ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠳᠣᠯᠣᠳᠤᠭᠠᠷ ᠪᠦᠯᠦᠭ > Хөх судрын залгамж - Инжинаш < Наян долдугар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠳᠣᠯᠣᠳᠤᠭᠠᠷ ᠪᠦᠯᠦᠭ > Хөх судрын залгамж - Инжинаш < Наян долдугар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠳᠣᠯᠣᠳᠤᠭᠠᠷ ᠪᠦᠯᠦᠭ > Хөх судрын залгамж - Инжинаш < Наян долдугар бүлэг >

ᠠᠩᠭᠢᠯᠠᠯ:ᠲᠡᠦᠬᠡ ᠰᠣᠶᠣᠯ
2024-02-01

397

ᠰᠢᠳᠤᠷᠭᠤ ᠦᠭᠡ ᠰᠣᠨᠣᠷ ᠲᠤᠷ ᠲᠠᠭᠠᠯᠠᠮᠵᠢ ᠦᠭᠡᠢ ᠬᠠᠨ ᠯᠢᠨ ᠰᠢᠶᠣᠤ ᠱᠢ ᠳᠦ ᠮᠧᠢ ᠨᠠᠷ ᠪᠤᠷᠤᠭᠤᠰᠢᠶᠠᠭᠳᠠᠪᠠᠢ

ᠰᠢᠨᠵᠢ ᠥᠬᠡᠢ ᠸᠠᠩ ᠸᠸᠨ ᠲᠦᠩ ᠯᠢ ᠲᠠᠨ ᠤᠷᠪᠠᠵᠤ ᠬᠡᠷᠡᠭ ᠪᠦᠲᠦᠭᠰᠡᠨ ᠦᠭᠡᠢ ᠮᠡᠰᠡ ᠠᠮᠰᠠᠪᠠᠢ


               ᠨᠠᠶᠠᠨ ᠳᠣᠯᠣᠳᠤᠭᠠᠷ ᠪᠦᠯᠦᠭ 
                         ᠴᠠᠭᠠᠭᠴᠢᠨ ᠲᠠᠬᠢᠶ᠎ᠠ ᠵᠢᠯ ᠂ ᠬᠠᠷ᠎ᠠ ᠨᠣᠬᠠᠢ ᠵᠢᠯ ᠂ ᠬᠠᠷᠠᠭᠴᠢᠨ ᠭᠠᠬᠠᠢ ᠵᠢᠯ ᠃ 
                         ᠵᠦᠩ ᠲᠦᠩ ᠦ᠋ᠨ ᠬᠣᠶᠠᠳᠤᠭᠠᠷ ᠂ ᠭᠤᠷᠪᠠᠳᠤᠭᠠᠷ ᠳᠥᠷᠪᠡᠳᠦᠭᠡᠷ ᠣᠨ ᠃ 
                         ᠬᠤᠪᠢᠯᠠᠢ ᠬᠠᠭᠠᠨ ᠳᠥᠴᠢᠨ ᠵᠢᠷᠭᠤᠭ᠎ᠠ ᠂ ᠳᠣᠯᠣᠭ᠎ᠠ ᠂ ᠨᠠᠢ᠍ᠮᠠᠨ ᠰᠡᠭᠦᠳᠡᠷ ᠲᠡᠢ ᠃ 
                         ᠰᠥᠩ ᠤᠯᠤᠰ ᠤ᠋ᠨ ᠯᠢᠽᠦ᠋ᠩ ᠬᠠᠭᠠᠨ  ᠤ᠋ ᠵᠢᠩ ᠳ᠋ᠢᠩ ᠦ᠋ᠨ 
                         ᠬᠣᠶᠠᠳᠤᠭᠠᠷ ᠂ ᠭᠤᠷᠪᠠᠳᠤᠭᠠᠷ ᠂ ᠳᠥᠷᠪᠡᠳᠦᠭᠡᠷ ᠣᠨ 

              ᠰᠢᠳᠤᠷᠭᠤ ᠦᠭᠡ ᠰᠣᠨᠣᠷ ᠲᠤᠷ ᠲᠠᠭᠠᠯᠠᠮᠵᠢ ᠦᠭᠡᠢ 
                   ᠬᠠᠨ ᠯᠢᠨ ᠰᠢᠶᠣᠤ ᠱᠢ ᠳᠦ ᠮᠧᠢ ᠨᠠᠷ ᠪᠤᠷᠤᠭᠤᠰᠢᠶᠠᠭᠳᠠᠪᠠᠢ 
              ᠰᠢᠨᠵᠢ ᠥᠬᠡᠢ ᠸᠠᠩ ᠸᠸᠨ ᠲᠦᠩ ᠯᠢ ᠲᠠᠨ ᠤᠷᠪᠠᠵᠤ 
                   ᠬᠡᠷᠡᠭ ᠪᠦᠲᠦᠭᠰᠡᠨ ᠦᠭᠡᠢ ᠮᠡᠰᠡ ᠠᠮᠰᠠᠪᠠᠢ 
 
       ᠥᠭᠦᠯᠡᠬᠦ ᠢᠨᠦ ᠬᠤᠪᠢᠯᠠᠢ ᠬᠠᠭᠠᠨ ᠴᠡᠷᠢᠭ ᠮᠣᠷᠢ ᠪᠠᠨ ᠪᠣᠯᠪᠠᠰᠤᠷᠠᠭᠤᠯᠤᠨ ᠠᠷᠢᠭᠪᠦ᠋ᠬᠡ ᠬᠠᠭᠠᠨ ᠪᠠ ᠪᠤᠰᠤᠳ ᠬᠠᠳ ᠤ᠋ᠨ ᠴᠢᠮᠡᠭᠡ ᠶ᠋ᠢ ᠠᠪᠴᠤ ᠰᠠᠭᠤᠬᠤᠢ ᠳ᠋ᠤᠷ ᠬᠠᠨ ᠯᠢᠨ ᠰᠢᠶᠣᠤ ᠰᠢ ᠳᠦ ᠮᠧᠢ ᠬᠢᠭᠡᠳ ᠬᠠᠨ ᠯᠢᠨ ᠸᠠᠩ ᠾᠧ ᠬᠣᠶᠠᠭᠤᠯᠠ ᠬᠠᠭᠠᠨ ᠳ᠋ᠤᠷ《ᠪᠸᠨ 》ᠪᠠᠷᠢᠵᠤ ᠸᠠᠩ ᠸᠸᠨ ᠲᠦᠩ ᠢ᠋ ᠨᠢᠭᠤᠷᠳᠠᠨ᠂ ᠴᠧᠩᠰᠢᠶᠠᠩ ᠤ᠋ᠨ ᠡᠷᠬᠢᠮ ᠢ ᠬᠦᠷᠲᠡᠵᠦ ᠪᠣᠯᠬᠤ ᠦᠭᠡᠢ ᠬᠠᠷᠭᠢᠰ ᠭᠡᠮᠡᠨ ᠸᠠᠩ ᠸᠸᠨ ᠲᠦᠩ ᠦ᠋ᠨ ᠵᠠᠯᠢᠬᠠᠢ ᠵᠢᠰᠤᠷ ᠶᠠᠪᠤᠳᠠᠯ ᠢ᠋ ᠮᠠᠰᠢ ᠣᠯᠠᠨ ᠢᠯᠡᠴᠢᠯᠡᠨ᠂ ᠵᠢᠴᠢ ᠰᠢᠦᠢ ᠬᠸᠩ ᠢ ᠲᠥᠪ ᠴᠢᠭᠴᠢ ᠲᠤᠯᠠ ᠴᠧᠩᠰᠢᠶᠠᠩ ᠤ᠋ᠨ ᠡᠷᠬᠢᠮ ᠢ᠋ ᠬᠦᠷᠲᠡᠭᠡᠵᠦ᠂ ᠤᠯᠤᠰ ᠢ ᠵᠠᠰᠠᠲᠤᠭᠠᠢ ᠭᠡᠮᠡᠨ ᠠᠢᠯᠠᠳᠬᠠᠭᠰᠠᠨ ᠳ᠋ᠤᠷ ᠬᠤᠪᠢᠯᠠᠢ ᠬᠠᠭᠠᠨ ᠮᠠᠰᠢ ᠪᠠᠶᠠᠷ ᠦᠭᠡᠢ ᠪᠣᠯᠵᠤ ᠶᠡᠬᠡ ᠰᠠᠢᠳ ᠢ ᠭᠤᠲᠤᠭᠠᠪᠠ ᠭᠡᠮᠡᠨ ᠪᠤᠷᠤᠭᠤᠰᠢᠶᠠᠨ ᠡᠭᠡᠭᠦᠯᠵᠦ ᠡᠭᠦᠨ ᠡᠴᠡ ᠬᠣᠢᠰᠢ ᠡᠢᠨ ᠠᠪᠠᠰᠤ ᠬᠥᠩᠭᠡᠨ ᠲᠠᠯᠪᠢᠬᠤ ᠦᠭᠡᠢ ᠭᠡᠮᠡᠨ ᠰᠡᠷᠡᠮᠵᠢᠯᠡᠭᠦᠯᠪᠡ᠃ ᠲᠡᠢᠨ ᠬᠦ᠌ ᠲᠥᠷᠥ ᠶ᠋ᠢᠨ ᠶᠡᠬᠡ ᠪᠠᠭ᠎ᠠ ᠶᠠᠪᠤᠳᠠᠯ ᠴᠥᠮ ᠸᠠᠩ ᠸᠧᠨ ᠲᠦᠩ ᠦ᠋ᠨ ᠭᠠᠷ ᠤ᠋ᠨ ᠡᠰᠢ ᠪᠡᠷ ᠣᠷᠣᠵᠤ ᠦᠷᠭᠦᠯᠵᠢ ᠡᠵᠡᠨ ᠦ᠌ ᠡᠮᠦᠨ᠎ᠡ ᠯᠢ ᠲᠠᠨ ᠢ ᠡᠷᠭᠦᠨ ᠮᠠᠭᠲᠠᠵᠤ ᠡᠮᠦᠨᠡᠲᠦ ᠰᠦᠭ ᠤᠯᠤᠰ ᠢ᠋ ᠰᠡᠷᠭᠡᠢᠯᠡᠬᠦ ᠶᠡᠬᠡ ᠲᠤᠰᠢᠶᠠᠯ ᠢ᠋ ᠨᠠᠢᠳᠠᠵᠤ ᠪᠣᠯᠤᠮᠤᠢ ᠭᠡᠮᠡᠨ ᠡᠵᠡᠨ ᠦ᠌ ᠵᠥᠪᠰᠢᠶᠡᠷᠡᠯ ᠢ᠋ ᠠᠪᠴᠤ ᠴᠢ ᠶ᠋ᠢᠨ ᠭᠠᠵᠠᠷ ᠢ ᠬᠠᠷᠢᠶᠠᠯᠠᠭᠤᠯᠤᠨ ᠲᠡᠨᠳᠡ ᠤᠳᠠᠭᠠᠨ ᠵᠢᠯ ᠰᠠᠬᠢᠵᠤ ᠰᠠᠭᠤᠭᠰᠠᠨ ᠲᠦᠮᠡᠨ ᠦ᠌ ᠨᠣᠶᠠᠨ ᠵᠠᠩ ᠿᠧᠦ ᠶ᠋ᠢᠨ ᠴᠡᠷᠢᠭ ᠢ ᠬᠦᠢ ᠳᠧ ᠣᠢᠷᠠᠲᠤᠵᠤ ᠺᠠᠢ ᠫᠢᠩ ᠢ᠋ ᠬᠠᠮᠠᠭᠠᠯᠠᠲᠤᠭᠠᠢ ᠭᠡᠮᠡᠨ ᠰᠢᠯᠲᠠᠭᠠᠨ ᠪᠣᠯᠭᠠᠵᠤ ᠲᠠᠲᠠᠵᠤ ᠸᠠᠩ ᠸᠸᠨ ᠬᠠᠨ ᠤ᠋ ᠤᠰᠤᠨ ᠵᠠᠮ ᠤ᠋ᠨ ᠴᠡᠷᠢᠭ ᠢ᠋ ᠰᠢᠶᠧ ᠴᠠᠩ ᠳ᠋ᠤᠷ ᠲᠠᠲᠠᠵᠤ ᠵᠠᠩ ᠿᠦᠩ ᠰᠢ ᠂ ᠶᠠᠨ ᠵᠦᠩ ᠽᠢ ᠨᠠᠷ ᠢ᠋ ᠴᠡᠷᠢᠭ ᠢ᠋ᠶ᠋ᠡᠨ ᠠᠪᠴᠤ ᠺᠠᠢ ᠫᠢᠩ ᠳ᠋ᠦ᠍ᠷ ᠢᠷ᠎ᠡ ᠭᠡᠮᠡᠨ ᠵᠠᠷᠯᠢᠭ ᠪᠣᠯᠪᠠ᠃ ᠡᠢᠮᠦ ᠡᠴᠡ ᠰᠥᠩ ᠤᠯᠤᠰ ᠤ᠋ᠨ ᠬᠢᠯᠢ ᠳᠡᠭᠡᠷ᠎ᠡ ᠯᠢ ᠲᠠᠨ ᠤ᠋ ᠴᠡᠷᠢᠭ ᠡᠴᠡ ᠥᠭᠡᠷ᠎ᠡ ᠴᠡᠷᠢᠭ ᠦᠭᠡᠢ ᠪᠣᠯᠤᠭᠰᠠᠨ ᠲᠤᠯᠠ ᠸᠠᠩ ᠸᠸᠨ ᠲᠦᠭ ᠂ ᠯᠢ ᠲᠠᠨ ᠤ᠋ ᠤᠷᠪᠠᠬᠤ ᠦᠢᠯᠡᠰ ᠲᠣᠷ ᠰᠠᠭᠠᠳ ᠦᠭᠡᠢ ᠪᠣᠯᠪᠠ᠃ 
       ᠭᠡᠲᠡᠯ᠎ᠡ ᠯᠢ ᠲᠠᠨ ᠪᠦᠳᠦᠭᠦᠯᠢᠭ ᠪᠠᠯᠠᠮᠠᠳ ᠡᠷ᠎ᠡ ᠲᠤᠯᠠ ᠨᠠᠷᠢᠨ ᠶᠠᠪᠤᠳᠠᠯ ᠢ᠋ ᠲᠤᠩᠭᠠᠬᠤ ᠦᠭᠡᠢ᠂ ᠡᠯᠴᠢ ᠬᠣᠣ ᠵᠢᠩ ᠨᠠᠷ ᠰᠥᠩ ᠤᠯᠤᠰ ᠲᠤᠷ ᠬᠦᠷᠬᠦ ᠡᠴᠡ ᠡᠮᠦᠨ᠎ᠡ ᠶᠠᠭᠠᠷᠠᠵᠤ ᠰᠥᠩ ᠤᠯᠤᠰ ᠤ᠋ᠨ ᠯᠢᠶᠠᠨ ᠬᠠᠢ ᠶ᠋ᠢᠨ ᠭᠤᠷᠪᠠᠨ ᠬᠣᠲᠠ ᠶ᠋ᠢ ᠬᠢᠳᠤᠵᠤ ᠰᠥᠩ ᠤᠯᠤᠰ ᠯᠤᠭ᠎ᠠ ᠲᠠᠯᠠᠭᠠᠷ ᠥᠰᠢᠶ᠎ᠡ ᠵᠠᠩᠭᠢᠳᠤᠵᠤ ᠬᠣᠣ ᠵᠢᠩ ᠨᠠᠷ ᠲᠤᠷ ᠣᠭᠲᠣ ᠬᠣᠣᠷ ᠪᠣᠯᠵᠤ ᠴᠢᠳᠠᠭᠰᠠᠨ ᠦᠭᠡᠢ᠃ ᠲᠡᠢᠨ ᠬᠦ᠌ ᠡᠢᠮᠦ ᠠᠯᠳᠠᠭ᠎ᠠ ᠳᠠᠬᠢᠨ ᠭᠠᠷᠭᠠᠬᠤ ᠠ᠋ᠴᠠ ᠠᠶᠤᠵᠤ ᠸᠠᠩ ᠸᠸᠨ ᠲᠦᠩ ᠳᠠᠬᠢᠨ ᠳᠠᠪᠲᠠᠨ ᠶᠠᠭᠠᠷᠠᠵᠤ ᠪᠣᠯᠬᠤ ᠦᠭᠡᠢ᠂ ᠡᠷᠬᠡᠪᠰᠢ ᠴᠠᠭ ᠲᠣᠬᠢᠶᠠᠯ  ᠪᠣᠯᠪᠠᠰᠤᠷᠠᠭᠰᠠᠨ ᠤ᠋ ᠳᠠᠷᠠᠭ᠎ᠠ ᠰᠠᠶᠢ ᠳᠣᠲᠣᠭᠠᠳᠤ ᠭᠠᠳᠠᠭᠠᠳᠤ ᠠ᠋ᠴᠠ ᠭᠠᠷ ᠬᠥᠳᠡᠯᠰᠦᠭᠡᠢ ᠭᠡᠮᠡᠨ ᠶᠠᠭᠠᠷᠠᠤ ᠮᠡᠳᠡᠭᠡ ᠪᠢᠴᠢᠵᠦ ᠪᠤᠰᠤᠳ ᠬᠥᠮᠦᠨ ᠴᠥᠮ ᠨᠠᠢᠳᠠᠭᠤᠰᠢ ᠦᠭᠡᠢ ᠲᠤᠯᠠ ᠥᠪᠡᠷᠦᠨ ᠬᠥᠪᠡᠭᠦᠨ ᠸᠠᠩ ᠶᠣᠣ ᠶ᠋ᠢ ᠵᠠᠷᠤᠵᠤ ᠯᠢ ᠲᠠᠨ ᠯᠤᠭ᠎ᠠ ᠬᠣᠯᠪᠣᠭ᠎ᠠ ᠠᠪᠤᠭᠤᠯᠬᠤ  ᠪᠠᠷ ᠶᠠᠪᠤᠭᠤᠯᠪᠠ᠃ 
       ᠸᠠᠩ ᠶᠣᠣ ᠡᠴᠢᠭᠡ ᠶ᠋ᠢᠨ ᠢ᠋ᠶ᠋ᠡᠨ ᠪᠠᠴᠢᠮ ᠨᠢᠭᠤᠴᠠ ᠮᠡᠳᠡᠭᠡ ᠶ᠋ᠢ ᠠᠪᠴᠤ ᠢ ᠳᠦ ᠶ᠋ᠢ ᠴᠢᠭᠯᠡᠨ ᠶᠠᠭᠠᠷᠠᠪᠴᠢᠯᠠᠨ ᠬᠦᠷᠴᠦ ᠢᠷᠠᠪᠠᠰᠤ ᠯᠢ ᠲᠠᠨ ᠨᠢᠭᠡᠨᠲᠡ ᠤᠷᠪᠠᠵᠤ ᠬᠠᠷᠢᠶᠠᠲᠤ ᠮᠣᠩᠭᠣᠯ ᠴᠡᠷᠢᠭ ᠂ ᠨᠣᠶᠠᠳ ᠢ᠋ ᠬᠤᠷᠢᠮᠯᠠᠬᠤ ᠨᠡᠷ᠎ᠡ ᠪᠡᠷ ᠮᠡᠬᠡᠯᠡᠵᠦ ᠴᠥᠮ ᠪᠠᠷᠢᠵᠤ ᠠᠯᠠᠭᠠᠳ ᠢ ᠳᠦ ᠶ᠋ᠢᠨ ᠰᠠᠩ ᠬᠥᠮᠥᠷᠭᠡ ᠶ᠋ᠢ ᠡᠪᠳᠡᠵᠦ ᠵᠠᠩᠵᠤᠨ ᠴᠡᠷᠢᠭ ᠲᠡᠭᠡᠨ ᠲᠦᠭᠡᠭᠡᠨ ᠥᠭᠴᠦ ᠪᠠᠰᠠ ᠮᠣᠷᠢᠲᠤ ᠴᠡᠷᠢᠭ ᠶᠠᠪᠤᠭᠤᠯᠵᠤ ᠹᠦ ᠲᠡᠢ ᠶ᠋ᠢ ᠳᠡᠭᠡᠷᠡᠮᠳᠡᠭᠦᠯᠦᠮᠦᠢ᠃ ᠸᠠᠩ ᠶᠣᠣ ᠪᠠᠢᠳᠠᠯ ᠬᠤᠪᠢᠷᠠᠭᠰᠠᠨ ᠢ᠋ ᠦᠵᠡᠵᠦ ᠶᠠᠭᠠᠷᠠᠨ ᠡᠳᠦᠷ ᠰᠥᠨᠢ ᠦᠭᠡᠢ ᠶᠠᠪᠤᠵᠤ ᠺᠠᠢ ᠫᠢᠩ ᠳ᠋ᠦ᠍ᠷ ᠬᠦᠷᠴᠦ ᠢᠷᠡᠭᠡᠳ ᠡᠴᠢᠭᠡ ᠸᠠᠩ ᠸᠸᠨ ᠲᠦᠩ ᠳ᠋ᠦ᠍ᠷ ᠠᠭᠤᠯᠵᠠᠵᠤ ᠯᠢ ᠲᠠᠨ ᠤ᠋ ᠤᠷᠪᠠᠭᠰᠠᠨ ᠤᠴᠢᠷ ᠢ᠋ ᠮᠡᠳᠡᠭᠦᠯᠪᠡᠰᠦ ᠸᠠᠩ ᠸᠸᠨ ᠲᠦᠩ ᠡᠪᠦᠳᠦᠭ ᠢ᠋ᠶ᠋ᠡᠨ ᠠᠯᠠᠭᠠᠳᠠᠨ:  《ᠡᠨᠡ ᠮᠠᠯ ᠶᠡᠬᠡ ᠬᠡᠷᠡᠭ ᠪᠦᠲᠦᠭᠡᠬᠦ ᠬᠥᠮᠦᠨ ᠪᠤᠰᠤ ! 》 ᠭᠡᠮᠡᠨ ᠠᠭᠤᠷᠯᠠᠨ ᠪᠣᠳᠣᠪᠠᠰᠤ ᠡᠨᠡ ᠬᠢᠷᠢ ᠳ᠋ᠦ᠍ᠷ ᠵᠠᠪᠳᠤᠵᠤ ᠰᠥᠩ ᠤᠯᠤᠰ ᠯᠤᠭ᠎ᠠ ᠵᠥᠪᠳᠡᠯᠴᠡᠵᠦ ᠬᠠᠮᠲᠤ ᠴᠡᠷᠢᠭ ᠭᠠᠷᠬᠤᠢ ᠳ᠋ᠤᠷ ᠬᠦᠷᠪᠡᠰᠦ ᠵᠦᠩ ᠶᠤᠸᠠᠨ ᠤ᠋ ᠭᠠᠵᠠᠷ ᠢ᠋ ᠡᠵᠡᠯᠡᠨ ᠠᠪᠴᠤ ᠴᠢᠳᠠᠬᠤ ᠦᠭᠡᠢ ᠪᠣᠯᠪᠠᠴᠤ ᠨᠢᠭᠡᠨ ᠬᠥᠯ ᠲᠣᠭᠲᠠᠬᠤ ᠭᠠᠵᠠᠷ ᠣᠯᠵᠤ ᠪᠣᠯᠤᠮᠤᠢ ᠭᠡᠮᠡᠨ ᠣᠯᠠᠨ ᠢ᠋ ᠪᠣᠯᠭᠣᠮᠵᠢᠯᠠᠬᠤ ᠵᠠᠪ ᠦᠭᠡᠢ ᠸᠠᠩ ᠶᠣᠣ ᠶ᠋ᠢ ᠳᠠᠬᠢᠨ ᠯᠢ ᠲᠠᠨ ᠳ᠋ᠤᠷ ᠠᠭᠤᠯᠵᠠᠭᠤᠯᠵᠤ ᠵᠥᠪᠳᠡᠬᠦ ᠪᠡᠷ ᠶᠠᠪᠤᠭᠤᠯᠪᠠ᠃ 
       ᠲᠡᠳᠦᠢ ᠳ᠋ᠦ᠍ᠷ ᠵᠢᠶᠠ ᠽᠢ ᠳ᠋ᠣᠣ ᠯᠢ ᠲᠠᠨ ᠤ᠋ ᠢ ᠳᠦ ᠶ᠋ᠢᠨ ᠣᠯᠠᠨ ᠢ᠋ ᠠᠪᠴᠤ ᠰᠥᠩ ᠤᠯᠤᠰ ᠲᠤᠷ ᠪᠠᠭᠤᠵᠤ ᠥᠭᠭᠦᠭᠰᠡᠨ ᠢ ᠶᠡᠬᠡ ᠪᠠᠶᠠᠷ ᠤ᠋ᠨ ᠬᠡᠷᠡᠭ ᠪᠣᠯᠭᠠᠨ ᠡᠵᠡᠨ ᠯᠢ ᠽᠦᠩ ᠳ᠋ᠡᠭᠡᠨ ᠮᠡᠳᠡᠭᠦᠯᠵᠦ ᠯᠢ ᠲᠠᠨ ᠢ᠋ ᠴᠢ ᠶ᠋ᠢᠨ ᠵᠢᠶᠦ᠋ᠨ ᠸᠠᠩ ᠡᠷᠭᠦᠮᠵᠢᠯᠡᠨ ᠶᠡᠬᠡ ᠱᠠᠩ ᠬᠡᠰᠢᠭ ᠬᠦᠷᠲᠡᠭᠡᠪᠡ᠃ ᠭᠡᠲᠡᠯ᠎ᠡ ᠡᠭᠦᠨ ᠦ᠌ ᠡᠮᠦᠨᠡᠬᠡᠨ ᠯᠢ ᠲᠠᠨ ᠰᠥᠩ ᠤᠯᠤᠰ ᠤ᠋ᠨ ᠬᠠᠢ ᠵᠧᠦ ᠂ ᠯᠢᠶᠠᠨ ᠬᠠᠢ ᠵᠡᠷᠭᠡ ᠭᠤᠷᠪᠠᠨ ᠬᠣᠲᠠ ᠶ᠋ᠢ ᠬᠢᠳᠤᠭᠰᠠᠨ ᠲᠤᠯᠠ ᠬᠡᠰᠡᠭ ᠬᠥᠮᠦᠰ ᠬᠣᠷᠣᠰᠴᠤ ᠢᠲᠡᠭᠡᠮᠵᠢ ᠦᠭᠡᠢ  ᠭᠡᠮᠡᠨ ᠡᠵᠡᠨ ᠳ᠋ᠡᠭᠡᠨ ᠮᠡᠳᠡᠭᠦᠯᠵᠦ ᠰᠡᠵᠢᠭᠯᠡᠬᠦ ᠪᠣᠯᠪᠠᠢ᠃ 
       ᠲᠡᠳᠦᠢ ᠳ᠋ᠦ᠍ᠷ ᠮᠣᠩᠭᠣᠯ ᠤ᠋ᠨ ᠰᠢᠦᠸᠠᠨ ᠹᠦ ᠲᠦᠰᠢᠮᠡᠯ ᠸᠠᠩ ᠹᠠᠨ ᠂ ᠯᠢ ᠲᠠᠨ ᠤ᠋ ᠭᠠᠷ ᠠ᠋ᠴᠠ ᠠᠷᠭ᠎ᠠ ᠬᠡᠷᠡᠭᠯᠡᠨ ᠠᠮᠢᠳᠤ ᠭᠠᠷᠴᠤ ᠢᠷᠡᠭᠡᠳ ᠵᠢᠢ ᠨᠠᠨ ᠵᠦᠭ ᠳᠤᠲᠠᠭᠠᠨ ᠶᠠᠪᠤᠬᠤᠢ ᠳ᠋ᠤᠷ ᠡᠰᠡᠷᠭᠦᠦ ᠡᠴᠡ ᠠᠷᠪᠠᠭᠠᠳ ᠮᠣᠷᠢᠲᠠᠨ ᠡᠷᠡᠰ ᠮᠠᠰᠢ ᠶᠠᠭᠠᠷᠠᠤ ᠱᠣᠭᠰᠢᠭᠤᠯᠵᠤ ᠢᠷᠡᠮᠦᠢ᠃ ᠸᠠᠩ ᠹᠠᠨ ᠪᠤᠷᠤᠭᠤᠯᠠᠵᠤ ᠶᠠᠪᠤᠬᠤ ᠬᠥᠮᠦᠨ ᠲᠤᠯᠠ ᠯᠢ ᠲᠠᠨ ᠤ᠋ ᠴᠡᠷᠢᠭ ᠲᠦ᠍ᠷ ᠲᠣᠬᠢᠶᠠᠯᠳᠤᠬᠤ ᠠ᠋ᠴᠠ ᠠᠶᠤᠨ ᠵᠠᠮ ᠪᠤᠷᠤᠭᠤᠯᠠᠨ ᠣᠢ ᠶ᠋ᠢᠨ ᠵᠠᠮ ᠳ᠋ᠤᠷ ᠣᠷᠣᠵᠤ ᠶᠠᠪᠤᠪᠠᠰᠤ ᠲᠡᠳᠡᠭᠡᠷ ᠬᠥᠮᠦᠨ ᠣᠢ ᠶ᠋ᠢᠨ ᠳᠡᠷᠭᠡᠳᠡ ᠪᠡᠷ ᠥᠩᠭᠡᠷᠡᠨ ᠭᠠᠷᠬᠤᠢ ᠳ᠋ᠤᠷ ᠳᠠᠯᠳᠠᠯᠠᠨ ᠦᠵᠡᠪᠡᠰᠦ ᠬᠠᠷᠢᠨ ᠸᠠᠩ ᠸᠸᠨ ᠲᠦᠩ ᠦ᠋ᠨ ᠬᠥᠪᠡᠭᠦᠨ ᠸᠠᠩ ᠶᠣᠣ ᠪᠣᠯᠠᠢ᠃ ᠯᠢ ᠲᠠᠨ ᠤᠷᠪᠠᠵᠤ ᠭᠠᠷᠬᠤ ᠠ᠋ᠴᠠ ᠡᠮᠦᠨ᠎ᠡ ᠸᠠᠩ ᠶᠣᠣ ᠢ ᠳᠦ ᠳ᠋ᠦ᠍ᠷ ᠬᠡᠳᠦ ᠳᠠᠬᠢᠨ ᠢᠷᠡᠭᠰᠡᠨ ᠲᠤᠯᠠ ᠸᠠᠩ ᠹᠠᠨ ᠠᠨᠳᠠᠰᠢ ᠦᠭᠡᠢ ᠲᠠᠨᠢᠬᠤ ᠪᠣᠯᠠᠢ᠃ ᠲᠡᠢᠨ ᠬᠦ᠌ ᠮᠠᠰᠢ ᠭᠠᠢᠬᠠᠨ ᠶᠠᠪᠤᠵᠤ ᠵᠢᠢ ᠨᠠᠨ ᠳ᠋ᠤᠷ ᠬᠦᠷᠴᠦ ᠢᠷᠡᠭᠡᠳ ᠥᠷᠲᠡᠭᠡᠨ ᠦ᠌ ᠲᠦᠰᠢᠮᠡᠯ ᠡᠴᠡ ᠠᠰᠠᠭᠤᠪᠠᠰᠤ ᠦᠨᠡᠬᠡᠷ ᠴᠧᠩᠰᠢᠶᠠᠩ ᠤ᠋ᠨ ᠬᠥᠪᠡᠭᠦᠨ ᠸᠠᠩ ᠶᠣᠣ ᠶᠡᠬᠡ ᠦᠢᠯᠡᠰ ᠢ᠋ᠶ᠋ᠡᠷ ᠶᠠᠪᠤᠮᠤᠢ᠃ ᠨᠢᠭᠤᠴᠠ ᠶ᠋ᠢ ᠵᠠᠳᠠᠷᠠᠭᠤᠯᠵᠤ ᠪᠣᠯᠬᠤ ᠦᠭᠡᠢ ᠭᠡᠮᠡᠨ ᠮᠣᠷᠢ ᠰᠣᠯᠢᠵᠤ ᠥᠷᠯᠥᠭᠡ ᠮᠣᠷᠳᠠᠪᠠ᠃ ᠭᠡᠪᠡᠴᠦ ᠬᠠᠮᠢᠭ᠎ᠠ ᠣᠴᠢᠬᠤ ᠪᠠᠨ ᠥᠭᠦᠯᠡᠭᠰᠡᠨ ᠦᠭᠡᠢ ᠬᠡᠮᠡᠮᠦ᠃ ᠸᠠᠩ ᠹᠠᠨ ᠬᠦᠨᠳᠦ ᠬᠣᠯᠪᠣᠭᠳᠠᠯᠲᠠᠢ ᠶ᠋ᠢ ᠮᠡᠳᠡᠵᠦ ᠨᠡᠢᠰᠯᠡᠯ ᠳ᠋ᠦ᠍ᠷ ᠣᠴᠢᠬᠤ ᠪᠠᠷ ᠮᠣᠷᠳᠠᠪᠠ᠃ ᠬᠤᠪᠢᠯᠠᠢ ᠬᠠᠭᠠᠨ ᠯᠢ ᠲᠠᠨ ᠤ᠋ ᠤᠷᠪᠠᠭᠰᠠᠨ ᠳ᠋ᠤᠷ ᠶᠡᠬᠡᠳᠡ ᠭᠠᠢᠬᠠᠨ ᠰᠢᠦᠸᠠᠨ ᠹᠦ ᠲᠦᠰᠢᠮᠡᠯ ᠸᠠᠩ ᠹᠠᠨ ᠨᠡᠢᠰᠯᠡᠯ ᠳ᠋ᠦ᠍ᠷ ᠢᠷᠡᠵᠦ ᠶᠠᠪᠤᠮᠤᠢ ᠭᠡᠮᠡᠨ ᠬᠦᠯᠢᠶᠡᠵᠦ ᠴᠢᠳᠠᠬᠤ ᠦᠭᠡᠢ ᠶᠣᠣ ᠱᠤ᠌ ᠶ᠋ᠢ ᠵᠠᠷᠤᠵᠤ ᠯᠢ ᠲᠠᠨ ᠤ᠋ ᠪᠠᠢᠳᠠᠯ ᠢ᠋ ᠠᠰᠠᠭᠤᠯᠭᠠᠪᠠᠰᠤ ᠸᠠᠩ ᠹᠠᠨ ᠥᠭᠦᠯᠡᠷᠦᠨ : 《ᠰᠥᠩ ᠤᠯᠤᠰ ᠤᠮᠠᠷᠠᠰᠢ ᠬᠠᠨᠳᠤᠬᠤ ᠵᠣᠷᠢᠭ ᠦᠭᠡᠢ ᠲᠤᠯᠠ ᠪᠠᠯᠠᠮᠠᠳ ᠬᠥᠪᠡᠭᠦᠨ ᠯᠢ ᠲᠠᠨ ᠤᠮᠠᠷᠬᠠᠭ ᠲᠠᠭᠠᠨ ᠤᠳᠠᠯ ᠦᠭᠡᠢ ᠪᠠᠷᠢᠭᠳᠠᠬᠤ ᠪᠣᠯᠠᠢ᠃ ᠳᠣᠲᠣᠷ᠎ᠠ ᠵᠣᠪᠠᠯᠠᠩ ᠢ᠋ ᠬᠠᠷᠢᠨ ᠬᠢᠴᠢᠶᠡᠪᠡᠰᠦ ᠵᠣᠬᠢᠮᠤᠢ 》ᠬᠡᠮᠡᠭᠰᠡᠨ ᠳ᠋ᠦ᠍ᠷ ᠶᠣᠣ ᠱᠤ᠌ ᠰᠣᠨᠢᠷᠬᠠᠵᠤ ᠄ 《ᠠᠷᠤ ᠶ᠋ᠢᠨ ᠬᠡᠷᠡᠭ ᠨᠢᠭᠡᠨᠲᠡ ᠠᠶᠤᠯ ᠦᠭᠡᠢ ᠪᠣᠯᠤᠭᠰᠠᠨ ᠳ᠋ᠤᠷ ᠪᠠᠰᠠ ᠶᠠᠮᠠᠷ ᠳᠣᠲᠣᠷ᠎ᠠ ᠵᠣᠪᠠᠯᠠᠩ ᠪᠣᠢ ?  》ᠬᠡᠮᠡᠪᠡ ᠃ ᠸᠠᠩ ᠹᠠᠨ ᠶᠣᠣ ᠱᠤ᠌ ᠶ᠋ᠢᠨ ᠴᠢᠬᠢᠨ ᠳ᠋ᠦ᠍ᠷ ᠬᠡᠳᠦᠨ ᠦᠭᠡ ᠰᠢᠪᠡᠭᠡᠨᠡᠨ ᠥᠭᠦᠯᠡᠵᠦ ᠬᠠᠷᠢᠯᠴᠠᠨ ᠵᠢᠬᠡᠭᠦᠨ ᠢ᠋ᠶ᠋ᠡᠷ ᠢᠨᠢᠶᠡᠯᠴᠡᠪᠡ᠃ 
       ᠸᠠᠩ ᠸᠸᠨ ᠲᠦᠩ ᠰᠥᠩ ᠤᠯᠤᠰ ᠤ᠋ᠨ ᠪᠠᠢᠳᠠᠯ ᠢ ᠮᠡᠳᠡᠬᠦ ᠦᠭᠡᠢ ᠳ᠋ᠡᠭᠡᠨ ᠵᠥᠪᠬᠡᠨ ᠯᠢ ᠲᠠᠨ ᠢ ᠪᠤᠷᠤᠭᠤᠰᠢᠶᠠᠨ ᠰᠥᠩ ᠤᠯᠤᠰ ᠯᠤᠭ᠎ᠠ ᠬᠣᠯᠪᠣᠭ᠎ᠠ ᠪᠠᠢᠭᠤᠯᠵᠤ ᠴᠢᠳᠠᠭᠰᠠᠨ ᠦᠭᠡᠢ  ᠪᠡᠷ ᠤᠷᠪᠠᠵᠤ ᠴᠢ ᠸᠠᠩ ᠡᠷᠭᠦᠮᠵᠢᠯᠡᠭᠳᠡᠭᠰᠡᠨ ᠳ᠋ᠡᠭᠡᠨ ᠬᠠᠨᠤᠪᠠ ᠭᠡᠮᠡᠨ ᠬᠥᠪᠡᠭᠦᠨ ᠸᠠᠩ ᠶᠣᠣ ᠪᠠᠷ ᠯᠢ ᠲᠠᠨ ᠤ᠋ ᠪᠦᠲᠦᠭᠡᠵᠦ ᠴᠢᠳᠠᠭᠰᠠᠨ ᠦᠭᠡᠢ ᠶ᠋ᠢ ᠪᠦᠲᠦᠭᠡᠬᠦ ᠪᠡᠷ ᠶᠠᠪᠤᠭᠤᠯᠵᠤ ᠬᠦᠯᠢᠶᠡᠵᠦ ᠠᠲᠠᠯ᠎ᠠ ᠭᠡᠨᠡᠳᠲᠡ ᠢᠦᠢ ᠰᠢ ᠲᠡᠢ ᠶ᠋ᠢᠨ ᠶᠡᠬᠡ ᠰᠠᠢᠳ ᠴᠡᠷᠢᠭ ᠠᠪᠴᠤ ᠢᠷᠡᠭᠡᠳ ᠰᠢᠭᠤᠳ ᠸᠠᠩ ᠸᠸᠨ ᠲᠦᠩ ᠦ᠋ᠨ ᠭᠡᠷ ᠢ ᠪᠦᠰᠡᠯᠡᠵᠦ ᠠᠪᠤᠭᠠᠳ ᠬᠥᠭᠰᠢᠨ ᠵᠠᠯᠠᠭᠤ ᠳᠠᠯᠠ ᠢᠯᠡᠭᠦᠦ ᠠᠮᠠ ᠶ᠋ᠢ ᠴᠥᠮ ᠪᠠᠷᠢᠭᠤᠯᠵᠤ ᠭᠡᠷ ᠡᠷᠦᠬᠡ ᠶ᠋ᠢ ᠪᠢᠲᠡᠭᠦᠮᠵᠢᠯᠡᠨ ᠴᠡᠷᠢᠭ ᠢ᠋ᠶ᠋ᠡᠷ ᠰᠠᠬᠢᠭᠤᠯᠵᠤ ᠸᠠᠩ ᠸᠸᠨ ᠲᠦᠩ ᠢ᠋ ᠢᠦᠢ ᠰᠢ ᠲᠡᠢ ᠳ᠋ᠦ᠍ᠷ ᠬᠦᠷᠭᠡᠵᠦ ᠰᠢᠭᠦᠪᠡᠰᠦ ᠸᠠᠩ ᠸᠸᠨ ᠲᠦᠩ ᠬᠢᠯᠢᠰ ᠭᠡᠮᠡᠨ ᠣᠭᠲᠣ ᠬᠦᠯᠢᠶᠡᠬᠦ ᠦᠭᠡᠢ᠃ ᠬᠤᠪᠢᠯᠠᠢ ᠬᠠᠭᠠᠨ ᠸᠠᠩ ᠸᠸᠨ ᠲᠦᠩ ᠦ᠋ᠨ ᠰᠥᠩ ᠤᠯᠤᠰ ᠲᠤᠷ ᠬᠥᠮᠦᠨ ᠵᠠᠷᠤᠭᠰᠠᠨ ᠨᠢᠭᠤᠴᠠ ᠶ᠋ᠢ ᠶᠣᠣ ᠱᠤ᠌᠂ ᠸᠠᠩ ᠹᠠᠨ ᠠ᠋ᠴᠠ ᠰᠣᠨᠣᠰᠴᠤ ᠸᠠᠩ ᠶᠣᠣ ᠶ᠋ᠢᠨ ᠪᠤᠴᠠᠬᠤ ᠵᠠᠮ ᠳ᠋ᠤᠷ ᠴᠡᠷᠢᠭ ᠪᠦᠭᠭᠦᠭᠦᠯᠵᠦ ᠪᠠᠷᠢᠭᠠᠳ ᠰᠥᠩ ᠤᠯᠤᠰ ᠤ᠋ᠨ ᠴᠧᠩᠰᠢᠶᠠᠩ ᠵᠢᠶᠠ ᠽᠢ ᠳ᠋ᠣᠣ ᠶ᠋ᠢᠨ ᠨᠢᠭᠤᠴᠠ ᠵᠠᠬᠢᠳᠠᠯ ᠪᠠ ᠯᠢ ᠲᠠᠨ ᠤ᠋ ᠥᠭᠭᠦᠭᠰᠡᠨ ᠵᠠᠬᠢᠳᠠᠯ ᠢ ᠴᠥᠮ ᠨᠡᠩᠵᠢᠵᠦ ᠭᠠᠷᠭᠠᠭᠠᠳ ᠸᠠᠩ ᠶᠣᠣ ᠶ᠋ᠢ ᠨᠢᠭᠤᠴᠠ ᠪᠢᠴᠢᠭ ᠭᠡᠷᠡᠴᠢ ᠶ᠋ᠢᠨ ᠬᠠᠮᠲᠤ ᠸᠠᠩ ᠸᠸᠨ ᠲᠦᠩ ᠦ᠋ᠨ ᠡᠮᠦᠨ᠎ᠡ ᠠᠪᠴᠤ ᠢᠷᠡᠭᠡᠳ ᠠᠮᠠ ᠲᠤᠯᠭᠠᠭᠰᠠᠨ ᠳ᠋ᠤᠷ ᠸᠠᠩ ᠸᠸᠨ ᠲᠦᠩ ᠰᠠᠶᠢ ᠠᠷᠠᠭ᠎ᠠ ᠪᠠᠨ ᠵᠠᠭᠤᠵᠤ :  《ᠶᠡᠬᠡ ᠦᠢᠯᠡᠰ ᠡᠰᠡ ᠪᠦᠲᠦᠭᠰᠡᠨ ᠢᠨᠤ ᠲᠩᠷᠢ ᠶ᠋ᠢᠨ ᠰᠠᠨᠠᠭ᠎ᠠ ᠪᠤᠶᠤ ᠃ ᠪᠢ ᠭᠠᠭᠴᠠ ᠬᠥᠮᠦᠨ ᠣᠯᠵᠤ ᠬᠡᠷᠡᠭᠯᠡᠭᠰᠡᠨ ᠦᠭᠡᠢ ᠳ᠋ᠡᠭᠡᠨ ᠭᠡᠮᠰᠢᠮᠦᠢ 》 ᠭᠡᠮᠡᠨ ᠬᠢᠯᠢᠩᠯᠡᠪᠡ᠃ ᠬᠡᠷᠡᠭ ᠨᠢᠭᠡᠨᠲᠡ ᠦᠨᠡᠨ ᠪᠣᠯᠤᠭᠰᠠᠨᠨ ᠲᠤᠯᠠ ᠬᠤᠪᠢᠯᠠᠢ ᠬᠠᠭᠠᠨ ᠡᠴᠢᠭᠡ ᠬᠥᠪᠡᠭᠦᠨ ᠢ ᠴᠠᠪᠴᠢᠭᠤᠯᠵᠤ ᠡᠬᠡᠨᠡᠷ ᠬᠡᠦᠬᠡᠳ ᠢ ᠴᠥᠮ ᠰᠢᠳᠠᠷ ᠲᠦᠰᠢᠮᠡᠳ ᠲᠣᠷ ᠱᠠᠩᠨᠠᠨ ᠪᠣᠭᠣᠯᠴᠢᠯᠠᠭᠤᠯᠪᠠ᠃ ᠶᠣᠣ ᠱᠤ᠌ ᠸᠠᠩ ᠹᠠᠨ ᠬᠣᠶᠠᠷ ᠢ ᠤᠯᠤᠰ ᠤ᠋ᠨ ᠬᠡᠷᠡᠭ ᠲᠣᠷ ᠰᠡᠳᠬᠢᠯ ᠲᠠᠯᠪᠢᠪᠠ ᠭᠡᠮᠡᠨ ᠬᠦᠨᠳᠦᠳᠡ ᠱᠠᠩᠨᠠᠨ ᠭᠠᠪᠢᠶ᠎ᠠ ᠲᠡᠮᠳᠡᠭᠯᠡᠪᠡ᠃      
       ᠲᠡᠳᠦᠢ ᠳ᠋ᠦ᠍ᠷ ᠯᠢ ᠲᠠᠨ ᠭᠣᠣᠯ ᠬᠠᠮᠰᠠᠭᠠᠲᠠᠨ ᠢ᠋ᠶ᠋ᠠᠨ ᠠᠯᠳᠠᠵᠤ ᠵᠥᠪᠳᠡᠭᠰᠡᠨ ᠬᠡᠷᠡᠭ ᠨᠢᠭᠡᠨᠲᠡ ᠪᠦᠲᠦᠬᠦ ᠦᠭᠡᠢ ᠶ᠋ᠢ ᠮᠡᠳᠡᠵᠦ ᠶᠡᠬᠡᠳᠡ ᠬᠢᠯᠢᠩᠯᠡᠨ ᠴᠡᠷᠢᠭ ᠭᠠᠷᠭᠠᠨ ᠴᠢ ᠵᠧᠦ ᠬᠣᠲᠠ ᠶ᠋ᠢ ᠡᠵᠡᠯᠡᠨ ᠠᠪᠤᠭᠰᠠᠨ ᠳ᠋ᠤᠷ ᠣᠢᠷ᠎ᠠ ᠬᠠᠪᠢ ᠶ᠋ᠢᠨ ᠵᠧᠦ ᠵᠢᠶᠦ᠋ᠨ ᠴᠥᠮ ᠳᠣᠯᠭᠢᠰᠪᠠ᠃ ᠰᠥᠩ ᠤᠯᠤᠰ ᠤ᠋ᠨ ᠬᠢᠯᠢ ᠳᠠᠭᠠᠤ ᠴᠡᠷᠢᠭ ᠦᠭᠡᠢ ᠲᠤᠯᠠ ᠬᠤᠪᠢᠯᠠᠢ ᠬᠠᠭᠠᠨ ᠶᠡᠬᠡᠳᠡ ᠰᠠᠨᠳᠤᠷᠴᠤ ᠰᠢ ᠱᠤ᠌᠂ ᠠᠵᠣᠣ ᠬᠣᠶᠠᠭᠤᠯᠠ ᠶ᠋ᠢ ᠬᠠᠨ ᠵᠦᠩ ᠦ᠋ᠨ ᠭᠠᠵᠠᠷ ᠠ᠋ᠴᠠ ᠳᠠᠭᠤᠳᠠᠨ ᠠᠪᠴᠤ ᠢᠷᠡᠭᠡᠳ ᠯᠢ ᠲᠠᠨ ᠢ᠋ ᠬᠣᠷᠢᠭᠯᠠᠵᠤ ᠰᠠᠭᠤ ᠭᠡᠮᠡᠨ ᠵᠢᠢ ᠨᠠᠨ ᠳ᠋ᠤᠷ ᠢᠯᠡᠭᠡᠪᠡ᠃ ᠠᠵᠤᠤ ᠵᠠᠷᠯᠢᠭ ᠢ᠋ ᠬᠦᠯᠢᠶᠡᠨ ᠠᠪᠴᠤ ᠰᠢ ᠱᠤ᠌ ᠳ᠋ᠤᠷ ᠤᠴᠠᠷᠠᠵᠤ ᠵᠥᠪᠳᠡᠵᠦ ᠥᠭᠦᠯᠡᠷᠦᠨ:《ᠶᠠᠭᠤᠨ ᠳ᠋ᠤᠷ ᠬᠣᠷᠢᠭᠯᠠᠵᠤ ᠰᠠᠭᠤᠬᠤ ᠲᠡᠳᠦᠢᠯᠡ ᠪᠣᠢ ?  ᠡᠵᠡᠨ ᠮᠠᠨ ᠢ᠋ ᠯᠢ ᠲᠠᠨ ᠤ᠋ ᠡᠰᠡᠷᠭᠦᠴᠡᠯ ᠪᠤᠰᠤ ᠬᠡᠮᠡᠮᠦᠢ ‍ᠶ᠎ᠠ ?  ᠪᠢ ᠨᠢᠭᠡᠨᠲᠡ ᠪᠠᠢᠯᠳᠤᠵᠤ ᠦᠵᠡᠰᠦᠭᠡᠢ᠃ ᠲᠠ ᠶᠡᠬᠡ ᠴᠡᠷᠢᠭ ᠢ᠋ᠶ᠋ᠡᠨ ᠠᠪᠴᠤ ᠬᠣᠷᠢᠭᠯᠠᠨ ᠰᠠᠭᠤᠬᠤ ᠪᠠᠷ ᠪᠡᠯᠡᠳᠭᠡ᠃ ᠭᠠᠪᠢᠶ᠎ᠠ ᠪᠠᠢᠭᠤᠯᠪᠠᠰᠤ ᠡᠷᠬᠢᠯᠡᠬᠦ ᠵᠠᠩᠵᠤᠨ ᠲᠠᠨ ᠤ᠋ ᠪᠣᠯᠲᠤᠭᠠᠢ᠃ ᠳᠡᠢᠯᠦᠭᠳᠡᠬᠦᠢ ᠳ᠋ᠦ᠍ᠷ ᠬᠦᠷᠬᠦ ᠪᠥᠭᠡᠰᠦ ᠶᠠᠯ᠎ᠠ ᠶ᠋ᠢ ᠪᠢ ᠬᠦᠯᠢᠶᠡᠰᠦᠭᠡᠢ 》ᠭᠡᠮᠡᠨ ᠵᠥᠪᠳᠡᠵᠦ ᠵᠢᠢ ᠨᠠᠨ ᠤ᠋ ᠪᠠᠷᠠᠭᠤᠨ ᠬᠣᠢᠨ᠎ᠠ ᠭᠤᠴᠢᠨ ᠭᠠᠵᠠᠷ ᠵᠠᠢ ᠲᠠᠢ ᠠᠭᠤᠯᠠ ᠶ᠋ᠢ ᠲᠦᠰᠢᠵᠦ ᠤᠰᠤᠨ ᠢ ᠠᠰᠢᠭᠯᠠᠨ ᠶᠡᠬᠡ ᠵᠠᠮ ᠢ᠋ ᠪᠦᠭᠭᠦᠭᠦᠯᠵᠦ ᠮᠣᠳᠣ ᠴᠠᠪᠴᠢᠨ ᠶᠡᠬᠡ ᠴᠠᠢᠵᠠ ᠪᠠᠢᠭᠤᠯᠵᠤ ᠤᠳᠠᠭᠠᠨ ᠰᠠᠭᠤᠬᠤ ᠪᠠᠷ ᠪᠡᠯᠡᠳᠬᠡᠨ ᠪᠠᠷᠠᠭᠰᠠᠨ ᠤ᠋ ᠬᠣᠢᠨ᠎ᠠ ᠰᠢ ᠱᠤ᠌ ᠥᠭᠦᠯᠡᠷᠦᠨ:《ᠵᠠᠩᠵᠤᠨ ᠲᠠ ᠡᠷᠬᠡᠪᠰᠢ ᠭᠠᠷᠴᠤ ᠪᠠᠢᠯᠳᠤᠮᠤᠢ ᠬᠡᠮᠡᠬᠦ ᠲᠤᠯᠠ ᠪᠢ ᠦᠯᠦ ᠬᠣᠷᠢᠭᠯᠠᠮᠤᠢ᠃ ᠳᠡᠢᠯᠪᠡᠰᠦ ᠶᠠᠭᠤᠨ ᠥᠭᠦᠯᠡᠬᠦ ᠠᠵᠢ᠃ ᠳᠡᠢᠯᠦᠭᠳᠡᠪᠡᠰᠦ ᠰᠢᠭᠤᠳ ᠴᠠᠢᠵᠠ ᠥᠭᠡᠳᠡ ᠢᠷᠡᠭᠲᠦᠨ ᠪᠢ ᠵᠠᠮ ᠳ᠋ᠤᠷ ᠴᠡᠷᠢᠭ ᠪᠦᠭᠭᠦᠵᠦ ᠲᠡᠩᠬᠡᠷᠡᠭᠦᠯᠰᠦᠭᠡᠢ 》ᠬᠡᠮᠡᠪᠡ᠃ ᠠᠵᠣᠣ ᠬᠦᠨᠳᠦᠳᠡ ᠲᠠᠯᠠᠷᠬᠠᠵᠤ ᠵᠠᠩᠵᠤᠨ ᠤ᠋ ᠬᠠᠷᠠᠭᠠᠯᠵᠠᠯᠠᠯ ᠢ᠋ ᠤᠮᠠᠷᠲᠠᠬᠤ ᠦᠭᠡᠢ ᠭᠡᠮᠡᠨ ᠵᠢᠴᠢ ᠡᠳᠦᠷ ᠰᠢᠳᠠᠷ ᠴᠡᠷᠢᠭ ᠭᠤᠷᠪᠠᠨ ᠮᠢᠩᠭ᠎ᠠ ᠠᠪᠴᠤ ᠰᠠᠶᠢ ᠫᠤᠤ ᠲᠠᠯᠪᠢᠨ ᠵᠢᠢ ᠨᠠᠨ ᠢ ᠴᠢᠭᠯᠡᠰᠦᠭᠡᠢ ᠭᠡᠮᠡᠨ ᠴᠠᠢᠵᠠ ᠶ᠋ᠢᠨ ᠡᠭᠦᠳᠡ ᠭᠠᠷᠲᠠᠯ᠎ᠠ ᠲᠤᠷᠰᠢᠭᠤᠯ ᠤ᠋ᠨ ᠬᠥᠮᠦᠰ ᠯᠠᠢ ᠲᠠᠨ ᠴᠡᠷᠢᠭ ᠠᠪᠤᠨ ᠠᠢᠰᠤᠢ ᠬᠡᠮᠡᠬᠦ ᠶ᠋ᠢ ᠰᠣᠨᠣᠰᠤᠭᠠᠳ ᠰᠠᠢᠨ ᠪᠣᠯᠪᠠ ᠭᠡᠮᠡᠨ ᠠᠵᠣᠣ ᠴᠡᠷᠢᠭ ᠢ᠋ᠶ᠋ᠡᠨ ᠴᠠᠢᠵᠠ ᠶ᠋ᠢᠨ ᠡᠭᠦᠳᠡᠨ ᠦ᠌ ᠲᠦᠪᠰᠢᠨ ᠭᠠᠵᠠᠷ ᠵᠢᠭᠰᠠᠭᠠᠨ ᠬᠦᠯᠢᠶᠡᠪᠡ᠃ 
       ᠥᠭᠦᠯᠡᠬᠦ ᠢᠨᠣ ᠯᠢ ᠲᠠᠨ ᠽᠢ ᠵᠧᠦ ᠶ᠋ᠢ ᠡᠵᠡᠯᠡᠨ ᠵᠢᠢ ᠨᠠᠨ ᠬᠣᠲᠠ ᠶ᠋ᠢ ᠠᠪᠤᠭᠠᠳ ᠪᠡᠶ᠎ᠡ ᠪᠡᠨ ᠡᠰᠡᠷᠭᠦᠴᠡᠯ ᠪᠤᠰᠤ ᠭᠡᠮᠡᠨ ᠣᠮᠣᠭᠰᠢᠵᠤ ᠪᠦᠬᠦᠢ ᠳ᠋ᠦ᠍ᠷ ᠰᠢ ᠱᠤ᠌ ᠴᠡᠷᠢᠭ ᠠᠪᠴᠤ ᠢᠷᠡᠭᠡᠳ ᠵᠢᠢ ᠨᠠᠨ ᠬᠣᠲᠠ ᠶ᠋ᠢᠨ ᠣᠢᠷ᠎ᠠ ᠴᠠᠢᠵᠠ ᠪᠠᠢᠭᠤᠯᠵᠤ ᠰᠠᠭᠤᠪᠠ ᠭᠡᠮᠡᠨ ᠰᠣᠨᠣᠰᠤᠭᠠᠳ ᠬᠠᠳᠠᠭᠠᠨᠠᠲᠠᠯ᠎ᠠ ᠢᠨᠢᠶᠡᠨ : 《ᠰᠢ ᠱᠤ᠌ ᠶᠠᠮᠪᠠᠷ ᠵᠡᠷᠭᠡ ᠶ᠋ᠢᠨ ᠬᠥᠮᠦᠨ ᠭᠡᠮᠡᠨ ᠠᠶᠤᠮᠰᠢᠭ ᠦᠭᠡᠢ ᠮᠢᠨᠦ  ᠵᠦᠭ ᠴᠡᠷᠢᠭ ᠬᠡᠷᠡᠭᠯᠡᠮᠦᠢ ! ᠬᠡᠷᠪᠡ ᠮᠢᠨᠦ ᠦᠭᠡ ᠶ᠋ᠢ ᠠᠪᠴᠤ ᠪᠠᠭᠤᠵᠤ ᠥᠭᠬᠦ ᠪᠥᠭᠡᠰᠦ ᠪᠠᠷᠠᠪᠠᠢ᠂ ᠦᠭᠡᠢ ᠪᠥᠭᠡᠰᠦ ᠨᠢᠭᠡᠮᠦᠰᠦᠨ ᠬᠢᠳᠤᠵᠤ ᠴᠡᠷᠢᠭ ᠦ᠋ᠨ ᠰᠦᠷ ᠦᠵᠡᠭᠦᠯᠰᠦᠭᠡᠢ ᠭᠡᠮᠡᠨ ᠴᠠᠴᠠᠷ ᠤ᠋ᠨ ᠣᠯᠠᠨ ᠢ᠋ ᠵᠠᠩᠳᠤᠷᠤᠨ ᠮᠣᠷᠢ ᠡᠮᠡᠭᠡᠯ ᠭᠡᠮᠡᠨ ᠪᠡᠶ᠎ᠡ ᠪᠡᠷ ᠰᠢᠯᠭᠠᠷᠠᠭᠰᠠᠨ ᠴᠡᠷᠢᠭ ᠬᠣᠶᠠᠷ ᠲᠦᠮᠡ ᠠᠪᠴᠤ ᠵᠠᠩᠵᠤᠨ ᠬᠣᠷᠢ ᠢᠯᠡᠭᠦᠦ ᠬᠥᠮᠦᠨ ᠳᠠᠭᠠᠭᠤᠯᠤᠨ ᠶᠡᠬᠡ ᠰᠥᠩ ᠤᠯᠤᠰ ᠤ᠋ᠨ ᠴᠢ ᠶ᠋ᠢᠨ ᠵᠢᠶᠦ᠋ᠨ ᠸᠠᠩ ᠬᠡᠮᠡᠬᠦ ᠥᠰᠥᠭᠲᠦ ᠶᠡᠬᠡ ᠨᠣᠭᠣᠭᠠᠨ ᠲᠤᠭ ᠢ᠋ᠶ᠋ᠠᠷ ᠵᠠᠮ ᠨᠡᠭᠡᠭᠡᠵᠦ ᠭᠤᠷᠪᠠᠨ ᠵᠡᠷᠭᠡ ᠶᠡᠬᠡ ᠫᠤᠤ ᠲᠠᠯᠪᠢᠵᠤ ᠵᠢᠢ ᠨᠠᠨ ᠠ᠋ᠴᠠ ᠭᠠᠷᠴᠤ ᠰᠢᠭᠤᠳ ᠮᠣᠩᠭᠣᠯ ᠤ᠋ᠨ ᠴᠡᠷᠢᠭ ᠦ᠋ᠨ ᠴᠠᠢᠵᠠ ᠶ᠋ᠢ ᠴᠢᠭᠯᠡᠨ ᠬᠦᠷᠴᠦ ᠢᠷᠡᠪᠡᠰᠦ ᠨᠢᠭᠡᠨ ᠰᠠᠯᠠᠭ᠎ᠠ ᠴᠡᠷᠢᠭ ᠡᠰᠡᠷᠭᠦ ᠡᠴᠡ ᠵᠠᠮ ᠪᠥᠭᠯᠡᠵᠦ ᠵᠢᠭᠰᠠᠭᠠᠨ ᠬᠦᠯᠢᠶᠡᠭᠰᠡᠨ ᠲᠤᠯᠠ ᠯᠢ ᠲᠠᠨ ᠮᠠᠰᠢ ᠭᠠᠢᠬᠠᠨ ᠦᠵᠡᠪᠡᠰᠦ ᠭᠤᠷᠪᠠᠨ ᠮᠢᠩᠭᠠᠨ ᠭᠠᠩ ᠬᠤᠶᠠᠭᠲᠤ ᠮᠣᠷᠢᠲᠤ ᠴᠡᠷᠢᠭ ᠬᠥᠨᠳᠡᠯᠡᠨ ᠵᠢᠭᠰᠠᠭᠠᠵᠤ ᠡᠭᠦᠳᠡᠨ ᠲᠤᠭ ᠤ᠋ᠨ ᠳᠣᠣᠷ᠎ᠠ ᠨᠢᠭᠡᠨ ᠬᠠᠷᠠᠪᠲᠤᠷ ᠵᠠᠯᠠᠭᠤ ᠵᠠᠩᠵᠤᠨ ᠬᠠᠷ᠎ᠠ ᠮᠣᠷᠢ ᠪᠠᠨ ᠲᠡᠳᠡᠨ ᠵᠡᠭᠦᠨ ᠭᠠᠷ ᠲᠠᠭᠠᠨ ᠪᠠᠮᠪᠠᠷ ᠲᠣᠬᠣᠢᠯᠠᠵᠤ ᠪᠠᠷᠠᠭᠤᠨ ᠭᠠᠷ ᠲᠠᠭᠠᠨ ᠤᠷᠲᠤ ᠵᠢᠳᠠ ᠪᠠᠷᠢᠵᠤ ᠰᠦᠷ ᠲᠠᠯᠪᠢᠵᠤ ᠵᠣᠭᠰᠣᠪᠠ ᠃ ᠶᠡᠷᠦ ᠮᠣᠩᠭᠣᠯ ᠤ᠋ᠨ ᠬᠠᠳ ᠨᠣᠶᠠᠳ ᠪᠤᠰᠤ ᠪᠥᠭᠡᠰᠦ ᠡᠢᠨ ᠬᠦ᠌ ᠬᠤᠶᠠᠭᠲᠤ ᠮᠣᠷᠢᠲᠤ ᠴᠡᠷᠢᠭ ᠵᠠᠬᠢᠷᠬᠤ ᠦᠭᠡᠢ ᠲᠤᠯᠠ ᠯᠢ ᠲᠠᠨ ᠭᠠᠢᠬᠠᠵᠤ ᠯᠠᠪᠯᠠᠪᠠᠰᠤ ᠰᠢ ᠱᠤ᠌ ᠪᠢᠰᠢ᠂ ᠬᠠᠷᠢᠨ ᠨᠢᠭᠡ ᠣᠭᠲᠣ ᠲᠠᠨᠢᠬᠤ ᠦᠭᠡᠢ ᠵᠠᠯᠠᠭᠤ ᠲᠤᠯᠠ ᠯᠢ ᠲᠠᠨ ᠴᠢ ᠶ᠋ᠢᠨ ᠵᠢᠶᠦ᠋ᠨ ᠸᠠᠩ ᠬᠡᠮᠡᠬᠦ ᠶᠡᠬᠡ ᠲᠤᠭ ᠳᠣᠣᠷ᠎ᠠ ᠮᠣᠷᠢ ᠲᠠᠲᠠᠵᠤ ᠵᠢᠳᠠ ᠪᠠᠷ ᠵᠢᠭᠠᠵᠤ ᠄《ᠠᠬᠠᠯᠠᠭᠴᠢ ᠵᠠᠩᠵᠤᠨ ᠰᠢ ᠱᠤ᠌ ᠪᠠᠨ ᠳᠠᠭᠤᠳᠠᠭᠲᠤᠨ ! ᠮᠢᠨᠦ ᠶᠠᠷᠢᠬᠤ ᠦᠭᠡ ᠪᠣᠢ ! 》ᠬᠡᠮᠡᠭᠰᠡᠨ ᠳ᠋ᠦ᠍ᠷ ᠠᠵᠤᠤ ᠦᠭᠡ ᠳᠠᠭᠤᠨ ᠦᠭᠡᠢ ᠮᠣᠷᠢ ᠲᠠᠯᠪᠢᠨ ᠤᠷᠪᠠᠭᠰᠠᠨ ᠪᠣᠭᠣᠯ ᠵᠢᠳᠠ ᠦᠵᠡ ᠭᠡᠮᠡᠨ ᠳᠠᠭᠠᠷᠢᠨ ᠢᠷᠡᠬᠦᠢ ᠳ᠋ᠦ᠍ᠷ ᠯᠢ ᠲᠠᠨ ᠵᠢᠬᠡᠭᠦᠨ ᠢ᠋ᠶ᠋ᠡᠷ ᠢᠨᠢᠶᠡᠵᠦ ᠲᠣᠬᠢᠪᠠᠰᠤ ᠯᠢ ᠸᠸᠨ ᠯᠦᠩ ᠬᠡᠮᠡᠭᠴᠢ ᠯᠢ ᠲᠠᠨ ᠤ᠋ ᠡᠷᠭᠦᠮᠡᠯ ᠬᠥᠪᠡᠭᠦᠨ ᠵᠢᠯᠣᠭᠣ ᠲᠠᠯᠪᠢᠵᠤ ᠠᠵᠤᠤ ᠶ᠋ᠢ ᠤᠭᠲᠤᠨ ᠢᠷᠡᠮᠦᠢ᠃ ᠠᠵᠤᠤ ᠲᠡᠭᠦᠨ ᠦ᠌ ᠬᠦᠨᠳᠦ ᠰᠢᠲᠠᠮ ᠪᠠᠷᠢᠭᠰᠠᠨ ᠢ᠋ ᠦᠵᠡᠭᠡᠳ ᠬᠦᠴᠦᠨ ᠶᠡᠬᠡ ᠭᠡᠮᠡᠨ ᠮᠡᠳᠡᠵᠦ ᠣᠯᠠᠨ ᠤᠳᠠᠭ᠎ᠠ ᠪᠠᠢᠯᠳᠤᠬᠤ ᠰᠠᠨᠠᠭ᠎ᠠ ᠦᠭᠡᠢ ᠣᠢᠷᠠᠲᠤᠵᠤ ᠢᠷᠡᠬᠦᠢ ᠳ᠋ᠦ᠍ᠷ ᠰᠢᠭᠤᠳ ᠪᠠᠭᠠᠯᠵᠤᠤᠷ ᠢ ᠵᠢᠭᠠᠵᠤ ᠬᠦᠴᠦᠯᠡᠨ ᠵᠢᠳᠠᠯᠠᠬᠤᠢ ᠳ᠋ᠤᠷ ᠯᠢ ᠸᠸᠨ ᠯᠦᠩ ᠵᠠᠨᠴᠢᠰᠤᠭᠠᠢ ᠭᠡᠮᠡᠨ ᠳᠡᠭᠡᠷ᠎ᠡ ᠳᠠᠯᠠᠢᠭᠰᠠᠨ ᠬᠣᠶᠠᠷ ᠰᠢᠳᠠᠮ ᠮᠠᠰᠢ ᠬᠦᠨᠳᠦ ᠲᠤᠯᠠ ᠪᠤᠴᠠᠭᠠᠨ ᠬᠤᠷᠢᠶᠠᠵᠤ ᠵᠢᠳᠠ ᠶ᠋ᠢ ᠬᠣᠷᠢᠭᠯᠠᠵᠤ ᠴᠢᠳᠠᠭᠰᠠᠨ ᠦᠭᠡᠢ ᠤᠯᠠᠭᠠᠨ ᠬᠣᠭᠣᠯᠠᠢ ᠪᠠᠷ ᠨᠡᠪᠲᠡ ᠵᠢᠳᠠᠯᠠᠭᠳᠠᠪᠠ᠃ ᠲᠡᠳᠦᠢ ᠳ᠋ᠦ᠍ᠷ ᠯᠢ ᠲᠠᠨ ᠤ᠋ ᠠᠷᠤ ᠠ᠋ᠴᠠ ᠪᠠᠰᠠ ᠨᠢᠭᠡᠨ ᠬᠠᠷ᠎ᠠ ᠡᠷ᠎ᠡ ᠰᠢᠳᠡᠮ ᠪᠠᠷᠢᠵᠤ ᠮᠣᠷᠢ ᠲᠠᠯᠪᠢᠨ ᠢᠷᠡᠮᠦᠢ᠃ ᠠᠵᠤᠤ ᠲᠡᠭᠦᠨ ᠦ᠌ ᠨᠢᠳᠦ ᠤᠯᠠᠢᠨ ᠢᠷᠡᠬᠦᠢ ᠳ᠋ᠦ᠍ᠷ ᠭᠡᠨᠡᠳᠲᠡ ᠮᠣᠷᠢ ᠪᠠᠨ ᠵᠠᠢᠯᠠᠭᠤᠯᠵᠤ ᠬᠣᠯᠠᠳᠠᠬᠤᠢ ᠳ᠋ᠤᠷ ᠲᠡᠷᠡ ᠵᠠᠩᠵᠤᠨ ᠬᠦᠴᠦᠨ ᠴᠢᠨᠡᠬᠡᠪᠡᠷ ᠵᠠᠨᠴᠢᠭᠰᠠᠨ ᠰᠢᠳᠠᠮ ᠬᠣᠭᠣᠰᠣᠨ ᠪᠣᠯᠵᠤ ᠥᠪᠡᠷ ᠦ᠋ᠨ ᠬᠦᠴᠦᠨ ᠳ᠋ᠡᠭᠡᠨ ᠮᠣᠷᠢᠨ ᠠ᠋ᠴᠠ ᠪᠠᠨ ᠲᠣᠩᠭᠣᠷᠴᠣᠭᠯᠠᠨ ᠤᠨᠠᠪᠠ ᠃ ᠠᠵᠤᠤ ᠮᠣᠷᠢ ᠪᠤᠴᠠᠭᠠᠨ ᠢᠷᠡᠭᠡᠳ ᠨᠢᠭᠡᠨᠲᠡ ᠵᠢᠳᠠᠯᠠᠨ ᠠᠯᠠᠪᠠ ᠃ ᠶᠡᠷᠦ ᠯᠢ ᠲᠠᠨ ᠤ᠋ ᠠᠢᠮᠠᠭ ᠤ᠋ᠨ ᠬᠣᠶᠠᠷ ᠬᠣᠣᠰ ᠰᠢᠳᠠᠮ ᠲᠡᠭᠷᠢ ᠶ᠋ᠢᠨ ᠳᠣᠣᠷ᠎ᠠ ᠲᠡᠩᠴᠡᠬᠦ ᠬᠥᠮᠦᠨ ᠦᠭᠡᠢ ᠠᠯᠳᠠᠷᠲᠠᠢ ᠠᠭᠠᠳ ᠡᠳᠦᠭᠡ ᠨᠢᠭᠡᠨ ᠵᠠᠯᠠᠭᠤ ᠵᠠᠩᠵᠤᠨ ᠳ᠋ᠤᠷ ᠨᠢᠭᠡᠴᠦ ᠵᠥᠷᠢᠵᠦ ᠴᠢᠳᠠᠭᠰᠠᠨ ᠦᠭᠡᠢ ᠠᠯᠠᠭᠳᠠᠬᠤᠢ ᠳ᠋ᠤᠷ ᠯᠢ ᠲᠠᠨ ᠤ᠋ ᠵᠠᠩᠵᠤᠨ ᠴᠡᠷᠢᠭ ᠴᠥᠮ ᠰᠥᠰᠥ ᠬᠡᠮᠬᠡᠷᠡᠪᠡ᠃ ᠯᠢ ᠲᠠᠨ ᠶᠡᠬᠡᠳᠡ ᠠᠭᠤᠷᠯᠠᠨ ᠮᠣᠷᠢ ᠲᠠᠰᠢᠭᠤᠷᠳᠠᠨ ᠭᠠᠷᠴᠤ ᠢᠷᠡᠭᠡᠳ :《ᠮᠣᠩᠭᠣᠯ ᠤ᠋ᠨ ᠵᠠᠩᠵᠤᠨ ᠨᠡᠷ᠎ᠡ ᠪᠡᠨ ᠮᠡᠳᠡᠭᠦᠯ ! 》ᠬᠡᠮᠡᠬᠦᠢ ᠳ᠋ᠦ᠍ᠷ ᠠᠵᠤᠤ ᠄ 《ᠤᠷᠪᠠᠭᠰᠠᠨ ᠮᠠᠭᠤ ᠪᠣᠭᠣᠯ ᠂ ᠠᠵᠤᠤ ᠨᠠᠮᠠᠶ᠋ᠢ ᠡᠰᠡ ᠲᠠᠨᠢᠬᠤ ᠤᠤ ?》  ᠭᠡᠮᠡᠨ ᠵᠢᠳᠠᠯᠠᠨ ᠢᠷᠡᠬᠦᠢ ᠳ᠋ᠦ᠍ᠷ ᠯᠢ ᠲᠠᠨ ᠶᠡᠬᠡᠳᠡ ᠰᠣᠴᠢᠨ ᠠᠵᠤᠤ ᠡᠨᠳᠡ ᠪᠣᠢ ᠠᠵᠤᠭᠤ ᠭᠡᠮᠡᠨ ᠬᠡᠳᠦᠢ ᠪᠡᠷ ᠲᠠᠨᠢᠬᠤ ᠦᠭᠡᠢ ᠪᠣᠯᠪᠠᠴᠤ ᠤᠷᠢᠶᠠᠩᠬᠠᠳᠠᠢ ᠶ᠋ᠢᠨ ᠬᠥᠪᠡᠭᠦᠨ ᠠᠵᠤᠤ ᠡᠴᠢᠭᠡ ᠡᠪᠦᠭᠡ ᠪᠡᠨ ᠳᠠᠪᠠᠭᠰᠠᠨ ᠪᠠᠭᠠᠲᠤᠷ ᠭᠡᠮᠡᠨ ᠰᠣᠨᠣᠰᠴᠤ ᠤᠳᠠᠪᠠ᠃ ᠡᠳᠦᠭᠡ ᠨᠢᠭᠡᠨᠲᠡ ᠲᠣᠬᠢᠶᠠᠯᠳᠤᠭᠰᠠᠨ ᠲᠤᠯᠠ ᠬᠢᠴᠢᠶᠡᠰᠦᠭᠡᠢ ᠭᠡᠮᠡᠨ ᠲᠡᠢᠨ ᠪᠠᠢᠯᠳᠤᠭᠠᠨ ᠢ᠋ ᠣᠯᠠᠨᠲᠠ ᠥᠩᠭᠡᠷᠡᠭᠡᠭᠰᠡᠨ ᠬᠠᠰᠢᠷ ᠬᠥᠮᠦᠨ ᠲᠤᠯᠠ ᠬᠢᠯᠪᠠᠷ ᠢ᠋ᠶ᠋ᠠᠷ ᠵᠢᠳᠠ ᠰᠤᠩᠭᠠᠬᠤ ᠦᠭᠡᠢ ᠪᠡᠶ᠎ᠡ ᠪᠡᠨ ᠬᠠᠮᠠᠭᠠᠯᠠᠨ ᠠᠵᠣᠣ ᠶ᠋ᠢᠨ ᠰᠡᠪ ᠢ᠋ ᠦᠵᠡᠵᠦ ᠬᠣᠷᠢ ᠰᠢᠬᠠᠮ ᠤᠳᠠᠭ᠎ᠠ ᠪᠣᠯᠪᠠ᠃ ᠪᠣᠳᠣᠪᠠᠰᠤ ᠠᠵᠤᠦ ᠶ᠋ᠢ ᠲᠠᠢᠯᠵᠤ ᠴᠢᠳᠠᠬᠤ ᠦᠭᠡᠢ ᠲᠤᠯᠠ ᠤᠳᠠᠭᠠᠨ ᠪᠠᠢᠯᠳᠤᠪᠠᠰᠤ ᠠᠰᠢᠭ ᠦᠭᠡᠢ ᠭᠡᠮᠡᠨ ᠬᠣᠭᠣᠰᠣᠨ ᠢ᠋ ᠵᠢᠳᠠᠯᠠᠨ ᠵᠢᠭᠰᠠᠭᠠᠯ ᠳ᠋ᠠᠭᠠᠨ ᠪᠤᠷᠤᠭᠤᠯᠠᠨ ᠣᠷᠣᠪᠠ᠃ ᠠᠵᠤᠤ ᠵᠢᠳᠠ ᠪᠠᠷ ᠳᠠᠯᠠᠯᠤᠨ ᠴᠡᠷᠢᠭ ᠢ᠋ᠶ᠋ᠡᠨ ᠠᠪᠴᠤ ᠯᠢ ᠲᠠᠨ ᠤ᠋ ᠵᠢᠭᠰᠠᠭᠠᠯ ᠳ᠋ᠤᠷ ᠳᠠᠷᠤᠨ ᠣᠷᠣᠪᠠᠰᠤ ᠯᠢ ᠲᠠᠨ ᠤ᠋ ᠣᠯᠠᠨ ᠬᠣᠷᠢᠭᠯᠠᠵᠤ ᠴᠢᠳᠠᠬᠤ ᠦᠭᠡᠢ ᠵᠢᠢ ᠨᠠᠨ ᠬᠣᠲᠠ ᠵᠦᠭ ᠰᠠᠮᠠᠭᠤᠷᠠᠨ ᠳᠤᠲᠠᠭᠠᠪᠠ᠃ ᠯᠢ ᠲᠠᠨ ᠵᠢᠳᠠ ᠴᠢᠷᠴᠦ ᠮᠣᠷᠢ ᠲᠠᠰᠢᠭᠤᠷᠳᠠᠨ ᠪᠤᠷᠤᠭᠤᠯᠠᠨ ᠭᠠᠷᠬᠤ ᠶ᠋ᠢ ᠦᠵᠡᠭᠡᠳ ᠨᠡᠩ ᠡᠰᠡᠷᠭᠦᠴᠡᠬᠦ ᠬᠥᠮᠦᠨ ᠦᠭᠡᠢ ᠪᠣᠯᠪᠠ᠃ ᠲᠡᠭᠡᠭᠡᠳ ᠴᠥᠮ ᠮᠣᠩᠭᠣᠯ ᠤ᠋ᠨ ᠴᠡᠷᠢᠭ ᠪᠠᠢᠭᠰᠠᠨ ᠲᠤᠯᠠ ᠵᠡᠪᠰᠡᠭ ᠣᠷᠬᠢᠨ ᠳᠠᠭᠠᠬᠤ ᠶ᠋ᠢ ᠭᠤᠶᠤᠪᠠ ᠃ ᠠᠵᠤᠤ ᠨᠠᠷ ᠯᠢ ᠲᠠᠨ ᠤ᠋ ᠣᠯᠠᠨ ᠢ᠋ ᠠᠯᠠᠵᠤ ᠣᠯᠵᠠᠯᠠᠨ ᠶᠡᠬᠡ ᠳᠡᠢᠯᠦᠭᠰᠡᠨ ᠮᠡᠳᠡᠭᠡ ᠪᠡᠨ ᠺᠠᠢ ᠫᠢᠩ ᠳ᠋ᠦ᠍ᠷ ᠬᠦᠷᠭᠡᠪᠡ᠃ 
       ᠯᠢ ᠲᠠᠨ ᠠᠷᠠᠢ ᠵᠢᠢ ᠨᠠᠨ ᠬᠣᠲᠠᠨ ᠳ᠋ᠤᠷ ᠣᠷᠣᠭᠠᠳ ᠶᠡᠬᠡᠳᠡ ᠭᠡᠮᠰᠢᠨ ᠲᠤᠷᠰᠢᠭᠤᠯ ᠤ᠋ᠨ ᠬᠥᠮᠦᠨ ᠢ ᠳᠠᠭᠤᠳᠠᠵᠤ ᠬᠤᠳᠠᠯ ᠮᠡᠳᠡᠭᠡᠯᠡᠪᠡ ᠭᠡᠮᠡᠨ ᠴᠠᠪᠴᠢᠭᠤᠯᠤᠭᠠᠳ ᠵᠢᠢ ᠨᠠᠨ ᠬᠣᠲᠠ ᠶ᠋ᠢ ᠦᠬᠦᠨ ᠰᠠᠬᠢᠵᠤ ᠭᠣᠣ ᠶᠤᠸᠠᠨ ᠤ᠋ ᠭᠠᠵᠠᠷ ᠢ᠋ ᠴᠢᠩᠳᠠᠯᠠᠨ ᠵᠢᠢ ᠨᠠᠨ ᠤ᠋ ᠬᠠᠯᠬᠠᠪᠴᠢ ᠪᠣᠯᠭᠠᠰᠤᠭᠠᠢ ᠭᠡᠮᠡᠨ ᠴᠡᠷᠢᠭ ᠮᠣᠷᠢ ᠨᠡᠮᠡᠵᠦ ᠶᠠᠪᠤᠭᠤᠯᠤᠭᠰᠠᠨ ᠳ᠋ᠤᠷ ᠮᠣᠩᠭᠣᠯ ᠤ᠋ᠨ ᠵᠠᠩᠵᠤᠨ ᠲᠦᠮᠡᠨ ᠦ᠌ ᠨᠣᠶᠠᠨ ᠬᠠᠨ ᠰᠢ ᠠᠨ ᠂ ᠵᠸᠨ ᠹᠦ ᠵᠠᠩᠵᠤᠨ ᠮᠠ ᠰᠢᠩ ᠮᠢᠩᠭᠠᠨ ᠤ᠋ ᠨᠣᠶᠠᠨ ᠵᠠᠩ ᠵᠢᠢ ᠮᠢᠨ ᠨᠠᠷ ᠴᠡᠷᠢᠭ ᠢ᠋ᠶ᠋ᠡᠨ ᠨᠡᠢᠯᠡᠭᠦᠯᠦᠨ ᠵᠠᠮ ᠲᠣᠰᠴᠤ ᠳᠠᠷᠤᠨ ᠪᠠᠢᠯᠳᠤᠭᠠᠳ ᠶᠡᠬᠡᠳᠡ ᠲᠠᠢᠯᠵᠤ ᠬᠡᠳᠦᠨ ᠮᠢᠩᠭᠠᠨ ᠤ᠋ ᠣᠯᠠᠨ ᠢ᠋ ᠠᠯᠠᠵᠤ ᠰᠢᠷᠬᠠᠲᠤᠭᠤᠯᠪᠠ᠃ ᠡᠭᠦᠨ ᠡᠴᠡ ᠯᠢ ᠲᠠᠨ ᠤ᠋ ᠳᠡᠢᠯᠦᠭᠳᠡᠰᠢ ᠦᠭᠡᠢ ᠨᠡᠷ᠎ᠡ ᠰᠠᠶᠢ ᠬᠣᠭᠣᠰᠣᠨ ᠪᠣᠯᠪᠠᠢ᠃ 
       ᠬᠤᠪᠢᠯᠠᠢ ᠬᠠᠭᠠᠨ ᠯᠢ ᠲᠠᠨ ᠢ ᠳᠠᠷᠠᠭᠠᠯᠠᠨ ᠬᠣᠶᠠᠷ ᠵᠡᠷᠭᠡ ᠳᠡᠢᠯᠦᠭᠰᠡᠨ ᠳ᠋ᠦ᠍ᠷ ᠰᠠᠶᠢ ᠰᠡᠳᠬᠢᠯ ᠪᠠᠬᠠᠨ ᠰᠤᠯᠠ ᠪᠣᠯᠵᠤ ᠮᠠ ᠰᠢᠩ ᠨᠠᠷ ᠲᠤᠷ ᠴᠥᠮ ᠠᠯᠲᠠᠨ ᠲᠡᠮᠳᠡᠭ ᠱᠠᠩᠨᠠᠨ ᠲᠥᠷᠥ ᠶ᠋ᠢᠨ ᠶᠠᠪᠤᠳᠠᠯ ᠤ᠋ᠨ ᠶᠠᠮᠤᠨ ᠳ᠋ᠤᠷ ᠵᠠᠷᠯᠢᠭ ᠪᠣᠯᠵᠤ ᠯᠢ ᠲᠠᠨ ᠢ᠋ ᠬᠣᠶᠠᠷ ᠵᠡᠷᠭᠡ ᠡᠪᠳᠡᠪᠡ ᠭᠡᠮᠡᠨ ᠪᠦᠬᠦ ᠤᠯᠤᠰ ᠲᠤᠷ ᠵᠠᠷ ᠲᠠᠷᠬᠠᠭᠠᠪᠠ᠃ 
       ᠣᠯᠠᠨ ᠲᠦᠰᠢᠮᠡᠳ ᠯᠢ ᠲᠠᠨ ᠤ᠋ ᠵᠣᠪᠠᠯᠠᠩ ᠢ᠋ ᠡᠷᠲᠡ ᠠᠷᠢᠯᠭᠠᠪᠠᠰᠤ ᠵᠣᠬᠢᠮᠤᠢ ᠭᠡᠮᠡᠨ ᠬᠡᠳᠦᠨ ᠵᠡᠷᠭᠡ ᠠᠢᠯᠠᠳᠬᠠᠭᠰᠠᠨ ᠳ᠋ᠤᠷ ᠬᠤᠪᠢᠯᠠᠢ ᠬᠠᠭᠠᠨ ᠴᠢᠨ ᠸᠠᠩ ᠬᠠᠪᠢᠨᠴᠢ ᠳ᠋ᠤᠷ ᠣᠯᠠᠨ ᠵᠠᠮ ᠤ᠋ᠨ ᠴᠡᠷᠢᠭ ᠢ᠋ ᠵᠠᠬᠢᠷᠬᠤ ᠡᠷᠬᠡ ᠥᠭᠴᠦ ᠯᠢ ᠲᠠᠨ ᠢ᠋ ᠨᠢᠭᠡᠮᠦᠰᠦᠨ ᠠᠷᠢᠯᠭ᠎ᠠ ᠭᠡᠮᠡᠨ ᠵᠠᠷᠯᠢᠭ ᠪᠣᠯᠵᠤ ᠪᠠᠰᠠ ᠳᠠᠢᠰᠤᠨ ᠤ᠋ ᠬᠦᠴᠦᠨ ᠮᠠᠰᠢ ᠶᠡᠬᠡ ᠭᠡᠮᠡᠨ ᠪᠠᠷᠠᠭᠤᠨ ᠭᠠᠷ ᠤ᠋ᠨ ᠴᠧᠩᠰᠢᠶᠠᠩ ᠰᠢ ᠲᠢᠶᠠᠨ ᠽᠧ ᠶ᠋ᠢ ᠪᠦᠬᠦ ᠤᠯᠤᠰ ᠤ᠋ᠨ ᠵᠠᠩᠵᠤᠨ ᠴᠡᠷᠢᠭ ᠢ᠋ ᠳᠠᠢᠴᠢᠯᠠᠨ ᠵᠠᠬᠢᠷᠬᠤ ᠡᠷᠬᠡ ᠥᠭᠴᠦ ᠯᠢ ᠲᠠᠨ ᠢ᠋ ᠠᠷᠢᠯᠭᠠᠭᠲᠤᠨ ᠭᠡᠮᠡᠨ ᠳᠠᠪᠬᠤᠷ ᠳᠠᠪᠬᠤᠷ ᠵᠠᠷᠯᠢᠭ ᠪᠣᠯᠵᠤ ᠴᠠᠭ ᠵᠢᠭᠠᠵᠤ ᠬᠦᠯᠢᠶᠡᠨ ᠰᠠᠭᠤᠪᠠ᠃ 
       ᠰᠢ ᠲᠢᠶᠠᠨ ᠽᠧ ᠵᠠᠷᠯᠢᠭ ᠢ᠋ ᠬᠦᠯᠢᠶᠡᠨ ᠠᠪᠤᠭᠠᠳ ᠯᠢ ᠲᠠᠨ ᠤ᠋ ᠵᠢᠢ ᠨᠠᠨ ᠬᠣᠲᠠ ᠳ᠋ᠤᠷ ᠣᠷᠣᠵᠤ ᠰᠠᠬᠢᠭᠰᠠᠨ ᠢ᠋ ᠰᠣᠨᠣᠰᠤᠭᠠᠳ ᠢᠨᠢᠶᠡᠨ ᠥᠭᠦᠯᠡᠷᠦᠨ : 《ᠭᠠᠬᠠᠢ ᠨᠢᠭᠡᠨᠲᠡ ᠬᠣᠷᠢᠭᠤᠯ ᠳ᠋ᠤᠷ ᠣᠷᠣᠭᠰᠠᠨ ᠲᠤᠯᠠ ᠦᠬᠦᠬᠦ ᠡᠴᠡ ᠥᠭᠡᠷ᠎ᠡ ᠵᠠᠮ ᠦᠭᠡᠢ ᠪᠣᠯᠪᠠᠢ 》ᠭᠡᠮᠡᠨ ᠵᠢᠢ ᠨᠠᠨ ᠳ᠋ᠤᠷ ᠬᠦᠷᠴᠦ ᠴᠢᠨ ᠸᠠᠩ ᠬᠠᠪᠢᠨᠴᠢ ᠳ᠋ᠤᠷ ᠤᠴᠠᠷᠠᠵᠤ ᠥᠭᠦᠯᠡᠷᠦᠨ ᠄  《ᠯᠢ ᠲᠠᠨ ᠴᠢᠭᠢᠷᠠᠭ ᠪᠥᠭᠡᠳ ᠮᠠᠰᠢ ᠵᠠᠯᠢᠲᠠᠢ ᠲᠤᠯᠠ ᠬᠦᠴᠦ ᠬᠡᠷᠡᠭᠯᠡᠬᠦ ᠦᠭᠡᠢ ᠠᠷᠭ᠎ᠠ ᠪᠠᠷ ᠪᠠᠷᠢᠰᠤᠭᠠᠢ᠃ ᠪᠢᠳᠡ ᠭᠦᠨ ᠭᠣᠣ ᠥᠨᠳᠥᠷ ᠤᠨᠢᠭᠤᠯ ᠪᠠᠢᠭᠤᠯᠵᠤ ᠲᠡᠭᠦᠨ ᠯᠦ᠍ᠭᠡ ᠡᠰᠡᠷᠭᠦᠴᠡᠯᠳᠦᠨ ᠰᠠᠬᠢᠪᠠᠰᠤ ᠡᠳᠦᠷ ᠬᠣᠨᠣᠭ ᠣᠷᠣᠪᠠᠴᠤ ᠤᠳᠠᠭᠠᠨ ᠳ᠋ᠠᠭᠠᠨ ᠲᠡᠷᠡ ᠵᠦᠳᠡᠷᠡᠵᠦ ᠬᠣᠭᠣᠰᠣᠷᠠᠬᠤ ᠲᠤᠯᠠ ᠡᠰᠡ ᠪᠠᠷᠢᠵᠤ ᠴᠢᠳᠠᠬᠤ ᠠ᠋ᠴᠠ ᠶᠠᠭᠤᠨ ᠠᠶᠤᠮᠤᠢ 》 ᠬᠡᠮᠡᠭᠰᠡᠨ ᠳ᠋ᠦ᠍ᠷ ᠬᠠᠪᠢᠠᠴᠢ ᠬᠠᠨ ᠵᠥᠪᠰᠢᠶᠡᠷᠡᠵᠦ ᠵᠢᠢ ᠨᠠᠨ ᠬᠣᠲᠠ ᠶ᠋ᠢ ᠲᠣᠭᠣᠷᠢᠨ ᠭᠣᠣ ᠮᠠᠯᠲᠠᠵᠤ ᠥᠨᠳᠥᠷ ᠤᠨᠢᠭᠤᠯ ᠳᠠᠪᠲᠠᠵᠤ ᠣᠷᠣᠬᠤ ᠠ᠋ᠴᠠ ᠭᠠᠷᠭᠠᠬᠤ ᠦᠭᠡᠢ ᠪᠦᠰᠡᠯᠡᠵᠦ ᠰᠠᠭᠤᠪᠠ᠃ ᠯᠢ ᠲᠠᠨ ᠣᠯᠠᠨ ᠤᠳᠠᠭ᠎ᠠ ᠪᠠᠢᠯᠳᠤᠰᠤᠭᠠᠢ ᠭᠡᠮᠡᠨ ᠭᠠᠷᠴᠤ ᠢᠷᠡᠭᠡᠳ ᠮᠣᠩᠭᠣᠯ ᠤ᠋ᠨ ᠵᠢᠭᠰᠠᠭᠠᠯ ᠳ᠋ᠤᠷ ᠣᠢᠷᠠᠲᠤᠵᠤ ᠴᠢᠳᠠᠭᠰᠠᠨ ᠦᠭᠡᠢ ᠰᠠᠶᠢ ᠬᠡᠴᠡᠭᠦᠦ ᠭᠡᠮᠡᠨ ᠮᠡᠳᠡᠵᠦ ᠭᠠᠭᠴᠠᠬᠦ ᠰᠥᠩ ᠤᠯᠤᠰ ᠤ᠋ᠨ ᠲᠤᠰᠠᠯᠠᠬᠤ ᠴᠡᠷᠢᠭ ᠢ᠋ ᠬᠦᠯᠢᠶᠡᠮᠦᠢ ᠃ ᠭᠡᠲᠡᠯ᠎ᠡ ᠰᠥᠩ ᠤᠯᠤᠰ ᠴᠡᠷᠢᠭ ᠢ᠋ᠶ᠋ᠡᠷ ᠲᠤᠰᠠᠯᠠᠬᠤ ᠦᠭᠡᠢ ᠬᠠᠷᠢᠨ ᠲᠠᠪᠤᠨ ᠲᠦᠮᠡᠨ ᠯᠠᠩ ᠮᠥᠩᠭᠥ ᠥᠭᠰᠦᠭᠡᠢ ᠬᠡᠮᠡᠪᠡ᠃ ᠠᠯᠲᠠᠨ ᠠᠶᠠᠭ᠎ᠠ ᠪᠠᠷᠢᠵᠤ ᠥᠯᠪᠡᠷᠴᠦ ᠦᠬᠦᠬᠦ ᠴᠠᠭ ᠮᠥᠩᠭᠥ ᠪᠡᠷ ᠶᠠᠭᠤᠨ ᠬᠢᠬᠦ ᠪᠣᠢ᠃ ᠬᠡᠷᠡᠭ ᠪᠠᠴᠢᠮ ᠪᠣᠯᠵᠤ ᠳᠠᠬᠢᠨ ᠴᠡᠷᠢᠭ ᠭᠣᠶᠣᠬᠤᠢ ᠳ᠋ᠤᠷ ᠵᠢᠶᠠ ᠽᠢ ᠳ᠋ᠣᠣ ᠲᠠᠢ ᠰᠢᠩ ᠲᠦᠰᠢᠮᠡᠯ ᠴᠢᠩ ᠶᠠᠩ ᠮᠧᠩ ᠶᠠᠨ ᠢ᠋ ᠴᠡᠷᠢᠭ ᠠᠪᠴᠤ ᠲᠤᠰᠠᠯᠠᠭᠲᠤᠨ ᠭᠡᠮᠡᠨ ᠵᠠᠷᠯᠢᠭ ᠪᠣᠯᠤᠭᠰᠠᠨ ᠳ᠋ᠤᠷ ᠴᠢᠩ ᠶᠠᠩ ᠮᠧᠩ ᠶᠠᠨ ᠴᠡᠷᠢᠭ ᠠᠪᠴᠤ ᠢᠷᠡᠭᠡᠳ ᠮᠣᠩᠭᠣᠯ ᠴᠡᠷᠢᠭ ᠦ᠋ᠨ ᠪᠦᠭᠭᠦᠵᠦ ᠰᠠᠬᠢᠭᠰᠠᠨ ᠢ᠋ ᠦᠵᠡᠭᠡᠳ ᠰᠥᠰᠥ ᠬᠡᠮᠬᠡᠷᠡᠨ ᠵᠢᠢ ᠨᠠᠨ ᠳ᠋ᠤᠷ ᠣᠢᠷᠠᠲᠤᠭᠰᠠᠨ ᠦᠭᠡᠢ ᠪᠡᠷ ᠪᠤᠴᠠᠪᠠ᠃ ᠡᠭᠦᠨ ᠦ᠌ ᠳᠡᠭᠡᠷ᠎ᠡ ᠮᠣᠩᠭᠣᠯ ᠤ᠋ᠨ ᠵᠠᠩᠵᠤᠨ ᠰᠢ ᠱᠤ᠌ ᠂ ᠠᠵᠤᠤ ᠶ᠋ᠢᠨ ᠴᠡᠷᠢᠭ ᠽᠢ ᠵᠧᠦ ᠶ᠋ᠢ ᠪᠠᠢᠯᠳᠤᠵᠤ ᠠᠪᠤᠭᠠᠳ ᠬᠦᠷᠴᠦ ᠢᠷᠡᠭᠡᠳ ᠬᠠᠪᠢᠨᠴᠢ ᠬᠠᠨ ᠤ᠋ ᠴᠡᠷᠢᠭ ᠯᠦ᠍ᠭᠡ ᠨᠡᠢᠯᠡᠵᠦ ᠪᠠᠭᠤᠭᠠᠳ ᠰᠢ ᠲᠢᠶᠠᠨ ᠽᠧ ᠨᠠᠷ ᠤ᠋ᠨ ᠬᠣᠲᠠ ᠶ᠋ᠢ ᠪᠦᠰᠡᠯᠡᠵᠦ ᠰᠠᠭᠤᠬᠤ ᠶ᠋ᠢ ᠦᠵᠡᠭᠡᠳ ᠮᠠᠰᠢ ᠭᠠᠢᠬᠠᠵᠤ ᠠᠰᠠᠭᠤᠪᠠᠰᠤ ᠬᠠᠷᠢᠨ ᠡᠴᠦᠰᠲᠡᠯ᠎ᠡ ᠪᠦᠰᠡᠯᠡᠵᠦ ᠵᠡᠪᠰᠡᠭ ᠬᠡᠷᠡᠭᠯᠡᠬᠦ ᠦᠭᠡᠢ ᠪᠡᠷ ᠪᠠᠭᠤᠯᠭᠠᠨ ᠠᠪᠰᠤᠭᠠᠢ ᠬᠡᠮᠡᠮᠦᠢ᠃ ᠲᠡᠢᠨ ᠠᠪᠠᠰᠤ ᠡᠳᠦᠷ ᠬᠣᠨᠣᠭ ᠢ ᠲᠠᠯᠠᠭᠠᠷ ᠥᠩᠭᠡᠷᠡᠭᠡᠵᠦ ᠴᠡᠷᠢᠭ ᠦ᠋ᠨ ᠠᠮᠤ ᠬᠦᠨᠡᠰᠦ ᠴᠠᠯᠢᠩ ᠮᠥᠩᠭᠥ ᠰᠦᠢᠳᠬᠡᠬᠦ ᠶ᠋ᠢ ᠥᠭᠦᠯᠡᠬᠦ ᠦᠭᠡᠢ ᠭᠡᠨᠡᠳᠲᠡ ᠭᠠᠳᠠᠷ ᠳᠣᠲᠣᠷ᠎ᠠ ᠠ᠋ᠴᠠ ᠰᠠᠨᠠᠭᠠᠨ ᠳ᠋ᠤ᠌ ᠦᠭᠡᠢ ᠬᠤᠪᠢᠰᠤᠯ ᠭᠠᠷᠭᠠᠪᠠᠰᠤ ᠬᠡᠷᠬᠢᠮᠦᠢ ᠭᠡᠮᠡᠨ ᠬᠠᠪᠢᠨᠴᠢ ᠬᠠᠨ ᠬᠢᠭᠡᠳ ᠰᠢ ᠲᠢᠶᠠᠨ ᠽᠧ ᠡᠴᠡ ᠠᠰᠠᠭᠤᠪᠠᠰᠤ ᠴᠥᠮ ᠳᠠᠭᠤᠨ ᠦᠭᠡᠢ ᠪᠣᠯᠵᠤ ᠠᠵᠤᠤ ᠶ᠋ᠢᠨ ᠭᠠᠷᠴᠤ ᠪᠠᠢᠯᠳᠤᠰᠤᠭᠠᠢ ᠬᠡᠮᠡᠬᠦ ᠰᠠᠨᠠᠭ᠎ᠠ ᠶ᠋ᠢ ᠮᠡᠳᠡᠵᠦ ᠬᠣᠷᠢᠭᠯᠠᠭᠰᠠᠨ ᠦᠭᠡᠢ᠃ ᠴᠢᠨᠦᠬᠢ ᠶ᠋ᠢ ᠦᠵᠡᠲᠦᠭᠡᠢ ᠭᠡᠮᠡᠨ ᠬᠣᠢᠰᠢ ᠰᠠᠭᠤᠪᠠ ᠃ 
       ᠨᠢᠭᠡᠨ ᠡᠳᠦᠷ ᠯᠢ ᠲᠠᠨ ᠠᠷᠭ᠎ᠠ ᠪᠣᠳᠣᠵᠤ ᠰᠠᠭᠤᠬᠤᠢ ᠳ᠋ᠤᠷ ᠬᠠᠷᠠᠭᠤᠯ ᠤ᠋ᠨ ᠬᠥᠮᠦᠨ ᠢᠷᠡᠵᠦ ᠮᠣᠩᠭᠣᠯ ᠤ᠋ᠨ ᠵᠠᠩᠵᠤᠨ ᠰᠢ ᠱᠤ᠌ ᠪᠠᠢᠯᠳᠤᠷ᠎ᠠ ᠢᠷᠡᠪᠡ ᠭᠡᠮᠡᠨ ᠮᠡᠳᠡᠭᠦᠯᠦᠭᠰᠡᠨ ᠳ᠋ᠦ᠍ᠷ ᠯᠢ ᠲᠠᠨ ᠰᠡᠵᠢᠭᠯᠡᠬᠦ ᠪᠣᠯᠪᠠᠴᠤ ᠨᠢᠭᠡᠨᠲᠡ ᠪᠠᠢᠯᠳᠤᠵᠤ ᠭᠠᠷᠬᠤ ᠵᠠᠮ ᠣᠯᠰᠤᠭᠠᠢ ᠭᠡᠮᠡᠨ ᠪᠡᠶ᠎ᠡ ᠬᠤᠶᠠᠭᠯᠠᠨ ᠣᠯᠠᠨ ᠵᠠᠩᠵᠤᠨ ᠴᠡᠷᠢᠭ ᠢ᠋ᠶ᠋ᠡᠨ ᠵᠣᠷᠢᠭᠵᠢᠭᠤᠯᠵᠤ ᠥᠭᠦᠯᠡᠷᠦᠨ : 《ᠥᠩᠭᠡᠷᠡᠭᠰᠡᠨ ᠳ᠋ᠦ᠍ᠷ ᠮᠣᠩᠭᠣᠯᠴᠤᠳ ᠠᠶᠤᠨ ᠭᠣᠣ ᠮᠠᠯᠲᠠᠵᠤ ᠤᠨᠢᠭᠤᠯ ᠪᠤᠰᠬᠠᠨ ᠰᠠᠭᠤᠭᠰᠠᠨ ᠲᠤᠯᠠ ᠪᠢᠳᠡ ᠪᠤᠬᠢᠨᠢᠳᠤᠬᠤ ᠪᠥᠯᠥᠭᠡ᠃ ᠡᠳᠦᠭᠡ ᠬᠣᠲᠠ ᠶ᠋ᠢ ᠪᠠᠢᠯᠳᠤᠷ᠎ᠠ ᠢᠷᠡᠭᠰᠡᠨ ᠲᠤᠯᠠ ᠭᠠᠪᠢᠶ᠎ᠠ ᠪᠠᠢᠭᠤᠯᠵᠤ ᠮᠣᠩᠭᠣᠯ ᠢ᠋ ᠰᠥᠨᠥᠭᠡᠬᠦ ᠦᠭᠡᠢ ᠬᠡᠵᠢᠶ᠎ᠡ ᠶ᠋ᠢ ᠬᠦᠯᠢᠶᠡᠮᠦᠢ᠃  ᠬᠡᠷᠬᠢᠪᠡᠴᠦ ᠤᠬᠤᠷᠢᠵᠤ ᠪᠣᠯᠬᠤ ᠦᠭᠡᠢ ᠭᠡᠮᠡᠨ ᠠᠮᠠ ᠬᠦᠨᠡᠰᠦ ᠪᠡᠨ ᠰᠢᠪᠬᠠᠵᠤ ᠴᠠᠳᠲᠠᠯ᠎ᠠ ᠪᠤᠳᠠᠭᠠᠯᠠᠨ ᠬᠣᠲᠠ ᠶ᠋ᠢᠨ ᠡᠭᠦᠳᠡ ᠪᠡᠨ ᠴᠠᠢᠲᠠᠯ᠎ᠠ ᠨᠡᠭᠡᠭᠡᠵᠦ ᠡᠯᠭᠦᠮᠡᠯ ᠬᠥᠭᠥᠷᠭᠡ ᠪᠡᠨ ᠲᠠᠯᠪᠢᠵᠤ ᠨᠠᠢ᠍ᠮᠠᠨ ᠮᠢᠩᠭᠠᠨ ᠰᠢᠯᠭᠠᠷᠠᠭᠰᠠᠨ ᠴᠡᠷᠢᠭ ᠠᠪᠴᠤ ᠭᠠᠷᠴᠤ ᠢᠷᠡᠭᠡᠳ ᠦᠭᠡ ᠳᠠᠭᠤᠨ ᠦᠭᠡᠢ ᠰᠢ ᠱᠤ᠌ ᠶ᠋ᠢᠨ ᠴᠡᠷᠢᠭ ᠢ᠋ ᠳᠠᠭᠠᠷᠢᠨ ᠢᠷᠡᠬᠦᠢ ᠳ᠋ᠦ᠍ᠷ ᠰᠢ ᠱᠤ᠌ ᠳᠠᠮ ᠢᠯᠳᠦ ᠳᠠᠯᠠᠢᠨ ᠤᠭᠲᠤᠨ ᠠᠪᠴᠤ ᠵᠠᠮ ᠢ᠋ ᠬᠣᠷᠢᠭᠰᠠᠨ ᠳ᠋ᠤᠷ ᠯᠢ ᠲᠠᠨ ᠪᠠᠷᠰ ᠮᠡᠲᠦ ᠣᠷᠬᠢᠷᠠᠨ ᠰᠠᠷᠠᠲᠤ ᠵᠢᠳᠠ ᠪᠠᠷ ᠡᠯᠭᠦᠨ ᠠᠪᠴᠤ ᠬᠣᠷᠢᠭᠤᠯ ᠠ᠋ᠴᠠ ᠭᠠᠷᠤᠭᠰᠠᠨ ᠭᠠᠯᠵᠠᠭᠤ ᠪᠠᠷᠰ ᠮᠡᠲᠦ ᠠᠮᠢ ᠲᠠᠯᠪᠢᠨ ᠢᠷᠡᠬᠦᠢ ᠳ᠋ᠦ᠍ᠷ ᠰᠢ ᠱᠤ᠌ ᠴᠢᠷᠮᠠᠢᠨ ᠯᠢ ᠲᠠᠨ ᠤ᠋ ᠵᠢᠳᠠ ᠶ᠋ᠢ ᠵᠠᠢᠯᠠᠭᠤᠯᠤᠨ ᠴᠠᠪᠴᠢᠵᠤ ᠵᠢᠳᠠᠯᠠᠬᠤ ᠠᠨᠤ ᠡᠭᠡᠯᠵᠢᠯᠡᠨ ᠬᠣᠶᠠᠷ ᠮᠣᠷᠢ ᠵᠥᠷᠢᠵᠦ ᠬᠣᠷᠢᠨ ᠤᠳᠠᠭ᠎ᠠ ᠪᠣᠯᠬᠤᠢ ᠳ᠋ᠤᠷ ᠰᠢ ᠱᠤ᠌ ᠡᠰᠡᠷᠭᠦᠴᠡᠯ ᠪᠤᠰᠤ ᠪᠠᠨ ᠮᠡᠳᠡᠵᠦ ᠵᠠᠪᠳᠤᠵᠤ ᠵᠢᠭᠰᠠᠭᠠᠯ ᠳ᠋ᠠᠭᠠᠨ ᠪᠤᠷᠤᠭᠤᠯᠠᠨ ᠬᠦᠷᠴᠦ ᠢᠷᠡᠬᠦᠢ ᠳ᠋ᠦ᠍ᠷ ᠬᠥᠨᠳᠡᠯᠡᠨ ᠡᠴᠡ ᠠᠵᠤᠤ ᠤᠷᠲᠤ ᠵᠢᠳᠠ ᠪᠠᠷ ᠯᠢ ᠲᠠᠨ ᠢ᠋ ᠬᠣᠷᠢᠵᠤ ᠠᠪᠤᠭᠠᠳ ᠰᠢ ᠱᠤ᠌ ᠶ᠋ᠢ ᠲᠡᠩᠬᠡᠷᠡᠭᠦᠯᠦᠨ ᠠᠪᠤᠭᠰᠠᠨ ᠳ᠋ᠤᠷ ᠯᠢ ᠲᠠᠨ ᠠᠵᠤᠤ ᠶ᠋ᠢ ᠲᠠᠨᠢᠭᠠᠳ ᠣᠮᠣᠭ ᠰᠤᠷ ᠢᠨᠤ ᠳᠣᠣᠷ᠎ᠠ ᠪᠠᠨ ᠪᠠᠭᠤᠷᠠᠵᠤ ᠴᠢᠷᠮᠠᠢᠨ ᠲᠣᠰᠣᠨ ᠪᠠᠢᠯᠳᠤᠮᠤᠢ᠃ ᠠᠵᠤᠤ ᠶᠠᠭᠠᠷᠠᠯ ᠦᠭᠡᠢ ᠯᠢ ᠲᠠᠨ ᠤ᠋ ᠵᠢᠳᠠ ᠶ᠋ᠢ ᠪᠤᠴᠠᠭᠠᠨ ᠰᠡᠪ ᠢ᠋ ᠡᠷᠢᠬᠦ ᠲᠤᠯᠠ ᠯᠢ ᠲᠠᠨ ᠤᠳᠠᠭᠠᠨ ᠪᠠᠢᠯᠳᠤᠪᠠᠰᠤ ᠬᠣᠣᠷ ᠠᠮᠰᠠᠬᠤ ᠠ᠋ᠴᠠ ᠠᠶᠤᠵᠤ ᠠᠷᠤ ᠳᠠᠰᠢ ᠪᠠᠨ ᠳᠠᠯᠠᠯᠤᠭᠰᠠᠨ ᠳ᠋ᠤᠷ ᠨᠠᠢ᠍ᠮᠠᠨ ᠮᠢᠩᠭᠠᠨ ᠲᠡᠮᠦᠷ ᠮᠣᠷᠢᠲᠤ ᠴᠡᠷᠢᠭ ᠮᠣᠩᠭᠣᠯᠴᠤᠳ ᠤ᠋ᠨ ᠪᠠᠢᠯᠳᠤᠬᠤ ᠳᠠᠭᠠᠷᠢᠬᠤ ᠰᠤᠷᠭᠠᠯ ᠢ ᠶᠡᠬᠡ ᠬᠦᠷᠲᠡᠭᠰᠡᠨ ᠲᠤᠯᠠ ᠪᠠᠮᠪᠠᠢ ᠪᠠᠷᠢᠵᠤ ᠵᠡᠪᠡ ᠴᠢᠯᠠᠭᠤ ᠶ᠋ᠢ ᠬᠠᠯᠬᠠᠯᠠᠨ ᠰᠢ ᠱᠤ᠌ ᠶ᠋ᠢᠨ ᠵᠢᠭᠰᠠᠭᠠᠯ ᠢ᠋ ᠳᠠᠭᠠᠷᠢᠬᠤᠢ ᠳ᠋ᠤᠷ ᠰᠢ ᠱᠤ᠌ ᠠᠵᠣᠤ ᠵᠢᠭᠰᠠᠭᠠᠯ ᠤ᠋ᠨ ᠲᠡᠷᠢᠭᠦᠨ ᠳ᠋ᠦ᠍ᠷ ᠵᠣᠭᠰᠣᠵᠤ ᠲᠤᠯᠭᠠᠮ ᠴᠠᠪᠴᠢᠯᠳᠤᠨ ᠨᠡᠢᠯᠡᠭᠡᠳ ᠰᠠᠯᠤᠭᠰᠠᠨ ᠠᠨᠤ ᠬᠡᠳᠦᠨ ᠤᠳᠠᠭ᠎ᠠ ᠪᠣᠯᠪᠠ᠃ ᠯᠢ ᠲᠠᠨ ᠬᠡᠳᠦ ᠤᠳᠠᠭ᠎ᠠ ᠰᠢ ᠱᠤ᠌ ᠶ᠋ᠢᠨ ᠵᠢᠭᠰᠠᠭᠠᠯ ᠳ᠋ᠤᠷ ᠳᠠᠭᠠᠷᠢᠨ ᠣᠷᠣᠰᠤᠭᠠᠢ ᠭᠡᠮᠡᠨ ᠴᠥᠮ ᠴᠢᠳᠠᠭᠰᠠᠨ ᠦᠭᠡᠢ ᠲᠤᠯᠠ ᠴᠡᠷᠢᠭ ᠦ᠋ᠨ ᠬᠤᠷᠴᠠ ᠰᠦᠷ ᠳᠠᠷᠤᠭᠳᠠᠬᠤ ᠠ᠋ᠴᠠ ᠠᠶᠤᠨ ᠬᠠᠷᠠᠩᠭ᠎ᠠ ᠴᠣᠬᠢᠭᠤᠯᠤᠨ ᠴᠡᠷᠢᠭ ᠬᠤᠷᠢᠶᠠᠪᠠ᠃ ᠠᠵᠣᠤ ᠨᠠᠷ ᠮᠢᠩᠭ᠎ᠠ ᠢᠯᠡᠭᠦᠦ ᠠᠯᠠᠵᠤ ᠰᠢᠷᠬᠠᠲᠤᠭᠤᠯᠤᠭᠠᠳ ᠳᠡᠢᠯᠦᠭᠰᠡᠨ ᠶᠣᠰᠣ ᠪᠠᠷ ᠴᠡᠷᠢᠭ ᠬᠤᠷᠢᠶᠠᠪᠠ᠃ 
       ᠯᠢ ᠲᠠᠨ ᠬᠣᠲᠠᠨ ᠳ᠋ᠠᠭᠠᠨ ᠪᠤᠴᠠᠭᠠᠳ ᠪᠣᠳᠣᠪᠠᠰᠤ ᠥᠪᠡᠷᠦᠨ ᠬᠦᠴᠦ ᠪᠡᠷ ᠢ᠋ᠶ᠋ᠡᠨ ᠡᠨᠡ ᠬᠣᠲᠠ ᠠ᠋ᠴᠠ ᠭᠠᠷᠴᠤ ᠴᠢᠳᠠᠬᠤ ᠦᠭᠡᠢ ᠪᠡᠨ ᠮᠡᠳᠡᠵᠦ ᠬᠣᠶᠠᠷ ᠭᠠᠪᠰᠢᠭᠠᠢ ᠵᠠᠩᠵᠤᠨ ᠳ᠋ᠤᠷ ᠲᠤᠰᠠᠯᠠᠬᠤ ᠴᠡᠷᠢᠭ ᠭᠤᠶᠤᠬᠤ ᠪᠢᠴᠢᠭ ᠪᠠᠷᠢᠭᠤᠯᠵᠤ ᠬᠣᠲᠠ ᠶ᠋ᠢᠨ ᠬᠠᠢᠰᠠᠩ ᠠ᠋ᠴᠠ ᠰᠠᠭᠰᠤ ᠪᠠᠷ ᠲᠠᠯᠪᠢᠵᠤ ᠪᠠᠭᠤᠯᠭᠠᠨ ᠰᠥᠩ ᠦ᠋ᠨ ᠴᠧᠩᠰᠢᠶᠠᠩ ᠵᠢᠶᠠ ᠽᠢ ᠳ᠋ᠣᠣ ᠳ᠋ᠤᠷ ᠶᠠᠪᠤᠭᠤᠯᠪᠠ᠃ 
       ᠲᠡᠳᠦᠢ ᠳ᠋ᠤᠷ ᠯᠢ ᠲᠠᠨ ᠤ᠋ ᠴᠡᠷᠢᠭ ᠠᠮᠤ ᠬᠦᠨᠡᠰᠦ᠂ ᠨᠢᠭᠡᠨᠲᠡ ᠲᠠᠰᠤᠷᠠᠭᠰᠠᠨ ᠲᠤᠯᠠ ᠴᠡᠷᠢᠭ  ᠦ᠋ᠳ ᠠᠷᠠᠳ ᠤ᠋ᠨ ᠭᠡᠷ ᠢ᠋ᠶ᠋ᠡᠷ ᠲᠠᠷᠬᠠᠵᠤ ᠬᠣᠭᠣᠯᠠᠯᠠᠬᠤ ᠪᠣᠯᠪᠠᠢ᠃ ᠬᠡᠳᠦᠨ ᠡᠳᠦᠷ ᠦ᠋ᠨ ᠳᠠᠷᠠᠭ᠎ᠠ ᠠᠷᠠᠳ ᠴᠤ᠌ ᠢᠳᠡᠬᠦ ᠲᠠᠰᠤᠷᠠᠵᠤ ᠡᠴᠦᠰ ᠲᠦ᠍ᠷ ᠯᠢ ᠲᠠᠨ ᠥᠪᠡᠷ ᠦ᠋ᠨ ᠭᠡᠷ ᠦ᠋ᠨ ᠨᠥᠭᠡᠴᠡ ᠪᠡᠨ ᠴᠦ᠍ ᠲᠦᠭᠡᠭᠡᠨ ᠥᠭᠴᠦ ᠥᠭᠡᠷ᠎ᠡ ᠢᠳᠡᠬᠦ ᠶᠠᠭᠤᠮ᠎ᠠ ᠦᠭᠡᠢ ᠪᠣᠯᠤᠭᠰᠠᠨ ᠲᠤᠯᠠ ᠬᠥᠮᠦᠨ ᠬᠥᠮᠦᠨ ᠢ᠋ᠶ᠋ᠡᠨ ᠪᠠᠷᠢᠵᠤ ᠢᠳᠡᠬᠦ ᠳ᠋ᠦ᠍ᠷ ᠬᠦᠷᠪᠡ᠃ ᠴᠡᠷᠢᠭ ᠭᠤᠶᠤᠷ᠎ᠠ ᠶᠠᠪᠤᠭᠰᠠᠨ ᠬᠣᠶᠠᠷ ᠵᠠᠩᠵᠤᠨ ᠴᠥᠮ ᠴᠢᠮᠡᠭᠡ ᠰᠤᠷᠠᠭ ᠦᠭᠡᠢ᠃ ᠰᠥᠩ ᠤᠯᠤᠰ ᠤ᠋ᠨ ᠲᠤᠰᠠᠯᠠᠬᠤ ᠴᠡᠷᠢᠭ ᠴᠦ᠍ ᠨᠢᠭᠡᠨᠲᠡ ᠭᠣᠷᠢ ᠦᠭᠡᠢ ᠪᠣᠯᠵᠤ ᠪᠠᠢᠳᠠᠯ ᠪᠠᠴᠢᠮ ᠪᠣᠯᠤᠭᠰᠠᠨ ᠲᠤᠯᠠ ᠯᠢ ᠲᠠᠨ ᠡᠬᠡᠨᠡᠷ ᠬᠡᠦᠬᠡᠳ ᠢ᠋ᠶ᠋ᠡᠨ ᠭᠠᠷ ᠢ᠋ᠶ᠋ᠠᠷ ᠢ᠋ᠶ᠋ᠠᠨ ᠠᠯᠠᠵᠤ ᠭᠠᠭᠴᠠ ᠪᠡᠶ᠎ᠡ ᠪᠡᠷ ᠣᠩᠭᠣᠴᠠᠨ᠎ᠠ ᠰᠠᠭᠤᠵᠤ ᠳᠠ ᠮᠢᠩ ᠬᠤ᠌ ᠨᠠᠭᠤᠷ ᠲᠤᠷ ᠣᠷᠣᠵᠤ ᠳᠤᠲᠠᠭᠠᠪᠠᠢ᠃ ᠯᠢ ᠲᠠᠨ ᠭᠠᠷᠴᠤ ᠳᠤᠲᠠᠭᠠᠭᠰᠠᠨ ᠢ᠋ ᠲᠡᠭᠦᠨ ᠦ᠌ ᠣᠯᠠᠨ ᠦᠵᠡᠭᠡᠳ ᠳᠠᠬᠢᠨ ᠪᠠᠢᠯᠳᠤᠬᠤ ᠬᠥᠮᠦᠨ ᠦᠭᠡᠢ ᠪᠣᠯᠵᠤ ᠵᠡᠪᠰᠡᠭ ᠢ᠋ᠶ᠋ᠡᠨ ᠬᠠᠶᠠᠵᠤ ᠬᠣᠲᠠ ᠶ᠋ᠢᠨ ᠡᠭᠦᠳᠡ ᠪᠡᠨ ᠨᠡᠭᠡᠭᠡᠵᠦ ᠪᠠᠭᠤᠵᠤ ᠥᠭᠪᠡ᠃ ᠠᠵᠤᠤ ᠂ ᠰᠢ ᠱᠤ᠌ ᠨᠠᠷ ᠵᠦᠭ ᠵᠦᠭ ᠡᠴᠡ ᠬᠣᠲᠠᠨ ᠳ᠋ᠤᠷ ᠣᠷᠣᠵᠤ ᠯᠢ ᠲᠠᠨ ᠢ᠋ ᠠᠰᠠᠭᠤᠪᠠᠰᠤ ᠵᠢᠵᠢᠭ ᠣᠩᠭᠣᠴᠠᠨ᠎ᠠ ᠰᠠᠭᠤᠵᠤ ᠳᠠ ᠮᠢᠩ ᠬᠤ᠌ ᠨᠠᠭᠤᠷ ᠲᠤᠷ ᠣᠷᠣᠵᠤ ᠳᠤᠲᠠᠭᠠᠪᠠᠢ ᠬᠡᠮᠡᠬᠦ ᠲᠤᠯᠠ ᠣᠯᠠᠨ ᠬᠥᠮᠦᠨ ᠴᠥᠮ ᠭᠠᠪᠢᠶ᠎ᠠ ᠪᠠᠢᠭᠤᠯᠰᠤᠭᠠᠢ ᠭᠡᠮᠡᠨ ᠤᠰᠤᠨ ᠬᠠᠭᠤᠷᠠᠢ ᠬᠣᠶᠠᠷ ᠵᠠᠮ  ᠢ᠋ᠶ᠋ᠠᠷ ᠨᠡᠬᠡᠮᠵᠢᠯᠡᠵᠦ ᠢᠷᠡᠮᠦᠢ᠃ ᠯᠢ ᠲᠠᠨ ᠭᠠᠷᠴᠤ ᠴᠢᠳᠠᠬᠤ ᠦᠭᠡᠢ ᠪᠡᠨ ᠮᠡᠳᠡᠵᠦ ᠤᠰᠤᠨ ᠳ᠋ᠤᠷ ᠬᠠᠷᠠᠢᠨ ᠣᠷᠣᠵᠤ ᠦᠬᠦᠰᠦᠭᠡᠢ ᠬᠡᠮᠡᠭᠰᠡᠨ ᠳ᠋ᠦ᠍ᠷ ᠤᠰᠤᠨ ᠭᠦᠶᠦᠬᠡᠨ ᠲᠤᠯᠠ ᠦᠬᠦᠵᠦ ᠴᠢᠳᠠᠭᠰᠠᠨ ᠦᠭᠡᠢ ᠮᠣᠩᠭᠣᠯᠴᠤᠳ ᠲᠠᠭᠠᠯᠴᠠᠨ ᠢᠷᠡᠵᠦ ᠲᠡᠳᠡᠨ ᠭᠠᠷᠭᠠᠨ ᠲᠡᠭᠦᠨ ᠦ᠌ ᠤᠷᠪᠠᠬᠤ ᠳ᠋ᠠᠭᠠᠨ ᠮᠣᠩᠭᠣᠯ ᠵᠠᠩᠵᠤᠨ ᠴᠡᠷᠢᠭ ᠬᠡᠳᠦᠢ ᠮᠢᠩᠭᠠᠨ ᠬᠥᠮᠦᠨ ᠢ᠋ ᠬᠢᠳᠤᠭᠰᠠᠨ ᠢ᠋ ᠪᠣᠳᠣᠵᠤ ᠬᠠᠪᠢᠨᠴᠢ ᠬᠠᠨ ᠤ᠋ ᠵᠠᠷᠯᠢᠭ ᠢ᠋ᠶ᠋ᠠᠷ ᠣᠯᠠᠨ ᠤ᠋ ᠡᠮᠦᠨ᠎ᠡ ᠬᠡᠰᠡᠭᠴᠢᠵᠦ ᠠᠯᠠᠪᠠ᠃ 
       ᠴᠢᠨ ᠸᠠᠩ ᠬᠠᠪᠢᠨᠴᠢ ᠬᠠᠨ ᠴᠧᠩᠰᠢᠶᠠᠩ ᠰᠢ ᠲᠢᠶᠠᠨ ᠽᠧ ᠂ ᠯᠢ ᠲᠠᠨ ᠤ᠋ ᠤᠷᠪᠠᠯᠭᠠᠨ ᠢ᠋ ᠳᠠᠷᠤᠭᠰᠠᠨ ᠳ᠋ᠤᠷ ᠰᠥᠩ ᠤᠯᠤᠰ ᠤ᠋ᠨ ᠣᠮᠣᠭ ᠰᠦᠷ ᠴᠦ᠍ ᠪᠠᠭ᠎ᠠ ᠪᠤᠰᠤ ᠪᠠᠭᠤᠷᠠᠪᠠ᠃ ᠡᠮᠦᠨᠡᠲᠦ ᠶ᠋ᠢᠨ ᠠᠶᠤᠯ ᠦᠭᠡᠢ ᠪᠣᠯᠤᠭᠰᠠᠨ ᠲᠤᠯᠠ ᠬᠤᠪᠢᠯᠠᠢ ᠬᠠᠭᠠᠨ ᠲᠡᠢᠨ ᠦ᠌ ᠬᠠᠷᠠᠯᠲᠠ ᠪᠠᠨ ᠳᠠᠬᠢᠨ ᠠᠷᠤ ᠥᠭᠡᠳᠡ ᠰᠢᠯᠵᠢᠭᠦᠯᠦᠨ ᠴᠡᠷᠢᠭ ᠮᠣᠷᠢ ᠪᠣᠯᠪᠠᠰᠤᠷᠠᠨ ᠲᠠᠩᠨᠠᠭᠤᠯ ᠲᠤᠷᠰᠢᠭᠤᠯ ᠶᠠᠪᠤᠭᠤᠯᠵᠤ ᠠᠷᠢᠬᠪᠥ᠋ᠬᠡ ᠬᠠᠭᠠᠨ ᠪᠠ ᠪᠤᠰᠤᠳ ᠬᠠᠳ ᠤ᠋ᠨ ᠬᠠᠨᠳᠤᠰᠢ ᠶ᠋ᠢ ᠭᠡᠲᠡᠵᠦ ᠰᠠᠭᠤᠬᠤ ᠬᠠᠮᠲᠤ ᠰᠥᠩ ᠤᠯᠤᠰ ᠯᠤᠭ᠎ᠠ ᠡᠶᠡᠳᠡᠬᠦ ᠶ᠋ᠢ ᠪᠣᠳᠣᠵᠤ ᠮᠣᠩᠭᠣᠯ ᠤ᠋ᠨ ᠬᠢᠯᠢ ᠬᠢᠵᠠᠭᠠᠷ ᠢ᠋ ᠬᠠᠯᠳᠠᠵᠤ ᠪᠠᠷᠢᠭᠳᠠᠭᠰᠠᠨ ᠴᠡᠷᠢᠭ ᠵᠠᠩᠵᠤᠨ ᠲᠠᠩᠨᠠᠭᠤᠯ ᠲᠤᠷᠰᠢᠭᠤᠯ ᠳ᠋ᠤᠷ ᠮᠥᠩᠭᠥ ᠵᠣᠭᠣᠰ ᠥᠭᠴᠦ ᠪᠤᠴᠠᠭᠠᠪᠠ᠃ ᠡᠯᠴᠢ ᠬᠣᠣ ᠵᠢᠩ ᠨᠠᠷ ᠤ᠋ᠨ ᠰᠥᠩ ᠤᠯᠤᠰ ᠲᠤᠷ ᠤᠳᠠᠲᠠᠯ᠎ᠠ ᠬᠣᠷᠢᠭᠳᠠᠵᠤ ᠪᠠᠢᠬᠤ ᠶ᠋ᠢ ᠣᠭᠲᠣ ᠭᠠᠷᠭᠠᠵᠤ ᠶᠠᠷᠢᠬᠤ ᠦᠭᠡᠢ ᠪᠣᠯᠪᠠᠢ᠃ ᠰᠥᠩ ᠤᠯᠤᠰ ᠬᠡᠳᠦᠢ ᠪᠡᠷ ᠪᠠᠭᠤᠷᠠᠢ ᠪᠣᠯᠪᠠᠴᠤ ᠶᠣᠰᠣ ᠵᠢᠷᠤᠮᠲᠤ ᠤᠯᠤᠰ ᠭᠡᠮᠡᠨ ᠳᠡᠭᠡᠷᠡᠩᠭᠦᠢ ᠦᠵᠡᠯ ᠭᠠᠷᠭᠠᠨ ᠮᠣᠩᠭᠣᠯ ᠤ᠋ᠨ ᠳᠣᠲᠣᠷ᠎ᠠ ᠵᠠᠭᠤᠷᠠᠬᠢ ᠳᠠᠢᠰᠤᠩᠨᠠᠬᠤ ᠶ᠋ᠢ ᠦᠵᠡᠵᠦ ᠴᠡᠷᠢᠭ ᠬᠡᠷᠡᠭᠯᠡᠨ ᠵᠡᠷᠯᠢᠭ ᠦ᠋ᠳ ᠢ᠋ ᠤᠰᠠᠳᠬᠠᠬᠤ ᠴᠠᠭ ᠪᠣᠯᠪᠠ᠂ ᠲᠡᠭᠷᠢ ᠶ᠋ᠢᠨ ᠥᠭᠭᠦᠭᠰᠡᠨ ᠡᠨᠡ ᠲᠣᠬᠢᠶᠠᠯ ᠢ᠋ ᠠᠯᠳᠠᠵᠤ ᠪᠣᠯᠬᠤ ᠦᠭᠡᠢ ᠭᠡᠮᠡᠨ ᠬᠡᠰᠡᠭ ᠰᠠᠢᠳ ᠲᠦᠰᠢᠮᠡᠳ ᠪᠢᠴᠢᠭ ᠴᠡᠷᠢᠭ ᠦ᠋ᠨ ᠡᠷᠳᠡᠮᠲᠡᠨ ᠴᠥᠮ ᠬᠠᠨᠴᠤᠢ ᠰᠢᠮᠡᠯᠡᠨ ᠨᠢᠳᠤᠷᠭ᠎ᠠ ᠵᠠᠩᠭᠢᠳᠤᠨ ᠰᠢᠷᠡᠭᠡ ᠵᠠᠨᠴᠢᠨ ᠡᠵᠡᠨ ᠪᠠ ᠲᠥᠷᠥ ᠶ᠋ᠢᠨ ᠰᠠᠢᠳ ᠢ᠋ᠶ᠋ᠠᠨ ᠱᠠᠭᠠᠷᠳᠠᠮᠤᠢ᠃ ᠲᠡᠢᠨ ᠬᠦ᠌ ᠮᠣᠩᠭᠣᠯ ᠬᠢᠭᠡᠳ ᠰᠥᠩ ᠤᠯᠤᠰ ᠤ᠋ᠨ ᠬᠣᠭᠣᠷᠣᠨᠳᠣ ᠪᠠᠰᠠ ᠨᠢᠭᠡᠨ ᠤᠳᠠᠭᠠᠨ ᠤ᠋ ᠶᠡᠬᠡ ᠲᠡᠢᠨ ᠪᠠᠢᠯᠳᠤᠭᠠᠨ ᠪᠣᠯᠬᠤ ᠠᠨᠤ ᠵᠠᠢᠯᠠᠰᠢ ᠦᠭᠡᠢ ᠪᠣᠯᠪᠠ᠃ ᠬᠣᠵᠢᠮ ᠤ᠋ᠨ ᠬᠡᠷᠡᠭ ᠶᠠᠭᠤ ᠪᠣᠯᠬᠤ ᠶ᠋ᠢ ᠰᠤᠳᠤᠷᠴᠢ ᠮᠢᠨᠦ ᠬᠡᠳᠦᠨ ᠬᠤᠨᠳᠠᠭ᠎ᠠ ᠤᠤᠭᠤᠵᠤ ᠭᠠᠷ ᠳᠤᠯᠠᠭᠠᠴᠠᠬᠤ ᠶ᠋ᠢ ᠬᠦᠯᠢᠶᠡᠮᠦ᠃  

               ᠰᠤᠯᠠ ᠰᠢᠯᠦᠭ 
       ᠲᠥᠷᠥ ᠶ᠋ᠢᠨ ᠰᠠᠢᠳ ᠤ᠋ᠨ ᠵᠠᠯᠢᠬᠠᠢ ᠶ᠋ᠢ ᠢᠯᠡᠴᠢᠯᠡᠭᠰᠡᠨ ᠳᠦ ᠮᠧᠢ ᠸᠠᠩ ᠾᠧ ᠵᠣᠷᠢᠭᠲᠠᠢ 
       ᠲᠦᠳᠡᠭᠡᠯᠵᠡᠵᠦ ᠦᠯᠦ ᠥᠭᠦᠯᠡᠭᠰᠡᠨ ᠡᠷᠳᠡᠮᠲᠡᠨ ᠬᠣᠣ ᠵᠢᠩ ᠲᠠᠯᠠᠭᠠᠷ ᠬᠣᠷᠢᠭᠳᠠᠨ ᠠᠷᠪᠠᠨ ᠵᠢᠷᠭᠤᠭᠠᠨ ᠵᠢᠯ ᠪᠣᠯᠪᠠ 
       ᠲᠥᠰᠦᠷ ᠦᠭᠡᠢ ᠰᠠᠨᠠᠭᠠᠲᠠᠢ ᠸᠠᠩ ᠸᠸᠨ ᠲᠦᠩ ᠵᠡᠷᠯᠢᠭ ᠰᠡᠳᠬᠢᠯ ᠳ᠋ᠡᠭᠡᠨ ᠴᠠᠪᠴᠢᠭᠳᠠᠭᠰᠠᠨ ᠠᠨᠤ ᠵᠦᠢ 
       ᠲᠥᠷᠥᠯᠬᠢ ᠤᠷᠪᠠᠮᠠᠬᠠᠢ ᠯᠢ ᠲᠠᠨ ᠡᠬᠡᠨᠡᠷ ᠬᠡᠦᠬᠡᠳ  ᠲᠡᠭᠡᠨ ᠬᠠᠷ᠎ᠠ ᠰᠡᠳᠬᠢᠯ ᠡᠪᠦᠷᠯᠡᠭᠰᠡᠨ ᠢᠨᠤ ᠵᠠᠨᠤᠯᠲᠠᠢ᠃