ᠵᠡᠭᠦᠳᠦᠨ ᠦ ᠠᠶᠠᠯᠠᠯ - ᠪᠦᠪᠡᠢ ᠶᠢᠨ ᠳᠠᠭᠤᠤZuudnii aylal - Buuvein duu-Зүүдний аялал - Бүүвэйн дуу
ᠵᠡᠭᠦᠳᠦᠨ ᠦ ᠠᠶᠠᠯᠠᠯ
ᠦᠭᠡ᠄ ᠴ᠂ ᠪᠠᠲᠤᠤ᠋ᠷᠭᠢᠯ
ᠳᠠᠭᠤᠴᠢᠨ᠄ ᠬᠡ᠂ ᠨᠣᠮᠢᠨ᠌ᠡᠷᠳᠡᠨᠢ
ᠦᠯᠢᠭᠡᠷ ᠦ᠋ᠨ ᠠᠶᠠᠯᠠᠯ
ᠬᠡᠦᠬᠡᠳ ᠪᠦᠷᠢ ᠶ᠋ᠢᠨ ᠬᠦᠰᠡᠯ ᠢ᠋ᠶ᠋ᠡᠷ
ᠠᠳᠠᠯ ᠶᠠᠪᠤᠳᠠᠯ ᠤ᠋ᠨ ᠶᠢᠷᠲᠢᠨᠴᠦ ᠪᠡᠷ
ᠬᠡᠦᠬᠡᠳ ᠪᠦᠬᠦᠨ ᠢ᠋ ᠠᠶᠠᠯᠠᠭᠤᠯᠤᠨ᠎ᠠ
ᠬᠡᠦᠬᠡᠳ ᠦ᠋ᠳ ᠠ᠋᠂
ᠠᠷᠠᠳ ᠤ᠋ᠨ ᠰᠠᠢᠬᠠᠨ ᠦᠯᠢᠭᠡᠷ ᠢ᠋ᠶ᠋ᠡᠨ ᠤᠩᠰᠢᠭᠠᠷᠠᠢ
ᠮᠥᠩᠬᠡ ᠲᠤᠩᠬ᠎ᠠ ᠬᠣᠶᠠᠷ ᠲᠠᠢ ᠠᠶᠠᠯᠠᠭᠠᠷᠠᠢ
ᠡᠷᠲᠡᠨ ᠦ᠌ ᠰᠠᠢᠬᠠᠨ ᠤᠯᠠᠮᠵᠢᠯᠠᠯ ᠢ᠋ᠶ᠋ᠠᠨ ᠰᠤᠷᠤᠭᠠᠷᠠᠢ᠂ ᠰᠤᠳᠤᠯᠤᠭᠠᠷᠠᠢ
ᠭᠠᠢᠬᠠᠮᠰᠢᠭ ᠤ᠋ᠨ ᠠᠶᠠᠯᠠᠯ
ᠲᠥᠰᠦᠭᠡᠯᠡᠯ ᠦ᠋ᠨ ᠡᠭᠦᠰᠦᠯ ᠢ᠋ᠶ᠋ᠡᠷ
ᠵᠡᠭᠦᠳᠦᠨ ᠦ᠌ ᠰᠠᠢᠬᠠᠨ ᠶᠢᠷᠲᠢᠨᠴᠦ ᠪᠡᠷ
ᠬᠡᠦᠬᠡᠳ ᠪᠦᠬᠦᠨ ᠢ᠋ ᠠᠶᠠᠯᠠᠭᠤᠯᠤᠨ᠎ᠠ
ᠬᠡᠦᠬᠡᠳ ᠦ᠋ᠳ ᠠ᠋
ᠠᠷᠠᠳ ᠤ᠋ᠨ ᠰᠠᠢᠬᠠᠨ ᠦᠯᠢᠭᠡᠷ ᠢ᠋ᠶ᠋ᠡᠨ ᠤᠩᠰᠢᠭᠠᠷᠠᠢ
ᠮᠥᠩᠬᠡ ᠲᠤᠩᠬ᠎ᠠ ᠬᠣᠶᠠᠷ ᠲᠠᠢ ᠠᠶᠠᠯᠠᠭᠠᠷᠠᠢ
ᠡᠷᠲᠡᠨ ᠦ᠌ ᠰᠠᠢᠬᠠᠨ ᠤᠯᠠᠮᠵᠢᠯᠠᠯ ᠢ᠋ᠶ᠋ᠠᠨ ᠰᠤᠷᠤᠭᠠᠷᠠᠢ᠂ ᠰᠤᠳᠤᠯᠤᠭᠠᠷᠠᠢ
ᠦᠰᠦᠭ ᠠᠮᠢᠯᠠᠭᠤᠯᠤᠭᠴᠢ᠄ ᠭᠠᠷᠮ᠎ᠠ ᠠᠵᠠᠵᠠᠶᠠᠭ᠎ᠠ
ᠦᠰᠦᠭ ᠬᠠᠲᠠᠭᠴᠢ᠄ ᠤᠷᠠᠨ
ᠬᠢᠨᠠᠭᠴᠢ᠄ ᠢᠷᠡᠭᠡᠳᠦᠢ ᠣᠳᠤᠨᠭᠡᠷᠡᠯ ᠰ᠂ ᠳᠣᠷᠣᠨ᠎ᠠ
