ᠪᠤᠷᠢᠶᠠᠳ ᠤᠳ-ᠳᠠᠷᠢᠮ᠎ᠠ ᠴᠸᠷᠡᠨᠳᠣᠨᠳᠣᠯᠣᠸᠠBuryaaduudДарима Цырендондопова - Буряадууд Буриад
ᠪᠤᠷᠢᠶᠠᠳ ᠤᠳ
ᠦᠭᠡ᠄ ᠭᠠᠯᠰᠠᠩᠨᠢᠮ᠎ᠠ ᠶ᠋ᠢᠨ ᠭᠠᠨᠲᠢᠭ
ᠬᠥᠭᠵᠢᠮ ᠄ ᠨᠠᠷᠣᠶᠣ ᠨᠠᠷᠠᠨᠪᠠᠭᠠᠲᠤᠷ
ᠳᠠᠭᠤᠴᠢᠨ᠄ᠳᠠᠷᠢᠮ᠎ᠠ ᠴᠸᠷᠡᠨᠳᠣᠨᠳᠣᠯᠣᠸᠠ
ᠪᠤᠭᠤᠷᠤᠯ ᠨᠤᠲᠤᠭ ᠢ᠋ᠶ᠋ᠠᠨ ᠣᠪᠣᠭ᠎ᠠ ᠲᠠᠬᠢᠵᠤ
ᠲᠩᠷᠢ ᠰᠢᠲᠦᠭᠰᠡᠨ ᠪᠤᠷᠢᠶᠠᠳ ᠤ᠋ᠳ
ᠪᠠᠢᠭᠠᠯ ᠳᠠᠯᠠᠢ ᠶ᠋ᠢᠨ ᠡᠷᠭᠢ ᠳᠡᠭᠡᠷ᠎ᠡ
ᠪᠤᠶᠠᠨ ᠬᠡᠰᠢᠭ ᠲᠡᠢ ᠪᠤᠷᠢᠶᠠᠳ ᠤ᠋ᠳ ᠪᠤᠷᠢᠶᠠᠳ ᠤ᠋ᠳ
ᠶᠣᠰᠣ ᠵᠠᠩᠰᠢᠯ ᠢ᠋ᠶ᠋ᠠᠷ ᠪᠠᠶᠠᠨ ᠪᠠᠷᠳᠠᠮ
ᠤᠷᠤᠭᠰᠢ ᠪᠠᠨ ᠵᠣᠷᠢᠭᠰᠠᠨ ᠪᠤᠷᠢᠶᠠᠳ ᠤ᠋ᠳ
ᠪᠤᠷᠬᠠᠨ ᠳᠡᠭᠡᠳᠦ ᠶ᠋ᠢᠨ ᠠᠷᠢᠭᠤᠨ ᠣᠷᠣᠨ
ᠬᠥᠭᠵᠢᠨ ᠪᠠᠳᠠᠷᠠᠨ ᠪᠤᠷᠢᠶᠠᠳ ᠤ᠋ᠳ ᠪᠤᠷᠢᠶᠠᠳ ᠤ᠋ᠳ
ᠡᠯᠵᠢᠩ ᠡᠨᠡ ᠳᠡᠯᠡᠬᠡᠢ ᠶ᠋ᠢᠨ ᠢ᠋ᠶ᠋ᠡᠨ
ᠡᠯᠢᠭᠡᠨ ᠳᠡᠭᠡᠷ᠎ᠡ ᠨᠢ ᠲᠡᠨᠵᠢᠭᠰᠡᠨ ᠳᠡ
ᠬᠠᠮᠤᠭ ᠵᠤᠨ ᠤ᠋ ᠠᠷᠢᠭᠤᠨ ᠨᠤᠲᠤᠭ
ᠬᠠᠩᠭᠠᠯ ᠰᠠᠢᠬᠠᠨ ᠪᠤᠷᠢᠶᠠᠳ ᠣᠷᠣᠨ ᠮᠢᠨᠢ
ᠡᠵᠢ ᠠᠪᠤ ᠶ᠋ᠢᠨ ᠢ᠋ᠶ᠋ᠡᠨ ᠠᠴᠢ ᠪᠤᠶᠠᠨ ᠢ᠋ᠶ᠋ᠠᠷ
ᠡᠨᠡ ᠪᠤᠷᠢᠶᠠᠳ ᠲᠤ ᠪᠠᠨ ᠮᠡᠨᠳᠦᠯᠡᠪᠡ
ᠳᠣᠮᠣᠭ ᠲᠡᠦᠬᠡ ᠲᠡᠢ ᠳᠣᠷᠢᠭᠤᠨ ᠵᠠᠩᠰᠢᠯ ᠲᠠᠢ
ᠳ᠋ᠠᠱᠬᠠᠨᠠ ᠤᠭ ᠤ᠋ᠨ ᠪᠤᠷᠢᠶᠠᠳ ᠤ᠋ᠳ ᠪᠤᠷᠢᠶᠠᠳ ᠤ᠋ᠳ
ᠡᠯᠵᠢᠩ ᠡᠨᠡ ᠳᠡᠯᠡᠬᠡᠢ ᠶ᠋ᠢᠨ ᠢ᠋ᠶ᠋ᠡᠨ
ᠡᠯᠢᠭᠡᠨ ᠳᠡᠭᠡᠷ᠎ᠡ ᠨᠢ ᠲᠡᠨᠵᠢᠭᠰᠡᠨ ᠳᠡ
ᠬᠠᠮᠤᠭ ᠵᠤᠨ ᠤ᠋ ᠠᠷᠢᠭᠤᠨ ᠨᠤᠲᠤᠭ
ᠬᠠᠩᠭᠠᠯ ᠰᠠᠢᠬᠠᠨ ᠪᠤᠷᠢᠶᠠᠳ ᠣᠷᠣᠨ ᠮᠢᠨᠢ
ᠦᠰᠦᠭ ᠠᠮᠢᠯᠠᠭᠤᠯᠤᠭᠰᠠᠨ ᠨᠢ᠄ ᠭᠡᠭᠡᠷᠡᠯ
ᠦᠰᠦᠭ ᠬᠠᠳᠠᠭᠴᠢ᠄ ᠭᠡᠭᠡᠷᠡᠯ
