ᠪᠦᠪᠡᠢ ᠶᠢᠨ ᠳᠠᠭᠤᠤ-ᠥ᠊ ∙ ᠦᠦᠷᠢᠨᠲᠤᠶᠠᠭ᠎ᠠБүүвэйн дуу-Ө.Үүрийнтуяа
ᠪᠦᠪᠡᠢ ᠶᠢᠨ ᠳᠠᠭᠤᠤ
ᠦᠭᠡ ᠄ ᠢ ᠂ ᠲᠤᠶᠠᠭ᠎ᠠ ᠳ ᠂ ᠪᠠᠲᠤᠪᠠᠶᠠᠷ
ᠠᠶ᠎ᠠ ᠄ ᠫ ᠂ ᠪᠤᠶᠠᠨᠵᠢᠷᠭᠠᠯ
ᠳᠠᠭᠤᠴᠢᠨ᠄ ᠥ᠊ ∙ᠦᠦᠷᠢᠨᠲᠤᠶᠠᠭ᠎ᠠ
ᠠᠮᠢᠨ ᠴᠠᠭᠠᠨ ᠰᠦ ᠪᠡᠷ ᠢ᠋ᠶ᠋ᠡᠨ
ᠠᠮᠢᠯᠠᠭᠤᠯᠤᠨ ᠠᠮᠢᠯᠠᠭᠤᠯᠤᠨ ᠪᠦᠪᠡᠢᠯᠡᠶᠡ
ᠠᠯᠠᠭᠬᠠᠨ ᠦᠷᠡᠰ ᠮᠢᠨᠢ ᠪᠦᠪᠡᠢ ᠪᠦᠪᠡᠢ ᠪᠦᠪᠡᠢ
ᠢᠪᠡᠭᠡᠯ ᠦ᠋ᠨ ᠵᠥᠭᠡᠯᠡᠨ ᠭᠠᠷ ᠢ᠋ᠶ᠋ᠠᠷ ᠢ᠋ᠶ᠋ᠠᠨ
ᠢᠯᠪᠢᠨ ᠢᠯᠪᠢᠨ ᠪᠦᠪᠡᠢᠯᠡᠶᠡ
ᠢᠵᠢᠯᠰᠢᠬᠦ ᠦᠷᠡᠰ ᠮᠢᠨᠢ ᠪᠦᠪᠡᠢ ᠪᠦᠪᠡᠢ
ᠡᠬᠡ ᠨᠠᠷᠠᠨ ᠤ᠋ ᠢᠯᠴᠢ ᠪᠡᠷ
ᠡᠪᠡᠢᠯᠡᠨ ᠡᠪᠡᠢᠯᠡᠨ ᠪᠦᠪᠡᠢᠯᠡᠶᠡ
ᠡᠩᠬᠦᠷᠡᠢ ᠦᠷᠡᠰ ᠮᠢᠨᠢ ᠪᠦᠪᠡᠢ ᠪᠦᠪᠡᠢ
ᠣᠷᠴᠢᠯᠠᠩ ᠶᠢᠷᠲᠢᠨᠴᠦ ᠶ᠋ᠢᠨ ᠰᠢᠳ᠋ ᠢ᠋ᠶ᠋ᠡᠷ
ᠣᠶᠤᠨ ᠤᠬᠠᠭᠠᠨ ᠢ᠋ᠶ᠋ᠠᠨ ᠭᠡᠢᠭᠦᠯᠦᠶ᠎ᠡ
ᠣᠶᠤᠲᠤ ᠦᠷᠡᠰ ᠮᠢᠨᠢ ᠪᠦᠪᠡᠢ ᠪᠦᠪᠡᠢ
ᠡᠪᠦᠭᠡ ᠳᠡᠭᠡᠳᠦᠰ ᠦ᠋ᠨ ᠰᠤᠷᠭᠠᠯ ᠢ᠋
ᠥᠷᠲᠡᠭᠡᠯᠡᠨ ᠥᠷᠲᠡᠭᠡᠯᠡᠨ ᠥᠪᠯᠡᠭᠦᠯᠦᠶᠡ
ᠥᠬᠥᠭᠡᠷᠳᠡᠮ᠎ᠡ ᠦᠷᠡᠰ ᠮᠢᠨᠢ ᠪᠦᠪᠡᠢ ᠪᠦᠪᠡᠢ
ᠤᠷᠲᠤ ᠶ᠋ᠢᠨ ᠰᠠᠢᠬᠠᠨ ᠳᠠᠭᠤᠤ ᠪᠠᠷ ᠢ᠋ᠶ᠋ᠠᠨ
ᠤᠶᠠᠷᠠᠭᠤᠯᠤᠨ ᠤᠶᠠᠷᠠᠭᠤᠯᠤᠨ ᠪᠦᠪᠡᠢᠯᠡᠶᠡ
ᠤᠬᠠᠭᠠᠨᠲᠤ ᠦᠷᠡᠰ ᠮᠢᠨᠢ ᠪᠦᠪᠡᠢ ᠪᠦᠪᠡᠢ
ᠡᠭᠦᠷᠢᠳᠡ ᠶ᠋ᠢᠨ ᠠᠷᠢᠭᠤᠨ ᠬᠠᠢᠷ᠎ᠠ ᠪᠠᠷ ᠢ᠋ᠶ᠋ᠠᠨ
ᠦᠨᠦᠰᠦᠨ ᠦᠨᠦᠰᠦᠨ ᠪᠦᠪᠡᠢᠯᠡᠶᠡ
ᠦᠨᠡᠭᠡᠴᠢᠯᠡᠬᠦ ᠦᠷᠡᠰ ᠮᠢᠨᠢ ᠪᠦᠪᠡᠢ ᠪᠦᠪᠡᠢ
ᠠᠰᠢᠳᠠ ᠮᠣᠩᠭᠣᠯ ᠢᠷᠦᠭᠡᠯ ᠢ᠋
ᠠᠶᠠᠯᠤᠭᠤᠯᠤᠨ ᠠᠶᠠᠯᠤᠭᠤᠯᠤᠨ ᠡᠷᠭᠦᠶ᠎ᠡ
ᠠᠰᠢᠳᠠ ᠮᠣᠩᠭᠣᠯ ᠢᠷᠦᠭᠡᠯ ᠢ᠋
ᠪᠦᠪᠡᠢᠯᠡᠨ ᠪᠦᠪᠡᠢᠯᠡᠨ ᠢᠷᠥᠭᠡᠶ᠎ᠡ
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ᠄ ᠭᠠᠸᠠ
ᠦᠰᠦᠭ ᠬᠢᠨᠠᠭᠴᠢ ᠄ ᠭᠠᠷᠮ᠎ᠠ
