ᠴᠢ ᠮᠢᠨᠢ-ᠭᠠᠩᠲᠤᠭᠣᠸ᠎ᠠЧИ МИНЬ Дуучин Л.Гантогоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢ ᠮᠢᠨᠢ-ᠭᠠᠩᠲᠤᠭᠣᠸ᠎ᠠЧИ МИНЬ Дуучин Л.Гантогоо

ᠴᠢ ᠮᠢᠨᠢ-ᠭᠠᠩᠲᠤᠭᠣᠸ᠎ᠠЧИ МИНЬ Дуучин Л.Гантогоо

ᠠᠩᠭᠢᠯᠠᠯ:ᠳᠠᠭᠤᠤ ᠬᠥᠭᠵᠢᠮ
2024-01-31

456

ᠴᠢ ᠮᠢᠨᠢ

   — ᠭᠠᠩᠳᠤᠭᠣᠣ᠎ᠠ 

ᠬᠠᠷᠠᠬᠤ ᠪᠦᠷᠢ ᠬᠠᠢᠷ᠎ᠠ ᠲᠠᠲᠠᠨ᠎ᠠ 
ᠶᠠᠷᠢᠬᠤ ᠪᠦᠷᠢ ᠢᠨᠠᠭ ᠰᠠᠨᠠᠭᠳᠠᠨ᠎ᠠ 
ᠰᠠᠨᠠᠬᠤ ᠪᠦᠷᠢ ᠰᠠᠢᠬᠠᠨ ᠰᠢᠦ 
ᠵᠡᠭᠦᠳᠦᠯᠡᠬᠦ ᠪᠦᠷᠢ ᠵᠦᠢᠷᠯᠡᠰᠢ ᠦᠭᠡᠢ ᠰᠢᠦ 
ᠡᠷᠭᠢᠨ ᠡᠷᠭᠢᠨ ᠬᠠᠷᠠᠮᠠᠷ ᠰᠠᠨᠠᠭᠳᠠᠨ᠎ᠠ 
ᠤᠴᠠᠷᠠᠨ ᠤᠴᠠᠷᠠᠨ ᠠᠭᠤᠯᠵᠠᠮᠠᠷ ᠰᠠᠢᠬᠠᠨ ᠠ᠋ 

ᠢᠨᠢᠶᠡᠬᠦ ᠪᠦᠷᠢ ᠭᠡᠷᠡᠯ ᠠᠰᠠᠭᠠᠬᠤ ᠰᠢᠭ᠋ 
ᠬᠥᠳᠡᠯᠬᠦ ᠪᠦᠷᠢ ᠪᠥᠵᠢᠭ ᠪᠥᠵᠢᠭᠯᠡᠬᠦ ᠰᠢᠭ 
ᠠᠯᠬᠤᠬᠤ ᠪᠦᠷᠢ ᠠᠶᠠᠯᠭᠤ ᠤᠷᠤᠰᠬᠠᠬᠤ ᠰᠢᠭ᠋ 
ᠦᠨᠦᠰᠬᠦ ᠪᠦᠷᠢ ᠦᠷᠦ ᠵᠥᠭᠡᠯᠡᠯᠡᠨ᠎ᠡ 
ᠳᠠᠬᠢᠨ ᠳᠠᠬᠢᠨ ᠳᠡᠢᠯᠦᠮᠡᠷ ᠰᠠᠢᠬᠠᠨ ᠠ᠋ 
ᠳᠠᠶᠠᠩ ᠳᠡᠯᠡᠬᠡᠢ ᠳ᠋ᠦ᠍ ᠭᠠᠢᠬᠠᠭᠤᠯᠤᠮᠠᠷ ᠰᠠᠢᠬᠠᠨ ᠠ᠋

ᠠᠯᠤᠰ ᠠ᠋ᠴᠠ ᠤᠯᠠᠮ ᠲᠡᠮᠡᠦᠯᠦᠨ᠎ᠡ
ᠠᠶᠠᠨ ᠵᠠᠮ ᠳ᠋ᠠᠭᠠᠨ ᠬᠠᠮᠲᠤ ᠶᠠᠪᠤᠮᠠᠷ
ᠠᠮᠠᠷᠠᠭ ᠴᠢ ᠳᠡᠩᠳᠡᠭᠦᠦ ᠰᠠᠢᠬᠠᠨ ᠠ᠋
ᠠᠵᠠ ᠲᠠᠢ ᠤᠴᠠᠷᠠᠯᠲᠠ ᠬᠠᠮᠲᠤ ᠳ᠋ᠠᠭᠠᠨ ᠰᠠᠢᠬᠠᠨ ᠠ᠋
ᠠᠪᠤ ᠶ᠋ᠢᠨ ᠬᠦᠦ ᠡᠴᠡ ᠬᠠᠷᠮᠠᠯᠠᠮᠠᠷ ᠰᠠᠢᠬᠠᠨ ᠠ᠋
ᠠᠯᠲᠠᠨ ᠳᠡᠯᠡᠬᠡᠢ ᠳ᠋ᠦ᠍ ᠬᠣᠪᠣᠷᠬᠠᠨ ᠰᠠᠢᠬᠠᠨ ᠠ᠋
ᠠᠪᠤ ᠶ᠋ᠢᠨ ᠬᠦᠦ ᠡᠴᠡ ᠬᠠᠷᠮᠠᠯᠠᠮᠠᠷ ᠰᠠᠢᠬᠠᠨ ᠠ᠋
ᠠᠯᠲᠠᠨ ᠳᠡᠯᠡᠬᠡᠢ ᠳ᠋ᠦ᠍ ᠬᠣᠪᠣᠷᠬᠠᠨ ᠰᠠᠢᠬᠠᠨ ᠠ᠋
ᠤᠴᠠᠷᠠᠨ ᠤᠴᠠᠷᠠᠨ ᠠᠭᠤᠯᠵᠠᠮᠠᠷ ᠰᠠᠢᠬᠠᠨ ᠠ᠋

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠤ
   ᠬᠢᠨᠠᠭᠴᠢ᠄ ᠪᠠᠳᠠᠷᠠᠯᠲᠤ