ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠵᠢᠷᠭᠤᠳᠤᠭᠠᠷ ᠪᠦᠯᠦᠭ > Хөх судрын залгамж - Инжинаш < Наян зургадугаар бүлэг >
ᠠᠭᠤᠯᠠ ᠮᠡᠲᠦ ᠮᠥᠩᠬᠡ ᠬᠠᠭᠠᠨ ᠭᠡᠨᠡᠳᠲᠡ ᠲᠡᠭᠷᠢ ᠪᠣᠯᠵᠤ ᠬᠠᠷᠭᠢᠰ ᠰᠥᠩ ᠢ᠋ ᠪᠠᠢᠯᠳᠤᠬᠤ ᠶᠠᠪᠤᠳᠠᠯ ᠳᠣᠷᠭᠣᠨ ᠳᠠᠪᠢᠭᠳᠠᠪᠠᠢ
ᠠᠬ᠎ᠠ ᠬᠤᠪᠢᠯᠠᠢ ᠰᠢᠮᠡᠳᠦ ᠨᠠᠭᠤᠷ ᠲᠤᠷ ᠳᠡᠭᠦᠦ ᠠᠷᠢᠭᠪᠦ᠋ᠬᠡ ᠶ᠋ᠢ ᠠᠮᠢᠳᠤ ᠭᠠᠷᠭᠠᠬᠤ ᠦᠭᠡᠢ ᠭᠡᠮᠡᠨ ᠰᠢᠮᠡᠳᠦᠪᠡᠢ
ᠨᠠᠶᠠᠨ ᠵᠢᠷᠭᠤᠳᠤᠭᠠᠷ ᠪᠦᠯᠦᠭ
ᠰᠢᠷᠬᠠᠴᠢᠨ ᠬᠣᠨᠢᠨ ᠵᠢᠯ ᠂
ᠮᠥᠩᠬᠡ ᠬᠠᠭᠠᠨ ᠲᠠᠪᠢᠨ ᠬᠣᠶᠠᠷ ᠰᠡᠭᠦᠳᠡᠷ ᠲᠡᠢ ᠡᠭᠦᠯᠡᠨ᠎ᠡ ᠳᠠᠯᠳᠠᠯᠠᠪᠠ᠃
ᠮᠥᠩᠬᠡ ᠬᠠᠭᠠᠨ ᠤ᠋ ᠶᠢᠰᠦᠳᠦᠭᠡᠷ ᠣᠨ᠂ ᠴᠠᠭᠠᠨ ᠪᠡᠴᠢᠨ ᠵᠢᠯ ᠃
ᠬᠤᠪᠢᠯᠠᠢ ᠰᠡᠴᠡᠨ ᠬᠠᠭᠠᠨ ᠳᠥᠴᠢᠨ ᠲᠠᠪᠤᠨ ᠰᠡᠭᠦᠳᠡᠷ ᠲᠡᠢ᠃
ᠶᠡᠬᠡ ᠶᠤᠸᠠᠨ ᠤᠯᠤᠰ ᠤ᠋ᠨ ᠵᠦᠩ ᠲᠦᠩ ᠦ᠋ᠨ ᠠᠩᠠᠳᠤᠭᠠᠷ ᠣᠨ᠃
ᠰᠥᠩ ᠤᠯᠤᠰ ᠤ᠋ᠨ ᠯᠢᠽᠦᠢ᠍ᠩ ᠬᠠᠭᠠᠨ ᠤ᠋ ᠵᠢᠩ ᠳ᠋ᠢᠩ ᠦ᠋ᠨ ᠠᠠᠩᠬᠠᠳᠤᠭᠠᠷ ᠣᠨ
ᠠᠭᠤᠯᠠ ᠮᠡᠲᠦ ᠮᠥᠩᠬᠡ ᠬᠠᠭᠠᠨ ᠭᠡᠨᠡᠳᠲᠡ ᠲᠡᠭᠷᠢ ᠪᠣᠯᠵᠤ
ᠬᠠᠷᠭᠢᠰ ᠰᠥᠩ ᠢ᠋ ᠪᠠᠢᠯᠳᠤᠬᠤ ᠶᠠᠪᠤᠳᠠᠯ ᠳᠣᠷᠭᠣᠨ ᠳᠠᠪᠢᠭᠳᠠᠪᠠᠢ
ᠠᠬ᠎ᠠ ᠬᠤᠪᠢᠯᠠᠢ ᠰᠢᠮᠡᠳᠦ ᠨᠠᠭᠤᠷ ᠲᠤᠷ ᠳᠡᠭᠦᠦ ᠠᠷᠢᠭᠪᠦ᠋ᠬᠡ ᠶ᠋ᠢ
ᠠᠮᠢᠳᠤ ᠭᠠᠷᠭᠠᠬᠤ ᠦᠭᠡᠢ ᠭᠡᠮᠡᠨ ᠰᠢᠮᠡᠳᠦᠪᠡᠢ
ᠲᠡᠳᠦᠢ ᠳ᠋ᠦ᠍ᠷ ᠬᠤᠪᠢᠯᠠᠢ ᠰᠡᠴᠡᠨ ᠬᠠᠨ ᠬᠠᠭᠠᠨ ᠤ᠋ ᠬᠠᠪᠤᠷᠵᠢᠶ᠎ᠠ ᠶᠡᠬᠡ ᠳᠡᠷᠡᠰᠦᠨ ᠳ᠋ᠦ᠍ᠷ ᠣᠴᠢᠵᠤ ᠪᠠᠷᠠᠭᠠᠯᠠᠨ ᠰᠥᠩ ᠤᠯᠤᠰ ᠢ᠋ ᠪᠠᠢᠯᠳᠤᠬᠤ ᠵᠠᠷᠯᠢᠭ ᠢ ᠬᠦᠯᠢᠶᠡᠨ ᠠᠪᠤᠭᠠᠳ ᠴᠡᠷᠢᠭ ᠮᠣᠷᠢ ᠪᠠᠨ ᠪᠡᠯᠡᠳᠬᠡᠵᠦ ᠰᠢᠷ᠎ᠠ ᠮᠣᠷᠢᠨ ᠵᠢᠯ ᠦ᠋ᠨ ᠠᠷᠪᠠᠨ ᠨᠢᠭᠡᠨ ᠰᠠᠷ᠎ᠠ ᠳ᠋ᠤᠷ ᠺᠠᠢ ᠹᠢᠩ ᠦ᠋ᠨ ᠵᠡᠭᠦᠨ ᠬᠣᠢᠲᠤ ᠥᠷᠭᠡᠨ ᠲᠠᠯ᠎ᠠ ᠳ᠋ᠤᠷ ᠴᠡᠷᠢᠭ ᠢ᠋ᠶ᠋ᠡᠨ ᠰᠢᠯᠭᠠᠵᠤ ᠲᠤᠭ ᠳᠠᠢᠵᠤ ᠮᠣᠷᠳᠠᠭᠠᠳ ᠠᠯᠭᠤᠷ ᠶᠠᠪᠤᠵᠤ ᠰᠢᠷᠠᠭᠴᠢᠨ ᠬᠣᠨᠢᠨ ᠵᠢᠯ ᠦ᠋ᠨ ᠬᠣᠶᠠᠳᠤᠭᠠᠷ ᠰᠠᠷ᠎ᠠ ᠳ᠋ᠤᠷ ᠪᠠᠭ᠎ᠠ ᠹᠦ ᠵᠧᠦ ᠶ᠋ᠢᠨ ᠭᠠᠵᠠᠷ ᠬᠦᠷᠴᠦ ᠬᠦᠷᠢᠶ᠎ᠡ ᠪᠠᠭᠤᠭᠠᠳ ᠰᠣᠨᠣᠰᠪᠠᠰᠤ ᠳ᠋ᠦᠩ ᠫᠢᠩ ᠹᠦ ᠶ᠋ᠢᠨ ᠪᠢᠴᠢᠭ ᠦ᠋ᠨ ᠡᠷᠳᠡᠮᠲᠡᠨ ᠰᠥᠩ ᠽᠢ ᠵᠧᠨ ᠂ ᠯᠢ ᠴᠠᠩ ᠴᠥᠮ ᠴᠡᠷᠢᠭ ᠦ᠋ᠨ ᠬᠦᠷᠢᠶᠡᠨ ᠡᠴᠡ ᠬᠣᠯᠠ ᠦᠭᠡᠢ ᠭᠡᠮᠡᠨ ᠰᠣᠨᠣᠰᠤᠭᠠᠳ ᠮᠠᠰᠢ ᠪᠠᠶᠠᠷᠯᠠᠨ ᠰᠢᠯᠤᠭᠤᠨ ᠬᠤᠪᠴᠠᠰᠤ ᠰᠣᠯᠢᠵᠤ ᠪᠢᠴᠢᠭ ᠦ᠋ᠨ ᠵᠣᠴᠢᠳ ᠬᠡᠳᠦᠨ ᠬᠥᠮᠦᠨ ᠢ᠋ ᠳᠠᠭᠠᠭᠤᠯᠤᠨ ᠳ᠋ᠦᠩ ᠹᠢᠩ ᠹᠦ ᠳ᠋ᠦ᠍ᠷ ᠬᠦᠷᠴᠦ ᠰᠥᠩ ᠽᠢ ᠵᠸᠨ ᠂ ᠯᠢ ᠴᠠᠩ ᠨᠠᠷ ᠢ᠋ ᠰᠤᠷᠪᠤᠯᠵᠢᠯᠠᠰᠤᠭᠠᠢ ᠬᠡᠮᠡᠬᠦᠢ ᠳ᠋ᠦ᠍ᠷ ᠶᠡᠬᠡ ᠵᠠᠩᠵᠤᠨ ᠢᠭᠤ ᠬᠣᠷᠢᠭᠯᠠᠨ ᠥᠭᠦᠯᠡᠷᠦᠨ ᠄ 《ᠴᠡᠷᠢᠭ ᠳᠠᠢᠴᠢᠯᠠᠨ ᠬᠦᠨᠳᠦ ᠲᠤᠰᠢᠶᠠᠯ ᠢ᠋ ᠬᠦᠯᠢᠶᠡᠨ ᠰᠥᠩ ᠤᠯᠤᠰ ᠯᠤᠭ᠎ᠠ ᠲᠡᠮᠡᠴᠡᠯᠳᠦᠬᠦ ᠬᠤᠷᠴᠠ ᠪᠠᠢᠳᠠᠯ ᠳᠣᠣᠷ᠎ᠠ ᠨᠢᠭᠡᠨ ᠥᠴᠦᠬᠡᠨ ᠪᠢᠴᠢᠭ ᠦ᠋ᠨ ᠳᠣᠣᠷᠠᠲᠤ ᠲᠦᠰᠢᠮᠡᠯ ᠳ᠋ᠦ᠍ᠷ ᠡᠷᠬᠡᠪᠰᠢ ᠪᠡᠶ᠎ᠡ ᠪᠡᠷ ᠢ᠋ᠶ᠋ᠡᠨ ᠣᠴᠢᠵᠤ ᠠᠭᠤᠯᠵᠠᠬᠤ ᠠᠨᠤ ᠶᠠᠭᠤᠨ ? ᠨᠢᠭᠡᠨ ᠬᠥᠮᠦᠨ ᠶᠠᠪᠤᠭᠤᠯᠵᠤ ᠳᠠᠭᠤᠳᠠᠨ ᠠᠪᠴᠤ ᠢᠷᠡᠪᠡᠰᠦ ᠪᠠᠷᠠᠪᠠ 》 ᠬᠡᠮᠡᠭᠰᠡᠨ ᠳ᠋ᠦ᠍ᠷ ᠬᠤᠪᠢᠯᠠᠢ ᠬᠠᠨ ᠵᠠᠩᠳᠤᠷᠤᠨ : 《ᠥᠴᠦᠬᠡᠨ ᠠᠷᠠᠳ ᠲᠠ ᠶᠠᠭᠤᠨ ᠢ᠋ ᠮᠡᠳᠡᠮᠦᠢ 》 ᠭᠡᠮᠡᠨ ᠸᠸᠨ ᠸᠠᠩ ᠡᠵᠡᠨ ᠵᠢᠶᠠᠩ ᠽᠢ ᠶᠠᠨ ᠢ᠋ ᠵᠠᠯᠠᠭᠰᠠᠨ᠂ ᠯᠢᠦ ᠪᠧᠢ ᠤᠯᠠᠯᠵᠠᠨ ᠭᠡᠷ ᠢ ᠭᠤᠷᠪᠠᠨᠲᠠ ᠰᠤᠷᠪᠤᠯᠵᠢᠯᠠᠭᠰᠠᠨ ᠂ ᠵᠣᠣ ᠺᠤᠸᠩ ᠦ᠋ᠨ ᠴᠠᠰᠤᠲᠤ ᠰᠥᠨᠢ ᠵᠣᠣ ᠪᠦᠸ᠋ᠸ ᠢ᠋ ᠰᠤᠷᠪᠤᠯᠵᠢᠯᠠᠭᠰᠠᠨ ᠲᠡᠦᠬᠡ ᠶ᠋ᠢ ᠲᠠᠲᠠᠵᠤ ᠰᠤᠷᠭᠠᠪᠠ᠃
ᠥᠭᠦᠯᠡᠬᠦ ᠢᠨᠦ ᠰᠥᠩ ᠽᠢ ᠵᠸᠨ ᠦ᠌ ᠡᠷᠭᠦᠭᠰᠡᠨ ᠨᠡᠷ᠎ᠡ ᠵᠧᠦ ᠴᠧᠨ ᠂ ᠠᠯᠲᠠᠨ ᠤᠯᠤᠰ ᠤ᠋ᠨ ᠯᠧᠦ ᠵᠧᠦ ᠶ᠋ᠢ ᠰᠠᠬᠢᠬᠤ ᠲᠦᠰᠢᠮᠡᠯ ᠰᠥᠩ ᠣᠪᠣᠭᠲᠤ ᠶ᠋ᠢᠨ ᠠᠬᠠᠮᠠᠳ ᠬᠥᠪᠡᠭᠦᠨ ᠪᠤᠶᠤ᠃ ᠠᠯᠲᠠᠨ ᠤᠯᠤᠰ ᠤ᠋ᠨ ᠡᠴᠦᠰ ᠲᠦ᠍ᠷ ᠯᠧᠦ ᠵᠧᠦ ᠶ᠋ᠢᠨ ᠰᠠᠮᠠᠭᠤᠨ ᠠ᠋ᠴᠠ ᠵᠠᠢᠯᠠᠵᠤ ᠵᠣᠣ ᠸᠧᠢ ᠶ᠋ᠢᠨ ᠭᠠᠵᠠᠷ ᠢ᠋ᠶ᠋ᠠᠷ ᠨᠢᠭᠤᠭᠳᠠᠵᠤ ᠰᠥᠩ ᠤᠯᠤᠰ ᠤ᠋ᠨ ᠵᠠᠩᠵᠤᠨ ᠹᠧᠩ ᠢ ᠪᠢᠨ ᠳᠡ ᠮᠢᠩ ᠬᠣᠲᠠ ᠶ᠋ᠢ ᠰᠠᠬᠢᠵᠤ ᠠᠬᠤ ᠳ᠋ᠠᠭᠠᠨ ᠲᠠᠨᠢᠯᠴᠠᠵᠤ ᠴᠠᠴᠠᠷ ᠲᠠᠭᠠᠨ ᠵᠥᠪᠯᠡᠭᠴᠢ ᠶ᠋ᠢᠨ ᠲᠤᠰᠢᠶᠠᠯ ᠢ᠋ᠶ᠋ᠠᠷ ᠠᠬᠤᠭᠤᠯᠵᠤ ᠪᠠᠢᠪᠠ᠃ ᠹᠧᠩ ᠡᠢ ᠪᠢᠨ ᠦᠬᠦᠭᠰᠡᠨ ᠦ᠌ ᠬᠣᠢᠨ᠎ᠠ ᠰᠥᠩ ᠽᠢ ᠵᠸᠨ ᠭᠡᠷ ᠦ᠋ᠨ ᠣᠯᠠᠨ ᠢ᠋ᠶ᠋ᠠᠨ ᠳᠠᠭᠠᠭᠤᠯᠤᠨ ᠮᠣᠩᠭᠣᠯ ᠤ᠋ᠨ ᠳ᠋ᠦᠩ ᠫᠢᠩ ᠹᠦ ᠶ᠋ᠢᠨ ᠲᠡᠢ ᠰᠢᠩ ᠲᠦᠰᠢᠮᠡᠯ ᠶᠠᠨ ᠱᠢ ᠳ᠋ᠦ᠍ᠷ ᠳᠠᠭᠠᠷ᠎ᠠ ᠢᠷᠡᠭᠰᠡᠨ ᠳ᠋ᠦ᠍ᠷ ᠶᠠᠨ ᠱᠢ ᠰᠤᠯᠠ ᠬᠥᠮᠦᠨ ᠢ᠋ᠶ᠋ᠡᠷ ᠠᠬᠤᠭᠤᠯᠪᠠ᠃ ᠶᠠᠨ ᠱᠢ ᠦᠬᠦᠭᠰᠡᠨ ᠦ᠌ ᠬᠣᠢᠨ᠎ᠠ ᠲᠡᠭᠦᠨ ᠦ᠌ ᠬᠥᠪᠭᠦᠨ ᠵᠦᠩ ᠴᠢ ᠡᠴᠢᠭᠡ ᠶ᠋ᠢᠨ ᠲᠤᠰᠢᠶᠠᠯ ᠢ ᠬᠦᠯᠢᠶᠡᠨ ᠰᠥᠩ ᠽᠢ ᠵᠸᠨ ᠢ᠋ ᠬᠡᠪ ᠢ᠋ᠶ᠋ᠡᠷ ᠦᠯᠡᠳᠡᠭᠡᠨ ᠳ᠋ᠦᠩ ᠹᠢᠩ ᠦ᠋ᠨ ᠵᠥᠪᠯᠡᠭᠴᠢ ᠪᠡᠷ ᠡᠷᠭᠦᠨ ᠮᠡᠳᠡᠭᠦᠯᠵᠦ ᠰᠠᠶᠢ ᠮᠣᠩᠭᠣᠯ ᠤ᠋ᠨ ᠲᠥᠷᠥ ᠳ᠋ᠦ᠍ᠷ ᠨᠡᠷ᠎ᠡ ᠲᠡᠮᠳᠡᠭᠯᠡᠭᠦᠯᠪᠡ᠃
ᠰᠥᠩ ᠽᠢ ᠵᠸᠨ ᠬᠤᠪᠢᠯᠠᠢ ᠬᠠᠨ ᠤ᠋ ᠪᠡᠶ᠎ᠡ ᠪᠡᠷ ᠰᠤᠷᠪᠤᠯᠵᠢᠯᠠᠷ᠎ᠠ ᠢᠷᠡᠬᠦ ᠶ᠋ᠢ ᠣᠭᠲᠣ ᠮᠡᠳᠡᠬᠦ ᠦᠭᠡᠢ ᠲᠤᠯᠠ ᠶᠡᠬᠡᠳᠡ ᠰᠣᠴᠢᠨ ᠪᠠᠷᠢᠵᠤ ᠲᠠᠯᠪᠢᠬᠤ ᠪᠠᠨ ᠣᠯᠬᠤ ᠦᠭᠡᠢ ᠪᠣᠯᠪᠠ᠃ ᠦᠵᠡᠪᠡᠰᠦ ᠬᠤᠪᠢᠯᠠᠢ ᠬᠠᠨ ᠪᠢᠴᠢᠭ ᠦ᠋ᠨ ᠬᠥᠮᠦᠨ ᠦ᠌ ᠰᠢᠯᠤᠭᠤᠨ ᠬᠤᠪᠴᠠᠰᠤ ᠡᠮᠦᠰᠴᠦ ᠬᠥᠩᠭᠡᠮᠰᠦᠭ ᠨᠠᠢᠷᠠᠮᠳᠠᠭᠤ᠃ ᠨᠢᠳᠦ ᠭᠡᠭᠡᠬᠡᠨ ᠬᠥᠮᠥᠰᠬᠡ ᠠᠷᠢᠭᠤᠨ ᠬᠠᠮᠪᠠᠷ ᠥᠨᠳᠥᠷ ᠴᠢᠷᠠᠢ ᠲᠡᠷᠭᠡᠯ ᠰᠠᠷ᠎ᠠ ᠮᠡᠲᠦ ᠃ ᠨᠢᠮᠭᠡᠨ ᠣᠯᠠᠲᠤ ᠬᠠᠷ᠎ᠠ ᠲᠣᠷᠭᠠᠨ ᠭᠤᠲᠤᠯ ᠲᠠᠲᠠᠵᠤ ᠰᠠᠴᠤᠭᠲᠤ ᠭᠦᠷᠦᠮᠡᠯ ᠪᠦᠰᠡ ᠪᠡᠨ ᠰᠤᠯᠠᠪᠲᠤᠷ ᠪᠦᠰᠡᠯᠡᠵᠦ ᠪᠢᠴᠢᠭ ᠦ᠋ᠨ ᠵᠣᠴᠢᠳ ᠤ᠋ᠨ ᠰᠤᠷᠲᠠᠯ ᠶᠡᠬᠡ ᠪᠣᠢ᠃ ᠳᠠᠭᠠᠭᠰᠠᠳ ᠴᠥᠮ ᠠᠷᠢᠭᠤᠨ ᠬᠡᠭᠡᠨᠴᠢᠷ ᠨᠢᠭᠡᠨ ᠦᠶ᠎ᠡ ᠶ᠋ᠢᠨ ᠡᠷᠳᠡᠮᠲᠡᠨ ᠮᠡᠷᠭᠡᠳ ᠪᠣᠯᠠᠢ ᠃ ᠰᠥᠩ ᠽᠢ ᠵᠧᠨ ᠬᠦᠨᠳᠦ ᠶᠣᠰᠣ ᠬᠢᠰᠤᠭᠠᠢ ᠬᠡᠮᠡᠪᠡᠰᠦ ᠬᠤᠪᠢᠯᠠᠢ ᠬᠠᠨ ᠭᠠᠷ ᠠ᠋ᠴᠠ ᠲᠠᠲᠠᠵᠤ ᠠᠪᠤᠭᠠᠳ ᠬᠠᠷᠢᠯᠴᠠᠨ ᠨᠢᠳᠤᠷᠭ᠎ᠠ ᠪᠠᠷᠢᠵᠤ ᠶᠣᠰᠣᠯᠠᠭᠠᠳ ᠠᠶᠤᠮᠰᠢᠭ ᠦᠭᠡᠢ ᠬᠠᠷ᠎ᠠ ᠤᠲᠤᠭᠠᠨ ᠳ᠋ᠤᠷ ᠵᠠᠯᠠᠰᠤᠭᠠᠢ ᠭᠡᠮᠡᠨ ᠰᠥᠩ ᠽᠢ ᠵᠧᠨ ᠵᠠᠮ ᠤᠳᠤᠷᠢᠳᠤᠨ ᠪᠢᠴᠢᠭ ᠦ᠋ᠨ ᠭᠡᠷ ᠲᠡᠭᠡᠨ ᠵᠠᠯᠠᠵᠤ ᠲᠥᠪ ᠰᠠᠭᠤᠳᠠᠯ ᠳ᠋ᠤᠷ ᠰᠠᠭᠤᠯᠭᠠᠨ ᠭᠡᠷ ᠦ᠋ᠨ ᠥᠬᠢᠳ ᠴᠠᠢ ᠪᠠᠷᠢᠭᠰᠠᠨ ᠤ᠋ ᠳᠠᠷᠠᠭ᠎ᠠ ᠬᠤᠪᠢᠯᠠᠢ ᠬᠠᠨ ᠰᠥᠩ ᠽᠢ ᠵᠸᠨ ᠢ᠋ ᠳᠡᠷᠭᠡᠳᠡ ᠪᠡᠨ ᠲᠡᠳᠡᠨ ᠰᠠᠭᠤᠯᠭᠠᠨ ᠨᠠᠷᠢᠪᠴᠢᠯᠠᠨ ᠦᠵᠡᠪᠡᠰᠦ ᠨᠠᠰᠤ ᠲᠠᠪᠢ ᠰᠢᠬᠠᠵᠤ ᠴᠢᠷᠠᠢ ᠱᠣᠪᠣᠭᠣᠷ ᠨᠢᠳᠦ ᠭᠢᠷᠠᠬᠠᠢ᠂ ᠪᠡᠶ᠎ᠡ ᠳ᠋ᠦ᠍ᠷ ᠰᠤᠯᠠ ᠲᠦᠰᠢᠮᠡᠳ ᠦ᠋ᠨ ᠬᠤᠪᠴᠠᠰᠤ ᠡᠮᠦᠰᠴᠦ ᠲᠡᠷᠢᠭᠦᠨ ᠳ᠋ᠦ᠍ᠷ ᠰᠢᠶᠣᠤ ᠰᠢ ᠮᠠᠯᠠᠭ᠎ᠠ ᠲᠠᠯᠪᠢᠵᠤ ᠬᠥᠯ ᠳ᠋ᠦ᠍ᠷ ᠡᠭᠦᠯᠡᠨ ᠬᠡ ᠲᠡᠢ ᠳ᠋ᠧᠩ ᠶᠦᠨ ᠰᠢᠶᠧ ᠡᠮᠦᠰᠴᠦ ᠰᠢᠯᠤᠭᠤᠨ ᠶᠡᠬᠡᠮᠰᠦᠭ ᠰᠠᠨᠠᠭᠳᠠᠪᠠᠠ᠋ ᠃ ᠬᠠᠷᠢᠯᠴᠠᠨ ᠨᠢᠭᠡᠨ ᠵᠡᠷᠭᠡ ᠬᠥᠩᠭᠡᠮᠰᠦᠭᠯᠡᠭᠰᠡᠨ ᠦ᠌ ᠬᠣᠢᠨ᠎ᠠ ᠬᠤᠪᠢᠯᠠᠢ ᠬᠠᠨ ᠡᠮᠦᠨᠡᠰᠢ ᠳᠠᠢᠯᠠᠬᠤ ᠳ᠋ᠤᠷ ᠣᠯᠵᠤ ᠠᠯᠳᠠᠬᠤ ᠶ᠋ᠢ ᠠᠰᠠᠭᠤᠭᠰᠠᠨ ᠲᠣᠷ ᠰᠥᠩ ᠽᠢ ᠵᠸᠨ ᠭᠤᠷᠪᠠᠨ ᠲᠥᠷᠥ ᠶ᠋ᠢ ᠲᠣᠭᠣᠷᠢᠵᠤ ᠶᠠᠪᠤᠭᠰᠠᠨ ᠬᠥᠮᠦᠨ ᠲᠤᠯᠠ ᠬᠡᠷᠬᠢᠨ ᠡᠰᠡ ᠪᠠᠶᠠᠷᠯᠠᠬᠤ ᠠᠵᠢ ᠃ ᠭᠡᠪᠡᠴᠦ ᠪᠠᠶᠠᠷᠯᠠᠭᠰᠠᠨ ᠰᠡᠳᠬᠢᠯ ᠢ᠋ᠶ᠋ᠡᠨ ᠳᠠᠷᠤᠵᠤ ᠴᠢᠷᠠᠢ ᠪᠠᠨ ᠲᠥᠪ ᠪᠣᠯᠭᠠᠨ ᠥᠭᠦᠯᠡᠷᠦᠨ᠄ 《ᠲᠤᠰ ᠲᠥᠷᠥ ᠳ᠋ᠦ᠍ᠷ ᠰᠦᠷ ᠬᠦᠴᠦᠨ ᠬᠡᠲᠦᠷᠡᠭᠡᠳ ᠥᠷᠥᠰᠢᠶᠡᠯ ᠡᠷᠳᠡᠮ ᠢ᠋ᠶ᠋ᠡᠷ ᠬᠦᠷᠦᠯᠴᠡᠬᠦ ᠦᠭᠡᠢ᠃ ᠲᠡᠢᠨ ᠬᠦ᠌ ᠡᠰᠡᠷᠭᠦᠴᠡᠭᠰᠡᠳ ᠢᠨᠣ ᠴᠥᠮ ᠦᠬᠦᠬᠦ ᠡᠴᠡ ᠪᠡᠨ ᠠᠶᠤᠬᠤ ᠠᠷᠠᠳ ᠪᠣᠯᠠᠢ ᠃ ᠪᠠᠭᠤᠵᠤ ᠥᠭᠭᠦᠭᠰᠡᠳ ᠢ ᠠᠯᠠᠬᠤ ᠦᠭᠡᠢ ᠃ ᠠᠯᠪᠠᠳᠠᠯᠬᠠ ᠪᠠᠷ ᠳᠠᠢᠰᠤᠨ ᠳ᠋ᠤᠷ ᠲᠤᠰᠠᠯᠠᠭᠰᠠᠳ ᠢ᠋ ᠦᠯᠦ ᠠᠰᠠᠭᠤᠪᠠᠰᠤ ᠰᠥᠩ ᠤᠯᠤᠰ ᠤ᠋ᠨ ᠵᠧᠦ ᠵᠢᠶᠦ᠋ᠨ ᠢ᠋ ᠵᠠᠷ ᠲᠠᠷᠬᠠᠭᠠᠨ ᠲᠣᠭᠲᠠᠭᠠᠵᠤ ᠪᠣᠯᠤᠮᠤᠢ 》ᠬᠡᠮᠡᠭᠰᠡᠨ ᠨᠢᠭᠡᠨ ᠵᠡᠷᠭᠡ ᠶ᠋ᠢᠨ ᠦᠭᠡᠨ ᠳ᠋ᠦ᠍ᠷ ᠬᠤᠪᠢᠯᠠᠢ ᠬᠠᠨ ᠰᠠᠭᠤᠳᠠᠯ ᠠ᠋ᠴᠠ ᠪᠠᠨ ᠪᠣᠰᠴᠤ ᠪᠡᠶ᠎ᠡ ᠮᠡᠬᠦᠢᠨ ᠠᠯᠲᠠᠨ ᠬᠠᠰ ᠤ᠋ᠨ ᠰᠤᠷᠭᠠᠯ ᠢ᠋ ᠭᠦᠨ ᠲᠡᠮᠳᠡᠭᠯᠡᠪᠡ᠃ ᠴᠠᠭ ᠲᠣᠬᠢᠶᠠᠯ ᠣᠯᠳᠠᠪᠠᠰᠤ ᠰᠢᠶᠠᠨᠱᠧᠩ ᠦ᠋ᠨ ᠥᠷᠯᠥᠭᠡ ᠣᠷᠣᠢ ᠶ᠋ᠢᠨ ᠰᠤᠷᠭᠠᠯ ᠢ᠋ ᠬᠦᠷᠲᠡᠰᠦᠭᠡᠢ ᠭᠡᠮᠡᠨ ᠰᠠᠯᠵᠤ ᠶᠠᠳᠠᠨ ᠬᠡᠳᠦ ᠳᠠᠬᠢᠨ ᠭᠠᠷ ᠪᠠᠷᠢᠯᠴᠠᠨ ᠭᠠᠷᠴᠤ ᠢᠷᠡᠭᠡᠳ ᠬᠡᠳᠦ ᠳᠠᠬᠢᠨ ᠡᠷᠭᠢᠵᠦ ᠬᠠᠷᠠᠵᠤ ᠬᠣᠯᠠᠳᠠᠬᠤᠢ ᠳ᠋ᠤᠷ ᠰᠥᠩ ᠽᠢ ᠵᠧᠨ ᠦ᠌ ᠰᠢᠭᠦᠮᠵᠢ ᠮᠥᠨ ᠭᠡᠮᠡᠨ ᠥᠭᠦᠯᠡᠵᠦ ᠤᠳᠠᠭᠰᠠᠨ ᠦᠭᠡᠢ ᠯᠢ ᠴᠠᠩ ᠤ᠋ᠨ ᠭᠡᠷ ᠲᠦ᠍ᠷ ᠬᠦᠷᠴᠦ ᠢᠷᠡᠪᠡ᠃
ᠯᠢ ᠴᠠᠩ ᠂ ᠳ᠋ᠦᠩ ᠫᠢᠩ ᠦ᠋ᠨ ᠰᠢᠦᠢ ᠴᠧᠩ ᠦ᠋ᠨ ᠬᠥᠮᠦᠨ ᠂ ᠡᠷᠭᠦᠭᠰᠡᠨ ᠨᠡᠷ᠎ᠡ ᠰᠢ ᠳᠦ ᠂ ᠠᠯᠲᠠᠨ ᠤᠯᠤᠰ ᠤ᠋ᠨ ᠦᠶ᠎ᠡ ᠶ᠋ᠢᠨ ᠡᠷᠭᠦᠭᠰᠡᠳ ᠪᠤᠶᠤ᠃ ᠨᠠᠰᠤ ᠲᠠᠪᠢ ᠰᠢᠬᠠᠵᠤ ᠰᠠᠬᠠᠯ ᠦᠰᠦ ᠡᠬᠢᠯᠡᠨ ᠴᠠᠢᠵᠤ ᠠᠬᠤ ᠪᠣᠯᠪᠠᠴᠤ ᠨᠢᠳᠦ ᠨᠢᠭᠤᠷ ᠠᠷᠢᠭᠤᠨ ᠲᠤᠩᠭᠠᠯᠠᠭ᠃ ᠬᠤᠪᠢᠯᠠᠢ ᠬᠠᠨ ᠬᠢᠴᠢᠶᠡᠩᠭᠦᠢᠯᠡᠨ ᠤᠯᠤᠰ ᠢ᠋ ᠵᠠᠰᠠᠵᠤ ᠴᠡᠷᠢᠭ ᠬᠡᠷᠡᠭᠯᠡᠬᠦ ᠶᠣᠰᠣ ᠶ᠋ᠢ ᠠᠰᠠᠭᠤᠪᠠᠰᠤ ᠯᠢ ᠴᠠᠩ ᠤᠳᠠᠲᠠᠯ᠎ᠠ ᠪᠣᠳᠣᠭᠠᠳ ᠥᠭᠦᠯᠡᠷᠦᠨ :《ᠡᠵᠡᠨ ᠬᠥᠮᠦᠨ ᠦ᠌ ᠶᠣᠰᠣ ᠬᠡᠮᠡᠬᠦ ᠢᠨᠦ ᠤᠭ ᠢ᠋ ᠰᠠᠬᠢᠵᠤ ᠰᠤᠷᠪᠤᠯᠵᠢ ᠶ᠋ᠢ ᠲᠤᠩᠭᠠᠯᠠᠭ ᠪᠣᠯᠭᠠᠬᠤᠢ ᠳ᠋ᠤᠷ ᠠᠮᠤᠢ᠃ ᠴᠡᠷᠢᠭ ᠬᠡᠷᠡᠭᠯᠡᠬᠦ ᠢᠨᠦ ᠶᠠᠯ᠎ᠠ ᠶ᠋ᠢ ᠠᠰᠠᠭᠤᠵᠤ ᠂ ᠠᠷᠠᠳ ᠢ᠋ ᠠᠪᠤᠷᠠᠬᠤ ᠳ᠋ᠤᠷ ᠪᠣᠯᠠᠢ᠃ ᠠᠯᠠᠵᠤ ᠨᠢᠲᠤᠯᠬᠤ ᠶ᠋ᠢ ᠵᠢᠭᠰᠢᠪᠡᠰᠦ ᠵᠣᠬᠢᠮᠤᠢ 》ᠬᠡᠮᠡᠬᠦᠢ ᠳ᠋ᠦ᠍ ᠬᠤᠪᠢᠯᠠᠢ ᠬᠠᠨ ᠭᠦᠨ ᠶᠣᠰᠣ ᠬᠢᠵᠦ ᠪᠠᠶᠠᠷᠯᠠᠨ ᠬᠦᠯᠢᠶᠡᠨ ᠠᠪᠴᠤ ᠰᠢᠶᠠᠨᠱᠸᠩ ᠤ᠋ᠨ ᠰᠤᠷᠭᠠᠯ ᠠ᠋ᠴᠠ ᠪᠠᠭ᠎ᠠ ᠪᠤᠰᠤ ᠬᠥᠮᠦᠵᠢᠯ ᠬᠦᠷᠲᠡᠪᠡ ᠭᠡᠮᠡᠨ ᠰᠠᠯᠤᠯᠴᠠᠬᠤ ᠶᠣᠰᠣ ᠬᠢᠵᠦ ᠶᠡᠬᠡ ᠴᠡᠷᠢᠭ ᠦ᠋ᠨ ᠬᠦᠷᠢᠶᠡᠨ ᠳ᠋ᠡᠭᠡᠨ ᠪᠤᠴᠠᠪᠠ᠃
ᠬᠤᠪᠢᠯᠠᠢ ᠬᠠᠨ ᠤ᠋ ᠶᠡᠬᠡ ᠴᠡᠷᠢᠭ ᠡᠢᠨ ᠬᠦ᠌ ᠠᠯᠭᠤᠷ ᠶᠠᠪᠤᠭᠰᠠᠭᠠᠷ ᠰᠢᠷᠠᠭᠴᠢᠨ ᠬᠣᠨᠢᠨ ᠵᠢᠯ ᠦ᠋ᠨ ᠳᠣᠯᠣᠭᠠᠨ ᠰᠠᠷ᠎ᠠ ᠳ᠋ᠤᠷ ᠬᠤᠸᠠᠢ ᠭᠧ ᠭᠣᠣᠯ ᠬᠦᠷᠴᠦ ᠢᠷᠡᠭᠡᠳ ᠶᠡᠬᠡ ᠵᠠᠩᠵᠤᠨ ᠪᠠᠭᠠᠲᠤᠷ ᠵᠡᠷᠭᠡ ᠬᠥᠮᠦᠨ ᠢ᠋ ᠬᠠᠨ ᠰᠦᠢ ᠮᠥᠷᠡᠨ ᠳᠠᠭᠠᠤ ᠠᠮᠤ ᠡᠪᠡᠰᠦ ᠴᠤᠭᠯᠠᠭᠤᠯᠠᠷᠡ ᠶᠠᠪᠤᠭᠤᠯᠤᠭᠠᠳ ᠵᠠᠩᠵᠤᠨ ᠴᠡᠷᠢᠭ ᠲᠦ᠍ᠷ ᠥᠷᠥᠰᠢᠶᠡᠯ ᠵᠢᠷᠤᠮᠲᠤ ᠴᠡᠷᠢᠭ ᠪᠣᠯᠬᠤ ᠲᠤᠬᠠᠢ ᠵᠠᠷᠯᠢᠭ ᠥᠭᠴᠦ ᠰᠤᠷᠲᠠᠯᠴᠢᠯᠠᠵᠤ ᠰᠠᠭᠤᠬᠤ ᠠᠵᠢ᠃
ᠳᠤᠷ᠎ᠠ ᠪᠠᠷ ᠬᠥᠮᠦᠨ ᠠᠯᠠᠭᠰᠠᠳ ᠢ᠋ ᠠᠮᠢ ᠶ᠋ᠢ ᠠᠮᠢ ᠪᠠᠷ ᠲᠥᠯᠥᠭᠦᠯᠬᠦ᠃ ᠠᠷᠠᠳ ᠢ᠋ ᠪᠤᠯᠢᠶᠠᠨ ᠳᠡᠭᠡᠷᠡᠮᠳᠡᠭᠰᠡᠳ ᠢ᠋ ᠴᠠᠪᠴᠢᠬᠤ ᠶᠠᠯ᠎ᠠ ᠪᠠᠷ ᠰᠢᠳᠬᠡᠬᠦ ᠵᠡᠷᠭᠡ ᠴᠠᠭᠠᠵᠠ ᠲᠣᠭᠲᠠᠭᠠᠨ ᠶᠠᠩ ᠸᠧᠢ ᠵᠦᠩ᠂ ᠬᠣᠣ ᠵᠧᠩ ᠢ ᠵᠢᠶᠠᠩ ᠬᠤᠸᠠᠢ ᠶ᠋ᠢᠨ ᠭᠠᠵᠠᠷ ᠢ᠋ ᠢᠯᠪᠢᠨ ᠲᠣᠬᠣᠷᠤᠭᠤᠯᠬᠤ ᠲᠦᠰᠢᠮᠡᠯ ᠡᠷᠭᠦᠮᠵᠢᠯᠡᠨ ᠰᠦᠨ ᠵᠧᠨ ᠢ᠋ ᠴᠡᠷᠢᠭ ᠦ᠋ᠨ ᠠᠮᠤ ᠡᠪᠡᠰᠦ ᠶ᠋ᠢ ᠬᠠᠮᠢᠶᠠᠷᠬᠤ ᠲᠦᠰᠢᠮᠡᠯ ᠪᠣᠯᠭᠠᠨ ᠽᠢ ᠵᠧᠦ ᠶ᠋ᠢᠨ ᠭᠠᠵᠠᠷ ᠨᠢᠭᠡᠨ ᠮᠣᠩᠭᠣᠯ ᠴᠡᠷᠢᠭ ᠴᠠᠭᠠᠵᠠ ᠶ᠋ᠢ ᠳᠠᠭᠠᠬᠤ ᠦᠭᠡᠢ ᠭᠡᠮᠡᠨ ᠰᠦᠨ ᠵᠧᠨ ᠪᠠᠷᠢᠵᠤ ᠬᠥᠷᠭᠡᠭᠡᠭᠰᠡᠨ ᠳ᠋ᠦ᠍ᠷ ᠬᠤᠪᠢᠯᠠᠢ ᠬᠠᠨ ᠤᠴᠢᠷ ᠰᠢᠯᠲᠠᠭᠠᠨ ᠢ᠋ ᠠᠰᠠᠭᠤᠬᠤ ᠦᠭᠡᠢ ᠪᠡᠷ ᠴᠠᠪᠴᠢᠭᠤᠯᠵᠤ ᠴᠡᠭᠡᠷᠯᠡᠯ ᠪᠣᠯᠭᠠᠪᠠ᠃ ᠡᠭᠦᠨ ᠡᠴᠡ ᠭᠠᠵᠠᠷ ᠪᠣᠯᠭᠠᠨ ᠮᠣᠩᠭᠣᠯ ᠴᠡᠷᠢᠭ ᠢ ᠪᠠᠷᠢᠵᠤ ᠴᠠᠪᠴᠢᠬᠤ ᠶᠠᠪᠤᠳᠠᠯ ᠨᠡᠢᠳᠡᠮ ᠪᠣᠯᠵᠤ ᠳᠡᠯᠭᠡᠷᠡᠪᠡ᠃
ᠬᠤᠪᠢᠯᠠᠢ ᠶ᠋ᠢᠨ ᠴᠡᠷᠢᠭ ᠬᠤᠸᠠᠢ ᠭᠧ ᠭᠣᠣᠯ ᠢ᠋ ᠭᠡᠲᠦᠯᠵᠦ ᠳᠡ ᠱᠠᠩ ᠭᠤᠸᠠᠨ ᠪᠣᠭᠣᠮᠲᠠ ᠪᠠᠷ ᠤᠷᠤᠭᠰᠢᠯᠠᠨ ᠶᠠᠪᠤᠬᠤᠢ ᠳ᠋ᠤᠷ ᠰᠥᠩ ᠤᠯᠤᠰ ᠤ᠋ᠨ ᠴᠡᠷᠢᠭ ᠴᠢᠦᠢ ᠵᠧᠦ ᠬᠢᠭᠡᠳ ᠭᠧ ᠵᠧᠦ ᠶ᠋ᠢ ᠲᠤᠰᠠᠯᠠᠬᠤ ᠪᠠᠷ ᠴᠡᠷᠢᠭ ᠲᠠᠲᠠᠭᠰᠠᠨ ᠲᠤᠯᠠ ᠳᠡᠮᠡᠢ ᠬᠠᠷᠰᠢ ᠰᠠᠭᠠᠳ ᠦᠭᠡᠢ ᠪᠡᠷ ᠲᠠᠢᠱᠠᠨ ᠤ᠋ ᠴᠠᠢᠵᠠ ᠬᠦᠷᠴᠦ ᠢᠷᠡᠪᠡ ᠃ ᠰᠠᠬᠢᠬᠤ ᠴᠡᠷᠢᠭ ᠵᠠᠮ ᠢ᠋ ᠪᠥᠭᠯᠡᠭᠰᠡᠨ ᠲᠤᠯᠠ ᠯᠢᠶᠠᠨ ᠰᠢ ᠰᠢᠶᠠᠨ ᠢ ᠶᠠᠪᠤᠭᠤᠯᠵᠤ ᠢᠯᠪᠢᠨ ᠳᠠᠭᠠᠭᠤᠯᠲᠤᠭᠠᠢ ᠭᠡᠮᠡᠨ ᠲᠣᠮᠢᠯᠠᠨ ᠬᠦᠷᠴᠦ ᠣᠴᠢᠬᠤ ᠠ᠋ᠴᠠ ᠡᠮᠦᠨ᠎ᠡ ᠳ᠋ᠦᠩ ᠸᠸᠨ ᠫᠢᠩ ᠨᠠᠷ ᠨᠢᠭᠡᠨᠲᠡ ᠪᠠᠢᠯᠳᠤᠨ ᠡᠵᠡᠯᠡᠭᠰᠡᠨ ᠳ᠋ᠦ᠍ᠷ ᠬᠤᠪᠢᠯᠠᠢ ᠬᠠᠨ ᠶᠡᠬᠡᠳᠡ ᠬᠢᠯᠢᠩᠯᠡᠨ ᠵᠢᠷᠤᠮ ᠢ᠋ ᠪᠠᠢᠭᠤᠯᠰᠤᠭᠠᠢ ᠭᠡᠮᠡᠨ ᠣᠯᠵᠠᠯᠠᠭᠰᠠᠨ ᠴᠡᠷᠢᠭ ᠦ᠋ᠳ ᠲᠦ᠍ᠷ ᠮᠥᠩᠭᠥ ᠵᠣᠭᠣᠰ ᠥᠭᠴᠦ ᠲᠠᠯᠪᠢᠵᠤ ᠪᠤᠴᠠᠭᠠᠪᠠ᠃ ᠬᠤᠪᠢᠯᠠᠢ ᠬᠠᠨ ᠤ᠋ ᠴᠡᠷᠢᠭ ᠲᠠᠢᠱᠠᠨ ᠤ᠋ ᠴᠠᠢᠵᠠ ᠶ᠋ᠢ ᠥᠩᠭᠡᠷᠡᠨ ᠮᠥᠷᠡᠨ ᠦ᠌ ᠬᠥᠪᠡᠭᠡ ᠬᠦᠷᠲᠡᠯ᠎ᠡ ᠥᠭᠡᠷ᠎ᠡ ᠰᠠᠭᠠᠳ ᠤᠴᠠᠷᠠᠭᠰᠠᠨ ᠦᠭᠡᠢ᠃
ᠲᠡᠳᠦᠢ ᠳ᠋ᠦ᠍ᠷ ᠬᠣᠰᠢᠭᠤᠴᠢ ᠵᠠᠩᠵᠤᠨ ᠴᠠᠭᠠᠨᠬᠦᠦ ᠰᠥᠩ ᠤᠯᠤᠰ ᠤ᠋ᠨ ᠮᠥᠷᠡᠨ ᠢ᠋ ᠰᠠᠬᠢᠬᠤ ᠶᠠᠨ ᠵᠢᠶᠠᠩ ᡁᠢ ᡁᠢ ᠰᠢ ᠶᠠᠮᠤᠨ ᠤ᠋ ᠲᠠᠷᠬᠠᠭᠠᠭᠰᠠᠨ ᠵᠠᠷ ᠢ᠋ ᠣᠯᠵᠤ ᠬᠤᠪᠢᠯᠠᠢ ᠬᠠᠨ ᠳ᠋ᠤᠷ ᠡᠷᠭᠦᠪᠡᠰᠦ ᠲᠡᠷᠡ ᠵᠠᠷ ᠤ᠋ᠨ ᠦᠭᠡ᠂ ᠨᠢᠭᠤᠴᠠ ᠮᠡᠳᠡᠭᠡ ᠪᠡᠷ ᠠᠷᠤ ᠶ᠋ᠢᠨ ᠴᠡᠷᠢᠭ ᠮᠥᠷᠡᠨ ᠳᠠᠭᠠᠤ ᠠᠷᠠᠳ ᠤ᠋ᠨ ᠣᠩᠭᠣᠴᠠ ᠶ᠋ᠢ ᠪᠤᠯᠢᠶᠠᠨ ᠠᠪᠴᠤ ᠶᠠᠩ ᠯᠦᠸᠧ ᠪᠤᠤ ᠬᠠᠪᠢ ᠪᠠᠷ ᠮᠥᠷᠡᠨ ᠭᠡᠲᠦᠯᠵᠦ ᠧ ( ᠦ᠂ ᠴᠦ ) ᠶ᠋ᠢᠨ ᠭᠠᠵᠠᠷ ᠣᠷᠣᠵᠤ ᠵᠠᠩ ᠿᠦ᠍ ᠶ᠋ᠢᠨ ᠴᠡᠷᠢᠭ ᠲᠦ᠍ᠷ ᠨᠡᠢᠯᠡᠰᠦᠭᠡᠢ ᠭᠡᠮᠡᠨ ᠪᠣᠢ᠃ ᠡᠢᠮᠦ ᠡᠴᠡ ᠮᠥᠷᠡᠨ ᠳᠠᠭᠠᠤ ᠠᠷᠠᠳ ᠤ᠋ᠨ ᠣᠩᠭᠣᠴᠠ ᠶ᠋ᠢ ᠴᠥᠮ ᠵᠠᠢᠯᠠᠭᠤᠯᠤᠨ ᠨᠢᠭᠤᠵᠤ ᠳᠠᠢᠰᠤᠨ ᠤ᠋ ᠭᠣᠷᠢ ᠶ᠋ᠢ ᠲᠠᠰᠤᠯᠰᠤᠭᠠᠢ᠃ ᠵᠠᠷᠯᠢᠭ ᠢ᠋ ᠡᠰᠡ ᠳᠠᠭᠠᠭᠰᠠᠳ ᠢ᠋ ᠳᠠᠢᠰᠤᠨ ᠢ ᠲᠤᠰᠠᠯᠠᠭᠰᠠᠨ ᠶᠠᠯ᠎ᠠ ᠪᠠᠷ ᠰᠢᠳᠬᠡᠮᠦᠢ᠃ ᠣᠮᠲᠣᠭᠠᠢᠯᠠᠵᠤ ᠪᠣᠯᠬᠤ ᠦᠭᠡᠢ ᠳᠠᠬᠢᠨ ᠳᠠᠪᠲᠠᠨ ᠡᠭᠦᠨ ᠦ᠌ ᠲᠤᠯᠠ ᠮᠡᠳᠡᠭᠳᠡᠪᠡ ᠬᠡᠮᠡᠪᠡᠢ᠃
ᠬᠤᠪᠢᠯᠠᠢ ᠬᠠᠨ ᠡᠭᠦᠨ ᠢ᠋ ᠦᠵᠡᠭᠡᠳ ᠢᠨᠢᠶᠡᠨ ᠥᠭᠦᠯᠡᠷᠦᠨ :《ᠡᠨᠡ ᠮᠠᠨ ᠤ᠋ ᠴᠡᠷᠢᠭ ᠦ᠋ᠨ ᠨᠡᠷ᠎ᠡ ᠶ᠋ᠢ ᠭᠤᠲᠤᠭᠠᠬᠤ ᠪᠣᠯᠠᠢ ᠃ ᠪᠢᠳᠡ ᠨᠢᠭᠡᠨᠲᠡ ᠠᠷᠠᠳ ᠢ᠋ ᠬᠠᠯᠳᠠᠬᠤ ᠦᠭᠡᠢ ᠭᠡᠮᠡᠨ ᠴᠠᠭᠠᠵᠠᠯᠠᠭᠰᠠᠨ ᠲᠤᠯᠠ ᠬᠡᠷᠬᠢᠨ ᠠᠷᠠᠳ ᠤ᠋ᠨ ᠣᠩᠭᠣᠴᠠ ᠶ᠋ᠢ ᠪᠤᠯᠢᠶᠠᠵᠤ ᠪᠣᠯᠤᠮᠤᠢ ᠃ ᠲᠡᠢᠨ ᠬᠦ᠌ ᠮᠥᠷᠡᠨ ᠳᠠᠭᠠᠤ ᠵᠠᠷ ᠲᠠᠷᠠᠬᠠᠭᠠᠨ ᠠᠷᠠᠳ ᠤ᠋ᠨ ᠣᠩᠭᠣᠴᠠ ᠶ᠋ᠢ ᠪᠤᠯᠢᠶᠠᠨ ᠬᠡᠷᠡᠭᠯᠡᠭᠴᠢᠳ ᠢ᠋ ᠴᠠᠪᠴᠢᠬᠤ ᠶᠠᠯ᠎ᠠ ᠪᠠᠷ ᠰᠢᠳᠬᠡᠮᠦᠢ ᠃ ᠠᠷᠠᠳ ᠢᠷᠭᠡᠳ ᠣᠩᠭᠣᠴᠠ ᠰᠠᠯ ᠢ᠋ᠶ᠋ᠠᠨ ᠨᠢᠭᠤᠨ ᠳᠠᠯᠳᠠᠯᠠᠬᠤ ᠬᠡᠷᠡᠭ ᠦᠭᠡᠢ ᠭᠡᠮᠡᠨ ᠮᠡᠳᠡᠭᠳᠡᠭᠲᠦᠨ !》ᠬᠡᠮᠡᠬᠦᠢ ᠳ᠋ᠦ᠍ᠷ ᠴᠠᠭᠠᠨᠬᠦᠦ ᠨᠠᠷ ᠭᠠᠢᠬᠠᠵᠤ ᠠᠷᠠᠳ ᠤ᠋ᠨ ᠣᠩᠭᠣᠴᠠ ᠶ᠋ᠢ ᠲᠡᠳᠡᠨ ᠠᠪᠴᠤ ᠬᠡᠷᠡᠭᠯᠡᠬᠦ ᠦᠭᠡᠢ ᠪᠥᠭᠡᠰᠦ ᠮᠥᠷᠡᠨ ᠢ᠋ ᠶᠠᠭᠠᠬᠢᠨ ᠭᠡᠲᠦᠯᠬᠦ ᠪᠣᠢ ? 》ᠭᠡᠮᠡ᠊ᠨ ᠠᠰᠠᠭᠤᠪᠠᠰᠤ 《ᠣᠩᠭᠣᠴᠠ ᠰᠠᠯ ᠦᠢᠯᠡᠳᠴᠦ ᠭᠡᠲᠦᠯᠬᠦ ᠪᠣᠢ ᠢ᠎ᠡ 》 ᠭᠡᠮᠡᠨ ᠵᠠᠷᠯᠢᠭ ᠪᠣᠯᠪᠠ᠃ ᠲᠡᠢᠨ ᠬᠦ᠌ ᠴᠡᠷᠢᠭ ᠦ᠋ᠨ ᠠᠷᠠᠳ ᠮᠣᠳᠣ ᠴᠠᠪᠴᠢᠨ ᠣᠩᠭᠣᠴᠠ ᠰᠠᠯ ᠦᠢᠯᠡᠳᠴᠦ ᠰᠠᠭᠤᠬᠤ ᠲᠤᠯᠠ ᠨᠡᠯᠢᠶᠡᠳ ᠡᠳᠦᠷ ᠬᠣᠨᠣᠭ ᠪᠣᠯᠪᠠᠢ᠃ ᠶᠢᠰᠦᠨ ᠰᠠᠷ᠎ᠠ ᠬᠦᠷᠲᠡᠯ᠎ᠡ ᠣᠩᠭᠣᠴᠠ ᠰᠠᠯ ᠪᠦᠷᠢᠳᠦᠭᠡᠳᠦᠢ ᠭᠡᠮᠡᠨ ᠪᠦᠬᠦᠢ ᠳ᠋ᠦ᠍ᠷ ᠮᠥᠬᠡ ᠬᠠᠨ ᠲᠢᠶᠣᠤ ᠢᠦᠢ ᠱᠠᠨ ᠠ᠋ᠴᠠ ᠡᠯᠴᠢ ᠶᠠᠪᠤᠭᠤᠯᠵᠤ ᠬᠠᠭᠠᠨ ᠤ᠋ ᠭᠡᠨᠡᠳᠲᠡ ᠲᠡᠭᠷᠢ ᠪᠣᠯᠤᠭᠰᠠᠨ ᠮᠡᠳᠡᠭᠡ ᠶ᠋ᠢ ᠬᠦᠷᠭᠡᠵᠦ ᠢᠷᠡᠪᠡ᠃ ᠬᠤᠪᠢᠯᠠᠢ ᠬᠠᠨ ᠡᠨᠡ ᠮᠡᠳᠡᠭᠡ ᠶ᠋ᠢ ᠣᠯᠤᠭᠠᠳ ᠪᠣᠳᠣᠪᠠᠰᠤ ᠴᠡᠷᠢᠭ ᠠᠪᠴᠤ ᠭᠠᠷᠴᠤ ᠢᠷᠡᠭᠡᠳ ᠬᠣᠶᠠᠷ ᠵᠢᠯ ᠪᠣᠯᠵᠤ ᠧ ᠵᠧᠦ ᠶ᠋ᠢ ᠡᠵᠡᠯᠡᠬᠦ ᠶ᠋ᠢ ᠪᠠᠢᠲᠤᠭᠠᠢ ᠮᠥᠷᠡᠨ ᠭᠡᠲᠦᠯᠦᠭᠰᠡᠨ ᠴᠦ᠍ ᠦᠭᠡᠢ ᠪᠡᠷ ᠪᠤᠴᠠᠬᠤ ᠠᠨᠤ ᠠᠷᠠᠢ ᠨᠡᠷ᠎ᠡ ᠨᠢᠭᠤᠷ ᠲᠤᠷ ᠮᠠᠭᠤ ᠪᠣᠯᠵᠤ ᠣᠯᠠᠨ ᠬᠠᠳ ᠤ᠋ᠨ ᠬᠦᠨᠳᠦᠳᠬᠡᠯ ᠢ᠋ ᠠᠯᠳᠠᠬᠤ ᠪᠣᠯᠤᠮᠤᠢ ᠭᠡᠮᠡᠨ ᠪᠣᠳᠣᠵᠤ ᠥᠭᠦᠯᠡᠷᠦᠨ 《ᠪᠢ ᠵᠠᠷᠯᠢᠭ ᠢ᠋ᠶ᠋ᠠᠷ ᠰᠥᠩ ᠤᠯᠤᠰ ᠢ ᠪᠠᠢᠯᠳᠤᠶ᠎ᠠ ᠢᠷᠡᠭᠡᠳ ᠭᠠᠪᠢᠶ᠎ᠠ ᠦᠭᠡᠢ ᠪᠡᠷ ᠬᠡᠷᠬᠢᠨ ᠪᠤᠴᠠᠬᠤ ᠠᠵᠢ 》ᠭᠡᠮᠡᠨ ᠬᠥᠬᠡ ᠯᠤᠤ ᠡᠳᠦᠷ ᠰᠢᠶᠠᠩ ᠯᠦ᠍ ᠹᠧᠩ ᠳ᠋ᠦ᠍ᠷ ᠭᠠᠷᠴᠤ ᠶᠡᠬᠡ ᠮᠥᠷᠡᠨ ᠢ᠋ ᠥᠩᠭᠡᠢᠪᠡᠰᠦ ᠮᠥᠷᠡᠨ ᠦ᠌ ᠤᠮᠠᠷᠠᠲᠤ ᠳ᠋ᠤᠷ ᠦ ᠬᠤ᠌ ᠨᠠᠭᠤᠷ ᠪᠣᠯᠤᠭᠠᠳ ᠨᠠᠭᠤᠷ ᠤ᠋ᠨ ᠳᠣᠷᠣᠨ᠎ᠠ ᠳ᠋ᠤᠷ ᠶᠠᠩ ᠯᠦᠸᠧ ᠪᠤᠤ ᠠᠵᠤᠭᠤ᠃ ᠶᠠᠩ ᠯᠦᠸᠧ ᠪᠤᠤ ᠶ᠋ᠢᠨ ᠡᠮᠦᠨᠡᠲᠦ ᠳ᠋ᠦ᠍ᠷ ᠬᠤ᠌ ᠬᠤᠸᠠᠩ ᠵᠧᠦ ᠪᠣᠯᠠᠢ᠃ ᠰᠥᠩ ᠤᠯᠤᠰ ᠮᠥᠷᠡᠨ ᠦ᠌ ᠣᠯᠣᠮ ᠢ᠋ ᠨᠢᠭᠡᠨᠲᠡ ᠬᠦᠨᠳᠦ ᠴᠡᠷᠢᠭ ᠢ᠋ᠶ᠋ᠡᠷ ᠪᠦᠭᠭᠦᠯᠵᠤ ᠲᠠᠯᠪᠢᠪᠠ᠃ ᠴᠡᠷᠢᠭ ᠦ᠋ᠨ ᠪᠠᠢᠳᠠᠯ ᠬᠠᠲᠠᠭᠤ ᠴᠢᠭᠢᠷᠠᠭ ᠣᠩᠭᠣᠴᠠ ᠰᠠᠯ ᠤ᠋ᠨ ᠰᠦᠯᠵᠢᠨ ᠶᠠᠪᠤᠬᠤ ᠠᠨᠤ ᠬᠥᠩᠭᠡᠨ ᠲᠠᠠᠤᠡᠮᠠᠭᠠᠢ ᠲᠤᠯᠠ ᠬᠤᠪᠢᠯᠠᠢ ᠬ᠍ᠡᠨ ᠰᠡᠭᠦᠷᠡᠰᠦ ᠠᠯᠲᠠᠨ ᠥᠭᠦᠯᠡᠷᠦᠨ ᠄ 《ᠠᠷᠤ ᠶ᠋ᠢᠨ ᠬᠥᠮᠦᠰ ᠮᠣᠷᠢ ᠂ ᠡᠮᠦᠨᠡᠲᠦ ᠶ᠋ᠢᠨ ᠬᠥᠮᠦᠰ ᠣᠩᠭᠣᠴᠠ ᠬᠡᠮᠡᠭᠰᠡᠨ ᠢᠨᠦ ᠦᠨᠡᠨ ᠠᠵᠤᠭᠤ 》ᠭᠡᠮᠡᠨ ᠠᠶᠤᠬᠤ ᠪᠠᠢᠳᠠᠯ ᠴᠢᠷᠠᠢ ᠳ᠋ᠤᠷ ᠢᠯᠡᠷᠡᠭᠰᠡᠨ ᠳ᠋ᠦ᠍ᠷ ᠳᠡᠷᠭᠡᠳᠡ ᠢᠨᠦ ᠵᠣᠭᠰᠣᠭᠰᠠᠨ ᠨᠢᠭᠡᠨ ᠵᠠᠩᠵᠤᠨ ᠬᠡᠢ ᠲᠥᠷᠥᠵᠦ ᠣᠷᠣᠭᠰᠢ ᠲᠠᠪᠰᠢᠵᠤ ᠥᠴᠢᠷᠦᠨ :《ᠬᠥᠬᠡ ᠮᠥᠷᠡᠨ ᠦ᠌ ᠪᠠᠢᠭᠠᠯᠢ ᠶ᠋ᠢᠨ ᠬᠠᠯᠬᠠᠪᠴᠢ ᠳ᠋ᠤᠷ ᠰᠥᠩ ᠤᠯᠤᠰ ᠢᠲᠡᠭᠡᠵᠦ ᠲᠥᠷᠥ ᠪᠠᠢᠭᠤᠯᠪᠠ᠃ ᠪᠣᠳᠣᠪᠠᠰᠤ ᠦᠬᠦᠨ ᠰᠠᠬᠢᠬᠤ ᠪᠣᠯᠠᠢ᠃ ᠮᠠᠨ ᠤ᠋ ᠴᠡᠷᠢᠭ ᠲᠡᠭᠦᠨ ᠢ᠋ ᠨᠢᠭᠡᠨ ᠤᠳᠠᠭ᠎ᠠ ᠳᠡᠢᠯᠬᠦ ᠦᠭᠡᠢ ᠪᠥᠭᠡᠰᠦ ᠰᠦᠷ ᠳᠠᠷᠤᠭᠳᠠᠬᠤᠢ ᠳ᠋ᠤᠷ ᠬᠥᠷᠥᠮᠦᠢ᠃ ᠥᠴᠦᠬᠡᠨ ᠵᠠᠩᠵᠤᠨ ᠪᠢ ᠨᠢᠭᠡᠨᠲᠡ ᠪᠠᠢᠯᠳᠤᠵᠤ ᠦᠵᠡᠰᠦᠭᠡᠢ 》ᠬᠡᠮᠡᠬᠦᠢ ᠳ᠋ᠦ᠍ᠷ ᠬᠤᠪᠢᠯᠠᠢ ᠬᠠᠨ ᠦᠵᠡᠪᠡᠰᠦ ᠶᠡᠬᠡ ᠵᠠᠩᠵᠤᠨ ᠳ᠋ᠦᠩ ᠸᠸᠨ ᠫᠢᠩ ᠠᠵᠤᠭᠤ᠃ ᠬᠤᠪᠢᠯᠠᠢ ᠬᠠᠨ ᠬᠢᠴᠢᠶᠡᠩᠲᠦᠨ ᠬᠡᠮᠡᠪᠡᠰᠦ ᠳ᠋ᠦᠩ ᠸᠸᠨ ᠫᠢᠩ 《ᠵᠧ ! 》 ᠭᠡᠮᠡᠨ ᠳᠡᠭᠦᠦ ᠸᠸᠨ ᠵᠦᠩ ᠳ᠋ᠦ᠍ᠷ ᠦᠬᠦᠬᠦ ᠡᠴᠡ ᠠᠶᠤᠬᠤ ᠦᠭᠡᠢ ᠬᠠᠲᠠᠭᠤ ᠡᠷᠡᠰ ᠬᠡᠳᠦᠨ ᠵᠠᠭᠤ ᠥᠭᠴᠦ ᠶᠡᠬᠡ ᠣᠩᠭᠣᠴᠠ ᠳ᠋ᠤᠷ ᠰᠠᠭᠤᠯᠭᠠᠨ ᠰᠢᠭᠤᠳ ᠮᠥᠷᠡᠨ ᠭᠡᠲᠦᠯᠬᠦ ᠪᠡᠷ ᠶᠠᠪᠤᠭᠤᠯᠵᠤ ᠥᠪᠡᠷ ᠦ᠋ᠨ ᠪᠡᠶ᠎ᠡ ᠮᠣᠷᠢᠲᠤ ᠴᠡᠷᠢᠭ ᠠᠪᠴᠤ ᠮᠥᠷᠡᠨ ᠦ᠌ ᠬᠥᠪᠡᠭᠡ ᠳᠠᠭᠠᠵᠤ ᠬᠠᠮᠠᠭᠠᠯᠠᠬᠤᠢ ᠳ᠋ᠤᠷ ᠰᠥᠩ ᠤᠯᠤᠰ ᠤ᠋ᠨ ᠤᠰᠤ ᠬᠠᠭᠤᠷᠠᠢ ᠬᠡᠳᠦᠨ ᠲᠦᠮᠡᠨ ᠦ᠌ ᠣᠯᠠᠨ ᠪᠠᠷᠰ ᠲᠤᠷ ᠤᠴᠠᠷᠠᠭᠰᠠᠨ ᠬᠣᠨᠢ ᠮᠡᠲᠦ ᠵᠠᠢᠯᠠᠵᠤ ᠪᠤᠷᠤᠭᠤᠯᠠᠮᠤᠢ᠃ ᠮᠣᠩᠭᠣᠯ ᠤ᠋ᠨ ᠴᠡᠷᠢᠭ ᠬᠥᠮᠦᠨ ᠦᠭᠡᠢ ᠭᠠᠵᠠᠷ ᠶᠠᠪᠤᠬᠤ ᠮᠡᠲᠦ ᠮᠥᠷᠡᠨ ᠢ᠋ ᠭᠢᠯᠪᠡᠷᠬᠠᠨ ᠭᠡᠲᠦᠯᠪᠡᠢ᠃ ᠬᠤᠪᠢᠯᠠᠢ ᠬᠠᠨ ᠶᠡᠬᠡᠳᠡ ᠪᠠᠶᠠᠷᠯᠠᠨ ᠶᠡᠬᠡ ᠴᠡᠷᠢᠭ ᠳᠡᠳ᠋ ᠥᠷᠯᠥᠭᠡ ᠭᠡᠲᠦᠯᠰᠦᠭᠡᠢ ᠭᠡᠮᠡᠨ ᠲᠣᠭᠲᠠᠵᠤ ᠮᠡᠷᠭᠡᠴᠡ᠂ ᠸᠠᠩ ᠸᠸᠨ ᠴᠢᠶᠠᠨ ᠵᠡᠷᠭᠡ ᠵᠠᠩᠵᠤᠨ ᠢ᠋ ᠣᠩᠭᠣᠴᠠ ᠰᠠᠯ ᠪᠡᠯᠡᠳᠬᠡᠨ ᠬᠦᠯᠢᠶᠡᠭᠲᠦᠨ ᠭᠡᠮᠡᠨ ᠵᠠᠷᠯᠢᠭ ᠪᠣᠯᠪᠠ᠃ ᠳᠡᠳ᠋ ᠥᠷᠯᠥᠭᠡ ᠭᠡᠨᠡᠳᠲᠡ ᠡᠭᠦᠯᠡ ᠮᠠᠨᠠᠨ ᠲᠠᠲᠠᠵᠤ ᠰᠠᠯᠬᠢᠨ ᠪᠣᠷᠣᠭᠠᠨ ᠵᠡᠷᠭᠡ ᠪᠡᠷ ᠡᠭᠦᠰᠴᠦ ᠲᠡᠭᠷᠢ ᠨᠠᠷᠠᠨ ᠢ᠋ ᠬᠠᠯᠬᠠᠯᠠᠨ ᠬᠠᠷᠠᠩᠭᠤᠢᠯᠠᠵᠤ ᠮᠥᠷᠡᠨ ᠦ᠌ ᠳᠣᠯᠭᠢᠶᠠᠨ ᠬᠡᠳᠦᠨ ᠵᠠᠩ ᠥᠨᠳᠥᠷ ᠣᠢᠮᠤᠢ᠃ ᠣᠯᠠᠨ ᠴᠥᠮ ᠬᠣᠢᠰᠢᠯᠠᠰᠤᠭᠠᠢ ᠭᠡᠮᠡᠨ ᠬᠣᠷᠢᠭᠯᠠᠬᠤᠢ ᠳ᠋ᠤᠷ ᠬᠤᠪᠢᠯᠠᠢ ᠬᠠᠨ ᠦᠭᠡ ᠠᠪᠬᠤ ᠦᠭᠡᠢ ᠲᠤᠭ ᠡᠷᠭᠦᠨ ᠬᠡᠩᠭᠡᠷᠭᠡ ᠴᠣᠬᠢᠭᠤᠯᠤᠨ ᠣᠯᠠᠨ ᠣᠩᠭᠣᠴᠠ ᠶ᠋ᠢ ᠵᠡᠷᠭᠡ ᠪᠡᠷ ᠮᠥᠷᠡᠨ ᠳ᠋ᠦ᠍ᠷ ᠣᠷᠣᠭᠤᠯᠤᠭᠰᠠᠨ ᠳ᠋ᠤᠷ ᠬᠠᠷᠢᠨ ᠲᠡᠭᠷᠢ ᠬᠡᠬᠡᠷᠡᠨ ᠪᠣᠷᠣᠭᠠᠨ ᠰᠠᠯᠬᠢᠨ ᠠᠷᠢᠯᠤᠭᠠᠳ ᠮᠥᠷᠡᠨ ᠦ᠌ ᠳᠣᠯᠭᠢᠶᠠᠨ ᠲᠡᠭᠰᠢᠷᠡᠪᠡ᠃ ᠲᠡᠢᠨ ᠬᠦ᠌ ᠮᠣᠩᠭᠣᠯ ᠤ᠋ᠨ ᠴᠡᠷᠢᠭ ᠵᠠᠩᠵᠤᠨ ᠴᠥᠮ ᠲᠡᠭᠷᠢ ᠲᠤᠰᠠᠯᠠᠮᠤᠢ ᠭᠡᠮᠡᠨ ᠰᠥᠩ ᠤᠯᠤᠰ ᠤ᠋ᠨ ᠤᠰᠤᠨ ᠴᠡᠷᠢᠭ ᠦ᠋ᠨ ᠵᠢᠭᠰᠠᠭᠠᠯ ᠳ᠋ᠤᠷ ᠳᠠᠭᠠᠷᠢᠨ ᠣᠷᠣᠪᠠ᠃ ᠭᠡᠲᠡᠯ᠎ᠡ ᠤᠰᠤᠨ ᠴᠡᠷᠢᠭ ᠬᠠᠭᠤᠷᠠᠢ ᠴᠡᠷᠢᠭ ᠯᠦ᠍ᠭᠡ ᠠᠳᠠᠯᠢ ᠦᠭᠡᠢ᠃ ᠬᠡᠳᠦᠨ ᠵᠡᠷᠭᠡ ᠰᠢᠷᠦᠭᠦᠨ ᠳᠠᠭᠠᠷᠢᠭᠰᠠᠨ ᠪᠣᠯᠪᠠᠴᠤ ᠰᠥᠩ ᠤᠯᠤᠰ ᠤ᠋ᠨ ᠴᠡᠷᠢᠭ ᠤᠯᠠᠮ ᠵᠣᠷᠢᠭᠵᠢᠵᠤ ᠮᠣᠩᠭᠣᠯᠴᠤᠳ ᠤ᠋ᠨ ᠬᠤᠷᠴᠠ ᠳᠠᠭᠠᠷᠢᠯᠲᠠ ᠶ᠋ᠢ ᠥᠩᠭᠡᠷᠡᠭᠡᠵᠦ ᠵᠢᠭᠰᠠᠭᠠᠯ ᠢ᠋ᠶ᠋ᠠᠨ ᠲᠡᠭᠰᠢᠯᠡᠨ ᠳᠠᠢᠯᠠᠷ᠎ᠠ ᠢᠷᠡᠪᠡ᠃ ᠲᠡᠢᠨ ᠬᠦ᠌ ᠬᠣᠶᠠᠷ ᠡᠲᠡᠭᠡᠳ ᠢ᠋ᠶ᠋ᠡᠷ ᠢ᠋ᠶ᠋ᠡᠨ ᠭᠤᠷᠪᠠᠨ ᠵᠡᠷᠭᠡ ᠵᠢᠭᠤᠷᠠᠯᠳᠤᠨ ᠪᠠᠢᠯᠳᠤᠵᠤ ᠲᠠᠢᠯᠤᠨ ᠳᠡᠢᠯᠦᠭᠳᠡᠬᠦ ᠢᠨᠤ ᠢᠯᠭᠠᠷᠠ ᠡᠳᠦᠢ ᠳ᠋ᠦ᠍ᠷ ᠭᠡᠨᠡᠳᠲᠡ ᠰᠥᠩ ᠤᠯᠤᠰ ᠤ᠋ᠨ ᠤᠰᠤᠨ ᠴᠡᠷᠢᠭ ᠦ᠋ᠨ ᠵᠢᠭᠰᠠᠭᠠᠯ ᠤ᠋ᠨ ᠠᠷᠤ ᠳ᠋ᠤᠷ ᠬᠡᠳᠦᠨ ᠵᠡᠷᠭᠡ ᠫᠤᠤ ᠶ᠋ᠢᠨ ᠳᠠᠭᠤᠨ ᠭᠠᠷᠴᠤ ᠨᠢᠭᠡᠨ ᠰᠠᠯᠠᠭ᠎ᠠ ᠤᠰᠤᠨ ᠴᠡᠷᠢᠭ ᠰᠢᠪᠲᠤᠯᠤᠨ ᠢᠷᠡᠮᠦᠢ᠃ ᠬᠤᠪᠢᠯᠠᠢ ᠬᠠᠨ ᠶᠠᠭ ᠪᠠᠴᠢᠮᠳᠠᠵᠤ ᠪᠠᠢᠭᠰᠠᠨ ᠲᠤᠯᠠ ᠶᠡᠬᠡᠳᠡ ᠪᠠᠶᠠᠷᠯᠠᠨ ᠦᠵᠡᠪᠡᠰᠦ ᠶᠡᠬᠡ ᠵᠠᠩᠵᠤᠨ ᠤᠷᠢᠶᠠᠩᠬᠠᠳᠠᠢ ᠶ᠋ᠢᠨ ᠴᠡᠷᠢᠭ ᠠᠪᠠᠢ᠃ ᠲᠡᠷᠡ ᠬᠠᠭᠠᠨ ᠤ᠋ ᠵᠠᠷᠯᠢᠭ ᠢ᠋ ᠣᠯᠵᠤ ᠠᠪᠤᠮᠠᠭᠴᠠ ᠯᠢᠦ ᠰᠢ ᠵᠦᠩ ᠢ᠋ ᠦᠯᠡᠳᠡᠭᠡᠨ ᠳ᠋ᠠᠯᠢ ᠶ᠋ᠢᠨ ᠡᠵᠡᠨ ᠳ᠋ᠦ᠍ᠷ ᠬᠠᠪᠰᠤᠷᠤᠭᠤᠯᠵᠤ ᠤᠯᠤᠰ ᠢ᠋ ᠰᠠᠬᠢᠭᠤᠯᠤᠨ ᠥᠪᠡᠷᠦᠨ ᠪᠡᠶ᠎ᠡ ᠬᠠᠷᠢᠶᠠᠲᠤ ᠴᠡᠷᠢᠭ ᠢ᠋ᠶ᠋ᠡᠨ ᠠᠪᠴᠤ ᠳ᠋ᠠᠯᠢ ᠠ᠋ᠴᠠ ᠵᠡᠭᠦᠨᠰᠢᠯᠡᠵᠦ ᠵᠢᠶᠣᠤ ᠵᠧᠦ ᠶ᠋ᠢ ᠭᠡᠨᠡᠳᠲᠡ ᠳᠠᠭᠠᠷᠢᠨ ᠠᠪᠴᠤ ᠲᠡᠨᠳᠡ ᠡᠴᠡ ᠰᠠᠩ ᠦ ᠶ᠋ᠢ ᠪᠠᠢᠯᠳᠤᠨ ᠡᠵᠡᠯᠡᠵᠦ ᠬᠦᠢ ᠶᠠᠩ ᠤ᠋ᠨ ᠵᠠᠮ ᠢ᠋ ᠡᠯᠭᠦᠨ ᠠᠪᠴᠤ ᠯᠠᠢ ᠶᠠᠩ ᠤ᠋ᠨ ᠣᠯᠣᠮ ᠢ᠋ ᠭᠡᠲᠦᠯᠵᠦ ᠯᠦ᠍ ᠯᠢᠩ ᠢ ᠴᠢᠭᠯᠡᠨ ᠭᠠᠨ ᠵᠢᠶᠠᠩ ᠮᠥᠷᠡᠨ ᠢ᠋ᠶ᠋ᠡᠷ ᠥᠭᠡᠳᠡᠯᠡᠨ ᠠᠨ ᠴᠢᠩ ᠢ᠋ ᠣᠷᠬᠢᠵᠤ ᠦ ᠬᠤ᠌ ᠨᠠᠭᠤᠷ ᠢ᠋ᠶ᠋ᠠᠷ ᠰᠢᠭᠤᠳ ᠶᠡᠬᠡ ᠮᠥᠷᠡᠨ ᠳ᠋ᠦ᠍ᠷ ᠣᠷᠣᠪᠠ᠃ ᠵᠠᠮ ᠳᠠᠭᠠᠤ ᠶᠡᠬᠡ ᠪᠠᠭ᠎ᠠ ᠭᠤᠴᠢ ᠢᠯᠡᠭᠦᠦ ᠤᠳᠠᠭ᠎ᠠ ᠪᠠᠢᠯᠳᠤᠵᠤ ᠶᠡᠬᠡ ᠪᠠᠭ᠎ᠠ ᠬᠣᠲᠠ ᠪᠠᠯᠭᠠᠰᠤᠨ ᠢ ᠬᠣᠷᠢ ᠰᠢᠬᠠᠮ ᠡᠪᠳᠡᠵᠦ ᠡᠵᠡᠯᠡᠨ ᠬᠠᠨᠳᠤᠭᠰᠠᠨ ᠵᠦᠭ ᠳᠠᠢᠰᠤᠨ ᠦᠭᠡᠢ᠃ ᠰᠥᠩ ᠤᠯᠤᠰ ᠤ᠋ᠨ ᠤᠰᠤ ᠬᠠᠭᠤᠷᠠᠢ ᠬᠣᠶᠠᠷ ᠵᠠᠮ ᠤ᠋ᠨ ᠴᠡᠷᠢᠭ ᠥᠴᠦᠬᠡᠨ ᠴᠦ᠍ ᠬᠣᠷᠢᠭᠯᠠᠵᠤ ᠴᠢᠳᠠᠭᠰᠠᠨ ᠦᠭᠡᠢ᠃ ᠭᠡᠲᠡᠯ᠎ᠡ ᠬᠤᠪᠢᠯᠠᠢ ᠬᠠᠨ ᠤ᠋ ᠴᠡᠷᠢᠭ ᠣᠭᠲᠣ ᠴᠢᠮᠡᠭᠡ ᠮᠡᠳᠡᠭᠡ ᠦᠭᠡᠢ ᠳ᠋ᠦ᠍ᠷ ᠭᠠᠢᠬᠠᠵᠤ ᠶᠠᠪᠤᠲᠠᠯ᠎ᠠ ᠮᠥᠩᠬᠡ ᠬᠠᠭᠠᠨ ᠤ᠋ ᠲᠡᠭᠷᠢ ᠪᠣᠯᠤᠭᠰᠠᠨ ᠮᠡᠳᠡᠭᠡ ᠶ᠋ᠢ ᠣᠯᠵᠤ ᠬᠤᠪᠢᠯᠠᠢ ᠬᠠᠨ ᠳ᠋ᠤᠷ ᠠᠭᠤᠯᠵᠠᠵᠤ ᠣᠷᠣᠬᠤ ᠡᠭᠡᠬᠦ ᠪᠡᠨ ᠮᠡᠳᠡᠰᠦᠭᠡᠢ ᠭᠡᠮᠡᠨ ᠬᠦᠷᠴᠦ ᠢᠷᠡᠪᠡᠰᠦ ᠬᠤᠪᠢᠯᠠᠢ ᠬᠠᠨ ᠤ᠋ ᠴᠡᠷᠢᠭ ᠰᠠᠶᠢ ᠮᠥᠷᠡᠨ ᠭᠡᠲᠦᠯᠬᠦ ᠭᠡᠵᠦ ᠵᠢᠭᠤᠷᠠᠯᠳᠤᠨ ᠪᠠᠢᠯᠳᠤᠵᠤ ᠣᠩᠭᠣᠴᠠ ᠰᠠᠯ ᠠᠨᠤ ᠴᠥᠮ ᠬᠠᠰᠢ ᠶᠠᠰᠢ ᠤᠢᠯᠠᠳᠤᠭᠰᠠᠨ ᠲᠤᠯᠠ ᠰᠥᠩ ᠤᠯᠤᠰ ᠤ᠋ᠨ ᠪᠠᠢᠯᠳᠤᠬᠤ ᠶᠡᠬᠡ ᠣᠩᠭᠣᠴᠠ ᠶ᠋ᠢᠨ ᠡᠮᠦᠨ᠎ᠡ ᠣᠭᠲᠣ ᠠᠷᠭ᠎ᠠ ᠦᠭᠡᠢ ᠳᠡᠢᠯᠦᠭᠳᠡᠬᠦᠢ ᠳ᠋ᠦ᠍ᠷ ᠬᠦᠷᠦᠭᠰᠡᠨ ᠳ᠋ᠦ᠍ᠷ ᠵᠠᠪᠰᠢᠶᠠᠨ ᠢ᠋ᠶ᠋ᠠᠷ ᠤᠷᠢᠶᠠᠩᠬᠠᠳᠠᠢ ᠬᠦᠷᠴᠦ ᠢᠷᠡᠪᠡ᠃ ᠰᠥᠩ ᠤᠯᠤᠰ ᠤ᠋ᠨ ᠴᠡᠷᠢᠭ ᠠᠷᠤ ᠥᠪᠥᠷ ᠡᠴᠡ ᠪᠡᠨ ᠰᠢᠬᠠᠭᠲᠤᠨ ᠬᠢᠳᠤᠭᠳᠠᠵᠤ ᠪᠠᠢᠯᠳᠤᠬᠤ ᠰᠡᠳᠬᠢᠯ ᠦᠭᠡᠢ ᠪᠤᠷᠤᠭᠤᠯᠠᠪᠠ᠃ ᠤᠷᠢᠶᠠᠩᠬᠠᠳᠠᠢ ᠣᠩᠭᠣᠴᠠ ᠶ᠋ᠢᠨ ᠲᠡᠷᠢᠭᠦᠨ ᠳ᠋ᠦ᠍ᠷ ᠵᠣᠭᠰᠣᠵᠤ ᠶᠡᠬᠡ ᠪᠠᠮᠪᠠᠢ ᠲᠣᠬᠣᠢᠯᠠᠨ ᠢᠷᠲᠦ ᠵᠢᠳᠠ ᠪᠠᠷᠢᠵᠤ ᠳᠠᠢᠰᠤᠨ ᠤ᠋ ᠵᠡᠪᠡ ᠴᠢᠯᠠᠭᠤ ᠶ᠋ᠢ ᠵᠠᠢᠯᠠᠭᠤᠯᠤᠨ ᠰᠢᠭᠤᠳ ᠰᠥᠩ ᠤᠯᠤᠰ ᠤ᠋ᠨ ᠤᠰᠤᠨ ᠴᠡᠷᠢᠭ ᠦ᠋ᠨ ᠵᠠᠬᠢᠷᠬᠤ ᠶᠡᠬᠡ ᠣᠩᠭᠣᠴᠠ ᠶ᠋ᠢᠨ ᠳᠡᠷᠭᠡᠳᠡ ᠬᠦᠷᠴᠦ ᠢᠷᠡᠪᠡᠰᠦ ᠰᠥᠩ ᠤᠯᠤᠰ ᠤ᠋ᠨ ᠶᠡᠬᠡ ᠵᠠᠩᠵᠤᠨ ᠵᠠᠩ ᠸᠸᠨ ᠴᠢᠩ ᠬᠣᠷᠢᠭᠯᠠᠰᠤᠭᠠᠢ ᠭᠡᠮᠡᠨ ᠬᠦᠷᠴᠦ ᠢᠷᠡᠭᠰᠡᠨ ᠳ᠋ᠦ᠍ᠷ ᠤᠷᠢᠶᠠᠩᠬᠠᠳᠠᠢ ᠦᠭᠡ ᠳᠠᠭᠤᠨ ᠦᠭᠡᠢ ᠣᠢᠷᠠᠲᠤᠵᠤ ᠣᠴᠢᠭᠠᠳ ᠭᠠᠭᠴᠠ ᠵᠢᠳᠠᠯᠠᠨ ᠮᠥᠷᠡᠨ ᠳ᠋ᠦ᠍ᠷ ᠣᠷᠣᠭᠤᠯᠪᠠ᠃ ᠰᠥᠩ ᠤᠯᠤᠰ ᠤ᠋ᠨ ᠴᠡᠷᠢᠭ ᠵᠠᠬᠢᠷᠬᠤ ᠬᠥᠮᠦᠰ ᠦᠭᠡᠢ ᠠᠶᠤᠨ ᠰᠠᠮᠠᠭᠤᠷᠠᠬᠤᠢ ᠳ᠋ᠤᠷ ᠮᠣᠩᠭᠣᠯ ᠤ᠋ᠨ ᠴᠡᠷᠢᠭ ᠵᠠᠪᠰᠢᠵᠤ ᠠᠯᠠᠵᠤ ᠣᠯᠵᠠᠯᠠᠭᠰᠠᠨ ᠠᠨᠤ ᠮᠠᠰᠢ ᠦᠯᠡᠮᠵᠢ᠃ ᠬᠤᠪᠢᠯᠠᠢ ᠬᠠᠨ ᠤ᠋ ᠴᠡᠷᠢᠭ ᠨᠠᠷᠠᠨ ᠰᠢᠩᠭᠡᠬᠦ ᠡᠴᠡ ᠡᠮᠦᠨ᠎ᠡ ᠮᠥᠷᠡᠨ ᠢ ᠭᠡᠲᠦᠯᠵᠦ ᠠᠩᠬ᠎ᠠ ᠡᠳᠦᠷ ᠦ᠋ᠨ ᠮᠥᠷᠡᠨ ᠭᠡᠲᠦᠯᠦᠭᠰᠡᠨ ᠳ᠋ᠦᠩ ᠸᠸᠨ ᠵᠦᠩ ᠦ᠋ᠨ ᠴᠡᠷᠢᠭ ᠯᠦ᠍ᠭᠡ ᠨᠡᠢᠯᠡᠵᠦ ᠬᠦᠷᠢᠶ᠎ᠡ ᠪᠠᠭᠤᠪᠠ᠃ ᠬᠠᠭᠠᠨ ᠤ᠋ ᠲᠡᠭᠷᠢ ᠪᠣᠯᠤᠭᠰᠠᠨ ᠮᠡᠳᠡᠭᠡ ᠶ᠋ᠢ ᠤᠷᠢᠶᠠᠩᠬᠠᠳᠠᠢ ᠣᠯᠵᠤ ᠬᠡᠰᠡᠭ ᠴᠡᠷᠢᠭ ᠢ᠋ᠶ᠋ᠡᠨ ᠲᠠᠨ ᠵᠧᠦ ᠳ᠋ᠦ᠍ᠷ ᠣᠷᠬᠢᠵᠤ ᠢᠷᠡᠭᠰᠡᠨ ᠢ᠋ ᠮᠡᠳᠡᠭᠦᠯᠪᠡᠰᠦ ᠬᠤᠪᠢᠯᠠᠢ ᠬᠠᠨ ᠴᠡᠷᠢᠭ ᠪᠤᠴᠠᠬᠤ ᠰᠠᠨᠠᠭ᠎ᠠ ᠦᠭᠡᠢ ᠲᠠᠨ ᠵᠧᠦ ᠳ᠋ᠡᠭᠡᠨ ᠪᠤᠴᠠᠵᠤ ᠲᠡᠨᠳᠡ ᠰᠠᠬᠢᠵᠤ ᠰᠠᠭᠤᠬᠤ ᠴᠡᠷᠢᠭ ᠢ᠋ᠶ᠋ᠡᠨ ᠠᠪᠴᠤ ᠬᠤᠸᠠᠩ ᠵᠧᠦ ᠶ᠋ᠢ ᠪᠠᠢᠯᠳᠤᠬᠤ ᠪᠠᠷ ᠪᠡᠯᠡᠳᠬᠡᠲᠦᠭᠡᠢ ᠭᠡᠮᠡᠨ ᠶᠠᠪᠤᠭᠤᠯᠤᠭᠠᠳ ᠣᠯᠵᠠᠯᠠᠭᠰᠠᠨ ᠴᠡᠷᠢᠭ ᠠᠷᠠᠳ ᠢ ᠬᠤᠪᠢᠯᠠᠢ ᠬᠠᠨ ᠴᠥᠮ ᠰᠠᠢᠨ ᠦᠭᠡ ᠪᠡᠷ ᠲᠣᠬᠣᠷᠤᠭᠤᠯᠤᠨ ᠲᠠᠯᠪᠢᠵᠤ ᠶᠠᠪᠤᠭᠤᠯᠤᠭᠠᠳ ᠴᠠᠴᠠᠷ ᠤ᠋ᠨ ᠪᠢᠴᠢᠭ ᠦ᠋ᠨ ᠲᠦᠰᠢᠮᠡᠯ ᠸᠠᠩ ᠴᠥᠩ ᠳ᠋ᠣᠣ᠂ ᠯᠢ ᠰᠥᠩ ᠵᠢᠶᠧ ᠲᠡᠷᠢᠭᠦᠲᠡᠨ ᠲᠠᠪᠢ ᠢᠯᠡᠭᠦᠦ ᠬᠥᠮᠦᠨ ᠢ ᠶᠠᠪᠤᠭᠤᠯᠵᠤ ᠧ ᠵᠧᠦ ᠶ᠋ᠢ ᠢᠯᠪᠢᠨ ᠳᠠᠭᠠᠭᠤᠯ ᠬᠡᠮᠡᠪᠡ᠃ ᠲᠡᠳᠡ ᠬᠣᠶᠠᠭᠤᠯᠠ ᠵᠠᠷᠯᠢᠭ ᠵᠥᠷᠢᠴᠡᠵᠦ ᠪᠣᠯᠬᠤ ᠦᠭᠡᠢ ᠪᠥᠭᠡᠳ ᠥᠷᠥᠰᠢᠶᠡᠯ ᠵᠢᠷᠤᠮᠲᠤ ᠴᠡᠷᠢᠭ ᠦ᠋ᠨ ᠲᠤᠬᠠᠢ ᠥᠭᠦᠯᠡᠳᠡᠭ ᠲᠤᠯᠠ ᠠᠷᠭ᠎ᠠ ᠦᠭᠡᠢ ᠠᠶᠤᠨ ᠡᠮᠢᠶᠡᠨ ᠧ ᠵᠧᠦ ᠬᠣᠲᠠ ᠶ᠋ᠢᠨ ᠬᠠᠭᠠᠯᠭ᠎ᠠ ᠬᠦᠷᠴᠦ ᠢᠷᠡᠭᠡᠳ ᠦᠭᠡ ᠳᠤᠤᠭᠠᠷᠴᠤ ᠠᠮᠵᠢᠬᠤ ᠠ᠋ᠴᠠ ᠡᠮᠦᠨ᠎ᠡ ᠡᠰᠡᠷᠭᠦ ᠡᠴᠡ ᠵᠡᠪᠡ ᠴᠢᠯᠠᠭᠤ ᠪᠣᠷᠣᠭᠠᠨ ᠮᠡᠲᠦ ᠪᠠᠭᠤᠭᠰᠠᠭᠠᠷ ᠸᠠᠩ ᠴᠥᠩ ᠳ᠋ᠣᠣ ᠮᠣᠷᠢ ᠠ᠋ᠴᠠ ᠪᠠᠨ ᠤᠨᠠᠵᠤ ᠪᠠᠷᠢᠭᠳᠠᠪᠠ᠃ ᠯᠢ ᠰᠥᠩ ᠵᠢᠶᠧ ᠲᠣᠯᠣᠭᠠᠢ ᠪᠠᠨ ᠲᠡᠪᠡᠷᠢᠵᠦ ᠮᠣᠷᠢ ᠬᠡᠢᠰᠬᠡᠨ ᠳᠤᠲᠠᠭᠠᠵᠤ ᠠᠷᠠᠢ ᠠᠮᠢ ᠭᠠᠷᠴᠤᠬᠤᠢ᠃ ᠬᠤᠪᠢᠯᠠᠢ ᠬᠠᠨ ᠥᠭᠦᠯᠡᠷᠦᠨ :《ᠳᠠᠢᠰᠤᠨ ᠲᠠᠨ ᠤ᠋ ᠣᠴᠢᠭᠰᠠᠨ ᠰᠠᠨᠠᠭ᠎ᠠ ᠶ᠋ᠢ ᠮᠡᠳᠡᠬᠦ ᠦᠭᠡᠢ ᠲᠤᠯᠠ ᠳᠠᠢᠰᠤᠩᠨᠠᠭᠰᠠᠨ ᠪᠤᠶᠤ᠃ ᠸᠠᠩ ᠴᠥᠩ ᠳ᠋ᠣᠣ ᠲᠡᠨᠳᠡ ᠬᠣᠴᠣᠷᠤᠭᠰᠠᠨ ᠲᠤᠯᠠ ᠯᠠᠪ ᠣᠴᠢᠭᠰᠠᠨ ᠰᠠᠨᠠᠭ᠎ᠠ ᠪᠠᠨ ᠥᠭᠦᠯᠡᠵᠦ ᠢᠯᠪᠢᠨ ᠳᠠᠭᠠᠭᠤᠯᠬᠤ ᠠᠨᠤ ᠪᠣᠯᠠᠢ᠃ ᠴᠢᠩ ᠲᠠ ᠳᠠᠬᠢᠨ ᠣᠴᠢᠵᠤ ᠮᠢᠨᠦ ᠴᠢᠩ ᠦᠨᠡᠨ ᠰᠡᠳᠬᠢᠯ ᠢ ᠮᠡᠳᠡᠭᠳᠡᠭᠲᠦᠨ ᠭᠡᠮᠡᠨ ᠯᠢ ᠰᠥᠩ ᠵᠢᠶᠧ ᠶ᠋ᠢ ᠳᠠᠬᠢᠨ ᠣᠴᠢᠭᠤᠯᠰᠤᠭᠠᠢ ᠬᠡᠮᠡᠬᠦᠢ ᠳ᠋ᠦ᠍ᠷ ᠯᠢ ᠰᠥᠩ ᠵᠢᠶᠧ ᠬᠠᠨ ᠤ᠋ ᠡᠮᠦᠨ᠎ᠡ ᠰᠥᠭᠦᠳᠴᠦ ᠵᠠᠷᠯᠢᠭ ᠬᠦᠯᠢᠶᠡᠬᠦ ᠦᠭᠡᠢ ᠳ᠋ᠦ᠍ᠷ ᠬᠠᠨ ᠬᠢᠯᠢᠩᠯᠡᠨ ᠪᠣᠯᠢᠪᠠ᠃ ᠤᠳᠠᠭᠰᠠᠨ ᠦᠭᠡᠢ ᠲᠤᠷᠰᠢᠭᠤᠯ ᠤ᠋ᠨ ᠬᠥᠮᠦᠰ ᠸᠠᠩ ᠴᠥᠩ ᠳ᠋ᠣᠣ ᠶ᠋ᠢ ᠴᠠᠪᠴᠢᠵᠤ ᠲᠡᠷᠢᠭᠦᠨ ᠢ ᠬᠣᠲᠠ ᠶ᠋ᠢᠨ ᠬᠠᠭᠠᠯᠭ᠎ᠠ ᠳ᠋ᠤᠷ ᠡᠯᠭᠦᠭᠰᠡᠨ ᠢ ᠮᠡᠳᠡᠭᠦᠯᠪᠡᠰᠦ : 《ᠣᠴᠢᠭᠰᠠᠨ ᠤᠴᠢᠷ ᠢ᠋ᠶ᠋ᠠᠨ ᠲᠣᠳᠣᠷᠬᠠᠢ ᠶᠠᠷᠢᠵᠤ ᠴᠢᠳᠠᠭᠰᠠᠨ ᠦᠭᠡᠢ ᠪᠤᠶᠤ 》ᠬᠡᠮᠡᠪᠡ᠃ ᠳ᠋ᠦᠩ ᠸᠸᠨ ᠫᠢᠩ ᠨᠠᠷ ᠬᠦᠴᠦᠯᠡᠨ ᠢᠳᠬᠠᠵᠤ ᠪᠢᠴᠢᠭ ᠦ᠋ᠨ ᠵᠣᠴᠢᠳ ᠤ᠋ᠨ ᠬᠡᠯᠡ ᠬᠣᠩᠰᠢᠶᠠᠷ ᠢ᠋ᠶ᠋ᠠᠷ ᠧ ᠵᠧᠦ ᠶ᠋ᠢ ᠠᠪᠴᠤ ᠪᠣᠯᠬᠤ ᠦᠭᠡᠢ ᠴᠡᠷᠢᠭ ᠬᠡᠷᠡᠭᠯᠡᠪᠡᠰᠦ ᠵᠣᠬᠢᠮᠤᠢ ᠭᠡᠮᠡᠨ ᠮᠡᠳᠡᠭᠦᠯᠪᠡᠰᠦ ᠰᠠᠶᠢ ᠧ ᠵᠧᠦ ᠶ᠋ᠢ ᠪᠦᠰᠡᠯᠡᠵᠦ ᠪᠠᠢᠯᠳᠤ ᠭᠡᠮᠡᠨ ᠵᠠᠷᠯᠢᠭ ᠥᠭᠴᠦ ᠧ ᠵᠧᠦ ᠬᠣᠲᠠ ᠶ᠋ᠢᠨ ᠵᠡᠭᠦᠨ ᠬᠣᠢᠲᠤ ᠥᠨᠳᠥᠷ ᠲᠣᠷ ᠶᠠᠨ ᠶᠦᠨ ᠲᠢᠩ ᠭᠡᠮᠡᠨ ᠬᠣᠷᠢᠨ ᠠᠯᠲᠠ ᠥᠨᠳᠥᠷ ᠲᠠᠭᠲᠤ ᠪᠠᠷᠢᠭᠤᠯᠵᠤ ᠲᠡᠨᠳᠡ ᠡᠴᠡ ᠬᠣᠲᠠ ᠶ᠋ᠢᠨ ᠳᠣᠲᠣᠷᠠᠬᠢ ᠪᠠᠢᠳᠠᠯ ᠢ ᠢᠯᠡ ᠦᠵᠡᠬᠦ ᠲᠤᠯᠠ ᠧ ᠵᠧᠦ ᠶ᠋ᠢᠨ ᠴᠡᠷᠢᠭ ᠮᠣᠷᠢ ᠶ᠋ᠢᠨ ᠬᠥᠳᠡᠯᠵᠦ ᠰᠢᠯᠵᠢᠭᠦᠯᠬᠦ ᠶ᠋ᠢ ᠳᠡᠷᠭᠡᠳᠡ ᠢᠨᠦ ᠪᠠᠢᠬᠤ ᠮᠡᠲᠦ ᠮᠡᠳᠡᠬᠦ ᠪᠣᠯᠪᠠᠢ ᠃ ᠨᠢᠭᠡᠨ ᠡᠳᠦᠷ ᠧ ᠵᠧᠦ ᠶ᠋ᠢᠨ ᠴᠥᠭᠡᠨ ᠴᠡᠷᠢᠭ ᠬᠣᠲᠠᠨ ᠠ᠋ᠴᠠ ᠭᠠᠷᠴᠤ ᠶᠠᠪᠤᠬᠤ ᠶ᠋ᠢ ᠣᠯᠵᠤ ᠦᠵᠡᠭᠡᠳ ᠤᠷᠢᠳᠴᠢᠯᠠᠨ ᠴᠡᠷᠢᠭ ᠪᠦᠭᠭᠦᠵᠦ ᠴᠥᠮ ᠢ ᠪᠠᠷᠢᠵᠤ ᠠᠪᠤᠭᠠᠳ ᠰᠢᠭᠦᠬᠦᠢ ᠳ᠋ᠦ᠍ᠷ ᠥᠭᠦᠯᠡᠭᠰᠡᠨ ᠢᠨᠤ᠄ 《ᠵᠢᠶᠠ ᠽᠢ ᠳ᠋ᠣᠣ ᠶ᠋ᠢᠨ ᠧ ᠵᠧᠦ ᠬᠣᠲᠠ ᠶ᠋ᠢ ᠲᠤᠰᠠᠯᠠᠷ᠎ᠠ ᠢᠯᠡᠭᠡᠭᠰᠡᠨ ᠴᠡᠷᠢᠭ ᠮᠠᠰᠢ ᠪᠠᠴᠢᠮ ᠤᠴᠢᠷ ᠠ᠋ᠴᠠ ᠰᠠᠮᠠᠭᠤᠨ ᠠᠷᠠᠳ ᠲᠤᠷ ᠠᠮᠤ ᠬᠦᠨᠡᠰᠦ ᠥᠭᠴᠦ ᠴᠤᠭᠯᠠᠭᠤᠯᠤᠭᠰᠠᠨ ᠠᠨᠤ ᠪᠣᠯᠠᠢ᠃ ᠰᠦᠷ ᠦᠵᠡᠭᠦᠯᠬᠦ ᠪᠣᠢ᠎ᠠ ᠂ ᠪᠠᠢᠯᠳᠤᠵᠤ ᠦᠯᠦ ᠪᠣᠯᠤᠮᠤᠢ 》ᠬᠡᠮᠡᠪᠡᠢ᠃ ᠡᠨᠡᠬᠦ ᠪᠠᠢᠳᠠᠯ ᠢ᠋ ᠬᠤᠪᠢᠯᠠᠢ ᠬᠠᠨ ᠮᠡᠳᠡᠭᠡᠳ ᠪᠣᠳᠣᠪᠠᠰᠤ ᠧ ᠵᠧᠦ ᠬᠣᠲᠠ ᠶ᠋ᠢ ᠬᠡᠳᠦᠢ ᠣᠯᠠᠨ ᠴᠡᠷᠢᠭ ᠵᠢᠷ ᠪᠠᠢᠯᠳᠤᠪᠠᠴᠤ ᠲᠦᠷ ᠡᠪᠳᠡᠵᠦ ᠴᠢᠳᠠᠬᠤ ᠦᠭᠡᠢ ᠲᠤᠯᠠ ᠪᠦᠰᠡᠯᠡᠵᠦ ᠪᠠᠢᠯᠳᠤᠬᠤ ᠴᠡᠷᠢᠭ ᠡᠴᠡ ᠨᠢᠭᠡᠨ ᠬᠡᠰᠡᠭ ᠬᠥᠮᠦᠨ ᠢ ᠲᠡᠳᠡᠨ ᠠᠪᠴᠤ ᠯᠢᠨ ᠵᠢᠶᠠᠩ ᠬᠣᠲᠠ ᠶ᠋ᠢ ᠪᠠᠢᠯᠳᠤᠭᠤᠯᠪᠠ᠃ ᠬᠣᠲᠠ ᠶ᠋ᠢᠨ ᠮᠡᠳᠡᠭᠴᠢ ᠴᠡᠷᠢᠭ ᠴᠥᠭᠡᠨ ᠵᠠᠩᠵᠤᠨ ᠮᠡᠬᠦᠰ ᠲᠤᠯᠠ ᠡᠰᠡᠷᠭᠦᠴᠡᠯ ᠪᠤᠰᠤ ᠪᠠᠨ ᠮᠡᠳᠡᠵᠦ ᠪᠠᠭᠤᠵᠤ ᠥᠭᠪᠡ᠃ ᠲᠡᠨᠳᠡ ᠡᠴᠡ ᠳ᠋ᠤᠸᠠᠨ ᠵᠧᠦ ᠶ᠋ᠢ ᠪᠠᠢᠯᠳᠤᠭᠤᠯᠬᠤᠢ ᠳ᠋ᠤᠷ ᠵᠧᠦ ᠶ᠋ᠢᠨ ᠮᠡᠳᠡᠭᠴᠢ ᠴᠸᠨ ᠴᠠᠩ ᠰᠢ ᠦᠬᠦᠬᠦ ᠪᠡᠷ ᠰᠢᠳᠤᠷᠭᠤ ᠶ᠋ᠢ ᠭᠦᠢᠴᠡᠳᠬᠡᠰᠦᠭᠡᠢ ᠬᠡᠮᠡᠭᠰᠡᠨ ᠳ᠋ᠦ᠍ᠷ ᠂ ᠬᠣᠲᠠ ᠶ᠋ᠢᠨ ᠠᠷᠠᠳ ᠤ᠋ᠳ ᠤ᠋ᠨ ᠬᠦᠨᠳᠦ ᠶ᠋ᠢ ᠣᠯᠤᠭᠰᠠᠨ ᠲᠤᠯᠠ ᠲᠡᠭᠦᠨ ᠦ᠌ ᠦᠬᠦᠬᠦ ᠶ᠋ᠢ ᠡᠷᠡᠰ ᠬᠣᠷᠢᠭᠯᠠᠨ ᠠᠷᠠᠳ ᠣᠯᠠᠨ ᠬᠣᠲᠠᠨ ᠠ᠋ᠴᠠ ᠳᠠᠮᠨᠠᠨ ᠭᠠᠷᠴᠤ ᠠᠮᠢᠨ ᠢ ᠠᠪᠤᠷᠠᠪᠠ᠃ ᠮᠣᠩᠭᠣᠯ ᠤ᠋ᠨ ᠲᠠᠪᠤᠨ ᠵᠠᠮ ᠤ᠋ᠨ ᠴᠡᠷᠢᠭ ᠬ᠌ᠸ ᠵᠧᠦ ᠂ ᠧ ᠵᠧᠦ ᠶ᠋ᠢ ᠪᠦᠰᠡᠯᠡᠵᠦ ᠴᠢᠦᠢ ᠵᠧᠦ ᠂ ᠲᠠᠨ ᠵᠧᠦ ᠶ᠋ᠢ ᠴᠥᠮ ᠠᠪᠴᠤ ᠣᠳᠣ ᠬᠤᠸᠠᠩ ᠵᠧᠦ ᠶ᠋ᠢ ᠰᠦᠷᠳᠡᠭᠦᠯᠦᠨ ᠠᠶᠤᠯ ᠯᠢᠨ ᠠᠨ ᠳ᠋ᠤᠷ ᠬᠦᠷᠴᠦ ᠢᠷᠡᠬᠦ ᠪᠣᠯᠤᠭᠰᠠᠨ ᠳ᠋ᠤᠷ ᠰᠥᠩ ᠦ᠋ᠨ ᠪᠠᠷᠠᠭᠤᠨ ᠭᠠᠷᠤᠨ ᠴᠧᠩᠰᠢᠶᠠᠩ ᠳ᠋ᠢᠩ ᠳᠡ ᠴᠤᠸᠠᠨ ᠥᠩᠭᠡᠷᠡᠭᠰᠡᠨ ᠳ᠋ᠦ᠍ᠷ ᠮᠣᠩᠭᠣᠯ ᠤ᠋ᠨ ᠶᠠᠯ᠎ᠠ ᠠᠰᠠᠭᠤᠷ᠎ᠠ ᠢᠷᠡᠭᠰᠡᠨ ᠡᠯᠴᠢ ᠶ᠋ᠢᠨ ᠲᠤᠬᠠᠢ ᠨᠢᠭᠤᠴᠠ ᠶ᠋ᠢ ᠳᠠᠷᠤᠵᠤ ᠡᠵᠡᠨ ᠳ᠋ᠡᠭᠡᠨ ᠮᠡᠳᠡᠭᠦᠯᠦᠭᠰᠡᠨ ᠦᠭᠡᠢ᠂ ᠡᠳᠦᠭᠡ ᠤᠴᠢᠷ ᠪᠠᠴᠢᠮ ᠪᠣᠯᠵᠤ ᠬᠡᠷᠡᠭ ᠨᠢᠭᠡᠨᠲᠡ ᠯᠡᠪᠡᠷᠡᠵᠦ ᠲᠥᠷᠥ ᠪᠠ ᠡᠭᠡᠯ ᠠᠷᠠᠳ ᠴᠥᠮ ᠮᠡᠳᠡᠭᠰᠡᠨ ᠲᠤᠯᠠ ᠳᠠᠷᠤᠵᠤ ᠴᠢᠳᠠᠬᠤ ᠦᠭᠡᠢ ᠪᠣᠯᠵᠤ ᠡᠰᠡ ᠠᠢᠯᠠᠳᠬᠠᠪᠠᠰᠤ ᠦᠯᠦ ᠪᠣᠯᠬᠤ ᠲᠤᠯᠠ ᠠᠢᠯᠠᠳᠬᠠᠯ ᠪᠠᠴᠢᠵᠤ ᠮᠡᠳᠡᠭᠦᠯᠦᠭᠡᠳ ᠳᠠᠭᠠᠯᠳᠤᠭᠤᠯᠤᠨ ᠲᠤᠰᠢᠶᠠᠯ ᠠ᠋ᠴᠠ ᠪᠠᠨ ᠴᠢᠯᠥᠭᠡᠯᠡᠬᠦ ᠶ᠋ᠢ ᠭᠤᠶᠤᠭᠰᠠᠨ ᠳ᠋ᠤᠷ ᠰᠥᠩ ᠦ᠋ᠨ ᠬᠠᠭᠠᠨ ᠳ᠋ᠢᠩ ᠳᠡ ᠴᠤᠸᠠᠨ ᠢ᠋ ᠲᠤᠰᠢᠶᠠᠯ ᠠ᠋ᠴᠠ ᠬᠥᠭᠡᠭᠡᠵᠦ ᠦ ᠴᠢᠶᠠᠨ ᠢ᠋ ᠵᠡᠭᠦᠨ ᠭᠠᠷᠤᠨ ᠴᠧᠩᠰᠢᠶᠠᠩ ᠡᠷᠭᠦᠮᠵᠢᠯᠡᠨ ᠪᠠᠷᠠᠭᠤᠨ ᠭᠠᠷᠤᠨ ᠴᠧᠩᠰᠢᠶᠠᠩ ᠤ᠋ᠨ ᠲᠤᠰᠢᠶᠠᠯ ᠢ ᠰᠢᠭᠤᠳ ᠵᠢᠶᠠ ᠽᠢ ᠳ᠋ᠣᠣ ᠳ᠋ᠤᠷ ᠥᠭᠴᠦ ᠶᠡᠬᠡ ᠴᠡᠷᠢᠭ ᠳᠠᠢᠴᠢᠯᠠᠭᠤᠯᠤᠨ ᠬᠠᠨ ᠶᠠᠩ ᠳ᠋ᠤᠷ ᠰᠠᠭᠤᠵᠤ ᠧ ᠵᠧᠦ ᠶ᠋ᠢ ᠲᠤᠰᠠᠯᠠᠭᠲᠤᠨ ᠭᠡᠮᠡᠨ ᠶᠠᠪᠤᠭᠤᠯᠵᠤᠬᠤᠢ᠃ ᠮᠣᠩᠭᠣᠯ ᠤ᠋ᠨ ᠴᠡᠷᠢᠭ ᠭᠠᠪᠰᠢᠭᠠᠢᠯᠠᠨ ᠪᠠᠢᠯᠳᠤᠬᠤ ᠮᠡᠳᠡᠭᠡ ᠲᠡᠰᠦᠷᠡᠰᠢ ᠦᠭᠡᠢ ᠬᠦᠷᠴᠦ ᠢᠷᠡᠬᠦᠢ ᠳ᠋ᠦ᠍ᠷ ᠰᠥᠩ ᠤᠯᠤᠰ ᠤ᠋ᠨ ᠯᠢ ᠽᠦᠩ ᠬᠠᠭᠠᠨ ᠳ᠋ᠦᠩ ᠰᠥᠩ ᠴᠧᠨ ᠨᠠᠷ ᠤ᠋ᠨ ᠦᠭᠡᠨ ᠳ᠋ᠦ᠍ᠷ ᠣᠷᠣᠵᠤ ᠨᠡᠢᠰᠯᠡᠯ ᠢ᠋ᠶ᠋ᠡᠨ ᠲᠠᠯᠪᠢᠨ ᠥᠭᠴᠦ ᠭᠠᠷᠴᠤ ᠳᠤᠲᠠᠭᠠᠰᠤᠭᠠᠢ ᠬᠡᠮᠡᠭᠰᠡᠨ ᠳ᠋ᠦ᠍ᠷ ᠣᠯᠠᠨ ᠲᠦᠰᠢᠮᠡᠳ ᠦᠬᠦᠨ ᠬᠣᠷᠢᠭᠯᠠᠵᠤ ᠵᠣᠭᠰᠣᠭᠠᠪᠠᠢ᠃
ᠲᠡᠳᠦᠢ ᠳ᠋ᠦ᠍ᠷ ᠶᠡᠬᠡ ᠵᠠᠩᠵᠤᠨ ᠤᠷᠢᠶᠠᠩᠬᠠᠳᠠᠢ ᠰᠥᠩ ᠤᠯᠤᠰ ᠤ᠋ᠨ ᠡᠮᠦᠨᠡᠲᠦ ᠵᠠᠬ᠎ᠠ ᠪᠠᠷ ᠣᠷᠣᠵᠤ ᠲᠠᠨ ᠵᠧᠦ ᠶ᠋ᠢ ᠰᠠᠭᠤᠷᠢᠨ ᠪᠣᠯᠭᠠᠨ ᠬᠤᠸᠠᠩ ᠵᠧᠦ ᠶ᠋ᠢ ᠰᠦᠷᠳᠡᠭᠦᠯᠬᠦᠢ ᠳ᠋ᠦ᠍ᠷ ᠵᠢᠶᠠᠩ ᠱᠢ ᠶ᠋ᠢᠨ ᠭᠠᠵᠠᠷ ᠴᠥᠮ ᠳᠣᠯᠭᠢᠰᠴᠤ ᠬᠥᠮᠦᠨ ᠦ᠌ ᠰᠡᠳᠬᠢᠯ ᠠᠮᠤᠷ ᠦᠭᠡᠢ ᠪᠣᠯᠤᠭᠰᠠᠨ ᠲᠤᠯᠠ ᠰᠥᠩ ᠦ᠋ᠨ ᠡᠵᠡᠨ ᠦ ᠴᠢᠶᠠᠨ ᠤ᠋ ᠦᠭᠡᠨ ᠳ᠋ᠦ᠍ᠷ ᠣᠷᠣᠵᠤ ᠵᠢᠶᠠ ᠽᠢ ᠳ᠋ᠣᠣ ᠶ᠋ᠢ ᠬᠠᠨ ᠶᠠᠩ ᠠ᠋ᠴᠠ ᠲᠦᠷᠭᠡᠨ ᠣᠴᠢᠵᠤ ᠬᠤᠸᠠᠩ ᠵᠧᠦ ᠶ᠋ᠢ ᠲᠤᠰᠠᠯᠠᠭᠲᠤᠨ ᠭᠡᠮᠡᠨ ᠵᠠᠷᠯᠢᠭ ᠪᠣᠯᠪᠠ᠃ ᠵᠢᠶᠠ ᠽᠢ ᠳ᠋ᠣᠣ ᠤᠷᠢᠶᠠᠩᠬᠠᠳᠠᠢ ᠶ᠋ᠢᠨ ᠠᠯᠳᠠᠷ ᠢ ᠰᠣᠨᠣᠰᠴᠤ ᠠᠶᠤᠯᠲᠠᠢ ᠭᠡᠮᠡᠨ ᠮᠡᠳᠡᠪᠡᠴᠦ ᠡᠵᠡᠨ ᠦ᠌ ᠵᠠᠷᠯᠢᠭ ᠲᠤᠯᠠ ᠠᠷᠭ᠎ᠠ ᠪᠤᠰᠤ ᠬᠠᠨ ᠶᠠᠩ ᠠ᠋ᠴᠠ ᠬᠤᠸᠠᠩ ᠵᠧᠦ ᠳ᠋ᠦ᠍ᠷ ᠰᠢᠯᠵᠢᠪᠡᠢ᠃ ᠲᠡᠳᠦᠢ ᠳ᠋ᠦ᠍ᠷ ᠧ ᠵᠧᠦ ᠶ᠋ᠢᠨ ᠪᠠᠴᠢᠮ ᠮᠡᠳᠡᠭᠡ ᠢᠷᠡᠬᠦ ᠪᠡᠷ ᠦᠯᠦ ᠪᠠᠷᠠᠨ ᠤᠷᠢᠶᠠᠩᠬᠠᠳᠠᠢ ᠲᠠᠨ ᠵᠧᠦ ᠡᠴᠡ ᠬᠤᠸᠠᠩ ᠵᠧᠦ ᠶ᠋ᠢ ᠪᠠᠢᠯᠳᠤᠷ᠎ᠠ ᠢᠷᠡᠬᠦ ᠵᠠᠮ ᠳᠠᠭᠠᠤ ᠬᠠᠨ ᠴᠢᠦᠢ ᠵᠡᠷᠭᠡ ᠵᠧᠦ ᠵᠢᠶᠦ᠋ᠨ ᠢ ᠴᠢᠬᠢᠷᠰᠦ ᠡᠪᠬᠡᠬᠦ ᠮᠡᠲᠦ ᠡᠪᠬᠡᠨ ᠠᠪᠬᠤ ᠪᠠ ᠲᠦᠮᠡᠨ ᠦ᠌ ᠨᠣᠶᠠᠨ ᠪᠤᠷᠤᠴᠠᠭᠠᠨ ᠢᠦᠢ ᠭᠤᠸᠠᠨ ᠪᠣᠭᠣᠮᠲᠠ ᠶ᠋ᠢ ᠡᠷ᠎ᠡ ᠭᠠᠢᠬᠠᠭᠤᠯᠤᠨ ᠪᠠᠢᠯᠳᠤᠨ ᠠᠪᠴᠤ ᠣᠷᠣᠵᠤ ᠢᠷᠡᠭᠡᠳ ᠠᠨ ᠶᠠᠩ ᠤ᠋ᠨ ᠵᠠᠮ ᠢ᠋ᠶ᠋ᠠᠷ ᠸᠠᠨ ᠴᠧᠩ ᠢ᠋ ᠴᠢᠭᠯᠡᠨ ᠵᠠᠮ ᠳᠠᠭᠠᠤ ᠵᠧᠦ ᠵᠢᠶᠦ᠋ᠨ ᠢ ᠳᠠᠭᠠᠭᠤᠯᠤᠨ ᠠᠪᠴᠤ ᠶᠠᠪᠤᠬᠤ ᠵᠡᠷᠭᠡ ᠮᠡᠳᠡᠭᠡ ᠳᠠᠮ ᠳᠠᠮ ᠢ᠋ᠶ᠋ᠠᠷ ᠢᠷᠡᠬᠦᠢ ᠳ᠋ᠦ᠍ᠷ ᠨᠢᠭᠡ ᠵᠢᠶᠠ ᠽᠢ ᠳ᠋ᠣᠣ ᠪᠠᠢᠲᠤᠭᠠᠢ ᠠᠷᠪᠠᠨ ᠵᠢᠶᠠ ᠽᠢ ᠳ᠋ᠣᠣ ᠪᠣᠯᠪᠠᠴᠤ ᠬᠦᠷᠦᠯᠴᠡᠬᠦ ᠦᠭᠡᠢ ᠲᠤᠯᠠ ᠵᠢᠶᠠ ᠽᠢ ᠳ᠋ᠣᠣ ᠨᠢᠭᠡᠨ ᠠᠷᠭ᠎ᠠ ᠪᠣᠳᠣᠵᠤ ᠣᠯᠤᠭᠠᠳ ᠰᠡᠳᠬᠢᠯ ᠵᠢᠷᠦᠬᠡᠨ ᠦ᠌ ᠬᠥᠮᠦᠨ ᠰᠥᠩ ᠵᠢᠩ ᠢ ᠡᠯᠴᠢ ᠪᠣᠯᠭᠠᠨ ᠬᠤᠪᠢᠯᠠᠢ ᠬᠠᠨ ᠤ᠋ ᠴᠠᠴᠠᠷ ᠲᠤᠷ ᠶᠠᠪᠤᠭᠤᠯᠵᠤ ᠵᠢᠯ ᠪᠦᠷᠢ ᠮᠥᠩᠭᠥ ᠬᠣᠷᠢᠨ ᠲᠠᠪᠤᠨ ᠲᠦᠮᠡᠨ ᠬᠡᠰᠡᠭ ᠂ ᠪᠥᠰ ᠪᠠᠷᠠᠭ᠎ᠠ ᠬᠣᠷᠢᠨ ᠲᠠᠪᠤᠨ ᠲᠦᠮᠡᠨ ᠵᠠᠬ᠎ᠠ ᠠᠯᠪᠠ ᠪᠠᠷᠢᠵᠤ ᠮᠥᠷᠡᠨ ᠦ᠌ ᠬᠣᠢᠲᠤ ᠵᠧᠦ ᠵᠢᠶᠦ᠋ᠨ ᠢ ᠴᠥᠮ ᠮᠣᠩᠭᠣᠯ ᠳ᠋ᠤᠷ ᠥᠭᠰᠦᠭᠡᠢ ᠭᠡᠮᠡᠨ ᠭᠣᠶᠣᠬᠤᠢ ᠳ᠋ᠤᠷ ᠬᠤᠪᠢᠯᠠᠢ ᠬᠠᠨ ᠡᠬᠢᠯᠡᠭᠡᠳ ᠵᠥᠪᠰᠢᠶᠡᠷᠡᠬᠦ ᠦᠭᠡᠢ ᠪᠠᠢᠵᠤ ᠪᠣᠳᠣᠪᠠᠰᠤ ᠤᠯᠤᠰ ᠤ᠋ᠨ ᠳᠣᠲᠣᠭᠠᠳᠤ ᠳ᠋ᠤᠷ ᠶᠡᠬᠡ ᠭᠠᠰᠢᠭᠤᠳᠠᠯ ᠪᠣᠢ ᠪᠥᠭᠡᠳ ᠳᠣᠣᠷᠠᠬᠢ ᠠᠷᠠᠳ ᠴᠥᠮ ᠬᠠᠭᠠᠨ ᠰᠢᠷᠡᠭᠡ ᠶ᠋ᠢ ᠡᠵᠡᠯᠡᠬᠦ ᠪᠡᠷ ᠶᠠᠪᠤᠪᠠᠰᠤ ᠵᠣᠬᠢᠮᠤᠢ ᠭᠡᠮᠡᠨ ᠢᠳᠬᠠᠬᠤ ᠲᠤᠯᠠ ᠰᠡᠳᠬᠢᠯ ᠬᠥᠳᠡᠯᠵᠦ ᠶᠠᠭᠠᠷᠠᠨ ᠡᠶᠡᠳᠡᠰᠦᠭᠡᠢ ᠭᠡᠮᠡᠨ ᠴᠡᠷᠢᠭ ᠲᠠᠲᠠᠬᠤ ᠪᠠᠷ ᠲᠣᠭᠲᠠᠪᠠ᠃
ᠥᠭᠦᠯᠡᠬᠦ ᠢᠨᠦ ᠮᠣᠩᠭᠣᠯ ᠤ᠋ᠨ ᠲᠦᠮᠡᠨ ᠦ᠌ ᠨᠣᠶᠠᠨ ᠵᠠᠩ ᠿᠧᠦ ᠶ᠋ᠢᠨ ᠴᠡᠷᠢᠭ ᠮᠥᠨ ᠬᠦᠷᠴᠦ ᠢᠷᠡᠭᠰᠡᠨ ᠲᠤᠯᠠ ᠧ ᠵᠧᠦ ᠶ᠋ᠢ ᠪᠠᠢᠯᠳᠤᠬᠤ ᠶ᠋ᠢ ᠵᠠᠩ ᠿᠧᠦ ᠳ᠋ᠦ᠍ᠷ ᠲᠤᠰᠢᠶᠠᠨ ᠶᠡᠬᠡ ᠵᠠᠩᠵᠤᠨ ᠪᠠᠭᠠᠲᠤᠷ ᠢ ᠤᠰᠤᠨ ᠵᠠᠮ ᠢ᠋ᠶ᠋ᠠᠷ ᠣᠷᠣᠵᠤ ᠶᠣᠣ ᠵᠧᠦ ᠶ᠋ᠢ ᠪᠠᠢᠯᠳᠤᠮᠤᠢ ᠭᠡᠮᠡᠨ ᠲᠡᠳᠡᠨ ᠠᠪᠴᠤ ᠶᠠᠪᠤᠭᠤᠯᠪᠠᠰᠤ ᠰᠥᠩ ᠤᠯᠤᠰ ᠤ᠋ᠨ ᠵᠠᠩᠵᠤᠨ ᠯᠢᠦᠢ ᠸᠸᠨ ᠳᠧ ᠴᠥᠩ ᠴᠢᠩ ᠡᠴᠡ ᠴᠡᠷᠢᠭ ᠠᠪᠴᠤ ᠢᠷᠡᠬᠦᠢ ᠳ᠋ᠦ᠍ᠷ ᠰᠠᠨᠠᠮᠰᠠᠷ ᠦᠭᠡᠢ ᠵᠠᠮ ᠳ᠋ᠤᠷ ᠲᠣᠬᠢᠶᠠᠯᠳᠤᠭᠰᠠᠨ ᠲᠤᠯᠠ ᠤᠭᠲᠤᠯᠴᠠᠨ ᠪᠠᠢᠯᠳᠤᠵᠤ ᠥᠷᠯᠥᠭᠡ ᠡᠴᠡ ᠨᠠᠷᠠᠨ ᠰᠢᠩᠭᠡᠲᠡᠯ᠎ᠡ ᠬᠦᠴᠦ ᠲᠡᠩᠴᠡᠨ ᠵᠢᠭᠤᠷᠠᠯᠳᠤᠨ ᠴᠠᠪᠴᠢᠯᠳᠤᠭᠠᠳ ᠲᠠᠢᠯᠤᠨ ᠳᠡᠢᠯᠦᠭᠳᠡᠬᠦ ᠢᠯᠭᠠᠷᠠᠭᠰᠠᠨ ᠦᠭᠡᠢ ᠴᠡᠷᠢᠭ ᠬᠣᠷᠢᠶᠠᠨ ᠵᠢᠴᠢ ᠡᠳᠦᠷ ᠪᠠᠢᠯᠳᠤᠰᠤᠭᠠᠢ ᠬᠡᠮᠡᠭᠰᠡᠨ ᠳ᠋ᠦ᠍ᠷ ᠲᠡᠷᠡ ᠰᠥᠨᠢ ᠯᠢᠦᠢ ᠸᠸᠨ ᠳᠧ ᠧ ᠵᠧᠦ ᠳ᠋ᠦ᠍ᠷ ᠳᠤᠲᠠᠭᠠᠨ ᠣᠷᠣᠪᠠ ᠃
ᠬᠤᠪᠢᠯᠠᠢ ᠲᠠᠨ ᠧ ᠵᠧᠦ ᠳ᠋ᠦ᠍ᠷ ᠵᠢᠶᠠ ᠽᠢ ᠳ᠋ᠣᠣ ᠯᠤᠭ᠎ᠠ ᠡᠶᠡᠳᠡᠬᠦ ᠭᠡᠷ᠎ᠡ ᠪᠠᠢᠭᠤᠯᠬᠤ ᠪᠠᠷ ᠴᠡᠷᠢᠭ ᠲᠠᠲᠠᠬᠤ ᠤᠴᠢᠷ ᠢ᠋ ᠴᠠᠴᠠᠷ ᠤ᠋ᠨ ᠣᠯᠠᠨ ᠯᠤᠭ᠎ᠠ ᠪᠠᠨ ᠵᠥᠪᠳᠡᠯᠴᠡᠵᠦ ᠪᠣᠢ ᠳ᠋ᠤᠷ ᠬᠤᠪᠢᠯᠠᠢ ᠬᠠᠨ ᠤ᠋ ᠬᠠᠲᠤᠨ ᠤ᠋ ᠡᠯᠴᠢ ᠲᠣᠭᠣᠨᠢᠮᠡᠭᠡᠨ ᠢᠷᠡᠵᠦ ᠤᠷᠢᠳᠤ ᠲᠥᠷᠥ ᠶ᠋ᠢᠨ ᠣᠯᠠᠨ ᠲᠦᠰᠢᠮᠡᠳ ᠠᠯᠠᠨᠳᠠᠷ ᠂ ᠬᠦᠨᠳᠦᠭᠡᠢ ᠂ ᠲᠡᠭᠦᠰ ᠂ ᠳᠣᠯᠢᠨᠴᠢ ᠨᠠᠷ ᠠᠷᠢᠭᠪᠦ᠋ᠬᠡ ᠬᠠᠨ ᠢ ᠡᠷᠭᠦᠵᠦ ᠬᠠᠭᠠᠨ ᠰᠠᠭᠤᠷᠢᠨ ᠳ᠋ᠤᠷ ᠰᠠᠭᠤᠯᠭᠠᠬᠤ ᠰᠠᠨᠠᠭ᠎ᠠ ᠲᠠᠢ ᠭᠡᠮᠡᠨ ᠪᠠᠰᠠ ᠠᠯᠠᠨᠳᠠᠷ ᠠᠷᠤ ᠠ᠋ᠴᠠ ᠴᠡᠷᠢᠭ ᠠᠪᠴᠤ ᠺᠠᠢ ᠫᠢᠩ ᠢ᠋ ᠴᠢᠭᠯᠡᠪᠡ᠃ ᠳᠣᠯᠢᠨᠴᠢ ᠭᠣᠪᠢ ᠶ᠋ᠢᠨ ᠡᠮᠦᠨ᠎ᠡ ᠣᠯᠠᠨ ᠵᠧᠦ ᠪᠡᠷ ᠴᠡᠷᠢᠭ ᠡᠯᠰᠡᠵᠦ ᠶᠠᠪᠤᠬᠤ ᠶ᠋ᠢ ᠮᠡᠳᠡᠭᠦᠯᠪᠡᠢ᠃ ᠲᠡᠢᠨ ᠬᠦ᠌ ᠬᠤᠪᠢᠯᠠᠢ ᠬᠠᠨ ᠶᠠᠭᠠᠷᠠᠵᠤ ᠡᠶᠡᠳᠡᠬᠦ ᠭᠡᠷ᠎ᠡ ᠪᠠᠢᠭᠤᠯᠵᠤ ᠠᠮᠵᠢᠭᠰᠠᠨ ᠦᠭᠡᠢ ᠤᠯᠠᠭᠠᠴᠢᠨ ᠲᠠᠤᠯᠠᠢ ᠡᠳᠦᠷ ᠨᠢᠦ ᠲᠧᠦ ᠱᠠᠨ ᠠᠭᠤᠯᠠᠨ ᠠ᠋ᠴᠠ ᠮᠣᠷᠳᠠᠭᠠᠳ ᠯᠢᠨ ᠠᠨ ᠢ ᠠᠪᠤᠷᠠ ᠣᠴᠢᠮᠤᠢ ᠭᠡᠮᠡᠨ ᠴᠤᠤ ᠲᠠᠷᠬᠠᠭᠠᠵᠤ ᠶᠡᠬᠡ ᠵᠠᠩᠵᠤᠨ ᠪᠠᠭᠠᠲᠤᠷ ᠢ᠋ᠶ᠋ᠠᠷ ᠣᠯᠠᠨ ᠵᠠᠮ ᠤ᠋ᠨ ᠴᠡᠷᠢᠭ ᠢ ᠳᠠᠢᠴᠢᠯᠠᠭᠤᠯᠤᠨ ᠮᠣᠷᠳᠠᠭᠠᠳ ᠢᠯᠡᠭᠦᠦ ᠰᠠᠷ᠎ᠠ ᠶ᠋ᠢᠨ ᠴᠠᠭᠠᠨ ᠮᠣᠷᠢ ᠡᠳᠦᠷ ᠮᠥᠷᠡᠨ ᠤ ᠬᠥᠪᠡᠭᠡᠨ ᠳ᠋ᠦ᠍ᠷ ᠬᠦᠷᠴᠦ ᠲᠡᠨᠳᠡ ᠡᠴᠡ ᠵᠠᠩ ᠸᠸᠨ ᠴᠢᠶᠠᠨ ᠢ ᠪᠤᠴᠠᠭᠠᠨ ᠧ ᠵᠧᠦ ᠳ᠋ᠦ᠍ᠷ ᠠᠬᠤ ᠣᠯᠠᠨ ᠵᠠᠩᠵᠤᠨ ᠴᠡᠷᠢᠭ ᠢ ᠵᠢᠷᠭᠤᠭᠠᠨ ᠡᠳᠦᠷ ᠦ᠋ᠨ ᠳᠠᠷᠠᠭ᠎ᠠ ᠧ ᠵᠧᠦ ᠶ᠋ᠢ ᠣᠷᠬᠢᠵᠤ ᠴᠡᠷᠢᠭ ᠲᠠᠲᠠᠵᠤ ᠬᠤᠸᠠᠩ ᠵᠧᠦ ᠶ᠋ᠢ ᠬᠠᠮᠠᠭᠠᠯᠠᠵᠤ ᠰᠠᠭᠤ ᠭᠡᠮᠡᠨ ᠵᠠᠷᠯᠢᠭ ᠥᠭᠴᠦ ᠵᠠᠩ ᠸᠸᠨ ᠴᠢᠶᠠᠨ ᠢ ᠪᠠᠭᠤᠵᠤ ᠥᠭᠭᠦᠭᠰᠡᠨ ᠴᠡᠷᠢᠭ ᠠᠷᠠᠳ ᠬᠣᠶᠠᠷ ᠲᠦᠮᠡ ᠢᠯᠡᠭᠦᠦ ᠬᠥᠮᠦᠨ ᠢ ᠠᠪᠴᠤ ᠲᠦᠷᠭᠡᠨ ᠮᠥᠷᠡᠨ ᠭᠡᠲᠦᠯ ᠭᠡᠮᠡᠨ ᠪᠠᠰᠠ ᠡᠯᠴᠢ ᠶᠠᠪᠤᠭᠤᠯᠵᠤ ᠤᠷᠢᠶᠠᠩᠬᠠᠳᠠᠢ ᠶ᠋ᠢ ᠵᠠᠪᠳᠤᠵᠤ ᠪᠤᠴᠠᠵᠤ ᠢᠷᠡᠭᠲᠦᠨ ᠬᠡᠮᠡᠪᠡ᠃ ᠲᠡᠳᠦᠢ ᠳ᠋ᠦ᠍ᠷ ᠰᠥᠩ ᠤᠯᠤᠰ ᠤ᠋ᠨ ᠪᠠᠷᠠᠭᠤᠨ ᠭᠠᠷᠤᠨ ᠴᠧᠩᠰᠢᠶᠠᠩ ᠵᠢᠶᠠ ᠽᠢ ᠳ᠋ᠣᠣ ᠳᠠᠬᠢᠨ ᠡᠯᠴᠢ ᠰᠥᠩ ᠵᠢᠩ ᠢ᠋ ᠢᠷᠡᠭᠦᠯᠵᠦ ᠡᠶᠡᠳᠡᠬᠦ ᠶ᠋ᠢ ᠭᠤᠶᠤᠴᠢᠯᠠᠭᠰᠠᠨ ᠳ᠋ᠤᠷ ᠬᠤᠪᠢᠯᠠᠢ ᠬᠠᠨ ᠨᠢᠭᠡᠨᠲᠡ ᠮᠣᠷᠳᠠᠭᠰᠠᠨ ᠲᠤᠯᠠ ᠲᠦᠰᠢᠮᠡᠯ ᠵᠣᠣ ᠪᠢ ᠨᠠᠷ ᠤᠰᠤᠨ ᠤ᠋ ᠠᠶ᠎ᠠ ᠪᠠᠷ ᠣᠩᠭᠣᠴᠠ ᠲᠦᠯᠬᠢᠨ :《ᠲᠠ ᠠᠷᠠᠳ ᠢᠷᠭᠡᠳ ᠦ᠋ᠨ ᠲᠥᠯᠥᠭᠡ ᠡᠶᠡᠳᠡᠬᠦ ᠶ᠋ᠢ ᠭᠤᠶᠤᠴᠢᠯᠠᠬᠤ ᠠᠨᠤ ᠰᠠᠢᠨ ᠰᠠᠨᠠᠭ᠎ᠠ ᠪᠣᠯᠠᠢ᠃ ᠬᠠᠨ ᠵᠠᠷᠯᠢᠭ ᠢ᠋ᠶ᠋ᠠᠷ ᠡᠮᠦᠨᠡᠲᠦ ᠶ᠋ᠢ ᠪᠠᠢᠯᠳᠤᠬᠤ ᠲᠤᠯᠠ ᠡᠵᠡᠨ ᠦ᠌ ᠵᠥᠪᠰᠢᠶᠡᠷᠡᠯ ᠦᠭᠡᠢ ᠦᠯᠦ ᠪᠣᠯᠤᠮᠤᠢ᠃ ᠰᠥᠩ ᠤᠯᠤᠰ ᠦᠨᠡᠨ ᠰᠡᠳᠬᠢᠯ ᠪᠣᠢ ᠪᠥᠭᠡᠰᠦ ᠲᠥᠷᠥ ᠳ᠋ᠦ᠍ᠷ ᠮᠡᠳᠡᠭᠦᠯᠵᠦ ᠪᠣᠯᠲᠤᠭᠠᠢ 》ᠭᠡᠮᠡᠨ ᠪᠤᠴᠠᠭᠠᠪᠠ᠃
ᠥᠭᠦᠯᠡᠬᠦ ᠢᠨᠦ ᠮᠥᠩᠬᠡ ᠬᠠᠭᠠᠨ ᠰᠢᠷᠠᠭᠴᠢᠨ ᠬᠣᠨᠢᠨ ᠵᠢᠯ ᠦ᠋ᠨ ᠵᠢᠷᠭᠤᠭᠠᠨ ᠰᠠᠷ᠎ᠠ ᠳ᠋ᠤᠷ ᠴᠢᠯᠡᠭᠡᠲᠡᠢ ᠪᠣᠯᠵᠤ ᠲᠢᠶᠣᠤ ᠢᠦᠢ ᠱᠠᠨ ᠠᠭᠤᠯᠠᠨ ᠳ᠋ᠤᠷ ᠭᠠᠷᠴᠤ ᠨᠠᠮᠤᠷ ᠤ᠋ᠨ ᠰᠡᠷᠢᠭᠦᠨ ᠢ ᠬᠦᠯᠢᠶᠡᠰᠦᠭᠡᠢ ᠭᠡᠮᠡᠨ ᠭᠤᠷᠪᠠᠨ ᠮᠢᠩᠭᠠᠨ ᠰᠢᠳᠠᠷ ᠴᠡᠷᠢᠭ ᠢ᠋ᠶ᠋ᠡᠨ ᠠᠪᠴᠤ ᠬᠣᠴᠣᠷᠤᠭᠠᠳ ᠭᠧ ᠵᠧᠦ ᠬᠣᠲᠠ ᠶ᠋ᠢ ᠪᠦᠰᠡᠯᠡᠭᠰᠡᠨ ᠬᠡᠪ ᠢ᠋ᠶ᠋ᠡᠷ ᠣᠷᠬᠢᠵᠤ ᠲᠦᠮᠡᠨ ᠤ ᠨᠣᠶᠠᠨ ᠪᠤᠷᠤᠴᠠᠭᠠᠨ ᠤ ᠴᠡᠷᠢᠭ ᠢ᠋ᠶ᠋ᠡᠷ ᠴᠥᠩ ᠴᠢᠩ ᠬᠣᠲᠠ ᠶ᠋ᠢ ᠪᠠᠢᠯᠳᠤᠭᠤᠯᠵᠤ ᠪᠦᠬᠦᠢ ᠳ᠋ᠦ᠍ᠷ ᠬᠠᠷᠠᠭᠴᠢᠨ ᠭᠠᠬᠠᠢ ᠡᠳᠦᠷ ᠭᠡᠨᠡᠳᠲᠡ ᠲᠡᠭᠷᠢ ᠪᠣᠯᠪᠠᠢ᠃
ᠮᠥᠩᠬᠡ ᠬᠠᠭᠠᠨ ᠲᠠᠪᠢᠨ ᠬᠣᠶᠠᠷ ᠰᠡᠭᠦᠳᠡᠷ ᠲᠡᠢ ᠂ ᠰᠠᠭᠤᠷᠢᠨ ᠳ᠋ᠤᠷ ᠶᠢᠰᠦᠨ ᠣᠨ ᠪᠣᠯᠪᠠ ᠃ ᠬᠠᠭᠠᠨ ᠤ᠋ ᠵᠠᠩ ᠡᠷᠡᠰ ᠪᠥᠭᠡᠳ ᠰᠡᠷᠭᠦᠯᠡᠩ ᠂ ᠪᠠᠭᠠᠲᠤᠷ ᠪᠣᠳᠣᠯ ᠲᠠᠢ ᠂ ᠮᠣᠩᠭᠣᠯ ᠤ᠋ᠨ ᠶᠣᠰᠣ ᠳᠦᠷᠢᠮ ᠢ᠋ ᠰᠠᠬᠢᠵᠤ ᠡᠳ᠋ᠯᠡᠵᠦ ᠪᠦᠷᠢᠯᠭᠡᠬᠦ ᠶ᠋ᠢ ᠦᠵᠡᠵᠦ ᠴᠢᠳᠠᠬᠤ ᠦᠭᠡᠢ᠃ ᠠᠷᠢᠬᠢ ᠶ᠋ᠢ ᠴᠡᠭᠡᠷᠯᠡᠵᠦ ᠥᠩᠭᠡ ᠡᠴᠡ ᠬᠣᠯᠠᠳᠠᠨ ᠣᠷᠳᠣᠨ ᠤ᠋ ᠥᠬᠢᠳ ᠡᠮᠡᠰ ᠢ᠋ ᠴᠥᠭᠡᠴᠢᠯᠡᠨ ᠮᠣᠩᠭᠣᠯ ᠤ᠋ᠨ ᠲᠥᠷᠥ ᠶ᠋ᠢ ᠬᠡᠳᠦᠨ ᠵᠢᠯ ᠦ᠋ᠨ ᠬᠣᠭᠣᠷᠣᠨᠳᠣ ᠰᠡᠷᠭᠦᠭᠡᠨ ᠵᠠᠰᠠᠭᠰᠠᠨ ᠠᠨᠤ ᠬᠢᠯᠪᠠᠷ ᠪᠤᠰᠤ ᠪᠣᠯᠠᠢ᠃
ᠥᠭᠡᠳᠡᠢ ᠬᠠᠭᠠᠨ ᠤ᠋ ᠲᠥᠷᠥ ᠡᠴᠡ ᠣᠯᠠᠨ ᠬᠠᠳ ᠨᠣᠶᠤᠨ ᠂ ᠰᠠᠢᠳ ᠲᠦᠰᠢᠮᠡᠳ ᠡᠷᠬᠡ ᠪᠠᠷᠢᠵᠤ ᠲᠤᠰ ᠲᠤᠰ ᠤ᠋ᠨ ᠰᠠᠨᠠᠭ᠎ᠠ ᠪᠠᠷ ᠲᠥᠷᠥ ᠶ᠋ᠢ ᠣᠷᠣᠯᠠᠵᠤ ᠪᠠᠢᠢᠭᠰᠠᠨ ᠢ᠋ ᠡᠷᠡᠰ ᠴᠠᠭᠠᠵᠠᠯᠠᠨ ᠵᠠᠷᠯᠢᠭ ᠵᠢᠭᠠᠪᠤᠷᠢ ᠪᠣᠢ ᠪᠥᠭᠡᠰᠦ ᠡᠷᠬᠡᠪᠰᠢ ᠥᠪᠡᠷᠦᠨ ᠭᠠᠷ ᠢ᠋ᠶ᠋ᠠᠷ ᠨᠠᠢᠷᠠᠭᠤᠯᠵᠤ ᠬᠡᠳᠦ ᠳᠠᠬᠢᠨ ᠵᠠᠰᠠᠵᠤ ᠪᠣᠯᠪᠠᠰᠤᠷᠠᠭᠤᠯᠤᠭᠰᠠᠨ ᠤ᠋ ᠬᠣᠢᠨ᠎ᠠ ᠰᠠᠶᠢ ᠲᠠᠷᠬᠠᠭᠠᠨ ᠶᠠᠪᠤᠭᠤᠯᠤᠮᠤᠢ᠃ ᠣᠯᠠᠨ ᠰᠠᠢᠳ ᠲᠦᠰᠢᠮᠡᠳ ᠢ᠋ ᠴᠢᠩᠭ᠎ᠠ ᠪᠠᠷ ᠱᠠᠭᠠᠷᠳᠤᠨ ᠰᠠᠢᠰᠢᠶᠠᠯ ᠱᠠᠩᠨᠠᠯ ᠬᠦᠷᠲᠡᠯ᠎ᠡ ᠴᠥᠭᠡᠴᠢᠯᠡᠨ ᠥᠭᠦᠯᠡᠬᠦ ᠢᠨᠦ《ᠲᠠ ᠨᠠᠷ ᠮᠢᠨᠦ ᠰᠠᠢᠰᠢᠶᠠᠯ ᠢ᠋ ᠬᠦᠷᠲᠡᠪᠡᠰᠦ ᠳᠠᠷᠤᠢ ᠣᠮᠣᠷᠬᠠᠭ ᠰᠡᠳᠬᠢᠯ ᠡᠭᠦᠰᠦᠮᠦᠢ ᠃ ᠬᠥᠮᠦᠨ ᠣᠮᠣᠷᠬᠠᠭᠯᠠᠪᠠᠰᠤ ᠳᠠᠷᠤᠢ ᠭᠡᠮ ᠭᠠᠷᠤᠮᠤᠢ᠃ ᠲᠡᠢᠨ ᠬᠦ᠌ ᠦᠷᠭᠦᠯᠵᠢ ᠪᠣᠯᠭᠣᠮᠵᠢᠲᠠᠢ ᠪᠠᠢᠬᠤ ᠠᠨᠤ ᠵᠦᠢ》ᠬᠡᠮᠡᠳᠡᠭ᠃ ᠠᠪᠠ ᠰᠢᠪᠠᠭᠤᠨ ᠳ᠋ᠤᠷ ᠳᠤᠷᠠᠲᠠᠢ᠃ ᠡᠪᠦᠭᠡ ᠳᠡᠭᠡᠳᠦᠰ ᠦ᠋ᠨ ᠵᠢᠷᠤᠮ ᠢ ᠰᠠᠬᠢᠵᠤ ᠪᠤᠰᠤᠳ ᠤᠯᠤᠰ ᠢ᠋ ᠳᠠᠭᠤᠷᠢᠶᠠᠬᠤ ᠶ᠋ᠢ ᠵᠢᠭᠰᠢᠵᠦ ᠬᠠᠨ ᠨᠣᠶᠠᠳ ᠲᠤᠷ ᠬᠦᠷᠲᠡᠯ᠎ᠡ ᠮᠣᠩᠭᠣᠯ ᠤ᠋ᠨ ᠤᠳᠤᠮᠰᠢᠯ ᠢ᠋ ᠪᠠᠷᠢᠮᠲᠠᠯᠠᠬᠤ ᠶ᠋ᠢ ᠱᠠᠭᠠᠷᠳᠠᠳᠠᠭ ᠪᠣᠯᠠᠢ᠃ ᠪᠥᠬᠡ ᠶ᠋ᠢᠨ ᠶᠣᠰᠣᠨ ᠢ᠋ ᠰᠢᠲᠦᠵᠦ ᠦᠯᠦ ᠬᠠᠯᠠᠪᠠᠢ᠃
ᠨᠢᠭᠡᠨᠲᠡ ᠰᠠᠮᠠᠭᠤᠷᠠᠭᠰᠠᠨ ᠲᠥᠷᠥ ᠶ᠋ᠢ ᠵᠠᠰᠠᠨ ᠡᠩᠬᠡᠵᠢᠭᠦᠯᠵᠦ ᠶᠦᠨᠨᠠᠨ ᠪᠠᠭᠲᠠᠳ ᠢ ᠳᠠᠭᠠᠭᠤᠯᠤᠨ ᠬᠠᠷ᠎ᠠ ᠬᠣᠷᠢᠨ ᠳ᠋ᠤᠷ ᠣᠷᠣᠨ ᠨᠤᠲᠤᠭ ᠤ᠋ᠨ ᠰᠢᠨᠵᠢᠯᠡᠭᠡᠨ ᠦ᠌ ᠭᠠᠵᠠᠷ ᠪᠠᠢᠭᠤᠯᠬᠤ ᠪᠠᠷ ᠪᠡᠯᠡᠳᠬᠡᠪᠡ᠃
ᠮᠥᠩᠬᠡ ᠬᠠᠭᠠᠨ ᠤ᠋ ᠵᠠᠷᠯᠢᠭ ᠢ᠋ᠶ᠋ᠠᠷ ᠵᠣᠬᠢᠶᠠᠨ ᠨᠠᠢᠷᠠᠭᠤᠯᠤᠭᠰᠠᠨ ᠫᠧᠷᠰ᠂ ᠤᠢᠭᠤᠷ᠂ ᠬᠢᠲᠠᠳ᠂ ᠲᠠᠩᠭᠤᠳ᠂ ᠲᠥᠪᠡᠳ ᠲᠠᠪᠤᠨ ᠬᠡᠯᠡ ᠶ᠋ᠢᠨ ᠲᠣᠯᠢ ᠪᠢᠴᠢᠭ ᠡᠳᠦᠭᠡ ᠳᠤᠮᠳᠠᠳᠤ ᠠᠽᠢ ᠳ᠋ᠤᠷ ᠬᠡᠷᠡᠭᠯᠡᠭᠳᠡᠭᠰᠡᠭᠡᠷ ᠪᠣᠯᠠᠢ᠃
ᠮᠥᠩᠬᠡ ᠬᠠᠭᠠᠨ ᠤ᠋ ᠲᠥᠷᠥ ᠳ᠋ᠦ᠍ᠷ ᠳᠡᠯᠡᠬᠡᠢ ᠶ᠋ᠢᠨ ᠡᠯ᠎ᠡ ᠤᠯᠤᠰ ᠤ᠋ᠨ ᠡᠯᠴᠢ ᠶ᠋ᠢᠨ ᠰᠠᠢᠳ ᠡᠯ᠎ᠡ ᠱᠠᠰᠢᠨ ᠰᠤᠷᠲᠠᠬᠤᠨ ᠤ᠋ ᠡᠲᠡᠭᠡᠳ ᠠᠷᠠᠯᠵᠢᠶ᠎ᠠ ᠬᠤᠳᠠᠯᠳᠤᠭ᠎ᠠ ᠶ᠋ᠢᠨ ᠲᠥᠯᠥᠭᠡᠯᠡᠭᠴᠢᠳ ᠴᠥᠮ ᠬᠠᠷ᠎ᠠ ᠬᠣᠷᠢᠨ ᠳ᠋ᠤᠷ ᠴᠤᠭᠯᠠᠷᠠᠨ ᠡᠯᠴᠢ ᠶ᠋ᠢᠨ ᠶᠠᠮᠤᠨ ᠂ ᠰᠦᠮ᠎ᠡ ᠬᠡᠢᠳ ᠦ᠋ᠨ ᠪᠠᠷᠢᠯᠭ᠎ᠠ ᠵᠠᠯᠭᠠᠯᠳᠤᠨ ᠪᠠᠢᠩᠭᠤ ᠰᠠᠭᠤᠬᠤ ᠪᠣᠯᠪᠠᠢ ᠃ ᠹᠷᠠᠨᠼᠢ ᠸᠠᠩ ᠷᠦᠢ ᠶᠢᠰᠦᠳᠦᠭᠡᠷ ᠦ᠋ᠨ ᠺᠣᠲ᠋ᠣᠯᠢᠭ ᠰᠤᠷᠲᠠᠬᠤᠨ ᠤ᠋ ᠤᠬᠠᠭᠤᠯᠤᠭᠴᠢ ᠪᠠᠷ ᠲᠣᠮᠢᠯᠠᠭᠰᠠᠨ ᠺᠶᠤᠮ ᠂ ᠳᠦ ᠂ ᠷᠦᠪᠷᠦᠩ ᠬᠥᠬᠡ ᠪᠠᠷᠰ ᠵᠢᠯ ᠬᠠᠷ᠎ᠠ ᠬᠣᠷᠢᠨ ᠳ᠋ᠤᠷ ᠢᠷᠡᠵᠦ ᠬᠠᠭᠠᠨ ᠳ᠋ᠤᠷ ᠪᠠᠷᠠᠭᠠᠯᠠᠨ ᠹᠷᠠᠨᠼᠢ ᠸᠠᠩ ᠷᠦᠢ ᠶᠢᠰᠦᠳᠦᠭᠡᠷ ᠦ᠋ᠨ ᠤᠯᠤᠰ ᠤ᠋ᠨ ᠪᠢᠴᠢᠭ ᠢ ᠪᠠᠷᠢᠪᠠ᠃
ᠮᠥᠩᠬᠡ ᠬᠠᠭᠠᠨ ᠱᠠᠰᠢᠨ ᠰᠤᠷᠲᠠᠬᠤᠨ ᠤ᠋ ᠶᠠᠮᠠᠷ ᠨᠢᠭᠡ ᠬᠤᠷᠠᠯ ᠴᠤᠭᠯᠠᠭᠠᠨ ᠳ᠋ᠤᠷ ᠬᠠᠲᠤᠨ ᠂ ᠬᠠᠳ ᠬᠥᠪᠡᠭᠦᠳ ᠢ᠋ᠶ᠋ᠡᠨ ᠳᠠᠭᠠᠭᠤᠯᠤᠨ ᠣᠷᠣᠯᠴᠠᠬᠤ ᠪᠣᠯᠠᠢ᠃
ᠮᠥᠩᠬᠡ ᠬᠠᠭᠠᠨ ᠤ᠋ ᠲᠡᠭᠷᠢ ᠪᠣᠯᠤᠭᠰᠠᠨ ᠮᠡᠳᠡᠭᠡ ᠥᠷᠲᠡᠭᠡ ᠶ᠋ᠢ ᠳᠠᠮᠵᠢᠨ ᠵᠦᠭ ᠵᠦᠭ ᠨᠢᠰᠴᠦ ᠮᠠᠰᠢ ᠣᠬᠣᠷᠬᠠᠨ ᠬᠤᠭᠤᠴᠠᠭᠠᠨ ᠳ᠋ᠤᠷ ᠨᠠᠷᠠᠨ ᠮᠠᠨᠳᠤᠬᠤ ᠵᠦᠭ ᠡᠴᠡ ᠨᠠᠷᠠᠨ ᠰᠢᠩᠭᠡᠬᠦ ᠵᠦᠭ ᠬᠦᠷᠴᠦᠬᠦᠢ᠃ ᠪᠠᠭᠲᠠᠳ ᠲᠤᠷ ᠪᠠᠢᠭ᠎ᠠ ᠬᠤᠯᠤᠭᠤ ᠬᠠᠨ ᠭᠠᠰᠢᠭᠤᠳᠠᠯ ᠤ᠋ᠨ ᠮᠡᠳᠡᠭᠡ ᠶ᠋ᠢ ᠣᠯᠵᠤ ᠠᠪᠤᠮᠠᠭᠴᠠ ᠲᠤᠰᠢᠶᠠᠯ ᠢ᠋ᠶ᠋ᠠᠨ ᠬᠡᠲᠦᠪᠥ᠋ᠬᠡ ᠳ᠋ᠦ᠍ᠷ ᠲᠤᠰᠢᠶᠠᠨ ᠬᠠᠷ᠎ᠠ ᠬᠣᠷᠢᠨ ᠵᠦᠭ ᠳᠠᠪᠬᠢᠪᠠ᠃
ᠥᠭᠦᠯᠡᠬᠦ ᠢᠨᠦ ᠬᠤᠪᠢᠯᠠᠢ ᠬᠠᠨ ᠴᠡᠷᠢᠭ ᠲᠠᠲᠠᠬᠤᠢ ᠳ᠋ᠤᠷ ᠰᠥᠩ ᠤᠯᠤᠰ ᠠᠷᠤ ᠠ᠋ᠴᠠ ᠳᠠᠷᠤᠨ ᠢᠷᠡᠬᠦ ᠶ᠋ᠢ ᠪᠣᠯᠭᠣᠮᠵᠢᠯᠠᠨ ᠤᠷᠢᠶᠠᠩᠬᠠᠳᠠᠢ ᠪᠠᠷ ᠬᠠᠢᠭᠤᠯ ᠪᠣᠯᠭᠠᠨ ᠡᠳᠦᠷ ᠰᠥᠨᠢ ᠶ᠋ᠢᠨ ᠢᠯᠭᠠᠯ ᠦᠭᠡᠢ ᠮᠥᠷᠡᠨ ᠭᠡᠲᠦᠯᠵᠦ ᠪᠠᠷᠠᠭᠰᠠᠨ ᠤ᠋ ᠬᠣᠢᠨ᠎ᠠ ᠤᠷᠢᠶᠠᠩᠬᠠᠳᠠᠢ ᠶ᠋ᠢᠨ ᠴᠡᠷᠢᠭ ᠰᠠᠶᠢ ᠭᠡᠲᠦᠯᠵᠦ ᠪᠥᠬᠦᠷ ᠲᠦ᠍ᠷ ᠰᠥᠩ ᠤᠯᠤᠰ ᠤ᠋ᠨ ᠶᠠᠨ ᠵᠢᠶᠠᠩ ᡁᠢ ᡁᠢ ᠰᠢ ᠲᠦᠰᠢᠮᠡᠯ ᠰᠢᠶᠠ ᠬᠦᠢ ᠤᠷᠢᠶᠠᠩᠬᠠᠳᠠᠢ ᠶ᠋ᠢ ᠨᠢᠭᠡᠨᠲᠡ ᠮᠥᠷᠡᠨ ᠭᠡᠲᠦᠯᠪᠡ ᠭᠡᠮᠡᠨ ᠰᠣᠨᠣᠰᠴᠤ ᠴᠡᠷᠢᠭ ᠠᠪᠴᠤ ᠳᠠᠷᠤᠨ ᠪᠠᠢᠯᠳᠤᠷ᠎ᠠ ᠢᠷᠡᠪᠡ᠃ ᠲᠡᠳᠦᠢ ᠳ᠋ᠦ᠍ᠷ ᠤᠷᠢᠶᠠᠩᠬᠠᠳᠠᠢ ᠨᠢᠭᠡᠨᠲᠡ ᠮᠥᠷᠡᠨ ᠦ᠌ ᠳᠤᠮᠳᠠ ᠬᠦᠷᠴᠦ ᠢᠷᠡᠭᠰᠡᠨ ᠪᠣᠯᠪᠠᠴᠤ ᠰᠥᠩ ᠤᠯᠤᠰ ᠤ᠋ᠨ ᠴᠡᠷᠢᠭ ᠡᠴᠡ ᠳᠠᠷᠤᠨ ᠢᠷᠡᠮᠦᠢ ᠭᠡᠮᠡᠨ ᠰᠣᠨᠣᠰᠴᠤ ᠬᠥᠩᠭᠡᠨ ᠣᠩᠭᠣᠴᠠ ᠰᠣᠯᠢᠵᠤ ᠪᠤᠴᠠᠵᠤ ᠢᠷᠠᠪᠠᠰᠤ ᠰᠢᠶᠠ ᠬᠦᠢ ᠶ᠋ᠢᠨ ᠣᠯᠠᠨ ᠠᠷᠤ ᠶ᠋ᠢᠨ ᠴᠡᠷᠢᠭ ᠢ ᠪᠦᠰᠡᠯᠡᠨ ᠠᠪᠴᠤ ᠴᠠᠪᠴᠢᠯᠳᠤᠮᠤᠢ᠃ ᠤᠷᠢᠶᠠᠩᠬᠠᠳᠠᠢ ᠣᠩᠭᠣᠴᠠᠨ ᠠ᠋ᠴᠠ ᠬᠠᠷᠠᠢᠨ ᠪᠠᠭᠤᠵᠤ ᠴᠥᠭᠡᠨ ᠰᠢᠳᠠᠷ ᠡᠷᠡᠰ ᠦ᠋ᠨ ᠬᠠᠮᠲᠤ ᠠᠯᠠᠨ ᠣᠷᠣᠭᠰᠠᠨ ᠳ᠋ᠤᠷ ᠰᠢᠶᠠ ᠬᠦᠢ ᠶ᠋ᠢᠨ ᠴᠡᠷᠢᠭ ᠤᠷᠢᠶᠠᠩᠬᠠᠳᠠᠢ ᠢᠷᠡᠪᠡ ᠭᠡᠮᠡᠨ ᠰᠣᠨᠣᠰᠤᠭᠠᠳ ᠣᠯᠠᠨ ᠴᠥᠭᠡᠨ ᠢ ᠠᠰᠠᠭᠤᠬᠤ ᠦᠭᠡᠢ ᠭᠠᠷᠴᠤ ᠪᠤᠷᠤᠭᠤᠯᠠᠪᠠ ᠃ ᠰᠢᠶᠠ ᠬᠦᠢ ᠴᠡᠷᠢᠭ ᠢ᠋ᠶ᠋ᠡᠨ ᠬᠣᠷᠢᠵᠤ ᠠᠪᠰᠤᠭᠠᠢ ᠭᠡᠮᠡᠨ ᠪᠦᠬᠦᠢ ᠳ᠋ᠦ᠍ᠷ ᠤᠷᠢᠶᠠᠩᠬᠠᠳᠠᠢ ᠣᠨᠢᠯᠠᠨ ᠰᠢᠶᠠ ᠬᠦᠢ ᠶ᠋ᠢᠨ ᠳᠤᠭᠤᠯᠠᠭ᠎ᠠ ᠶ᠋ᠢᠨ ᠰᠣᠨᠣᠪᠲᠤᠷ ᠢ ᠲᠠᠰᠤ ᠬᠠᠷᠪᠤᠪᠠ᠃ ᠰᠢᠶᠠ ᠬᠦᠢ ᠶᠡᠬᠡᠳᠡ ᠰᠣᠴᠢᠵᠤ ᠪᠠᠢᠯᠳᠤᠬᠤ ᠰᠡᠳᠬᠢᠯ ᠦᠭᠡᠢ ᠴᠡᠷᠢᠭ ᠢ᠋ᠶ᠋ᠡᠨ ᠳᠠᠭᠠᠵᠤ ᠪᠤᠷᠤᠭᠤᠯᠠᠪᠠ᠃ ᠤᠷᠢᠶᠠᠩᠠᠭᠲᠠᠢ ᠨᠢᠭᠡᠨ ᠵᠡᠷᠭᠡ ᠨᠡᠬᠡᠮᠵᠢᠯᠡᠨ ᠬᠢᠳᠤᠭᠠᠳ ᠨᠡᠯᠢᠶᠡᠳ ᠠᠯᠠᠵᠤ ᠣᠯᠵᠠᠯᠠᠭᠠᠳ ᠠᠯᠭᠤᠷ ᠠᠭᠠᠵᠢᠮ ᠢ᠋ᠶ᠋ᠠᠷ ᠮᠥᠷᠡᠨ ᠭᠡᠲᠦᠯᠬᠦ ᠳ᠋ᠦ᠍ᠷ ᠳᠠᠬᠢᠨ ᠬᠣᠷᠢᠭᠯᠠᠵᠤ ᠴᠢᠳᠠᠭᠰᠠᠨ ᠬᠥᠮᠦᠨ ᠦᠭᠡᠢ᠃
ᠥᠭᠦᠯᠡᠬᠦ ᠢᠨᠣ ᠴᠠᠭᠠᠨ ᠪᠡᠴᠢᠨ ᠵᠢᠯ ᠦ᠋ᠨ ᠬᠠᠪᠤᠷ ᠤ᠋ᠨ ᠭᠤᠷᠪᠠᠨ ᠰᠠᠷ᠎ᠠ ᠳ᠋ᠤᠷ ᠬᠤᠪᠢᠯᠠᠢ ᠬᠠᠨ ᠴᠡᠷᠢᠭ ᠢ᠋ᠶ᠋ᠡᠨ ᠠᠪᠴᠤ ᠺᠠᠢ ᠫᠢᠩ ᠳ᠋ᠦ᠍ᠷ ᠬᠦᠷᠴᠦ ᠢᠷᠡᠪᠡ᠃ ᠬᠠᠳ ᠬᠠᠳᠠᠨ᠂ ᠠᠵᠢᠪᠠᠬᠢ ᠪᠠᠷᠠᠭᠤᠨ ᠭᠠᠷᠤᠨ ᠳᠡᠨᠴᠡᠷ ᠂ ᠡᠰᠢᠨ ᠂ ᠬᠤᠯᠤᠭᠤ ᠂ ᠵᠣᠲᠣ ᠨᠠᠷ ᠴᠤᠭᠯᠠᠷᠠᠨ ᠢᠷᠡᠵᠦ ᠬᠤᠪᠢᠯᠠᠢ ᠬᠠᠨ ᠢ᠋ ᠬᠠᠭᠠᠨ ᠰᠠᠭᠤᠷᠢᠨ ᠵᠠᠯᠭᠠᠮᠵᠢᠯᠠᠬᠤ ᠶ᠋ᠢ ᠵᠥᠪᠳᠡᠯᠴᠡᠪᠡ ᠃ ᠭᠡᠪᠡᠴᠦ ᠪᠦᠬᠦ ᠬᠠᠳ ᠤ᠋ᠨ ᠬᠤᠷᠠᠯ ᠪᠤᠰᠤ ᠪᠥᠭᠡᠳ ᠮᠣᠩᠭᠣᠯ ᠤ᠋ᠨ ᠭᠣᠯᠣᠮᠲᠠ ᠨᠤᠲᠤᠭ ᠲᠤᠷ ᠪᠤᠰᠤ ᠲᠤᠯᠠ ᠬᠤᠪᠢᠯᠠᠢ ᠬᠠᠨ ᠲᠠᠲᠠᠭᠠᠯᠵᠠᠵᠤ ᠬᠦᠯᠢᠶᠡᠨ ᠠᠪᠤᠭᠰᠠᠨ ᠦᠭᠡᠢ ᠬᠡᠳᠦᠨᠲᠡ ᠮᠠᠷᠭᠤᠪᠠ᠃ ᠬᠤᠪᠢᠯᠠᠢ ᠬ᠍ᠡᠨ ᠬᠡᠷᠬᠢᠪᠡᠰᠦ ᠵᠣᠬᠢᠬᠤ ᠶ᠋ᠢ ᠲᠠᠰᠤᠯᠵᠤ ᠴᠢᠳᠠᠬᠤ ᠦᠭᠡᠢ ᠵᠣᠪᠠᠵᠤ ᠭᠡᠨᠡᠳᠲᠡ ᠸᠠᠩ ᠸᠸᠨ ᠲᠦᠩ ᠢ᠋ ᠰᠠᠨᠠᠭᠠᠯᠵᠠᠵᠤ ᠨᠢᠭᠡᠨ ᠴᠠᠰᠤ ᠶᠡᠬᠡᠲᠡᠢ ᠰᠥᠨᠢ ᠬᠤᠪᠢᠯᠠᠢ ᠬᠠᠨ ᠪᠢᠴᠢᠭ ᠦ᠋ᠨ ᠭᠡᠷ ᠦ᠋ᠨ ᠬᠣᠶᠠᠷ ᠬᠡᠦᠬᠡᠳ ᠢ ᠪᠡᠨ ᠳᠠᠭᠠᠭᠤᠯᠤᠨ ᠡᠷᠳᠡᠮᠲᠡᠨ ᠸᠠᠩ ᠸᠸᠨ ᠲᠦᠩ ᠢ᠋ ᠰᠤᠷᠪᠤᠯᠵᠢᠯᠠᠷ᠎ᠠ ᠣᠴᠢᠪᠠᠢ᠃
ᠲᠡᠳᠦᠢ ᠳ᠋ᠦ᠍ᠷ ᠸᠠᠩ ᠸᠸᠨ ᠲᠦᠩ ᠢ ᠳᠦ ᠶ᠋ᠢ ᠰᠠᠬᠢᠬᠤ ᠲᠦᠮᠡᠨ ᠦ᠌ ᠨᠣᠶᠠᠨ ᠴᠡᠷᠢᠭ ᠵᠠᠰᠠᠭ ᠢ ᠬᠠᠮᠲᠤ ᠵᠠᠬᠢᠷᠠᠬᠤ ᠰᠥᠩ ᠱᠤᠸᠠᠢ ᠯᠢ ᠲᠠᠨ ᠯᠤᠭ᠎ᠠ ᠰᠥᠯᠥᠪᠡᠭᠡᠯᠡᠨ ᠰᠥᠩ ᠤᠯᠤᠰ ᠲᠤᠷ ᠲᠤᠰᠠᠯᠠᠵᠤ ᠮᠣᠩᠭᠣᠯ ᠢ᠋ ᠰᠥᠨᠥᠭᠡᠬᠦ ᠬᠣᠯᠪᠣᠭ᠎ᠠ ᠲᠠᠢ ᠲᠤᠯᠠ ᠴᠢᠮᠡᠭᠡ ᠠᠪᠴᠤ ᠬᠠᠷᠢᠯᠴᠠᠨ ᠵᠥᠪᠳᠡᠯᠴᠡᠬᠦ ᠪᠣᠯᠠᠢ᠃ ᠲᠡᠷᠡ ᠰᠥᠨᠢ ᠯᠢ ᠲᠠᠨ ᠳ᠋ᠤᠷ ᠶᠠᠪᠤᠭᠤᠯᠬᠤ ᠵᠠᠬᠢᠳᠠᠯ ᠪᠢᠴᠢᠵᠦ ᠄ 《ᠮᠣᠩᠭᠣᠯ ᠢ᠋ ᠨᠢᠭᠡᠨᠲᠡ ᠲᠦᠯᠬᠢᠨ ᠤᠨᠠᠭᠠᠪᠠᠰᠤ ᠪᠠᠭᠤᠷᠠᠢ ᠰᠥᠩ ᠢ᠋ ᠵᠢᠴᠢ ᠮᠡᠳᠡᠰᠦᠭᠡᠢ ᠃ ᠶᠡᠬᠡ ᠡᠷ᠎ᠡ ᠭᠡᠮᠡᠨ ᠲᠡᠭᠷᠢ ᠶ᠋ᠢᠨ ᠳᠣᠣᠷ᠎ᠠ ᠠᠭᠠᠳ ᠨᠠᠰᠤ ᠪᠠᠷ ᠢ᠋ᠶ᠋ᠠᠨ ᠬᠥᠮᠦᠨ ᠦ᠌ ᠳᠣᠣᠷ᠎ᠠ ᠪᠠᠢᠬᠤ ᠠᠨᠤ ᠢᠴᠡᠩᠭᠦᠷᠢ ᠪᠣᠯᠠᠢ ᠃ ᠲᠡᠭᠷᠢ ᠶ᠋ᠢᠨ ᠳᠣᠣᠷ᠎ᠠ ᠬᠡᠮᠡᠭᠴᠢ ᠲᠡᠭᠷᠢ ᠶ᠋ᠢᠨ ᠳᠣᠣᠷᠠᠬᠢ ᠬᠥᠮᠦᠰ ᠦ᠋ᠨ ᠲᠡᠭᠷᠢ ᠶ᠋ᠢᠨ ᠳᠣᠣᠷ᠎ᠠ ᠪᠣᠯᠠᠢ ᠃ ᠰᠢᠩᠭᠡᠭ ᠳ᠋ᠠᠽᠢ ᠡᠵᠡᠯᠡᠵᠦ ᠪᠣᠯᠵᠤ ᠠᠲᠠᠯ᠎ᠠ ᠪᠢᠳᠡ ᠶᠠᠭᠤᠨ ᠳ᠋ᠤᠷ ᠦᠯᠦ ᠬᠥᠳᠡᠯᠦᠮᠦᠢ 》ᠭᠡᠮᠡᠨ ᠠᠮᠲᠠᠰᠢᠨ ᠣᠮᠣᠭᠰᠢᠵᠤ ᠪᠦᠬᠦᠢ ᠳ᠋ᠦ᠍ᠷ ᠬᠤᠪᠢᠯᠠᠢ ᠬᠠᠨ ᠢᠷᠡᠪᠡ ᠭᠡᠮᠡᠨ ᠮᠡᠳᠡᠭᠦᠯᠦᠭᠰᠡᠨ ᠳ᠋ᠦ᠍ᠷ ᠸᠠᠩ ᠸᠸᠨ ᠲᠦᠩ ᠭᠠᠷ ᠲᠤᠷ ᠪᠠᠷᠢᠭᠰᠠᠨ ᠪᠢᠷ ᠢ᠋ᠶ᠋ᠡᠨ ᠬᠦᠰᠡᠷ᠎ᠡ ᠠᠯᠳᠠᠵᠤ ᠴᠢᠷᠠᠢ ᠶ᠋ᠢᠨ ᠥᠩᠭᠡ ᠰᠢᠷᠣᠢ ᠮᠡᠲᠦ ᠪᠣᠯᠵᠤ ᠶᠠᠭᠠᠷᠠᠨ ᠄ 《ᠬᠡᠳᠦᠢ ᠴᠡᠷᠢᠭ ᠠᠪᠴᠤ ᠢᠷᠡᠪᠡ ? 》ᠭᠡᠮᠡᠨ ᠠᠰᠠᠭᠤᠪᠠᠰᠤ ᠭᠡᠷ ᠦ᠋ᠨ ᠠᠷᠠᠳ ᠬᠣᠶᠠᠷ ᠬᠡᠦᠬᠡᠳ ᠦ᠋ᠨ ᠲᠡᠳᠦᠢᠯᠡ ᠬᠡᠮᠡᠭᠰᠡᠨ ᠳ᠋ᠦ᠍ᠷ ᠰᠠᠶᠢ ᠴᠢᠷᠠᠢ ᠶ᠋ᠢᠨ ᠥᠩᠭᠡ ᠲᠣᠬᠣᠷᠴᠤ ᠳᠣᠲᠣᠷ᠎ᠠ ᠪᠠᠨ ᠪᠤᠳᠤᠷᠤᠨ᠄ 《ᠡᠨᠡ ᠰᠢᠩᠭᠡᠭ ᠠᠮᠢᠲᠠᠨ ᠰᠥᠩ ᠲᠠᠢᠽᠦ ᠵᠣᠣ ᠺᠤᠸᠠᠩ ᠢᠨ ᠦ᠌ ᠴᠠᠰᠤᠲᠤ ᠰᠥᠨᠢ ᠡᠷᠳᠡᠮᠲᠡᠨ ᠵᠣᠣ ᠹᠦ ᠶ᠋ᠢ ᠰᠤᠷᠪᠤᠯᠵᠢᠯᠠᠭᠰᠠᠨ ᠵᠦᠴᠦᠭᠡ ᠶ᠋ᠢ ᠨᠠᠳᠠ ᠲᠠᠢ ᠲᠣᠭᠯᠠᠰᠤᠭᠠᠢ ᠬᠡᠮᠡᠬᠦ ᠢᠨᠤ ᠪᠣᠯᠠᠢ᠃ ᠴᠠᠰᠤ ᠶ᠋ᠢ ᠬᠡᠳᠦᠢ ᠪᠡᠷ ᠡᠪᠦᠳᠦᠭ ᠲᠣᠷ ᠴᠢᠨᠦ ᠬᠦᠷᠲᠡᠯ᠎ᠡ ᠬᠦᠯᠢᠶᠡᠯᠭᠡᠬᠦ ᠦᠭᠡᠢ ᠪᠣᠯᠪᠠᠴᠤ ᠲᠦᠷ ᠬᠦᠢᠲᠡᠨ ᠦ᠌ ᠠᠮᠲᠠ ᠶ᠋ᠢ ᠮᠡᠳᠡᠭᠦᠯᠰᠦᠭᠡᠢ 》ᠭᠡᠮᠡᠨ ᠠᠯᠭᠤᠷ ᠠᠭᠠᠵᠢᠮ ᠢ᠋ᠶ᠋ᠠᠷ ᠯᠢ ᠲᠠᠨ ᠳ᠋ᠤᠷ ᠥᠭᠬᠦ ᠪᠢᠴᠢᠭ ᠢ᠋ᠶ᠋ᠡᠨ ᠳᠠᠯᠳᠠ ᠬᠢᠵᠦ ᠨᠢᠭᠡᠨ ᠳᠡᠪᠲᠡᠷ ᠪᠠᠢᠯᠳᠤᠭᠠᠨ ᠤ᠋ ᠤᠯᠤᠰ ᠤ᠋ᠨ ᠨᠣᠮ ᠢ᠋ ᠭᠠᠷᠭᠠᠵᠤ ᠲᠠᠯᠪᠢᠭᠠᠳ ᠭᠡᠷ ᠭᠠᠵᠠᠷ ᠢ᠋ᠶ᠋ᠠᠨ ᠴᠡᠪᠡᠷᠯᠡᠭᠦᠯᠦᠨ ᠳᠡᠪᠡᠯ ᠮᠠᠯᠠᠭᠠᠢ ᠪᠠᠨ ᠵᠠᠰᠠᠭᠠᠳ ᠰᠠᠶᠢ ᠤᠭᠲᠤᠨ ᠭᠠᠷᠪᠠ᠃
ᠲᠡᠳᠦᠢ ᠳ᠋ᠦ᠍ᠷ ᠬᠤᠪᠢᠯᠠᠢ ᠬᠠᠨ ᠢᠯᠡᠭᠦᠦ ᠪᠠᠬᠠᠨ ᠬᠦᠢᠲᠡᠨ ᠢ ᠲᠡᠰᠪᠦᠷᠢᠯᠡᠨ ᠰᠠᠢᠳ ᠡᠷᠳᠡᠮᠲᠡᠨ ᠢ ᠬᠦᠨᠳᠦᠯᠡᠬᠦ ᠦᠨᠡᠨ ᠰᠡᠳᠬᠢᠯ ᠢ᠋ᠶ᠋ᠡᠨ ᠮᠡᠳᠡᠭᠳᠡᠰᠦᠭᠡᠢ ᠬᠡᠮᠡᠬᠦ ᠲᠤᠯᠠ ᠬᠠᠷᠢᠨ ᠭᠠᠢᠭᠤᠢ᠃ ᠳᠠᠭᠠᠭᠰᠠᠨ ᠬᠣᠶᠠᠷ ᠬᠡᠦᠬᠡᠳ ᠦ᠋ᠨ ᠬᠤᠪᠴᠠᠰᠤ ᠨᠢᠮᠭᠡᠨ ᠪᠥᠭᠡᠳ ᠰᠦᠰᠦᠭ ᠦᠭᠡᠢ ᠲᠤᠯᠠ ᠳᠣᠲᠣᠷ᠎ᠠ ᠪᠠᠨ ᠬᠠᠷᠢᠶᠠᠯ ᠲᠠᠯᠪᠢᠨ ᠴᠡᠴᠡᠷᠡᠨ ᠵᠣᠭᠰᠣᠵᠤ ᠬᠦᠯᠢᠶᠡᠪᠡ᠃
ᠸᠠᠩ ᠸᠸᠨ ᠲᠦᠩ ᠬᠤᠪᠢᠯᠠᠢ ᠬᠠᠨ ᠤ᠋ ᠬᠣᠶᠠᠷ ᠬᠡᠦᠬᠡᠳ ᠢ᠋ᠶ᠋ᠡᠨ ᠳᠠᠭᠠᠭᠤᠯᠤᠨ ᠶᠡᠨᠳᠡᠷ ᠳᠣᠣᠷ᠎ᠠ ᠬᠢᠴᠢᠶᠡᠩᠭᠦᠢᠯᠡᠨ ᠵᠣᠭᠰᠣᠭᠰᠠᠨ ᠢ᠋ ᠦᠵᠡᠭᠡᠳ ᠵᠣᠷᠢᠭᠤᠳᠠ ᠰᠠᠨᠳᠤ ᠮᠦᠨᠳᠦ ᠶᠡᠨᠳᠡᠷ ᠡᠴᠡ ᠪᠠᠭᠤᠵᠤ ᠬᠣᠯᠠ ᠤᠭᠲᠤᠭᠰᠠᠨ ᠦᠭᠡᠢ ᠶᠠᠯ᠎ᠠ ᠭᠡᠮᠡᠨ ᠬᠠᠭᠤᠷᠮᠠᠭᠯᠠᠨ ᠮᠡᠭᠦᠬᠦᠶ ᠲᠣᠷ ᠬᠤᠪᠢᠯᠠᠢ ᠬᠠᠨ ᠭᠠᠷ ᠠ᠋ᠴᠠ ᠢᠨᠤ ᠪᠠᠷᠢᠵᠤ ᠰᠢᠶᠠᠨᠱᠧᠩ ᠦ᠋ᠨ ᠲᠤᠩᠭᠠᠯᠠᠭ ᠨᠣᠢᠷ ᠲᠤᠷ ᠰᠠᠭᠠᠳ ᠪᠣᠯᠪᠠ ᠭᠡᠮᠡᠨ ᠨᠢᠳᠤᠷᠭ᠎ᠠ ᠪᠠᠷᠢᠵᠤ ᠶᠣᠰᠣᠯᠠᠬᠤᠢ ᠳ᠋ᠤᠷ ᠸᠠᠩ ᠸᠸᠨ ᠲᠦᠩ ᠬᠦᠯᠢᠶᠡᠵᠦ ᠴᠢᠳᠠᠬᠤ ᠦᠭᠡᠢ ᠭᠡᠮᠡᠨ ᠬᠥᠩᠭᠡᠮᠰᠦᠭᠯᠡᠨ ᠨᠢᠭᠡᠨ ᠠᠯᠬᠤᠮ ᠤᠬᠤᠷᠢᠨ ᠬᠤᠪᠢᠯᠠᠢ ᠬᠠᠨ ᠢ᠋ ᠭᠣᠣᠯ ᠲᠠᠩᠬᠢᠮ ᠳ᠋ᠠᠭᠠᠨ ᠵᠠᠯᠠᠪᠠ᠃
ᠸᠠᠩ ᠸᠸᠨ ᠲᠦᠩ ᠬᠤᠪᠢᠯᠠᠢ ᠬᠠᠨ ᠢ᠋ ᠰᠠᠭᠠᠲᠠᠭᠰᠠᠨ ᠤ᠋ ᠳᠠᠷᠠᠭ᠎ᠠ ᠳᠠᠬᠢᠨ ᠡᠵᠡᠨ ᠲᠦᠰᠢᠮᠡᠳ ᠦ᠋ᠨ ᠬᠦᠨᠳᠦ ᠶᠣᠰᠣ ᠪᠠᠷ ᠵᠣᠯᠭᠠᠰᠤᠭᠠᠢ ᠬᠡᠮᠡᠭᠰᠡᠨ ᠳ᠋ᠦ᠍ᠷ ᠬᠤᠪᠢᠯᠠᠢ ᠬᠠᠨ ᠲᠠᠲᠠᠵᠤ ᠠᠪᠤᠭᠠᠳ ᠵᠣᠴᠢᠨ ᠭᠡᠷ ᠦ᠋ᠨ ᠡᠵᠡᠨ ᠦ᠌ ᠶᠣᠰᠣ ᠪᠠᠷ ᠵᠣᠯᠭᠠᠵᠤ ᠰᠠᠭᠤᠯᠴᠠᠪᠠᠢ᠃ ᠬᠠᠷᠢᠯᠴᠠᠨ ᠨᠢᠭᠡᠨ ᠵᠡᠷᠭᠡ ᠬᠥᠩᠭᠡᠮᠡᠰᠦᠭᠯᠡᠨ ᠶᠣᠰᠣᠨ ᠤ᠋ ᠦᠭᠡ ᠶᠠᠷᠢᠭᠰᠠᠨ ᠤ᠋ ᠬᠣᠢᠨ᠎ᠠ ᠬᠤᠪᠢᠯᠠᠢ ᠬᠠᠨ ᠬᠡᠴᠢᠶᠡᠩᠭᠦᠢᠯᠡᠨ ᠠᠰᠠᠭᠤᠷᠤᠨ᠄《ᠮᠣᠩᠭᠣᠯ ᠤ᠋ᠨ ᠶᠣᠰᠣ ᠪᠠᠷ ᠳᠡᠭᠡᠳᠦᠰ ᠦ᠋ᠨ ᠨᠤᠲᠤᠭ ᠲᠤᠷ ᠬᠠᠳ ᠨᠣᠶᠠᠳ ᠬᠤᠷᠠᠯᠳᠤᠵᠤ ᠣᠯᠠᠨ ᠤ᠋ ᠰᠠᠨᠠᠭ᠎ᠠ ᠨᠢᠭᠡᠳᠦᠭᠰᠡᠨ ᠦ᠌ ᠳᠠᠷᠠᠭ᠎ᠠ ᠰᠠᠶᠢ ᠬᠠᠭᠠᠨ ᠰᠠᠭᠤᠷᠢᠨ ᠢ ᠵᠠᠯᠭᠠᠮᠵᠢᠯᠠᠬᠤ ᠪᠣᠯᠠᠢ᠃ ᠡᠳᠦᠭᠡ ᠬᠠᠷ᠎ᠠ ᠬᠣᠷᠢᠨ᠎ᠠ ᠮᠢᠨᠦ ᠳᠡᠭᠦᠦ ᠠᠷᠢᠭᠪᠦᠢ᠍ᠬᠡ ᠶ᠋ᠢ ᠬᠠᠭᠠᠨ ᠰᠢᠷᠡᠭᠡᠨ᠎ᠡ ᠰᠠᠭᠤᠯᠭᠠᠬᠤ ᠶᠠᠷᠢᠶᠠᠨ ᠲᠠᠢ ᠳ᠋ᠤᠷ ᠣᠯᠠᠨ ᠲᠦᠰᠢᠮᠡᠳ ᠨᠠᠮᠠᠶ᠋ᠢ ᠺᠠᠢ ᠫᠢᠩ ᠳ᠋ᠦ᠍ᠷ ᠬᠠᠭᠠᠨ ᠰᠠᠭᠤᠷᠢᠨ ᠢ ᠵᠠᠯᠭᠠᠮᠵᠢᠯᠠᠬᠤ ᠶ᠋ᠢ ᠱᠠᠭᠠᠷᠳᠠᠵᠤ ᠪᠣᠢ᠂ ᠶᠣᠰᠣᠨ ᠳ᠋ᠠᠭᠠᠨ ᠪᠢ ᠣᠯᠠᠨ ᠬᠠᠳ ᠨᠣᠶᠠᠳ ᠢ᠋ ᠠᠪᠴᠤ ᠬᠠᠷ᠎ᠠ ᠬᠣᠷᠢᠨ ᠤ᠋ ᠬᠠᠳ ᠨᠣᠶᠠᠳ ᠤ᠋ᠨ ᠬᠤᠷᠠᠯ ᠳ᠋ᠤᠷ ᠣᠴᠢᠪᠠᠰᠤ ᠵᠣᠬᠢᠮᠤᠢ᠃ ᠰᠢᠶᠠᠨᠱᠧᠩ ᠲᠠ ᠨᠠᠮᠠᠶ᠋ᠢ ᠶᠠᠭᠤᠨ ᠢ᠋ᠶ᠋ᠠᠷ ᠰᠤᠷᠭᠠᠮᠤᠢ ? 》 ᠬᠡᠮᠡᠬᠦᠢ ᠳ᠋ᠦ᠍ᠷ ᠸᠠᠩ ᠸᠸᠨ ᠲᠦᠩ ᠦ᠋ᠨ ᠰᠢᠷ᠎ᠠ ᠬᠤᠸᠠ ᠴᠢᠷᠠᠢ ᠭᠡᠨᠡᠳᠲᠡ ᠵᠢᠬᠡᠭᠦᠷᠡᠨ ᠭᠤᠷᠪᠠᠯᠵᠢᠨ ᠨᠢᠳᠦ ᠪᠡᠨ ᠠᠨᠢᠵᠤ ᠬᠠᠭᠠᠰ ᠴᠠᠭ ᠳᠠᠭᠤᠨ ᠡᠰᠡ ᠭᠠᠷᠪᠠᠢ᠃ ᠬᠡᠷᠪᠡ ᠮᠣᠩᠭᠣᠯᠴᠤᠳ ᠤ᠋ᠨ ᠬᠠᠭᠤᠴᠢᠨ ᠶᠣᠰᠣ ᠶ᠋ᠢ ᠡᠪᠡᠳᠡᠵᠦ ᠬᠠᠳ ᠨᠣᠶᠠᠳ ᠤ᠋ᠨ ᠬᠤᠷᠠᠯ ᠢ᠋ ᠬᠦᠯᠢᠶᠡᠬᠦ ᠦᠭᠡᠢ ᠪᠡᠷ ᠬᠤᠪᠢᠯᠠᠢ ᠶ᠋ᠢ ᠡᠷᠭᠦᠵᠦ ᠮᠣᠩᠭᠣᠯ ᠤ᠋ᠨ ᠬᠠᠳ ᠤ᠋ᠨ ᠳᠣᠲᠣᠷ᠎ᠠ ᠵᠠᠭᠤᠷ᠎ᠠ ᠵᠥᠷᠢᠴᠡᠯ ᠡᠭᠦᠰᠬᠡᠵᠦ ᠴᠢᠨᠠᠭᠰᠢᠳᠠ ᠰᠠᠮᠠᠭᠤᠨ ᠢ᠋ ᠠᠰᠢᠭᠯᠠᠨ ᠰᠥᠩ ᠤᠯᠤᠰ ᠯᠤᠭ᠎ᠠ ᠬᠣᠷᠰᠢᠵᠤ ᠭᠠᠳᠠᠭᠠᠳᠤ ᠳᠣᠲᠣᠭᠠᠳᠤ ᠠ᠋ᠴᠠ ᠬᠡᠷᠡᠭ ᠡᠭᠦᠰᠬᠡᠵᠦ ᠪᠣᠯᠤᠮᠤᠢ ᠭᠡᠮᠡᠨ ᠪᠣᠳᠣᠵᠤ ᠰᠠᠨᠠᠮᠰᠠᠷ ᠦᠭᠡᠢ ᠭᠠᠷᠤᠨ ᠡᠰᠢ ᠪᠡᠷ ᠣᠷᠣᠵᠤ ᠢᠷᠡᠭᠰᠡᠨ ᠳ᠋ᠦ᠍ᠷ ᠲᠤᠢᠯ ᠢ᠋ᠶ᠋ᠠᠷ ᠪᠠᠶᠠᠷᠯᠠᠨ ᠳᠠᠭᠤᠨ ᠭᠠᠷᠬᠤ ᠦᠭᠡᠢ ᠰᠠᠭᠤᠬᠤᠢ ᠳ᠋ᠤᠷ ᠬᠤᠪᠢᠯᠠᠢ ᠬᠠᠨ ᠳᠠᠬᠢᠨ ᠱᠠᠭᠠᠷᠳᠠᠪᠠᠰᠤ ᠸᠠᠩ ᠸᠸᠨ ᠲᠦᠩ ᠴᠢᠷᠠᠢ ᠲᠥᠪ ᠪᠣᠯᠭᠠᠨ ᠥᠭᠦᠯᠡᠷᠦᠨ :《ᠪᠢ ᠲᠥᠪ ᠭᠡᠮᠡᠨ ᠪᠠᠢᠯᠳᠤᠭᠠᠨᠲᠤ ᠤᠯᠤᠰ ᠤ᠋ᠨ ᠴᠥᠩ ᠡᠯ ᠱᠸᠨ ᠱᠠᠩ ᠤ᠋ᠨ ᠦᠯᠢᠭᠡᠷ ᠢ ᠦᠵᠡᠵᠦ ᠡᠵᠡᠨ ᠦ᠌ ᠲᠤᠬᠠᠢ ᠪᠣᠳᠣᠵᠤ ᠰᠠᠭᠤᠮᠤᠢ᠃ ᠪᠣᠭᠳᠠ ᠶ᠋ᠢᠨ ᠥᠭᠦᠯᠡᠭᠰᠡᠨ ᠢᠨᠦ ᠬᠥᠨᠳᠡᠯᠡᠨ ᠬᠥᠮᠦᠨ ᠲᠥᠷᠥᠯ ᠲᠥᠷᠥᠭᠰᠡᠳ ᠢ᠋ ᠦᠯᠦ ᠵᠠᠢᠳᠠᠭᠤᠯᠤᠮᠤᠢ ᠬᠡᠮᠡᠵᠦᠬᠦᠢ᠃ ᠡᠨᠡ ᠪᠣᠯ ᠡᠵᠡᠨ ᠲᠠᠨ ᠤ᠋ ᠭᠡᠷ ᠵᠠᠭᠤᠷᠠᠬᠢ ᠬᠡᠷᠡᠭ ᠲᠤᠯᠠ ᠲᠦᠰᠢᠮᠡᠯ ᠨᠠᠳᠤᠷ ᠪᠣᠳᠣᠭᠰᠠᠨ ᠭᠠᠵᠠᠷ ᠪᠣᠢ ᠪᠣᠯᠪᠠᠴᠤ ᠶᠠᠷᠢᠵᠤ ᠨᠡᠩ ᠦᠯᠦ ᠪᠣᠯᠤᠮᠤᠢ 》ᠭᠡᠮᠡᠨ ᠮᠠᠷᠭᠤᠭᠰᠠᠨ ᠳ᠋ᠤᠷ ᠬᠤᠪᠢᠯᠠᠢ ᠬᠠᠨ ᠬᠠᠷᠠᠪᠠᠰᠤ ᠬᠡᠳᠦᠨ ᠵᠠᠷᠤᠴᠠ ᠭᠠᠷ ᠲᠠᠯᠪᠢᠨ ᠵᠣᠭᠰᠣᠭᠰᠠᠨ ᠲᠤᠯᠠ ᠭᠠᠷ ᠰᠠᠵᠢᠵᠤ ᠵᠠᠢᠯᠠᠭᠤᠯᠤᠭᠠᠳ ᠰᠠᠨᠳᠠᠯᠢ ᠪᠠᠨ ᠤᠷᠤᠭᠰᠢ ᠳᠡᠪᠰᠢᠭᠦᠯᠦᠨ ᠸᠠᠩ ᠸᠸᠨ ᠲᠦᠩ ᠯᠦ᠍ᠭᠡ ᠡᠪᠦᠳᠦᠭ ᠨᠡᠢᠯᠡᠭᠦᠯᠦᠨ ᠰᠠᠭᠤᠵᠤ ᠄ 《ᠰᠤᠷᠭᠠᠬᠤ ᠶ᠋ᠢ ᠬᠦᠰᠡᠮᠦᠢ᠃ ᠡᠷᠭᠢᠨ ᠦ᠌ ᠠᠮᠠ ᠠ᠋ᠴᠠ ᠭᠠᠷᠴᠤ ᠮᠢᠨᠦ ᠴᠢᠬᠢᠨ ᠳ᠋ᠦ᠍ᠷ ᠣᠷᠣᠬᠤ ᠲᠤᠯᠠ ᠦᠯᠦ ᠲᠠᠲᠠᠭᠠᠯᠵᠠᠬᠤ ᠪᠣᠯᠪᠠᠤ !》 ᠬᠡᠮᠡᠭᠰᠡᠨ ᠳ᠋ᠦ᠍ᠷ ᠸᠠᠩ ᠸᠸᠨ ᠲᠦᠩ ᠰᠠᠶᠢ ᠳᠣᠣᠷ᠎ᠠ ᠳᠠᠭᠤᠨ ᠢ᠋ᠶ᠋ᠠᠷ ᠥᠭᠦᠯᠡᠷᠦᠨ ᠄ 《ᠤᠷᠢᠳᠤ ᠬᠠᠭᠠᠨ ᠤ᠋ ᠲᠥᠷᠥᠯ ᠲᠥᠷᠥᠭᠰᠡᠳ ᠦ᠋ᠨ ᠳᠣᠲᠣᠷ᠎ᠠ ᠭᠠᠭᠴᠠ ᠡᠵᠡᠨ ᠲᠠᠨ ᠤ᠋ ᠠᠷᠢᠭᠤᠨ ᠨᠡᠷ᠎ᠡ ᠬᠤᠸᠠ ᠰᠢᠶᠠ ᠳ᠋ᠤᠷ ᠠᠯᠳᠠᠷᠰᠢᠪᠠᠢ᠃ ᠡᠨᠡ ᠡᠳᠦᠷ ᠦ᠋ᠨ ᠡᠵᠡᠨ ᠦ᠌ ᠥᠰᠢᠶ᠎ᠡ ᠢᠨᠤ ᠥᠪᠥᠷ ᠡᠴᠡ ᠬᠠᠷᠢᠨ ᠠᠷᠤ ᠪᠣᠯᠪᠠᠢ᠃ ᠰᠥᠩ ᠤᠯᠤᠰ ᠲᠤᠷ ᠨᠢᠭᠡᠨ ᠡᠷᠳᠡᠮᠲᠡᠨ ᠰᠠᠢᠳ ᠢ᠋ ᠶᠠᠪᠤᠭᠤᠯᠵᠤ ᠡᠶᠡᠳᠡᠬᠦ ᠭᠡᠷ᠎ᠡ ᠪᠠᠢᠭᠤᠯᠪᠠᠰᠤ ᠪᠠᠭᠤᠷᠠᠢ ᠰᠥᠩ ᠠᠶᠤᠮᠰᠢᠭ ᠦᠭᠡᠢ ᠴᠢᠭᠢᠷᠠᠭ ᠮᠣᠩᠭᠣᠯ ᠯᠤᠭ᠎ᠠ ᠬᠠᠯᠳᠠᠮᠤᠢ ᠤᠤ ? ᠬᠠᠷᠢᠨ ᠬᠡᠰᠢᠭ ᠲᠣᠷ ᠰᠢᠲᠦᠵᠦ ᠮᠥᠷᠡᠨ ᠦ᠌ ᠡᠮᠦᠨ᠎ᠡ ᠲᠦᠪᠰᠢᠷᠡᠪᠡᠢ ᠭᠡᠮᠡᠨ ᠪᠠᠶᠠᠰᠬᠤ ᠪᠣᠯᠠᠢ᠃ ᠠᠷᠤ ᠪᠠᠨ ᠵᠣᠪᠠᠯᠠᠩ ᠠᠨᠤ ᠡᠢᠨ ᠪᠤᠰᠤ᠃ ᠬᠠᠳ ᠨᠣᠶᠠᠳ ᠤ᠋ᠨ ᠳᠣᠲᠣᠷ᠎ᠠ ᠡᠵᠡᠨ ᠢ᠋ ᠺᠦᠩᠽᠢ ᠶ᠋ᠢᠨ ᠰᠤᠷᠲᠠᠯᠳᠠᠨ ᠂ ᠪᠤᠷᠤᠭᠤ ᠨᠣᠮᠲᠠᠨ ᠬᠡᠮᠡᠬᠦ ᠶᠠᠷᠢᠶᠠᠨ ᠬᠡᠳᠦᠢᠨᠡᠢ ᠡᠴᠡ ᠪᠠᠢᠭᠰᠠᠭᠠᠷ ᠪᠥᠯᠥᠭᠡ᠃ ᠡᠢᠮᠦ ᠡᠴᠡ ᠬᠠᠳ ᠨᠣᠶᠠᠳ ᠤ᠋ᠨ ᠬᠤᠷᠠᠯ ᠳ᠋ᠤᠷ ᠡᠵᠡᠨ ᠦ᠌ ᠬᠤᠪᠢ ᠪᠠᠢᠵᠤ ᠪᠣᠯᠤᠮᠤᠢ ᠤᠤ ? ᠲᠦᠰᠢᠮᠡᠯ ᠮᠢᠨᠦ ᠦᠵᠡᠬᠦ ᠪᠡᠷ ᠺᠠᠢ ᠫᠢᠩ ᠯᠤᠤ ᠪᠠᠷᠰ ᠤ᠋ᠨ ᠳᠦᠷᠰᠦ ᠪᠦᠷᠢᠯᠳᠦᠭᠰᠡᠨ ᠭᠠᠵᠠᠷ ᠮᠥᠨ ᠪᠣᠯᠠᠢ᠃ ᠡᠵᠡᠨ ᠬᠠᠭᠠᠨ ᠤ᠋ ᠮᠠᠨᠳᠤᠬᠤ ᠣᠷᠣᠨ ᠪᠤᠶᠤ᠃ ᠠᠯᠲᠠᠨ ᠤᠯᠤᠰ ᠤ᠋ᠨ ᠦᠶ᠎ᠡ ᠳ᠋ᠦ᠍ᠷ ᠯᠦᠩ ᠭᠠᠩ ᠯᠤᠤ ᠶ᠋ᠢᠨ ᠳᠠᠪᠠᠭ᠎ᠠ ᠬᠡᠮᠡᠳᠡᠭ ᠃ ᠬᠠᠳ ᠨᠣᠶᠠᠳ ᠤ᠋ᠨ ᠬᠤᠷᠠᠯ ᠠ᠋ᠴᠠ ᠡᠮᠦᠨ᠎ᠡ ᠡᠨᠳᠡ ᠡᠮᠦᠨᠡᠰᠢ ᠬᠠᠨᠳᠤᠵᠤ ᠡᠵᠡᠨ ᠦ᠌ ᠰᠠᠭᠤᠷᠢᠨ ᠢ᠋ ᠡᠵᠡᠯᠡᠨ ᠭᠤᠴᠢᠨ ᠲᠦᠮᠡᠨ ᠦ᠌ ᠣᠯᠠᠨ ᠢ ᠳᠠᠢᠴᠢᠯᠠᠨ ᠵᠠᠷᠯᠢᠭ ᠶᠠᠪᠤᠭᠤᠯᠪᠠᠰᠤ ᠬᠡᠨ ᠠᠶᠤᠮᠰᠢᠭ ᠦᠭᠡᠢ ᠡᠵᠡᠨ ᠦ᠌ ᠵᠠᠷᠯᠢᠭ ᠢ᠋ ᠵᠥᠷᠢᠴᠡᠮᠦᠢ᠃ ᠬᠡᠷᠪᠡ ᠬᠠᠳ ᠨᠣᠶᠠᠳ ᠤ᠋ᠨ ᠬᠤᠷᠠᠯ ᠪᠣᠯᠵᠤ ᠡᠵᠡᠨ ᠡᠴᠡ ᠲᠡᠷᠰᠯᠡᠨ ᠥᠭᠡᠷ᠎ᠡ ᠶ᠋ᠢ ᠪᠠᠢᠭᠤᠯᠪᠠᠰᠤ ᠡᠮᠦᠨᠡᠰᠢ ᠪᠡᠨ ᠰᠥᠩ ᠦ᠋ᠨ ᠲᠤᠰᠠᠯᠠᠮᠵᠢ ᠶ᠋ᠢ ᠣᠯᠵᠤ ᠲᠣᠬᠢᠶᠠᠯ ᠢ᠋ ᠦᠵᠡᠵᠦ ᠬᠠᠷ᠎ᠠ ᠬᠣᠷᠢᠨ ᠢ᠋ ᠨᠢᠭᠡᠨᠲᠡ ᠳᠠᠭᠠᠷᠢᠨ ᠤᠰᠠᠳᠬᠠᠵᠤ ᠪᠣᠯᠤᠮᠤᠢ᠃ ᠡᠳᠦᠭᠡ ᠪᠤᠭᠤ ᠬᠡᠨ ᠦ᠌ ᠭᠠᠷ ᠲᠤᠷ ᠣᠷᠣᠬᠤ ᠶ᠋ᠢ ᠮᠡᠳᠡᠬᠦ ᠦᠭᠡᠢ ᠴᠠᠭ ᠲᠤᠯᠠ ᠥᠴᠦᠬᠡᠨ ᠲᠠᠲᠠᠭᠠᠯᠵᠠᠪᠠᠰᠤ ᠮᠢᠩᠭᠠᠨ ᠦᠶ᠎ᠡ ᠶ᠋ᠢᠨ ᠭᠡᠮᠰᠢᠯ ᠪᠣᠯᠤᠮᠤᠢ᠃ ᠬᠡᠷᠬᠢᠪᠡᠰᠦ ᠵᠣᠬᠢᠬᠤ ᠶ᠋ᠢ ᠡᠵᠡᠨ ᠦ᠌ ᠭᠡᠭᠡᠨ ᠮᠡᠳᠡᠲᠦᠭᠡᠢ 》 ᠭᠡᠮᠡᠨ ᠪᠠᠰᠠ ᠄ 《ᠥᠴᠦᠬᠡᠨ ᠲᠦᠰᠢᠮᠡᠯ ᠦ᠋ᠨ ᠤᠲᠤᠭᠠᠨ ᠳ᠋ᠤᠷ ᠡᠵᠡᠨ ᠢ᠋ ᠤᠳᠠᠭᠠᠨ ᠰᠠᠭᠠᠲᠠᠭᠤᠯᠵᠤ ᠦᠯᠦ ᠪᠣᠯᠬᠤ ᠲᠤᠯᠠ ᠳᠠᠷᠤᠢ ᠣᠷᠳᠣᠨ ᠳ᠋ᠤᠷ ᠵᠠᠯᠠᠰᠤᠭᠠᠢ 》ᠭᠡᠮᠡᠨ ᠭᠡᠷ ᠦ᠋ᠨ ᠠᠷᠪᠠᠭᠠᠳ ᠠᠷᠠᠳ ᠢ᠋ ᠵᠠᠬᠢᠵᠤ ᠪᠠᠮᠪᠠᠷ ᠪᠠᠷᠢᠭᠤᠯᠵᠤ ᠬᠤᠪᠢᠯᠠᠢ ᠬᠠᠨ ᠢ᠋ ᠣᠷᠳᠣᠨ ᠳ᠋ᠤᠷ ᠠᠨᠤ ᠬᠦᠷᠭᠡᠵᠦ ᠥᠭᠬᠦ ᠪᠡᠷ ᠪᠣᠯᠪᠠ᠃ ᠬᠤᠪᠢᠯᠠᠢ ᠬᠠᠨ ᠭᠦᠨ ᠲᠠᠯᠠᠷᠬᠠᠵᠤ ᠰᠢᠶᠠᠡᠱᠸᠡᠭ ᠦ᠋ᠨ ᠰᠤᠷᠭᠠᠭᠰᠠᠨ ᠢ᠋ ᠰᠡᠳᠬᠢᠯ ᠵᠢᠷᠦᠬᠡᠨ ᠳ᠋ᠡᠭᠡᠨ ᠬᠠᠲᠠᠵᠤ ᠶᠠᠪᠤᠰᠤᠭᠠᠢ᠃ ᠰᠢᠶᠠᠡᠱᠸᠡᠭ ᠦ᠋ᠨ ᠨᠢᠭᠡᠨ ᠵᠡᠷᠭᠡ ᠶ᠋ᠢᠨ ᠦᠭᠡᠨ ᠳ᠋ᠦ᠍ᠷ ᠮᠢᠨᠦ ᠪᠥᠭᠯᠡᠷᠡᠭᠰᠡᠨ ᠢᠨᠦ ᠲᠠᠢᠯᠤᠭᠳᠠᠪᠠ᠃ ᠬᠡᠷᠡᠭ ᠪᠦᠲᠦᠪᠡᠰᠦ ᠡᠷᠬᠡᠨ ᠦ᠌ ᠠᠴᠢ ᠶ᠋ᠢ ᠬᠡᠷᠬᠢᠨ ᠤᠮᠠᠷᠲᠠᠬᠤ ᠠᠵᠢ ᠭᠡᠮᠡᠨ ᠭᠠᠷ ᠪᠠᠷᠢᠯᠴᠠᠨ ᠰᠠᠯᠪᠠ᠃
ᠬᠤᠪᠢᠯᠠᠢ ᠬᠠᠨ ᠣᠷᠳᠣᠨ ᠳ᠋ᠠᠭᠠᠨ ᠪᠤᠴᠠᠵᠤ ᠬᠡᠳᠦᠨ ᠵᠡᠷᠭᠡ ᠡᠷᠭᠢᠴᠡᠭᠦᠯᠦᠨ ᠪᠣᠳᠣᠵᠤ ᠦᠵᠡᠪᠡᠰᠦ ᠡᠭᠦᠨ ᠡᠴᠡ ᠳᠡᠭᠡᠳᠦ ᠠᠷᠭ᠎ᠠ ᠦᠭᠡᠢ ᠲᠤᠯᠠ ᠰᠡᠳᠬᠢᠯ ᠰᠢᠭᠤᠳᠴᠤ ᠴᠠᠭᠠᠨ ᠪᠡᠴᠢᠨ ᠵᠢᠯ ᠦ᠋ᠨ ᠬᠠᠪᠤᠷ ᠤ᠋ᠨ ᠭᠤᠷᠪᠠᠨ ᠰᠠᠷ᠎ᠠ ᠶ᠋ᠢᠨ ᠴᠠᠭᠠᠭᠴᠢᠨ ᠲᠠᠤᠯᠠᠢ ᠡᠳᠦᠷ ᠬᠠᠭᠠᠨ ᠰᠢᠷᠡᠭᠡᠨ ᠳ᠋ᠦ᠍ᠷ ᠰᠠᠭᠤᠵᠤ ᠣᠯᠠᠨ ᠤ᠋ ᠮᠥᠷᠭᠥᠯ ᠢ᠋ ᠬᠦᠯᠢᠶᠡᠨ ᠠᠪᠴᠤ ᠯᠤᠤ ᠶ᠋ᠢᠨ ᠳᠠᠪᠠᠭ᠎ᠠ ᠶ᠋ᠢ ᠺᠠᠢ ᠫᠢᠩ ᠭᠡᠮᠡᠨ ᠨᠡᠷᠡᠳᠴᠦ ᠨᠡᠢᠰᠯᠡᠯ ᠪᠣᠯᠭᠠᠨ ᠵᠢᠴᠢ ᠸᠠᠩ ᠸᠸᠨ ᠲᠦᠩ ᠨᠠᠷ ᠲᠤᠷ ᠵᠠᠬᠢᠵᠤ ᠮᠣᠩᠭᠣᠯ ᠲᠥᠷᠥ ᠶ᠋ᠢᠨ ᠶᠣᠰᠣ ᠳᠦᠷᠢᠮ ᠢ᠋ ᠳᠠᠩ ᠰᠥᠩ ᠦ᠋ᠨ ᠬᠡᠪ ᠢ᠋ᠶ᠋ᠡᠷ ᠥᠭᠡᠷᠡᠴᠢᠯᠡᠬᠦ ᠲᠤᠬᠠᠢ ᠵᠥᠪᠳᠡᠵᠦ ᠮᠡᠳᠡᠭᠦᠯ ᠬᠡᠮᠡᠪᠡ᠃ ᠸᠠᠩ ᠸᠸᠨ ᠲᠦᠩ ᠨᠠᠷ ᠰᠥᠩ ᠤᠯᠤᠰ ᠤ᠋ᠨ ᠪᠠ ᠠᠯᠲᠠᠨ ᠤᠯᠤᠰ ᠤ᠋ᠨ ᠶᠣᠰᠣ ᠲᠢᠭᠯᠡᠮ ᠢ᠋ ᠬᠣᠯᠢᠴᠠᠯᠳᠤᠭᠤᠯᠤᠨ ᠮᠡᠳᠡᠭᠦᠯᠦᠭᠰᠡᠨ ᠢᠨᠤ ᠄ ᠲᠥᠪ ᠲᠣᠷ ᠵᠦᠩ ᠱᠤ᠌ ᠱᠸᠡᠭ ( ᠳᠤᠮᠳᠠᠳᠤ ᠪᠢᠴᠢᠭ ᠦ᠋ᠨ ᠮᠣᠵᠢ ) ᠪᠠᠢᠭᠤᠯᠵᠤ ᠪᠦᠬᠦ ᠤᠯᠤᠰ ᠤ᠋ᠨ ᠵᠠᠰᠠᠭ ᠤ᠋ᠨ ᠠᠵᠢᠯ ᠢ᠋ ᠭᠦᠢᠴᠡᠳᠬᠡᠬᠦ᠃ ᠱᠤ᠌ ᠮᠢ ᠶᠤᠸᠠᠨ ( ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ) ᠪᠠᠢᠭᠤᠯᠵᠤ ᠴᠡᠷᠢᠭ ᠦ᠋ᠨ ᠶᠠᠪᠤᠳᠠᠯ ᠢ ᠡᠷᠬᠢᠯᠡᠬᠦ᠃ ᠢᠦᠢ ᠰᠢ ᠲᠡᠢ ( ᠵᠠᠷᠯᠢᠭ ᠤ᠋ᠨ ᠭᠠᠵᠠᠷ ) ᠪᠠᠢᠭᠤᠯᠵᠤ ᠰᠢᠭᠦᠬᠦ ᠂ ᠪᠠᠢᠴᠠᠭᠠᠬᠤ ᠶᠠᠪᠤᠳᠠᠯ ᠢ ᠭᠦᠢᠴᠡᠳᠬᠡᠬᠦ᠃ ᠡᠭᠦᠨ ᠦ᠌ ᠳᠣᠣᠷ᠎ᠠ ᠪᠠᠢᠴᠠᠭᠠᠬᠤ ᠰᠢᠩ ᠱᠧᠩ ᠂ ᠰᠢᠩ ᠶᠤᠸᠠᠨ ᠪᠠᠢᠭᠤᠯᠵᠤ ᠡᠳᠦᠷ ᠳᠣᠳᠣᠮ ᠤ᠋ᠨ ᠬᠡᠷᠡᠭ ᠶᠠᠪᠤᠳᠠᠯ ᠢ ᠭᠦᠢᠴᠡᠳᠬᠡᠬᠦ ᠪᠡᠷ ᠲᠣᠭᠲᠠᠭᠠᠨ᠂ ᠡᠭᠦᠨ ᠦ᠌ ᠭᠠᠳᠠᠨ᠎ᠠ ᠪᠠᠰᠠ ᠶᠤᠸᠠᠨ ᠭᠡᠮᠡᠨ ᠪᠠᠢᠭᠤᠯᠵᠤ ᠦᠨᠳᠦᠰᠦᠲᠡᠨ ᠦ᠌ ᠬᠡᠷᠡᠭ ᠶᠠᠪᠤᠳᠠᠯ ᠪᠠ ᠱᠠᠰᠢᠨ ᠰᠤᠷᠲᠠᠬᠤᠨ ᠤ᠋ ᠶᠠᠪᠤᠳᠠᠯ ᠢ᠋ ᠡᠷᠬᠢᠯᠡᠬᠦ᠃ ᠽᠢ ᠭᠡᠮᠡᠨ ᠪᠠᠢᠭᠤᠯᠵᠤ ᠠᠭᠲᠠ ᠪᠠ ᠡᠮᠡᠭᠡᠯ ᠬᠢᠭᠡᠳ ᠡᠳ᠋ᠯᠡᠯ ᠢ ᠬᠠᠷᠢᠭᠤᠴᠠᠬᠤ᠃ ᠵᠢᠶᠠᠨ ᠭᠡᠮᠡᠨ ᠪᠠᠢᠭᠤᠯᠵᠤ ᠬᠠᠭᠠᠨ ᠰᠠᠩ ᠤ᠋ᠨ ᠨᠣᠮ ᠪᠢᠴᠢᠭ ᠢ᠋ ᠡᠵᠡᠮᠰᠢᠬᠦ᠃ ᠸᠧᠢ ᠭᠡᠮᠡᠨ ᠪᠠᠢᠭᠤᠯᠵᠤ ᠰᠢᠳᠠᠷ ᠴᠡᠷᠢᠭ ᠢ᠋ ᠤᠳᠤᠷᠢᠳᠬᠤ᠃ ᠹᠦ ᠭᠡᠮᠡᠨ ᠪᠠᠢᠭᠤᠯᠵᠤ ᠳᠣᠲᠣᠭᠠᠳᠤ ᠴᠡᠷᠢᠭ ᠢ᠋ ᠤᠳᠤᠷᠢᠳᠬᠤ᠃ ᠭᠠᠵᠠᠷ ᠣᠷᠣᠨ ᠳ᠋ᠤᠷ ᠰᠢᠩ ᠱ᠌ᠸᠩ ᠂ ᠯᠦ᠍ ( ᠵᠠᠮ ) ᠹᠦ ( ᠶᠠᠮᠤᠨ ) ᠵᠧᠦ ( ᠮᠣᠵᠢ ) ᠰᠢᠶᠠᠨ ᠵᠡᠷᠭᠡ ᠲᠠᠪᠤᠨ ᠱᠠᠲᠤ ᠬᠤᠪᠢᠶᠠᠵᠤ ᠯᠦ᠍ ( ᠵᠠᠮ ) ᠤ᠋ᠨ ᠵᠠᠬᠢᠷᠭ᠎ᠠ ᠶ᠋ᠢ ᠰᠢᠦᠸᠠᠨ ᠢᠦᠢ ᠽᠢ ᠬᠡᠮᠡᠮᠦᠢ᠃ ᠹᠦ ᠶ᠋ᠢᠨ ᠵᠠᠬᠢᠷᠭ᠎ᠠ ᠶ᠋ᠢ ᠰᠢᠦᠸᠠᠨ ᠹᠦ ᠽᠢ ᠬᠡᠮᠡᠮᠦᠢ᠃ ᠵᠧᠦ ᠶ᠋ᠢᠨ ᠵᠠᠬᠢᠷᠭ᠎ᠠ ᠶ᠋ᠢ ᠠᠨ ᠹᠦ ᠽᠢ ᠬᠡᠮᠡᠮᠦᠢ᠃ ᠪᠠᠰᠠ ᠭᠠᠵᠠᠷ ᠣᠷᠣᠨ ᠳ᠋ᠤᠷ ᠰᠢᠩ ᠱᠤ᠌ ᠮᠢ ᠶᠤᠸᠠᠨ ᠭᠡᠮᠡᠨ ᠪᠠᠢᠭᠤᠯᠵᠤ ᠭᠠᠵᠠᠷ ᠣᠷᠣᠨ ᠤ᠋ ᠴᠡᠷᠢᠭ ᠦ᠋ᠨ ᠶᠠᠪᠤᠳᠠᠯ ᠢ᠋ ᠵᠠᠬᠢᠷᠬᠤ᠂ ᠰᠢᠩ ᠢᠦᠢ ᠰᠢ ᠲᠡᠢ ᠂ ᠯᠢᠶᠠᠨ ᠹᠠᠩ ᠽᠢ ᠭᠡᠮᠡᠨ ᠪᠠᠢᠭᠤᠯᠵᠤ ᠣᠷᠣᠨ ᠨᠤᠲᠤᠭ ᠤ᠋ᠨ ᠪᠠᠢᠴᠠᠭᠠᠨ ᠰᠢᠭᠦᠬᠦ ᠭᠠᠵᠠᠷ ᠪᠣᠯᠭᠠᠨ ᠲᠤᠰ ᠲᠤᠰ ᠲᠦᠰᠢᠮᠡᠯ ᠲᠣᠮᠢᠯᠠᠪᠠ᠃ ᠡᠭᠦᠨ ᠳ᠋ᠦ᠍ᠷ ᠸᠠᠩ ᠸᠸᠨ ᠲᠦᠩ ᠦ᠋ᠨ ᠭᠠᠪᠢᠶ᠎ᠠ ᠶ᠋ᠢ ᠢᠯᠡ ᠥᠭᠦᠯᠡᠵᠦ ᠪᠣᠯᠬᠤ ᠦᠭᠡᠢ ᠪᠣᠯᠪᠠᠴᠤ ᠰᠡᠳᠬᠢᠯᠴᠢᠯᠡᠨ ᠮᠡᠳᠡᠬᠦ ᠲᠤᠯᠠ ᠫᠢᠩ ᠵᠠᠩ ᠵᠧᠩ ᠰᠢ ᠲᠦᠰᠢᠮᠡᠯ ( ᠴᠧᠩᠰᠢᠶᠠᠩ ) ᠡᠷᠭᠦᠮᠵᠢᠯᠡᠵᠦ ᠵᠠᠩ ᠸᠸᠨ ᠴᠢᠶᠠᠨ ᠢ ᠵᠡᠭᠦᠨ ᠭᠠᠷᠤᠨ ᠰᠠᠢᠳ 《ᠰᠦᠸᠧ ᠴᠧᠩ 》᠂ ᠨᠢᠶᠠᠩᠨᠠᠠᠡᠭᠡ ᠂ ᠶᠠᠩ ᠴᠢ ᠶᠤᠸᠠᠨ ᠨᠠᠷ ᠢ᠋ ᠰᠢ ᠢᠩ ᠵᠡᠷᠭᠡ ᠭᠠᠵᠠᠷ ᠤ᠋ᠨ ᠰᠢᠦᠸᠠᠨ ᠢᠦᠷ ᠰᠢ ᠲᠦᠰᠢᠮᠡᠯ ᠪᠣᠯᠭᠠᠨ ᠲᠤᠰ ᠲᠤᠰ ᠡᠷᠭᠦᠮᠵᠢᠯᠡᠪᠡ᠃
ᠸᠠᠩ ᠸᠸᠨ ᠲᠦᠩ ᠴᠧᠩᠰᠢᠶᠠᠩ ᠤ᠋ᠨ ᠡᠷᠬᠢᠮ ᠢ᠋ ᠬᠦᠷᠲᠡᠭᠡᠳ ᠪᠣᠳᠣᠪᠠᠰᠤ ᠲᠡᠭᠦᠨ ᠦ᠌ ᠵᠠᠯᠢᠬᠠᠢ ᠶ᠋ᠢ ᠮᠡᠳᠡᠳᠡᠭ ᠢᠨᠦ ᠭᠠᠭᠴᠠ ᠡᠵᠡᠨ ᠦ᠌ ᠢᠲᠡᠭᠡᠯ ᠣᠯᠤᠭᠰᠠᠨ ᠡᠷᠳᠡᠮᠲᠡᠨ ᠰᠠᠢᠳ ᠬᠠᠨ ᠯᠢᠨ ᠰᠢ ᠳᠦ ᠰᠢᠶᠣᠤ ᠰᠢ ᠬᠣᠣ ᠵᠢᠩ ᠪᠣᠯᠠᠢ᠃ ᠡᠨᠡ ᠬᠥᠮᠦᠨ ᠬᠤᠪᠢᠯᠠᠢ ᠬᠠᠨ ᠳ᠋ᠤᠷ ᠣᠨᠴᠠ ᠥᠷᠦᠰᠢᠶᠡᠭᠳᠡᠬᠦ ᠲᠤᠯᠠ ᠡᠷᠲᠡ ᠡᠰᠡ ᠵᠠᠢᠯᠠᠭᠤᠯᠪᠠᠰᠤ ᠬᠣᠵᠢᠮ ᠤ᠋ᠨ ᠶᠠᠪᠤᠳᠠᠯ ᠳ᠋ᠤᠷ ᠬᠣᠣᠷ ᠪᠣᠯᠤᠮᠤᠢ ᠭᠡᠮᠡᠨ ᠪᠣᠳᠣᠵᠤ ᠰᠥᠩ ᠤᠯᠤᠰ ᠤ᠋ᠨ ᠭᠠᠷ ᠢ᠋ᠶ᠋ᠠᠷ ᠠᠯᠠᠭᠤᠯᠰᠤᠭᠠᠢ ᠭᠡᠮᠡᠨ ᠪᠣᠳᠣᠵᠤ ᠲᠣᠭᠲᠠᠭᠠᠳ ᠥᠷᠯᠥᠭᠡ ᠶ᠋ᠢᠨ ᠴᠤᠤ ᠬᠤᠷᠠᠬᠤᠢ ᠳ᠋ᠤᠷ ᠸᠠᠩ ᠸᠸᠨ ᠲᠦᠩ ᠵᠡᠷᠭᠡ ᠡᠴᠡ ᠲᠠᠪᠰᠢᠵᠤ ᠭᠤᠷᠪᠠᠨᠲᠠ ᠰᠥᠭᠥᠳᠴᠦ ᠶᠢᠰᠦᠨ ᠵᠡᠷᠭᠡ ᠮᠥᠷᠭᠥᠵᠦ ᠭᠤᠷᠪᠠᠨ ᠤᠳᠠᠭ᠎ᠠ ᠲᠦᠮᠡᠨ ᠨᠠᠰᠤᠲᠤ ᠭᠡᠮᠡᠨ ᠳᠠᠭᠤᠳᠠᠭᠠᠳ ᠬᠤᠪᠸᠨ ᠢ᠋ᠶ᠋ᠠᠷ ᠨᠢᠭᠤᠷ ᠢ᠋ᠶ᠋ᠠᠨ ᠬᠠᠯᠬᠠᠯᠠᠨ ᠮᠡᠬᠦᠢᠨ ᠵᠣᠭᠰᠣᠵᠤ ᠠᠢᠯᠠᠳᠬᠠᠷᠤᠨ : 《ᠲᠦᠰᠢᠮᠡᠯ ᠪᠢ ᠡᠵᠡᠨ ᠦ᠌ ᠲᠥᠯᠥᠭᠡ ᠪᠣᠳᠣᠪᠠᠰᠤ ᠲᠡᠷᠢᠭᠦᠨ ᠶᠡᠬᠡ ᠶᠠᠪᠤᠳᠠᠯ ᠠᠨᠤ ᠰᠥᠩ ᠤᠯᠤᠰ ᠯᠤᠭ᠎ᠠ ᠡᠶᠡᠳᠡᠬᠦ ᠤᠴᠢᠷ ᠪᠣᠯᠠᠢ᠃ ᠲᠠᠢᠽᠦᠩ ᠬᠠᠭᠠᠨ (ᠮᠥᠩᠬᠡ ) ᠶ᠋ᠢᠨ ᠦᠶ᠎ᠡ ᠳ᠋ᠦ᠍ᠷ ᠮᠠᠨ ᠤ᠋ ᠬᠣᠶᠠᠷ ᠤᠯᠤᠰ ᠤ᠋ᠨ ᠬᠣᠭᠣᠷᠣᠨᠳᠣ ᠶᠡᠬᠡ ᠪᠠᠭ᠎ᠠ ᠬᠡᠮᠡᠭᠰᠡᠨ ᠴᠦ᠍ ᠴᠡᠷᠢᠭ ᠲᠡᠢᠨ ᠲᠠᠰᠤᠷᠠᠭᠰᠠᠨ ᠦᠭᠡᠢ᠃ ᠬᠢᠨᠠᠪᠠᠰᠤ ᠬᠣᠶᠠᠷ ᠡᠲᠡᠭᠡᠳ ᠲᠣᠷ ᠴᠥᠮ ᠪᠠᠭ᠎ᠠ ᠪᠤᠰᠤ ᠬᠣᠬᠢᠷᠠᠯ ᠪᠣᠯᠪᠠ᠃ ᠰᠣᠨᠣᠰᠪᠠᠰᠤ ᠡᠵᠡᠨ ᠮᠥᠷᠡᠨ ᠦ᠌ ᠡᠮᠦᠨ᠎ᠡ ᠡᠴᠡ ᠪᠤᠴᠠᠬᠤ ᠦᠶ᠎ᠡ ᠰᠥᠩ ᠤᠯᠤᠰ ᠤ᠋ᠨ ᠴᠧᠩᠰᠢᠶᠠᠩ ᠵᠢᠶᠠ ᠽᠢ ᠵᠣᠣ ᠡᠶᠡᠳᠡᠬᠦ ᠶ᠋ᠢ ᠭᠤᠶᠤᠭᠰᠠᠨ ᠬᠡᠷᠡᠭ ᠪᠣᠢ ᠲᠤᠯᠠ ᠡᠳᠦᠭᠡ ᠶᠡᠬᠡ ᠰᠠᠢᠳ ᠢ᠋ ᠤᠯᠤᠰ ᠤ᠋ᠨ ᠪᠢᠴᠢᠭ ᠬᠦᠷᠭᠡᠬᠦ ᠡᠯᠴᠢ ᠪᠡᠷ ᠲᠣᠮᠢᠯᠠᠵᠤ ᠪᠠᠲᠤ ᠨᠤᠲᠠ ᠡᠶᠡᠳᠡᠬᠦ ᠭᠡᠷ᠎ᠡ ᠪᠠᠢᠭᠤᠯᠬᠤ ᠠᠨᠤ ᠡᠳᠦᠭᠡ ᠪᠣᠯᠠᠢ᠃ ᠡᠢᠨ ᠬᠦ᠌ ᠪᠡᠷ ᠰᠢᠨ᠎ᠡ ᠡᠵᠡᠨ ᠦ᠌ ᠠᠭᠤᠤ ᠥᠷᠥᠰᠢᠶᠡᠩᠭᠦᠢ ᠶ᠋ᠢ ᠳᠥᠷᠪᠡᠨ ᠳᠠᠯᠠᠢ ᠶ᠋ᠢᠨ ᠳᠣᠲᠣᠭᠠᠳᠤ ᠳ᠋ᠤᠷ ᠲᠦᠭᠡᠮᠡᠯᠵᠢᠭᠦᠯᠵᠦ ᠬᠣᠶᠠᠷ ᠤᠯᠤᠰ ᠤ᠋ᠨ ᠠᠷᠠᠳ ᠢᠷᠭᠡᠳ ᠢ᠋ ᠲᠡᠢᠨ ᠪᠠᠢᠯᠳᠤᠭᠠᠨ ᠤ᠋ ᠠᠶᠤᠯ ᠠ᠋ᠴᠠ ᠠᠪᠤᠷᠠᠵᠤ ᠵᠠᠭᠤᠨ ᠦᠶ᠎ᠡ ᠶ᠋ᠢᠨ ᠡᠩᠬᠡ ᠠᠮᠤᠭᠤᠯᠠᠩ ᠪᠣᠯᠭᠠᠬᠤ ᠶ᠋ᠢ ᠡᠳᠦᠷ ᠵᠢᠭᠠᠵᠤ ᠬᠦᠯᠢᠶᠡᠵᠦ ᠰᠠᠭᠤᠮᠤᠢ ᠃ ᠡᠨᠡ ᠪᠥᠭᠡᠰᠦ ᠬᠣᠶᠠᠷ ᠤᠯᠤᠰ ᠤ᠋ᠨ ᠠᠷᠠᠳ ᠢᠷᠭᠡᠳ ᠨᠢᠴᠦᠭᠦᠨ ᠨᠢᠯᠬ᠎ᠠ ᠭᠦᠭᠦᠯᠬᠦ ᠶ᠋ᠢ ᠬᠦᠰᠡᠬᠦ ᠮᠡᠲᠦ ᠡᠷᠡᠮᠡᠯᠵᠡᠬᠦ ᠢᠨᠤ ᠪᠣᠯᠠᠢ᠃ ᠡᠨᠡ ᠴᠣᠬᠣᠮ ᠪᠣᠭᠳᠠ ᠡᠵᠡᠨ ᠦ᠌ ᠦᠢᠯᠡ ᠪᠤᠶᠤ ᠃ ᠡᠵᠡᠨ ᠰᠣᠶᠣᠷᠬᠠᠮᠤ ! 》 ᠬᠡᠮᠡᠭᠰᠡᠨ ᠳ᠋ᠦ᠍ᠷ ᠬᠤᠪᠢᠯᠠᠢ ᠬᠠᠭᠠᠨ ᠮᠠᠰᠢ ᠪᠡᠶᠡᠰᠦᠨ : 《ᠬᠠᠢᠷᠠᠲᠤ ᠴᠢᠩ ᠦ᠋ᠨ ᠰᠢᠭᠦᠮᠵᠢ ᠮᠠᠰᠢ ᠵᠥᠪ ᠂ ᠮᠡᠬᠦᠰ ᠪᠢ ᠡᠢᠨ ᠰᠠᠨᠠᠵᠤ ᠤᠳᠠᠪᠠ᠃ ᠠᠯᠢ ᠰᠠᠢᠳ ᠢ ᠶᠠᠪᠤᠭᠤᠯᠪᠠᠰᠤ ᠵᠣᠬᠢᠬᠤ ᠶ᠋ᠢ ᠵᠥᠪᠳᠡᠵᠦ ᠮᠡᠳᠡᠭᠦᠯ 》 ᠬᠡᠮᠡᠬᠦᠢ ᠳ᠋ᠦ᠍ᠷ ᠸᠠᠩ ᠸᠸᠨ ᠲᠦᠩ ᠠᠢᠯᠠᠳᠬᠠᠷᠤᠨ᠄ 《ᠰᠥᠩ ᠤᠯᠤᠰ ᠬᠡᠮᠡᠭᠴᠢ ᠮᠠᠯᠠᠭᠠᠢ ᠬᠤᠪᠴᠠᠰᠤᠨ ᠤ᠋ ᠶᠣᠰᠣᠯᠠᠯᠲᠤ ᠤᠯᠤᠰ ᠮᠥᠨ᠂ ᠡᠷᠳᠡᠮᠲᠡᠨ ᠮᠡᠷᠭᠡᠳ ᠰᠢᠯᠦᠭ ᠪᠢᠴᠢᠭ ᠦ᠋ᠨ ᠵᠣᠴᠢᠳ ᠴᠤᠭᠯᠠᠷᠠᠭᠰᠠᠨ ᠭᠠᠵᠠᠷ᠃ ᠬᠡᠷᠪᠡ ᠨᠢᠭᠡᠨ ᠠᠷᠤᠤᠬᠠᠨ ᠡᠷᠳᠡᠮᠲᠡᠨ ᠢ᠋ ᠡᠰᠡ ᠶᠠᠪᠤᠭᠤᠯᠪᠠᠰᠤ ᠰᠥᠩ ᠤᠯᠤᠰ ᠮᠠᠨ ᠤ᠋ ᠲᠥᠷᠥ ᠳ᠋ᠦ᠍ᠷ ᠬᠥᠮᠦᠨ ᠦᠭᠡᠢ ᠭᠡᠮᠡᠨ ᠳᠣᠷᠣᠮᠵᠢᠯᠠᠬᠤᠢ ᠳ᠋ᠤᠷ ᠬᠦᠷᠴᠦ ᠬᠣᠶᠠᠷ ᠤᠯᠤᠰ ᠤ᠋ᠨ ᠥᠨᠢ ᠡᠭᠦᠷᠢᠳᠡ ᠶ᠋ᠢᠨ ᠶᠡᠬᠡ ᠦᠢᠯᠡᠰ ᠲᠣᠷ ᠠᠰᠢᠭ ᠦᠭᠡᠢ ᠪᠣᠯᠠᠢ ᠃ ᠲᠦᠰᠢᠮᠡᠯ ᠮᠢᠨᠦ ᠦᠵᠡᠬᠦ ᠪᠡᠷ ᠬᠣᠣ ᠰᠢᠶᠣᠤ ᠰᠢ ᠨᠢᠭᠡᠨᠲᠡ ᠯᠢᠨ ᠠᠨ ᠳ᠋ᠤᠷ ᠬᠦᠷᠪᠡᠰᠦ ᠮᠥᠷᠡᠨ ᠦ᠌ ᠡᠮᠦᠨᠡᠬᠢ ᠣᠯᠠᠨ ᠰᠠᠢᠳ ᠡᠷᠳᠡᠮᠲᠡᠨ ᠢ ᠪᠢᠰᠢᠷᠡᠭᠦᠯᠵᠦ ᠮᠠᠨ ᠤ᠋ ᠲᠥᠷᠥ ᠳ᠋ᠦ᠍ᠷ ᠥᠩᠭᠡ ᠭᠡᠷᠡᠯ ᠨᠡᠮᠡᠬᠦ ᠪᠣᠯᠠᠢ 》ᠬᠡᠮᠡᠭᠰᠡᠨ ᠳ᠋ᠦ᠍ᠷ ᠬᠤᠪᠢᠯᠠᠢ ᠬᠠᠭᠠᠨ ᠲᠡᠷᠢᠭᠦᠨ ᠡᠷᠭᠦᠵᠦ ᠦᠵᠡᠪᠡᠰᠦ ᠬᠣᠣ ᠵᠢᠩ ᠪᠢᠴᠢᠭ ᠦ᠋ᠨ ᠲᠦᠰᠢᠮᠡᠯ ᠦ᠋ᠨ ᠲᠡᠷᠢᠭᠦᠨ ᠵᠡᠷᠭᠡ ᠳ᠋ᠦ᠍ᠷ ᠵᠣᠭᠰᠣᠵᠤᠬᠤᠢ᠃ ᠴᠢᠷᠠᠢ ᠵᠦᠯᠭᠦᠭᠰᠡᠨ ᠬᠠᠰ ᠮᠡᠲᠦ ᠂ ᠨᠢᠳᠦ ᠲᠤᠩᠭᠠᠯᠠᠭ ᠂ ᠬᠥᠮᠥᠰᠬᠡ ᠠᠷᠢᠭᠤᠨ ᠪᠡᠶ᠎ᠡ ᠥᠨᠳᠥᠷ ᠠᠷᠤᠤᠬᠠᠨ ᠠᠭᠤᠯᠠ ᠮᠥᠷᠡᠨ ᠦ᠌ ᠲᠥᠷᠥ ᠶ᠋ᠢᠨ ᠬᠤᠪᠴᠠᠰᠤ ᠡᠮᠦᠰᠴᠦ ᠰᠢᠶᠣᠤ ᠰᠢ ᠠᠯᠴᠢᠭᠤᠷ ᠵᠡᠭᠦᠵᠦᠬᠦᠢ᠃ ᠨᠢᠭᠡᠨ ᠦᠶ᠎ᠡ ᠶ᠋ᠢᠨ ᠰᠢᠯᠭᠠᠷᠠᠭᠰᠠᠨ ᠡᠷᠳᠡᠮᠲᠡᠨ ᠪᠣᠯᠠᠢ᠃ ᠪᠠᠭ᠎ᠠ ᠠ᠋ᠴᠠ ᠬᠢᠲᠠᠳ ᠤᠢᠭᠤᠷ ᠬᠣᠶᠠᠷ ᠬᠡᠯᠡ ᠳ᠋ᠦ᠍ᠷ ᠨᠡᠪᠲᠡᠷᠡᠨ ᠨᠣᠮ ᠰᠤᠳᠤᠷ ᠢ᠋ ᠭᠦᠢᠴᠡᠳᠬᠡᠵᠦ ᠰᠢᠯᠦᠭ ᠵᠣᠬᠢᠶᠠᠯ ᠳ᠋ᠤᠷ ᠰᠢᠯᠭᠠᠷᠠᠨ ᠮᠥᠷᠡᠨ ᠦ᠌ ᠡᠮᠦᠨ᠎ᠡ ᠬᠣᠢᠨ᠎ᠠ ᠴᠥᠮ ᠡᠷᠳᠡᠮᠲᠡᠨ ᠭᠡᠮᠡᠨ ᠠᠯᠳᠠᠷᠰᠢᠪᠠ ᠃ ᠬᠥᠮᠦᠨ ᠪᠦᠬᠦᠨ ᠲᠡᠷᠢᠭᠦᠨ ᠰᠠᠢᠳ ᠤ᠋ᠨ ᠡᠷᠬᠢᠮ ᠬᠣᠣ ᠵᠢᠩ ᠡᠴᠡ ᠪᠤᠰᠤ ᠬᠥᠮᠦᠨ ᠦᠭᠡᠢ ᠭᠡᠮᠡᠨ ᠪᠣᠳᠣᠵᠤ ᠠᠲᠠᠯ᠎ᠠ ᠣᠯᠠᠨ ᠳ᠋ᠤᠷ ᠬᠦᠨᠳᠦ ᠦᠭᠡᠢ ᠵᠢᠰᠤᠷ ᠵᠠᠯᠢᠬᠠᠢ ᠸᠠᠩ ᠸᠸᠨ ᠲᠦᠩ ᠢ᠋ ᠲᠡᠷᠢᠭᠦᠯᠡᠭᠦᠯᠦᠭᠰᠡᠨ ᠳ᠋ᠦ᠍ᠷ ᠴᠥᠮ ᠳᠤᠷ᠎ᠠ ᠥᠭᠡᠢᠰᠬᠢᠬᠦ ᠪᠥᠯᠥᠭᠡ᠃ ᠡᠳᠦᠭᠡ ᠤᠯᠤᠰ ᠤ᠋ᠨ ᠪᠢᠴᠢᠭ ᠬᠦᠷᠭᠡᠬᠦ ᠥᠴᠦᠬᠡᠨ ᠲᠤᠰᠢᠶᠠᠯ ᠳ᠋ᠤᠷ ᠶᠠᠪᠤᠭᠤᠯᠬᠤ ᠶ᠋ᠢ ᠨᠡᠩ ᠰᠠᠨᠠᠭᠰᠠᠨ ᠦᠭᠡᠢ᠃ ᠬᠣᠣ ᠵᠢᠩ ᠲᠦᠯᠬᠢᠵᠦ ᠪᠣᠯᠬᠤ ᠦᠭᠡᠢ ᠲᠤᠯᠠ ᠬᠦᠯᠢᠶᠡᠨ ᠠᠪᠴᠤ ᠄ 《ᠲᠦᠰᠢᠮᠡᠯ ᠪᠢ ᠡᠵᠡᠨ ᠦ᠌ ᠵᠠᠷᠯᠢᠭ ᠢ᠋ ᠭᠤᠲᠤᠭᠠᠬᠤ ᠪᠣᠯᠪᠠᠤ ᠭᠡᠮᠡᠨ ᠲᠦᠪᠡᠭᠰᠢᠶᠡᠬᠦ ᠪᠣᠯᠠᠢ ᠬᠡᠷᠡᠭᠯᠡᠬᠦ ᠭᠠᠵᠠᠷ ᠪᠣᠢ ᠪᠥᠭᠡᠰᠦ ᠲᠦᠮᠡᠨᠲᠡ ᠦᠬᠦᠬᠦ ᠡᠴᠡ ᠦᠯᠦ ᠠᠶᠤᠮᠤᠢ 》ᠬᠡᠮᠡᠪᠡᠢ᠃ ᠬᠤᠪᠢᠯᠠᠢ ᠬᠠᠭᠠᠨ ᠮᠠᠰᠢ ᠪᠡᠶᠡᠰᠴᠦ ᠬᠣᠣ ᠵᠢᠩ ᠢ᠋ ᠤᠯᠤᠰ ᠤ᠋ᠨ ᠪᠢᠴᠢᠭ ᠬᠦᠷᠭᠡᠬᠦ ᠡᠯᠴᠢ ᠪᠡᠷ ᠬᠠᠨ ᠯᠢᠨ ᠳ᠋ᠠᠢ ᡁᠢ ᠲᠦᠰᠢᠮᠡᠯ ᠬᠸ ᠶᠤᠸᠠᠨ ᠃ ᠯᠢ ᠪᠤ ᠯᠠᠩ ᠵᠦᠩ ᠲᠦᠰᠢᠮᠡᠯ ᠯᠢᠦ ᠵᠸᠨ ᠵᠢᠶᠧ ᠶ᠋ᠢ ᠲᠡᠳ᠋ᠯᠡᠭᠦᠯᠦᠨ ᠳᠠᠭᠠᠬᠤ ᠠᠷᠠᠳ ᠵᠠᠭᠤ ᠰᠢᠬᠠᠮ ᠥᠭᠴᠦ ᠰᠠᠢᠨ ᠡᠳᠦᠷ ᠢ᠋ ᠰᠣᠩᠭᠣᠵᠤ ᠺᠠᠢ ᠫᠢᠩ ᠡᠴᠡ ᠮᠣᠷᠳᠠᠭᠤᠯᠪᠠ᠃
ᠸᠠᠩ ᠸᠸᠨ ᠲᠦᠩ ᠬᠣᠣ ᠵᠢᠩ ᠢ᠋ ᠶᠠᠪᠤᠭᠤᠯᠤᠭᠠᠳ ᠰᠡᠳᠬᠢᠯ ᠦ᠋ᠨ ᠡᠪᠡᠳᠴᠢᠨ ᠠᠷᠢᠯᠪᠠ ᠭᠡᠮᠡᠨ ᠪᠡᠶᠡᠰᠴᠦ ᠴᠧᠩᠰᠢᠶᠠᠩ ᠤ᠋ᠨ ᠶᠠᠮᠤᠨ ᠳ᠋ᠠᠭᠠᠨ ᠪᠤᠴᠠᠵᠤ ᠲᠥᠷᠥ ᠶ᠋ᠢᠨ ᠬᠤᠪᠴᠠᠰᠤ ᠪᠠᠨ ᠲᠠᠢᠯᠵᠤ ᠰᠤᠯᠠ ᠬᠤᠪᠴᠠᠰᠤ ᠬᠠᠯᠠᠵᠤ ᠪᠢᠴᠢᠭ ᠦ᠋ᠨ ᠭᠡᠷ ᠲᠡᠭᠡᠨ ᠣᠷᠣᠵᠤ ᠢ ᠳᠦ ᠶ᠋ᠢᠨ ᠯᠢ ᠲᠠᠨ ᠳ᠋ᠤᠷ ᠶᠠᠭᠠᠷᠠᠤ ᠵᠠᠬᠢᠳᠠᠯ ᠥᠭᠴᠦ ᠰᠠᠨᠠᠭᠤᠯᠤᠭᠰᠠᠨ ᠠᠨᠤ :
ᠶᠡᠬᠡ ᠵᠠᠩᠵᠤᠨ ᠳᠡᠭᠦᠦ ᠯᠢ ᠲᠠᠨ ᠲᠠᠨ ᠤ᠋ ᠴᠠᠴᠠᠷ ᠤ᠋ᠨ ᠰᠢᠷᠡᠭᠡᠨ ᠳ᠋ᠦ᠍ᠷ ᠳᠡᠪᠡᠰᠢᠭᠦᠯᠪᠡ᠃ ᠰᠠᠨᠠᠭᠤᠯᠬᠤ ᠠᠨᠤ ᠮᠣᠩᠭᠣᠯ ᠤ᠋ᠨ ᠲᠥᠷᠥ ᠶ᠋ᠢᠨ ᠳᠣᠲᠣᠭᠠᠳᠤ ᠬᠢᠮᠤᠷᠠᠯᠳᠤᠭᠠᠨ ᠭᠠᠷᠬᠤ ᠡᠳᠦᠷ ᠬᠣᠯᠠ ᠦᠭᠡᠢ ᠪᠣᠯᠪᠠ᠃ ᠤᠳᠠᠬᠤ ᠦᠭᠡᠢ ᠡᠮᠦᠨᠡᠲᠦ ᠴᠡᠷᠢᠭ ᠢ᠋ ᠴᠥᠮ ᠤᠮᠠᠷᠠᠰᠢ ᠲᠠᠲᠠᠬᠤ ᠲᠤᠯᠠ ᠡᠷᠭᠢᠨ ᠲᠠ ᠴᠡᠷᠢᠭ ᠮᠣᠷᠢ ᠪᠠᠨ ᠪᠡᠯᠡᠬᠡᠨ ᠪᠠᠢᠯᠭᠠᠵᠤ ᠬᠦᠯᠢᠶᠡᠪᠡᠰᠦ ᠵᠣᠬᠢᠮᠤᠢ᠃ ᠡᠳᠦᠭᠡ ᠮᠣᠩᠭᠣᠯ ᠤ᠋ᠨ ᠬᠤᠪᠢᠯᠠᠢ ᠪᠣᠯᠬᠢ ᠮᠢᠨᠦ ᠦᠭᠡ ᠶ᠋ᠢ ᠮᠠᠰᠢ ᠬᠦᠨᠳᠦᠳᠬᠡᠬᠦ ᠪᠣᠯᠪᠠᠴᠤ ᠬᠠᠨ ᠯᠢᠨ ᠰᠢ ᠳᠦ ᠶ᠋ᠢᠨ ᠲᠤᠰᠢᠶᠠᠯ ᠳ᠋ᠤᠷ ᠠᠬᠤ ᠬᠣᠣ ᠵᠢᠩ ᠬᠡᠮᠡᠭᠴᠢ ᠳᠤᠮᠳᠠ ᠣᠷᠣᠵᠤ ᠰᠠᠭᠠᠳ ᠪᠣᠯᠵᠤ ᠮᠡᠳᠡᠬᠦ ᠪᠥᠭᠡᠳ ᠮᠣᠩᠭᠣᠯ ᠤᠯᠤᠰ ᠤ᠋ᠨ ᠪᠠᠭᠠᠨ᠎ᠠ ᠨᠢᠷᠤᠭᠤ ᠪᠣᠯᠬᠤ ᠡᠷᠳᠡᠮᠲᠡᠨ ᠰᠠᠢᠳ ᠪᠣᠯᠠᠢ᠃ ᠡᠰᠡ ᠠᠷᠢᠯᠭᠠᠪᠠᠰᠤ ᠡᠴᠦᠰ ᠲᠦ᠍ᠷ ᠬᠣᠣᠷ ᠪᠣᠯᠬᠤ ᠲᠤᠯᠠ ᠰᠥᠩ ᠤᠯᠤᠰ ᠤ᠋ᠨ ᠭᠠᠷ ᠢ᠋ ᠠᠰᠢᠭᠯᠠᠬᠤ ᠰᠠᠨᠠᠭᠠᠲᠠᠢ ᠪᠠᠷ ᠤᠯᠤᠰ ᠤ᠋ᠨ ᠪᠢᠴᠢᠭ ᠬᠦᠷᠭᠡᠬᠦ ᠡᠯᠴᠢ ᠶ᠋ᠢᠨ ᠰᠠᠢᠳ ᠢ᠋ᠶ᠋ᠠᠷ ᠲᠣᠮᠢᠯᠠᠪᠠ᠃ ᠰᠥᠩ ᠤᠯᠤᠰ ᠮᠣᠩᠭᠣᠯ ᠤ᠋ᠨ ᠡᠯᠴᠢ ᠶ᠋ᠢ ᠦᠵᠡᠵᠦ ᠴᠢᠳᠠᠬᠤ ᠦᠭᠡᠢ ᠠᠯᠠᠬᠤ ᠵᠠᠩᠰᠢᠯ ᠲᠠᠢ ᠪᠥᠭᠡᠳ ᠬᠡᠷᠪᠡ ᠳᠡᠭᠦᠦ ᠲᠠ ᠬᠣᠣ ᠵᠢᠩ ᠨᠠᠷ ᠢ᠋ ᠰᠥᠩ ᠤᠯᠤᠰ ᠤ᠋ᠨ ᠬᠢᠯᠢ ᠣᠷᠣᠭᠰᠠᠨ ᠢ᠋ ᠮᠡᠳᠡᠵᠦ ᠯᠢᠨ ᠬᠠᠢ ᠶ᠋ᠢᠨ ᠬᠡᠳᠦᠨ ᠬᠣᠲᠠ ᠶ᠋ᠢ ᠬᠢᠳᠤᠵᠤ ᠡᠵᠡᠯᠡᠪᠡᠰᠦ ᠰᠥᠩ ᠤᠯᠤᠰ ᠯᠠᠪᠲᠠᠢ ᠬᠢᠯᠢᠩᠯᠡᠨ ᠬᠣᠣ ᠵᠢᠩ ᠨᠠᠷ ᠢ ᠠᠯᠠᠮᠤᠢ᠃ ᠵᠢᠴᠢ ᠮᠣᠩᠭᠣᠯ ᠬᠢᠭᠡᠳ ᠰᠥᠩ ᠤᠯᠤᠰ ᠤ᠋ᠨ ᠵᠥᠷᠢᠴᠡᠯ ᠰᠢᠷᠦᠭᠦᠳᠡᠬᠦ ᠵᠠᠪᠰᠢᠶᠠᠨ ᠢ᠋ ᠣᠯᠵᠤ ᠭᠠᠪᠢᠶ᠎ᠠ ᠪᠠᠢᠭᠤᠯᠤᠨ ᠰᠥᠩ ᠤᠯᠤᠰ ᠲᠤᠷ ᠳᠠᠭᠠᠵᠤ ᠮᠣᠩᠭᠣᠯ ᠢ᠋ ᠰᠥᠨᠥᠭᠡᠬᠦ ᠶᠡᠬᠡ ᠦᠢᠯᠡ ᠶ᠋ᠢ ᠪᠦᠲᠦᠭᠡᠰᠦᠭᠡᠢ᠃ ᠵᠠᠪᠰᠢᠶᠠᠨ ᠢ᠋ ᠠᠯᠳᠠᠵᠤ ᠪᠣᠯᠬᠤ ᠦᠭᠡᠢ᠃ ᠳᠣᠲᠣᠭᠠᠳᠤ ᠤᠴᠢᠷ ᠢ᠋ ᠪᠢ ᠮᠡᠳᠡᠰᠦᠭᠡᠢ᠃ ᠭᠠᠳᠠᠭᠠᠳᠤ ᠶᠠᠪᠤᠳᠠᠯ ᠢ᠋ ᠵᠠᠩᠵᠤᠨ ᠳ᠋ᠤᠷ ᠨᠠᠢᠳᠠᠮᠤ᠃ ᠬᠡᠷᠡᠭ ᠪᠦᠲᠦᠬᠦ ᠡᠴᠡ ᠡᠮᠦᠨ᠎ᠡ ᠨᠢᠭᠤᠴᠠ ᠵᠠᠳᠠᠷᠠᠪᠠᠰᠤ ᠭᠡᠷ ᠡᠷᠦᠬᠡ ᠠᠮᠢ ᠨᠠᠰᠤᠨ ᠳ᠋ᠤᠷ ᠬᠣᠯᠪᠣᠭᠳᠠᠬᠤ ᠲᠤᠯᠠ ᠰᠠᠢᠲᠤᠷ ᠬᠢᠴᠢᠶᠡᠨ ᠰᠡᠷᠡᠮᠵᠢᠯᠡᠬᠦ ᠪᠣᠯᠪᠠᠤ ᠬᠡᠮᠡᠪᠡᠢ᠃ ᠸᠠᠩ ᠸᠸᠨ ᠲᠦᠩ ᠦ᠋ᠨ ᠤᠷᠪᠠᠬᠤ ᠰᠦᠯᠪᠡᠭᠡ ᠶ᠋ᠢ ᠲᠦᠷ ᠣᠷᠬᠢᠵᠤ ᠥᠭᠦᠯᠡᠬᠦ ᠢᠨᠦ ᠬᠤᠪᠢᠯᠠᠢ ᠬᠠᠨ ᠬᠠᠳ ᠨᠣᠶᠠᠳ ᠤ᠋ᠨ ᠬᠤᠷᠠᠯ ᠢ ᠬᠦᠯᠢᠶᠡᠭᠰᠡᠨ ᠦᠭᠡᠢ ᠪᠡᠷ ᠬᠠᠭᠠᠨ ᠤ᠋ ᠰᠢᠷᠡᠭᠡᠨ ᠳ᠋ᠦ᠍ᠷ ᠰᠠᠭᠤᠵᠤ ᠶᠡᠬᠡ ᠡᠷᠬᠡ ᠶ᠋ᠢ ᠪᠠᠷᠢᠭᠰᠠᠨ ᠪᠣᠯᠪᠠᠴᠤ ᠰᠡᠳᠬᠢᠯ ᠰᠠᠨᠠᠭᠠᠨ ᠳ᠋ᠠᠭᠠᠨ ᠠᠮᠤᠷ ᠦᠭᠡᠢ ᠰᠠᠨᠠᠭᠳᠠᠵᠤ ᠸᠠᠩ ᠸᠸᠨ ᠲᠦᠩ ᠨᠠᠷ ᠤ᠋ᠨ ᠦᠭᠡ ᠪᠡᠷ ᠰᠥᠩ ᠤᠯᠤᠰ ᠢ᠋ ᠰᠡᠷᠭᠡᠢᠯᠡᠨ ᠰᠠᠭᠤᠭᠰᠠᠨ ᠭᠤᠴᠢᠨ ᠲᠦᠮᠡᠨ ᠶᠡᠬᠡ ᠴᠡᠷᠢᠭ ᠢ᠋ ᠺᠠᠢ ᠫᠢᠩ ᠦ᠋ᠨ ᠣᠢᠷ᠎ᠠ ᠠᠪᠴᠤ ᠢᠷᠡᠬᠦ ᠪᠡᠷ ᠵᠠᠷᠯᠢᠭ ᠵᠢᠭᠠᠪᠤᠷᠢ ᠥᠭᠴᠦ ᠶᠠᠭᠠᠷᠠᠮᠤᠢ᠃
ᠲᠡᠳᠦᠢ ᠬᠠᠷ᠎ᠠ ᠬᠣᠷᠢᠨ ᠳ᠋ᠤᠷ ᠬᠠᠳ ᠨᠣᠶᠠᠳ ᠤ᠋ᠨ ᠶᠡᠬᠡ ᠬᠤᠷᠠᠯ ᠪᠣᠯᠵᠤ ᠴᠤᠭᠯᠠᠷᠠᠵᠤ ᠢᠷᠡᠭᠡᠳ ᠬᠤᠪᠢᠯᠠᠢ ᠶ᠋ᠢ ᠡᠳᠦᠭᠡ ᠳᠡᠭᠡᠳᠦᠰ ᠦ᠋ᠨ ᠶᠣᠰᠣ ᠵᠢᠷᠤᠮ ᠢ᠋ ᠡᠪᠳᠡᠵᠦ ᠪᠡᠶ᠎ᠡ ᠪᠡᠨ ᠬᠠᠭᠠᠨ ᠡᠷᠭᠦᠮᠵᠢᠯᠡᠭᠰᠡᠨ ᠳ᠋ᠦ᠍ᠷ ᠳᠤᠷ᠎ᠠ ᠦᠭᠡᠢᠴᠡᠰᠴᠤ ᠮᠥᠩᠬᠡ ᠬᠠᠭᠠᠨ ᠤ᠋ ᠣᠳᠬᠣᠨ ᠳᠡᠭᠦᠦ ᠠᠷᠢᠭᠪᠥ᠋ᠬᠡ ᠶ᠋ᠢ ᠰᠣᠩᠭᠣᠵᠤ ᠬᠠᠭᠠᠨ ᠰᠢᠷᠡᠭᠡᠨ ᠳ᠋ᠦ᠍ᠷ ᠰᠠᠭᠤᠯᠭᠠᠪᠠ᠃ ᠲᠡᠢᠨ ᠬᠦ ᠬᠡᠰᠡᠭ ᠮᠣᠩᠭᠣᠯᠴᠤᠳ ᠬᠣᠶᠠᠷ ᠬᠠᠭᠠᠨ ᠤ᠋ ᠠᠯᠢᠨ ᠤ᠋ ᠵᠠᠷᠯᠢᠭ ᠢ᠋ ᠬᠦᠯᠢᠶᠡᠬᠦ ᠪᠡᠨ ᠮᠡᠳᠡᠬᠦ ᠦᠭᠡᠢ ᠬᠠᠷ᠎ᠠ ᠬᠣᠷᠢᠨ ᠤ᠋ ᠵᠢᠭᠠᠪᠤᠷᠢ ᠶ᠋ᠢ ᠬᠦᠯᠢᠶᠡᠭᠰᠡᠨ ᠡᠴᠡ ᠬᠤᠪᠢᠯᠠᠢ ᠬᠠᠭᠠᠨ ᠤᠷᠪᠠᠪᠠᠢ ᠭᠡᠮᠡᠨ ᠴᠥᠭᠡᠨ ᠪᠤᠰᠤ ᠴᠡᠷᠢᠭ ᠠᠷᠠᠳ ᠢ᠋ ᠴᠠᠪᠴᠢᠭᠰᠠᠨ ᠪᠥᠭᠡᠳ ᠮᠣᠩᠭᠣᠯ ᠴᠡᠷᠢᠭ ᠦ᠋ᠳ ᠦ᠋ᠨ ᠬᠠᠷ᠎ᠠ ᠬᠣᠷᠢᠨ ᠢ᠋ ᠲᠡᠮᠡᠴᠡᠬᠦ ᠶ᠋ᠢ ᠰᠡᠷᠭᠡᠢᠯᠡᠨ ᠴᠥᠮ ᠬᠢᠲᠠᠳ ᠪᠤᠶᠤ ᠯᠠᠯᠤᠴᠤᠳ ᠤ᠋ᠨ ᠬᠢᠨᠠᠯᠲᠠ ᠳᠣᠣᠷ᠎ᠠ ᠲᠠᠯᠪᠢᠭᠤᠯᠪᠠ᠃ ᠬᠤᠸᠠᠩᠯᠢ ᠶ᠋ᠢᠨ ᠱᠠᠨ ᠤ᠋ ᠭᠠᠵᠠᠷ ᠢ᠋ ᠰᠠᠬᠢᠭᠰᠠᠨ ᠵᠠᠩᠵᠤᠨ ᠠᠷᠱᠠ ᠂ ᠠᠰᠬᠠᠨ ᠠᠬ᠎ᠠ ᠳᠡᠭᠦᠦ ᠬᠣᠶᠠᠷ ᠣᠳᠣᠨ ᠲᠡᠭᠷᠢ ᠳᠠᠬᠢᠵᠤ ᠤᠮᠠᠷᠠᠰᠢ ᠬᠠᠨᠳᠤᠵᠤ ᠮᠥᠷᠭᠥᠬᠦᠢ ᠳ᠋ᠦ᠍ᠷ ᠬᠢᠨᠠᠭᠴᠢ ᠬᠢᠲᠠᠳ ᠬᠣᠪᠴᠢᠯᠠᠨ ᠬᠠᠷ᠎ᠠ ᠬᠣᠷᠢᠨ ᠵᠦᠭ ᠮᠥᠷᠭᠥᠪᠡ ᠭᠡᠮᠡᠨ ᠮᠡᠳᠡᠭᠦᠯᠦᠭᠰᠡᠨ ᠳ᠋ᠦ᠍ᠷ ᠬᠤᠪᠢᠯᠠᠢ ᠬᠠᠭᠠᠨ ᠥᠵᠢᠭ ᠦᠭᠡᠢ ᠬᠠᠮᠲᠤ ᠴᠠᠪᠴᠢᠭᠤᠯᠪᠠ᠃ ᠵᠥᠷᠢᠴᠡᠯ ᠨᠢᠭᠡᠨᠲᠡ ᠶᠡᠬᠡ ᠪᠣᠯᠤᠭᠰᠠᠨ ᠲᠤᠯᠠ ᠬᠤᠪᠢᠯᠠᠢ ᠬᠠᠭᠠᠨ ᠵᠢᠶᠠ ᠢᠦᠢ ᠵᠸᠨ ᠂ ᠵᠠᠩ ᠵᠢᠩ ᠂ ᠸᠠᠩ ᠬᠤᠸᠠᠨ ᠂ ᠸᠠᠨ ᠶᠠᠨ ᠢᠦᠢ ᠵᠡᠷᠭᠡ ᠬᠥᠮᠦᠨ ᠢ᠋ ᠵᠥᠪᠯᠡᠭᠴᠢ ᠡᠷᠳᠡᠮᠲᠡᠨ ᠭᠡᠮᠡᠨ ᠣᠷᠳᠣᠨ ᠳ᠋ᠠᠭᠠᠨ ᠠᠪᠴᠤ ᠰᠠᠭᠤᠨ ᠪᠠᠭᠰᠢ ᠶ᠋ᠢᠨ ᠶᠣᠰᠣ ᠪᠠᠷ ᠬᠦᠨᠳᠦᠯᠡᠵᠦ ᠵᠥᠪᠳᠡᠯᠴᠡᠵᠦ ᠶᠠᠡᠲ᠋ᠡᠮᠤᠷ ᠂ ᠮᠢᠩᠭᠠᠲᠠᠢ ᠶ᠋ᠢ ᠺᠠᠢ ᠫᠢᠩ ᠢ᠋ ᠰᠠᠬᠢᠵᠤ ᠪᠠᠢᠭ᠌ᠰᠠᠨ ᠠ᠋ᠴᠠ ᠬᠠᠲᠤᠨ ᠭᠣᠣᠯ ᠤ᠋ᠨ ᠪᠠᠷᠠᠭᠤᠨ ᠤ᠋ ᠮᠣᠩᠭᠣᠯ ᠤ᠋ᠨ ᠬᠢᠲᠠᠳ ᠴᠡᠷᠢᠭ ᠢ᠋ ᠵᠠᠬᠢᠷᠤᠭᠤᠯᠬᠤ ᠪᠠᠷ ᠶᠠᠪᠤᠭᠤᠯᠪᠠ᠃
ᠤᠯᠠᠭᠠᠨ ᠨᠣᠬᠠᠢ ᠡᠳᠦᠷ ᠣᠨ ᠲᠣᠭᠠᠯᠠᠯ ᠤ᠋ᠨ ᠨᠡᠷ᠎ᠡ ᠪᠡᠨ 《ᠵᠦᠩ ᠲᠦᠩ 》 ᠭᠡᠮᠡᠨ ᠵᠣᠣ ᠪᠢᠴᠢᠭ ᠪᠠᠭᠤᠯᠭᠠᠨ ᠥᠭᠦᠯᠡᠭᠰᠡᠨ ᠢ᠋ ᠲᠣᠪᠴᠢᠯᠠᠪᠠᠰᠤ : ᠡᠪᠦᠭᠡ ᠳᠡᠭᠡᠳᠦᠰ ᠦ᠋ᠨ ᠡᠷᠡᠯᠬᠡᠭ ᠪᠠᠭᠠᠲᠤᠷ ᠲᠤᠷ ᠲᠦᠰᠢᠭᠯᠡᠨ ᠤᠯᠤᠰ ᠪᠠᠢᠭᠤᠯᠤᠭᠰᠠᠨ ᠪᠣᠯᠪᠠᠴᠤ ᠴᠢᠨᠠᠭᠰᠢᠳᠠ ᠥᠩᠭᠡ ᠨᠡᠮᠡᠵᠦ ᠡᠷᠳᠡᠮ ( ᠪᠢᠴᠢᠭ ) ᠢ᠋ᠶ᠋ᠡᠷ ᠵᠠᠰᠠᠵᠤ ᠴᠢᠳᠠᠭᠰᠠᠨ ᠦᠭᠡᠢ ᠃ ᠮᠡᠬᠦᠰ ᠪᠢ ᠣᠯᠠᠨ ᠦᠶ᠎ᠡ ᠶ᠋ᠢᠨ ᠬᠠᠭᠠᠨ ᠪᠣᠭᠳᠠ ᠶ᠋ᠢᠨ ᠶᠡᠬᠡ ᠶᠣᠰᠣ ᠶ᠋ᠢ ᠳᠠᠭᠠᠵᠤ ᠤᠷᠢᠳᠤ ᠲᠥᠷᠥ ᠶ᠋ᠢᠨ ᠲᠣᠭᠲᠠᠭᠠᠯ ᠢ᠋ᠶ᠋ᠠᠷ ᠣᠨ ᠤ᠋ ᠨᠡᠷ᠎ᠡ ᠪᠠᠢᠭᠤᠯᠤᠨ ᠬᠥᠮᠦᠨ ᠦ᠌ ᠡᠵᠡᠨ ᠦ᠌ ᠲᠦᠮᠡᠨ ᠦᠶ᠎ᠡ ᠤᠯᠠᠮᠵᠢᠯᠠᠬᠤ ᠪᠠ ᠴᠠᠭ ᠤᠯᠠᠷᠢᠯ ᠢ᠋ ᠲᠡᠮᠳᠡᠭᠯᠡᠬᠦᠢ ᠳ᠋ᠦ᠍ᠷ ᠳᠥᠭᠥᠮ ᠪᠣᠯᠭᠠᠪᠠ᠃ ᠸᠠᠩ ᠬᠡᠮᠡᠭᠴᠢ ᠲᠡᠭᠷᠢ ᠶ᠋ᠢᠨ ᠳᠣᠣᠷᠠᠬᠢ ᠶ᠋ᠢ ᠨᠢᠭᠡ ᠭᠡᠷ ᠢ᠋ᠶ᠋ᠡᠷ ᠦᠵᠡᠵᠦ ᠴᠦᠨ ᠴᠢᠦ ᠶ᠋ᠢᠨ ᠲᠥᠪ ᠡᠬᠢᠯᠡᠯᠲᠡ ᠶ᠋ᠢ ᠳᠦᠷᠢᠮᠯᠡᠨ ᠠᠷᠭ᠎ᠠ ᠪᠢᠯᠢᠭ ᠦ᠋ᠨ ᠤᠯᠠᠷᠢᠯ ᠡᠭᠡᠯᠵᠢᠯᠡᠬᠦᠢ ᠳ᠋ᠦ᠍ᠷ ᠨᠡᠢᠴᠡᠭᠦᠯᠪᠡᠰᠦ ᠵᠣᠬᠢᠬᠤ ᠲᠤᠯᠠ ᠴᠠᠭᠠᠨ ᠪᠡᠴᠢᠨ ᠵᠢᠯ ᠦ᠋ᠨ ᠲᠠᠪᠤᠨ ᠰᠠᠷ᠎ᠠ ᠶ᠋ᠢᠨ ᠠᠷᠪᠠᠨ ᠶᠢᠰᠦᠨ ᠦ᠌ ᠡᠳᠦᠷ ᠡᠴᠡ ᠡᠬᠢᠯᠡᠨ ᠵᠦᠩ ᠲᠦᠩ ᠦ᠋ᠨ ᠠᠩᠬᠠᠳᠤᠭᠠᠷ ᠣᠨ ᠭᠡᠮᠡᠨ ᠲᠡᠮᠳᠡᠭᠯᠡᠲᠦᠭᠡᠢ ᠬᠡᠮᠡᠪᠡ᠃
ᠬᠥᠬᠡ ᠮᠣᠷᠢ ᠡᠳᠦᠷ ᠠᠷᠢᠭᠪᠥ᠋ᠬᠡ ᠬᠠᠭᠠᠨ ᠢ᠋ ᠵᠠᠷᠯᠢᠭ ᠲᠡᠷᠰᠯᠡᠪᠡ ᠭᠡᠮᠡᠨ ᠪᠦᠬᠦ ᠤᠯᠤᠰ ᠲᠤᠷ ᠱᠧ ( ᠥᠷᠥᠰᠢᠶᠡᠯ ) ᠪᠠᠭᠤᠯᠭᠠᠨ ᠶᠠᠯᠠᠲᠠᠨ ᠢ᠋ ᠰᠤᠯᠠᠯᠠᠪᠠ ᠃ ᠬᠥᠬᠡᠭᠴᠢᠨ ᠬᠣᠨᠢᠨ ᠡᠳᠦᠷ ᠠᠷᠪᠠᠨ ᠵᠠᠮ ᠤ᠋ᠨ ᠰᠢᠦᠸᠠᠨ ᠢᠦᠢ ᠽᠢ ᠪᠠᠢᠭᠤᠯᠵᠤ ᠽᠠᠢ ᠲᠢᠶᠠᠨ ᠽᠢ ᠂ ᠯᠢ ᠳᠧ ᠬᠦᠢ ᠂ ᠰᠢᠦᠢ ᠰᠢ ᠯᠦᠩ ᠂ ᠰᠥᠩ ᠽᠢ ᠡᠸᠨ ᠂ ᠵᠠᠩ ᠹᠠᠨ ᠂ ᠶᠠᠩ ᠭᠦᠸᠧ ᠂ ᠵᠣᠣ ᠹᠢᠩ ᠂ ᠰᠢᠶᠠ ᠰᠢᠦᠸᠠᠨ ᠂ ᠪᠤᠷᠤᠬᠠᠷ ᠂ ᠯᠢᠦ ᠰᠢᠦ ᠂ ᠶᠣᠣ ᠱᠤ᠌ ᠂ ᠵᠠᠩ ᠰᠢᠦ ᠂ ᠵᠠᠩ ᠸᠸᠨ ᠴᠢᠶᠠᠨ ᠂ ᠨᠢᠶᠠᠩᠠᠠᠨᠠᠬᠡ ᠂ ᠰᠦᠢ ᠵᠢᠦᠢ ᠢᠦᠢ ᠂ ᠯᠢᠶᠠᠨ ᠰᠢ ᠰᠢᠶᠠᠨ ᠢ᠋ ᠲᠤᠰ ᠲᠤᠰ ᠲᠡᠷᠢᠭᠦᠨ ᠳᠡᠳ᠋ ᠨᠣᠶᠠᠳ ᠰᠢᠦᠸᠠᠨ ᠢᠦᠢ ᠰᠢ ᠪᠡᠷ ᠲᠣᠮᠢᠯᠠᠵᠤ ᠪᠠᠰᠠ ᠸᠠᠩ ᠸᠸᠨ ᠵᠧᠩ ᠢ᠋ ᠭᠣᠩ ᠴᠠᠩ ᠵᠡᠷᠭᠡ ᠭᠠᠵᠠᠷ ᠤ᠋ᠨ ᠴᠡᠷᠢᠭ ᠵᠠᠰᠠᠭ ᠢ᠋ ᠳᠥᠭᠥᠮ ᠢ᠋ ᠦᠵᠡᠵᠦ ᠰᠢᠳᠬᠡᠬᠦ ᠳᠦ ᠶᠤᠸᠠᠨᠱᠤᠸᠠᠢ ᠪᠣᠯᠭᠠᠨ ᠬᠤᠷᠢᠶᠠᠭᠴᠢ ᠶ᠋ᠢ ᠭᠣᠩ ᠴᠠᠩ ᠯᠦ᠍ ᠶ᠋ᠢᠨ ᠶᠤᠸᠠᠨᠱᠤᠸᠠᠢ ᠪᠣᠯᠭᠠᠪᠠ ᠃ ᠪᠢᠩ ᠶᠠᠩ ᠂ ᠵᠢᠩ ᠵᠣᠣ ᠬᠣᠶᠠᠷ ᠵᠠᠮ ᠤ᠋ᠨ ᠰᠢᠦᠸᠠᠨ ᠢᠦᠢ ᠽᠢ ᠡᠴᠡ ᠳᠣᠯᠣᠭᠠᠨ ᠮᠢᠩᠭᠠᠨ ᠴᠡᠷᠢᠭ ᠲᠠᠲᠠᠵᠤ ᠶᠠᠨ ᠠᠨ ᠤ᠋ ᠬᠠᠪᠴᠢᠯ ᠪᠣᠭᠣᠮᠲᠠ ᠶ᠋ᠢ ᠰᠠᠬᠢᠭᠤᠯᠵᠤ ᠲᠦᠮᠡᠨ ᠦ᠌ ᠨᠣᠶᠠᠨ ᠵᠧᠩ ᠲᠢᠩ ᠂ ᠰᠢᠷᠠᠮᠠᠩᠭᠤᠲᠠᠢ ᠪᠠᠷ ᠵᠠᠬᠢᠷᠤᠭᠤᠯᠪᠠ᠃ ᠮᠣᠷᠢ ᠦᠭᠡᠢ ᠶᠠᠳᠠᠭᠤ ᠴᠡᠷᠢᠭ ᠦ᠋ᠳ ᠲᠣᠷ ᠠᠯᠪᠠᠨ ᠠ᠋ᠴᠠ ᠠᠭᠲᠠ ᠬᠤᠳᠠᠯᠳᠤᠨ ᠠᠪᠴᠤ ᠥᠭᠬᠦ ᠭᠡᠮᠡᠨ ᠵᠠᠷᠯᠢᠭ ᠪᠣᠯᠵᠤ ᠪᠠᠰᠠ ᠣᠯᠠᠨ ᠵᠠᠮ ( ᠯᠦ᠍ ) ᠡᠴᠡ ᠭᠤᠷᠪᠠᠨ ᠲᠦᠮᠡᠨ ᠴᠡᠷᠢᠭ ᠡᠯᠰᠡᠵᠦ ᠶᠠᠨ ᠵᠢᠩ ᠦ᠋ᠨ ᠣᠢᠷ᠎ᠠ ᠬᠠᠮᠠᠭᠠᠯᠠᠨ ᠰᠠᠭᠤᠯᠭᠠᠪᠠ ᠃ ᠪᠠᠰᠠ ᠣᠯᠠᠨ ᠵᠠᠮ ᠠ᠋ᠴᠠ ᠲᠦᠮᠡᠨ ᠠᠭᠲᠠ ᠲᠡᠳᠡᠨ ᠠᠪᠴᠤ ᠺᠠᠢ ᠫᠢᠩ ᠦ᠋ᠨ ᠮᠣᠷᠢᠲᠤ ᠴᠡᠷᠢᠭ ᠲᠦ᠍ᠷ ᠨᠡᠮᠡᠭᠦᠷᠢ ᠪᠣᠯᠭᠠᠪᠠ ᠃ ᠪᠠᠰᠠ ᠰᠥᠩᠱᠤᠸᠠᠢ ᠸᠠᠩ ᠯᠢᠶᠠᠩ ᠴᠸᠨ ᠢ᠋ ᠱᠠᠨ ᠰᠢ ᠶ᠋ᠢᠨ ᠬᠢᠲᠠᠳ ᠴᠡᠷᠢᠭ ᠢ᠋ ᠠᠪᠴᠤ ᠬᠠᠲᠤᠨ ᠭᠣᠣᠯ ᠤ᠋ᠨ ᠬᠠᠪᠴᠢᠯ ᠪᠣᠭᠣᠮᠲᠠ ᠶ᠋ᠢ ᠰᠡᠷᠭᠡᠢᠯᠡᠨ ᠰᠠᠬᠢᠬᠤ ᠬᠠᠮᠲᠤ ᠸᠠᠩ ᠶᠦᠨ ᠢ ᠥᠷᠲᠡᠭᠡ ᠪᠠᠢᠭᠤᠯᠵᠤ ᠴᠡᠷᠢᠭ ᠦ᠋ᠨ ᠶᠠᠪᠤᠳᠠᠯ ᠳ᠋ᠤᠷ ᠲᠤᠰᠬᠠᠢ ᠬᠡᠷᠡᠭᠯᠡᠬᠦ ᠪᠡᠷ ᠪᠡᠯᠡᠳᠬᠡᠪᠡ᠃ ᠪᠠᠰᠠ ᠶᠠᠨ ᠵᠢᠩ ᠂ ᠰᠢ ᠵᠢᠩ ᠂ ᠪᠧᠢ ᠵᠢᠩ ᠭᠤᠷᠪᠠᠨ ᠵᠠᠮ ᠤ᠋ᠨ ᠰᠢᠦᠸᠠᠨ ᠢᠦᠢ ᠽᠢ ᠡᠴᠡ ᠠᠷᠪᠠᠨ ᠲᠦᠮᠡᠨ ᠳ᠋ᠠᠨ ᠠᠮᠤ ᠬᠦᠨᠡᠰᠦ ᠬᠣᠷᠢᠶᠠᠨ ᠠᠪᠴᠤ ᠺᠠᠢ ᠫᠢᠩ ᠳ᠋ᠦ᠍ᠷ ᠬᠦᠷᠭᠡᠪᠡ᠃ ᠸᠠᠩ ᠸᠸᠨ ᠲᠦᠩ ᠦ᠋ᠨ ᠦᠭᠡ ᠶ᠋ᠢ ᠠᠪᠴᠤ ᠯᠢ ᠲᠠᠨ ᠢ᠋ ᠵᠢᠶᠠᠩ ᠬᠤᠸᠠᠢ ᠶ᠋ᠢᠨ ᠭᠠᠵᠠᠷ ᠤ᠋ᠨ ᠶᠡᠬᠡ ᠳᠦ ᠳᠦ ᠡᠷᠭᠦᠮᠵᠢᠯᠡᠵᠦ ᠴᠡᠷᠢᠭ ᠢ᠋ ᠤᠮᠠᠷᠠᠰᠢ ᠲᠠᠲᠠᠭᠰᠠᠨ ᠦᠭᠡᠢ ᠰᠥᠩ ᠤᠯᠤᠰ ᠢ᠋ ᠰᠡᠷᠭᠡᠢᠯᠡᠨ ᠰᠠᠭᠤ ᠬᠡᠮᠡᠪᠡ᠃ ᠵᠢᠴᠢ ᠮᠣᠩᠭᠣᠯ ᠤ᠋ᠨ ᠬᠡᠰᠡᠭ ᠵᠠᠩᠵᠤᠨ ᠢ᠋ ᠨᠠᠢᠳᠠᠭᠤᠰᠢ ᠦᠭᠡᠢ ᠭᠡᠮᠡᠨ ᠲᠠᠢᠹᠤᠩ ᠢ᠋ ᠺᠠᠢ ᠫᠢᠩ ᠳ᠋ᠦ᠍ᠷ ᠢᠳᠡᠪᠥ᠋ᠬᠡ ᠶ᠋ᠢ ᠳ᠋ᠦᠩ ᠴᠤᠸᠠᠨ ᠳ᠋ᠤᠷ ᠬᠤᠨᠳᠠᠬᠠᠢ ᠶ᠋ᠢ ᠰᠧᠴᠤᠸᠠᠨ ᠳ᠋ᠤᠷ ᠴᠠᠪᠴᠢᠵᠤ ᠬᠣᠶᠠᠷ ᠰᠡᠳᠬᠢᠯ ᠡᠪᠦᠷᠯᠡᠭᠴᠢᠳ ᠲᠣᠷ ᠴᠡᠭᠡᠷᠯᠡᠯ ᠪᠣᠯᠭᠠᠪᠠ᠃ ᠪᠠᠰᠠ ᠺᠠᠢ ᠫᠢᠩ ᠢ᠋ ᠬᠠᠮᠠᠭᠠᠯᠠᠬᠤ ᠴᠡᠷᠢᠭ ᠬᠦᠷᠦᠯᠴᠡᠬᠦ ᠦᠭᠡᠢ ᠭᠡᠮᠡᠨ ᠣᠯᠠᠨ ᠵᠠᠮ ᠠ᠋ᠴᠠ ᠵᠢᠷᠭᠤᠭᠠᠨ ᠮᠢᠩᠭ᠎ᠠ ᠲᠠᠪᠤᠨ ᠵᠠᠭᠤᠨ ᠴᠡᠷᠢᠭ ᠲᠠᠲᠠᠵᠤ ᠠᠪᠤᠪᠠ᠃ ᠳ᠋ᠦᠩ ᠫᠢᠩ ᠦ᠋ᠨ ᠶᠠᠨ ᠵᠦᠩ ᠽᠢ ᠂ ᠵᠢᠢ ᠠᠨ ᠤ᠋ ᠵᠠᠩ ᠬᠣᠩ ᠢ᠋ ᠬᠠᠷᠢᠶᠠᠲᠤ ᠴᠡᠷᠢᠭ ᠢ᠋ᠶ᠋ᠡᠨ ᠠᠪᠴᠤ ᠺᠠᠢ ᠫᠢᠩ ᠳ᠋ᠦ᠍ᠷ ᠢᠷᠡᠭᠲᠦᠨ ᠭᠡᠮᠡᠨ ᠪᠠᠰᠠ ᠮᠢᠩᠭᠠᠨ ᠤ᠋ ᠨᠣᠶᠠᠨ ᠵᠧᠩ ᠵᠢᠶᠠᠩ ᠢ᠋ ᠮᠢᠩᠭᠠᠨ ᠢ᠋ᠶ᠋ᠠᠨ ᠠᠪᠴᠤ ᠬᠠᠭᠠᠨ ᠤ᠋ ᠪᠠᠭᠤᠴᠠ ᠶ᠋ᠢ ᠬᠠᠮᠠᠭᠠᠯᠠᠶ᠎ᠠ ᠢᠷ᠎ᠠ ᠭᠡᠮᠡᠨ ᠵᠠᠷᠯᠠᠭᠰᠠᠨ ᠪᠥᠭᠡᠳ ᠳ᠋ᠦᠩ ᠸᠸᠨ ᠫᠢᠩ ᠢ ᠮᠡᠷᠭᠡᠨ ᠬᠠᠷᠪᠤᠭᠴᠢ ᠮᠢᠩᠭᠠᠨ ᠬᠥᠮᠦᠨ ᠰᠣᠩᠭᠣᠨ ᠬᠠᠭᠠᠨ ᠤ᠋ ᠰᠢᠳᠠᠷ ᠬᠡᠰᠢᠭᠲᠡᠨ ᠬᠣᠷᠴᠢ ᠪᠣᠯᠭᠠᠵᠤ ᠬᠠᠮᠠᠭᠠᠯᠠᠲᠤᠨ ᠬᠡᠮᠡᠪᠡ᠃ ᠬᠤᠪᠢᠯᠠᠢ ᠬᠠᠭᠠᠨ ᠰᠠᠭᠤᠷᠢᠨ ᠢ᠋ᠶ᠋ᠠᠨ ᠪᠠᠲᠤᠳᠬᠠᠬᠤ ᠶ᠋ᠢᠨ ᠲᠥᠯᠥᠭᠡ ᠰᠥᠩ ᠤᠯᠤᠰ ᠢ᠋ ᠪᠠᠢᠯᠳᠤᠵᠤ ᠪᠠᠢᠭᠰᠠᠨ ᠪᠦᠬᠦ ᠴᠡᠷᠢᠭ ᠢ᠋ ᠲᠠᠲᠠᠵᠤ ᠪᠡᠯᠡᠳᠬᠡᠵᠦ ᠪᠠᠢᠬᠤ ᠶ᠋ᠢ ᠥᠭᠦᠯᠡᠬᠦ ᠦᠭᠡᠢ᠃ ᠥᠭᠦᠯᠡᠬᠦ ᠢᠨᠦ ᠠᠷᠢᠭᠪᠥ᠋ᠬᠡ ᠬᠠᠭᠠᠨ ᠂ ᠬᠠᠳ ᠪᠠ ᠣᠯᠠᠨ ᠨᠣᠶᠠᠳ ᠤ᠋ᠨ ᠬᠤᠷᠠᠯ ᠳ᠋ᠤᠷ ᠰᠣᠩᠭᠣᠭᠳᠠᠨ ᠬᠠᠭᠠᠨ ᠰᠢᠷᠡᠭᠡᠨ ᠳ᠋ᠦ᠍ᠷ ᠰᠠᠭᠤᠭᠰᠠᠨ ᠪᠣᠯᠪᠠᠴᠤ ᠥᠪᠡᠷ ᠦ᠋ᠨ ᠰᠢᠳᠠᠷ ᠴᠡᠷᠢᠭ ᠭᠤᠷᠪᠠᠨ ᠲᠦᠮᠡᠨ ᠢᠯᠡᠭᠦᠦ ᠡᠴᠡ ᠥᠭᠡᠷ᠎ᠡ ᠲᠤᠰᠠᠯᠠᠮᠵᠢ ᠦᠭᠡᠢ᠃ ᠬᠡᠳᠦᠢ ᠪᠡᠷ ᠣᠯᠠᠨ ᠬᠠᠳ ᠨᠣᠶᠠᠳ ᠰᠠᠨᠠᠯ ᠨᠢᠭᠡᠲᠡᠢ ᠡᠷᠭᠦᠭᠰᠡᠨ ᠪᠣᠯᠪᠠᠴᠤ ᠲᠤᠰ ᠲᠤᠰ ᠤ᠋ᠨ ᠬᠠᠷᠢᠶᠠᠲᠤ ᠤᠯᠤᠰ ᠲᠠᠭᠠᠨ ᠪᠤᠴᠠᠭᠠᠳ ᠬᠤᠪᠢᠯᠠᠢ ᠬᠠᠨ ᠤ᠋ ᠰᠦᠷ ᠬᠦᠴᠦ ᠮᠠᠰᠢ ᠶᠡᠬᠡ ᠪᠣᠯᠤᠭᠰᠠᠨ ᠲᠤᠯᠠ ᠠᠶᠤᠵᠤ ᠠᠷᠢᠭᠪᠥ᠋ᠬᠡ ᠬᠠᠭᠠᠨ ᠢ᠋ ᠢᠯᠡ ᠪᠡᠷ ᠴᠡᠷᠢᠭ ᠲᠤᠰᠠᠯᠠᠵᠤ ᠴᠢᠳᠠᠬᠤ ᠦᠭᠡᠢ ᠪᠣᠯᠪᠠ᠃ ᠲᠡᠢᠨ ᠬᠦ᠌ ᠠᠷᠢᠭᠪᠥ᠋ᠬᠡ ᠬᠠᠭᠠᠨ ᠰᠢᠷᠡᠭᠡᠨ ᠳ᠋ᠦ᠍ᠷ ᠰᠠᠭᠤᠭᠰᠠᠨ ᠪᠤᠰᠤ ᠬᠠᠷᠢᠨ ᠭᠠᠯ ᠤ᠋ᠨ ᠣᠪᠣᠭᠠᠨ ᠳ᠋ᠤᠷ ᠰᠠᠭᠤᠭᠰᠠᠨ ᠪᠣᠯᠵᠤ ᠲᠤᠷᠰᠢᠭᠤᠯ ᠠ᠋ᠴᠠ ᠰᠣᠨᠣᠰᠪᠠᠰᠤ ᠰᠥᠩ ᠤᠯᠤᠰ ᠢ᠋ ᠪᠠᠢᠯᠳᠤᠵᠤ ᠪᠠᠢᠭᠰᠠᠨ ᠭᠤᠴᠢᠨ ᠲᠦᠮᠡᠨ ᠴᠡᠷᠢᠭ ᠢ᠋ ᠴᠥᠮ ᠺᠠᠢ ᠫᠢᠩ ᠦ᠋ᠨ ᠣᠢᠷ᠎ᠠ ᠲᠡᠳᠡᠨ ᠠᠪᠴᠤ ᠢᠷᠡᠭᠡᠳ ᠬᠠᠷ᠎ᠠ ᠬᠣᠷᠢᠨ ᠢ᠋ ᠪᠠᠢᠯᠳᠤᠶ᠎ᠠ ᠢᠷᠡᠬᠦ ᠢᠨᠦ ᠥᠷᠯᠥᠭᠡ ᠦᠳᠡᠰᠢ ᠶ᠋ᠢᠨ ᠬᠣᠭᠣᠷᠣᠨᠳᠣ ᠪᠣᠯᠪᠠᠢ ᠬᠡᠮᠡᠬᠦ ᠲᠤᠯᠠ ᠠᠷᠢᠠᠡᠪᠥ᠋ᠭᠡ ᠬᠠᠭᠠᠨ ᠬᠠᠷ᠎ᠠ ᠬᠣᠷᠢᠨ ᠢ᠋ ᠰᠠᠬᠢᠵᠤ ᠦᠯᠦ ᠪᠣᠯᠬᠤ ᠪᠠᠨ ᠮᠡᠳᠡᠵᠦ ᠴᠡᠷᠢᠭ ᠮᠣᠷᠢ ᠪᠠᠨ ᠠᠪᠴᠤ ᠪᠠᠷᠠᠭᠤᠨᠰᠢ ᠰᠢᠮᠡᠳᠦ ᠨᠠᠭᠤᠷ ᠲᠤᠷ ᠵᠠᠢᠯᠠᠵᠤ ᠪᠠᠭᠤᠳᠠᠯᠯᠠᠭᠠᠳ ᠴᠡᠷᠢᠭ ᠮᠣᠷᠢ ᠡᠯᠰᠡᠵᠦ ᠬᠠᠷᠢᠶᠠᠲᠤ ᠬᠠᠳ ᠨᠣᠶᠠᠳ ᠤ᠋ᠨ ᠴᠡᠷᠢᠭ ᠲᠡᠢ ᠨᠡᠢᠯᠡᠭᠡᠳ ᠳᠣᠯᠣᠭᠠᠨ ᠲᠦᠮᠡᠨ ᠣᠯᠠᠨ ᠲᠠᠢ ᠪᠣᠯᠵᠤ ᠨᠡᠯᠢᠶᠡᠳ ᠬᠦᠴᠦᠷᠬᠡᠭᠵᠢᠵᠦ ᠪᠣᠢ ᠳ᠋ᠤᠷ ᠴᠠᠭᠠᠨ ᠪᠡᠴᠢᠨ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠬᠠᠷ᠎ᠠ ᠨᠣᠬᠠᠢ ᠡᠳᠦᠷ ᠬᠤᠪᠢᠯᠠᠢ ᠬᠠᠨ ᠵᠠᠪᠳᠤᠵᠤ ᠪᠡᠶ᠎ᠡ ᠪᠡᠷ ᠠᠷᠪᠠᠨ ᠬᠡᠳᠦᠨ ᠲᠦᠮᠡᠨ ᠰᠢᠯᠢᠳᠡᠭ ᠴᠡᠷᠢᠭ ᠠᠪᠴᠤ ᠭᠤᠴᠢᠨ ᠲᠦᠮᠡᠨ ᠭᠡᠮᠡᠨ ᠠᠯᠳᠠᠷᠰᠢᠭᠤᠯᠵᠤ ᠬᠣᠶᠠᠷ ᠵᠠᠮ ᠢ᠋ᠶ᠋ᠠᠷ ᠤᠷᠤᠭᠰᠢᠯᠠᠨ ᠵᠡᠭᠦᠨ ᠵᠠᠮ ᠠᠨᠤ ᠬᠠᠷ᠎ᠠ ᠬᠣᠷᠢᠨ ᠢ᠋ ᠬᠢᠳᠤᠵᠤ ᠪᠠᠷᠠᠭᠤᠨ ᠵᠠᠮ ᠠᠨᠤ ᠰᠢᠮᠡᠳᠦ ᠨᠠᠭᠤᠷ ᠢ᠋ ᠴᠢᠭᠯᠡᠨ ᠡᠳᠦᠷ ᠰᠥᠨᠢ ᠦᠭᠡᠢ ᠶᠠᠪᠤᠵᠤ ᠡᠮᠦᠨ᠎ᠡ ᠬᠣᠢᠨ᠎ᠠ ᠠ᠋ᠴᠠ ᠪᠦᠰᠡᠯᠡᠵᠦ ᠠᠪᠤᠪᠠᠢ᠃ ᠠᠷᠢᠭᠪᠦᠢ᠍ᠭᠡ ᠬᠠᠭᠠᠨ ᠤ᠋ ᠴᠡᠷᠢᠭ ᠲᠠᠷᠠᠬᠠᠢ ᠪᠠᠢᠭᠰᠠᠨ ᠪᠥᠭᠡᠳ ᠴᠥᠭᠡᠨ ᠲᠤᠯᠠ ᠴᠤᠭᠯᠠᠷᠠᠵᠤ ᠴᠢᠳᠠᠬᠤ ᠠ᠋ᠴᠠ ᠡᠮᠦᠨ᠎ᠡ ᠰᠢᠷᠦᠭᠦᠨ ᠳᠠᠭᠠᠷᠢᠯᠲᠠ ᠳ᠋ᠤᠷ ᠤᠴᠠᠷᠠᠵᠤ ᠳᠤᠲᠠᠭᠠᠬᠤᠢ ᠳ᠋ᠤᠷ ᠬᠤᠪᠢᠯᠠᠢ ᠬᠠᠭᠠᠨ ᠡᠷᠬᠡᠪᠰᠢ ᠠᠷᠢᠭᠪᠥ᠋ᠬᠡ ᠶ᠋ᠢ ᠠᠯᠠ ᠭᠡᠮᠡᠨ ᠳᠠᠪᠬᠤᠷ ᠳᠠᠪᠠᠡᠤᠷ ᠵᠠᠷᠯᠢᠭ ᠪᠣᠯᠵᠤ ᠥᠪᠡᠷ ᠦ᠋ᠨ ᠪᠡᠶ᠎ᠡ ᠬᠤᠷᠳᠤᠨ ᠮᠣᠷᠢ ᠲᠠᠢ ᠲᠠᠪᠢᠨ ᠭᠠᠵᠠᠷ ᠢᠯᠡᠭᠦᠦ ᠨᠡᠬᠡᠮᠵᠢᠯᠡᠨ ᠬᠡᠳᠦᠨ ᠲᠦᠮᠡᠨ ᠦ᠌ ᠣᠯᠠᠨ ᠢ᠋ ᠳᠠᠷᠤᠵᠤ ᠬᠢᠲᠤᠭᠰᠠᠨ ᠪᠣᠯᠪᠠᠴᠤ ᠠᠷᠢᠭᠪᠥ᠋ᠬᠡ ᠬᠠᠭᠠᠨ ᠢ᠋ ᠪᠠᠷᠢᠵᠤ ᠴᠢᠳᠠᠭᠰᠠᠨ ᠦᠭᠡᠢ ᠶᠡᠬᠡᠳᠡ ᠭᠡᠮᠰᠢᠵᠦ ᠡᠪᠦᠳᠦᠭ ᠠᠯᠠᠭᠠᠳᠠᠨ ᠫᠠᠢ ! ᠬᠡᠮᠡᠯᠦᠭᠡ ᠃ ᠲᠡᠳᠦᠢ ᠳ᠋ᠦ᠍ᠷ ᠮᠣᠩᠭᠣᠯ ᠨᠤᠲᠤᠭ ᠤ᠋ᠨ ᠮᠠᠯᠴᠢᠨ ᠠᠩᠴᠢᠨ ᠮᠢᠩᠭ᠎ᠠ ᠂ ᠵᠠᠭᠤ ᠂ ᠠᠷᠪᠠᠨ ᠤ᠋ ᠶᠣᠰᠣ ᠪᠠᠷ ᠪᠠᠭᠤᠳᠠᠯᠯᠠᠨ ᠵᠢᠳᠠ ᠢᠯᠳᠦ ᠰᠠᠭᠠᠳᠠᠭ ᠨᠤᠮᠤ ᠲᠠᠢ ᠶᠠᠪᠤᠬᠤ ᠲᠤᠯᠠ ᠬᠤᠪᠢᠯᠠᠢ ᠬᠠᠨ ᠤ᠋ ᠡᠮᠦᠨᠡᠲᠦ ᠣᠷᠣᠨ ᠠ᠋ᠴᠠ ᠲᠠᠲᠠᠵᠤ ᠠᠪᠴᠤ ᠢᠷᠡᠭᠰᠡᠨ ᠮᠣᠩᠭᠣᠯ ᠤ᠋ᠨ ᠬᠢᠲᠠᠳ ᠴᠡᠷᠢᠭ ᠭᠠᠪᠢᠶ᠎ᠠ ᠪᠠᠢᠭᠤᠯᠤᠮᠤᠢ ᠭᠡᠮᠡᠨ ᠳᠠᠪᠬᠢᠯᠳᠤᠵᠤ ᠦᠨᠡᠨ ᠳ᠋ᠡᠭᠡᠨ ᠮᠠᠯ ᠬᠥᠷᠥᠩᠭᠡ ᠶ᠋ᠢ ᠳᠡᠭᠡᠷᠡᠮᠳᠡᠨ ᠬᠥᠭᠰᠢᠨ ᠵᠠᠯᠠᠭᠤ ᠦᠭᠡᠢ ᠴᠠᠪᠴᠢᠵᠤ ᠮᠣᠩᠭᠣᠯ ᠤ᠋ᠨ ᠨᠤᠲᠤᠭ ᠲᠣᠷ ᠬᠡᠳᠦᠨ ᠮᠢᠩᠭᠠᠨ ᠭᠠᠵᠠᠷ ᠬᠥᠮᠦᠨ ᠠᠮᠢᠲᠠᠨ ᠦᠭᠡᠢ ᠪᠣᠯᠭᠠᠵᠤ ᠬᠠᠷ᠎ᠠ ᠬᠣᠷᠢᠨ ᠢ᠋ ᠴᠦ᠍ ᠣᠷᠣ ᠰᠠᠭᠤᠷᠢ ᠶ᠋ᠢᠨ ᠲᠡᠳᠦᠢᠯᠡ ᠪᠣᠯᠭᠠᠨ ᠲᠠᠯᠠᠭᠳᠠᠪᠠ᠃
ᠬᠤᠪᠢᠯᠠᠢ ᠬᠠᠨ ᠶᠡᠬᠡᠳᠡ ᠳᠡᠢᠯᠦᠭᠰᠡᠨ ᠶᠣᠰᠣ ᠪᠠᠷ ᠬᠤᠷᠢᠮᠯᠠᠨ ᠨᠠᠢᠷᠠᠯᠳᠤᠵᠤ ᠠᠷᠪᠠᠨ ᠡᠳᠦᠷ ᠴᠡᠷᠢᠭ ᠠᠮᠠᠷᠠᠭᠤᠯᠵᠤ ᠠᠷᠢᠭᠪᠥ᠋ᠬᠡ ᠶ᠋ᠢ ᠪᠠᠷᠢᠵᠤ ᠴᠢᠳᠠᠭᠰᠠᠨ ᠦᠭᠡᠢ ᠲᠤᠯᠠ ᠳᠠᠬᠢᠨ ᠪᠤᠴᠠᠵᠤ ᠢᠷᠡᠬᠦ ᠡᠴᠡ ᠠᠶᠤᠨ ᠲᠡᠮᠡᠭᠡᠨ ᠬᠣᠭᠣᠯᠠᠢ ᠬᠡᠮᠡᠬᠦ ᠭᠠᠵᠠᠷ ᠨᠢᠭᠡᠨ ᠰᠠᠯᠠᠭ᠎ᠠ ᠶᠡᠬᠡ ᠴᠡᠷᠢᠭ ᠪᠠᠭᠤᠳᠠᠯᠯᠠᠭᠤᠯᠵᠤ ᠂ ᠫᠢᠩ ᠵᠠᠩ ᠵᠧᠩ ᠰᠢ ᠲᠦᠰᠢᠮᠡᠯ ᠵᠣᠣ ᠪᠢ ᠶ᠋ᠢ ᠶᠡᠬᠡ ᠳᠦ ᠳᠦ ᠡᠷᠭᠦᠮᠵᠢᠯᠡᠨ ᠤᠮᠠᠷᠠᠰᠢ ᠭᠡᠲᠡᠭᠦᠯᠵᠦ ᠶᠠᠭᠠᠬᠢᠭᠰᠠᠨ ᠴᠤ᠌ ᠭᠠᠷ ᠵᠥᠭᠡᠯᠡᠨ ᠪᠠᠢᠵᠤ ᠪᠣᠯᠬᠤ ᠦᠭᠡᠢ ᠭᠡᠮᠡᠨ ᠳᠠᠬᠢᠨ ᠳᠠᠪᠲᠠᠨ ᠵᠠᠬᠢᠵᠤ ᠴᠢᠷᠠᠮᠤᠨ ᠤ᠋ ᠨᠢᠭᠡᠨ ᠰᠠᠯᠠᠭ᠎ᠠ ᠴᠡᠷᠢᠭ ᠮᠠᠢᠰᠢᠶᠤᠤ ᠶ᠋ᠢ ᠳᠡᠮᠵᠢᠵᠦ ᠵᠢᠦᠢ ᠶᠦᠩ ᠭᠤᠸᠠᠨ ᠪᠣᠭᠣᠮᠲᠠ ᠶ᠋ᠢ ᠭᠠᠷᠴᠤ ᠰᠢᠦᠸᠠᠨ ᠳᠧ ᠂ ᠳᠧ ᠰᠢᠩ ᠹᠦ ᠪᠡᠷ ᠪᠠᠭᠤᠳᠠᠯᠠᠨ ᠰᠡᠷᠭᠡᠢᠯᠡᠪᠡ᠃ ᠠ ᠬᠤᠸᠠᠢ ᠶ᠋ᠢᠨ ᠨᠢᠭᠡᠨ ᠰᠠᠯᠠᠭ᠎ᠠ ᠴᠡᠷᠢᠭ ᠠᠭᠤᠢᠲᠤ ᠬᠡᠮᠡᠬᠦ ᠭᠠᠵᠠᠷ ᠪᠠᠭᠤᠳᠠᠯᠯᠠᠨ ᠰᠡᠷᠭᠡᠢᠯᠡᠪᠡ᠃ ᠪᠠᠰᠠ ᠨᠢᠭᠡᠨ ᠰᠠᠯᠠᠭ᠎ᠠ ᠴᠡᠷᠢᠭ ᠬᠦ ᠪᠧᠢ ᠺᠢᠤ ᠭᠠᠷᠴᠤ ᠰᠢᠩ ᠵᠧᠦ ᠳ᠋ᠦ᠍ᠷ ᠪᠠᠭᠤᠳᠠᠯᠯᠠᠨ ᠰᠠᠬᠢᠭᠤᠯᠪᠠ᠃ ᠬᠤᠪᠢᠯᠠᠢ ᠬᠠᠭᠠᠨ ᠰᠢᠳᠠᠷ ᠴᠡᠷᠢᠭ ᠢ᠋ᠶ᠋ᠡᠨ ᠠᠪᠴᠤ ᠲᠠᠨ ᠱᠦᠨ ᠵᠧᠦ ᠠᠯᠤᠰᠯᠠᠨ ᠽᠣᠤ ᠬᠸ ᠭᠣᠣᠯ ᠢ᠋ ᠰᠠᠬᠢᠨ ᠣᠯᠠᠨ ᠵᠠᠮ ᠤ᠋ᠨ ᠴᠡᠷᠢᠭ ᠦ᠋ᠨ ᠲᠦᠰᠢᠭ ᠪᠣᠯᠪᠠ᠃
ᠲᠡᠳᠦᠢ ᠳ᠋ᠦ᠍ᠷ ᠰᠥᠩ ᠤᠯᠤᠰ ᠲᠤᠷ ᠤᠯᠤᠰ ᠤ᠋ᠨ ᠪᠢᠴᠢᠭ ᠬᠦᠷᠭᠡᠬᠦ ᠡᠯᠴᠢ ᠶ᠋ᠢᠨ ᠰᠠᠢᠳ ᠬᠣᠣ ᠵᠢᠩ ᠵᠡᠷᠭᠡ ᠵᠠᠭᠤ ᠰᠢᠬᠠᠮ ᠬᠥᠮᠦᠨ ᠵᠸᠨ ᠵᠧᠦ ᠳ᠋ᠦ᠍ᠷ ᠬᠦᠷᠦᠮᠡᠭᠴᠡ ᠵᠧᠦ ᠶ᠋ᠢᠨ ᠴᠡᠷᠢᠭ ᠤᠴᠢᠷ ᠰᠢᠯᠲᠠᠭᠠᠨ ᠦᠭᠡᠢ ᠪᠡᠷ ᠪᠠᠷᠢᠵᠤ ᠠᠪᠤᠭᠠᠳ ᠬᠣᠷᠢᠵᠤ ᠲᠠᠯᠪᠢᠪᠠᠢ᠃ ᠬᠣᠣ ᠵᠢᠩ ᠂ ᠰᠥᠩ ᠤᠯᠤᠰ ᠤ᠋ᠨ ᠡᠵᠡᠨ ᠳ᠋ᠦ᠍ᠷ ᠢᠷᠡᠭᠰᠡᠨ ᠤᠴᠢᠷ ᠢ᠋ᠶ᠋ᠠᠨ ᠮᠡᠳᠡᠭᠳᠡᠵᠦ ᠮᠥᠷᠡᠨ ᠦ᠌ ᠡᠮᠦᠨᠡᠲᠦ ᠶ᠋ᠢᠨ ᠰᠠᠢᠳ ᠡᠷᠳᠡᠮᠲᠡᠨ ᠢ ᠪᠢᠰᠢᠷᠡᠭᠦᠯᠰᠦᠭᠡᠢ ᠭᠡᠮᠡᠨ ᠡᠷᠳᠡᠮ ᠴᠢᠳᠠᠪᠤᠷᠢ ᠪᠠᠨ ᠭᠠᠷᠭᠠᠨ ᠲᠠᠪᠤᠨ ᠲᠦᠮᠡᠨ ᠥᠭᠦᠯᠡᠪᠦᠷᠢ ᠪᠢᠴᠢᠵᠦ ᠴᠦᠨ ᠴᠢᠦ ᠂ ᠪᠠᠢᠯᠳᠤᠭᠠᠨᠲᠤ ᠤᠯᠤᠰ ᠠ᠋ᠴᠠ ᠡᠰᠢ ᠲᠠᠲᠠᠵᠤ ᠪᠣᠭᠳᠠ ᠮᠡᠷᠭᠡᠳ ᠦ᠋ᠨ ᠦᠭᠡ ᠪᠡᠷ ᠦᠨᠳᠦᠰᠦ ᠪᠣᠯᠭᠠᠨ ᠬᠣᠶᠠᠷ ᠤᠯᠤᠰ ᠤ᠋ᠨ ᠠᠰᠢᠭ ᠬᠣᠣᠷ ᠢ᠋ ᠢᠯᠭᠠᠨ ᠦᠵᠡᠬᠰᠡᠨ ᠪᠦᠬᠦᠨ ᠢ ᠪᠢᠰᠢᠷᠡᠲᠡᠯ᠎ᠡ ᠪᠢᠴᠢᠵᠦ ᠪᠢᠷ ᠬᠤᠷᠢᠶᠠᠬᠤ ᠳ᠋ᠠᠭᠠᠨ :《ᠵᠢᠩ ᠪᠢ ᠂ ᠮᠣᠩᠭᠣᠯ ᠰᠥᠩ ᠬᠣᠶᠠᠷ ᠤᠯᠤᠰ ᠤ᠋ᠨ ᠬᠠᠷᠢᠯᠴᠠᠨ ᠨᠠᠢᠷᠠᠮᠳᠠᠵᠤ ᠬᠦᠷᠰᠢ ᠪᠣᠯᠵᠤ ᠠᠷᠠᠳ ᠢᠷᠭᠡᠳ ᠢ ᠲᠡᠢᠨ ᠪᠠᠢᠯᠳᠤᠭᠠᠨ ᠤ᠋ ᠠᠶᠤᠯ ᠠ᠋ᠴᠠ ᠠᠪᠤᠷᠠᠵᠤ ᠠᠷᠠᠯᠵᠢᠭ᠎ᠠ ᠬᠤᠳᠠᠯᠳᠤᠭ᠎ᠠ ᠬᠠᠷᠢᠯᠴᠠᠵᠤ ᠬᠣᠶᠠᠷ ᠤᠯᠤᠰ ᠲᠤᠷ ᠴᠥᠮ ᠠᠰᠢᠭᠲᠠᠢ ᠪᠤᠯᠭᠠᠠᠤ ᠴᠢᠬᠤᠯᠠ ᠡᠭᠦᠷᠭᠡ ᠪᠡᠷ ᠢᠷᠡᠭᠰᠡᠨ ᠪᠣᠯᠠᠢ᠃ ᠭᠡᠲᠡᠯ᠎ᠡ ᠤᠯᠤᠰ ᠤ᠋ᠨ ᠬᠢᠯᠢ ᠳ᠋ᠦ᠍ᠷ ᠣᠷᠣᠵᠤ ᠢᠷᠡᠮᠡᠭᠴᠡ ᠦᠭᠡ ᠳᠠᠭᠤᠨ ᠦᠭᠡᠢ ᠬᠣᠷᠢᠵᠤ ᠲᠠᠯᠪᠢᠭᠰᠠᠨ ᠢᠨᠤ ᠶᠠᠭᠤᠨ ? ᠰᠢᠯᠲᠠᠭᠠᠨ ᠢ ᠠᠰᠠᠭᠤᠪᠠᠰᠤ ᠬᠠᠷᠢᠭᠤᠯᠲᠠ ᠦᠭᠡᠢ᠃ ᠡᠷᠭᠦᠭᠰᠡᠨ ᠠᠢᠯᠠᠳᠬᠠᠯ ᠢ ᠳᠡᠭᠡᠭᠰᠢ ᠮᠡᠳᠡᠭᠦᠯᠬᠦ ᠦᠭᠡᠢ ᠳᠠᠷᠤᠵᠤ ᠰᠠᠭᠤᠬᠤ ᠠᠨᠤ ᠮᠢᠨᠦ ᠦᠵᠡᠬᠦ ᠪᠡᠷ ᠰᠥᠩ ᠦ᠋ᠨ ᠲᠥᠷᠥ ᠶ᠋ᠢᠨ ᠤᠳᠠᠭᠠᠨ ᠠᠷᠭ᠎ᠠ ᠪᠤᠰᠤ 》ᠭᠡᠮᠡᠨ ᠰᠥᠩ ᠤᠯᠤᠰ ᠤ᠋ᠨ ᠬᠡᠳᠦᠨ ᠵᠠᠭᠤᠨ ᠣᠨ ᠤ᠋ ᠲᠡᠦᠬᠡ ᠶ᠋ᠢᠨ ᠣᠯᠵᠤ ᠠᠯᠳᠠᠭᠰᠠᠨ ᠶᠠᠪᠤᠳᠠᠯ ᠢ ᠳᠡᠯᠭᠡᠭᠡᠨ ᠰᠢᠭᠦᠮᠵᠢᠯᠡᠬᠦ ᠶ᠋ᠢᠨ ᠬᠠᠮᠲᠤ ᠮᠣᠩᠭᠣᠯ ᠲᠥᠷᠥ ᠶ᠋ᠢᠨ ᠬᠦᠴᠦᠷᠬᠡᠭ ᠢ ᠳᠤᠷᠠᠳᠴᠤ ᠰᠥᠩ ᠤᠯᠤᠰ ᠲᠤᠷ ᠬᠦᠳᠦᠯᠭᠡᠭᠳᠡᠬᠦ ᠢᠨᠤ ᠪᠤᠰᠤ ᠭᠡᠮᠡᠨ ᠪᠢᠴᠢᠵᠦ ᠠᠢᠯᠠᠳᠬᠠᠪᠠᠢ᠃
ᠬᠤ᠌ ᠵᠢᠩ ᠦ᠋ᠨ ᠠᠢᠯᠠᠳᠬᠠᠯ ᠢ ᠵᠢᠶᠠ ᠽᠢ ᠳ᠋ᠣᠣ ᠦᠵᠡᠭᠡᠳ ᠶᠡᠬᠡᠳᠡ ᠪᠢᠰᠢᠷᠡᠵᠦ ᠮᠥᠷᠡᠨ ᠦ᠌ ᠡᠮᠦᠨ᠎ᠡ ᠡᠢᠮᠦ ᠡᠷᠳᠡᠮᠲᠡᠨ ᠦᠭᠡᠢ ᠭᠡᠮᠡᠨ ᠪᠣᠳᠣᠬᠤ ᠪᠣᠯᠪᠠᠴᠤ ᠠᠢᠯᠠᠳᠬᠠᠯ ᠢ ᠳᠠᠷᠤᠵᠤ ᠲᠠᠯᠪᠢᠭᠠᠳ ᠬᠠᠷᠠᠭᠤᠯ ᠢ᠋ ᠴᠢᠩᠭᠠᠳᠬᠠᠨ ᠰᠡᠷᠭᠡᠢᠯᠡᠭᠦᠯᠬᠦ ᠪᠥᠭᠡᠳ ᠤᠯᠠᠮ ᠵᠣᠪᠠᠭᠠᠵᠤ ᠠᠶᠤᠯᠭᠠᠨ ᠰᠦᠷᠳᠡᠭᠦᠯᠬᠦ ᠪᠣᠯᠪᠠ᠃
ᠤᠴᠢᠷ ᠢ ᠶᠠᠷᠢᠪᠠᠰᠤ ᠰᠥᠩ ᠤᠯᠤᠰ ᠤ᠋ᠨ ᠴᠧᠩᠰᠢᠶᠠᠩ ᠵᠢᠶᠠ ᠽᠢ ᠳ᠋ᠣᠣ ᠮᠥᠩᠬᠡ ᠬᠠᠭᠠᠨ ᠤ᠋ ᠲᠥᠷᠥ ᠳ᠋ᠦ᠍ᠷ ᠬᠤᠪᠢᠯᠠᠢ ᠂ ᠤᠷᠢᠶᠠᠩᠬᠠᠳᠠᠢ ᠂ ᠵᠠᠩ ᠿᠧᠦ ᠂ ᠪᠤᠷᠤᠴᠠᠭᠠᠨ ᠂ ᠮᠦᠬᠡ ᠬᠠᠨ ᠤ᠋ ᠣᠯᠠᠨ ᠵᠠᠮ ᠤ᠋ᠨ ᠴᠡᠷᠢᠭ ᠰᠢᠬᠠᠮᠳᠠᠭᠤᠯᠬᠤᠢ ᠳ᠋ᠤᠷ ᠰᠥᠩ ᠵᠢᠩ ᠢ᠋ ᠶᠠᠪᠤᠭᠤᠯᠵᠤ ᠠᠯᠪᠠ ᠪᠠᠷᠢᠵᠤ ᠡᠶᠡᠳᠡᠭᠰᠡᠨ ᠢ᠋ᠶ᠋ᠡᠨ ᠨᠢᠭᠤᠵᠤ ᠬᠠᠷᠢᠨ ᠶᠡᠬᠡᠳᠡ ᠲᠠᠢᠯᠪᠠ ᠭᠡᠮᠡᠨ ᠡᠵᠡᠨ ᠢ᠋ᠶ᠋ᠡᠨ ᠮᠡᠬᠡᠯᠡᠵᠦ ᠶᠡᠬᠡ ᠭᠠᠪᠢᠶᠠᠲᠠᠨ ᠰᠠᠢᠳ ᠪᠣᠯᠵᠤ ᠡᠨᠡᠬᠦ ᠵᠠᠪᠰᠢᠶᠠᠨ ᠢ᠋ᠶ᠋ᠠᠷ ᠰᠥᠩ ᠤᠯᠤᠰ ᠤ᠋ᠨ ᠡᠷᠬᠡ ᠶ᠋ᠢ ᠴᠥᠮ ᠭᠠᠷ ᠲᠠᠭᠠᠨ ᠣᠷᠣᠭᠤᠯᠤᠨ ᠠᠪᠴᠠᠢ᠃ ᠵᠢᠶᠠ ᠽᠢ ᠳ᠋ᠣᠣ ᠶ᠋ᠢ ᠬᠠᠨ ᠶᠠᠩ ᠠ᠋ᠴᠠ ᠬᠤᠸᠠᠩ ᠵᠧᠦ ᠶ᠋ᠢᠨ ᠠᠶᠤᠯᠲᠠᠢ ᠭᠠᠵᠠᠷ ᠶᠠᠪᠤᠭᠤᠯᠤᠭᠰᠠᠨ ᠰᠠᠨᠠᠯ ᠢ᠋ ᠵᠡᠭᠦᠨ ᠭᠠᠷᠤᠨ ᠴᠧᠩᠰᠢᠶᠠᠩ ᠡᠦ ᠴᠢᠶᠠᠨ ᠭᠠᠷᠭᠠᠪᠠ ᠭᠡᠮᠡᠨ ᠥᠰᠢᠶ᠎ᠡ ᠪᠣᠳᠣᠵᠤ ᠵᠦᠩ ᠸᠠᠩ ᠵᠢᠢ ᠶ᠋ᠢ ᠲᠠᠢᠽᠢ ᠪᠣᠯᠭᠠᠬᠤ ᠶᠠᠪᠤᠳᠠᠯ ᠳᠡᠭᠡᠷ᠎ᠡ ᠬᠠᠭᠠᠨ ᠳ᠋ᠠᠭᠠᠨ ᠬᠣᠪᠴᠢᠯᠠᠵᠤ ᠡᠦ ᠴᠢᠶᠠᠨ ᠢ᠋ ᠴᠧᠩᠰᠢᠶᠠᠩ ᠤ᠋ᠨ ᠲᠤᠰᠢᠶᠠᠯ ᠠ᠋ᠴᠠ ᠬᠥᠭᠡᠭᠡᠪᠡ᠃ ᠡᠳᠦᠭᠡ ᠮᠣᠩᠭᠣᠯ ᠯᠤᠭ᠎ᠠ ᠨᠢᠭᠤᠴᠠ ᠪᠠᠷ ᠭᠡᠷ᠎ᠡ ᠪᠠᠢᠭᠤᠯᠤᠭᠰᠠᠨ ᠶᠠᠪᠤᠳᠠᠯ ᠵᠠᠳᠠᠷᠠᠬᠤ ᠳ᠋ᠤᠷ ᠬᠦᠷᠪᠡᠯ ᠡᠵᠡᠨ ᠢ ᠮᠡᠬᠡᠯᠡᠭᠰᠡᠨ ᠶᠠᠯ᠎ᠠ ᠪᠣᠯᠬᠤ ᠲᠤᠯᠠ ᠮᠣᠩᠭᠣᠯ ᠤ᠋ᠨ ᠡᠯᠵᠢ ᠬᠣᠣ ᠵᠢᠩ ᠦ᠋ᠨ ᠣᠯᠠᠨ ᠢ ᠵᠸᠨ ᠵᠧᠦ ᠶ᠋ᠢᠨ ᠴᠡᠷᠢᠭ ᠦ᠋ᠨ ᠠᠷᠠᠳ ᠢ᠋ᠶ᠋ᠠᠷ ᠪᠠᠷᠢᠭᠤᠯᠵᠤ ᠬᠣᠷᠢᠭᠰᠠᠨ ᠠᠨᠤ ᠪᠣᠯᠠᠢ᠃ ᠲᠡᠢᠨ ᠬᠦ᠌ ᠲᠡᠭᠦᠨ ᠦ᠌ ᠠᠢᠯᠠᠳᠬᠠᠯ ᠬᠡᠳᠦᠢ ᠰᠠᠢᠨ ᠶᠣᠰᠣᠲᠠᠢ ᠪᠣᠯᠪᠠᠴᠤ ᠳᠠᠷᠤᠵᠤ ᠲᠠᠯᠪᠢᠬᠤ ᠦᠭᠡᠢ ᠶᠣᠰᠣ ᠪᠣᠢ ᠤᠤ ᠃ ᠪᠠᠰᠠ ᠬᠠᠨ ᠶᠠᠩ ᠂ ᠬᠤᠸᠠᠩ ᠵᠧᠦ ᠳ᠋ᠦ᠍ᠷ ᠴᠡᠷᠢᠭ ᠳᠠᠢᠴᠢᠯᠠᠵᠤ ᠶᠠᠪᠤᠬᠤᠢ ᠳ᠋ᠤᠷ ᠵᠢᠶᠠ ᠽᠢ ᠳ᠋ᠣᠣ ᠶ᠋ᠢ ᠴᠡᠷᠢᠭ ᠦ᠋ᠨ ᠶᠠᠪᠤᠳᠠᠯ ᠮᠡᠳᠡᠬᠦ ᠦᠭᠡᠢ ᠭᠡᠮᠡᠨ ᠳᠣᠷᠣᠮᠵᠢᠯᠠᠭᠰᠠᠨ ᠵᠠᠩᠵᠤᠨ ᠭᠣᠣ ᠳᠠ ᠂ ᠱᠣᠣ ᠰᠢ ᠰᠢᠦᠢ᠍ᠩ ᠂ ᠰᠢᠶᠠᠩ ᠰᠢ ᠪᠢ ᠵᠡᠷᠭᠡ ᠶᠡᠬᠡ ᠵᠠᠩᠵᠤᠨ ᠲᠦᠰᠢᠮᠡᠳ ᠢ ᠬᠡᠷᠡᠭ ᠬᠠᠯᠳᠠᠭᠠᠨ ᠠᠯᠠᠭᠰᠠᠨ ᠪᠤᠶᠤ ᠲᠤᠰᠢᠶᠠᠯ ᠠ᠋ᠴᠠ ᠢᠨᠤ ᠬᠥᠭᠡᠭᠡᠭᠰᠡᠨ ᠦ᠌ ᠬᠠᠮᠲᠤ ᠳ᠋ᠦᠩ ᠴᠤᠸᠠᠨ ᠤ᠋ ᠳᠡᠳ᠋ ᠰᠢᠦᠸᠠᠨ ᠹᠦ ᠰᠢ ᠲᠦᠰᠢᠮᠡᠯ ᠯᠢᠦ ᠵᠧᠩ ᠳ᠋ᠦ᠍ᠷ ᠮᠥᠨ ᠬᠡᠷᠡᠭ ᠬᠠᠯᠳᠠᠭᠠᠨ ᠬᠣᠣᠷᠯᠠᠬᠤᠢ ᠳ᠋ᠤᠷ ᠯᠢᠦ ᠵᠧᠩ ᠪᠣᠳᠣᠪᠠᠰᠤ ᠲᠡᠭᠦᠨ ᠦ᠌ ᠭᠠᠷ ᠠ᠋ᠴᠠ ᠠᠮᠢᠳᠤ ᠭᠠᠷᠴᠤ ᠴᠢᠳᠠᠬᠤ ᠦᠭᠡᠢ ᠲᠤᠯᠠ ᠯᠢᠦ ᠵᠧᠦ ᠶ᠋ᠢᠨ ᠠᠷᠪᠠᠨ ᠲᠠᠪᠤᠨ ᠵᠢᠶᠦ᠋ᠨ ᠭᠤᠴᠢᠨ ᠲᠦᠮᠡᠨ ᠡᠷᠦᠬᠡ ᠶ᠋ᠢ ᠠᠪᠴᠤ ᠮᠣᠩᠭᠣᠯ ᠳ᠋ᠤᠷ ᠳᠠᠭᠠᠪᠠ ᠃ ᠰᠢᠶᠠᠩ ᠰᠢ ᠪᠢ ᠂ ᠵᠣᠣ ᠺᠤᠢ ᠂ ᠰᠢ ᠶᠠᠨ ᡁᠢ ᠂ ᠸᠠᠩ ᠵᠢᠶᠠ ᠵᠡᠷᠭᠡ ᠰᠥᠩ ᠤᠯᠤᠰ ᠲᠤᠷ ᠵᠢᠳᠬᠦᠯᠲᠡᠢ ᠵᠠᠩᠵᠤᠨ ᠲᠦᠰᠢᠮᠡᠳ ᠦᠬᠦᠬᠦ ᠢᠨᠦ ᠦᠬᠦᠭᠡᠳ ᠰᠠᠷᠨᠢᠬᠤ ᠠᠨᠤ ᠰᠠᠷᠨᠢᠨ ᠠᠬᠤᠢ ᠳ᠋ᠤᠷ ᠰᠥᠩ ᠤᠯᠤᠰ ᠤ᠋ᠨ ᠬᠠᠭᠠᠨ ᠯᠢ ᠽᠦᠩ ᠂ ᠵᠢᠶᠠ ᠽᠢ ᠳ᠋ᠣᠣ ᠪᠥᠭᠡᠰᠦ ᠤᠯᠤᠰ ᠢ ᠠᠪᠤᠷᠠᠭᠰᠠᠨ ᠰᠠᠢᠳ ᠭᠡᠮᠡᠨ ᠵᠢᠩ ᠳ᠋ᠢᠩ ᠦ᠋ᠨ ᠭᠤᠷᠪᠠᠳᠤᠭᠠᠷ ᠣᠨ ᠳ᠋ᠤᠷ ᠪᠡᠶ᠎ᠡ ᠰᠤᠪᠢᠯᠠᠬᠤ ᠬᠦᠷᠢᠶᠡᠯᠡᠩ 《ᠵᠢᠦᠢ ᠹᠠᠩ ᠶᠤᠸᠠᠨ 》 ᠰᠠᠢᠬᠠᠨ ᠢ᠋ ᠬᠤᠷᠠᠮᠳᠤᠭᠤᠯᠬᠤ ᠬᠦᠷᠢᠶᠡᠯᠡᠩ ᠪᠠᠢᠭᠤᠯᠤᠨ ᠥᠭᠴᠦ ᠬᠡᠰᠢᠭ ᠬᠦᠷᠲᠡᠭᠡᠪᠡ᠃ ᠲᠡᠢᠨ ᠬᠦ᠌ ᠠᠷᠠᠳ ᠢᠷᠭᠡᠳ ᠥᠩᠭᠡ ᠵᠢᠰᠦ ᠲᠡᠢ ᠥᠬᠢᠳ ᠬᠡᠦᠬᠡᠳ ᠬᠡᠳᠦᠨ ᠵᠠᠭᠤᠨ ᠬᠥᠮᠦᠰ ᠢ ᠬᠦᠷᠢᠶᠡᠯᠡᠩ ᠳ᠋ᠦ᠍ᠷ ᠠᠬᠤᠭᠤᠯᠵᠤ ᠡᠳᠦᠷ ᠪᠦᠷᠢ ᠰᠢᠷᠡᠭᠡ ᠬᠥᠭᠵᠢᠮ ᠡᠭᠦᠰᠬᠡᠵᠦ ᠳᠠᠭᠤᠤ ᠪᠥᠵᠢᠭ ᠦᠵᠡᠵᠦ ᠲᠠᠢᠹᠤᠩ ᠢ᠋ ᠡᠳ᠋ᠯᠡᠵᠦ ᠰᠠᠭᠤᠬᠤ ᠪᠥᠯᠥᠭᠡ ᠃ ᠲᠡᠳᠦᠢ ᠳ᠋ᠦ᠍ᠷ ᠬᠤᠪᠢᠯᠠᠢ ᠬᠠᠭᠠᠨ ᠤᠮᠠᠷᠠᠲᠤ ᠳ᠋ᠤᠷ ᠴᠡᠷᠢᠭ ᠲᠡᠢᠨ ᠦ᠌ ᠶᠠᠪᠤᠳᠠᠯ ᠪᠣᠢ ᠲᠤᠯᠠ ᠡᠯᠴᠢ ᠬᠣᠣ ᠵᠢᠩ ᠨᠠᠷ ᠤ᠋ᠨ ᠦᠬᠦᠵᠦ ᠡᠳᠡᠭᠡᠬᠦ ᠶ᠋ᠢ ᠲᠦᠷ ᠣᠷᠬᠢᠵᠤ ᠠᠷᠢᠭᠪᠥ᠋ᠬᠡ ᠶ᠋ᠢᠨ ᠴᠢᠮᠡᠭᠡ ᠮᠡᠳᠡᠭᠡ ᠂ ᠣᠯᠠᠨ ᠬᠠᠳ ᠤᠯᠤᠰ ᠤ᠋ᠨ ᠪᠠᠢᠳᠠᠯ ᠢ ᠬᠦᠯᠢᠶᠡᠨ ᠠᠪᠴᠤ ᠴᠡᠷᠢᠭ ᠵᠠᠩᠵᠤᠨ ᠢ᠋ᠶ᠋ᠠᠨ ᠪᠡᠯᠡᠬᠡᠨ ᠪᠣᠯᠭᠠᠨ ᠬᠦᠯᠢᠶᠡᠨ ᠰᠠᠭᠤᠪᠠ᠃ ᠡᠴᠦᠰ ᠲᠡᠭᠡᠨ ᠶᠠᠮᠠᠷ ᠪᠣᠯᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃
ᠰᠤᠯᠠ ᠰᠢᠯᠦᠭ
ᠠᠭᠤᠯᠠ ᠮᠡᠲᠦ ᠮᠥᠩᠬᠡ ᠬᠠᠭᠠᠨ ᠨᠥᠭᠴᠢᠪᠡᠢ ᠠᠯᠭᠤᠷᠯᠠᠨ ᠶᠠᠪᠤᠭᠰᠠᠨ ᠬᠤᠪᠢᠯᠠᠢ ᠡᠵᠡᠨ ᠪᠣᠯᠪᠠᠢ
ᠠᠬ᠎ᠠ ᠳᠡᠭᠦᠦ ᠭᠠᠷ ᠬᠥᠯ ᠦ᠋ᠨ ᠬᠡᠯᠬᠢᠶ᠎ᠡ ᠬᠡᠮᠡᠭᠳᠡᠭᠡᠳ ᠠᠯᠲᠠᠨ ᠰᠢᠷᠡᠭᠡᠨ ᠢ᠋ ᠪᠤᠯᠢᠶᠠᠯᠳᠤᠬᠤᠢ ᠳ᠋ᠤᠷ ᠲᠠᠰᠤᠷᠠᠪᠠᠢ
ᠠᠯᠠᠬᠤ ᠦᠭᠡᠢ ᠪᠥᠭᠡᠰᠦ ᠲᠠᠯᠪᠢᠬᠤ ᠦᠭᠡᠢ ᠭᠡᠮᠡᠨ ᠠᠷᠤᠤᠬᠠᠨ ᠰᠤᠷᠲᠠᠯ ᠢ᠋ᠶ᠋ᠠᠨ ᠬᠠᠶᠠᠵᠤ ᠲᠠᠪᠢᠨ ᠭᠠᠵᠠᠷ ᠨᠡᠬᠡᠪᠡᠢ
ᠠᠰᠢᠭ ᠬᠣᠣᠷ ᠤ᠋ᠨ ᠮᠥᠷᠭᠥᠯᠳᠦᠭᠡᠨ ᠳ᠋ᠦ᠍ᠷ ᠠᠪᠤ ᠡᠵᠢ ᠪᠡᠨ ᠬᠢᠳᠤᠬᠤ ᠬᠠᠳ ᠨᠣᠶᠠᠳ ᠤ᠋ᠨ ᠶᠠᠪᠤᠳᠠᠯ ᠠ᠋ !
