ᠠ ᠲᠠᠢ ᠡᠳᠦᠢ ᠲᠡᠳᠦᠢ ᠴᠡᠭᠡᠷ ᠬᠤᠷᠢᠭ᠎ᠠ ᠪᠣᠢ ᠪᠣᠯᠵᠤ᠂ ᠣᠳᠣ ᠪᠣᠯᠲᠠᠯ᠎ᠠ ᠨᠠᠰᠤᠲᠠᠢ ᠪᠤᠭᠤᠷᠣᠯᠴᠣᠣᠯ ᠤ᠋ᠨ ᠲᠠᠷᠢᠬᠢᠨ ᠳ᠋ᠤ᠌  ᠬᠠᠳᠠᠩᠰᠢᠭ᠍ᠰᠠᠭᠠᠷ ᠪᠠᠢᠨ᠎ᠠ᠃  ᠲᠡᠭᠦᠨ ᠡᠴᠡ ᠬᠡᠳᠦ ᠶ᠋ᠢ ᠢ ᠳᠤᠷᠠᠳᠪᠠᠯ :  
       ᠬᠢᠲᠤᠭ᠎ᠠ ᠮᠡᠰᠡ ᠶ᠋ᠢ ᠭᠠᠯ ᠳ᠋ᠤ᠌ ᠬᠦᠷᠭᠡᠵᠦ ᠪᠣᠯᠬᠤ ᠦᠭᠡᠢ᠃ 
       ᠪᠤᠵᠠᠷ ᠪᠤᠷᠲᠠᠭ ᠶᠠᠭᠤᠮ᠎ᠠ ᠶ᠋ᠢ ᠭᠠᠯ ᠳ᠋ᠤ᠌ ᠬᠢᠵᠦ ᠪᠣᠯᠬᠤ ᠦᠭᠡᠢ᠃ 
       ᠭᠠᠯ ᠳᠣᠲᠣᠷ᠎ᠠ ᠨᠢᠯᠪᠤᠵᠤ ᠪᠣᠯᠬᠤ ᠦᠭᠡᠢ᠃ 
       ᠬᠠᠯᠠᠭᠤᠨ ᠨᠤᠷᠮᠠᠨ ᠳ᠋ᠤ᠌ ᠤᠰᠤ ᠴᠢᠳ᠋ᠬᠤᠵᠤ ᠪᠣᠯᠬᠤ ᠦᠭᠡᠢ ᠭᠡᠬᠦ ᠪᠤᠶᠤ 
       ᠭᠠᠯ ᠤ᠋ᠨ ᠳᠡᠭᠡᠭᠦᠷ ᠠᠯᠬᠤᠵᠤ ᠭᠠᠷᠴᠤ ᠪᠣᠯᠬᠤ ᠦᠭᠡᠢ ᠭᠡᠬᠦ ᠮᠡᠲᠦ᠃  ᠬᠡᠷᠪᠡ ᠢᠩᠭᠢᠳᠡᠭ ᠪᠣᠯ ᠭᠠᠯ ᠭᠣᠯᠣᠮᠲᠠ ᠶ᠋ᠢ ᠪᠤᠵᠠᠷᠯᠠᠭᠰᠠᠨ ᠪᠤᠶᠤ ᠭᠠᠯ ᠤ᠋ᠨ ᠰᠢᠲᠦᠭᠡᠨ ᠢ᠋ ᠭᠤᠲᠤᠭᠠᠭᠰᠠᠨ ᠶᠠᠯ᠎ᠠ ᠨᠢᠭᠦᠯ ᠪᠣᠯᠬᠤ ᠲᠤᠯᠠ ᠪᠥᠬᠡ ᠶ᠋ᠢᠨ ᠱᠠᠰᠢᠨ ᠤ᠋ ᠵᠠᠩᠰᠢᠯ ᠢ᠋ᠶ᠋ᠠᠷ ᠠᠷᠢᠭᠤᠳᠬᠠᠨ ᠲᠠᠢᠯᠬᠤ ᠬᠡᠷᠡᠭᠲᠡᠢ᠃ ᠬᠡᠷᠪᠡ ᠰᠠᠨᠠᠭᠠᠴᠢᠯᠠᠭ᠎ᠠ ᠲᠠᠢ ᠬᠢᠭᠰᠡᠨ ᠪᠣᠯ ᠠᠯᠠᠬᠤ ᠶᠠᠯ᠎ᠠ ᠪᠠᠷ ᠰᠢᠳᠬᠢᠨ᠎ᠡ᠃ ᠬᠡᠷᠪᠡ ᠶᠠᠮᠠᠷ ᠨᠢᠭᠡᠨ ᠤᠴᠢᠷ ᠰᠢᠯᠲᠠᠭᠠᠨ ᠠ᠋ᠴᠠ ᠪᠣᠯᠵᠤ ᠢᠩᠭᠢᠭᠰᠡᠨ ᠪᠠᠢᠪᠠᠯ ᠡᠷᠬᠡᠪᠰᠢ ᠪᠥᠬᠡ ( ᠢᠳᠤᠭᠠᠨ ) ᠳ᠋ᠤ᠌ ᠣᠯᠠᠨ ᠮᠥᠩᠭᠥ ᠡᠷᠭᠦᠵᠦ ᠶᠠᠯ᠎ᠠ ᠨᠢᠭᠦᠯ ᠢ᠋ᠶ᠋ᠡᠨ ᠠᠷᠢᠯᠭᠠᠯᠭᠠᠬᠤ ᠬᠡᠷᠡᠭᠲᠡᠢ 》᠃ ᠡᠨᠡ ᠪᠣᠯ ᠡᠷᠲᠡᠨ ᠦ᠌ ᠮᠣᠩᠭᠣᠯ ᠤ᠋ᠨ ᠵᠠᠩᠰᠢᠯ ᠳ᠋ᠠᠬᠢ ᠴᠡᠭᠡᠷ ᠡᠪᠳᠡᠭᠰᠡᠨ ᠪᠠᠢᠳᠠᠯ ᠳᠣᠣᠷ᠎ᠠ ᠶᠠᠯ᠎ᠠ ᠨᠢᠭᠦᠯ ᠢ᠋ ᠲᠠᠢᠯᠬᠤ ᠨᠠᠵᠠᠭᠠᠢ ᠠᠷᠭ᠎ᠠ ᠪᠠᠢᠭᠰᠠᠨ ᠶᠤᠮ᠃ ᠡᠨᠡ ᠮᠡᠲᠦᠴᠢᠯᠡᠨ ᠭᠠᠵᠠᠷ ᠤᠨᠠᠭᠰᠠᠨ ᠮᠠᠯᠠᠭᠠᠢ ᠪᠤᠶᠤ ᠬᠥᠰᠡᠷ ᠭᠢᠰᠬᠢᠭᠳᠡᠭᠰᠡᠨ ᠬᠤᠪᠴᠠᠰᠤ ᠬᠤᠨᠠᠷ ᠢ᠋ ᠭᠠᠯ ᠢ᠋ᠶ᠋ᠠᠷ ᠭᠤᠯᠠᠭᠠᠵᠤ ᠠᠷᠢᠭᠤᠳᠬᠠᠬᠤ ᠵᠠᠩᠰᠢᠯ ᠬᠣᠵᠢᠮ ᠤ᠋ᠨ ᠦᠶ᠎ᠡ ᠪᠣᠯᠲᠠᠯ᠎ᠠ ᠦᠷᠭᠦᠯᠵᠢᠯᠡᠵᠦ ᠪᠠᠢᠭᠰᠠᠨ ᠶᠤᠮ᠃