ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠭᠤᠷᠪᠠᠳᠤᠭᠠᠷ ᠪᠦᠯᠦᠭ > Хөх судрын залгамж - Инжинаш < Наян гуравдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠭᠤᠷᠪᠠᠳᠤᠭᠠᠷ ᠪᠦᠯᠦᠭ > Хөх судрын залгамж - Инжинаш < Наян гуравдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠭᠤᠷᠪᠠᠳᠤᠭᠠᠷ ᠪᠦᠯᠦᠭ > Хөх судрын залгамж - Инжинаш < Наян гуравдугаар бүлэг >

ᠠᠩᠭᠢᠯᠠᠯ:ᠲᠡᠦᠬᠡ ᠰᠣᠶᠣᠯ
2024-01-28

344

ᠢᠳᠡᠭᠡᠰᠢᠭᠰᠡᠨ ᠨᠤᠲᠤᠭ ᠲᠠᠭᠠᠨ ᠰᠤᠪᠢᠯᠠᠬᠤ ᠪᠠᠷ ᠪᠤᠴᠠᠭᠠᠳ ᠬᠥᠶᠦᠭ ᠬᠠᠭᠠᠨ ᠭᠡᠨᠡᠳᠲᠡ ᠳᠠᠯᠳᠠ ᠪᠣᠯᠪᠠᠢ

ᠢᠲᠡᠭᠡᠯ ᠬᠦᠨᠳᠦ ᠪᠡᠨ ᠠᠯᠳᠠᠭᠰᠠᠨ ᠠᠭᠤᠯᠠᠬᠠᠢᠮᠰ ᠬᠠᠲᠤᠨ ᠰᠥᠷᠭᠡᠦ ᠰᠠᠨᠠᠭᠠᠨ ᠳ᠋ᠠᠭᠠᠨ ᠬᠣᠣᠷᠯᠠᠭᠳᠠᠪᠠᠢ

     
                  ᠨᠠᠶᠠᠨ ᠭᠤᠷᠪᠠᠳᠤᠭᠠᠷ ᠪᠦᠯᠦᠭ 
                               ᠰᠢᠷ᠎ᠠ ᠪᠡᠴᠢᠨ ᠵᠢᠯ ᠂ ᠭᠦᠶᠦᠭ ᠬᠠᠭᠠᠨ ᠳᠥᠴᠢᠨ ᠭᠤᠷᠪᠠᠨ ᠰᠡᠭᠦᠳᠡᠷ ᠲᠡᠢ᠃ 
                               ᠭᠦᠶᠦᠭ ᠬᠠᠭᠠᠨ ᠤ᠋ ᠭᠤᠷᠪᠠᠳᠤᠭᠠᠷ ᠣᠨ᠃  
                               ᠡᠨᠡ ᠵᠢᠯ ᠦ᠋ᠨ ᠬᠠᠪᠤᠷ ᠭᠦᠶᠦᠭ ᠬᠠᠭᠠᠨ ᠲᠩᠷᠢ ᠪᠣᠯᠪᠠ ᠃ 
                               ᠰᠢᠷ᠎ᠠ ᠪᠡᠴᠢᠨ ᠵᠢᠯ ᠦ᠋ᠨ ᠵᠤᠨ ᠠ᠋ᠴᠠ ᠴᠠᠭᠠᠭᠴᠢᠨ ᠭᠠᠬᠠᠢ ᠵᠢᠯ ᠬᠦᠷᠲᠡᠯ᠎ᠡ 
                               ᠠᠭᠤᠯᠠᠬᠠᠢᠮᠰ ᠬᠠᠲᠤᠨ ᠤ᠋ ᠲᠥᠷᠥ ᠪᠣᠯᠪᠠᠢ  

              ᠢᠳᠡᠭᠡᠰᠢᠭᠰᠡᠨ ᠨᠤᠲᠤᠭ ᠲᠠᠭᠠᠨ ᠰᠤᠪᠢᠯᠠᠬᠤ ᠪᠠᠷ   
                   ᠪᠤᠴᠠᠭᠠᠳ ᠬᠥᠶᠦᠭ ᠬᠠᠭᠠᠨ ᠭᠡᠨᠡᠳᠲᠡ ᠳᠠᠯᠳᠠ ᠪᠣᠯᠪᠠᠢ 
              ᠢᠲᠡᠭᠡᠯ ᠬᠦᠨᠳᠦ ᠪᠡᠨ ᠠᠯᠳᠠᠭᠰᠠᠨ ᠠᠭᠤᠯᠠᠬᠠᠢᠮᠰ   
                   ᠬᠠᠲᠤᠨ ᠰᠥᠷᠭᠡᠦ ᠰᠠᠨᠠᠭᠠᠨ ᠳ᠋ᠠᠭᠠᠨ ᠬᠣᠣᠷᠯᠠᠭᠳᠠᠪᠠᠢ 

       ᠥᠭᠦᠯᠡᠬᠦ ᠢᠨᠤ ᠬᠥᠶᠦᠭ ᠬᠠᠭᠠᠨ ᠭᠡᠨᠡᠳᠲᠡ ᠴᠢᠯᠡᠭᠡᠲᠡᠢ ᠪᠣᠯᠵᠤ ᠠᠷᠢᠯᠬᠤ ᠦᠭᠡᠢ ᠳ᠋ᠦ᠍ᠷ ᠢᠳᠡᠭᠡᠰᠢᠭᠰᠡᠨ ᠨᠤᠲᠤᠭ ᠲᠠᠭᠠᠨ ᠪᠤᠴᠠᠵᠤ ᠰᠤᠪᠢᠯᠠᠬᠤᠢ ᠳ᠋ᠤᠷ ᠲᠥᠷᠥ ᠶ᠋ᠢᠨ ᠭᠠᠳᠠᠨ᠎ᠠ ᠳᠣᠲᠣᠨ᠎ᠠ ᠰᠡᠵᠢᠭ ᠲᠠᠭᠠᠮᠠᠭᠯᠠᠯ ᠡᠭᠦᠰᠴᠦ ᠪᠠᠲᠤ ᠬᠠᠨ ᠢ᠋ ᠳᠠᠢᠯᠠᠷ᠎ᠠ ᠣᠴᠢᠪᠠ ᠬᠡᠮᠡᠬᠦ ᠵᠡᠷᠭᠡ ᠦᠭᠡ ᠶᠠᠷᠢᠶ᠎ᠠ ᠳᠡᠯᠭᠡᠷᠡᠵᠦ ᠪᠦᠬᠦᠢ ᠳ᠋ᠦ᠍ᠷ ᠬᠠᠩᠰᠢᠩᠭᠡᠷ ᠦ᠋ᠨ ᠣᠷᠳᠣᠨ ᠳ᠋ᠠᠭᠠᠨ ᠬᠦᠷᠴᠦ ᠵᠢᠯ ᠢᠯᠡᠭᠦᠦ ᠰᠤᠪᠢᠯᠠᠭᠠᠳ ᠰᠢᠷ᠎ᠠ ᠪᠡᠴᠢᠨ ᠵᠢᠯ ᠳᠥᠴᠢᠨ ᠭᠤᠷᠪᠠᠨ ᠰᠡᠭᠦᠳᠡᠷ ᠲᠡᠢ ᠥᠭᠡᠳᠡ ᠪᠣᠯᠪᠠ᠃ 
       ᠭᠦᠶᠦᠭ ᠬᠠᠭᠠᠨ ᠤᠯᠤᠰ ᠢ᠋ ᠵᠠᠰᠠᠵᠤ ᠠᠷᠠᠳ ᠢᠷᠭᠡᠳ ᠢ᠋ ᠡᠩᠬᠡᠵᠢᠭᠦᠯᠰᠦᠭᠡᠢ ᠬᠡᠮᠡᠬᠦ ᠵᠣᠷᠢᠭ ᠰᠠᠨᠠᠭ᠎ᠠ ᠪᠣᠢ ᠪᠥᠯᠥᠭᠡ᠃ ᠠᠩᠬᠠᠨ ᠳ᠋ᠤᠷ ᠬᠠᠲᠤᠨ ᠡᠬᠡ ᠶ᠋ᠢᠨ ᠡᠷᠬᠡ ᠰᠦᠷ ᠳᠣᠣᠷ᠎ᠠ ᠲᠣᠯᠣᠭᠠᠢ ᠮᠡᠳᠡᠬᠦ ᠦᠭᠡᠢ ᠪᠠᠢᠵᠤ ᠬᠣᠵᠢᠮ ᠬᠠᠷᠭᠢᠰ ᠢ᠋ ᠠᠷᠢᠯᠭᠠᠨ ᠭᠣᠣᠯᠴᠢ ᠰᠠᠢᠳ ᠢ᠋ ᠬᠡᠷᠡᠭᠯᠡᠨ ᠵᠠᠰᠠᠬᠤᠢ ᠳ᠋ᠤᠷ ᠪᠠᠢᠭᠠᠯᠢ ᠶ᠋ᠢᠨ ᠭᠠᠮᠰᠢᠭ ᠦᠷᠭᠦᠯᠵᠢᠯᠡᠨ ᠤᠯᠤᠰ ᠣᠷᠣᠨ ᠶᠠᠳᠠᠭᠤᠷᠠᠨ᠂ ᠡᠭᠦᠨ ᠦ᠌ ᠳᠡᠭᠡᠷ᠎ᠡ ᠡᠬᠡ ᠶ᠋ᠢᠨ ᠰᠡᠳᠬᠢᠯ ᠢ ᠠᠯᠳᠠᠭᠰᠠᠨ ᠳ᠋ᠠᠭᠠᠨ ᠭᠡᠮᠰᠢᠵᠦ ᠳᠡᠮᠡᠢ ᠤᠳᠠᠭᠰᠠᠨ ᠦᠭᠡᠢ ᠴᠢᠯᠡᠭᠡᠷᠡᠵᠦ ᠲᠡᠭᠷᠢ ᠪᠣᠯᠪᠠ᠃ 
       ᠬᠥᠶᠦᠭ ᠬᠠᠭᠠᠨ ᠬᠥᠬᠡ ᠲᠡᠭᠷᠢ ᠶ᠋ᠢᠨ ᠰᠠᠨᠠᠭ᠎ᠠ ᠪᠠᠷ ᠠᠯᠲᠠᠨ ᠶᠢᠷᠲᠢᠨᠴᠦ ᠡᠴᠡ ᠠᠩᠭᠢᠵᠢᠷᠠᠵᠤ ᠲᠡᠭᠷᠢ ᠪᠣᠯᠤᠭᠰᠠᠨ ᠳ᠋ᠤᠷ ᠵᠠᠮ ᠪᠦᠬᠦᠨ ᠢ᠋ ᠬᠠᠭᠠᠭᠠᠵᠤ ᠬᠥᠮᠦᠨ ᠪᠦᠬᠦᠨ ᠬᠠᠮᠢᠭ᠎ᠠ ᠪᠠᠢᠢᠭᠰᠠᠨ ᠪᠥᠭᠡᠰᠦ ᠲᠡᠨᠳᠡ ᠪᠡᠨ ᠵᠣᠭᠰᠣᠵᠤ ᠬᠡᠳᠦᠢ ᠪᠡᠷ ᠬᠥᠮᠦᠨ ᠠᠮᠢᠲᠠᠨ ᠦᠭᠡᠢ ᠵᠡᠷᠯᠢᠭ ᠲᠠᠯ᠎ᠠ ᠳ᠋ᠤᠷ ᠴᠤ᠌ ᠲᠡᠷᠡ ᠂ ᠲᠡᠨᠳᠡ ᠪᠡᠨ ᠬᠣᠴᠣᠷᠴᠤ ᠵᠠᠮ ᠨᠡᠭᠡᠭᠡᠬᠦ ᠶ᠋ᠢ ᠬᠦᠯᠢᠶᠡᠬᠦ ᠬᠡᠷᠡᠭ ᠲᠡᠢ ᠠᠵᠢ᠃ ᠡᠨᠡᠬᠦ ᠵᠠᠪᠰᠢᠶᠠᠨ ᠪᠤᠰᠤ ᠡᠮᠭᠡᠨᠢᠯ ᠡᠳᠦᠷ ᠬᠣᠨᠣᠭ ᠢ᠋ ᠳᠠᠭᠠᠭᠠᠵᠤ ᠬᠥᠩᠭᠡᠷᠡᠭᠰᠡᠨ ᠦ᠌ ᠳᠠᠷᠠᠭ᠎ᠠ ᠠᠭᠤᠯᠠᠬᠠᠢᠮᠰ ᠬᠠᠲᠤᠨ ᠨᠢᠯᠪᠤᠰᠤ ᠪᠠᠨ ᠠᠷᠴᠢᠵᠤ ᠰᠤᠷᠭᠤᠭᠲ᠋ᠠᠨ᠎ᠠ ᠬᠠᠲᠤᠨ ᠡᠬᠡ ᠪᠠ ᠪᠠᠲᠤ ᠬᠠᠨ ᠠᠬ᠎ᠠ ᠳ᠋ᠤᠷ ᠭᠠᠰᠢᠭᠤᠳᠠᠯ ᠤ᠋ᠨ ᠡᠯᠴᠢ ᠶᠠᠪᠤᠭᠤᠯᠵᠤ ᠭᠦᠶᠦᠭ ᠬᠠᠭᠠᠨ ᠤ᠋ ᠲᠡᠭᠷᠢ ᠪᠣᠯᠤᠭᠰᠠᠨ ᠪᠠᠢᠳᠠᠯ ᠢ ᠮᠡᠳᠡᠭᠦᠯᠦᠨ ᠵᠢᠴᠢ ᠳ᠋ᠦ᠍ᠷ ᠬᠠᠩᠰᠢᠩᠬᠡᠷ ᠦ᠋ᠨ ᠣᠷᠳᠣᠨ ᠠ᠋ᠴᠠ ᠨᠡᠢᠰᠯᠡᠯ ᠬᠠᠷ᠎ᠠ ᠬᠣᠷᠢᠨ ᠳ᠋ᠤᠷ ᠣᠴᠢᠬᠤ ᠪᠤᠶᠤ ? ᠬᠠᠭᠤᠴᠢᠨ ᠨᠤᠲᠤᠭ ᠬᠥᠬᠡᠪᠦᠷ ᠪᠤᠶᠤ ᠶᠧᠮᠢᠯᠢ ᠶ᠋ᠢᠨ ᠣᠷᠳᠣᠨ ᠳ᠋ᠤᠷ ᠪᠤᠴᠠᠬᠤ ᠪᠤᠶᠤ ?  ᠭᠡᠮᠡᠨ ᠵᠥᠪᠰᠢᠶᠡᠷᠡᠯ ᠠᠪᠤᠭᠰᠠᠨ ᠪᠣᠯᠪᠠᠴᠤ ᠡᠴᠦᠰ ᠲᠦ᠍ᠷ ᠥᠪᠡᠷ ᠦ᠋ᠨ ᠪᠣᠳᠣᠭᠰᠠᠨ ᠢ᠋ᠶ᠋ᠠᠷ ᠢ᠋ᠶ᠋ᠠᠨ ᠶᠧᠮᠢᠯᠢ ᠶ᠋ᠢᠨ ᠣᠷᠳᠣᠨ ᠳ᠋ᠠᠭᠠᠨ ᠪᠤᠴᠠᠪᠠ᠃ 
       ᠰᠣᠷᠭᠤᠭᠲ᠋ᠠᠨ᠎ᠠ ᠬᠠᠲᠤᠨ ᠭᠠᠰᠢᠭᠤᠳᠠᠯ ᠤ᠋ᠨ ᠮᠡᠳᠡᠭᠡ ᠶ᠋ᠢ ᠣᠯᠵᠤ ᠠᠪᠤᠭᠠᠳ ᠳᠠᠷᠤᠢᠬᠠᠨ ᠡᠯᠴᠢ ᠵᠠᠷᠤᠵᠤ ᠬᠠᠭᠠᠨ ᠤ᠋ ᠴᠢᠨᠳᠠᠷ ᠲᠤᠷ ᠬᠦᠵᠢ ᠲᠠᠬᠢᠯ ᠡᠷᠭᠦᠭᠦᠯᠦᠭᠰᠡᠨ ᠪᠥᠭᠡᠳ ᠠᠭᠤᠯᠠᠬᠠᠢᠮᠰ ᠬᠠᠲᠤᠨ ᠢ᠋ ᠲᠠᠢᠳᠬᠤᠷᠠᠭᠤᠯᠤᠨ ᠮᠣᠩᠭᠣᠯ ᠤ᠋ᠨ ᠶᠣᠰᠣ ᠳᠦᠷᠢᠮ  ᠢ᠋ᠶ᠋ᠡᠷ ᠲᠡᠷᠢᠭᠦᠨ ᠦ᠌ ᠵᠠᠰᠠᠯ ᠪᠠ ᠬᠤᠪᠴᠠᠰᠤ ᠬᠤᠨᠠᠷ ᠥᠭᠴᠦ ᠬᠠᠷᠠᠭᠠᠯᠵᠠᠬᠤ ᠰᠡᠳᠬᠢᠯ ᠢ᠋ᠶ᠋ᠡᠨ ᠢᠯᠡᠳᠬᠡᠨ ᠰᠠᠢᠨ ᠦᠭᠡ  ᠪᠡᠷ ᠵᠣᠷᠢᠭᠵᠢᠭᠤᠯᠵᠤ ᠰᠢᠨ᠎ᠡ ᠬᠠᠭᠠᠨ ᠰᠣᠩᠭᠣᠬᠤ ᠬᠦᠷᠲᠡᠯ᠎ᠡ ᠤᠯᠤᠰ ᠤ᠋ᠨ ᠭᠠᠳᠠᠭᠠᠳᠤ ᠳᠣᠲᠣᠭᠠᠳᠤ ᠶ᠋ᠢᠨ ᠬᠡᠷᠡᠭ ᠶᠠᠪᠤᠳᠠᠯ ᠢ᠋ ᠰᠢᠳᠬᠡᠵᠦ ᠰᠠᠭᠤ ᠭᠡᠮᠡᠨ ᠵᠠᠬᠢᠪᠠ ᠃ ᠪᠠᠲᠤ ᠬᠠᠨ ᠴᠤ᠌ ᠠᠬᠠᠮᠠᠳ ᠶᠣᠰᠣ ᠪᠠᠷ ᠲᠡᠷᠢᠭᠦᠨ ᠦ᠌ ᠡᠳ᠋ᠯᠡᠯ ᠂ ᠬᠤᠪᠴᠠᠰᠤ ᠬᠤᠨᠠᠷ ᠦᠯᠡᠮᠵᠢ ᠥᠭᠴᠦ ᠪᠡᠯᠪᠡᠰᠦᠨ ᠥᠨᠥᠴᠢᠨ ᠢ᠋ ᠤᠮᠠᠷᠲᠠᠬᠤ ᠦᠭᠡᠢ ᠬᠠᠷᠠᠭᠠᠯᠵᠠᠬᠤ ᠪᠠᠨ ᠢᠯᠡᠳᠬᠡᠨ ᠮᠥᠨ ᠤᠯᠤᠰ ᠭᠡᠷ ᠦ᠋ᠨ ᠶᠡᠬᠡ ᠶᠠᠪᠤᠳᠠᠯ ᠳ᠋ᠤᠷ ᠰᠠᠨᠠᠭ᠎ᠠ ᠣᠷᠬᠢᠵᠤ ᠲᠥᠷᠥ ᠶ᠋ᠢ ᠪᠠᠷᠢᠲᠤᠭᠠᠢ ᠭᠡᠮᠡᠨ ᠨᠠᠢᠳᠠᠪᠠ ᠃ ᠥᠪᠡᠷ ᠦ᠋ᠨ ᠪᠡᠶ᠎ᠡ ᠮᠥᠨ ᠠᠳᠤᠭᠤ ᠡᠴᠡᠩᠬᠡᠢ ᠭᠡᠮᠡᠨ ᠠᠷᠤ - ᠭᠦᠮᠭᠢ ᠡᠴᠡ ᠬᠥᠳᠡᠯᠦᠭᠰᠡᠨ ᠦᠭᠡᠢ ᠲᠤᠯᠠ ᠤᠭᠰᠠᠭ᠎ᠠ ᠶ᠋ᠢᠨ ᠬᠠᠳ ᠨᠣᠶᠠᠳ ᠴᠥᠮ ᠬᠣᠵᠢᠳ ᠤᠷᠢᠳ ᠠᠷᠤ - ᠭᠦᠮᠭᠢ ᠳ᠋ᠦ᠍ᠷ ᠬᠦᠷᠦᠯᠴᠡᠨ ᠢᠷᠡᠵᠦ ᠪᠠᠲᠤ ᠬᠠᠨ ᠢ᠋ ᠬᠠᠭᠠᠨ ᠰᠠᠭᠤᠷᠢᠨ ᠢ᠋ ᠵᠠᠯᠭᠠᠮᠵᠢᠯᠠᠲᠤᠭᠠᠢ ᠭᠡᠮᠡᠨ ᠵᠥᠪᠳᠡᠪᠡᠰᠦ ᠪᠠᠲᠤ ᠬᠠᠨ ᠬᠦᠯᠢᠶᠡᠭᠰᠡᠨ ᠦᠭᠡᠢ ᠪᠣᠭᠳᠠ ᠡᠵᠡᠨ ᠴᠢᠩᠭᠢᠰ ᠬᠠᠭᠠᠨ ᠡᠪᠦᠭᠡ ᠶ᠋ᠢᠨ ᠰᠣᠶᠣᠷᠬᠠᠯ ᠄  《ᠪᠠᠲᠤ ᠪᠣᠢ ᠪᠥᠭᠡᠰᠦ ᠪᠠᠷᠠᠭᠤᠨ ᠵᠦᠭ ᠲᠦ᠍ᠷ ᠵᠣᠪᠠᠬᠤ ᠬᠡᠷᠡᠭ ᠦᠭᠡᠢ 》ᠬᠡᠮᠡᠭᠰᠡᠨ ᠢ᠋ᠶ᠋ᠡᠷ ᠪᠠᠷᠠᠭᠤᠨ ᠬᠢᠵᠠᠭᠠᠷ ᠢ᠋ ᠨᠠᠰᠤ ᠪᠠᠷ ᠢ᠋ᠶ᠋ᠠᠨ ᠰᠠᠬᠢᠮᠤᠢ ᠭᠡᠮᠡᠨ ᠣᠯᠠᠨ ᠤ᠋ ᠰᠠᠨᠠᠯ ᠢ᠋ ᠨᠢᠴᠤᠭᠠᠪᠠ᠃ ᠦᠵᠡᠲᠡᠯ᠎ᠡ ᠭᠦᠶᠦᠭ ᠬᠠᠨ ᠤ᠋ ᠬᠣᠶᠠᠷ ᠬᠥᠪᠡᠭᠦᠨ ᠪᠠ ᠰᠢᠷᠡᠮᠦᠨ ᠴᠥᠮ ᠨᠠᠰᠤ ᠪᠠᠭ᠎ᠠ ᠲᠤᠯᠠ ᠤᠳᠠᠭᠠᠨ ᠵᠢᠯ ᠵᠠᠰᠠᠭ ᠵᠠᠷᠯᠢᠭ ᠰᠠᠮᠠᠭᠤᠷᠠᠨ ᠭᠠᠩ ᠭᠠᠮᠰᠢᠭ ᠦᠷᠭᠦᠯᠵᠢᠯᠡᠨ ᠬᠥᠮᠦᠰ ᠦ᠋ᠨ ᠰᠡᠳᠬᠢᠯ ᠲᠣᠭᠲᠠᠭᠤᠨ ᠦᠭᠡᠢ ᠪᠠᠢᠳᠠᠯ ᠢ᠋ ᠬᠤᠪᠢᠷᠠᠭᠤᠯᠵᠤ ᠦᠯᠦ ᠴᠢᠳᠠᠬᠤ ᠪᠥᠭᠡᠳ ᠠᠶᠤᠯ ᠲᠠᠢ ᠪᠠᠢᠳᠠᠯ ᠳ᠋ᠤᠷ ᠣᠷᠣᠭᠤᠯᠵᠤ ᠮᠡᠳᠡᠬᠦ ᠲᠤᠯᠠ ᠤᠴᠢᠷ ᠢ᠋ ᠮᠡᠳᠡᠵᠦ ᠤᠯᠤᠰ ᠢ᠋ ᠪᠣᠳᠣᠬᠤ ᠬᠥᠮᠦᠰ ᠴᠥᠮ ᠬᠠᠭᠠᠨ ᠰᠠᠭᠤᠷᠢᠨ ᠢ᠋ ᠬᠦᠴᠦᠷᠬᠡᠭ ᠴᠢᠳᠠᠪᠤᠷᠢᠲᠠᠨ ᠳ᠋ᠤᠷ ᠲᠤᠰᠢᠶᠠᠬᠤ ᠶ᠋ᠢ ᠪᠣᠳᠣᠵᠤ ᠳᠣᠲᠣᠷ᠎ᠠ ᠪᠠᠨ ᠲᠣᠭ᠎ᠠ ᠲᠠᠢ ᠰᠠᠭᠤᠮᠤᠢ ᠃ ᠪᠠᠲᠤ ᠬᠠᠨ ᠦᠵᠡᠪᠡᠰᠦ ᠣᠯᠠᠨ ᠴᠥᠮ ᠪᠠᠲᠤ ᠬᠠᠨ ᠤ᠋ ᠵᠠᠷᠯᠢᠭ ᠢ ᠬᠦᠯᠢᠶᠡᠬᠦ ᠲᠤᠯᠠ ᠡᠢᠨ ᠥᠭᠦᠯᠡᠷᠦᠨ: 《ᠨᠠᠷᠠᠨ ᠮᠠᠨᠳᠤᠬᠤ ᠵᠦᠭ ᠡᠴᠡ ᠨᠠᠷᠠᠨ ᠰᠢᠩᠭᠡᠬᠦ ᠵᠦᠭ ᠬᠦᠷᠲᠡᠯᠡᠬᠢ ᠥᠷᠭᠡᠨ ᠠᠭᠤᠳᠠᠮ ᠶᠡᠬᠡ ᠤᠯᠤᠰ ᠢ᠋ ᠵᠠᠰᠠᠵᠤ ᠴᠢᠳᠠᠬᠤ ᠡᠷᠳᠡᠮᠲᠡᠢ ᠂ ᠲᠣᠭᠠᠯᠠᠰᠢ ᠦᠭᠡᠢ ᠬᠠᠷ᠎ᠠ ᠴᠠᠭᠠᠨ ᠢᠷᠭᠡᠳ ᠢ᠋ ᠡᠩᠬᠡᠵᠢᠭᠦᠯᠬᠦ ᠠᠷᠭ᠎ᠠ ᠤᠬᠠᠭᠠᠨᠲᠠᠨ ᠂ ᠦᠢ ᠲᠦᠮᠡᠨ ᠵᠠᠩᠵᠤᠨ ᠴᠡᠷᠢᠭ ᠢ᠋ ᠳᠠᠢᠴᠢᠯᠠᠬᠤ ᠪᠠᠭᠠᠲᠤᠷ ᠂ ᠬᠠᠪᠴᠢᠭ ᠬᠠᠷᠠᠩᠭᠤᠢ ᠪᠡᠷᠬᠡ ᠳ᠋ᠦ᠍ᠷ ᠣᠷᠣᠭᠠᠳ ᠭᠠᠷᠴᠤ ᠣᠷᠣᠬᠤ ᠶ᠋ᠢ ᠲᠣᠭᠲᠠᠭᠠᠵᠤ ᠴᠢᠳᠠᠬᠤ ᠵᠣᠷᠢᠭᠲᠠᠢ ᠡᠷ᠎ᠡ ᠂ ᠪᠣᠭᠳᠠ ᠡᠵᠡᠨ ᠡᠪᠦᠭᠡ ᠴᠢᠩᠭᠢᠰ ᠦ᠋ᠨ ᠵᠠᠰᠠᠭ ᠵᠠᠷᠯᠢᠭ ᠢ ᠬᠥᠰᠡᠷᠳᠡᠭᠦᠯᠬᠦ ᠦᠭᠡᠢ ᠴᠡᠷᠢᠭ ᠲᠡᠢᠨ ᠢ᠋ ᠨᠣᠶᠠᠯᠠᠵᠤ ᠪᠡᠷᠬᠡ ᠬᠠᠲᠠᠭᠤᠵᠢᠯ ᠢ᠋ ᠬᠦᠷᠲᠡᠵᠦ ᠪᠠᠯᠠᠮᠠᠳ ᠳᠠᠢᠰᠤᠨ ᠢ᠋ ᠰᠥᠨᠥᠭᠡᠵᠦ ᠶᠠᠪᠤᠭᠰᠠᠨ ᠬᠠᠰᠢᠷ ᠬᠥᠮᠦᠨ ᠪᠤᠰᠤ ᠪᠣᠯᠪᠠᠰᠤ ᠲᠠᠯᠠᠭᠠᠷ ᠤᠯᠤᠰ ᠭᠡᠷ ᠢ᠋ ᠳᠣᠷᠣᠢᠲᠠᠭᠤᠯᠤᠮᠤᠢ ᠬᠡᠮᠡᠪᠡ᠃ ᠣᠯᠠᠨ ᠬᠠᠳ ᠨᠣᠶᠠᠳ ᠰᠣᠨᠣᠰᠤᠭᠠᠳ ᠵᠥᠪ ᠬᠠᠨᠳᠤᠵᠤ ᠢᠨᠢᠶᠡᠨ ᠪᠤᠷᠤᠭᠤ ᠬᠠᠨᠳᠤᠵᠤ ᠥᠷᠴᠡᠢᠵᠦ ᠪᠣᠳᠣᠯ ᠳ᠋ᠤᠷ ᠪᠠᠢᠭᠰᠠᠨ ᠢ᠋ᠶ᠋ᠠᠨ ᠪᠣᠳᠣᠵᠤ ᠰᠠᠨᠠᠭᠠᠨ ᠳ᠋ᠤᠷ ᠪᠠᠢᠭᠰᠠᠨ ᠢ᠋ᠶ᠋ᠠᠨ ᠰᠠᠨᠠᠵᠤ ᠵᠡᠷᠭᠡ ᠪᠡᠷ ᠮᠥᠩᠬᠡ ᠬᠠᠨ ᠢ᠋ ᠳᠤᠷᠠᠳᠴᠤ ᠥᠭᠡᠷ᠎ᠡ ᠲᠡᠩᠴᠡᠬᠦ ᠬᠥᠮᠦᠨ ᠦᠭᠡᠢ ᠬᠡᠮᠡᠯᠳᠦᠪᠡᠢ᠃ 
       ᠪᠠᠲᠤ ᠬᠠᠨ ᠢᠨᠢᠶᠡᠮᠰᠦᠭᠯᠡᠨ ᠲᠣᠯᠣᠭᠠᠢ ᠳᠣᠬᠢᠵᠤ ᠤᠯᠤᠰ ᠢ᠋ ᠮᠥᠩᠬᠡ ᠳ᠋ᠤᠢ ᠲᠤᠰᠢᠶᠠᠪᠠᠰᠤ ᠪᠢᠳᠡ ᠴᠥᠮ ᠰᠡᠳᠬᠢᠯ ᠠᠮᠤᠷ ᠪᠣᠯᠤᠮᠤᠢ ᠭᠡᠮᠡᠨ ᠵᠢᠰᠢᠵᠦᠭᠦᠢ᠃ ᠮᠥᠩᠬᠡ ᠬᠠᠨ ᠶᠡᠷᠦ ᠠᠷᠭ᠎ᠠ ᠤᠬᠠᠭᠠᠨ ᠭᠦᠨ ᠡᠷᠡᠰ ᠵᠣᠷᠢᠭᠲᠠᠢ ᠪᠠᠭᠠᠲᠤᠷ ᠢᠳᠡᠷᠬᠡᠭ ᠭᠡᠮᠡᠨ ᠠᠯᠳᠠᠷᠰᠢᠵᠤ ᠤᠳᠠᠪᠠ᠃ ᠬᠣᠯᠠ ᠣᠢᠷᠠᠬᠢ ᠶᠡᠬᠡ ᠪᠠᠭ᠎ᠠ ᠲᠡᠢᠨ ᠪᠠᠢᠯᠳᠤᠭᠠᠨ ᠳ᠋ᠤᠷ ᠲᠣᠭᠠᠯᠠᠰᠢ ᠦᠭᠡᠢ ᠣᠷᠣᠯᠴᠠᠵᠤ ᠭᠠᠪᠢᠶ᠎ᠠ ᠪᠠᠢᠭᠤᠯᠵᠤ ᠶᠠᠪᠤᠪᠠ᠃ ᠡᠷᠳᠡᠮ ᠮᠡᠳᠡᠯᠭᠡ ᠶ᠋ᠢ ᠬᠦᠨᠳᠦᠳᠬᠡᠨ ᠰᠢᠮᠳᠠᠨ ᠰᠤᠷᠴᠤ ᠫᠷᠰ ᠂ ᠤᠢᠭᠤᠷ ᠂ ᠮᠣᠩᠭᠣᠯ ᠂ ᠬᠢᠲᠠᠳ ᠬᠡᠯᠡ ᠶ᠋ᠢ ᠡᠵᠡᠮᠰᠢᠨ ᠲᠡᠦᠬᠡ ᠰᠤᠳᠤᠷ ᠲᠤᠷ ᠨᠡᠪᠲᠡᠷᠬᠡᠢ ᠂ ᠡᠬᠡ ᠰᠣᠷᠭᠣᠭᠲ᠋ᠠᠨ᠎ᠡ ᠶ᠋ᠢᠨ ᠰᠤᠷᠭᠠᠯ ᠢ᠋ᠶ᠋ᠠᠷ ᠡᠪᠦᠭᠡ ᠳᠡᠭᠡᠳᠦᠰ ᠦ᠋ᠨ ᠵᠠᠰᠠᠭ ᠵᠠᠷᠯᠢᠭ ᠢ᠋ ᠰᠠᠬᠢᠵᠤ ᠲᠥᠪ ᠴᠢᠭᠴᠢ ᠵᠠᠩ ᠰᠤᠷᠲᠠᠯ ᠢ ᠰᠢᠩᠭᠡᠭᠡᠵᠦ ᠵᠥᠪ ᠢ᠋ ᠲᠡᠳᠬᠦᠵᠦ ᠪᠤᠷᠤᠭᠤ ᠶ᠋ᠢ ᠵᠢᠭᠰᠢᠵᠦ ᠲᠡᠷᠢᠭᠦᠨ᠎ᠡ ᠬᠠᠲᠤᠨ ᠤ᠋ ᠲᠥᠷᠥ ᠳ᠋ᠦ᠍ᠷ ᡀᠮᠠᠨ ᠤ᠋ ᠬᠠᠷᠭᠢᠰᠯᠠᠯ ᠤ᠋ᠨ ᠦᠶ᠎ᠡ ᠳ᠋ᠦ᠍ᠷ ᠴᠦ᠍ ᠳᠡᠭᠡᠳᠦᠰ ᠦ᠋ᠨ ᠵᠠᠰᠠᠭ ᠵᠠᠷᠯᠢᠭ ᠢ᠋ ᠪᠠᠷᠢᠮᠲᠠᠯᠠᠨ ᠶᠣᠰᠣᠨ ᠠ᠋ᠴᠠ ᠭᠠᠳᠠᠭᠤᠷ ᠬᠡᠷᠡᠭ ᠶᠠᠪᠤᠳᠠᠯ ᠬᠢᠭᠰᠡᠨ ᠦᠭᠡᠢ᠃ ᠬᠡᠳᠦᠨ ᠵᠢᠯ ᠦ᠋ᠨ ᠭᠠᠮᠰᠢᠭ ᠲᠤᠷ ᠥᠮᠴᠢ ᠨᠤᠲᠤᠭ ᠤ᠋ᠨ ᠠᠷᠠᠳ ᠢᠷᠭᠡᠳ ᠢ᠋ ᠥᠯᠥᠰᠬᠦᠯᠡᠩ ᠵᠣᠪᠠᠯᠠᠩ ᠳ᠋ᠤᠷ ᠤᠴᠠᠷᠠᠭᠤᠯᠤᠭᠰᠠᠨ ᠦᠭᠡᠢ ᠲᠤᠯᠠ ᠬᠣᠯᠠ ᠣᠢᠷ᠎ᠠ ᠡᠬᠡ ᠬᠥᠪᠡᠭᠦᠨ ᠦ᠌ ᠮᠡᠷᠭᠡᠨ ᠥᠷᠥᠰᠢᠶᠡᠩᠭᠦᠢ ᠠᠯᠳᠠᠷ ᠮᠠᠨᠳᠤᠪᠠ᠃ 
       ᠲᠡᠳᠦᠢ ᠳ᠋ᠦ᠍ᠷ ᠠᠭᠤᠯᠠᠬᠠᠢᠮᠰ ᠬᠠᠲᠤᠨ ᠤ᠋ ᠲᠥᠯᠥᠭᠡᠨ ᠦ᠌ ᠰᠠᠢᠳ ᠲᠡᠮᠦᠷ ᠨᠣᠶᠠᠨ ᠂ ᠪᠠᠷ᠎ᠠ ᠨᠣᠶᠠᠨ ᠬᠣᠶᠠᠭᠤᠯᠠ ᠠᠢᠯᠠᠳᠬᠠᠷᠤᠨ ᠄《ᠡᠷᠲ᠌ᠨ ᠥᠭᠡᠳᠡᠢ ᠬᠠᠭᠠᠨ ᠠᠴᠢ ᠰᠢᠷᠡᠮᠦᠨ ᠢ᠋ ᠵᠠᠯᠭᠠᠮᠵᠢᠯᠠᠲᠤᠭᠠᠢ ᠬᠡᠮᠡᠭᠰᠡᠨ ᠢ᠋ ᠬᠠᠳ ᠨᠣᠶᠠᠳ ᠴᠥᠮ ᠰᠣᠨᠣᠰᠤᠭᠰᠠᠨ ᠪᠥᠯᠥᠭᠡ᠃ ᠡᠳᠦᠭᠡ ᠰᠢᠷᠡᠮᠦᠨ ᠪᠣᠢ ᠪᠥᠭᠡᠲᠡᠯ᠎ᠡ ᠪᠤᠰᠤᠳ ᠲᠣᠷ ᠬᠠᠨᠳᠤᠪᠠᠰᠤ ᠰᠢᠷᠡᠮᠦᠨ ᠢ ᠬᠠᠮᠢᠭ᠎ᠠ ᠲᠠᠯᠪᠢᠮᠤᠢ᠃ ᠬᠠᠳ ᠨᠣᠶᠠᠳ ᠳᠠᠬᠢᠨ ᠲᠤᠩᠭᠠᠮᠤ  》ᠬᠡᠮᠡᠪᠡ᠃  ᠮᠥᠩᠬᠡ ᠬᠠᠨ ᠥᠭᠦᠯᠡᠷᠦᠨ : 《ᠥᠭᠡᠳᠡᠢ ᠬᠠᠭᠠᠨ ᠤ᠋ ᠵᠠᠷᠯᠢᠭ ᠢ᠋ ᠬᠡᠨ ᠠᠶᠤᠮᠰᠢᠭ ᠦᠭᠡᠢ ᠵᠥᠷᠴᠢᠮᠦᠢ᠃ ᠭᠡᠲᠡᠯ᠎ᠡ ᠬᠥᠶᠦᠭ ᠬᠠᠭᠠᠨ ᠢ᠋ ᠲᠡᠷᠢᠭᠦᠨ᠎ᠡ ᠬᠠᠲᠤᠨ ᠪᠠ ᠲᠠᠨᠤᠰ ᠤ᠋ᠨ ᠰᠠᠨᠠᠭ᠎ᠠ ᠪᠠᠷ ᠪᠣᠯᠤᠭᠰᠠᠨ ᠠᠨᠤ ᠪᠤᠰᠤ ᠤᠤ ? ᠥᠭᠡᠳᠡᠢ ᠬᠠᠭᠠᠨ ᠤ᠋ ᠵᠠᠷᠯᠢᠭ ᠢ᠋ ᠵᠥᠷᠢᠴᠡᠭᠰᠡᠳ ᠠᠨᠤ ᠴᠣᠬᠣᠮ ᠲᠠᠨᠤᠰ ᠪᠣᠯᠠᠢ᠃ ᠡᠳᠦᠭᠡ ᠶᠠᠭᠤᠨ ᠢ᠋ ᠥᠭᠦᠯᠡᠮᠦᠢ 》ᠬᠡᠮᠡᠬᠦ ᠳ᠋ᠦ᠍ᠷ ᠪᠠᠷ᠎ᠠ ᠬᠢᠭᠡᠳ ᠲᠡᠮᠦᠷ ᠦ᠋ᠨ ᠦᠭᠡ ᠬᠠᠭᠠᠭᠳᠠᠵᠤ ᠳᠠᠬᠢᠨ ᠳᠠᠭᠤᠨ ᠦᠭᠡᠢ ᠪᠣᠯᠪᠠᠢ᠃ ᠤᠷᠢᠶᠠᠩᠬᠠᠳᠠᠢ ᠥᠭᠦᠯᠡᠷᠦᠨ᠄  《ᠮᠥᠩᠬᠡ ᠬᠠᠨ ᠢ᠋ ᠰᠡᠴᠡᠨ ᠪᠥᠭᠡᠳ ᠪᠠᠭᠠᠲᠤᠷ ᠭᠡᠮᠡᠨ ᠬᠡᠨ ᠴᠦ᠍ ᠮᠡᠳᠡᠮᠦᠢ᠃ ᠪᠠᠲᠤ ᠬᠠᠨ ᠤ᠋ ᠵᠠᠷᠯᠢᠭ ᠮᠠᠰᠢ ᠵᠥᠪ᠃ ᠪᠠᠰᠠ ᠶᠠᠭᠤᠨ ᠢ᠋ ᠲᠠᠲᠠᠭᠠᠯᠵᠠᠮᠤᠢ  》 ᠬᠡᠮᠡᠪᠡᠰᠦ ᠪᠦᠭᠦᠳᠡᠭᠡᠷ ᠴᠥᠮ ᠮᠥᠨ ᠭᠡᠮᠡᠨ ᠦᠭᠡ ᠨᠢᠭᠡᠲᠡᠢ ᠲᠣᠭᠲᠠᠪᠠ᠃ ᠭᠠᠭᠴᠠᠬᠦ ᠪᠠᠷ᠎ᠠ ᠂ ᠲᠡᠮᠦᠷ ᠨᠠᠷ ᠠᠭᠤᠯᠠᠬᠠᠢᠮᠰ ᠬᠠᠲᠤᠨ ᠤ᠋ ᠵᠠᠷᠯᠢᠭ ᠢ᠋ ᠬᠠᠷᠢᠭᠤᠯᠬᠤ ᠠᠷᠭ᠎ᠠ ᠦᠭᠡᠢᠳᠡᠵᠦ ᠵᠣᠪᠠᠮᠤᠢ᠃ ᠪᠠᠲᠤ ᠬᠠᠨ ᠡᠢᠨ ᠥᠭᠦᠯᠡᠷᠦᠨ ᠄ 《ᠠᠭᠤᠯᠠᠬᠠᠢᠮᠰ ᠬᠠᠲᠤᠨ ᠰᠡᠴᠡᠨ ᠪᠥᠯᠥᠭᠡ᠃ ᠮᠥᠩᠬᠡ ᠬᠠᠨ ᠢ ᠰᠣᠩᠭᠣᠪᠠᠰᠤ ᠬᠡᠨ ᠠᠯᠢᠨ ᠳ᠋ᠤᠷ ᠴᠥᠮ ᠲᠤᠰᠠ ᠪᠣᠯᠤᠮᠤᠢ᠃ ᠲᠥᠷᠥ ᠶ᠋ᠢ ᠬᠡᠨ ᠵᠠᠯᠭᠠᠮᠵᠢᠯᠠᠬᠤ ᠠᠨᠤ ᠪᠠᠭ᠎ᠠ ᠬᠡᠷᠡᠭ᠃ ᠲᠥᠷᠥ ᠶ᠋ᠢ ᠵᠠᠰᠠᠵᠤ ᠴᠢᠳᠠᠬᠤ ᠪᠠ ᠡᠰᠡᠬᠦ ᠢᠨᠤ ᠶᠡᠬᠡ ᠬᠡᠷᠡᠭ ᠪᠣᠯᠠᠢ᠃ ᠬᠠᠭᠠᠨ ᠠᠪᠠᠭ᠎ᠠ ᠨᠥᠭᠴᠢᠭᠰᠡᠨ ᠡᠴᠡ ᠢᠨᠠᠭᠰᠢ ᠤᠯᠤᠰ ᠣᠷᠣᠨ ᠬᠡᠳᠦᠨ ᠵᠢᠯ ᠦᠷᠭᠦᠯᠵᠢᠯᠡᠨ ᠭᠠᠩᠳᠠᠵᠤ ᠲᠠᠷᠢᠶ᠎ᠠ ᠲᠥᠮᠥᠰᠥ ᠤᠷᠭᠤᠬᠤ ᠦᠭᠡᠢ ᠪᠡᠯᠴᠢᠭᠡᠷ ᠤᠰᠤ ᠬᠠᠲᠠᠵᠤ ᠬᠠᠷ᠎ᠠ ᠲᠡᠷᠢᠭᠦᠲᠡᠨ ᠠᠮᠢᠲᠠᠳ ᠣᠷᠣᠰᠢᠨ ᠰᠠᠭᠤᠬᠤ ᠠᠷᠭ᠎ᠠ ᠦᠭᠡᠢ ᠪᠦᠬᠦᠢ ᠳ᠋ᠦ᠍ᠷ ᠦᠨᠡᠨᠴᠢ ᠰᠢᠳᠤᠷᠭᠤ ᠰᠠᠢᠳ ᠴᠥᠭᠡᠬᠡᠷᠡᠵᠦ ᠵᠢᠰᠤᠷ ᠵᠠᠯᠢᠬᠠᠢ ᠬᠥᠮᠦᠰ ᠣᠯᠠᠰᠢᠷᠠᠨ ᠪᠠᠶᠠᠳ ᠨᠣᠶᠠᠳ ᠬᠣᠪᠳᠣᠭᠯᠠᠨ ᠠᠯᠪᠠᠨ ᠬᠥᠮᠦᠰ ᠲᠡᠢ ᠰᠦᠯᠪᠡᠭᠡᠯᠡᠨ ᠠᠷᠠᠳ ᠢᠷᠭᠡᠳ ᠲᠣᠷ ᠳᠠᠪᠬᠤᠷ ᠵᠣᠪᠠᠯᠠᠩ ᠪᠣᠯᠵᠤ ᠲᠥᠷᠥ ᠰᠠᠮᠠᠭᠤᠷᠠᠨ ᠤᠯᠤᠰ ᠬᠣᠭᠣᠰᠣᠷᠠᠵᠤ ᠬᠥᠮᠦᠨ ᠦ᠌ ᠰᠡᠳᠬᠢᠯ ᠬᠤᠪᠢᠷᠠᠭᠰᠠᠨ ᠴᠠᠭ ᠮᠡᠷᠭᠡᠨ ᠬᠥᠮᠦᠨ ᠳ᠋ᠦ᠍ᠷ ᠲᠥᠷᠥ ᠶ᠋ᠢ ᠲᠤᠰᠢᠶᠠᠬᠤ ᠦᠭᠡᠢ ᠬᠠᠷᠢᠨ ᠨᠢᠯᠬ᠎ᠠ ᠪᠠᠭ᠎ᠠ ᠬᠡᠦᠬᠡᠳ ᠲᠣᠷ ᠲᠤᠰᠢᠶᠠᠨ ᠤᠯᠤᠰ ᠭᠡᠷ ᠬᠣᠬᠢᠷᠠᠪᠠᠰᠤ ᠬᠡᠨ ᠠᠯᠢᠨ ᠳ᠋ᠤᠷ ᠴᠥᠮ ᠮᠠᠭᠤ ᠪᠣᠯᠤᠮᠤᠢ᠃ ᠲᠠ ᠬᠣᠶᠠᠷ ᠪᠤᠴᠠᠵᠤ ᠬᠠᠲᠤᠨ ᠢ᠋ ᠤᠯᠤᠰ ᠭᠡᠷ ᠦ᠋ᠨ ᠲᠥᠯᠥᠭᠡ ᠰᠡᠳᠬᠢᠯ ᠳᠡᠯᠪᠢ ᠭᠡᠮᠡᠨ ᠢᠳᠬᠠᠭᠲᠤᠨ 》ᠬᠡᠮᠡᠪᠡ᠃ 
       ᠮᠥᠩᠬᠡ ᠬᠠᠨ ᠣᠯᠠᠨ ᠤ᠋ ᠰᠠᠨᠠᠯ ᠢ᠋ ᠬᠦᠯᠢᠶᠡᠨ ᠠᠪᠬᠤ ᠦᠭᠡᠢ ᠬᠡᠳᠦᠨᠲᠡ ᠮᠠᠷᠭᠤᠭᠰᠠᠨ ᠪᠣᠯᠪᠠᠴᠤ ᠣᠯᠠᠨ ᠤ᠋ ᠰᠠᠨᠠᠯ ᠦᠨᠡᠨᠴᠢ ᠲᠤᠯᠠ ᠨᠢᠴᠤᠭᠠᠵᠤ ᠴᠢᠳᠠᠭᠰᠠᠨ ᠦᠭᠡᠢ᠃ ᠪᠠᠲᠤ ᠬᠠᠨ ᠡᠯᠴᠢ ᠲᠣᠮᠢᠯᠠᠨ ᠰᠣᠷᠭᠤᠭᠲ᠋ᠠᠨ᠎ᠠ ᠬᠠᠲᠤᠨ ᠡᠬᠡ ᠯᠦ᠍ᠭᠡ ᠵᠥᠪᠳᠡᠵᠦ ᠰᠢᠷᠠᠭᠴᠢᠨ ᠲᠠᠬᠢᠶ᠎ᠠ ᠵᠢᠯ ᠦ᠋ᠨ ᠥᠯᠵᠡᠢᠲᠦ ᠡᠳᠦᠷ ᠲᠦ᠍ ᠤᠨᠤᠨ ᠭᠣᠣᠯ ᠤ᠋ᠨ ᠠᠷᠠᠯ - ᠲᠤᠯᠭ᠎ᠠ ᠳ᠋ᠤᠷ ᠬᠠᠳ ᠨᠣᠶᠠᠳ ᠤ᠋ᠨ ᠬᠤᠷᠠᠯ ᠢ᠋ ᠬᠤᠷᠠᠯᠳᠤᠭᠤᠯᠬᠤ ᠪᠠᠷ ᠲᠣᠭᠲᠠᠵᠤ ᠲᠤᠰ ᠲᠤᠰ ᠤ᠋ᠨ ᠣᠷᠳᠣᠨ ᠳ᠋ᠠᠭᠠᠨ ᠪᠤᠴᠠᠪᠠ᠃ 
       ᠲᠡᠭᠦᠨ ᠡᠴᠡ ᠡᠮᠦᠨ᠎ᠡ ᠠᠭᠤᠯᠠᠬᠠᠢᠯᠰ ᠬᠠᠲᠤᠨ ᠤ᠋ ᠬᠣᠶᠠᠷ ᠬᠥᠪᠡᠭᠦᠨ ᠬᠤᠴᠠ ᠂ ᠨᠤᠬᠤ ᠪᠠᠲᠤ ᠬᠠᠨ ᠳ᠋ᠤᠷ ᠤᠴᠠᠷᠠᠬᠤ ᠪᠠᠷ ᠣᠴᠢᠭᠰᠠᠨ ᠪᠣᠯᠪᠠᠴᠤ ᠣᠯᠠᠨ ᠬᠠᠳ ᠨᠣᠶᠠᠳ ᠤ᠋ᠨ ᠰᠠᠨᠠᠭ᠎ᠠ ᠡᠳᠡ ᠠᠬ᠎ᠠ ᠳᠡᠭᠦᠦ ᠬᠣᠶᠠᠭᠤᠯᠠ ᠳ᠋ᠤᠷ ᠦᠭᠡᠢ ᠮᠥᠷᠲᠡᠭᠡᠨ ᠰᠢᠷᠡᠮᠦᠨ ᠢ᠋ ᠴᠦ᠍ ᠬᠠᠶᠠᠭᠠᠨ ᠳ᠋ᠤᠨᠢ ᠬᠠᠶᠠᠵᠤ ᠥᠭᠡᠷ᠎ᠡ ᠬᠥᠮᠦᠨ ᠢ᠋ ᠵᠢᠰᠢᠵᠦ ᠪᠣᠢ ᠲᠤᠯᠠ ᠡᠬᠡ ᠯᠦ᠍ᠭᠡ ᠪᠡᠨ ᠵᠥᠪᠳᠡᠰᠦᠭᠡᠢ ᠭᠡᠮᠡᠨ ᠬᠣᠶᠠᠷᠬᠠᠨ ᠬᠣᠨᠣᠭ ᠪᠣᠯᠵᠤ ᠣᠯᠠᠨ ᠬᠥᠮᠦᠨ ᠬᠦᠷᠴᠦ ᠣᠴᠢᠬᠤ ᠠ᠋ᠴᠠ ᠡᠮᠦᠨ᠎ᠡ ᠪᠤᠴᠠᠪᠠ᠃ ᠲᠡᠢᠨ ᠬᠦ᠌ ᠵᠥᠪᠳᠡᠯᠭᠡ ᠳ᠋ᠦ᠍ᠷ ᠠᠭᠤᠯᠠᠬᠠᠢᠠᠰ ᠬᠠᠲᠤᠨ ᠡᠬᠡ ᠬᠥᠪᠡᠭᠦᠨ ᠣᠷᠣᠯᠴᠠᠭᠰᠠᠨ ᠦᠭᠡᠢ ᠲᠤᠯᠠ ᠡᠯᠴᠢ ᠲᠣᠮᠢᠯᠠᠵᠤ ᠮᠥᠩᠬᠡ ᠬᠠᠨ ᠢ᠋ ᠵᠢᠰᠢᠵᠦ ᠰᠢᠷᠬᠠᠴᠢᠨ ᠲᠠᠬᠢᠶ᠎ᠠ ᠵᠢᠯ ᠦ᠋ᠨ ᠵᠤᠨ ᠪᠣᠯᠲᠠᠯ᠎ᠠ ᠬᠠᠲᠤᠨ ᠢ᠋ ᠲᠥᠷᠥ ᠶ᠋ᠢ ᠪᠠᠷᠢᠵᠤ ᠤᠯᠤᠰ ᠤ᠋ᠨ ᠬᠡᠷᠡᠭ ᠢ᠋ ᠰᠢᠳᠬᠡᠬᠦ ᠶ᠋ᠢ ᠨᠠᠢᠳᠠᠪᠠ᠃ ᠡᠬᠡ ᠬᠥᠪᠡᠭᠦᠨ ᠭᠤᠷᠪᠠᠭᠤᠯᠠ ᠬᠠᠳ ᠤ᠋ᠨ ᠵᠢᠰᠢᠭᠰᠡᠨ ᠢ᠋ ᠵᠥᠪᠰᠢᠶᠡᠷᠡᠬᠦ ᠦᠭᠡᠢ᠂ ᠨᠢᠭᠡᠲᠡᠭᠡᠭᠦᠷ ᠣᠯᠠᠨ ᠬᠠᠳ ᠨᠣᠶᠠᠳ ᠲᠤᠷ ᠡᠯᠴᠢ ᠵᠠᠷᠤᠵᠤ ᠳᠠᠬᠢᠨ ᠵᠥᠪᠳᠡᠭᠦᠯᠬᠦ ᠪᠡᠷ ᠤᠷᠤᠯᠳᠤᠵᠤ ᠨᠥᠭᠥᠭᠡᠲᠡᠭᠡᠭᠦᠷ ᠲᠥᠷᠥ ᠶ᠋ᠢᠨ ᠡᠷᠬᠡ ᠪᠡᠨ ᠠᠰᠢᠭᠯᠠᠨ ᠪᠠᠭ᠎ᠠ ᠰᠠᠭ᠎ᠠ ᠠᠴᠢ ᠲᠤᠰᠠ ᠬᠦᠷᠲᠡᠭᠡᠵᠦ ᠬᠠᠳ ᠨᠣᠶᠠᠳ ᠢ ᠪᠡᠶ᠎ᠡ ᠳ᠋ᠡᠭᠡᠨ ᠲᠠᠲᠠᠵᠤ ᠬᠦᠴᠦᠨ ᠢ᠋ᠶ᠋ᠡᠨ ᠶᠡᠬᠡᠳᠬᠡᠵᠦ ᠠᠷᠤ - ᠬᠥᠮᠬᠢ ᠶ᠋ᠢᠨ ᠵᠥᠪᠳᠡᠯᠭᠡ ᠶ᠋ᠢ ᠬᠦᠴᠦᠨ ᠦᠭᠡᠢ ᠪᠣᠯᠭᠠᠬᠤ ᠪᠠᠷ ᠭᠣᠷᠢᠳᠠᠵᠤ ᠪᠤᠷᠤᠭᠤ ᠵᠠᠮ ᠳ᠋ᠤᠷ ᠣᠷᠣᠵᠤ ᠬᠣᠯᠠᠳᠠᠵᠤ ᠡᠬᠢᠯᠡᠪᠡ᠃ ᠬᠠᠳᠠᠨ ᠬᠠᠨ ᠬᠢᠭᠡᠳ ᠴᠠᠭᠠᠲᠠᠢ ᠬᠠᠨ ᠤ᠋ ᠠᠴᠢ ᠶᠢᠰᠤᠨᠲ᠋ᠤᠭ ᠨᠠᠷ ᠲᠦᠰᠢᠭ ᠪᠣᠯᠵᠤ ᠥᠳᠥᠭᠡᠭᠰᠡᠨ ᠡᠴᠡ ᠤᠯᠠᠮ ᠬᠣᠯᠠᠳᠠᠵᠤ ᠣᠴᠢᠪᠠ᠃ 
      ᠰᠣᠷᠭᠤᠭᠲ᠋ᠠᠨ᠎ᠠ ᠬᠠᠲᠤᠨ ᠪᠠ ᠪᠠᠲᠤ ᠬᠠᠨ ᠠᠬᠠᠮᠠᠳ ᠬᠤᠪᠢ ᠪᠠᠷ ᠲᠤᠰ ᠲᠤᠰ ᠪᠢᠴᠢᠭ ᠪᠡᠯᠡᠭ ᠥᠭᠴᠦ ᠬᠣᠷᠢᠭᠯᠠᠵᠤ ᠥᠭᠦᠯᠡᠭᠰᠡᠨ ᠢᠨᠤ ᠄ 《ᠠᠷᠤ - ᠬᠥᠮᠬᠢ ᠶ᠋ᠢᠨ ᠵᠥᠪᠳᠡᠯᠴᠡᠭᠡᠨ ᠳ᠋ᠦ᠍ᠷ ᠣᠷᠣᠯᠴᠠᠵᠤ ᠵᠥᠪᠳᠡᠭᠰᠡᠨ ᠪᠥᠭᠡᠰᠦ ᠵᠣᠬᠢᠬᠤ ᠪᠥᠯᠥᠭᠡ᠃ ᠡᠳᠦᠭᠡ ᠨᠢᠭᠡᠨᠲᠡ ᠲᠣᠭᠲᠠᠭᠠᠯ ᠪᠣᠯᠤᠭᠰᠠᠨ ᠲᠤᠯᠠ ᠣᠯᠠᠨ ᠤ᠋ ᠰᠠᠨᠠᠯ ᠢ  ᠨᠢᠴᠣᠭᠠᠬᠤᠶ᠎ᠠ ᠪᠡᠷᠬᠡ ᠪᠥᠭᠡᠳ ᠮᠥᠩᠬᠡ ᠬᠠᠨ ᠰᠠᠭᠤᠷᠢᠨ ᠵᠠᠯᠭᠠᠮᠵᠢᠯᠠᠬᠤ ᠠᠨᠤ ᠬᠠᠳ ᠨᠣᠶᠠᠳ ᠪᠠ ᠤᠯᠤᠰ ᠭᠡᠷ ᠲᠦ᠍ᠷ ᠴᠥᠮ ᠬᠢᠵᠠᠭᠠᠷᠯᠠᠰᠢ ᠦᠭᠡᠢ ᠲᠤᠰᠠ ᠲᠠᠢ ᠪᠤᠶᠤ᠃ ᠰᠢᠷᠡᠮᠦᠨ ᠮᠡᠲᠦ ᠨᠠᠰᠤ ᠪᠠᠭ᠎ᠠ ᠬᠥᠮᠦᠰ ᠢ ᠲᠦᠰᠢᠵᠦ ᠤᠯᠤᠰ ᠭᠡᠷ ᠡᠪᠳᠡᠷᠡᠬᠦ ᠳ᠋ᠦ᠍ᠷ ᠬᠦᠷᠪᠡᠯ ᠪᠢᠳᠡ ᠬᠡᠨ ᠳ᠋ᠦ᠍ᠷ ᠴᠦ᠍ ᠠᠰᠢᠭ ᠦᠭᠡᠢ ᠭᠡᠮᠡᠨ ᠢᠳᠬᠠᠪᠠᠰᠤ ᠠᠭᠤᠯᠠᠬᠠᠢᠮᠰ ᠬᠠᠲᠤᠨ ᠡᠬᠡ ᠬᠥᠪᠡᠭᠦᠨ ᠭᠤᠷᠪᠠᠭᠤᠯᠠ ᠦᠭᠡ ᠠᠪᠬᠤ ᠦᠭᠡᠢ ᠂ ᠰᠠᠢᠨ ᠦᠭᠡ ᠶ᠋ᠢ ᠰᠣᠨᠣᠰᠪᠠᠰᠤ ᠰᠢᠷᠬ᠎ᠠ ᠶ᠋ᠢᠨ ᠰᠣᠷᠪᠢ ᠳ᠋ᠤᠷ ᠳᠠᠪᠤᠰᠤ ᠳᠠᠷᠤᠭᠰᠠᠨ ᠮᠡᠲᠦ ᠬᠢᠯᠢᠩ ᠬᠣᠷᠣᠰᠤᠯ ᠲᠥᠷᠥᠵᠦ ᠨᠡᠰᠢ ᠴᠠᠰᠢ ᠬᠠᠷᠢᠯᠴᠠᠨ ᠵᠥᠪᠳᠡᠭᠰᠡᠭᠡᠷ ᠲᠠᠬᠢᠶ᠎ᠠ ᠵᠢᠯ ᠥᠩᠭᠡᠷᠡᠪᠡ᠃ 
       ᠲᠡᠳᠦᠢ ᠳ᠋ᠦ᠍ᠷ ᠠᠭᠤᠯᠠᠬᠠᠢᠮᠰ ᠬᠠᠲᠤᠨ ᠡᠬᠡ ᠬᠥᠪᠡᠭᠦᠨ ᠭᠤᠷᠪᠠᠭᠤᠯᠠ ᠬᠣᠭᠣᠷᠣᠨᠳᠣ ᠪᠠᠨ ᠡᠷᠬᠡ ᠪᠤᠯᠢᠶᠠᠯᠳᠤᠨ ᠭᠤᠷᠪᠠᠭᠤᠯᠠ ᠭᠤᠷᠪᠠᠨ ᠪᠦᠳᠦᠭᠦᠨ ᠣᠷᠳᠣᠨ ᠢ᠋ ᠡᠵᠡᠯᠡᠨ ᠲᠤᠰ ᠲᠤᠰ ᠤ᠋ᠨ ᠵᠠᠰᠠᠭ ᠵᠠᠷᠯᠢᠭ ᠢ ᠶᠠᠪᠤᠭᠤᠯᠬᠤ ᠪᠣᠯᠪᠠ ᠃ ᠬᠥᠮᠦᠰ ᠲᠥᠷᠥ ᠪᠠᠷᠢᠭᠴᠢ ᠶ᠋ᠢᠨ ᠵᠠᠷᠯᠢᠭ ᠢ ᠢᠯᠭᠠᠬᠤ ᠲᠤᠯᠠ ᠶ᠋ᠢᠨ ᠬᠠᠲᠤᠨ ᠤ᠋ ᠵᠠᠷᠯᠢᠭ ᠢ  《ᠳᠣᠲᠣᠭᠠᠳᠤ ᠣᠷᠳᠣᠨ ᠤ᠋ ᠵᠠᠷᠯᠢᠭ   ᠭᠡᠮᠡᠨ ᠬᠤᠴᠠ ᠶ᠋ᠢᠨ ᠵᠠᠷᠯᠢᠭ ᠢ  《ᠲᠦᠮᠡᠨ ᠠᠮᠤᠭᠤᠯᠠᠩᠲᠤ ᠣᠷᠳᠣᠨ ᠤ᠋ ᠵᠠᠷᠯᠢᠭ 》ᠭᠡᠮᠡᠨ ᠨᠤᠬᠤ ᠶ᠋ᠢᠨ ᠵᠠᠷᠯᠢᠭ ᠢ᠋  《ᠪᠠᠷᠠᠭᠠᠳᠠᠬᠤ ᠣᠷᠳᠣᠨ ᠤ᠋ ᠵᠠᠷᠯᠢᠭ 》ᠭᠡᠮᠡᠨ ᠬᠤᠪᠢᠶᠠᠨ ᠠᠯᠢᠨ ᠢ᠋ ᠲᠡᠳᠬᠦᠪᠡᠰᠦ ᠲᠡᠭᠦᠨ ᠦ᠌ ᠵᠠᠷᠯᠢᠭ ᠢ ᠭᠦᠢᠴᠡᠳᠬᠡᠬᠦ ᠪᠥᠯᠥᠭᠡ᠃  
       ᠡᠨᠡ ᠮᠡᠲᠦ ᠡᠬᠢ ᠠᠳᠠᠭ ᠦᠭᠡᠢ ᠶᠠᠪᠤᠳᠠᠯ ᠢ᠋ ᠣᠯᠠᠨ ᠬᠠᠳ ᠨᠣᠶᠠᠳ ᠨᠢᠳᠦ ᠪᠡᠷ ᠢ᠋ᠶ᠋ᠡᠨ ᠢ᠋ᠶ᠋ᠡᠨ ᠦᠵᠡᠵᠦ ᠴᠢᠬᠢ ᠪᠡᠷ ᠢ᠋ᠶ᠋ᠡᠨ ᠰᠣᠨᠣᠰᠴᠤ ᠬᠦᠯᠢᠶᠡᠬᠦᠶ᠎ᠡ ᠪᠡᠷᠬᠡ ᠲᠤᠯᠠ ᠵᠡᠷᠭᠡ ᠵᠡᠷᠭᠡ ᠪᠡᠷ ᠰᠤᠷᠭᠤᠭᠲ᠋ᠠᠨ᠎ᠡ ᠬᠠᠲᠤᠨ ᠡᠬᠡ ᠪᠠ ᠪᠠᠲᠤ ᠬᠠᠨ ᠳ᠋ᠤᠷ ᠡᠯᠴᠢ ᠲᠣᠮᠢᠯᠠᠨ ᠂  《ᠡᠢᠨ ᠤᠳᠠᠭᠠᠰᠢᠷᠠᠪᠠᠰᠤ ᠤᠯᠤᠰ ᠭᠡᠷ ᠰᠠᠮᠠᠭᠤᠷᠠᠬᠤ ᠠᠨᠤ ᠬᠣᠯᠠ ᠦᠭᠡᠢ ᠪᠣᠯᠪᠠ  》ᠬᠡᠮᠡᠬᠦ ᠲᠤᠯᠠ ᠪᠠᠲᠤ ᠬᠠᠨ ᠰᠤᠷᠭᠤᠭᠲ᠋ᠠᠨ᠎ᠡ ᠬᠠᠲᠤᠨ ᠡᠬᠡ ᠶ᠋ᠢᠨ ᠵᠥᠪᠰᠢᠶᠡᠷᠡᠯ ᠢ ᠠᠪᠴᠤ ᠴᠠᠭᠠᠭᠴᠢᠨ ᠭᠠᠬᠠᠢ ᠵᠢᠯ ᠦ᠋ᠨ ᠵᠢᠷᠭᠤᠭᠠᠨ ᠰᠠᠷ᠎ᠠ ᠶ᠋ᠢᠨ ᠥᠯᠵᠡᠢᠲᠦ ᠡᠳᠦᠷ ᠤᠨᠤᠨ ᠭᠣᠣᠯ ᠤ᠋ᠨ ᠠᠷᠠᠯ - ᠲᠤᠯᠭ᠎ᠠ ᠳ᠋ᠤᠷ ᠮᠥᠩᠬᠡ ᠬᠠᠨ ᠢ ᠬᠠᠭᠠᠨ ᠰᠢᠷᠡᠭᠡᠨ ᠳ᠋ᠦ᠍ᠷ ᠵᠠᠯᠠᠬᠤ ᠶᠡᠬᠡ ᠬᠤᠷᠠᠯ ᠢ᠋ ᠬᠤᠷᠠᠯᠳᠤᠭᠤᠯᠬᠤ ᠪᠠᠷ ᠵᠦᠭ ᠵᠦᠭ ᠡᠯᠴᠢ ᠳᠠᠪᠬᠢᠭᠤᠯᠵᠤ ᠮᠡᠳᠡᠭᠳᠡᠭᠡᠳ ᠤᠷᠢᠶᠠᠩᠬᠠᠳᠠᠢ ᠪᠠᠷ ᠶᠡᠬᠡ ᠬᠤᠷᠠᠯ ᠤ᠋ᠨ ᠪᠡᠯᠡᠳᠬᠡᠯ ᠢ ᠨᠣᠶᠠᠯᠠᠭᠤᠯᠵᠤ ᠲᠥᠷᠥ ᠶ᠋ᠢᠨ ᠰᠠᠢᠳ ᠲᠦᠰᠢᠮᠡᠳ ᠢ᠋ ᠵᠠᠬᠢᠷᠴᠤ ᠭᠦᠢᠴᠡᠳᠭᠡ ᠬᠡᠮᠡᠪᠡ᠃ ᠲᠡᠢᠨ ᠬᠦ᠌ ᠠᠭᠤᠯᠠᠢᠬᠠᠮᠰ ᠬᠠᠲᠤᠨ ᠡᠬᠡ ᠬᠥᠪᠡᠭᠦᠨ ᠭᠤᠷᠪᠠᠭᠤᠯᠠ ᠢᠯᠡ ᠪᠡᠷ ᠰᠠᠭᠠᠳ ᠪᠣᠯᠵᠤ ᠴᠢᠳᠠᠬᠤ ᠦᠭᠡᠢ ᠳ᠋ᠦ᠍ᠷ ᠲᠥᠷᠥ ᠶ᠋ᠢᠨ ᠲᠦᠰᠢᠮᠡᠳ ᠬᠡᠨ ᠠᠶᠤᠮᠰᠢᠭ ᠦᠭᠡᠢ ᠤᠷᠢᠶᠠᠩᠬᠠᠳᠠᠢ ᠶ᠋ᠢᠨ ᠵᠠᠷᠯᠢᠭ ᠢ᠋ ᠵᠥᠷᠢᠴᠡᠬᠦ ᠠᠵᠢ᠃ ᠪᠡᠯᠡᠳᠬᠡᠯ ᠠᠵᠢᠯ ᠰᠠᠭᠠᠳ ᠦᠭᠡᠢ ᠶᠠᠪᠤᠭᠳᠠᠬᠤᠢ ᠳ᠋ᠤᠷ ᠠᠭᠤᠯᠠᠬᠠᠢᠮᠰ ᠬᠠᠲᠤᠨ ᠪᠥᠬᠡ ᠪᠣᠮᠪᠣ ᠴᠤᠭᠯᠠᠭᠤᠯᠤᠨ ᠡᠳᠦᠷ ᠰᠥᠨᠢ ᠦᠭᠡᠢ ᠪᠤᠭ ᠵᠡᠳᠭᠦᠷ ᠳᠠᠭᠤᠳᠠᠵᠤ ᠭᠠᠵᠢᠭᠤ ᠣᠪᠢᠳᠠᠰ ᠢ᠋ᠶ᠋ᠠᠷ ᠮᠥᠩᠬᠡ ᠬᠠᠨ ᠢ ᠠᠳᠠᠯᠠᠭᠤᠯᠤᠮᠤᠢ᠃ ᠡᠴᠦᠰ ᠲᠡᠭᠡᠨ ᠴᠣᠬᠣᠮ ᠶᠠᠮᠠᠷ ᠪᠣᠯᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠦ᠍ ᠦᠵᠡᠲᠦᠭᠡᠢ᠃   

                   ᠰᠤᠯᠠ ᠰᠢᠯᠦᠭ    
       ᠡᠷᠬᠡ ᠮᠠᠲᠠᠯ ᠬᠢᠵᠠᠭᠠᠷᠯᠠᠰᠢ ᠦᠭᠡᠢ ᠬᠡᠮᠡᠲᠡᠯ᠎ᠡ ᠡᠨᠡᠦᠬᠡᠨ ᠠᠮᠢ ᠴᠠᠭᠠᠰᠤᠨ ᠠ᠋ᠴᠠ ᠬᠡᠪᠡᠷᠡᠭ  
       ᠡᠬᠡ ᠶ᠋ᠢᠨ ᠭᠣᠮᠣᠳᠠᠯ ᠬᠥᠪᠡᠭᠦᠨ ᠳ᠋ᠦ᠍ᠷ ᠬᠡᠳᠦᠳᠦᠨ ᠡᠪᠡᠳᠴᠢᠨ ᠦ᠌ ᠰᠠᠭᠤᠷᠢ ᠪᠣᠯᠪᠠᠢ ‍ᠶ᠎ᠠ   
       ᠡᠬᠡᠨᠡᠷ ᠬᠡᠦᠬᠡᠳ ᠬᠡᠢ ᠬᠦᠰᠡᠯ ᠲᠥᠷᠥᠭᠳᠡᠷᠦᠨ ᠡᠵᠡᠨ ᠬᠠᠭᠠᠨ ᠪᠣᠯᠬᠤ ᠶ᠋ᠢ ᠭᠣᠷᠢᠳᠠᠮᠤ  
       ᠡᠭᠡᠨᠡᠭᠲᠡ ᠬᠤᠪᠢ ᠢᠷᠦᠭᠡᠯ ᠦᠭᠡᠢ ᠶ᠋ᠢ ᠮᠡᠳᠡᠭᠡᠳ ᠡᠵᠡᠷᠬᠡᠭᠯᠡᠨ ᠬᠦᠴᠦᠷᠬᠡᠭᠯᠡᠵᠦ ᠶᠠᠭᠤᠨ ᠬᠢᠬᠦ ?