ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠳᠦᠷᠪᠡᠳᠦᠭᠡᠷ ᠪᠦᠯᠦᠭ > Хөх судрын залгамж - Инжинаш < Наян дөрөвдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠳᠦᠷᠪᠡᠳᠦᠭᠡᠷ ᠪᠦᠯᠦᠭ > Хөх судрын залгамж - Инжинаш < Наян дөрөвдүгээр бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠳᠦᠷᠪᠡᠳᠦᠭᠡᠷ ᠪᠦᠯᠦᠭ > Хөх судрын залгамж - Инжинаш < Наян дөрөвдүгээр бүлэг >

ᠠᠩᠭᠢᠯᠠᠯ:ᠲᠡᠦᠬᠡ ᠰᠣᠶᠣᠯ
2024-01-29

364


             ᠨᠠᠶᠠᠨ ᠳᠥᠷᠪᠡᠳᠦᠭᠡᠷ ᠪᠦᠯᠦᠭ    
                       ᠴᠠᠭᠠᠨᠴᠢᠨ ᠭᠠᠬᠠᠢ ᠵᠢᠯ ᠦ᠋ᠨ ᠳᠣᠯᠣᠳᠤᠭᠠᠷ ᠰᠠᠷ᠎ᠠ ᠶ᠋ᠢᠨ ᠰᠢᠨ᠎ᠡ ᠶ᠋ᠢᠨ 
                       ᠨᠢᠭᠡᠨ ᠦ᠌ ᠡᠳᠦᠷ ᠡᠴᠡ ᠮᠥᠩᠬᠡ ᠬᠠᠭᠠᠨ ᠤ᠋ ᠠᠩᠬᠠᠳᠤᠭᠠᠷ ᠣᠨ ᠪᠣᠯᠪᠠ᠃ 
                       ᠮᠥᠩᠬᠡ ᠬᠠᠭᠠᠨ ᠳᠥᠴᠢᠨ ᠳᠥᠷᠪᠡᠨ ᠰᠡᠭᠦᠳᠡᠷ ᠲᠡᠢ 

           ᠬᠠᠭᠠᠨ ᠰᠢᠷᠡᠭᠡᠨ ᠳ᠋ᠦ᠍ ᠰᠠᠭᠤᠬᠤ ᠶ᠋ᠢ ᠰᠠᠨᠠᠷᠤᠨ  
               ᠬᠠᠲᠤᠨ ᠡᠬᠡ ᠬᠥᠪᠡᠭᠦᠨ ᠴᠠᠭᠠᠵᠠᠨ ᠳ᠋ᠤᠷ ᠤᠨᠠᠪᠠᠢ  
           ᠬᠠᠷ᠎ᠠ ᠴᠠᠭᠠᠨ ᠦᠨᠡᠨ ᠬᠤᠳᠠᠯ  ᠢ᠋ ᠢᠯᠭᠠᠷᠤᠨ 
               ᠮᠥᠩᠬᠡ ᠬᠠᠭᠠᠨ ᠡᠷᠬᠡ ᠬᠦᠨᠳᠦᠲᠡᠨ  ᠢ᠋ ᠬᠢᠵᠠᠭᠠᠷᠯᠠᠪᠠᠢ 

       ᠥᠭᠦᠯᠡᠬᠦ ᠢᠨᠤ ᠰᠢᠷ᠎ᠠ ᠪᠡᠴᠢᠨ ᠵᠢᠯ ᠬᠥᠶᠦᠭ ᠬᠠᠭᠠᠨ ᠥᠭᠡᠳᠡ ᠪᠣᠯᠤᠭᠰᠠᠨ ᠠ᠋ᠴᠠ ᠬᠣᠢᠰᠢ ᠭᠠᠳᠠᠭᠠᠳᠤ ᠳᠣᠲᠣᠭᠠᠳᠤ ᠳ᠋ᠤᠷ ᠴᠥᠮ ᠳᠣᠯᠭᠢᠰᠤᠨ ᠬᠡᠳᠦᠢ ᠪᠡᠷ ᠬᠥᠮᠦᠰ ᠦ᠋ᠨ ᠰᠠᠨᠠᠭ᠎ᠠ ᠴᠥᠮ ᠮᠥᠩᠬᠡ ᠬᠠᠭᠠᠨ ᠤ᠋ ᠳᠡᠭᠡᠷ᠎ᠡ ᠲᠥᠪᠯᠡᠷᠡᠭᠰᠡᠨ ᠪᠣᠯᠪᠠᠴᠤ ᠬᠠᠭᠠᠨ ᠰᠢᠷᠡᠭᠡ ᠶ᠋ᠢ ᠭᠣᠷᠢᠳᠠᠬᠤ ᠬᠥᠮᠦᠨ ᠪᠠᠰᠠ ᠴᠥᠭᠡᠨ ᠪᠤᠰᠤ ᠲᠤᠯᠠ ᠣᠯᠠᠨ ᠤ᠋ ᠰᠠᠨᠠᠯ ᠨᠢᠭᠡᠳᠬᠦ ᠦᠭᠡᠢ ᠬᠡᠳᠦᠨ ᠵᠢᠯ ᠤᠳᠠᠭᠠᠰᠢᠷᠠᠪᠠ᠃ ᠵᠠᠪᠰᠢᠶᠠᠨ ᠢ᠋ᠶ᠋ᠠᠷ ᠠᠭᠤᠯᠠᠬᠠᠢᠮᠰ ᠬᠠᠲᠤᠨ ᠤ᠋ ᠲᠥᠷᠥ ᠳ᠋ᠦ᠍ᠷ ᠪᠠᠲᠤ ᠬᠠᠨ ᠠᠷᠤ - ᠬᠥᠮᠬᠢ ᠳ᠋ᠦ᠍ᠷ ᠳᠠᠷᠤᠵᠤ ᠰᠠᠭᠤᠭᠰᠠᠨ ᠲᠤᠯᠠ ᠳᠣᠲᠣᠭᠠᠳᠤ ᠭᠠᠳᠠᠭᠠᠳᠤ ᠶ᠋ᠢᠨ ᠬᠥᠮᠦᠰ ᠠᠶᠤᠨ ᠰᠦᠷᠳᠡᠵᠦ ᠬᠡᠷᠡᠭ ᠬᠤᠪᠢᠰᠤᠯ ᠲᠡᠢᠨ ᠪᠠᠢᠯᠳᠤᠭᠠᠨ ᠡᠳᠦᠵᠦ ᠴᠢᠳᠠᠭᠰᠠᠨ ᠦᠭᠡᠢ ᠪᠣᠯᠠᠢ᠃ ᠡᠮᠦᠨᠡᠲᠦ ᠰᠥᠩ ᠤᠯᠤᠰ ᠬᠡᠳᠦᠢ ᠪᠡᠷ ᠵᠡᠷᠯᠢᠭ ᠰᠠᠨᠠᠭ᠎ᠠ ᠪᠣᠢ ᠪᠣᠯᠪᠠᠴᠤ ᠬᠡᠳᠦ ᠤᠳᠠᠭ᠎ᠠ ᠬᠡᠷᠡᠭ ᠡᠳᠦᠭᠡᠳ ᠴᠥᠮ ᠶᠡᠬᠡ ᠬᠣᠬᠢᠷᠠᠯ ᠠᠮᠠᠰᠠᠭᠰᠠᠨ ᠲᠤᠯᠠ ᠲᠦᠷ ᠬᠣᠢᠰᠢ ᠰᠠᠭᠤᠪᠠ᠃ ᠲᠡᠢᠨ ᠬᠦ᠌ ᠲᠡᠢᠨ ᠪᠠᠢᠯᠳᠤᠭᠠᠨ ᠦᠭᠡᠢ ᠪᠥᠭᠡᠳ ᠶᠡᠬᠡᠩᠬᠢ ᠭᠠᠵᠠᠷ ᠬᠤᠷ᠎ᠠ ᠤᠰᠤ ᠪᠠᠭᠤᠵᠤ ᠠᠷᠠᠳ ᠢᠷᠭᠡᠳ ᠡᠪᠡᠰᠦ ᠨᠣᠭᠣᠭ᠎ᠠ  ᠪᠠᠷ ᠠᠮᠢ ᠭᠣᠣᠯ ᠵᠠᠭᠤᠵᠤ ᠠᠮᠤ ᠲᠠᠷᠢᠶᠠᠨ ᠳ᠋ᠤᠷ ᠵᠣᠯᠭᠠᠵᠤ ᠥᠯᠥᠰᠴᠦ ᠥᠯᠪᠡᠷᠬᠦ ᠦᠭᠡᠢ ᠪᠣᠯᠤᠭᠰᠠᠨ ᠲᠤᠯᠠ ᠴᠠᠭ ᠤ᠋ᠨ ᠬᠥᠮᠦᠰ ᠥᠴᠦᠬᠡᠨ ᠴᠠᠳᠬᠤᠯᠠᠩ ᠴᠠᠭ ᠬᠡᠮᠡᠮᠦᠢ᠃ ᠭᠡᠲᠡᠯ᠎ᠡ ᠬᠠᠭᠠᠨ ᠲᠥᠷᠥ ᠳ᠋ᠦ᠍ᠷ ᠰᠠᠭᠤᠷᠢᠨ ᠪᠤᠯᠢᠶᠠᠯᠳᠤᠬᠤ ᠲᠡᠮᠡᠴᠡᠯ ᠬᠠᠷᠢᠨ ᠰᠢᠷᠦᠭᠦᠰᠴᠦ ᠳᠠᠯᠳᠠ ᠠᠭᠰᠠᠨ ᠠ᠋ᠴᠠ ᠢᠯᠡ ᠪᠣᠯᠵᠤ ᠡᠬᠢᠯᠡᠪᠡ᠃  
       ᠪᠠᠲᠤ ᠬᠠᠨ ᠲᠡᠷᠢᠭᠦᠯᠡᠨ ᠬᠠᠳ ᠮᠥᠩᠬᠡ᠂ ᠮᠥᠬᠡ᠂ ᠠᠷᠢᠭ᠌ᠪᠦᠬᠡ᠂ ᠰᠣᠶᠣᠭᠲᠤ ᠂ ᠲᠡᠴᠡᠷ ᠂ ᠶᠡᠬᠡ ᠵᠠᠩᠵᠤᠨ ᠲᠦᠮᠡᠨ ᠦ᠌ ᠨᠣᠶᠠᠨ ᠤᠷᠢᠶᠠᠩᠬᠠᠳᠠᠢ ᠂ ᠰᠣᠨᠢᠲᠠᠢ ᠂ ᠲᠡᠮᠤᠨᠲᠡᠷ᠂  ᠡᠰᠢᠨᠪᠦᠬᠡ ᠨᠠᠷ ᠲᠣᠭᠲᠠᠭᠰᠠᠨ ᠴᠠᠭ ᠲᠠᠭᠠᠨ ᠢᠷᠡᠯᠴᠡᠵᠦ ᠴᠢᠪ ᠭᠡᠮᠡᠨ ᠴᠠᠭᠠᠨᠴᠢᠨ ᠭᠠᠬᠠᠢ ᠵᠢᠯ ᠦ᠋ᠨ ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠤ ᠥᠯᠵᠡᠢᠲᠦ ᠡᠳᠦᠷ ᠮᠥᠩᠬᠡ ᠬᠠᠨ ᠢ᠋ ᠵᠠᠯᠠᠵᠤ ᠬᠠᠭᠠᠨ ᠰᠢᠷᠡᠭᠡᠨ  ᠳ᠋ᠦ᠍ᠷ ᠰᠠᠭᠤᠯᠭᠠᠪᠠᠢ᠃ ᠲᠡᠳᠦᠢ ᠳ᠋ᠦ᠍ᠷ ᠪᠠᠷᠠᠭᠤᠨ ᠭᠠᠷ ᠤ᠋ᠨ ᠬᠠᠳ ᠪᠢᠯᠢᠭ᠂ ᠲᠣᠭᠣᠨᠲ᠋ᠡᠮᠤᠷ᠂ ᠵᠡᠭᠦᠨ ᠭᠠᠷᠤᠨ ᠬᠠᠳ ᠵᠠᠭᠤᠨᠲᠤ᠂ ᠢᠰᠦ᠋ᠨᠬᠡ᠂ ᠨᠠᠵᠢᠲᠠᠢ᠂ ᠲᠠᠴᠡᠷ᠂ ᠪᠢᠯᠭᠡᠲᠡᠢ᠂ ᠪᠠᠷᠠᠭᠤᠨ ᠭᠠᠷᠤᠨ ᠶᠡᠬᠡ ᠵᠠᠩᠵᠤᠨ ᠪᠠᠷᠢᠯᠴᠢ ᠨᠠᠷ ᠪᠠ ᠵᠡᠭᠦᠨ ᠭᠠᠷᠤᠨ ᠶᠡᠬᠡ ᠵᠠᠩᠵᠤᠨ ᠶᠢᠰᠦᠨᠪᠦᠬᠡ ᠨᠠᠷ ᠤᠨᠤᠨ ᠭᠣᠣᠯ ᠤ᠋ᠨ ᠬᠥᠪᠡᠭᠡᠨ᠎ᠡ ᠠᠷᠠᠯ - ᠲᠤᠯᠭ᠎ᠠ ᠳ᠋ᠤᠷ ᠲᠠᠭᠠᠯᠴᠠᠨ ᠢᠷᠡᠵᠦ ᠶᠡᠬᠡ ᠬᠤᠷᠢᠮ ᠳ᠋ᠤᠷ ᠰᠠᠭᠤᠪᠠ᠃ 
       ᠮᠥᠩᠬᠡ ᠬᠠᠭᠠᠨ ᠤ᠋ ᠰᠠᠨᠠᠭ᠎ᠠ ᠪᠠᠷ ᠭᠠᠩ ᠭᠠᠮᠰᠢᠭ ᠰᠦᠷᠡᠬᠡᠢ᠂ ᠠᠷᠠᠳ ᠢᠷᠭᠡᠳ ᠵᠣᠪᠠᠬᠤ ᠴᠠᠭ ᠭᠡᠮᠡᠨ ᠭᠠᠳᠠᠭᠠᠳᠤ ᠳᠣᠲᠣᠭᠠᠳᠤ ᠳ᠋ᠤᠷ ᠵᠠᠷ ᠲᠠᠷᠬᠠᠭᠠᠭᠰᠠᠨ ᠦᠭᠡᠢ ᠠᠯᠢᠪᠠ ᠪᠦᠬᠦᠨ ᠢ᠋ ᠴᠥᠮ ᠭᠠᠮᠨᠠᠬᠤ ᠪᠠᠷ ᠭᠣᠣᠯ ᠪᠣᠯᠭᠠᠨ ᠬᠤᠷᠢᠮ ᠨᠠᠢᠷ  ᠢ᠋ ᠪᠣᠯᠪᠠᠴᠤ ᠬᠡᠲᠦᠷᠡᠭᠦᠯᠬᠦ ᠬᠡᠷᠡᠭ ᠦᠭᠡᠢ ᠬᠡᠮᠡᠭᠰᠡᠨ ᠲᠤᠯᠠ ᠤᠷᠢᠶᠠᠩᠬᠠᠳᠠᠢ ᠮᠥᠨ ᠭᠡᠮᠡᠨ ᠪᠢᠰᠢᠷᠡᠵᠦ ᠪᠦᠷᠢᠯᠭᠡᠬᠦ ᠶᠠᠪᠤᠳᠠᠯ  ᠢ᠋ ᠴᠡᠭᠡᠷᠯᠡᠭᠦᠯᠦᠨ ᠴᠢᠩᠳᠠᠯᠠᠭᠰᠠᠨ ᠢ᠋ᠶ᠋ᠠᠷ ᠬᠤᠷᠢᠮ ᠨᠠᠢᠷ ᠪᠠᠭ᠎ᠠ ᠪᠣᠯᠪᠠᠴᠤ ᠬᠠᠨᠤᠮᠵᠢᠲᠠᠢ ᠬᠥᠮᠦᠨ ᠪᠦᠬᠦᠨ ᠪᠡᠶᠡᠰᠦᠨ ᠴᠡᠩᠭᠡᠯᠳᠦᠵᠦ ᠰᠠᠭᠤᠪᠠ᠃ 
       ᠲᠡᠳᠦᠢ ᠳ᠋ᠦ᠍ᠷ ᠰᠢᠷᠡᠮᠦᠨ ᠬᠢᠭᠡᠳ ᠨᠤᠬᠤ ᠳᠡᠭᠦᠦ ᠨᠠᠷ ᠲᠠᠢ ᠪᠠᠨ ᠲᠠᠭᠠᠯᠠᠮᠵᠢ ᠦᠭᠡᠢ ᠪᠠᠢᠭ᠍ᠰᠠᠨ ᠪᠣᠯᠪᠠᠴᠤ ᠬᠤᠷᠠᠯ  ᠳ᠋ᠤᠷ ᠢᠷᠡᠮᠦᠢ ᠭᠡᠮᠡᠨ ᠦᠭᠡ ᠲᠡᠢ ᠪᠥᠯᠥᠭᠡ᠂ ᠭᠡᠲᠡᠯ᠎ᠡ ᠤᠳᠠᠲᠠᠯ᠎ᠠ ᠬᠦᠷᠴᠦ ᠢᠷᠡᠬᠦ ᠦᠭᠡᠢ ᠪᠥᠭᠡᠳ ᠶᠢᠰᠥᠨᠲ᠋ᠤᠭ ᠲᠡᠷᠢᠭᠦᠲᠡᠨ ᠬᠠᠳ ᠪᠦᠷᠢ᠂ ᠬᠤᠴᠠ ᠨᠠᠷ ᠴᠤ᠌ ᠶᠡᠬᠡ ᠬᠤᠷᠠᠯ ᠳ᠋ᠤᠷ ᠢᠷᠡᠭᠰᠡᠨ ᠦᠭᠡᠢ ᠲᠤᠯᠠ ᠪᠠᠲᠤ ᠬᠠᠨ ᠬᠣᠷᠯᠣ᠂  ᠪᠦᠷᠢᠯᠡᠵᠢᠭᠡᠳ ᠬᠣᠶᠠᠷ ᠲᠤᠷ ᠴᠡᠷᠢᠭ ᠥᠭᠴᠦ ᠤᠭᠲᠤᠭᠤᠯᠪᠠ᠃        
       ᠮᠥᠩᠬᠡ ᠬᠠᠭᠠᠨ ᠣᠯᠠᠨ ᠬᠠᠳ ᠨᠣᠶᠠᠳ ᠰᠠᠢᠳ ᠲᠦᠰᠢᠮᠡᠳ ᠦᠨ ᠬᠠᠮᠲᠤ ᠲᠥᠷᠥ ᠶ᠋ᠢᠨ ᠵᠠᠰᠠᠭ ᠢ᠋ ᠰᠠᠢᠵᠢᠷᠠᠭᠤᠯᠬᠤ ᠲᠤᠬᠠᠢ ᠵᠥᠪᠳᠡᠯᠴᠡᠵᠦ ᠄ ᠮᠣᠩᠭᠣᠯ ᠤ᠋ᠨ ᠬᠢᠲᠠᠳ ᠠᠮᠠ ᠡᠷᠦᠬᠡ ᠶ᠋ᠢ ᠬᠠᠭᠠᠨ ᠤ᠋ ᠳᠡᠭᠦᠦ ᠬᠤᠪᠢᠯᠠᠢ ᠬᠠᠷᠢᠶᠠᠯᠠᠨ ᠵᠠᠰᠠᠬᠤ ᠃ ᠲᠡᠷᠯᠦᠦ᠂ ᠪᠤᠴᠠᠴᠢᠯᠠ᠂ ᠽᠠᠢ᠍ᠢᠳᠢᠶᠠᠨᠽᠢ ᠂ ᠵᠣᠣ ᠪᠢ ᠵᠡᠷᠭᠡ ᠬᠥᠮᠦᠰ ᠢ᠋ ᠶᠠᠨ ᠵᠢᠩ ᠳ᠋ᠦ᠍ᠷ ᠲᠣᠮᠢᠯᠠᠨ ᠴᠡᠷᠢᠭ ᠠᠷᠠᠳ ᠢ᠋ ᠢᠯᠪᠢᠨ ᠲᠣᠬᠣᠷᠠᠭᠤᠯᠬᠤ᠂  ᠮᠥᠩᠬᠡᠸᠠᠴᠠᠷ ᠢ ᠬᠡᠷᠡᠭ ᠵᠠᠷᠭᠤ ᠰᠢᠭᠦᠬᠦ ᠲᠦᠰᠢᠮᠡᠯ ᠪᠣᠯᠭᠠᠨ ᠂ ᠪᠤᠯᠠᠭ᠎ᠠ ᠶ᠋ᠢ ᠵᠠᠷᠯᠢᠭ ᠵᠢᠭᠠᠪᠤᠷᠢ ᠤᠯᠠᠮᠵᠢᠯᠠᠬᠤ ᠂ ᠪᠠᠷᠢᠴᠠ ᠪᠠᠷᠢᠯᠭ᠎ᠠ ᠶ᠋ᠢ ᠦᠵᠡᠵᠦ ᠠᠪᠬᠤ ᠪᠠ ᠳᠣᠲᠣᠭᠠᠳᠤ ᠭᠠᠳᠠᠭᠠᠳᠤ ᠶ᠋ᠢᠨ ᠬᠡᠷᠡᠭ ᠶᠠᠪᠤᠳᠠᠯ ᠢ᠋ ᠤᠯᠠᠮᠵᠢᠯᠠᠨ ᠮᠡᠳᠡᠭᠦᠯᠬᠦ ᠲᠦᠰᠢᠮᠡᠯ ᠪᠣᠯᠭᠠᠬᠤ᠃ ᠬᠣᠩᠬᠣᠷ ᠢ᠋ᠶ᠋ᠠᠷ ᠬᠠᠷ᠎ᠠ ᠬᠣᠷᠢᠨ ᠤ᠋ ᠣᠷᠳᠣᠨ ᠬᠠᠷᠰᠢ ᠂ ᠰᠠᠩ ᠬᠦ᠍ᠦ ᠶ᠋ᠢ ᠰᠠᠬᠢᠬᠤ ᠲᠦᠰᠢᠮᠡᠯ ᠪᠣᠯᠭᠠᠨ ᠶᠠᠯᠠᠸᠠᠴᠢ ᠪᠥᠵᠢᠷᠯᠤᠤ ᠂ ᠪᠤᠳᠣᠳᠠᠷ ᠢ᠋ ᠶᠠᠨ ᠵᠢᠩ ᠵᠡᠷᠭᠡ ᠭᠠᠵᠠᠷ ᠤᠨ ᠵᠠᠰᠠᠭ ᠤ᠋ᠨ ᠨᠣᠶᠠᠨ ᠪᠣᠯᠭᠠᠬᠤ᠃ ᠽᠠᠢᠳᠢᠶᠠᠡᠽᠢ ᠂ ᠨᠢᠴᠦᠮᠡᠲᠢᠨ ᠢ᠋ ᠲᠤᠰᠠᠯᠠᠭᠴᠢ ᠪᠣᠯᠭᠠᠬᠤ᠃ ᠨᠠᠬᠤᠢ᠂ ᠲᠠᠷᠠᠬᠠᠢ᠂ ᠮᠡᠰᠡᠡᠭᠦᠦ ᠨᠠᠷ ᠢ᠋ ᠪᠢᠶᠸᠱᠪᠠᠯᠢ ᠵᠡᠷᠭᠡ ᠭᠠᠵᠠᠷ ᠤ᠋ᠨ ᠵᠠᠰᠠᠭ ᠤ᠋ᠨ ᠨᠣᠶᠠᠨ ᠪᠣᠯᠭᠠᠬᠤ᠃  ᠠᠭ᠌ᠸᠮᠡᠨ ᠂ ᠶᠸᠳᠢᠱᠡ ᠪᠡᠷ ᠲᠤᠰᠠᠯᠠᠭᠴᠢ ᠪᠣᠯᠭᠠᠬᠤ᠂ ᠠᠷᠢᠭᠤᠨ ᠢ᠋ ᠠᠮᠤᠷ ᠭᠣᠣᠯ ᠵᠡᠷᠭᠡ ᠭᠠᠵᠠᠷ᠎ ᠤᠨ ᠵᠠᠰᠠᠭ ᠤ᠋ᠨ ᠨᠣᠶᠠᠨ ᠪᠣᠯᠭᠠᠬᠤ᠃ ᠫᠸᠤᠬ᠌ᠸᠳᠢᠨ ᠂ ᠨᠢᡁᠡᠮᠡᠳᠢᠨ ᠨᠠᠷ ᠢᠶᠠᠷ ᠲᠤᠰᠠᠯᠠᠭᠴᠢ ᠪᠣᠯᠭᠠᠬᠤ ᠂ ᠪᠠᠰᠠ ᠴᠡᠭᠠᠢᠷᠬᠡᠨ ᠢ᠋ ᠬᠣᠶᠠᠷ ᠬᠤᠸᠠᠢ ᠶ᠋ᠢᠨ ᠭᠠᠵᠠᠷ ᠤ᠋ᠨ ᠮᠣᠩᠭᠣᠯ ᠤᠨ ᠬᠢᠲᠠᠳ ᠴᠡᠷᠢᠭ ᠢ᠋ ᠵᠠᠬᠢᠷᠤᠭᠤᠯᠬᠤ᠂ ᠪᠠᠰᠠ ᠲᠠᠢᠳᠠᠷ ᠢᠶᠠᠷ  ᠰᠸᠴᠤᠸᠠᠨ ᠤ ᠮᠣᠩᠭᠣᠯ ᠤ᠋ᠨ ᠬᠢᠲᠠᠳ ᠴᠡᠷᠢᠭ ᠢ᠋ ᠵᠠᠬᠢᠷᠤᠭᠤᠯᠬᠤ᠃ ᠯᠠᠮᠠ ᠬᠠᠢ ᠶᠦᠨ  ᠢᠶᠠᠷ ᠯᠠᠮᠠ ᠶ᠋ᠢᠨ ᠱᠠᠰᠢᠨ ᠤ᠋ ᠠᠵᠢᠯ ᠢ᠋ ᠵᠠᠬᠢᠷᠤᠭᠤᠯᠬᠤ ᠃ ᠪᠣᠮᠪᠣ ᠯᠢ ᠵᠧᠨ ᠴᠢᠩ  ᠢᠶᠠᠷ ᠪᠣᠮᠪᠣ ᠶ᠋ᠢᠨ ᠰᠤᠷᠲᠠᠬᠤᠨ ᠤ᠋ ᠶᠠᠪᠤᠳᠠᠯ ᠢ᠋ ᠵᠠᠬᠢᠷᠤᠭᠤᠯᠬᠤ ᠵᠡᠷᠭᠡ ᠶᠡᠬᠡ ᠪᠠᠭ᠎ᠠ ᠡᠭᠦᠷᠭᠡ ᠲᠤᠰᠢᠶᠠᠯ ᠢ᠋ ᠲᠣᠭᠲᠠᠭᠠᠵᠤ ᠠᠪᠳᠤᠯ ᠂ ᠯᡁᠮᠠᠨ ᠤ᠋ ᠡᠳ᠋ ᠮᠥᠩᠭᠥ ᠪᠡᠷ ᠬᠤᠳᠠᠯᠳᠤᠵᠤ ᠠᠪᠤᠭᠰᠠᠨ ᠪᠤᠶᠤ ᠨᠠᠢᠷ ᠲᠠᠯ᠎ᠠ  ᠪᠠᠷ ᠲᠥᠷᠥ ᠳ᠋ᠦ᠍ᠷ ᠲᠤᠰᠢᠶᠠᠯ ᠬᠦᠯᠢᠶᠡᠭᠰᠡᠳ ᠢ᠋ ᠴᠥᠮ ᠤᠭᠴᠠᠷᠠᠭᠤᠯᠵᠤ ᠠᠷᠠᠳ ᠪᠣᠯᠭᠠᠬᠤ ᠪᠠᠷ ᠣᠯᠠᠨ ᠬᠠᠳ ᠨᠣᠶᠠᠳ ᠯᠤᠭ᠎ᠠ ᠵᠥᠪᠳᠡᠨ ᠲᠣᠭᠲᠠᠭᠠᠪᠠ᠃      
       ᠤᠷᠢᠳᠤ ᠲᠥᠷᠥ ᠶ᠋ᠢᠨ ᠲᠠᠷᠬᠠᠭᠠᠭᠰᠠᠨ ᠲᠠᠮᠠᠭ᠎ᠠ ᠲᠡᠮᠳᠡᠭ ᠢ᠋ ᠴᠥᠮ ᠬᠣᠷᠢᠶᠠᠨ ᠠᠪᠴᠤ ᠬᠦᠴᠦᠨ ᠦᠭᠡᠢ ᠪᠣᠯᠭᠠᠨ ᠬᠡᠷᠡᠭᠴᠡᠭᠡ ᠶ᠋ᠢ ᠦᠵᠡᠵᠦ ᠰᠢᠨ᠎ᠡ ᠲᠡᠮᠳᠡᠭ ᠥᠭᠬᠦ ᠪᠡᠷ ᠪᠣᠯᠵᠤ ᠥᠷᠲᠡᠭᠡ ᠶ᠋ᠢ ᠳᠠᠮᠵᠢᠬᠤᠢ ᠳ᠋ᠤᠷ ᠬᠠᠳ ᠪᠥᠭᠡᠰᠦ ᠭᠤᠷᠪᠠᠨ ᠠᠭᠲᠠ ᠠ᠋ᠴᠠ ᠢᠯᠡᠭᠦᠦ ᠬᠡᠷᠡᠭᠯᠡᠵᠦ ᠦᠯᠦ ᠪᠣᠯᠬᠤ᠃ ᠬᠣᠯᠠ ᠠᠶᠠᠯᠠᠬᠤ ᠳ᠋ᠤᠷ ᠬᠦᠷᠪᠡᠰᠦ ᠳᠥᠷᠪᠡᠨ ᠠᠭᠲᠠ ᠠ᠋ᠴᠠ ᠬᠡᠲᠦᠷᠡᠵᠦ ᠪᠣᠯᠬᠤ ᠦᠭᠡᠢ᠃ ᠬᠠᠳ ᠨᠣᠶᠠᠳ ᠵᠠᠷᠯᠢᠭ  ᠦᠭᠡᠢ ᠪᠡᠷ ᠢᠷᠭᠡᠨ ᠢ᠋ ᠠᠮᠠ ᠡᠷᠦᠬᠡ ᠳ᠋ᠡᠭᠡᠨ ᠣᠷᠣᠭᠤᠯᠵᠤ ᠠᠪᠴᠤ ᠦᠯᠦ ᠪᠣᠯᠬᠤ᠃ ᠬᠠᠳ ᠨᠣᠶᠠᠳ ᠬᠠᠭᠠᠨ ᠳ᠋ᠤᠷ ᠪᠠᠷᠠᠭᠠᠯᠠᠬᠤ ᠨᠡᠷ᠎ᠡ ᠪᠡᠷ ᠠᠷᠠᠳ ᠠ᠋ᠴᠠ ᠡᠳ᠋ ᠮᠥᠩᠭᠦ ᠬᠤᠷᠢᠶᠠᠵᠤ ᠦᠯᠦ ᠪᠣᠯᠬᠤ ᠃ ᠠᠷᠠᠳ ᠤᠨ ᠲᠤᠰᠢᠶᠠᠬᠤ ᠠᠯᠪᠠᠨ ᠠᠮᠤ ᠶ᠋ᠢ ᠣᠢᠷ᠎ᠠ ᠵᠠᠭᠤᠷ᠎ᠠ ᠰᠠᠩ ᠬᠦ᠋ᠦ ᠪᠠᠢᠭᠤᠯᠵᠤ  ᠬᠦᠯᠢᠶᠡᠨ ᠠᠪᠴᠤ ᠬᠣᠯᠠ ᠬᠦᠷᠭᠡᠬᠦ ᠳᠠᠷᠤᠭᠠᠰᠤ ᠶ᠋ᠢ ᠬᠥᠩᠭᠡᠯᠡᠬᠦ᠃ ᠠᠷᠠᠳ ᠢᠷᠭᠡᠳ ᠤᠨ ᠠᠩᠬ᠎ᠠ ᠵᠢᠯ ᠭᠠᠮᠰᠢᠭ ᠠ᠋ᠴᠠ ᠪᠣᠯᠵᠤ ᠲᠤᠰᠢᠶᠠᠵᠤ ᠡᠰᠡ ᠴᠢᠳᠠᠭᠰᠠᠨ ᠭᠠᠢᠯᠢ ᠲᠠᠲᠠᠪᠤᠷᠢ ᠶ᠋ᠢ ᠴᠥᠮ ᠭᠡᠯᠳᠦᠷᠢᠭᠦᠯᠵᠦ ᠡᠭᠦᠨ ᠡᠴᠡ ᠬᠣᠢᠰᠢ ᠬᠤᠷᠢᠶᠠᠯᠲᠠ ᠪᠠ ᠣᠷᠣᠯᠭ᠎ᠠ ᠶ᠋ᠢ ᠦᠵᠡᠵᠦ ᠭᠠᠢᠯᠢ ᠲᠠᠲᠠᠪᠤᠷᠢ ᠲᠣᠭᠲᠠᠭᠠᠬᠤ ᠵᠡᠷᠭᠡ ᠶ᠋ᠢ ᠵᠠᠷᠯᠢᠭ ᠪᠣᠯᠵᠤ ᠬᠡᠷᠡᠭᠵᠢᠭᠦᠯᠬᠦ ᠪᠡᠷ ᠪᠣᠯᠪᠠ᠃ 
       ᠬᠠᠭᠠᠨ ᠤ᠋ ᠠᠭᠤᠤ ᠥᠷᠥᠰᠢᠶᠡᠩᠭᠦᠢ ᠭᠡᠭᠡᠨ ᠲᠤᠩᠭᠠᠯᠠᠭ ᠲᠤᠷ ᠲᠥᠷᠥ ᠶ᠋ᠢᠨ ᠬᠠᠳ ᠨᠣᠶᠠᠳ ᠴᠥᠮ ᠲᠡᠭᠷᠢ ᠭᠡᠮᠡᠨ ᠮᠥ᠍ᠷᠭᠥᠵᠦ ᠡᠵᠡᠨ ᠲᠦᠰᠢᠮᠡᠳ ᠪᠠᠶᠠᠰᠤᠯᠴᠠᠨ ᠨᠠᠢᠷᠠᠯᠳᠤᠨ ᠴᠡᠬᠡ ᠦᠵᠦᠮ ᠤᠨ ᠠᠷᠢᠬᠢ ᠤᠤᠭᠤᠯᠴᠠᠨ ᠪᠦᠬᠦᠢ ᠳ᠋ᠦ᠍ᠷ ᠨᠢᠭᠡᠨ ᠲᠡᠮᠡᠭᠡᠨ ᠤ ᠡᠷᠢᠯ ᠳ᠋ᠦ᠍ᠷ ᠭᠠᠷᠤᠭᠰᠠᠨ ᠬᠥᠲᠥᠴᠢ ᠬᠤᠪᠢᠰᠤᠯ ᠮᠡᠳᠡᠭᠦᠯᠪᠡᠢ᠃ ᠦᠨᠡᠨ ᠬᠤᠳᠠᠯ ᠢ᠋ ᠮᠡᠳᠡᠭᠡᠳ ᠢᠷᠡᠭᠲᠦᠨ ᠭᠡᠮᠡᠨ ᠮᠥᠩᠬᠡᠸᠠᠴᠠᠷ ᠲᠤᠷ ᠬᠣᠶᠠᠷ ᠮᠢᠩᠭᠠᠨ ᠮᠣᠷᠢᠲᠠᠨ ᠥᠭᠴᠦ ᠶᠠᠪᠤᠭᠤᠯᠪᠠ᠃ ᠶᠢᠰᠥᠨᠲ᠋ᠤᠭ᠂ ᠪᠦᠷᠢ ᠂ ᠬᠤᠴᠠ ᠵᠡᠷᠭᠡ ᠬᠠᠳ ᠮᠥᠩᠬᠡᠸᠠᠴᠠᠷ ᠦᠨ ᠴᠡᠷᠢᠭ ᠳᠠᠭᠠᠭᠤᠯᠤᠨ ᠢᠷᠡᠭᠰᠡᠨ ᠢ᠋ ᠦᠵᠡᠭᠡᠳ ᠬᠠᠭᠠᠨ ᠦ ᠠᠯᠲᠠᠨ ᠰᠢᠷᠡᠭᠡᠨ ᠳ᠋ᠦ᠍ᠷ ᠰᠠᠭᠤᠭᠰᠠᠨ ᠪᠠᠶᠠᠷ ᠲᠤᠷ ᠢᠷᠡᠵᠦ ᠶᠠᠪᠤᠮᠤᠢ ᠭᠡᠮᠡᠨ ᠮᠠᠢᠬᠠᠨ ᠭᠦᠰᠭᠡ ᠪᠡᠨ ᠠᠪᠴᠤ᠂ ᠮᠥᠩᠬᠡᠸᠠᠴᠠᠷ ᠦᠨ ᠴᠡᠷᠢᠭ ᠢ᠋ ᠳᠠᠭᠠᠵᠤ ᠮᠣᠷᠳᠠᠪᠠ᠃ ᠮᠥᠩᠬᠡᠸᠠᠴᠠᠷ  ᠬᠤᠪᠢᠰᠤᠯ ᠮᠡᠳᠡᠭᠦᠯᠦᠭᠰᠡᠨ ᠬᠥᠲᠥᠴᠢ ᠶ᠋ᠢᠨ ᠦᠭᠡ ᠶ᠋ᠢ ᠪᠣᠳᠣᠵᠤ ᠪᠠᠢᠴᠠᠭᠠᠨ ᠦᠵᠡᠪᠡᠰᠦ ᠲᠡᠷᠢᠭᠦᠯᠡᠬᠦ ᠲᠡᠷᠭᠡᠨ ᠳ᠋ᠦ᠍ᠷ ᠬᠠᠭᠠᠨ ᠤ᠋ ᠪᠠᠶᠠᠷ ᠲᠤᠷ ᠬᠦᠷᠭᠡᠬᠦ ᠪᠡᠯᠡᠭ ᠦ᠋ᠨ ᠡᠳ᠋ ᠪᠠᠷᠠᠭ᠎ᠠ ᠪᠠᠢᠵᠤ ᠠᠷᠤ ᠶ᠋ᠢᠨ ᠣᠯᠠᠨ ᠲᠡᠷᠭᠡᠨ ᠳ᠋ᠦ᠍ᠷ ᠴᠥᠮ ᠵᠡᠪᠰᠡᠭᠲᠦ ᠠᠷᠠᠳ ᠢ᠋ ᠨᠢᠭᠤᠵᠤᠬᠤᠢ᠃ ᠲᠡᠢᠨ ᠬᠦ᠌ ᠭᠤᠷᠪᠠᠨ ᠬᠠᠳ ᠢ ᠮᠥᠩᠬᠡ ᠬᠠᠭᠠᠨ ᠳ᠋ᠤᠷ ᠲᠤᠰᠢᠶᠠᠪᠠᠢ᠃ ᠮᠥᠩᠬᠡ ᠬᠠᠭᠠᠨ ᠠᠭᠤᠴᠢᠯᠠᠲᠤᠭᠠᠢ ᠬᠡᠮᠡᠪᠡᠰᠦ ᠣᠯᠠᠨ ᠬᠠᠳ ᠨᠣᠶᠠᠳ ᠪᠣᠯᠬᠤ ᠦᠭᠡᠢ ᠂ ᠦᠨᠡᠨ ᠢ᠋ ᠣᠯᠰᠤᠭᠠᠢ ᠭᠡᠮᠡᠨ ᠳᠠᠭᠠᠭᠰᠠᠨ ᠠᠷᠠᠳ ᠢ᠋ ᠰᠢᠭᠦᠪᠡᠰᠦ ᠬᠤᠪᠢᠰᠤᠯ ᠭᠠᠷᠭᠠᠬᠤ ᠬᠡᠷᠡᠭ ᠦᠨᠡᠨ ᠪᠣᠯᠤᠭᠰᠠᠨ ᠲᠤᠯᠠ ᠭᠤᠷᠪᠠᠨ ᠬᠠᠳ ᠮᠥᠨ ᠶᠠᠯ᠎ᠠ ᠪᠠᠨ ᠬᠦᠯᠢᠶᠡᠪᠡ ᠃ 
       ᠡᠨᠡ ᠪᠥᠭᠡᠰᠦ ᠮᠣᠩᠭᠣᠯᠴᠤᠳ ᠲᠥᠷᠥ ᠶ᠋ᠢᠨ ᠡᠷᠬᠡ ᠪᠤᠯᠢᠶᠠᠯᠳᠤᠬᠤ ᠡᠭᠦᠰᠬᠡᠯ ᠪᠣᠯᠠᠢ᠃ ᠣᠯᠠᠨ ᠬᠠᠳ ᠨᠣᠶᠠᠳ ᠵᠥᠪᠳᠡᠯᠴᠡᠵᠦ ᠶᠢᠰᠦᠡᠲᠦ ᠂ ᠨᠠᠩᠵᠢᠳ᠂ ᠴᠠᠩᠭᠢᠵᠦᠨᠡᠨ᠂ ᠭᠠᠩᠭᠠᠳᠠ᠂ ᠬᠠᠳᠠᠴᠢᠷᠠᠨ᠂ ᠠᠯᠵᠤᠤ᠂  ᠠᠰᠠᠬᠤᠳᠠᠯᠤ ᠵᠡᠷᠭᠡ ᠬᠥᠮᠦᠨ ᠥᠭᠡᠷ᠎ᠡ ᠰᠠᠨᠠᠭ᠎ᠠ ᠡᠪᠦᠷᠯᠡᠵᠦ ᠬᠠᠳ ᠢ᠋ ᠵᠥᠪ ᠵᠠᠮ  ᠢᠶᠠᠷ ᠳᠠᠭᠠᠭᠤᠯᠤᠭᠰᠠᠨ ᠦᠭᠡᠢ ᠭᠡᠮᠡᠨ ᠠᠯᠠᠬᠤ ᠶᠠᠯ᠎ᠠ ᠪᠠᠷ ᠰᠢᠳᠬᠡᠪᠡ᠃ ᠬᠤᠪᠢᠰᠤᠯ ᠡᠳᠦᠭᠰᠡᠨ ᠬᠠᠳ ᠢ᠋ ᠥᠷᠥᠰᠢᠶᠡᠨ ᠵᠠᠷᠯᠢᠭ ᠪᠣᠯᠵᠤ ᠭᠠᠰᠢᠭᠤᠨ ᠵᠣᠪᠠᠭᠤᠷᠢ ᠶ᠋ᠢ ᠠᠮᠰᠠᠵᠤ ᠵᠣᠪᠠᠯ ᠵᠦᠳᠡᠭᠦᠷᠢ ᠶ᠋ᠢ ᠮᠡᠳᠡᠵᠦ ᠬᠠᠰᠢᠷᠠᠭᠠᠲᠤᠭᠠᠢ ᠭᠡᠮᠡᠨ ᠲᠦᠰᠢᠮᠡᠯ ᠬᠤᠪᠢᠬᠠᠢᠢᠠᠭᠤᠯᠠ ᠳ᠋ᠦ᠍ᠷ ᠰᠢᠷᠡᠮᠦᠨ ᠢ᠋ ᠲᠤᠰᠢᠶᠠᠵᠤ ᠡᠮᠦᠨ᠎ᠡ ᠣᠷᠣᠨ ᠳ᠋ᠤᠷ ᠴᠦᠯᠡᠪᠡ᠃ ᠵᠠᠬᠠᠨ ᠨᠣᠶᠠᠨ ᠳ᠋ᠤᠷ ᠨᠤᠬᠤ ᠶ᠋ᠢ ᠲᠤᠰᠢᠶᠠᠵᠤ ᠪᠠᠷᠠᠭᠤᠨ ᠡᠮᠦᠨᠡᠲᠦ ᠣᠷᠣᠨ ᠳ᠋ᠤᠷ ᠴᠦᠯᠡᠪᠡ ᠃ ᠬᠤᠴᠠ ᠶ᠋ᠢᠨ ᠡᠬᠡᠨᠡᠷ ᠮᠡᠷᠭᠡᠨ ᠪᠥᠭᠡᠳ ᠬᠤᠴᠠ ᠲᠦᠭᠰᠢᠭᠦᠷᠢᠲᠡᠢ ᠪᠠᠢᠳᠠᠯ  ᠳᠣᠣᠷ᠎ᠠ ᠡᠬᠡᠨᠡᠷ ᠤᠨ ᠰᠢᠳᠤᠷᠭᠤ ᠦᠭᠡ ᠶ᠋ᠢ ᠠᠪᠴᠤ ᠶᠠᠯ᠎ᠠ ᠪᠠᠨ ᠮᠡᠳᠡᠷ᠎ᠡ ᠢᠷᠡᠭᠰᠡᠨ ᠲᠤᠯᠠ ᠲᠡᠭᠦᠨ ᠦ ᠡᠬᠡᠨᠡᠷ ᠲᠣᠷ ᠲᠤᠰᠢᠶᠠᠨ ᠤᠬᠠᠭᠠᠷᠠᠭᠤᠯᠵᠤ ᠠᠪᠤᠭᠲᠤᠨ ᠭᠡᠮᠡᠨ ᠬᠠᠷ᠎ᠠ ᠬᠣᠷᠢᠨ ᠤ᠋ ᠣᠷᠴᠢᠮ ᠦᠵᠡᠰᠬᠦᠯᠡᠩ ᠰᠠᠢᠨ ᠣᠷᠳᠣᠨ ᠪᠠᠷᠢᠵᠤ ᠰᠠᠭᠤᠯᠭᠠᠪᠠ᠃ 
       ᠮᠡᠷᠭᠡᠨ ᠭᠤᠸ᠎ᠠ ᠬᠤᠴᠠ ᠶ᠋ᠢᠨ ᠪᠠᠭ᠎ᠠ ᠡᠬᠡᠨᠡᠷ ᠪᠤᠶᠤ᠃ ᠬᠠᠳ ᠤ᠋ᠨ ᠬᠤᠪᠢᠰᠤᠯ ᠡᠳᠦᠭᠰᠡᠨ ᠶᠠᠪᠤᠳᠠᠯ ᠢᠯᠡ ᠪᠣᠯᠤᠭᠰᠠᠨ ᠲᠤᠯᠠ ᠬᠠᠭᠠᠨ ᠤ ᠡᠯᠴᠢ ᠬᠤᠴᠠ ᠶ᠋ᠢ ᠪᠠᠷᠢᠷ᠎ᠠ ᠢᠷᠡᠬᠦᠢ ᠳ᠋ᠦ᠍ᠷ ᠬᠤᠴᠠ ᠪᠣᠳᠣᠪᠠᠰᠤ ᠰᠠᠢᠨ ᠴᠥᠭᠡᠨ ᠮᠠᠭᠤ ᠣᠯᠠᠨ ᠭᠡᠮᠡᠨ ᠢᠯᠳᠦ ᠲᠠᠲᠠᠵᠤ ᠡᠯᠴᠢ ᠶ᠋ᠢ ᠠᠯᠠᠭᠠᠳ ᠵᠢᠴᠢ ᠮᠡᠳᠡᠰᠦᠭᠡᠢ ᠭᠡᠮᠡᠨ ᠭᠠᠷ ᠬᠥᠳᠡᠯᠲᠡᠯ᠎ᠡ ᠮᠡᠷᠭᠡᠨ ᠭᠤᠸ᠎ᠠ ᠬᠠᠲᠤᠨ ᠵᠠᠪᠳᠤᠵᠤ ᠭᠠᠷ ᠢ᠋ ᠢᠨᠦ ᠲᠠᠲᠠᠵᠤ ᠬᠣᠷᠢᠭᠯᠠᠵᠤ ᠥᠭᠦᠯᠡᠷᠦᠨ ᠄ 《ᠡᠯᠴᠢ ᠶ᠋ᠢᠨ ᠲᠤᠰᠢᠶᠠᠯ ᠬᠡᠮᠡᠭᠴᠢ ᠵᠠᠷᠯᠢᠭ ᠵᠢᠭᠠᠪᠤᠷᠢ ᠶ᠋ᠢ ᠤᠯᠠᠮᠵᠢᠯᠠᠬᠤ ᠲᠡᠳᠦᠢ ᠪᠣᠢ ᠊ᠢ᠎ᠠ᠃ ᠡᠷᠲᠡᠨ ᠡᠴᠡ ᠳᠠᠢᠰᠤᠨ ᠤ ᠡᠯᠴᠢ ᠶ᠋ᠢ ᠴᠦ᠍ ᠦᠯᠦ ᠭᠤᠲᠤᠭᠠᠬᠤ ᠠᠲᠠᠯ᠎ᠠ ᠬᠠᠭᠠᠨ ᠤ᠋ ᠡᠯᠴᠢ ᠶ᠋ᠢ ᠨᠡᠩ ᠶᠠᠭᠤᠨ ᠥᠭᠦᠯᠡᠬᠦ ᠠᠵᠢ᠃ ᠡᠷᠲᠡᠨ ᠡᠴᠡ ᠮᠠᠯᠠᠭᠠᠢ ᠳ᠋ᠤᠷ ᠵᠠᠯᠠᠭ᠎ᠠ ᠲᠠᠢ᠂ ᠳᠡᠪᠡᠯ ᠳ᠋ᠦ᠍ᠷ ᠵᠠᠭᠠᠮ᠎ᠠ ᠲᠠᠢ ᠬᠡᠮᠡᠯᠦᠭᠡ᠃ ᠮᠥᠩᠬᠡ ᠬᠠᠭᠠᠨ ᠴᠢᠨᠦ ᠪᠠᠭ᠎ᠠ ᠠᠪᠠᠭ᠎ᠠ ᠪᠥᠭᠡᠳ ᠡᠵᠡᠨ ᠪᠣᠯᠠᠢ᠃ ᠡᠴᠢᠭᠡ  ᠯᠦ᠍ᠭᠡ ᠶᠠᠭᠤᠨ ᠥᠭᠡᠷ᠎ᠡ᠃ ᠥᠮᠥᠳᠦᠨ ᠳ᠋ᠦ᠍ᠷ ᠴᠦ᠍ ᠵᠠᠬ᠎ᠠ ᠲᠠᠢ ᠠᠲᠠᠯ᠎ᠠ ᠬᠠᠨ ᠲᠠ ᠶᠠᠭᠤᠨ ᠳ᠋ᠤᠷ ᠵᠠᠭᠠᠮ᠎ᠠ ᠵᠠᠬ᠎ᠠ ᠦᠭᠡᠢ ᠬᠡᠷᠡᠭ ᠦᠢᠯᠡᠳᠦᠮᠦᠢ? ᠦᠬᠦᠵᠦ ᠡᠳᠡᠭᠡᠬᠦ ᠶ᠋ᠢ ᠲᠠᠯ᠎ᠠ ᠳ᠋ᠤᠷ ᠲᠠᠯᠪᠢᠵᠤ ᠡᠯᠴᠢ ᠶ᠋ᠢ ᠳᠠᠭᠠᠵᠤ ᠣᠴᠢᠬᠤ ᠠᠨᠤ ᠵᠦᠢ 》 ᠬᠡᠮᠡᠬᠦᠢ ᠳ᠋ᠦ᠍ᠷ ᠬᠤᠴᠠ ᠦᠭᠡ  ᠶ᠋ᠢ ᠠᠪᠴᠤ ᠡᠯᠴᠢ ᠶ᠋ᠢ ᠳᠠᠭᠠᠵᠤ ᠪᠡᠶ᠎ᠡ ᠪᠡᠨ ᠬᠦᠷᠭᠡᠵᠦ ᠢᠷᠡᠪᠡ᠃ 
       ᠮᠥᠩᠬᠡ ᠬᠠᠭᠠᠨ ᠡᠯᠴᠢ ᠶ᠋ᠢᠨ ᠠᠢᠯᠠᠳᠬᠠᠭᠰᠠᠨ  ᠢ᠋ ᠰᠣᠨᠣᠰᠴᠤ ᠮᠠᠰᠢ ᠪᠡᠶᠡᠰᠦᠨ᠄ 《ᠭᠡᠷ ᠲᠦ᠍ᠷ ᠨᠢᠭᠡᠨ ᠮᠡᠷᠭᠡᠨ ᠡᠬᠡᠨᠡᠷ ᠠᠭᠰᠠᠨ ᠠ᠋ᠴᠠ ᠬᠤᠴᠠ ᠠᠮᠢᠳᠤᠷᠠᠪᠠ 》 ᠭᠡᠮᠡᠨ ᠥᠷᠥᠰᠢᠶᠡᠪᠡᠢ᠃ ᠠᠭᠤᠯᠠᠬᠠᠢᠮᠰ ᠬᠠᠲᠤᠨ ᠢ᠋ ᠶᠸᠯᠢᠮᠢ ᠶ᠋ᠢᠨ ᠣᠷᠳᠣᠨ ᠳ᠋ᠤᠷ ᠪᠤᠴᠠᠭᠠᠨ ᠶᠢᠰᠦᠨᠲ᠋ᠤᠭ᠂ ᠪᠦᠷᠢ ᠶ᠋ᠢ ᠪᠠᠲᠤ ᠬᠠᠨ ᠳ᠋ᠤᠷ ᠲᠤᠰᠢᠶᠠᠵᠤ ᠮᠡᠳᠡᠲᠦᠭᠡᠢ ᠬᠡᠮᠡᠪᠡ᠃ 
       ᠬᠠᠷ᠎ᠠ ᠬᠤᠯᠤᠭᠠᠨ᠎ᠠ ᠵᠢᠯ ᠦ᠋ᠨ ᠬᠠᠪᠤᠷ ᠰᠤᠷᠭᠤᠭᠲ᠋ᠠᠨ᠎ᠠ ᠬᠠᠲᠤᠨ ᠡᠬᠡ ᠬᠠᠢᠯᠠᠪᠠ᠃
       ᠰᠤᠷᠭᠤᠭᠲ᠋ᠠᠨ᠎ᠠ ᠬᠠᠲᠤᠨ ᠠ᠋ᠴᠠ ᠳᠥᠷᠪᠡᠨ ᠬᠥᠪᠡᠭᠦᠨ ᠪᠣᠢ ᠠᠵᠤᠭᠤ ᠂ ᠠᠬᠠᠮᠠᠳ ᠬᠥᠪᠡᠭᠦᠨ ᠢᠨᠦ ᠮᠥᠩᠬᠡ ᠬᠠᠭᠠᠨ ᠪᠣᠯᠵᠤ ᠳᠡᠳ᠋ ᠢᠨᠦ ᠬᠤᠪᠢᠯᠠᠢ ᠂ ᠭᠤᠲᠠᠭᠠᠷ ᠠᠨᠤ ᠬᠤᠯᠤᠭᠤ ᠠᠭᠠᠳ ᠲᠦᠲᠦᠭᠡᠷ ᠢᠨᠦ  ᠠᠷᠢᠭ᠌ᠪᠦᠬᠡ ᠪᠤᠯᠠᠢ᠃  ᠥᠯᠥᠭᠢ ᠨᠤᠶᠠᠨ ᠳᠠᠯᠳᠠ ᠪᠣᠯᠤᠭᠰᠠᠨ  ᠤ᠋ ᠬᠣᠢᠨ᠎ᠠ ᠬᠠᠲᠤᠨ ᠬᠡᠦᠬᠡᠳ ᠢ᠋ᠶ᠋ᠡᠨ ᠳᠠᠭᠠᠭᠤᠯᠤᠨ ᠮᠣᠩᠭᠣᠯ  ᠤ᠋ᠨ ᠭᠣᠯᠣᠮᠲᠠ ᠨᠤᠲᠤᠭ  ᠢ᠋ ᠥᠮᠴᠢᠯᠡᠵᠦ ᠴᠡᠷᠢᠭ ᠮᠣᠷᠢ᠂ ᠠᠷᠠᠳ ᠢᠷᠭᠡᠳ ᠢ ᠵᠠᠬᠢᠷᠴᠤ ᠰᠠᠭᠤᠪᠠ᠃ ᠤᠯᠤᠰ ᠭᠡᠷ ᠦ᠋ᠨ ᠶᠡᠬᠡ ᠶᠠᠪᠤᠳᠠᠯ ᠪᠠ ᠠᠯᠠᠵᠤ ᠨᠢᠲᠤᠯᠬᠤ ᠶᠡᠬᠡ ᠡᠷᠬᠡ ᠶ᠋ᠢ ᠪᠠᠷᠢᠬᠤ ᠪᠣᠯᠪᠠᠴᠤ ᠥᠷᠥᠰᠢᠶᠡᠩᠭᠦᠢ ᠠᠭᠤᠳᠠᠮ ᠢ᠋ᠶ᠋ᠠᠷ ᠭᠣᠣᠯ ᠪᠣᠯᠭᠠᠨ ᠪᠣᠭᠳᠠ ᠴᠢᠩᠭᠢᠰ ᠬᠠᠭᠠᠨ  ᠤ᠋ ᠵᠠᠰᠠᠭ ᠵᠠᠷᠯᠢᠭ  ᠢ᠋ ᠰᠠᠬᠢᠵᠤ ᠲᠥᠷᠥ ᠶ᠋ᠢᠨ ᠲᠣᠭᠲᠠᠭᠠᠯ ᠶᠣᠰᠣᠨ  ᠢ᠋ ᠭᠦᠢᠴᠡᠳᠬᠡᠨ ᠬᠡᠦᠬᠡᠳ ᠠᠴᠢ ᠨᠠᠷ ᠢ᠋ᠶ᠋ᠠᠨ ᠴᠢᠩᠳᠠᠯᠠᠨ ᠪᠢᠴᠢᠭ ᠨᠣᠮ ᠰᠤᠷᠭᠠᠵᠤ ᠴᠡᠷᠢᠭ ᠠᠷᠠᠳ  ᠢ᠋ ᠡᠩᠬᠡᠵᠢᠭᠦᠯᠦᠭᠰᠡᠨ ᠡᠴᠡ ᠬᠠᠲᠤᠨ ᠤ᠋ ᠤᠯᠤᠰ ᠲᠤᠷ ᠵᠠᠮ ᠳ᠋ᠤᠷ ᠣᠷᠬᠢᠭᠰᠠᠨ ᠢ᠋ ᠠᠪᠬᠤ ᠬᠥᠮᠦᠨ ᠦᠭᠡᠢ᠂ ᠡᠪᠦᠷ ᠢ᠋ᠶ᠋ᠡᠨ ᠳᠡᠯᠭᠡᠵᠦ ᠠᠮᠤᠷ ᠵᠢᠷᠭᠠᠯᠲᠠᠢ ᠠᠮᠢᠳᠤᠷᠠᠬᠤ ᠪᠣᠯᠪᠠᠢ᠃ ᠲᠡᠷᠢᠭᠦᠨ᠎ᠡ ᠬᠠᠲᠤᠨ  ᠤ᠋ ᠲᠥᠷᠥ ᠳ᠋ᠦ᠍ᠷ ᠬᠥᠮᠦᠨ ᠪᠦᠬᠦᠨ ᠵᠡᠷᠭᠡ ᠡᠷᠬᠢᠮ ᠠᠰᠢᠭ ᠬᠣᠨᠵᠢᠪᠤᠷᠢ ᠶ᠋ᠢ ᠬᠥᠭᠡᠭᠡᠴᠡᠯᠳᠦᠨ ᠪᠦᠬᠦᠢ ᠳ᠋ᠦ᠍ᠷ ᠬᠠᠲᠤᠨ  ᠤ᠋ ᠪᠡᠶ᠎ᠡ ᠪᠠ ᠬᠥᠪᠡᠭᠦᠳ ᠴᠥᠮ ᠵᠢᠭᠰᠢᠵᠦ ᠬᠣᠯᠠᠳᠠᠪᠠ᠃ ᠠᠪᠳᠤᠯ ᠂ ᡀᠮᠠᠨ  ᠤ᠋ ᠬᠡᠳᠦᠨ ᠭᠠᠢᠯᠢ ᠶ᠋ᠢᠨ ᠨᠣᠶᠠᠨ ᠠᠷᠠᠳ ᠢᠷᠭᠡᠳ  ᠢ᠋ ᠬᠢᠬᠠᠭᠠᠨ ᠬᠡᠲᠦᠷᠬᠡᠢ ᠬᠤᠷᠢᠶᠠᠵᠤ ᠡᠷᠡᠭᠦᠦ ᠲᠤᠯᠭᠠᠵᠤ ᠵᠣᠪᠠᠭᠠᠬᠤ ᠶ᠋ᠢ ᠬᠠᠲᠤᠨ ᠤ᠋ ᠲᠦᠰᠢᠮᠡᠳ ᠵᠥᠪᠰᠢᠶᠡᠷᠡᠬᠦ ᠦᠭᠡᠢ ᠬᠡᠷᠡᠭᠦᠯ ᠪᠣᠯᠤᠭᠰᠠᠨ ᠳ᠋ᠤᠷ ᠬᠠᠲᠤᠨ ᠨᠠᠷᠢᠪᠴᠢᠯᠠᠨ ᠰᠢᠭᠦᠵᠦ ᠲᠣᠳᠣᠷᠬᠠᠢᠯᠠᠨ ᠭᠠᠢᠯᠢ ᠶ᠋ᠢᠨ ᠨᠣᠶᠠᠳ ᠦᠨ  ᠥᠴᠢᠭ  ᠢ᠋ ᠠᠪᠴᠤ ᠲᠡᠷᠢᠭᠦᠨ᠎ᠡ ᠬᠠᠳᠤᠨ᠎ᠠ ᠮᠡᠳᠡᠭᠦᠯᠵᠦ ᠴᠠᠪᠴᠢᠪᠠ᠃ ᠲᠡᠢᠨ ᠬᠦ᠌ ᠠᠪᠳᠤᠯ ᠂ ᡀᠮᠠᠨ ᠤ᠋ ᠭᠠᠮᠰᠢᠭ ᠬᠠᠲᠤᠨ ᠤ᠋ ᠤᠯᠤᠰ ᠲᠤᠷ ᠬᠣᠣᠷ ᠪᠣᠯᠵᠤ ᠴᠢᠳᠠᠭᠰᠠᠨ ᠦᠭᠡᠢ᠃ ᠬᠡᠳᠦᠨ ᠵᠢᠯ ᠦ᠋ᠨ ᠭᠠᠩ ᠭᠠᠮᠰᠢᠭ ᠲᠤᠷ  ᠬᠠᠲᠤᠨ ᠰᠠᠩ ᠤ᠋ᠨ ᠠᠮᠤ ᠬᠦᠨᠡᠰᠦ ᠪᠡᠷ ᠠᠷᠠᠳ  ᠢ᠋ ᠲᠡᠵᠢᠭᠡᠵᠦ ᠥᠯᠪᠡᠷᠴᠦ ᠥᠯᠥᠰᠬᠦ ᠵᠣᠪᠠᠯᠠᠩ ᠭᠠᠷᠤᠭᠰᠠᠨ ᠦᠭᠡᠢ ᠪᠥᠯᠥᠭᠡ᠃ ᠲᠡᠢᠨ ᠬᠦ᠌ ᠤᠯᠤᠰ ᠳᠠᠶᠠᠭᠠᠷ ᠬᠠᠲᠤᠨ ᠡᠬᠡ ᠶ᠋ᠢᠨ ᠪᠤᠷᠬᠠᠨ ᠪᠣᠯᠤᠭᠰᠠᠨ ᠳ᠋ᠤᠷ ᠭᠠᠰᠢᠭᠤᠳᠠᠨ ᠪᠡᠯᠪᠡᠰᠦᠷᠡᠵᠦ ᠠᠬᠤ ᠶ᠋ᠢ ᠥᠭᠦᠯᠡᠬᠦ ᠦᠭᠡᠢ᠃ ᠥᠭᠦᠯᠡᠬᠦ ᠢᠨᠤ ᠮᠥᠩᠬᠡ ᠬᠠᠭᠠᠨ ᠬᠠᠷ᠎ᠠ ᠬᠣᠷᠢᠨ ᠳ᠋ᠤᠷ ᠪᠡᠯᠪᠡᠰᠦᠷᠡᠯ  ᠢ᠋ ᠭᠦᠢᠴᠡᠳᠬᠡᠬᠦ ᠬᠠᠮᠲᠤ ᠥᠪᠡᠷᠦᠨ ᠪᠡᠶ᠎ᠡ ᠪᠡᠷ ᠲᠥᠷᠥ ᠶ᠋ᠢ ᠪᠠᠷᠢᠵᠤ ᠵᠠᠷᠯᠢᠭ ᠵᠢᠭᠠᠪᠤᠷᠢ ᠳ᠋ᠤᠷ ᠬᠦᠷᠲᠡᠯ᠎ᠡ ᠴᠥᠮ ᠭᠠᠷ ᠢ᠋ᠶ᠋ᠠᠷ ᠢ᠋ᠶ᠋ᠠᠨ ᠨᠠᠢᠷᠠᠭᠤᠯᠤᠨ ᠪᠢᠴᠢᠵᠦ ᠰᠠᠢᠳ ᠲᠦᠰᠢᠮᠡᠳ ᠦ᠋ᠨ ᠪᠢᠴᠢᠭᠰᠡᠨ ᠠᠯᠪᠠᠨ ᠪᠢᠴᠢᠭ ᠦ᠋ᠨ ᠦᠭᠡ ᠥᠭᠦᠯᠡᠪᠦᠷᠢ ᠬᠦᠷᠲᠡᠯ᠎ᠡ ᠬᠡᠳᠦ ᠳᠠᠬᠢᠨ ᠬᠢᠨᠠᠨ ᠵᠠᠰᠠᠵᠤ ᠰᠠᠶᠢ ᠲᠠᠷᠬᠠᠭᠠᠨ ᠶᠠᠪᠤᠭᠤᠯᠬᠤ ᠪᠣᠯᠪᠠᠢ᠃    
       ᠣᠯᠠᠨ ᠬᠠᠳ ᠬᠥᠪᠡᠭᠦᠳ ᠬᠠᠷ᠎ᠠ ᠬᠣᠷᠢᠨ᠎ᠠ ᠰᠤᠯᠠ ᠰᠠᠭᠤᠵᠤ ᠮᠣᠷᠢ ᠨᠣᠬᠠᠢ ᠶ᠋ᠢᠨ ᠬᠣᠢᠨ᠎ᠠ᠎ᠠ᠋ᠴᠠ ᠬᠥᠭᠡᠭᠡᠴᠡᠯᠳᠦᠵᠦ ᠪᠣᠢ ᠶ᠋ᠢ ᠦᠵᠡᠭᠡᠳ ᠥᠮᠴᠢ ᠤᠯᠤᠰ ᠲᠠᠭᠠᠨ ᠣᠴᠢᠵᠤ ᠠᠷᠠᠳ ᠢᠷᠭᠡᠳ ᠦ᠋ᠨ ᠭᠠᠴᠢᠭ ᠵᠣᠪᠠᠯᠠᠩ  ᠢ᠋ ᠮᠡᠳᠡᠵᠦ ᠥᠷᠥᠰᠢᠶᠡᠯ ᠬᠠᠢᠷᠠᠯᠠᠬᠤ ᠶ᠋ᠢ ᠮᠡᠳᠡᠲᠦᠭᠡᠢ ᠭᠡᠮᠡᠨ ᠲᠤᠰ ᠲᠤᠰ ᠮᠣᠷᠳᠠᠭᠤᠯᠪᠠ᠃ ᠲᠡᠢᠨ ᠬᠦ᠌ ᠬᠠᠳᠠᠨ ᠬᠠᠨ ᠢ᠋ ᠪᠢᠶᠸᠱᠪᠠᠯᠢ ᠳ᠋ᠤᠷ᠂  ᠮᠠᠶᠠᠯᠢ ᠬᠠᠨ ᠢ᠋ ᠡᠷᠳᠢᠰ ᠭᠣᠣᠯ ᠳ᠋ᠤᠷ ᠂ ᠬᠠᠢᠳᠤ ᠬᠠᠨ ᠢ᠋ ᠬᠠᠶᠠᠯᠢ ᠶ᠋ᠢᠨ ᠭᠠᠵᠠᠷ ᠂ ᠮᠥᠩᠬᠡᠲᠦ ᠬᠠᠨ ᠂ ᠪᠣᠯᠣᠳ ᠬᠠᠨ ᠬᠢᠭᠡᠳ ᠥᠭᠡᠳᠡᠢ ᠬᠠᠭᠠᠨ ᠤ᠋ ᠬᠠᠲᠤᠨ ᠴᠡᠯᠢᠭᠦᠲ᠋ᠠᠨ᠎ᠠ ᠬᠠᠲᠤᠨ  ᠢ᠋ ᠬᠠᠳᠠ ᠬᠠᠨ ᠤ᠋ ᠥᠮᠴᠢ ᠨᠤᠲᠤᠭ ᠤ᠋ᠨ ᠪᠠᠷᠠᠭᠤᠨ ᠳ᠋ᠤᠷ ᠡᠷᠭᠦᠮᠵᠢᠯᠡᠪᠡ᠃ 
       ᠳᠡᠮᠡᠢ ᠤᠳᠠᠭᠰᠠᠨ ᠦᠭᠡᠢ ᠭᠦᠶᠦᠭ ᠬᠠᠭᠠᠨ ᠤ᠋ ᠬᠠᠲᠤᠨ ᠠᠭᠤᠯᠠᠬᠠᠢᠮᠰ ᠬᠢᠭᠡᠳ ᠰᠢᠷᠡᠮᠦᠨ ᠦ᠌ ᠡᠬᠡ ᠰᠣᠯᠣᠭᠠᠢ ᠶᠣᠰᠣᠨ ᠤ᠋ ᠬᠠᠷᠢᠶᠠᠯ ᠡᠭᠦᠳᠦᠭᠰᠡᠨ ᠶᠠᠪᠤᠳᠠᠯ ᠢᠯᠡᠷᠡᠭᠡᠳ ᠦᠬᠦᠬᠦ ᠶᠠᠯ᠎ᠠ ᠪᠠᠷ ᠰᠢᠳᠬᠡᠭᠳᠡᠵᠦ ᠬᠣᠣᠷ ᠥᠭᠴᠦ ᠡᠴᠦᠰᠯᠡᠭᠦᠯᠪᠡ᠃ 
       ᠡᠭᠦᠨ ᠡᠴᠡ ᠬᠠᠭᠠᠨ ᠰᠠᠭᠤᠷᠢᠨ ᠪᠤᠯᠢᠶᠠᠯᠳᠤᠬᠤ ᠳᠣᠲᠣᠭᠠᠳᠤ ᠵᠥᠷᠢᠴᠡᠯ ᠲᠦᠷ ᠲᠠᠰᠤᠷᠠᠵᠤ ᠢᠯᠠᠩᠭᠤᠶ᠎ᠠ ᠮᠥᠩᠬᠡ ᠬᠠᠭᠠᠨ ᠤ᠋ ᠠᠭᠤᠳᠠᠮ ᠲᠤᠩᠭᠠᠯᠠᠭ ᠢ᠋ᠶ᠋ᠠᠷ ᠲᠥᠷᠥ ᠶ᠋ᠢ ᠵᠠᠰᠠᠵᠤ ᠬᠠᠳ ᠨᠣᠶᠠᠳ ᠤ᠋ᠨ ᠳᠤᠷ᠎ᠠ ᠮᠡᠳᠡᠵᠦ ᠲᠥᠷᠥ ᠶ᠋ᠢᠨ ᠵᠠᠰᠠᠭ ᠢ᠋ ᠣᠷᠣᠯᠠᠨ ᠶᠠᠪᠤᠭᠤᠯᠬᠤ ᠶᠠᠪᠤᠳᠠᠯ ᠢ᠋ ᠨᠢᠭᠡᠮᠦᠰᠦᠨ ᠤᠰᠠᠳᠬᠠᠨ ᠵᠠᠮ ᠂ ᠵᠧᠦ ᠂ ᠵᠢᠶᠦ᠋ᠨ ᠦ᠌ ᠲᠦᠰᠢᠮᠡᠳ ᠬᠠᠭᠠᠨ ᠲᠥᠷᠥ ᠶ᠋ᠢᠨ ᠵᠠᠷᠯᠢᠭ ᠠ᠋ᠴᠠ ᠪᠤᠰᠤ ᠬᠠᠳ ᠨᠣᠶᠠᠳ ᠤ᠋ᠨ ᠵᠠᠷᠯᠢᠭ  ᠢ᠋ ᠭᠦᠢᠴᠡᠳᠬᠡᠬᠦ ᠴᠢᠬᠤᠯᠠ ᠦᠭᠡᠢ ᠲᠤᠯᠠ ᠵᠠᠰᠠᠭ ᠤ᠋ᠨ ᠡᠷᠬᠡ ᠪᠡᠨ ᠠᠰᠢᠭᠯᠠᠨ ᠲᠤᠰ ᠲᠤᠰ ᠤ᠋ᠨ ᠭᠠᠵᠠᠷ ᠣᠷᠣᠨ ᠢ᠋ᠶ᠋ᠠᠨ ᠡᠩᠬᠡᠵᠢᠭᠦᠯᠬᠦ  ᠪᠡᠷ ᠴᠢᠷᠮᠠᠢᠨ ᠥᠩᠭᠡᠷᠡᠭᠰᠡᠨ ᠬᠡᠳᠦᠨ ᠵᠢᠯ ᠦ᠋ᠨ ᠰᠠᠮᠠᠭᠤᠷᠠᠯ  ᠢ᠋ ᠵᠦᠭᠰᠢᠷᠡᠭᠦᠯᠵᠦ ᠭᠠᠢᠯᠢ ᠲᠠᠲᠠᠪᠤᠷᠢ ᠶ᠋ᠢ ᠬᠥᠩᠭᠡᠯᠡᠨ ᠠᠷᠠᠳ ᠢᠷᠭᠡᠳ ᠲᠣᠷ ᠠᠵᠤ ᠲᠥᠷᠥᠬᠦ ᠤᠷᠮ᠎ᠠ ᠲᠠᠢ ᠪᠣᠯᠭᠠᠪᠠ᠃ 
       ᠮᠥᠩᠬᠡ ᠬᠠᠭᠠᠨ ᠤᠤᠯ ᠠ᠋ᠴᠠ ᠡᠳ᠋ᠯᠡᠵᠦ ᠪᠦᠷᠢᠯᠭᠡᠬᠦ ᠶ᠋ᠢ ᠦᠵᠡᠵᠦ ᠴᠢᠳᠠᠬᠤ ᠦᠭᠡᠢ ᠲᠤᠯᠠ ᠨᠣᠶᠠᠳ ᠲᠣᠰᠢᠮᠡᠳ  ᠢ᠋ ᠴᠢᠩᠳᠠᠯᠠᠨ ᠪᠠᠢᠴᠠᠭᠠᠵᠤ ᠵᠧᠦ ᠵᠢᠶᠦ᠋ᠨ ᠦ᠌ ᠭᠠᠢᠯᠢ ᠶ᠋ᠢ ᠵᠧᠦ ᠵᠢᠶᠦ᠋ᠨ ᠦ᠌ ᠠᠯᠪᠠᠨ ᠳ᠋ᠤᠷ ᠪᠠ ᠤᠯᠠᠭ᠎ᠠ ᠥᠷᠲᠡᠭᠡᠨ ᠳ᠋ᠦ᠍ᠷ ᠬᠡᠷᠡᠭᠯᠡᠵᠦ ᠠᠷᠠᠳ ᠠ᠋ᠴᠠ ᠬᠤᠷᠢᠶᠠᠬᠤ ᠶ᠋ᠢ ᠪᠣᠯᠢᠵᠤ ᠠᠷᠠᠳ ᠤ᠋ᠨ ᠳᠠᠷᠤᠭᠠᠰᠤ ᠶ᠋ᠢ ᠪᠠᠰᠠ ᠨᠢᠭᠡᠨ ᠳᠠᠪᠬᠤᠷ ᠬᠥᠩᠭᠡᠯᠡᠪᠡ ᠃ ᠲᠡᠢᠨ ᠬᠦ᠌ ᠠᠷᠪᠢᠯᠠᠨ ᠬᠡᠮᠵᠢᠬᠦ ᠪᠣᠷᠣᠭᠵᠢᠭᠤᠨ ᠰᠤᠷᠲᠠᠯ ᠶᠡᠬᠡᠳᠡ ᠳᠡᠯᠭᠡᠷᠡᠪᠡ᠃ 
       ᠲᠡᠳᠦᠢ ᠳ᠋ᠦ᠍ᠷ ᠪᠠᠲᠤ ᠬᠠᠨ ᠠᠴᠢ ᠲᠣᠪᠴᠢ ᠶ᠋ᠢ ᠶᠠᠪᠤᠭᠤᠯᠵᠤ ᠰᠤᠪᠤᠳ ᠬᠤᠳᠠᠯᠳᠤᠨ ᠠᠪᠬᠤ ᠮᠥᠩᠭᠥ ᠲᠦᠮᠡᠨ ᠬᠡᠰᠡᠭ ᠥᠭᠬᠦ ᠪᠣᠯᠪᠠᠤ ᠭᠡᠮᠡᠨ ᠨᠠᠢᠳᠠᠭᠰᠠᠨ ᠳ᠋ᠤᠷ ᠮᠢᠩᠭᠠᠨ ᠬᠡᠰᠡᠭ ᠥᠭᠴᠦ ᠵᠠᠷᠯᠢᠭ ᠪᠣᠯᠤᠭᠰᠠᠨ ᠠᠨᠤ ᠄《ᠡᠪᠦᠭᠡ ᠳᠡᠭᠡᠳᠦᠰ ᠦ᠋ᠨ ᠥᠪ ᠬᠥᠷᠥᠩᠭᠡ ᠶ᠋ᠢ ᠬᠠᠳ ᠳᠤᠷ᠎ᠠ ᠪᠠᠷ ᠬᠡᠷᠡᠭᠯᠡᠬᠦᠢ ᠳ᠋ᠦ᠍ᠷ ᠬᠦᠷᠪᠡᠰᠦ ᠬᠡᠷᠬᠢᠨ ᠬᠠᠩᠭᠠᠵᠤ ᠴᠢᠳᠠᠬᠤ ᠠᠵᠢ᠃ ᠬᠠᠨ ᠠᠬ᠎ᠠ ᠨᠠᠷᠢᠪᠴᠢᠯᠠᠨ ᠬᠢᠨᠠᠮᠤ᠃ ᠡᠨᠡᠬᠦ ᠮᠢᠩᠭᠠᠨ ᠬᠡᠰᠡᠭ  ᠢ᠋ ᠨᠠᠮᠤᠷ ᠤ᠋ᠨ ᠱᠠᠩ ᠤ᠋ᠨ ᠲᠣᠭᠠᠨ ᠳ᠋ᠤᠷ ᠣᠷᠣᠭᠤᠯᠵᠤ ᠪᠣᠳᠣᠰᠤᠭᠠᠢ》ᠬᠡᠮᠡᠪᠡᠢ᠃ 
       ᠪᠣᠷᠤᠬᠠᠢᠵᠢᠨ ᠬᠠᠲᠤᠨ ᠬᠣᠱᠣᠩᠨᠠᠨ ᠥᠭᠦᠯᠡᠷᠦᠨ : 《ᠪᠢᠳᠡ ᠣᠳᠣ ᠠᠷᠤ- ᠬᠥᠮᠬᠢ ᠡᠴᠡ ᠪᠤᠰᠢᠭᠤᠬᠠᠨ ᠰᠢᠷ᠎ᠠ ᠣᠷᠳᠤᠨ᠎ᠠ ᠪᠤᠴᠠᠬᠤ ᠦᠭᠡᠢ ᠪᠥᠭᠡᠰᠦ ᠭᠤᠢᠷᠠᠨᠴᠢ ᠪᠤᠯᠬᠤᠢ ᠳ᠋ᠤᠷ ᠬᠦᠷᠪᠡᠢ 》 ᠬᠡᠮᠡᠬᠦᠢ ᠳ᠋ᠦ᠍ᠷ ᠪᠠᠲᠤ ᠬᠠᠨ ᠢᠨᠢᠶᠡᠨ ᠥᠭᠦᠯᠡᠷᠦᠨ ᠄ 《  ᠮᠥᠩᠬᠡ ᠬᠠᠷᠢᠨ ᠨᠠᠳᠠ ᠪᠠᠷ ᠳᠦᠷᠢᠮ ᠪᠣᠯᠭᠠᠰᠤᠭᠠᠢ ᠭᠡᠨᠡᠮ ᠃ ᠡᠢᠨ ᠡᠰᠡ ᠪᠥᠭᠡᠰᠦ ᠪᠤᠰᠤᠳ ᠢ᠋ ᠬᠡᠷᠬᠢᠨ ᠵᠠᠰᠠᠬᠤ ᠠᠵᠤᠭᠤ᠃ ᠪᠢᠳᠡ ᠣᠳᠣ ᠰᠠᠨᠠᠭ᠎ᠠ ᠠᠮᠤᠷ ᠪᠤᠴᠠᠰᠤᠭᠠᠢ 》ᠭᠡᠮᠡᠨ ᠨᠤᠲᠤᠭ ᠤᠰᠤ ᠠ᠋ᠴᠠ ᠪᠠᠨ ᠬᠣᠯᠠᠳᠠᠵᠤ ᠢᠵᠢᠯ ᠮᠥᠷᠡᠨ ᠦ᠌ ᠰᠢᠷ᠎ᠠ ᠬᠣᠲᠠᠨ ᠳ᠋ᠤᠷ ᠪᠤᠴᠠᠬᠤ ᠪᠠᠷ ᠪᠡᠯᠡᠳᠬᠡᠪᠡ ᠃  
       ᠲᠠᠴᠠᠷ ᠬᠠᠨ ᠬᠢᠬᠡᠳ ᠬᠠᠭᠠᠨ ᠤ᠋ ᠬᠦᠷᠭᠡᠨ ᠮᠠᠲᠠᠯᠠᠬᠠᠢ ᠳ᠋ᠦᠩ ᠫᠢᠩ ᠦ᠋ᠨ ᠭᠠᠵᠠᠷ  ᠢ᠋ᠶ᠋ᠠᠷ ᠥᠩᠭᠡᠷᠡᠬᠦᠢ ᠳ᠋ᠦ᠍ᠷ ᠰᠢᠳᠠᠷ ᠳᠠᠭᠠᠭᠰᠠᠳ ᠠᠨᠤ ᠠᠷᠠᠳ ᠤ᠋ᠨ ᠬᠣᠨᠢ ᠭᠠᠬᠠᠢ ᠶ᠋ᠢ ᠪᠤᠯᠢᠶᠠᠨ ᠠᠪᠤᠭᠰᠠᠨ ᠤᠴᠢᠷ ᠲᠤᠷ ᠬᠠᠭᠠᠨ ᠡᠯᠴᠢ ᠶᠠᠪᠤᠭᠤᠯᠵᠤ ᠶᠠᠯ᠎ᠠ ᠲᠤᠯᠭᠠᠪᠠ᠃ ᠡᠭᠦᠨ ᠢ᠋ ᠰᠣᠨᠣᠰᠤᠭᠰᠠᠨ ᠪᠦᠬᠦᠨ ᠡᠮᠢᠶᠡᠨ ᠳᠠᠬᠢᠨ ᠠᠷᠠᠳ ᠢᠷᠭᠡᠳ ᠲᠣᠷ ᠬᠠᠯᠳᠠᠬᠤ ᠦᠭᠡᠢ ᠪᠣᠯᠪᠠ᠃ 
       ᠮᠥᠩᠬᠡ ᠬᠠᠭᠠᠨ ᠪᠡᠶ᠎ᠡ ᠪᠡᠷ  ᠢ᠋ᠶ᠋ᠡᠨ ᠳᠦᠷᠢᠮ ᠪᠣᠯᠵᠤ ᠴᠢᠷᠮᠠᠢᠭᠰᠠᠨ ᠠ᠋ᠴᠠ ᠣᠯᠠᠨ ᠬᠠᠳ ᠲᠦᠰᠢᠮᠡᠳ ᠴᠥᠮ ᠪᠡᠶ᠎ᠡ ᠪᠡᠨ ᠪᠠᠷᠢᠵᠤ ᠵᠠᠰᠠᠭ ᠵᠠᠷᠯᠢᠭ  ᠢ᠋ ᠬᠢᠴᠢᠶᠡᠨ ᠰᠠᠬᠢᠬᠤ ᠪᠣᠯᠪᠠᠢ ᠃ ᠭᠡᠲᠡᠯ᠎ᠡ 《ᠮᠣᠳᠣ ᠦᠯᠦ  ᠰᠠᠵᠢᠯᠠᠰᠠᠢ ᠬᠡᠮᠡᠬᠦᠢ ᠳ᠋ᠦ᠍ᠷ ᠰᠠᠯᠬᠢᠨ ᠦᠯᠦ ᠠᠮᠠᠷᠠᠭᠤᠯᠤᠮᠤᠢ 》ᠬᠡᠮᠡᠭᠰᠡᠨ ᠮᠡᠲᠦ ᠤᠳᠠᠭᠠᠨ ᠵᠢᠯ ᠬᠠᠷᠢᠶᠠᠯᠠᠭᠳᠠᠭᠰᠠᠨ ᠰᠣᠯᠣᠩᠭᠣᠰ ᠮᠡᠲᠦ ᠤᠯᠤᠰ ᠴᠥᠮ ᠮᠣᠩᠭᠣᠯ  ᠠ᠋ᠴᠠ ᠲᠡᠷᠰᠯᠡᠵᠦ ᠵᠠᠷᠯᠢᠭ ᠵᠢᠭᠠᠪᠤᠷᠢ ᠶ᠋ᠢ ᠠᠪᠬᠤ ᠦᠭᠡᠢ ᠪᠣᠯᠪᠠ᠃ ᠥᠭᠡᠷ᠎ᠡ ᠶ᠋ᠢ ᠨᠡᠩ ᠶᠠᠭᠤᠨ ᠥᠭᠦᠯᠡᠬᠦ ᠠᠵᠢ᠃ ᠲᠡᠢᠨ ᠬᠦ᠌ ᠬᠤᠪᠢᠯᠠᠢ ᠬᠠᠨ ᠢ᠋ ᠳ᠋ᠠᠯᠢ ᠶ᠋ᠢ ᠲᠦᠪᠰᠢᠳᠬᠡᠬᠦ  ᠪᠡᠷ ᠳᠤᠷᠬᠠᠨᠰᠤᠵᠤ ᠬᠠᠨ ᠢ᠋ ᠡᠨᠡᠳᠬᠡᠭ ᠢ᠋ ᠳᠠᠢᠯᠠᠬᠤ ᠪᠠᠷ ᠬᠤᠯᠤᠭᠤ ᠬᠠᠨ ᠢ᠋ ᠥᠷᠥᠨ᠎ᠡ ᠵᠦᠭ ᠦ᠋ᠨ ᠣᠯᠠᠨ ᠰᠠᠷᠲᠠᠭᠤᠯ ᠢ᠋ ᠳᠠᠢᠯᠠᠬᠤ ᠪᠠᠷ ᠲᠤᠰ ᠲᠤᠰ ᠡᠳᠦᠢ ᠲᠡᠳᠦᠢ ᠴᠡᠷᠢᠭ ᠥᠭᠴᠦ ᠮᠣᠷᠳᠠᠭᠤᠯᠪᠠ᠃ ᠪᠠᠰᠠ ᠰᠥᠩ ᠤᠯᠤᠰ ᠤ᠋ᠨ ᠰᠢᠶᠠᠩ ᠶᠠᠩ ᠂ ᠫᠠᠨᠴᠧᠩ ᠪᠠ ᠲᠡᠭᠦᠨ ᠦ᠌ ᠣᠢᠷ᠎ᠠ ᠬᠠᠪᠢ ᠶ᠋ᠢᠨ ᠵᠧᠦ ᠵᠢᠶᠦ᠋ᠨ ᠢ ᠰᠠᠬᠢᠭᠰᠠᠨ ᠵᠠᠩᠵᠤᠨ ᠴᠡᠷᠢᠭ ᠬᠢᠯᠢ ᠬᠢᠵᠠᠭᠠᠷ ᠬᠠᠯᠳᠠᠬᠤ ᠶᠠᠪᠤᠳᠠᠯ ᠢ᠋ ᠴᠢᠩᠳᠠᠯᠠᠨ ᠰᠡᠷᠭᠡᠢᠯᠡᠭᠦᠯᠪᠡ᠃ ᠢᠯᠠᠭᠤ ᠬᠠᠨ ᠢ᠋ ᠰᠣᠯᠣᠩᠭᠣᠰ ᠲᠤᠷ ᠪᠠᠢᠯᠳᠤᠬᠤ ᠴᠡᠷᠢᠭ  ᠲᠦ᠍ᠷ ᠲᠤᠰᠠᠯᠠᠭᠲᠤᠨ ᠭᠡᠮᠡᠨ ᠮᠣᠷᠳᠠᠭᠤᠯᠪᠠᠰᠤ ᠢᠯᠠᠭᠤ ᠬᠠᠨ ᠬᠣᠪᠢᠨ ᠤ᠋ ᠥᠰᠢᠶ᠎ᠡ ᠪᠡᠷ ᠲᠠᠯᠠᠷ ᠬᠠᠨ ᠤ᠋ ᠪᠠᠭᠤᠴᠠ ᠶ᠋ᠢ ᠳᠠᠭᠠᠷᠢᠭᠰᠠᠨ ᠳ᠋ᠤᠷ ᠬᠢᠯᠢᠩᠯᠡᠨ ᠤᠨᠤᠨ ᠭᠣᠣᠯ ᠤ᠋ᠨ ᠠᠷᠤ ᠳ᠋ᠤᠷ ᠣᠯᠠᠨ ᠬᠠᠳ ᠢ᠋ ᠬᠤᠷᠠᠯᠳᠤᠭᠤᠯᠵᠤ ᠵᠥᠪ ᠪᠤᠷᠤᠭᠤ ᠶ᠋ᠢ ᠢᠯᠭᠠᠵᠤ ᠢᠯᠠᠭᠤ ᠬᠠᠨ ᠢ᠋ ᠳᠤᠩᠭᠣᠳᠤᠵᠤ ᠮᠣᠷᠳᠠᠭᠤᠯᠬᠤ ᠶ᠋ᠢ ᠪᠣᠯᠢᠭᠠᠳ ᠳᠠᠬᠢᠨ ᠡᠪᠦᠭᠡᠨ ᠵᠠᠩᠵᠤᠨ ᠵᠠᠯᠠᠷᠲᠠᠶ ᠶ᠋ᠢ ᠵᠡᠭᠦᠨ ᠢ᠋ ᠲᠦᠪᠰᠢᠳᠬᠡᠬᠦ ᠶᠡᠬᠡ ᠶᠤᠸᠠᠨᠱᠤᠸᠠᠢ ᠶ᠋ᠢᠨ ᠲᠤᠰᠢᠶᠠᠯ ᠥᠭᠴᠦ ᠮᠣᠷᠳᠠᠭᠤᠯᠪᠠ᠃ ᠭᠤᠷᠪᠠᠨ ᠰᠠᠷ᠎ᠠ ᠳ᠋ᠤᠷ ᠶᠡᠬᠡ ᠴᠡᠷᠢᠭ ᠬᠠᠢᠵᠸᠦ ᠬᠣᠲᠠ ᠶ᠋ᠢ ᠪᠠᠢᠯᠳᠤᠭᠰᠠᠨ ᠳ᠋ᠤᠷ ᠬᠣᠲᠠ ᠶ᠋ᠢ ᠰᠠᠬᠢᠬᠤ ᠵᠠᠩᠵᠤᠨ ᠸᠠᠩ ᠭᠦᠸᠧ ᠴᠢᠩ ᠲᠣᠰᠴᠤ ᠪᠠᠢᠯᠳᠤᠭᠠᠳ ᠳᠡᠢᠯᠦᠭᠳᠡᠵᠦ ᠬᠣᠲᠠᠨ ᠳ᠋ᠠᠭᠠᠨ ᠣᠷᠣᠵᠤ ᠪᠡᠬᠢᠯᠡᠨ ᠰᠠᠬᠢᠪᠠ᠃    
       ᠥᠭᠦᠯᠡᠬᠦ ᠢᠨᠦ ᠡᠨᠡ ᠦᠶ᠎ᠡ ᠡᠮᠦᠨᠡᠲᠦ ᠰᠥᠩ ᠤᠯᠤᠰ ᠮᠣᠩᠭᠣᠯ ᠤ᠋ᠨ ᠳᠣᠲᠣᠭᠠᠳᠤ ᠳ᠋ᠤᠷ ᠬᠡᠷᠡᠭ ᠶᠠᠪᠤᠳᠠᠯ ᠣᠯᠠᠨ  ᠢ᠋ ᠮᠡᠳᠡᠵᠦ ᠵᠢᠯ ᠪᠦᠷᠢ ᠶ᠋ᠢᠨ ᠲᠣᠭᠲᠠᠭᠠᠯ ᠠᠯᠪᠠᠨ ᠮᠥᠩᠭᠥ ᠪᠠ ᠪᠠᠷᠠᠭ᠎ᠠ ᠪᠠᠨ ᠥᠭᠬᠦ ᠦᠭᠡᠢ ᠪᠡᠷ ᠦᠯᠦ ᠪᠠᠷᠠᠨ ᠰᠢᠶᠠᠩ ᠶᠠᠩ᠂ ᠫᠠᠨᠴᠧᠩ ᠦ᠋ᠨ ᠣᠢᠷ᠎ᠠ ᠬᠠᠪᠢ ᠶ᠋ᠢᠨ ᠮᠣᠩᠭᠣᠯ ᠤ᠋ᠨ ᠰᠠᠬᠢᠬᠤ ᠴᠡᠷᠢᠭ  ᠢ᠋ ᠴᠣᠬᠢᠵᠤ ᠡᠰᠡ ᠪᠥᠭᠡᠰᠦ ᠬᠦᠨᠳᠦ ᠱᠠᠩ ᠬᠡᠰᠢᠭ ᠢ᠋ᠶ᠋ᠡᠷ ᠥᠳᠡᠭᠡᠨ ᠤᠷᠪᠠᠭᠤᠯᠵᠤ ᠠᠮᠤᠷ ᠰᠠᠭᠤᠬᠤ ᠦᠭᠡᠢ ᠳ᠋ᠦ᠍ᠷ ᠵᠣᠲᠣ ᠲᠡᠷᠢᠭᠦᠲᠡᠨ ᠭᠤᠴᠢ ᠢᠯᠡᠭᠦᠦ ᠬᠥᠮᠦᠨ  ᠢ᠋ ᠡᠯᠴᠢ ᠪᠡᠷ ᠲᠣᠮᠢᠯᠠᠨ ᠶᠠᠯ᠎ᠠ ᠠᠰᠠᠭᠤᠷ᠎ᠠ ᠶᠠᠪᠤᠭᠤᠯᠪᠠ᠃ 
       ᠲᠡᠷᠡ ᠡᠪᠦᠯ ᠦ᠋ᠨ ᠠᠷᠪᠠᠨ ᠬᠣᠶᠠᠷ ᠰᠠᠷ᠎ᠠ ᠳ᠋ᠤᠷ ᠬᠤᠪᠢᠯᠠᠢ ᠬᠠᠨ ᠳ᠋ᠠᠯᠢ ᠤᠯᠤᠰ  ᠢ᠋ ᠳᠠᠢᠯᠠᠬᠤ ᠪᠠᠷ ᠴᠡᠷᠢᠭ ᠠᠪᠴᠤ ᠮᠣᠷᠳᠠᠪᠠ ᠃ ᠮᠥᠩᠬᠡ ᠬᠠᠭᠠᠨ ᠸᠠᠩᠭᠢᠨ ᠬᠡᠮᠡᠬᠦ ᠭᠠᠵᠠᠷ ᠡᠪᠦᠯᠵᠢᠵᠦ ᠢᠯᠠᠭᠤ ᠶ᠋ᠢ ᠬᠣᠩ ᠹᠦ ᠶᠤᠸᠠᠨ ᠤ᠋ ᠬᠠᠮᠲᠤ ᠳᠠᠬᠢᠨ ᠰᠣᠯᠣᠩᠭᠣᠰ  ᠢ᠋ ᠳᠠᠢᠯᠠᠷ᠎ᠠ ᠶᠠᠪᠤᠭᠤᠯᠪᠠ ᠃ ᠢᠯᠠᠭᠤ ᠬᠠᠨ ᠵᠡᠪᠡ ᠴᠢᠯᠠᠭᠤᠨ ᠤ᠋ ᠳᠤᠮᠳᠠ ᠰᠢᠷᠭᠤᠯᠤᠨ ᠪᠠᠢᠯᠳᠤᠵᠤ ᠬᠧᠱᠠᠨ ᠂ ᠳ᠋ᠦᠩ ᠵᠧᠦ ᠂ ᠴᠦᠨ ᠵᠧᠦ ᠂ ᠰᠠᠨ ᠵᠢᠶᠣᠤ ᠱᠠᠨ᠂ ᠶᠠᠩ ᠬᠧᠨ ᠂ ᠲᠢᠶᠠᠨ ᠯᠦᠩ ᠵᠡᠷᠭᠡ ᠬᠣᠲᠠ ᠶ᠋ᠢ ᠡᠵᠡᠯᠡᠵᠦ ᠠᠪᠤᠪᠠ ᠃  
       ᠬᠥᠬᠡ ᠪᠠᠷᠰ ᠵᠢᠯ ᠬᠠᠭᠠᠨ ᠢᠷᠮᠡᠭ ᠬᠡᠮᠡᠬᠦ ᠭᠠᠵᠠᠷ ᠵᠤᠨᠵᠢᠭᠤᠨ ᠵᠠᠯᠠᠢᠷ ᠠᠢᠮᠠᠭ ᠤ᠋ᠨ ᠪᠠᠭᠠᠲᠤᠷ ᠬᠡᠷᠦᠰᠦ ᠶ᠋ᠢ ᠰᠣᠯᠣᠩᠭᠣᠰ ᠢ ᠪᠠᠢᠯᠳᠤᠬᠤᠢ ᠳ᠋ᠤᠷ ᠬᠦᠴᠦ ᠪᠡᠨ ᠡᠷᠭᠦ ᠭᠡᠮᠡᠨ ᠶᠠᠪᠤᠭᠤᠯᠪᠠ᠃ 
       ᠨᠠᠮᠤᠷ ᠬᠥᠬᠡᠨᠠᠭᠤᠷ ᠲᠤᠷ ᠣᠯᠠᠨ ᠬᠠᠳ ᠨᠣᠶᠠᠳ  ᠢ᠋ ᠠᠪᠴᠤ ᠠᠭᠤᠯᠵᠠᠭᠠᠳ ᠨᠠᠷᠠ ᠰᠠᠷᠠ ᠬᠡᠮᠡᠬᠦ ᠠᠭᠤᠯᠠᠨ ᠳ᠋ᠤᠷ ᠴᠡᠭᠡ ᠪᠠᠷᠢᠵᠤ ᠲᠡᠭᠷᠢ ᠶ᠋ᠢ  ᠳᠠᠢᠪᠠ ᠃ ᠳᠠᠭᠠᠯᠳᠤᠭᠤᠯᠵᠤ ᠣᠷᠣᠯᠭ᠎ᠠ ᠵᠠᠷᠤᠯᠭ᠎ᠠ ᠶ᠋ᠢᠨ ᠲᠤᠬᠠᠢ ᠲᠦᠰᠢᠮᠡᠳ  ᠢ᠋ ᠳᠠᠭᠤᠳᠠᠨ ᠠᠰᠠᠭᠤᠵᠤ ᠢᠯᠡᠭᠦᠴᠡ ᠵᠠᠷᠤᠳᠠᠯ ᠪᠦᠬᠦᠨ ᠢ ᠴᠥᠮ ᠬᠠᠰᠤᠭᠤᠯᠪᠠ ᠃ ᠡᠪᠦᠯ ᠢᠮᠠᠭᠠᠨ ᠬᠠᠯᠠᠭᠠᠢ ᠬᠡᠮᠡᠬᠦ ᠭᠠᠵᠠᠷ ᠶᠡᠬᠡ ᠠᠪᠠ ᠵᠠᠷᠯᠠᠪᠠ ᠃ 
       ᠲᠡᠳᠦᠢ ᠳ᠋ᠦ᠍ᠷ ᠬᠤᠯᠤᠭᠤ ᠬᠠᠨ ᠬᠣᠷᠢᠨ ᠲᠦᠮᠡᠨ ᠶᠡᠬᠡ ᠴᠡᠷᠢᠭ ᠳᠠᠢᠴᠢᠯᠠᠨ ᠥᠷᠥᠨ᠎ᠡ ᠵᠦᠭ ᠮᠣᠷᠳᠠᠭᠠᠳ ᠵᠤᠩᠭᠠᠷ ᠤ᠋ᠨ ᠲᠠᠯ᠎ᠠ ᠶ᠋ᠢ ᠲᠤᠭᠤᠯᠵᠤ ᠠᠮᠤᠲᠠᠷᠢᠶ᠎ᠠ ᠭᠣᠣᠯ  ᠢ᠋ ᠭᠡᠲᠦᠯᠵᠦ ᠰᠢᠭᠤᠳ ᠰᠠᠮᠠᠺᠺᠠᠨᠳ᠋ ᠲᠤᠷ ᠬᠦᠷᠴᠡᠢ᠃ ᠲᠡᠨᠳᠡ ᠡᠴᠡ ᠬᠡᠲᠦᠪᠥ᠋ᠬᠡ ᠳ᠋ᠦ᠍ᠷ ᠲᠦᠮᠡ ᠬᠣᠶᠠᠷ ᠮᠢᠩᠭᠠᠨ ᠭᠠᠪᠰᠢᠭᠠᠢ ᠴᠡᠷᠢᠭ ᠥᠭᠴᠦ ᠢᠷᠡᠨ ᠦ᠌ ᠬᠣᠢᠲᠤ ᠵᠠᠬ᠎ᠠ ᠶ᠋ᠢᠨ ᠨᠢᠭᠤᠴᠠ ᠠᠵᠢᠯᠯᠠᠭ᠎ᠠ ᠶ᠋ᠢᠨ ᠰᠤᠷᠲᠠᠬᠤᠨᠴᠤᠳ  ᠢ᠋ ᠭᠡᠨᠡᠳᠡᠭᠦᠯᠵᠦ ᠴᠣᠬᠢᠭᠲᠤᠨ ᠭᠡᠮᠡᠨ ᠤᠷᠢᠳᠴᠢᠯᠠᠨ ᠶᠠᠪᠤᠭᠤᠯᠪᠠ ᠃ ᠥᠪᠡᠷ ᠦ᠋ᠨ ᠪᠡᠶ᠎ᠡ ᠢᠨᠣ ᠬᠠᠷᠢᠶᠠᠲᠤ ᠭᠠᠵᠠᠷ ᠣᠷᠣᠨ ᠤ᠋ ᠬᠠᠳ ᠡᠵᠡᠳ  ᠢ᠋ ᠴᠤᠭᠯᠠᠭᠤᠯᠤᠨ ᠰᠢᠳᠤᠷᠭᠤ ᠭᠦᠢᠴᠡᠳᠬᠡᠬᠦ ᠶᠣᠰᠣᠯᠠᠯ ᠶᠠᠪᠤᠭᠤᠯᠵᠤ ᠲᠠᠩᠭᠠᠷᠢᠭ ᠢ᠋ ᠠᠪᠤᠪᠠ ᠃ ᠡᠨᠡᠬᠦ ᠶᠣᠰᠣᠯᠠᠯ ᠳ᠋ᠤᠷ ᠣᠷᠣᠯᠴᠠᠭᠰᠠᠨ ᠠᠨᠤ ᠷᠣᠮ ᠤ᠋ᠨ ᠰᠸᠯᠸᠳ᠋ᠴᠣᠺ  ᠾᠷᠲ᠋ᠣ ᠂ ᠹᠠᠯᠠᠰᠣ ᠂ ᠢᠷᠠᠺ ᠂ ᠠᠷᠠᠴᠣᠮᠢ ᠂ ᠬᠤᠷᠠᠱᠠ᠂ ᠠᠽᠠᠷᠪᠠᠢᠵᠢᠶᠠᠩ᠂ ᠠᠷᠤᠯᠠ ᠂ ᠰᠢᠷᠸᠠᠨ᠂ ᠬ᠌ᠷᠤᠵᠢᠶ᠎ᠡ ᠵᠡᠷᠭᠡ ᠭᠠᠵᠠᠷ ᠤ᠋ᠨ ᠰᠦᠯᠳᠡᠨ ᠬᠠᠳ ᠨᠣᠶᠠᠳ ᠸᠠᠩ ᠨᠠᠷ ᠪᠣᠯᠠᠢ ᠃ ᠡᠳᠡᠭᠡᠷ ᠭᠠᠵᠠᠷ ᠴᠤᠷᠮᠠᠬᠠᠨ ᠬᠣᠷᠴᠢ ᠪᠠ ᠲᠡᠭᠦᠨ ᠦ᠌ ᠬᠥᠪᠡᠭᠦᠨ ᠪᠠᠢᠵᠤᠤ ᠶ᠋ᠢᠨ ᠡᠷᠬᠡᠰᠢᠶᠡᠯ ᠳ᠋ᠦ᠍ᠷ ᠤᠳᠠᠭᠠᠨ ᠵᠢᠯ ᠪᠠᠢᠭᠰᠠᠨ ᠪᠣᠯᠠᠢ ᠃ ᠨᠢᠭᠤᠴᠠ ᠠᠯᠠᠯᠯᠠᠭ᠎ᠠ ᠶ᠋ᠢᠨ ᠰᠤᠷᠲᠠᠬᠤᠨ ᠤ᠋ ᠨᠣᠶᠠᠨ ᠠᠯᠠ᠂ ᠡᠳ᠋᠂ ᠳ᠋ᠢᠨ ᠮᠦᠬᠠᠮᠸᠳ᠋ ᠬᠢᠭᠡᠳ ᠪᠠᠬᠠᠳᠠᠳ ᠤ᠋ᠨ ᠰᠢᠨ᠎ᠡ ᠬᠠᠯᠢᠫᠢ ᠦᠰᠲ᠋ᠡᠰᠢᠮ ᠰᠢᠳᠤᠷᠭᠤ ᠭᠦᠢᠴᠡᠳᠬᠡᠬᠦ ᠲᠠᠩᠭᠠᠷᠢᠭ ᠥᠭᠭᠦᠭᠰᠡᠨ ᠦᠭᠡᠢ ᠪᠣᠯᠠᠢ᠃ 
       ᠡᠳᠡᠭᠡᠷ ᠬᠥᠮᠦᠰ ᠪᠥᠭᠡᠰᠦ ᠢᠰᠠᠮᠠᠢᠷᠢ ᠪᠦᠯᠦᠭ ᠦ᠋ᠨ ᠰᠣᠯᠢᠶᠠᠲᠤ ᠰᠦᠰᠦᠭᠲᠡᠨ ᠦ ᠬᠡᠰᠡᠭ ᠪᠥᠭᠡᠳ ᠲᠡᠭᠦᠨ ᠤ ᠶᠣᠰᠣ ᠰᠤᠷᠲᠠᠯ ᠪᠣᠯ ᠶᠡᠬᠡᠳᠡ ᠭᠦᠨ ᠨᠢᠭᠤᠴᠠ ᠪᠣᠯᠠᠢ ᠃ ᠰᠤᠷᠲᠠᠬᠤᠨ ᠤ᠋ ᠪᠠᠨ ᠲᠥᠯᠥᠭᠡ ᠠᠮᠢ ᠪᠡᠶ᠎ᠡ ᠪᠡᠨ ᠦᠷᠡᠭᠳᠡᠭᠦᠯᠬᠦᠢ ᠳ᠋ᠦ᠍ᠷ ᠰᠠᠭᠠᠳ ᠪᠣᠯᠤᠭᠰᠠᠨ ᠬᠥᠮᠦᠨ ᠪᠣᠢ ᠪᠥᠭᠡᠰᠦ ᠲᠡᠭᠦᠨ ᠤ ᠡᠷᠬᠡ ᠮᠠᠲᠠᠯ ᠬᠡᠳᠦᠢ ᠥᠨᠳᠥᠷ ᠪᠠᠢᠭᠰᠠᠨ ᠴᠤ᠌ ᠠᠯᠠᠭᠳᠠᠬᠤ ᠠ᠋ᠴᠠ ᠬᠡᠯᠲᠦᠷᠢᠵᠦ ᠴᠢᠳᠠᠬᠤ ᠦᠭᠡᠢ ᠬᠡᠮᠡᠮᠦ᠃ ᠡᠢᠮᠦ ᠡᠴᠡ ᠡᠳᠡᠭᠡᠷ ᠦ᠋ᠨ ᠡᠷᠬᠡ ᠰᠦᠷ ᠤᠯᠠᠮ ᠨᠡᠮᠡᠭᠳᠡᠵᠦ ᠡᠵᠡᠳ ᠬᠠᠳ ᠪᠣᠯᠪᠠᠴᠤ ᠠᠶᠤᠨ ᠬᠠᠯᠳᠠᠬᠤ ᠦᠭᠡᠢ ᠪᠥᠯᠥᠭᠡ᠃  ᠲᠡᠭᠦᠨ ᠤ ᠡᠷᠬᠡ ᠰᠠᠭᠤᠷᠢ ᠠᠨᠤ ᠺᠦᠢᠰᠲ᠋ᠠᠨ ᠤ᠋ ᠠᠯᠠᠮᠤᠲᠤ  ᠪᠠᠷ ᠭᠣᠣᠯ ᠪᠣᠯᠭᠠᠨ ᠢᠷᠡᠨ ᠡᠴᠡ ᠪᠠᠷᠠᠭᠤᠨ ᠬᠣᠢᠰᠢ ᠠᠭᠤᠯᠠᠷᠬᠠᠭ ᠭᠠᠵᠠᠷ ᠤ᠋ᠨ ᠭᠤᠷᠪᠠᠨ ᠵᠠᠭᠤ ᠵᠢᠷᠠᠨ ᠬᠣᠲᠠ ᠴᠥᠮ ᠵᠠᠬᠢᠷᠤᠭᠳᠠᠪᠠ᠃ ᠲᠡᠷᠡ ᠡᠪᠦᠯ ᠶᠡᠬᠡ ᠴᠠᠰᠤ ᠲᠠᠢ ᠲᠤᠯᠠ ᠬᠤᠯᠤᠭᠤ ᠬᠠᠨ ᠤ ᠶᠡᠬᠡ ᠴᠡᠷᠢᠭ ᠬᠥᠳᠡᠯᠦᠭᠰᠡᠨ ᠦᠭᠡᠢ᠃ ᠭᠠᠭᠴᠠ ᠬᠡᠳᠦᠪᠦᠢ᠍ᠬᠡ ᠶ᠋ᠢᠨ  ᠴᠡᠷᠢᠭ ᠢᠷᠡᠨ ᠦ᠌ ᠬᠣᠢᠲᠤ ᠵᠠᠬ᠎ᠠ ᠳ᠋ᠤᠷ ᠬᠦᠷᠴᠦ ᠣᠴᠢᠬᠤᠢ ᠳ᠋ᠤᠷ ᠨᠢᠭᠤᠴᠠ ᠠᠯᠠᠯᠯᠠᠭ᠎ᠠ ᠶ᠋ᠢᠨ ᠰᠤᠷᠲᠠᠬᠤᠨ ᠤ᠋ ᠨᠣᠶᠠᠨ ᠠᠯᠠ᠂ ᠡᠳ᠋ ᠂ ᠳ᠋ᠢᠨ ᠮᠦᠬᠠᠮᠸᠳ᠋ ᠮᠣᠩᠭᠣᠯ ᠴᠡᠷᠢᠭ ᠴᠥᠭᠡᠨ ᠭᠡᠮᠡᠨ ᠪᠠᠰᠤᠮᠵᠢᠯᠠᠵᠤ ᠤᠭᠲᠤᠵᠤ ᠪᠠᠢᠯᠳᠤᠭᠠᠳ ᠬᠡᠳᠦᠪᠦᠢ᠍ᠬᠡ ᠳ᠋ᠦ᠍ᠷ ᠠᠯᠠᠭᠳᠠᠪᠠ᠃ ᠲᠡᠭᠦᠨ ᠣ ᠬᠥᠪᠭᠦᠨ ᠷᠤᠺᠦᠨ᠂ ᠡᠳ᠋ ᠂ ᠳ᠋ᠢᠨ᠂ ᠹᠦᠷᠤᠰᠢᠶ᠎ᠡ ᠡᠴᠢᠭᠡ ᠶ᠋ᠢᠨ ᠢ᠋ᠶ᠋ᠡᠨ ᠰᠠᠭᠤᠷᠢᠨ ᠢ᠋ ᠵᠠᠯᠭᠠᠮᠵᠢᠯᠠᠪᠠ ᠃ ᠬᠤᠯᠤᠭᠤ ᠬᠠᠨ ᠡᠯᠴᠢ ᠶᠠᠪᠤᠭᠤᠯᠵᠤ ᠹᠦᠷᠦᠰᠢᠶ᠎ᠠ ᠪᠡᠬᠢᠯᠡᠯᠲᠡ ᠪᠡᠨ ᠡᠪᠳᠡᠵᠦ ᠣᠯᠠᠨ ᠢ᠋ᠶ᠋ᠠᠨ ᠳᠠᠭᠠᠭᠤᠯᠤᠨ ᠪᠠᠭᠤᠵᠤ ᠥᠭᠭᠦᠭᠳᠤᠨ ᠭᠡᠮᠡᠨ ᠵᠠᠷᠯᠠᠪᠠᠰᠤ ᠦᠯᠦ ᠪᠣᠯᠬᠤ ᠲᠤᠯᠠ ᠬᠠᠪᠤᠷ ᠪᠣᠯᠣᠮᠠᠭᠴᠠ ᠬᠤᠯᠤᠭᠤ ᠬᠠᠨ ᠤ᠋ ᠶᠡᠬᠡ ᠴᠡᠷᠢᠭ ᠭᠤᠷᠪᠠᠨ ᠵᠠᠮ ᠢ᠋ᠶ᠋ᠠᠷ ᠢᠷᠡᠨ ᠦ᠌ ᠬᠣᠢᠲᠤ ᠬᠡᠰᠡᠭ ᠬᠡᠰᠡᠭ ᠲᠣᠷ ᠳᠣᠪᠲᠣᠯᠤᠨ ᠣᠷᠣᠭᠠᠳ ᠷᠣᠺᠣᠨ ᠂ ᠡᠳ᠋ ᠂ ᠳ᠋ᠶ᠋ᠨ ᠹᠦᠷᠤᠰᠢᠶ᠎ᠠ ᠶ᠋ᠢᠨ ᠬᠠᠮᠤᠭ ᠨᠠᠢᠳᠠᠭᠤᠰᠢᠲᠠᠢ ᠶᠡᠬᠡ ᠪᠡᠬᠢᠯᠡᠯᠲᠡ ᠮᠠᠢᠮᠠᠩᠳ᠋ᠸᠽᠢ ᠶ᠋ᠢ ᠠᠮᠢᠰᠬᠤᠭ᠎ᠠ ᠨᠡᠪᠲᠡᠷᠡᠬᠦ ᠦᠭᠡᠢ ᠪᠦᠰᠡᠯᠡᠵᠦ ᠠᠪᠤᠪᠠ ᠃ 
       ᠮᠠᠢᠮᠠᠩᠳ᠋ᠸᠽᠢ ᠬᠡᠳᠦᠢ ᠪᠡᠷ ᠶᠡᠬᠡ ᠬᠡᠮᠵᠢᠶᠡᠨ ᠤ ᠠᠮᠤ ᠬᠦᠨᠡᠰᠦ ᠪᠡᠯᠡᠳᠬᠡᠭᠰᠡᠨ ᠪᠣᠯᠪᠠᠴᠤ ᠮᠣᠩᠭᠣᠯᠴᠤᠳ ᠠ᠋ᠴᠠ ᠵᠠᠢᠯᠠᠨ ᠳᠤᠲᠠᠭᠠᠵᠤ ᠣᠯᠠᠨ ᠠᠷᠠᠳ ᠴᠥᠮ ᠮᠠᠢᠮᠠᠩᠳ᠋ᠸᠽᠢ ᠶ᠋ᠢ ᠪᠠᠲᠤᠯᠠᠭ᠎ᠠ ᠲᠠᠢ ᠭᠡᠮᠡᠨ ᠴᠤᠭᠯᠠᠷᠠᠵᠤ ᠢᠷᠡᠭᠰᠡᠨ ᠲᠤᠯᠠ ᠠᠮᠤ ᠬᠦᠨᠡᠰᠦ ᠮᠠᠰᠢ ᠲᠦᠷᠭᠡᠨ ᠬᠣᠪᠣᠷᠳᠠᠪᠠᠢ᠃ ᠡᠴᠦᠰ ᠲᠡᠭᠡᠨ ᠴᠥᠮ ᠥᠯᠪᠡᠷᠴᠦ ᠦᠬᠦᠬᠦᠢ ᠳ᠋ᠦ᠍ᠷ ᠬᠦᠷᠦᠭᠡᠳ ᠰᠠᠶᠢ ᠪᠠᠭᠤᠵᠤ ᠥᠭᠪᠡ᠃ ᠪᠤᠰᠤᠳ ᠬᠣᠲᠠ ᠮᠥᠨ ᠴᠦ᠍ ᠹᠦᠷᠤᠰᠢᠶ᠎ᠠ ᠶ᠋ᠢᠨ ᠪᠠᠭᠤᠵᠤ ᠥᠭᠬᠦ ᠬᠡᠮᠡᠭᠰᠡᠨ ᠵᠠᠷᠯᠢᠭ  ᠢ᠋ᠶ᠋ᠠᠷ ᠬᠣᠲᠠ ᠪᠠᠨ ᠡᠷᠭᠦᠵᠦ ᠳᠠᠭᠠᠪᠠ ᠃ ᠭᠡᠪᠡᠴᠦ ᠨᠢᠭᠤᠴᠠ ᠠᠯᠠᠯᠯᠠᠭ᠎ᠠ ᠶ᠋ᠢᠨ ᠰᠠᠭᠤᠷᠢᠨ ᠠᠯᠠᠮᠦᠲᠤ ᠭᠤᠷᠪᠠᠨ ᠵᠢᠯ ᠪᠦᠰᠡᠯᠡᠭᠳᠡᠭᠡᠳ ᠰᠠᠶᠢ ᠪᠠᠭᠤᠵᠤ ᠥᠭᠪᠡ ᠃ ᠹᠦᠷᠤᠰᠢᠶ᠎ᠠ ᠨᠡᠢᠰᠯᠡᠯ ᠬᠠᠷ᠎ᠠ ᠬᠣᠷᠢᠨ ᠳ᠋ᠤᠷ ᠬᠦᠷᠭᠡᠵᠦ ᠶᠠᠪᠤᠬᠤ ᠵᠠᠮ ᠳ᠋ᠤᠷ ᠮᠥᠩᠬᠡ ᠬᠠᠭᠠᠨ ᠵᠠᠷᠯᠢᠭ ᠬᠦᠷᠴᠦ ᠢᠷᠡᠭᠡᠳ ᠬᠦᠷᠭᠡᠬᠦ ᠬᠡᠷᠡᠭ ᠦᠭᠡᠢ ᠬᠡᠮᠡᠭᠰᠡᠨ  ᠢ᠋ᠶ᠋ᠡᠷ ᠲᠡᠳᠡ ᠢᠨᠤ ᠴᠠᠪᠴᠢᠪᠠ᠃ 
       ᠤᠯᠠᠭᠠᠭᠴᠢᠨ ᠮᠣᠭᠠᠢ ᠵᠢᠯ ᠦ᠋ᠨ ᠭᠤᠷᠪᠠᠨ ᠰᠠᠷ᠎ᠠ ᠳ᠋ᠤᠷ ᠬᠤᠯᠤᠭᠤ ᠬᠠᠨ ᠭᠸᠵᠢᠶᠦᠨ ᠦ᠌ ᠬᠠᠮᠠᠲᠠᠨ ᠳ᠋ᠤᠷ ᠬᠦᠷᠴᠦ ᠢᠷᠡᠬᠦᠢ ᠳ᠋ᠦ᠍ᠷ ᠪᠠᠢᠵᠤᠤ ᠠᠽᠠᠷᠪᠠᠢᠵᠢᠶᠠᠩ ᠠ᠋ᠴᠠ ᠢᠷᠡᠵᠦ ᠠᠭᠤᠯᠵᠠᠪᠠᠢ ᠃ ᠦᠵᠡᠪᠡᠰᠦ ᠬᠤᠯᠤᠭᠤ ᠬᠠᠨ ᠪᠡᠶ᠎ᠡ ᠥᠨᠳᠥᠷ ᠴᠢᠷᠠᠢ ᠲᠥᠪ ᠬᠠᠪᠠᠷ ᠤᠷᠲᠤ ᠨᠢᠳᠦ ᠪᠣᠰᠤᠭ᠎ᠠ ᠣᠮᠣᠭ ᠰᠦᠷ ᠨᠢᠭᠤᠷ ᠳ᠋ᠤᠷ  ᠪᠠᠳᠠᠷᠠᠨ ᠢᠯᠡᠷᠡᠮᠦᠢ ᠃ ᠪᠠᠢᠵᠤᠤ ᠶ᠋ᠢ ᠦᠵᠡᠭᠡᠳ  ᠳᠠᠷᠤᠢ ᠬᠢᠯᠢᠩᠯᠡᠨ ᠥᠭᠦᠯᠡᠷᠦᠨ  ᠄ 《ᠴᠢ ᠴᠤᠷᠮᠠᠬᠠᠨ ᠬᠣᠷᠴᠢ ᠶ᠋ᠢᠨ ᠴᠡᠷᠢᠭ ᠦ᠋ᠨ ᠡᠷᠬᠡ ᠶ᠋ᠢ ᠬᠦᠯᠢᠶᠡᠨ ᠠᠪᠤᠭᠰᠠᠨ ᠠ᠋ᠴᠠ ᠢᠨᠠᠭᠰᠢ ᠢᠯᠠᠭᠰᠠᠨ ᠳᠠᠢᠰᠤᠨ ᠬᠡᠨ ᠪᠣᠢ ! ᠳᠠᠭᠠᠭᠤᠯᠤᠭᠰᠠᠨ ᠤᠯᠤᠰ ᠬᠡᠳᠦ ᠪᠣᠢ - ᠪᠠᠭᠲᠠᠳ ᠬᠦᠴᠦᠷᠬᠡᠭ  ᠭᠡᠮᠡᠨ ᠮᠣᠩᠭᠣᠯᠴᠤᠳ  ᠢ᠋ ᠰᠦᠷᠳᠡᠭᠦᠯᠵᠦ ᠶᠠᠪᠤᠬᠤ ᠠᠨᠤ ᠴᠢᠨᠦ ᠴᠢᠳᠠᠪᠤᠷᠢ ᠪᠤᠶᠤ!》 ᠬᠡᠮᠡᠬᠦᠢ ᠳ᠋ᠦ᠍ᠷ ᠪᠠᠢᠵᠤᠤ ᠰᠥᠭᠥᠳᠴᠦ ᠥᠴᠢᠷᠦᠨ : 《 ᠲᠦᠰᠢᠮᠡᠯ ᠮᠢᠨᠦ ᠡᠴᠢᠭᠡ ᠨᠥᠭᠴᠢᠭᠰᠡᠨ ᠬᠣᠢᠨ᠎ᠠ ᠪᠢ ᠴᠡᠷᠢᠭ ᠦ᠋ᠨ ᠡᠷᠬᠡ ᠶ᠋ᠢ ᠬᠦᠯᠢᠶᠡᠨ ᠠᠪᠤᠭᠠᠳ ᠴᠢᠳᠠᠬᠤ ᠬᠢᠷᠢ ᠪᠡᠷ ᠵᠢᠳᠬᠦᠭᠰᠡᠨ ᠪᠥᠯᠥᠭᠡ ᠃ ᠷᠣᠮ ᠵᠡᠷᠭᠡ ᠭᠠᠵᠠᠷ  ᠢ᠋ ᠡᠵᠡᠯᠡᠨ ᠠᠪᠤᠪᠠ ᠃ ᠪᠤᠲᠠ ᠬᠣᠲᠠ ᠶ᠋ᠢ ᠡᠵᠡᠯᠡᠨ ᠴᠢᠳᠠᠭᠰᠠᠨ ᠦᠭᠡᠢ ᠢᠨᠦ ᠲᠤᠰ ᠬᠣᠲᠠ ᠶ᠋ᠢᠨ ᠬᠥᠮᠦᠨ ᠠᠮᠠ ᠣᠯᠠᠨ ᠪᠥᠭᠡᠳ ᠴᠡᠷᠢᠭ ᠦ᠋ᠨ ᠬᠦᠴᠦᠨ ᠶᠡᠬᠡ ᠃ ᠡᠭᠦᠨ ᠦ᠌ ᠳᠡᠭᠡᠷ᠎ᠡ ᠠᠷᠠᠪ ᠵᠡᠷᠭᠡ ᠭᠠᠳᠠᠭᠠᠳᠤ ᠤᠯᠤᠰ ᠲᠤᠰᠠᠯᠠᠵᠤ ᠪᠣᠢ ᠳᠡᠭᠡᠷ᠎ᠡ ᠵᠠᠮ ᠮᠥᠷ ᠪᠡᠷᠬᠡ ᠬᠡᠴᠡᠭᠦᠦ ᠲᠤᠯᠠ ᠪᠠᠢᠯᠳᠤᠭᠰᠠᠨ ᠦᠭᠡᠢ ᠃ ᠠᠶᠤᠮᠰᠢᠭ ᠦᠭᠡᠢ ᠣᠮᠲᠣᠭᠠᠢᠯᠠᠭᠰᠠᠨ ᠪᠤᠰᠤ 》 ᠬᠡᠮᠡᠬᠦᠢ ᠳ᠋ᠦ᠍ᠷ ᠬᠤᠯᠤᠭᠤ ᠬᠠᠨ ᠵᠢᠬᠡᠭᠦᠨ ᠢ᠋ᠶ᠋ᠡᠷ ᠢᠨᠢᠶᠡᠨ ᠤᠳᠠᠲᠠᠯ᠎ᠠ ᠵᠠᠷᠯᠢᠭ ᠵᠢᠭᠠᠪᠤᠷᠢ ᠦᠭᠡᠢ ᠲᠤᠯᠠ ᠤᠬᠤᠷᠢᠨ ᠭᠠᠷᠴᠤ ᠢᠷᠡᠭᠡᠳ ᠵᠠᠯᠠᠭᠤ ᠬᠠᠨ ᠤ᠋ ᠠᠭᠤᠷ ᠣᠮᠣᠭ ᠶᠡᠬᠡ ᠲᠤᠯᠠ ᠬᠢᠴᠢᠶᠡᠪᠡᠰᠦ ᠵᠣᠬᠢᠮᠤᠢ ᠭᠡᠮᠡᠨ ᠳᠣᠲᠣᠷ᠎ᠠ ᠪᠠᠨ ᠪᠣᠳᠣᠵᠤ ᠪᠤᠴᠠᠪᠠ ᠃ 
       ᠬᠡᠳᠦᠨ ᠡᠳᠦᠷ ᠦ᠋ᠨ ᠬᠣᠢᠨ᠎ᠠ ᠬᠤᠯᠤᠭᠤ ᠬᠠᠨ ᠪᠠᠭᠲᠠᠨ  (ᠪᠤᠲᠠ)  ᠢ ᠡᠵᠡᠯᠡᠬᠦ  ᠪᠡᠷ ᠵᠣᠷᠢᠭ ᠰᠢᠭᠤᠳᠴᠤ ᠪᠠᠢᠵᠤᠤ ᠶ᠋ᠢ ᠪᠠᠷᠠᠭᠤᠨ ᠲᠠᠯ᠎ᠠ ᠪᠠᠷ ᠪᠠᠬᠠᠳᠠᠳ ᠲᠤᠷ ᠣᠢᠷᠠᠲᠤᠵᠤ ᠪᠠᠢᠯᠳᠤ ! ᠣᠮᠲᠣᠭᠠᠢᠯᠠᠪᠠᠰᠤ ᠴᠡᠷᠢᠭ ᠦ᠋ᠨ ᠴᠠᠭᠠᠵᠠ ᠨᠠᠢᠷ ᠲᠠᠯᠪᠢᠬᠤ ᠦᠭᠡᠢ ᠭᠡᠮᠡᠨ ᠵᠠᠷᠯᠢᠭ ᠪᠣᠯᠵᠤ ᠥᠪᠡᠷᠦᠨ ᠪᠡᠶ᠎ᠡ ᠪᠡᠷ ᠪᠠᠲᠤ ᠬᠠᠨ ᠤ᠋ ᠶᠠᠪᠤᠭᠤᠯᠤᠭᠰᠠᠨ ᠬᠣᠶᠠᠷ ᠲᠦᠮᠡᠨ ᠴᠡᠷᠢᠭ ᠲᠡᠢ ᠨᠡᠢᠯᠡᠨ ᠢᠷᠡᠨ ᠦ᠌ ᠠᠭᠤᠯᠠᠷᠬᠠᠭ ᠣᠷᠣᠨ ᠢ᠋ᠶ᠋ᠠᠷ ᠴᠡᠷᠢᠭ ᠣᠷᠣᠵᠤ ᠪᠠᠢᠯᠳᠤᠬᠤ ᠪᠠᠷ ᠲᠣᠭᠲᠠᠵᠤ ᠂ ᠪᠠᠬᠠᠳᠠᠳ ᠲᠤᠷ ᠡᠯᠴᠢ ᠶᠠᠪᠤᠭᠤᠯᠵᠤ 《 ᠪᠠᠭᠤᠵᠤ ᠥᠭᠭᠥᠭᠳᠥᠨ!》 ᠭᠡᠮᠡᠨ ᠮᠡᠳᠡᠭᠳᠡᠭᠰᠡᠨ ᠳ᠋ᠦ᠍ᠷ ᠮᠥᠰᠲ᠋ᠠᠰᠢᠮ ᠬᠦᠯᠢᠶᠡᠨ ᠡᠰᠡ ᠠᠪᠤᠭᠰᠠᠨ ᠪᠥᠭᠡᠳ ᠳᠣᠣᠷᠠᠬᠢ ᠲᠦᠰᠢᠮᠡᠳ (ᠪᠠᠭ᠎ᠠ ᡁᠠᠸᠠᠳᠠᠷ) ᠮᠥᠵᠢᠶᠡᠨ ᠂ ᠬᠡᠳᠦ᠂ ᠡᠳ᠋᠂ ᠳ᠋ᠢᠨ᠂ ᠠᠢᠪᠸᠭᠢ ᠨᠠᠷ ᠤ᠋ᠨ ᠦᠭᠡᠨ ᠳ᠋ᠦ᠍ᠷ ᠣᠷᠣᠵᠤ ᠬᠠᠷᠢᠶᠠᠯ  ᠢ᠋ᠶ᠋ᠠᠷ ᠬᠠᠷᠢᠭᠤᠯᠪᠠ ᠃ ᠰᠠᠢᠳ ᠦᠶᠡᠳ᠋᠂ ᠡᠳ᠋᠂ ᠳ᠋ᠢᠨ᠂ ᠠᠷᠺᠮᠢ ᠠᠯᠪᠠ ᠪᠠᠷᠢᠵᠤ ᠳᠠᠭᠠᠲᠤᠭᠠᠢ ᠭᠡᠮᠡᠨ ᠢᠳᠬᠠᠭᠰᠠᠨ ᠳ᠋ᠤᠷ ᠬᠠᠯᠢᠫᠢ ᠦᠭᠡ ᠶ᠋ᠢ ᠠᠪᠤᠭᠰᠠᠨ ᠦᠭᠡᠢ ᠪᠥᠭᠡᠳ ᠲᠡᠭᠦᠨ  ᠢ᠋ ᠮᠣᠩᠭᠣᠯᠴᠤᠳ ᠲᠤ᠌ ᠰᠠᠢᠨ ᠬᠥᠮᠦᠨ ᠪᠣᠯᠪᠠ ᠭᠡᠮᠡᠨ ᠴᠢᠩᠭ᠎ᠠ ᠪᠤᠷᠤᠭᠤᠰᠢᠶᠠᠪᠠ ᠃ ᠬᠤᠯᠤᠭᠤ ᠬᠠᠨ ᠬᠠᠷᠢᠭᠤ ᠶ᠋ᠢ ᠰᠣᠨᠣᠰᠤᠭᠠᠳ ᠶᠡᠬᠡᠳᠡ ᠠᠭᠤᠷᠯᠠᠬᠤ ᠪᠣᠯᠪᠠᠴᠤ ᠲᠡᠭᠦᠨ ᠦ᠌ ᠣᠢᠷ᠎ᠠ ᠡᠳᠦᠷ ᠨᠢᠳᠦ ᠪᠡᠷ  ᠢ᠋ᠶ᠋ᠡᠨ ᠦᠵᠡᠵᠦ ᠴᠢᠬᠢ ᠪᠡᠷ ᠢ᠋ᠶ᠋ᠡᠨ ᠰᠣᠨᠣᠰᠤᠭᠰᠠᠨ  ᠢ᠋ ᠦᠵᠡᠪᠡᠯ ᠬᠣᠲᠠ ᠪᠠᠲᠤ ᠪᠡᠬᠢ ᠪᠥᠭᠡᠳ ᠴᠡᠷᠢᠭ ᠴᠢᠭᠢᠷᠠᠭ ᠲᠤᠯᠠ ᠬᠢᠯᠪᠠᠷ ᠠᠪᠴᠤ ᠪᠣᠯᠬᠤ ᠦᠭᠡᠢ ᠶ᠋ᠢ ᠮᠡᠳᠡᠵᠦ ᠪᠠᠢᠯᠳᠤᠬᠤ ᠪᠠ ᠡᠰᠡᠬᠦ  ᠪᠡᠨ ᠲᠣᠭᠲᠠᠭᠠᠵᠤ ᠶᠠᠳᠠᠨ ᠠᠲᠠᠯ᠎ᠠ ᠪᠠᠢᠵᠤᠤ ᠶ᠋ᠢᠨ ᠡᠯᠴᠢ ᠢᠷᠡᠵᠦ ᠶᠡᠬᠡ ᠴᠡᠷᠢᠭ ᠨᠢᠭᠡᠨᠲᠡ ᠪᠠᠢᠯᠳᠤᠬᠤ ᠪᠠᠷ ᠬᠥᠳᠡᠯᠪᠡ ᠭᠡᠮᠡᠨ ᠮᠡᠳᠡᠭᠦᠯᠦᠭᠰᠡᠨ ᠲᠤᠯᠠ ᠬᠤᠯᠤᠭᠤ ᠬᠠᠨ ᠠᠷᠭ᠎ᠠ ᠦᠭᠡᠢ ᠪᠠᠢᠯᠳᠤᠬᠤ ᠪᠠᠷ ᠰᠢᠭᠤᠳᠴᠤ ᠴᠡᠷᠢᠭ ᠭᠠᠷᠪᠠ᠃ 
       ᠤᠳᠠᠭᠠᠨ ᠵᠢᠯ ᠲᠡᠷᠰᠯᠡᠭᠰᠡᠨ ᠪᠠᠭ᠍ᠲᠠᠳ  ᠢ᠋ ᠡᠵᠡᠯᠡᠵᠦ ᠴᠢᠳᠠᠬᠤ ᠡᠰᠡ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃  

                 ᠰᠤᠯᠠ ᠰᠢᠯᠦᠭ   
       ᠡᠵᠡᠨ ᠦ᠌ ᠰᠠᠭᠤᠷᠢᠨ ᠬᠥᠪᠦᠯᠵᠡᠮᠦᠢ ᠥᠭᠡᠳᠡᠢ ᠬᠠᠭᠠᠨ ᠤ᠋ ᠵᠠᠯᠭᠠᠮᠵᠢ ᠥᠭᠡᠳᠡ ᠦᠭᠡᠢ  
       ᠡᠷᠬᠡ ᠰᠠᠭᠤᠷᠢ ᠶ᠋ᠢᠨ ᠲᠡᠮᠡᠴᠡᠯ ᠡᠭᠦᠰᠦᠷᠦᠨ ᠠᠬ᠎ᠠ ᠳᠡᠭᠦᠦ ᠶ᠋ᠢᠨ ᠵᠢᠷᠤᠮ  ᠢ᠋ ᠠᠯᠳᠠᠪᠠᠢ  
       ᠡᠩ ᠳᠡᠯᠡᠬᠡᠢ ᠶ᠋ᠢ ᠡᠩᠬᠡᠵᠢᠭᠦᠯᠰᠦᠭᠡᠢ ᠬᠡᠮᠡᠬᠦᠢ ᠢ᠎ᠠ ᠡᠨᠳᠡ ᠲᠡᠨᠳᠡ ᠤᠷᠪᠠᠨ ᠲᠡᠷᠰᠯᠡᠬᠦ ᠶ᠋ᠢ ᠶᠠᠭᠠᠬᠢᠨᠠᠮ 
       ᠡᠨᠡᠷᠢᠩᠭᠦᠢ ᠵᠠᠰᠠᠭ ᠬᠡᠳᠦᠢ ᠪᠡᠷ ᠰᠠᠢᠨ ᠬᠡᠮᠡᠪᠡᠴᠦ ᠡᠵᠡᠷᠬᠡᠭ ᠬᠦᠴᠦᠨ ᠳ᠋ᠦ᠍ᠷ ᠡᠰᠡ ᠲᠦᠰᠢᠪᠡᠰᠦ ᠦᠯᠦ ᠪᠣᠯᠤᠮᠤᠢ ᠃