ᠡᠬᠡ ᠶ᠋ᠢᠨ ᠳᠠᠭᠤᠤ-ᠭ ᠂ ᠡᠷᠳᠡᠨᠢᠴᠢᠮᠡᠭЭхийн дуу-Г·Эрдэнчимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠶ᠋ᠢᠨ ᠳᠠᠭᠤᠤ-ᠭ ᠂ ᠡᠷᠳᠡᠨᠢᠴᠢᠮᠡᠭЭхийн дуу-Г·Эрдэнчимэг

ᠡᠬᠡ ᠶ᠋ᠢᠨ ᠳᠠᠭᠤᠤ-ᠭ ᠂ ᠡᠷᠳᠡᠨᠢᠴᠢᠮᠡᠭЭхийн дуу-Г·Эрдэнчимэг

ᠠᠩᠭᠢᠯᠠᠯ:ᠳᠠᠭᠤᠤ ᠬᠥᠭᠵᠢᠮ
2024-05-12

984

ᠡᠬᠡ ᠶ᠋ᠢᠨ ᠳᠠᠭᠤᠤ

   ᠦᠭᠡ ᠄ ᠰ ᠂ ᠵᠢᠪᠬᠤᠯᠠᠩ 
   ᠠᠶ᠎ᠠ᠄ ᠳ ᠂ ᠲᠣᠷᠯᠢᠭ 
   ᠳᠠᠭᠤᠴᠢᠨ᠄ ᠭ ᠂ ᠡᠷᠳᠡᠨᠢᠴᠢᠮᠡᠭ 

ᠬᠠᠯᠠᠭᠤᠨ ᠡᠯᠢᠭᠡᠨ ᠨᠤᠲᠤᠭ ᠤ᠋ᠨ ᠢ᠋ᠶ᠋ᠠᠨ ᠡᠵᠡᠨ ᠨᠢ ᠪᠣᠯᠵᠤ ᠮᠡᠨᠳᠦᠯᠡᠭᠰᠡᠨ 
ᠬᠠᠳᠠᠨ ᠵᠣᠷᠢᠭᠲᠤ ᠪᠠᠭᠠᠲᠤᠷ ᠤ᠋ᠳ ᠤ᠋ᠨ ᠬᠣᠢᠴᠢ ᠨᠢ ᠢᠷᠡᠭᠰᠡᠨ ᠶᠦᠮ ᠪᠣᠯᠬᠣᠷ  
ᠬᠠᠮᠤᠭ ᠰᠠᠢᠬᠠᠨ ᠪᠦᠬᠦᠨ ᠢ᠋ ᠴᠢᠨᠢ ᠠᠳᠬᠠᠭ ᠪᠤᠷᠤᠭᠤ ᠪᠦᠷᠬᠦᠪᠡᠰᠦ 
ᠬᠠᠳᠠᠨ ᠵᠣᠷᠢᠭᠲᠠᠨ ᠤ᠋ ᠡᠦᠲᠦᠮ ᠨᠢ ᠤᠬᠢᠯᠠᠳᠠᠭ ᠦᠭᠡᠢ ᠶᠦᠮ ᠪᠤᠤ ᠠᠶᠤ 
ᠠᠷᠤᠭ ᠢ᠋ᠶ᠋ᠠᠨ ᠲᠦᠰᠢᠭᠡᠳ ᠲᠥᠷᠥᠭᠦᠯᠦᠭᠰᠡᠨ ᠠᠯᠲᠠᠨ ᠤᠷᠤᠭ ᠤ᠋ᠨ ᠬᠡᠯᠬᠢᠶᠡᠰᠦ 
ᠠᠯᠠᠭ ᠬᠣᠩᠭᠣᠷ ᠦᠷᠡᠰ ᠮᠢᠨᠢ ᠠᠳᠠ ᠮᠠᠭᠤ ᠠ᠋ᠴᠠ ᠪᠤᠤ ᠠᠶᠤ 

ᠳᠠᠯᠠᠢ ᠶᠡᠬᠡ ᠣᠷᠣᠨ ᠤ᠋ ᠪᠠᠨ ᠡᠵᠡᠨ ᠨᠢ ᠪᠣᠯᠵᠤ ᠮᠡᠨᠳᠦᠯᠡᠭᠰᠡᠨ
ᠳᠠᠢᠴᠢᠨ ᠰᠦᠷᠯᠢᠭ ᠡᠪᠦᠭᠡᠳ ᠦ᠋ᠨ ᠵᠠᠯᠭᠠᠮᠵᠢ ᠢᠷᠡᠭᠰᠡᠨ ᠶᠦᠮ ᠪᠣᠯᠬᠣᠷ 
ᠳᠡᠯᠭᠡᠷ ᠴᠠᠭᠠᠨ ᠨᠤᠲᠤᠭ ᠢ᠋ ᠴᠢᠨᠢ ᠵᠡᠳᠬᠡᠷ ᠮᠠᠭᠤ ᠪᠦᠷᠬᠦᠪᠡᠰᠦ
ᠳᠡᠪᠡᠯ ᠲᠡᠢ ᠮᠣᠩᠭᠣᠯ ᠤ᠋ᠨ ᠡᠦᠲᠦᠮ ᠨᠢ ᠡᠮᠢᠶᠡᠳᠡᠭ ᠦᠭᠡᠢ ᠶᠦᠮ ᠪᠤᠤ ᠠᠶᠤ
ᠠᠷᠤᠭ ᠢ᠋ᠶ᠋ᠠᠨ ᠲᠦᠰᠢᠭᠡᠳ ᠲᠥᠷᠥᠭᠦᠯᠦᠭᠰᠡᠨ ᠠᠯᠲᠠᠨ ᠤᠷᠤᠭ ᠤ᠋ᠨ ᠬᠡᠯᠬᠢᠶᠡᠰᠦ
ᠠᠯᠠᠭ ᠬᠣᠩᠭᠣᠷ ᠦᠷᠡᠰ ᠮᠢᠨᠢ ᠠᠳᠠ ᠮᠠᠭᠤ ᠠ᠋ᠴᠠ ᠪᠤᠤ ᠠᠶᠤ

ᠭᠦᠷᠦᠨ ᠶᠡᠬᠡ ᠤᠯᠤᠰ ᠤ᠋ᠨ ᠢ᠋ᠶ᠋ᠠᠨ ᠡᠵᠡᠨ ᠨᠢ ᠪᠣᠯᠵᠤ ᠮᠡᠨᠳᠦᠯᠡᠭᠰᠡᠨ
ᠭᠠᠯᠲᠠᠢ ᠳᠠᠭᠰᠢᠨ ᠬᠠᠭᠠᠳ ᠤ᠋ᠨ ᠦᠷᠡᠰ ᠨᠢ ᠢᠷᠡᠭᠰᠡᠨ ᠶᠦᠮ ᠪᠣᠯᠬᠣᠷ 
ᠴᠠᠰᠤᠲᠤ ᠶᠡᠬᠡ ᠠᠭᠤᠯᠠᠰ ᠢ᠋ ᠴᠢᠨᠢ ᠬᠠᠷ᠎ᠠ ᠮᠠᠨᠠᠨ ᠬᠠᠭᠠᠯ᠎ᠠ ᠴᠤ᠌
ᠰᠥᠰᠥᠲᠦ ᠶᠡᠬᠡ ᠬᠠᠭᠠᠳ ᠤ᠋ᠨ ᠡᠦᠲᠦᠮ ᠨᠢ ᠠᠶᠤᠳᠠᠭ ᠦᠭᠡᠢ ᠶᠦᠮ ᠪᠤᠤ ᠠᠶᠤ
ᠠᠷᠤᠭ ᠢ᠋ᠶ᠋ᠠᠨ ᠲᠦᠰᠢᠭᠡᠳ ᠲᠥᠷᠥᠭᠦᠯᠦᠭᠰᠡᠨ ᠠᠯᠲᠠᠨ ᠤᠷᠤᠭ ᠤ᠋ᠨ ᠬᠡᠯᠬᠢᠶᠡᠰᠦ
ᠠᠯᠠᠭ ᠬᠣᠩᠭᠣᠷ ᠦᠷᠡᠰ ᠮᠢᠨᠢ ᠠᠳᠠ ᠮᠠᠭᠤ ᠠ᠋ᠴᠠ ᠪᠤᠤ ᠠᠶᠤ
ᠠᠷᠤᠭ ᠢ᠋ᠶ᠋ᠠᠨ ᠲᠦᠰᠢᠭᠡᠳ ᠲᠥᠷᠥᠭᠦᠯᠦᠭᠰᠡᠨ ᠠᠯᠲᠠᠨ ᠤᠷᠤᠭ ᠤ᠋ᠨ ᠬᠡᠯᠬᠢᠶᠡᠰᠦ
ᠠᠯᠠᠭ ᠬᠣᠩᠭᠣᠷ ᠦᠷᠡᠰ ᠮᠢᠨᠢ ᠠᠳᠠ ᠮᠠᠭᠤ ᠠ᠋ᠴᠠ ᠪᠤᠤ ᠠᠶᠤ
ᠮᠣᠩᠭᠣᠯ ᠪᠤᠤ ᠠᠶᠤ
 
   ᠦᠰᠦᠭ ᠠᠮᠢᠯᠠᠭᠤᠯᠤᠭᠰᠠᠨ ᠨᠢ ᠄ ᠭᠠᠸᠠ᠂ ᠣᠳᠬᠠᠨᠰᠣ᠎ᠠ
   ᠦᠰᠦᠭ ᠬᠠᠲᠠᠭᠰᠠᠨ ᠨᠢ ᠄ ᠭᠠᠸᠠ᠂ ᠠᠵᠠᠵᠠᠶᠠᠭ᠎ᠠ
   ᠦᠰᠦᠭ ᠬᠢᠨᠠᠭᠴᠢ ᠄ ᠰᠡᠳᠬᠢᠬᠦᠢ᠂ ᠣᠳᠬᠠᠨᠰᠠᠸ᠎ᠠ᠂ ᠢᠷᠡᠭᠡᠳᠦᠢ