ᠴᠢᠨᠳᠠᠮᠤᠨᠢ ᠡᠷᠳᠡᠨᠢ-ᠠ᠊ ∙ᠮᠥᠩᠬᠡᠱ᠌ᠢᠷᠦ А.Мөнхшүр - Чандмань эрдэнэ Munkhshur - Chandmani erdene
ᠴᠢᠨᠳᠠᠮᠤᠨᠢ ᠡᠷᠳᠡᠨᠢ
ᠦᠭᠡ᠄ ᠵ· ᠪᠠᠳᠠᠷᠠ
ᠠᠶ᠎ᠠ᠄ ᠨ· ᠵᠠᠩᠴᠢᠨᠨᠣᠷᠪᠤ
ᠳᠠᠭᠤᠴᠢᠨ᠄ ᠠ᠊᠂ ᠮᠦᠩᠬᠡᠱ᠌ᠢᠷᠦ
ᠬᠠᠷᠠᠬᠤ ᠨᠢᠳᠦᠨ ᠳ᠋ᠦ᠍ ᠭᠡᠢᠭᠰᠡᠨ ᠰᠠᠷᠠᠨ ᠴᠢ ᠮᠢᠨᠢ ᠬᠦ
ᠬᠠᠯᠭᠢᠬᠤ ᠵᠢᠷᠦᠬᠡᠨ ᠳ᠋ᠦ᠍ ᠰᠢᠩᠭᠡᠭᠡᠭᠰᠡᠨ ᠭᠡᠭᠡ ᠲᠡᠢ
ᠬᠠᠯᠠᠭᠤᠨ ᠭᠣᠣᠯ ᠢ᠋ ᠪᠤᠯᠭᠢᠭᠤᠯᠤᠭᠰᠠᠨ ᠭᠤᠸ᠎ᠠ ᠴᠢᠨᠢ ᠬᠦ
ᠬᠠᠰ ᠤ᠋ᠨ ᠲᠤᠶᠠᠭ᠎ᠠ ᠶ᠋ᠢ ᠴᠤ᠌ ᠪᠤᠯᠢᠶᠠᠭᠰᠠᠨ ᠣᠳᠣ ᠲᠠᠢ ᠶᠣᠣ
ᠬᠠᠩᠭᠠᠢ ᠭᠣᠪᠢ ᠶ᠋ᠢ ᠤᠶᠠᠷᠠᠭᠠᠭᠰᠠᠨ ᠭᠤᠸ᠎ᠠ ᠴᠢᠨᠢ ᠬᠦ
ᠬᠠᠳᠠ ᠶ᠋ᠢ ᠴᠤ᠌ ᠬᠠᠢᠯᠤᠭᠤᠯᠬᠤ ᠢᠳᠡ ᠲᠡᠢ ᠶᠧ
ᠳᠡᠯᠭᠡᠷ ᠣᠷᠴᠢᠯᠠᠩ ᠳ᠋ᠤ᠌ ᠡᠭᠡᠭᠡᠭᠰᠡᠨ ᠨᠠᠷᠠᠨ ᠴᠢ ᠮᠢᠨᠢ ᠬᠦ
ᠳᠡᠯᠭᠡᠬᠦ ᠴᠡᠭᠡᠵᠢ ᠶ᠋ᠢ ᠠᠷᠢᠭᠤᠯᠠᠭᠰᠠᠨ ᠰᠠᠴᠤᠷᠠᠭ᠎ᠠ ᠲᠠᠢ
ᠳᠡᠯᠪᠡᠭᠡᠳᠦ ᠲᠣᠯᠢᠲᠤ ᠶ᠋ᠢ ᠳᠡᠩᠰᠡᠯᠡᠭᠦᠯᠦᠭᠰᠡᠨ ᠭᠤᠸ᠎ᠠ ᠴᠢᠨᠢ ᠬᠦ
ᠳᠡᠩᠳᠡᠭᠦᠦ ᠬᠣᠯᠠ ᠶ᠋ᠢ ᠴᠤ᠌ ᠣᠢᠷᠠᠲᠤᠭᠤᠯᠬᠤ ᠴᠠᠯᠮ᠎ᠠ ᠲᠠᠢ
ᠳᠡᠯᠡᠬᠡᠢ ᠬᠣᠷᠸ᠎ᠠ ᠶ᠋ᠢ ᠪᠠᠶᠠᠰᠬᠠᠭᠰᠠᠨ ᠠᠭᠠᠰᠢ ᠴᠢᠨᠢ ᠬᠦ
ᠳᠡᠪᠵᠢᠨ ᠪᠠᠳᠠᠷᠠᠬᠤ ᠶ᠋ᠢᠨ ᠤᠷᠮ᠎ᠠ ᠲᠠᠢ ᠶᠠ
ᠴᠡᠴᠡᠭᠲᠦ ᠲᠠᠯ᠎ᠠ ᠳ᠋ᠤ᠌ ᠨᠢ ᠵᠤᠤᠵᠠᠢ ᠬᠣᠯᠪᠣᠨ ᠳᠡᠯᠭᠡᠭᠦᠯᠦᠭᠰᠡᠭᠡᠷ
ᠴᠡᠩᠭᠡᠭᠦᠨ ᠰᠠᠯᠬᠢ ᠶ᠋ᠢ ᠨᠢ ᠬᠤᠭᠤᠷᠳᠠᠭᠤᠯᠤᠭᠰᠠᠨ ᠴᠢᠭ ᠪᠢᠯᠡ
ᠴᠡᠩᠬᠡᠷ ᠦ᠋ᠨ ᠭᠣᠣᠯ ᠤ᠋ᠨ ᠬᠠᠷᠭᠢᠶᠠᠨ ᠳ᠋ᠤ᠌ ᠨᠢ ᠠᠶ᠎ᠠ ᠮᠠᠨᠢ ᠬᠦ
ᠴᠡᠯᠭᠡᠭᠥᠨ ᠳᠣᠯᠭᠢᠭᠤᠨ ᠢᠷᠠᠭᠣᠰᠠᠭᠰᠠᠨ ᠴᠢᠭ ᠪᠢᠯᠡ
ᠴᠡᠭᠡᠨ ᠰᠠᠷᠢᠳᠠᠭ ᠤ᠋ᠨ ᠵᠤᠯᠠᠢ ᠳ᠋ᠤ᠌ ᠨᠢ ᠠᠶ᠎ᠠ ᠮᠠᠨᠢ ᠬᠦ
ᠴᠡᠷᠪᠡᠭᠦᠯᠵᠦ ᠬᠠᠲᠠᠭᠠᠭᠰᠠᠨ ᠴᠢᠭ ᠪᠢᠯᠡ
ᠴᠢᠩᠭᠠᠯᠠᠨ ᠲᠠᠲᠠᠭᠰᠠᠨ ᠬᠤᠭᠤᠷ ᠤ᠋ᠨ ᠮᠢᠨᠢ ᠴᠢᠪᠬᠠᠳᠠᠰᠤ ᠪᠠᠢᠨ᠎ᠠ ᠬᠦ
ᠴᠢᠩᠳᠠᠯᠠᠨ ᠬᠥᠭ ᠢ᠋ ᠨᠢ ᠨᠡᠢᠯᠡᠭᠦᠯᠦᠨ ᠰᠠᠭᠤᠯᠲᠠᠢ ᠶᠠ
ᠴᠢᠮ᠎ᠠ ᠶ᠋ᠢ ᠨᠠᠮ᠎ᠠ ᠶ᠋ᠢ ᠤᠴᠠᠷᠠᠭᠤᠯᠤᠭᠰᠠᠨ ᠳᠠᠭᠤᠤ ᠪᠠᠢᠨ᠎ᠠ ᠬᠦ
ᠴᠢᠷᠮᠠᠢᠨ ᠠᠶᠠᠰ ᠢ᠋ ᠨᠢ ᠬᠥᠭᠵᠢᠭᠡᠩᠭᠡᠨ ᠪᠠᠢᠯᠲᠠᠢ ᠶᠠ
ᠴᠢᠨᠳᠠᠮᠤᠨᠢ ᠡᠷᠳᠡᠨᠢ ᠶ᠋ᠢᠨ ᠰᠢᠨᠵᠢᠳᠡᠢᠬᠡᠨ ᠴᠢ ᠮᠢᠨᠢ ᠬᠦ
ᠴᠢᠨᠠᠳᠤ ᠶ᠋ᠢᠨ ᠢᠪᠡᠭᠡᠯ ᠢ᠋ᠶ᠋ᠡᠨ ᠬᠠᠢᠷᠠᠯᠠ ᠳᠠ
ᠴᠢᠨᠳᠠᠮᠤᠨᠢ ᠡᠷᠳᠡᠨᠢ ᠶ᠋ᠢᠨ ᠰᠢᠨᠵᠢᠳᠡᠢᠬᠡᠨ ᠴᠢ ᠮᠢᠨᠢ ᠬᠦ
ᠴᠢᠨᠠᠳᠤ ᠶ᠋ᠢᠨ ᠢᠪᠡᠭᠡᠯ ᠢ᠋ᠶ᠋ᠡᠨ ᠬᠠᠢᠷᠠᠯᠠ ᠳᠠ
ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
ᠬᠢᠨᠠᠭᠴᠢ᠄ ᠪᠠᠳᠠᠷᠠᠯᠲᠤ
