ᠮᠢᠨᠦ ᠨᠤᠲᠤᠭ ᠤᠨ ᠰᠢᠲᠦᠭᠡᠨ -ᠪ ᠪᠢᠮᠪᠠᠳᠣᠷᠵᠢБ.Бямбадорж-Миний нутгийн шүтээн
ᠮᠢᠨᠦ ᠨᠤᠲᠤᠭ ᠤᠨ ᠰᠢᠲᠦᠭᠡᠨ
ᠦᠭᠡ᠄ ᠭ· ᠡᠯᠳᠡᠪᠸᠴᠢᠷ
ᠠᠶ᠎ᠠ᠄ ᠠ· ᠪᠠᠯᠵᠢᠨᠢᠮ᠎ᠠ
ᠳᠠᠭᠤᠴᠢᠨ᠄ ᠤ᠋·ᠪᠢᠮᠪᠠᠳᠣᠷᠵᠢ
ᠠᠯᠲᠠᠨ ᠨᠠᠷᠠᠨ ᠤ᠋ ᠮᠠᠨᠳᠤᠬᠤ ᠲᠤᠶᠠᠭᠠᠨ ᠳ᠋ᠤ᠌
ᠠᠰᠬᠠᠷᠠᠨ ᠰᠢᠷᠭᠠᠯᠲᠤᠬᠤ ᠡᠯᠡᠰᠦᠨ ᠭᠣᠪᠢ ᠮᠢᠨᠢ
ᠮᠥᠩᠭᠥᠨ ᠰᠠᠷᠠᠨ ᠤ᠋ ᠦᠳᠡᠰᠢ ᠶ᠋ᠢᠨ ᠭᠡᠭᠡᠨ ᠳ᠋ᠦ᠍
ᠮᠥᠩᠬᠡᠷᠡᠨ ᠲᠦᠩᠬᠦᠢᠬᠦ ᠮᠢᠨᠦ ᠨᠤᠲᠤᠭ ᠤ᠋ᠨ ᠬᠠᠢᠷᠬᠠᠨ
ᠡᠭᠦᠯᠡᠨ ᠬᠡ ᠲᠡᠢ ᠵᠡᠷᠭᠡᠯᠭᠡᠨᠲᠦ ᠭᠣᠪᠢ ᠶ᠋ᠢᠨ
ᠦᠵᠡᠰᠬᠦᠯᠡᠩ ᠲᠡᠭᠦᠯᠳᠡᠷ ᠥᠪᠥᠷ ᠬᠠᠢᠷᠬᠠᠨ
ᠦᠶ᠎ᠡ ᠶ᠋ᠢᠨ ᠦᠶ᠎ᠡ ᠳ᠋ᠦ᠍ ᠪᠡᠨ ᠳᠡᠭᠡᠳᠦᠯᠡᠨ ᠰᠢᠲᠦᠬᠦ
ᠥᠭᠭᠦᠭᠡᠵᠢ ᠪᠠᠶᠠᠨ ᠡᠵᠢ ᠬᠠᠢᠷᠬᠠᠨ
ᠲᠢᠭ ᠦᠭᠡᠢ ᠪᠠᠭᠠᠬᠠᠨ ᠨᠠᠰᠤᠨ ᠤ᠋ ᠤᠬᠠᠭᠠᠷᠠᠯ ᠢ᠋ᠶ᠋ᠠᠷ
ᠳᠡᠭᠡᠳᠦᠯᠡᠵᠦ ᠥᠰᠦᠭᠰᠡᠨ ᠪᠤᠭᠤᠷᠤᠯ ᠬᠠᠢᠷᠬᠠᠨ
ᠳᠡᠯᠡᠬᠡᠢ ᠶ᠋ᠢᠨ ᠬᠠᠮᠢᠭ᠎ᠠ ᠠ᠋ᠴᠠ ᠴᠤ᠌ ᠰᠠᠨᠠᠭᠠᠳ ᠢᠷᠡᠬᠦ ᠳ᠋ᠦ᠍
ᠳᠡᠩᠳᠡᠭᠦᠦ ᠳᠤᠯᠠᠭᠠᠬᠠᠨ ᠡᠵᠢ ᠬᠠᠢᠷᠬᠠᠨ
ᠡᠭᠦᠯᠡᠨ ᠬᠡ ᠲᠡᠢ ᠵᠡᠷᠭᠡᠯᠭᠡᠨᠲᠦ ᠭᠣᠪᠢ ᠶ᠋ᠢᠨ
ᠦᠵᠡᠰᠬᠦᠯᠡᠩ ᠲᠡᠭᠦᠯᠳᠡᠷ ᠥᠪᠥᠷ ᠬᠠᠢᠷᠬᠠᠨ ᠠ᠋
ᠦᠶ᠎ᠡ ᠶ᠋ᠢᠨ ᠦᠶ᠎ᠡ ᠳ᠋ᠦ᠍ ᠪᠡᠨ ᠳᠡᠭᠡᠳᠦᠯᠡᠨ ᠰᠢᠲᠦᠬᠦ
ᠥᠭᠭᠦᠭᠡᠵᠢ ᠪᠠᠶᠠᠨ ᠡᠵᠢ ᠬᠠᠢᠷᠬᠠᠨ
ᠠᠯᠤᠰᠬᠠᠨ ᠬᠣᠯᠠ ᠠ᠋ᠴᠠ ᠬᠥᠬᠡᠷᠡᠨ ᠬᠠᠷᠠᠭᠳᠠᠬᠤ
ᠠᠮᠢᠨ ᠬᠡ ᠲᠡᠢ ᠮᠢᠨᠦ ᠯᠡ ᠬᠠᠢᠷᠬᠠᠨ
ᠡᠪᠦᠭᠡ ᠳᠡᠭᠡᠳᠦᠰ ᠡᠴᠡ ᠤᠯᠠᠷᠢᠨ ᠳᠠᠬᠢᠬᠰᠠᠨ
ᠥᠯᠵᠡᠢ ᠬᠡᠰᠢᠭ ᠲᠡᠢ ᠡᠵᠢ ᠬᠠᠢᠷᠬᠠᠨ
ᠡᠭᠦᠯᠡᠨ ᠬᠡ ᠲᠡᠢ ᠵᠡᠷᠭᠡᠯᠭᠡᠨᠲᠦ ᠭᠣᠪᠢ ᠶ᠋ᠢᠨ
ᠦᠵᠡᠰᠬᠦᠯᠡᠩ ᠲᠡᠭᠦᠯᠳᠡᠷ ᠥᠪᠥᠷ ᠬᠠᠢᠷᠬᠠᠨ ᠠ᠋
ᠦᠶ᠎ᠡ ᠶ᠋ᠢᠨ ᠦᠶ᠎ᠡ ᠳ᠋ᠦ᠍ ᠪᠡᠨ ᠳᠡᠭᠡᠳᠦᠯᠡᠨ ᠰᠢᠲᠦᠬᠦ
ᠥᠭᠭᠦᠭᠡᠵᠢ ᠪᠠᠶᠠᠨ ᠡᠵᠢ ᠬᠠᠢᠷᠬᠠᠨ
ᠬᠤᠷᠳᠤᠨ ᠵᠢᠷᠣᠭ᠎ᠠ ᠬᠦᠯᠦᠭ ᠦ᠋ᠳ ᠦ᠋ᠨ ᠳᠠᠪᠬᠢᠭᠠᠨ ᠳ᠋ᠤ᠌
ᠬᠡᠭᠡᠳᠡᠨ ᠳᠣᠯᠭᠢᠶᠠᠯᠠᠬᠤ ᠨᠤᠲᠤᠭ ᠤ᠋ᠨ ᠮᠢᠨᠢ ᠬᠠᠢᠷᠬᠠᠨ
ᠬᠦᠴᠦᠲᠦ ᠪᠥᠬᠡ ᠶ᠋ᠢᠨ ᠲᠣᠷᠭᠠᠨ ᠳᠡᠪᠵᠢᠶᠡᠨ ᠳ᠋ᠦ᠍
ᠬᠦᠦ ᠪᠡᠨ ᠬᠦᠯᠢᠶᠡᠭᠰᠡᠨ ᠡᠵᠢ ᠰᠢᠲᠦᠭᠡᠨ
ᠡᠭᠦᠯᠡᠨ ᠬᠡ ᠲᠡᠢ ᠵᠡᠷᠭᠡᠯᠭᠡᠨᠲᠦ ᠭᠣᠪᠢ ᠶ᠋ᠢᠨ
ᠦᠵᠡᠰᠬᠦᠯᠡᠩ ᠲᠡᠭᠦᠯᠳᠡᠷ ᠥᠪᠥᠷ ᠬᠠᠢᠷᠬᠠᠨ ᠠ᠋
ᠦᠶ᠎ᠡ ᠶ᠋ᠢᠨ ᠦᠶ᠎ᠡ ᠳ᠋ᠦ᠍ ᠪᠡᠨ ᠳᠡᠭᠡᠳᠦᠯᠡᠨ ᠰᠢᠲᠦᠬᠦ
ᠥᠭᠭᠦᠭᠡᠵᠢ ᠪᠠᠶᠠᠨ ᠡᠵᠢ ᠬᠠᠢᠷᠬᠠᠨ
ᠦᠰᠦᠭ ᠠᠮᠢᠯᠠᠭᠤᠯᠤᠭᠴᠢ᠄ ᠪᠠᠳᠠᠷᠠᠯᠲᠤ
ᠦᠰᠦᠭ ᠬᠠᠲᠠᠵᠤ ᠬᠢᠨᠠᠭᠴᠢ᠄ ᠬᠠᠷᠬᠠᠲᠠᠨ ᠷᠠ᠊· ᠴᠢᠷᠮᠠᠢᠯᠲᠤ
