ᠰᠠᠬᠢᠭᠤᠰᠤ-ᠣᠳᠣᠨᠴᠢᠮᠡᠭОдончимэг-Сахиус-Odonchimeg-Sahius ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠬᠢᠭᠤᠰᠤ-ᠣᠳᠣᠨᠴᠢᠮᠡᠭОдончимэг-Сахиус-Odonchimeg-Sahius

ᠰᠠᠬᠢᠭᠤᠰᠤ-ᠣᠳᠣᠨᠴᠢᠮᠡᠭОдончимэг-Сахиус-Odonchimeg-Sahius

ᠠᠩᠭᠢᠯᠠᠯ:ᠳᠠᠭᠤᠤ ᠬᠥᠭᠵᠢᠮ
2024-01-31

392

ᠰᠠᠬᠢᠭᠤᠰᠤ

       — ᠤᠳᠣᠨᠴᠢᠮᠡᠭ 

ᠪᠤᠳᠠᠩ ᠳᠤᠮᠳᠠ ᠳᠠᠢᠪᠠᠯᠵᠠᠬᠤ  
ᠢᠮᠠᠭᠠᠲᠤ ᠶ᠋ᠢᠨ ᠰᠦᠷᠯᠢᠭ ᠠᠭᠤᠯᠠ 
ᠫᠤᠤ ᠪᠠᠨ ᠡᠭᠦᠷᠦᠭᠡᠳ ᠠᠪᠤ ᠮᠢᠨᠢ 
ᠪᠤᠭᠤ ᠶ᠋ᠢᠨ ᠭᠥᠷᠦᠭᠡᠨ ᠳ᠋ᠦ᠍ ᠭᠠᠷᠳᠠᠭ ᠰᠠᠨ 
ᠠᠢ ᠳᠠ! ᠠᠯᠲᠠᠢ ᠮᠢᠨᠢ 
ᠠᠪᠤ ᠡᠵᠢ ᠶ᠋ᠢᠨ ᠮᠢᠨᠢ ᠰᠠᠬᠢᠭᠤᠰᠤ ᠠ᠋ 
ᠠᠯᠠᠭᠬᠠᠨ ᠦᠷ᠎ᠡ ᠨᠠᠳᠠ ᠳ᠋ᠤ᠌ 
ᠠᠷᠭ᠎ᠠ ᠦᠭᠡᠢ ᠶᠡᠬᠡ ᠶ᠋ᠢ ᠪᠡᠯᠡᠭᠯᠡᠵᠦ ᠳᠡ 
ᠣᠷᠴᠢᠯᠠᠩ ᠤ᠋ᠨ ᠭᠡᠭᠡᠨ ᠬᠣᠢᠮᠣᠷ 
ᠣᠯᠠᠨ ᠨᠠᠭᠤᠷ ᠤ᠋ᠨ ᠲᠤᠰᠠᠯᠠᠨ᠎ᠠ ᠳᠠ 
ᠴᠠᠢ ᠪᠠᠨ ᠰᠠᠮᠤᠷᠤᠭ᠎ᠠ ᠡᠵᠢ ᠮᠢᠨᠢ 
ᠰᠠᠴᠤᠯᠢ ᠪᠠᠨ ᠡᠷᠭᠦᠭᠡᠳ ᠰᠠᠭᠤᠳᠠᠭ ᠰᠠᠨ 
ᠠᠢ ᠳᠠ! ᠠᠯᠲᠠᠢ ᠮᠢᠨᠢ
ᠠᠪᠤ ᠡᠵᠢ ᠶ᠋ᠢᠨ ᠮᠢᠨᠢ ᠰᠠᠬᠢᠭᠤᠰᠤ ᠠ᠋ 
ᠠᠯᠠᠭᠬᠠᠨ ᠦᠷᠡᠰ ᠪᠢᠳᠡᠨ ᠳ᠋ᠦ᠍
ᠠᠷᠭ᠎ᠠ ᠦᠭᠡᠢ ᠶᠡᠬᠡ ᠶ᠋ᠢ ᠵᠠᠶᠠᠭᠠᠵᠤ ᠳᠠ
ᠠᠯᠲᠠᠨ ᠨᠠᠷᠠ ᠶ᠋ᠢ
ᠡᠷᠬᠢᠯᠡᠭᠦᠯᠦᠭᠰᠡᠨ
ᠠᠴᠢᠲᠤ ᠶ᠋ᠢᠨ ᠰᠢᠷᠭᠠᠯ ᠨᠠᠮᠤᠷᠵᠢᠶᠠᠨ ᠳ᠋ᠤ᠌
ᠠᠮᠢᠳᠤᠷᠠᠯ ᠦᠢᠯᠡ ᠪᠡᠨ ᠥᠷᠨᠢᠭᠦᠯᠦᠭᠰᠡᠨ
ᠠᠪᠤ ᠯᠠ ᠡᠵᠢ ᠮᠢᠨᠢ ᠵᠡᠭᠦᠳᠦᠨ ᠳ᠋ᠦ᠍ ᠲᠣᠳᠣᠷᠠᠭᠰᠠᠨ
ᠠᠢ ᠳᠠ! ᠠᠯᠲᠠᠢ ᠮᠢᠨᠢ
ᠠᠪᠤ ᠡᠵᠢ ᠶ᠋ᠢᠨ ᠮᠢᠨᠢ ᠰᠠᠬᠢᠭᠤᠰᠤ ᠠ᠋
ᠠᠯᠳᠠᠷᠠᠢ ᠦᠷᠡᠰ ᠪᠢᠳᠡᠨ ᠳ᠋ᠦ᠍
ᠠᠷᠭ᠎ᠠ ᠦᠭᠡᠢ ᠶᠡᠬᠡ ᠶ᠋ᠢ ᠵᠠᠶᠠᠭᠠᠵᠤ ᠳᠠ
ᠠᠢ ᠳᠠ! ᠠᠯᠲᠠᠢ ᠮᠢᠨᠢ
ᠠᠪᠤ ᠡᠵᠢ ᠶ᠋ᠢᠨ ᠮᠢᠨᠢ ᠰᠠᠬᠢᠭᠤᠰᠤ ᠠ᠋
ᠠᠯᠠᠭᠬᠠᠨ ᠦᠷᠡᠰ ᠪᠢᠳᠡᠨ ᠳ᠋ᠦ᠍
ᠠᠷᠭ᠎ᠠ ᠦᠭᠡᠢ ᠶᠡᠬᠡ ᠶ᠋ᠢ ᠪᠡᠯᠡᠭᠯᠡᠵᠦ ᠳᠡ
ᠵᠡᠭᠦᠳᠦᠨ ᠳ᠋ᠦ᠍ ᠠᠪᠤ ᠮᠢᠨᠢ ᠲᠣᠳᠣᠷᠠᠨ ᠲᠣᠳᠣᠷᠠᠭᠰᠠᠨ
ᠵᠡᠭᠦᠳᠦᠨ ᠳ᠋ᠦ᠍ ᠡᠵᠢ ᠮᠢᠨᠢ
ᠲᠣᠳᠣᠷᠠᠨ ᠲᠣᠳᠣᠷᠠᠭᠰᠠᠨ
ᠵᠡᠭᠦᠳᠦᠨ ᠳ᠋ᠦ᠍ ᠨᠤᠲᠤᠭ ᠮᠢᠨᠢ
ᠲᠣᠳᠣᠷᠠᠨ ᠲᠣᠳᠣᠷᠠᠭᠰᠠᠨ

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠲᠠᠵᠤ ᠬᠢᠨᠠᠭᠴᠢ᠄ ᠬᠠᠷᠠᠭᠳᠠᠨ ᠷ᠂ ᠴᠢᠷᠮᠠᠢᠯᠳᠣ