ᠪᠢᠴᠢᠶ᠎ᠡ-ᠬᠠᠲᠠᠭᠢᠨ ᠳ᠂ ᠰᠤᠶᠣᠯᠳᠠᠯᠠᠢБичье-Хатгин Т,Соёлтэлий
ᠪᠢᠴᠢᠶ᠎ᠡ
ᠬᠠᠲᠠᠭᠢᠨ ᠳ᠂ ᠰᠤᠶᠣᠯᠳᠠᠯᠠᠢ
ᠴᠠᠭᠠᠰᠤ ᠦᠭᠡᠢ ᠭᠠᠵᠠᠷ ᠲᠤ
ᠴᠠᠰᠤᠨ ᠳᠡᠭᠡᠷ᠎ᠡ ᠪᠢᠴᠢᠶ᠎ᠡ
ᠨᠢᠯᠭ᠎ᠠ ᠨᠣᠭᠣᠭ᠎ᠠ ᠴᠤᠬᠤᠢᠵᠤ
ᠬᠣᠵᠢᠮ ᠨᠢ
ᠲᠡᠭᠷᠢ ᠳᠡᠭᠡᠷ᠎ᠡ ᠪᠢᠴᠢᠨᠡᠮ
ᠪᠡᠬᠡ ᠦᠭᠡᠢ ᠲᠠᠯ᠎ᠠ ᠳ᠋ᠤ᠌
ᠪᠢᠯᠢᠭ ᠦ᠋ᠨ ᠨᠢᠳᠦ ᠪᠡᠷ ᠪᠢᠴᠢᠶ᠎ᠡ
ᠤᠬᠤᠷᠬᠠᠢ ᠰᠢᠷᠭᠢᠭᠰᠡᠨ ᠴᠦ᠍
ᠬᠣᠵᠢᠮ ᠨᠢ
ᠠᠭᠢ ᠨᠢᠳᠦᠯᠡᠬᠦ ᠪᠠᠢᠯᠭᠦᠢ
ᠪᠢᠴᠢᠶ᠎ᠡ ᠪᠢᠴᠢᠶ᠎ᠡ
ᠬᠠᠷ᠎ᠠ ᠰᠢᠪᠠᠭ ᠤ᠋ᠨ ᠨᠠᠮᠠᠭ᠎ᠠ ᠶ᠋ᠢ
ᠠᠯᠠᠭᠠᠨ ᠳᠡᠭᠡᠷ᠎ᠡ ᠪᠡᠨ ᠨᠤᠬᠤᠪᠠᠯ
ᠪᠣᠳᠣᠭ ᠪᠠᠢᠨᠠᠮ
ᠮᠢᠩᠭᠠᠨ ᠡᠪᠡᠰᠦᠨ ᠦ᠌ ᠳᠤᠮᠳᠠ ᠠ᠋ᠴᠠ
ᠤᠨᠠᠭᠠᠨ ᠰᠡᠭᠦᠯ ᠢ᠋ ᠲᠠᠰᠤᠳᠠᠪᠠᠯ
ᠪᠢᠷ ᠪᠠᠢᠨᠠᠮ
ᠨᠠᠳᠠ ᠳ᠋ᠤ᠌ ᠳᠤᠲᠠᠬᠤ ᠶᠠᠭᠤᠮ᠎ᠠ ᠦᠭᠡᠢ
ᠪᠢᠴᠢᠶ᠎ᠡ ᠪᠢᠴᠢᠶ᠎ᠡ
2024.1.13
ᠦᠰᠦᠭ ᠠᠮᠢᠯᠠᠭᠤᠯᠤᠭᠰᠠ ᠨᠢ᠄ ᠳᠡᠭᠦᠦᠵᠠᠶᠠᠭ᠎ᠠ
