ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠨᠠᠢ᠍ᠮᠠᠳᠤᠭᠠᠷ ᠪᠦᠯᠦᠭ > Хөх судрын залгамж - Инжинаш < Наян наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠨᠠᠢ᠍ᠮᠠᠳᠤᠭᠠᠷ ᠪᠦᠯᠦᠭ > Хөх судрын залгамж - Инжинаш < Наян наймдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠨᠠᠢ᠍ᠮᠠᠳᠤᠭᠠᠷ ᠪᠦᠯᠦᠭ > Хөх судрын залгамж - Инжинаш < Наян наймдугаар бүлэг >

ᠠᠩᠭᠢᠯᠠᠯ:ᠲᠡᠦᠬᠡ ᠰᠣᠶᠣᠯ
2024-02-02

386

ᠠᠬ᠎ᠠ ᠳᠡᠭᠦᠦ ᠬᠣᠶᠠᠭᠤᠯᠠ ᠬᠠᠭᠠᠨ ᠰᠢᠷᠡᠭᠡ ᠪᠤᠯᠢᠶᠠᠯᠳᠤᠷᠤᠨ ᠮᠡᠷᠭᠡᠨ ᠰᠠᠢᠳ ᠪᠤᠯᠠᠭ᠎ᠠ ᠨᠠᠷ ᠬᠠᠪᠴᠢᠭᠳᠠᠵᠤ ᠠᠮᠢ ᠪᠠᠨ ᠠᠯᠳᠠᠪᠠᠢ

ᠠᠪᠤᠷᠭᠤ ᠵᠠᠩᠵᠤᠨ ᠠᠵᠤᠤ ᠡᠮᠦᠨᠡᠲᠦ ᠶ᠋ᠢ ᠲᠦᠪᠰᠢᠳᠬᠡᠬᠦ ᠶᠤᠸᠠᠨᠱᠤᠸᠠᠢ ᠪᠣᠯᠤᠷᠤᠨ ᠰᠢᠶᠠᠩ ᠹᠠᠨ ᠬᠣᠶᠠᠷ ᠬᠣᠲᠠ ᠶ᠋ᠢ ᠪᠠᠭᠠᠯᠵᠤᠤᠷᠳᠠᠬᠤ ᠪᠠᠷ ᠪᠣᠳᠣᠪᠠᠢ


               ᠨᠠᠶᠠᠨ ᠨᠠᠢ᠍ᠮᠠᠳᠤᠭᠠᠷ ᠪᠦᠯᠦᠭ
                         ᠵᠦᠩ ᠲᠦᠩ ᠦ᠋ᠨ ᠲᠠᠪᠤᠳᠤᠭᠠᠷ ᠣᠨ ᠂ ᡁᠢ ᠶᠤᠸᠠᠨ ᠤ᠋ ᠠᠩᠬᠠᠳᠤᠭᠠᠷ ᠣᠨ ᠂ ᡁᠢ ᠶᠤᠸᠠᠨ ᠤ᠋ ᠠᠷᠪᠠᠨ ᠣᠨ ᠬᠦᠷᠲᠡᠯ᠎ᠡ ᠃ ᠬᠥᠬᠡ ᠯᠤᠤ ᠵᠢᠯ ᠡᠴᠡ ᠬᠠᠷᠠᠭᠴᠢᠨ ᠲᠠᠬᠢᠶ᠎ᠠ ᠵᠢᠯ ᠦ᠋ᠨ ᠬᠡᠷᠡᠭ ᠃ ᠬᠤᠪᠢᠯᠠᠢ ᠬᠠᠭᠠᠨ ᠤ᠋ ᠳᠥᠴᠢᠨ ᠶᠢᠰᠦ ᠡᠴᠡ - ᠲᠠᠪᠢᠨ ᠨᠠᠢ᠍ᠮᠠᠨ ᠰᠡᠭᠦᠳᠡᠷ ᠲᠣᠷ ᠪᠣᠯᠤᠭᠰᠠᠨ ᠶᠠᠪᠤᠳᠠᠯ ᠤ᠋ᠳ ᠃ ᠰᠥᠩ ᠤᠯᠤᠰ ᠤ᠋ᠨ ᠯᠢᠽᠦ᠋ᠩ ᠬᠠᠭᠠᠨ ᠤ᠋ ᠵᠢᠩ ᠳ᠋ᠢᠩ ᠦ᠋ᠨ ᠳᠥᠷᠪᠡᠳᠦᠭᠡᠷ ᠣᠨ ᠠ᠋ᠴᠠ ᠳᠦ ᠽᠦᠩ ᠬᠠᠭᠠᠨ ᠤ᠋ ᠬᠤᠢ ᠽᠦᠨ ᠦ᠌ ᠶᠢᠰᠦᠳᠦᠭᠡᠷ ᠣᠨ 

             ᠠᠬ᠎ᠠ ᠳᠡᠭᠦᠦ ᠬᠣᠶᠠᠭᠤᠯᠠ ᠬᠠᠭᠠᠨ ᠰᠢᠷᠡᠭᠡ ᠪᠤᠯᠢᠶᠠᠯᠳᠤᠷᠤᠨ 
                    ᠮᠡᠷᠭᠡᠨ ᠰᠠᠢᠳ ᠪᠤᠯᠠᠭ᠎ᠠ ᠨᠠᠷ ᠬᠠᠪᠴᠢᠭᠳᠠᠵᠤ ᠠᠮᠢ ᠪᠠᠨ ᠠᠯᠳᠠᠪᠠᠢ 
             ᠠᠪᠤᠷᠭᠤ ᠵᠠᠩᠵᠤᠨ ᠠᠵᠤᠤ ᠡᠮᠦᠨᠡᠲᠦ ᠶ᠋ᠢ ᠲᠦᠪᠰᠢᠳᠬᠡᠬᠦ ᠶᠤᠸᠠᠨᠱᠤᠸᠠᠢ ᠪᠣᠯᠤᠷᠤᠨ 
                    ᠰᠢᠶᠠᠩ ᠹᠠᠨ ᠬᠣᠶᠠᠷ ᠬᠣᠲᠠ ᠶ᠋ᠢ ᠪᠠᠭᠠᠯᠵᠤᠤᠷᠳᠠᠬᠤ ᠪᠠᠷ ᠪᠣᠳᠣᠪᠠᠢ 
            ( ᠵᠦᠩ ᠲᠦᠩ ᠦ᠋ᠨ ᠲᠠᠪᠤᠳᠤᠭᠠᠷ ᠣᠨ ᠤ᠋  ᠨᠠᠢ᠍ᠮᠠᠨ ᠰᠠᠷ᠎ᠠ ᠶ᠋ᠢᠨ ᠤᠯᠠᠭᠠᠭᠴᠢᠨ ᠮᠣᠭᠠᠢ ᠡᠳᠦᠷ ᠡᠴᠡ 
                ᠶᠤᠸᠠᠨ ᠤᠯᠤᠰ ᠤ᠋ᠨ ᠲᠥᠷᠥ ᠶ᠋ᠢᠨ ᠣᠨ ᠤ᠋ ᠨᠡᠷ᠎ᠡ ᠶ᠋ᠢ ᡁᠢ ᠶᠤᠸᠠᠨ ᠤ᠋ ᠠᠩᠬᠠᠳᠤᠭᠠᠷ ᠣᠨ ᠭᠡᠮᠡᠨ ᠬᠠᠯᠠᠪᠠᠢ )

       ᠥᠭᠦᠯᠡᠬᠦ ᠢᠨᠦ ᠠᠷᠢᠬᠪᠦ᠋ᠬᠡ ᠬᠠᠭᠠᠨ ᠰᠢᠮᠡᠳᠦ ᠲᠠᠯ᠎ᠠ ᠳ᠋ᠤᠷ ᠳᠡᠢᠯᠦᠭᠳᠡᠭᠡᠳ ᠪᠠᠷᠠᠭᠤᠨ ᠬᠣᠢᠰᠢ ᠪᠠᠨ ᠳᠤᠲᠠᠭᠠᠵᠤ ᠭᠠᠷᠤᠭᠠᠳ ᠴᠡᠷᠢᠭ ᠮᠣᠷᠢ ᠪᠠᠨ ᠴᠤᠭᠯᠠᠭᠤᠯᠵᠤ ᠦᠵᠡᠪᠡᠰᠦ ᠲᠦᠮᠡ ᠬᠦᠷᠬᠦ ᠦᠭᠡᠢ ᠪᠣᠯᠵᠤᠬᠤᠢ᠃ ᠮᠣᠩᠭᠣᠯ ᠤ᠋ᠨ ᠨᠤᠲᠤᠭ ᠲᠤᠷ ᠲᠤᠷᠰᠢᠭᠤᠯ ᠶᠠᠪᠤᠭᠤᠯᠵᠤ ᠦᠵᠡᠭᠦᠯᠪᠡᠰᠦ ᠬᠡᠳᠦᠨ ᠮᠢᠩᠭᠠᠨ ᠭᠠᠵᠠᠷ ᠬᠥᠮᠦᠨ ᠠᠮᠢᠲᠠᠨ ᠦᠭᠡᠢ ᠪᠣᠯᠭᠠᠵᠤ ᠠᠯᠠᠭᠳᠠᠭᠰᠠᠨ ᠰᠠᠷᠨᠢᠭᠰᠠᠨ ᠠ᠋ᠴᠠ ᠪᠤᠰᠤᠳ ᠢ ᠬᠤᠪᠢᠯᠠᠢ ᠬᠠᠭᠠᠨ ᠣᠯᠵᠠᠯᠠᠭᠠᠳ ᠴᠥᠮ ᠨᠣᠶᠠᠳ ᠲᠦᠰᠢᠮᠡᠳ ᠲᠡᠭᠡᠨ ᠬᠤᠪᠢᠶᠠᠨ ᠥᠭᠴᠦ ᠬᠠᠷᠢᠶᠠᠲᠤ ᠪᠣᠯᠭᠠᠪᠠ᠃ ᠴᠡᠷᠢᠭ ᠬᠦᠷᠦᠭᠰᠡᠨ ᠭᠠᠵᠠᠷ ᠮᠠᠯ ᠰᠦᠷᠦᠭ ᠨᠢᠭᠡᠴᠦ ᠦᠯᠡᠳᠡᠭᠰᠡᠨ ᠦᠭᠡᠢ ᠪᠤᠯᠢᠶᠠᠨ ᠳᠡᠭᠡᠷᠡᠮᠳᠡᠭᠰᠡᠨ ᠲᠤᠯᠠ ᠠᠮᠢᠳᠤᠷᠠᠬᠤ ᠠᠷᠭ᠎ᠠ ᠦᠭᠡᠢ ᠠᠷᠠᠳ ᠢ᠋ ᠴᠠᠭᠠᠨ ᠬᠡᠷᠡᠮ ᠳᠠᠭᠠᠤ ᠠᠲᠠᠷ ᠬᠠᠭᠠᠯᠵᠤ ᠲᠠᠷᠢᠶ᠎ᠠ ᠲᠠᠷᠢᠵᠤ ᠠᠵᠤ ᠲᠥᠷᠥᠭᠦᠯᠬᠦ ᠭᠡᠮᠡᠨ ᠥᠷᠥᠰᠢᠶᠡᠨ ᠲᠠᠷᠢᠶᠠᠯᠠᠩ ᠤ᠋ᠨ ᠪᠠᠭᠠᠵᠢ ᠦᠷ᠎ᠡ ᠲᠤᠰᠠᠯᠠᠵᠤ ᠤᠷᠪᠠᠵᠤ ᠳᠤᠲᠠᠭᠠᠬᠤ ᠶ᠋ᠢ ᠴᠢᠩᠳᠠᠯᠠᠨ ᠰᠡᠷᠭᠡᠢᠯᠡᠭᠦᠯᠪᠡ᠃ ᠨᠣᠶᠠᠳ ᠲᠦᠰᠢᠮᠡᠳ ᠢ ᠪᠣᠯᠪᠠᠴᠤ ᠠᠩᠬᠠᠷᠴᠤ ᠥᠴᠦᠬᠡᠨ ᠣᠰᠤᠯᠳᠤᠪᠠᠰᠤ ᠳᠠᠷᠤᠢ ᠬᠣᠶᠠᠷ ᠰᠡᠳᠬᠢᠯ ᠡᠪᠦᠷᠯᠡᠪᠡ ᠭᠡᠮᠡᠨ ᠦᠭᠡ ᠦᠭᠡᠢ ᠴᠠᠪᠴᠢᠬᠤ ᠲᠤᠯᠠ ᠬᠡᠨ ᠠᠶᠤᠯ ᠦᠭᠡᠢ ᠡᠨᠡ ᠲᠡᠷᠡ ᠬᠡᠮᠡᠬᠦ ᠠᠵᠢ᠃ ᠡᠭᠦᠨ ᠡᠴᠡ ᠭᠠᠳᠠᠨ᠎ᠠ ᠺᠠᠢ ᠫᠢᠩ ᠡᠴᠡ ᠤᠮᠠᠷᠠᠰᠢ ᠭᠤᠴᠢ ᠢᠯᠡᠭᠦᠦ ᠲᠦᠮᠡᠨ ᠴᠡᠷᠢᠭ ᠵᠢᠭᠰᠠᠭᠠᠵᠤ ᠠᠷᠤ ᠶ᠋ᠢᠨ ᠬᠤᠪᠢᠰᠤᠯ ᠢ ᠰᠡᠷᠭᠡᠢᠯᠡᠨ ᠰᠠᠭᠤᠭᠰᠠᠨ ᠲᠤᠯᠠ ᠠᠷᠢᠬᠪᠥ᠋ᠬᠡ ᠬᠠᠭᠠᠨ ᠢ᠋ ᠡᠷᠭᠦᠭᠰᠡᠨ ᠣᠯᠠᠨ ᠬᠠᠳ ᠨᠣᠶᠠᠳ ᠴᠥᠮ ᠰᠦᠷ ᠬᠦᠴᠦᠨ ᠳ᠋ᠦ᠍ᠷ ᠳᠠᠷᠤᠭᠳᠠᠨ ᠠᠶᠤᠵᠤ ᠲᠠᠯ᠎ᠠ ᠳ᠋ᠤᠷ ᠵᠣᠭᠰᠣᠵᠤ ᠪᠠᠢᠳᠠᠯ ᠢ᠋ ᠦᠵᠡᠮᠦᠢ᠃ ᠨᠡᠩ ᠰᠢᠮᠡᠳᠦ ᠲᠠᠯ᠎ᠠ ᠳ᠋ᠤᠷ ᠳᠡᠢᠯᠦᠭᠳᠡᠭᠰᠡᠨ ᠡᠴᠡ ᠢᠨᠠᠭᠰᠢ ᠠᠷᠢᠬᠪᠥ᠋ᠬᠡ ᠬᠠᠭᠠᠨ ᠣᠯᠠᠨ ᠵᠦᠭ ᠡᠯᠴᠢ ᠶᠠᠪᠤᠭᠤᠯᠤᠭᠰᠠᠨ ᠪᠣᠯᠪᠠᠴᠤ ᠴᠥᠮ ᠬᠤᠪᠢᠯᠠᠢ ᠬᠠᠭᠠᠨ ᠤ᠋ ᠰᠦᠷ ᠬᠦᠴᠦᠨ ᠳ᠋ᠦ᠍ᠷ ᠳᠠᠷᠤᠭᠳᠠᠵᠤ ᠬᠠᠷᠢᠭᠤ ᠦᠭᠭᠦᠭᠰᠡᠨ ᠦᠭᠡᠢ᠃ ᠳᠠᠬᠢᠨ ᠴᠡᠷᠢᠭ ᠡᠯᠰᠡᠵᠦ ᠡᠰᠡᠷᠭᠦᠴᠡᠯᠳᠦᠪᠡᠴᠦ ᠳᠡᠢᠯᠬᠦ ᠢᠨᠤ ᠬᠢᠯᠪᠠᠷ ᠪᠤᠰᠤ ᠲᠤᠯᠠ ᠡᠶᠡᠳᠡᠵᠦ ᠳᠠᠭᠠᠪᠠᠰᠤ ᠬᠡᠷᠬᠢᠨ ᠭᠡᠮᠡᠨ ᠠᠷᠢᠬᠪᠥ᠋ᠬᠡ ᠬᠠᠭᠠᠨ ᠰᠠᠢᠳ ᠨᠠᠷ ᠲᠠᠢ ᠪᠠᠨ ᠵᠥᠪᠳᠡᠵᠦ ᠲᠣᠭᠲᠠᠭᠠᠳ ᠡᠯᠴᠢ ᠶᠠᠪᠤᠭᠤᠯᠪᠠᠰᠤ ᠬᠤᠪᠢᠯᠠᠢ ᠬᠠᠭᠠᠨ ᠲᠡᠷᠡ ᠳᠣᠣᠷ᠎ᠠ ᠪᠠᠨ ᠬᠠᠷᠢᠭᠤ ᠥᠭᠴᠦ ᠄《ᠨᠢᠭᠡᠨᠲᠡ ᠪᠤᠷᠤᠭᠤ ᠪᠠᠨ ᠮᠡᠳᠡᠵᠦ ᠪᠤᠴᠠᠵᠤ ᠢᠷᠠᠪᠠᠰᠤ ᠨᠢᠭᠡᠴᠦ ᠬᠥᠮᠦᠨ ᠢ ᠶᠠᠯᠠᠯᠠᠬᠤ ᠦᠭᠡᠢ 》ᠭᠡᠮᠡᠨ ᠪᠠᠲᠤᠯᠠᠪᠠ᠃ ᠠᠷᠢᠬᠪᠥ᠋ᠬᠡ ᠬᠠᠭᠠᠨ᠂ ᠬᠠᠭᠠᠨ ᠴᠣᠯᠠ ᠪᠠᠨ ᠥᠪᠡᠷ ᠢ᠋ᠶ᠋ᠡᠨ ᠬᠠᠰᠤᠵᠤ ᠣᠯᠠᠨ ᠢ᠋ᠶ᠋ᠠᠨ ᠠᠪᠴᠤ ᠺᠠᠢ ᠫᠢᠩ ᠳ᠋ᠦ᠍ᠷ ᠳᠠᠭᠠᠷ᠎ᠠ ᠢᠷᠡᠪᠡ᠃ ᠡᠢᠮᠦ ᠡᠴᠡ ᠬᠤᠪᠢᠯᠠᠢ ᠬᠠᠭᠠᠨ ᠤ᠋ ᠴᠡᠭᠡᠵᠢᠨ ᠳ᠋ᠦ᠍ᠷ ᠬᠠᠲᠠᠭᠰᠠᠨ ᠨᠢᠭᠡ ᠬᠡᠰᠡᠭ ᠡᠪᠡᠳᠴᠢᠨ ᠲᠠᠯᠪᠢᠭᠳᠠᠵᠤ ᠪᠠᠶᠠᠷᠯᠠᠬᠤ ᠶ᠋ᠢᠨ ᠬᠠᠮᠲᠤ ᠳᠠᠬᠢᠨ ᠬᠤᠪᠢᠰᠤᠯ ᠭᠠᠷᠬᠤ ᠶ᠋ᠢ ᠰᠡᠷᠭᠡᠢᠯᠡᠬᠦ ᠶ᠋ᠢᠨ ᠲᠥᠯᠥᠭᠡ ᠠᠷᠢᠬᠪᠥ᠋ᠬᠡ ᠶ᠋ᠢᠨ ᠰᠠᠨᠠᠭᠠᠨ ᠳ᠋ᠤᠷ ᠦᠭᠡᠢ ᠪᠡᠷ ᠨᠢᠭᠡ ᠡᠬᠡ ᠶ᠋ᠢᠨ ᠦᠷᠡᠰ ᠭᠡᠮᠡᠨ ᠰᠤᠯᠠ ᠠᠷᠠᠳ ᠪᠣᠯᠭᠠᠨ ᠺᠠᠢ ᠫᠢᠩ ᠡᠴᠡ ᠰᠠᠯᠵᠤ ᠪᠣᠯᠬᠤ ᠦᠭᠡᠢ ᠭᠡᠮᠡᠨ ᠵᠠᠷᠯᠢᠭ ᠪᠣᠯᠵᠤ ᠲᠡᠭᠦᠨ ᠢ᠋ ᠳᠠᠭᠠᠵᠤ ᠪᠤᠴᠠᠭᠰᠠᠨ ᠡᠮᠦᠨᠡᠲᠦ ᠲᠥᠷᠥ ᠶ᠋ᠢᠨ ᠬᠦᠨᠳᠦᠲᠦ ᠰᠠᠢᠳ ᠤ᠋ᠳ ᠢ᠋ ᠦᠨᠡᠨ ᠴᠠᠭᠠᠨ ᠢ᠋ ᠢᠯᠭᠠᠬᠤ ᠦᠭᠡᠢ ᠪᠡᠷ ᠰᠥᠷᠭᠡᠦ ᠶ᠋ᠢ ᠡᠳᠦᠪᠡ ᠭᠡᠮᠡᠨ ᠪᠤᠯᠠᠭ᠎ᠠ ᠲᠡᠷᠢᠭᠦᠲᠡᠨ ᠬᠣᠴᠣᠮᠠᠨ ᠂ ᠠᠷᠬᠠᠵᠠ ᠂ ᠲᠡᠭᠦᠰ ᠨᠠᠷ ᠬᠡᠳᠦᠨ ᠵᠠᠭᠤᠨ ᠬᠥᠮᠦᠨ ᠢ ᠨᠢᠭᠡᠴᠦ ᠦᠯᠡᠳᠡᠭᠡᠭᠰᠡᠨ ᠦᠭᠡᠢ ᠴᠠᠪᠴᠢᠭᠤᠯᠪᠠ᠃ ᠠᠷᠢᠬᠪᠥ᠋ᠬᠡ ᠬᠠᠨ ᠢ᠋ ᠳᠠᠭᠠᠵᠤ ᠶᠠᠪᠤᠭᠰᠠᠨ ᠮᠥᠩᠬᠡ ᠬᠠᠭᠠᠨ ᠤ᠋ ᠬᠡᠦᠬᠡᠳ ᠢᠯᠦᠨᠳᠦᠰᠢ ᠂ ᠠᠰᠤᠳᠠᠢ ᠂ ᠰᠢᠯᠢᠴᠢᠨ ᠵᠡᠷᠭᠡ ᠬᠠᠳ ᠬᠥᠪᠡᠭᠦᠳ ᠢ ᠬᠣᠷᠢᠭᠤᠯ ᠳ᠋ᠤᠷ ᠲᠦᠷ ᠬᠣᠷᠢᠵᠤ ᠬᠣᠭᠣᠯᠠ ᠤᠮᠳᠠ ᠦᠯᠦ ᠲᠠᠰᠤᠯᠲᠤᠭᠠᠢ ᠭᠡᠮᠡᠨ ᠬᠣᠵᠢᠮ ᠠᠨᠤ ᠲᠥᠷᠥ ᠶ᠋ᠢᠨ ᠶᠡᠬᠡ ᠰᠠᠢᠳ ᠯᠢᠦ ᠪᠢᠩ ᠵᠦᠩ ᠂ ᠸᠠᠩ ᠹᠠᠨ ᠂ ᠳ᠋ᠤ᠌ ᠱᠠᠨ ᠂ ᠬᠦᠩ ᠯᠢᠦᠢ ᠨᠠᠷ ᠯᠤᠭ᠎ᠠ ᠪᠠᠨ ᠵᠥᠪᠳᠡᠵᠦ ᠡᠪᠡᠰᠦ ᠶ᠋ᠢ ᠠᠷᠢᠯᠭᠠᠬᠤᠢ ᠳ᠋ᠤᠷ ᠦᠨᠳᠦᠰᠦ ᠶ᠋ᠢ ᠲᠠᠰᠤᠯᠬᠤ ᠬᠡᠷᠡᠭᠲᠡᠢ ᠭᠡᠮᠡᠨ ᠬᠣᠷᠢᠭᠤᠯ ᠳ᠋ᠤᠷ ᠪᠠᠢᠭ᠎ᠠ ᠣᠯᠠᠨ ᠬᠠᠳ ᠬᠥᠪᠡᠭᠦᠳ ᠢ᠋ ᠶᠡᠬᠡ ᠪᠠᠭ᠎ᠠ ᠨᠢᠯᠬ᠎ᠠ ᠪᠠᠯᠴᠢᠷ ᠭᠡᠮᠡᠨ ᠢᠯᠭᠠᠬᠤ ᠦᠭᠡᠢ ᠴᠥᠮ ᠬᠣᠣᠷ ᠥᠭᠴᠦ ᠠᠯᠠᠪᠠ᠃  
      ᠠᠷᠢᠬᠪᠥ᠋ᠬᠡ ᠬᠠᠭᠠᠨ ᠬᠤᠪᠢᠯᠠᠢ ᠬᠠᠭᠠᠨ ᠤ᠋ ᠢᠲᠡᠭᠡᠮᠵᠢ ᠦᠭᠡᠢ ᠡᠢᠨ ᠬᠦ᠌ ᠬᠠᠷ᠎ᠠ ᠰᠡᠳᠬᠢᠯ ᠭᠠᠷᠭᠠᠭᠰᠠᠨ ᠳ᠋ᠤᠷ ᠪᠤᠬᠢᠨᠢᠳᠤᠵᠤ ᠲᠠᠴᠢᠶᠠᠳᠠᠨ ᠵᠢᠴᠢ ᠳ᠋ᠦ᠍ᠷ ᠺᠠᠢ ᠫᠢᠩ ᠦ᠋ᠨ ᠵᠠᠮ ᠵᠡᠭᠡᠯᠢ ᠪᠡᠷ ᠭᠤᠢᠷᠠᠨᠴᠢᠯᠠᠨ ᠶᠠᠪᠤᠬᠤᠢ ᠳ᠋ᠤᠷ ᠬᠥᠮᠦᠨ ᠪᠦᠬᠦᠨ ᠠᠶᠤᠵᠤ ᠲᠤᠰᠠᠯᠠᠬᠤ ᠦᠭᠡᠢ ᠲᠤᠯᠠ ᠥᠯᠪᠡᠷᠦᠨ ᠥᠯᠥᠰᠴᠦ ᠳᠡᠮᠡᠢ ᠤᠳᠠᠭᠰᠠᠨ ᠦᠭᠡᠢ ᠰᠣᠯᠢᠶᠠᠷᠠᠨ ᠦᠬᠦᠪᠡ ᠃  
      ᠬᠡᠳᠦᠨ ᠲᠥᠷᠥ ᠳ᠋ᠦ᠍ᠷ ᠵᠢᠳᠬᠦᠭᠰᠡᠨ ᠭᠠᠪᠢᠶᠠᠲᠤ ᠰᠠᠢᠳ ᠤ᠋ᠨ ᠦᠷᠡᠰ ᠡᠨᠡ ᠤᠳᠠᠭᠠᠨ ᠤ᠋ ᠠᠬ᠎ᠠ ᠳᠡᠭᠦᠦ ᠶ᠋ᠢᠨ ᠬᠠᠭᠠᠨ ᠰᠠᠭᠤᠴᠠ ᠪᠤᠯᠢᠶᠠᠯᠳᠤᠬᠤ ᠲᠡᠮᠡᠴᠡᠯ ᠳ᠋ᠦ᠍ᠷ ᠬᠠᠪᠴᠢᠭᠳᠠᠨ ᠣᠯᠠᠩᠬᠢ ᠠᠨᠤ ᠴᠥᠮ ᠬᠣᠣᠷ ᠢ ᠠᠮᠰᠠᠪᠠ᠃ ᠲᠡᠢᠨ ᠬᠦ᠌ ᠬᠤᠪᠢᠯᠠᠢ ᠬᠠᠭᠠᠨ ᠪᠦᠬᠦ ᠤᠯᠤᠰ ᠲᠤᠷ ᠶᠡᠬᠡ ᠪᠠᠶᠠᠷ ᠭᠡᠮᠡᠨ ᠱᠧ ( ᠥᠷᠥᠰᠢᠶᠡᠯ ) ᠪᠠᠭᠤᠯᠭᠠᠨ ᠶᠠᠯᠠᠲᠠᠨ ᠪᠦᠬᠦᠨ ᠢ᠋ ᠰᠤᠯᠠᠯᠠᠵᠤ ᠵᠦᠩ ᠲᠦᠩ ᠦ᠋ᠨ ᠲᠠᠪᠤᠳᠤᠭᠠᠷ ᠣᠨ ᠢ᠋ᠶ᠋ᠠᠨ ᡁᠢ ᠶᠤᠸᠠᠨ ᠤ᠋ ᠠᠩᠬᠠᠭᠳᠤᠭᠠᠷ ᠣᠨ ᠭᠡᠮᠡᠨ ᠬᠠᠯᠠᠵᠤ ᠡᠨᠡ ᠶᠡᠬᠡ ᠪᠠᠶᠠᠷ ᠢ᠋ ᠲᠡᠮᠳᠡᠭᠯᠡᠪᠡ᠃ 
       ᠲᠡᠳᠦᠢ ᠳ᠋ᠦ᠍ᠷ ᠠᠯᠲᠠᠨ ᠣᠷᠳᠣᠨ ᠤ᠋ ᠤᠯᠠᠭᠴᠢ ᠬ᠍ᠡᠨ ᠂ ᠴᠠᠭᠠᠨ ᠣᠷᠳᠣᠨ ᠤ᠋ ᠪᠠᠷᠰ ᠬᠠᠨ ᠂ ᠢᠷᠡᠨ ᠦ᠌ ᠠᠪᠠᠬ᠎ᠠ ᠬᠠᠨ ᠂ ᠪᠢᠰᠢ ᠪᠠᠯᠭᠠᠰᠤᠨ ᠤ᠋ ᠰᠠᠢᠲᠤ ᠬᠠᠨ ᠴᠥᠮ ᠶᠡᠬᠡ ᠤᠯᠤᠰ ᠢ᠋ ᠡᠵᠡᠯᠡᠵᠦ ᠲᠡᠢᠨ ᠪᠠᠢᠯᠳᠤᠭᠠᠨ ᠳ᠋ᠤᠷ ᠳᠠᠳᠮᠠᠭᠠᠢ ᠬᠥᠮᠦᠰ ᠪᠥᠭᠡᠳ ᠬᠤᠪᠢᠯᠠᠢ ᠶ᠋ᠢ ᠬᠠᠭᠠᠨ ᠰᠠᠭᠤᠷᠢᠨ ᠢ᠋ ᠡᠵᠡᠷᠬᠡᠨ ᠮᠣᠩᠭᠣᠯ ᠨᠤᠲᠤᠭ ᠪᠠ ᠬᠠᠳ ᠬᠥᠪᠡᠭᠦᠳ ᠢ ᠬᠢᠳᠤᠭᠰᠠᠨ ᠬᠠᠷᠭᠢᠰ ᠶᠠᠪᠤᠳᠠᠯ ᠤ᠋ᠳ ᠢ᠋ ᠮᠣᠩᠭᠣᠯ ᠨᠤᠲᠤᠭ ᠠᠴᠠ ᠣᠴᠢᠭᠰᠠᠨ ᠣᠷᠭᠣᠳᠠᠯ ᠠ᠋ᠴᠠ ᠰᠣᠨᠣᠰᠴᠤ ᠳᠤᠷ᠎ᠠ ᠥᠭᠡᠢᠰᠴᠦ ᠪᠣᠢ ᠶ᠋ᠢ ᠮᠡᠳᠡᠵᠦ ᠬᠤᠪᠢᠯᠠᠢ ᠬᠠᠭᠠᠨ ᠡᠳᠡᠭᠡᠷ ᠤᠯᠤᠰ ᠲᠤᠷ ᠵᠠᠷᠯᠢᠭ ᠵᠢᠭᠠᠪᠤᠷᠢ ᠥᠭᠴᠦ ᠭᠠᠢᠯᠢ ᠲᠠᠲᠠᠪᠤᠷᠢ ᠠᠪᠬᠤ ᠶ᠋ᠢ ᠱᠠᠭᠠᠷᠳᠠᠬᠤ ᠦᠭᠡᠢ ᠪᠥᠭᠡᠳ ᠬᠡᠵᠢᠶ᠎ᠡ ᠨᠢᠭᠡᠨᠲᠡ ᠬᠣᠯᠪᠣᠭᠠᠯᠠᠨ ᠬᠦᠷᠴᠦ ᠢᠷᠡᠬᠦ ᠡᠴᠡ ᠪᠣᠯᠭᠣᠮᠵᠢᠯᠠᠨ ᠺᠠᠢ ᠫᠢᠩ ᠢ ᠬᠠᠮᠠᠭᠠᠯᠠᠬᠤ ᠴᠡᠷᠢᠭ ᠵᠠᠩᠵᠤᠨ ᠢ ᠥᠴᠦᠬᠡᠨ ᠴᠦ᠍ ᠰᠤᠯᠠᠷᠠᠭᠤᠯᠤᠭᠰᠠᠨ ᠦᠭᠡᠢ ᠬᠠᠷᠢᠨ ᠴᠡᠷᠢᠭ ᠲᠠᠲᠠᠵᠤ ᠨᠢᠭᠡᠨᠲᠡᠭᠡᠭᠦᠷ ᠢ᠋ᠶ᠋ᠡᠨ ᠰᠥᠩ ᠤᠯᠤᠰ ᠯᠤᠭ᠎ᠠ ᠡᠶᠡᠳᠡᠵᠦ ᠲᠦᠰᠢᠭ ᠪᠣᠯᠭᠠᠰᠤᠭᠠᠢ ᠭᠡᠮᠡᠨ ᠴᠢᠷᠮᠠᠢᠮᠤᠢ ᠃ ᠭᠡᠲᠡᠯ᠎ᠡ ᠰᠥᠩ ᠤᠯᠤᠰ ᠬᠤᠪᠢᠯᠠᠢ ᠬᠠᠭᠠᠨ ᠤ᠋ ᠡᠨᠡ ᠴᠢᠩ ᠦᠨᠡᠨ ᠰᠡᠳᠬᠢᠯ ᠢ ᠮᠡᠳᠡᠬᠦ ᠦᠭᠡᠢ ᠂ ᠬᠤᠪᠢᠯᠠᠢ ᠬᠠᠭᠠᠨ ᠡᠶᠡᠳᠡᠬᠦ ᠶ᠋ᠢ ᠤᠯᠠᠮ ᠪᠠᠴᠢᠮ ᠱᠠᠭᠠᠷᠳᠠᠪᠠᠰᠤ ᠮᠣᠩᠭᠣᠯ ᠢ᠋ ᠲᠡᠳᠦᠢ ᠪᠠᠭᠤᠷᠠᠢ ᠭᠡᠮᠡᠨ ᠦᠵᠡᠵᠦ ᠬᠣᠣ ᠵᠢᠩ ᠨᠠᠷ ᠢ᠋ ᠬᠣᠷᠢᠵᠤ ᠪᠠᠢᠬᠤ ᠪᠠᠷ ᠪᠠᠷᠠᠬᠤ ᠦᠭᠡᠢ ᠳᠠᠷᠠᠭ᠎ᠠ ᠡᠯᠴᠢ ᠶ᠋ᠢ ᠴᠠᠪᠴᠢᠵᠤ ᠬᠣᠣ ᠵᠢᠩ ᠨᠠᠷ ᠢ᠋ ᠪᠠᠭᠤᠵᠤ ᠥᠭ ᠭᠡᠮᠡᠨ ᠰᠦᠷᠳᠡᠭᠦᠯᠦᠮᠦᠢ᠃ ᠬᠤᠪᠢᠯᠠᠢ ᠬᠠᠭᠠᠨ ᠵᠠᠷᠯᠢᠭ ᠪᠣᠯᠵᠤ ᠥᠩᠭᠡᠷᠡᠭᠰᠡᠨ ᠬᠡᠷᠡᠭ ᠦ᠋ᠨ ᠬᠣᠢᠨ᠎ᠠ  ᠠ᠋ᠴᠠ ᠬᠥᠭᠡᠭᠡᠴᠡᠯᠳᠦᠨ ᠡᠶᠡᠳᠡᠬᠦ ᠵᠠᠮ ᠢ᠋ ᠲᠠᠰᠤᠯᠬᠤᠢ ᠳ᠋ᠤᠷ ᠦᠯᠦ ᠬᠦᠷᠭᠦᠯ ᠬᠡᠮᠡᠪᠡ᠃ ᠲᠡᠢᠨ ᠬᠦ᠌ ᠣᠯᠠᠨ ᠲᠦᠰᠢᠮᠡᠳ ᠠᠶᠤᠨ ᠬᠣᠩᠰᠢᠶᠠᠷ ᠲᠥᠷᠥᠬᠦ  ᠬᠥᠮᠦᠨ ᠦᠭᠡᠢ ᠪᠣᠯᠪᠠᠢ᠃ 
      ᠵᠦᠩ ᠲᠦᠩ ᠦ᠋ᠨ ᠭᠤᠷᠪᠠᠳᠤᠭᠠᠷ ᠣᠨ ᠤ᠋ ᠶᠢᠰᠦᠨ ᠰᠠᠷ᠎ᠠ ᠳ᠋ᠤᠷ ᠣᠯᠠᠨ ᠲᠦᠰᠢᠮᠡᠳ ᠵᠡᠷᠭᠡ ᠪᠡᠷ ᠰᠥᠩ ᠤᠯᠤᠰ ᠤ᠋ᠨ ᠲᠠᠰᠤᠷᠠᠰᠢ ᠦᠭᠡᠢ ᠬᠠᠯᠳᠠᠵᠤ ᠪᠠᠢᠬᠤ ᠶ᠋ᠢ ᠪᠠᠭ᠎ᠠ ᠨᠢᠴᠤᠭᠠᠪᠠᠰᠤ ᠵᠣᠬᠢᠮᠤᠢ ᠭᠡᠮᠡᠨ ᠭᠤᠶᠤᠭᠰᠠᠨ ᠳ᠋ᠤᠷ ᠬᠤᠪᠢᠯᠠᠢ ᠬᠠᠭᠠᠨ ᠠᠷᠭ᠎ᠠ ᠦᠭᠡᠢ ᠵᠥᠪᠰᠢᠶᠡᠷᠡᠵᠦ ᠠᠵᠤᠤ ᠶ᠋ᠢ ᠡᠮᠦᠨᠡᠲᠦ ᠶ᠋ᠢ ᠲᠦᠪᠰᠢᠳᠬᠡᠬᠦ ᠶᠡᠬᠡ ᠶᠤᠸᠠᠨᠱᠤᠸᠠᠢ ᠡᠷᠭᠦᠮᠵᠢᠯᠡᠵᠦ ᠰᠥᠩ ᠤᠯᠤᠰ ᠢ᠋ ᠰᠡᠷᠭᠡᠢᠯᠡᠨ ᠰᠠᠭᠤᠭᠲᠤᠨ ᠭᠡᠮᠡᠨ ᠵᠠᠬᠢᠪᠠ᠃  
      ᠠᠵᠤᠤ ᠠᠨᠤ ᠰᠥᠪᠡᠭᠡᠳᠡᠢ ᠪᠠᠭᠠᠲᠤᠷ ᠤ᠋ᠨ ᠠᠴᠢ ( ᠣᠮᠪᠣᠯ ) ᠤᠷᠢᠶᠠᠩᠬᠠᠳᠠᠢ ᠶ᠋ᠢᠨ ᠬᠥᠪᠡᠭᠦᠨ ᠂ ᠥᠭᠡᠳᠡᠢ ᠬᠠᠭᠠᠨ ᠤ᠋ ᠵᠢᠭᠡ ᠪᠣᠯᠠᠢ᠃ ᠰᠦᠪᠡᠬᠡᠲᠡᠢ ᠪᠠᠭᠠᠲᠤᠷ ᠪᠠᠲᠤ ᠬᠠᠨ ᠤ᠋ ᠬᠠᠮᠲᠤ ᠬᠣᠶᠠᠷ ᠤᠳᠠᠭ᠎ᠠ ᠧᠦ᠋ᠷᠣᠫᠠ ᠤᠯᠤᠰ ᠤ᠋ᠳ ᠢ᠋ ᠪᠠᠢᠯᠳᠤᠨ ᠳᠠᠭᠠᠭᠤᠯᠬᠤ ᠠᠶᠠᠨ ᠲᠡᠢᠨ ᠳ᠋ᠦ᠍ᠷ ᠶᠠᠪᠤᠭᠠᠳ ᠥᠭᠡᠳᠡᠢ ᠬᠠᠭᠠᠨ ᠲᠡᠭᠷᠢ ᠪᠣᠯᠤᠭᠰᠠᠨ ᠬᠣᠢᠨ᠎ᠠ ᠪᠠᠲᠤ ᠬᠠᠨ ᠢ᠋ ᠢᠳᠬᠠᠨ ᠬᠠᠳ ᠤ᠋ᠨ ᠬᠤᠷᠠᠯ ᠬᠤᠷᠠᠯᠳᠤᠭᠤᠯᠵᠤ ᠭᠦᠶᠦᠭ ᠬᠠᠨ ᠢ ᠰᠣᠩᠭᠣᠵᠤ ᠬᠠᠭᠠᠨ ᠰᠢᠷᠡᠭᠡᠨ ᠳ᠋ᠦ᠍ᠷ ᠵᠠᠯᠠᠵᠤ ᠲᠡᠷᠢᠭᠦᠨ᠎ᠡ ᠬᠠᠲᠤᠨ ᠤ᠋ ᠲᠥᠷᠥ ᠶ᠋ᠢ ᠡᠴᠦᠰᠯᠡᠭᠦᠯᠪᠡ᠃ ᠰᠥᠪᠡᠭᠡᠳᠡᠢ ᠪᠠᠭᠠᠲᠤᠷ ᠭᠦᠶᠦᠭ ᠬᠠᠭᠠᠨ ᠳ᠋ᠤᠷ ᠤᠯᠠᠭᠠᠨ ᠮᠣᠷᠢ ᠵᠢᠯ ᠬᠠᠷ᠎ᠠ ᠬᠣᠷᠢᠨ᠎ᠠ ᠢᠷᠡᠵᠦ ᠪᠠᠷᠠᠭᠠᠯᠠᠭᠠᠳ ᠲᠤᠤᠯᠠ ᠶ᠋ᠢᠨ ᠭᠣᠣᠯ ᠤ᠋ᠨ ᠨᠤᠲᠤᠭ ᠲᠠᠭᠠᠨ ᠪᠤᠴᠠᠵᠤ ᠳᠠᠯᠠᠨ ᠭᠤᠷᠪᠠᠨ ᠰᠡᠭᠦᠳᠡᠷ ᠲᠡᠢ ᠨᠥᠭᠴᠢᠪᠡ᠃  
      ᠲᠡᠭᠦᠨ ᠦ᠌ ᠬᠥᠪᠡᠭᠦᠨ ᠤᠷᠢᠶᠠᠩᠬᠠᠳᠠᠢ ᠪᠠᠭ᠎ᠠ ᠠ᠋ᠴᠠ ᠪᠠᠨ ᠡᠴᠢᠭᠡ ᠪᠡᠨ ᠳᠠᠭᠠᠵᠤ ᠪᠣᠭᠳᠠ ᠴᠢᠩᠭᠢᠰ ᠬᠠᠭᠠᠨ ᠤ᠋ ᠦᠶ᠎ᠡ ᠡᠴᠡ ᠲᠡᠢᠨ ᠪᠠᠢᠯᠳᠤᠭᠠᠨ ᠳ᠋ᠤᠷ ᠣᠷᠣᠯᠴᠠᠵᠤ ᠭᠠᠪᠢᠶ᠎ᠠ ᠪᠠᠢᠭᠤᠯᠵᠤ ᠪᠠᠷᠠᠭᠤᠨ ᠬᠢᠵᠠᠭᠠᠷ ᠢ ᠪᠠᠢᠯᠳᠤᠨ ᠳᠠᠭᠠᠭᠤᠯᠬᠤ ᠠᠶᠠᠨ ᠲᠡᠢᠨ ᠳ᠋ᠦ᠍ᠷ ᠪᠠᠰᠠ ᠶᠡᠬᠡ ᠭᠠᠪᠢᠶ᠎ᠠ ᠪᠠᠢᠭᠤᠯᠵᠤ ᠪᠠᠭᠠᠲᠤᠷ ᠪᠣᠳᠣᠯᠭ᠎ᠠ ᠪᠠᠷ ᠠᠯᠳᠠᠷᠰᠢᠪᠠ᠃ ᠬᠤᠪᠢᠯᠠᠢ ᠬᠠᠭᠠᠨ ᠺᠠᠢ ᠫᠢᠩ ᠳ᠋ᠦ᠍ᠷ ᠬᠠᠭᠠᠨ ᠰᠠᠭᠤᠷᠢᠨ ᠳ᠋ᠤᠷ ᠰᠠᠭᠤᠭᠰᠠᠨ ᠤ᠋ ᠬᠣᠢᠨ᠎ᠠ ᠠᠷᠢᠬᠪᠥ᠋ᠬᠡ ᠬᠠᠭᠠᠨ ᠥᠯᠪᠡᠷᠴᠦ ᠦᠬᠦᠭᠰᠡᠨ ᠦ᠌ ᠳᠠᠷᠠᠭ᠎ᠠ ᠺᠠᠢ ᠫᠢᠩ ᠳ᠋ᠦ᠍ᠷ ᠢᠷᠡᠵᠦ ᠪᠠᠷᠠᠭᠠᠯᠠᠭᠠᠳ ᠵᠡᠷᠭᠡ ᠲᠤᠰᠢᠶᠠᠯ ᠢ᠋ᠶ᠋ᠠᠨ ᠪᠤᠴᠠᠭᠠᠨ ᠳᠡᠭᠡᠳᠦᠰ ᠦ᠋ᠨ ᠨᠤᠲᠤᠭ ᠲᠤᠤᠯᠠ ᠶ᠋ᠢᠨ ᠭᠣᠣᠯ ᠳ᠋ᠤᠷ ᠢᠷᠡᠵᠦ ᠬᠥᠳᠡᠭᠡᠰᠢᠨ ᠰᠠᠭᠤᠵᠤ ᠤᠯᠤᠰ ᠭᠡᠷ ᠦ᠋ᠨ ᠶᠠᠪᠤᠳᠠᠯ ᠳ᠋ᠤᠷ ᠣᠷᠣᠯᠴᠠᠬᠤ ᠦᠭᠡᠢ ᠠᠵᠤ ᠲᠥᠷᠥᠨ ᠳᠠᠯᠠᠨ ᠬᠣᠶᠠᠷ ᠲᠠᠢ ᠨᠥᠭᠴᠢᠪᠡ ᠬᠡᠮᠡᠮᠦ᠃  
      ᠠᠵᠤᠤ ᠤᠷᠢᠶᠠᠩᠬᠠᠳᠠᠢ ᠶ᠋ᠢᠨ ᠬᠥᠪᠡᠭᠦᠨ ᠪᠥᠭᠡᠳ ᠮᠥᠩᠬᠡ ᠬᠠᠭᠠᠨ ᠤ᠋ ᠬᠦᠷᠭᠡᠨ ᠪᠣᠯᠠᠢ᠃ ᠪᠠᠭ᠎ᠠ ᠠ᠋ᠴᠠ ᠡᠴᠢᠭᠡ ᠪᠡᠨ ᠳᠠᠭᠠᠵᠤ ᠲᠡᠢᠨ ᠪᠠᠢᠯᠳᠤᠭᠠᠨ ᠳ᠋ᠤᠷ ᠣᠷᠣᠯᠴᠠᠵᠤ ᠴᠡᠷᠢᠭ ᠬᠡᠷᠡᠭᠯᠡᠬᠦᠢ ᠳ᠋ᠦ᠍ᠷ ᠮᠡᠷᠭᠡᠨ ᠂ ᠪᠢᠴᠢᠭ ᠨᠣᠮ ᠳ᠋ᠤᠷ ᠳᠤᠷᠠᠲᠠᠢ ᠂ ᠴᠡᠭᠡᠵᠢ ᠠᠭᠤᠳᠠᠮ ᠂ ᠰᠡᠳᠬᠢᠯ ᠲᠠᠢᠪᠤᠩ ᠂ ᠠᠷᠭ᠎ᠠ ᠦᠯᠡᠮᠵᠢ ᠂ ᠪᠠᠭᠠᠲᠤᠷ ᠲᠦᠮᠡᠨ ᠡᠷ᠎ᠡ ᠶ᠋ᠢ ᠲᠡᠩᠴᠡᠮᠦᠢ᠃ ᠡᠴᠢᠭᠡ ᠪᠡᠨ ᠳᠠᠭᠠᠵᠤ ᠠᠶᠠᠨ ᠲᠡᠢᠨ ᠳ᠋ᠦ᠍ᠷ ᠶᠠᠪᠤᠬᠤᠢ ᠳ᠋ᠤᠷ ᠲᠡᠭᠦᠨ ᠯᠦ᠍ᠭᠡ ᠲᠡᠩᠴᠡᠬᠦ ᠵᠠᠩᠵᠤᠨ ᠪᠠᠢᠭᠰᠠᠨ ᠦᠭᠡᠢ ᠬᠡᠮᠡᠮᠦ᠃ ᠬᠣᠵᠢᠮ ᠯᠢ ᠲᠠᠨ ᠤ᠋ ᠤᠷᠪᠠᠯᠭ᠎ᠠ ᠶ᠋ᠢ ᠳᠠᠷᠤᠬᠤᠢ ᠳ᠋ᠤᠷ ᠭᠣᠣᠯ ᠬᠦᠴᠦᠨ ᠪᠣᠯᠵᠤ ᠶᠡᠬᠡᠳᠡ ᠠᠯᠳᠠᠷᠰᠢᠪᠠ᠃ ᠭᠡᠪᠡᠴᠦ ᠬᠤᠪᠢᠯᠠᠢ ᠬᠠᠭᠠᠨ ᠤᠷᠢᠶᠠᠩᠬᠠᠳᠠᠢ ᠡᠴᠢᠭᠡ ᠬᠥᠪᠡᠭᠦᠨ ᠬᠣᠶᠠᠷ ᠲᠤᠷ ᠰᠡᠵᠢᠭᠯᠡᠨ ᠠᠵᠤᠤ ᠶ᠋ᠢ ᠬᠣᠯᠠᠳᠠᠭᠤᠯᠵᠤ ᠭᠠᠭᠴᠠᠬᠦ ᠡᠴᠢᠭᠡ ᠬᠥᠪᠡᠭᠦᠨ ᠦ᠌ ᠨᠡᠷ᠎ᠡ ᠬᠦᠨᠳᠦ ᠪᠠᠭᠠᠲᠤᠷ ᠬᠦᠴᠦᠷᠬᠡᠭ ᠲᠣᠷ ᠳᠠᠷᠤᠭᠳᠠᠵᠤ ᠭᠠᠷ ᠬᠥᠳᠡᠯᠵᠦ ᠴᠢᠳᠠᠭᠰᠠᠨ ᠦᠭᠡᠢ ᠬᠡᠮᠡᠮᠦ᠃  
      ᠵᠦᠩ ᠲᠦᠩ ᠦ᠋ᠨ ᠭᠤᠷᠪᠠᠳᠤᠭᠠᠷ ᠣᠨ ᠤ᠋ ᠶᠢᠰᠦᠨ ᠰᠠᠷ᠎ᠠ ᠳ᠋ᠤᠷ ᠠᠵᠤᠤ ᠡᠮᠦᠨ᠎ᠡ ᠶ᠋ᠢ ᠳᠠᠷᠤᠩᠭᠤᠢᠯᠠᠬᠤ ᠶᠡᠬᠡ ᠶᠤᠸᠠᠨᠱᠤᠸᠠᠢ ᠶ᠋ᠢᠨ ᠲᠤᠰᠢᠶᠠᠯ ᠢ᠋ ᠬᠦᠯᠢᠶᠡᠨ ᠠᠪᠴᠤ ᠪᠢᠶᠠᠨ ᠯᠢᠶᠠᠩ ᠳ᠋ᠤᠷ ᠴᠡᠷᠢᠭ ᠮᠣᠷᠢ ᠪᠠᠨ ᠪᠣᠯᠪᠠᠰᠤᠷᠠᠭᠤᠯᠤᠨ ᠰᠠᠭᠤᠪᠠ ᠃ 
       ᡁᠢ ᠶᠤᠸᠠᠨ ᠤ᠋ ᠠᠩᠬᠠᠳᠤᠭᠠᠷ ᠣᠨ ᠂ ᠰᠥᠩ ᠤᠯᠤᠰ ᠤ᠋ᠨ ᠵᠢᠩ ᠲᠢᠩ ᠦ᠋ᠨ ᠲᠠᠪᠤᠳᠤᠭᠠᠷ ᠣᠨ ᠳ᠋ᠤᠷ ᠰᠥᠩ ᠤᠯᠤᠰ ᠤ᠋ᠨ ᠯᠢᠽᠥ᠋ᠩ ᠬᠠᠭᠠᠨ ᠡᠪᠡᠳᠴᠢᠯᠡᠭᠡᠳ ᠳᠡᠮᠡᠢ ᠤᠳᠠᠭᠰᠠᠨ ᠦᠭᠡᠢ ᠦᠬᠦᠵᠦ ᠲᠠᠢᠽᠢ ᠵᠢᠢ ᠰᠠᠭᠤᠷᠢᠨ ᠢ ᠵᠠᠯᠭᠠᠮᠵᠢᠯᠠᠪᠠ᠃ ᠪᠡᠶ᠎ᠡ ᠪᠡᠨ ᠳᠦ ᠽᠦᠩ ᠬᠠᠭᠠᠨ ᠭᠡᠮᠡᠨ ᠣᠨ ᠤ᠋ ᠨᠡᠷ᠎ᠡ ᠪᠡᠨ ᠬᠤᠢ ᠽᠦᠨ ᠦ᠌ ᠠᠩᠬᠠᠳᠤᠭᠠᠷ ᠣᠨ ᠬᠡᠮᠡᠪᠡᠢ᠃ 
       ᠰᠥᠩ ᠦ᠋ᠨ ᠯᠢᠽᠥ᠋ᠩ ᠬᠠᠭᠠᠨ ᠰᠠᠭᠤᠷᠢᠨ᠎ᠠ ᠳᠥᠴᠢᠨ ᠣᠨ ᠰᠠᠭᠤᠵᠤ ᠣᠨ ᠤ᠋ ᠨᠡᠷ᠎ᠡ ᠪᠡᠨ ᠵᠢᠷᠭᠤᠭ᠎ᠠ ᠥᠭᠡᠷᠡᠴᠢᠯᠡᠨ ᠵᠢᠷᠠᠨ ᠬᠣᠶᠠᠷ ᠲᠠᠢ ᠨᠥᠭᠴᠢᠪᠡ᠃  
      ᠰᠥᠩ ᠤᠯᠤᠰ ᠤ᠋ᠨ ᠰᠢᠨ᠎ᠡ ᠬᠠᠭᠠᠨ ᠳᠦ ᠽᠦᠩ ᠰᠠᠭᠤᠷᠢᠨ ᠢ ᠵᠠᠯᠭᠠᠮᠵᠢᠯᠠᠭᠰᠠᠨ ᠠᠨᠤ ᠴᠥᠮ ᠵᠢᠶᠠ ᠽᠢ ᠳ᠋ᠣᠣ ᠶ᠋ᠢᠨ ᠵᠢᠳᠬᠦᠭᠰᠡᠨ ᠭᠠᠪᠢᠶ᠎ᠠ ᠭᠡᠮᠡᠨ ᠵᠢᠶᠠ ᠽᠢ ᠳ᠋ᠣᠣ ᠶ᠋ᠢ ᠲᠠᠢᠰᠢ ᠡᠷᠭᠦᠮᠵᠢᠯᠡᠨ ᠠᠭᠤᠯᠵᠠᠬᠤ ᠪᠦᠷᠢ ᠰᠠᠭᠤᠳᠠᠯ ᠠ᠋ᠴᠠ ᠪᠠᠨ ᠪᠠᠭᠤᠵᠤ ᠪᠠᠭᠰᠢ ᠰᠠᠢᠳ ᠭᠡᠮᠡᠨ ᠬᠦᠨᠳᠦᠳᠬᠡᠮᠦᠢ᠃ ᠲᠥᠷᠥ ᠶ᠋ᠢᠨ ᠣᠯᠠᠨ ᠰᠠᠢᠳ ᠪᠢᠯᠳᠠᠤᠴᠢᠯᠠᠵᠤ ᠲᠡᠭᠦᠨ ᠢ ᠪᠠᠰᠠ ᠵᠧᠦ ᠬᠦᠩ ᠭᠡᠮᠡᠨ ᠳᠠᠭᠤᠳᠠᠮᠤᠢ᠃ ᠲᠡᠢᠨ ᠬᠦ᠌ ᠵᠢᠶᠠ ᠽᠢ ᠳ᠋ᠣᠣ ᠤᠯᠠᠮ ᠣᠮᠣᠭᠰᠢᠵᠤ ᠶᠠᠪᠤᠨ ᠶᠠᠪᠤᠭᠰᠠᠭᠠᠷ ᠳᠦ ᠽᠦᠩ ᠬᠠᠭᠠᠨ ᠢ᠋ᠶ᠋ᠠᠨ ᠴᠤ᠌ ᠨᠢᠳᠦᠨ ᠳ᠋ᠡᠭᠡᠨ ᠴᠦ᠍ ᠬᠠᠪᠴᠢᠬᠤ ᠦᠭᠡᠢ ᠪᠣᠯᠪᠠᠢ᠃ 
    ᠲᠡᠳᠦᠢ ᠳ᠋ᠦ᠍ᠷ ᠰᠥᠩ ᠤᠯᠤᠰ ᠬᠥᠬᠡ ᠮᠥᠷᠡᠨ ᠦ᠌ ᠪᠠᠢᠭᠠᠯᠢ ᠶ᠋ᠢᠨ ᠬᠠᠯᠬᠠᠪᠴᠢ ᠳ᠋ᠤᠷ ᠢᠲᠡᠭᠡᠵᠦ᠂ ᠦ ᠴᠦ ᠶ᠋ᠢᠨ ᠭᠠᠵᠠᠷ ᠢ᠋ ᠡᠵᠡᠯᠡᠨ ᠤᠯᠤᠰ ᠬᠡᠮᠡᠮᠦᠢ᠃ ᠬᠡᠷᠪᠡ ᠬᠥᠬᠡ ᠮᠥᠷᠡᠨ ᠦ᠌ ᠬᠠᠯᠬᠠᠪᠴᠢ ᠪᠠᠨ ᠠᠯᠳᠠᠪᠠᠰᠤ ᠦ ᠴᠦ ᠶ᠋ᠢᠨ ᠭᠠᠵᠠᠷ ᠲᠣᠭᠲᠠᠬᠤ ᠲᠦᠰᠢᠭ ᠦᠭᠡᠢ ᠪᠣᠯᠬᠤ ᠪᠣᠯᠠᠢ ᠂ ᠰᠢᠶᠠᠩ ᠶᠠᠩ ᠂ ᠹᠠᠨ ᠴᠧᠩ ᠬᠣᠶᠠᠷ ᠬᠣᠲᠠ ᠠᠨᠤ ᠳᠠᠷᠤᠢ ᠬᠥᠬᠡ ᠮᠥᠷᠡᠨ ᠦ᠌ ᠪᠠᠭᠠᠯᠵᠤᠤᠷ ᠲᠤᠯᠠ ᠬᠡᠷᠪᠡ ᠰᠢᠶᠠᠩ ᠶᠠᠩ ᠂ ᠹᠠᠨ ᠴᠧᠩ ᠢ᠋ ᠡᠵᠡᠯᠡᠪᠡᠰᠦ ᠬᠠᠨ ᠰᠦᠢ ᠮᠥᠷᠡᠨ ᠤᠷᠤᠭᠤ ᠪᠠᠭᠤᠬᠤᠢ ᠳ᠋ᠤᠷ ᠣᠭᠲᠣ ᠬᠣᠷᠢᠭᠯᠠᠯ ᠦᠭᠡᠢ ᠪᠣᠯᠠᠢ᠃ 
       ᠰᠢᠶᠠᠩ ᠶᠠᠩ ᠂ ᠹᠠᠨ ᠴᠧᠩ ᠬᠡᠮᠡᠭᠴᠢ ᠬᠠᠨ ᠰᠦᠢ ᠮᠥᠷᠡᠨ ᠢ᠋ ᠵᠠᠢᠳᠠᠯᠠᠨ ᠦᠬᠡᠷ ᠦ᠋ᠨ ᠡᠪᠡᠷ ᠮᠡᠲᠦ ᠵᠡᠷᠭᠡᠴᠡᠨ ᠣᠷᠣᠰᠢᠵᠤ ᠬᠣᠶᠠᠷ ᠬᠣᠲᠠ ᠶ᠋ᠢᠨ ᠳᠤᠮᠳᠠ ᠪᠠᠷ ᠬᠠᠨ ᠰᠦᠢ ᠮᠥᠷᠡᠨ ᠤᠷᠤᠰᠬᠤ ᠲᠤᠯᠠ ᠰᠥᠩ ᠤᠯᠤᠰ ᠮᠥᠷᠡᠨ ᠳ᠋ᠦ᠍ᠷ ᠣᠯᠠᠨ ᠪᠤᠯᠠᠭ᠎ᠠ ᠮᠣᠳᠣ ᠰᠢᠭᠢᠳᠴᠦ ᠪᠤᠯᠠᠭ᠎ᠠ ᠶ᠋ᠢᠨ ᠳᠡᠭᠡᠷ᠎ᠡ ᠨᠢᠷᠤᠭᠤ ᠲᠠᠯᠪᠢᠵᠤ ᠬᠣᠶᠠᠷ ᠬᠣᠲᠠ ᠶ᠋ᠢᠨ ᠳᠤᠮᠳᠠ ᠬᠠᠷᠢᠯᠴᠠᠨ ᠶᠠᠪᠤᠯᠴᠠᠬᠤ ᠵᠠᠮ ᠪᠣᠯᠭᠠᠪᠠ ᠃ ᠪᠠᠰᠠ ᠪᠤᠯᠠᠭ᠎ᠠ ᠶ᠋ᠢᠨ ᠬᠣᠭᠣᠷᠣᠨᠳᠣ ᠲᠡᠮᠦᠷ ᠭᠢᠨᠵᠢ ᠪᠡᠷ ᠬᠣᠯᠪᠣᠵᠤ ᠳᠠᠢᠰᠤᠨ ᠤ᠋ ᠣᠩᠭᠣᠴᠠ ᠶ᠋ᠢ ᠬᠣᠷᠢᠭᠯᠠᠬᠤ ᠪᠠᠷ ᠪᠡᠯᠡᠳᠬᠡᠪᠡ ᠃ ᠨᠢᠭᠡ ᠬᠣᠲᠠ ᠶ᠋ᠢ ᠪᠠᠢᠯᠳᠤᠪᠠᠰᠤ ᠨᠥᠭᠦᠭᠡ ᠬᠣᠲᠠ ᠠᠨᠤ ᠲᠤᠰᠠᠯᠠᠵᠤ ᠬᠢᠯᠪᠠᠷ ᠠᠪᠴᠤ ᠪᠣᠯᠬᠤ ᠠᠨᠤ ᠪᠤᠰᠤ ᠃ ᠡᠢᠮᠦ ᠡᠴᠡ ᠡᠷᠲᠡᠨ ᠡᠴᠡ ᠴᠡᠷᠢᠭ ᠬᠡᠷᠡᠭᠯᠡᠭᠴᠢᠳ ᠦ᠋ᠨ ᠪᠤᠯᠢᠶᠠᠯᠳᠤᠬᠤ ᠭᠠᠵᠠᠷ ᠪᠣᠯᠪᠠᠢ ᠃ ᠬᠥᠮᠦᠰ ᠦ᠋ᠨ ᠶᠠᠷᠢᠶᠠᠨ ᠳ᠋ᠤᠷ ᠰᠢᠶᠠᠩ ᠹᠠᠨ ᠢ᠋ ᠡᠵᠡᠮᠰᠢᠭᠰᠡᠨ ᠦ᠌ ᠳᠠᠷᠠᠭ᠎ᠠ ᠭᠤᠷᠪᠠᠨ ᠦ ᠶ᠋ᠢᠨ ᠭᠠᠵᠠᠷ ᠢ᠋ ᠣᠯᠬᠤ ᠠᠨᠤ ᠭᠠᠷ ᠤ᠋ᠨ ᠠᠯᠠᠭ᠎ᠠ ᠤᠷᠪᠠᠭᠤᠯᠬᠤ ᠮᠡᠲᠦ ᠬᠢᠯᠪᠠᠷ ᠬᠡᠮᠡᠳᠡᠭ᠃ 
       ᡁᠢ ᠶᠤᠸᠠᠨ ᠤ᠋ ᠠᠩᠬᠠᠳᠤᠭᠠᠷ ᠣᠨ ᠳ᠋ᠤᠷ ᠶᠡᠬᠡ ᠶᠤᠸᠠᠨᠱᠤᠸᠠᠢ ᠠᠵᠤᠤ ᠰᠢᠶᠠᠩ ᠹᠠᠨ ᠤ᠋ ᠣᠢᠷ᠎ᠠ ᠬᠠᠪᠢ ᠶ᠋ᠢᠨ ᠪᠠᠯᠭᠠᠰᠤᠨ ᠢ᠋ ᠦᠯᠡᠳᠡᠭᠡᠯ ᠦᠭᠡᠢ ᠪᠠᠢᠯᠳᠤᠵᠤ ᠠᠪᠤᠭᠠᠳ ᡁᠢ ᠶᠤᠸᠠᠨ ᠤ᠋  ᠳᠥᠷᠪᠡᠳᠦᠭᠡᠷ ᠣᠨ ᠤ᠋ ᠨᠠᠢ᠍ᠮᠠᠳᠤᠭᠠᠷ ᠰᠠᠷ᠎ᠠ ᠳ᠋ᠤᠷ ᠰᠠᠶᠢ  ᠴᠡᠷᠢᠭ ᠢ᠋ᠶ᠋ᠡᠨ ᠰᠢᠯᠭᠠᠵᠤ ᠬᠤ᠌ ᠲᠧᠦ ᠱᠠᠨ ᠠᠭᠤᠯᠠ ᠶ᠋ᠢᠨ ᠣᠷᠭᠢᠯ ᠳ᠋ᠤᠷ ᠭᠠᠷᠴᠤ ᠵᠢᠯᠣᠭᠣ ᠲᠠᠲᠠᠵᠤ ᠠᠭᠤᠯᠠ ᠮᠥᠷᠡᠨ ᠦ᠌ ᠪᠠᠢᠳᠠᠯ ᠢ᠋ ᠦᠵᠡᠵᠦ ᠪᠠᠢ ᠭᠧ ᠺᠧᠦ ᠶ᠋ᠢ ᠵᠢᠭᠠᠵᠤ ᠥᠭᠦᠯᠡᠷᠦᠨ ᠄《ᠲᠡᠨᠳᠡ ᠬᠡᠷᠪᠡ ᠨᠢᠭᠡᠨ ᠴᠠᠢᠵᠠ ᠪᠠᠢᠭᠤᠯᠪᠠᠰᠤ ᠰᠢᠶᠠᠩ ᠶᠠᠩ ᠤ᠋ᠨ ᠠᠮᠤ ᠬᠦᠨᠡᠰᠦ ᠶ᠋ᠢᠨ ᠵᠠᠮ ᠢ᠋ ᠲᠠᠰᠤᠯᠵᠤ ᠪᠣᠯᠤᠮᠤᠢ ᠃ ᠲᠡᠢᠨ ᠠᠪᠠᠰᠤ ᠰᠢᠶᠠᠩ ᠶᠠᠩ ᠪᠠᠢᠯᠳᠤᠬᠤ ᠦᠭᠡᠢ ᠪᠡᠷ ᠪᠠᠭᠤᠵᠤ ᠥᠭᠬᠦ ᠪᠣᠯᠠᠢ》 ᠭᠡᠮᠡᠨ ᠴᠡᠷᠢᠭ ᠮᠣᠷᠢ ᠪᠠᠨ ᠰᠢᠯᠭᠠᠷᠠᠭᠤᠯᠬᠤ ᠶ᠋ᠢᠨ ᠲᠥᠯᠥᠭᠡ ᠰᠥᠩ ᠤᠯᠤᠰ ᠤ᠋ᠨ ᠰᠠᠨᠠᠮᠰᠠᠷ ᠦᠭᠡᠢ ᠳ᠋ᠦ᠍ᠷ ᠰᠢᠭᠤᠳ ᠡᠨᠡ ᠵᠢᠶᠦ᠋ᠨ ᠳ᠋ᠦ᠍ᠷ ᠳᠠᠭᠠᠷᠢᠨ ᠣᠷᠣᠵᠤ ᠰᠢᠶᠠ ᠺᠧᠦ ᠂ ᠲᠢᠶᠧ ᠴᠧᠩ ᠵᠡᠷᠭᠡ ᠴᠠᠢᠵᠠ ᠶ᠋ᠢ ᠡᠪᠳᠡᠵᠦ ᠲᠠᠪᠤᠨ ᠲᠦᠮᠡ ᠢᠯᠡᠭᠦᠦ ᠬᠥᠮᠦᠨ ᠠᠮᠠ ᠣᠯᠵᠠᠯᠠᠭᠠᠳ ᠪᠤᠴᠠᠬᠤᠢ ᠳ᠋ᠤᠷ ᠰᠥᠩ ᠤᠯᠤᠰ ᠲᠡᠭᠦᠨ ᠦ᠌ ᠪᠤᠴᠠᠬᠤ ᠵᠠᠮ ᠳ᠋ᠤᠷ ᠪᠦᠭᠭᠦᠵᠦ ᠵᠠᠮ ᠢ ᠲᠠᠰᠤᠯᠪᠠᠢ᠃ ᠲᠡᠢᠨ ᠬᠦ᠌ ᠠᠵᠤᠤ ᠥᠭᠡᠷ᠎ᠡ ᠵᠠᠮ ᠢ᠋ᠶ᠋ᠠᠷ ᠣᠷᠣᠵᠤ ᠨᠠᠨ ᠶᠠᠩ ᠤ᠋ᠨ ᠣᠯᠣᠮ ᠢ᠋ᠶ᠋ᠠᠷ ᠮᠥᠷᠡᠨ ᠭᠡᠲᠦᠯᠵᠦ ᠳᠠᠢᠰᠤᠨ ᠤ᠋ ᠨᠡᠬᠡᠮᠵᠢᠯᠡᠨ ᠢᠷᠡᠬᠦ ᠵᠠᠮ ᠳ᠋ᠤᠷ ᠲᠠᠪᠤᠨ ᠮᠢᠩᠭᠠᠨ ᠰᠢᠯᠢᠳᠡᠭ ᠴᠡᠷᠢᠭ ᠵᠢᠭᠰᠠᠭᠠᠨ ᠬᠦᠯᠢᠶᠡᠪᠡᠢ᠃ ᠵᠢᠭᠰᠠᠭᠠᠯ ᠤ᠋ᠨ ᠠᠷᠤ ᠳ᠋ᠤᠷ ᠬᠡᠳᠦ ᠬᠡᠳᠦᠨ ᠬᠣᠭᠣᠰᠣᠨ ᠴᠡᠷᠢᠭ ᠦ᠋ᠨ ᠬᠦᠷᠢᠶ᠎ᠡ ᠪᠠᠢᠭᠤᠯᠵᠤ ᠰᠥᠨᠢ ᠳ᠋ᠧᠩ ᠭᠠᠯ ᠲᠠᠯᠪᠢᠭᠰᠠᠨ ᠳ᠋ᠤᠷ ᠰᠥᠩ ᠤᠯᠤᠰ ᠤ᠋ᠨ ᠵᠠᠩᠵᠤᠨ ᠰᠢᠶᠠ ᠬᠦᠢ ᠂ ᠹᠠᠨ ᠸᠸᠨ ᠬᠤ᠌ ᠬᠣᠶᠠᠷ ᠵᠥᠪᠳᠡᠯᠴᠡᠵᠦ ᠮᠣᠩᠭᠣᠯ ᠤ᠋ᠨ ᠵᠠᠮ ᠰᠠᠬᠢᠭᠰᠠᠨ ᠴᠡᠷᠢᠭ ᠦ᠋ᠨ ᠵᠢᠭᠰᠠᠭᠠᠯ ᠢ᠋ ᠲᠣᠭᠣᠷᠢᠨ ᠭᠠᠷᠴᠤ ᠰᠢᠭᠤᠳ ᠴᠡᠷᠢᠭ ᠦ᠋ᠨ ᠬᠦᠷᠢᠶ᠎ᠡ ᠶ᠋ᠢ ᠳᠠᠷᠤᠪᠠᠰᠤ ᠠᠰᠢᠭᠲᠠᠢ ᠭᠡᠮᠡᠨ ᠰᠥᠨᠢ ᠳᠦᠯᠢ ᠴᠡᠷᠢᠭ ᠠᠪᠴᠤ ᠬᠦᠷᠴᠦ ᠢᠷᠡᠭᠡᠳ ᠴᠡᠷᠢᠭ ᠦ᠋ᠨ ᠬᠦᠷᠢᠶᠡᠨ ᠳ᠋ᠦ᠍ᠷ ᠳᠠᠷᠤᠨ ᠣᠷᠣᠪᠠᠰᠤ ᠬᠠᠷᠢᠨ ᠬᠣᠭᠣᠰᠣᠨ ᠬᠦᠷᠢᠶ᠎ᠡ ᠪᠣᠯᠤᠭᠰᠠᠨ ᠳ᠋ᠤᠷ ᠠᠷᠠᠭᠠᠨ ᠳ᠋ᠤᠷ ᠣᠷᠣᠭᠰᠠᠨ ᠢ᠋ᠶ᠋ᠠᠨ ᠮᠡᠳᠡᠵᠦ ᠴᠡᠷᠢᠭ ᠪᠤᠴᠠᠭᠲᠤᠨ ᠭᠡᠮᠡᠨ ᠵᠠᠷᠯᠢᠭ ᠪᠣᠯᠲᠠᠯ᠎ᠠ ᠮᠣᠩᠭᠣᠯ ᠤ᠋ᠨ ᠪᠦᠭᠭᠦᠭᠰᠡᠨ ᠴᠡᠷᠢᠭ ᠵᠡᠷᠭᠡ ᠪᠡᠷ ᠭᠠᠷᠴᠤ ᠢᠷᠡᠭᠰᠡᠨ ᠳ᠋ᠦ᠍ᠷ ᠰᠢᠶᠠ ᠬᠦᠢ ᠂ ᠹᠠᠨ ᠸᠸᠨ ᠬᠤ᠌ ᠬᠣᠶᠠᠷ ᠠᠷᠠᠢ ᠴᠥᠭᠡᠨ ᠰᠢᠳᠠᠷ ᠬᠥᠮᠦᠰ ᠦ᠋ᠨ ᠬᠠᠮᠲᠤ ᠠᠮᠢᠳᠤ ᠭᠠᠷᠴᠤ ᠲᠦᠮᠡ ᠢᠯᠡᠭᠦᠦ ᠴᠡᠷᠢᠭ ᠢ᠋ᠶ᠋ᠡᠨ ᠬᠢᠳᠤᠭᠤᠯᠪᠠ᠃ 
       ᠡᠭᠦᠨ ᠡᠴᠡ ᠠᠵᠤᠤ ᠰᠢᠶᠠᠩ ᠂ ᠹᠠᠨ ᠬᠣᠶᠠᠷ ᠬᠣᠲᠠ ᠶ᠋ᠢ ᠠᠪᠬᠤ ᠰᠠᠨᠠᠭ᠎ᠠ ᠲᠠᠢ ᠵᠢᠯ ᠳᠠᠷᠠᠭᠠᠯᠠᠨ ᠰᠢᠶᠠᠩ ᠶᠠᠩ ᠢ᠋ ᠲᠣᠭᠣᠷᠢᠨ ᠯᠦ᠍ ᠮᠸᠨ ᠂ ᠰᠢᠨ ᠴᠧᠩ ᠵᠡᠷᠭᠡ ᠠᠷᠪᠠᠭᠠᠳ ᠴᠠᠢᠵᠠ ᠪᠠᠢᠭᠤᠯᠤᠨ ᠂ ᠪᠠᠰᠠ ᠬᠠᠨ ᠰᠦᠢ ᠮᠥᠷᠡᠨ ᠳ᠋ᠦ᠍ ᠥᠨᠳᠥᠷ ᠲᠠᠢᠵᠠ ᠪᠠᠢᠭᠤᠯᠵᠤ ᠰᠢᠭᠤᠳ ᠵᠢᠶᠠ ᠵᠢᠶᠠᠩ ᠪᠤᠤ ᠯᠤᠭ᠎ᠠ ᠬᠣᠯᠪᠣᠭᠰᠠᠨ ᠲᠤᠯᠠ ᠰᠥᠩ ᠤᠯᠤᠰ ᠤ᠋ᠨ ᠲᠤᠰᠠᠯᠠᠬᠤ ᠴᠡᠷᠢᠭ ᠰᠢᠶᠠᠩ ᠶᠠᠩ ᠬᠦᠷᠴᠦ ᠴᠢᠳᠠᠬᠤ ᠦᠭᠡᠢ ᠪᠣᠯᠪᠠᠢ ᠃ ᠢᠯᠠᠩᠭᠤᠶ᠎ᠠ ᠰᠥᠩ ᠤᠯᠤᠰ ᠤ᠋ᠨ ᠬᠠᠨ ᠰᠦᠢ ᠮᠥᠷᠡᠨ ᠳ᠋ᠦ᠍ᠷ ᠪᠤᠰᠬᠠᠭᠰᠠᠨ ᠪᠤᠯᠠᠭ᠎ᠠ ᠮᠣᠳᠣ ᠶ᠋ᠢ ᠬᠢᠷᠥᠭᠡᠳᠡᠵᠦ ᠲᠡᠮᠦᠷ ᠭᠢᠨᠵᠢ ᠶ᠋ᠢ ᠲᠠᠰᠤᠴᠠᠵᠤ ᠬᠥᠭᠥᠷᠭᠡ ᠶ᠋ᠢ ᠭᠠᠯᠳᠠᠭᠰᠠᠨ ᠳ᠋ᠤᠷ ᠰᠢᠶᠠᠩ ᠶᠠᠩ ᠂ ᠹᠠᠨ ᠴᠧᠩ ᠦ᠋ᠨ ᠬᠣᠭᠣᠷᠣᠨᠳᠣ ᠵᠠᠮ ᠲᠠᠰᠤᠷᠠᠵᠤ ᠬᠠᠷᠢᠯᠴᠠᠨ ᠲᠤᠰᠠᠯᠠᠯᠴᠠᠵᠤ ᠴᠢᠳᠠᠬᠤ ᠦᠭᠡᠢ ᠪᠣᠯᠪᠠᠢ᠃  
      ᡁᠢ ᠶᠣᠶᠠᠨ ᠤ᠋ ᠵᠢᠷᠭᠤᠳᠤᠭᠠᠷ ᠣᠨ ᠤ᠋ ᠳᠣᠯᠣᠭᠠᠨ ᠰᠠᠷ᠎ᠠ ᠳ᠋ᠤᠷ ᠶᠡᠬᠡ ᠪᠣᠷᠣᠭᠠᠯᠠᠭᠰᠠᠨ ᠲᠤᠯᠠ ᠬᠠᠨ ᠰᠦᠢ ᠮᠥᠷᠡᠨ ᠶᠡᠬᠡ ᠲᠡᠯᠢᠷᠡᠭᠡᠳ ᠰᠢᠶᠠᠩ ᠶᠠᠩ ᠂ ᠹᠠᠨ ᠴᠧᠩ ᠬᠣᠲᠠᠨ ᠳ᠋ᠤᠷ ᠤᠯᠠᠮ ᠠᠶᠤᠯ ᠪᠣᠯᠪᠠ ᠃ ᠰᠥᠩ ᠤᠯᠤᠰ ᠤ᠋ᠨ ᠶᠠᠨ ᠵᠢᠶᠠᠩ ᡁᠢ ᡁᠢ ᠰᠢ ᠨᠣᠶᠠᠨ ᠰᠢᠶᠠ ᠬᠦᠢ ᠂ ᠹᠠᠨ ᠸᠸᠨ ᠬᠤ᠌ ᠵᠠᠯᠭ᠎ᠠ ᠵᠠᠯᠭ᠎ᠠ ᠪᠠᠷ ᠢᠷᠡᠵᠦ ᠠᠷᠪᠠᠨ ᠬᠡᠳᠦᠨ ᠲᠦᠮᠡᠨ ᠶᠡᠬᠡ ᠴᠡᠷᠢᠭ ᠢ᠋ᠶ᠋ᠡᠷ ᠲᠤᠰᠠᠯᠠᠪᠠᠢ᠃  
      ᠵᠢᠴᠢ ᠥᠭᠦᠯᠡᠬᠦ ᠢᠨᠣ ᡁᠢ ᠶᠤᠸᠠᠨ ᠤ᠋ ᠨᠠᠢ᠍ᠮᠠᠳᠤᠭᠠᠷ ᠣᠨ ᠤ᠋ ᠠᠷᠪᠠᠨ ᠨᠢᠭᠡᠨ ᠰᠠᠷ᠎ᠠ ᠶ᠋ᠢᠨ ᠬᠥᠬᠡᠭᠴᠢᠨ ᠭᠠᠬᠠᠢ ᠡᠳᠦᠷ ᠲᠥᠷᠥ ᠶ᠋ᠢᠨ ᠶᠡᠬᠡ ᠰᠠᠢᠳ ᠯᠢᠦ ᠪᠢᠩ ᠵᠦᠩ ᠂ ᠸᠠᠩ ᠹᠠᠨ ᠂ ᠳ᠋ᠤ᠌ ᠱᠠᠨ ᠬᠦᠩ ᠯᠢᠦᠢ ᠨᠠᠷ ᠠ᠋ᠴᠠ ᠠᠢᠯᠠᠳᠬᠠᠭᠰᠠᠨ ᠠᠨᠤ ᠄ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠡᠳᠦᠷ ᠵᠠᠭᠤᠨ ᠲᠦᠰᠢᠮᠡᠳ ᠶᠣᠰᠣᠯᠠᠯ ᠤ᠋ᠨ ᠬᠤᠪᠴᠠᠰᠤ ᠡᠮᠦᠰᠴᠦ ᠬᠠᠭᠠᠨ ᠳ᠋ᠤᠷ ᠰᠢᠨᠡᠯᠡᠬᠦ ᠶᠣᠰᠣ ᠶ᠋ᠢ ᠲᠣᠭᠲᠠᠭᠠᠬᠤ ᠲᠤᠬᠠᠢ ᠪᠠ ᠠᠯᠲᠠᠨ ᠤᠯᠤᠰ ᠤ᠋ᠨ ᠤᠯᠠᠷᠢᠯ ᠤ᠋ᠨ ᠪᠢᠴᠢᠭ ᠲᠡᠢ ᠭᠧ ᠯᠢ ᠶ᠋ᠢ ᠬᠡᠷᠡᠭᠯᠡᠬᠦ ᠶ᠋ᠢ ᠵᠣᠭᠰᠣᠵᠤ ᠂ ᠰᠢᠨ᠎ᠡ ᠤᠯᠠᠷᠢᠯ ᠢ᠋ ᠬᠡᠷᠡᠭᠯᠡᠬᠦ ᠵᠢᠴᠢ ᠤᠯᠤᠰ ᠤ᠋ᠨ ᠨᠡᠷ᠎ᠡ ᠶ᠋ᠢ ᠶᠡᠬᠡ ᠶᠤᠸᠠᠨ ᠤᠯᠤᠰ  ᠭᠡᠮᠡᠨ ᠲᠣᠭᠲᠠᠭᠠᠬᠤ ᠶ᠋ᠢ ᠠᠢᠯᠠᠤᠬᠠᠭᠰᠠᠨ ᠳ᠋ᠤᠷ ᠬᠤᠪᠢᠯᠠᠢ ᠬᠠᠭᠠᠨ ᠴᠥᠮ ᠪᠡᠶᠡᠰᠦᠨ ᠵᠥᠪᠰᠢᠶᠡᠷᠡᠵᠦ  ᠵᠠᠷᠯᠢᠭ ᠪᠣᠯᠤᠭᠰᠠᠨ ᠢ᠋ ᠲᠣᠪᠴᠢᠯᠠᠪᠠᠰᠤ ᠄ 
       ᠮᠡᠬᠦᠰ ᠪᠢ ᠲᠡᠭᠷᠢ ᠶ᠋ᠢᠨ ᠪᠣᠱᠣᠭ ᠢ᠋ ᠬᠦᠯᠢᠶᠡᠨ ᠳᠥᠷᠪᠡᠨ ᠳᠠᠯᠠᠢ ᠶ᠋ᠢ ᠬᠠᠮᠲᠤᠤᠳᠬᠠᠨ ᠡᠵᠡᠨ ᠬᠠᠭᠠᠨ ᠤ᠋ ᠡᠷᠬᠢᠮ ᠢ᠋ ᠬᠦᠷᠲᠡᠭᠰᠡᠨ ᠲᠤᠯᠠ ᠢᠷᠠᠭᠤ ᠨᠡᠷ᠎ᠡ ᠶ᠋ᠢ ᠬᠡᠷᠡᠭᠯᠡᠬᠦ ᠢᠨᠤ ᠣᠯᠠᠨ ᠦᠶ᠎ᠡ ᠶ᠋ᠢᠨ ᠬᠠᠭᠠᠳ ᠤ᠋ᠨ ᠶᠣᠰᠣ ᠶ᠋ᠢ ᠳᠠᠭᠠᠬᠤ ᠠᠨᠤ ᠪᠣᠯᠠᠢ᠃ ᠮᠡᠬᠦᠰ ᠮᠢᠨᠦ ᠪᠡᠶ᠎ᠡ ᠡᠴᠡ ᠡᠭᠦᠰᠬᠡᠭᠰᠡᠨ ᠢᠨᠤ ᠪᠤᠰᠤ᠃ ᠳᠠᠩ ᠬᠡᠮᠡᠬᠦ ᠢᠨᠤ ᠳ᠋ᠠᠩ ᠦᠰᠦᠭ ᠪᠣᠯᠠᠢ᠃ ᠶᠣᠣ ᠶ᠋ᠢᠨ ᠡᠵᠡᠨ ᠡᠭᠦᠨ ᠢ᠋ᠶ᠋ᠡᠷ ᠠᠯᠳᠠᠷᠰᠢᠪᠠᠢ᠃ ᠢᠦᠢ ᠬᠡᠮᠡᠬᠦ ᠢᠨᠤ ᠬᠥᠭᠵᠢᠮ ᠢ᠋ ᠥᠭᠦᠯᠡᠬᠦ ᠪᠤᠶᠤ᠃ ᠱᠦᠨ ᠲᠡᠭᠦᠨ ᠢ᠋ᠶ᠋ᠡᠷ ᠴᠣᠯᠠ ᠪᠣᠯᠭᠠᠪᠠ᠃ ᠢᠦᠢ ᠮᠠᠨᠳᠤᠪᠠ᠃ ᠳᠠᠩ ᠪᠠᠢᠭᠤᠯᠤᠭᠳᠠᠭᠠᠳ ᠨᠡᠷ᠎ᠡ ᠪᠡᠨ ᠰᠢᠶᠠ ᠭᠡᠮᠡᠨ ᠢᠨ ᠭᠡᠮᠡᠨ ᠳᠠᠭᠤᠳᠠᠪᠠᠢ᠃ ᠳᠤᠮᠳᠠᠳᠤ ᠦᠶ᠎ᠡ ᠡᠴᠡ ᠢᠨᠠᠭᠰᠢ ᠴᠠᠭ ᠲᠣᠬᠢᠶᠠᠯ ᠢ᠋ᠶ᠋ᠠᠷ ᠤᠯᠤᠰ ᠪᠠᠢᠭᠤᠯᠤᠭᠰᠠᠳ ᠬᠣᠣᠷ ᠢ ᠲᠤᠩᠭᠠᠬᠤ ᠦᠭᠡᠢ ᠪᠡᠷ ᠴᠢᠨ ᠂ ᠬᠠᠨ ᠭᠡᠮᠡᠨ ᠨᠡᠷᠡᠯᠡᠭᠰᠡᠨ ᠢᠨᠤ ᠠᠩᠬ᠎ᠠ ᠮᠠᠨᠳᠤᠭᠰᠠᠨ ᠭᠠᠵᠠᠷ ᠢ᠋ᠶ᠋ᠠᠷ ᠨᠡᠷ᠎ᠡ ᠪᠣᠯᠭᠠᠨ ᠰᠦᠢ ᠬᠡᠮᠡᠬᠦ ᠂ ᠳᠠᠩ ᠬᠡᠮᠡᠬᠦ ᠮᠡᠲᠦ ᠡᠷᠭᠦᠮᠵᠢᠯᠡᠭᠳᠡᠭᠰᠡᠨ ᠭᠠᠵᠠᠷ ᠤ᠋ᠨ ᠨᠡᠷ᠎ᠡ ᠶ᠋ᠢ ᠬᠡᠷᠡᠭᠯᠡᠵᠦ ᠠᠭᠠᠳ ᠵᠠᠩᠰᠢᠵᠤ ᠤᠯᠤᠰ ᠤ᠋ᠨ ᠨᠡᠷ᠎ᠡ ᠪᠣᠯᠭᠠᠪᠠᠢ᠃ ᠭᠤᠲᠤᠮᠰᠢᠭ ᠡᠰᠡ ᠪᠣᠯᠪᠠᠢ ᠬᠡᠮᠡᠬᠦ ᠠᠷᠭ᠎ᠠ ᠦᠭᠡᠢ᠃ ᠮᠠᠨ ᠤ᠋ ᠲᠠᠢᠽᠦ ᠪᠣᠭᠳᠠ ᠪᠠᠭᠠᠲᠤᠷ ᠬᠠᠭᠠᠨ ᠲᠡᠭᠷᠢ ᠶ᠋ᠢᠨ ᠪᠣᠱᠣᠭ ᠢ᠋ ᠬᠦᠯᠢᠶᠡᠨ ᠠᠷᠤ ᠨᠤᠲᠤᠭ ᠲᠤᠷ ᠮᠠᠨᠳᠤᠵᠤ ᠬᠤᠪᠢᠯᠭᠠᠨ ᠪᠠᠭᠠᠲᠤᠷ ᠢ᠋ᠶ᠋ᠠᠷ ᠤᠯᠤᠰ ᠢ᠋ ᠪᠠᠢᠭᠤᠯᠵᠤ ᠳᠥᠷᠪᠡᠨ ᠳᠠᠯᠠᠢ ᠳ᠋ᠤᠷ ᠠᠯᠳᠠᠷᠰᠢᠨ ᠬᠢᠯᠢ ᠬᠢᠵᠠᠭᠠᠷ ᠢ᠋ ᠶᠡᠬᠡᠳᠡ ᠥᠷᠭᠡᠳᠬᠡᠨ ᠡᠳᠦᠭᠡ ᠮᠠᠨ ᠤ᠋ ᠨᠤᠲᠤᠭ ᠳᠡᠪᠢᠰᠬᠡᠷ ᠥᠷᠭᠡᠨ ᠠᠭᠤᠳᠠᠮ ᠠᠨᠤ ᠡᠷᠲᠡᠨ ᠡᠳᠦᠭᠡ ᠳ᠋ᠦ᠍ᠷ ᠦᠭᠡᠢ ᠪᠣᠯᠠᠢ᠃ ᠡᠭᠦᠨ ᠳ᠋ᠦ᠍ᠷ ᠭᠠᠪᠢᠶᠠᠲᠤ ᠬᠥᠭᠰᠢᠨ ᠰᠠᠢᠳ ᠤ᠋ᠳ ᠠᠢᠯᠠᠳᠬᠠᠯ ᠳ᠋ᠠᠭᠠᠨ ᠥᠭᠦᠯᠡᠭᠰᠡᠨ ᠢᠨᠣ ᠄ ᠶᠡᠬᠡ ᠭᠠᠪᠢᠶ᠎ᠠ ᠨᠢᠭᠡᠨᠲᠡ ᠪᠦᠲᠦᠭᠰᠡᠨ ᠳ᠋ᠦ᠍ᠷ ᠠᠭᠤᠤ ᠨᠡᠷ᠎ᠡ ᠂ ᠢᠷᠠᠭᠤ ᠴᠣᠯᠠ ᠶ᠋ᠢ ᠡᠷᠢᠨ ᠲᠣᠭᠲᠠᠭᠠᠵᠤ ᠡᠷᠲᠡᠨ ᠦ᠌ ᠶᠣᠰᠣᠨ ᠳ᠋ᠤᠷ ᠨᠡᠢᠴᠡᠭᠦᠯᠦᠮᠦ ᠬᠡᠮᠡᠪᠡᠢ᠃ ᠮᠡᠬᠦᠰ ᠮᠢᠨᠦ ᠰᠠᠨᠠᠭᠠᠨ ᠳ᠋ᠤᠷ ᠤᠯᠤᠰ ᠤ᠋ᠨ ᠨᠡᠷ᠎ᠡ ᠶ᠋ᠢ ᠳᠡ ᠶᠤᠸᠠᠨ ( ᠶᠡᠬᠡ ᠶᠤᠸᠠᠨ ) ᠬᠡᠮᠡᠪᠡᠰᠦ ᠵᠣᠬᠢᠮᠤᠢ᠃ ᠵᠢᠷᠤᠬᠠᠢᠲᠤ ᠨᠣᠮ ᠤ᠋ᠨ ᠲᠠᠢᠯᠪᠤᠷᠢᠯᠠᠭᠰᠠᠨ ᠠᠨᠤ ᠮᠥᠩᠬᠡ ᠠᠭᠤᠤ ᠬᠡᠮᠡᠬᠦ ᠤᠳᠬ᠎ᠠ ᠶ᠋ᠢ ᠬᠠᠳᠠᠭᠠᠯᠠᠭᠰᠠᠨ ᠲᠤᠯᠠ ᠶᠡᠬᠡ ᠦᠢᠯᠡᠰ ᠢ᠋ ᠥᠨᠢ ᠮᠥᠩᠬᠡ ᠠᠬᠤᠭᠤᠯᠬᠤ ᠰᠠᠨᠠᠭ᠎ᠠ ᠪᠣᠯᠠᠢ᠃ ᠡᠳᠦᠭᠡ ᠡᠴᠡ ᠡᠬᠢᠯᠡᠨ ᠪᠦᠬᠦ ᠤᠯᠤᠰ ᠤ᠋ᠨ ᠠᠷᠠᠳ ᠢᠷᠭᠡᠳ ᠲᠣᠷ ᠬᠦᠷᠲᠡᠯ᠎ᠡ ᠮᠡᠳᠡᠭᠳᠡᠵᠦ ᠬᠡᠷᠡᠭᠯᠡᠮᠦᠢ᠃ ᠭᠠᠪᠢᠶ᠎ᠠ ᠶ᠋ᠢ ᠬᠡᠳᠦᠢ ᠪᠡᠷ ᠨᠢᠭᠡᠨ ᠬᠥᠮᠦᠨ ᠳ᠋ᠦ᠍ᠷ ᠲᠦᠰᠢᠭᠯᠡᠬᠦ ᠪᠣᠯᠪᠠᠴᠤ ᠲᠦᠮᠡᠨ ᠤᠯᠤᠰ ᠥᠷᠥᠰᠢᠶᠡᠯ ᠢ ᠬᠦᠷᠲᠡᠮᠦᠢ᠃ ᠶᠣᠰᠣ ᠶ᠋ᠢ ᠰᠢᠨᠡᠳᠬᠡᠨ ᠲᠡᠭᠷᠢ ᠶ᠋ᠢᠨ ᠰᠠᠨᠠᠭᠠᠨ ᠳ᠋ᠤᠷ  ᠨᠡᠢᠯᠡᠭᠦᠯᠵᠦ᠂ ᠤᠳᠬ᠎ᠠ ᠶ᠋ᠢ ᠬᠦᠨᠳᠦᠳᠬᠡᠨ ᠤᠯᠤᠰ ᠤ᠋ᠨ ᠨᠡᠷ᠎ᠡ ᠪᠣᠯᠭᠠᠪᠠ᠃ ᠬᠡᠢ ᠦᠭᠡ ᠬᠣᠭᠣᠰᠣᠨ ᠮᠠᠭᠲᠠᠭᠠᠯ ᠪᠤᠰᠤ᠃ ᠳᠡᠭᠡᠳᠦ ᠬᠥᠬᠡ ᠲᠡᠭᠷᠢ ᠯᠦ᠍ᠭᠡ ᠬᠠᠮᠲᠤ ᠥᠨᠢ ᠤᠳᠠᠭᠠᠨ ᠣᠷᠣᠰᠢᠮᠤ᠃ ᠠᠭᠤᠤ ᠨᠡᠷ᠎ᠡ ᠶ᠋ᠢ ᠦᠯᠦ ᠭᠤᠲᠤᠭᠠᠭᠲᠤᠨ ᠬᠡᠮᠡᠪᠡᠢ᠃  
      ᠡᠭᠦᠨ ᠡᠴᠡ ᠮᠣᠩᠭᠣᠯ ᠤᠯᠤᠰ ᠬᠡᠮᠡᠬᠦ ᠦᠭᠡᠢ ᠳᠡ ᠶᠤᠸᠠᠨ ( ᠶᠡᠬᠡ ᠶᠤᠸᠠᠨ ) ᠭᠡᠮᠡᠨ ᠳᠠᠭᠤᠳᠠᠬᠤ ᠪᠣᠯᠪᠠ᠃  
     ᠥᠭᠦᠯᠡᠬᠦ ᠢᠨᠤ ᠨᠢᠭᠡᠨ ᠡᠳᠦᠷ ᠠᠵᠤᠤ ᠶᠤᠸᠠᠨᠱᠤᠸᠠᠢ ᠴᠡᠷᠢᠭ ᠦ᠋ᠨ ᠬᠦᠷᠢᠶ᠎ᠡ ᠪᠠᠢᠴᠠᠭᠠᠨ ᠶᠠᠪᠤᠬᠤᠢ ᠳ᠋ᠤᠷ ᠰᠥᠩ ᠤᠯᠤᠰ ᠤ᠋ᠨ ᠨᠢᠭᠡᠨ ᠬᠡᠰᠡᠭ ᠴᠡᠷᠢᠭ ᠮᠣᠷᠢ ᠮᠥᠷᠡᠨ ᠦ᠌ ᠵᠡᠭᠦᠨ ᠳ᠋ᠡᠬᠢ ᠠᠭᠤᠯᠠ ᠶ᠋ᠢᠨ ᠵᠡᠪᠡ ᠶ᠋ᠢᠨ ᠣᠢ ᠮᠣᠳᠣᠨ ᠳᠣᠲᠣᠷ᠎ᠠ ᠢᠨᠠᠭᠰᠢ ᠴᠢᠨᠠᠭᠰᠢ ᠶᠠᠪᠤᠯᠴᠠᠮᠤᠢ᠃ ᠠᠵᠤᠤ ᠶᠤᠸᠠᠨᠱᠤᠸᠠᠢ ᠦᠵᠡᠭᠡᠳ ᠵᠢᠬᠡᠭᠦᠨ ᠢ᠋ᠶ᠋ᠡᠷ ᠢᠨᠢᠶᠡᠨ ᠣᠯᠠᠨ ᠵᠠᠩᠵᠤᠨ ᠤ᠋ ᠵᠦᠭ ᠥᠭᠦᠯᠡᠷᠦᠨ᠄《ᠡᠨᠡ ᠬᠠᠭᠤᠷᠮᠠᠭ ᠴᠡᠷᠢᠭ ᠪᠣᠯᠠᠢ᠃ ᠮᠠᠨ ᠤ᠋ ᠠᠩᠬᠠᠷᠤᠯ ᠢ᠋ ᠴᠢᠨᠠᠭᠰᠢᠳᠠ ᠲᠠᠲᠠᠵᠤ ᠰᠢᠨ᠎ᠡ ᠬᠣᠲᠠ ᠶ᠋ᠢ ᠪᠠᠢᠯᠳᠤᠰᠤᠭᠠᠢ ᠬᠡᠮᠡᠮᠦᠢ᠃ ᠥᠴᠦᠬᠡᠨ ᠬᠡᠦᠬᠡᠳ ᠦ᠋ᠨ ᠠᠷᠭ᠎ᠠ ᠪᠤᠶᠤ᠃ ᠪᠢᠳᠡ ᠣᠩᠭᠣᠴᠠ ᠰᠠᠯ ᠴᠡᠷᠢᠭ ᠮᠣᠷᠢ ᠪᠠᠨ ᠰᠢᠨ᠎ᠡ ᠬᠣᠲᠠ ᠳ᠋ᠤᠷ ᠪᠡᠯᠡᠳᠬᠡᠵᠦ ᠳᠠᠢᠰᠤᠨ ᠤ᠋ ᠳᠠᠷᠤᠷ᠎ᠠ ᠢᠷᠡᠬᠦ ᠶ᠋ᠢ ᠬᠦᠯᠢᠶᠡᠰᠦᠭᠡᠢ 》 ᠬᠡᠮᠡᠪᠡᠢ᠃ ᠣᠯᠠᠨ ᠵᠠᠩᠵᠤᠨ ᠴᠥᠮ ᠦᠨᠡᠮᠰᠢᠬᠦ ᠦᠭᠡᠢ ᠪᠦᠬᠦᠢ ᠳ᠋ᠦ᠍ᠷ ᠳᠡᠳ᠋ ᠡᠳᠦᠷ ᠰᠥᠩ ᠤᠯᠤᠰ ᠤ᠋ᠨ ᠰᠢᠶᠠ ᠬᠦᠢ ᠶ᠋ᠢᠨ ᠴᠡᠷᠢᠭ ᠦᠨᠡᠬᠡᠷ ᠰᠢᠨ ᠴᠧᠩ ᠬᠣᠲᠠ ᠶ᠋ᠢ ᠳᠠᠷᠤᠷ᠎ᠠ ᠢᠷᠡᠪᠡ᠃ ᠨᠢᠭᠡᠨᠲᠡ ᠪᠡᠯᠡᠳᠬᠡᠯ ᠲᠡᠢ ᠲᠤᠯᠠ ᠰᠥᠩ ᠤᠯᠤᠰ ᠥᠴᠦᠬᠡᠨ ᠴᠦ᠍ ᠠᠰᠢᠭ ᠣᠯᠤᠭᠰᠠᠨ ᠦᠭᠡᠢ ᠪᠥᠭᠡᠳ ᠲᠠᠪᠤᠨ ᠮᠢᠩᠭ᠎ᠠ ᠢᠯᠡᠭᠦᠦ ᠴᠡᠷᠢᠭ ᠢ᠋ᠶ᠋ᠡᠨ ᠬᠢᠳᠤᠭᠤᠯᠵᠤ ᠪᠠᠢᠯᠳᠤᠬᠤ ᠣᠩᠭᠣᠴᠠ ᠵᠠᠭᠤ ᠢᠯᠡᠭᠦᠦ ᠠᠯᠳᠠᠪᠠ᠃ 
       ᠰᠢᠶᠠ ᠬᠦᠢ ᠰᠠᠨᠳᠤ ᠮᠡᠨᠳᠦ ᠴᠡᠷᠢᠭ ᠢ᠋ᠶ᠋ᠡᠨ ᠬᠣᠷᠢᠶᠠᠨ ᠮᠥᠷᠡᠨ ᠤᠷᠤᠭᠤ ᠪᠤᠷᠤᠭᠤᠯᠠᠬᠤᠢ ᠳ᠋ᠤᠷ ᠹᠠᠨ ᠸᠧᠨ ᠬᠤ᠌ ᠶ᠋ᠢᠨ ᠴᠡᠷᠢᠭ ᠦ᠋ᠨ ᠣᠩᠭᠣᠴᠠ ᠶ᠋ᠢ ᠳᠠᠭᠠᠷᠢᠨ ᠰᠠᠮᠠᠭᠤᠷᠠᠭᠤᠯᠤᠰᠠᠨ ᠢ᠋ ᠳᠠᠯᠢᠮᠳᠠᠭᠤᠯᠤᠨ ᠠᠵᠤᠤ ᠴᠡᠷᠢᠭ ᠠᠪᠴᠤ ᠲᠠᠭᠠᠯᠴᠠᠨ ᠬᠦᠷᠴᠦ ᠱᠠᠯᠠᠮᠠᠭᠠᠢᠯᠠᠨ ᠴᠠᠪᠴᠢᠨ ᠣᠷᠣᠭᠠᠳ ᠰᠥᠩ ᠤᠯᠤᠰ ᠤ᠋ᠨ ᠴᠡᠷᠢᠭ ᠦ᠋ᠳ ᠢ᠋ ᠲᠣᠯᠣᠭᠠᠢ ᠰᠡᠭᠦᠯ ᠢ᠋ᠶ᠋ᠡᠨ ᠣᠯᠬᠤ ᠦᠭᠡᠢ ᠪᠣᠯᠭᠠᠵᠤ ᠮᠠᠰᠢ ᠠᠷᠪᠢᠨ ᠠᠯᠠᠵᠤ ᠣᠯᠵᠠᠯᠠᠪᠠ᠃ 
       ᠶᠡᠬᠡ ᠶᠤᠸᠠᠨ ᠤᠯᠤᠰ ᠡᠳᠡᠭᠡᠷ ᠣᠯᠵᠠᠯᠠᠭᠰᠠᠨ ᠣᠩᠭᠣᠴᠠ ᠪᠠᠷ ᠤᠰᠤᠨ ᠴᠡᠷᠢᠭ ᠢ᠋ᠶ᠋ᠡᠨ ᠪᠣᠯᠪᠠᠰᠤᠷᠠᠭᠤᠯᠤᠨ ᠨᠢᠭᠡᠲᠡᠭᠡᠭᠦᠷ ᠢ᠋ᠶ᠋ᠡᠨ ᠰᠢᠶᠠᠩ ᠶᠠᠩ ᠬᠣᠲᠠ ᠶ᠋ᠢ ᠲᠣᠭᠣᠷᠢᠨ ᠭᠣᠣ ᠮᠠᠯᠲᠠᠵᠤ ᠤᠨᠢᠭᠤᠯ ᠪᠣᠰᠬᠠᠨ ᠬᠣᠲᠠ ᠳ᠋ᠤᠷ ᠡᠳᠦᠷ ᠢᠷᠡᠬᠦ ᠳᠣᠳᠣᠮ ᠣᠢᠷᠠᠳᠤᠮᠤᠢ᠃ ᠡᠭᠦᠨ ᠳ᠋ᠦ᠍ᠷ ᠰᠥᠩ ᠤᠯᠤᠰ ᠤ᠋ᠨ ᠵᠠᠩᠵᠤᠨ ᠹᠠᠨ ᠸᠸᠨ ᠬᠤ᠌ ᠳᠠᠬᠢᠨ ᠠᠷᠪᠠ ᠢᠯᠡᠭᠦᠦ ᠲᠦᠮᠡᠨ ᠴᠡᠷᠢᠭ ᠠᠪᠴᠤ ᠢᠷᠡᠭᠡᠳ ᠰᠢᠶᠠᠩ ᠶᠠᠩ ᠂ ᠹᠠᠨ ᠴᠧᠩ ᠳ᠋ᠦ᠍ᠷ ᠲᠤᠰᠠᠯᠠᠲᠤᠭᠠᠢ ᠭᠡᠮᠡᠨ ᠰᠥᠩ ᠦ᠋ᠨ ᠵᠠᠩᠵᠤᠨ ᠯᠢ ᠰᠢᠩ ᠭᠦᠸᠧ ᠪᠡᠷ ᠵᠠᠭᠤ ᠢᠯᠡᠭᠦᠦ ᠣᠩᠭᠣᠴᠠ ᠳᠠᠢᠴᠢᠯᠠᠭᠤᠯᠤᠨ ᠶᠡᠬᠡ ᠶᠤᠸᠠᠨ ᠤᠯᠤᠰ ᠤ᠋ᠨ ᠪᠠᠢ ᠵᠠᠩ ᠱᠠᠨ ᠠᠭᠤᠯᠠ ᠶ᠋ᠢ ᠬᠠᠯᠳᠠᠭᠰᠠᠨ ᠳ᠋ᠤᠷ ᠶᠡᠬᠡ ᠶᠤᠸᠠᠨ ᠤᠯᠤᠰ ᠤ᠋ᠨ ᠴᠡᠷᠢᠭ ᠦ᠋ᠨ ᠶᠤᠸᠠᠨᠱᠤᠸᠠᠢ ᠠᠵᠤᠤ ᠵᠢᠴᠢ ᠶᠤᠸᠠᠨ ᠤᠯᠤᠰ ᠤ᠋ᠨ ᠬᠢᠲᠠᠳ ᠴᠡᠷᠢᠭ ᠦ᠋ᠨ ᠶᠤᠸᠠᠨᠱᠤᠸᠠᠢ ᠯᠢᠦ ᠵᠧᠩ ᠂ ᠠᠷᠬᠠᠶ᠎ᠠ ᠨᠠᠷ ᠠᠷᠤ ᠥᠪᠥᠷ ᠡᠴᠡ ᠢᠨᠦ ᠬᠠᠪᠴᠢᠵᠤ ᠪᠠᠢᠯᠳᠤᠭᠠᠳ ᠨᠢᠭᠡᠴᠦ ᠭᠠᠷᠭᠠᠭᠰᠠᠨ ᠦᠭᠡᠢ ᠰᠥᠨᠥᠭᠡᠪᠡ᠃ 
       ᠰᠥᠩ ᠤᠯᠤᠰ ᠤ᠋ᠨ ᠴᠡᠷᠢᠭ ᠦ᠋ᠨ ᠵᠠᠩᠵᠤᠨ ᠵᠠᠩ ᠱᠦᠨ ᠂ ᠵᠠᠩ ᠬᠦᠢ ᠵᠠᠭᠤ ᠢᠯᠡᠭᠦᠦ ᠣᠩᠭᠣᠴᠠ ᠴᠡᠷᠢᠭ ᠦ᠋ᠨ ᠬᠤᠪᠴᠠᠰᠤ ᠠᠴᠢᠶᠠᠯᠠᠨ ᠰᠢᠶᠠᠩ ᠶᠠᠩ ᠳ᠋ᠤᠷ ᠬᠦᠷᠰᠦᠭᠡᠢ ᠭᠡᠮᠡᠨ ᠢᠷᠠᠪᠠᠰᠤ ᠠᠵᠤᠤ ᠴᠡᠷᠢᠭ ᠶᠠᠪᠤᠭᠤᠯᠵᠤ ᠲᠣᠰᠴᠤ ᠪᠠᠢᠯᠳᠤᠭᠤᠯᠪᠠ᠃ ᠠᠵᠤᠤ ᠶ᠋ᠢᠨ ᠰᠢᠳᠠᠷ ᠵᠠᠩᠵᠤᠨ ᠰᠦᠢ ᠽᠦᠩ ᠂ ᠰᠥᠩ ᠦ᠋ᠨ ᠵᠠᠩᠵᠤᠨ ᠵᠠᠩ ᠱᠦᠨ ᠢ᠋ ᠭᠠᠭᠴᠠ ᠤᠳᠠᠭᠠᠨ ᠳ᠋ᠤᠷ ᠣᠩᠭᠣᠴᠠ ᠶ᠋ᠢᠨ ᠲᠡᠷᠢᠭᠦᠨ ᠡᠴᠡ ᠴᠠᠪᠴᠢᠵᠤ ᠤᠨᠠᠭᠠᠪᠠ ᠃ ᠣᠩᠭᠣᠴᠠ ᠬᠠᠮᠠᠭᠠᠯᠠᠬᠤ ᠬᠣᠶᠠᠷ ᠮᠢᠩᠭ᠎ᠠ ᠢᠯᠡᠭᠦᠦ ᠴᠡᠷᠢᠭ ᠴᠥᠮ ᠪᠠᠷᠢᠭᠳᠠᠵᠤ ᠵᠠᠩ ᠬᠦᠢ ᠭᠠᠭᠴᠠ ᠪᠡᠶ᠎ᠡ ᠪᠡᠷ ᠤᠰᠤᠨ ᠳ᠋ᠤᠷ ᠬᠠᠷᠠᠢᠵᠤ ᠰᠢᠶᠠᠩ ᠶᠠᠩ ᠳ᠋ᠤᠷ ᠣᠷᠣᠵᠤ ᠠᠮᠢ ᠭᠠᠷᠪᠠ᠃ 
       ᠲᠡᠳᠦᠢ ᠳ᠋ᠦ᠍ᠷ ᠠᠵᠤᠤ ᠶᠤᠸᠠᠨᠱᠤᠸᠠᠢ ᠶ᠋ᠢᠨ ᠤᠰᠤᠨ ᠴᠡᠷᠢᠭ ᠪᠠ ᠰᠢᠶᠠᠩ ᠬᠠᠨ ᠤ᠋ ᠭᠠᠵᠠᠷ ᠤ᠋ᠨ ᠶᠤᠸᠠᠨ ᠤᠯᠤᠰ ᠤ᠋ᠨ ᠬᠢᠲᠠᠳ ᠴᠡᠷᠢᠭ ᠢ᠋ ᠵᠠᠬᠢᠷᠬᠤ ᠶᠤᠸᠠᠨᠱᠤᠸᠠᠢ ᠯᠢᠦ ᠵᠧᠩ ᠬᠣᠶᠠᠭᠤᠯᠠ ᠪᠠᠢᠯᠳᠤᠬᠤ ᠣᠩᠭᠣᠴᠠ ᠪᠠᠨ ᠮᠥᠷᠡᠨ ᠳᠠᠭᠠᠤ ᠵᠢᠭᠰᠠᠭᠠᠨ ᠳ᠋ᠧᠩ ᠭᠠᠯ ᠠᠰᠠᠭᠠᠵᠤ ᠰᠥᠩ ᠤᠯᠤᠰ ᠤ᠋ᠨ ᠪᠠᠢᠯᠳᠤᠷ᠎ᠠ ᠢᠷᠡᠬᠦ ᠶ᠋ᠢ ᠬᠦᠯᠢᠶᠡᠬᠦᠢ ᠳ᠋ᠦ᠍ᠷ ᠮᠥᠷᠡᠨ ᠳᠠᠭᠠᠤ ᠡᠳᠦᠷ ᠮᠡᠲᠦ ᠪᠣᠯᠪᠠᠢ᠃ ᠲᠡᠳᠦᠢ ᠳ᠋ᠦ᠍ᠷ ᠰᠥᠩ ᠦ᠋ᠨ ᠵᠠᠩᠵᠤᠨ ᠵᠠᠩ ᠬᠦᠢ ᠪᠤᠴᠠᠵᠤ ᠬᠠᠷᠢᠰᠤᠭᠠᠢ ᠭᠡᠮᠡᠨ ᠬᠤᠷᠳᠤᠨ ᠣᠩᠭᠣᠴᠠᠨ ᠳ᠋ᠤᠷ ᠰᠠᠭᠤᠵᠤ ᠰᠢᠶᠠᠩ ᠶᠠᠩ ᠬᠣᠲᠠ ᠠ᠋ᠴᠠ ᠭᠠᠷᠴᠤ ᠢᠷᠡᠭᠡᠳ ᠤᠷᠤᠰᠬᠠᠯ ᠢ ᠳᠠᠭᠠᠵᠤ ᠰᠤᠮᠤ ᠮᠡᠲᠦ ᠪᠠᠭᠤᠬᠤᠢ ᠳ᠋ᠤᠷ ᠠᠵᠤᠤ ᠲᠡᠭᠦᠨ ᠳ᠋ᠦ᠍ᠷ ᠴᠡᠷᠢᠭ ᠦ᠋ᠨ ᠨᠢᠭᠤᠴᠠ ᠪᠣᠢ ᠭᠡᠮᠡᠨ ᠲᠠᠯᠪᠢᠬᠤ ᠦᠭᠡᠢ ᠨᠡᠬᠡᠮᠵᠢᠯᠡᠨ ᠬᠦᠢ ᠮᠸᠨ ᠭᠤᠸᠠᠨ ᠳ᠋ᠤᠷ ᠬᠦᠷᠴᠦ ᠠᠮᠢᠳᠤ ᠪᠠᠷᠢᠵᠤ ᠪᠡᠶ᠎ᠡ ᠶ᠋ᠢ ᠨᠡᠩᠵᠢᠪᠡᠰᠦ ᠦᠨᠡᠬᠡᠷ ᠨᠢᠭᠤᠴᠠ ᠪᠢᠴᠢᠭ ᠪᠠᠢᠪᠠ᠃ ᠲᠡᠭᠦᠨ ᠡᠴᠡ ᠰᠢᠶᠠᠩ ᠶᠠᠩ ᠤ᠋ᠨ ᠳᠣᠲᠣᠭᠠᠳᠤ ᠪᠠᠢᠳᠠᠯ ᠪᠠ ᠰᠥᠩ ᠤᠯᠤᠰ ᠤ᠋ᠨ ᠤᠰᠤᠨ ᠴᠡᠷᠢᠭ ᠦ᠋ᠨ ᠪᠠᠢᠳᠠᠯ ᠢ᠋ ᠣᠯᠵᠤ ᠮᠡᠳᠡᠪᠡ᠃ 
       ᡁᠢ ᠶᠣᠶᠠᠨ ᠤ᠋ ᠠᠷᠪᠠᠳᠤᠭᠠᠷ ᠣᠨ ᠤ᠋ ᠨᠢᠭᠡᠳᠦᠭᠡᠷ ᠰᠠᠷ᠎ᠠ ᠶ᠋ᠢᠨ ᠬᠠᠷᠠᠭᠴᠢᠨ ᠭᠠᠬᠠᠢ ᠡᠳᠦᠷ ᠠᠵᠤᠤ ᠵᠣᠷᠢᠭ ᠰᠢᠭᠤᠳᠴᠤ ᠹᠠᠨ ᠴᠧᠩ ᠢ᠋ ᠪᠠᠢᠯᠳᠤᠷ᠎ᠠ ᠴᠡᠷᠢᠭ ᠠᠪᠴᠤ ᠣᠴᠢᠪᠠᠰᠤ ᠠᠵᠤᠤ ᠶ᠋ᠢᠨ ᠨᠡᠷ᠎ᠡ ᠶ᠋ᠢ ᠰᠣᠨᠣᠰᠤᠭᠠᠳ ᠪᠠᠢᠯᠳᠤᠷ᠎ᠠ ᠭᠠᠷᠴᠤ ᠢᠷᠡᠬᠦ ᠬᠥᠮᠦᠨ ᠦᠭᠡᠢ ᠪᠣᠯᠪᠠ᠃ ᠭᠠᠭᠴᠠᠬᠦ ᠬᠣᠲᠠ ᠶ᠋ᠢᠨ ᠬᠠᠭᠠᠯᠭ᠎ᠠ ᠪᠠᠨ ᠲᠠᠭ ᠳᠠᠷᠤᠵᠤ ᠲᠤᠰᠠᠯᠠᠬᠤ ᠴᠡᠷᠢᠭ ᠢ ᠬᠦᠯᠢᠶᠡᠨ ᠰᠠᠭᠤᠮᠤᠢ᠃ ᠠᠵᠤᠤ ᠵᠠᠩᠵᠤᠨ ᠨᠠᠷ ᠢ᠋ᠶ᠋ᠠᠨ ᠳᠠᠭᠠᠭᠤᠯᠤᠨ ᠬᠣᠲᠠᠨ ᠳ᠋ᠤᠷ ᠣᠢᠷᠠᠲᠤᠪᠠᠰᠤ ᠬᠣᠲᠠ ᠶ᠋ᠢᠨ ᠳᠡᠳ᠋ ᠵᠠᠩᠵᠤᠨ ᠸᠠᠩ ᠹᠦ ᠂ ᠵᠢᠶᠠᠨ ᠯᠧᠦ ᠪᠡᠨ ᠲᠦᠰᠢᠨ ᠵᠣᠭᠰᠣᠵᠤ ᠮᠠᠰᠢ ᠮᠠᠭᠤ ᠪᠠᠷ ᠬᠠᠷᠢᠶᠠᠬᠤᠢ ᠳ᠋ᠤᠷ ᠠᠵᠤᠤ ᠳᠡᠷᠭᠡᠳᠡ ᠵᠣᠭᠰᠣᠭᠰᠠᠨ ᠵᠠᠩᠵᠤᠨ ᠳ᠋ᠤᠷ ᠵᠢᠳᠠ ᠪᠠᠨ ᠥᠭᠴᠦ ᠨᠤᠮᠤ ᠠᠪᠴᠤ ᠣᠨᠢᠯᠠᠨ ᠨᠢᠭᠡᠨᠲᠡ ᠬᠠᠷᠪᠤᠪᠠᠰᠤ ᠸᠠᠩ ᠹᠦ ᠶ᠋ᠢᠨ ᠴᠡᠭᠡᠵᠢ ᠪᠡᠷ ᠨᠡᠪᠲᠡᠷᠡᠨ ᠠᠷᠤ ᠡᠭᠦᠳᠡᠨ ᠳ᠋ᠦ᠍ᠷ ᠬᠠᠲᠠᠵᠤ ᠲᠠᠯᠪᠢᠪᠠ᠃  ᠸᠠᠩ ᠹᠦ ᠶ᠋ᠢᠨ ᠳᠡᠷᠭᠡᠳᠡ ᠵᠣᠭᠰᠣᠭᠰᠠᠨ ᠵᠠᠩᠵᠤᠨ ᠠᠵᠤᠤ ᠶ᠋ᠢ ᠣᠨᠢᠯᠠᠬᠤᠢ ᠳ᠋ᠤᠷ ᠠᠵᠤᠤ ᠳᠡᠷᠭᠡᠳᠡ ᠵᠣᠭᠰᠣᠭᠰᠠᠨ ᠴᠡᠷᠢᠭ ᠦ᠋ᠨ ᠣᠬᠣᠷ ᠵᠢᠳᠠ ᠶ᠋ᠢ ᠠᠪᠴᠤ ᠰᠤᠮᠤᠳᠠᠵᠤ ᠶᠠᠪᠤᠭᠤᠯᠤᠭᠰᠠᠨ ᠳ᠋ᠤᠷ ᠲᠡᠷᠡ ᠵᠠᠩᠵᠤᠨ ᠮᠥᠨ ᠮᠠᠭᠤ ᠳᠠᠭᠤᠨ ᠭᠠᠷᠴᠤ ᠤᠨᠠᠵᠤ ᠢᠷᠡᠪᠡ᠃ ᠬᠣᠲᠠ ᠶ᠋ᠢᠨ ᠬᠠᠢᠰᠠᠩ  ᠳ᠋ᠤᠷ ᠠᠬᠤ ᠣᠯᠠᠨ ᠦᠵᠡᠭᠡᠳ ᠶᠡᠬᠡᠳᠡ ᠠᠶᠤᠨ ᠳᠣᠷᠭᠢᠯᠳᠤᠪᠠ ᠃ ᠠᠵᠦᠤ ᠳᠡᠷᠭᠡᠳᠡ ᠵᠣᠭᠰᠣᠭᠰᠠᠨ ᠵᠠᠩᠵᠤᠨ ᠳ᠋ᠤᠷ ᠥᠭᠦᠯᠡᠷᠦᠨ ᠄《ᠹᠠᠨ ᠴᠧᠩ ᠢ᠋ ᠡᠵᠡᠯᠡᠨ ᠠᠪᠬᠤ ᠠᠨᠤ ᠡᠨᠡ ᠡᠳᠦᠷ ᠪᠣᠯᠠᠢ》 ᠭᠡᠮᠡᠨ ᠥᠪᠡᠷᠦᠨ ᠪᠡᠶ᠎ᠡ ᠪᠡᠷ ᠲᠡᠷᠢᠭᠦᠯᠡᠨ ᠪᠠᠮᠪᠠᠢ ᠲᠣᠬᠣᠢᠯᠠᠨ ᠣᠬᠣᠷ ᠢᠯᠳᠦ ᠪᠠᠷᠢᠵᠤ ᠡᠭᠦᠯᠡᠨ ᠱᠠᠲᠤ ᠲᠦᠰᠢᠭᠦᠯᠦᠨ ᠭᠠᠷᠪᠠᠰᠤ ᠬᠣᠲᠠ ᠶ᠋ᠢᠨ ᠴᠡᠷᠢᠭ ᠠᠷᠠᠳ ᠬᠣᠷᠢᠭᠯᠠᠵᠤ ᠴᠢᠳᠠᠭᠰᠠᠨ ᠦᠭᠡᠢ ᠰᠠᠮᠠᠭᠤᠷᠠᠨ ᠪᠤᠷᠤᠭᠤᠯᠠᠵᠤ ᠄《ᠠᠵᠤᠤ ᠬᠣᠲᠠᠨ ᠳ᠋ᠤᠷ ᠣᠷᠣᠵᠤ ᠢᠷᠡᠪᠡ ! 》 ᠭᠡᠮᠡᠨ ᠦᠢᠮᠡᠯᠳᠦᠮᠦᠢ ᠃ ᠡᠨᠡ ᠵᠠᠪᠰᠢᠶᠠᠨ ᠢ᠋ ᠠᠰᠢᠭᠯᠠᠨ ᠠᠵᠤᠤ ᠶ᠋ᠢ ᠳᠠᠭᠠᠵᠤ ᠭᠠᠷᠴᠤ ᠢᠷᠡᠭᠰᠡᠨ ᠣᠯᠠᠨ ᠬᠥᠮᠦᠰ ᠬᠣᠲᠠ ᠶ᠋ᠢᠨ ᠬᠠᠭᠠᠯᠭ᠎ᠠ ᠶ᠋ᠢ ᠴᠠᠪᠴᠢᠨ ᠨᠡᠭᠡᠭᠡᠪᠡᠰᠦ ᠮᠣᠩᠭᠣᠯ ᠤ᠋ᠨ ᠬᠤᠶᠠᠭᠲᠤ ᠮᠣᠷᠢᠲᠤ ᠴᠡᠷᠢᠭ ᠣᠷᠢᠯᠠᠯᠳᠤᠨ ᠳᠠᠪᠬᠢᠵᠤ ᠬᠣᠲᠠᠨ ᠳ᠋ᠤᠷ ᠣᠷᠣᠵᠤ ᠢᠷᠡᠪᠡ᠃ 
       ᠬᠣᠲᠠ ᠶ᠋ᠢ ᠰᠠᠬᠢᠭᠰᠠᠨ ᠵᠠᠩᠵᠤᠨ ᠭᠠᠷᠴᠤ ᠴᠢᠳᠠᠬᠤ ᠦᠭᠡᠢ ᠪᠡᠨ ᠮᠡᠳᠡᠵᠦ ᠪᠣᠭᠣᠮᠢᠯᠠᠵᠤ ᠦᠬᠦᠪᠡ᠃ ᠪᠤᠰᠤᠳ ᠣᠯᠠᠨ ᠵᠠᠩᠵᠤᠨ ᠴᠡᠷᠢᠭ ᠴᠥᠮ ᠳᠤᠷ᠎ᠠ ᠲᠠᠢ ᠳᠠᠭᠠᠪᠠᠢ᠃ 
       ᠹᠠᠨ ᠴᠧᠩ ᠠᠪᠲᠠᠭᠰᠠᠨ ᠳ᠋ᠤᠷ ᠰᠢᠶᠠᠩ ᠶᠠᠩ ᠨᠢᠭᠡᠨᠲᠡ ᠭᠠᠭᠴᠠ ᠪᠠᠷ ᠲᠣᠭᠲᠠᠬᠤᠢ ᠳ᠋ᠤᠷ ᠪᠡᠷᠬᠡ ᠪᠣᠯᠤᠭᠰᠠᠨ ᠲᠤᠯᠠ ᠬᠣᠲᠠ ᠶ᠋ᠢ ᠰᠠᠬᠢᠬᠤ ᠵᠠᠩᠵᠤᠨ ᠯᠢᠦᠢ ᠸᠸᠨ ᠬᠤᠸᠠᠨ ᠡᠳᠦᠷ ᠪᠦᠷᠢ ᠬᠣᠲᠠ ᠶ᠋ᠢᠨ ᠬᠠᠢᠰᠠᠩ ᠳ᠋ᠤᠷ ᠭᠠᠷᠴᠤ ᠰᠥᠩ ᠤᠯᠤᠰ ᠤ᠋ᠨ ᠯᠢᠨ ᠠᠨ ᠵᠦᠭ ᠬᠠᠷᠠᠵᠤ ᠨᠢᠳᠦᠨ ᠨᠢᠯᠪᠤᠰᠤ ᠤᠨᠠᠭᠠᠨ ᠠᠪᠤᠷᠠᠬᠤ ᠴᠡᠷᠢᠭ ᠬᠠᠷᠠᠮᠤᠢ᠃ ᠭᠡᠲᠡᠯ᠎ᠡ ᠰᠥᠩ ᠤᠯᠤᠰ ᠠ᠋ᠴᠠ ᠣᠭᠲᠣ ᠴᠢᠮᠡᠭᠡ ᠰᠤᠷᠠᠭ ᠦᠭᠡᠢ ᠲᠤᠯᠠ ᠠᠷᠭ᠎ᠠ ᠪᠦᠬᠦᠨ ᠢ ᠠᠪᠴᠤ ᠬᠣᠲᠠ ᠪᠠᠨ ᠰᠠᠬᠢᠬᠤ ᠠᠵᠢ᠃ ᠡᠳᠦᠢ ᠳ᠋ᠤᠷ ᠶᠡᠬᠡ ᠶᠤᠸᠠᠨ ᠤᠯᠤᠰ ᠤ᠋ᠨ ᠴᠡᠷᠢᠭ ᠰᠢᠶᠠᠩ ᠶᠠᠩ ᠢ᠋ ᠨᠢᠭᠡᠨᠲᠡ ᠲᠠᠪᠤᠨ ᠵᠢᠯ ᠪᠦᠰᠡᠯᠡᠵᠦ ᠰᠠᠭᠤᠪᠠ᠃ ᠹᠠᠨ ᠴᠧᠩ ᠢ ᠳᠥᠷᠪᠡᠨ ᠵᠢᠯ ᠪᠦᠰᠡᠯᠡᠵᠦ ᠡᠵᠡᠯᠡᠨ ᠠᠪᠤᠪᠠ᠃ ᠭᠡᠲᠡᠯ᠎ᠡ ᠵᠢᠶᠠ ᠽᠢ ᠳ᠋ᠣᠣ ᠬᠠᠭᠠᠨ ᠠ᠋ᠴᠠ ᠪᠠᠨ ᠨᠢᠭᠤᠵᠤ ᠠᠢᠯᠠᠳᠬᠠᠭᠰᠠᠨ ᠦᠭᠡᠢ᠃ ᠡᠳᠦᠭᠡ ᠹᠠᠨ ᠴᠧᠩ ᠨᠢᠭᠡᠨᠲᠡ ᠠᠪᠲᠠᠵᠤ ᠰᠢᠶᠠᠩ ᠶᠠᠩ ᠳᠡᠮᠡᠢ ᠤᠳᠠᠬᠤ ᠦᠭᠡᠢ ᠪᠣᠯᠤᠭᠰᠠᠨ ᠳ᠋ᠤᠷ ᠳᠠᠬᠢᠨ ᠳᠠᠯᠳᠠᠯᠠᠵᠤ ᠴᠢᠳᠠᠬᠤ ᠦᠭᠡᠢ ᠲᠤᠯᠠ ᠰᠠᠶᠢ ᠦᠨᠡᠨ ᠪᠠᠢᠳᠠᠯ ᠢ᠋ᠶ᠋ᠠᠨ ᠠᠢᠯᠠᠳᠬᠠᠨ ᠴᠡᠷᠢᠭ ᠳᠡᠢᠯᠦᠭᠳᠡᠭᠰᠡᠨ ᠢ᠋ ᠴᠥᠮ ᠬᠣᠲᠠ ᠰᠠᠬᠢᠵᠤ ᠦᠬᠦᠨ ᠪᠠᠢᠯᠳᠤᠭᠰᠠᠨ ᠵᠠᠩᠵᠤᠨ ᠴᠡᠷᠢᠭ ᠦ᠋ᠨ ᠮᠠᠭᠤ ᠪᠣᠯᠭᠠᠨ ᠪᠡᠶ᠎ᠡ ᠪᠡᠷ ᠭᠠᠷᠴᠤ ᠬᠢᠯᠢ ᠬᠢᠵᠠᠭᠠᠷ ᠢ᠋ ᠰᠠᠬᠢᠰᠤᠭᠠᠢ ᠭᠡᠮᠡᠨ ᠭᠤᠶᠤᠭᠰᠠᠨ ᠤ᠋ ᠬᠠᠮᠲᠤ ᠢᠳᠬᠠᠬᠤ ᠲᠦᠰᠢᠮᠡᠳ ᠢ᠋ ᠠᠢᠯᠠᠳᠬᠠᠯ ᠪᠠᠷᠢᠵᠤ ᠬᠣᠷᠢᠭᠯᠠᠭᠲᠤᠨ ᠭᠡᠮᠡᠨ ᠵᠠᠬᠢᠵᠤ ᠣᠪᠣᠷ ᠦᠵᠡᠭᠦᠯᠡᠭᠦᠢ ᠳ᠋ᠦ᠍ᠷ ᠰᠥᠩ ᠦ᠋ᠨ ᠡᠵᠡᠨ ᠳᠦ ᠽᠦᠩ ᠢᠳᠬᠠᠬᠤ ᠲᠦᠰᠢᠮᠡᠯ ᠦ᠋ᠨ ᠦᠭᠡ ᠶ᠋ᠢ ᠠᠪᠴᠤ ᠪᠠᠢᠯᠳᠤᠷ᠎ᠠ ᠭᠠᠷᠬᠤ ᠶ᠋ᠢ ᠵᠥᠪᠰᠢᠶᠡᠷᠡᠭᠰᠡᠨ ᠦᠭᠡᠢ ᠬᠠᠷᠢᠨ ᠶᠡᠬᠡ ᠵᠠᠩᠵᠤᠨ ᠭᠣᠣ ᠳᠠ ᠶ᠋ᠢ ᠡᠷᠭᠦᠵᠦ ᠬᠢᠯᠢ ᠬᠢᠵᠠᠭᠠᠷ ᠢ᠋ ᠰᠠᠬᠢᠬᠤ ᠶᠡᠬᠡ ᠲᠤᠰᠢᠶᠠᠯ ᠥᠭᠰᠦᠭᠡᠢ ᠬᠡᠮᠡᠪᠡᠰᠦ ᠵᠢᠶᠠ ᠽᠢ ᠳ᠋ᠣᠣ ᠶ᠋ᠢᠨ ᠡᠭᠦᠳᠡᠨ ᠦ᠌ ᠬᠥᠮᠦᠨ ᠪᠤᠰᠤ ᠲᠤᠯᠠ ᠬᠣᠵᠢᠮ ᠭᠠᠪᠢᠶ᠎ᠠ ᠪᠠᠢᠭᠤᠯᠵᠤ ᠵᠢᠶᠠ ᠽᠢ ᠳ᠋ᠣᠣ ᠶ᠋ᠢᠨ ᠡᠷᠬᠡ ᠬᠦᠨᠳᠦ ᠶ᠋ᠢ ᠬᠤᠪᠢᠶᠠᠬᠤ ᠠ᠋ᠴᠠ ᠠᠶᠤᠵᠤ ᠵᠠᠪᠠᠯ ᠥᠪᠡᠷᠦᠨ ᠪᠡᠶ᠎ᠡ ᠪᠡᠷ ᠣᠴᠢᠰᠤᠭᠠᠢ ᠬᠡᠮᠡᠬᠦᠢ ᠳ᠋ᠦ᠍ᠷ ᠢᠳᠬᠠᠬᠤ ᠲᠦᠰᠢᠮᠡᠳ ᠦᠬᠦᠨ ᠬᠣᠷᠢᠭᠯᠠᠮᠤᠢ᠃ ᠳᠦ ᠽᠦᠩ ᠬᠡᠳᠦᠨ ᠡᠲᠡᠭᠡᠳ ᠲᠣᠷ ᠬᠠᠪᠴᠢᠭᠳᠠᠨ ᠠᠷᠭ᠎ᠠ ᠪᠤᠰᠤ ᠵᠢᠶᠠ ᠽᠢ ᠳ᠋ᠣᠣ  ᠶ᠋ᠢ ᠨᠡᠢᠰᠯᠡᠯ ᠯᠢᠨ ᠠᠨ ᠳ᠋ᠤᠷ ᠰᠠᠭᠤᠵᠤ ᠲᠡᠢᠨ ᠢ᠋ ᠬᠣᠯᠠ ᠠ᠋ᠴᠠ ᠤᠳᠤᠷᠢᠳᠤᠭᠲᠤᠨ ᠭᠡᠮᠡᠨ ᠵᠠᠷᠯᠢᠭ ᠪᠣᠯᠵᠤ ᠶᠡᠬᠡ ᠮᠠᠷᠭᠤᠭᠠᠨ ᠢ᠋ ᠲᠠᠰᠤᠯᠪᠠ᠃ 
       ᠲᠡᠢᠨ ᠬᠦ᠌ ᠰᠢᠶᠠᠩ ᠶᠠᠩ ᠢ᠋ ᠲᠤᠰᠠᠯᠠᠬᠤ ᠴᠡᠷᠢᠭ ᠬᠠᠮᠢᠭ᠎ᠠ ᠪᠣᠢ ᠠᠵᠢ᠃ ᠯᠢᠦᠢ ᠸᠸᠨ ᠬᠤᠸᠠᠨ ᠡᠳᠦᠷ ᠪᠦᠷᠢ ᠬᠣᠲᠠ ᠶ᠋ᠢᠨ ᠬᠠᠢᠰᠠᠩ ᠳ᠋ᠤᠷ ᠵᠣᠭᠰᠣᠵᠤ ᠲᠠᠯᠠᠭᠠᠷ ᠯᠢᠨ ᠠᠨ ᠵᠦᠭ ᠬᠠᠨᠳᠤᠵᠤ ᠳᠠᠭᠤᠨ ᠲᠠᠯᠪᠢᠨ ᠤᠬᠢᠯᠠᠨ ᠲᠤᠰᠠᠯᠠᠬᠤ ᠴᠡᠷᠢᠭ ᠬᠦᠯᠢᠶᠡᠮᠦᠢ᠃ 
       ᠨᠢᠭᠡᠨ ᠡᠳᠦᠷ ᠬᠣᠲᠠ ᠶ᠋ᠢᠨ ᠭᠠᠳᠠᠨ᠎ᠠ ᠠ᠋ᠴᠠ ᠨᠢᠭᠡᠨ ᠬᠥᠮᠦᠨ ᠨᠡᠷ᠎ᠡ ᠵᠢᠭᠠᠵᠤ ᠶᠠᠷᠢᠯᠴᠠᠰᠤᠭᠠᠢ ᠬᠡᠮᠡᠮᠦᠢ᠃ ᠯᠢᠦᠢ ᠸᠸᠨ ᠬᠤᠸᠠᠨ ᠥᠩᠭᠡᠢᠨ ᠦᠵᠡᠪᠡᠰᠦ ᠶᠤᠸᠠᠨ ᠤᠯᠤᠰ ᠲᠤᠷ ᠳᠠᠭᠠᠭᠰᠠᠨ ᠵᠠᠩᠵᠤᠨ ᠯᠢᠦ ᠵᠧᠩ ᠠᠵᠤᠭᠤ᠃ ᠪᠠᠭᠤᠵᠤ ᠥᠭᠭᠦᠭᠲᠦᠨ ᠭᠡᠮᠡᠨ ᠢᠳᠬᠠᠷ᠎ᠠ ᠢᠷᠡᠪᠡ᠃ ᠯᠢᠦᠢ ᠸᠸᠨ ᠬᠤᠸᠠᠨ ᠳᠠᠭᠤᠨ ᠦᠭᠡᠢ ᠵᠣᠭᠰᠣᠵᠤ ᠳᠠᠭᠠᠭᠰᠠᠳ ᠢ᠋ᠶ᠋ᠠᠨ ᠳᠣᠬᠢᠵᠤ ᠬᠠᠷᠪᠤᠭᠤᠯᠤᠭᠰᠠᠨ ᠳ᠋ᠤᠷ ᠯᠢᠦ ᠵᠧᠩ ᠦ᠋ᠨ ᠮᠥᠷᠥ ᠣᠨᠣᠭᠳᠠᠵᠤ ᠬᠤᠶᠠᠭ ᠰᠠᠢᠨ ᠲᠤᠯᠠ ᠡᠰᠡ ᠨᠡᠪᠲᠡᠷᠡᠪᠡᠢ᠂ ᠯᠢᠦ ᠵᠧᠩ ᠮᠣᠷᠢ ᠪᠠᠨ ᠲᠠᠰᠢᠭᠤᠷᠳᠠᠨ ᠶᠠᠭᠠᠷᠠᠨ ᠪᠤᠴᠠᠪᠠ᠃ 
       ᠲᠡᠳᠦᠢ ᠳ᠋ᠦ᠍ᠷ ᠠᠷᠠᠬᠠᠶ᠎ᠠ ᠲᠥᠪ ᠠᠽᠢ ᠬᠥᠮᠦᠨ ᠡᠴᠡ ᠰᠢᠨ᠎ᠡ ᠮᠠᠢᠭ ᠤ᠋ᠨ ᠫᠤᠤ ᠦᠢᠯᠡᠳᠬᠦ ᠤᠬᠠᠭᠠᠨ ᠢ᠋ ᠰᠤᠷᠴᠤ ᠬᠡᠳᠦ ᠬᠡᠳᠦ ᠶ᠋ᠢ ᠬᠢᠯᠭᠡᠵᠦ ᠬᠣᠲᠠ ᠶ᠋ᠢ ᠫᠤᠤᠳᠠᠭᠤᠯᠪᠠᠰᠤ ᠨᠢᠭᠡᠨ ᠰᠤᠮᠤ ᠬᠣᠲᠠ ᠶ᠋ᠢᠨ ᠸᠠᠩ ᠯᠧᠦ ᠶ᠋ᠢ ᠤᠨᠤᠭᠰᠠᠨ ᠳ᠋ᠤᠷ ᠳᠠᠭᠤᠨ ᠠᠶᠤᠩᠭ᠎ᠠ ᠮᠡᠲᠦ ᠬᠣᠲᠠ ᠶ᠋ᠢᠨ ᠬᠥᠮᠦᠰ ᠴᠥᠮ ᠠᠶᠤᠯᠳᠤᠨ ᠬᠣᠲᠠ ᠰᠠᠬᠢᠬᠤ ᠴᠡᠷᠢᠭ ᠴᠥᠮ ᠬᠣᠲᠠ ᠪᠠᠨ ᠳᠠᠪᠠᠵᠤ ᠪᠠᠭᠤᠵᠤ ᠥᠭᠭᠦᠮᠦᠢ ᠃ ᠯᠢᠦ ᠵᠧᠩ ᠨᠢᠭᠡᠨ ᠵᠡᠪᠡ ᠶ᠋ᠢᠨ ᠬᠣᠷᠣᠰᠤᠯ ᠢ᠋ᠶ᠋ᠠᠨ ᠠᠪᠰᠤᠭᠠᠢ ᠭᠡᠮᠡᠨ ᠰᠢᠷᠦᠭᠦᠨ ᠪᠠᠢᠯᠳᠤᠵᠤ ᠯᠢᠦ ᠸᠸᠨ ᠬᠤᠸᠠᠨ ᠢ᠋ ᠪᠠᠷᠢᠵᠤ ᠬᠣᠲᠠ ᠶ᠋ᠢ ᠬᠢᠳᠤᠰᠤᠭᠠᠢ ᠬᠡᠮᠡᠭᠰᠡᠨ ᠳ᠋ᠦ᠍ᠷ ᠠᠷᠠᠬᠠᠶ᠎ᠠ ᠥᠭᠦᠯᠡᠷᠦᠨ ᠄《 ᠪᠢ ᠣᠴᠢᠵᠤ ᠢᠳᠬᠠᠵᠤ ᠦᠵᠡᠰᠦᠭᠡᠢ ᠂ ᠬᠡᠷᠪᠡ ᠪᠠᠭᠤᠵᠤ ᠦᠭᠪᠡᠰᠦ ᠳᠡᠮᠡᠢ ᠯᠡ ᠣᠯᠠᠨ ᠠᠮᠢ ᠬᠣᠷᠣᠭᠠᠵᠤ ᠶᠠᠭᠤᠨ ᠬᠢᠮᠦᠢ ᠃ ᠢᠯᠠᠩᠭᠤᠶ᠎ᠠ ᠥᠰᠢᠶ᠎ᠡ ᠪᠣᠳᠣᠵᠤ ᠪᠣᠯᠬᠤ ᠦᠭᠡᠢ᠃ ᠴᠥᠮ ᠲᠤᠰ ᠲᠤᠰ ᠤ᠋ᠨ ᠡᠵᠡᠨ ᠦ᠌ ᠲᠥᠯᠥᠭᠡ ᠪᠣᠯᠠᠢ》ᠭᠡᠮᠡᠨ ᠬᠣᠲᠠ ᠶ᠋ᠢᠨ ᠳᠣᠣᠷ᠎ᠠ ᠢᠷᠡᠵᠦ ᠯᠢᠦᠢ ᠸᠸᠨ ᠬᠤᠸᠠᠨ ᠢ᠋ ᠳᠠᠭᠤᠳᠠᠵᠤ ᠥᠭᠦᠯᠡᠷᠦᠨ᠄《ᠥᠨᠥᠴᠢᠨ ᠬᠣᠲᠠ ᠶ᠋ᠢ ᠲᠠᠪᠤᠨ ᠵᠢᠯ ᠰᠠᠬᠢᠵᠤᠬᠤᠢ᠃ ᠡᠵᠡᠨ ᠦ᠌ ᠪᠡᠨ ᠲᠥᠯᠥᠭᠡ ᠵᠣᠪᠠᠭᠤᠷᠢ ᠶ᠋ᠢ ᠪᠣᠳᠣᠬᠤ ᠦᠭᠡᠢ ᠰᠢᠳᠤᠷᠭᠤ ᠶ᠋ᠢ ᠭᠦᠢᠴᠡᠳᠬᠡᠬᠦ ᠠᠨᠤ ᠵᠦᠢ ᠪᠤᠶᠤ᠂ ᠡᠳᠦᠭᠡ ᠰᠢᠪᠠᠭᠤ ᠨᠢᠰᠦᠭᠡᠳ ᠭᠠᠷᠬᠤ ᠵᠠᠢ ᠦᠭᠡᠢ ᠪᠦᠰᠡᠯᠡᠭᠳᠡᠵᠦ ᠲᠤᠰᠠᠯᠠᠬᠤ ᠴᠡᠷᠢᠭ ᠴᠦ᠍ ᠦᠭᠡᠢ ᠪᠣᠯᠤᠭᠰᠠᠨ ᠪᠥᠭᠡᠲᠡᠯ᠎ᠡ ᠪᠠᠭᠤᠵᠤ ᠥᠭᠬᠦ ᠦᠭᠡᠢ ᠢᠨᠦ ᠥᠪᠡᠷᠦᠨ ᠰᠢᠳᠤᠷᠭᠤ ᠨᠡᠷ᠎ᠡ ᠶ᠋ᠢ ᠪᠦᠲᠦᠭᠡᠵᠦ ᠨᠢᠭᠡᠨ ᠬᠣᠲᠠ ᠶ᠋ᠢᠨ ᠣᠯᠠᠨ ᠠᠮᠢᠲᠠᠨ ᠢ᠋ ᠴᠥᠮ ᠰᠦᠢᠳᠬᠡᠰᠦᠭᠡᠢ ᠬᠡᠮᠡᠮᠦᠢ ᠤᠤ?  ᠡᠳᠡᠭᠡᠷ ᠬᠥᠮᠦᠰ ᠵᠠᠩᠵᠤᠨ ᠢ ᠳᠠᠭᠠᠵᠤ ᠬᠣᠲᠠ ᠶ᠋ᠢ ᠰᠠᠬᠢᠭᠠᠳ ᠡᠴᠦᠰ ᠲᠦ᠍ᠷ ᠴᠥᠮ ᠦᠬᠦᠬᠦ ᠵᠠᠮ ᠳ᠋ᠤᠷ ᠣᠷᠣᠭᠤᠯᠬᠤ ᠠᠨᠤ ᠥᠷᠥᠰᠢᠶᠡᠯ ᠪᠤᠰᠤ ᠬᠡᠷᠡᠭ ᠪᠣᠯᠠᠢ᠃ ᠶᠡᠬᠡ ᠡᠷ᠎ᠡ ᠭᠡᠮᠡᠨ ᠠᠭᠠᠳ  ᠡᠢᠨ ᠬᠦ᠌ ᠥᠷᠥᠰᠢᠶᠡᠯ ᠪᠤᠰᠤ ᠬᠡᠷᠡᠭ ᠦᠢᠯᠡᠳᠬᠦ ᠠᠨᠤ ᠵᠣᠬᠢᠰ ᠦᠭᠡᠢ ᠪᠣᠯᠠᠢ᠃ ᠬᠡᠷᠪᠡ ᠪᠠᠭᠤᠵᠤ ᠦᠭᠪᠡᠰᠦ ᠨᠢᠭᠡ ᠴᠦ᠍ ᠬᠥᠮᠦᠨ ᠢ᠋ ᠶᠠᠯᠠᠯᠠᠬᠤ ᠦᠭᠡᠢ ᠪᠥᠭᠡᠳ ᠴᠢᠨᠦ ᠵᠡᠷᠭᠡ ᠡᠷᠬᠢᠮ ᠢ᠋ ᠨᠡᠮᠡᠵᠦ ᠦᠭᠭᠦᠮᠦᠢ ᠃ ᠡᠨᠡ ᠪᠥᠭᠡᠰᠦ ᠮᠠᠨ ᠤ᠋ ᠡᠵᠡᠨ ᠦ᠌ ᠵᠠᠷᠯᠢᠭ ᠃ ᠮᠡᠬᠡᠯᠡᠪᠡᠰᠦ ᠡᠨᠡ ᠵᠡᠪᠡ ᠮᠡᠲᠦ ᠪᠤᠯᠲᠤᠭᠠᠢ 》 ᠭᠡᠮᠡᠨ ᠵᠡᠪᠡ ᠬᠣᠭᠣᠯᠠᠬᠤᠢ ᠳ᠋ᠤᠷ ᠯᠢᠦᠢ ᠸᠸᠨ ᠬᠤᠸᠠᠨ ᠪᠣᠳᠣᠪᠠᠰᠤ ᠲᠤᠰᠠᠯᠠᠬᠤ ᠴᠡᠷᠢᠭ ᠦᠭᠡᠢ ᠬᠣᠲᠠ ᠶ᠋ᠢ ᠡᠪᠳᠡᠬᠦ ᠢᠨᠦ ᠥᠨᠥ ᠮᠠᠷᠭᠠᠲᠠ ᠪᠣᠯᠤᠭᠰᠠᠨ ᠲᠤᠯᠠ ᠬᠣᠲᠠ ᠶ᠋ᠢᠨ ᠣᠯᠠᠨ ᠤ᠋ ᠠᠮᠢ ᠶ᠋ᠢ ᠪᠣᠳᠣᠬᠤ ᠠᠨᠤ ᠵᠦᠢ ᠭᠡᠮᠡᠨ ᠰᠡᠳᠬᠢᠯ ᠰᠢᠭᠤᠳᠴᠤ ᠪᠠᠭᠤᠵᠤ ᠥᠭᠪᠡ᠃ 
       ᠰᠢᠶᠠᠩ ᠶᠠᠩ ᠂ ᠹᠠᠨ ᠴᠧᠩ ᠨᠢᠭᠡᠨᠲᠡ ᠠᠵᠤᠤ ᠶᠤᠸᠠᠨᠱᠤᠸᠠᠢ ᠶ᠋ᠢᠨ ᠭᠠᠷ ᠲᠤᠷ ᠣᠷᠣᠭᠰᠠᠨ ᠲᠤᠯᠠ ᠰᠥᠩ ᠤᠯᠤᠰ ᠤ᠋ᠨ ᠡᠷᠳᠡᠮᠲᠡᠨ ᠮᠡᠷᠭᠡᠳ ᠣᠳᠣ ᠶᠤᠸᠠᠨ ᠤᠯᠤᠰ ᠢ ᠮᠥᠬᠥᠭᠡᠵᠦ ᠰᠢᠩᠬᠡᠭ ᠳ᠋ᠠᠽᠢ ᠶ᠋ᠢ ᠬᠢᠳᠤᠵᠤ ᠴᠢᠰᠤ ᠶ᠋ᠢ ᠤᠤᠭᠤᠵᠤ ᠮᠢᠬ᠎ᠠ ᠶ᠋ᠢ ᠢᠳᠡᠬᠦ ᠶ᠋ᠢ ᠰᠠᠨᠠᠬᠤ ᠪᠠᠨ ᠪᠣᠯᠢᠵᠤ ᠶᠡᠬᠡ ᠬᠥᠬᠡ ᠮᠥᠷᠡᠨ ᠢ ᠬᠠᠮᠠᠭᠠᠯᠠᠬᠤ ᠶ᠋ᠢ ᠰᠢᠯᠦᠭ ᠳᠠᠭᠤᠤ ᠪᠣᠯᠭᠠᠨ ᠨᠠᠢᠷᠠᠭᠤᠯᠵᠤ ᠠᠷᠢᠬᠢᠨ ᠤ᠋ ᠵᠤᠭ᠎ᠠ ᠪᠣᠯᠭᠠᠮᠤᠢ᠃ 
       ᠲᠡᠳᠦᠢ ᠳ᠋ᠦ᠍ᠷ ᠶᠡᠬᠡ ᠰᠠᠢᠳ ᠯᠢᠦ ᠪᠢᠩ ᠵᠦᠩ ᠂ ᠸᠠᠩ ᠹᠠᠨ ᠂ ᠳ᠋ᠤ᠌ ᠱᠠᠨ ᠬᠦᠩ ᠯᠢᠦᠢ ᠵᠡᠷᠭᠡ ᠣᠯᠠᠨ ᠰᠠᠢᠳ ᠨᠡᠢᠰᠯᠡᠯ ᠺᠠᠢ ᠫᠢᠩ ᠳ᠋ᠦ᠍ᠷ ᠴᠤᠭᠯᠠᠷᠠᠨ ᠰᠢᠨ᠎ᠡ ᠨᠡᠢᠰᠯᠡᠯ ᠶᠠᠨ ᠵᠢᠩ ᠦ᠋ᠨ ᠣᠷᠳᠣᠨ ᠬᠠᠷᠰᠢ ᠶ᠋ᠢ ᠨᠢᠭᠡᠨᠲᠡ ᠪᠠᠷᠢᠵᠤ ᠪᠦᠲᠦᠭᠡᠭᠰᠡᠨ ᠲᠤᠯᠠ ᠪᠠᠶᠠᠷ ᠲᠤᠷ ᠨᠡᠢᠯᠡᠭᠦᠯᠦᠨ ᠺᠠᠢ ᠫᠢᠩ ᠢ᠋ ᠳᠡᠭᠡᠳᠦ ᠨᠡᠢᠰᠯᠡᠯ ᠪᠣᠯᠭᠠᠨ ᠶᠠᠨ ᠵᠢᠩ ᠢ᠋ ᠶᠡᠬᠡ ᠨᠡᠢᠰᠯᠡᠯ ᠳᠡ ᠳᠦ ᠭᠡᠮᠡᠨ ᠨᠡᠷᠡᠳᠴᠦ ᠠᠢᠯᠠᠳᠬᠠᠪᠠ᠃ 
       ᠲᠡᠳᠦᠢ ᠳ᠋ᠦ᠍ᠷ ᠰᠥᠩ ᠤᠯᠤᠰ ᠤ᠋ᠨ ᠨᠡᠢᠰᠯᠡᠯ ᠯᠢᠨ ᠠᠨ ᠠ᠋ᠴᠠ ᠪᠠᠷᠠᠭᠤᠨᠰᠢ ᠶ᠋ᠢ ᠵᠠᠬᠢᠷᠬᠤ ᠠᠨ ᠹᠦ ᠰᠢ ᠲᠦᠰᠢᠮᠡᠯ ᠪᠥᠭᠡᠳ ᠰᠢᠶᠠᠩ ᠶᠠᠩ ᠹᠦ ᠶ᠋ᠢᠨ ᠮᠡᠳᠡᠭᠴᠢ ᠯᠢᠦᠢ ᠸᠸᠨ ᠬᠤᠸᠠᠨ ᠨᠢᠭᠡᠨᠲᠡ ᠰᠢᠶᠠᠩ ᠶᠠᠩ ᠬᠣᠲᠠ ᠪᠠᠨ ᠡᠷᠭᠦᠵᠦ ᠪᠠᠭᠤᠵᠤ ᠥᠭᠭᠦᠭᠰᠡᠨ ᠲᠤᠯᠠ ᠠᠵᠤᠤ ᠶᠤᠸᠠᠨᠱᠤᠸᠠᠢ ᠶ᠋ᠢᠨ ᠵᠠᠷᠯᠢᠭ ᠢ᠋ᠶ᠋ᠠᠷ ᠠᠷᠠᠬᠠᠶ᠎ᠠ ᠂ ᠯᠢᠦ ᠸᠸᠨ ᠬᠤᠸᠠᠨ ᠢ ᠳᠡᠭᠡᠳᠦ ᠨᠡᠢᠰᠯᠡᠯ ᠳ᠋ᠦ᠍ᠷ ᠬᠦᠷᠭᠡᠵᠦ ᠬᠠᠭᠠᠨ ᠳ᠋ᠤᠷ ᠪᠠᠷᠠᠭᠠᠯᠠᠨ ᠬᠡᠰᠢᠭ ᠭᠥᠷᠳᠡᠰᠦᠭᠡᠢ ᠭᠡᠮᠡᠨ ᠶᠠᠪᠤᠭᠤᠯᠤᠭᠰᠠᠨ ᠳ᠋ᠤᠷ ᠬᠤᠪᠢᠯᠠᠢ ᠬᠠᠭᠠᠨ ᠶᠡᠬᠡᠳᠡ ᠪᠠᠶᠠᠷᠯᠠᠨ ᠯᠢᠦ ᠸᠸᠨ ᠬᠤᠸᠠᠨ ᠳ᠋ᠤᠷ ᠣᠨᠴᠠ ᠬᠡᠰᠢᠭ ᠬᠦᠷᠲᠡᠭᠡᠨ ᠄ ᠵᠣᠣ ᠶᠦᠩ ᠶᠡᠬᠡ ᠵᠠᠩᠵᠤᠨ ᠰᠢᠳᠠᠷ ᠬᠠᠮᠠᠭᠠᠯᠠᠬᠤ ᠴᠡᠷᠢᠭ ᠢ ᠵᠠᠬᠢᠷᠬᠤ ᠪᠠ ᠰᠢᠶᠠᠩ ᠬᠠᠨ ᠤ᠋ ᠭᠠᠵᠠᠷ ᠤ᠋ᠨ ᠶᠡᠬᠡ ᠳᠦ ᠳᠦ ᠭᠡᠮᠡᠨ ᠡᠷᠭᠦᠮᠵᠢᠯᠡᠵᠦ ᠲᠡᠭᠦᠨ ᠦ᠌ ᠳᠣᠣᠷᠠᠬᠢ ᠨᠣᠶᠠᠳ ᠲᠦᠰᠢᠮᠡᠳ ᠢ᠋ ᠮᠥᠨ ᠲᠤᠰ ᠲᠤᠰ ᠬᠡᠳᠦᠨ ᠵᠡᠷᠭᠡ ᠳᠡᠪᠰᠢᠭᠦᠯᠦᠨ ᠱᠠᠩᠨᠠᠪᠠ᠃ 
       ᠲᠡᠳᠦᠢ ᠳ᠋ᠦ᠍ᠷ ᠰᠥᠩ ᠤᠯᠤᠰ ᠤ᠋ᠨ ᠵᠠᠩᠵᠤᠨ ᠰᠠᠨ ᠸᠠᠨ ᠱᠧᠦ ᡁᠢ ᠶᠤᠸᠠᠨ ᠤ᠋ ᠶᠢᠰᠦᠳᠦᠭᠡᠷ ᠣᠨ ᠤ᠋ ᠠᠷᠪᠠᠨ ᠬᠣᠶᠠᠷ ᠰᠠᠷ᠎ᠠ ᠶ᠋ᠢᠨ ᠴᠠᠭᠠᠭᠴᠢᠨ ᠭᠠᠬᠠᠢ ᠡᠳᠦᠷ ᠰᠢᠯᠢᠳᠡᠭ ᠴᠡᠷᠢᠭ ᠠᠪᠴᠤ ᠰᠧᠴᠤᠸᠠᠨ ᠤ᠋ ᠴᠧᠩ ᠳᠦ ᠬᠣᠲᠠ ᠶ᠋ᠢ ᠪᠠᠢᠯᠳᠤᠭᠰᠠᠨ ᠳ᠋ᠤᠷ ᠬᠣᠲᠠ ᠶ᠋ᠢ ᠰᠠᠬᠢᠬᠤ ᠭᠣᠣᠯ ᠲᠦᠰᠢᠮᠡᠯ ᠶᠠᠨ ᠵᠦᠩ ᠹᠠᠨ ᠭᠠᠷᠴᠤ ᠪᠠᠢᠯᠳᠤᠭᠠᠳ ᠳᠠᠢᠰᠤᠨ ᠢ᠋ ᠬᠥᠩᠭᠡᠯᠡᠭᠰᠡᠨ ᠡᠴᠡ ᠶᠡᠬᠡ ᠳᠡᠢᠯᠦᠭᠳᠡᠵᠦ ᠭᠠᠳᠠᠷ ᠬᠣᠲᠠ ᠪᠠᠨ ᠠᠯᠳᠠᠵᠤ ᠳᠣᠲᠣᠷ᠎ᠠ ᠬᠣᠲᠠᠨ ᠳ᠋ᠠᠭᠠᠨ ᠣᠷᠣᠵᠤ ᠰᠠᠬᠢᠪᠠ᠃ ᠬᠠᠮᠲᠤ ᠬᠡᠷᠡᠭ ᠮᠡᠳᠡᠬᠦ ᠰᠠᠢᠳ ᠸᠠᠩ ᠰᠢ ᠢᠩ ᠵᠡᠷᠭᠡ ᠨᠠᠢ᠍ᠮᠠᠨ ᠬᠥᠮᠦᠨ ᠴᠥᠮ ᠬᠣᠲᠠ ᠪᠠᠨ ᠣᠷᠬᠢᠵᠤ ᠳᠤᠲᠠᠭᠠᠪᠠ᠃ 
       ᠡᠭᠦᠨ ᠢ᠋ ᠬᠤᠪᠢᠯᠠᠢ ᠬᠠᠭᠠᠨ ᠰᠣᠨᠣᠰᠤᠭᠠᠳ ᠶᠡᠬᠡᠳᠡ ᠬᠢᠯᠢᠩᠯᠡᠨ ᠶᠠᠯ᠎ᠠ ᠠᠨᠤ ᠭᠣᠣᠯ ᠵᠠᠩᠵᠤᠨ ᠳ᠋ᠤᠷ ᠪᠣᠢ ᠭᠡᠮᠡᠨ ᠶᠠᠨ ᠵᠦᠩ ᠹᠠᠨ ᠢ᠋ ᠬᠦᠯᠢᠵᠦ ᠨᠡᠢᠰᠯᠡᠯ ᠳ᠋ᠦ᠍ᠷ ᠬᠦᠷᠭᠡ ᠬᠡᠮᠡᠪᠡ᠃ ᡁᠢ ᠶᠤᠸᠠᠨ ᠤ᠋ ᠠᠷᠪᠠᠨ ᠣᠨ ᠤ᠋ ᠭᠤᠷᠪᠠᠨ ᠰᠠᠷ᠎ᠠ ᠳ᠋ᠤᠷ ᠶᠠᠨ ᠵᠦᠩ ᠹᠠᠨ ᠤ᠋ ᠴᠡᠷᠢᠭ ᠳᠡᠢᠯᠦᠭᠳᠡᠭᠰᠡᠨ ᠶᠠᠯ᠎ᠠ ᠶ᠋ᠢ ᠲᠣᠳᠣᠯᠠᠵᠤ ᠵᠡᠷᠭᠡ ᠡᠷᠬᠢᠮ ᠢ ᠬᠠᠰᠤᠵᠤ ᠭᠠᠪᠢᠶ᠎ᠠ ᠪᠠᠢᠭᠤᠯᠵᠤ ᠶᠠᠯ᠎ᠠ ᠪᠠᠨ ᠳᠡᠢᠯᠦᠭᠲᠦᠨ ᠬᠡᠮᠡᠪᠡ᠃ 
       ᠡᠨᠡ ᠪᠦᠬᠦᠨ ᠴᠥᠮ ᠰᠥᠩ ᠤᠯᠤᠰ ᠤ᠋ᠨ ᠭᠠᠷᠭᠠᠵᠤ ᠪᠠᠢᠭ᠎ᠠ ᠤᠷᠰᠢᠭ ᠲᠤᠯᠠ ᠰᠠᠢᠳ ᠲᠦᠰᠢᠮᠡᠳ ᠂ ᠨᠣᠶᠠᠳ ᠵᠠᠩᠵᠤᠨ ᠴᠥᠮ ᠰᠥᠩ ᠤᠯᠤᠰ ᠠ᠋ᠴᠠ ᠶᠠᠯ᠎ᠠ ᠠᠰᠠᠭᠤᠪᠠᠰᠤ ᠵᠣᠬᠢᠮᠤᠢ᠃ ᠬᠡᠷᠪᠡ ᠡᠯᠴᠢ ᠶ᠋ᠢ ᠪᠤᠴᠠᠭᠠᠬᠤ ᠦᠭᠡᠢ ᠪᠥᠭᠡᠰᠦ ᠴᠡᠷᠢᠭ ᠭᠠᠷᠴᠤ ᠪᠠᠬᠠᠨ ᠴᠡᠭᠡᠷᠯᠡᠭᠦᠯᠲᠦᠭᠡᠢ᠂ ᠰᠤᠯᠠ ᠲᠠᠯᠪᠢᠵᠤ ᠪᠣᠯᠬᠤ ᠦᠭᠡᠢ ᠭᠡᠮᠡᠨ ᠵᠡᠷᠭᠡ ᠪᠡᠷ ᠠᠢᠯᠠᠳᠬᠠᠭᠰᠠᠨ ᠳ᠋ᠤᠷ ᠬᠤᠪᠢᠯᠠᠢ ᠬᠠᠭᠠᠨ ᠶᠡᠬᠡ ᠨᠡᠢᠰᠯᠡᠯ ᠡᠴᠡ ᠶᠣᠣ ᠱᠤ᠌ ᠂ ᠰᠢᠦᠢ ᠭᠧᠩ ᠂ ᠳ᠋ᠦ᠍ ᠱᠠᠨ ᠬᠦᠩ ᠯᠢᠦᠢ ᠵᠡᠷᠭᠡ ᠢᠲᠡᠭᠡᠯᠲᠦ ᠰᠠᠢᠳ ᠲᠦᠰᠢᠮᠡᠳ ᠢ᠋ᠶ᠋ᠡᠨ ᠥᠷᠲᠡᠭᠡ ᠳᠠᠮᠵᠢᠭᠤᠯᠤᠨ ᠳᠠᠭᠤᠳᠠᠭᠤᠯᠵᠤ ᠳᠡᠭᠡᠳᠦ ᠨᠡᠢᠰᠯᠡᠯ ᠳ᠋ᠦ᠍ᠷ ᠠᠪᠴᠤ ᠢᠷᠡᠨ ᠵᠥᠪᠳᠡᠪᠡᠰᠦ ᠬᠦᠩ ᠯᠢᠦᠢ ᠥᠴᠢᠷᠦᠨ ᠄《 ᠶᠡᠬᠡ ᠴᠡᠷᠢᠭ ᠬᠠᠨᠳᠤᠭᠰᠠᠨ ᠵᠦᠭ ᠳᠠᠢᠰᠤᠨ ᠦᠭᠡᠢ ᠪᠡᠷ ᠭᠤᠷᠪᠠᠨ ᠦ ᠶ᠋ᠢᠨ ᠭᠠᠵᠠᠷ ᠢ᠋ ᠴᠢᠬᠢᠷᠰᠦ ᠡᠪᠬᠡᠬᠦ ᠮᠡᠲᠦ ᠠᠪᠬᠤ ᠴᠠᠭ ᠣᠳᠣ ᠪᠣᠯᠪᠠᠢ᠃ ᠰᠥᠩ ᠤᠯᠤᠰ ᠲᠡᠷᠰᠯᠡᠭᠰᠡᠭᠡᠷ ᠤᠳᠠᠪᠠ ᠃ ᠡᠳᠦᠭᠡ ᠪᠣᠯᠲᠠᠯ᠎ᠠ ᠡᠯᠴᠢ ᠶ᠋ᠢ ᠬᠣᠷᠢᠬᠤ ᠪᠠᠷ ᠦᠯᠦ ᠪᠠᠷᠠᠨ ᠪᠠᠰᠠ ᠠᠯᠠᠵᠤ ᠬᠢᠳᠤᠬᠤ ᠪᠠ ᠤᠷᠪᠠᠭᠰᠠᠨ ᠵᠠᠩᠵᠤᠨ ᠴᠡᠷᠢᠭ ᠲᠦ᠍ᠷ ᠵᠡᠷᠭᠡ ᠡᠷᠬᠢᠮ ᠥᠭᠴᠦ ᠥᠳᠥᠭᠡᠨ ᠤᠷᠪᠠᠭᠤᠯᠵᠤ ᠬᠣᠲᠠ ᠪᠠᠯᠭᠠᠰᠤᠨ ᠢ᠋ ᠡᠵᠡᠯᠡᠨ ᠠᠪᠤᠭᠰᠠᠨ ᠵᠡᠷᠭᠡ ᠶᠠᠯ᠎ᠠ ᠪᠣᠢ ᠲᠤᠯᠠ ᠴᠡᠷᠢᠭ ᠭᠠᠷᠬᠤᠢ ᠳ᠋ᠤᠷ ᠨᠡᠷ᠎ᠡ ᠦᠭᠡᠢ ᠪᠤᠰᠤ ᠃ ᠠᠪᠤᠪᠠᠰᠤ ᠵᠣᠬᠢᠬᠤ ᠶ᠋ᠢ ᠡᠰᠡ ᠠᠪᠤᠪᠠᠰᠤ ᠬᠠᠷᠢᠨ ᠬᠣᠣᠷ ᠪᠣᠯᠤᠮᠤᠢ᠃ ᠡᠵᠡᠨ ᠦᠯᠦ ᠲᠠᠲᠠᠭᠠᠯᠵᠠᠬᠤ ᠪᠣᠯᠪᠠᠤ ! 》ᠬᠡᠮᠡᠪᠡᠢ᠃ ᠬᠤᠪᠢᠯᠠᠢ ᠬᠠᠨ ᠮᠥᠨ ᠭᠡᠮᠡᠨ ᠵᠥᠪᠰᠢᠶᠡᠷᠡᠭᠡᠳ ᠰᠢ ᠲᠢᠶᠠᠨ ᠽᠧ ᠵᠡᠷᠭᠡ ᠶᠡᠬᠡ ᠰᠠᠢᠳ ᠢ᠋ ᠲᠣᠮᠢᠯᠠᠨ ᠣᠩᠭᠣᠴᠠ ᠰᠠᠯ ᠦᠢᠯᠡᠳᠴᠦ ᠪᠡᠯᠡᠳᠬᠡᠭᠲᠦᠨ ᠭᠡᠮᠡᠨ ᠵᠠᠷᠯᠢᠭ ᠥᠭᠭᠦᠭᠰᠡᠨ ᠪᠣᠯᠪᠠᠴᠤ ᠴᠡᠷᠢᠭ ᠮᠣᠷᠢ ᠬᠥᠳᠡᠯᠭᠡᠬᠦ ᠵᠠᠷᠯᠢᠭ ᠦᠭᠡᠢ ᠲᠤᠯᠠ ᠣᠯᠠᠨ ᠰᠠᠢᠳ ᠴᠥᠮ ᠲᠤᠰ ᠲᠤᠰ ᠤ᠋ᠨ ᠲᠤᠰᠢᠶᠠᠯ ᠳ᠋ᠠᠭᠠᠨ ᠪᠤᠴᠠᠵᠤ ᠵᠠᠷᠯᠢᠭ ᠢ᠋ ᠬᠦᠯᠢᠶᠡᠪᠡᠢ᠃ 
       ᠬᠤᠪᠢᠯᠠᠢ ᠬᠠᠭᠠᠨ ᠰᠥᠩ ᠤᠯᠤᠰ ᠲᠤᠷ ᠴᠡᠷᠢᠭ ᠬᠡᠷᠡᠭᠯᠡᠬᠦ ᠳᠤᠷ᠎ᠠ ᠦᠭᠡᠢ ᠡᠶᠡᠳᠡᠲᠦᠭᠡᠢ ᠭᠡᠮᠡᠨ ᠴᠢᠷᠮᠠᠢᠬᠤ ᠲᠤᠯᠠ ᠵᠦᠩ ᠲᠦᠩ ᠦ᠋ᠨ ᠬᠣᠶᠠᠳᠤᠭᠠᠷ ᠣᠨ ᠠ᠋ᠴᠠ ᠰᠥᠩ ᠤᠯᠤᠰ ᠢ ᠳᠠᠢᠯᠠᠬᠤ ᠶᠠᠪᠤᠳᠠᠯ ᠢ ᠬᠡᠳᠦ ᠳᠠᠬᠢᠨ ᠵᠥᠪᠳᠡᠭᠡᠳ ᠴᠥᠮ ᠪᠡᠶᠡᠯᠡᠭᠳᠡᠭᠰᠡᠨ ᠥᠬᠡᠢ ᠳ᠋ᠦ᠍ᠷ ᠣᠯᠠᠨ ᠰᠠᠢᠳ ᠲᠦᠰᠢᠮᠡᠳ ᠳᠡᠮᠡᠢ ᠬᠡᠷᠡᠭ ᠪᠣᠯᠭᠠᠭᠰᠠᠨ ᠦᠭᠡᠢ᠃ 
       ᠵᠦᠩ ᠲᠦᠩ ᠦ᠋ᠨ ᠬᠣᠶᠠᠳᠤᠭᠠᠷ ᠣᠨ ᠤ᠋ ᠵᠠᠷᠯᠢᠭ ᠲᠤᠷ ᠰᠥᠩ ᠤᠯᠤᠰ ᠢ᠋  ᠪᠠᠢᠯᠳᠤᠮᠤᠢ ᠭᠡᠮᠡᠨ ᠰᠥᠩ ᠤᠯᠤᠰ ᠤ᠋ᠨ ᠶᠠᠯ᠎ᠠ ᠶ᠋ᠢ ᠲᠣᠭᠠᠴᠠᠵᠤ ᠶᠣᠰᠣ ᠶ᠋ᠢ ᠪᠠᠷᠢᠵᠤ ᠪᠤᠷᠤᠭᠤᠰᠢᠶᠠᠨ ᠥᠭᠦᠯᠡᠭᠰᠡᠨ ᠵᠠᠷᠯᠢᠭ ᠤ᠋ᠨ ᠦᠭᠡ ᠢᠨᠤ ᠄ 
       ᠮᠡᠬᠦᠰ ᠪᠢ ᠰᠠᠭᠤᠷᠢᠨ ᠳ᠋ᠤᠷ ᠰᠠᠭᠤᠭᠠᠳ ᠴᠡᠷᠢᠭ ᠮᠣᠷᠢ ᠶ᠋ᠢ ᠴᠥᠭᠡᠴᠢᠯᠡᠨ ᠠᠷᠠᠳ ᠢᠷᠭᠡᠳ ᠠᠮᠤᠷ ᠲᠦᠪᠰᠢᠨ ᠠᠵᠤ ᠲᠥᠷᠥᠬᠦ ᠶ᠋ᠢ ᠪᠣᠳᠣᠵᠤ ᠡᠯᠴᠢ ᠲᠣᠮᠢᠯᠠᠨ ᠰᠥᠩ ᠤᠯᠤᠰ ᠯᠤᠭ᠎ᠠ ᠨᠠᠢᠷᠠᠮᠳᠠᠰᠤᠭᠠᠢ ᠬᠡᠮᠡᠭᠰᠡᠨ ᠪᠣᠯᠠᠢ᠃ ᠭᠡᠲᠡᠯ᠎ᠡ ᠰᠥᠩ ᠤᠯᠤᠰ ᠤ᠋ᠨ ᠬᠥᠮᠦᠰ ᠬᠣᠯᠠ ᠶ᠋ᠢ ᠪᠣᠳᠣᠬᠤ ᠦᠭᠡᠢ᠂ ᠮᠠᠨ ᠤ᠋ ᠥᠴᠦᠬᠡᠨ ᠵᠠᠢ ᠶ᠋ᠢ ᠦᠵᠡᠵᠦ ᠬᠡᠷᠡᠭ ᠥᠳᠥᠭᠡᠨ ᠵᠡᠭᠦᠨ ᠢ᠋ ᠳᠡᠭᠡᠷᠡᠮᠳᠡᠨ ᠪᠠᠷᠠᠭᠤᠨ ᠢ ᠪᠤᠯᠢᠶᠠᠨ ᠨᠢᠭᠡ ᠡᠳᠦᠷ ᠴᠦ᠍ ᠠᠮᠤᠷ ᠰᠠᠭᠤᠯᠭᠠᠬᠤ ᠦᠭᠡᠢ᠃ ᠮᠡᠬᠦᠰ ᠪᠢ ᠡᠨᠡ ᠬᠠᠪᠤᠷ ᠣᠷᠳᠣᠨ ᠳ᠋ᠤᠷ ᠪᠤᠴᠠᠭᠰᠠᠨ ᠤ᠋ ᠬᠣᠢᠨ᠎ᠠ ᠰᠠᠢᠳ ᠲᠦᠰᠢᠮᠡᠳ ᠴᠥᠮ ᠴᠡᠷᠢᠭ ᠭᠠᠷᠭᠠᠨ ᠰᠥᠩ ᠢ᠋ ᠳᠠᠢᠯᠠᠬᠤ ᠶ᠋ᠢ ᠭᠤᠶᠤᠴᠢᠯᠠᠭᠰᠠᠨ ᠪᠥᠯᠥᠭᠡ ᠃ ᠮᠡᠬᠦᠰ ᠪᠢ ᠬᠣᠶᠠᠷ ᠤᠯᠤᠰ ᠤ᠋ᠨ ᠠᠮᠢᠲᠠᠨ ᠵᠢᠷᠭᠤᠭᠠᠨ ᠵᠦᠢᠯ ᠢ᠋ ᠪᠣᠳᠣᠵᠤ ᠪᠠᠰᠠ ᠡᠯᠴᠢ ᠶ᠋ᠢᠨ ᠰᠠᠢᠳ ᠢ᠋ ᠪᠤᠴᠠᠵᠤ ᠢᠷᠡᠬᠦ ᠶ᠋ᠢ ᠬᠦᠯᠢᠶᠡᠰᠦᠭᠡᠢ ᠬᠡᠮᠡᠪᠡ᠃ ᠬᠡᠷᠪᠡ ᠭᠡᠮᠰᠢᠵᠦ ᠡᠶᠡᠳᠡᠬᠦ ᠶ᠋ᠢ ᠵᠥᠪᠰᠢᠶᠡᠷᠡᠬᠦ ᠪᠥᠭᠡᠰᠦ ᠴᠡᠷᠢᠭ ᠲᠡᠢᠨ ᠦ᠌ ᠠᠶᠤᠯ ᠦᠭᠡᠢ ᠪᠣᠯᠤᠮᠤᠢ ᠭᠡᠮᠡᠨ ᠴᠡᠷᠢᠭ ᠬᠡᠷᠡᠭᠯᠡᠬᠦ ᠶ᠋ᠢ ᠳᠠᠬᠢᠨ ᠬᠣᠢᠰᠢᠯᠠᠭᠤᠯᠪᠠ᠃ ᠭᠡᠲᠡᠯ᠎ᠡ ᠰᠥᠩ ᠤᠯᠤᠰ ᠡᠯᠴᠢ ᠶ᠋ᠢ ᠬᠣᠷᠢᠵᠤ ᠪᠤᠴᠠᠭᠠᠬᠤ ᠦᠭᠡᠢ ᠪᠠᠰᠠ ᠬᠠᠭᠠᠰ ᠵᠢᠯ ᠪᠣᠯᠪᠠᠢ᠃ ᠢᠨᠠᠭᠰᠢ ᠴᠢᠨᠠᠭᠰᠢ ᠬᠠᠷᠢᠯᠴᠠᠬᠤ ᠶᠠᠪᠤᠳᠠᠯ ᠨᠢᠭᠡᠨᠲᠡ ᠲᠠᠰᠤᠷᠠᠵᠤ ᠳᠠᠭᠠᠷᠢᠨ ᠳᠡᠭᠡᠷᠡᠮᠳᠡᠬᠦ ᠶᠠᠷᠰᠢᠭ ᠲᠠᠰᠤᠷᠠᠬᠤ ᠦᠭᠡᠢ ᠪᠣᠯᠪᠠ᠃ ᠰᠥᠩ ᠤᠯᠤᠰ ᠦᠷᠭᠦᠯᠵᠢ ᠪᠡᠶ᠎ᠡ ᠪᠡᠨ ᠳᠡᠪᠡᠯ ᠮᠠᠯᠠᠭ᠎ᠠ ᠶᠣᠰᠣ ᠬᠥᠭᠵᠢᠮᠲᠦ ᠤᠯᠤᠰ ᠭᠡᠮᠡᠨ ᠤᠭᠰᠠᠢᠵᠤ ᠠᠭᠠᠳ ᠡᠢᠨ ᠠᠬᠤ ᠠᠨᠤ ᠵᠣᠬᠢᠮᠤᠢ ᠤᠤ? ᠵᠥᠪ ᠪᠤᠷᠤᠭᠤ ᠭᠡᠭᠡᠨ ᠬᠠᠷᠠᠩᠭᠤᠢ ᠮᠡᠲᠦ ᠲᠣᠳᠣ ᠪᠣᠢ᠃ ᠡᠳᠦᠭᠡ ᠸᠠᠩ ᠳ᠋ᠣᠣ ᠵᠸᠨ ᠨᠠᠷ ᠢ᠋ ᠶᠠᠪᠤᠭᠤᠯᠵᠤ ᠰᠠᠢᠳ ᠲᠠ ᠨᠠᠷ ᠲᠤᠷ ᠵᠠᠬᠢᠬᠤ ᠠᠨᠤ ᠴᠡᠷᠢᠭ ᠵᠠᠩᠵᠤᠨ ᠢ᠋ᠶ᠋ᠠᠨ ᠪᠡᠯᠡᠳᠬᠡᠨ ᠵᠢᠳᠠ ᠢᠯᠳᠦ ᠪᠡᠨ ᠪᠢᠯᠡᠭᠦᠳᠡᠵᠦ ᠨᠤᠮᠤ ᠵᠡᠪᠡ ᠪᠡᠨ ᠬᠤᠷᠴᠠᠯᠠᠨᠨ ᠨᠠᠮᠤᠷ ᠣᠭᠲᠠᠷᠭᠤᠢ ᠴᠡᠯᠮᠡᠭ ᠠᠳᠤᠭᠤ ᠲᠠᠷᠭᠤᠨ ᠳ᠋ᠤᠷ ᠰᠥᠩ ᠤᠯᠤᠰ ᠠ᠋ᠴᠠ ᠶᠠᠯ᠎ᠠ ᠠᠰᠠᠭᠤᠬᠤ ᠪᠠᠷ ᠤᠰᠤ ᠬᠠᠭᠤᠷᠠᠢ ᠵᠠᠮ ᠢ᠋ᠶ᠋ᠠᠷ ᠵᠡᠷᠭᠡ ᠪᠡᠷ ᠣᠷᠣᠬᠤ ᠪᠠᠷ ᠪᠡᠯᠡᠳᠬᠡᠨ ᠬᠦᠯᠢᠶᠡᠭᠲᠦᠨ! ᠳᠡᠭᠡᠳᠦᠰ ᠦ᠋ᠨ ᠰᠦᠯᠳᠡ ᠂ ᠮᠥᠩᠬᠡ ᠲᠡᠭᠷᠢ ᠶ᠋ᠢᠨ ᠢᠪᠡᠭᠡᠯ ᠢ᠋ᠶ᠋ᠡᠷ ᠭᠠᠪᠢᠶ᠎ᠠ ᠪᠠᠢᠭᠤᠯᠵᠤ ᠭᠠᠵᠠᠭᠤ ᠶ᠋ᠢ ᠢᠯᠠᠬᠤ ᠠᠨᠤ ᠪᠣᠯᠠᠢ ᠃ ᠲᠦᠰᠢᠮᠡᠳ ᠨᠠᠷ ᠮᠡᠬᠦᠰ ᠮᠢᠨᠦ ᠰᠠᠨᠠᠭ᠎ᠠ ᠶ᠋ᠢ ᠮᠡᠳᠡᠵᠦ ᠵᠠᠩᠵᠤᠨ ᠴᠡᠷᠢᠭ ᠲᠦ᠍ᠷ ᠰᠠᠢᠲᠤᠷ ᠤᠬᠠᠭᠤᠯᠤᠨ ᠬᠥᠮᠦᠨ ᠪᠦᠷᠢ ᠴᠢᠷᠮᠠᠢᠲᠤᠭᠠᠢ ᠬᠡᠮᠡᠪᠡ᠃ ᠭᠡᠲᠡᠯ᠎ᠡ ᠡᠨᠡᠬᠦ ᠵᠠᠷᠯᠢᠭ ᠪᠡᠶᠡᠯᠡᠭᠳᠡᠭᠰᠡᠨᠨ ᠦᠭᠡᠢ᠃ ᠣᠨ ᠰᠠᠷ᠎ᠠ ᠶ᠋ᠢᠨ ᠥᠩᠭᠡᠷᠡᠬᠦ ᠢᠨᠦ ᠭᠢᠯᠪᠠᠭ᠎ᠠ ᠮᠡᠲᠦ ᠲᠤᠯᠠ ᠨᠢᠭᠡᠨᠲᠡ ᠠᠷᠪᠠᠨ ᠨᠢᠭᠡᠨ ᠵᠢᠯ ᠥᠩᠭᠡᠷᠡᠪᠡ᠃ 
       ᠥᠭᠦᠯᠡᠬᠦ ᠢᠨᠦ ᡁᠢ ᠶᠤᠸᠠᠨ ᠤ᠋ ᠠᠷᠪᠠᠨ ᠨᠢᠭᠡᠨ ᠣᠨ ᠤ᠋ ᠴᠠᠭᠠᠨ ᠰᠠᠷ᠎ᠠ ᠳ᠋ᠤᠷ ᠠᠵᠤᠤ ᠠᠷᠠᠬᠠᠶ᠎ᠠ ᠨᠠᠷ ᠰᠢᠨ᠎ᠡ ᠲᠣᠭᠲᠠᠭᠠᠯ ᠢ᠋ᠶ᠋ᠠᠷ ᠰᠢᠨ᠎ᠡ ᠵᠢᠯ ᠦ᠋ᠨ ᠪᠠᠶᠠᠷ ᠲᠤᠷ ᠮᠥᠷᠭᠥᠷ᠎ᠡ ᠢᠷᠡᠭᠡᠳ ᠠᠷᠠᠬᠠᠶ᠎ᠠ ᠠᠢᠯᠠᠳᠬᠠᠷᠤᠨ ᠄《ᠵᠢᠩ ᠰᠢᠶᠠᠩ ᠡᠷᠲᠡᠨ ᠡᠴᠡ ᠴᠡᠷᠢᠭ ᠬᠡᠷᠡᠭᠯᠡᠬᠦ ᠭᠠᠵᠠᠷ ᠪᠣᠯᠠᠢ᠃ ᠬᠠᠨ ᠰᠦᠢ ᠮᠥᠷᠡᠨ ᠦ᠌ ᠳᠡᠭᠡᠳᠦ ᠤᠷᠤᠰᠠᠬᠠᠯ ᠨᠢᠭᠡᠨᠲᠡ ᠮᠠᠨ ᠤ᠋ ᠪᠣᠯᠪᠠᠢ᠃ ᠤᠷᠤᠰᠬᠠᠯ ᠢ᠋ ᠳᠠᠭᠠᠵᠤ ᠪᠠᠭᠤᠪᠠᠰᠤ ᠰᠥᠩ ᠤᠯᠤᠰ ᠢ᠋ ᠲᠦᠪᠰᠢᠳᠬᠡᠵᠦ ᠪᠣᠯᠤᠮᠤᠢ᠃ ᠬᠡᠷᠪᠡ ᠠᠰᠢᠭ ᠦᠭᠡᠢ ᠪᠥᠭᠡᠰᠦ ᠪᠤᠴᠠᠵᠤ ᠰᠢᠶᠠᠩ ᠂ ᠹᠠᠨ ᠢ᠋ᠶ᠋ᠠᠨ ᠰᠠᠬᠢᠮᠤᠢ ᠊ᠶ᠎ᠠ ᠃ ᠲᠠᠲᠠᠭᠠᠯᠵᠠᠬᠤ ᠬᠡᠷᠡᠭ ᠦᠭᠡᠢ 》 ᠬᠡᠮᠡᠬᠦᠢ ᠳ᠋ᠦ᠍ᠷ ᠠᠵᠤᠤ ᠳᠡᠮᠵᠢᠵᠦ ᠥᠴᠢᠷᠦᠨ ᠄《ᠰᠥᠩ ᠤᠯᠤᠰ ᠤ᠋ᠨ ᠴᠡᠷᠢᠭ ᠥᠩᠭᠡᠷᠡᠭᠰᠡᠨ ᠡᠴᠡ ᠪᠠᠭᠤᠷᠠᠢ ᠪᠣᠯᠪᠠᠢ ᠃ ᠡᠳᠦᠭᠡ  ᠪᠠᠢᠯᠳᠤᠬᠤ ᠦᠭᠡᠢ ᠪᠥᠭᠡᠰᠦ ᠬᠣᠵᠢᠮ ᠴᠠᠬᠢᠷᠠᠭᠵᠢᠪᠠᠰᠤ ᠬᠠᠷᠢᠨ ᠮᠠᠨ ᠤ᠋ ᠤᠯᠤᠰ ᠲᠤᠷ ᠨᠠᠢᠷ ᠲᠠᠯᠪᠢᠬᠤ ᠦᠭᠡᠢ ᠢᠨᠤ ᠯᠠᠪᠲᠠᠢ᠃ ᠲᠣᠬᠢᠶᠠᠯ ᠢ ᠠᠯᠳᠠᠬᠤ ᠪᠥᠭᠡᠰᠦ ᠳᠠᠬᠢᠨ ᠣᠯᠬᠤᠢ ‍ᠶ᠎ᠠ ᠪᠡᠷᠬᠡ ᠪᠣᠯᠠᠢ᠃ ᠡᠵᠡᠨ ᠦ᠌ ᠭᠡᠭᠡᠨ ᠳ᠋ᠦ᠍ᠷ ᠰᠣᠶᠣᠷᠬᠠᠮᠤ ! 》ᠬᠡᠮᠡᠪᠡᠢ᠃ ᠬᠤᠪᠢᠯᠠᠢ ᠬᠠᠭᠠᠨ ᠪᠠᠰᠠ ᠲᠠᠲᠠᠭᠠᠯᠵᠠᠨ ᠳᠠᠬᠢᠨ ᠳᠠ ᠳᠦ ᠡᠴᠡ ᠰᠢ ᠲᠢᠶᠠᠨ ᠽᠧ ᠶ᠋ᠢ ᠳᠠᠭᠤᠳᠠᠵᠤ ᠵᠥᠪᠳᠡᠪᠡᠰᠦ ᠰᠢ ᠲᠢᠶᠠᠨ ᠽᠧ ᠣᠴᠢᠷᠤᠨ ᠄《ᠡᠨᠡ ᠪᠥᠭᠡᠰᠦ ᠤᠯᠤᠰ ᠤ᠋ᠨ ᠶᠡᠬᠡ ᠶᠠᠪᠤᠳᠠᠯ ᠪᠣᠯᠠᠢ᠂ ᠬᠦᠨᠳᠦᠲᠦ ᠲᠦᠰᠢᠮᠡᠯ ᠠᠨ ᠲᠦᠩ ᠪᠤᠶᠤ ᠪᠠᠶᠠᠨ ᠤ᠋ ᠨᠢᠭᠡ ᠶ᠋ᠢ ᠲᠣᠮᠢᠯᠠᠵᠤ ᠶᠡᠬᠡ ᠴᠡᠷᠢᠭ ᠢ᠋ ᠳᠠᠢᠴᠢᠯᠠᠭᠤᠯᠤᠨ ᠣᠳᠪᠠᠰᠤ ᠳᠥᠷᠪᠡᠨ ᠳᠠᠯᠠᠢ ᠶ᠋ᠢᠨ ᠲᠣᠭᠲᠠᠭᠠᠵᠤ ᠨᠢᠭᠡᠳᠬᠦ ᠶ᠋ᠢ ᠡᠳᠦᠷ ᠵᠢᠭᠠᠵᠤ ᠬᠦᠯᠢᠶᠡᠵᠦ ᠪᠣᠯᠤᠮᠤᠢ᠃ ᠲᠦᠰᠢᠮᠡᠯ ᠪᠢ ᠨᠢᠭᠡᠨᠲᠡ ᠡᠪᠦᠭᠡᠷᠡᠪᠡ᠃ ᠳᠡᠳ᠋ ᠲᠤᠰᠢᠶᠠᠯ ᠢ᠋ ᠭᠦᠢᠴᠡᠳᠬᠡᠬᠦ ᠠᠨᠤ ᠳᠡᠭᠡᠳᠦ ᠬᠡᠮᠵᠢᠶ᠎ᠡ 》 ᠬᠡᠮᠡᠪᠡᠢ᠃ ᠬᠤᠪᠢᠯᠠᠢ ᠬᠠᠭᠠᠨ ᠥᠭᠦᠯᠡᠷᠦᠨ ᠄《ᠪᠠᠶᠠᠨ ᠡᠨᠡ ᠲᠤᠰᠢᠶᠠᠯ ᠢ᠋ ᠬᠦᠯᠢᠶᠡᠵᠦ ᠪᠣᠯᠤᠮᠤᠢ》 ᠬᠡᠮᠡᠵᠦ ᠰᠠᠶᠢ ᠰᠥᠩ ᠤᠯᠤᠰ ᠢ᠋ ᠪᠠᠢᠯᠳᠤᠬᠤ ᠵᠣᠷᠢᠭ ᠰᠢᠭᠤᠳᠪᠠ ᠃ ᠠᠷᠠᠬᠠᠶ᠎ᠠ ᠠᠢᠯᠠᠳᠬᠠᠷᠤᠨ ᠄ 《ᠮᠠᠨ ᠤ᠋ ᠴᠡᠷᠢᠭ ᠡᠮᠦᠨᠡᠰᠢ ᠲᠠᠢᠯᠠᠬᠤᠢ ᠳ᠋ᠤᠷ ᠡᠷᠬᠡᠪᠰᠢ ᠬᠡᠳᠦᠨ ᠵᠠᠮ ᠬᠤᠪᠢᠶᠠᠵᠤ ᠣᠷᠣᠬᠤ ᠪᠣᠯᠠᠢ ᠃ ᠡᠢᠨ ᠠᠪᠠᠰᠤ ᠤᠤᠯ ᠤ᠋ᠨ ᠰᠡᠷᠭᠡᠢᠯᠡᠨ ᠰᠠᠭᠤᠭᠰᠠᠨ ᠴᠡᠷᠢᠭ ᠬᠦᠷᠦᠯᠴᠡᠬᠦ ᠦᠭᠡᠢ ᠲᠤᠯᠠ ᠠᠷᠪᠠᠨ ᠲᠦᠮᠡᠨ ᠴᠡᠷᠢᠭ ᠨᠡᠮᠡᠬᠦ ᠦᠭᠡᠢ ᠦᠯᠦ ᠪᠣᠯᠤᠮᠤᠢ 》 ᠬᠡᠮᠡᠪᠡ ᠃ ᠬᠤᠪᠢᠯᠠᠢ ᠬᠠᠭᠠᠨ ᠵᠠᠷᠯᠢᠭ ᠪᠣᠯᠵᠤ ᠳᠤᠮᠳᠠᠳᠤ ᠪᠢᠴᠢᠭ ᠦ᠋ᠨ ᠮᠣᠵᠢ ᠵᠦᠩ ᠱᠤ᠌ ᠱᠧᠩ ᠂ ᠴᠡᠷᠢᠭ ᠦ᠋ᠨ ᠬᠦᠷᠢᠶᠡᠯᠡᠩ ᠦ᠋ᠨ ᠱᠤ᠌ ᠮᠢ ᠶᠤᠸᠠᠨ ᠯᠤᠭ᠎ᠠ ᠵᠥᠪᠳᠡᠵᠦ ᠰᠢᠳᠬᠡ ᠬᠡᠮᠡᠪᠡᠢ ᠃ ᠰᠥᠩ ᠤᠯᠤᠰ ᠠ᠋ᠴᠠ ᠶᠠᠯ᠎ᠠ ᠠᠰᠠᠭᠤᠷ᠎ᠠ ᠶᠡᠬᠡ ᠴᠡᠷᠢᠭ ᠮᠣᠷᠳᠠᠬᠤ ᠲᠤᠬᠠᠢ ᠪᠢᠴᠢᠰᠦᠭᠡᠢ ᠬᠡᠮᠡᠪᠡᠰᠦ ᠠᠯᠪᠠᠨ ᠬᠡᠷᠡᠭ ᠲᠡᠢ ᠪᠣᠯᠤᠭᠰᠠᠨ ᠣᠴᠢᠷ᠎ᠠ ᠲᠦᠷ ᠬᠣᠢᠰᠢᠯᠠᠰᠤᠭᠠᠢ᠃  

                  ᠰᠤᠯᠠ ᠰᠢᠯᠦᠭ   
       ᠪᠤᠷᠴᠠᠭ ᠢ᠋ ᠴᠢᠨᠠᠬᠤᠢ ᠳ᠋ᠦ᠍ᠷ ᠡᠰᠢ ᠶ᠋ᠢ ᠲᠦᠯᠡᠮᠦᠢ 
       ᠪᠤᠷᠴᠠᠭ ᠲᠣᠭᠣᠭᠠᠨ ᠳ᠋ᠤᠷ ᠤᠬᠢᠯᠠᠯᠳᠤᠷᠤᠨ       
       ᠪᠣᠳᠣᠪᠠᠰᠤ ᠦᠨᠳᠦᠰᠦ ᠨᠢᠭᠡᠲᠡᠢ ᠠᠭᠠᠳ      
       ᠪᠤᠴᠠᠯᠭᠠᠨ ᠲᠠᠮᠤᠯᠠᠬᠤᠢ ‍ᠶ᠎ᠠ ᠶᠠᠭᠤᠲᠠᠢ ᠬᠠᠷᠭᠢᠰ ᠃     
                    (  ᠭᠤᠷᠪᠠᠨ ᠤᠯᠤᠰ ᠤ᠋ᠨ ᠽᠣᠤ ᡁᠢ  )