ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠲᠠᠪᠤᠳᠤᠭᠠᠷ ᠪᠦᠯᠦᠭ > Хөх судрын залгамж - Инжинаш < Наян тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠲᠠᠪᠤᠳᠤᠭᠠᠷ ᠪᠦᠯᠦᠭ > Хөх судрын залгамж - Инжинаш < Наян тавдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠲᠠᠪᠤᠳᠤᠭᠠᠷ ᠪᠦᠯᠦᠭ > Хөх судрын залгамж - Инжинаш < Наян тавдугаар бүлэг >

ᠠᠩᠭᠢᠯᠠᠯ:ᠲᠡᠦᠬᠡ ᠰᠣᠶᠣᠯ
2024-01-30

351


              ᠨᠠᠶᠠᠨ ᠲᠠᠪᠤᠳᠤᠭᠠᠷ ᠪᠦᠯᠦᠭ  
                         ᠰᠢᠷ᠎ᠠ ᠮᠣᠷᠢᠨ ᠵᠢᠯ ᠡᠴᠡ ᠰᠢᠷᠠᠭᠴᠢᠨ ᠬᠣᠨᠢᠨ ᠵᠢᠯ ᠃
                         ᠮᠥᠩᠬᠡ ᠬᠠᠭᠠᠨ ᠲᠠᠪᠢᠨ ᠨᠢᠭᠡᠨ ᠰᠡᠭᠦᠳᠡᠷ ᠲᠡᠢ ᠃ ᠲᠠᠪᠢᠨ ᠬᠣᠶᠠᠷ ᠰᠡᠭᠦᠳᠡᠷ ᠲᠡᠢ ᠃ 
                         ᠰᠥᠩ ᠤᠯᠤᠰ ᠤ᠋ᠨ ᠯᠢᠽᠥ᠋ᠩ ᠬᠠᠭᠠᠨ ᠳᠧ ᠢᠦ ᠶ᠋ᠢᠨ ᠠᠩᠬᠠᠳᠤᠭᠠᠷ ᠂ ᠬᠣᠶᠠᠳᠤᠭᠠᠷ ᠣᠨ 

            ᠤᠳᠠᠭᠠᠨ ᠵᠢᠯ ᠡᠰᠡᠷᠭᠦᠴᠡᠭᠰᠡᠨ ᠪᠠᠭᠲᠠᠳ ᠢ᠋ ᠡᠵᠡᠯᠡᠨ ᠶᠡᠬᠡ ᠦᠭᠡ ᠲᠡᠢ ᠬᠠᠯᠢᠫᠢ ᠶ᠋ᠢ 
                     ᠮᠣᠷᠢᠳ ᠢ᠋ᠶ᠋ᠠᠷ ᠭᠢᠰᠬᠢᠭᠦᠯᠵᠦ ᠠᠯᠠᠪᠠᠢ 
             ᠤᠯᠤᠰ ᠤ᠋ᠨ ᠡᠯᠴᠢ ᠶ᠋ᠢ ᠠᠯᠠᠵᠤ ᠬᠢᠯᠢ ᠬᠠᠯᠳᠠᠭᠰᠠᠨ ᠶᠠᠯ᠎ᠠ ᠶ᠋ᠢ 
                      ᠠᠰᠠᠭᠤᠷ᠎ᠠ ᠢᠷᠡᠵᠦ ᠬᠠᠭᠠᠨ ᠤ᠋ ᠪᠡᠶ᠎ᠡ ᠭᠧ ᠵᠧᠦ ᠶ᠋ᠢ ᠶᠡᠬᠡᠳᠡ ᠪᠠᠢᠯᠳᠤᠪᠠᠢ 

       ᠥᠭᠦᠯᠡᠬᠦ ᠢᠨᠤ ᠬᠤᠯᠤᠭᠤ ᠬᠠᠨ ᠪᠠᠭᠲᠠᠳ ᠤ᠋ᠨ ᠬᠠᠯᠢᠫᠢ ᠮᠦᠰᠲ᠋ᠠᠰᠢᠮ ᠤ᠋ᠨ ᠮᠠᠭᠤ ᠦᠭᠡ ᠶ᠋ᠢ ᠰᠣᠨᠣᠰᠴᠤ ᠶᠡᠬᠡᠳᠡ ᠬᠢᠯᠢᠩᠯᠡᠨ ᠪᠠᠭᠲᠠᠳ ᠲᠤᠷ ᠪᠦᠬᠦ ᠲᠠᠯ᠎ᠠ ᠶ᠋ᠢᠨ ᠴᠡᠷᠢᠭ ᠢ ᠬᠡᠷᠡᠭᠯᠡᠬᠦ ᠪᠡᠷ ᠪᠣᠯᠵᠤ ᠪᠤᠲᠠ ᠬᠣᠲᠠ ᠶ᠋ᠢ ᠡᠵᠡᠯᠡᠬᠦ ᠦᠭᠡᠢ ᠪᠥᠭᠡᠰᠦ ᠴᠡᠷᠢᠭ ᠪᠤᠴᠠᠬᠤ ᠦᠭᠡᠢ ᠭᠡᠮᠡᠨ ᠬᠠᠲᠠᠭᠤ ᠵᠠᠷᠯᠢᠭ ᠥᠭᠴᠦ ᠶᠡᠬᠡ ᠴᠡᠷᠢᠭ ᠳᠠᠷᠠᠭ᠎ᠠ ᠳᠠᠷᠠᠭ᠎ᠠ ᠪᠠᠷ ᠬᠥᠳᠡᠯᠪᠡ᠃ 
       ᠲᠡᠳᠦᠢ ᠳ᠋ᠦ᠍ᠷ ᠬᠠᠯᠢᠫᠢ ᠮᠦᠰᠲ᠋ᠠᠰᠢᠮ ᠮᠣᠩᠭᠣᠯ ᠯᠤᠭ᠎ᠠ ᠡᠷᠡᠭᠴᠢᠨ ᠡᠮᠡᠭᠴᠢᠨ ᠢᠯᠭᠠᠰᠤᠭᠠᠢ ᠭᠡᠮᠡᠨ ᠴᠡᠷᠢᠭ ᠲᠡᠢᠨ ᠦ᠌ ᠪᠡᠯᠡᠳᠬᠡᠯ ᠬᠢᠵᠦ ᠢᠷᠠᠺ ᠤ᠋ᠨ ᠶᠡᠬᠡ ᠵᠠᠩᠵᠤᠨ ᠰᠢᠷᠠᠢᠮᠠᠨ ᠱᠠ ᠪᠠᠷ ᠪᠦᠬᠦ ᠴᠡᠷᠢᠭ ᠢ᠋ᠶ᠋ᠡᠨ ᠳᠠᠢᠴᠢᠯᠠᠭᠤᠯᠤᠨ ᠬᠣᠲᠠ ᠪᠠᠨ ᠦᠬᠦᠨ ᠬᠠᠮᠠᠭᠠᠯᠠᠬᠤ ᠪᠠᠷ ᠳᠠᠪᠬᠤᠷ ᠳᠠᠪᠬᠤᠷ ᠪᠡᠯᠡᠳᠬᠡᠵᠦ ᠪᠠᠢᠵᠤᠤ ᠪᠥᠬᠡᠲ᠋ᠡᠮᠥᠷ ᠬᠣᠶᠠᠷ ᠤ᠋ᠨ ᠴᠡᠷᠢᠭ ᠲᠧᠬᠧᠷᠢᠰ ᠮᠥᠷᠡᠨ ᠢ᠋ ᠵᠦᠭᠯᠡᠵᠦ ᠠᠢᠰᠤᠢ ᠭᠡᠮᠡᠨ ᠰᠣᠨᠣᠰᠴᠤ ᠹᠢᠰ ᠂ ᠡᠳ᠋ ᠂  ᠳ᠋ᠢᠨ ᠂ ᠢᠪᠧᠨ᠂  ᠭᠧᠷ ᠦ᠋ᠨ ᠤᠳᠤᠷᠢᠳᠤᠭᠰᠠᠨ ᠬᠠᠯᠢᠫᠢ ᠶ᠋ᠢᠨ ᠰᠢᠳᠠᠷ ᠴᠡᠷᠢᠭ ᠢ᠋ ᠲᠧᠭᠧᠷᠢᠰ ᠮᠥᠷᠡᠨ ᠭᠡᠲᠦᠯᠵᠦ ᠪᠠᠢᠵᠤᠤ ᠪᠥᠬᠡᠲ᠋ᠡᠮᠥᠷ ᠴᠡᠷᠢᠭ ᠢ ᠤᠭᠲᠤᠨ ᠪᠠᠢᠯᠳᠤᠵᠤ ᠤᠰᠠᠳᠬ᠎ᠠ!  ᠪᠠᠭᠲᠠᠳ ᠲᠤᠷ ᠣᠢᠷᠠᠲᠤᠭᠤᠯᠵᠤ ᠪᠣᠯᠬᠤ ᠦᠭᠡᠢ ᠭᠡᠮᠡᠨ ᠶᠠᠪᠤᠭᠤᠯᠪᠠ᠃ ᠹᠢᠰ᠂ ᠡᠳ᠋᠂ ᠳ᠋ᠢᠨ᠂ ᠢᠪᠧᠨ᠂ ᠭᠧᠷ ᠵᠠᠷᠯᠢᠭ ᠢ᠋ ᠬᠦᠯᠢᠶᠡᠨ ᠠᠪᠤᠭᠠᠳ ᠬᠣᠷᠢᠨ ᠲᠦᠮᠡᠨ ᠶᠡᠬᠡ ᠴᠡᠷᠢᠭ ᠠᠪᠴᠤ ᠲᠧᠭᠧᠷᠢᠰ ᠮᠥᠷᠡᠨ ᠤ ᠪᠠᠷᠠᠭᠤᠨ ᠬᠥᠪᠡᠭᠡᠨ ᠤ ᠲᠡᠭᠰᠢ ᠲᠠᠯ᠎ᠠ ᠳ᠋ᠤᠷ ᠵᠢᠭᠰᠠᠭᠠᠨ ᠪᠠᠭᠤᠳᠠᠯᠯᠠᠵᠤ ᠪᠠᠢᠵᠤᠤ ᠪᠥᠬᠡᠲ᠋ᠡᠮᠥᠷ ᠦ᠋ᠨ ᠴᠡᠷᠢᠭ ᠢ ᠬᠦᠯᠢᠶᠡᠵᠦ ᠰᠠᠭᠤᠪᠠ᠃ ᠪᠠᠢᠵᠤᠤ ᠪᠥᠬᠡᠲ᠋ᠡᠮᠥᠷ ᠬᠣᠭᠣᠷᠣᠨᠳᠣ ᠪᠠᠨ ᠵᠥᠪᠳᠡᠵᠦ ᠥᠭᠦᠯᠡᠷᠦᠨ : 《ᠳᠠᠢᠰᠤᠨ ᠮᠠᠨ ᠢ᠋ ᠮᠥᠷᠡᠨ ᠭᠡᠲᠦᠯᠬᠦ ᠡᠴᠡ ᠠᠶᠤᠵᠤ ᠬᠣᠷᠢᠨ ᠲᠦᠮᠡᠨ ᠤ ᠣᠯᠠᠨ ᠢ᠋ᠶ᠋ᠠᠷ ᠬᠣᠷᠢᠵᠤ ᠰᠠᠭᠤᠪᠠ᠃ ᠪᠢᠳᠡ ᠠᠷᠪᠠᠨ ᠲᠦᠮᠡ ᠬᠦᠷᠬᠦ ᠦᠭᠡᠢ ᠴᠡᠷᠢᠭ ᠢ᠋ᠶ᠋ᠡᠷ ᠬᠡᠷᠬᠢᠨ ᠳᠡᠢᠯᠬᠦ ᠶ᠋ᠢ ᠪᠠᠲᠤᠯᠠᠮᠤᠢ᠃ ᠬᠡᠷᠪᠡ ᠡᠨᠡ ᠤᠳᠠᠭ᠎ᠠ ᠡᠰᠡ ᠲᠠᠢᠯᠪᠠᠰᠤ ᠵᠠᠯᠠᠭᠤ ᠡᠵᠡᠨ ᠴᠢ ᠪᠢᠳᠡ ᠬᠣᠶᠠᠭᠤᠯᠠ ᠶ᠋ᠢ ᠬᠡᠷᠬᠢᠪᠡᠴᠦ ᠰᠤᠯᠠ ᠲᠠᠯᠪᠢᠬᠤ ᠦᠭᠡᠢ ᠪᠣᠯᠠᠢ᠃ ᠲᠡᠢᠨ ᠬᠦ᠌ ᠠᠷᠭ᠎ᠠ ᠪᠠᠷ ᠲᠠᠢᠯᠪᠠᠰᠤ ᠵᠣᠬᠢᠮᠤᠢ᠃ ᠭᠠᠭᠴᠠ ᠠᠷᠭ᠎ᠠ ᠬᠠᠮᠢᠭ᠎ᠠ ᠠ᠋ᠴᠠ ᠭᠠᠷᠬᠤ ᠪᠣᠯᠠᠢ》 ᠬᠡᠮᠡᠬᠦᠢ ᠳ᠋ᠦ᠍ᠷ ᠪᠥᠬᠡᠲ᠋ᠡᠮᠥᠷ ᠪᠣᠳᠣᠵᠤ ᠥᠭᠦᠯᠡᠷᠦᠨ᠄《 ᠲᠧᠭᠧᠷᠢᠰ ᠮᠥᠷᠡᠨ ᠦ᠌ ᠳᠡᠭᠡᠷ᠎ᠡ ᠲᠠᠯ᠎ᠠ ᠳ᠋ᠤᠷ ᠥᠨᠳᠥᠷ ᠬᠠᠰᠢᠯᠭ᠎ᠠ ᠪᠣᠢ᠃ ᠬᠡᠷᠪᠡ ᠬᠠᠰᠢᠯᠭ᠎ᠠ ᠶ᠋ᠢ ᠰᠡᠲᠡᠯᠪᠡᠰᠦ ᠮᠥᠷᠡᠨ ᠦ᠌ ᠤᠰᠤ ᠲᠠᠯ᠎ᠠ ᠳ᠋ᠤᠷ ᠴᠢᠳᠬᠤᠮᠤᠢ᠃ ᠪᠢᠳᠡ ᠴᠡᠷᠢᠭ ᠢ᠋ᠶ᠋ᠡᠨ ᠥᠨᠳᠥᠷ ᠭᠠᠵᠠᠷ ᠵᠢᠭᠰᠠᠭᠠᠨ ᠹᠧᠰ᠂ ᠡᠳ᠋ ᠂ ᠳ᠋ᠢᠨ ᠢᠪᠧᠨ ᠭᠧᠷ ᠦ᠋ᠨ ᠵᠢᠭᠰᠠᠭᠠᠯ ᠤᠰᠤᠨ ᠳ᠋ᠤᠷ ᠠᠪᠲᠠᠵᠤ ᠲᠣᠭᠲᠠᠵᠤ ᠴᠢᠳᠠᠬᠤ ᠦᠭᠡᠢ ᠪᠦᠬᠦᠢ ᠳ᠋ᠦ᠍ᠷ ᠥᠨᠳᠥᠷ ᠡᠴᠡ ᠳᠣᠭᠣᠭᠰᠢ ᠳᠠᠭᠠᠷᠢᠪᠠᠰᠤ ᠳᠡᠢᠯᠬᠦ ᠦᠭᠡᠢ ᠶᠣᠰᠣ ᠪᠣᠢ ᠤᠤ ! 》 ᠬᠡᠮᠡᠬᠦᠢ ᠳ᠋ᠦ᠍ᠷ ᠪᠠᠢᠵᠤᠤ ᠥᠭᠦᠯᠡᠷᠦᠨ : 《 ᠪᠢ ᠴᠦ᠍ ᠲᠡᠢᠨ ᠰᠠᠨᠠᠵᠤ ᠪᠠᠢᠪᠠ᠃ ᠭᠡᠲᠡᠯ᠎ᠡ ᠮᠥᠷᠡᠨ ᠤ ᠳᠠᠯᠠᠩ ᠢ᠋ ᠯᠠᠪ ᠴᠡᠷᠢᠭ ᠰᠠᠬᠢᠬᠤ ᠪᠣᠯᠠᠢ᠃ ᠪᠢᠳᠡ ᠳᠠᠯᠠᠩ ᠢ᠋ ᠪᠠᠢᠯᠳᠤᠪᠠᠰᠤ ᠳᠠᠢᠰᠤᠨ ᠮᠠᠨ ᠤ᠋ ᠰᠠᠨᠠᠬ᠎ᠠ ᠶ᠋ᠢ ᠮᠡᠳᠡᠵᠦ ᠥᠨᠳᠥᠷ ᠲᠣᠷ ᠨᠡᠭᠦᠪᠡᠰᠦ ᠬᠠᠷᠢᠨ ᠥᠪᠡᠷᠰᠡᠳ ᠦ᠋ᠨ ᠵᠠᠮ ᠢ᠋ᠶ᠋ᠠᠨ ᠬᠠᠰᠢᠭᠰᠠᠨ ᠬᠡᠷᠡᠭ ᠪᠣᠯᠤᠮᠤᠢ 》 ᠭᠡᠮᠡᠨ ᠶᠠᠷᠢᠯᠴᠠᠭᠠᠳ ᠣᠭᠲᠣ ᠠᠷᠭ᠎ᠠ ᠭᠠᠷᠬᠤ ᠦᠭᠡᠢ ᠲᠤᠯᠠ ᠪᠠᠢᠵᠤᠤ ᠥᠭᠦᠯᠡᠷᠦᠨ : 《ᠪᠢ ᠡᠨᠡ ᠰᠥᠨᠢ ᠬᠣᠶᠠᠷ ᠲᠦᠮᠡᠨ ᠴᠡᠷᠢᠭ ᠠᠪᠴᠤ ᠬᠠᠭᠠᠰ ᠴᠡᠷᠢᠭ ᠢ᠋ᠶ᠋ᠡᠷ ᠪᠦᠭᠭᠦᠭᠦᠯᠵᠦ ᠬᠠᠭᠠᠰ ᠴᠡᠷᠢᠭ ᠢ᠋ᠶ᠋ᠡᠷ ᠥᠳᠥᠭᠡᠨ ᠪᠠᠢᠯᠳᠤᠵᠤ ᠦᠵᠡᠰᠦᠭᠡᠢ᠃ ᠬᠡᠷᠪᠡ ᠳᠠᠢᠰᠤᠨ ᠠᠷᠭᠠᠨ ᠳ᠋ᠤᠷ ᠣᠷᠣᠪᠠᠰᠤ ᠴᠢ ᠪᠢᠳᠡ ᠬᠣᠶᠠᠭᠤᠯᠠ ᠠᠮᠢᠳᠤ ᠭᠠᠷᠴᠤ ᠪᠣᠯᠤᠮᠤᠢ 》 ᠭᠡᠮᠡᠨ ᠲᠣᠭᠲᠠᠵᠤ ᠪᠥᠬᠡᠲ᠋ᠡᠮᠦᠷ ᠳᠣᠯᠣᠭᠠᠨ ᠲᠦᠮᠡᠨ ᠴᠡᠷᠢᠭ ᠢ᠋ᠶ᠋ᠡᠨ ᠥᠨᠳᠥᠷ ᠲᠣᠷ ᠵᠢᠭᠰᠠᠭᠠᠨ ᠬᠦᠯᠢᠶᠡᠬᠦᠢ ᠳ᠋ᠦ᠍ᠷ ᠪᠠᠢᠵᠤᠤ ᠲᠦᠮᠡᠨ ᠴᠡᠷᠢᠭ ᠠᠪᠴᠤ ᠰᠥᠨᠢ ᠶ᠋ᠢᠨ ᠬᠠᠷᠠᠩᠭᠤᠢ ᠶ᠋ᠢ ᠠᠰᠢᠭ᠍ᠠᠯᠠᠨ ᠳᠠᠯᠠᠩ ᠣᠢᠷᠠᠲᠤᠭᠤᠯᠤᠨ ᠪᠦᠭᠭᠦᠭᠦᠯᠵᠦ ᠬᠠᠭᠠᠰ ᠴᠡᠷᠢᠭ ᠢ᠋ᠶ᠋ᠡᠷ ᠢ᠋ᠶ᠋ᠡᠨ ᠳᠠᠯᠠᠩ ᠢ᠋ ᠪᠠᠢᠯᠳᠤᠬᠤ ᠮᠡᠲᠦ ᠪᠡᠷ ᠣᠢᠷᠠᠲᠤᠬᠤ ᠳ᠋ᠤᠷ ᠳᠠᠯᠠᠩ ᠰᠠᠬᠢᠬᠤ ᠴᠡᠷᠢᠭ ᠪᠠᠢᠵᠤᠤ ᠶ᠋ᠢᠨ ᠴᠡᠷᠢᠭ ᠴᠥᠭᠡᠨ ᠢ᠋ ᠦᠵᠡᠵᠦ ᠥᠨᠳᠥᠷ ᠡᠴᠡ ᠳᠠᠭᠠᠷᠢᠨ ᠢᠷᠡᠬᠦᠢ ᠳ᠋ᠦ᠍ᠷ ᠪᠠᠢᠵᠤᠤ ᠬᠠᠷᠢᠭᠤᠴᠠᠬᠤ ᠦᠭᠡᠢ ᠪᠤᠷᠤᠭᠤᠯᠠᠬᠤᠢ ᠳ᠋ᠤᠷ ᠹᠢᠰ᠂ ᠡᠳ᠋᠂ ᠳ᠋ᠢᠨ᠂ ᠢᠪᠧᠨ ᠭᠧᠷ ᠦ᠋ᠨ ᠳᠠᠯᠠᠩ ᠰᠠᠬᠢᠭᠤᠯᠤᠭᠰᠠᠨ ᠴᠡᠷᠢᠭ ᠪᠠᠢᠵᠤᠤ ᠶ᠋ᠢᠨ ᠠᠷᠤ ᠠ᠋ᠴᠠ ᠨᠡᠬᠡᠮᠵᠢᠯᠡᠨ ᠶᠠᠪᠤᠵᠤ ᠲᠠᠯᠪᠢᠬᠤ ᠦᠭᠡᠢ ᠪᠦᠬᠦᠢ ᠳ᠋ᠦ᠍ᠷ ᠪᠠᠢᠵᠤᠤ ᠶ᠋ᠢᠨ ᠪᠦᠭᠭᠦᠭᠰᠡᠨ ᠴᠡᠷᠢᠭ ᠳᠠᠢᠰᠤᠨ ᠢ᠋ ᠲᠠᠯᠪᠢᠵᠤ ᠶᠠᠪᠤᠭᠤᠯᠤᠭᠠᠳ ᠳᠠᠯᠠᠩ ᠢ᠋ ᠡᠵᠡᠯᠡᠨ ᠠᠪᠴᠤ ᠬᠦᠷᠵᠡ ᠭᠣᠳᠣᠣ ᠬᠡᠷᠡᠭᠯᠡᠨ ᠰᠡᠲᠡᠯᠵᠦ ᠡᠬᠢᠯᠡᠪᠡ᠃ ᠶᠠᠮᠠᠷ ᠴᠦ᠍ ᠶᠠᠪᠤᠳᠠᠯ ᠪᠦᠲᠦᠭᠡᠬᠦᠢ ᠳ᠋ᠦ᠍ᠷ ᠬᠦᠴᠢᠷ᠂ ᠡᠪᠳᠡᠬᠦᠢ ᠳ᠋ᠦ᠍ᠷ ᠳᠥᠭᠥᠮ ᠲᠤᠯᠠ ᠤᠳᠠᠯ ᠦᠭᠡᠢ ᠳᠠᠯᠠᠩ ᠰᠡᠲᠡᠷᠡᠭᠡᠳ ᠮᠥᠷᠡᠨ ᠤ ᠤᠰᠤ ᠵᠡᠷᠯᠢᠭ ᠠᠷᠢᠶᠠᠲᠠᠨ ᠮᠡᠲᠦ ᠰᠡᠲᠡᠷᠬᠡᠢ ᠪᠡᠷ ᠪᠤᠯᠢᠶᠠᠯᠳᠤᠨ ᠭᠠᠷᠴᠤ ᠢᠷᠡᠪᠡ᠃ ᠳᠠᠯᠠᠩ ᠰᠠᠬᠢᠬᠤ ᠴᠡᠷᠢᠭ ᠠᠷᠭ᠎ᠠ ᠭᠡᠮᠡᠨ ᠮᠡᠳᠡᠭᠰᠡᠨ ᠳ᠋ᠦ᠍ᠷ ᠠᠷᠤ ᠥᠪᠥᠷ ᠢ᠋ᠶ᠋ᠡᠷ ᠬᠠᠪᠴᠢᠭᠳᠠᠨ ᠨᠢᠭᠡᠴᠦ ᠭᠠᠷᠴᠤ ᠴᠢᠳᠠᠭᠰᠠᠨ ᠦᠭᠡᠢ ᠴᠥᠮ ᠪᠠᠷᠢᠭᠳᠠᠪᠠ᠃ 
       ᠵᠢᠴᠢ ᠥᠷᠯᠥᠭᠡ ᠹᠢᠰ᠂ ᠡᠳ᠋᠂ ᠳ᠋ᠢᠨ᠂ ᠢᠪᠧᠨ ᠭᠧᠷ ᠦ᠋ᠨ ᠴᠡᠷᠢᠭ ᠦ᠋ᠨ ᠠᠷᠤ ᠶ᠋ᠢᠨ ᠲᠦᠪᠰᠢᠨ ᠲᠠᠯ᠎ᠠ ᠳ᠋ᠤᠷ ᠭᠡᠨᠡᠳᠲᠡ ᠴᠥᠮ ᠤᠰᠤ ᠰᠢᠪᠠᠷ ᠪᠣᠯᠵᠤ ᠴᠡᠷᠢᠭ ᠦ᠋ᠳ ᠲᠣᠭᠲᠠᠵᠤ ᠴᠢᠳᠠᠬᠤ ᠦᠭᠡᠢ ᠦᠢᠮᠡᠯᠳᠦᠨ ᠬᠥᠳᠡᠯᠦᠭᠰᠡᠨ ᠳ᠋ᠦ᠍ᠷ ᠹᠢᠰ᠂ ᠡᠳ᠋᠂ ᠳ᠋ᠢᠨ ᠢᠪᠧᠨ ᠭᠧᠷ ᠬᠣᠷᠢᠭᠯᠠᠵᠤ ᠠᠮᠵᠢᠬᠤ ᠦᠭᠡᠢ ᠪᠦᠬᠦᠢ ᠳ᠋ᠦ᠍ᠷ ᠪᠦᠬᠡᠲ᠋ᠡᠮᠦᠷ ᠳᠣᠯᠣᠭᠠᠨ ᠲᠦᠮᠡᠨ ᠤ ᠣᠯᠠᠨ ᠢ᠋ᠶ᠋ᠠᠨ ᠳᠠᠭᠠᠭᠤᠯᠤᠨ ᠭᠠᠯᠵᠠᠭᠤᠷᠠᠭᠰᠠᠨ ᠮᠡᠲᠦ ᠣᠷᠢᠯᠠᠯᠳᠤᠨ ᠳᠠᠭᠠᠷᠢᠨ ᠬᠦᠷᠴᠦ ᠢᠷᠡᠪᠡᠰᠦ ᠬᠠᠯᠢᠫᠢ ᠶ᠋ᠢᠨ ᠰᠢᠯᠢᠳᠡᠭ ᠴᠡᠷᠢᠭ ᠨᠢᠭᠡᠨᠲᠡ ᠰᠢᠪᠠᠷ ᠤᠰᠤᠨ ᠳ᠋ᠤᠷ ᠠᠪᠲᠠᠵᠤ ᠠᠮᠢ ᠭᠠᠷᠰᠤᠭᠠᠢ ᠭᠡᠮᠡᠨ ᠨᠡᠰᠢ ᠴᠠᠰᠢ ᠲᠣᠯᠣᠭᠠᠢ ᠰᠡᠭᠦᠯ ᠲᠠᠨᠢᠭᠳᠠᠬᠤ ᠦᠭᠡᠢ ᠳᠠᠪᠬᠢᠯᠳᠤᠨ ᠣᠭᠲᠣ ᠬᠠᠷᠢᠭᠤᠴᠠᠵᠤ ᠴᠢᠳᠠᠭᠰᠠᠨ ᠦᠭᠡᠢ ᠦᠬᠦᠵᠦ ᠠᠯᠠᠭᠳᠠᠭᠰᠠᠨ ᠠᠨᠤ ᠠᠷᠪᠠᠨ ᠲᠠᠪᠤᠨ ᠲᠦᠮᠡ ᠬᠦᠷᠴᠡᠢ᠃  ᠹᠢᠰ᠂ ᠡᠳ᠋᠂ ᠳ᠋ᠢᠨ᠂ ᠢᠪᠧᠨ ᠭᠧᠷ ᠰᠠᠮᠠᠭᠤᠨ ᠴᠡᠷᠢᠭ ᠦ᠋ᠨ ᠳᠤᠮᠳᠠ ᠬᠠᠪᠴᠢᠭᠳᠠᠵᠤ ᠭᠠᠷᠬᠤ ᠵᠠᠮ ᠦᠭᠡᠢ ᠪᠣᠯᠵᠤ ᠬᠣᠭᠣᠯᠠᠢ ᠪᠠᠨ ᠣᠭᠲᠣᠯᠵᠤ ᠦᠬᠦᠪᠡ᠃ ᠮᠥᠵᠢᠶᠡ᠂ ᠬᠡᠳᠦ᠂ ᠡᠳ᠋᠂ ᠳ᠋ᠢᠨ᠂ ᠠᠢᠪᠧᠬᠢ ᠴᠥᠭᠡᠨ ᠰᠢᠳᠠᠷ ᠴᠡᠷᠢᠭ ᠢ᠋ᠶ᠋ᠡᠨ ᠠᠪᠴᠤ ᠳᠤᠲᠠᠭᠠᠨ ᠭᠠᠷᠴᠤ ᠪᠠᠭᠲᠠᠳ ᠲᠤᠷ ᠬᠦᠷᠴᠦ ᠢᠷᠡᠬᠦᠢ ᠳ᠋ᠤᠷ ᠲᠦ᠍ᠷ ᠪᠠᠢᠵᠤᠤ ᠬᠣᠶᠠᠷ ᠲᠦᠮᠡᠨ ᠦ᠌ ᠣᠯᠠᠨ ᠢ᠋ᠶ᠋ᠠᠨ ᠠᠪᠴᠤ ᠨᠢᠭᠡᠨᠲᠡ ᠪᠠᠭᠲᠠᠳ ᠤ᠋ᠨ ᠪᠠᠷᠠᠭᠤᠨ ᠲᠡᠭᠦᠷᠭᠡ ᠬᠦᠷᠴᠦ ᠢᠷᠡᠪᠡ᠃ ᠬᠤᠯᠤᠭᠤ ᠬᠠᠨ ᠤ᠋ ᠳᠤᠮᠳᠠ ᠵᠠᠮ ᠤ᠋ᠨ ᠴᠡᠷᠢᠭ ᠪᠠ ᠬᠡᠳᠥᠪᠥ᠋ᠬᠡ ᠶ᠋ᠢᠨ ᠵᠡᠭᠦᠨ ᠵᠠᠮ ᠤ᠋ᠨ ᠴᠡᠷᠢᠭ ᠴᠥᠮ ᠬᠣᠵᠢᠳ ᠤᠷᠢᠳ ᠬᠦᠷᠴᠦ ᠢᠷᠡᠭᠡᠳ ᠪᠠᠭᠲᠠᠳ ᠢ᠋ ᠨᠢᠭᠡᠨᠲᠡ ᠪᠦᠰᠡᠯᠡᠵᠦ ᠲᠠᠯᠪᠢᠪᠠ᠃ 
       ᠮᠣᠩᠭᠣᠯᠴᠤᠳ ᠬᠣᠲᠠ ᠶ᠋ᠢ ᠪᠦᠰᠡᠯᠡᠵᠦ ᠠᠪᠤᠭᠰᠠᠨ ᠤ᠋ ᠳᠠᠷᠠᠭ᠎ᠠ ᠶᠠᠭᠠᠷᠠᠯ ᠦᠭᠡᠢ ᠣᠯᠵᠠᠯᠠᠭᠰᠠᠳ ᠢ᠋ᠶ᠋ᠠᠷ ᠭᠣᠣ ᠮᠠᠯᠲᠠᠭᠤᠯᠵᠤ ᠬᠠᠯᠬᠠᠪᠴᠢ ᠬᠡᠷᠡᠮ ᠪᠠᠷᠢᠵᠤ ᠬᠣᠲᠠᠨ ᠳ᠋ᠤᠷ ᠣᠢᠷᠠᠲᠤᠵᠤ ᠬᠣᠲᠠ ᠡᠪᠳᠡᠬᠦ ᠨᠦᠳᠦᠭᠦᠷ᠂ ᠰᠢᠳᠡᠭᠦᠷ ᠂ ᠫᠤᠤ᠂ ᠳᠡᠯᠪᠡᠴᠢᠬᠦ ᠲᠡᠮᠦᠷ ᠪᠥᠮᠪᠥᠭᠡ ᠵᠡᠷᠭᠡ ᠵᠡᠪᠰᠡᠭ ᠢ᠋ᠶ᠋ᠡᠨ ᠬᠡᠷᠡᠭᠯᠡᠨ ᠫᠧᠷᠰ ᠬᠠᠭᠠᠯᠭ᠎ᠠ ᠶ᠋ᠢᠨ ᠵᠡᠭᠦᠨ ᠬᠠᠵᠠᠭᠤ ᠶ᠋ᠢᠨ ᠬᠡᠷᠡᠮ ᠢ᠋ ᠨᠤᠷᠠᠭᠠᠵᠤ ᠲᠠᠯᠪᠢᠪᠠ᠃ ᠡᠭᠦᠨ ᠢ᠋ ᠦᠵᠡᠭᠡᠳ ᠬᠠᠯᠢᠫᠢ ᠰᠠᠶᠢ ᠠᠶᠤᠵᠤ ᠡᠯᠴᠢ ᠶᠠᠪᠤᠭᠤᠯᠵᠤ ᠡᠶᠡᠳᠡᠬᠦ ᠶ᠋ᠢ ᠭᠣᠶᠣᠪᠠᠰᠤ ᠬᠤᠯᠤᠭᠤ ᠬᠠᠨ ᠬᠦᠯᠢᠶᠡᠭᠰᠡᠨ ᠦᠭᠡᠢ ᠬᠥᠭᠡᠭᠡᠨ ᠪᠤᠴᠠᠭᠠᠪᠠ᠃ ᠮᠣᠩᠭᠣᠯᠴᠤᠳ ᠪᠦᠳᠦᠭᠦᠨ ᠰᠢᠳᠡᠭᠦᠷ ᠢ᠋ᠶ᠋ᠡᠷ ᠬᠣᠲᠠ ᠤᠷᠤᠭᠤ ᠮᠣᠳᠣ ᠴᠢᠯᠠᠭᠤ ᠰᠢᠲᠠᠵᠤ ᠣᠷᠣᠭᠤᠯᠬᠤ ᠳ᠋ᠠᠭᠠᠨ : 《 ᠵᠡᠪᠰᠡᠭ ᠡᠰᠡ ᠪᠠᠷᠢᠭᠴᠢᠳ ᠤ᠋ᠨ ᠠᠮᠢ ᠶ᠋ᠢ ᠭᠡᠯᠳᠦᠷᠢᠭᠦᠯᠦᠮᠦᠢ 》 ᠭᠡᠮᠡᠨ ᠪᠢᠴᠢᠵᠦ ᠣᠷᠣᠭᠤᠯᠬᠤ ᠶ᠋ᠢᠨ ᠬᠠᠮᠲᠤ ᠫᠧᠷᠰ ᠬᠠᠭᠠᠯᠭ᠎ᠠ ᠶ᠋ᠢᠨ ᠰᠡᠲᠡᠷᠬᠡᠢ ᠪᠡᠷ ᠪᠠᠢᠵᠤᠤ ᠱᠠᠯᠠᠮᠠᠭᠠᠢᠯᠠᠨ ᠣᠷᠣᠵᠤ ᠵᠡᠭᠦᠨ ᠡᠭᠦᠳᠡᠨ᠎ᠡ ᠬᠦᠷᠲᠡᠯ᠎ᠡ ᠡᠵᠡᠯᠡᠨ ᠠᠪᠤᠪᠠ᠃ ᠬᠡᠷᠡᠭ ᠪᠠᠴᠢᠮ ᠪᠣᠯᠤᠭᠰᠠᠨ ᠢ᠋ ᠬᠠᠯᠢᠫᠢ ᠦᠵᠡᠭᠡᠳ ᠳᠠᠬᠢᠨ ᠪᠠᠢᠯᠳᠤᠬᠤ ᠠᠨᠤ ᠲᠠᠯᠠᠭᠠᠷ ᠴᠢᠰᠤ ᠤᠷᠤᠰᠬᠠᠬᠤ ᠲᠡᠳᠦᠢᠯᠡ ᠪᠣᠯᠵᠤ ᠮᠣᠩᠭᠣᠯ ᠤ᠋ᠨ ᠬᠢᠯᠢᠩ ᠬᠣᠷᠣᠰᠤᠯ ᠢ᠋ ᠬᠡᠳᠦᠢ ᠬᠥᠳᠡᠯᠭᠡᠪᠡᠰᠦ ᠪᠠᠭᠲᠠᠳ ᠬᠣᠲᠠ ᠲᠡᠳᠦᠢ ᠶᠡᠬᠡ ᠰᠦᠢᠳᠬᠡᠭᠳᠡᠮᠦᠢ ᠭᠡᠮᠡᠨ ᠮᠡᠳᠡᠵᠦ ᠪᠠᠭᠤᠵᠤ ᠥᠭᠬᠦ ᠵᠠᠷᠯᠢᠭ ᠪᠠᠭᠤᠯᠭᠠᠪᠠ᠃ 
       ᠬᠠᠯᠢᠫᠢ ᠶ᠋ᠢᠨ ᠥᠪᠡᠷᠦᠨ ᠪᠡᠶ᠎ᠡ ᠢᠨᠦ ᠠᠷᠠᠳ ᠤ᠋ᠨ ᠳᠣᠲᠣᠷ᠎ᠠ ᠨᠢᠭᠤᠭᠳᠠᠵᠤ ᠭᠠᠷᠰᠤᠭᠠᠢ ᠬᠡᠮᠡᠭᠰᠡᠨ ᠢ᠋ ᠮᠣᠩᠭᠣᠯᠴᠤᠳ ᠪᠠᠢᠴᠠᠭᠠᠨ ᠭᠠᠷᠭᠠᠵᠤ ᠰᠢᠬᠠᠮᠳᠠᠭᠤᠯᠵᠤ ᠪᠠᠢᠭᠠᠳ ᠨᠢᠭᠤᠵᠤ ᠳᠠᠯᠳᠠᠯᠠᠭᠰᠠᠨ ᠡᠳ᠋ ᠡᠷᠳᠡᠨᠢ ᠶ᠋ᠢ ᠢᠨᠤ ᠴᠥᠮ ᠭᠠᠷᠭᠠᠨ ᠠᠪᠤᠭᠠᠳ ᠬᠠᠯᠢᠫᠢ ᠶ᠋ᠢ ᠮᠣᠷᠢᠳ ᠢ᠋ᠶ᠋ᠠᠷ ᠲᠠᠭᠠᠷᠢᠭᠤᠯᠵᠤ ᠠᠯᠠᠪᠠ᠃      
       ᠰᠣᠨᠣᠰᠬᠠᠯ ᠢ᠋ᠶ᠋ᠠᠷ ᠪᠠᠭᠲᠠᠳ ᠤ᠋ᠨ ᠬᠡᠳᠦᠨ ᠵᠠᠭᠤᠨ ᠵᠢᠯ ᠲᠤᠷᠰᠢ ᠬᠤᠷᠠᠮᠳᠤᠭᠤᠯᠤᠭᠰᠠᠨ ᠬᠣᠪᠣᠷ ᠡᠳ᠋ ᠡᠷᠳᠡᠨᠢ ᠣᠪᠣᠭᠠᠲᠠᠢ ᠪᠠᠢᠪᠠ ᠬᠡᠮᠡᠮᠦ᠃ 
       ᠬᠤᠯᠤᠭᠤ ᠬᠠᠨ ᠬᠠᠯᠢᠫᠢ ᠦᠬᠦᠭᠰᠡᠨ ᠦ᠌ ᠲᠡᠷᠡ ᠡᠳᠦᠷ ᠠᠯᠢᠪᠠᠭᠠᠳᠤᠷ ᠢ᠋ ᠪᠤᠲᠠ ᠬᠣᠲᠠ ᠶ᠋ᠢᠨ ᠨᠣᠶᠠᠨ ᠢ᠋ᠶ᠋ᠠᠷ ᠲᠣᠮᠢᠯᠠᠵᠤ ᠪᠤᠲᠠ ᠬᠣᠲᠠ ᠶ᠋ᠢᠨ ᠡᠪᠳᠡᠭᠳᠡᠭᠰᠡᠨ ᠵᠡᠭᠡᠯᠢ ᠭᠤᠳᠤᠮᠵᠢ ᠶ᠋ᠢ ᠳᠠᠬᠢᠨ ᠰᠢᠨᠡᠳᠬᠡᠨ ᠪᠠᠢᠭᠤᠯᠵᠤ ᠲᠡᠭᠦᠰᠬᠡᠭᠡᠳ ᠶᠡᠬᠡ ᠴᠡᠷᠢᠭ ᠢ᠋ᠶ᠋ᠡᠨ ᠰᠢᠷᠢᠶ᠎ᠡ ᠳ᠋ᠦ᠍ᠷ ᠳᠡᠪᠰᠢᠭᠦᠯᠦᠨ ᠳ᠋ᠠᠮᠠᠱᠺ ᠬᠢᠭᠡᠳ ᠪᠦᠬᠦ ᠰᠢᠷᠢᠶ᠎ᠡ ᠶ᠋ᠢ ᠪᠠᠭᠤᠯᠭᠠᠨ ᠠᠪᠴᠤ ᠵᠠᠰᠠᠭ ᠪᠠᠢᠭᠤᠯᠤᠨ ᠭᠠᠢᠯᠢ ᠲᠠᠲᠠᠪᠤᠷᠢ ᠲᠣᠭᠲᠠᠭᠠᠨ ᠬᠠᠤᠯᠢ ᠴᠠᠭᠠᠵᠠ ᠶ᠋ᠢ ᠬᠥᠩᠭᠡᠯᠡᠨ ᠥᠭᠡᠷᠡᠴᠢᠯᠡᠨ ᠡᠩᠬᠡᠵᠢᠭᠦᠯᠪᠡᠢ᠃ 
       ᠲᠡᠳᠦᠢ ᠳ᠋ᠦ᠍ᠷ ᠬᠤᠪᠢᠯᠠᠢ ᠬᠠᠨ ᠤᠷᠢᠶᠠᠩᠠᠭᠲᠠᠢ ᠬᠣᠶᠠᠭᠤᠯᠠ ᠵᠠᠷᠯᠢᠭ ᠢ᠋ ᠬᠦᠯᠢᠶᠡᠨ ᠶᠦᠨᠨᠠᠨ ᠤ᠋ ᠳ᠋ᠠᠯᠢ ᠤᠯᠤᠰ ᠢ᠋ ᠳᠠᠢᠯᠠᠬᠤ ᠪᠠᠷ ᠱᠠᠨᠰᠢ ᠶ᠋ᠢᠨ ᠪᠠᠷᠠᠭᠤᠨ ᠪᠡᠶ᠎ᠡ ᠭᠠᠨᠰᠦ ᠶ᠋ᠢᠨ ᠵᠡᠭᠦᠨ ᠵᠠᠬ᠎ᠠ ᠪᠠᠷ ᠤᠷᠤᠭᠰᠢᠯᠠᠨ ᠬᠥᠬᠡ ᠮᠥᠷᠡᠨ ᠦ᠌ ᠳᠡᠭᠡᠳᠦ ᠤᠷᠤᠰᠬᠠᠯ ᠠ᠋ᠴᠠ ᠪᠠᠷᠠᠭᠤᠨᠰᠢ ᠡᠷᠭᠢᠵᠦ ᠪᠡᠷᠬᠡ ᠪᠠᠷᠲᠠᠭᠠᠲᠤ ᠠᠭᠤᠯᠠ ᠶ᠋ᠢᠨ ᠨᠢᠷᠤᠭᠤ ᠶ᠋ᠢ ᠳᠠᠪᠠᠵᠤ ᠶᠡᠬᠡ ᠴᠡᠷᠢᠭ ᠯᠢᠨ ᠲᠤᠤ ᠬᠦᠷᠦᠭᠰᠡᠨ ᠦ᠌ ᠳᠠᠷᠠᠭ᠎ᠠ ᠴᠠᠴᠠᠷ ᠤ᠋ᠨ ᠣᠯᠠᠨ ᠯᠤᠭ᠎ᠠ ᠪᠠᠨ ᠵᠥᠪᠳᠡᠵᠦ ᠢᠦᠢ ᠯᠢᠦᠢ ᠱᠤ᠌ ᠂ ᠸᠠᠩ ᠶᠦᠨ ᠭᠧᠦ ᠂ ᠸᠠᠩ ᠵᠢᠶᠠᠨ ᠢ᠋ ᠳ᠋ᠠᠯᠢ ᠳ᠋ᠤᠷ ᠢᠯᠪᠢᠨ ᠳᠠᠭᠠᠭᠤᠯᠬᠤ ᠡᠯᠴᠢ ᠭᠡᠮᠡᠨ ᠶᠠᠪᠤᠭᠤᠯᠤᠭᠠᠳ ᠬᠡᠷᠡᠭ ᠪᠦᠲᠦᠭᠰᠡᠨ ᠦᠭᠡᠢ ᠲᠤᠯᠠ ᠶᠢᠰᠦᠨ ᠰᠠᠷ᠎ᠠ ᠶ᠋ᠢᠨ ᠬᠠᠷ᠎ᠠ ᠪᠠᠷᠰ ᠡᠳᠦᠷ ᠶᠡᠬᠡ ᠴᠡᠷᠢᠭ ᠮᠣᠷᠳᠠᠭᠠᠳ ᠲᠠᠯᠠᠹᠦ᠋ᠨ ᠬᠦᠷᠴᠦ ᠭᠤᠷᠪᠠᠨ ᠵᠠᠮ ᠬᠤᠪᠢᠶᠠᠨ ᠤᠷᠤᠭᠰᠢᠯᠠᠪᠠ᠃ ᠶᠡᠬᠡ ᠵᠠᠩᠵᠤᠨ ᠤᠷᠢᠶᠠᠩᠬᠠᠳᠠᠢ ᠪᠠᠷᠠᠭᠤᠨ ᠵᠠᠮ ᠤ᠋ᠨ ᠴᠡᠷᠢᠭ ᠢ᠋ ᠠᠪᠴᠤ ᠶᠠᠨ ᠳ᠋ᠠᠩ ᠤ᠋ᠨ ᠵᠠᠮ ᠢ᠋ᠶ᠋ᠠᠷ ᠣᠷᠣᠵᠤ ᠶᠡᠬᠡ ᠵᠠᠩᠵᠤᠨ ᠴᠣᠭᠵᠢᠯ ᠵᠡᠭᠦᠨ ᠵᠠᠮ ᠤ᠋ᠨ ᠴᠡᠷᠢᠭ ᠢ᠋ ᠠᠪᠴᠤ ᠴᠠᠭᠠᠨ ᠮᠠᠨ ᠠᠢᠮᠠᠭ ᠤ᠋ᠨ ᠵᠠᠮ ᠢ᠋ ᠪᠠᠷᠢᠵᠤ ᠤᠷᠤᠭᠰᠢᠯᠠᠪᠠ᠃ ᠬᠤᠪᠢᠯᠠᠢ ᠬᠠᠨ ᠤ᠋ ᠳᠤᠮᠳᠠ ᠵᠠᠮ ᠤ᠋ᠨ ᠴᠡᠷᠢᠭ ᠶᠡᠬᠡ ᠵᠠᠮ ᠢ᠋ ᠪᠠᠷᠢᠵᠤ ᠤᠷᠤᠭᠰᠢᠯᠠᠪᠠᠢ᠃ ᠮᠠᠨ ᠲᠦᠸᠧ ᠴᠧᠩ ᠳ᠋ᠦ᠍ᠷ ᠬᠦᠷᠦᠭᠡᠳ ᠠᠴᠢᠶ᠎ᠠ ᠬᠥᠰᠬᠡ ᠪᠡᠨ ᠴᠥᠭᠡᠴᠢᠯᠡᠵᠦ᠂ ᠠᠷᠪᠠᠨ ᠰᠠᠷ᠎ᠠ ᠶ᠋ᠢᠨ ᠤᠯᠠᠭᠠᠨ ᠮᠣᠷᠢ ᠡᠳᠦᠷ  ᠳᠡ ᠳᠦ ᠭᠧ ᠭᠣᠣᠯ  ᠢ᠋ ᠭᠡᠲᠦᠯᠵᠦ ᠴᠢᠨᠠᠭᠰᠢᠳᠠ ᠬᠣᠶᠠᠷ ᠮᠢᠩᠭ᠎ᠠ ᠢᠯᠡᠭᠦᠦ ᠭᠠᠵᠠᠷ ᠤ᠋ᠨ ᠠᠭᠤᠯᠠ ᠬᠠᠳᠠᠨ ᠵᠠᠮ ᠢ᠋ ᠲᠤᠭᠤᠯᠵᠤ ᠶ᠋ᠢᠨ ᠱᠠ ᠵᠢᠶᠠᠩ ᠮᠥᠷᠡᠨ ᠬᠦᠷᠴᠦ ᠰᠠᠶᠢ ᠣᠩᠭᠣᠴᠠ ᠪᠤᠶᠤ ᠰᠠᠯ ᠬᠡᠷᠡᠭᠯᠡᠵᠦ ᠭᠡᠲᠦᠯᠪᠡ᠃ ᠮᠧ ᠱᠠᠨ ᠮᠠᠨ ᠤ᠋ ᠡᠵᠡᠨ ᠮᠣᠩᠭᠣᠯ ᠴᠡᠷᠢᠭ ᠠᠢᠰᠤᠢ ᠭᠡᠮᠡᠨ ᠰᠣᠨᠣᠰᠴᠤ ᠤᠭᠲᠤᠨ ᠳᠠᠭᠠᠵᠤᠬᠤᠢ᠃ ᠲᠡᠭᠦᠨ ᠦ᠌ ᠨᠤᠲᠤᠭ ᠳ᠋ᠠᠯᠢ ᠠ᠋ᠴᠠ ᠬᠣᠢᠨ᠎ᠠ ᠳᠥᠷᠪᠡᠨ ᠵᠠᠭᠤ ᠢᠯᠡᠭᠦᠦ ᠭᠠᠵᠠᠷ ᠬᠣᠯᠠ ᠪᠣᠢ᠃ ᠠᠷᠪᠠᠨ ᠨᠢᠭᠡᠨ ᠰᠠᠷ᠎ᠠ ᠶ᠋ᠢᠨ ᠴᠠᠭᠠᠭᠴᠢᠨ ᠲᠠᠤᠯᠠᠢ ᠡᠳᠦᠷ ᠬᠤᠪᠢᠯᠠᠢ ᠬᠠᠨ ᠢᠦᠢ ᠯᠢᠦᠢ ᠱᠤ᠌ ᠨᠠᠷ ᠢ ᠳᠠᠬᠢᠨ ᠳ᠋ᠠᠯᠢ ᠤᠯᠤᠰ ᠲᠤᠷ ᠡᠯᠴᠢ ᠪᠡᠷ ᠶᠠᠪᠤᠭᠤᠯᠵᠤ ᠶᠣᠰᠣ ᠶ᠋ᠢ ᠭᠦᠢᠴᠡᠳᠬᠡᠨ ᠴᠡᠷᠢᠭ ᠬᠡᠷᠡᠭᠯᠡᠰᠦᠭᠡᠢ ᠬᠡᠮᠡᠪᠡ᠃ ᠶᠡᠬᠡ ᠴᠡᠷᠢᠭ ᠴᠠᠭᠠᠨ ᠮᠠᠨ ᠠᠢᠮᠠᠭ ᠤ᠋ᠨ ᠳᠠ ᠭᠦᠸᠧ ᠽᠠᠢ ᠳ᠋ᠤᠷ ᠬᠦᠷᠦᠭᠰᠡᠨ ᠳ᠋ᠦ᠍ᠷ ᠳᠡ ᠭᠦᠸᠧ ᠽᠠᠢ ᠶ᠋ᠢᠨ ᠭᠣᠣᠯ ᠵᠠᠩᠵᠤᠨ ᠠᠨᠤ ᠤᠭᠲᠤᠨ ᠳᠠᠭᠠᠭᠰᠠᠨ ᠪᠣᠯᠪᠠᠴᠤ ᠲᠡᠭᠦᠨ ᠦ᠌ ᠦᠶᠡᠯᠢᠳ ᠬᠥᠪᠡᠭᠦᠨ ᠴᠠᠢᠵᠠ ᠪᠠᠨ ᠪᠡᠬᠢᠯᠡᠨ ᠰᠠᠬᠢᠵᠤ ᠦᠯᠦ  ᠳᠠᠭᠠᠬᠤᠢ ᠳ᠋ᠤᠷ ᠮᠣᠩᠭᠣᠯᠴᠤᠳ ᠴᠠᠢᠵᠠ ᠶ᠋ᠢ ᠡᠪᠳᠡᠨ ᠣᠷᠣᠵᠤ ᠴᠠᠪᠴᠢᠵᠤ ᠠᠯᠠᠭᠠᠳ ᠠᠷᠠᠳ ᠢ᠋ ᠬᠥᠳᠡᠯᠭᠡᠭᠰᠡᠨ ᠦᠭᠡᠢ᠃ ᠠᠷᠪᠠᠨ ᠬᠣᠶᠠᠷ ᠰᠠᠷ᠎ᠠ ᠶ᠋ᠢᠨ ᠤᠯᠠᠭᠠᠨ ᠯᠤᠤ ᠡᠳᠦᠷ ᠶᠡᠬᠡ ᠴᠡᠷᠢᠭ ᠳ᠋ᠠᠯᠢ ᠬᠣᠲᠠ ᠬᠦᠷᠴᠦ ᠢᠷᠡᠪᠡᠢ᠃ 
       ᠳ᠋ᠠᠯᠢ ᠤᠯᠤᠰ ᠤ᠋ᠨ ᠸᠠᠩ ᠳ᠋ᠤᠸᠠᠨ ᠰᠢᠩ ᡁᠢ ᠪᠠᠭᠤᠷᠠᠢ ᠲᠤᠯᠠ ᠤᠯᠤᠰ ᠤ᠋ᠨ ᠪᠦᠬᠦ ᠡᠷᠬᠡ ᠶ᠋ᠢ ᠴᠥᠮ ᠭᠣᠣ ᠰᠢᠶᠠᠩ᠂ ᠭᠣᠣ ᠵᠢᠶᠧ ᠠᠬ᠎ᠠ ᠳᠡᠭᠦᠦ ᠬᠣᠶᠠᠭᠤᠯᠠ ᠮᠡᠳᠡᠵᠦ ᠶᠠᠪᠤᠭᠤᠯᠬᠤ ᠠᠵᠤᠭᠤ᠃ ᠡᠨᠡ ᠠᠬ᠎ᠠ ᠳᠡᠭᠦᠦ ᠬᠣᠶᠠᠷ ᠮᠣᠩᠭᠣᠯ ᠴᠡᠷᠢᠭ ᠢᠷᠡᠬᠦ ᠶ᠋ᠢ ᠡᠷᠲᠡ ᠮᠡᠳᠡᠭᠡᠳ ᠴᠡᠷᠢᠭ ᠮᠣᠷᠢ ᠡᠯᠰᠡᠨ ᠪᠣᠯᠪᠠᠰᠤᠷᠠᠭᠤᠯᠵᠤ ᠪᠡᠯᠡᠳᠬᠡᠵᠦ ᠪᠠᠢᠭᠰᠠᠨ ᠲᠤᠯᠠ ᠳᠡᠮᠡᠢ ᠠᠶᠤᠨ ᠰᠠᠨᠳᠤᠷᠤᠭᠰᠠᠨ ᠦᠭᠡᠢ᠃ ᠮᠣᠩᠭᠣᠯ ᠴᠡᠷᠢᠭ ᠬᠦᠷᠴᠦ ᠢᠷᠡᠭᠰᠡᠨ ᠲᠡᠷᠡ ᠰᠥᠨᠢ ᠠᠬ᠎ᠠ ᠳᠡᠭᠦᠦ ᠬᠣᠶᠠᠭᠤᠯᠠ ᠴᠠᠴᠠᠷ ᠤ᠋ᠨ ᠣᠯᠠᠨ ᠵᠥᠪᠯᠡᠭᠴᠢᠳ ᠦ᠋ᠨ ᠬᠠᠮᠲᠤ ᠵᠥᠪᠳᠡᠪᠡᠰᠦ ᠵᠠᠷᠢᠮ ᠢᠨᠤ ᠥᠭᠦᠯᠡᠷᠦᠨ᠄ 《ᠮᠣᠩᠭᠣᠯᠴᠤᠳ ᠬᠣᠯᠠ ᠵᠠᠮ ᠶᠠᠪᠤᠵᠤ ᠢᠷᠡᠭᠰᠡᠨ ᠲᠤᠯᠠ ᠯᠠᠪ ᠴᠡᠷᠢᠭ ᠮᠣᠷᠢ ᠪᠠᠨ ᠠᠮᠠᠷᠠᠭᠤᠯᠤᠮᠤᠢ᠃ ᠪᠢᠳᠡ ᠲᠡᠭᠦᠨ ᠦ᠌ ᠰᠠᠨᠠᠮᠰᠠᠷ ᠦᠭᠡᠢ ᠪᠦᠬᠦᠢ ᠳ᠋ᠦ᠍ᠷ ᠬᠦᠷᠢᠶ᠎ᠡ ᠶ᠋ᠢ ᠢᠨᠤ ᠳᠠᠷᠤᠵᠤ ᠪᠠᠢᠯᠳᠤᠪᠠᠰᠤ ᠵᠣᠬᠢᠮᠤᠢ 》 ᠬᠡᠮᠡᠬᠦᠢ ᠳ᠋ᠦ᠍ᠷ ᠪᠦᠭᠦᠳᠡᠭᠡᠷ ᠴᠥᠮ ᠵᠦᠢ ᠲᠡᠢ ᠬᠡᠮᠡᠬᠦ ᠲᠤᠯᠠ ᠭᠣᠣ ᠶ᠋ᠢᠨ ᠠᠬ᠎ᠠ ᠳᠡᠭᠦᠦ ᠬᠣᠶᠠᠭᠤᠯᠠ ᠮᠥᠨ ᠭᠣᠷᠢ ᠬᠥᠳᠡᠯᠵᠦ ᠨᠠᠷᠠ ᠰᠢᠩᠭᠡᠮᠡᠭᠴᠡ ᠳᠠᠷᠤᠢ ᠭᠤᠷᠪᠠᠨ ᠲᠦᠮᠡᠨ ᠴᠡᠷᠢᠭ ᠰᠢᠯᠭᠠᠨ ᠠᠪᠴᠤ ᠮᠣᠷᠢᠨ ᠤ᠋ ᠬᠤᠩᠬ᠎ᠠ ᠶ᠋ᠢ ᠠᠪᠤᠭᠤᠯᠤᠨ ᠬᠥᠮᠦᠨ ᠦ᠌ ᠠᠮᠠᠨ ᠳ᠋ᠤᠷ ᠮᠣᠳᠣ ᠡᠮᠬᠦᠭᠦᠯᠵᠦ ᠬᠤᠪᠢᠯᠠᠢ ᠬᠠᠨ ᠤ᠋ ᠬᠦᠷᠢᠶ᠎ᠡ ᠶ᠋ᠢ ᠳᠠᠷᠤᠬᠤ ᠪᠠᠷ ᠢᠷᠡᠵᠦ ᠣᠢᠷᠠᠲᠤᠪᠠᠰᠤ ᠬᠠᠷᠠᠭᠤᠯ ᠮᠠᠨᠠᠭ᠎ᠠ ᠴᠢᠩᠭ᠎ᠠ ᠪᠥᠭᠡᠳ ᠬᠣᠲᠠ ᠬᠦᠷᠢᠶ᠎ᠡ ᠪᠠᠲᠤ ᠪᠡᠬᠢ ᠬᠢᠯᠪᠠᠷ ᠪᠠᠢᠯᠳᠤᠵᠤ ᠡᠰᠡ ᠪᠣᠯᠬᠤ ᠮᠡᠲᠦ ᠲᠠᠲᠠᠭᠠᠯᠵᠤᠬᠤᠢ ᠳ᠋ᠤᠷ ᠭᠣᠣ ᠰᠢᠶᠠᠩ ᠂ ᠭᠣᠣ ᠵᠢᠶᠧ ᠳ᠋ᠦ᠍ᠷ ᠰᠤᠷᠭᠠᠵᠤ ᠥᠭᠦᠯᠡᠷᠦᠨ: 《ᠪᠢᠳᠡ ᠨᠢᠭᠡᠨᠲᠡ ᠴᠡᠷᠢᠭ ᠠᠪᠴᠤ ᠭᠠᠷᠴᠤ ᠢᠷᠡᠭᠡᠳ ᠥᠴᠦᠬᠡᠨ ᠲᠡᠳᠦᠢ ᠭᠠᠪᠢᠶ᠎ᠠ ᠦᠭᠡᠢ ᠪᠡᠷ ᠪᠤᠴᠠᠪᠠᠰᠤ ᠶᠠᠮᠠᠷ ᠨᠢᠭᠤᠷ ᠢ᠋ᠶ᠋ᠠᠷ ᠡᠵᠡᠨ ᠳ᠋ᠤᠸᠠᠨ ᠰᠢᠩ ᡁᠢ ᠳ᠋ᠦ᠍ᠷ ᠤᠴᠠᠷᠠᠮᠤᠢ᠃ ᠴᠢ ᠴᠡᠷᠢᠭ ᠢ᠋ᠶ᠋ᠡᠨ ᠠᠪᠴᠤ ᠮᠠᠨ ᠤ᠋ ᠪᠤᠴᠠᠬᠤ ᠵᠠᠮ ᠳ᠋ᠠᠬᠢ ᠬᠠᠪᠴᠢᠯ ᠤ᠋ᠨ ᠬᠣᠶᠠᠷ ᠬᠠᠵᠠᠭᠤᠳᠠ ᠪᠦᠭᠭᠦᠵᠦ ᠬᠦᠯᠢᠶᠡᠭᠲᠦᠨ᠂ ᠪᠢ ᠰᠢᠭᠤᠳ ᠴᠡᠷᠢᠭ ᠦ᠋ᠨ ᠬᠦᠷᠢᠶ᠎ᠡ ᠶ᠋ᠢ ᠳᠠᠷᠤᠬᠤ ᠮᠡᠲᠦ ᠰᠦᠷ ᠲᠠᠯᠪᠢᠵᠤ ᠥᠳᠥᠭᠡᠬᠦ ᠪᠥᠭᠡᠰᠦ ᠲᠡᠳᠡ ᠯᠠᠪ ᠪᠦᠬᠦ ᠬᠦᠴᠦᠨ ᠢ᠋ᠶ᠋ᠡᠷ ᠢ᠋ᠶ᠋ᠡᠨ ᠪᠠᠢᠯᠳᠤᠮᠤᠢ᠃ ᠲᠡᠳᠦᠢ ᠳ᠋ᠦ᠍ᠷ ᠪᠢ ᠴᠡᠷᠢᠭ ᠢ᠋ᠶ᠋ᠡᠨ ᠠᠪᠴᠤ ᠪᠤᠷᠤᠭᠤᠯᠠᠪᠠᠰᠤ ᠨᠡᠬᠡᠬᠦ ᠦᠭᠡᠢ ᠶᠣᠰᠣ ᠪᠤᠶᠤ᠃ ᠪᠢ ᠠᠯᠭᠤᠷ ᠥᠳᠥᠭᠡᠨ ᠬᠠᠪᠴᠢᠯ ᠳ᠋ᠤᠷ ᠣᠷᠣᠭᠤᠯᠵᠤ ᠬᠢᠲᠦᠰᠦᠭ᠋ᠡᠢ ᠭᠡᠮᠡᠨ ᠲᠣᠭᠲᠠᠭᠠᠳ ᠭᠣᠣ ᠵᠢᠶᠧ ᠬᠣᠶᠠᠷ ᠲᠦᠮᠡᠨ ᠴᠡᠷᠢᠭ ᠠᠪᠴᠤ ᠪᠤᠴᠠᠭᠰᠠᠨ ᠤ᠋ ᠳᠠᠷᠠᠭ᠎ᠠ ᠭᠣᠣ ᠰᠢᠶᠠᠩ ᠬᠣᠴᠣᠷᠤᠭᠰᠠᠨ ᠴᠡᠷᠢᠭ ᠢ᠋ᠶ᠋ᠡᠨ ᠠᠪᠴᠤ ᠬᠤᠪᠢᠯᠠᠢ ᠬᠠᠭᠠᠨ ᠤ᠋ ᠴᠡᠷᠢᠭ ᠦ᠋ᠨ ᠬᠦᠷᠢᠶ᠎ᠡ ᠶ᠋ᠢ ᠳᠠᠷᠤᠷ᠎ᠠ ᠢᠷᠡᠭᠰᠡᠨ ᠮᠡᠲᠦ ᠰᠦᠷ ᠲᠠᠯᠪᠢᠬᠤᠷ ᠲᠤᠷ ᠬᠦᠷᠢᠶ᠎ᠡ ᠰᠠᠬᠢᠬᠤ ᠴᠡᠷᠢᠭ ᠣᠭᠲᠣ ᠶᠠᠭᠠᠷᠠᠯᠳᠤᠬᠤ ᠦᠭᠡᠢ ᠬᠠᠲᠠᠭᠤ ᠨᠤᠮᠤ ᠪᠠᠷ ᠬᠠᠷᠪᠤᠬᠤ ᠠᠨᠤ ᠬᠡᠴᠡᠭᠦᠦ ᠲᠤᠯᠠ ᠣᠢᠷᠠᠲᠤᠵᠤ ᠪᠣᠯᠬᠤ ᠦᠭᠡᠢ᠃ ᠲᠡᠢᠨ ᠬᠦ᠌ ᠦᠬᠦᠵᠦ ᠰᠢᠷᠬᠠᠲᠤᠭᠰᠠᠨ ᠬᠥᠮᠦᠨ ᠢ᠋ᠶ᠋ᠡᠨ ᠠᠪᠴᠤ ᠠᠯᠭᠤᠷ ᠪᠤᠴᠠᠪᠠᠰᠤ ᠮᠣᠩᠭᠣᠯᠴᠤᠳ ᠠᠷᠭ᠎ᠠ ᠶ᠋ᠢ ᠮᠡᠳᠡᠭᠰᠡᠨ ᠮᠡᠲᠦ ᠨᠢᠭᠡ ᠴᠦ᠍ ᠬᠥᠮᠦᠨ ᠨᠡᠬᠡᠷ᠎ᠡ ᠢᠷᠡᠭᠰᠡᠨ ᠦᠭᠡᠢ᠃ ᠲᠡᠢᠨ ᠬᠦ᠌ ᠠᠬ᠎ᠠ ᠳᠡᠭᠦᠦ ᠬᠣᠶᠠᠭᠤᠯᠠ ᠪᠠᠨ ᠨᠢᠭᠡ ᠰᠥᠨᠢ ᠴᠡᠷᠢᠭ ᠮᠣᠷᠢ ᠠᠪᠴᠤ ᠨᠡᠰᠢ ᠴᠠᠰᠢ ᠶᠠᠪᠤᠭᠠᠳ ᠬᠡᠷᠡᠭ ᠪᠦᠲᠦᠭᠰᠡᠨ ᠦᠭᠡᠢ ᠭᠡᠮᠡᠨ ᠴᠡᠷᠢᠭ ᠢ᠋ᠶ᠋ᠡᠨ ᠨᠡᠢᠯᠡᠭᠦᠯᠦᠨ ᠤᠷᠮ᠎ᠠ ᠳᠣᠷᠮ᠎ᠠ ᠦᠭᠡᠢ ᠪᠤᠴᠠᠵᠤ ᠶᠠᠪᠤᠵᠤ ᠠᠲᠠᠯ᠎ᠠ ᠠᠷᠤ ᠠ᠋ᠴᠠ ᠭᠡᠨᠡᠳᠲᠡ ᠶᠡᠬᠡ ᠴᠡᠷᠢᠭ ᠳᠠᠷᠤᠨ ᠢᠷᠡᠬᠦᠢ ᠳ᠋ᠦ᠍ᠷ ᠭᠣᠣ ᠶ᠋ᠢᠨ ᠠᠬ᠎ᠠ ᠳᠡᠭᠦᠦ ᠬᠣᠶᠠᠭᠤᠯᠠ ᠣᠭᠲᠣ ᠪᠡᠯᠡᠳᠬᠡᠯ ᠦᠭᠡᠢ ᠲᠤᠯᠠ ᠶᠡᠬᠡᠳᠡ ᠳᠠᠷᠤᠭᠳᠠᠵᠤ ᠠᠷᠠᠢ ᠭᠡᠵᠦ ᠵᠠᠮ ᠪᠤᠯᠢᠶᠠᠨ ᠳ᠋ᠠᠯᠢ ᠬᠣᠲᠠ( ᠯᠦᠩ ᠱᠧᠦ ᠴᠧᠩ) ᠳ᠋ᠡᠭᠡᠨ ᠠᠮᠢᠳᠤ ᠪᠤᠴᠠᠪᠠ᠃ ᠵᠢᠴᠢ ᠥᠷᠯᠥᠭᠡ ᠡᠵᠡᠨ ᠳ᠋ᠤᠸᠠᠨ ᠰᠢᠩ ᡁᠢ ᠳ᠋ᠦ᠍ᠷ ᠮᠣᠩᠭᠣᠯᠴᠤᠳ ᠤ᠋ᠨ ᠠᠷᠭᠠᠨ ᠳ᠋ᠤᠷ ᠣᠷᠣᠭᠰᠠᠨ ᠢ᠋ᠶ᠋ᠠᠨ ᠮᠡᠳᠡᠭᠦᠯᠬᠦᠢ ᠳ᠋ᠦ᠍ᠷ ᠳ᠋ᠤᠸᠠᠨ ᠰᠢᠩ ᡁᠢ ᠬᠣᠷᠢᠭᠯᠠᠨ ᠥᠭᠦᠯᠡᠷᠦᠨ : 《ᠶᠡᠬᠡ ᠤᠯᠤᠰ ᠬᠡᠮᠡᠭᠴᠢ ᠮᠠᠨ ᠤ᠋ ᠤᠯᠤᠰ ᠯᠤᠭ᠎ᠠ ᠠᠳᠠᠯᠢ ᠦᠭᠡᠢ᠃ ᠪᠠᠭᠠᠲᠤᠷ ᠡᠷᠳᠡᠮᠲᠡᠨ ᠣᠯᠠᠨ ᠪᠣᠢ ᠲᠤᠯᠠ ᠮᠠᠨ  ᠤ᠋ ᠠᠷᠭᠠᠨ ᠳ᠋ᠤᠷ ᠬᠢᠯᠪᠠᠷ ᠣᠷᠣᠬᠤ ᠦᠭᠡᠢ ᠶ᠋ᠢ ᠰᠠᠶᠢ ᠮᠠᠲᠠᠪᠠᠤ ? ᠮᠢᠨᠦ ᠦᠵᠡᠬᠦ ᠪᠡᠷ ᠡᠰᠡᠷᠭᠦᠴᠡᠯ ᠪᠤᠰᠤ ᠪᠠᠨ ᠮᠡᠳᠡᠵᠦ ᠪᠠᠭᠤᠵᠤ ᠥᠭᠭᠦᠭᠦᠢ ᠳ᠋ᠦ᠍ᠷ ᠪᠠᠰᠠ ᠣᠷᠣᠢᠳᠤᠭᠠᠳᠤᠢ 》ᠬᠡᠮᠡᠪᠡᠰᠦ ᠬᠣᠶᠠᠷ ᠭᠣᠣ ᠶᠡᠬᠡᠳᠡ ᠬᠢᠯᠢᠭᠯᠡᠨ ᠡᠵᠡᠨ ᠢ᠋ᠶ᠋ᠡᠨ ᠳᠠᠢᠰᠤᠨ ᠤ᠋ ᠰᠦᠷ ᠢ᠋ ᠮᠠᠨᠳᠤᠭᠤᠯᠤᠨ ᠥᠪᠡᠷᠦᠨ ᠬᠤᠷᠴᠠ ᠰᠦᠷ ᠢ᠋ ᠮᠣᠬᠣᠭᠣᠪᠠ ᠭᠡᠮᠡᠨ ᠦᠭᠡ ᠶ᠋ᠢ ᠠᠪᠬᠤ ᠦᠭᠡᠢ ᠭᠠᠷᠴᠤ ᠪᠠᠢᠯᠳᠤᠰᠤᠭᠠᠢ ᠭᠡᠮᠡᠨ ᠰᠢᠭᠤᠳ ᠭᠠᠷᠴᠤ ᠣᠳᠬᠤᠢ ᠳ᠋ᠤᠷ ᠳ᠋ᠤᠸᠠᠨ ᠰᠢᠩ ᡁᠢ ᠰᠡᠭᠦᠷᠡᠰᠦ ᠠᠯᠲᠠᠨ ᠬᠣᠴᠣᠷᠪᠠ᠃ 
       ᠥᠭᠦᠯᠡᠬᠦ ᠢᠨᠦ ᠬᠤᠪᠢᠯᠠᠢ ᠬᠠᠨ ᠤ᠋ ᠶᠡᠬᠡ ᠴᠡᠷᠢᠭ ᠦ᠋ᠨ ᠬᠦᠷᠢᠶ᠎ᠡ ᠳ᠋ᠠᠯᠢ ᠬᠣᠲᠠ ᠠ᠋ᠴᠠ ᠭᠤᠴᠢᠨ ᠭᠠᠵᠠᠷ ᠵᠠᠢ ᠲᠠᠢ ᠲᠡᠭᠰᠢ ᠭᠠᠵᠠᠷ ᠢ᠋ ᠦᠵᠡᠵᠦ ᠠᠭᠤᠯᠠ ᠶ᠋ᠢ ᠲᠦᠰᠢᠵᠦ ᠤᠰᠤ ᠶ᠋ᠢ ᠣᠢᠷᠠᠲᠤᠵᠤ ᠪᠠᠭᠤᠭᠠᠳ ᠭᠤᠷᠪᠠᠨ ᠡᠳᠦᠷ ᠴᠡᠷᠢᠭ ᠠᠮᠠᠷᠠᠵᠤ ᠵᠢᠴᠢ ᠪᠠᠢᠳᠠᠯ ᠢ᠋ ᠦᠵᠡᠵᠦ ᠴᠡᠷᠢᠭ ᠬᠡᠷᠡᠭᠯᠡᠰᠦᠭᠡᠢ ᠭᠡᠮᠡᠨ ᠵᠥᠪᠳᠡᠵᠦ ᠪᠥᠬᠦᠷ ᠲᠣᠷ ᠶᠡᠬᠡ ᠵᠠᠩᠵᠤᠨ ᠢᠭᠤ ᠥᠭᠦᠯᠡᠷᠦᠨ : 《ᠪᠢᠳᠡ ᠨᠢᠭᠡᠨᠲᠡ ᠳ᠋ᠠᠯᠢ ᠤᠯᠤᠰ ᠲᠤᠷ ᠭᠦᠨ ᠣᠷᠣᠵᠤ ᠢᠷᠡᠪᠡ᠃ ᠡᠨᠡ ᠭᠠᠵᠠᠷ ᠠᠭᠤᠯᠠ ᠥᠨᠳᠥᠷ ᠤᠰᠤ ᠲᠣᠭᠰᠢᠨ᠂ ᠵᠠᠮ ᠪᠡᠷᠬᠡ ᠲᠤᠯᠠ ᠳᠠᠢᠰᠤᠨ ᠭᠠᠵᠠᠷ ᠤᠰᠤᠨ ᠤ᠋ ᠠᠰᠢᠭ ᠢ᠋ ᠠᠰᠢᠭᠯᠠᠨ ᠭᠡᠨᠡᠳᠡᠭᠦᠯᠵᠦ ᠳᠠᠭᠠᠷᠢᠬᠤ ᠠᠶᠤᠯ ᠪᠣᠢ ᠲᠤᠯᠠ ᠪᠢᠳᠡ ᠴᠡᠷᠢᠭ ᠢ᠋ ᠭᠤᠷᠪᠠ ᠬᠤᠪᠢᠶᠠᠨ ᠡᠳᠦᠷ ᠰᠥᠨᠢ ᠶ᠋ᠢᠨ ᠢᠯᠭᠠᠯ ᠦᠭᠡᠢ ᠡᠭᠡᠯᠵᠢᠯᠡᠨ ᠴᠠᠭᠳᠠᠨ ᠰᠡᠷᠭᠡᠢᠯᠡᠵᠦ ᠪᠠᠢᠯᠳᠤᠬᠤ ᠪᠠᠷ ᠪᠡᠯᠡᠬᠡᠨ ᠪᠣᠯᠭᠠᠵᠤ ᠬᠦᠯᠢᠶᠡᠪᠡᠰᠦ ᠵᠣᠬᠢᠮᠤᠢ 》 ᠬᠡᠮᠡᠬᠦᠢ ᠳ᠋ᠦ᠍ᠷ ᠬᠤᠪᠢᠯᠠᠢ ᠬᠠᠨ ᠮᠥᠨ ᠭᠡᠮᠡᠨ ᠭᠤᠷᠪᠠᠨ ᠡᠭᠡᠯᠵᠢ ᠪᠡᠷ ᠰᠠᠬᠢᠬᠤ ᠪᠣᠯᠪᠠ᠃ ᠲᠡᠷᠡ ᠰᠥᠨᠢ ᠳ᠋ᠠᠯᠢ ᠶ᠋ᠢᠨ ᠴᠡᠷᠢᠭ ᠭᠡᠨᠡᠳᠲᠡ ᠬᠦᠷᠢᠶ᠎ᠡ ᠳᠠᠷᠤᠷ᠎ᠠ ᠢᠷᠡᠪᠡ ᠭᠡᠮᠡᠨ ᠦᠢᠮᠡᠯᠳᠦᠬᠦᠢ ᠳ᠋ᠦ᠍ᠷ ᠬᠤᠪᠢᠯᠠᠢ ᠬᠠᠨ ᠪᠡᠶ᠎ᠡ ᠪᠡᠷ ᠭᠠᠷᠴᠤ ᠢᠷᠡᠭᠡᠳ ᠦᠵᠡᠪᠡᠰᠦ ᠬᠦᠷᠢᠶ᠎ᠡ ᠳᠠᠷᠤᠷ᠎ᠠ ᠢᠷᠡᠭᠰᠡᠨ ᠴᠡᠷᠢᠭ ᠣᠯᠠᠨ ᠦᠭᠡᠢ ᠪᠥᠭᠡᠳ ᠠᠶᠤᠵᠤ ᠰᠠᠨᠳᠤᠷᠬᠤ ᠪᠠᠢᠳᠠᠯ ᠮᠡᠳᠡᠭᠳᠡᠬᠦ ᠦᠭᠡᠢ᠂ ᠠᠯᠭᠤᠷ ᠪᠤᠴᠠᠬᠤ ᠶ᠋ᠢ ᠦᠵᠡᠭᠡᠳ ᠬᠤᠪᠢᠯᠠᠢ ᠬᠠᠨ ᠥᠭᠦᠯᠡᠷᠦᠨ : 《ᠳᠠᠢᠰᠤᠨ ᠢ᠋ ᠨᠡᠬᠡᠵᠦ ᠪᠣᠯᠬᠤ ᠦᠭᠡᠢ᠃ ᠯᠠᠪ ᠠᠷᠭ᠎ᠠ ᠪᠣᠢ 》 ᠭᠡᠮᠡᠨ ᠨᠡᠬᠡᠮᠵᠢᠯᠡᠰᠦᠭᠡᠢ ᠬᠡᠮᠡᠭᠰᠡᠨ ᠵᠠᠩᠵᠤᠨ ᠴᠡᠷᠢᠭ ᠢ᠋ ᠬᠣᠷᠢᠭᠯᠠᠨ ᠠᠪᠴᠤ ᠨᠡᠯᠢᠶᠡᠳ ᠤᠳᠠᠭᠠᠳ ᠵᠠᠷᠯᠢᠭ ᠪᠣᠯᠵᠤ ᠮᠣᠷᠢᠲᠤ ᠴᠡᠷᠢᠭ ᠢ᠋ᠶ᠋ᠡᠷ ᠨᠡᠬᠡᠭᠦᠯᠪᠡᠰᠦ ᠦᠨᠡᠬᠡᠷ ᠮᠠᠰᠢ ᠶᠡᠬᠡ ᠲᠠᠢᠯᠪᠠ᠃ ᠤᠴᠢᠷ  ᠢ᠋ ᠠᠰᠠᠭᠤᠪᠠᠰᠤ ᠬᠤᠪᠢᠯᠠᠢ ᠬᠠᠨ ᠥᠭᠦᠯᠡᠷᠦᠨ : 《ᠴᠥᠭᠡᠨ ᠴᠡᠷᠢᠭ ᠢ᠋ᠶ᠋ᠡᠷ ᠬᠦᠷᠢᠶ᠎ᠡ ᠳᠠᠷᠤᠷ᠎ᠠ ᠢᠷᠡᠭᠰᠡᠨ ᠢᠨᠦ ᠨᠢᠭᠡᠨ ᠰᠡᠵᠢᠭ ᠠᠲᠠᠯ᠎ᠠ ᠪᠡᠯᠡᠳᠬᠡᠯ ᠲᠡᠢ ᠶ᠋ᠢ ᠦᠵᠡᠵᠦ ᠪᠤᠴᠠᠬᠤ ᠳ᠋ᠠᠭᠠᠨ ᠠᠶᠤᠨ ᠰᠠᠨᠳᠤᠷᠬᠤ ᠦᠭᠡᠢ ᠢᠨᠦ ᠬᠣᠶᠠᠷ ᠰᠡᠵᠢᠭ ᠪᠣᠯᠠᠢ᠃ ᠲᠡᠢᠨ ᠬᠦ᠌ ᠵᠠᠮ ᠳ᠋ᠤᠷ ᠯᠠᠪ ᠴᠡᠷᠢᠭ ᠪᠦᠭᠭᠦᠵᠦ ᠥᠳᠥᠭᠡᠷ᠎ᠡ ᠢᠷᠡᠪᠡ ᠭᠡᠮᠡᠨ ᠮᠡᠳᠡᠵᠦ ᠪᠣᠯᠤᠮᠤᠢ᠂ ᠦᠵᠡᠲᠡᠯ᠎ᠡ ᠪᠢᠳᠡ ᠨᠡᠬᠡᠮᠵᠢᠯᠡᠬᠦ ᠦᠭᠡᠢ ᠳ᠋ᠦ᠍ᠷ ᠲᠡᠳᠡ ᠯᠠᠪ ᠪᠦᠭᠭᠦᠭᠰᠡᠨ ᠴᠡᠷᠢᠭ ᠢ᠋ᠶ᠋ᠡᠨ ᠠᠪᠴᠤ ᠪᠤᠴᠠᠬᠤᠢ ᠳ᠋ᠤᠷ ᠪᠢᠳᠡᠨ ᠲᠡᠳᠡᠨ ᠦ᠌ ᠰᠠᠨᠠᠭᠠᠨ ᠳ᠋ᠤᠷ ᠦᠭᠡᠢ ᠠᠷᠤ ᠠ᠋ᠴᠠ ᠳᠠᠪᠬᠢᠨ ᠳᠠᠭᠠᠷᠢᠬᠤᠢ ᠳ᠋ᠤᠷ ᠢᠯᠠᠬᠤ ᠦᠭᠡᠢ ᠶᠣᠰᠣ ᠪᠤᠶᠤ 》 ᠬᠡᠮᠡᠭᠰᠡᠨ ᠳ᠋ᠦ᠍ᠷ ᠵᠠᠩᠵᠤᠨ ᠴᠡᠷᠢᠭ ᠴᠥᠮ ᠰᠡᠴᠡᠨ ᠭᠡᠮᠡᠨ ᠪᠢᠰᠢᠷᠡᠪᠡ᠃ 
       ᠭᠤᠷᠪᠠᠨ ᠡᠳᠦᠷ ᠦ᠋ᠨ ᠳᠠᠷᠠᠭ᠎ᠠ ᠬᠤᠪᠢᠯᠠᠢ ᠬᠠᠨ ᠪᠡᠶ᠎ᠡ ᠪᠡᠷ ᠲᠦᠮᠡᠨ ᠴᠡᠷᠢᠭ ᠠᠪᠴᠤ ᠶᠡᠬᠡ ᠵᠠᠩᠵᠤᠨ ᠢᠭᠤ᠂ ᠪᠠᠭᠠᠲᠤᠷ ᠬᠣᠶᠠᠷ ᠢ᠋ ᠳᠠᠭᠠᠭᠤᠯᠤᠨ ᠳ᠋ᠠᠯᠢ ᠬᠣᠲᠠᠨ ᠤ᠋ ᠳᠣᠣᠷ᠎ᠠ ᠢᠷᠡᠵᠦ ᠴᠡᠷᠢᠭ ᠵᠢᠭᠰᠠᠭᠠᠨ ᠤᠯᠤᠰ ᠤ᠋ᠨ ᠡᠵᠡᠨ ᠢ᠋ ᠦᠭᠡ ᠥᠴᠢ ᠭᠡᠮᠡᠨ ᠳᠠᠭᠤᠳᠠᠪᠠᠰᠤ ᠬᠣᠲᠠ ᠶ᠋ᠢᠨ ᠬᠠᠭᠠᠯᠭ᠎ᠠ ᠨᠡᠭᠡᠭᠡᠭᠳᠡᠮᠡᠭᠴᠡ ᠭᠣᠣ ᠰᠢᠶᠠᠩ ᠂ ᠭᠣᠣ ᠵᠢᠶᠧ ᠠᠬ᠎ᠠ ᠳᠡᠭᠦᠦ ᠬᠣᠶᠠᠭᠤᠯᠠ ᠠᠷᠪᠠᠨ ᠬᠡᠳᠦᠨ ᠭᠠᠪᠰᠢᠭᠠᠢ ᠵᠠᠩᠵᠤᠨ ᠠᠪᠴᠤ ᠭᠤᠷᠪᠠᠨ ᠮᠢᠩᠭᠠᠨ ᠰᠢᠯᠢᠳᠡᠭ ᠴᠡᠷᠢᠭ ᠳᠠᠭᠠᠭᠤᠯᠤᠨ ᠭᠠᠷᠴᠤ ᠢᠷᠡᠭᠡᠳ ᠡᠰᠡᠷᠭᠦᠦ ᠵᠢᠭᠰᠠᠭᠠᠨ ᠶᠡᠬᠡ ᠳᠠᠭᠤᠨ ᠢ᠋ᠶ᠋ᠠᠷ ᠬᠠᠯᠳᠠᠷ᠎ᠠ ᠢᠷᠡᠭᠰᠡᠨ ᠳᠠᠢᠰᠤᠨ ᠤ᠋ ᠵᠠᠩᠵᠤᠨ ᠨᠡᠷ᠎ᠡ ᠪᠡᠨ ᠮᠡᠳᠡᠭᠦᠯᠵᠦ ᠦᠬᠦᠬᠦ ᠪᠡᠨ ᠬᠦᠯᠢᠶᠡᠭᠲᠦᠨ ᠬᠡᠮᠡᠬᠦᠢ ᠳ᠋ᠦ᠍ᠷ ᠮᠣᠩᠭᠣᠯ ᠴᠡᠷᠢᠭ ᠦ᠋ᠨ ᠵᠢᠭᠰᠠᠭᠠᠯ ᠤ᠋ᠨ ᠡᠭᠦᠳᠡᠨ ᠲᠤᠭ ᠨᠡᠭᠡᠭᠡᠭᠳᠡᠮᠡᠭᠴᠡ ᠴᠠᠭᠠᠨ ᠮᠣᠷᠢ ᠲᠠᠢ ᠵᠠᠩᠵᠤᠨ ᠭᠠᠷᠴᠤ ᠢᠷᠡᠭᠡᠳ ᠦᠭᠡ ᠬᠠᠷᠢᠭᠤᠯ ᠭᠡᠮᠡᠨ ᠳᠠᠯᠠᠯᠤᠮᠤᠢ᠃ ᠭᠣᠣ ᠰᠢᠶᠠᠭ᠌ ᠦᠵᠡᠪᠡᠰᠦ ᠠᠯᠲᠠᠨ ᠳᠤᠭᠤᠯᠠᠭ᠎ᠠ᠂ ᠠᠯᠲᠠᠨ ᠬᠤᠶᠠᠭ ᠢ᠋ᠶ᠋ᠠᠷ ᠪᠡᠶ᠎ᠡ ᠪᠡᠨ ᠬᠠᠮᠠᠭᠠᠯᠠᠵᠤ ᠭᠠᠷ ᠲᠠᠭᠠᠨ ᠵᠡᠪᠰᠡᠭ ᠦᠭᠡᠢ ᠵᠡᠭᠦᠨ ᠭᠠᠷ ᠲᠤᠷ ᠶᠡᠬᠡ ᠵᠠᠩᠵᠤᠨ ᠢᠭᠤ ᠪᠠᠷᠠᠭᠤᠨ ᠭᠠᠷ ᠲᠤᠷ ᠶᠡᠬᠡ ᠵᠠᠩᠵᠤᠨ ᠪᠠᠭᠠᠲᠤᠷ ᠬᠠᠮᠠᠭᠠᠯᠠᠨ ᠵᠣᠭᠰᠣᠵᠤ ᠴᠢᠷᠠᠢ ᠲᠡᠷᠭᠡᠯ ᠰᠠᠷᠠ ᠮᠡᠲᠦ᠂ ᠨᠠᠰᠤ ᠵᠠᠯᠠᠭᠤ ᠪᠡᠶ᠎ᠡ ᠠᠷᠤᠤᠬᠠᠨ᠂ ᠲᠠᠰᠢᠭᠤᠷ ᠢ᠋ᠶ᠋ᠠᠷ ᠭᠣᠣ ᠰᠢᠶᠠᠩ ᠢ᠋ ᠵᠢᠭᠠᠵᠤ ᠤᠯᠤᠰ ᠤ᠋ᠨ ᠡᠵᠡᠨ ᠳ᠋ᠤᠸᠠᠨ ᠰᠢᠩ ᡁᠢ ᠳ᠋ᠦ᠍ᠷ ᠠᠭᠤᠯᠵᠠᠰᠤᠭᠠᠢ᠂ ᠮᠢᠨᠦ ᠶᠠᠷᠢᠬᠤ ᠦᠭᠡ ᠪᠣᠢ ᠬᠡᠮᠡᠪᠡᠰᠦ ᠭᠣᠣ ᠰᠢᠶᠠᠩ ᠤ᠋ᠨ ᠬᠠᠷ᠎ᠠ ᠬᠥᠬᠡ ᠴᠢᠷᠠᠢ ᠬᠤᠪᠢᠷᠠᠵᠤ 《ᠮᠠᠨ ᠤ᠋ ᠡᠵᠡᠨ ᠳ᠋ᠦ᠍ᠷ ᠠᠭᠤᠯᠵᠠᠵᠤ ᠪᠣᠯᠬᠤ ᠡᠰᠡᠬᠦ ᠶ᠋ᠢ ᠮᠢᠨᠦ ᠢᠯᠳᠦ ᠡᠴᠡ ᠠᠰᠠᠭᠤ ! 》 ᠬᠡᠮᠡᠭᠦᠢ ᠳ᠋ᠤᠷ ᠬᠤᠪᠢᠯᠠᠢ ᠬᠠᠨ ᠥᠭᠦᠯᠡᠷᠦᠨ : 《ᠪᠢ ᠬᠣᠶᠠᠷ ᠳᠠᠬᠢᠨ ᠡᠯᠴᠢ ᠶᠠᠪᠤᠭᠤᠯᠵᠤ ᠪᠠᠭᠤᠵᠤ ᠥᠭᠬᠦ ᠶ᠋ᠢ ᠱᠠᠭᠠᠷᠳᠠᠭᠰᠠᠨ ᠪᠥᠭᠡᠲᠡᠯ᠎ᠡ ᠶᠠᠭᠤᠨ ᠳ᠋ᠤᠷ ᠰᠠᠢᠨ ᠦᠭᠡ ᠶ᠋ᠢ ᠠᠪᠬᠤ ᠦᠭᠡᠢ ᠪᠣᠢ ? ᠡᠳᠦᠭᠡ ᠲᠡᠭᠷᠢ ᠶ᠋ᠢᠨ ᠴᠡᠷᠢᠭ ᠨᠢᠭᠡᠨᠲᠡ ᠬᠦᠷᠴᠦ ᠢᠷᠡᠭᠰᠡᠨ ᠳ᠋ᠦ᠍ᠷ ᠪᠠᠰᠠ ᠡᠰᠡᠷᠭᠦᠴᠡᠨ ᠦᠬᠦᠯ ᠢ᠋ᠶ᠋ᠡᠨ ᠡᠷᠢᠮᠦᠢ ᠤᠤ ? ᠬᠡᠷᠪᠡ ᠡᠯᠴᠢ ᠶ᠋ᠢ ᠲᠠᠯᠪᠢᠵᠤ ᠶᠠᠯ᠎ᠠ ᠪᠠᠨ ᠮᠡᠳᠡᠵᠦ ᠪᠠᠭᠤᠵᠤ ᠥᠭᠪᠡᠰᠦ ᠦᠬᠦᠬᠦ ᠶᠠᠯ᠎ᠠ ᠶ᠋ᠢ ᠬᠡᠯᠲᠦᠷᠢᠰᠦᠭᠡᠢ 》ᠬᠡᠮᠡᠪᠡᠰᠦ ᠭᠣᠣ ᠰᠢᠶᠠᠩ ᠬᠦᠢᠲᠡᠨ ᠢ᠋ᠶ᠋ᠡᠷ ᠢᠨᠢᠶᠡᠵᠦ : 《 ᠪᠢᠳᠡ ᠤᠯᠤᠰ ᠣᠷᠣᠨ ᠳ᠋ᠠᠭᠠᠨ ᠠᠮᠤᠷ ᠠᠮᠢᠳᠤᠷᠠᠵᠤ ᠠᠭᠠᠳ ᠶᠠᠮᠠᠷ ᠶᠠᠯ᠎ᠠ ᠪᠣᠯᠪᠠ ? ᠲᠠ ᠪᠤᠰᠤᠳ ᠤ᠋ᠨ ᠤᠯᠤᠰ ᠭᠡᠷ ᠢ᠋ ᠬᠠᠯᠳᠠᠬᠤ ᠪᠠᠷ ᠢᠷᠡᠵᠦ ᠠᠷᠠᠳ ᠢᠷᠭᠡᠳ ᠢ᠋ ᠠᠯᠠᠵᠤ ᠬᠢᠳᠤᠨ ᠶᠠᠪᠤᠬᠤ ᠠᠨᠤ ᠰᠠᠶᠢ ᠶᠠᠯ᠎ᠠ ᠪᠣᠯᠠᠢ᠃ ᠪᠠᠰᠠ ᠶᠠᠭᠠᠬᠢᠭᠰᠠᠨ ᠲᠩᠷᠢ ᠶ᠋ᠢᠨ ᠴᠡᠷᠢᠭ ᠭᠡᠮᠡᠨ ᠥᠴᠦᠬᠡᠨ ᠬᠦᠴᠦᠨ ᠳ᠋ᠡᠭᠡᠨ ᠪᠠᠷᠳᠠᠮᠨᠠᠵᠤ ᠣᠭᠲᠣ  ᠢᠴᠡᠩᠭᠦᠷᠢ ᠦᠭᠡᠢ ᠥᠭᠦᠯᠡᠮᠦᠢ᠃ ᠰᠤᠯᠠ ᠦᠭᠡ ᠬᠡᠷᠡᠭ ᠦᠭᠡᠢ᠂ ᠢᠯᠳᠦ ᠦᠵᠡ ! 》 ᠭᠡᠮᠡᠨ ᠮᠣᠷᠢ ᠲᠠᠯᠪᠢᠨ ᠴᠠᠪᠴᠢᠨ ᠬᠦᠷᠴᠦ ᠢᠷᠡᠬᠦᠢ ᠳ᠋ᠦ᠍ᠷ ᠶᠡᠬᠡ ᠵᠠᠩᠵᠤᠨ ᠪᠠᠭᠠᠲᠤᠷ ᠵᠢᠳᠠ ᠮᠤᠰᠬᠢᠨ ᠲᠣᠰᠣᠨ ᠠᠪᠴᠤ ᠬᠣᠶᠠᠷ ᠮᠣᠷᠢ ᠬᠠᠷᠢᠯᠴᠠᠨ ᠵᠥᠷᠢᠯᠳᠦᠭᠡᠳ ᠭᠤᠴᠢᠨ ᠤᠳᠠᠭ᠎ᠠ ᠪᠣᠯᠵᠤ ᠭᠣᠣ ᠰᠢᠶᠠᠩ ᠤ᠋ᠨ ᠬᠦᠴᠦᠨ ᠮᠡᠬᠦᠰᠳᠡᠬᠦᠢ ᠳ᠋ᠦ᠍ᠷ ᠭᠣᠣ ᠵᠢᠶᠧ ᠬᠣᠣᠰ ᠢᠯᠳᠦ ᠡᠷᠭᠢᠭᠦᠯᠦᠨ ᠴᠠᠰᠤᠨ ᠯᠠᠪᠰᠠᠭ ᠪᠠᠭᠤᠬᠤ ᠮᠡᠲᠦ ᠴᠠᠪᠴᠢᠨ ᠢᠷᠡᠬᠦᠢ ᠳ᠋ᠦ᠍ᠷ ᠢᠭᠤ ᠶ᠋ᠢᠨ ᠠᠷᠤ ᠠ᠋ᠴᠠ ᠨᠢᠭᠡᠨ ᠪᠠᠭ᠎ᠠ ᠵᠠᠩᠵᠤᠨ ᠬᠣᠣᠰ ᠰᠡᠯᠡᠮ᠎ᠡ ᠪᠥᠵᠢᠭᠯᠡᠨ ᠭᠠᠷᠴᠤ ᠭᠣᠣ ᠵᠢᠶᠧ ᠶ᠋ᠢ ᠲᠣᠰᠣᠨ ᠠᠪᠴᠤ ᠪᠠᠢᠯᠳᠤᠮᠤᠢ᠃ ᠭᠣᠣ ᠰᠢᠶᠠᠩ ᠪᠠᠭᠠᠲᠤᠷ ᠲᠤᠷ ᠬᠦᠴᠦ ᠳᠠᠷᠤᠭᠳᠠᠵᠤ ᠪᠠᠢᠯᠳᠤᠬᠤ ᠰᠠᠨᠠᠭ᠎ᠠ ᠦᠭᠡᠢ ᠬᠣᠭᠣᠰᠣᠨ ᠢ᠋ ᠴᠠᠪᠴᠢᠵᠤ ᠪᠡᠶ᠎ᠡ ᠮᠤᠯᠲᠤᠷᠠᠭᠠᠳ ᠵᠢᠭᠰᠠᠭᠠᠯ  ᠳ᠋ᠠᠭᠠᠨ ᠣᠷᠣᠪᠠ᠃ ᠭᠣᠣ ᠵᠢᠶᠧ ᠠᠬ᠎ᠠ ᠶ᠋ᠢᠨ ᠢ᠋ᠶ᠋ᠡᠨ ᠪᠤᠷᠤᠭᠤᠯᠠᠭᠰᠠᠨ ᠢ᠋ ᠦᠵᠡᠭᠡᠳ ᠲᠡᠷᠡ ᠪᠠᠭ᠎ᠠ ᠵᠠᠩᠵᠤᠨ ᠢ᠋ ᠮᠥᠨ ᠬᠢᠯᠪᠠᠷ ᠲᠠᠢᠯᠵᠤ ᠪᠣᠯᠬᠤ ᠦᠭᠡᠢ ᠲᠤᠯᠠ ᠵᠢᠭᠰᠠᠭᠠᠯ ᠳ᠋ᠠᠭᠠᠨ ᠪᠤᠷᠤᠭᠤᠯᠠᠨ ᠣᠷᠣᠪᠠ᠃ ᠲᠡᠢᠨ ᠬᠦ᠌ ᠬᠤᠪᠢᠯᠠᠢ ᠬᠠᠨ ᠲᠠᠰᠢᠭᠤᠷ ᠡᠷᠭᠦᠵᠦ ᠳᠠᠯᠠᠯᠤᠭᠰᠠᠨ ᠳ᠋ᠤᠷ ᠶᠡᠬᠡ ᠴᠡᠷᠢᠭ ᠭᠣᠣ ᠰᠢᠶᠠᠩ ᠤ᠋ᠨ ᠵᠢᠭᠰᠠᠭᠠᠯ ᠢ᠋ ᠳᠠᠷᠤᠨ ᠣᠷᠣᠵᠤ ᠲᠤᠯᠭᠠᠮ ᠴᠠᠪᠴᠢᠯᠳᠤᠭᠰᠠᠨ ᠳ᠋ᠤᠷ ᠳ᠋ᠠᠯᠢ ᠶ᠋ᠢᠨ ᠴᠡᠷᠢᠭ ᠴᠥᠭᠡᠨ ᠪᠥᠭᠡᠳ ᠲᠡᠷᠢᠭᠦᠯᠡᠭᠰᠡᠨ ᠵᠠᠩᠵᠤᠨ ᠳᠡᠢᠯᠦᠭᠳᠡᠭᠰᠡᠨ ᠲᠤᠯᠠ ᠵᠣᠷᠢᠭ ᠬᠤᠭᠤᠷᠠᠵᠤ ᠪᠠᠢᠯᠳᠤᠬᠤ ᠰᠠᠨᠠᠭ᠎ᠠ ᠦᠭᠡᠢ ᠬᠣᠲᠠ ᠤᠷᠤᠭᠤ ᠪᠠᠨ ᠪᠤᠷᠤᠭᠤᠯᠠᠪᠠ᠃ ᠬᠤᠪᠢᠯᠠᠢ ᠬᠠᠨ ᠬᠢᠳᠤᠭᠤᠯᠤᠭᠰᠠᠨ ᠦᠭᠡᠢ ᠬᠠᠷᠠᠩᠭ᠎ᠠ ᠴᠣᠬᠢᠵᠤ ᠴᠡᠷᠢᠭ ᠬᠤᠷᠢᠶᠠᠪᠠᠢ᠃ ᠲᠡᠢᠨ ᠬᠦ᠌ ᠬᠣᠶᠠᠷ ᠭᠣᠣ ᠶ᠋ᠢᠨ ᠴᠡᠷᠢᠭ ᠳᠡᠮᠡᠢ ᠬᠣᠬᠢᠷᠠᠭᠰᠠᠨ ᠦᠭᠡᠢ ᠬᠣᠲᠠᠨ ᠳ᠋ᠠᠭᠠᠨ ᠣᠷᠣᠪᠠ᠃ ᠪᠠᠭᠠᠲᠤᠷ ᠬᠤᠪᠢᠯᠠᠢ ᠬᠠᠨ ᠤ᠋ ᠡᠷᠲᠡ ᠴᠡᠷᠢᠭ ᠬᠤᠷᠢᠶᠠᠭᠰᠠᠨ ᠢ᠋ ᠤᠬᠠᠬᠤ ᠦᠭᠡᠢ ᠳ᠋ᠦ᠍ᠷ ᠬᠤᠪᠢᠯᠠᠢ ᠬᠠᠨ ᠥᠭᠦᠯᠡᠷᠦᠨ : 《 ᠴᠡᠷᠢᠭ ᠠᠷᠠᠳ ᠬᠡᠮᠡᠭᠴᠢ ᠠᠯᠪᠠᠳᠠᠯᠭ᠎ᠠ ᠪᠠᠷ ᠢᠷᠡᠵᠦ ᠬᠣᠲᠠ ᠰᠠᠬᠢᠬᠤ ᠪᠣᠯᠠᠢ᠃ ᠨᠢᠭᠡᠨᠲᠡ ᠳᠡᠢᠯᠦᠭᠳᠡᠨ ᠳᠤᠲᠠᠭᠠᠭᠰᠠᠨ ᠳ᠋ᠤᠷ ᠣᠯᠠᠨ ᠢ᠋ ᠬᠢᠳᠤᠵᠤ ᠶᠠᠭᠤᠨ ᠬᠢᠮᠦᠢ 》ᠭᠡᠮᠡᠨ ᠬᠦᠷᠢᠶᠡᠨ ᠳ᠋ᠡᠭᠡᠨ ᠣᠷᠣᠪᠠ᠃ 
       ᠲᠡᠷᠡ ᠰᠥᠨᠢ ᠭᠣᠣ ᠰᠢᠶᠠᠩ ᠠᠬ᠎ᠠ ᠳᠡᠭᠦᠦ ᠬᠣᠶᠠᠭᠤᠯᠠ ᠴᠠᠴᠠᠷ ᠲᠠᠭᠡᠨ ᠪᠤᠴᠠᠵᠤ ᠵᠥᠪᠳᠡᠵᠦ ᠥᠭᠦᠯᠡᠷᠦᠨ : ᠮᠣᠩᠭᠣᠯ ᠳ᠋ᠤᠷ ᠳᠠᠭᠠᠰᠤᠭᠠᠢ ᠬᠡᠮᠡᠪᠡᠰᠦ ᠡᠯᠴᠢ ᠶ᠋ᠢ ᠠᠯᠠᠭᠰᠠᠨ ᠶᠠᠯ᠎ᠠ ᠪᠣᠢ ᠲᠤᠯᠠ ᠶᠠᠪᠤᠬᠤ ᠶ᠋ᠢ ᠬᠦᠷᠬᠦ ᠦᠭᠡᠢ ᠭᠡᠮᠡᠨ ᠲᠡᠷᠡ ᠰᠥᠨᠢ ᠭᠡᠷ ᠡᠷᠦᠬᠡ ᠪᠡᠨ ᠠᠪᠴᠤ ᠴᠡᠷᠢᠭ ᠮᠣᠷᠢ ᠪᠠᠨ ᠴᠥᠮ ᠳᠠᠭᠠᠭᠤᠯᠤᠨ ᠡᠵᠡᠨ ᠳ᠋ᠤᠸᠠᠨ ᠰᠢᠩ ᡁᠢ ᠳ᠋ᠡᠭᠡᠨ ᠣᠭᠲᠣ ᠮᠡᠳᠡᠭᠳᠡᠭᠰᠡᠨ ᠦᠭᠡᠢ ᠪᠡᠷ ᠡᠮᠦᠨᠡᠲᠦ ᠬᠠᠭᠠᠯᠬ᠎ᠠ ᠪᠠᠷ ᠢ᠋ᠶ᠋ᠠᠨ ᠭᠠᠷᠴᠤ ᠳᠤᠲᠠᠭᠠᠪᠠ᠃ ᠳ᠋ᠠᠯᠢ ᠸᠠᠩ ᠳ᠋ᠤᠸᠠᠨ ᠰᠢᠩ ᡁᠢ ᠳᠡᠳ᠋ ᠥᠷᠯᠥᠭᠡ ᠰᠠᠶᠢ ᠬᠣᠶᠠᠷ ᠭᠣᠣ ᠶ᠋ᠢᠨ ᠳᠤᠲᠠᠭᠠᠭᠰᠠᠨ ᠢ᠋ ᠮᠡᠳᠡᠵᠦ ᠲᠠᠮᠠᠭ᠎ᠠ ᠲᠡᠮᠳᠡᠭ ᠢ᠋ᠶ᠋ᠡᠨ ᠠᠪᠴᠤ ᠴᠥᠭᠡᠨ ᠰᠢᠳᠠᠷ ᠠᠷᠠᠳ ᠢ᠋ᠶ᠋ᠠᠨ ᠳᠠᠭᠠᠭᠤᠯᠤᠨ ᠬᠤᠪᠢᠯᠠᠢ ᠬᠠᠨ ᠤ᠋ ᠶᠡᠬᠡ ᠴᠡᠷᠢᠭ ᠦ᠋ᠨ ᠬᠦᠷᠢᠶᠡᠨ ᠳ᠋ᠦ᠍ᠷ ᠳᠠᠭᠠᠷ᠎ᠠ ᠢᠷᠡᠵᠦ ᠬᠣᠶᠠᠷ ᠭᠣᠣ ᠶ᠋ᠢᠨ ᠰᠥᠨᠢ ᠳᠦᠯᠢ ᠡᠵᠡᠨ ᠢ᠋ᠶ᠋ᠡᠨ ᠬᠣᠭᠣᠰᠣᠨ ᠬᠣᠲᠠᠨ ᠳ᠋ᠤᠷ ᠬᠠᠶᠠᠵᠤ ᠳᠤᠲᠠᠭᠠᠭᠰᠠᠨ ᠢ᠋ ᠮᠡᠳᠡᠭᠦᠯᠦᠭᠰᠡᠨ ᠳ᠋ᠦ᠍ᠷ ᠬᠤᠪᠢᠯᠠᠢ ᠬᠠᠨ ᠳ᠋ᠤᠸᠠᠨ ᠰᠢᠩ ᡁᠢ ᠶ᠋ᠢ ᠲᠣᠬᠣᠷᠤᠭᠤᠯᠤᠨ ᠶᠡᠬᠡ ᠵᠠᠩᠵᠤᠨ ᠢᠭᠤ ᠬᠢᠭᠡᠳ ᠪᠠᠭᠠᠲᠤᠷ ᠲᠤᠷ ᠲᠤᠰ ᠲᠤᠰ ᠲᠦᠮᠡᠨ ᠴᠡᠷᠢᠭ  ᠥᠭᠴᠦ ᠡᠷᠬᠡᠪᠰᠢ ᠬᠣᠶᠠᠷ ᠭᠣᠣ ᠶ᠋ᠢ ᠪᠠᠷᠢᠵᠤ ᠢᠷ᠎ᠡ ᠭᠡᠮᠡᠨ ᠶᠠᠪᠤᠭᠤᠯᠤᠭᠠᠳ ᠳ᠋ᠠᠯᠢ ᠸᠠᠩ ᠠ᠋ᠴᠠ ᠡᠯᠴᠢ ᠶ᠋ᠢᠨ ᠶᠠᠪᠤᠳᠠᠯ ᠢ᠋ ᠠᠰᠠᠭᠤᠪᠠᠰᠤ ᠠᠩᠬ᠎ᠠ ᠢᠷᠡᠭᠰᠡᠨ ᠡᠯᠴᠢ ᠶ᠋ᠢ ᠶᠣᠰᠣᠯᠠᠨ ᠪᠤᠴᠠᠭᠠᠭᠰᠠᠨ ᠢ᠋ ᠮᠡᠳᠡᠬᠦ ᠡᠴᠡ ᠪᠤᠰᠤ ᠬᠣᠵᠢᠮ ᠤ᠋ᠨ ᠢᠷᠡᠭᠰᠡᠨ ᠡᠯᠴᠢ ᠶ᠋ᠢ ᠮᠡᠳᠡᠬᠦ ᠦᠭᠡᠢ ᠬᠡᠮᠡᠮᠦᠢ᠃ ᠬᠤᠪᠢᠯᠠᠢ ᠬᠠᠨ ᠴᠠᠴᠠᠷ ᠤ᠋ᠨ ᠣᠯᠠᠨ ᠢ᠋ᠶ᠋ᠠᠨ ᠳᠠᠭᠠᠭᠤᠯᠤᠨ ᠳ᠋ᠠᠯᠢ ᠬᠣᠲᠠ ᠯᠦᠩ ᠱᠧᠦ ᠴᠧᠩ ᠳ᠋ᠦ᠍ᠷ ᠣᠷᠣᠵᠤ ᠢᠷᠡᠭᠡᠳ ᠥᠭᠦᠯᠡᠷᠦᠨ : 《ᠬᠣᠲᠠ ᠠᠪᠲᠠᠭᠳᠠᠭᠰᠠᠨ ᠪᠥᠭᠡᠲᠡᠯ᠎ᠡ ᠮᠠᠨ ᠤ᠋ ᠡᠯᠴᠢ ᠦᠯᠦ ᠬᠠᠷᠠᠭᠳᠠᠬᠤ ᠠᠨᠤ ᠯᠠᠪ ᠬᠣᠣᠷᠯᠠᠭᠳᠠᠭᠰᠠᠨ ᠪᠣᠯᠪᠠ 》 ᠭᠡᠮᠡᠨ ᠶᠣᠣ ᠱᠤ᠌ ᠨᠠᠷ ᠢ᠋ᠶ᠋ᠠᠷ ᠪᠢᠴᠢᠭ ᠲᠡᠮᠳᠡᠭ ᠪᠦᠬᠦᠨ ᠢ᠋ ᠠᠭᠤᠳᠠᠯᠤᠨ ᠡᠷᠭᠢᠭᠦᠯᠵᠦ ᠭᠤᠷᠪᠠᠨ ᠡᠯᠴᠢ ᠶ᠋ᠢᠨ ᠬᠡᠭᠦᠷ ᠪᠣᠢ ᠭᠠᠵᠠᠷ ᠢ᠋ ᠣᠯᠵᠤ ᠮᠡᠳᠡᠭᠡᠳ ᠳᠠᠬᠢᠨ ᠬᠦᠨᠳᠦᠳᠬᠡᠨ ᠣᠷᠣᠰᠢᠭᠤᠯᠵᠤ ᠶᠣᠣ ᠱᠤ᠌ ᠪᠠᠷ ᠲᠠᠬᠢᠬᠤ ᠪᠢᠴᠢᠭ ᠵᠣᠬᠢᠶᠠᠯᠭᠠᠨ ᠠᠶ᠎ᠠ ᠬᠡᠮᠡᠯᠳᠦᠨ ᠳᠠᠢᠪᠠ᠃ 
       ᠲᠡᠳᠦᠢ ᠳ᠋ᠦ᠍ᠷ ᠂ ᠪᠠᠷᠠᠭᠤᠨ ᠂ ᠵᠡᠭᠦᠨ ᠬᠣᠶᠠᠷ ᠵᠠᠮ ᠤ᠋ᠨ ᠴᠡᠷᠢᠭ ᠴᠦ᠍ ᠵᠠᠮ ᠳᠠᠭᠠᠤ ᠣᠯᠠᠨ ᠬᠣᠲᠠ᠂ ᠴᠠᠢᠵᠠ ᠶ᠋ᠢ ᠡᠵᠡᠯᠡᠨ ᠠᠪᠴᠤ ᠬᠦᠷᠦᠯᠴᠡᠨ ᠢᠷᠡᠪᠡ᠃ ᠲᠡᠢᠨ ᠬᠦ᠌ ᠶᠡᠬᠡ ᠴᠡᠷᠢᠭ ᠯᠦᠩ ᠱᠧᠦ ᠴᠧᠩ ᠡᠴᠡ ᠵᠣᠣ ᠯᠢᠶᠠᠨ ᠤ᠋ ᠭᠠᠵᠠᠷ ᠬᠦᠷᠴᠦ ᠬᠠᠷᠠᠭᠴᠢᠨ ᠭᠠᠬᠠᠢ ᠡᠳᠦᠷ ᠭᠣᠣ ᠰᠢᠶᠠᠩ ᠢ᠋ ᠪᠠᠷᠢᠵᠤ ᠠᠪᠤᠭᠠᠳ ᠵᠣᠣ ᠭᠧᠦ ᠬᠡᠮᠡᠬᠦ ᠭᠠᠵᠠᠷ ᠴᠠᠪᠴᠢᠭᠤᠯᠪᠠ᠃ ᠴᠡᠷᠢᠭ ᠢ᠋ᠶ᠋ᠡᠨ ᠬᠣᠷᠢᠶᠠᠨ ᠠᠪᠴᠤ ᠳᠠᠭᠠᠭᠠᠳᠤᠢ ᠬᠣᠲᠠ ᠪᠠᠯᠭᠠᠰᠤᠨ ᠢ᠋ ᠴᠢᠭᠯᠡᠬᠦᠢ ᠳ᠋ᠦ᠍ᠷ ᠴᠥᠮ ᠰᠠᠯᠬᠢᠨ ᠤ᠋ ᠠᠶ᠎ᠠ ᠪᠠᠷ ᠳᠠᠭᠠᠷ᠎ᠠ ᠢᠷᠡᠮᠦᠢ᠃ 
       ᠲᠡᠳᠦᠢ ᠳ᠋ᠦ᠍ᠷ ᠭᠡᠨᠡᠳᠲᠡ ᠬᠠᠭᠠᠨ ᠤ᠋ ᠵᠠᠷᠯᠢᠭ ᠢᠷᠡᠵᠦ ᠬᠤᠪᠢᠯᠠᠢ ᠬᠠᠨ ᠢ᠋ ᠪᠤᠴᠠᠭᠲᠤᠨ ᠭᠡᠮᠡᠨ ᠳᠠᠭᠤᠳᠠᠭᠰᠠᠨ ᠲᠤᠯᠠ ᠳ᠋ᠠᠯᠢ ᠤᠯᠤᠰ ᠢ᠋ ᠨᠢᠭᠡᠨᠲᠡ ᠲᠣᠭᠲᠠᠭᠠᠨ ᠠᠪᠤᠭᠰᠠᠨ ᠠ᠋ᠴᠠ ᠲᠠᠲᠠᠭᠳᠠᠬᠤ ᠤᠴᠢᠷ ᠦᠭᠡᠢ ᠪᠣᠯᠵᠤ ᠶᠡᠬᠡ ᠵᠠᠩᠵᠤᠨ ᠤᠷᠢᠶᠠᠩᠬᠠᠳᠠᠢ ᠪᠠᠷ ᠳ᠋ᠠᠯᠢ ᠶ᠋ᠢ ᠳᠠᠷᠤᠩᠭᠤᠢᠯᠠᠨ ᠰᠠᠬᠢᠭᠤᠯᠵᠤ ᠯᠢᠦ ᠱᠢ ᠵᠦᠩ ᠢ᠋ ᠢᠯᠪᠢᠨ ᠲᠣᠬᠣᠷᠤᠭᠤᠯᠬᠤ ᠲᠦᠰᠢᠮᠡᠯ ᠪᠣᠯᠭᠠᠨ ᠳ᠋ᠠᠯᠢ ᠶ᠋ᠢᠨ ᠡᠵᠡᠨ ᠳ᠋ᠤᠸᠠᠨ ᠰᠢᠩ ᡁᠢ ᠲᠡᠢ ᠬᠠᠮᠲᠤᠷᠠᠨ ᠡᠩᠬᠡᠵᠢᠭᠦᠯᠦᠨ ᠵᠠᠰᠠᠭᠲᠤᠨ ᠭᠡᠮᠡᠨ ᠵᠠᠬᠢᠵᠤ ᠰᠢᠳᠠᠷ ᠵᠠᠩᠵᠤᠨ ᠢᠭᠤ᠂ ᠪᠠᠭᠠᠲᠤᠷ᠂ ᠴᠣᠭᠵᠢᠯ ᠵᠡᠷᠭᠡ ᠶ᠋ᠢ ᠠᠪᠴᠤ ᠬᠠᠷ᠎ᠠ ᠪᠠᠷᠰ ᠵᠢᠯ ᠦ᠋ᠨ ᠲᠠᠪᠤᠨ ᠰᠠᠷ᠎ᠠ ᠳ᠋ᠤᠷ ᠯᠢᠦ ᠪᠡᠨ ᠱᠠᠨ ᠠᠭᠤᠯᠠ ᠶ᠋ᠢ ᠳᠠᠪᠠᠵᠤ ᠬᠠᠭᠠᠨ ᠤ᠋ ᠪᠠᠭᠤᠴᠠ ᠳ᠋ᠤᠷ ᠣᠴᠢᠵᠤ ᠪᠠᠷᠠᠭᠠᠯᠠᠪᠠ᠃ ᠬᠠᠭᠠᠨ ᠳ᠋ᠠᠯᠢ ᠤᠯᠤᠰ ᠢ᠋ ᠪᠠᠢᠯᠳᠤᠨ ᠳᠠᠭᠠᠭᠤᠯᠤᠭᠰᠠᠨ ᠢ ᠰᠣᠨᠣᠰᠴᠤ ᠰᠠᠢᠰᠢᠶᠠᠨ ᠬᠤᠷᠢᠮᠯᠠᠵᠤ ᠥᠭᠡᠷ᠎ᠡ ᠵᠠᠷᠯᠢᠭ ᠦᠭᠡᠢ ᠳ᠋ᠦ᠍ᠷ ᠮᠠᠰᠢ ᠭᠠᠢᠬᠠᠪᠠ᠃ ᠬᠣᠵᠢᠮ ᠰᠣᠨᠣᠰᠬᠤᠢ ᠳ᠋ᠤᠷ ᠣᠯᠠᠨ ᠬᠥᠮᠦᠨ ᠬᠤᠪᠢᠯᠠᠢ ᠶ᠋ᠢ ᠺᠦᠩᠽᠢ ᠶ᠋ᠢᠨ ᠰᠤᠷᠭᠠᠯ ᠳ᠋ᠤᠷ ᠠᠪᠲᠠᠵᠤ ᠡᠷᠲᠡ ᠣᠷᠣᠢ ᠦᠭᠡᠢ ᠪᠤᠷᠤᠭᠤ ᠨᠣᠮᠲᠠᠨ ᠤ᠋ ᠵᠠᠮ ᠢ᠋ᠶ᠋ᠠᠷ ᠶᠠᠪᠤᠮᠤᠢ ᠭᠡᠮᠡᠨ ᠠᠢᠯᠠᠳᠬᠠᠭᠰᠠᠨ ᠳ᠋ᠤᠷ ᠮᠥᠩᠬᠡ ᠬᠠᠭᠠᠨ ᠴᠤ᠌ ᠬᠤᠪᠢᠯᠠᠢ ᠶ᠋ᠢᠨ ᠠᠮᠠ ᠨᠡᠭᠡᠭᠡᠮᠡᠭᠴᠡ ᠪᠣᠭᠳᠠ ᠥᠭᠦᠯᠡᠷᠦᠨ ᠬᠡᠮᠡᠵᠦ ᠠᠮᠠ ᠬᠠᠮᠬᠢᠪᠠᠰᠤ ᠳᠠᠷᠤᠢ ᡁᠢ ᠬᠤ᠌ ᠵᠧ ᠶᠧ ᠬᠡᠮᠡᠵᠦ ᠢᠯᠵᠠᠷᠠᠮᠠᠯ ᠺᠦᠩᠽᠢ ᠶ᠋ᠢᠨ ᠰᠤᠷᠲᠠᠯᠲᠠᠨ ᠯᠤᠭ᠎ᠠ ᠬᠠᠨᠢᠯᠠᠵᠤ ᠬᠡᠲᠦᠷᠬᠡᠢ ᠰᠤᠷᠲᠠᠬᠤᠴᠢ ᠣᠪᠣᠷ ᠲᠠᠯᠪᠢᠬᠤᠢ ᠳ᠋ᠤᠷ ᠲᠤᠩ ᠳᠤᠷ᠎ᠠ ᠦᠭᠡᠢ ᠪᠣᠯᠠᠢ᠃ ᠲᠡᠢᠨ ᠬᠦ᠌ ᠣᠯᠠᠨ ᠤ᠋ ᠦᠭᠡ ᠶ᠋ᠢ ᠠᠪᠴᠤ ᠬᠤᠪᠢᠯᠠᠢ ᠬᠠᠨ ᠢ᠋ ᠡᠷᠬᠡ ᠲᠤᠰᠢᠶᠠᠯ ᠠ᠋ᠴᠠ ᠤᠭᠴᠠᠷᠠᠭᠤᠯᠵᠤ ᠲᠠᠯᠪᠢᠰᠤᠭᠠᠢ ᠭᠡᠮᠡᠨ ᠪᠣᠳᠣᠪᠠ᠃ ᠡᠳᠦᠭᠡ ᠶᠦᠨᠨᠠᠨ ᠳ᠋ᠠᠯᠢ ᠶ᠋ᠢ ᠪᠠᠢᠯᠳᠤᠵᠤ ᠭᠠᠪᠢᠶ᠎ᠠ ᠪᠠᠢᠭᠤᠯᠵᠤ ᠢᠷᠡᠭᠰᠡᠨ ᠳ᠋ᠦ᠍ᠷ ᠤᠭᠴᠠᠷᠠᠭᠤᠯᠪᠠᠰᠤ ᠬᠥᠮᠦᠰ ᠲᠣᠷ ᠱᠠᠩᠨᠠᠯ ᠰᠢᠳᠬᠡᠯ ᠲᠣᠳᠣᠷᠬᠠᠢ ᠦᠭᠡᠢ ᠬᠡᠮᠡᠭᠳᠡᠬᠦ ᠡᠴᠡ ᠪᠣᠯᠭᠣᠮᠵᠢᠯᠠᠨ ᠲᠦᠷ ᠣᠷᠬᠢᠵᠤ ᠲᠠᠯᠪᠢᠪᠠ᠃ 
       ᠥᠭᠦᠯᠡᠬᠦ ᠢᠨᠦ ᠰᠥᠩ ᠤᠯᠤᠰ ᠲᠤᠷ ᠶᠠᠯ᠎ᠠ ᠠᠰᠠᠭᠤᠷ᠎ᠠ ᠶᠠᠪᠤᠭᠤᠯᠤᠭᠰᠠᠨ ᠡᠯᠴᠢ ᠵᠣᠳᠣ ᠨᠠᠷ ᠣᠭᠲᠣ ᠴᠢᠮᠡᠭᠡ ᠦᠭᠡᠢ ᠲᠤᠯᠠ ᠰᠠᠢᠨ ᠴᠥᠭᠡᠨ ᠮᠠᠭᠤ ᠦᠯᠡᠮᠵᠢ ᠶ᠋ᠢ ᠮᠡᠳᠡᠵᠦ ᠲᠤᠷᠰᠢᠭᠤᠯᠪᠠᠰᠤ ᠮᠣᠩᠭᠣᠯ ᠤ᠋ᠨ ᠡᠯᠴᠢ ᠡᠮᠦᠨᠡᠲᠦ ᠰᠥᠩ ᠦ᠋ᠨ ᠮᠢᠶᠠᠨ ᠭᠧ ᠭᠣᠣᠯ ᠤ᠋ᠨ ᠣᠯᠣᠮ ᠢ᠋ᠶ᠋ᠠᠷ ᠭᠡᠲᠦᠯᠵᠦ ᠬᠠᠨ ᠶᠠᠩ ᠬᠦᠷᠦᠮᠡᠭᠴᠡ ᠰᠥᠩ ᠦ᠋ᠨ ᠬᠠᠨ ᠶᠠᠩ ᠢ᠋ ᠰᠠᠬᠢᠭᠰᠠᠨ ᡁᠢ ᡁᠢ ᠱᠢ ᠲᠦᠰᠢᠮᠡᠯ ᠵᠧᠩ ᠬᠦᠢ ᠦᠭᠡ ᠳᠠᠭᠤᠨ ᠦᠭᠡᠢ ᠪᠠᠷᠢᠵᠤ ᠴᠠᠪᠴᠢᠪᠠ᠃ ᠡᠭᠦᠨ ᠡᠴᠡ ᠡᠮᠦᠨ᠎ᠡ ᠥᠭᠡᠳᠡᠢ ᠬᠠᠭᠠᠨ ᠤ᠋ ᠦᠶ᠎ᠡ ᠳ᠋ᠦ᠍ᠷ ᠠᠯᠲᠠᠨ ᠤᠯᠤᠰ ᠢ᠋ ᠪᠠᠢᠯᠳᠤᠬᠤᠢ ᠳ᠋ᠤᠷ ᠵᠠᠮ ᠵᠡᠭᠡᠯᠡᠰᠦᠭᠡᠢ ᠬᠡᠮᠡᠭᠰᠡᠨ ᠡᠯᠴᠢ ᠰᠤᠪᠠᠬᠠᠨ ᠨᠠᠷ ᠢ᠋ ᠰᠥᠩ ᠤᠯᠤᠰ ᠤ᠋ᠨ ᠮᠢᠶᠠᠨ ᠺᠧᠦ ᠶ᠋ᠢ ᠰᠠᠬᠢᠭᠰᠠᠨ ᠵᠧᠦ ᠶ᠋ᠢᠨ ᠨᠣᠶᠠᠨ ᠵᠠᠩ ᠰᠢᠦᠸᠠᠨ ᠪᠠᠷᠢᠵᠤ ᠠᠯᠠᠭᠰᠠᠨ ᠪᠠ ᠲᠡᠷᠢᠭᠦᠨ᠎ᠡ ᠬᠠᠲᠤᠨ ᠤ᠋ ᠲᠥᠷᠥ ᠳ᠋ᠦ᠍ᠷ ᠡᠶᠡᠳᠡᠰᠦᠭᠡᠢ ᠭᠡᠮᠡᠨ ᠶᠠᠪᠤᠭᠤᠯᠤᠭᠰᠠᠨ ᠸᠠᠩ ᠵᠢᠶᠧ ᠨᠠᠷ ᠳᠠᠯᠠ ᠢᠯᠡᠭᠦᠦ ᠬᠥᠮᠦᠰ ᠢ᠋ ᠬᠣᠣᠷ ᠥᠭᠴᠦ ᠠᠯᠠᠭᠰᠠᠨ ᠪᠠ ᠳᠠᠷᠠᠭ᠎ᠠ ᠪᠠᠷ ᠶᠠᠪᠤᠭᠤᠯᠤᠭᠰᠠᠨ ᠶᠣᠯᠮᠣᠲᠤ ᠵᠡᠷᠭᠡ ᠭᠤᠷᠪᠠᠨ ᠰᠠᠢᠳ ᠬᠢᠭᠡᠳ ᠳᠠᠭᠠᠭᠰᠠᠳ ᠵᠠᠭᠤ ᠢᠯᠡᠭᠦᠦ ᠬᠥᠮᠦᠨ ᠴᠠᠩ ᠱᠠ ᠶ᠋ᠢᠨ ᠵᠠᠮ ᠰᠠᠬᠢᠬᠤ ᠴᠠᠢᠵᠠ ᠶ᠋ᠢᠨ ᠴᠡᠷᠢᠭ ᠪᠠᠷᠢᠵᠤ ᠠᠯᠠᠭᠰᠠᠨ ᠵᠡᠷᠭᠡ ᠶᠠᠪᠤᠳᠠᠯ ᠢ᠋ ᠡᠳᠦᠭᠡ ᠪᠣᠯᠲᠠᠯ᠎ᠠ ᠨᠡᠬᠡᠮᠵᠢᠯᠡᠭᠡᠳᠦᠢ ᠳ᠋ᠦ᠍ᠷ ᠪᠠᠰᠠ ᠳᠠᠬᠢᠨ ᠶᠠᠯ᠎ᠠ ᠠᠰᠠᠭᠤᠷ᠎ᠠ ᠣᠴᠢᠭᠰᠠᠨ ᠡᠯᠴᠢ ᠶ᠋ᠢ ᠠᠯᠠᠭᠰᠠᠨ ᠳ᠋ᠤᠷ ᠮᠥᠩᠬᠡ ᠬᠠᠭᠠᠨ ᠤ᠋ ᠬᠢᠯᠢᠩ ᠬᠣᠷᠣᠰᠤᠯ ᠵᠡᠷᠭᠡ ᠪᠡᠷ ᠬᠦᠷᠴᠦ ᠵᠦᠩ ᠴᠣᠬᠢᠭᠤᠯᠤᠨ ᠳᠣᠬᠢᠶ᠎ᠠ ᠥᠭᠭᠦᠭᠰᠡᠨ ᠳ᠋ᠦ᠍ᠷ ᠣᠯᠠᠨ ᠬᠠᠳ ᠨᠣᠶᠠᠳ ᠰᠠᠢᠳ ᠲᠦᠰᠢᠮᠡᠨ ᠶᠠᠭᠠᠷᠠᠯᠳᠤᠨ ᠲᠦᠮᠡᠨ ᠠᠮᠤᠭᠤᠯᠠᠩᠲᠤ ᠣᠷᠳᠣᠨ ᠳ᠋ᠤᠷ ᠴᠤᠭᠯᠠᠷᠠᠨ ᠢᠷᠡᠵᠦ ᠡᠵᠡᠨ ᠦ᠌ ᠠᠯᠲᠠᠨ ᠰᠢᠷᠡᠭᠡᠨ ᠦ᠌ ᠡᠮᠦᠨ᠎ᠡ ᠡᠷᠬᠢᠮ ᠳᠣᠣᠷᠠᠲᠤ ᠪᠢᠴᠢᠭ ᠴᠡᠷᠢᠭ ᠦ᠋ᠨ ᠬᠤᠪᠢᠶᠠᠷᠢ ᠪᠠᠷ ᠵᠢᠭᠦᠷᠯᠡᠨ ᠵᠢᠭᠰᠠᠭᠠᠵᠤ ᠵᠣᠭᠰᠣᠭᠰᠠᠨ ᠤ᠋ ᠳᠠᠷᠠᠭ᠎ᠠ ᠲᠥᠷᠥ ᠶ᠋ᠢᠨ ᠰᠠᠢᠳ ᠮᠥᠩᠬᠡ ᠬᠠᠭᠠᠨ ᠢ᠋ ᠥᠯᠵᠡᠢᠲᠦ ᠡᠭᠦᠯᠡᠨ ᠬᠠᠷᠰᠢ ᠠ᠋ᠴᠠ ᠵᠠᠯᠠᠵᠤ ᠲᠦᠮᠡᠨ ᠠᠮᠤᠭᠤᠯᠠᠩᠲᠤ ᠣᠷᠳᠣᠨ ᠳ᠋ᠤᠷ ᠮᠣᠷᠢᠯᠠᠨ ᠢᠷᠡᠵᠦ ᠠᠯᠲᠠᠨ ᠰᠢᠷᠡᠭᠡᠨ ᠳ᠋ᠦ᠍ᠷ ᠰᠠᠭᠠᠲᠠᠭᠰᠠᠨ ᠬᠣᠢᠨ᠎ᠠ ᠶᠡᠬᠡ ᠰᠠᠢᠳ ᠪᠤᠯᠠᠭ᠎ᠠ ᠬᠤᠷᠠᠯ ᠳ᠋ᠤᠷ ᠢᠷᠡᠭᠰᠡᠨ ᠬᠠᠳ ᠨᠣᠶᠠᠳ ᠰᠠᠢᠳ ᠲᠦᠰᠢᠮᠡᠳ ᠲᠣᠷ ᠰᠥᠩ ᠤᠯᠤᠰ ᠶᠠᠯ᠎ᠠ ᠠᠰᠠᠭᠤᠷ᠎ᠠ ᠣᠴᠢᠭᠰᠠᠨ ᠡᠯᠴᠢ ᠪᠠ ᠳᠠᠭᠠᠭᠰᠠᠳ ᠢ᠋ ᠬᠢᠳᠤᠭᠰᠠᠨ ᠶᠠᠪᠤᠳᠠᠯ ᠢ᠋ ᠠᠢᠯᠠᠳᠬᠠᠨ ᠵᠢᠴᠢ ᠥᠭᠡᠳᠡᠢ ᠬᠠᠭᠠᠨ ᠤ᠋ ᠲᠥᠷᠥ ᠡᠴᠡ ᠣᠳᠣ ᠪᠣᠯᠲᠠᠯ᠎ᠠ ᠮᠣᠩᠭᠣᠯ ᠤ᠋ᠨ ᠡᠯᠴᠢ ᠶ᠋ᠢᠨ ᠰᠠᠢᠳ ᠪᠠ ᠳᠠᠭᠠᠭᠰᠠᠳ ᠢ᠋ ᠨᠠᠢ᠍ᠮᠠ ᠤᠳᠠᠭ᠎ᠠ ᠬᠣᠶᠠᠷ ᠮᠢᠩᠭ᠎ᠠ ᠨᠠᠢ᠍ᠮᠠᠨ ᠵᠠᠭᠤ ᠬᠥᠮᠦᠨ ᠢ᠋ ᠠᠯᠠᠭᠰᠠᠨ ᠶᠠᠪᠤᠳᠠᠯ ᠢ᠋ ᠮᠡᠳᠡᠭᠦᠯᠦᠭᠰᠡᠨ ᠳ᠋ᠦ᠍ᠷ ᠬᠠᠭᠠᠨ ᠤ᠋ ᠴᠢᠷᠠᠢ ᠳ᠋ᠤᠷ ᠬᠢᠯᠢᠩ ᠦ᠋ᠨ ᠪᠠᠢᠳᠠᠯ ᠢᠯᠡᠷᠡᠵᠦ ᠪᠡᠶ᠎ᠡ ᠪᠡᠷ ᠶᠡᠬᠡ ᠴᠡᠷᠢᠭ ᠠᠪᠴᠤ ᠰᠥᠩ ᠤᠯᠤᠰ ᠢ᠋ ᠪᠠᠢᠯᠳᠤᠰᠤᠭᠠᠢ ᠭᠡᠮᠡᠨ ᠵᠠᠷᠯᠢᠭ ᠪᠣᠯᠬᠤᠢ ᠳ᠋ᠤᠷ ᠶᠡᠬᠡ ᠰᠠᠢᠳ ᠪᠤᠯᠠᠭ᠎ᠠ᠂ ᠮᠥᠩᠬᠡᠸᠴᠠᠷ ᠨᠠᠷ ᠠ᠋ᠴᠠ ᠳᠠᠪᠰᠢᠵᠤ ᠬᠣᠷᠢᠭᠯᠠᠨ ᠥᠭᠦᠯᠡᠷᠦᠨ : 《ᠰᠥᠩ ᠤᠯᠤᠰ ᠢ᠋ ᠡᠳᠦᠭᠡ ᠪᠣᠯᠲᠠᠯ᠎ᠠ ᠦᠯᠡᠳᠡᠭᠡᠭᠰᠡᠨ ᠢᠨᠤ ᠪᠣᠭᠳᠠ ᠡᠵᠡᠨ ᠦ᠌ ᠤᠭ ᠰᠠᠨᠠᠭ᠎ᠠ ᠪᠣᠯᠠᠢ᠃ ᠡᠷᠲᠡᠨ ᠦ᠌ ᠰᠣᠶᠣᠯ ᠲᠠᠢ ᠤᠯᠤᠰ ᠭᠡᠮᠡᠨ ᠬᠡᠪ ᠢ᠋ᠶ᠋ᠡᠨ ᠰᠠᠬᠢᠪᠠᠰᠤ ᠦᠯᠡᠳᠡᠭᠡᠵᠦ ᠲᠠᠯᠪᠢᠲᠤᠭᠠᠢ ᠬᠡᠮᠡᠭᠰᠡᠨ ᠪᠥᠯᠥᠭᠡ᠃ ᠭᠡᠲᠡᠯ᠎ᠡ ᠰᠥᠩ ᠤᠯᠤᠰ ᠬᠡᠪ ᠢ᠋ᠶ᠋ᠡᠨ ᠰᠠᠬᠢᠬᠤ ᠦᠭᠡᠢ᠃  ᠠᠭᠣᠯᠠᠬᠠᠢᠮᠰ ᠬᠠᠲᠤᠨ ᠤ᠋ ᠲᠥᠷᠥ ᠡᠴᠡ ᠡᠳᠦᠭᠡ ᠪᠣᠯᠲᠠᠯ᠎ᠠ ᠠᠯᠪᠠ ᠪᠠᠷᠢᠭᠰᠠᠨ ᠦᠭᠡᠢ᠃ ᠡᠭᠦᠷᠢᠳᠡ ᠬᠢᠯᠢ ᠬᠢᠵᠠᠭᠠᠷ ᠢ᠋ ᠬᠠᠯᠳᠠᠵᠤ ᠤᠷᠪᠠᠭᠰᠠᠳ ᠲᠤᠷ ᠬᠦᠨᠳᠦ ᠱᠠᠩ ᠬᠡᠰᠢᠭ ᠬᠦᠷᠲᠡᠭᠡᠨ ᠲᠠᠲᠠᠵᠤ ᠳᠠᠷᠠᠭ᠎ᠠ ᠪᠠᠷ ᠰᠡᠷᠡᠮᠵᠢᠯᠡᠭᠦᠯᠡᠪᠡᠴᠦ ᠮᠥᠨ ᠤᠬᠠᠭᠠᠷᠠᠬᠤ ᠦᠭᠡᠢ᠃ ᠰᠢᠶᠠᠩ ᠶᠠᠩ᠂ ᠫᠡᠨᠴᠧᠩ ᠢ᠋ ᠰᠠᠬᠢᠭᠰᠠᠨ ᠯᠢᠦ ᠢ ᠨᠠᠷ ᠢ᠋ ᠲᠠᠲᠠᠵᠤ ᠬᠣᠲᠠ ᠶ᠋ᠢ ᠠᠪᠴᠤ ᠤᠷᠪᠠᠭᠰᠠᠨ ᠵᠡᠷᠭᠡ ᠶᠠᠪᠤᠳᠠᠯ ᠳ᠋ᠤᠷ ᠡᠰᠡ ᠴᠡᠭᠡᠷᠯᠡᠭᠦᠯᠪᠡᠰᠦ ᠦᠯᠦ ᠪᠣᠯᠤᠮᠤᠢ᠃ ᠲᠡᠢᠨ ᠬᠦ᠌ ᠲᠡᠭᠷᠢ ᠶ᠋ᠢᠨ ᠴᠡᠷᠢᠭ ᠢ᠋ ᠬᠥᠳᠡᠯᠭᠡᠵᠦ ᠶᠠᠯ᠎ᠠ ᠶ᠋ᠢ ᠨᠡᠢᠲᠡᠯᠡᠨ ᠪᠠᠢᠯᠳᠤᠵᠤ ᠬᠡᠷᠪᠡ ᠪᠤᠷᠤᠭᠤ ᠪᠠᠨ ᠮᠡᠳᠡᠬᠦ ᠦᠭᠡᠢ ᠪᠥᠭᠡᠰᠦ ᠨᠢᠭᠡᠨᠲᠡ ᠮᠥᠬᠥᠭᠡᠵᠦ ᠮᠥᠷᠡᠨ ᠦ᠌ ᠡᠮᠦᠨᠡᠬᠢ ᠶ᠋ᠢ ᠡᠩᠬᠡᠵᠢᠭᠦᠯᠬᠦ ᠢᠨᠤ ᠡᠨᠡ ᠴᠠᠭ ᠪᠣᠯᠠᠢ᠃ ᠴᠣᠬᠣᠮ ᠲᠡᠭᠷᠢ ᠶ᠋ᠢᠨ ᠰᠠᠨᠠᠭ᠎ᠠ ᠬᠥᠮᠦᠰ ᠦ᠋ᠨ ᠰᠡᠳᠬᠢᠯ  ᠳ᠋ᠦ᠍ᠷ ᠨᠡᠢᠴᠡᠮᠦᠢ᠃ ᠭᠡᠪᠡᠴᠦ ᠡᠵᠡᠨ ᠬᠠᠭᠠᠨ ᠲᠦᠮᠡᠨ ᠤᠯᠤᠰ ᠤ᠋ᠨ ᠡᠷᠬᠢᠮ ᠪᠡᠶ᠎ᠡ ᠪᠡᠨ ᠬᠥᠩᠭᠡᠯᠡᠵᠦ ᠥᠴᠦᠬᠡᠨ ᠰᠥᠩ ᠤᠯᠤᠰ ᠢ᠋ ᠳᠠᠢᠯᠠᠷ᠎ᠠ ᠣᠳᠬᠤ ᠠᠨᠤ ᠵᠣᠬᠢᠬᠤ ᠦᠭᠡᠢ ᠪᠣᠯᠠᠢ᠃ ᠡᠵᠡᠨ ᠨᠠᠷᠠ ᠮᠠᠨᠳᠤᠬᠤ ᠵᠦᠭ ᠡᠴᠡ ᠨᠠᠷᠠ ᠰᠢᠩᠭᠡᠬᠦ ᠵᠦᠭ ᠬᠦᠷᠲᠡᠯᠡᠬᠢ ᠣᠯᠠᠨ ᠤᠯᠤᠰ ᠲᠣᠭ᠎ᠠ ᠲᠣᠮᠰᠢ ᠦᠭᠡᠢ ᠠᠷᠠᠳ ᠢᠷᠭᠡᠳ ᠢ᠋ ᠪᠣᠳᠣᠬᠤ ᠪᠣᠯᠪᠠᠤ ! ᠡᠳᠦᠭᠡ ᠮᠠᠨ  ᠤ᠋ ᠲᠥᠷᠥ ᠳ᠋ᠦ᠍ᠷ ᠯᠤᠤ ᠪᠠᠷᠰ ᠮᠡᠲᠦ ᠬᠦᠴᠦᠷᠬᠡᠭ ᠵᠠᠩᠵᠤᠨ ᠲᠦᠮᠡ ᠡᠴᠡ ᠬᠡᠲᠦᠷᠡᠪᠡᠢ᠃ ᠠᠷᠭ᠎ᠠ ᠪᠣᠳᠣᠯᠭ᠎ᠠ ᠶ᠋ᠢ ᠡᠪᠦᠷᠯᠡᠭᠰᠡᠨ ᠡᠷᠳᠡᠮᠲᠡᠨ ᠮᠡᠷᠭᠡᠳ ᠲᠥᠷᠥ ᠳ᠋ᠦ᠍ᠷ ᠳᠦᠭᠦᠷᠡᠩ ᠪᠣᠢ᠃ ᠬᠡᠷᠪᠡ ᠮᠡᠷᠭᠡᠨ ᠴᠢᠳᠠᠪᠤᠷᠢᠲᠠᠢ ᠳᠡᠭᠡᠳᠦ ᠵᠠᠩᠵᠤᠨ ᠨᠢᠭᠡᠨ ᠬᠥᠮᠦᠨ ᠢ᠋ ᠲᠣᠮᠢᠯᠠᠨ ᠠᠷᠪᠠᠨ ᠲᠦᠮᠡᠨ ᠦ᠌ ᠣᠯᠠᠨ ᠢ᠋ ᠵᠠᠬᠢᠷᠤᠭᠤᠯᠤᠨ ᠲᠦᠰᠢᠭ ᠪᠣᠯᠭᠠᠨ ᠬᠤᠸᠠᠢ ᠠᠨ᠂ ᠬᠠᠢ ᠰᠦᠢ᠂ ᠰᠧᠴᠤᠸᠠᠨ᠂ ᠬᠠᠨ ᠵᠦᠩ ᠦ᠋ᠨ ᠣᠯᠠᠨ ᠢ᠋ ᠳᠠᠢᠴᠢᠯᠠᠨ ᠵᠡᠷᠭᠡ ᠪᠡᠷ ᠣᠷᠣᠪᠠᠰᠤ ᠰᠥᠩ ᠤᠯᠤᠰ ᠢ᠋ ᠴᠠᠭ ᠵᠢᠭᠠᠨ ᠲᠣᠭᠲᠠᠭᠠᠵᠤ ᠪᠣᠯᠤᠮᠤᠢ᠃ ᠶᠠᠭᠤᠨ ᠳ᠋ᠤᠷ ᠡᠵᠡᠨ ᠦ᠌ ᠲᠡᠭᠷᠢ ᠶ᠋ᠢᠨ ᠴᠣᠭᠴᠠ ᠶ᠋ᠢ ᠵᠣᠪᠠᠭᠠᠮᠤᠢ᠃ ᠡᠵᠡᠨ ᠭᠡᠭᠡᠨ ᠳ᠋ᠡᠭᠡᠨ ᠰᠣᠶᠣᠷᠬᠠᠮᠤ ! 》 ᠬᠡᠮᠡᠭᠰᠡᠨ ᠳ᠋ᠦ᠍ᠷ ᠬᠠᠳ ᠨᠣᠶᠠᠳ ᠶᠡᠬᠡ ᠰᠠᠢᠳ ᠪᠤᠯᠠᠭ᠎ᠠ ᠲᠡᠷᠢᠭᠦᠲᠡᠨ ᠣᠯᠠᠨ ᠬᠥᠮᠦᠨ ᠴᠥᠮ ᠮᠥᠩᠭᠡᠧᠴᠡᠷ ᠦ᠋ᠨ ᠦᠭᠡ ᠵᠦᠢ ᠲᠡᠢ ᠭᠡᠮᠡᠨ ᠢᠳᠬᠠᠨ ᠡᠷᠡᠰ ᠬᠣᠷᠢᠭᠯᠠᠬᠤᠢ ᠳ᠋ᠤᠷ ᠮᠥᠩᠬᠡ ᠬᠠᠭᠠᠨ ᠪᠣᠭᠳᠠ ᠡᠵᠡᠨ ᠴᠢᠩᠭᠢᠰ ᠬᠠᠭᠠᠨ ᠤ᠋ ᠪᠡᠶ᠎ᠡ ᠪᠡᠷ ᠡᠰᠢ ᠲᠠᠲᠠᠵᠤ ᠣᠯᠠᠨ ᠤ᠋ ᠦᠭᠡ ᠶ᠋ᠢ ᠨᠢᠴᠤᠭᠠᠵᠤ ᠵᠠᠷᠯᠢᠭ ᠪᠣᠯᠵᠤ ᠭᠤᠷᠪᠠᠨ ᠵᠠᠮ ᠢ᠋ᠶ᠋ᠠᠷ ᠴᠡᠷᠢᠭ ᠣᠷᠣᠬᠤ ᠪᠠᠷ ᠪᠡᠯᠡᠳᠬᠡᠪᠡ᠃ 
       ᠬᠠᠭᠠᠨ ᠤ᠋ ᠪᠡᠶ᠎ᠡ ᠳᠤᠮᠳᠠᠳᠤ ᠵᠠᠮ ᠢ᠋ ᠠᠪᠴᠤ ᠰᠣᠨᠢᠲᠠᠢ᠂ ᠲᠥᠮᠡᠨᠳᠡᠷ᠂ ᠡᠰᠢᠨᠪᠦ᠋ᠬᠡ ᠂ ᠪᠠᠷᠢᠯᠴᠢ᠂ ᠶᠢᠰᠦᠨᠪᠦ᠋ᠬᠡ᠂ ᠪᠣᠷᠤᠬᠠᠷ ᠬᠠᠪᠤᠷᠲᠤ ᠂ ᠠᠷᠰᠯᠠᠨ᠂ ᠵᠤᠯᠠᠳᠠᠢᠴᠣᠬᠣᠷ ᠂ ᠵᠠᠩᠴᠠᠪᠠᠭᠠᠳᠤᠷ ᠵᠡᠷᠭᠡ ᠠᠷᠪᠠᠨ ᠶᠡᠬᠡ  ᠵᠠᠩᠵᠤᠨ ᠢ᠋ᠶ᠋ᠠᠷ ᠰᠢᠳᠠᠷ ᠬᠠᠮᠠᠭᠠᠯᠠᠭᠴᠢ ᠪᠣᠯᠭᠠᠨ ᠵᠢᠷᠭᠤᠭᠠᠨ ᠲᠦᠮᠡᠨ ᠴᠡᠷᠢᠭ ᠠᠪᠴᠤ ᠯᠦᠩ ᠵᠧᠦ ᠶ᠋ᠢᠨ ᠵᠠᠮ  ᠢ᠋ᠶ᠋ᠠᠷ ᠰᠠᠨ ᠭᠤᠸᠠᠨ ᠪᠣᠭᠣᠮᠲᠠ ᠣᠷᠣᠬᠤ ᠪᠠ ᠮᠥᠬᠡ ᠬᠠᠨ ᠶᠡᠬᠡ ᠵᠠᠩᠵᠤᠨ ᠲᠠᠬᠠᠢ ᠂ ᠮᠠᠩᠭᠤᠲᠠᠢ᠂ ᠰᠠᠨᠰᠠᠷ᠂ ᠪᠤᠷᠤᠬᠠᠳᠠ᠂ ᠰᠢᠷᠣᠪ ᠵᠡᠷᠭᠡ ᠶᠡᠬᠡ ᠵᠠᠩᠵᠤᠨ ᠤ᠋ ᠬᠠᠮᠲᠤ ᠲᠠᠪᠤᠨ ᠲᠦᠮᠡᠨ ᠴᠡᠷᠢᠭ ᠠᠪᠴᠤ ᠰᠢᠶᠠᠩ ᠵᠧᠦ ᠶ᠋ᠢᠨ ᠵᠠᠮ ᠢ᠋ᠶ᠋ᠠᠷ ᠮᠢ ᠰᠠᠩ ᠭᠤᠸᠠᠨ ᠪᠣᠭᠣᠮᠲᠠ ᠣᠷᠣᠬᠤ ᠪᠠᠷ᠂ ᠲᠦᠮᠡᠨ ᠦ᠌ ᠨᠣᠶᠠᠨ ᠪᠤᠷᠤᠴᠠᠭᠠᠨ᠂ ᠲᠣᠭᠠᠨ᠂ ᠸᠠᠴᠢᠨᠪᠠᠭᠠᠲᠤᠷ᠂  ᠲᠠᠬᠠᠶᠢᠳᠡᠮᠦᠷ᠂ ᠲᠡᠮᠦᠭᠡ᠂ ᠪᠠᠷᠰ ᠵᠡᠷᠭᠡ ᠵᠢᠷᠭᠤᠭᠠᠨ ᠵᠠᠩᠵᠤᠨ ᠤ᠋ ᠬᠠᠮᠲᠤ ᠭᠤᠷᠪᠠᠨ ᠲᠦᠮᠡᠨ ᠴᠡᠷᠢᠭ ᠠᠪᠴᠤ ᠢᠦᠢ ᠭᠤᠸᠠᠨ ᠪᠣᠭᠣᠮᠲᠠ ᠶ᠋ᠢᠨ ᠵᠠᠮ ᠮᠢᠶᠠᠨ ᠵᠧᠦ ᠣᠷᠣᠵᠤ ᠰᠦᠷ ᠦᠵᠡᠭᠦᠯᠦᠨ ᠰᠥᠩ ᠤᠯᠤᠰ ᠤ᠋ᠨ ᠴᠡᠷᠢᠭ ᠦ᠋ᠨ ᠬᠦᠴᠦᠨ ᠢ᠋ ᠬᠤᠪᠢᠶᠠᠭᠲᠤᠨ ᠬᠡᠮᠡᠪᠡ᠃ 
       ᠵᠢᠴᠢ ᠬᠠᠭᠠᠨ ᠤ᠋ ᠳᠡᠭᠦᠦ ᠬᠤᠪᠢᠯᠠᠢ ᠶ᠋ᠢ ᠳᠠᠭᠤᠳᠠᠵᠤ ᠵᠠᠩᠵᠤᠨ ᠪᠠᠭᠠᠲᠤᠷ᠂ ᠢᠭᠤ᠂ ᠴᠣᠭᠵᠢᠯ᠂  ᠳ᠋ᠦᠩ ᠸᠠᠨ ᠹᠢᠩ ᠂ ᠵᠠᠩ ᠿᠦ᠍ ᠂ ᠭᠣᠣ ᠮᠢᠩ᠂ ᠮᠧᠩ ᠴᠢ ᠵᠡᠷᠭᠡ ᠠᠷᠪᠠᠨ ᠶᠡᠬᠡ ᠵᠠᠩᠵᠤᠨ ᠢ᠋ ᠬᠠᠷᠢᠶᠠᠯᠠᠨ ᠠᠷᠪᠠᠨ ᠲᠦᠮᠡᠨ ᠴᠡᠷᠢᠭ ᠠᠪᠴᠤ ᠧ ᠵᠧᠦ ( ᠦ ᠴᠦ ) ᠶ᠋ᠢᠨ ᠭᠠᠵᠠᠷ ᠢ᠋ ᠬᠤᠮᠢᠵᠤ ᠠᠪᠤᠭᠰᠠᠨ ᠤ᠋ ᠳᠠᠷᠠᠭ᠎ᠠ ᠰᠢᠭᠤᠳ ᠬᠠᠩᠵᠧᠦ ᠶ᠋ᠢ ᠪᠠᠢᠯᠳᠤᠨ ᠠᠪ᠃ ᠲᠡᠢᠨ ᠠᠪᠠᠰᠤ ᠰᠥᠩ ᠤᠯᠤᠰ ᠲᠣᠯᠣᠭᠠᠢ ᠰᠡᠭᠦᠯ ᠢ᠋ᠶ᠋ᠡᠨ ᠬᠠᠮᠠᠭᠠᠯᠠᠵᠤ ᠴᠢᠳᠠᠬᠤ ᠦᠭᠡᠢ ᠪᠣᠯᠵᠤ ᠪᠠᠭᠤᠵᠤ ᠥᠭᠬᠦ ᠡᠴᠡ ᠥᠭᠡᠷ᠎ᠡ ᠵᠠᠮ ᠦᠭᠡᠢ ᠪᠣᠯᠤᠮᠤᠢ ᠭᠡᠮᠡᠨ ᠪᠠᠰᠠ ᠡᠯᠴᠢ ᠶᠠᠪᠤᠭᠤᠯᠵᠤ ᠶᠡᠬᠡ ᠵᠠᠩᠵᠤᠨ ᠤᠷᠢᠶᠠᠩᠬᠠᠳᠠᠢ ᠶ᠋ᠢ ᠳ᠋ᠠᠯᠢ ᠠ᠋ᠴᠠ ᠪᠤᠴᠠᠵᠤ ᠰᠥᠩ ᠤᠯᠤᠰ ᠤ᠋ᠨ ᠪᠠᠷᠠᠭᠤᠨ ᠡᠮᠦᠨᠡᠲᠦ ᠵᠢᠶᠣᠤ ᠵᠧᠦ ᠂ ᠭᠤᠸᠠᠩ ᠵᠧᠦ ᠪᠡᠷ ᠣᠷᠣᠵᠤ ᠢᠷᠡᠭᠡᠳ ᠬᠤᠪᠢᠯᠠᠢ ᠬᠠᠨ ᠤ᠋ ᠴᠡᠷᠢᠭ ᠲᠦ᠍ᠷ ᠢᠷᠡᠵᠦ ᠨᠡᠢᠯᠡᠨ ᠬᠠᠮᠲᠤᠷᠠᠵᠤ ᠪᠠᠢᠯᠳᠤ ᠭᠡᠮᠡᠨ ᠲᠤᠰ ᠲᠤᠰ ᠵᠠᠷᠯᠢᠭ ᠪᠣᠯᠵᠤ ᠠᠷᠪᠠᠨ ᠰᠠᠷ᠎ᠠ ᠶ᠋ᠢᠨ ᠡᠬᠢᠨ ᠦ᠌ ᠡᠳᠦᠷ ᠪᠣᠯᠲᠠᠯ᠎ᠠ ᠵᠠᠷ ᠵᠡᠪᠰᠡᠭ ᠂ ᠠᠮᠤ ᠬᠦᠨᠡᠰᠦ ᠂ ᠬᠥᠰᠬᠡ ᠲᠤᠷᠪᠢ ᠂ ᠮᠣᠷᠢ ᠤᠨᠠᠭ᠎ᠠ ᠪᠠᠨ ᠴᠥᠮ ᠪᠡᠯᠡᠬᠡᠨ ᠪᠣᠯᠭᠠᠵᠤ ᠶᠡᠬᠡ ᠴᠡᠷᠢᠭ ᠮᠣᠷᠳᠠᠬᠤᠢ ᠳ᠋ᠤᠷ ᠰᠠᠭᠠᠳ ᠦᠯᠦ ᠪᠣᠯᠤᠭᠲᠤᠨ ᠭᠡᠮᠡᠨ ᠴᠢᠩᠭ᠎ᠠ ᠱᠠᠭᠠᠷᠳᠠᠵᠤ ᠬᠠᠷ᠎ᠠ ᠬᠣᠷᠢᠨ ᠪᠠ ᠮᠣᠩᠭᠣᠯ ᠨᠤᠲᠤᠭ ᠢ᠋ ᠬᠠᠭᠠᠨ ᠤ᠋ ᠳᠡᠭᠦᠦ ᠠᠷᠢᠭᠪᠥ᠋ᠬᠡ ᠰᠠᠬᠢᠵᠤ ᠰᠠᠭᠤᠬᠤ ᠪᠠ ᠮᠢᠩᠭᠠᠨᠳᠠᠷ ᠢ᠋ ᠲᠡᠷᠢᠭᠦᠨ ᠲᠦᠰᠢᠮᠡᠯ ᠡᠷᠭᠦᠮᠵᠢᠯᠡᠨ ᠬᠠᠮᠵᠢᠭᠤᠯᠪᠠ᠃ 
       ᠢ ᠳᠦ ᠶ᠋ᠢ ᠰᠠᠬᠢᠬᠤ ᠶᠡᠬᠡ ᠵᠠᠩᠵᠤᠨ ᠯᠢ ᠲᠠᠨ ᠤ᠋ ᠴᠡᠷᠢᠭ ᠢ᠋ ᠲᠠᠲᠠᠵᠤ ᠰᠥᠩ ᠤᠯᠤᠰ ᠢ᠋ ᠪᠠᠢᠯᠳᠤᠭᠤᠯᠰᠤᠭᠠᠢ ᠬᠡᠮᠡᠪᠡᠰᠦ ᠯᠢ ᠲᠠᠨ ᠢ ᠳᠦ ᠶ᠋ᠢᠨ ᠠᠷᠤ ᠥᠪᠥᠷ ᠢ᠋ᠶ᠋ᠡᠷ ᠴᠥᠮ ᠴᠢᠬᠤᠯᠠ ᠬᠠᠪᠴᠢᠯ ᠪᠣᠭᠣᠮᠲᠠ ᠲᠤᠯᠠ ᠴᠡᠷᠢᠭ ᠲᠠᠲᠠᠵᠤ ᠪᠣᠯᠬᠤ ᠦᠭᠡᠢ ᠭᠡᠮᠡᠨ ᠰᠢᠯᠲᠠᠭᠠᠯᠠᠨ ᠡᠵᠡᠨ ᠦ᠌ ᠵᠠᠷᠯᠢᠭ ᠢ᠋ ᠨᠢᠴᠤᠭᠠᠪᠠ᠃ ᠡᠵᠡᠨ ᠮᠠᠰᠢ ᠶᠡᠬᠡ ᠬᠢᠯᠢᠭᠯᠡᠭᠰᠡᠨ ᠳ᠋ᠦ᠍ᠷ ᠸᠠᠩ ᠸᠧᠨ ᠲᠦᠩ ᠵᠡᠷᠭᠡ ᠡᠴᠡ ᠭᠠᠷᠴᠤ ᠢ ᠳᠦ ᠶ᠋ᠢᠨ ᠴᠡᠷᠢᠭ ᠢ᠋ ᠲᠠᠲᠠᠵᠤ ᠦᠯᠦ ᠪᠣᠯᠬᠤ ᠤᠴᠢᠷ ᠢ᠋ ᠨᠠᠷᠢᠪᠴᠢᠯᠠᠨ ᠠᠢᠯᠠᠳᠬᠠᠭᠰᠠᠨ ᠳ᠋ᠤᠷ ᠮᠥᠩᠬᠡ ᠬᠠᠭᠠᠨ ᠵᠢᠴᠢ ᠮᠡᠳᠡᠰᠦᠭᠡᠢ ᠭᠡᠮᠡᠨ ᠣᠷᠬᠢᠵᠤ ᠬᠠᠨ ᠵᠦᠩ ᠦ᠋ᠨ ᠭᠠᠵᠠᠷ ᠢ᠋ ᠰᠠᠬᠢᠭᠰᠠᠨ ᠲᠠᠬᠠᠢ ᠵᠠᠩᠵᠤᠨ ᠱᠤ᠌ ᠶ᠋ᠢᠨ ᠭᠠᠵᠠᠷ ᠢ᠋ ᠰᠠᠬᠢᠭᠰᠠᠨ ᠨᠢᠦᠯᠢᠨ᠂ ᠯᠢ ᠵᠧᠦ ᠶ᠋ᠢ ᠰᠠᠬᠢᠭᠰᠠᠨ ᠲᠢᠶᠠᠨ ᠬᠡ ᠨᠠᠷ ᠲᠤᠷ ᠲᠤᠰ ᠲᠤᠰ ᠡᠯᠴᠢ ᠶᠠᠪᠤᠭᠤᠯᠵᠤ ᠪᠠᠢᠯᠳᠤᠬᠤ ᠪᠡᠯᠡᠳᠬᠡᠯ ᠬᠢᠯᠭᠡᠪᠡ᠃ 
       ᠥᠭᠦᠯᠡᠬᠦ ᠢᠨᠦ ᠬᠠᠭᠠᠨ ᠤ᠋ ᠪᠡᠶ᠎ᠡ ᠨᠠᠮᠤᠷ ᠤ᠋ᠨ ᠡᠬᠢᠨ ᠦ᠌ ᠰᠠᠷ᠎ᠠ ᠳ᠋ᠤᠷ ᠯᠢᠦ ᠫᠠᠨ ᠱᠠᠨ ᠠᠭᠤᠯᠠᠨ ᠳ᠋ᠤᠷ ᠴᠡᠷᠢᠭ ᠰᠢᠯᠭᠠᠵᠤ ᠬᠦᠨᠳᠦ ᠠᠴᠢᠶ᠎ᠠ ᠬᠥᠰᠬᠡ ᠪᠡᠨ ᠲᠡᠨᠳᠡ ᠦᠯᠡᠳᠡᠭᠡᠨ ᠵᠠᠩᠵᠤᠨ ᠲᠦᠰᠢᠮᠡᠳ ᠦ᠋ᠨ ᠬᠠᠮᠲᠤ ᠶᠡᠬᠡ ᠮᠠᠨᠳᠠᠯ ᠳ᠋ᠤᠷ ᠠᠷᠴᠠ ᠽᠠᠨᠳᠠᠨ ᠳᠡᠭᠳᠡᠭᠡᠨ ᠶᠢᠰᠦᠨ ᠬᠥᠯᠲᠦ ᠴᠠᠭᠠᠨ ᠲᠤᠭ ᠢ᠋ᠶ᠋ᠠᠨ ᠳᠠᠬᠢᠭᠠᠳ ᠡᠪᠦᠭᠡ ᠳᠡᠭᠡᠳᠦᠰ ᠦ᠋ᠨ ᠰᠦᠯᠳᠡ ᠳ᠋ᠦ᠍ᠷ ᠮᠥᠷᠭᠥᠨ ᠶᠢᠰᠦᠨ ᠵᠡᠷᠭᠡ ᠶᠡᠬᠡ ᠫᠤᠤ ᠶ᠋ᠢᠨ ᠳᠠᠭᠤᠨ ᠳ᠋ᠤᠷ ᠶᠡᠬᠡ ᠴᠡᠷᠢᠭ ᠳᠠᠷᠠᠭ᠎ᠠ ᠳᠠᠷᠠᠭ᠎ᠠ ᠪᠠᠷ ᠮᠣᠷᠳᠠᠪᠠ᠃ ᠦᠵᠡᠪᠡᠰᠦ ᠦᠨᠡᠬᠡᠷ ᠬᠥᠮᠦᠨ ᠴᠠᠬᠢᠷᠠᠭ᠂ ᠮᠣᠷᠢ ᠲᠠᠷᠭᠤᠨ ᠵᠠᠷ ᠵᠡᠪᠰᠡᠭ ᠬᠠᠩᠭᠢᠨᠠᠨ ᠭᠢᠯᠪᠠᠰᠴᠤ ᠲᠤᠭ ᠬᠢᠭᠢᠷᠢ ᠨᠠᠷᠠᠨ ᠰᠠᠷᠠᠨ ᠢ ᠬᠠᠯᠬᠠᠯᠠᠨ ᠬᠣᠭ ᠲᠣᠭᠣᠰᠣ ᠠᠭᠠᠷ ᠲᠡᠭᠷᠢ ᠳ᠋ᠦ᠍ᠷ ᠵᠠᠮᠬᠠᠷᠠᠮᠤᠢ᠃ 
       ᠬᠠᠭᠠᠨ ᠤ᠋ ᠪᠡᠶ᠎ᠡ ᠠᠷᠪᠠᠨ ᠰᠠᠷ᠎ᠠ ᠳ᠋ᠤᠷ ᠬᠠᠲᠤᠨ ᠭᠣᠣᠯ ᠬᠦᠷᠴᠦ ᠭᠣᠣᠯ ᠭᠡᠲᠦᠯᠬᠦ ᠶ᠋ᠢ ᠵᠥᠪᠳᠡᠵᠦ ᠠᠬᠤᠢ ᠳ᠋ᠤᠷ ᠭᠡᠨᠡᠳᠲᠡ ᠲᠡᠭᠷᠢ ᠬᠦᠢᠲᠡᠷᠡᠨ ᠳᠡᠳ᠋ ᠡᠳᠦᠷ ᠭᠣᠣᠯ ᠪᠢᠲᠡᠭᠦᠷᠡᠭᠰᠡᠨ ᠲᠤᠯᠠ ᠮᠥᠩᠬᠡ ᠬᠠᠭᠠᠨ ᠲᠡᠭᠷᠢ ᠭᠠᠵᠠᠷ ᠢ᠋ ᠳᠠᠬᠢᠵᠤ ᠮᠥᠰᠥᠨ ᠦ᠌ ᠳᠡᠭᠡᠷ᠎ᠡ ᠰᠢᠷᠣᠢ ᠰᠠᠴᠤᠵᠤ ᠬᠥᠮᠦᠨ ᠮᠣᠷᠢ ᠲᠡᠭᠰᠢ ᠭᠠᠵᠠᠷ ᠶᠠᠪᠤᠬᠤ ᠮᠡᠲᠦ ᠭᠡᠲᠦᠯᠪᠡ᠃ ᠭᠣᠣᠯ ᠳᠠᠭᠠᠤ ᠠᠷᠠᠳ ᠢᠷᠭᠡᠳ ᠡᠭᠦᠨ ᠢ᠋ ᠰᠣᠨᠢᠨ ᠪᠣᠯᠭᠠᠨ ᠤᠯᠠᠮᠵᠢᠯᠠᠵᠤ ᠮᠥᠩᠬᠡ ᠬᠠᠭᠠᠨ ᠢ᠋ ᠦᠨᠡᠨ ᠲᠡᠭᠷᠢ ᠶ᠋ᠢᠨ ᠬᠥᠪᠡᠭᠦᠨ ᠭᠡᠮᠡᠨ ᠪᠢᠰᠢᠷᠡᠵᠦ ᠵᠠᠮ ᠬᠠᠪᠴᠢᠨ ᠬᠦᠵᠢ ᠠᠰᠠᠭᠠᠵᠤ ᠤᠭᠲᠤᠮᠤᠢ᠃ ᠲᠡᠢᠨ ᠬᠦ᠌ ᠬᠠᠭᠠᠨ ᠮᠠᠰᠢ ᠪᠡᠶᠡᠰᠴᠦ ᠴᠡᠷᠢᠭ ᠢ᠋ᠶ᠋ᠡᠨ ᠴᠢᠩᠳᠠᠯᠠᠨ ᠨᠢᠭᠡᠨ ᠴᠡᠷᠢᠭ ᠠᠷᠠᠳ ᠤ᠋ᠨ ᠰᠣᠩᠭᠢᠨ᠎ᠠ ᠶ᠋ᠢ ᠦᠭᠲᠡᠭᠡᠪᠡ ᠭᠡᠮᠡᠨ ᠬᠦᠨᠳᠦ ᠰᠢᠳᠬᠡᠯ ᠥᠭᠭᠦᠭᠰᠡᠨ ᠪᠠ ᠬᠠᠭᠠᠨ ᠤ᠋ ᠲᠠᠢᠽᠢ ᠠᠰᠤᠲᠠᠶ ᠶ᠋ᠢᠨ ᠮᠣᠷᠢ ᠠᠷᠠᠳ ᠤ᠋ᠨ ᠲᠠᠷᠢᠶ᠎ᠠ ᠶ᠋ᠢ ᠭᠢᠰᠬᠢᠯᠪᠡ ᠭᠡᠮᠡᠨ ᠬᠦᠨᠳᠦ ᠰᠢᠳᠬᠡᠰᠦᠭᠡᠢ ᠬᠡᠮᠡᠭᠰᠡᠨ ᠢ᠋ ᠣᠯᠠᠨ ᠲᠦᠰᠢᠮᠡᠳ ᠦᠬᠦᠨ ᠬᠣᠷᠢᠭᠯᠠᠵᠤ ᠠᠪᠤᠷᠠᠪᠠ᠃ ᠲᠡᠢᠨ ᠬᠦ᠌ ᠴᠡᠷᠢᠭ ᠦ᠋ᠨ ᠴᠠᠭᠠᠵᠠ ᠤᠯᠠᠮ ᠴᠢᠩᠭ᠎ᠠ ᠪᠣᠯᠵᠤ ᠠᠷᠠᠳ ᠢᠷᠭᠡᠳ  ᠢ᠋ ᠦᠰᠦᠨ ᠲᠡᠳᠦᠢ ᠬᠠᠯᠳᠠᠬᠤ ᠦᠭᠡᠢ ᠪᠣᠯᠪᠠ᠃ 
       ᠲᠡᠳᠦᠢ ᠳ᠋ᠦ᠍ᠷ ᠰᠥᠩ ᠤᠯᠤᠰ ᠤ᠋ᠨ ᡁᠢ ᡁᠢ ᠱᠢ ᠲᠦᠰᠢᠮᠡᠯ ᠹᠦ ᠽᠧ ᡁᠢ ᠴᠧᠩ ᠳᠦ ᠬᠣᠲᠠ ᠶ᠋ᠢ ᠬᠠᠯᠳᠠᠭᠰᠠᠨ ᠳ᠋ᠤᠷ ᠬᠣᠲᠠ ᠶ᠋ᠢ ᠰᠠᠬᠢᠭᠰᠠᠨ ᠮᠣᠩᠭᠣᠯ ᠤ᠋ᠨ ᠵᠠᠩᠵᠤᠨ ᠨᠢᠣᠯᠢᠨ ᠤᠭᠲᠤᠨ ᠪᠠᠢᠯᠳᠤᠭᠠᠳ ᠶᠡᠬᠡᠯ᠎ᠡ ᠲᠠᠢᠯᠵᠤ ᠲᠡᠷᠡ ᠬᠦᠴᠦᠨ ᠳ᠋ᠡᠭᠡᠨ ᠰᠥᠩ ᠤᠯᠤᠰ ᠤ᠋ᠨ ᠶᠦᠨ ᠲᠢᠩ ᠱᠠᠨ ᠪᠣᠭᠣᠮᠲᠠ ᠶ᠋ᠢ ᠪᠠᠢᠯᠳᠤᠭᠰᠠᠨ ᠳ᠋ᠤᠷ ᠰᠠᠬᠢᠭᠰᠠᠨ ᠵᠠᠩᠵᠤᠨ ᠶᠣᠣ ᠮᠦᠸᠧ ᠨᠠᠷ ᠤᠭᠲᠤᠨ ᠳᠠᠭᠠᠪᠠ᠃ ᠲᠤᠭ ᠳᠡᠯᠭᠡᠮᠡᠭᠴᠡ ᠳᠡᠢᠯᠦᠭᠰᠡᠨ ᠮᠡᠳᠡᠭᠡ ᠬᠦᠷᠴᠦ ᠢᠷᠡᠭᠰᠡᠨ ᠳ᠋ᠦ᠍ᠷ ᠬᠠᠭᠠᠨ ᠮᠠᠰᠢ ᠪᠠᠶᠠᠷᠯᠠᠨ ᠡᠯᠴᠢ ᠲᠣᠮᠢᠯᠠᠨ ᠨᠢᠤᠯᠢᠨ ᠢ᠋ ᠰᠠᠯᠪᠤᠷᠢ ᠴᠡᠷᠢᠭ ᠦ᠋ᠨ  ᠶᠤᠸᠠᠨᠱᠤᠸᠠᠢ ᠶ᠋ᠢᠨ ᠲᠤᠰᠢᠶᠠᠯ ᠥᠭᠴᠦ ᠲᠡᠭᠦᠨ ᠦ᠌ ᠬᠠᠷᠢᠶᠠᠲᠤ ᠵᠠᠩᠵᠤᠨ ᠴᠡᠷᠢᠭ ᠲᠦ᠍ᠷ ᠬᠦᠷᠲᠡᠯ᠎ᠡ ᠬᠦᠨᠳᠦ ᠱᠠᠩ ᠬᠡᠰᠢᠭ ᠬᠦᠷᠲᠡᠭᠡᠪᠡ᠃ 
       ᠬᠠᠭᠠᠨ ᠤ᠋ ᠴᠡᠷᠢᠭ ᠪᠤᠤ ᠵᠢᠢ ᠥᠩᠭᠡᠷᠡᠨ ᠭᠠᠷᠬᠤᠢ ᠳ᠋ᠤᠷ ᠡᠮᠦᠨᠡᠲᠦ ᠬᠣᠰᠢᠭᠤᠴᠢ ᠵᠦᠩ ᠬᠦᠢ ᠱᠠᠨ ᠠᠭᠤᠯᠠ ᠶ᠋ᠢ ᠡᠵᠡᠯᠡᠨ᠃ ᠲᠡᠭᠦᠨ ᠡᠴᠡ ᠶᠡᠬᠡ ᠴᠡᠷᠢᠭ ᠬᠦᠷᠦᠭᠰᠡᠨ ᠭᠠᠵᠠᠷ ᠴᠥᠮ ᠰᠠᠯᠬᠢᠨ ᠤ᠋ ᠠᠶ᠎ᠠ ᠪᠠᠷ ᠳᠠᠭᠠᠷ᠎ᠠ ᠢᠷᠡᠮᠦᠢ᠃ ᠲᠡᠢᠨ ᠬᠦ᠌ ᠶᠡᠬᠡ ᠴᠡᠷᠢᠭ ᠳᠡᠮᠡᠢ ᠰᠠᠭᠠᠳ ᠦᠭᠡᠢ ᠪᠡᠷ ᠬᠠᠨ ᠵᠦᠩ ᠦ᠋ᠨ ᠭᠠᠵᠠᠷ ᠬᠦᠷᠴᠦ ᠢᠷᠡᠪᠡ᠃ ᠪᠠᠷᠠᠭᠤᠨ ᠱᠤ᠌ ᠶ᠋ᠢ ᠰᠠᠬᠢᠭᠰᠠᠨ ᠰᠠᠯᠪᠤᠷᠢ ᠴᠡᠷᠢᠭ ᠦ᠋ᠨ ᠶᠤᠸᠠᠨᠱᠤᠸᠠᠢ ᠨᠢᠣᠯᠢᠨ᠂ ᠮᠢᠯᠢᠬᠤᠴᠠ᠂ ᠯᠢᠦ ᠭᠧ ᠮᠠᠨ ᠨᠠᠷ ᠴᠧᠩ ᠳᠦ ᠶ᠋ᠢ ᠰᠠᠬᠢᠬᠤ ᠴᠡᠷᠢᠭ ᠡᠴᠡ ᠪᠤᠰᠤ ᠴᠡᠷᠢᠭ ᠢ᠋ᠶ᠋ᠡᠨ ᠴᠥᠮ ᠠᠪᠴᠤ ᠮᠠ ᠬᠤ᠌ ᠨᠠᠭᠤᠷ ᠢ᠋ ᠲᠤᠭᠤᠯᠵᠤ ᠰᠥᠩ ᠤᠯᠤᠰ ᠤ᠋ᠨ ᡁᠢ ᡁᠢ ᠱᠢ ᠲᠦᠰᠢᠮᠡᠯ ᠵᠠᠩ ᠰᠢ ᠶ᠋ᠢ ᠪᠠᠷᠢᠵᠤ ᠠᠪᠤᠪᠠ᠃ ᠵᠠᠩ ᠰᠢ ᠬᠠᠭᠤᠷᠮᠠᠭ ᠢ᠋ᠶ᠋ᠠᠷ ᠳᠠᠭᠠᠵᠤ ᠦᠭᠭᠦᠮᠦᠢ ᠭᠡᠮᠡᠨ ᠺᠥ᠌ ᠵᠣ᠌ ᠠᠢ ᠬᠠᠪᠴᠢᠭ ᠢ ᠰᠠᠬᠢᠭᠰᠠᠨ ᠵᠠᠩᠵᠤᠨ ᠢ᠋ ᠢᠳᠬᠠᠨ ᠳᠠᠭᠠᠭᠤᠯᠰᠤᠭᠠᠢ ᠭᠡᠮᠡᠨ ᠮᠡᠬᠡᠯᠡᠵᠦ ᠶᠠᠪᠤᠭᠠᠳ ᠪᠤᠴᠠᠵᠤ ᠢᠷᠡᠭᠰᠡᠨ ᠦᠭᠡᠢ᠃ 
       ᠥᠭᠦᠯᠡᠬᠦ ᠢᠨᠦ ᠬᠠᠭᠠᠨ ᠤ᠋ ᠴᠡᠷᠢᠭ ᠪᠤᠤ ᠹᠧᠩ ᠦ᠋ᠨ ᠵᠠᠮ ᠢ᠋ᠶ᠋ᠠᠷ ᠯᠢ ᠵᠧᠦ ᠳ᠋ᠦ᠍ᠷ ᠬᠦᠷᠴᠦ ᠢᠷᠡᠪᠡ᠃ ᠡᠨᠡ ᠪᠣᠯ ᠮᠣᠩᠭᠣᠯ ᠤ᠋ᠨ ᠵᠠᠩᠵᠤᠨ ᠣᠩᠬᠤᠨ ᠠᠢᠮᠠᠭ ᠤ᠋ᠨ ᠸᠠᠩ ᠰᠢ ᠰᠢᠶᠠᠨ ᠤ᠋ ᠠᠬᠠᠮᠠᠳ ᠬᠥᠪᠡᠭᠦᠨ ᠸᠠᠩ ᠢᠦᠢ ᠵᠸᠨ  ᠦ᠌ ᠠᠬ᠎ᠠ ᠸᠠᠩ ᠲᠢᠶᠠᠨ ᠬᠡ ᠶ᠋ᠢᠨ ᠪᠠᠢᠭᠤᠯᠵᠤ ᠰᠠᠬᠢᠭᠰᠠᠨ ᠥᠨᠥᠴᠢᠨ ᠬᠣᠲᠠ ᠪᠣᠯᠠᠢ᠃ ᠵᠢᠶᠠ ᠯᠢᠩ ᠮᠥᠷᠡᠨ ᠬᠢᠭᠡᠳ ᠪᠠᠢ ᠰᠦᠢ ᠭᠣᠣᠯ ᠤ᠋ᠨ ᠠᠭᠤᠯᠵᠠᠭᠤᠷ ᠢ᠋ ᠰᠠᠬᠢᠨ᠂ ᠵᠢᠶᠠ ᠯᠢᠩ ᠮᠥᠷᠡᠨ ᠢ᠋ ᠰᠤᠨᠳᠠᠯᠠᠨ ᠵᠡᠭᠦᠨ᠎ᠡ ᠂ ᠡᠮᠦᠨ᠎ᠡ ᠂ ᠪᠠᠷᠠᠭᠤᠨ ᠡᠮᠦᠨ᠎ᠡ ᠭᠤᠷᠪᠠᠨ ᠵᠦᠭ ᠦ᠋ᠨ ᠳᠠᠢᠰᠤᠨ ᠤ᠋ ᠴᠡᠷᠢᠭ ᠢ᠋ ᠬᠣᠷᠢᠵᠤ ᠰᠠᠭᠤᠪᠠ᠃ ᠤᠤᠯ ᠤ᠋ᠨ ᠯᠢ ᠵᠧᠦ ᠬᠣᠲᠠ ᠶ᠋ᠢ ᠪᠠᠢᠯᠳᠤᠨ ᠠᠪᠬᠤᠢ ᠳ᠋ᠤᠷ ᠨᠢᠭᠡᠮᠦᠰᠦᠨ ᠪᠤᠰᠠᠨᠢᠭᠤᠯᠤᠭᠰᠠᠨ ᠲᠤᠯᠠ ᠸᠠᠩ ᠲᠢᠶᠠᠨ ᠬᠡ ᠠᠭᠤᠯᠠ ᠤᠰᠤᠨ ᠤ᠋ ᠠᠰᠢᠭᠲᠠᠢ ᠪᠠᠢᠳᠠᠯ ᠢ᠋ ᠦᠵᠡᠵᠦ ᠰᠢᠨ᠎ᠡ ᠬᠣᠲᠠ ᠪᠠᠢᠭᠤᠯᠵᠤ ᠰᠠᠷᠨᠢᠵᠤ ᠳᠤᠲᠠᠭᠠᠭᠰᠠᠨ ᠠᠷᠠᠳ ᠢᠷᠭᠡᠳ ᠢ᠋ ᠴᠤᠭᠯᠠᠭᠤᠯᠤᠨ ᠳᠠᠮᠵᠢᠨ ᠲᠤᠰᠠᠯᠠᠵᠤ ᠭᠠᠢᠯᠢ ᠲᠠᠲᠠᠪᠤᠷᠢ ᠦᠭᠡᠢ ᠪᠡᠷ ᠬᠠᠰᠢᠶ᠎ᠠ ᠲᠠᠷᠢᠶ᠎ᠠ ᠬᠤᠪᠢᠶᠠᠨ ᠥᠭᠴᠦ ᠠᠷᠪᠠᠨ ᠲᠦᠮᠡᠨ ᠦ᠌ ᠣᠯᠠᠨ ᠲᠠᠢ ᠪᠣᠯᠵᠤ ᠬᠥᠭᠵᠢᠭᠰᠡᠨ ᠪᠣᠯᠠᠢ᠃ ᠰᠥᠩ ᠤᠯᠤᠰ ᠯᠢ ᠵᠧᠦ ᠶ᠋ᠢ ᠬᠡᠳᠦᠢ ᠪᠡᠷ ᠨᠢᠳᠦᠨ ᠳ᠋ᠦ᠍ᠷ ᠤᠷᠭᠤᠭᠰᠠᠨ ᠦ ᠮᠡᠲᠦ ᠦᠵᠡᠪᠡᠴᠦ ᠸᠠᠩ ᠲᠢᠶᠠᠨ ᠬᠡ ᠬᠡᠮᠡᠬᠦ ᠨᠡᠷ᠎ᠡ ᠶ᠋ᠢ ᠰᠣᠨᠣᠰᠪᠠᠰᠤ ᠬᠠᠯᠳᠠᠷ᠎ᠠ ᠢᠷᠡᠬᠦ ᠬᠥᠮᠦᠨ ᠦᠭᠡᠢ ᠪᠣᠯᠤᠮᠤᠢ᠃ ᠲᠡᠢᠨ ᠬᠦ᠌ ᠬᠣᠲᠠ ᠥᠨᠳᠥᠷ ᠪᠤᠰᠤ ᠭᠣᠣ ᠭᠦᠨ ᠦᠭᠡᠢ ᠪᠥᠭᠡᠲᠡᠯ᠎ᠡ ᠤᠳᠠᠭᠠᠨ ᠰᠠᠬᠢᠵᠤ ᠴᠢᠳᠠᠭᠰᠠᠨ ᠠᠨᠤ ᠬᠢᠯᠪᠠᠷ ᠪᠤᠰᠤ ᠭᠡᠮᠡᠨ ᠬᠠᠭᠠᠨ ᠭᠠᠷ ᠢ᠋ᠶ᠋ᠠᠷ ᠠᠷᠢᠬᠢ ᠱᠠᠩᠨᠠᠨ ᠰᠠᠢᠰᠢᠶᠠᠵᠤ ᠰᠣᠶᠣᠷᠬᠠᠷᠤᠨ : 《ᠬᠥᠮᠦᠰ ᠴᠥᠮ ᠯᠢ ᠵᠧᠦ ᠶ᠋ᠢ ᠪᠠᠢᠭᠤᠯᠤᠨ ᠰᠠᠬᠢᠭᠰᠠᠨ ᠭᠠᠪᠢᠶ᠎ᠠ ᠶ᠋ᠢ ᠦᠯᠡᠮᠵᠢ ᠶᠠᠷᠢᠮᠤᠢ᠃ ᠡᠳᠦᠭᠡ ᠦᠵᠡᠪᠡᠰᠦ ᠴᠢᠨᠦ ᠪᠡᠶ᠎ᠡ ᠪᠠᠭ᠎ᠠ ᠪᠣᠯᠪᠠᠴᠤ ᠵᠢᠷᠦᠬᠡ ᠢᠨᠤ ᠶᠡᠬᠡ ᠪᠣᠯᠠᠢ᠃ ᠲᠡᠢᠨ ᠬᠦ᠌ ᠳᠠᠢᠰᠤᠨ ᠡᠰᠡ ᠬᠠᠯᠳᠠᠷ᠎ᠠ ᠢᠷᠡᠪᠡ 》ᠬᠡᠮᠡᠪᠡᠰᠦ ᠸᠠᠩ ᠲᠢᠶᠠᠨ ᠬᠡ ᠥᠴᠢᠷᠦᠨ: 《 ᠬᠠᠭᠠᠨ ᠤ᠋ ᠰᠦᠷ ᠰᠦᠯᠳᠡ ᠳ᠋ᠦ᠍ᠷ ᠰᠢᠲᠦᠵᠦ ᠳᠠᠢᠰᠤᠨ ᠡᠰᠡ ᠢᠷᠡᠪᠡ 》 ᠬᠡᠮᠡᠪᠡᠢ᠃ ᠬᠠᠭᠠᠨ ᠢᠨᠢᠶᠡᠨ: 《ᠳᠠᠢᠰᠤᠨ ᠤ᠋ ᠵᠠᠩᠵᠤᠨ ᠴᠢᠨᠦ ᠠᠯᠳᠠᠷ ᠠ᠋ᠴᠠ ᠠᠶᠤᠭᠰᠠᠨ ᠪᠣᠯᠠᠢ 》ᠭᠡᠮᠡᠨ ᠠᠯᠲᠠᠨ ᠪᠦᠰᠡ ᠱᠠᠩᠨᠠᠵᠤ ᠬᠥᠰᠢᠶ᠎ᠡ ᠪᠣᠰᠬᠠᠨ ᠭᠠᠪᠢᠶ᠎ᠠ ᠶ᠋ᠢ ᠲᠡᠮᠳᠡᠭᠯᠡᠪᠡ᠃ 
       ᠲᠡᠳᠦᠢ ᠳ᠋ᠦ᠍ᠷ ᠵᠢᠶᠠ ᠯᠢᠩ ᠮᠥᠷᠡᠨ ᠬᠢᠭᠡᠳ ᠪᠠᠢ ᠰᠦᠢ ᠭᠣᠣᠯ ᠦᠶᠡᠷᠯᠡᠭᠡᠳ ᠬᠣᠶᠠᠷ ᠮᠥᠷᠡᠨ ᠦ᠌ ᠠᠭᠤᠯᠵᠠᠭᠤᠷ ᠲᠤᠷ ᠦᠶᠡᠷ ᠦ᠋ᠨ ᠤᠰᠤ ᠣᠪᠣᠭᠠᠷᠠᠯᠳᠤᠨ ᠬᠢᠯᠪᠠᠷ ᠭᠡᠲᠦᠯᠵᠦ ᠦᠯᠦ ᠪᠣᠯᠬᠤ ᠪᠥᠭᠡᠳ ᠣᠩᠭᠣᠴᠠ ᠴᠥᠭᠡᠨ ᠲᠤᠯᠠ ᠬᠠᠭᠠᠨ ᠮᠠᠰᠢ ᠪᠠᠴᠢᠮᠳᠠᠵᠤ ᠪᠦᠬᠦᠢ ᠳ᠋ᠦ᠍ᠷ ᠸᠠᠩ ᠲᠢᠶᠠᠨ ᠬᠡ ᠠᠢᠯᠠᠳᠬᠠᠷᠤᠨ : 《 ᠡᠵᠡᠨ ᠦ᠌ ᠵᠠᠭᠤᠨ ᠲᠦᠮᠡᠨ ᠦ᠌ ᠣᠯᠠᠨ ᠢ᠋ ᠬᠡᠷᠬᠢᠨ ᠴᠠᠭ ᠮᠥᠴᠡ ᠰᠠᠭᠠᠲᠠᠭᠠᠵᠤ ᠪᠣᠯᠤᠮᠤᠢ᠃ ᠲᠦᠰᠢᠮᠡᠯ ᠪᠢ ᠠᠷᠭ᠎ᠠ ᠪᠣᠳᠣᠰᠤᠭᠠᠢ 》 ᠭᠡᠮᠡᠨ ᠣᠩᠭᠣᠴᠠ ᠬᠣᠯᠪᠣᠵᠤ ᠨᠢᠷᠤᠭᠤ ᠪᠣᠯᠭᠠᠨ ᠨᠢᠭᠡᠨ ᠰᠥᠨᠢ ᠶ᠋ᠢᠨ ᠬᠣᠭᠣᠷᠣᠨᠳᠣ ᠳᠡᠭᠳᠡᠮᠡᠯ ᠬᠥᠭᠥᠷᠭᠡ ᠲᠠᠯᠪᠢᠵᠤ ᠶᠡᠬᠡ ᠴᠡᠷᠢᠭ ᠢ᠋ ᠭᠡᠲᠦᠯᠭᠦᠯᠪᠡᠢ᠃ ᠬᠠᠭᠠᠨ ᠶᠡᠬᠡᠳᠡ ᠪᠠᠶᠠᠷᠯᠠᠨ ᠴᠠᠭᠠᠨ ᠠᠯᠲᠠ ᠭᠤᠴᠢᠨ ᠵᠢᠩ ᠱᠠᠩᠨᠠᠵᠤ ᠲᠡᠷᠢᠭᠦᠨ ᠭᠠᠪᠢᠶ᠎ᠠ ᠲᠡᠮᠳᠡᠭᠯᠡᠪᠡᠢ᠃ ᠶᠡᠬᠡ ᠴᠡᠷᠢᠭ ᠢ᠋ ᠮᠤᠷᠠᠨ ᠢ᠋ ᠭᠡᠲᠦᠯᠦᠭᠡᠳ ᠺᠦ ᠵᠣ᠌ ᠠᠢ ᠬᠠᠪᠴᠢᠯ ᠬᠦᠷᠴᠦ ᠢᠷᠠᠪᠠᠰᠤ ᠺᠦ ᠵᠣ᠌ ᠠᠢ ᠶ᠋ᠢ ᠰᠠᠬᠢᠭᠰᠠᠨ ᠵᠠᠩᠵᠤᠨ ᠵᠠᠷᠯᠢᠭ ᠢ᠋ ᠬᠦᠯᠢᠶᠡᠬᠦ ᠦᠭᠡᠢ ᠶᠡᠬᠡ ᠴᠡᠷᠢᠭ ᠦ᠋ᠨ ᠵᠠᠮ ᠢ᠋ ᠬᠠᠯᠬᠠᠯᠠᠪᠠ᠃ ᠪᠠᠢᠯᠳᠤᠰᠤᠭᠠᠢ ᠬᠡᠮᠡᠪᠡᠰᠦ ᠪᠣᠰᠤᠭ᠎ᠠ ᠬᠠᠳᠠ ᠴᠠᠪᠴᠢᠭᠰᠠᠨ ᠮᠡᠲᠦ ᠭᠠᠷᠬᠤ ᠠᠷᠭ᠎ᠠ ᠦᠭᠡᠢ ᠲᠤᠯᠠ ᠬᠠᠭᠠᠨ ᠤ᠋ ᠴᠠᠴᠠᠷ ᠤ᠋ᠨ ᠣᠯᠠᠨ ᠲᠦᠰᠢᠮᠡᠳ ᠴᠥᠮ ᠨᠢᠰᠦᠮᠡᠯ ᠬᠥᠭᠥᠷᠭᠡ ᠲᠠᠯᠪᠢᠵᠤ ᠭᠠᠷᠬᠤ ᠠ᠋ᠴᠠ ᠥᠭᠡᠷ᠎ᠡ ᠠᠷᠭ᠎ᠠ ᠦᠭᠡᠢ ᠭᠡᠮᠡᠨ ᠭᠤᠶᠤᠭᠰᠠᠨ ᠳ᠋ᠤᠷ ᠬᠠᠭᠠᠨ ᠲᠢᠶᠠᠨ ᠬᠡ ᠡᠴᠡ ᠠᠰᠠᠭᠤᠪᠠᠰᠤ ᠲᠢᠶᠠᠨ ᠬᠡ ᠥᠴᠢᠷᠦᠨ: 《ᠲᠦᠰᠢᠮᠡᠯ ᠪᠢ ᠪᠠᠭᠠᠲᠤᠷ ᠡᠷᠡᠰ ᠢ᠋ ᠠᠪᠴᠤ ᠠᠪᠠᠷᠢᠨ ᠭᠠᠷᠴᠤ ᠳᠠᠢᠰᠤᠨ ᠢ᠋ ᠡᠪᠳᠡᠬᠦ ᠶ᠋ᠢ ᠮᠡᠳᠡᠬᠦ ᠡᠴᠡ ᠪᠤᠰᠤ ᠬᠥᠭᠥᠷᠭᠡ ᠲᠠᠯᠪᠢᠵᠤ ᠪᠠᠢᠯᠳᠤᠬᠤ ᠶ᠋ᠢ ᠡᠰᠡ ᠮᠡᠳᠡᠪᠡᠢ 》 ᠬᠡᠮᠡᠪᠡ᠃ ᠶᠡᠬᠡ ᠵᠠᠩᠵᠤᠨ ᠰᠤᠨᠢᠲᠠᠢ ᠲᠥᠮᠡᠨᠲᠡᠷ ᠨᠠᠷ ᠬᠥᠭᠥᠷᠭᠡ ᠲᠠᠯᠪᠢᠵᠤ ᠪᠠᠢᠯᠳᠤᠬᠤ ᠠᠨᠤ ᠳᠡᠭᠡᠳᠦ ᠠᠷᠭ᠎ᠠ ᠭᠡᠮᠡᠨ ᠳᠡᠭᠳᠡᠮᠡᠯ ᠬᠥᠭᠥᠷᠭᠡ ᠲᠠᠯᠪᠢᠵᠤ ᠪᠠᠢᠯᠳᠤᠭᠠᠳ ᠬᠡᠷᠡᠭ ᠪᠦᠲᠦᠭᠰᠡᠨ ᠦᠭᠡᠢ ᠳ᠋ᠦ᠍ᠷ ᠲᠢᠶᠠᠨ ᠬᠡ ᠪᠠᠭᠠᠲᠤᠷ ᠡᠷᠡᠰ ᠠᠷᠪᠠᠨ ᠬᠥᠮᠦᠨ ᠢ᠋ ᠠᠪᠴᠤ ᠴᠤᠪᠤᠷᠠᠯᠳᠤᠨ ᠠᠪᠠᠷᠢᠵᠤ ᠭᠠᠷᠬᠤ ᠶ᠋ᠢ ᠬᠠᠭᠠᠨ ᠬᠠᠷᠠᠵᠤ ᠵᠣᠭᠰᠣᠭᠠᠳ: 《 ᠬᠥᠮᠦᠰ ᠴᠥᠮ ᠲᠢᠶᠠᠨ ᠬᠡ ᠶ᠋ᠢ ᠵᠢᠷᠦᠬᠡ ᠲᠡᠢ ᠡᠷ᠎ᠡ ᠬᠡᠮᠡᠬᠦ ᠶ᠋ᠢ ᠡᠨᠡ ᠡᠳᠦᠷ ᠰᠠᠶᠢ ᠣᠯᠵᠤ ᠦᠵᠡᠪᠡ 》 ᠭᠡᠮᠡᠨ ᠴᠡᠷᠢᠭ ᠦ᠋ᠨ ᠡᠷᠡᠰ ᠢ᠋ ᠵᠠᠩᠳᠤᠷᠤᠨ ᠲᠠᠭᠠᠯᠴᠠᠵᠤ ᠭᠠᠷᠤᠭᠲᠤᠨ ᠭᠡᠮᠡᠨ ᠠᠪᠠᠷᠢᠨ ᠭᠠᠷᠭᠠᠪᠠ᠃ 
       ᠲᠡᠳᠦᠢ ᠳ᠋ᠦ᠍ᠷ ᠰᠥᠩ ᠤᠯᠤᠰ ᠤ᠋ᠨ ᠶᠡᠬᠡ ᠵᠠᠩᠵᠤᠨ ᠵᠣᠣ ᠵᠦᠩ ᠬᠣᠷᠢᠭᠯᠠᠵᠤ ᠴᠢᠳᠠᠬᠤ ᠦᠭᠡᠢ ᠪᠡᠨ ᠮᠡᠳᠡᠵᠦ ᠪᠠᠭᠤᠵᠤ ᠥᠭᠰᠦᠭᠡᠢ ᠬᠡᠮᠡᠪᠡᠰᠦ ᠳᠡᠳ᠋ ᠵᠠᠩᠵᠤᠨ ᠶᠠᠩ ᠯᠢ ᠵᠥᠪᠰᠢᠶᠡᠷᠡᠬᠦ ᠦᠭᠡᠢ ᠠᠮᠢ ᠲᠡᠮᠡᠴᠡᠨ ᠪᠠᠢᠯᠳᠤᠵᠤ ᠠᠲᠠᠯ᠎ᠠ ᠲᠢᠶᠠᠨ ᠬᠡ ᠴᠢᠷᠮᠠᠢᠨ ᠠᠪᠠᠷᠢᠵᠤ ᠭᠠᠷᠤᠭᠠᠳ ᠲᠤᠯᠭᠠᠮ ᠣᠢᠷᠠᠲᠤᠵᠤ ᠶᠠᠩ ᠯᠢ ᠶ᠋ᠢ ᠲᠠᠰᠤ ᠴᠠᠪᠴᠢᠵᠤ ᠣᠢᠷ᠎ᠠ ᠬᠠᠪᠢ ᠴᠡᠷᠢᠭ ᠢ᠋ ᠴᠠᠪᠴᠢᠵᠤ ᠰᠠᠷᠨᠢᠭᠤᠯᠤᠨ ᠠᠷᠤ ᠠ᠋ᠴᠠ ᠭᠠᠷᠴᠤ ᠢᠷᠡᠬᠦ ᠬᠥᠮᠦᠰ ᠲᠣᠷ ᠵᠠᠮ ᠭᠠᠷᠭᠠᠵᠤ ᠥᠭᠪᠡ᠃ ᠺᠦ ᠵᠣ᠌ ᠠᠢ ᠶ᠋ᠢᠨ ᠭᠣᠣᠯ ᠵᠠᠩᠵᠤᠨ ᠵᠣᠣ ᠵᠦᠩ ᠦᠵᠡᠲᠡᠯ᠎ᠡ ᠮᠣᠩᠭᠣᠯᠴᠤᠳ ᠨᠢᠭᠡᠨᠲᠡ ᠴᠤᠪᠤᠷᠠᠯᠳᠤᠨ ᠭᠠᠷᠴᠤ ᠢᠷᠡᠬᠦᠢ  ᠳ᠋ᠦ᠍ᠷ ᠡᠰᠡᠷᠭᠦᠴᠡᠯ ᠪᠤᠰᠤ ᠪᠠᠨ ᠮᠡᠳᠡᠵᠦ ᠣᠯᠠᠨ ᠢ᠋ᠶ᠋ᠠᠨ ᠳᠠᠭᠠᠭᠤᠯᠤᠨ ᠵᠡᠪᠰᠡᠭ ᠢ᠋ᠶ᠋ᠡᠨ ᠬᠠᠶᠠᠵᠤ ᠳᠠᠭᠠᠪᠠ᠃ 
       ᠬᠠᠭᠠᠨ ᠤ᠋ ᠶᠡᠬᠡ ᠴᠡᠷᠢᠭ ᠺᠦ ᠵᠣ᠌ ᠠᠢ ᠪᠠᠷ ᠣᠷᠣᠵᠤ ᠰᠢᠭᠤᠳ ᠯᠦᠩ ᠵᠧᠦ ᠶ᠋ᠢ ᠴᠢᠭᠯᠡᠭᠰᠡᠨ ᠳ᠋ᠦ᠍ᠷ ᠯᠦᠩ ᠵᠧᠦ ᠶ᠋ᠢ ᠰᠠᠬᠢᠬᠤ ᡁᠢ ᡁᠢ ᠱᠢ ᠲᠦᠰᠢᠮᠡᠯ ᠸᠠᠩ ᠳᠧ ᠰᠢᠨ ᠶᠡᠬᠡᠳᠡ ᠠᠶᠤᠵᠤ ᠬᠦᠴᠦ ᠡᠷᠭᠦᠨ ᠳᠠᠭᠠᠰᠤᠭᠠᠢ ᠭᠡᠮᠡᠨ ᠦᠶᠡᠯᠢᠳ ᠬᠥᠪᠡᠭᠦᠨ ᠸᠠᠩ ᠵᠢᠶᠦ᠋ᠨ ᠢ᠋ ᠵᠠᠷᠤᠵᠤ ᠠᠷᠠᠳ  ᠢ᠋ ᠬᠡᠯᠲᠦᠷᠢᠭᠦᠯᠬᠦ ᠪᠣᠯᠪᠠᠤ ᠭᠡᠮᠡᠨ ᠭᠤᠶᠤᠭᠰᠠᠨ ᠳ᠋ᠤᠷ ᠬᠠᠭᠠᠨ ᠵᠥᠪᠰᠢᠶᠡᠷᠡᠵᠦ ᠯᠦᠩ ᠵᠧᠦ ᠳ᠋ᠦ᠍ᠷ ᠴᠡᠷᠢᠭ ᠣᠷᠣᠭᠤᠯᠤᠭᠰᠠᠨ ᠦᠭᠡᠢ ᠪᠡᠷ ᠴᠠᠩ ᠨᠢᠩ ᠢ᠋ ᠵᠣᠷᠢᠪᠠᠢ᠃ 
       ᠴᠠᠩ ᠨᠢᠩ ᠢ᠋ ᠰᠠᠬᠢᠭᠰᠠᠨ ᠵᠠᠩᠵᠤᠨ ᠸᠠᠩ ᠰᠦᠸᠧ ᠬᠣᠲᠠ ᠪᠡᠬᠢ ᠪᠥᠭᠡᠳ ᠠᠮᠤ ᠡᠪᠡᠰᠦ ᠦᠯᠡᠮᠵᠢ᠃ ᠵᠢᠴᠢ ᠥᠪᠡᠷᠦᠨ ᠬᠡᠷᠡᠭᠯᠡᠬᠦ ᠬᠣᠣᠰ ᠰᠢᠳᠠᠮ ᠢ᠋ ᠲᠡᠭᠷᠢ ᠶ᠋ᠢᠨ ᠳᠣᠣᠷ᠎ᠠ ᠲᠡᠩᠴᠡᠬᠦ ᠬᠥᠮᠦᠨ ᠦᠭᠡᠢ ᠭᠡᠮᠡᠨ ᠡᠩ ᠦ᠋ᠨ ᠴᠠᠭ ᠶᠠᠷᠢᠳᠠᠭ᠂ ᠲᠡᠢᠨ ᠬᠦ᠌ ᠪᠠᠭᠤᠵᠤ ᠥᠭᠬᠦ ᠦᠭᠡᠢ ᠪᠡᠷ ᠦᠯᠦ ᠪᠠᠷᠠᠨ ᠭᠠᠪᠢᠶ᠎ᠠ ᠪᠠᠢᠭᠤᠯᠬᠤ ᠴᠠᠭ ᠪᠣᠯᠪᠠᠢ ᠭᠡᠮᠡᠨ ᠪᠠᠶᠠᠷᠯᠠᠮᠤᠢ᠃ ᠳᠡᠳ᠋ ᠵᠠᠩᠵᠤᠨ ᠯᠢᠶᠠᠩ ᠶᠦᠨ ᠬᠣᠷᠢᠭᠯᠠᠪᠠᠰᠤ ᠦᠭᠡ ᠡᠰᠡ ᠠᠪᠬᠤ ᠲᠤᠯᠠ ᠬᠣᠲᠠ ᠪᠠᠨ ᠳᠠᠪᠠᠵᠤ ᠭᠠᠷᠴᠤ ᠢᠷᠡᠭᠡᠳ ᠡᠵᠡᠨ ᠦ᠌ ᠴᠡᠷᠢᠭ ᠲᠣᠢ ᠳᠠᠭᠠᠵᠤᠬᠤᠢ᠃ ᠸᠠᠩ ᠰᠦᠸᠧ ᠶᠡᠬᠡᠳᠡ  ᠬᠢᠯᠢᠩᠯᠡᠨ ᠯᠢᠶᠠᠩ ᠶᠦᠨ ᠦ᠌ ᠬᠥᠭᠰᠢᠨ ᠡᠬᠡ ᠡᠴᠡ ᠲᠡᠷᠢᠭᠦᠯᠡᠨ ᠨᠢᠯᠬ᠎ᠠ ᠬᠡᠦᠬᠡᠳ ᠲᠣᠷ ᠬᠦᠷᠲᠡᠯ᠎ᠡ ᠴᠥᠮ ᠬᠣᠲᠠ ᠶ᠋ᠢᠨ ᠪᠠᠢᠰᠢᠩ ᠳ᠋ᠤᠷ ᠭᠠᠷᠭᠠᠨ ᠨᠢᠭᠡ ᠨᠢᠭᠡ ᠪᠡᠷ ᠴᠠᠪᠴᠢᠵᠤ ᠪᠠᠭᠤᠯᠭᠠᠪᠠᠢ᠃ ᠮᠥᠩᠬᠡ ᠬᠠᠭᠠᠨ ᠡᠭᠦᠨ ᠢ᠋ ᠦᠵᠡᠭᠡᠳ ᠲᠤᠢᠯ ᠢ᠋ᠶ᠋ᠠᠷ ᠬᠢᠯᠢᠩᠯᠡᠨ ᠵᠠᠪᠠᠯ ᠭᠠᠷ ᠢ᠋ᠶ᠋ᠠᠷ ᠢ᠋ᠶ᠋ᠠᠨ ᠪᠠᠷᠢᠵᠤ ᠠᠯᠠᠰᠤᠭᠠᠢ ᠭᠡᠮᠡᠨ ᠪᠡᠶ᠎ᠡ ᠬᠤᠶᠠᠭᠯᠠᠨ ᠮᠣᠷᠢ ᠠᠪᠴᠤ ᠢᠷᠡᠭᠦᠯᠵᠦ ᠭᠠᠷᠬᠤᠢ ᠳ᠋ᠤᠷ ᠰᠣᠨᠢᠲᠠᠢ ᠂ ᠲᠥᠮᠡᠨᠲᠡᠷ ᠂ ᠢᠰᠢᠨᠪᠥ᠋ᠬᠡ ᠂ ᠪᠠᠷᠢᠯᠴᠢ ᠂ ᠸᠠᠩ ᠲᠢᠶᠠᠨ ᠬᠡ ᠂ ᠪᠣᠷᠣᠬᠠᠷ᠎ᠠ ᠂ ᠬᠠᠪᠤᠷᠲᠤ ᠂ ᠠᠷᠰᠯᠠᠨ ᠂ ᠵᠤᠯᠨᠲᠠᠢᠴᠤᠬᠤᠷ ᠂ ᠵᠠᠩᠴᠠᠪᠠᠭᠠᠲᠤᠷ ᠨᠠᠷ ᠴᠥᠮ ᠡᠵᠡᠨ ᠦ᠌ ᠬᠢᠯᠢᠩ ᠶᠡᠬᠡ ᠲᠤᠯᠠ ᠠᠶᠤᠨ ᠬᠣᠷᠢᠭᠯᠠᠭᠰᠠᠨ ᠦᠭᠡᠢ ᠶᠠᠭᠠᠷᠠᠯᠳᠤᠨ ᠮᠣᠷᠳᠠᠵᠤ ᠲᠠᠭᠠᠯᠴᠠᠨ ᠭᠠᠷᠴᠤ ᠢᠷᠡᠬᠦᠢ ᠳ᠋ᠦ᠍ᠷ ᠸᠠᠩ ᠰᠦᠸᠧ ᠬᠣᠲᠠ ᠶ᠋ᠢᠨ ᠬᠠᠢᠰᠠᠩ ᠳ᠋ᠤᠷ ᠵᠣᠭᠰᠣᠵᠤ ᠮᠣᠩᠭᠣᠯ ᠤ᠋ᠨ ᠬᠠᠭᠠᠨ ᠪᠡᠶ᠎ᠡ ᠪᠡᠷ ᠪᠠᠢᠯᠳᠤᠶ᠎ᠠ ᠭᠠᠷᠴᠤ ᠢᠷᠡᠭᠰᠡᠨ ᠢ᠋ ᠦᠵᠡᠭᠡᠳ ᠡᠨᠡ ᠡᠳᠦᠷ ᠭᠠᠪᠢᠶ᠎ᠠ ᠪᠠᠢᠭᠤᠯᠬᠤ ᠦᠭᠡᠢ ᠬᠡᠳᠦᠢ ᠳ᠋ᠦ᠍ᠷ ᠪᠠᠢᠭᠤᠯᠤᠮᠤᠢ ᠭᠡᠮᠡᠨ ᠰᠢᠯᠢᠳᠡᠭ ᠴᠡᠷᠢᠭ ᠭᠤᠷᠪᠠᠨ ᠮᠢᠩᠭ᠎ᠠ ᠠᠪᠴᠤ ᠭᠤᠷᠪᠠᠨ ᠵᠡᠷᠭᠡ ᠫᠤᠤ ᠲᠠᠯᠪᠢᠨ ᠬᠣᠲᠠ ᠶ᠋ᠢᠨ ᠬᠠᠭᠠᠯᠭ᠎ᠠ ᠪᠠᠨ ᠴᠠᠢᠲᠠᠯ᠎ᠠ ᠨᠡᠭᠡᠭᠡᠵᠦ ᠬᠣᠶᠠᠷ ᠰᠢᠳᠡᠮ ᠢ᠋ᠶ᠋ᠡᠨ ᠪᠠᠷᠢᠵᠤ ᠴᠡᠷᠢᠭ ᠢ᠋ᠶ᠋ᠡᠨ ᠵᠢᠭᠰᠠᠭᠠᠨ ᠮᠣᠷᠢ ᠲᠡᠳᠡᠨ ᠵᠣᠭᠰᠣᠭᠠᠳ ᠬᠠᠭᠠᠨ ᠢ᠋ ᠨᠡᠷ᠎ᠡ ᠵᠢᠭᠠᠵᠤ ᠪᠠᠢᠯᠳᠤᠰᠤᠭᠠᠢ ᠬᠡᠮᠡᠬᠦᠢ ᠳ᠋ᠦ᠍ᠷ ᠵᠢᠭᠰᠠᠭᠠᠯ ᠤ᠋ᠨ ᠡᠭᠦᠳᠡᠨ ᠦ᠌ ᠲᠤᠭ ᠨᠡᠭᠡᠭᠡᠭᠳᠡᠮᠡᠭᠴᠡ ᠮᠥᠩᠬᠡ ᠬᠠᠭᠠᠨ ᠭᠠᠷᠴᠤ ᠢᠷᠡᠬᠦᠢ ᠳ᠋ᠦ᠍ᠷ ᠵᠡᠭᠦᠨ ᠪᠠᠷᠠᠭᠤᠨ᠎ᠠ ᠶᠡᠬᠡ ᠪᠠᠭ᠎ᠠ ᠵᠠᠩᠵᠤᠨ ᠵᠠᠭᠤ ᠢᠯᠡᠭᠦᠦ ᠬᠥᠮᠦᠨ ᠵᠢᠭᠦᠷᠯᠡᠨ ᠵᠢᠭᠰᠠᠭᠠᠪᠠ᠃ ᠸᠠᠩ ᠰᠦᠸᠧ ᠨᠢᠳᠦᠨ ᠡᠷᠭᠦᠵᠦ ᠦᠵᠡᠪᠡᠰᠦ ᠮᠥᠩᠬᠡ ᠬᠠᠭᠠᠨ ᠰᠢᠷᠭ᠎ᠠ ᠮᠣᠷᠢ ᠂ ᠠᠯᠲᠠᠨ ᠡᠮᠡᠭᠡᠯ᠂ ᠯᠤᠤ ᠺᠠᠷᠣᠳᠢ ᠶ᠋ᠢᠨ ᠮᠠᠩᠨᠤᠭ ᠢ᠋ ᠠᠯᠲᠠᠨ ᠬᠤᠶᠠᠭ ᠢ᠋ᠶ᠋ᠠᠷ ᠳᠠᠷᠤᠭᠤᠯᠵᠤ ᠴᠢᠷᠠᠢ ᠰᠢᠷᠠᠪᠲᠤᠷ ᠨᠢᠳᠦ ᠬᠥᠮᠥᠰᠬᠡ ᠠᠷᠢᠭᠤᠨ ᠲᠤᠩᠭᠠᠯᠠᠭ᠂ ᠠᠭᠤᠯᠠ ᠮᠥᠷᠡᠨ ᠢ᠋ ᠬᠠᠳᠠᠭᠠᠯᠠᠪᠠᠢ᠃ ᠭᠠᠷ ᠲᠤᠷ ᠤᠷᠲᠤ ᠵᠢᠳᠠ ᠪᠠᠷᠢᠵᠤ ᠨᠣᠭᠣᠭᠠᠨ ᠰᠢᠷᠢ ᠰᠠᠭᠠᠳᠠᠭ ᠲᠤᠷ ᠠᠯᠲᠠᠨ ᠵᠡᠪᠡ ᠳᠦᠭᠦᠷᠭᠡᠪᠡ᠃ ᠲᠡᠷᠢᠭᠦᠨ ᠳ᠋ᠦ᠍ᠷ ᠠᠯᠲᠠᠨ ᠳᠤᠭᠤᠯᠠᠭ᠎ᠠ ᠤᠯᠠᠭᠠᠨ ᠰᠣᠨᠣᠪᠲᠤᠷ ᠬᠣᠣᠰᠯᠠᠵᠤ ᠨᠢᠳᠦ ᠭᠢᠯᠪᠠᠰᠤᠮᠤᠢ᠃ ᠦᠨᠡᠬᠡᠷ ᠲᠡᠭᠷᠢ ᠶ᠋ᠢᠨ ᠬᠥᠪᠡᠭᠦᠨ ᠠᠵᠤᠭᠤ᠃ ᠸᠠᠩ ᠰᠦᠸᠧ ᠵᠠᠪᠰᠢᠶᠠᠨ ᠢ᠋ᠶ᠋ᠠᠷ ᠰᠥᠩ ᠦ᠋ᠨ ᠡᠵᠡᠨ ᠳ᠋ᠡᠭᠡᠨ ᠬᠡᠳᠦ ᠤᠳᠠᠭ᠎ᠠ ᠪᠠᠷᠠᠭᠠᠯᠠᠵᠤ ᠥᠩᠭᠡᠷᠡᠭᠰᠡᠨ ᠲᠤᠯᠠ ᠬᠣᠶᠠᠷ ᠡᠵᠡᠨ ᠢ᠋ ᠠᠳᠠᠯᠢᠳᠬᠠᠪᠠᠰᠤ ᠲᠡᠭᠷᠢ ᠭᠠᠵᠠᠷ ᠤ᠋ᠨ ᠵᠦᠷᠢᠭᠡᠲᠡᠢ ᠭᠡᠮᠡᠨ ᠪᠣᠳᠣᠭᠳᠠᠵᠤ ᠴᠢᠷᠮᠠᠢᠨ ᠪᠠᠢᠯᠳᠤᠰᠤᠭᠠᠢ ᠭᠡᠮᠡᠨ ᠮᠣᠷᠢ ᠲᠠᠯᠪᠢᠨ ᠢᠷᠡᠬᠦᠢ ᠳ᠋ᠦ᠍ᠷ ᠬᠠᠭᠠᠨ ᠤ᠋ ᠵᠡᠭᠦᠨ ᠮᠥᠷ ᠡᠴᠡ ᠵᠠᠩᠴᠠᠪᠠᠭᠠᠳᠤᠷ ᠳᠠᠮ ᠢᠯᠳᠦ ᠳᠠᠯᠠᠯᠤᠨ ᠲᠣᠰᠣᠨ ᠠᠪᠴᠤ ᠦᠵᠡᠪᠡᠰᠦ ᠸᠠᠩ ᠰᠦᠸᠧ ᠴᠢᠷᠠᠢ ᠬᠠᠷ᠎ᠠ ᠰᠠᠬᠠᠯ ᠤᠯᠠᠭᠠᠨ ᠭᠠᠷᠠᠬᠠᠨ ᠨᠢᠳᠦ ᠪᠠᠭᠲᠠᠭᠠᠷ ᠪᠡᠶ᠎ᠡ ᠲᠡᠢ ᠂ ᠬᠠᠯᠲᠠᠷ ᠮᠣᠷᠢ ᠤᠨᠤᠵᠤᠬᠤᠢ᠃ ᠭᠠᠷ ᠲᠤᠷ ᠬᠣᠣᠰ ᠲᠡᠮᠦᠷ ᠰᠢᠳᠠᠮ ᠪᠠᠷᠢᠵᠤ ᠮᠥᠷᠥ ᠶ᠋ᠢᠨ ᠬᠦᠴᠦᠨ ᠦᠬᠡᠷ ᠮᠣᠷᠢᠨ ᠢ᠋ ᠡᠷᠭᠦᠮᠦᠢ᠃ ᠮᠠᠰᠢ ᠪᠠᠷᠳᠠᠮᠨᠠᠨ ᠳᠠᠮ ᠢᠯᠳᠦ ᠶ᠋ᠢ ᠰᠢᠲᠠᠮ ᠢ᠋ᠶ᠋ᠠᠷ ᠪᠤᠴᠠᠭᠠᠨ ᠥᠷᠥᠭᠡᠰᠦᠨ ᠰᠢᠲᠠᠮ ᠢ᠋ᠶ᠋ᠠᠷ ᠵᠠᠩᠴᠡᠪᠠᠭᠠᠳᠤᠷ ᠢ᠋ ᠵᠠᠨᠴᠠᠬᠤᠢ᠎ᠠ ᠵᠠᠩᠴᠠᠪᠠᠭᠠᠳᠤᠷ ᠤ᠋ᠨ ᠮᠣᠷᠢ ᠬᠡᠳᠦᠢᠨᠡᠢ ᠥᠩᠭᠡᠷᠡᠨ ᠭᠠᠷᠪᠠ᠃ ᠡᠢᠨ ᠬᠦ᠌ ᠢᠯᠳᠦ ᠰᠢᠳᠠᠮ ᠳᠡᠰ ᠨᠢᠰ ᠬᠡᠮᠡᠲᠡᠯ᠎ᠡ ᠬᠣᠷᠢᠨ ᠤᠳᠠᠭ᠎ᠠ ᠪᠣᠯᠵᠤ ᠢᠷᠡᠬᠦᠢ ᠳ᠋ᠦ᠍ᠷ ᠵᠠᠩᠴᠠᠪᠠᠭᠠᠳᠤᠷ ᠲᠦᠷᠭᠡᠯᠡᠰᠦᠭᠡᠢ ᠭᠡᠮᠡᠨ ᠬᠦᠴᠦᠨ ᠮᠡᠬᠦᠰ ᠪᠣᠯᠪᠠᠴᠤ ᠴᠢᠷᠮᠠᠢᠨ ᠸᠠᠩ ᠰᠦᠸᠧ ᠣᠢᠷᠠᠲᠤᠨ ᠢᠷᠡᠬᠦᠢ ᠳ᠋ᠦ᠍ᠷ ᠭᠡᠨᠡᠳᠲᠡ ᠮᠣᠷᠢ ᠪᠠᠨ ᠲᠠᠲᠠᠵᠤ ᠢᠯᠳᠦ ᠦᠵᠡ ᠭᠡᠮᠡᠨ ᠠᠶᠤᠩᠭ᠎ᠠ ᠮᠡᠲᠦ ᠪᠠᠷᠬᠢᠷᠠᠨ ᠴᠠᠪᠴᠢᠭᠰᠠᠨ ᠳ᠋ᠤᠷ ᠸᠠᠩ ᠰᠦᠸᠧ ᠰᠣᠴᠢᠰᠬᠢᠨ ᠲᠣᠰᠴᠤ ᠵᠠᠪᠳᠤᠭᠰᠠᠨ ᠦᠭᠡᠢ ᠮᠥᠷᠥ ᠣᠨᠣᠭᠳᠠᠵᠤ ᠮᠣᠷᠢᠨ ᠠ᠋ᠴᠠ ᠤᠨᠠᠪᠠ᠃ 
       ᠮᠥᠩᠬᠡ ᠬᠠᠭᠠᠨ ᠬᠢᠯᠢᠩᠯᠡᠨ ᠴᠠᠩ ᠨᠢᠩ ᠬᠣᠲᠠ ᠶ᠋ᠢ ᠬᠢᠳᠦᠰᠦᠭᠡᠢ ᠬᠡᠮᠡᠬᠦᠢ ᠳ᠋ᠦ᠍ᠷ ᠯᠢᠶᠠᠩ ᠶᠦᠨ ᠡᠵᠡᠨ ᠦ᠌ ᠬᠦᠯᠦᠭ ᠦ᠋ᠨ ᠡᠮᠦᠨ᠎ᠡ ᠰᠥᠭᠥᠳᠴᠦ ᠬᠣᠲᠠ ᠶ᠋ᠢᠨ ᠣᠯᠠᠨ᠎ ᠢ ᠥᠷᠥᠰᠢᠶᠡᠬᠦ ᠪᠣᠯᠪᠠᠤ ᠭᠡᠮᠡᠨ ᠭᠤᠶᠤᠭᠰᠠᠨ ᠳ᠋ᠤᠷ ᠡᠵᠡᠨ ᠰᠣᠶᠣᠷᠬᠠᠷᠤᠨ : 《ᠪᠢ ᠴᠢᠨᠦ ᠥᠰᠢᠶ᠎ᠡ ᠶ᠋ᠢ ᠠᠪᠬᠤ ᠲᠥᠯᠥᠭᠡ ᠪᠤᠶᠤ᠃ ᠨᠢᠭᠡᠨᠲᠡ ᠭᠤᠶᠤᠬᠤ ᠲᠤᠯᠠ ᠴᠠᠩ ᠨᠢᠩ ᠬᠣᠲᠠ ᠶ᠋ᠢ ᠴᠢᠮ᠎ᠠ ᠳ᠋ᠤᠷ ᠲᠤᠰᠢᠶᠠᠰᠤᠭᠠᠢ᠃ ᠪᠠᠢᠳᠠᠯ ᠢ᠋ ᠦᠵᠡᠵᠦ ᠮᠡᠳᠡᠲᠦᠭᠡᠢ 》 ᠬᠡᠮᠡᠪᠡ ᠃ ᠴᠠᠩ ᠨᠢᠩ ᠬᠣᠲᠠ ᠯᠢᠶᠠᠩ ᠶᠦᠨ ᠦ᠌ ᠠᠴᠢ ᠪᠠᠷ ᠠᠮᠢᠳᠤᠷᠠᠪᠠ᠃ 
       ᠴᠠᠩ ᠨᠢᠩ ᠢ᠋ ᠡᠵᠡᠯᠡᠭᠰᠡᠨ ᠦ᠌ ᠳᠠᠷᠠᠭ᠎ᠠ ᠸᠠᠩ ᠲᠢᠶᠠᠨ ᠬᠡ ᠶ᠋ᠢ ᠬᠣᠰᠢᠭᠤᠴᠢ ᠪᠣᠯᠭᠠᠨ ᠲᠣᠮᠢᠯᠠᠵᠤ ᠡᠵᠡᠨ ᠦ᠌ ᠪᠡᠶ᠎ᠡ ᠴᠠᠩ ᠬᠦ ᠱᠠᠨ ᠬᠦᠷᠴᠦ ᠢᠷᠠᠪᠠᠰᠤ ᠰᠦᠢ ᠮᠧᠨ ᠪᠣᠭᠣᠮᠲᠠ ᠶ᠋ᠢ ᠸᠠᠩ ᠲᠢᠶᠠᠨ ᠬᠡ ᠬᠡᠳᠦᠢᠨᠡᠢ ᠪᠠᠢᠯᠳᠤᠨ ᠠᠪᠴᠤ ᠬᠦᠯᠢᠶᠡᠮᠦᠢ᠃ ᠲᠡᠢᠨ ᠬᠦ᠌ ᠡᠵᠡᠨ ᠦ᠌ ᠴᠡᠷᠢᠭ ᠰᠠᠭᠠᠳ ᠦᠭᠡᠢ ᠯᠠᠩ ᠵᠧᠦ ᠵᠦᠭ ᠣᠷᠣᠬᠤᠢ ᠳ᠋ᠤᠷ ᠰᠥᠩ ᠤᠯᠤᠰ ᠤ᠋ᠨ ᠵᠠᠩᠵᠤᠨ ᠶᠠᠩ ᠳᠠ ᠶᠤᠸᠠᠨ᠂ ᠯᠢᠩ ᠴᠢᠤᠸᠠᠨ ᠱᠠᠨ ᠳ᠋ᠤᠷ ᠲᠣᠰᠣᠨ ᠠᠪᠴᠤ ᠪᠠᠢᠯᠳᠤᠭᠠᠳ ᠶᠡᠬᠡᠳᠡ ᠳᠡᠢᠯᠦᠭᠳᠡᠨ ᠬᠠᠯᠬᠠᠪᠴᠢ ᠪᠣᠭᠣᠮᠲᠠ ᠪᠠᠨ ᠠᠯᠳᠠᠭᠰᠠᠨ ᠲᠤᠯᠠ ᠣᠷᠣᠬᠤ ᠭᠠᠵᠠᠷ ᠦᠭᠡᠢ ᠪᠣᠯᠵᠤ ᠠᠷᠭ᠎ᠠ ᠦᠭᠡᠢ ᠬᠥᠪᠡᠭᠦᠨ ᠢ᠋ᠶ᠋ᠡᠨ ᠶᠠᠪᠤᠭᠤᠯᠵᠤ ᠳᠠᠭᠠᠬᠤ ᠶ᠋ᠢ ᠭᠤᠶᠤᠵᠤ ᠯᠠᠩ ᠵᠧᠦ ᠬᠣᠲᠠ ᠶ᠋ᠢᠨ ᠬᠡᠳᠦᠨ ᠲᠦᠮᠡᠨ ᠬᠥᠮᠦᠨ ᠠᠮᠠ ᠶ᠋ᠢ ᠭᠡᠯᠳᠦᠷᠢᠭᠦᠯ ᠭᠡᠮᠡᠨ ᠭᠤᠶᠤᠵᠤ ᠳᠠᠭᠠᠪᠠ᠃ ᠲᠢᠶᠠᠨ ᠬᠡ ᠲᠡᠭᠦᠨ ᠢ᠋ ᠬᠠᠭᠠᠨ ᠳ᠋ᠤᠷ ᠪᠠᠷᠠᠭᠠᠯᠠᠭᠤᠯᠤᠨ ᠯᠠᠩ ᠵᠧᠦ ᠬᠣᠲᠠ ᠶ᠋ᠢ ᠥᠷᠥᠰᠢᠶᠡᠬᠦ ᠵᠥᠪᠰᠢᠶᠡᠷᠡᠯ ᠥᠭᠴᠦ ᠰᠧᠴᠤᠸᠠᠨ ᠤ᠋ ᠱᠢ ᠯᠠᠩ ᠲᠦᠰᠢᠮᠡᠯ ᠪᠣᠯᠭᠠᠨ ᠡᠷᠭᠦᠮᠵᠢᠯᠡᠵᠦ ᠴᠡᠷᠢᠭ ᠢ᠋ᠶ᠋ᠡᠨ ᠠᠪᠴᠤ ᠳᠠᠭᠠᠵᠤ ᠪᠠᠢᠯᠳᠤ ᠭᠡᠮᠡᠨ ᠵᠠᠷᠯᠢᠭ ᠪᠣᠯᠪᠠ᠃ 
       ᠡᠭᠦᠨ ᠢ᠋ ᠳᠠᠭᠠᠯᠳᠤᠨ ᠶᠦᠨ ᠱᠠᠨ᠂ ᠴᠢᠩ ᠢᠦᠢ ᠂  ᠳᠡ ᠯᠢᠶᠠᠩ ᠵᠡᠷᠭᠡ ᠬᠠᠪᠴᠢᠯ ᠪᠣᠭᠣᠮᠲᠠ ᠴᠥᠮ ᠳᠠᠭᠠᠷ᠎ᠠ ᠢᠷᠡᠪᠡᠢ᠃ ᠵᠦᠩ ᠬᠦᠢ ᠱᠠᠨ ᠠᠭᠤᠯᠠ ᠬᠦᠷᠴᠦ ᠢᠷᠡᠬᠦᠢ ᠳ᠋ᠦ᠍ᠷ ᠭᠧ ᠵᠧᠦ ᠶ᠋ᠢ ᠰᠠᠬᠢᠭᠰᠠᠨ ᠰᠥᠩ ᠦ᠋ᠨ ᠶᠡᠬᠡ ᠵᠠᠩᠵᠤᠨ ᠸᠠᠩ ᠵᠢᠶᠠᠨ ᠪᠡᠷᠬᠡ ᠬᠠᠪᠴᠢᠯ ᠳ᠋ᠠᠭᠠᠨ ᠡᠷᠳᠦᠵᠦ ᠦᠬᠦᠨ ᠰᠠᠬᠢᠨ ᠰᠠᠭᠤᠪᠠ᠃ 
       ᠲᠡᠳᠦᠢ ᠳ᠋ᠦ᠍ᠷ ᠮᠥᠬᠡ ᠲᠠᠨ ᠴᠦᠢ ᠵᠧᠦ ᠬᠣᠲᠠ ᠬᠢᠭᠡᠳ ᠯᠢ ᠢ ᠱᠠᠨ ᠢ᠋ ᠪᠠᠢᠯᠳᠤᠨ ᠲᠣᠭᠲᠠᠭᠠᠵᠤ ᠪᠠ ᠵᠧᠦ ᠂ ᠫᠢᠩ ᠯᠢᠶᠩ ᠱᠠᠨ ᠢ᠋ ᠪᠠᠢᠯᠳᠤᠨ ᠡᠵᠡᠯᠡᠪᠡ᠃ ᠮᠥᠩᠬᠡ ᠬᠠᠭᠠᠨ ᠮᠥᠭᠡ ᠬᠠᠨ ᠤ᠋ ᠢᠯᠠᠯᠲᠠ ᠶ᠋ᠢᠨ ᠮᠡᠳᠡᠭᠡ ᠶ᠋ᠢ ᠣᠯᠵᠤ ᠮᠠᠰᠢ ᠪᠠᠶᠠᠷᠯᠠᠨ ᠭᠧ ᠵᠧᠦ ᠶ᠋ᠢ ᠠᠪᠬᠤ ᠲᠤᠬᠠᠢ ᠵᠥᠪᠳᠡᠪᠡᠰᠦ ᠶᠠᠩ ᠳᠠ ᠶᠤᠸᠠᠨ ᠭᠠᠷᠴᠤ ᠪᠠᠢᠯᠳᠤᠰᠤᠭᠠᠢ ᠭᠡᠮᠡᠨ ᠭᠤᠶᠤᠭᠰᠠᠨ ᠳ᠋ᠤᠷ ᠬᠠᠭᠠᠨ ᠬᠢᠴᠢᠶᠡᠭᠲᠦᠨ ᠭᠡᠮᠡᠨ ᠠᠩᠬᠠᠷᠤᠭᠤᠯᠵᠤ ᠭᠠᠷᠭᠠᠪᠠ᠃ ᠸᠠᠩ ᠳᠠ ᠶᠤᠸᠠᠨ ᠭᠧ ᠵᠧᠦ ᠶ᠋ᠢᠨ ᠪᠠᠷᠠᠭᠤᠨ ᠡᠭᠦᠳᠡᠨ ᠳ᠋ᠦ᠍ᠷ ᠬᠦᠷᠴᠦ ᠴᠡᠷᠢᠭ ᠢ᠋ᠶ᠋ᠡᠨ ᠵᠢᠭᠰᠠᠭᠠᠨ ᠬᠣᠲᠠ ᠶ᠋ᠢ ᠰᠠᠬᠢᠭᠰᠠᠨ ᠵᠠᠩᠵᠤᠨ ᠸᠠᠩ ᠵᠢᠶᠠᠨ ᠢ᠋ ᠭᠠᠷᠴᠤ ᠢᠷᠡᠨ ᠦᠭᠡ ᠥᠴᠢ ᠬᠡᠮᠡᠬᠦᠢ ᠳ᠋ᠦ᠍ᠷ ᠸᠠᠩ ᠵᠢᠶᠠᠨ ᠦᠵᠡᠪᠡᠰᠦ ᠮᠣᠩᠭᠣᠯ ᠴᠡᠷᠢᠭ ᠦᠭᠡᠢ ᠴᠥᠮ ᠰᠥᠩ ᠦ᠋ᠨ ᠬᠠᠭᠤᠴᠢᠨ ᠴᠡᠷᠢᠭ ᠲᠤᠯᠠ ᠣᠷᠣᠭᠤᠯᠵᠤ ᠠᠪᠬᠤ ᠶ᠋ᠢ ᠪᠣᠳᠣᠵᠤ ᠬᠣᠲᠠᠨ ᠠ᠋ᠴᠠ ᠭᠠᠷᠴᠤ ᠢᠷᠡᠭᠡᠳ ᠴᠡᠷᠢᠭ ᠢ᠋ᠶ᠋ᠡᠨ ᠵᠢᠭᠰᠠᠭᠠᠨ ᠡᠭᠦᠳᠡᠨ ᠦ᠌ ᠲᠤᠭ ᠤ᠋ᠨ ᠳᠣᠣᠷ᠎ᠠ ᠮᠣᠷᠢ ᠲᠡᠳᠡᠨ ᠵᠣᠭᠰᠣᠵᠤ : 《ᠤᠷᠪᠠᠭᠰᠠᠨ ᠲᠣᠯᠣᠭᠠᠢ ᠶᠠᠩ ᠳᠠ ᠶᠤᠸᠠᠨ ᠶᠠᠮᠠᠷ ᠨᠢᠭᠤᠷ ᠢ᠋ᠶ᠋ᠠᠷ ᠮᠢᠨᠦ ᠰᠠᠬᠢᠭᠰᠠᠨ ᠬᠣᠲᠠ ᠶ᠋ᠢ ᠬᠠᠯᠳᠠᠷ᠎ᠠ ᠢᠷᠡᠪᠡᠢ᠃ ᠴᠢᠨᠦ ᠡᠪᠦᠭᠡ ᠳᠡᠭᠡᠳᠦᠰ ᠡᠴᠡ ᠡᠬᠢᠯᠡᠨ ᠴᠥᠮ ᠰᠥᠩ ᠤᠯᠤᠰ ᠤ᠋ᠨ ᠬᠡᠰᠢᠭ ᠢ᠋ ᠬᠦᠷᠲᠡᠭᠡᠳ ᠡᠳᠦᠭᠡ ᠰᠢᠳᠤᠷᠭᠤ ᠶ᠋ᠢ ᠭᠦᠢᠴᠡᠳᠬᠡᠵᠦ ᠠᠴᠢ ᠶ᠋ᠢ ᠬᠠᠷᠢᠭᠤᠯᠠᠬᠤ ᠦᠭᠡᠢ ᠬᠠᠷᠢᠨ ᠰᠢᠨᠬᠢᠭ ᠳ᠋ᠠᠽᠢ ᠶ᠋ᠢ ᠳᠠᠭᠠᠵᠤ ᠲᠡᠷᠰᠯᠡᠬᠦ ᠢᠨᠦ ᠦᠬᠦᠬᠦ ᠶ᠋ᠢ ᠬᠦᠷᠬᠦ ᠦᠭᠡᠢ 》 ᠭᠡᠮᠡᠨ ᠬᠠᠷᠢᠶᠠᠬᠤᠢ ᠳ᠋ᠤᠷ ᠶᠠᠩ ᠳᠠ ᠶᠤᠸᠠᠨ: 《ᠲᠡᠭᠷᠢ ᠶ᠋ᠢᠨ ᠴᠠᠭ ᠢ᠋ ᠵᠥᠷᠢᠴᠡᠭᠰᠡᠨ ᠮᠠᠲᠠᠯ ᠦᠭᠡᠢ ᠪᠣᠭᠣᠯ ᠮᠥᠬᠥᠬᠦ ᠰᠥᠩ ᠳ᠋ᠦ᠍ᠷ ᠦᠢᠯᠡᠴᠢᠯᠡᠵᠦ ᠬᠣᠵᠢᠮ ᠦᠬᠦᠬᠦ ᠭᠠᠵᠠᠷ ᠦᠭᠡᠢ ᠪᠣᠯᠬᠤ ᠪᠠᠨ ᠮᠡᠳᠡᠬᠦ ᠦᠭᠡᠢ ᠪᠠᠰᠠ ᠶᠠᠭᠤᠨ ᠤ᠋ ᠰᠢᠳᠤᠷᠭᠤ ᠶ᠋ᠢ ᠥᠭᠦᠯᠡᠮᠦᠢ ! 》 ᠭᠡᠮᠡᠨ ᠶᠡᠬᠡᠳᠡ ᠠᠭᠤᠷᠯᠠᠨ ᠰᠡᠷᠡᠭᠡ ᠪᠡᠨ ᠰᠢᠯᠠᠮᠲᠠᠨ ᠪᠠᠢᠯᠳᠤᠨ ᠣᠷᠣᠪᠠᠰᠤ ᠸᠠᠩ ᠵᠢᠶᠠᠨ ᠬᠠᠨᠠᠭᠤᠷ ᠵᠢᠳᠠ ᠪᠠᠷ ᠲᠣᠰᠣᠨ ᠠᠪᠴᠤ ᠠᠷᠪᠠᠭᠠᠳ ᠤᠳᠠᠭ᠎ᠠ ᠪᠣᠯᠤᠭᠰᠠᠨ ᠳ᠋ᠤᠷ ᠳᠠᠷᠤᠢ ᠬᠠᠷ᠎ᠠ ᠬᠥᠯᠥᠰᠥ ᠠᠰᠬᠠᠷᠠᠨ ᠸᠠᠩ ᠳᠠ ᠶᠤᠸᠠᠨ ᠤ᠋ ᠬᠡᠴᠡᠭᠦᠦ ᠶ᠋ᠢ ᠤᠭ ᠠ᠋ᠴᠠ ᠮᠡᠳᠡᠬᠦ ᠲᠤᠯᠠ ᠤᠳᠠᠭᠠᠨ ᠪᠠᠢᠯᠳᠤᠬᠤ ᠶ᠋ᠢ ᠪᠣᠳᠣᠬᠤ ᠦᠭᠡᠢ ᠡᠨᠳᠡᠭᠳᠡᠯ ᠭᠠᠷᠬᠤ ᠠ᠋ᠴᠠ ᠡᠮᠦᠨ᠎ᠡ ᠪᠤᠴᠠᠰᠤᠭᠠᠢ ᠭᠡᠮᠡᠨ ᠬᠣᠭᠣᠰᠣᠨ ᠢ᠋ ᠵᠢᠳᠠᠯᠠᠨ ᠪᠤᠷᠤᠭᠤᠯᠠᠨ ᠵᠢᠭᠰᠠᠭᠠᠯ ᠳ᠋ᠠᠭᠠᠨ ᠣᠷᠣᠬᠤᠢ ᠳ᠋ᠤᠷ ᠶᠠᠩ ᠳᠠ ᠶᠤᠸᠠᠨ ᠰᠡᠷᠡᠭᠡ ᠳᠠᠯᠠᠯᠤᠨ ᠳᠠᠷᠤᠨ ᠣᠷᠣᠪᠠᠰᠤ ᠸᠠᠩ ᠵᠢᠶᠠᠨ ᠤ᠋ ᠵᠢᠭᠰᠠᠭᠠᠯ ᠲᠣᠭᠲᠠᠵᠤ ᠴᠢᠳᠠᠭᠰᠠᠨ ᠦᠭᠡᠢ ᠰᠠᠮᠠᠭᠤᠷᠠᠭᠰᠠᠨ ᠳ᠋ᠤᠷ ᠸᠠᠩ ᠵᠢᠶᠠᠨ ᠵᠢᠭᠰᠠᠭᠠᠯ  ᠢ᠋ᠶ᠋ᠠᠨ ᠬᠠᠶᠠᠵᠤ ᠬᠣᠲᠠᠨ ᠳ᠋ᠠᠭᠠᠨ ᠪᠤᠷᠤᠭᠤᠯᠠᠨ ᠣᠷᠣᠬᠤᠢ ᠳ᠋ᠤᠷ ᠶᠠᠩ ᠳᠠ ᠶᠤᠸᠠᠨ ᠲᠠᠯᠪᠢᠬᠤ ᠦᠭᠡᠢ ᠳᠠᠭᠠᠷᠢᠨ ᠬᠦᠷᠴᠦ ᠢᠷᠡᠭᠰᠡᠨ ᠳ᠋ᠦ᠍ᠷ ᠸᠠᠩ ᠵᠢᠶᠠᠨ ᠶᠠᠭᠠᠷᠠᠨ ᠡᠯᠭᠦᠮᠡᠯ ᠬᠥᠭᠥᠷᠭᠡ ᠪᠡ᠊ᠨ ᠲᠠᠲᠠᠭᠰᠠᠨ ᠳ᠋ᠤᠷ ᠲᠡᠭᠦᠨ ᠦ᠌ ᠣᠯᠠᠨ ᠴᠡᠷᠢᠭ ᠴᠥᠮ ᠭᠡᠲᠦᠯᠵᠦ ᠴᠢᠳᠠᠭᠰᠠᠨ ᠦᠭᠡᠢ  ᠵᠡᠪᠰᠡᠭ  ᠢ᠋ᠶ᠋ᠡᠨ ᠬᠠᠶᠠᠵᠤ ᠳᠠᠭᠠᠪᠠ᠃ ᠸᠠᠩ ᠵᠢᠶᠠᠨ ᠭᠠᠷᠴᠤ ᠪᠠᠢᠯᠳᠤᠭᠰᠠᠨ ᠳ᠋ᠠᠭᠠᠨ ᠭᠡᠮᠰᠢᠵᠦ ᠦᠬᠦᠨ ᠰᠠᠬᠢᠵᠤ ᠰᠠᠭᠤᠭᠰᠠᠨ ᠢ᠋ ᠥᠭᠦᠯᠡᠬᠦ ᠦᠭᠡᠢ᠃ ᠥᠭᠦᠯᠡᠬᠦ ᠢᠨᠦ ᠶᠠᠩ ᠳᠠ ᠶᠤᠸᠠᠨ ᠴᠡᠷᠢᠭ ᠠᠷᠠᠳ ᠲᠠᠢ ᠨᠡᠢᠯᠡᠭᠡᠳ ᠲᠦᠮᠡ ᠢᠯᠡᠭᠦᠦ ᠬᠥᠮᠦᠨ ᠠᠮᠠ ᠣᠯᠵᠠᠯᠠᠭᠠᠳ ᠢᠯᠠᠯᠲᠠ ᠶ᠋ᠢᠨ ᠬᠡᠩᠭᠡᠷᠭᠡ ᠴᠣᠬᠢᠨ ᠪᠤᠴᠠᠪᠠᠰᠤ ᠬᠠᠭᠠᠨ ᠴᠠᠴᠠᠷ ᠲᠤᠷ ᠠᠪᠴᠤ ᠠᠭᠤᠯᠵᠠᠭᠠᠳ ᠲᠡᠷᠢᠭᠦᠨ ᠭᠠᠪᠢᠶ᠎ᠠ ᠪᠠᠷ ᠲᠡᠮᠳᠡᠭᠯᠡᠵᠦ ᠠᠯᠲᠠᠨ ᠪᠦᠰᠡ ᠱᠠᠩᠨᠠᠪᠠ᠃ ᠶᠠᠩ ᠳᠠ ᠶᠤᠸᠠᠨ ᠬᠡᠰᠢᠭ ᠲᠣᠷ ᠮᠥᠷᠭᠥᠵᠦ ᠪᠠᠭᠤᠪᠠ᠃ 
       ᠲᠡᠭᠦᠨᠴᠡ ᠥᠭᠦᠯᠡᠬᠦ ᠢᠨᠤ ᠸᠠᠩ ᠵᠢᠶᠠᠨ ᠨᠢᠭᠡᠮᠦᠰᠦᠨ ᠠᠶᠤᠵᠤ ᠳᠠᠬᠢᠨ ᠪᠠᠢᠯᠳᠤᠶ᠎ᠠ ᠭᠠᠷᠴᠤ ᠢᠷᠡᠬᠦ ᠦᠭᠡᠢ ᠳ᠋ᠦ᠍ᠷ ᠡᠵᠡᠨ ᠦ᠌ ᠴᠡᠷᠢᠭ ᠭᠧ ᠵᠧᠦ ᠶ᠋ᠢ ᠰᠠᠯᠬᠢᠨ ᠪᠣᠷᠣᠭᠠᠨ ᠨᠡᠪᠲᠡᠷᠡᠬᠦ ᠦᠭᠡᠢ ᠪᠣᠯᠲᠠᠯ᠎ᠠ ᠪᠦᠰᠡᠯᠡᠵᠦ ᠰᠠᠭᠤᠪᠠᠢ᠃ 
       ᠬᠠᠷᠠᠭᠴᠢᠨ ᠬᠣᠨᠢᠨ ᠵᠢᠯ ᠦ᠋ᠨ ᠬᠣᠶᠠᠳᠤᠭᠠᠷ ᠰᠠᠷ᠎ᠠ ᠳ᠋ᠤᠷ ᠡᠵᠡᠨ ᠴᠠᠴᠠᠷ ᠤ᠋ᠨ ᠣᠯᠠᠨ ᠨᠣᠶᠠᠳ ᠲᠦᠰᠢᠮᠡᠳ ᠢ᠋ᠶ᠋ᠡᠨ ᠠᠪᠴᠤ ᠵᠢᠢ ᠵᠣᠣ ᠲᠠᠨ ᠤ᠋ ᠣᠯᠣᠮ ᠢ᠋ᠶ᠋ᠠᠷ ᠭᠡᠲᠦᠯᠵᠦ ᠰᠢ ᠽᠢ ᠹᠧᠩ ᠳ᠋ᠦ᠍ᠷ ᠬᠦᠷᠴᠦ ᠪᠠᠭᠤᠳᠠᠯᠯᠠᠭᠠᠳ ᠣᠯᠠᠨ ᠵᠠᠮ ᠤ᠋ᠨ ᠴᠡᠷᠢᠭ ᠢ᠋ᠶ᠋ᠡᠷ ᠭᠧ ᠵᠧᠦ ᠶ᠋ᠢ ᠡᠳᠦᠷ ᠰᠥᠨᠢ ᠦᠭᠡᠢ ᠪᠠᠢᠯᠳᠤᠭᠤᠯᠤᠮᠤᠢ᠃ 
       ᠴᠠᠭᠠᠨᠴᠢᠨ ᠭᠠᠬᠠᠢ ᠡᠳᠦᠷ ᠭᠧ ᠵᠧᠦ ᠶ᠋ᠢᠨ ᠭᠠᠳᠠᠭᠠᠳᠤ ᠪᠡᠬᠢᠯᠡᠯᠲᠡ ᠡᠢ ᠽᠢ ᠴᠧᠩ ᠢ᠋ ᠪᠠᠢᠯᠳᠤᠵᠤ ᠠᠪᠤᠭᠠᠳ ᠬᠠᠷᠠᠭᠴᠢᠨ ᠬᠣᠨᠢ ᠡᠳᠦᠷ ᠭᠧ ᠵᠧᠦ ᠬᠣᠲᠠ ᠶ᠋ᠢᠨ ᠵᠧᠨ ᠰᠢ ᠮᠧᠨ ᠢ᠋ ᠡᠪᠳᠡᠭᠰᠡᠨ ᠳ᠋ᠦ᠍ᠷ ᠬᠣᠲᠠ ᠶ᠋ᠢᠨ ᠴᠡᠷᠢᠭ ᠠᠷᠠᠳ ᠦᠬᠦᠨ ᠰᠠᠬᠢᠵᠤ ᠮᠣᠳᠣ ᠴᠢᠯᠠᠭᠤ ᠪᠠᠷ ᠪᠦᠭᠭᠦᠯᠵᠦ ᠲᠠᠯᠪᠢᠪᠠ᠃ ᠭᠤᠷᠪᠠᠳᠤᠭᠠᠷ ᠰᠠᠷ᠎ᠠ ᠳ᠋ᠤᠷ ᠭᠧ ᠵᠧᠦ ᠶ᠋ᠢᠨ  ᠳ᠋ᠦᠩ ᠰᠢᠨ ᠮᠧᠨ᠂ ᠴᠢ ᠴᠢᠩ ᠮᠧᠨ  ᠢ᠋ ᠵᠡᠷᠭᠡᠪᠡᠷ ᠪᠠᠢᠯᠳᠤᠵᠤ ᠰᠥᠩ ᠤᠯᠤᠰ ᠤ᠋ᠨ ᠴᠡᠷᠢᠭ ᠢ᠋ ᠮᠠᠰᠢ ᠣᠯᠠᠨ ᠠᠯᠠᠵᠤ ᠬᠣᠬᠢᠷᠠᠭᠤᠯᠪᠠ᠃ ᠤᠯᠠᠭᠠᠨ ᠬᠤᠯᠤᠭᠠᠨ᠎ᠠ ᠡᠳᠦᠷ ᠶᠡᠬᠡ ᠪᠣᠷᠣᠭᠠᠨ ᠣᠷᠣᠵᠤ ᠬᠣᠲᠠ ᠶ᠋ᠢ ᠪᠠᠢᠯᠳᠤᠬᠤᠢ ᠳ᠋ᠤᠷ ᠶᠡᠬᠡ ᠰᠠᠭᠠᠳ ᠪᠣᠯᠪᠠ᠃ ᠬᠥᠬᠡᠭᠴᠢᠨ ᠬᠣᠨᠢᠨ ᠡᠳᠦᠷ ᠬᠣᠰᠢᠭᠤᠴᠢ ᠸᠠᠩ ᠲᠢᠶᠠᠨ ᠬᠡ ᠪᠠᠴᠢᠮᠳᠠᠨ᠂  ᠭᠧ ᠵᠧᠦ ᠶ᠋ᠢᠨ ᠬᠤ᠌ ᠭᠦᠸ᠋ᠸ ᠮᠧᠨ ᠢ᠋ ᠶᠡᠬᠡᠳᠡ ᠪᠠᠢᠯᠳᠤᠵᠤ ᠬᠣᠲᠠ ᠶ᠋ᠢ ᠮᠥᠨ ᠡᠪᠳᠡᠵᠦ ᠴᠢᠳᠠᠭᠰᠠᠨ ᠦᠭᠡᠢ ᠲᠤᠯᠠ ᠤᠯᠠᠭᠬᠠᠴᠢᠨ ᠲᠠᠬᠢᠶ᠎ᠠ ᠡᠳᠦᠷ ᠦ᠋ᠨ ᠰᠥᠨᠢ ᠭᠧ ᠵᠧᠦ ᠶ᠋ᠢᠨ ᠭᠠᠳᠠᠭᠠᠳᠤ ᠬᠣᠲᠠᠨ ᠳ᠋ᠤᠷ ᠠᠪᠠᠷᠢᠨ ᠭᠠᠷᠴᠤ ᠴᠡᠷᠢᠭ ᠦ᠋ᠨ ᠬᠦᠷᠢᠶ᠎ᠡ ᠶ᠋ᠢ ᠳᠠᠭᠠᠷᠢᠵᠤ ᠮᠠᠰᠢ ᠣᠯᠠᠨ ᠠᠯᠠᠵᠤ ᠬᠣᠬᠢᠷᠠᠭᠤᠯᠤᠭᠰᠠᠨ ᠪᠣᠯᠪᠠᠴᠤ ᠠᠷᠤ ᠶ᠋ᠢᠨ ᠴᠡᠷᠢᠭ ᠲᠠᠭᠠᠯᠴᠠᠨ ᠭᠠᠷᠴᠤ ᠢᠷᠡᠭᠰᠡᠨ ᠦᠭᠡᠢ ᠲᠤᠯᠠ ᠮᠥᠨ ᠬᠣᠲᠠ ᠶ᠋ᠢ ᠡᠪᠳᠡᠵᠦ ᠴᠢᠳᠠᠭᠰᠠᠨ ᠦᠭᠡᠢ᠃ ᠭᠡᠪᠡᠴᠦ ᠸᠠᠩ ᠲᠢᠶᠠᠨ ᠬᠡ ᠵᠣᠷᠢᠭ ᠮᠣᠬᠣᠭᠰᠠᠨ ᠦᠭᠡᠢ ᠳᠠᠬᠢᠨ ᠪᠠᠭᠠᠲᠤᠷ ᠡᠷᠡᠰ ᠢ᠋ ᠰᠢᠯᠭᠠᠨ ᠠᠪᠴᠤ ᠮᠥᠨ ᠰᠥᠨᠢ ᠶ᠋ᠢᠨ ᠬᠠᠷᠠᠩᠭᠤᠢ ᠶ᠋ᠢ ᠠᠰᠢᠭᠯᠠᠨ ᠭᠧ ᠵᠧᠦ ᠬᠣᠲᠠᠨ ᠳ᠋ᠤᠷ ᠠᠪᠠᠷᠢᠨ ᠭᠠᠷᠴᠤ ᠰᠥᠩ ᠤᠯᠤᠰ ᠤ᠋ᠨ ᠮᠣᠷᠢᠲᠤ ᠴᠡᠷᠢᠭ ᠦ᠋ᠨ ᠬᠦᠷᠢᠶ᠎ᠡ ᠳ᠋ᠦ᠍ᠷ ᠳᠠᠭᠠᠷᠢᠨ ᠣᠷᠣᠭᠠᠳ ᠠᠯᠠᠨ ᠬᠢᠳᠤᠵᠤ ᠠᠬᠤᠢ ᠳ᠋ᠤᠷ ᠸᠠᠩ ᠵᠢᠶᠠᠨ ᠤ᠋ ᠲᠤᠰᠠᠯᠠᠬᠤ ᠴᠡᠷᠢᠭ ᠬᠦᠷᠴᠦ ᠢᠷᠡᠭᠰᠡᠨ ᠪᠥᠭᠡᠳ ᠭᠡᠨᠡᠳᠲᠡ ᠶᠡᠬᠡ ᠪᠣᠷᠣᠭᠠᠯᠠᠨ ᠡᠭᠦᠯᠡᠨ ᠱᠠᠲᠤ ᠬᠤᠭᠤᠷᠠᠭᠰᠠᠨ ᠳ᠋ᠤᠷ ᠠᠷᠤ ᠴᠡᠷᠢᠭ ᠲᠠᠰᠤᠷᠠᠭᠰᠠᠨ ᠲᠤᠯᠠ ᠪᠠᠰᠠ ᠬᠣᠲᠠ ᠶ᠋ᠢ ᠡᠪᠳᠡᠵᠦ ᠴᠢᠳᠠᠭᠰᠠᠨ ᠦᠭᠡᠢ᠃ ᠲᠡᠢᠨ ᠬᠦ᠌ ᠭᠧ ᠵᠧᠦ ᠶ᠋ᠢᠨ ᠴᠡᠷᠢᠭ ᠠᠷᠠᠳ ᠴᠥᠮ ᠲᠡᠭᠷᠢ ᠭᠧ ᠵᠧᠦ ᠶ᠋ᠢ ᠠᠪᠤᠷᠠᠪᠠ ᠬᠡᠮᠡᠯᠳᠦᠮᠦᠢ᠃ 
       ᠰᠢᠷᠬᠠᠴᠢᠨ ᠬᠣᠨᠢᠨ ᠵᠢᠯ ᠦ᠋ᠨ ᠳᠥᠷᠪᠡᠨ ᠰᠠᠷ᠎ᠠ ᠶ᠋ᠢᠨ ᠬᠥᠬᠡᠭᠴᠢᠨ ᠮᠣᠭᠠᠢ ᠡᠳᠦᠷ ᠬᠠᠭᠤᠴᠢᠳ ᠲᠤᠷ ᠬᠠᠭᠠᠨ ᠵᠦᠩ ᠬᠦᠢ ᠱᠠᠨ ᠠᠭᠤᠯᠠᠨ ᠳ᠋ᠤᠷ ᠶᠡᠬᠡ ᠬᠤᠷᠢᠮᠯᠠᠵᠤ ᠬᠠᠳ ᠨᠣᠶᠠᠳ ᠠ᠋ᠴᠠ ᠠᠰᠠᠭᠤᠷᠤᠨ : 《ᠡᠳᠦᠭᠡ ᠰᠥᠩ ᠤᠯᠤᠰ ᠤ᠋ᠨ ᠵᠤᠨ ᠤ᠋ ᠬᠠᠯᠠᠭᠤᠨ ᠤᠳᠠᠬᠤ ᠦᠭᠡᠢ ᠬᠦᠷᠴᠦ ᠢᠷᠡᠮᠦᠢ᠃ ᠲᠠ ᠨᠠᠷ ᠪᠠᠢᠵᠤ ᠴᠢᠳᠠᠬᠤ ᠡᠰᠡᠬᠦ ᠪᠡᠨ ᠥᠭᠦᠯᠡᠭᠲᠦᠨ ! 》 ᠬᠡᠮᠡᠬᠦᠢ ᠳ᠋ᠦ᠍ᠷ ᠵᠠᠯᠠᠢᠷ ᠠᠢᠮᠠᠭ ᠤ᠋ᠨ ᠲᠣᠭᠠᠨ ᠥᠴᠢᠷᠦᠨ : 《ᠡᠮᠦᠨᠡᠲᠦ ᠣᠷᠣᠨ ᠡᠪᠡᠳᠴᠢᠨ ᠲᠠᠬᠤᠯ ᠣᠯᠠᠨ ᠲᠤᠯᠠ ᠡᠵᠡᠨ ᠤᠮᠠᠷᠠᠰᠢ ᠪᠤᠴᠠᠵᠤ ᠨᠢᠭᠡᠨᠲᠡ ᠡᠵᠡᠯᠡᠭᠰᠡᠨ ᠬᠣᠲᠠ ᠪᠠᠯᠭᠠᠰᠤᠨ ᠳ᠋ᠤᠷ ᠲᠦᠰᠢᠮᠡᠯ ᠲᠣᠮᠢᠯᠠᠨ ᠵᠠᠰᠠᠪᠠᠰᠤ  ᠵᠣᠬᠢᠮᠤᠢ》 ᠬᠡᠮᠡᠬᠦᠢ ᠳ᠋ᠦ᠍ᠷ ᠠᠷᠠᠯ ᠠᠠᠢᠮᠠᠭ ᠤ᠋ᠨ ᠪᠠᠷᠰ ᠥᠭᠦᠯᠡᠷᠦᠨ: 《ᠲᠣᠭᠠᠨ ᠵᠢᠷᠦᠬᠡᠰᠢᠶᠡᠪᠡᠢ᠃ ᠲᠦᠰᠢᠮᠡᠯ ᠪᠢ ᠬᠣᠴᠤᠴᠤ ᠰᠠᠭᠤᠰᠤᠭᠠᠢ 》 ᠬᠡᠮᠡᠭᠰᠡᠨ ᠳ᠋ᠦ᠍ᠷ ᠬᠠᠭᠠᠨ ᠮᠠᠰᠢ ᠪᠠᠶᠠᠰᠪᠠᠢ᠃ 
       ᠣᠯᠠᠨ ᠵᠠᠩᠵᠤᠨ ᠲᠦᠰᠢᠮᠡᠳ ᠦᠵᠡᠪᠡᠰᠦ ᠬᠠᠭᠠᠨ ᠪᠤᠴᠠᠬᠤ ᠰᠠᠨᠠᠬ᠎ᠠ ᠦᠭᠡᠢ ᠲᠤᠯᠠ ᠬᠠᠯᠠᠭᠤᠨ ᠪᠣᠯᠬᠤ ᠠ᠋ᠴᠠ ᠡᠮᠦᠨ᠎ᠡ ᠭᠧ ᠵᠧᠦ ᠶ᠋ᠢ ᠪᠠᠢᠯᠳᠤᠨ ᠠᠪᠴᠤ ᠵᠢᠴᠢ ᠴᠡᠷᠢᠭ ᠮᠣᠷᠢ ᠠᠮᠠᠷᠠᠭᠤᠯᠰᠤᠭᠠᠢ ᠭᠡᠮᠡᠨ ᠠᠢᠯᠠᠳᠬᠠᠭᠰᠠᠨ ᠳ᠋ᠤᠷ ᠡᠵᠡᠨ ᠮᠥᠨ ᠭᠡᠮᠡᠨ ᠵᠥᠪᠰᠢᠶᠡᠷᠡᠵᠦ ᠪᠣᠯᠬᠤ ᠳᠣᠲᠣᠷ᠎ᠠ ᠬᠦᠴᠦ ᠣᠷᠣᠭᠤᠯᠬᠤ ᠦᠭᠡᠢ  ᠪᠡᠷ ᠳᠠᠭᠠᠭᠤᠯᠬᠤ ᠶ᠋ᠢ ᠪᠣᠳᠣᠵᠤ ᠰᠥᠩ ᠦ᠋ᠨ ᠬᠥᠮᠦᠨ ᠦ᠌ ᠭᠦᠸᠧ ᠪᠤᠤ ᠶ᠋ᠢ ᠬᠣᠲᠠᠨ ᠳ᠋ᠤᠷ ᠣᠷᠣᠭᠤᠯᠵᠤ ᠳᠠᠭᠠᠲᠤᠭᠠᠢ ᠭᠡᠮᠡᠨ ᠬᠠᠭᠠᠨ ᠤ᠋ ᠵᠠᠷᠯᠢᠭ ᠢ᠋ ᠤᠬᠠᠭᠤᠯᠪᠠᠰᠤ ᠸᠠᠩ ᠵᠢᠶᠠᠨ ᠡᠵᠡᠨ ᠦ᠌ ᠵᠠᠷᠯᠢᠭ ᠢ᠋ ᠬᠦᠯᠢᠶᠡᠭᠰᠡᠨ ᠦᠭᠡᠢ ᠪᠥᠭᠡᠳ ᠡᠯᠴᠢ ᠶ᠋ᠢᠨ ᠭᠦᠸᠧ ᠪᠤᠤ ᠶ᠋ᠢ ᠬᠥᠭᠡᠭᠡᠨ ᠭᠠᠷᠭᠠᠭᠠᠳ ᠵᠡᠪᠡ ᠶ᠋ᠢᠨ ᠠᠮᠠ ᠬᠦᠷᠬᠦ ᠦᠶᠡᠰ ᠨᠡᠬᠡᠵᠦ ᠢᠷᠡᠭᠡᠳ ᠰᠢᠳᠤᠷᠭᠤ ᠪᠤᠰᠤ ᠭᠡᠮᠡᠨ ᠣᠯᠠᠨ ᠤ᠋ ᠡᠮᠦᠨ᠎ᠡ ᠴᠠᠪᠴᠢᠪᠠ᠃ ᠲᠡᠢᠨ ᠬᠦ᠌ ᠬᠠᠭᠠᠨ ᠶᠡᠬᠡᠳᠡ ᠬᠢᠯᠢᠩᠯᠡᠨ ᠬᠣᠲᠠ ᠶ᠋ᠢ ᠡᠪᠳᠡᠵᠦ ᠬᠢᠲᠤᠰᠤᠭᠡᠢ ᠭᠡᠮᠡᠨ ᠵᠠᠷᠯᠢᠭ ᠪᠣᠯᠤᠭᠰᠠᠨ ᠳ᠋ᠤᠷ ᠸᠠᠩ ᠲᠢᠶᠠᠨ ᠬᠡ ᠰᠣᠨᠣᠰᠤᠭᠠᠳ ᠬᠣᠲᠠ ᠶ᠋ᠢᠨ ᠣᠯᠠᠨ ᠤ᠋ ᠠᠮᠢ ᠶ᠋ᠢ ᠠᠪᠤᠷᠠᠰᠤᠭᠠᠢ ᠭᠡᠮᠡᠨ ᠭᠠᠭᠴᠠ ᠮᠣᠷᠢ ᠪᠠᠷ ᠬᠣᠲᠠ ᠶ᠋ᠢᠨ ᠬᠠᠭᠠᠯᠭ᠎ᠠ ᠬᠦᠷᠴᠦ ᠶᠡᠬᠡ ᠳᠠᠭᠤᠨ ᠢ᠋ᠶ᠋ᠠᠷ : 《ᠸᠠᠩ ᠵᠢᠶᠠᠨ ! ᠪᠢ ᠲᠠᠨ ᠤ᠋ ᠨᠢᠭᠡ ᠬᠣᠲᠠ ᠶ᠋ᠢᠨ ᠠᠮᠢ ᠶ᠋ᠢ ᠠᠪᠤᠷᠠᠬᠤ ᠪᠠᠷ ᠢᠷᠡᠪᠡ᠃ ᠡᠰᠡ ᠪᠠᠭᠤᠵᠤ ᠦᠭᠪᠡᠰᠦ ᠬᠣᠲᠠ ᠶ᠋ᠢ ᠬᠢᠳᠤᠮᠤᠢ 》 ᠭᠡᠮᠡᠨ ᠥᠭᠦᠯᠡᠵᠦ ᠪᠠᠷᠠᠬᠤ ᠶ᠋ᠢᠨ ᠬᠠᠮᠲᠤ ᠸᠠᠩ ᠵᠢᠶᠠᠨ ᠴᠡᠷᠢᠭ ᠦ᠋ᠨ ᠠᠷᠠᠳ ᠢ᠋ ᠳᠣᠬᠢᠨ ᠴᠢᠯᠠᠭᠤ ᠪᠠᠷ ᠬᠠᠷᠪᠤᠭᠤᠯᠤᠭᠰᠠᠨ ᠳ᠋ᠤ᠌ ᠲᠢᠶᠠᠨ ᠬᠡ ᠶ᠋ᠢᠨ ᠳᠠᠯᠤ ᠰᠢᠷᠬᠠᠲᠤᠵᠤ ᠬᠦᠨᠳᠦ ᠡᠪᠡᠳᠴᠢᠯᠡᠪᠡ᠃ 
       ᠬᠠᠭᠠᠨ ᠮᠠᠰᠢ ᠬᠠᠢᠷᠠᠯᠠᠨ ᠵᠣᠪᠠᠵᠤ ᠲᠦᠰᠢᠮᠡᠯ ᠶᠠᠪᠤᠭᠤᠯᠵᠤ ᠪᠣᠯᠭᠣᠭᠠᠭᠰᠠᠨ ᠤ᠋ ᠬᠠᠮᠲᠤ ᠢ ᠴᠠᠩ ᠤ᠋ᠨ ᠭᠠᠵᠠᠷ ᠣᠴᠢᠵᠤ ᠰᠤᠪᠢᠯᠠᠭᠲᠤᠨ ᠭᠡᠮᠡᠨ ᠵᠠᠷᠯᠢᠭ ᠥᠭᠪᠡᠰᠦ ᠲᠢᠶᠠᠨ ᠬᠡ ᠠᠢᠯᠠᠳᠬᠠᠷᠤᠨ ᠄ 《ᠲᠡᠭᠷᠢ ᠶ᠋ᠢᠨ ᠬᠥᠪᠡᠭᠦᠨ ᠦ᠌ ᠪᠡᠶ᠎ᠡ ᠬᠦᠢᠲᠡᠨ ᠬᠠᠯᠠᠭᠤᠨ ᠢ᠋ ᠲᠡᠰᠪᠦᠷᠢᠯᠡᠨ ᠵᠣᠪᠠᠵᠤ ᠵᠦᠳᠡᠷᠡᠵᠦ ᠠᠲᠠᠯ᠎ᠠ ᠲᠦᠰᠢᠮᠡᠯ ᠪᠢ ᠭᠠᠪᠢᠶ᠎ᠠ ᠪᠦᠲᠦᠭᠡᠵᠦ ᠡᠰᠡ ᠴᠢᠳᠠᠭᠠᠳ ᠦᠬᠦᠬᠦ ᠢᠨᠦ ᠬᠤᠪᠢ ᠪᠣᠯᠠᠢ 》 ᠭᠡᠮᠡᠨ ᠴᠠᠴᠠᠷ ᠲᠠᠭᠠᠨ ᠬᠡᠪᠲᠡᠵᠦ ᠴᠡᠷᠢᠭ ᠢ᠋ᠶ᠋ᠡᠨ ᠴᠢᠩᠳᠠᠯᠠᠨ ᠵᠠᠬᠢᠷᠴᠤ ᠪᠦᠬᠦᠢ ᠳ᠋ᠦ᠍ᠷ ᠬᠠᠭᠠᠨ ᠠ᠋ᠴᠠ ᠲᠥᠷᠥ ᠶ᠋ᠢᠨ ᠰᠠᠢᠳ ᠮᠥᠩᠬᠡᠧᠴᠠᠷ ᠢ᠋ᠶ᠋ᠠᠷ ᠡᠮ ᠳᠠᠩ ᠥᠭᠭᠦᠯᠦᠭᠰᠡᠨ ᠪᠣᠯᠪᠠᠴᠤ ᠢᠯᠡᠷᠬᠡᠢ ᠪᠣᠯᠤᠭᠰᠠᠨ ᠦᠭᠡᠢ ᠴᠠᠴᠠᠷ ᠲᠠᠭᠡᠨ ᠨᠥᠭᠴᠢᠪᠡ᠃ ᠭᠤᠴᠢᠨ ᠵᠢᠷᠭᠤᠭᠠᠨ ᠨᠠᠰᠤᠲᠠᠢ ᠪᠥᠯᠥᠭᠡ᠃ ᠤᠤᠯ ᠨᠡᠷ᠎ᠡ ᠸᠠᠩ ᠵᠧᠦ ᠴᠸᠨ ᠬᠡᠮᠡᠮᠦᠢ᠃ ᠬᠥᠶᠦᠭ ᠬᠠᠭᠠᠨ ᠥᠷᠥᠰᠢᠶᠡᠨ ᠲᠢᠶᠠᠨ ᠬᠡ ᠭᠡᠮᠡᠨ ᠨᠠᠷᠠᠯᠠᠪᠠᠢ᠃ ᠠᠷᠪᠠᠨ ᠳᠤᠷᠪᠠᠨ ᠨᠠᠰᠤᠨ ᠠ᠋ᠴᠠ ᠪᠠᠨ ᠭᠦᠶᠦᠭ ᠬᠠᠨ ᠢ᠋ ᠳᠠᠭᠠᠵᠤ ᠠᠪᠠ ᠰᠢᠪᠠᠭᠤᠨ  ᠬᠢᠬᠦᠢ ᠳ᠋ᠦ᠍ᠷ ᠬᠣᠭᠣᠰᠣᠨ ᠵᠡᠪᠡ ᠬᠠᠷᠪᠤᠬᠤ ᠦᠭᠡᠢ ᠴᠤᠤ ᠲᠠᠢ ᠪᠤᠶᠤ᠃ ᠡᠴᠢᠭᠡ ᠶ᠋ᠢᠨ ᠢ᠋ᠶ᠋ᠡᠨ ᠡᠷᠬᠢᠮ ᠢ᠋ ᠬᠦᠯᠢᠶᠡᠨ ᠭᠣᠣ ᠴᠠᠩ ᠵᠡᠷᠭᠡ ᠬᠣᠷᠢᠨ ᠳᠥᠷᠪᠡᠨ ᠵᠠᠮ ᠢ᠋ ᠵᠠᠬᠢᠷᠬᠤ ᠶᠡᠷᠦᠩᠬᠡᠢ ᠶᠤᠸᠠᠨᠱᠤᠸᠠᠢ ᠶ᠋ᠢᠨ ᠲᠠᠮᠠᠭ᠎ᠠ ᠶ᠋ᠢ ᠤᠯᠠᠮᠵᠢᠯᠠᠨ ᠠᠪᠴᠤ ᠪᠠᠷᠠᠭᠤᠨ ᠱᠣ ᠶ᠋ᠢ ᠪᠠᠢᠯᠳᠤᠬᠤ ᠡᠮᠦᠨᠡᠲᠦ ᠵᠠᠩᠵᠤᠨ ᠡᠷᠭᠦᠮᠵᠢᠯᠡᠭᠳᠡᠪᠡᠢ᠃ ᠰᠥᠩ ᠤᠯᠤᠰ ᠤ᠋ᠨ ᠵᠠᠩᠵᠤᠨ ᠱᠧ ᠵᠢᠶᠧ ᠮᠣᠩᠭᠣᠯ ᠤ᠋ᠨ ᠬᠠᠨ ᠵᠦᠩ ᠦ᠋ᠨ ᠭᠠᠵᠠᠷ ᠢ ᠭᠡᠨᠡᠳᠡᠭᠦᠯᠦᠨ ᠪᠠᠢᠯᠳᠤᠭᠰᠠᠨ ᠳ᠋ᠤᠷ ᠲᠢᠶᠠᠨ ᠬᠡ ᠠᠷᠪᠠᠨ ᠬᠡᠳᠦᠨ ᠮᠣᠷᠢᠲᠠᠨ ᠤ᠋ ᠬᠠᠮᠲᠤ ᠨᠢᠰᠦᠨ ᠢᠷᠡᠮᠦᠢ ᠬᠡᠮᠡᠬᠦ ᠶ᠋ᠢ ᠰᠣᠨᠣᠰᠴᠤ ᠰᠥᠰᠥ ᠬᠡᠮᠬᠡᠷᠡᠨ ᠴᠡᠷᠢᠭ ᠢ᠋ᠶ᠋ᠡᠨ ᠣᠷᠬᠢᠵᠤ ᠳᠠᠭᠠᠪᠠ ᠬᠡᠮᠡᠮᠦ᠃ ᠰᠥᠩ ᠤᠯᠤᠰ ᠤ᠋ᠨ ᠵᠠᠩᠵᠤᠨ ᠴᠡᠷᠢᠭ ᠲᠢᠶᠠᠨ ᠬᠡ ᠶ᠋ᠢᠨ ᠨᠡᠷ᠎ᠡ ᠰᠦᠷ ᠡᠴᠡ ᠠᠶᠤᠬᠤ ᠠᠨᠤ ᠪᠣᠯᠵᠣᠮᠣᠷ ᠪᠦᠷᠭᠦᠳ ᠢ᠋ ᠦᠵᠡᠭᠰᠡᠨ ᠮᠡᠲᠦ ᠪᠣᠯᠠᠢ᠃ 
       ᠮᠥᠩᠬᠡ ᠬᠠᠨ ᠶᠡᠬᠡᠳᠡ ᠬᠢᠯᠢᠩᠯᠡᠨ ᠭᠧ ᠵᠧᠦ ᠶ᠋ᠢ ᠴᠠᠭ ᠵᠢᠭᠠᠵᠤ ᠡᠪᠳᠡᠨ ᠠᠪᠴᠤ ᠬᠢᠳᠤᠰᠤᠭᠠᠢ ᠭᠡᠮᠡᠨ ᠴᠡᠷᠢᠭ ᠵᠠᠩᠵᠤᠨ ᠢ᠋ᠶ᠋ᠠᠨ ᠱᠠᠭᠠᠷᠳᠠᠨ ᠪᠠᠢᠯᠳᠤᠭᠤᠯᠵᠤ ᠸᠠᠩ ᠲᠢᠶᠠᠨ ᠬᠡ ᠶ᠋ᠢᠨ ᠣᠢᠷ᠎ᠠ ᠲᠥᠷᠥᠯ ᠢ᠋ ᠲᠣᠬᠣᠷᠤᠭᠤᠯᠤᠨ ᠵᠡᠷᠭᠡ ᠡᠷᠬᠢᠮ ᠢ᠋ ᠳᠡᠭᠦᠦ ᠵᠠᠩ ᠢᠦᠢ ᠵᠧᠨ ᠳ᠋ᠦ᠍ᠷ ᠵᠠᠯᠭᠠᠮᠵᠢᠯᠠᠭᠤᠯᠬᠤ ᠪᠠᠷ ᠵᠠᠷᠯᠢᠭ ᠥᠭᠪᠡ ᠃
       ᠭᠧ ᠵᠧᠦ ᠶ᠋ᠢ ᠡᠪᠳᠡᠵᠦ ᠴᠢᠳᠠᠬᠤ ᠪᠠ ᠡᠰᠡᠬᠦ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃ 

               ᠰᠤᠯᠠ ᠰᠢᠯᠦᠭ 
       ᠪᠠᠭᠠᠲᠤᠷ ᠵᠠᠩᠵᠤᠨ ᠸᠠᠩ ᠲᠢᠶᠠᠨ ᠬᠡ ᠵᠧᠦ ᠶ᠋ᠢᠨ ᠣᠯᠠᠨ ᠤ᠋ ᠲᠥᠯᠥᠭᠡ ᠠᠮᠢ ᠴᠦᠯᠡᠪᠡ 
       ᠪᠠᠯᠠᠮᠠᠳ ᠬᠡᠷᠴᠡᠭᠡᠢ ᠸᠠᠩ ᠵᠢᠶᠠᠨ ᠠᠶᠤᠮᠰᠢᠭ ᠦᠭᠡᠢ ᠲᠡᠭᠷᠢ ᠶ᠋ᠢᠨ ᠴᠡᠷᠢᠭ ᠢ᠋ ᠬᠣᠢᠰᠢᠯᠠᠭᠤᠯᠪᠠ 
       ᠪᠠᠷᠠᠭᠤᠨ ᠤ᠋ ᠵᠠᠩᠵᠤᠨ ᠲᠣᠭᠠᠨ ᠤ᠋ ᠵᠥᠪ ᠦᠭᠡ ᠭᠠᠵᠠᠷ ᠶᠠᠪᠤᠭᠳᠠᠭᠰᠠᠨ ᠦᠭᠡᠢ 
       ᠪᠠᠭᠲᠠᠭᠠᠮᠵᠢ ᠦᠭᠡᠢ ᠪᠠᠷᠳᠠᠮ ᠪᠠᠷᠰ ᠤ᠋ᠨ ᠰᠢᠭᠦᠮᠵᠢ ᠡᠵᠡᠨ ᠦ᠌ ᠪᠡᠶ᠎ᠡ  ᠳ᠋ᠦ᠍ᠷ ᠰᠠᠭᠠᠳ ᠪᠣᠯᠪᠠᠢ᠃