ᠪᠢᠴᠢᠶ᠎ᠡ ᠪᠢᠴᠢᠶ᠎ᠡ- ᠬᠤᠢ ᠰᠠᠯᠬᠢᠨБичье бичье-Хой салхин
ᠪᠢᠴᠢᠶ᠎ᠡ ᠪᠢᠴᠢᠶ᠎ᠡ
— ᠬᠤᠢ ᠰᠠᠯᠬᠢᠨ
ᠪᠢᠷ ᠦ᠋ᠨ ᠦᠵᠦᠭᠦᠷ ᠢ᠋ ᠬᠤᠷᠴᠠ ᠪᠣᠯᠲᠠᠯ᠎ᠠ ᠪᠢᠴᠢᠶ᠎ᠡ
ᠪᠢᠯᠢᠭ ᠲᠠᠷᠢᠬᠢ ᠪᠠᠨ ᠰᠢᠪᠬᠠᠵᠤ ᠪᠠᠢᠵᠤ ᠪᠢᠴᠢᠶ᠎ᠡ
ᠪᠢᠴᠢᠭ ᠰᠤᠳᠤᠷ ᠢ᠋ ᠲᠤᠩᠭᠠᠵᠤ ᠪᠠᠢᠵᠤ ᠪᠢᠴᠢᠶ᠎ᠡ
ᠪᠢ ᠬᠡᠨ ᠭᠡᠳᠡᠭ ᠢ᠋ ᠲᠠᠨᠢᠭᠤᠯᠵᠤ ᠪᠠᠢᠵᠤ ᠪᠢᠴᠢᠶ᠎ᠡ
ᠲᠠᠯ᠎ᠠ ᠨᠤᠲᠤᠭ ᠢ᠋ᠶ᠋ᠠᠨ ᠮᠠᠭᠲᠠᠨ ᠰᠠᠢᠰᠢᠶᠠᠵᠤ ᠪᠢᠴᠢᠶ᠎ᠡ
ᠲᠠᠪᠤᠨ ᠬᠣᠰᠢᠭᠤ ᠮᠠᠯ ᠢ᠋ᠶ᠋ᠠᠨ ᠪᠡᠯᠴᠢᠵᠦ ᠪᠠᠢᠬᠤ ᠪᠠᠷ ᠪᠢᠴᠢᠶ᠎ᠡ
ᠲᠠᠩᠰᠤᠭ ᠰᠠᠢᠬᠠᠨ ᠠᠮᠢᠳᠤᠷᠠᠯ ᠢ᠋ᠶ᠋ᠠᠨ ᠳᠠᠭᠤᠯᠠᠵᠤ ᠪᠠᠢᠬᠤ ᠪᠠᠷ ᠪᠢᠴᠢᠶ᠎ᠡ
ᠳᠠᠨᠠᠨ ᠴᠠᠭᠠᠨ ᠭᠡᠷ ᠲᠡᠭᠡᠨ ᠵᠢᠷᠭᠠᠵᠤ ᠪᠠᠢᠬᠤ ᠪᠠᠷ ᠪᠢᠴᠢᠶ᠎ᠡ
ᠪᠣᠰᠤᠭ᠎ᠠ ᠮᠣᠩᠭᠣᠯ ᠦᠰᠦᠭ ᠢ᠋ᠶ᠋ᠡᠨ ᠤᠷᠠᠨ ᠲᠣᠳᠣ ᠪᠢᠴᠢᠶ᠎ᠡ
ᠪᠣᠭᠳᠠ ᠴᠢᠩᠭᠢᠰ ᠦ᠋ᠨ ᠲᠡᠦᠬᠡ ᠪᠡᠨ ᠪᠠᠳᠠᠷᠠᠭᠤᠯᠵᠤ ᠪᠠᠢᠵᠤ ᠪᠢᠴᠢᠶ᠎ᠡ
ᠪᠤᠵᠠᠷ ᠮᠠᠭᠤᠬᠠᠢ ᠶᠠᠭᠤᠮ᠎ᠠ ᠶ᠋ᠢ ᠠᠶᠤᠯᠭᠠᠵᠤ ᠰᠦᠷᠳᠡᠭᠦᠯᠵᠦ ᠪᠢᠴᠢᠶ᠎ᠡ
ᠪᠤᠶᠠᠨ ᠬᠡᠰᠢᠭ ᠢ᠋ ᠬᠤᠷᠤᠢᠯᠠᠵᠤ ᠰᠦᠰᠦᠭᠯᠡᠵᠦ ᠪᠠᠢᠵᠤ ᠪᠢᠴᠢᠶ᠎ᠡ
ᠥᠪᠡᠷ ᠦ᠋ᠨ ᠮᠣᠩᠭᠣᠯ ᠦᠰᠦᠭ ᠢ᠋ᠶ᠋ᠡᠨ ᠥᠷᠭᠡᠨ ᠳᠡᠯᠭᠡᠷ ᠪᠢᠴᠢᠶ᠎ᠡ
ᠥᠭᠡᠷ᠎ᠡ ᠪᠤᠰᠤᠳ ᠤ᠋ᠨ ᠬᠡᠯᠡ ᠡᠴᠡ ᠳᠠᠪᠠᠭᠤᠯᠵᠤ ᠪᠠᠢᠵᠤ ᠪᠢᠴᠢᠶ᠎ᠡ
ᠥᠰᠢᠶᠡᠲᠡᠨ ᠳᠠᠢᠰᠤᠨ ᠠ᠋ᠴᠠ ᠬᠠᠮᠠᠭᠠᠯᠠᠵᠤ ᠲᠡᠮᠡᠴᠡᠵᠦ ᠪᠠᠢᠵᠤ ᠪᠢᠴᠢᠶ᠎ᠡ
ᠥᠪᠥᠷ ᠮᠣᠩᠭᠣᠯᠴᠤᠳ ᠪᠦᠭᠦᠳᠡᠭᠡᠷ ᠤᠬᠠᠭᠠᠷᠠᠵᠤ ᠪᠠᠢᠵᠤ ᠪᠢᠴᠢᠶ᠎ᠡ
2024. 1. 13
ᠦᠰᠦᠭ ᠠᠮᠢᠯᠠᠭᠤᠯᠤᠭᠰᠠᠨ ᠨᠢ᠄ ᠣᠳᠬᠣᠨᠴᠡᠴᠡᠭ
