ᠦᠭᠡ ᠦᠭᠡᠢ ᠬᠠᠢᠷ᠎ᠠ-ᠠᠮᠤᠷᠵᠢᠷᠭᠠᠯҮггүй хайр-Амаржаргал
ᠦᠭᠡ ᠦᠭᠡᠢ ᠬᠠᠢᠷ᠎ᠠ
ᠳᠠᠭᠤᠴᠢᠨ᠄ ᠠᠮᠤᠷᠵᠢᠷᠭᠠᠯ
ᠬᠡᠯᠡᠶ᠎ᠡ ᠭᠡᠪᠡᠴᠦ ᠬᠡᠯᠡᠵᠦ ᠪᠣᠯᠳᠠᠭ ᠦᠭᠡᠢ᠂
ᠬᠡᠨᠵᠡᠬᠡᠨ ᠬᠠᠢᠷ᠎ᠠ ᠭᠡᠵᠦ ᠪᠠᠢᠬᠤ ᠶᠤᠮ ᠠ᠋᠂
ᠬᠥᠮᠦᠨ ᠦ᠌ ᠬᠢ ᠴᠦ᠍ ᠪᠢᠰᠢ ᠮᠢᠨᠦᠬᠢ ᠶᠦᠮ ᠰᠢᠭ ᠠ᠋᠂
ᠬᠦᠰᠡᠯ ᠦ᠋ᠨ ᠳᠠᠭᠢᠨᠢ ᠴᠢ ᠮᠢᠨᠢ ᠠ᠋᠂
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ᠂
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋᠂
ᠥᠭᠭᠦᠶ᠎ᠡ ᠭᠡᠪᠡᠴᠦ ᠥᠭᠴᠦ ᠪᠣᠯᠳᠠᠭ ᠦᠭᠡᠢ᠂
ᠦᠭᠡ ᠦᠭᠡᠢ ᠬᠠᠢᠷ᠎ᠠ ᠭᠡᠵᠦ ᠪᠠᠢᠬᠤ ᠶᠤᠮ ᠠ᠋᠂
ᠥᠷᠥᠭᠡᠯ ᠦ᠋ᠨ ᠬᠢ ᠪᠢᠰᠢ ᠥᠪᠡᠷ ᠦ᠋ᠨ ᠬᠢ ᠶᠦᠮ ᠰᠢᠭ ᠠ᠋᠂
ᠡᠷᠭᠦᠯ ᠦ᠋ᠨ ᠳᠠᠭᠤᠤ ᠴᠢ ᠮᠢᠨᠢ ᠠ᠋᠂
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ᠂
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋᠂
ᠠᠪᠤᠶ᠎ᠠ ᠭᠡᠪᠡᠴᠦ ᠠᠪᠴᠤ ᠪᠣᠯᠳᠠᠭ ᠦᠭᠡᠢ᠂
ᠠᠩᠭᠢᠷ ᠬᠠᠢᠷ᠎ᠠ ᠭᠡᠵᠦ ᠪᠠᠢᠬᠤ ᠶᠤᠮ ᠠ᠋᠂
ᠠᠷᠭᠠᠳᠠᠨ ᠮᠡᠯᠮᠡᠷᠡᠬᠦ ᠨᠢᠯᠪᠤᠰᠤ ᠰᠢᠭ᠋ ᠠ᠋᠂
ᠠᠯᠠᠭ ᠨᠢᠳᠦᠨ ᠴᠢ ᠮᠢᠨᠢ ᠠ᠋᠂
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ᠂
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋᠂
ᠦᠭᠡᠢ ᠭᠡᠵᠦ ᠦᠭᠡᠢᠰᠬᠡᠵᠦ ᠪᠣᠯᠳᠠᠭ ᠦᠭᠡᠢ᠂
ᠦᠢᠯᠡ ᠶ᠋ᠢᠨ ᠦᠷ᠎ᠡ ᠭᠡᠵᠦ ᠪᠠᠢᠬᠤ ᠶᠤᠮ ᠠ᠋᠂
ᠦᠯᠢᠭᠡᠷ ᠪᠢᠰᠢ ᠦᠨᠡᠨ ᠶᠦᠮ ᠰᠢᠭ ᠠ᠋᠂
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠳᠠᠭᠴᠢ᠄ ᠮᠥᠩᠬᠡ ᠭᠠᠯ
ᠬᠢᠨᠠᠭᠴᠢ᠄ ᠣᠳᠬᠠᠨᠰᠤ᠎ᠠ᠂ ᠬᠠᠳᠠᠴᠢ· ᠤᠷᠠᠨ᠎ᠠ᠂ ᠪᠠᠳᠠᠷᠠᠯᠲᠤ᠂ ᠴᠠᠭᠠᠨ᠂ ᠳ᠋ᠠᠰᠢᠨᠢᠮ᠎ᠠ
