ᠪᠠᠭᠠᠪᠤᠷ ᠮᠣᠩᠭᠣᠯ ᠳᠠᠭᠤᠤ-᠎ ᠳᠠᠭᠤᠴᠢᠨ ᠨ ∙ ᠤᠯᠤᠰᠪᠣᠯ ᠳᠤБаавар Монгол дуу _үгтэй _ Дуучин Н.Улсболд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠠᠪᠤᠷ ᠮᠣᠩᠭᠣᠯ ᠳᠠᠭᠤᠤ-᠎ ᠳᠠᠭᠤᠴᠢᠨ ᠨ ∙ ᠤᠯᠤᠰᠪᠣᠯ ᠳᠤБаавар Монгол дуу _үгтэй _ Дуучин Н.Улсболд

ᠪᠠᠭᠠᠪᠤᠷ ᠮᠣᠩᠭᠣᠯ ᠳᠠᠭᠤᠤ-᠎ ᠳᠠᠭᠤᠴᠢᠨ ᠨ ∙ ᠤᠯᠤᠰᠪᠣᠯ ᠳᠤБаавар Монгол дуу _үгтэй _ Дуучин Н.Улсболд

ᠠᠩᠭᠢᠯᠠᠯ:ᠳᠠᠭᠤᠤ ᠬᠥᠭᠵᠢᠮ
2024-01-27

561

ᠪᠠᠭᠠᠪᠤᠷ ᠮᠣᠩᠭᠣᠯ ᠳᠠᠭᠤᠤ

   ᠦᠭᠡ᠂ ᠠᠶ᠎ᠠ᠄ ᠷ· ᠪᠠᠶᠠᠷᠮᠠᠩᠨᠠᠢ
   ᠨ· ᠤᠯᠤᠰᠪᠣᠯᠣᠳ ᠳᠠᠭᠤᠯᠠᠪᠠ
ᠪᠠᠭᠠᠪᠤᠷ ᠪᠠᠭᠠᠪᠤᠷ ᠡᠮᠡᠭᠡᠯ ᠦ᠋ᠨ
ᠵᠢᠵᠦᠦ ᠮᠥᠩᠭᠥᠨ ᠳᠥᠷᠦᠭᠡᠨ ᠳᠡᠭᠡᠷ᠎ᠡ
ᠪᠣᠰᠤᠭ᠎ᠠ ᠲᠥᠷᠥᠭᠰᠡᠨ ᠡᠷᠡᠴᠦᠳ ᠦ᠋ᠨ
ᠪᠠᠬᠠᠷᠬᠠᠨ ᠬᠠᠢᠷᠠᠯᠠᠬᠤ ᠬᠦᠯᠦᠭ ᠮᠢᠨᠢ ᠳᠡ
ᠴᠣᠷᠪᠣ ᠴᠢᠳᠥᠷ ᠲᠤ ᠨᠣᠮᠣᠬᠠᠷᠠᠭ᠎ᠠ ᠦᠭᠡᠢ
ᠴᠣᠪᠣᠭᠣ ᠬᠡᠢᠮᠣᠷᠢᠲᠠᠢ ᠮᠣᠩᠭᠣᠯ ᠠᠳᠤᠭᠤ
ᠴᠣᠷᠭᠢᠨ ᠢᠨᠴᠠᠭᠠᠵᠤ ᠴᠣᠢᠯᠤᠨ ᠬᠤᠷᠳᠤᠯᠠᠭᠠᠳ
ᠴᠣᠭᠢᠶᠠᠲᠤ ᠲᠠᠯ᠎ᠠ ᠪᠠᠷ ᠭᠦᠶᠦᠭᠡᠳ ᠢᠷᠡᠯ᠎ᠡ
ᠬᠡ ᠲᠡᠢ ᠮᠥᠩᠭᠥᠨ ᠬᠠᠵᠠᠭᠠᠷ ᠤ᠋ᠨ
ᠬᠡᠷᠦᠭᠰᠡᠨ ᠰᠣᠷᠣᠨ ᠵᠢᠯᠤᠭᠤᠨ ᠳᠡᠭᠡᠷ᠎ᠡ
ᠬᠠᠯᠬ᠎ᠠ ᠶ᠋ᠢᠨ ᠰᠠᠢᠬᠠᠨ ᠡᠷᠡᠴᠦᠳ ᠦ᠋ᠨ
ᠬᠠᠩᠭᠠᠯ ᠬᠤᠷᠳᠤᠨ ᠬᠦᠯᠦᠭ ᠮᠢᠨᠢ ᠳᠡ
ᠴᠣᠷᠪᠣ ᠴᠢᠳᠥᠷ ᠲᠤ ᠨᠣᠮᠣᠬᠠᠷᠠᠭ᠎ᠠ ᠦᠭᠡᠢ
ᠴᠣᠪᠣᠭᠣ ᠬᠡᠢᠮᠣᠷᠢᠲᠠᠢ ᠮᠣᠩᠭᠣᠯ ᠠᠳᠤᠭᠤ
ᠴᠣᠷᠭᠢᠨ ᠢᠨᠴᠠᠭᠠᠵᠤ ᠴᠣᠢᠯᠤᠨ ᠬᠤᠷᠳᠤᠯᠠᠭᠠᠳ
ᠴᠣᠭᠢᠶᠠᠲᠤ ᠲᠠᠯ᠎ᠠ ᠪᠠᠷ ᠭᠦᠶᠦᠭᠡᠳ ᠢᠷᠡᠯ᠎ᠡ
ᠰᠢᠯᠢ ᠶ᠋ᠢᠨ ᠪᠣᠭᠳᠠ ᠳᠠᠷᠢᠭᠠᠩᠭ᠎ᠠ ᠶ᠋ᠢᠨ
ᠰᠢᠷᠭᠠᠯ ᠠᠭᠤᠳᠠᠮ ᠲᠠᠯ᠎ᠠ ᠳᠡᠭᠡᠭᠦᠷ
ᠱᠤᠤᠭᠢᠭᠤᠯᠵᠤ ᠶᠠᠪᠤᠭᠰᠠᠨ ᠡᠷᠡᠴᠦᠳ ᠦ᠋ᠨ
ᠰᠢᠨᠳᠠᠰᠤᠲᠤ ᠬᠤᠷᠳᠤᠨ ᠬᠦᠯᠦᠭ ᠮᠢᠨᠢ ᠳᠡ
ᠴᠣᠷᠪᠣ ᠴᠢᠳᠥᠷ ᠲᠤ ᠨᠣᠮᠣᠬᠠᠷᠠᠭ᠎ᠠ ᠦᠭᠡᠢ
ᠴᠣᠪᠣᠭᠣ ᠬᠡᠢᠮᠣᠷᠢᠲᠠᠢ ᠮᠣᠩᠭᠣᠯ ᠠᠳᠤᠭᠤ
ᠴᠣᠷᠭᠢᠨ ᠢᠨᠴᠠᠭᠠᠵᠤ ᠴᠣᠢᠯᠤᠨ ᠬᠤᠷᠳᠤᠯᠠᠭᠠᠳ
ᠴᠣᠭᠢᠶᠠᠲᠤ ᠲᠠᠯ᠎ᠠ ᠪᠠᠷ ᠭᠦᠶᠦᠭᠡᠳ ᠢᠷᠡᠯ᠎ᠡ
ᠴᠣᠷᠪᠣ ᠴᠢᠳᠥᠷ ᠲᠤ ᠨᠣᠮᠣᠬᠠᠷᠠᠭ᠎ᠠ ᠦᠭᠡᠢ
ᠴᠣᠪᠣᠭᠣ ᠬᠡᠢᠮᠣᠷᠢᠲᠠᠢ ᠮᠣᠩᠭᠣᠯ ᠠᠳᠤᠭᠤ
ᠴᠣᠷᠭᠢᠨ ᠢᠨᠴᠠᠭᠠᠵᠤ ᠴᠣᠢᠯᠤᠨ ᠬᠤᠷᠳᠤᠯᠠᠭᠠᠳ
ᠴᠣᠭᠢᠶᠠᠲᠤ ᠲᠠᠯ᠎ᠠ ᠪᠠᠷ ᠭᠦᠶᠦᠭᠡᠳ ᠢᠷᠡᠯ᠎ᠡ

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠲᠠᠵᠤ ᠬᠢᠨᠠᠭᠴᠢ᠄ ᠬᠠᠷᠠᠭᠳᠠᠨ ᠷ᠂ ᠴᠢᠷᠮᠠᠢᠯᠳᠣ