ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠬᠣᠶᠠᠳᠤᠭᠠᠷ ᠪᠦᠯᠦᠭ > Хөх судрын залгамж - Инжинаш < Наян хоёрдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠬᠣᠶᠠᠳᠤᠭᠠᠷ ᠪᠦᠯᠦᠭ > Хөх судрын залгамж - Инжинаш < Наян хоёрдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠬᠣᠶᠠᠳᠤᠭᠠᠷ ᠪᠦᠯᠦᠭ > Хөх судрын залгамж - Инжинаш < Наян хоёрдугаар бүлэг >

ᠠᠩᠭᠢᠯᠠᠯ:ᠲᠡᠦᠬᠡ ᠰᠣᠶᠣᠯ
2024-01-27

313


               ᠨᠠᠶᠠᠨ ᠬᠣᠶᠠᠳᠤᠭᠠᠷ ᠪᠦᠯᠦᠭ   
                           ᠤᠯᠠᠭᠠᠨ ᠮᠣᠷᠢᠨ ᠵᠢᠯ ᠡᠴᠡ ᠤᠯᠠᠭᠴᠢᠨ ᠬᠣᠨᠢᠨ ᠵᠢᠯ ᠂ 
                           ᠭᠦᠶᠦᠭ ᠬᠠᠨ ᠤ᠋ ᠠᠩᠬᠠᠳᠤᠭᠠᠷ ᠣᠨ ᠠ᠋ᠴᠠ ᠬᠣᠶᠠᠳᠤᠭᠠᠷ ᠣᠨ ᠃ 
                           ᠬᠥᠶᠦᠭ ᠬᠠᠭᠠᠨ ᠳᠥᠴᠢᠨ ᠨᠢᠭᠡᠨ ᠰᠡᠭᠦᠳᠡᠷ ᠲᠡᠢ 

            ᠰᠢᠳᠤᠷᠭᠤ ᠲᠦᠰᠢᠮᠡᠯ ᠢᠦ ᠰᠢᠶᠠᠨ ᠰᠡᠳᠬᠢᠭᠰᠡᠨ ᠢ᠋ ᠪᠦᠲᠦᠭᠡᠭᠴᠢ ᠰᠦᠮ᠎ᠡ  ᠳ᠋ᠦ᠍ᠷ 
                   ᠳᠠᠬᠢᠨ ᠢᠷᠡᠵᠦ ᠭᠣᠣ ᠶ᠋ᠢᠨ ᠶᠠᠩ ᠨᠠᠷ ᠢ᠋ ᠠᠪᠴᠤ ᠭᠠᠷᠪᠠᠢ 
            ᠰᠢᠷᠡᠭᠡ ᠠᠯᠠᠭᠠᠳᠠᠨ ᠬᠠᠷᠭᠢᠰ ᠠᠪᠲᠤᠯ ᠂ ᡀᠮᠠᠨ ᠢ᠋ ᠴᠠᠪᠴᠢᠭᠤᠯᠵᠤ 
                   ᠬᠥᠶᠦᠭ ᠬᠠᠭᠠᠨ ᠣᠯᠠᠨ  ᠤ᠋ ᠰᠡᠳᠬᠢᠯ ᠢ᠋ ᠠᠪᠤᠪᠠᠢ

       ᠲᠥᠷᠥ ᠶ᠋ᠢᠨ ᠶᠡᠬᠡ ᠶᠠᠪᠤᠳᠠᠯ ᠢ᠋ ᠲᠦᠷ ᠣᠷᠬᠢᠵᠤ᠂ ᠭᠤᠨᠢᠭᠲᠤ ᠬᠥᠪᠡᠭᠦᠨ ᠭᠣᠮᠤᠳᠠᠯᠲᠤ ᠥᠬᠢᠨ ᠦ᠌ ᠲᠤᠬᠠᠢ ᠤᠴᠢᠷ ᠢ᠋ ᠳᠠᠬᠢᠨ ᠡᠭᠡᠭᠦᠯᠦᠨ ᠥᠭᠦᠯᠡᠬᠦ ᠢᠨᠦ᠂ ᠢᠦ ᠰᠢᠶᠠᠨ ᠥᠭᠡᠳᠡᠢ ᠬᠠᠭᠠᠨ ᠤ᠋ ᠵᠠᠷᠯᠢᠭ ᠢ᠋ ᠬᠦᠯᠢᠶᠡᠨ ᠮᠣᠷᠳᠠᠰᠤᠭᠠᠢ ᠭᠡᠮᠡᠨ ᠪᠦᠬᠦᠢ ᠳ᠋ᠦ᠍ᠷ ᠵᠣᠣ ᠢᠦᠢ ᠵᠣ᠌ ᠥᠭᠡᠷ᠎ᠡ ᠬᠥᠮᠦᠨ ᠳ᠋ᠦ᠍ᠷ ᠨᠠᠢᠳᠠᠵᠤ ᠦᠯᠦ ᠪᠣᠯᠬᠤ ᠤᠴᠢᠷ ᠪᠣᠢ ᠲᠤᠯᠠ ᠥᠪᠡᠷ ᠦ᠋ᠨ ᠪᠡᠶ᠎ᠡ ᠪᠡᠷ ᠬᠠᠮᠲᠤ ᠣᠴᠢᠰᠤᠭᠠᠢ ᠬᠡᠮᠡᠭᠰᠡᠨ ᠳ᠋ᠦ᠍ᠷ ᠦᠯᠦ ᠪᠣᠯᠬᠤ ᠤᠴᠢᠷ ᠦᠭᠡᠢ ᠳ᠋ᠦ᠍ᠷ ᠭᠤᠴᠢᠭᠠᠳ ᠰᠠᠢᠨ ᠡᠷᠡᠰ ᠠᠪᠴᠤ ᠱᠠᠨ ᠰᠢ ᠶ᠋ᠢᠨ ᠵᠠᠮ ᠢ ᠪᠠᠷᠢᠵᠤ ᠬᠠᠨ ᠵᠦᠩ ᠦ᠋ᠨ ᠭᠠᠵᠠᠷ ᠢ᠋ ᠵᠣᠷᠢᠪᠠ᠃ ᠵᠠᠮ ᠪᠡᠷᠬᠡ ᠪᠥᠭᠡᠳ ᠠᠢᠯ ᠭᠠᠴᠠᠭ᠎ᠠ ᠴᠥᠭᠡᠨ ᠳ᠋ᠦ᠍ᠷ ᠠᠴᠢᠶ᠎ᠠ ᠬᠥᠰᠬᠡ ᠲᠡᠢ ᠶᠠᠪᠤᠬᠤ ᠲᠤᠯᠠ ᠬᠤᠷᠳᠤᠯᠠᠵᠤ ᠴᠢᠳᠠᠬᠤ ᠦᠭᠡᠢ᠃ ᠵᠠᠮ ᠭᠣᠳᠣᠰ ᠰᠠᠯᠬᠢᠨ ᠪᠣᠷᠣᠭᠠᠨ ᠳ᠋ᠤᠷ ᠶᠠᠳᠠᠷᠠᠵᠤ ᠵᠦᠳᠡᠷᠡᠨ ᠬᠡᠳᠦᠨ ᠰᠠᠷ᠎ᠠ ᠪᠣᠯᠵᠤ ᠰᠠᠶᠢ ᠰᠧᠴᠤᠸᠠᠨ ᠤ᠋ ᠲᠠᠬᠠᠢ ᠵᠠᠩᠵᠤᠨ ᠤ᠋ ᠶᠡᠬᠡ ᠴᠡᠷᠢᠭ ᠦ᠋ᠨ ᠬᠦᠷᠢᠶᠡᠨ ᠳ᠋ᠦ᠍ᠷ ᠬᠦᠷᠴᠦ ᠢᠷᠡᠪᠡ᠃ 
       ᠲᠡᠳᠦᠢ ᠳ᠋ᠦ᠍ᠷ ᠶᠡᠬᠡ ᠵᠠᠩᠵᠤᠨ ᠲᠠᠬᠠᠢ ᠴᠡᠷᠢᠭ ᠠᠪᠴᠤ ᠳᠠᠬᠢᠨ ᠱᠤ᠌ ᠶ᠋ᠢᠨ ᠭᠠᠵᠠᠷ ᠣᠷᠣᠬᠤ ᠪᠠᠷ ᠪᠡᠯᠡᠳᠬᠡᠵᠦ ᠪᠠᠢᠭᠰᠠᠨ ᠲᠤᠯᠠ ᠢᠦ ᠰᠢᠶᠠᠨ᠂ ᠵᠣᠣ ᠢᠦᠢ ᠵᠣ᠌ ᠶ᠋ᠢ ᠶᠡᠬᠡ ᠴᠡᠷᠢᠭ ᠢ᠋ ᠳᠠᠭᠠᠵᠤ ᠶᠠᠪᠤᠭᠲᠤᠨ ᠭᠡᠮᠡᠨ ᠴᠠᠴᠠᠷ ᠲᠤᠷ ᠠᠬᠤᠭᠤᠯᠵᠤ ᠲᠤᠭ ᠬᠡᠢᠰᠬᠡᠨ ᠬᠠᠨ ᠵᠦᠩ ᠡᠴᠡ ᠱᠤ᠌ ᠭᠠᠵᠠᠷ ᠣᠷᠣᠭᠰᠠᠨ ᠳ᠋ᠤᠷ ᠬᠠᠨ ᠵᠦᠩ ᠦ᠋ᠨ ᠬᠢᠯᠢ ᠶ᠋ᠢ ᠰᠠᠬᠢᠭᠰᠠᠨ ᠰᠥᠩ ᠤᠯᠤᠰ ᠤ᠋ᠨ ᡁᠢ ᡁᠢ ᠱᠢ ᠲᠦᠰᠢᠮᠡᠯ ᠳ᠋ᠢᠩ ᠹᠦ ᠦᠬᠦᠨ ᠰᠠᠬᠢᠰᠤᠭᠠᠢ ᠭᠡᠮᠡᠨ ᠲᠠᠩᠭᠠᠷᠢᠭᠯᠠᠨ ᠡᠬᠡᠨᠡᠷ ᠬᠡᠦᠬᠡᠳ ᠢ᠋ᠶ᠋ᠡᠨ ᠡᠮᠦᠨᠡᠰᠢ ᠪᠤᠴᠠᠭᠠᠨ ᠪᠡᠶ᠎ᠡ ᠪᠡᠷ ᠲᠡᠷᠢᠭᠦᠯᠡᠨ ᠬᠣᠲᠠᠨ ᠤ᠋ ᠬᠠᠢᠰᠠᠩ ᠢ᠋ ᠰᠠᠬᠢᠵᠤ ᠮᠣᠩᠭᠣᠯ ᠤ᠋ᠨ ᠴᠡᠷᠢᠭ ᠢ᠋ ᠬᠦᠯᠢᠶᠡᠮᠦᠢ᠃ ᠶᠡᠬᠡ ᠵᠠᠩᠵᠤᠨ ᠲᠠᠬᠠᠢ ᠰᠢᠨ᠎ᠡ ᠬᠤᠳᠳᠤᠭ ( ᠰᠢᠨ ᠵᠢᠩ ) ᠦ᠋ᠨ ᠵᠠᠮ ᠢ᠋ᠶ᠋ᠠᠷ ᠴᠡᠷᠢᠭ ᠣᠷᠣᠵᠤ ᠠᠭᠠᠳ ᠭᠡᠨᠡᠳᠲᠡ ᠵᠠᠷᠯᠢᠭ ᠥᠭᠴᠦ ᠮᠣᠩᠭᠣᠯ ᠤ᠋ᠨ ᠲᠤᠭ ᠲᠡᠮᠳᠡᠭ ᠢ ᠬᠤᠷᠢᠶᠠᠯᠭᠠᠨ ᠴᠥᠮ ᠰᠥᠩ ᠤᠯᠤᠰ ᠤ᠋ᠨ ᠲᠤᠭ ᠲᠡᠮᠳᠡᠭ ᠢ᠋ ᠪᠠᠷᠢᠭᠤᠯᠪᠠ᠃ ᠲᠡᠢᠨ ᠬᠦ᠌ ᠬᠣᠷᠣᠮᠬᠠᠨ ᠵᠠᠭᠤᠷ᠎ᠠ ᠴᠥᠮ ᠰᠥᠩ ᠤᠯᠤᠰ ᠤ᠋ᠨ ᠴᠡᠷᠢᠭ ᠪᠣᠯᠵᠤ ᠬᠤᠪᠢᠷᠠᠪᠠᠢ᠃ ᠵᠣᠣ ᠢᠦᠢ ᠵᠣ᠌ ᠤᠴᠢᠷ ᠢ᠋ ᠮᠡᠳᠡᠬᠦ ᠦᠭᠡᠢ ᠶᠡᠬᠡᠯ᠎ᠡ ᠭᠡᠯᠮᠡᠭᠳᠡᠵᠦ ᠴᠢᠷᠠᠢ  ᠶ᠋ᠢᠨ ᠥᠩᠭᠡ ᠰᠢᠷᠣᠢ ᠮᠡᠲᠦ ᠪᠣᠯᠵᠤ ᠤᠷᠪᠠᠭᠰᠠᠨ ᠴᠡᠷᠢᠭ ᠲᠦ᠍ᠷ ᠬᠠᠮᠤᠭᠳᠠᠪᠠ ᠭᠡᠮᠡᠨ ᠠᠶᠤᠨ ᠰᠠᠨᠳᠤᠷᠴᠤ ᠢᠦ ᠰᠢᠶᠠᠨ ᠢ᠋ ᠬᠠᠷᠠᠪᠠᠰᠤ ᠬᠠᠷᠢᠨ ᠠᠵᠢᠭ ᠦᠭᠡᠢ ᠶᠠᠪᠤᠬᠤ ᠲᠤᠯᠠ ᠮᠥᠨ ᠤᠷᠪᠠᠭᠰᠠᠳ ᠤ᠋ᠨ ᠨᠠᠮ ᠪᠣᠢ ‍ᠶ᠎ᠠ ᠭᠡᠮᠡᠨ ᠪᠣᠳᠣᠵᠤ ᠦᠨᠡᠬᠡᠷ ᠲᠡᠢᠮᠦ ᠪᠥᠭᠡᠰᠦ ᠵᠣᠣ ᠢᠦᠢ ᠵᠣ᠌ ᠶ᠋ᠢ ᠪᠠᠷᠢᠵᠤ ᠯᠢᠨ ᠠᠨ ᠳ᠋ᠤᠷ ᠬᠦᠷᠭᠡᠪᠡᠰᠦ ᠲᠡᠷᠢᠭᠦᠨ ᠭᠠᠪᠢᠶ᠎ᠠ ᠪᠣᠯᠬᠤ ᠲᠤᠯᠠ ᠡᠰᠡ ᠪᠣᠳᠣᠪᠠᠰᠤ ᠭᠡᠮᠰᠢᠯ ᠪᠣᠯᠤᠮᠤᠢ ᠭᠡᠮᠡᠨ ᠵᠠᠪ ᠴᠢᠯᠥᠭᠡ ᠶ᠋ᠢ ᠦᠵᠡᠵᠦ ᠳᠤᠲᠠᠭᠠᠰᠤᠭᠠᠢ ᠬᠡᠮᠡᠵᠦ ᠠᠲᠠᠯ᠎ᠠ ᠵᠠᠩᠵᠤᠨ ᠤ᠋ ᠵᠠᠷᠯᠢᠭ ᠢ᠋ᠶ᠋ᠠᠷ ᠢᠦ ᠰᠢᠶᠠᠨ᠂ ᠵᠣᠣ ᠢᠦᠢ ᠵᠣ᠌ ᠨᠠᠷ ᠢ᠋ ᠵᠠᠩᠵᠤᠨ ᠤ᠋ ᠴᠠᠴᠠᠷ ᠤ᠋ᠨ ᠪᠢᠴᠢᠭ ᠦ᠋ᠨ ᠲᠦᠰᠢᠮᠡᠳ ᠯᠦ᠍ᠭᠡ ᠬᠠᠢᠭᠤᠯ ᠤ᠋ᠨ ᠬᠠᠮᠲᠤ ᠠᠯᠠᠭᠤᠷ ᠶᠠᠪᠤ ᠃ ᠡᠮᠦᠨ᠎ᠡ ᠴᠡᠷᠢᠭ ᠨᠢᠭᠡᠨᠲᠡ ᠪᠠᠢᠯᠳᠤᠬᠤ ᠪᠠᠷ ᠪᠡᠯᠡᠳᠬᠡᠯ ᠬᠢᠵᠦ ᠪᠣᠢ ᠬᠡᠮᠡᠭᠰᠡᠨ ᠳ᠋ᠦ᠍ᠷ ᠰᠠᠶᠢ ᠠᠷᠭ᠎ᠠ ᠬᠡᠷᠡᠭᠯᠡᠪᠡ ᠭᠡᠮᠡᠨ ᠮᠡᠳᠡᠪᠡ᠃ 
       ᠰᠥᠩ ᠤᠯᠤᠰ ᠤ᠋ᠨ ᡁᠢ ᡁᠢ ᠱᠢ ᠲᠦᠰᠢᠮᠡᠯ ᠳ᠋ᠢᠩ ᠹᠦ ᠲᠠᠬᠠᠢ ᠵᠠᠩᠵᠤᠨ ᠤ᠋ ᠴᠡᠷᠢᠭ ᠢ᠋ ᠦᠵᠡᠭᠡᠳ ᠦᠨᠡᠬᠡᠷ ᠰᠥᠩ ᠤᠯᠤᠰ ᠤ᠋ᠨ ᠰᠠᠷᠨᠢᠭᠰᠠᠨ ᠴᠡᠷᠢᠭ ᠭᠡᠮᠡᠨ ᠦᠨᠡᠮᠰᠢᠭᠡᠳ ᠬᠣᠲᠠ ᠰᠠᠬᠢᠬᠤ ᠳ᠋ᠤᠷ ᠲᠤᠰᠠᠯᠠᠮᠵᠢ ᠪᠣᠯᠭᠠᠰᠤᠭᠠᠢ ᠭᠡᠮᠡᠨ ᠬᠥᠮᠦᠨ ᠶᠠᠪᠤᠭᠤᠯᠵᠤ ᠳᠠᠭᠤᠳᠠᠨ ᠠᠪᠴᠤ ᠢᠷᠡᠭᠡᠳ ᠣᠢᠷᠠᠲᠤᠭᠰᠠᠨ ᠳ᠋ᠤᠷ ᠰᠠᠶᠢ ᠮᠡᠬᠡᠯᠡᠭᠳᠡᠪᠡ ᠭᠡᠮᠡᠨ ᠮᠡᠳᠡᠵᠦ ᠠᠷᠠᠢ ᠭᠡᠮᠡᠨ ᠡᠮᠦᠨᠡᠲᠦ ᠬᠠᠭᠠᠯᠭ᠎ᠠ ᠪᠠᠷ ᠭᠠᠷᠴᠤ ᠶᠠᠪᠤᠭᠠᠳ ᠮᠠᠰᠢ ᠭᠣᠮᠣᠳᠠᠵᠤ ᠰᠢ ᠰᠦᠨ ᠵᠢᠶᠧ ᠬᠡᠮᠡᠬᠦ ᠭᠠᠵᠠᠷ ᠬᠦᠷᠦᠭᠡᠳ ᠮᠣᠩᠭᠣᠯᠴᠤᠳ ᠲᠠᠢ ᠡᠷᠡᠭᠴᠢᠨ ᠡᠮᠡᠭᠴᠢᠨ ᠢ᠋ ᠢᠯᠭᠠᠰᠤᠭᠠᠢ ᠭᠡᠮᠡᠨ ᠵᠢᠭᠰᠠᠭᠠᠨ ᠬᠦᠯᠢᠶᠡᠪᠡ᠃ ᠤᠳᠠᠭᠰᠠᠨ ᠦᠭᠡᠢ ᠲᠠᠬᠠᠢ ᠵᠠᠩᠵᠤᠨ ᠬᠦᠷᠦᠯᠴᠡᠨ ᠢᠷᠡᠵᠦ ᠠᠷᠤ ᠲᠠᠯ᠎ᠠ ᠶ᠋ᠢᠨ ᠴᠡᠷᠢᠭ ᠢ᠋ᠶ᠋ᠡᠨ ᠳᠠᠯᠠᠯᠤᠨ ᠳᠠᠭᠠᠷᠢᠨ ᠣᠷᠣᠭᠰᠠᠨ ᠳ᠋ᠤᠷ ᠳ᠋ᠢᠩ ᠹᠦ ᠢᠯᠳᠦ ᠳᠠᠯᠠᠢᠨ ᠤᠭᠲᠤᠵᠤ ᠠᠪᠤᠭᠠᠳ ᠭᠠᠭᠴᠠ ᠤᠳᠠᠭᠠᠨ ᠳ᠋ᠤᠷ ᠲᠠᠬᠠᠢ ᠵᠠᠩᠵᠤᠨ ᠳ᠋ᠤᠷ ᠵᠢᠳᠠᠯᠠᠭᠳᠠᠪᠠ᠃ ᠣᠯᠠᠨ ᠴᠡᠷᠢᠭ ᠢ᠋ ᠪᠤᠷᠤᠭᠤᠯᠠᠪᠠᠰᠤ ᠬᠢᠳᠤᠮᠤᠢ ᠭᠡᠮᠡᠨ ᠰᠦᠷᠳᠡᠭᠦᠯᠵᠦ ᠣᠷᠣᠭᠤᠯᠵᠤ ᠠᠪᠤᠭᠠᠳ ᠳᠡᠢᠯᠦᠭᠰᠡᠨ ᠴᠡᠷᠢᠭ ᠢ᠋ᠶ᠋ᠡᠨ ᠠᠪᠴᠤ ᠬᠠᠨ ᠂ ᠵᠢᠶᠠᠩ ᠂ ᠵᠢᠶᠠ ᠂ ᠮᠢᠢ ᠂ ᠯᠠᠩ ᠂ ᠹᠧᠩ ᠵᠡᠷᠭᠡ ᠵᠧᠦ ᠶ᠋ᠢ ᠳᠠᠭᠠᠷᠢᠨ ᠡᠵᠡᠯᠡᠵᠦ ᠴᠥᠩ ᠴᠢᠩ ᠂ ᠱᠦᠨ ᠲᠢᠶᠠᠨ ᠹᠦ ᠵᠡᠷᠭᠡ ᠣᠯᠠᠨ ᠶᠡᠬᠡ ᠬᠣᠲᠠ ᠪᠠᠯᠭᠠᠰᠤᠨ ᠢ᠋ ᠡᠪᠳᠡᠵᠦ ᠴᠢᠨᠠᠭᠰᠢᠳᠠ ᠴᠧᠩ ᠳᠦ ᠬᠦᠷᠴᠦᠬᠦᠢ᠃ ᠲᠡᠨᠳᠡ ᠡᠴᠡ ᠳᠠᠬᠢᠨ ᠵᠡᠭᠦᠨᠰᠢᠯᠡᠵᠦ ᠱᠤ᠌ ᠶ᠋ᠢᠨ ᠠᠮᠠ ᠪᠠᠷ ᠭᠠᠷᠴᠤ ᠵᠠᠮ ᠳᠠᠭᠠᠤ ᠵᠧᠦ ᠵᠢᠶᠦ᠋ᠨ ᠢ ᠬᠢᠳᠤᠵᠤ ᠶᠠᠪᠤᠮᠤᠢ᠃ ᠡᠨᠡᠬᠦ ᠮᠡᠳᠡᠭᠡ ᠶ᠋ᠢ ᠰᠥᠩ ᠦ᠋ᠨ ᠶᠡᠬᠡ ᠵᠠᠩᠵᠤᠨ ᠮᠧᠩ ᠬᠦᠩ ᠮᠡᠳᠡᠭᠡᠳ ᠮᠣᠩᠭᠣᠯᠴᠤᠳ ᠬᠤ᠌ ᠨᠠᠨ ᠳ᠋ᠤᠷ ᠣᠷᠣᠬᠤ ᠮᠠᠭᠠᠳ ᠭᠡᠮᠡᠨ ᠪᠣᠳᠣᠵᠤ ᠳᠡᠭᠦᠦ ᠮᠧᠩ ᠢᠩ ᠳ᠋ᠦ᠍ᠷ ᠲᠠᠪᠤᠨ ᠮᠢᠩᠭᠠᠨ ᠴᠡᠷᠢᠭ ᠥᠭᠴᠦ ᠰᠥᠩ ᠽᠢ ᠶ᠋ᠢᠨ ᠵᠠᠮ ᠢ᠋ ᠰᠠᠬᠢᠭᠤᠯᠵᠤ ᠺᠤᠢ ᠵᠧᠦ ᠳ᠋ᠦ᠍ᠷ ᠨᠡᠮᠡᠭᠦᠷᠢ ᠪᠣᠯᠲᠤᠭᠠᠢ ᠭᠡᠮᠡᠨ ᠪᠠᠰᠠ ᠺᠤᠢ ᠵᠧᠦ ᠶ᠋ᠢᠨ ᠬᠠᠪᠴᠢᠯ ᠸᠠᠨ ᠬᠤ᠌ ᠬᠦ ᠶ᠋ᠢ ᠰᠠᠬᠢ ᠭᠡᠮᠡᠨ ᠮᠢᠩᠭᠠᠨ ᠴᠡᠷᠢᠭ ᠥᠭᠴᠦ ᠶᠠᠪᠤᠭᠤᠯᠤᠭᠠᠳ ᠡᠯᠴᠢ ᠶᠠᠪᠤᠭᠤᠯᠵᠤ ᠽᠢ ᠵᠧᠦ ᠶ᠋ᠢ ᠴᠢᠩᠳᠠᠯᠠᠭᠤᠯᠪᠠ᠃ ᠭᠡᠲᠡᠯ᠎ᠡ ᠶᠡᠬᠡ ᠵᠠᠩᠵᠤᠨ ᠲᠠᠬᠠᠢ ᠮᠧᠩ ᠬᠦᠩ ᠦ᠋ᠨ ᠰᠠᠨᠠᠭᠠᠨ ᠳ᠋ᠤᠷ ᠦᠭᠡᠢ ᠪᠡᠷ ᠭᠡᠨᠡᠳᠲᠡ ᠵᠡᠭᠦᠨᠰᠢ ᠬᠠᠨ ᠰᠦᠢ ᠮᠥᠷᠡᠨ ᠢ᠋ ᠭᠡᠲᠦᠯᠵᠦ ᠸᠠᠨ ᠬᠤ᠌ ᠨᠠᠭᠤᠷ ᠢ᠋ ᠳᠤᠭᠤᠢᠯᠠᠵᠤ ᠰᠢ ᠵᠧᠦ ᠂ ᠭᠦ᠍ᠢ ᠵᠣ᠌ ᠶ᠋ᠢ ᠰᠦᠷᠳᠡᠭᠦᠯᠦᠭᠰᠡᠨ ᠳ᠋ᠦ᠍ᠷ ᠱᠠᠨ ᠵᠧᠦ ᠶ᠋ᠢ ᠰᠠᠬᠢᠭᠰᠠᠨ ᠮᠧᠩ ᠵᠢᠩ ᠂ ᠮᠧᠩ ᠬᠦᠩ ᠦ᠋ᠨ ᠠᠬ᠎ᠠ ᠪᠤᠶᠤ᠃ ᠴᠡᠷᠢᠭ ᠠᠪᠴᠤ ᠮᠣᠩᠭᠣᠯ ᠤ᠋ᠨ ᠵᠠᠮ ᠢ᠋ ᠪᠦᠭᠭᠦᠯᠡᠵᠦ ᠭᠦ᠍ᠢ ᠵᠧᠦ ᠶ᠋ᠢᠨ ᠳᠡ ᠶᠠᠨ ᠽᠠᠢ ᠴᠠᠢᠵᠠ ᠶ᠋ᠢ ᠰᠠᠬᠢᠪᠠ᠃ 
       ᠬᠠᠪᠤᠷ ᠬᠦᠷᠴᠦ ᠢᠷᠡᠭᠰᠡᠨ ᠲᠤᠯᠠ ᠲᠠᠬᠠᠢ ᠵᠠᠩᠵᠤᠨ ᠪᠠᠢᠯᠳᠤᠬᠤ ᠰᠠᠨᠠᠭ᠎ᠠ ᠦᠭᠡᠢ ᠰᠢᠭᠤᠳ ᠪᠠ ᠳ᠋ᠦᠩ ᠦ᠋ᠨ ᠭᠠᠵᠠᠷ ᠣᠷᠣᠵᠤ ᠰᠢᠶᠠᠩ ᠶᠠᠩ ᠂ ᠹᠠᠨ ᠴᠧᠩ ᠂ ᠰᠢᠨ ᠶᠠᠩ ᠂ ᠰᠦᠢ ᠵᠧᠦ ᠵᠡᠷᠭᠡ ᠭᠠᠵᠠᠷ  ᠢ᠋ᠶ᠋ᠠᠷ ᠴᠡᠷᠢᠭ  ᠢ᠋ᠶ᠋ᠡᠨ ᠠᠮᠤᠷᠠᠭᠤᠯᠵᠤ ᠰᠠᠷᠨᠢᠭᠰᠠᠨ ᠠᠷᠠᠳ ᠢ᠋ ᠴᠤᠭᠯᠠᠭᠤᠯᠤᠨ ᠲᠠᠷᠢᠶ᠎ᠠ ᠲᠠᠷᠢᠭᠤᠯᠵᠤ ᠪᠠᠰᠠ ᠵᠧᠩ ᠵᠧᠦ ᠶ᠋ᠢᠨ ᠰᠢᠨ ᠶᠠᠩ ᠤ᠋ᠨ ᠭᠠᠵᠠᠷ ᠣᠩᠭᠣᠴᠠ ᠰᠠᠯ ᠦᠢᠯᠡᠳᠦᠭᠦᠯᠵᠦ ᠶᠡᠬᠡ ᠬᠡᠮᠵᠢᠶ᠎ᠡ ᠪᠡᠷ ᠡᠮᠦᠨᠡᠰᠢ ᠣᠷᠣᠬᠤ ᠪᠠᠷ ᠰᠦᠷ ᠲᠠᠯᠪᠢᠪᠠ᠃ 
       ᠢᠦ ᠰᠢᠶᠠᠨ ᠂ ᠵᠣᠣ ᠢᠦᠢ ᠵᠣ᠌ ᠬᠣᠶᠠᠭᠤᠯᠠ ᠵᠠᠩᠵᠤᠨ ᠤ᠋ ᠴᠠᠴᠠᠷ ᠤ᠋ᠨ ᠣᠯᠠᠨ ᠢ᠋ ᠳᠠᠭᠠᠵᠤ ᠲᠡᠢᠨ ᠪᠠᠢᠯᠳᠤᠭᠠᠨ ᠦᠷᠭᠦᠯᠵᠢᠯᠡᠭᠰᠡᠭᠡᠷ ᠲᠤᠯᠠ ᠰᠡᠳᠬᠢᠭᠰᠡᠨ ᠢ᠋ ᠪᠦᠲᠦᠭᠡᠭᠴᠢ ᠰᠦᠮ᠎ᠡ ᠬᠡᠳᠦᠢ ᠪᠡᠷ ᠣᠢᠷ᠎ᠠ ᠪᠣᠢ ᠪᠣᠯᠪᠠᠴᠤ ᠭᠣᠣ ᠶ᠋ᠢᠨ ᠶᠠᠩ ᠨᠠᠷ ᠢ᠋ ᠠᠪᠤᠷ᠎ᠠ ᠣᠴᠢᠬᠤ ᠲᠤᠬᠠᠢ ᠳᠤᠷᠠᠳᠤᠭᠰᠠᠨ ᠦᠭᠡᠢ᠃ ᠡᠳᠦᠭᠡ ᠶᠡᠬᠡ ᠴᠡᠷᠢᠭ ᠠᠮᠤᠷᠠᠵᠤ ᠪᠣᠢ ᠲᠤᠯᠠ ᠢᠦ ᠰᠢᠶᠠᠨ ᠰᠠᠶᠢ ᠲᠠᠬᠠᠢ ᠵᠠᠩᠵᠤᠨ ᠲᠠᠢ ᠵᠥᠪᠳᠡᠬᠦᠢ ᠳ᠋ᠦ᠍ᠷ ᠲᠠᠬᠠᠢ ᠵᠠᠩᠵᠤᠨ ᠢᠨᠢᠶᠡᠨ ᠢᠦ ᠰᠢᠶᠠᠨ ᠤ᠋ ᠴᠢᠬᠢᠨ ᠳ᠋ᠦ᠍ᠷ ᠬᠡᠳᠦᠨ ᠦᠭᠡ ᠰᠤᠷᠭᠠᠭᠰᠠᠨ ᠳ᠋ᠤᠷ ᠢᠦ ᠰᠢᠶᠠᠨ ᠲᠣᠯᠣᠭᠠᠢ ᠳᠣᠬᠢᠵᠤ ᠮᠥᠨ ᠭᠡᠮᠡᠨ ᠪᠠᠶᠠᠷᠯᠠᠪᠠ᠃ 
       ᠥᠭᠦᠯᠡᠬᠦ ᠢᠨᠤ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠰᠠᠭᠤᠬᠤ ᠵᠢᠶᠧ ᠹᠧᠢ᠂ ᠭᠣᠣ ᠹᠦ ᠷᠸᠨ᠂ ᠵᠸᠨ ᠪᠦᠸᠧ ᠨᠠᠷ ᠢᠦ ᠰᠢᠶᠠᠨ᠂ ᠵᠣᠣ ᠢᠦᠢ ᠵᠣ᠌ ᠶ᠋ᠢ ᠶᠠᠪᠤᠭᠤᠯᠤᠭᠰᠠᠨ ᠠ᠋ᠴᠠ ᠡᠳᠦᠷ ᠪᠦᠷᠢ ᠠᠷᠤ ᠶ᠋ᠢᠨ ᠴᠢᠮᠡᠭᠡ ᠶ᠋ᠢ ᠠᠪᠤᠭᠤᠯᠤᠮᠤᠢ ᠃ ᠬᠡᠯᠡᠬᠦ ᠢᠨᠦ ᠮᠣᠩᠭᠣᠯ ᠴᠡᠷᠢᠭ ᠰᠧᠴᠤᠸᠠᠨ ᠢ ᠴᠣᠬᠢᠨ ᠰᠥᠩ ᠦ᠋ᠨ ᠴᠡᠷᠢᠭ ᠢ᠋ ᠳᠡᠢᠯᠦᠭᠡᠳ ᠱᠤ᠌ ᠶ᠋ᠢᠨ ᠠᠮᠠ ᠪᠠᠷ ᠭᠠᠷᠴᠤ ᠣᠳᠪᠠ ᠭᠡᠮᠡᠨ ᠪᠠᠰᠠ ᠲᠡᠨᠳᠡ ᠡᠴᠡ ᠮᠥᠷᠡᠨ ᠢ᠋ ᠭᠡᠲᠦᠯᠵᠦ ᠴᠦᠩᠴᠢᠩ ᠂ ᠬᠠᠨ ᠺᠧᠦ ᠵᠡᠷᠭᠡ ᠴᠢᠬᠤᠯᠠ ᠬᠣᠲᠠ ᠪᠠᠯᠭᠠᠰᠤᠨ ᠢ᠋ ᠡᠵᠡᠯᠡᠨ ᠶᠠᠪᠤᠮᠤᠢ ᠬᠡᠮᠡᠯᠳᠦᠮᠦᠢ᠃ ᠬᠣᠯᠠ ᠶ᠋ᠢᠨ ᠮᠡᠳᠡᠭᠡ ᠲᠤᠯᠠ ᠦᠨᠡᠨ ᠬᠤᠳᠠᠯ ᠢ᠋ ᠣᠯᠬᠤ ᠦᠭᠡᠢ᠂ ᠲᠡᠢᠨ ᠪᠠᠢᠯᠳᠤᠭᠠᠨ ᠤ᠋ ᠰᠠᠮᠠᠭᠤᠨ ᠴᠠᠭ ᠲᠤᠯᠠ ᠬᠡᠳᠦᠨ ᠡᠮᠡᠭᠲᠡᠢ ᠬᠡᠷᠬᠢᠨ ᠨᠠᠰᠢ ᠴᠠᠰᠢ ᠶᠠᠪᠤᠵᠤ ᠪᠣᠯᠬᠤ ᠠᠵᠢ᠃ ᠭᠠᠨᠴᠠᠬᠦ ᠢᠦ ᠰᠢᠶᠠᠨ ᠂ ᠵᠣᠣ ᠢᠦᠢ ᠵᠣ᠌ ᠶ᠋ᠢᠨ ᠬᠦᠷᠴᠦ ᠢᠷᠡᠬᠦ ᠶ᠋ᠢ ᠦᠭᠦᠯᠡᠯᠳᠦᠵᠦ ᠰᠠᠭᠤᠬᠤ ᠪᠣᠯᠠᠢ᠃ ᠭᠣᠣ ᠶ᠋ᠢᠨ ᠶᠠᠩ ᠂ ᠵᠣᠣ ᠢᠦᠢ ᠵᠢᠩ ᠬᠣᠶᠠᠭᠤᠯᠠ ᠵᠣᠣ ᠢᠦᠢ ᠵᠣ᠌ ᠶ᠋ᠢ ᠶᠠᠪᠤᠭᠰᠠᠨ ᠠ᠋ᠴᠠ ᠨᠠᠰᠢ ᠬᠤᠷᠤᠭᠤ ᠳᠠᠷᠤᠵᠤ ᠣᠳᠣ ᠬᠠᠮᠢᠭ᠎ᠠ ᠬᠦᠷᠴᠦ ᠶᠠᠪᠤᠭ᠎ᠠ ᠪᠠ ᠬᠡᠵᠢᠶ᠎ᠡ ᠪᠤᠴᠠᠵᠤ ᠶᠠᠪᠤᠬᠤ ᠵᠡᠷᠭᠡ ᠶ᠋ᠢ ᠲᠣᠭᠠᠯᠠᠨ ᠡᠳᠦᠷ ᠰᠠᠷ᠎ᠠ ᠶ᠋ᠢ ᠥᠩᠭᠡᠷᠡᠭᠡᠬᠦ ᠪᠣᠯᠠᠢ᠃ 
       ᠨᠢᠭᠡᠨ ᠡᠳᠦᠷ ᠦ᠋ᠨ ᠥᠷᠯᠥᠭᠡ ᠭᠣᠣ ᠶ᠋ᠢᠨ ᠶᠠᠩ ᠨᠣᠢᠷ ᠠ᠋ᠴᠠ ᠰᠡᠷᠢᠭᠡᠳ ᠬᠠᠪᠤᠷ ᠤ᠋ᠨ ᠪᠠᠰᠠ ᠨᠢᠭᠡᠨ ᠲᠤᠩᠭᠠᠯᠠᠭ ᠡᠳᠦᠷ ᠢ᠋ ᠬᠡᠷᠬᠢᠨ ᠥᠩᠭᠡᠷᠡᠭᠡᠬᠦ ᠠᠵᠢ ᠭᠡᠮᠡᠨ ᠥᠴᠦᠬᠡᠨ ᠰᠤᠨᠢᠶᠠᠵᠤ ᠠᠮᠠᠨ ᠤ᠋ ᠠᠶ᠎ᠠ ᠪᠠᠷ ᠤᠩᠰᠢᠷᠤᠨ ᠄ 
       ᠬᠠᠪᠤᠷ ᠤ᠋ᠨ ᠨᠣᠢᠷ ᠦᠯᠡᠮᠵᠢ ᠳ᠋ᠦ᠍ᠷ ᠬᠣᠷᠣᠮᠬᠠᠨ ᠬᠡᠬᠡᠷᠡᠪᠡᠢ 
       ᠬᠠ ᠪᠣᠯᠭᠠᠨ ᠦᠷ ᠦ᠋ᠨ ᠰᠢᠪᠠᠭᠤᠨ ᠳᠣᠩᠭᠣᠳᠤᠷᠤᠨ 
       ᠬᠠᠭᠠᠰ ᠰᠥᠨᠢ ᠪᠣᠷᠣᠭᠠᠨ ᠰᠠᠯᠬᠢᠨ ᠤ᠋ ᠴᠢᠮᠡᠭᠡ ᠰᠣᠨᠣᠰᠳᠠᠪᠠᠢ 
       ᠬᠠᠰᠢᠶᠠᠨ ᠤ᠋ ᠴᠡᠴᠡᠭ ᠪᠠᠰᠠ ᠬᠡᠳᠦᠢ ᠵᠤᠯᠭᠠᠷᠠᠵᠢᠮ᠎ᠠ ? ᠭᠡᠮᠡᠨ ᠪᠡᠶ᠎ᠡ ᠤᠷᠪᠠᠵᠤ ᠳᠣᠲᠣᠭᠰᠢ ᠬᠠᠨᠳᠤᠵᠤ ᠬᠡᠪᠲᠡᠪᠡᠰᠦ ᠵᠣᠣ ᠢᠦᠢ ᠵᠢᠩ ᠬᠡᠳᠦᠢᠨᠡᠢ ᠪᠣᠰᠤᠭᠰᠠᠨ ᠲᠤᠯᠠ ᠄ ᠰᠢᠯᠦᠭᠴᠢᠨ ᠠᠪᠤᠭᠠᠢ ᠣᠳᠣ ᠪᠣᠰᠬᠤ ᠴᠠᠭ ᠪᠣᠯᠪᠠ  》 ᠭᠡᠮᠡᠨ ᠲᠠᠲᠠᠵᠤ ᠪᠣᠰᠬᠠᠨ ᠥᠬᠢᠳ ᠨᠢᠭᠡᠨᠲᠡ ᠨᠢᠭᠤᠷ ᠤ᠋ᠨ ᠤᠰᠤ ᠪᠡᠯᠡᠳᠬᠡᠭᠰᠡᠨ ᠲᠤᠯᠠ ᠬᠠᠰᠢ ᠶᠠᠰᠢ ᠤᠬᠢᠶᠠᠨ ᠰᠠᠮᠨᠠᠭᠠᠳ ᠬᠣᠶᠠᠭᠤᠯᠠ ᠰᠦᠮ᠎ᠡ ᠶ᠋ᠢᠨ ᠬᠦᠷᠢᠶᠡᠨ ᠳ᠋ᠦ᠍ᠷ ᠣᠷᠣᠵᠤ ᠬᠥᠭᠰᠢᠨ ᠨᠠᠷᠠᠰᠤ ᠶ᠋ᠢᠨ ᠳᠡᠷᠭᠡᠳᠡ ᠵᠣᠭᠰᠣᠵᠤ ᠠᠭᠤᠯᠠ ᠶ᠋ᠢᠨ ᠠᠭᠤᠢ ᠶ᠋ᠢᠨ ᠨᠠᠮ ᠰᠡᠯᠡᠭᠦᠬᠡᠨ ᠳ᠋ᠦ᠍ᠷ ᠣᠷᠣᠵᠤ ᠡᠭᠡᠬᠦ ᠪᠡᠨ ᠤᠮᠠᠷᠲᠠᠵᠤ ᠪᠦᠬᠦᠢ ᠳ᠋ᠦ᠍ᠷ ᠠᠷᠤ ᠠᠭᠤᠯᠠ ᠠ᠋ᠴᠠ ᠰᠢᠷᠢᠳᠡᠭ ᠴᠢᠨᠡᠭᠡᠨ ᠬᠠᠷ᠎ᠠ ᠡᠭᠦᠯᠡ ᠬᠤᠢᠯᠠᠷᠠᠨ ᠡᠷᠭᠢᠯᠳᠦᠵᠦ ᠥᠷᠥᠨ᠎ᠡ ᠰᠠᠯᠬᠢᠨ ᠴᠢᠭᠢᠭ ᠦ᠋ᠨ ᠦᠨᠦᠷ ᠠᠪᠴᠤ ᠢᠷᠡᠨ ᠬᠣᠷᠣᠮᠬᠠᠨ ᠵᠠᠭᠤᠷ᠎ᠠ ᠠᠵᠢᠷᠭᠠᠨ ᠬᠤᠷ᠎ᠠ ᠪᠠᠭᠤᠵᠤ ᠪᠣᠷᠣᠭᠠᠯᠠᠬᠤ ᠴᠢᠮᠡᠭᠡ ᠬᠥᠭᠰᠢᠨ ᠨᠠᠷᠠᠰᠤ ᠶ᠋ᠢᠨ ᠱᠤᠤᠭᠢᠬᠤ ᠳᠠᠭᠤᠨ ᠯᠤᠭ᠎ᠠ ᠨᠡᠢᠯᠡᠨ ᠬᠥᠮᠦᠰ ᠲᠣᠷ ᠶᠠᠭᠠᠬᠢᠶ᠎ᠠ ᠰᠧ ! ᠬᠡᠮᠡᠬᠦ ᠤᠢᠳᠬᠠᠷ ᠳᠦᠷᠦᠭᠦᠯᠦᠮᠦᠢ᠃ ᠵᠢᠶᠧ ᠹᠧᠢ ᠂ ᠵᠸᠨ ᠪᠦᠸᠧ ᠂ ᠭᠣᠣ ᠹᠦ ᠷᠸᠨ ᠨᠠᠷ ᠥᠬᠢᠳ  ᠢ᠋ᠶ᠋ᠡᠷ ᠰᠢᠭᠦᠷ ᠪᠠᠷᠢᠭᠤᠯᠵᠤ ᠬᠥᠭᠰᠢᠨ ᠪᠣᠮᠪᠣ ᠶ᠋ᠢᠨ ᠳ᠋ᠦ᠍ᠷ ᠴᠠᠢ ᠤᠤᠭᠤᠷ᠎ᠠ ᠣᠴᠢᠵᠤ ᠪᠤᠷᠬᠠᠨ ᠤ᠋ ᠮᠥᠷ ᠦ᠋ᠨ ᠦᠯᠢᠭᠡᠷ ᠲᠣᠭᠣᠵᠢ ᠶ᠋ᠢ ᠰᠣᠨᠣᠰᠴᠤ ᠬᠠᠪᠤᠷ ᠤ᠋ᠨ ᠡᠳᠦᠷ ᠦ᠋ᠨ ᠤᠢᠳᠬᠠᠷ ᠢ᠋ᠶ᠋ᠠᠨ ᠰᠡᠷᠭᠦᠭᠡᠮᠦᠢ᠃ ᠾᠦᠢ ᠡᠯ ᠬᠢᠭᠡᠳ ᠥᠬᠢᠳ ᠴᠠᠢ ᠤᠰᠤ ᠳ᠋ᠤᠷ ᠵᠠᠷᠤᠭᠳᠠᠵᠤ ᠭᠠᠷᠴᠤ ᠢᠷᠡᠬᠦ ᠴᠢᠯᠥᠭᠡ ᠦᠭᠡᠢ᠃ ᠲᠡᠢᠨ ᠬᠦ᠌ ᠡᠢᠮᠦ ᠶᠡᠬᠡ ᠭᠡᠷ ᠬᠦᠷᠢᠶᠡᠨ ᠳ᠋ᠦ᠍ᠷ ᠬᠣᠶᠠᠭᠤᠯᠠᠬᠠᠨ ᠲᠤᠯᠠ ᠶᠡᠬᠡᠳᠡ ᠠᠶ᠎ᠠ ᠦᠭᠡᠢ ᠳᠡᠷ᠎ᠡ ᠪᠡᠨ ᠲᠠᠲᠠᠵᠤ ᠬᠠᠵᠠᠭᠤᠯᠠᠨ ᠲᠤᠰ ᠲᠤᠰ ᠤ᠋ᠨ ᠰᠡᠳᠬᠢᠯ ᠦ᠋ᠨ ᠬᠡᠷᠡᠭ  ᠢ᠋ᠶ᠋ᠡᠨ ᠪᠣᠳᠣᠵᠤ ᠬᠡᠪᠲᠡᠭᠰᠡᠭᠡᠷ ᠠᠯᠠᠷ ᠪᠠᠯᠠᠷ ᠵᠡᠭᠦᠳᠦᠨ ᠵᠡᠷᠭᠡᠯᠭᠡ ᠶ᠋ᠢᠨ ᠶᠢᠷᠲᠢᠨᠴᠦ ᠳ᠋ᠦ᠍ᠷ ᠣᠷᠣᠪᠠᠢ᠃ ᠡᠨᠡ ᠦᠨᠡᠬᠡᠷ ᠪᠠᠶᠠᠷ ᠤ᠋ᠨ ᠶᠠᠪᠤᠳᠠᠯ ᠲᠣᠬᠢᠶᠠᠯᠳᠤᠪᠠᠰᠤ ᠬᠤᠷᠴᠠ ᠰᠡᠷᠭᠦᠯᠡᠩ ᠪᠣᠯᠤᠭᠠᠳ ᠭᠤᠨᠢᠭ ᠭᠤᠲᠤᠷᠠᠯ ᠲᠤᠯᠭᠠᠷᠠᠪᠠᠰᠤ ᠨᠣᠢᠷ ᠦᠯᠡᠮᠵᠢ ᠬᠡᠮᠡᠭᠰᠡᠨ ᠮᠡᠲᠦ ᠠᠮᠲᠠᠲᠠᠢ ᠨᠣᠢᠷᠰᠤᠵᠤ ᠠᠬᠤᠢ ᠳ᠋ᠤᠷ ᠱᠠᠨ ᠮᠸᠨ ᠦ᠌ ᠭᠠᠳᠠᠨ᠎ᠠ ᠴᠡᠷᠢᠭ ᠮᠣᠷᠢ ᠶ᠋ᠢᠨ ᠦᠢᠮᠡᠭᠡᠨ ᠳᠡᠭᠳᠡᠵᠦ ᠂ ᠡᠭᠦᠳᠡ ᠴᠣᠬᠢᠬᠤ ᠴᠢᠮᠡᠭᠡᠨ ᠳ᠋ᠦ᠍ᠷ ᠭᠣᠣ ᠶ᠋ᠢᠨ ᠶᠠᠩ ᠰᠣᠴᠢᠨ ᠰᠡᠷᠢᠭᠡᠳ ᠵᠣᠣ ᠢᠦᠢ ᠵᠢᠩ ᠢ ᠲᠡᠳᠡᠨ ᠪᠣᠰᠬᠠᠵᠤ ᠶᠠᠭᠤ ᠪᠣᠯᠤᠭᠰᠠᠨ ᠢ᠋ ᠮᠡᠳᠡᠬᠦ ᠦᠭᠡᠢ ᠭᠡᠮᠡᠨ ᠵᠣᠣ ᠢᠦᠢ ᠵᠢᠩ ᠢ᠋ ᠰᠠᠨ ᠶᠤᠸᠠᠨ ᠲᠢᠶᠠᠨ ᠤ᠋ ᠠᠷᠤ ᠳ᠋ᠤᠷ ᠣᠷᠣᠵᠤ ᠳᠠᠯᠳᠠᠯᠠᠭᠤᠯᠵᠤ ᠥᠪᠡᠷ ᠦ᠋ᠨ ᠪᠡᠶ᠎ᠡ ᠵᠢᠭᠦᠷ ᠦ᠋ᠨ ᠡᠭᠦᠳᠡ ᠬᠦᠷᠴᠦ ᠵᠠᠪᠰᠠᠷ  ᠢ᠋ᠶ᠋ᠠᠷ ᠱᠠᠭᠠᠢᠪᠠᠰᠤ ᠴᠥᠮ ᠰᠥᠩ ᠤᠯᠤᠰ ᠤ᠋ᠨ ᠲᠤᠭ ᠲᠡᠮᠳᠡᠭ ᠲᠤᠯᠠ ᠬᠡᠷᠡᠭ ᠮᠠᠭᠤ ᠪᠣᠯᠪᠠ ᠭᠡᠮᠡᠨ ᠵᠣᠣ ᠢᠦᠢ ᠵᠢᠩ ᠦ᠋ᠨ ᠠᠷᠤ ᠠ᠋ᠴᠠ ᠢᠷᠡᠵᠦ ᠳᠠᠯᠳᠠᠯᠠᠵᠤ ᠠᠬᠤᠢ ᠳ᠋ᠤᠷ ᠬᠥᠭᠰᠢᠨ ᠪᠣᠮᠪᠣ ᠲᠠᠶᠠᠭ ᠢ᠋ᠶ᠋ᠠᠨ ᠲᠤᠯᠵᠤ ᠲᠠᠨᠲᠠᠷ ᠮᠦᠨᠳᠡᠷ ᠠᠯᠬᠤᠵᠤ ᠴᠡᠴᠡᠷᠬᠢᠯᠡᠬᠦ ᠳᠠᠭᠤᠨ  ᠢ᠋ᠶ᠋ᠠᠷ :《ᠠᠢᠰᠤᠢ ! ᠠᠠᠢᠰᠤᠢ ! 》 ᠭᠡᠮᠡᠨ ᠪᠡᠶ᠎ᠡ ᠳ᠋ᠡᠭᠡᠨ ᠵᠣᠷᠢᠭ ᠨᠡᠮᠡᠵᠦ ᠪᠠᠰᠠ ᠶᠡᠬᠡ ᠳᠠᠭᠤᠨ  ᠢ᠋ᠶ᠋ᠠᠷ : 《ᠥᠸᠧ ᠮᠢ ᠲᠦᠸᠧ ᠹᠦᠸᠸ ! 》ᠭᠡᠵᠦ ᠡᠭᠦᠳᠡ ᠪᠡᠨ ᠨᠡᠭᠡᠭᠡᠵᠦ ᠭᠠᠷ ᠬᠠᠮᠲᠤᠳᠬᠠᠨ ᠨᠠᠷᠢᠪᠴᠢᠯᠠᠨ ᠦᠵᠡᠪᠡᠰᠦ ᠲᠡᠷᠡ ᠲᠣᠷᠭᠠᠨ ᠬᠤᠪᠴᠠᠰᠤᠲᠤ ᠮᠢᠬᠠᠯᠢᠭ ᠳᠥᠷᠪᠡᠯᠵᠢᠨ ᠳᠤᠮᠳᠠ ᠨᠠᠰᠤ ᠥᠩᠭᠡᠷᠡᠭᠰᠡᠨ ᠬᠥᠮᠦᠨ ᠢ ᠶᠠᠮᠠᠷ ᠭᠠᠵᠠᠷ ᠤᠴᠠᠷᠠᠭᠰᠠᠨ ᠲᠠᠨᠢᠯ ᠮᠡᠲᠦ ᠲᠤᠯᠠ ᠭᠠᠢᠬᠠᠵᠤ ᠳᠡᠮᠡᠢᠯᠡ ᠠᠵᠢᠭᠯᠠᠬᠤᠢ ᠳ᠋ᠤᠷ ᠲᠡᠷᠡ ᠡᠷ᠎ᠡ ᠢᠨᠢᠶᠡᠮᠰᠦᠭᠯᠡᠨ :《ᠠᠮᠢᠳᠤ ᠰᠠᠬᠢᠭᠤᠯᠰᠤᠨ ᠲᠠ ᠲᠠᠨᠢᠬᠤ ᠪᠠᠨ ᠪᠣᠯᠢᠭᠰᠠᠨ ᠤᠤ ? 》ᠭᠡᠮᠡᠨ ᠤᠷᠤᠭᠰᠢ ᠳᠠᠪᠰᠢᠵᠤ ᠭᠠᠷ ᠡᠷᠭᠦᠨ ᠶᠣᠰᠣᠯᠠᠬᠤᠢ ᠳ᠋ᠤᠷ ᠰᠠᠶᠢ ᠢᠤ ᠰᠢᠶᠠᠨ ᠭᠡᠮᠡᠨ ᠲᠠᠨᠢᠪᠠ᠃ ᠲᠡᠳᠦᠢ ᠳ᠋ᠦ᠍ᠷ ᠵᠣᠣ ᠢᠦᠢ ᠵᠣ᠌ ᠂ ᠵᠣᠣ ᠰᠠᠨ ᠨᠠᠷ ᠤ᠋ᠨ ᠬᠠᠮᠲᠤ ᠲᠡᠷᠭᠡ ᠮᠣᠷᠢ ᠠᠪᠴᠤ ᠶᠠᠪᠤᠬᠤ ᠲᠤᠯᠠ ᠬᠣᠴᠣᠷᠴᠤ ᠢᠷᠡᠭᠰᠡᠨ ᠠᠵᠤᠭᠤ᠃ ᠢᠦ ᠰᠢᠶᠠᠨ ᠳᠠᠭᠠᠭᠰᠠᠨ ᠠᠷᠠᠳ ᠢ᠋ ᠱᠠᠨ ᠮᠸᠨ ᠦ᠌ ᠭᠠᠳᠠᠨ᠎ᠠ ᠪᠠᠭᠤᠳᠠᠯᠯᠠᠭᠤᠯᠵᠤ ᠥᠪᠡᠷᠦᠨ ᠪᠡᠶ᠎ᠡ ᠬᠥᠭᠰᠢᠨ ᠪᠣᠮᠪᠣ ᠶ᠋ᠢ ᠳᠠᠭᠠᠵᠤ ᠳᠣᠲᠣᠭᠰᠢ ᠴᠡᠨ ᠳᠠᠩ ᠳ᠋ᠤᠷ ᠣᠷᠣᠵᠤ ᠵᠢᠶᠧ ᠹᠧᠢ ᠨᠠᠷ ᠲᠠᠢ ᠠᠭᠤᠯᠵᠠᠵᠤ ᠪᠠᠶᠠᠰᠤᠯᠴᠠᠨ ᠶᠠᠷᠢᠯᠴᠠᠵᠤ ᠰᠠᠭᠤᠪᠠᠢ᠃ 
       ᠭᠣᠣ ᠶ᠋ᠢᠨ ᠶᠠᠩ ᠨᠠᠷ ᠢᠦ ᠰᠢᠶᠠᠨ ᠤ᠋ ᠢᠷᠡᠭᠰᠡᠨ ᠢ ᠣᠯᠵᠤ ᠮᠡᠳᠡᠭᠡᠳ ᠴᠡᠨ ᠳᠠᠩ ᠥᠭᠡᠳᠡ ᠭᠦᠶᠦᠯᠳᠦᠨ ᠢᠷᠡᠵᠦ ᠢᠦ ᠰᠢᠶᠠᠨ ᠳ᠋ᠤᠷ ᠶᠣᠰᠣᠯᠠᠨ ᠲᠠᠯᠠᠷᠬᠠᠵᠤ ᠴᠠᠢ ᠬᠣᠭᠣᠯᠠ ᠭᠡᠮᠡᠨ ᠶᠠᠭᠠᠷᠠᠯᠳᠤᠮᠤᠢ᠃ ᠲᠡᠳᠦᠢ ᠳ᠋ᠦ᠍ᠷ ᠵᠣᠣ ᠢᠦᠢ ᠵᠣ᠌ ᠪᠠᠰᠠ ᠬᠦᠷᠴᠦ ᠢᠷᠡᠪᠡᠢ᠃ 
       ᠴᠠᠢ ᠬᠣᠭᠣᠯᠠ ᠶ᠋ᠢᠨ ᠬᠣᠭᠣᠷᠣᠨᠳᠣ ᠵᠣᠣ ᠢᠦᠢ ᠵᠣ᠌ ᠨᠡᠢᠰᠯᠡᠯ ᠬᠠᠷ᠎ᠠ ᠬᠣᠷᠢᠨ ᠬᠦᠷᠴᠦ ᠬᠠᠭᠠᠨ ᠳ᠋ᠤᠷ ᠪᠠᠷᠠᠭᠠᠯᠠᠨ ᠬᠡᠷᠬᠢᠨ ᠰᠠᠭᠤᠳᠠᠯ ᠬᠠᠢᠷᠠᠯᠠᠨ ᠬᠦᠩ ᠦ᠋ᠨ ᠡᠷᠬᠢᠮ ᠬᠦᠷᠲᠡᠭᠡᠵᠦ ᠭᠡᠷ ᠬᠣᠷᠣᠭ᠎ᠠ ᠱᠠᠩᠨᠠᠭᠰᠠᠨ ᠢ ᠰᠦᠰᠦᠭᠯᠡᠨ ᠶᠠᠷᠢᠵᠤ ᠪᠠᠰᠠ ᠢᠦ ᠰᠢᠶᠠᠨ ᠵᠠᠩᠵᠤᠨ ᠬᠠᠭᠠᠨ ᠤ᠋ ᠵᠠᠷᠯᠢᠭ  ᠢ᠋ᠶ᠋ᠠᠷ ᠶᠠᠪᠤᠬᠤ ᠶ᠋ᠢ ᠵᠦᠢ ᠵᠦᠢ ᠪᠡᠷ ᠶᠠᠷᠢᠵᠤ ᠳᠠᠷᠤᠢ ᠲᠦᠷᠭᠡᠨ ᠬᠠᠷ᠎ᠠ ᠬᠣᠷᠢᠨ ᠳ᠋ᠤᠷ ᠣᠴᠢᠵᠤ ᠠᠶᠤᠯ ᠵᠣᠪᠠᠭᠤᠷᠢ ᠠ᠋ᠴᠠ ᠨᠢᠭᠡᠮᠦᠰᠦᠨ ᠠᠩᠭᠢᠵᠢᠷᠠᠰᠤᠭᠠᠢ ᠭᠡᠮᠡᠨ ᠶᠠᠷᠢᠯᠴᠠᠬᠤᠢ ᠳ᠋ᠤᠷ ᠣᠯᠠᠨ ᠬᠥᠮᠦᠨ ᠪᠠᠶᠠᠷᠯᠠᠬᠤᠢ ᠳ᠋ᠤᠷ ᠭᠠᠭᠴᠠ ᠾᠦᠢ ᠡᠯ ᠡᠨᠡ ᠰᠦᠮ᠎ᠡ ᠶ᠋ᠢᠨ ᠪᠣᠮᠪᠣ ᠲᠤᠯᠠ ᠥᠭᠯᠢᠭᠡ ᠶ᠋ᠢᠨ ᠡᠵᠡᠳ ᠢ᠋ ᠳᠠᠭᠠᠵᠤ ᠶᠠᠪᠤᠬᠤ ᠶᠣᠰᠣ ᠦᠭᠡᠢ᠃ ᠵᠣᠣ ᠢᠦᠢ ᠵᠣ᠌ ᠶ᠋ᠢᠨ ᠰᠠᠷᠠᠨ ᠤ᠋ ᠳᠣᠣᠷ᠎ᠠ ᠴᠡᠴᠡᠭ ᠦ᠋ᠨ ᠡᠮᠦᠨ᠎ᠡ ᠢᠯᠡᠳᠬᠡᠭᠰᠡᠨ ᠲᠡᠳᠦᠢ ᠴᠢᠨᠡᠭᠡᠨ ᠨᠠᠢᠷ ᠰᠡᠳᠬᠢᠯᠭᠡ ᠪᠠ ᠬᠣᠣᠷ ᠦᠭᠡᠢ ᠬᠣᠱᠣᠩ ᠨᠠᠭᠠᠳᠤᠮ ᠴᠥᠮ ᠵᠡᠭᠦᠨ ᠦ᠌ ᠰᠠᠯᠬᠢᠨ ᠢ᠋ ᠳᠠᠭᠠᠵᠤ ᠣᠷᠣ ᠮᠥᠷ ᠦᠭᠡᠢ ᠪᠣᠯᠤᠮᠤᠢ ‍ᠶ᠎ᠠ᠃ ᠭᠣᠣ ᠶ᠋ᠢᠨ ᠶᠠᠩ ᠂ ᠵᠣᠣ ᠢᠦᠢ ᠵᠢᠩ ᠬᠣᠶᠠᠭᠤᠯᠠ ᠬᠡᠳᠦᠢ ᠪᠡᠷ ᠢᠵᠠᠭᠤᠷᠲᠠᠨ ᠡᠷᠬᠢᠮᠲᠡᠨ ᠦ᠌ ᠡᠭᠦᠳᠡᠨ ᠦ᠌ ᠭᠦᠩᠵᠦ ᠂ ᠰᠢᠶᠣᠤ ᠵᠢᠶᠧ ᠪᠣᠯᠪᠠᠴᠤ ᠭᠠᠴᠢᠭ ᠴᠠᠭ ᠲᠣᠬᠢᠶᠠᠯᠳᠤᠭᠰᠠᠨ ᠡᠭᠡᠴᠢ ᠳᠡᠭᠦᠦ ᠭᠡᠮᠡᠨ ᠣᠭᠲᠣ ᠥᠭᠡᠷᠡᠴᠢᠯᠡᠯ ᠦᠭᠡᠢ ᠭᠦᠨ ᠬᠠᠨᠢᠯᠠᠭᠰᠠᠨ ᠶᠠᠪᠤᠳᠠᠯ ᠴᠤ᠌ ᠰᠡᠳᠬᠢᠯ ᠦ᠋ᠨ ᠡᠪᠡᠳᠴᠢᠨ ᠪᠣᠯᠵᠤ ᠬᠣᠴᠣᠷᠬᠤ ᠲᠡᠳᠦᠢᠯᠡ ᠪᠣᠯᠪᠠ ᠭᠡᠮᠡᠨ ᠠᠯᠮᠠᠢᠷᠠᠵᠤ ᠠᠭᠠᠳ ᠨᠢᠭᠡᠨ ᠴᠣᠮᠣ ᠴᠠᠢ ᠪᠠᠨ ᠡᠰᠡᠯ᠎ᠡ ᠭᠣᠣ ᠶ᠋ᠢᠨ ᠶᠠᠩ ᠤ᠋ᠨ ᠪᠡᠶ᠎ᠡ ᠳᠡᠭᠡᠷ᠎ᠡ ᠠᠯᠳᠠᠪᠠ᠃ 
       ᠠᠯᠠᠷ ᠪᠠᠯᠠᠷ ᠨᠢᠭᠡᠨ ᠡᠳᠦᠷ ᠢ᠋ ᠥᠩᠭᠡᠷᠡᠭᠡᠳ ᠣᠷᠣᠢ ᠶ᠋ᠢᠨ ᠵᠤᠯᠠ ᠪᠠᠷᠢᠬᠤ ᠴᠠᠭ ᠾᠦᠢ ᠡᠯ ᠰᠠᠨ ᠶᠤᠸᠠᠨ ᠲᠢᠶᠠᠨ ᠤ᠋ ᠬᠦᠵᠢ ᠵᠤᠯᠠ ᠶ᠋ᠢ ᠰᠢᠨᠡᠳᠬᠡᠨ ᠲᠠᠬᠢᠯ ᠲᠠᠪᠠᠭ ᠢ ᠵᠦᠯᠭᠦᠨ ᠠᠷᠴᠢᠵᠤ᠂ ᠭᠠᠵᠠᠷ ᠬᠦᠰᠡᠷ᠎ᠡ ᠶ᠋ᠢ ᠴᠡᠪᠡᠷᠯᠡᠨ ᠱᠦᠭᠦᠷᠳᠡᠬᠦ ᠠᠵᠢᠯ ᠲᠠᠢ ᠲᠤᠯᠠ ᠣᠷᠣᠢ ᠶ᠋ᠢᠨ ᠬᠣᠭᠣᠯᠠ ᠶ᠋ᠢᠨ ᠳᠠᠷᠠᠭ᠎ᠠ ᠳᠠᠷᠤᠢ ᠰᠠᠨ ᠶᠤᠸᠠᠨ ᠲᠢᠶᠠᠨ ᠳ᠋ᠤᠷ ᠢᠷᠡᠵᠦ ᠴᠡᠪᠡᠷᠯᠡᠨ ᠱᠦᠭᠦᠷᠳᠡᠬᠦ ᠠᠵᠢᠯ ᠢ᠋ᠶ᠋ᠠᠨ ᠭᠦᠢᠴᠡᠳᠬᠡᠨ ᠭᠤᠸᠠᠨ ᠢᠨ ᠳᠠᠩ ᠳ᠋ᠤᠷ ᠢᠷᠡᠵᠦ ᠤᠳᠠᠭᠠᠨ ᠵᠢᠯ ᠬᠦᠵᠢ ᠵᠤᠯᠠ ᠶ᠋ᠢ ᠠᠮᠰᠠᠵᠤ ᠤᠲᠤᠭᠠᠰᠢᠭᠰᠠᠨ ᠡᠮᠦᠨᠡᠲᠦ ᠳᠠᠯᠠᠢ ᠶ᠋ᠢᠨ ᠬᠣᠮᠰᠢᠮ ᠪᠣᠳᠢᠰᠠᠳ᠋ᠸ᠎ᠠ ᠶ᠋ᠢᠨ ᠬᠡᠵᠢᠶᠡᠳᠡ ᠬᠤᠪᠢᠷᠠᠰᠢ ᠦᠭᠡᠢ ᠡᠨᠡᠷᠢᠩᠭᠦᠢ ᠳᠦᠷᠢ ᠶ᠋ᠢ ᠬᠠᠷᠠᠵᠤ ᠰᠡᠳᠬᠢᠯ ᠦ᠋ᠨ ᠬᠡᠷᠡᠭ  ᠢ᠋ᠶ᠋ᠡᠨ ᠪᠣᠳᠣᠵᠤ ᠪᠤᠬᠢᠨᠢᠳᠤᠮᠤᠢ! ᠰᠡᠳᠬᠢᠭᠰᠡᠨ ᠢ᠋ ᠪᠦᠲᠦᠭᠡᠭᠴᠢ ᠰᠦᠮ᠎ᠡ ᠶ᠋ᠢ ᠠᠮᠢᠯᠠᠭᠰᠠᠨ ᠡᠳᠡᠭᠡᠷ ᠬᠥᠮᠦᠰ ᠨᠢᠭᠡᠨᠲᠡ ᠶᠠᠪᠤᠪᠠᠰᠤ ᠠᠭᠤᠯᠠ ᠶ᠋ᠢᠨ ᠬᠣᠷᠮᠣᠢ ᠶ᠋ᠢᠨ ᠡᠨᠡ ᠥᠴᠦᠬᠡᠨ ᠠᠭᠤᠢ ᠮᠥᠨ ᠤᠤᠯ ᠶᠣᠰᠣ ᠪᠠᠷ ᠰᠠᠯᠬᠢᠨ ᠤ᠋ ᠴᠢᠮᠡᠭᠡ ᠬᠡᠭᠡᠷ᠎ᠡ ᠶ᠋ᠢᠨ ᠪᠣᠯᠵᠣᠮᠣᠷ ᠤ᠋ᠨ ᠳᠠᠭᠤᠨ ᠠ᠋ᠴᠠ ᠥᠭᠡᠷ᠎ᠡ ᠠᠨᠢᠷ ᠴᠢᠮᠡᠭᠡ ᠦᠭᠡᠢ᠃ ᠡᠳᠦᠷ ᠪᠦᠷᠢ ᠤᠲᠤᠭᠠᠰᠢᠭᠰᠠᠨ ᠪᠤᠷᠬᠠᠨ ᠤ᠋ ᠡᠨᠡᠷᠢᠩᠭᠦᠢ ᠬᠠᠷᠠᠴᠠ᠂ ᠪᠦᠳᠡᠭᠢ ᠵᠤᠯᠠ ᠶ᠋ᠢᠨ ᠳᠣᠣᠷ᠎ᠠ ᠬᠠᠭᠤᠴᠢᠨ ᠨᠣᠮ ᠢ᠋ ᠤᠭ᠌ᠰᠢᠵᠤ ᠂ ᠢᠷᠡᠬᠦ ᠲᠥᠷᠥᠯ ᠢ᠋ ᠵᠥᠭᠡᠭᠡᠬᠦ ᠢᠨᠦ ᠾᠦᠢ ᠡᠯ ᠳ᠋ᠦ᠍ᠷ ᠭᠡᠨᠡᠳᠲᠡ ᠢᠷᠣᠭᠠᠷ ᠦᠭᠡᠢ ᠬᠠᠷ᠎ᠠ ᠨᠦᠬᠡ ᠮᠡᠲᠦ ᠰᠠᠨᠠᠭᠳᠠᠪᠠ᠃ ᠥᠩᠭᠡᠷᠡᠭᠰᠡᠨ ᠦ᠌ ᠲᠡᠳᠦᠢ ᠴᠢᠨᠡᠭᠡᠨ ᠡᠳᠦᠷ ᠬᠣᠨᠣᠭ ᠢ᠋ ᠪᠣᠳᠣᠪᠠᠰᠤ ᠵᠢᠬᠡᠭᠦᠷᠡᠮᠦᠢ᠃ ᠲᠡᠢᠨ ᠬᠦ᠌ ᠱᠦᠭᠦᠷ ᠢ᠋ᠶ᠋ᠡᠨ ᠪᠠᠷᠢᠵᠤ ᠠᠯᠮᠠᠢᠷᠠᠵᠤ ᠵᠣᠭᠰᠣᠵᠤ ᠠᠭᠠᠳ ᠵᠣᠣ ᠢᠦᠢ ᠵᠣ᠌ ᠶ᠋ᠢᠨ ᠡᠭᠦᠳᠡ ᠲᠦᠯᠬᠢᠵᠦ ᠣᠷᠣᠵᠤ ᠢᠷᠡᠭᠰᠡᠨ ᠢ᠋ ᠣᠭᠲᠣ ᠤᠪᠠᠢᠯᠠᠭᠰᠠᠨ ᠦᠭᠡᠢ᠃ ᠵᠣᠣ ᠢᠦᠢ ᠵᠣ᠌ ᠨᠢᠭᠡᠨ ᠪᠠᠭᠯᠠᠭ᠎ᠠ ᠪᠠᠨ ᠪᠤᠷᠬᠠᠨ ᠤ᠋ ᠰᠢᠷᠡᠭᠡᠨ ᠳ᠋ᠦ᠍ᠷ ᠲᠠᠯᠪᠢᠵᠤ ᠾᠦᠢ ᠡᠯ ᠦ᠋ᠨ ᠬᠠᠨᠴᠤᠢ ᠠ᠋ᠴᠠ ᠢᠨᠤ ᠬᠥᠩᠭᠡᠨ ᠲᠠᠲᠠᠬᠤᠢ ᠳ᠋ᠤᠷ ᠾᠦᠢ ᠡᠯ ᠭᠡᠨᠡᠳᠲᠡ ᠰᠡᠬᠡᠰᠬᠢᠵᠦ ᠠᠷᠤ ᠲᠠᠰᠢ ᠪᠠᠨ ᠵᠠᠢᠯᠠᠵᠤ ᠴᠢᠷᠠᠢ ᠤᠯᠠᠢᠨ ᠵᠢᠷᠦᠬᠡ ᠢᠨᠤ ᠲᠦᠭᠰᠢᠵᠦ ᠮᠠᠰᠢ ᠰᠣᠴᠢᠭᠰᠠᠨ  ᠪᠦᠬᠦᠢ ᠳ᠋ᠦ᠍ᠷ ᠵᠣᠣ ᠢᠦᠢ ᠵᠣ᠌ ᠢᠨᠢᠶᠡᠮᠰᠦᠭᠯᠡᠨ ᠠᠰᠠᠭᠤᠷᠤᠨ ᠄ 《ᠡᠷᠬᠢᠮ ᠬᠥᠮᠦᠨ ᠨᠠᠮᠠᠶ᠋ᠢ ᠶᠠᠪᠤᠭᠰᠠᠨ ᠠ᠋ᠴᠠ ᠬᠣᠢᠨ᠎ᠠ ᠠᠮᠤᠷ ᠲᠤᠩᠭᠠᠯᠠᠭ ᠰᠠᠭᠤᠪᠠᠤ ?  ᠪᠢᠳᠡ ᠣᠳᠣ ᠰᠥᠩ ᠤᠯᠤᠰ ᠤ᠋ᠨ ᠲᠤᠭ ᠲᠡᠮᠳᠡᠭ ᠢ᠋ ᠪᠠᠷᠢᠵᠤ ᠮᠡᠬᠡᠯᠡᠵᠦ ᠶᠠᠪᠤᠬᠤ ᠲᠤᠯᠠ ᠡᠨᠳᠡ ᠤᠳᠠᠭᠠᠨ ᠪᠠᠢᠵᠤ ᠦᠯᠦ ᠪᠣᠯᠤᠮᠤᠢ᠃ ᠳᠠᠷᠤᠢᠬᠠᠨ ᠮᠣᠷᠳᠠᠬᠤ ᠲᠤᠯᠠ ᠴᠢᠨᠦ ᠰᠠᠨᠠᠭᠠᠨ ᠢ᠋ ᠮᠡᠳᠡᠰᠦᠭᠡᠢ ᠭᠡᠮᠡᠨ ᠠᠰᠠᠭᠤᠷ᠎ᠠ ᠢᠷᠡᠪᠡ᠃ ᠠᠬ᠎ᠠ ᠳ᠋ᠠᠭᠠᠨ ᠤᠴᠠᠷᠠᠪᠠᠰᠤ ᠮᠠᠨ ᠢ ᠳᠠᠷᠤᠢ ᠰᠢᠶᠠᠩ ᠶᠠᠩ ᠠ᠋ᠴᠠ ᠠᠪᠤᠷ᠎ᠠ ᠢᠷᠡᠪᠡ ᠬᠡᠮᠡᠲᠦᠭᠡᠢ 》ᠬᠡᠮᠡᠬᠦᠢ ᠳ᠋ᠦ᠍ᠷ ᠾᠦᠢ ᠡᠯ ᠨᠢᠯᠪᠤᠰᠤ ᠪᠠᠨ ᠤᠨᠠᠭᠠᠨ ᠥᠭᠦᠯᠡᠷᠦᠨ ᠄ 《ᠰᠣᠨᠣᠰᠪᠠᠰᠤ ᠡᠨᠡ ᠤᠳᠠᠭ᠎ᠠ ᠮᠣᠩᠭᠣᠯ ᠤ᠋ᠨ ᠨᠡᠢᠰᠯᠡᠯ ᠳ᠋ᠦ᠍ᠷ ᠬᠦᠷᠦᠭᠡᠳ ᠦᠨᠡᠬᠡᠷ ᠬᠥᠬᠡ ᠡᠭᠦᠯᠡᠨ᠎ᠡ ᠳᠤᠭᠤᠢᠯᠠᠨ ᠪᠠᠶᠠᠨ ᠡᠷᠬᠢᠮ ᠬᠡᠮᠵᠢᠰᠢ ᠦᠭᠡᠢ ᠪᠣᠯᠪᠠ ᠬᠡᠮᠡᠮᠦ ᠃ ᠬᠥᠮᠦᠨ ᠦ᠌ ᠶᠢᠷᠲᠢᠨᠴᠦ ᠡᠴᠡ ᠰᠠᠯᠤᠭᠰᠠᠨ ᠠᠭᠤᠯᠠ ᠶ᠋ᠢᠨ ᠬᠣᠷᠮᠣᠢ ᠶ᠋ᠢᠨ ᠥᠴᠦᠬᠡᠨ ᠠᠭᠤᠢ ᠳ᠋ᠤᠷ ᠨᠢᠭᠡᠨ ᠨᠢᠮᠭᠡᠨ ᠵᠠᠶᠠᠭᠠᠲᠤ ᠲᠠᠨᠢᠯ ᠪᠣᠢ ᠭᠡᠮᠡᠨ ᠤᠮᠠᠷᠲᠠᠬᠤ ᠦᠭᠡᠢ ᠪᠥᠭᠡᠰᠦ ᠬᠣᠭᠣᠰᠣᠨ ᠤ᠋ ᠮᠥᠷ ᠲᠣᠷ ᠣᠷᠣᠭᠰᠠᠨ ᠶᠠᠳᠠᠭᠤ ᠪᠣᠮᠪᠣ ᠮᠢᠨᠦ ᠵᠠᠪᠰᠢᠶᠠᠨ ᠪᠣᠯᠠᠢ ᠃ ᠪᠣᠳᠣᠪᠠᠰᠤ ᠤᠳᠠᠬᠤ ᠦᠭᠡᠢ ᠶᠠᠪᠤᠬᠤ ᠠᠨᠤ ᠶᠠᠪᠤᠮᠤᠢ᠂ ᠬᠣᠴᠣᠷᠬᠤ ᠠᠨᠤ ᠬᠣᠴᠣᠷᠤᠮᠤᠢ᠃ ᠭᠠᠭᠴᠠᠬᠦ ᠬᠣᠴᠣᠷᠬᠤ ᠬᠥᠮᠦᠨ ᠡᠯᠢᠶ᠎ᠡ ᠳ᠋ᠦ᠍ᠷ ᠠᠳᠠᠯᠠᠭᠳᠠᠪᠠᠢ᠃ ᠳᠠᠬᠢᠨ ᠲᠢᠶᠠᠨ ᠳ᠋ᠤᠷ ᠰᠠᠭᠤᠵᠤ ᠪᠠᠴᠠᠭ ᠪᠠᠷᠢᠮᠤᠢ ᠬᠡᠮᠡᠭᠴᠢ ᠬᠣᠯᠠ ᠪᠣᠯᠪᠠ᠃ ᠰᠠᠬᠢᠯ ᠰᠠᠨᠸᠠᠷ ᠠᠯᠳᠠᠭᠰᠠᠨ ᠨᠢᠭᠦᠯ ᠢ᠋ ᠣᠳᠣ ᠥᠷᠯᠥᠭᠡ ᠦᠳᠡᠰᠢ ᠶ᠋ᠢᠨ ᠨᠢᠯᠪᠤᠰᠤᠨ ᠢ᠋ᠶ᠋ᠠᠷ ᠤᠬᠢᠶᠠᠮᠤᠢ ‍ᠶ᠎ᠠ᠃ ᠡᠨᠡ ᠴᠦ᠍ ᠮᠥᠨ ᠠᠩᠬ᠎ᠠ ᠲᠥᠷᠥᠯ ᠦ᠋ᠨ ᠲᠠᠯᠪᠢᠭᠰᠠᠨ ᠦᠢᠯᠡ ᠪᠣᠯᠠᠢ ! 》 ᠭᠡᠮᠡᠨ ᠪᠥᠭᠰᠢᠨ ᠣᠬᠢᠯᠠᠬᠤᠢ ᠳ᠋ᠤᠷ ᠵᠣᠣ ᠢᠦᠢ ᠵᠣ᠌ ᠭᠠᠷ ᠠ᠋ᠴᠠ ᠢᠨᠤ ᠲᠠᠲᠠᠵᠤ ᠥᠭᠦᠯᠡᠷᠦᠨ :《ᠲᠡᠨᠡᠭ ᠬᠡᠦᠬᠡᠨ ᠴᠢ ᠡᠨᠳᠡ ᠬᠣᠴᠣᠷᠣᠰᠤᠭᠠᠢ ᠬᠡᠮᠡᠮᠦᠢ ᠤᠤ ? ᠨᠢᠭᠡᠨᠲᠡ ᠲᠡᠪᠴᠢᠨ ᠨᠠᠮᠠᠶ᠋ᠢ ᠳᠠᠭᠠᠵᠤ ᠦᠬᠦᠵᠦ ᠡᠳᠡᠭᠡᠬᠦ ᠶ᠋ᠢ ᠬᠠᠮᠲᠤᠳᠬᠠᠪᠠᠰᠤ ᠵᠣᠬᠢᠮᠤᠢ᠃ ᠬᠡᠷᠡᠭ ᠪᠠᠴᠢᠮ ᠪᠣᠯᠪᠠᠢ᠃ ᠲᠦᠷᠭᠡᠯᠡᠪᠡᠰᠦ ᠵᠣᠬᠢᠮᠤᠢ᠃ ᠶᠣᠰᠣ ᠰᠤᠷᠲᠠᠯ ᠳ᠋ᠤᠷ ᠪᠠᠷᠢᠭᠳᠠᠵᠤ ᠥᠴᠦᠬᠡᠨ ᠲᠠᠲᠠᠭᠠᠯᠵᠠᠪᠠᠰᠤ ᠮᠢᠩᠭᠠᠨ ᠣᠨ ᠤ᠋ ᠭᠡᠮᠰᠢᠯ ᠪᠣᠯᠤᠮᠤᠢ᠃ ᠶᠠᠪᠤᠵᠤ ᠰᠠᠭᠤᠬᠤᠷ ᠲᠤᠷ ᠳᠥᠭᠥᠮ ᠢ᠋ ᠪᠣᠳᠣᠵᠤ ᠪᠢ ᠴᠢᠨᠦ ᠰᠣᠯᠢᠬᠤ ᠬᠤᠪᠴᠠᠰᠤ ᠶ᠋ᠢ ᠠᠪᠴᠤ ᠢᠷᠡᠪᠡ᠃ ᠬᠥᠮᠦᠨ ᠠᠰᠠᠭᠤᠪᠠᠰᠤ ᠭᠣᠣ ᠹᠦ ᠷᠸᠨ ᠨᠠᠷ ᠲᠤᠷ ᠬᠠᠨᠢ ᠪᠣᠯᠤᠷ᠎ᠠ ᠤᠳᠤᠮᠤᠢ ᠬᠡᠮᠡᠪᠡᠰᠦ ᠪᠠᠷᠠᠪᠠ᠃ ᠠᠬ᠎ᠠ ᠬᠢᠭᠡᠳ ᠪᠠᠭᠰᠢ ᠶ᠋ᠢᠨ ᠴᠢᠨᠦ ᠲᠠᠯ᠎ᠠ ᠶ᠋ᠢᠨ ᠶᠠᠪᠤᠳᠠᠯ ᠢ᠋ ᠪᠢ ᠨᠢᠭᠡᠨᠲᠡ ᠢᠤ ᠰᠢᠶᠠᠨ ᠵᠠᠩᠵᠤᠨ ᠳ᠋ᠤᠷ ᠨᠠᠢᠳᠠᠪᠠ᠃ ᠭᠠᠭᠴᠠ ᠴᠢᠨᠦ ᠬᠡᠷᠬᠢᠬᠦ ᠶ᠋ᠢ ᠬᠦᠯᠢᠶᠡᠮᠦᠢ  》ᠬᠡᠮᠡᠭᠰᠡᠨ ᠳ᠋ᠦ᠍ᠷ ᠾᠦᠢ ᠡᠯ ᠵᠣᠣ ᠢᠦᠢ ᠵᠣ᠌ ᠶ᠋ᠢᠨ ᠰᠡᠳᠬᠢᠯ ᠴᠢᠩ ᠦᠨᠡᠨ ᠢ ᠮᠡᠳᠡᠬᠦ ᠪᠣᠯᠪᠠᠴᠤ ᠬᠡᠷᠡᠭ ᠶᠠᠪᠤᠳᠠᠯ ᠡᠢᠨ ᠲᠦᠷᠭᠡᠨ ᠲᠤᠯᠭᠠᠷᠠᠭᠰᠠᠨ ᠳ᠋ᠤᠷ ᠲᠠᠰᠤᠯᠵᠤ ᠴᠢᠳᠠᠬᠤ ᠦᠭᠡᠢ ᠠᠯᠠᠮᠠᠢᠷᠨᠨ ᠵᠣᠭᠰᠣᠬᠤ ᠲᠣᠷ ᠵᠣᠣ ᠢᠦᠢ ᠵᠣ᠌ ᠰᠢᠭᠤᠳ ᠸᠠᠳᠠᠩ ᠢ᠋ᠶ᠋ᠠᠨ ᠵᠠᠳᠠᠯᠤᠨ ᠳᠣᠲᠣᠷ᠎ᠠ ᠠ᠋ᠴᠠ ᠲᠣᠷᠭ᠎ᠠ ᠳᠤᠷᠳᠤᠩ ᠬᠤᠪᠴᠠᠰᠤ ᠬᠤᠨᠠᠷ ᠬᠠᠳᠬᠤᠮᠠᠯ ᠭᠤᠲᠤᠯ ᠳ᠋ᠤᠷ ᠬᠦᠷᠲᠡᠯ᠎ᠡ ᠭᠠᠷᠭᠠᠵᠤ ᠲᠠᠯᠪᠢᠭᠠᠳ ᠵᠣᠬᠢᠴᠠᠬᠤ ᠡᠰᠡᠬᠦ ᠶ᠋ᠢ ᠦᠵᠡᠰᠦᠭᠡᠢ ᠭᠡᠮᠡᠨ ᠭᠠᠷ ᠬᠥᠳᠡᠯᠦᠨ ᠨᠥᠮᠥᠷᠭᠡᠪᠡᠰᠦ ᠾᠦᠢ ᠡᠯ ᠲᠡᠷᠡ ᠵᠠᠭᠤᠷ᠎ᠠ ᠥᠩᠭᠡ ᠵᠢᠰᠦ ᠨᠡᠮᠡᠭᠳᠡᠵᠦ᠂ ᠠᠷᠤᠤᠬᠠᠨ ᠨᠢᠭᠡᠨ ᠡᠷᠬᠢᠮ ᠭᠤᠸ᠎ᠠ ᠪᠣᠯᠵᠤᠬᠤᠢ᠃ ᠾᠦᠢ ᠡᠯ ᠵᠡᠭᠦᠳᠦᠨ ᠵᠡᠷᠭᠡᠯᠭᠡᠨ ᠦ᠌ ᠣᠷᠴᠢᠯᠠᠩ ᠳ᠋ᠤᠷ ᠪᠦᠬᠦᠢ ᠳ᠋ᠦ᠍ᠷ ᠭᠡᠨᠡᠳᠲᠡ ᠬᠥᠭᠰᠢᠨ ᠪᠣᠮᠪᠣ :《ᠾᠦᠢ ᠡᠯ ᠢᠷᠡᠲᠦᠭᠡᠢ 》ᠭᠡᠮᠡᠨ ᠳᠠᠭᠤᠳᠠᠭᠰᠠᠨ ᠳ᠋ᠤᠷ ᠰᠠᠶᠢ ᠪᠡᠶ᠎ᠡ ᠪᠡᠨ ᠭᠤᠸᠠᠨ ᠢᠨ ᠳᠠᠩ ᠳ᠋ᠤᠷ ᠪᠠᠢᠬᠤ ᠪᠠᠨ ᠮᠡᠳᠡᠵᠦ ᠵᠣᠣ ᠢᠦᠢ ᠵᠣ᠌ ᠶ᠋ᠢᠨ ᠭᠠᠷ ᠢ ᠠᠯᠳᠠᠭᠤᠯᠤᠨ ᠬᠤᠪᠴᠠᠰᠤ ᠶ᠋ᠢ ᠲᠠᠢᠯᠵᠤ ᠶᠠᠭᠠᠷᠠᠨ ᠭᠠᠷᠴᠤ ᠣᠳᠪᠠ᠃ 
       ᠲᠡᠳᠦᠢ ᠳ᠋ᠦ᠍ᠷ ᠭᠣᠣ ᠹᠦ ᠷᠸᠨ ᠾᠦᠢ ᠡᠯ ᠯᠦ᠍ᠭᠡ ᠤᠳᠠᠭᠠᠨ ᠡᠳᠦᠷ ᠬᠠᠨᠢᠯᠠᠭᠠᠳ ᠰᠠᠯᠵᠤ ᠲᠦᠪᠳᠡᠬᠦ ᠦᠭᠡᠢ ᠠᠪᠴᠤ ᠶᠠᠪᠤᠮᠤᠢ ᠭᠡᠮᠡᠨ ᠬᠥᠭᠰᠢᠨ ᠪᠣᠮᠪᠣ ᠳ᠋ᠤᠷ ᠭᠤᠶᠤᠵᠤ ᠵᠠᠭᠤᠨ ᠮᠦ᠍ ᠲᠠᠷᠢᠶ᠎ᠠ ᠬᠣᠶᠠᠷ ᠪᠠᠭ᠎ᠠ ᠱᠠᠪᠢ ᠬᠤᠳᠠᠯᠳᠤᠨ ᠠᠪᠴᠤ ᠬᠥᠭᠰᠢᠨ ᠪᠣᠮᠪᠣ ᠶ᠋ᠢ ᠡᠴᠦᠰᠲᠡᠯ᠎ᠡ ᠲᠦᠰᠢᠬᠦ ᠭᠠᠵᠠᠷ ᠲᠠᠢ ᠪᠣᠯᠭᠠᠨ ᠠᠴᠢ ᠶ᠋ᠢ ᠬᠠᠷᠢᠭᠤᠯᠤᠰᠤᠭᠠᠢ ᠬᠡᠮᠡᠭᠰᠡᠨ ᠳ᠋ᠦ᠍ᠷ ᠬᠥᠭᠰᠢᠨ ᠪᠣᠮᠪᠣ ᠶ᠋ᠢᠨ ᠰᠠᠨᠠᠭᠰᠠᠨ ᠠ᠋ᠴᠠ ᠦᠯᠡᠮᠵᠢ ᠲᠤᠯᠠ ᠾᠦᠢ ᠡᠯ ᠦ᠋ᠨ ᠦᠯᠦ ᠪᠣᠯᠬᠤ ᠠ᠋ᠴᠠ ᠠᠶᠤᠵᠤ ᠳᠠᠭᠤᠳᠠᠨ ᠠᠪᠴᠢᠷᠠᠵᠤ ᠬᠦᠯᠢᠶᠡᠯᠭᠡᠰᠦᠭᠡᠢ ᠬᠡᠮᠡᠭᠰᠡᠨ ᠠᠵᠤᠭᠤ᠃ ᠾᠦᠢ ᠡᠯ ᠪᠠᠭᠰᠢ ᠶ᠋ᠢᠨ ᠦᠭᠡ ᠶ᠋ᠢ ᠰᠣᠨᠣᠰᠴᠤ ᠰᠡᠮᠡᠬᠡᠷ ᠪᠠᠶᠠᠷᠯᠠᠬᠤ ᠪᠣᠯᠪᠠᠴᠤ ᠪᠠᠭᠰᠢ ᠳ᠋ᠠᠭᠠᠨ ᠲᠠᠲᠠᠭᠠᠯᠵᠠᠬᠤ ᠬᠡᠳᠦᠨ ᠦᠭᠡ ᠥᠴᠢᠭᠡᠳ ᠬᠦᠯᠢᠶᠡᠨ ᠠᠪᠤᠭᠰᠠᠨ ᠳ᠋ᠤᠷ ᠪᠠᠭᠰᠢ ᠢᠨᠤ ᠬᠣᠶᠠᠷ ᠬᠥᠯ ᠭᠠᠵᠠᠷ ᠬᠦᠷᠬᠦ ᠦᠭᠡᠢ ᠪᠠᠶᠠᠷᠯᠠᠵᠤ ᠭᠣᠣ ᠹᠦ ᠷᠸᠨ ᠨᠠᠷ ᠲᠤᠷ ᠮᠡᠳᠡᠭᠦᠯᠬᠦ ᠪᠡᠷ ᠶᠠᠪᠤᠪᠠᠢ᠃ 
       ᠳᠡᠳ᠋ ᠡᠳᠦᠷ ᠬᠤ᠌ ᠳᠠ ᠳᠠᠭᠤᠳᠠᠭᠰᠠᠨ ᠶᠣᠰᠣᠭᠠᠷ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠢᠷᠡᠵᠦ ᠂ ᠴᠡᠷᠢᠭ ᠮᠣᠷᠢ ᠲᠡᠷᠭᠡ ᠰᠡᠦᠬᠡ ᠨᠡᠮᠡᠭᠳᠡᠭᠰᠡᠨ ᠢ ᠦᠵᠡᠭᠡᠳ ᠴᠥᠮ ᠰᠥᠩ ᠤᠯᠤᠰ ᠤ᠋ᠨ ᠲᠤᠭ ᠲᠡᠮᠳᠡᠭ ᠲᠤᠯᠠ ᠯᠠᠪ ᠵᠣᠣ ᠢᠦᠢ ᠵᠣ᠌ ᠨᠠᠷ ᠢ᠋ ᠠᠪᠤᠷ᠎ᠠ ᠢᠷᠡᠪᠡ  ᠭᠡᠮᠡᠨ ᠮᠡᠳᠡᠵᠦ ᠵᠢᠴᠢ ᠬᠥᠭᠰᠢᠨ ᠪᠣᠮᠪᠣ ᠳ᠋ᠤᠷ ᠵᠠᠭᠤᠨ ᠮᠦ᠍ ᠲᠠᠷᠢᠶ᠎ᠠ ᠪᠠᠭ᠎ᠠ ᠬᠡᠦᠬᠡᠨ ᠬᠣᠶᠠᠷ ᠢ᠋ ᠬᠤᠳᠠᠯᠳᠤᠨ ᠠᠪᠴᠤ ᠥᠭᠬᠦ ᠤᠴᠢᠷ ᠢ᠋ ᠲᠤᠰᠢᠶᠠᠬᠤᠢ ᠳ᠋ᠤᠷ ᠭᠠᠩ ᠭᠠᠮᠰᠢᠭ ᠪᠣᠯᠵᠤ ᠥᠬᠢᠳ ᠬᠡᠦᠬᠡᠳ ᠲᠠᠷᠢᠶ᠎ᠠ ᠲᠥᠮᠥᠰᠥ ᠪᠡᠨ ᠬᠤᠳᠠᠯᠳᠤᠬᠤ ᠬᠥᠮᠦᠨ ᠣᠯᠠᠨ ᠪᠣᠢ ᠪᠥᠭᠡᠳ ᠡᠭᠦᠨ ᠦ᠌ ᠳᠤᠮᠳᠠ ᠠ᠋ᠴᠠ ᠪᠠᠭ᠎ᠠ ᠦᠭᠡᠢ ᠬᠣᠨᠵᠢᠪᠤᠷᠢ ᠪᠣᠢ ᠲᠤᠯᠠ ᠪᠠᠶᠠᠷᠯᠠᠨ ᠬᠦᠯᠢᠶᠡᠨ ᠠᠪᠴᠠᠢ᠃ ᠾᠦᠢ ᠡᠯ ᠢ᠋ ᠠᠪᠤᠭᠠᠳ ᠶᠠᠪᠤᠮᠤᠢ ᠬᠡᠮᠡᠬᠦ ᠶ᠋ᠢ ᠰᠣᠨᠣᠰᠴᠤ ᠪᠠᠬᠠᠨ ᠲᠠᠲᠠᠭᠠᠯᠵᠠᠭᠰᠠᠨ ᠪᠣᠯᠪᠠᠴᠤ ᠬᠣᠭᠣᠰᠣᠨ ᠤ᠋ ᠮᠥᠷ ᠢ᠋ ᠲᠦᠰᠢᠬᠦ ᠡᠴᠡ ᠪᠠᠶᠠᠨ ᠡᠷᠬᠢᠮ ᠢ᠋ ᠲᠦᠰᠢᠬᠦ ᠢᠨᠤ ᠳᠡᠭᠡᠷ᠎ᠡ ᠭᠡᠮᠡᠨ ᠨᠡᠩ ᠰᠢᠶᠠᠩ ᠶᠠᠩ ᠳ᠋ᠤᠷ ᠣᠳᠤᠮᠤᠢ ᠬᠡᠮᠡᠬᠦ ᠲᠤᠯᠠ ᠳᠡᠮᠡᠢ ᠬᠣᠯᠠ ᠪᠤᠰᠤ ᠭᠡᠮᠡᠨ ᠳᠤᠷᠠᠲᠠᠢ ᠬᠦᠯᠢᠶᠡᠪᠡ᠃ ᠵᠣᠣ ᠢᠦᠢ ᠵᠣ᠌ ᠾᠦᠢ ᠡᠯ  ᠢ᠋ᠶ᠋ᠡᠷ ᠬᠣᠶᠠᠷ ᠥᠯᠥᠭᠡᠢ ᠥᠭᠭᠦᠭᠦᠯᠵᠦ ᠭᠡᠷ ᠲᠡᠷᠭᠡ ᠪᠡᠨ ᠰᠢᠨᠡᠳᠭᠡ ᠬᠡᠮᠡᠭᠰᠡᠨ ᠳ᠋ᠦ᠍ᠷ ᠬᠤ᠌ ᠳᠠ ᠲᠤᠢᠯ  ᠢ᠋ᠶ᠋ᠠᠷ ᠪᠠᠶᠠᠷᠯᠠᠵᠤ : 《ᠬᠣᠵᠢᠮ ᠤ᠋ᠨ ᠡᠳᠦᠷ ᠪᠠᠶᠠᠨ ᠡᠷᠬᠢᠮ ᠪᠣᠯᠬᠤ ᠪᠥᠭᠡᠰᠦ ᠲᠦᠯᠡᠭᠡ ᠡᠪᠡᠰᠦᠨ ᠳ᠋ᠦ᠍ᠷ ᠬᠣᠯᠢᠭᠳᠠᠵᠤ ᠪᠠᠢᠭ᠎ᠠ ᠮᠠᠭᠤ ᠠᠬ᠎ᠠ ᠪᠠᠨ ᠪᠤᠤ ᠮᠠᠷᠲᠠᠭᠠᠷᠠᠢ !》ᠭᠡᠮᠡᠨ ᠪᠠᠶᠠᠷ ᠤ᠋ᠨ ᠨᠢᠯᠪᠤᠰᠤ ᠤᠨᠠᠭᠠᠨ ᠵᠠᠬᠢᠭᠰᠠᠨ ᠤᠴᠢᠷ ᠢ ᠴᠥᠮ ᠮᠠᠰᠢ ᠲᠦᠷᠭᠡᠨ ᠪᠦᠲᠦᠭᠡᠵᠦ ᠥᠭᠪᠡ᠃ 
       ᠬᠡᠳᠦᠨ ᠡᠳᠦᠷ ᠦ᠋ᠨ ᠳᠠᠷᠠᠭ᠎ᠠ ᠵᠣᠣ ᠢᠦᠢ ᠵᠣ᠌ ᠨᠠᠷ ᠮᠣᠷᠳᠠᠬᠤᠢ ᠳ᠋ᠤᠷ ᠬᠥᠭᠰᠢᠨ ᠪᠣᠮᠪᠣ ᠬᠣᠶᠠᠷ ᠪᠠᠭ᠎ᠠ ᠱᠠᠪᠢ ᠪᠠᠨ ᠲᠦᠰᠢᠵᠦ ᠢᠯᠠᠭᠠᠨ ᠤ᠋ ᠦᠯᠳᠡᠭᠦᠷ ᠪᠠᠷᠢᠵᠤ ᠥᠭᠯᠢᠭᠡ ᠶ᠋ᠢᠨ ᠡᠵᠡᠳ ᠦ᠋ᠨ ᠥᠨᠢ ᠤᠳᠠᠭᠠᠨ ᠪᠠᠶᠠᠨ ᠡᠷᠬᠢᠮ ᠢ᠋ ᠡᠳ᠋ᠯᠡᠨ ᠨᠠᠰᠤᠨ ᠪᠤᠶᠠᠨ ᠨᠠᠷᠠᠰᠤ ᠮᠠᠢᠯᠠᠰᠤ ᠮᠡᠲᠦ ᠪᠣᠯᠲᠤᠭᠠᠢ ᠭᠡᠮᠡᠨ ᠳᠠᠭᠠᠳᠬᠠᠨ ᠵᠠᠯᠪᠠᠷᠢᠵᠤ ᠳᠠᠯᠳᠠ ᠣᠷᠣᠲᠠᠯ᠎ᠠ ᠵᠣᠭᠰᠣᠵᠤ ᠮᠣᠷᠳᠠᠭᠤᠯᠤᠭᠠᠳ ᠰᠠᠶᠢ ᠰᠦᠮ᠎ᠡ ᠳ᠋ᠡᠭᠡᠨ ᠪᠤᠴᠠᠪᠠ᠃ ᠵᠣᠣ ᠢᠦᠢ ᠵᠣ᠌ ᠶ᠋ᠢᠨ ᠡᠬᠡ ᠬᠥᠪᠡᠭᠦᠨ ᠭᠣᠣ ᠶ᠋ᠢᠨ ᠶᠠᠩ ᠤ᠋ᠨ ᠡᠬᠡ ᠬᠡᠦᠬᠡᠨ ᠠᠷᠪᠠᠭᠠᠳ ᠵᠢᠯ ᠰᠠᠭᠤᠭᠰᠠᠨ ᠰᠡᠳᠬᠢᠭᠰᠡᠨ ᠢ᠋ ᠪᠦᠲᠦᠭᠡᠭᠴᠢ ᠰᠦᠮ᠎ᠡ ᠡᠴᠡ ᠨᠢᠭᠡᠨᠲᠡ ᠰᠠᠯᠬᠤ ᠪᠣᠯᠤᠭᠰᠠᠨ ᠳ᠋ᠤᠷ ᠬᠠᠷᠢᠨ ᠨᠤᠲᠤᠭ ᠤᠰᠤᠨ ᠠ᠋ᠴᠠ ᠪᠠᠨ ᠰᠠᠯᠵᠤ ᠣᠳᠬᠤ ᠮᠡᠲᠦ ᠰᠡᠳᠬᠢᠯ ᠲᠦᠪᠳᠡᠬᠦ ᠦᠭᠡᠢ ᠨᠢᠯᠪᠤᠰᠤ ᠤᠨᠠᠭᠠᠨ ᠬᠡᠵᠢᠶ᠎ᠡ ᠳᠠᠬᠢᠨ ᠢᠷᠡᠭᠡᠰᠡᠢ ᠭᠡᠮᠡᠨ ᠵᠥᠩᠨᠡᠪᠡ᠃ ᠢᠯᠠᠩᠭᠤᠶ᠎ᠠ ᠪᠠᠭ᠎ᠠ ᠠ᠋ᠴᠠ ᠡᠨᠡ ᠰᠦᠮ᠎ᠡ ᠳ᠋ᠦ᠍ᠷ ᠥᠰᠦᠭᠰᠡᠨ ᠾᠦᠢ ᠡᠯ ᠢ ᠨᠡᠩ ᠶᠠᠭᠤᠨ ᠥᠭᠦᠯᠡᠬᠦ ᠠᠵᠠᠢ᠃ 
       ᠵᠣᠣ ᠢᠦᠢ ᠵᠣ᠌ ᠭᠣᠣ ᠶ᠋ᠢᠨ ᠶᠠᠩ ᠨᠠᠷ ᠢᠦ ᠰᠢᠶᠠᠨ ᠤ᠋ ᠬᠠᠮᠲᠤ ᠰᠢᠳᠠᠷ ᠡᠷᠡᠰ ᠢ᠋ᠶ᠋ᠡᠨ ᠠᠪᠴᠤ ᠡᠷᠲᠡ ᠣᠷᠣᠢ ᠴᠢᠷᠮᠠᠢᠨ ᠶᠠᠪᠤᠭᠰᠠᠭᠠᠷ ᠡᠪᠦᠯ ᠦ᠋ᠨ ᠰᠡᠭᠦᠯᠴᠢ ᠪᠡᠷ ᠬᠠᠷ᠎ᠠ ᠬᠣᠷᠢᠨ ᠳ᠋ᠤᠷ ᠬᠦᠷᠴᠦ ᠢᠷᠡᠪᠡ᠃ ᠲᠡᠳᠦᠢ ᠳ᠋ᠦ᠍ᠷ ᠥᠭᠡᠳᠡᠢ ᠬᠠᠭᠠᠨ ᠨᠢᠭᠡᠨᠲᠡ ᠲᠡᠭᠷᠢ ᠪᠣᠯᠤᠭᠠᠳ ᠲᠡᠷᠢᠭᠦᠨ᠎ᠡ ᠬᠠᠲᠤᠨ ᠲᠥᠷᠥ ᠶ᠋ᠢ ᠪᠠᠷᠢᠵᠤ ᠠᠬᠤ ᠴᠠᠭ ᠪᠣᠯᠠᠢ᠃ ᠬᠠᠭᠠᠨ ᠤ᠋ ᠬᠠᠭᠤᠴᠢᠨ ᠲᠦᠰᠢᠮᠡᠳ ᠴᠥᠮ ᠤᠲᠤᠭ᠎ᠠ ᠤᠨᠢᠶᠠᠷ ᠮᠡᠲᠦ ᠰᠠᠷᠨᠢᠨ ᠬᠣᠴᠣᠷᠤᠭᠰᠠᠨ ᠠᠨᠤ ᠡᠳᠦᠷ ᠦ᠋ᠨ ᠣᠳᠣᠨ ᠮᠡᠲᠦ ᠴᠥᠭᠡᠨ ᠪᠣᠯᠪᠠᠢ᠃ ᠲᠥᠪ ᠴᠢᠬᠡᠴᠢ ᠰᠠᠢᠳ ᠡᠷᠳᠡᠮᠲᠡᠨ ᠬᠡᠷᠡᠭ ᠡᠴᠡ ᠵᠠᠢᠯᠠᠵᠤ ᠠᠰᠢᠭ ᠬᠣᠵᠢᠪᠤᠷᠢ ᠳ᠋ᠤᠷ ᠳᠤᠷᠠᠲᠠᠢ ᠠᠷᠠᠳ ᠠᠪᠳᠤᠯ ᠂ ᠯᡁᠮᠠᠨ ᠤ᠋ ᠡᠭᠦᠳᠡᠨ᠎ᠡ ᠪᠠᠭᠲᠠᠬᠤ ᠦᠭᠡᠢ ᠴᠢᠬᠢᠯᠳᠦᠨ ᠲᠥᠷᠥ ᠶ᠋ᠢᠨ ᠶᠣᠰᠣ ᠨᠢᠭᠡᠨᠲᠡ ᠰᠠᠮᠠᠭᠤᠷᠠᠨ ᠬᠠᠷ᠎ᠠ ᠬᠣᠷᠢᠨ ᠤ᠋ ᠪᠠᠢᠳᠠᠯ ᠳᠦᠷᠰᠦ ᠥᠩᠭᠡᠷᠡᠭᠰᠡᠨ ᠯᠦ᠍ᠭᠡ ᠠᠳᠠᠯᠢᠳᠬᠠᠰᠢ ᠦᠭᠡᠢ ᠪᠣᠯᠪᠠᠢ᠃ ᠢᠦ ᠰᠢᠶᠠᠨ ᠤᠷᠲᠤ ᠰᠡᠭᠦᠷᠡᠰᠦ ᠠᠯᠲᠠᠨ ᠵᠣᠣ ᠢᠦᠢ ᠵᠣ᠌ ᠨᠠᠷ ᠢ᠋ ᠤᠷᠢᠳᠴᠢᠯᠠᠨ ᠥᠪᠡᠷᠦᠨ ᠬᠣᠷᠣᠭᠠᠨ ᠳ᠋ᠤᠷ ᠬᠥᠯ ᠠᠮᠤᠰᠬᠢᠲᠤᠭᠠᠢ ᠭᠡᠮᠡᠨ ᠵᠠᠯᠠᠵᠤ ᠵᠢᠴᠢ ᠬᠥᠮᠦᠨ ᠶᠠᠪᠤᠭᠤᠯᠵᠤ ᠦᠵᠡᠪᠡᠰᠦ ᠥᠩᠭᠡᠷᠡᠭᠰᠡᠨ ᠬᠠᠭᠠᠨ ᠤ᠋ ᠵᠣᠣ ᠢᠦᠢ ᠵᠣ᠌ ᠳ᠋ᠤᠷ ᠱᠠᠩᠨᠠᠭᠰᠠᠨ ᠭᠡᠷ ᠬᠣᠷᠣᠭ᠎ᠠ ᠨᠢᠭᠡᠨᠲᠡ ᠪᠡᠯᠡᠬᠡᠨ ᠪᠣᠯᠵᠤ ᠴᠡᠷᠢᠭ ᠦ᠋ᠨ ᠠᠷᠠᠳ ᠢ᠋ᠶ᠋ᠠᠷ ᠰᠠᠬᠢᠭᠤᠯᠵᠤ ᠰᠠᠭᠤᠮᠤᠢ ᠬᠡᠮᠡᠬᠦ ᠲᠤᠯᠠ ᠬᠠᠷᠢᠨ ᠰᠠᠢᠨ ᠵᠣᠣ ᠭᠣᠣ ᠬᠣᠶᠠᠷ ᠠᠢᠯ  ᠢ᠋ᠶ᠋ᠠᠷ ᠢ᠋ᠶ᠋ᠠᠨ ᠴᠥᠮ ᠬᠥᠮᠦᠨ ᠠᠮᠠ ᠴᠥᠭᠡᠨ ᠲᠤᠯᠠ ᠬᠡᠨ ᠠᠯᠢᠨ ᠳ᠋ᠠᠭᠠᠨ ᠬᠠᠨᠢ ᠪᠣᠯᠵᠤ ᠬᠠᠮᠲᠤ ᠰᠠᠭᠤᠬᠤ ᠳᠤᠷᠠᠲᠠᠢ ᠲᠤᠯᠠ ᠪᠠᠰᠠ ᠨᠢᠭᠡ ᠵᠦᠢᠯ ᠦ᠋ᠨ ᠳᠥᠭᠥᠮ ᠪᠣᠯᠪᠠ᠃ ᠢᠦ ᠰᠢᠶᠠᠨ ᠬᠠᠭᠠᠨ ᠤ᠋ ᠵᠠᠷᠯᠢᠭ  ᠢ᠋ᠶ᠋ᠠᠷ ᠶᠠᠪᠤᠭᠰᠠᠨ ᠲᠤᠯᠠ ᠵᠣᠣ ᠢᠦᠢ ᠵᠣ᠌ ᠬᠣᠶᠠᠭᠤᠯᠠ ᠳᠣᠲᠣᠭᠠᠳᠤ ᠣᠷᠳᠣᠨ ᠤ᠋ ᠬᠡᠷᠡᠭ ᠰᠢᠳᠬᠡᠬᠦ ᠭᠠᠵᠠᠷ ᠲᠤᠷ ᠲᠡᠷᠢᠭᠦᠨ᠎ᠡ ᠬᠠᠲᠤᠨ ᠳ᠋ᠤᠷ ᠪᠠᠷᠠᠭᠠᠯᠠᠨ ᠬᠠᠲᠤᠨ ᠳ᠋ᠤᠷ ᠬᠥᠶᠦᠭ ᠦ᠋ᠨ ᠡᠷᠭᠦᠮᠡᠯ ᠭᠣᠣ ᠶ᠋ᠢᠨ ᠶᠠᠩ ᠡᠬᠡ ᠬᠥᠪᠡᠭᠦᠨ ᠬᠠᠮᠲᠤ ᠢᠷᠡᠭᠰᠡᠨ ᠢ ᠮᠡᠳᠡᠭᠦᠯᠦᠭᠰᠡᠨ ᠳ᠋ᠦ᠍ᠷ ᠬᠠᠲᠤᠨ ᠮᠠᠰᠢ ᠪᠡᠶᠡᠰᠴᠦ ᠵᠣᠣ ᠢᠦᠢ ᠵᠣ᠌ ᠂ ᠢᠦ ᠰᠢᠶᠠᠨ ᠢ ᠰᠠᠢᠰᠢᠶᠠᠨ ᠱᠠᠩ ᠬᠡᠰᠢᠭ ᠦᠯᠡᠮᠵᠢ ᠬᠦᠷᠲᠡᠭᠡᠵᠦ ᠥᠭᠦᠯᠡᠷᠦᠨ :《ᠭᠦᠶᠦᠭ ᠲᠡᠳᠦᠢ ᠳ᠋ᠦ᠍ᠷ ᠬᠡᠳᠦᠢᠬᠡᠨ ᠭᠡᠮᠡᠨ ᠬᠡᠦᠬᠡᠳ ᠡᠷᠭᠦᠵᠦ ᠠᠪᠬᠤ ᠪᠣᠢ ! 》ᠭᠡᠮᠡᠨ ᠢᠨᠢᠶᠡᠳᠦ ᠠᠯᠲᠠᠨ ᠵᠢᠴᠢ ᠡᠳᠦᠷ ᠬᠥᠮᠦᠨ ᠣᠴᠢᠭᠤᠯᠵᠤ ᠲᠣᠬᠣᠨᠢᠭᠤᠯᠰᠤᠭᠠᠢ ᠬᠡᠮᠡᠬᠦ ᠡᠴᠡ ᠪᠤᠰᠤ ᠥᠭᠡᠷ᠎ᠡ ᠵᠠᠷᠯᠢᠭ ᠦᠭᠡᠢ ᠳ᠋ᠦ᠍ᠷ ᠤᠬᠤᠷᠢᠨ ᠭᠠᠷᠴᠤ ᠢᠷᠡᠭᠡᠳ ᠵᠢᠴᠢ ᠡᠳᠦᠷ ᠬᠠᠲᠤᠨ ᠤ᠋ ᠡᠯᠴᠢ ᠶ᠋ᠢ ᠤᠭᠲᠤᠬᠤ ᠪᠡᠯᠡᠳᠬᠡᠯ ᠬᠢᠬᠦ ᠬᠡᠷᠡᠭ ᠲᠡᠢ ᠲᠤᠯᠠ ᠶᠠᠭᠠᠷᠠᠨ ᠪᠤᠴᠠᠪᠠ᠃ 
       ᠥᠭᠦᠯᠡᠬᠦ ᠢᠨᠦ ᠰᠤᠯᠠ ᠬᠠᠲᠤᠨ ᠪᠠᠳᠮ᠎ᠠ ᠬᠠᠲᠤᠨ ᠤ᠋ ᠳᠡᠷᠭᠡᠳᠡ ᠪᠠᠢᠭᠰᠠᠨ ᠲᠤᠯᠠ ᠬᠠᠲᠤᠨ ᠤ᠋ ᠠᠴᠢ ᠬᠡᠦᠬᠡᠨ ᠲᠡᠢ ᠪᠣᠯᠤᠭᠰᠠᠨ ᠳ᠋ᠤᠷ ᠪᠠᠶᠠᠷ ᠬᠦᠷᠭᠡᠵᠦ ᠡᠪᠦᠳᠦᠭ ᠳᠠᠷᠤᠬᠤᠢ ᠳ᠋ᠤᠷ ᠬᠠᠲᠤᠨ ᠵᠢᠴᠢ ᠡᠳᠦᠷ ᠦ᠋ᠨ ᠤᠴᠢᠷ ᠢ᠋ ᠵᠥᠪᠳᠡᠪᠡᠰᠦ ᠰᠤᠯᠠ ᠬᠠᠲᠤᠨ ᠪᠠᠳᠮ᠎ᠠ ᠥᠭᠦᠯᠡᠷᠦᠨ : ᠬᠥᠶᠦᠭ ᠬᠠᠨ ᠤ᠋ ᠡᠷᠭᠦᠮᠡᠯ ᠳᠠᠷᠤᠢ ᠬᠠᠲᠤᠨ ᠤ᠋ ᠠᠴᠢ ᠪᠣᠯᠤᠮᠤᠢ᠃ ᠶᠣᠰᠣᠨ ᠳ᠋ᠠᠭᠠᠨ ᠬᠡᠦᠬᠡᠨ ᠬᠥᠮᠦᠨ ᠢ᠋ ᠣᠷᠳᠣᠨ ᠤ᠋ ᠭᠠᠳᠠᠨ᠎ᠠ ᠰᠠᠭᠤᠯᠭᠠᠬᠤ ᠶᠣᠰᠣ ᠦᠭᠡᠢ ᠂ ᠣᠷᠳᠣᠨ ᠳ᠋ᠤᠷ ᠠᠪᠴᠤ ᠢᠷᠡᠪᠡᠰᠦ ᠵᠣᠬᠢᠮᠤᠢ᠃ ᠭᠡᠲᠡᠯ᠎ᠡ ᠡᠬᠡ ᠢᠨᠤ ᠲᠠᠭᠠᠯᠴᠠᠬᠤ ᠲᠤᠯᠠ ᠶᠠᠮᠠᠷ ᠬᠤᠪᠢ ᠪᠠᠷ ᠲᠡᠭᠦᠨ ᠢ ᠣᠷᠲᠣᠨ᠎ᠠ ᠠᠬᠤᠭᠤᠯᠬᠤ ᠪᠣᠢ᠃ ᠡᠬᠡ ᠬᠡᠦᠬᠡᠨ ᠢ᠋ ᠰᠠᠯᠭᠠᠰᠤᠭᠠᠢ ᠬᠡᠮᠡᠪᠡᠰᠦ ᠪᠠᠰᠠ ᠵᠦᠢ ᠳ᠋ᠦ᠍ᠷ ᠨᠡᠢᠴᠡᠬᠦ ᠦᠭᠡᠢ ᠲᠤᠯᠠ ᠨᠢᠭᠡᠨ ᠭᠡᠷ ᠬᠣᠷᠣᠭᠠᠨ ᠵᠢᠭᠠᠵᠤ ᠲᠦᠷ ᠠᠬᠤᠭᠤᠯᠵᠤ ᠵᠢᠴᠢ ᠲᠡᠭᠦᠨ ᠦ᠌ ᠡᠴᠢᠭᠡ ᠳ᠋ᠦ᠍ᠷ ᠲᠤᠰᠢᠶᠠᠵᠤ ᠬᠡᠷᠬᠢᠬᠦ ᠶ᠋ᠢ ᠲᠡᠳᠡ ᠥᠪᠡᠷᠰᠡᠳ ᠢ᠋ᠶ᠋ᠡᠨ ᠮᠡᠳᠡᠮᠦᠢ ᠊ᠶ᠎ᠠ ᠭᠡᠮᠡᠨ ᠵᠢᠭᠲᠡᠢ ᠢᠨᠢᠶᠡᠬᠦᠢ ᠳ᠋ᠦ᠍ᠷ ᠬᠠᠲᠤᠨ ᠮᠥᠨ ᠢᠨᠢᠶᠡᠵᠦ ᠴᠢ ᠮᠡᠳᠡᠲᠦᠭᠡᠢ ᠭᠡᠮᠡᠨ ᠲᠤᠰᠢᠶᠠᠪᠠ᠃ 
       ᠰᠤᠯᠠ ᠬᠠᠲᠤᠨ ᠪᠠᠳᠮ᠎ᠠ ᠡᠳᠦᠢᠬᠡᠨ ᠤᠴᠢᠷ ᠲᠤᠷ ᠬᠥᠳᠡᠯᠬᠦ ᠬᠥᠮᠦᠨ ᠶᠡᠷᠦ ᠪᠤᠰᠤ ᠪᠥᠯᠥᠭᠡ᠃ ᠪᠣᠯᠬᠤ ᠭᠡᠵᠦ ᠠᠬᠤ ᠰᠢᠨ᠎ᠡ ᠬᠠᠭᠠᠨ ᠳ᠋ᠤᠷ ᠰᠠᠢᠨᠲᠠᠢ ᠪᠣᠯᠬᠤ ᠵᠠᠪᠰᠢᠶᠠᠨ ᠭᠡᠮᠡᠨ ᠪᠠᠶᠠᠷᠲᠠᠢ ᠬᠦᠯᠢᠶᠡᠨ ᠠᠪᠴᠤ ᠶᠡᠬᠡ ᠬᠡᠷᠡᠭ ᠪᠣᠯᠭᠠᠨ ᠣᠷᠳᠣᠨ ᠤ᠋ ᠬᠡᠷᠡᠭ ᠮᠡᠳᠡᠬᠦ ᠡᠬᠡᠨᠡᠷ ᠥᠬᠢᠳ ᠢ᠋ ᠵᠠᠬᠢᠷᠴᠤ ᠬᠥᠶᠦᠭ ᠦ᠋ᠨ ᠡᠷᠭᠦᠮᠡᠯ ᠳ᠋ᠦ᠍ᠷ ᠥᠭᠬᠦ ᠱᠠᠩ ᠬᠡᠰᠢᠭ ᠦ᠋ᠨ ᠵᠦᠢᠯ ᠢ᠋ ᠵᠢᠭᠰᠠᠭᠠᠨ ᠨᠢᠳᠦᠯᠡᠵᠦ ᠠᠮᠤᠢ᠃ ᠦᠵᠡᠪᠡᠰᠦ : ᠲᠥᠷᠥ ᠶ᠋ᠢᠨ ᠬᠤᠪᠴᠠᠰᠤ ᠬᠣᠶᠠᠷ ᠵᠠᠬ᠎ᠠ ᠂ ᠠᠯᠲᠠᠨ ᠭᠣᠣ ᠨᠢᠭᠡ ᠬᠣᠣᠰ ᠂ ᠮᠢᠭᠤᠢ ᠶ᠋ᠢᠨ ᠨᠢᠳᠦ ᠰᠢᠭᠢᠳᠬᠡᠭᠰᠡᠨ ᠠᠷᠠᠹ ᠠᠯᠲᠠᠨ ᠬᠦᠵᠦᠭᠦᠨ ᠦ᠌ ᠪᠠᠭᠤᠤ ᠨᠢᠭᠡ ᠂ ᠲᠦᠷᠺᠮᠸᠨ ᠬᠤᠯᠤᠰᠤᠨ ᠰᠤᠪᠤᠳ ᠰᠦᠢᠬᠡ ᠨᠢᠭᠡ ᠬᠣᠣᠰ᠂ ᠠᠯᠮᠠᠰ ᠴᠢᠯᠠᠭᠤᠨ ᠲᠠᠲᠠᠭᠤᠷ ᠨᠢᠭᠡ ᠂ ᠪᠠᠳᠮᠠᠷᠠᠭ᠎ᠠ ᠬᠠᠳᠬᠤᠷ ᠳᠥᠷᠪᠡ᠂ ᠰᠢᠵᠢᠷ ᠠᠯᠲᠠᠨ ᠭᠠᠷ ᠤ᠋ᠨ ᠪᠠᠭᠤᠪᠴᠢ ᠬᠣᠶᠠᠷ ᠬᠣᠣᠰ᠂ ᠰᠢᠵᠢᠷ ᠠᠯᠲᠠᠨ ᠬᠥᠯ ᠦ᠋ᠨ ᠪᠠᠭᠤᠪᠴᠢ ᠬᠣᠶᠠᠷ ᠬᠣᠣᠰ᠂ ᠵᠢᠭᠠᠷ ᠨᠢᠭᠡ ᠬᠠᠢᠷᠴᠠᠭ᠂ ᠬᠤᠪᠴᠠᠯᠠᠬᠤ ᠲᠣᠯᠢ ᠬᠣᠶᠠᠷ᠂ ᠨᠢᠭᠤᠷ ᠤ᠋ᠨ ᠲᠣᠯᠢ ᠳᠥᠷᠪᠡ᠃ ᠬᠠᠭᠠᠨ ᠰᠠᠩ ᠤ᠋ᠨ ᠲᠠᠪᠢᠨ ᠯᠠᠩ ᠤ᠋ᠨ ᠥᠯᠥᠭᠡᠢ ᠲᠠᠪᠢ᠃ ᠡᠭᠦᠨ ᠡᠴᠡ ᠭᠠᠳᠠᠨ᠎ᠠ ᠣᠷᠳᠣᠨ ᠤ᠋ ᠪᠣᠰᠤᠭ᠎ᠠ ᠮᠠᠩᠨᠤᠭ᠂ ᠰᠠᠷᠠᠲᠠᠢ ᠲᠣᠷᠭ᠎ᠠ᠂ ᠴᠡᠴᠡᠭᠲᠦ ᠳᠠᠷᠳᠠ᠂ ᠴᠤᠯᠭᠤᠢ ᠳᠤᠷᠳᠤᠩ᠂ ᠠᠷᠲᠠᠢ ᠳᠤᠷᠳᠤᠮ ᠬᠡᠳᠦᠨ ᠠᠪᠳᠠᠷ᠎ᠠ ᠵᠡᠷᠭᠡ ᠪᠣᠢ᠃ 
       ᠵᠢᠴᠢ ᠡᠳᠦᠷ ᠪᠠᠳᠮ᠎ᠠ ᠬᠠᠲᠤᠨ ᠡᠳᠡᠭᠡᠷ ᠬᠦᠨᠳᠦ ᠱᠠᠩ ᠬᠡᠰᠢᠭ ᠢ᠋ᠶ᠋ᠡᠨ ᠠᠪᠴᠤ ᠦᠨᠡᠬᠡᠷ ᠵᠣᠣ ᠢᠦᠢ ᠵᠣ᠌ ᠶ᠋ᠢᠨ ᠬᠣᠷᠣᠭᠠᠨ᠎ᠠ ᠬᠦᠷᠴᠦ ᠢᠷᠡᠭᠰᠡᠨ ᠳ᠋ᠦ᠍ᠷ ᠵᠣᠣ ᠹᠦ ᠷᠸᠨ ᠤ ᠣᠯᠠᠨ ᠪᠡᠯᠡᠳᠬᠡᠯ ᠲᠡᠢ ᠪᠠᠢᠭᠰᠠᠨ ᠠ᠋ᠴᠠ ᠭᠣᠣᠯ ᠶᠡᠬᠡ ᠬᠠᠭᠠᠯᠭ᠎ᠠ ᠪᠠᠨ ᠨᠡᠭᠡᠭᠡᠨ ᠤᠯᠠᠭᠠᠨ ᠬᠡᠪᠢᠰ ᠳᠡᠪᠢᠰᠬᠡᠷᠯᠡᠵᠦ ᠬᠦᠵᠢ ᠰᠢᠲᠠᠭᠠᠨ ᠤᠭᠲᠤᠵᠤ ᠰᠡᠦᠬᠡ ᠶ᠋ᠢ ᠳᠣᠲᠣᠭᠠᠳᠤ ᠡᠭᠦᠳᠡᠨ ᠳ᠋ᠦ᠍ᠷ ᠪᠠᠭᠤᠯᠭᠠᠨ ᠭᠣᠣ ᠹᠦ ᠷᠸᠨ᠂ ᠭᠣᠣ ᠶ᠋ᠢᠨ ᠶᠠᠩ ᠡᠬᠡ ᠥᠬᠢᠨ ᠬᠣᠶᠠᠭᠤᠯᠠ ᠪᠠᠳᠮ᠎ᠠ ᠶ᠋ᠢ ᠲᠦᠰᠢᠵᠦ ᠪᠠᠭᠤᠯᠭᠠᠨ ᠭᠣᠣᠯ ᠲᠠᠩᠬᠢᠮ ᠳ᠋ᠤᠷ ᠵᠠᠯᠠᠪᠠ᠃ ᠲᠡᠳᠦᠢ ᠳ᠋ᠦ᠍ᠷ ᠵᠢᠶᠧ ᠹᠧᠢ ᠂ ᠵᠧᠨ ᠪᠦᠸᠧ ᠨᠠᠷ ᠴᠥᠮ ᠤᠭᠲᠤᠬᠤ ᠪᠠᠷ ᠭᠠᠷᠴᠤ ᠢᠷᠡᠨ ᠬᠠᠷᠢᠯᠴᠠᠨ ᠡᠪᠦᠳᠦᠭ ᠳᠠᠷᠤᠵᠤ ᠶᠣᠰᠣᠯᠠᠪᠠ᠃ ᠪᠠᠳᠮ᠎ᠠ ᠲᠡᠷᠢᠭᠦᠨ᠎ᠡ ᠬᠠᠲᠤᠨ ᠤ᠋ ᠵᠠᠷᠯᠢᠭ ᠭᠡᠮᠡᠨ ᠥᠭᠦᠯᠡᠪᠡᠰᠦ ᠭᠣᠣ ᠶ᠋ᠢᠨ ᠶᠠᠩ ᠰᠥᠭᠥᠳᠴᠦ ᠰᠣᠨᠣᠰᠤᠭᠠᠳ ᠬᠡᠰᠢᠭ ᠲᠣᠷ ᠮᠥᠷᠭᠥᠭᠰᠡᠨ ᠬᠣᠢᠨ᠎ᠠ ᠳᠠᠷᠤᠢ ᠰᠢᠷᠡᠭᠡ ᠵᠠᠰᠠᠵᠤ ᠤᠮᠳᠠ ᠪᠠᠷᠢᠵᠤ ᠵᠢᠮᠢᠰ ᠣᠷᠣᠭᠤᠯᠵᠤ ᠳᠠᠷᠠᠰᠤ ᠬᠤᠨᠳᠠᠭᠠᠯᠠᠨ ᠬᠢᠴᠢᠶᠡᠩᠭᠦᠢᠯᠡᠬᠦᠢ ᠳ᠋ᠦ᠍ᠷ ᠪᠠᠳᠮ᠎ᠠ ᠢᠨᠢᠶᠡᠨ ᠭᠣᠣ ᠶ᠋ᠢᠨ ᠶᠠᠩ ᠤ᠋ᠨ ᠭᠠᠷ ᠠ᠋ᠴᠠ ᠲᠠᠲᠠᠵᠤ ᠳᠡᠷᠭᠡᠳᠡ ᠪᠡᠨ ᠠᠪᠴᠤ ᠰᠠᠭᠤᠭᠠᠳ ᠨᠠᠷᠢᠨ ᠰᠢᠷᠳᠡᠵᠦ ᠥᠩᠭᠡ ᠵᠢᠰᠦ ᠶ᠋ᠢ ᠮᠠᠭᠲᠠᠨ᠂ ᠤᠬᠠᠭᠠᠨ ᠰᠠᠨᠠᠭ᠎ᠠ ᠶ᠋ᠢ ᠭᠠᠢᠬᠠᠨ ᠵᠣᠭᠰᠣᠬᠤ ᠦᠭᠡᠢ᠃ ᠡᠨᠡ ᠡᠳᠦᠷ ᠰᠠᠶᠢ ᠨᠢᠳᠦ ᠨᠡᠭᠡᠭᠡᠪᠡ ᠭᠡᠮᠡᠨ ᠳᠣᠲᠣᠨᠣᠴᠢᠯᠠᠨ ᠪᠦᠬᠦᠢ ᠳ᠋ᠦ᠍ᠷ ᠭᠣᠣ ᠶ᠋ᠢᠨ ᠶᠠᠩ ᠣᠷᠲᠣᠨ᠎ᠠ ᠣᠷᠣᠵᠤ ᠬᠡᠰᠢᠭ ᠲᠣᠷ ᠮᠥᠷᠭᠥᠰᠦᠭᠡᠢ ᠭᠡᠮᠡᠨ ᠳᠥᠭᠥᠮ ᠢ ᠠᠰᠠᠭᠤᠪᠠᠰᠤ ᠪᠠᠳᠮ᠎ᠠ ᠢᠨᠢᠶᠡᠨ ᠡᠢᠮᠦ ᠭᠠᠩᠭᠠᠨ ᠠᠴᠢ ᠥᠬᠢᠨ ᠢ᠋ᠶ᠋ᠡᠨ ᠦᠵᠡᠰᠦᠭᠡᠢ ᠭᠡᠮᠡᠨ ᠬᠠᠲᠤᠨ ᠡᠬᠡ ᠶᠠᠭᠠᠷᠠᠵᠤ ᠪᠣᠢ ᠲᠤᠯᠠ ᠮᠠᠷᠭᠠᠲᠠ ᠪᠢ ᠳᠣᠲᠣᠭᠠᠳᠤ ᠤᠷᠳᠣᠨ᠎ᠠ ᠬᠠᠭᠠᠯᠭ᠎ᠠ ᠳ᠋ᠤᠷ ᠠᠪᠠᠬᠠᠢ ᠶ᠋ᠢ ᠤᠭᠲᠤᠰᠤᠭᠠᠢ ᠭᠡᠮᠡᠨ ᠵᠠᠷᠯᠢᠭ ᠡᠭᠡᠭᠦᠯᠬᠦ ᠪᠡᠷ ᠪᠤᠴᠠᠪᠠ᠃ ᠪᠦᠭᠦᠳᠡᠭᠡᠷ ᠳᠣᠲᠣᠭᠠᠳᠤ ᠡᠭᠦᠳᠡ ᠭᠠᠷᠲᠠᠯ᠎ᠠ ᠮᠣᠷᠳᠠᠭᠤᠯᠤᠭᠠᠳ ᠪᠠᠳᠮ᠎ᠠ ᠶ᠋ᠢᠨ ᠬᠤᠷᠴᠠ ᠰᠡᠷᠭᠦᠯᠡᠩ᠂ ᠥᠩᠭᠡ ᠵᠢᠰᠦ ᠶ᠋ᠢ ᠭᠠᠢᠬᠠᠨ ᠶᠠᠷᠢᠯᠴᠠᠮᠤᠢ᠃ 
       ᠪᠠᠳᠮ᠎ᠠ ᠲᠡᠷᠢᠭᠦᠨ᠎ᠡ ᠬᠠᠲᠤᠨ ᠤ᠋ ᠵᠠᠷᠯᠢᠭ ᠢ᠋ᠶ᠋ᠠᠷ ᠶᠠᠪᠤᠬᠤ ᠲᠤᠯᠠ ᠪᠡᠶ᠎ᠡ ᠳ᠋ᠦ᠍ᠷ ᠲᠥᠷᠥ ᠶ᠋ᠢᠨ ᠶᠣᠰᠣᠯᠠᠯ ᠤ᠋ᠨ ᠬᠤᠪᠴᠠᠰᠤ ᠡᠮᠦᠰᠴᠦ ᠬᠠᠷ᠎ᠠ ᠲᠣᠷᠭᠠᠨ ᠭᠤᠲᠤᠯ ᠲᠠᠲᠠᠪᠠᠢ᠃ ᠴᠢᠷᠠᠢ ᠠᠨᠤ ᠠᠷᠢᠯᠭᠠᠭᠰᠠᠨ ᠥᠨᠳᠡᠭᠡ ᠮᠡᠲᠦ ᠴᠠᠭᠠ᠂ ᠭᠡᠵᠢᠭᠡ ᠢᠨᠤ ᠪᠡᠬᠡ ᠮᠡᠲᠦ ᠬᠠᠷ᠎ᠠ᠂ ᠬᠥᠮᠥᠰᠬᠡ ᠤᠷᠲᠤ ᠨᠢᠳᠦᠨ ᠪᠦᠳᠦᠭᠦᠨ ᠬᠠᠮᠪᠠᠷ ᠴᠡᠪᠡᠷᠬᠡᠨ ᠤᠷᠤᠭᠤᠯ ᠤᠯᠠᠭᠠᠨ ᠳᠤᠲᠠᠮᠠᠭ ᠵᠦᠢᠯ ᠦᠭᠡᠢ᠃ ᠭᠡᠲᠡᠯ᠎ᠡ ᠴᠠᠭᠠᠨ ᠠᠨᠤ ᠬᠡᠲᠦᠷᠡᠵᠦ ᠵᠢᠪᠡᠭᠦᠨ ᠪᠣᠯᠵᠤ ᠬᠠᠷ᠎ᠠ ᠠᠨᠤ ᠬᠡᠲᠦᠷᠡᠭᠡᠳ ᠬᠠᠷᠠᠩᠭᠤᠢ ᠶ᠋ᠢ ᠪᠣᠳᠣᠭᠳᠠᠭᠤᠯᠵᠤ ᠬᠥᠮᠦᠨ ᠳ᠋ᠦ᠍ᠷ ᠬᠤᠪᠢ  ᠦᠭᠡᠢ ᠦᠵᠡᠭᠳᠡᠮᠦᠢ᠃ 
       ᠢᠯᠠᠩᠭᠤᠶ᠎ᠠ ᠰᠢᠭᠤᠳ ᠨᠡᠪᠲᠡᠷᠡᠬᠦ ᠦᠭᠡᠢ ᠲᠤᠯᠠ ᠣᠷᠳᠣᠨ ᠤ᠋ ᠥᠬᠢᠳ ᠢ᠋ᠶ᠋ᠡᠷ ᠬᠡᠯᠡᠮᠦᠷᠴᠢᠯᠡᠭᠦᠯᠬᠦ ᠲᠤᠯᠠ ᠣᠨᠴᠠ ᠳᠥᠭᠥᠮ ᠦᠭᠡᠢ ᠰᠠᠨᠠᠭᠳᠠᠮᠤᠢ᠃ ᠭᠣᠣ ᠶ᠋ᠢᠨ ᠶᠠᠩ ᠨᠠᠷ ᠮᠣᠩᠭᠣᠯ ᠳ᠋ᠤᠷ ᠠᠮᠢᠳᠤᠷᠠᠬᠤ ᠲᠤᠯᠠ ᠮᠣᠩᠭᠣᠯ ᠬᠡᠯᠡ ᠰᠤᠷᠬᠤ ᠴᠢᠬᠤᠯᠠᠲᠠᠢ ᠪᠣᠯᠪᠠ᠃ ᠢᠷᠡᠬᠦ ᠡᠳᠦᠷ ᠪᠦᠬᠦ ᠮᠣᠩᠭᠣᠯ ᠢ ᠵᠠᠬᠢᠷᠬᠤ ᠡᠷᠬᠡ ᠬᠦᠨᠳᠦ᠂ ᠳᠥᠷᠪᠡᠨ ᠳᠠᠯᠠᠢ ᠳ᠋ᠤᠷ ᠠᠯᠳᠠᠷᠰᠢᠭᠰᠠᠨ᠂ ᠦᠵᠡᠵᠦ ᠲᠠᠨᠢᠭᠠᠳᠤᠢ ᠡᠮᠡᠭᠡ ᠶ᠋ᠢᠨ ᠬᠡᠰᠢᠭ ᠲᠣᠷ ᠮᠥᠷᠭᠥᠬᠦ ᠪᠡᠷ ᠣᠴᠢᠬᠤ ᠵᠢᠷᠦᠬᠡ ᠬᠦᠷᠬᠦ ᠦᠭᠡᠢ ᠠᠶᠤᠨ ᠴᠡᠴᠡᠷᠬᠢᠯᠡᠬᠦ ᠲᠤᠯᠠ ᠲᠡᠳᠦᠢ ᠶᠡᠬᠡ ᠱᠠᠩ ᠬᠡᠰᠢᠭ ᠲᠣᠷ ᠪᠠᠶᠠᠷᠯᠠᠬᠤ ᠵᠠᠪ ᠬᠠᠮᠢᠭ᠎ᠠ ᠪᠣᠢ ᠠᠵᠢ᠃ 
       ᠵᠢᠴᠢ ᠡᠳᠦᠷ ᠢᠤ ᠰᠢᠶᠠᠨ ᠵᠠᠩᠵᠤᠨ ᠢ᠋ ᠭᠤᠶᠤᠵᠤ ᠮᠣᠩᠭᠣᠯ ᠶᠣᠰᠣ ᠰᠤᠷᠲᠠᠯ ᠢ ᠪᠣᠯᠪᠠᠰᠤᠷᠠᠨ᠂ ᠵᠠᠮᠴᠢ ᠪᠥᠭᠡᠳ ᠬᠡᠯᠡᠮᠦᠷᠴᠢ ᠪᠣᠯᠭᠠᠨ ᠬᠠᠭᠠᠨ ᠣᠷᠳᠣᠨ ᠳ᠋ᠤᠷ ᠣᠴᠢᠬᠤ ᠪᠠᠷ ᠰᠡᠦᠬᠡ ᠲᠡᠷᠭᠡᠨ ᠳ᠋ᠦ᠍ᠷ ᠰᠠᠭᠤᠵᠤ ᠰᠦᠢ ᠶᠧ᠂ ᠶᠦᠨ ᠯᠠᠨ ᠨᠠᠷ ᠢ᠋ ᠳᠠᠭᠠᠭᠤᠯᠤᠨ ᠢᠦ ᠰᠢᠶᠠᠨ ᠵᠠᠩᠵᠤᠨ ᠢ ᠳᠠᠭᠠᠵᠤ ᠦᠵᠡᠪᠡᠰᠦ ᠬᠠᠷ᠎ᠠ ᠬᠣᠷᠢᠨ ᠲᠡᠢᠮᠦ ᠶᠡᠬᠡ ᠪᠢᠰᠢ ᠪᠣᠯᠪᠠᠴᠤ ᠬᠣᠲᠠ ᠶ᠋ᠢᠨ ᠪᠠᠷᠢᠯᠭ᠎ᠠ ᠰᠢᠨ᠎ᠡ ᠪᠥᠭᠡᠳ ᠴᠥᠮ ᠬᠥᠬᠡ ᠨᠣᠭᠣᠭᠠᠨ ᠬᠣᠶᠠᠷ ᠥᠩᠭᠡ ᠶ᠋ᠢᠨ ᠰᠢᠷᠳᠡᠮᠡᠯ ᠸᠠᠭᠠᠷ ᠲᠣᠭᠣᠰᠬ᠎ᠠ ᠪᠠᠷ ᠪᠠᠷᠢᠭᠰᠠᠨ ᠲᠤᠯᠠ ᠣᠨᠴᠠ ᠰᠦᠷ ᠵᠢᠪᠬᠤᠯᠠᠩᠲᠠᠢ ᠬᠠᠷᠠᠭᠳᠠᠮᠤᠢ᠃ ᠬᠣᠲᠠ ᠶ᠋ᠢᠨ ᠵᠡᠭᠦᠨ ᠬᠠᠭᠠᠯᠭ᠎ᠠ ᠶ᠋ᠢᠨ ᠭᠠᠳᠠᠨ᠎ᠠ ᠠᠮᠤ ᠬᠦᠨᠡᠰᠦᠨ ᠳᠡᠯᠭᠡᠭᠦᠷ ᠬᠤᠳᠠᠯᠳᠤᠭ᠎ᠠ ᠪᠣᠢ ᠪᠥᠭᠡᠳ ᠪᠠᠷᠠᠭᠤᠨ ᠡᠭᠦᠳᠡᠨ ᠦ᠌ ᠭᠠᠳᠠᠨ᠎ᠠ ᠬᠣᠨᠢ ᠮᠠᠯ ᠬᠤᠳᠠᠯᠳᠤᠬᠤ ᠲᠠᠯᠠᠪᠠᠢ ᠪᠠᠢᠵᠤ ᠡᠮᠦᠨᠡᠲᠦ ᠬᠠᠭᠠᠯᠭ᠎ᠠ ᠠᠨᠤ ᠲᠡᠷᠭᠡ ᠲᠤᠷᠪᠢ ᠶ᠋ᠢᠨ ᠬᠤᠳᠠᠯᠳᠤᠭ᠎ᠠ ᠶ᠋ᠢ ᠠᠠᠬᠤᠭᠤᠯᠵᠤ ᠬᠣᠢᠲᠤ ᠡᠭᠦᠳᠡᠨ ᠤ ᠭᠠᠳᠠᠨ᠎ᠠ ᠠᠳᠤᠭᠤ ᠠᠭᠲᠠ ᠵᠠᠷ ᠵᠡᠪᠡᠰᠡᠭ ᠬᠢᠲᠤᠭ᠎ᠠ ᠰᠢᠪᠦᠭᠡ ᠶ᠋ᠢᠨ ᠬᠤᠳᠠᠯᠳᠤᠭ᠎ᠠ ᠶ᠋ᠢᠨ ᠣᠷᠣᠨ ᠪᠣᠯᠠᠢ᠃ ᠬᠣᠲᠠ ᠳᠣᠲᠣᠷ᠎ᠠ ᠪᠠᠷᠠᠭᠤᠨ ᠡᠮᠦᠨᠡᠲᠦ ᠵᠡᠭᠡᠯᠢ ᠭᠤᠳᠤᠮᠵᠢ ᠪᠠᠷ ᠪᠠᠷᠠᠭ᠎ᠠ ᠲᠠᠸᠠᠷ ᠤ᠋ᠨ ᠳᠡᠯᠭᠡᠭᠦᠷ ᠦ᠋ᠳ ᠵᠢᠭᠰᠠᠭᠠᠨ ᠵᠣᠴᠢᠳ ᠤ᠋ᠨ ᠪᠠᠭᠤᠳᠠᠯ ᠵᠠᠯᠭᠠᠯᠳᠤᠨ ᠭᠠᠳᠠᠭᠠᠳᠤ ᠳᠣᠲᠣᠭᠠᠳᠤ ᠶ᠋ᠢᠨ ᠵᠣᠴᠢᠳ ᠢ᠋ ᠵᠣᠴᠢᠯᠠᠬᠤ ᠪᠣᠯᠠᠢ᠃ ᠬᠣᠲᠠ ᠶ᠋ᠢᠨ ᠭᠣᠣᠯ ᠵᠡᠭᠡᠯᠢ ᠶ᠋ᠢᠨ ᠪᠠᠷᠠᠭᠤᠨ ᠬᠣᠢᠲᠤ ᠲᠠᠯ᠎ᠠ  ᠪᠠᠷ ᠣᠯᠠᠨ ᠤᠯᠤᠰ ᠤ᠋ᠨ ᠰᠦᠮ᠎ᠡ ᠬᠡᠢᠳ ᠦ᠋ᠨ ᠥᠪᠡᠷᠮᠢᠴᠡ ᠶᠠᠩᠵᠤ ᠬᠡᠯᠪᠡᠷᠢ ᠶ᠋ᠢᠨ ᠪᠠᠷᠢᠯᠭ᠎ᠠ ᠵᠠᠯᠭᠠᠯᠳᠤᠨ ᠵᠤᠭᠠᠴᠠᠬᠤ ᠬᠥᠮᠦᠰ ᠦ᠋ᠨ ᠠᠩᠬᠠᠷᠤᠯ ᠢ ᠲᠠᠲᠠᠮᠤᠢ᠃ ᠢᠦ ᠰᠢᠶᠠᠨ ᠵᠠᠩᠵᠤᠨ ᠲᠡᠳᠡᠭᠡᠷ ᠰᠦᠮ᠎ᠡ  ᠨᠦ᠋ᠭᠥᠳ ᠢ᠋ ᠵᠢᠭᠠᠵᠤ ᠥᠭᠦᠯᠡᠷᠦᠨ: 《ᠡᠳᠡᠭᠡᠷ ᠰᠦᠮ᠎ᠡ ᠢᠨᠤ ᠧᠦ᠋ᠷᠣᠫᠠ ᠂ ᠠᠷᠠᠪ ᠂ ᠡᠨᠡᠳᠬᠡᠭ ᠂ ᠬᠢᠲᠠᠳ ᠂ ᠫᠧᠷᠰ ᠂ ᠲᠦᠷᠺᠮᠧᠨ ᠵᠡᠷᠭᠡ ᠭᠠᠵᠠᠷ ᠤ᠋ᠨ ᠬᠣᠷᠢᠭᠠᠳ ᠤᠯᠤᠰ ᠲᠤᠷ ᠬᠠᠷᠢᠶᠠᠯᠠᠭᠳᠠᠬᠤ ᠪᠥᠭᠡᠳ ᠠᠳᠠᠯᠢ ᠪᠤᠰᠤ ᠬᠡᠳᠦᠨ ᠵᠦᠢᠯ ᠦ᠋ᠨ ᠰᠢᠲᠦᠭᠡᠨ ᠰᠢᠲᠦᠮᠦᠢ ᠃ ᠡᠭᠦᠨ ᠳ᠋ᠦ᠍ᠷ ᠯᠠᠮ᠎ᠠ ᠶ᠋ᠢᠨ ᠱᠠᠰᠢᠨ ᠂ ᠢᠰᠯᠠᠮ ᠂ ᠾᠷᠢᠰᠲ᠋ᠣᠰ ᠰᠤᠷᠲᠠᠬᠤᠨ ᠪᠠᠭᠲᠠᠮᠤᠢ 》 ᠭᠡᠮᠡᠨ ᠪᠠᠰᠠ ᠬᠣᠲᠠ ᠶ᠋ᠢᠨ ᠭᠣᠣᠯ ᠤ᠋ᠨ ᠳᠣᠲᠣᠭᠠᠳᠤ ᠬᠣᠲᠠ ᠶ᠋ᠢ ᠵᠢᠭᠠᠵᠤ ᠲᠡᠷᠡ ᠳᠠᠷᠤᠢ ᠬᠠᠭᠠᠨ ᠤ᠋ ᠣᠷᠳᠣᠨ ᠪᠣᠯᠠᠢ ᠬᠡᠮᠡᠪᠡ᠃ ᠦᠵᠡᠪᠡᠰᠦ ᠰᠢᠷᠳᠡᠮᠡᠯ ᠰᠢᠷ᠎ᠠ ᠥᠩᠭᠡᠲᠦ ᠲᠣᠭᠣᠰᠬ᠎ᠠ ᠬᠡᠷᠡᠮ ᠢ ᠨᠣᠭᠣᠭᠠᠨ ᠰᠢᠷᠳᠡᠮᠡᠯ ᠸᠠᠭᠠᠷ ᠢ᠋ᠶ᠋ᠠᠷ ᠲᠡᠭᠡᠪᠦᠷᠢᠯᠡᠵᠦ᠂ ᠭᠣᠣᠯ ᠡᠭᠦᠳᠡ ᠶ᠋ᠢ ᠬᠠᠭᠠ ᠡᠵᠡᠨ ᠳ᠋ᠦ᠍ᠷ ᠰᠠᠶᠢ ᠨᠡᠭᠡᠭᠡᠵᠦ ᠥᠭᠬᠦ ᠲᠤᠯᠠ ᠵᠡᠭᠦᠨ ᠬᠠᠵᠠᠭᠤ ᠡᠭᠦᠳᠡ ᠪᠡᠷ ᠳᠣᠲᠣᠭᠰᠢᠯᠠᠪᠠᠰᠤ ᠡᠭᠦᠳᠡᠨ ᠦ᠌ ᠬᠡᠰᠢᠭᠲᠡᠨ ᠬᠡᠪᠲᠡᠭᠦᠯ ᠴᠥᠮ ᠵᠠᠷᠯᠢᠭ ᠢ᠋ ᠣᠯᠤᠭᠰᠠᠨ ᠲᠤᠯᠠ ᠦᠭᠡ ᠳᠠᠭᠤᠨ ᠦᠭᠡᠢ ᠵᠠᠮ ᠲᠠᠯᠪᠢᠵᠤ ᠥᠭᠪᠡ᠃ ᠳᠣᠲᠣᠭᠠᠳᠤ ᠬᠣᠲᠠ ᠶ᠋ᠢᠨ ᠳᠣᠲᠣᠷ᠎ᠠ ᠭᠠᠢᠬᠠᠮᠰᠢᠭᠲᠤ ᠮᠣᠳᠣ ᠦᠨᠡᠲᠦ ᠴᠡᠴᠡᠭ ᠵᠢᠮᠢᠰ  ᠢ᠋ᠶ᠋ᠡᠷ ᠴᠢᠮᠡᠭᠰᠡᠨ ᠮᠣᠩᠭᠣᠯ ᠂ ᠬᠢᠲᠠᠳ ᠂ ᠫᠧᠷᠰ ᠂ ᠠᠷᠠᠪ ᠂ ᠧᠦ᠋ᠷᠣᠫᠠ ᠬᠡᠯᠪᠡᠷᠢ ᠶ᠋ᠢᠨ ᠠᠰᠠᠷ ᠲᠠᠭᠲᠤ ᠤᠷᠲᠤ ᠬᠠᠷᠰᠢ ᠲᠤᠰ ᠲᠤᠰ ᠤ᠋ᠨ ᠣᠷᠣᠨ ᠨᠤᠲᠤᠭ ᠤ᠋ᠨ ᠳᠠᠷᠬᠠᠴᠤᠳ ᠤ᠋ᠨ ᠤᠷᠠᠨ ᠣᠨᠴᠠᠯᠢᠭ ᠢ᠋ ᠭᠠᠢᠬᠠᠭᠤᠯᠤᠨ ᠪᠦᠲᠦᠭᠡᠵᠦ ᠲᠤᠩᠭᠠᠯᠠᠭ ᠤᠷᠤᠰᠬᠠᠯ ᠳ᠋ᠤᠷ ᠵᠢᠭᠠᠰᠤ ᠵᠢᠷᠭᠠᠨ ᠨᠢᠭᠲᠠ ᠣᠢ ᠳ᠋ᠤᠷ ᠪᠣᠯᠵᠣᠮᠣᠷ ᠳᠣᠩᠭᠣᠳᠤᠨ ᠭᠣᠣ ᠶ᠋ᠢᠨ ᠶᠠᠩ ᠤ᠋ᠨ ᠪᠣᠳᠣᠭᠰᠠᠨ ᠮᠡᠲᠦ ᠠᠶᠤᠵᠤ ᠭᠡᠯᠮᠡᠯᠵᠡᠮᠡᠷ ᠰᠦᠷᠡᠬᠡᠢ ᠪᠤᠰᠤ ᠬᠠᠷᠢᠨ ᠴᠡᠴᠡᠷᠯᠢᠭ ᠲᠦ᠍ᠷ ᠣᠷᠣᠵᠤ ᠢᠷᠡᠭᠰᠡᠨ ᠮᠡᠲᠦ ᠰᠣᠨᠢᠷᠬᠠᠯᠲᠠᠢ ᠃ ᠢᠦ ᠰᠢᠶᠠᠨ ᠣᠯᠠᠨ ᠣᠷᠳᠣᠨ ᠬᠠᠷᠰᠢ ᠠ᠋ᠴᠠ ᠰᠦᠨᠳᠡᠷᠯᠡᠬᠦ ᠲᠡᠷᠡ ᠭᠤᠷᠪᠠᠨ ᠳᠠᠪᠬᠤᠷ ᠭᠣᠣᠯ ᠣᠷᠳᠣᠨ ᠢ᠋ ᠵᠢᠭᠠᠵᠤ ᠄《ᠲᠦᠮᠡᠨ ᠠᠮᠤᠭᠤᠯᠠᠩᠲᠤ ᠣᠷᠳᠣᠨ ᠬᠡᠮᠡᠭᠴᠢ ᠡᠨᠡ ᠪᠣᠯᠠᠢ᠃ ᠬᠢᠳᠠᠨ ᠤ᠋ ᠤᠷᠠᠴᠤᠳ ᠤ᠋ᠨ ᠪᠦᠲᠦᠭᠡᠯ ᠳᠡᠭᠡᠷ᠎ᠡ ᠫᠧᠷᠰ ᠦ᠋ᠨ ᠣᠷᠳᠣᠨ ᠤ᠋ ᠴᠡᠴᠡᠷᠯᠢᠭᠵᠢᠬᠦ ᠣᠨᠴᠠᠯᠢᠭ ᠢ᠋ ᠨᠡᠮᠡᠵᠦ ᠴᠢᠳᠠᠬᠤ ᠬᠢᠷᠢ ᠪᠡᠷ ᠮᠣᠩᠭᠣᠯ ᠤ᠋ᠨ ᠬᠠᠷᠢᠶᠠᠲᠤ ᠣᠯᠠᠨ ᠪᠠᠷᠢᠯᠭ᠎ᠠ ᠪᠠ ᠦᠵᠡᠮᠵᠢ ᠶ᠋ᠢ ᠪᠠᠭᠲᠠᠭᠠᠪᠠ ᠬᠡᠮᠡᠮᠦ᠃ ᠭᠣᠣᠯ ᠣᠷᠳᠣᠨ ᠬᠢᠭᠡᠳ ᠵᠢᠭᠦᠷ ᠣᠷᠳᠣᠨ ᠤ᠋ ᠬᠣᠭᠣᠷᠣᠨᠳᠣ ᠵᠢᠷᠤᠭᠲᠤ ᠰᠠᠷᠠᠪᠴᠢ ᠂ ᠰᠡᠢᠯᠦᠮᠡᠯ ᠬᠡᠷᠡᠰᠬᠡ ᠪᠡᠷ ᠬᠣᠯᠪᠣᠵᠤ ᠲᠠᠷᠠᠬᠠᠢ ᠪᠥᠭᠡᠲᠡᠯ᠎ᠡ ᠨᠢᠭᠡᠳᠦᠯᠲᠡᠢ ᠬᠠᠷᠠᠭᠳᠠᠵᠤ ᠲᠥᠪ ᠶᠡᠬᠡᠮᠰᠦᠭ ᠶᠣᠰᠣ ᠲᠤᠷᠢᠮ ᠢ᠋ᠶ᠋ᠠᠨ ᠠᠯᠳᠠᠭᠰᠠᠨ ᠦᠭᠡᠢ 》ᠭᠡᠮᠡᠨ ᠢᠦ ᠰᠢᠶᠠᠨ ᠠᠯᠭᠤᠷ ᠶᠠᠪᠤᠵᠤ ᠮᠣᠩᠭᠣᠯ ᠤ᠋ᠨ ᠣᠷᠳᠣᠨ ᠬᠠᠷᠰᠢ ᠶ᠋ᠢ ᠰᠣᠨᠢᠷᠬᠠᠭᠤᠯᠵᠤ ᠭᠣᠣᠯ ᠣᠷᠳᠣᠨ ᠳ᠋ᠤᠷ ᠬᠦᠷᠴᠦ ᠢᠷᠡᠪᠡᠰᠦ ᠰᠤᠯᠠ ᠬᠠᠲᠤᠨ ᠪᠠᠳᠮ᠎ᠠ ᠬᠡᠳᠦ᠋ᠢᠨᠠᠷ ᠬᠠᠰ ᠴᠠᠭᠠᠨ ᠰᠡᠢᠯᠦᠮᠡᠯ ᠴᠢᠯᠠᠭᠤᠨ ᠬᠥᠭᠥᠷᠭᠡ ᠳ᠋ᠦ᠍ᠷ ᠵᠣᠭᠰᠣᠵᠤ ᠤᠭᠲᠤᠪᠠ᠃ ᠭᠣᠣᠯ ᠣᠷᠳᠣᠨ ᠳ᠋ᠤᠷ ᠪᠤᠰᠤ ᠬᠠᠷᠢᠨ ᠳᠣᠲᠣᠭᠠᠳᠤ ᠣᠷᠳᠣᠨ ᠳ᠋ᠤᠷ  ᠪᠠᠷᠠᠭᠠᠯᠬᠠᠬᠤ ᠲᠤᠯᠠ ᠢᠦ ᠰᠢᠶᠠᠨ ᠣᠷᠣᠵᠤ ᠦᠯᠦ ᠪᠣᠯᠬᠤ ᠲᠤᠯᠠ ᠭᠣᠣ ᠶ᠋ᠢᠨ ᠶᠠᠩ ᠦᠭᠡ ᠨᠡᠪᠲᠡᠷᠡᠬᠦ ᠦᠭᠡᠢ ᠭᠡᠮᠡᠨ ᠪᠠᠴᠢᠮᠳᠠᠬᠤᠢ ᠳ᠋ᠤᠷ ᠪᠠᠳᠮ᠎ᠠ ᠶ᠋ᠢᠨ ᠠᠷᠤ ᠠ᠋ᠴᠠ ᠨᠢᠭᠡᠨ ᠠᠷᠤᠤᠬᠠᠨ ᠥᠬᠢᠨ ᠬᠢᠲᠠᠳ ᠬᠡᠯᠡ ᠪᠡᠷ ᠳᠣᠲᠣᠭᠰᠢ ᠮᠣᠷᠢᠯᠠᠭᠲᠤᠨ ᠭᠡᠮᠡᠨ ᠵᠠᠮ ᠤᠳᠤᠷᠢᠳᠤᠨ ᠭᠣᠣᠯ ᠣᠷᠳᠣᠨ ᠤ᠋ ᠵᠡᠭᠦᠨ ᠲᠣᠭᠣᠷᠢᠤ ᠰᠠᠷᠠᠪᠴᠢ ᠪᠠᠷ ᠳᠣᠲᠣᠭᠰᠢᠯᠠᠵᠤ ᠶᠠᠪᠤᠪᠠᠰᠤ ᠣᠷᠳᠣᠨ ᠬᠠᠷᠰᠢ ᠵᠠᠯᠭᠠᠯᠳᠤᠨ ᠣᠷᠳᠣᠨ ᠤ᠋ ᠥᠬᠢᠳ ᠡᠮᠡᠰ ᠰᠦᠯᠵᠢᠯᠳᠦᠨ ᠬᠥᠶᠦᠭ ᠬᠠᠨ ᠤ᠋ ᠡᠷᠭᠦᠮᠡᠯ ᠬᠡᠦᠬᠡᠨ ᠬᠠᠳᠤᠨ᠎ᠠ ᠪᠠᠷᠠᠭᠠᠯᠠᠷ᠎ᠠ ᠢᠷᠡᠪᠡ ᠭᠡᠮᠡᠨ ᠮᠡᠳᠡᠯᠴᠡᠭᠡᠳ ᠤᠭᠲᠤᠬᠤ ᠵᠠᠷᠯᠢᠭ ᠦᠭᠡᠢ ᠪᠣᠯᠪᠠᠴᠤ ᠴᠥᠮ ᠣᠷᠳᠣᠨ ᠤ᠋ ᠡᠭᠦᠳᠡᠨ ᠳ᠋ᠦ᠍ᠷ ᠵᠣᠭᠰᠣᠵᠤ ᠦᠵᠡᠰᠦᠭᠡᠢ ᠬᠡᠮᠡᠮᠦᠢ᠃ ᠭᠣᠣ ᠶ᠋ᠢᠨ ᠶᠠᠩ ᠪᠠᠳᠮ᠎ᠠ ᠬᠠᠲᠤᠨ ᠢ ᠳᠠᠭᠠᠵᠤ ᠬᠠᠯᠠᠬᠠᠪᠴᠢ ᠬᠡᠷᠡᠮ ᠢ᠋ ᠲᠣᠭᠣᠷᠢᠨ ᠣᠷᠣᠭᠰᠠᠨ ᠳ᠋ᠤᠷ ᠪᠠᠳᠮ᠎ᠠ ᠬᠠᠲᠤᠨ ᠥᠬᠢᠳ ᠢ᠋ᠶ᠋ᠡᠷ ᠳᠣᠲᠣᠭᠰᠢ ᠮᠡᠳᠡᠭᠦᠯᠵᠦ ᠭᠣᠣ ᠶ᠋ᠢᠨ ᠶᠠᠩ ᠢ᠋ ᠳᠠᠭᠠᠭᠤᠯᠤᠨ ᠰᠢᠭᠤᠳ ᠥᠪᠡᠷᠦᠨ ᠰᠠᠭᠤᠳᠠᠭ ᠵᠢᠭᠦᠷ ᠣᠷᠳᠣᠨ ᠳ᠋ᠤᠷ ᠠᠪᠴᠤ ᠢᠷᠡᠪᠡ᠃ ᠥᠬᠢᠳ ᠢᠷᠡᠵᠦ ᠭᠣᠣ ᠶ᠋ᠢᠨ ᠶᠠᠩ ᠢ᠋ ᠬᠠᠮᠵᠢᠯᠴᠠᠨ ᠭᠠᠷ ᠢ ᠤᠬᠢᠶᠠᠨ ᠭᠡᠵᠢᠭᠡ ᠦᠰᠦ ᠶ᠋ᠢ ᠵᠠᠰᠠᠭᠰᠠᠨ ᠬᠣᠢᠨ᠎ᠠ ᠴᠠᠢ ᠪᠠᠷᠢᠵᠤ ᠵᠢᠮᠢᠰ ᠣᠷᠣᠭᠤᠯᠪᠠ᠃ ᠪᠠᠳᠮ᠎ᠠ ᠬᠠᠲᠤᠨ : 《ᠡᠨᠳᠡ ᠪᠠᠬᠠᠨ ᠰᠡᠭᠬᠢᠵᠦ ᠵᠢᠴᠢ ᠪᠠᠷᠠᠭᠠᠯᠠᠰᠤᠭᠠᠢ 》ᠭᠡᠮᠡᠨ ᠨᠠᠷᠢᠨ ᠬᠠᠰ ᠬᠤᠨᠳᠠᠭ᠎ᠠ ᠠ᠋ᠴᠠ ᠴᠠᠢ ᠠᠮᠲᠠᠯᠠᠮᠤᠢ᠃ ᠭᠣᠣ ᠶ᠋ᠢᠨ ᠶᠠᠩ ᠦᠵᠡᠪᠡᠰᠦ ᠵᠢᠷᠤᠮᠠᠯ ᠳᠡᠭᠡᠪᠦᠷ ᠡᠭᠦᠯᠡᠨ ᠬᠥᠬᠡ ᠭᠠᠨᠲᠢᠭ ᠬᠦᠰᠡᠷ᠎ᠡ ᠫᠧᠷᠰ ᠬᠡᠪᠢᠰ ᠢ᠋ᠶ᠋ᠡᠷ ᠬᠡᠪᠢᠰᠯᠡᠵᠦ ᠲᠤᠭᠤᠷᠭ᠎ᠠ ᠪᠠᠨ ᠡᠩᠲᠡᠢ ᠲᠠᠵᠢ ᠪᠠᠷ ᠬᠥᠰᠢᠭᠡᠯᠡᠪᠡ᠃ ᠰᠠᠭᠤᠳᠠᠯ ᠰᠢᠷᠡᠭᠡ ᠴᠥᠮ ᠤᠯᠠᠭᠠᠨ ᠽᠠᠨᠳᠠᠨ᠂ ᠬᠠᠷ᠎ᠠ ᠠᠷᠲᠠᠢ ᠪᠠᠢᠵᠤ ᠴᠣᠮᠣ ᠬᠤᠨᠳᠠᠭ᠎ᠠ ᠴᠥᠮ ᠣᠭ᠌ᠶᠤ ᠬᠠᠰ ᠪᠣᠯᠣᠷ ᠤ᠋ᠨ ᠵᠦᠢᠯ ᠪᠤᠶᠤ᠃ ᠬᠠᠭᠠᠨ ᠰᠠᠩ ᠤ᠋ᠨ ᠪᠠᠶᠠᠨ ᠡᠷᠬᠢᠮ ᠦ᠋ᠨ ᠬᠢᠵᠠᠭᠠᠷᠯᠠᠰᠢ ᠦᠭᠡᠢ ᠶ᠋ᠢ ᠭᠠᠢᠬᠠᠵᠤ ᠪᠦᠬᠦᠢ ᠳ᠋ᠦ᠍ᠷ ᠣᠷᠳᠣᠨ ᠤ᠋ ᠥᠬᠢᠳ ᠢᠷᠡᠵᠦ ᠲᠣᠬᠢᠮᠠᠭᠴᠠ ᠪᠠᠳᠮ᠎ᠠ ᠬᠠᠲᠤᠨ ᠶᠠᠭᠠᠷᠠᠨ ᠲᠣᠯᠢᠨ ᠳ᠋ᠤᠷ ᠭᠡᠵᠢᠭᠡ ᠦᠰᠦ ᠪᠡᠨ ᠵᠠᠰᠠᠵᠤ ᠭᠣᠣ ᠶ᠋ᠢᠨ ᠶᠠᠩ ᠢ᠋ ᠳᠠᠭᠠᠭᠤᠯᠤᠨ ᠴᠡᠴᠡᠭ ᠤᠷᠭᠤᠮᠠᠯ ᠰᠡᠢᠯᠦᠭᠰᠡᠨ ᠴᠠᠭᠠᠨ ᠭᠠᠨᠲᠢᠭ ᠵᠠᠮ ᠢ᠋ᠶ᠋ᠠᠷ ᠶᠠᠪᠤᠵᠤ ᠪᠠᠰᠠ ᠨᠢᠭᠡᠨ ᠳᠠᠪᠬᠤᠷ ᠬᠠᠯᠬᠠᠪᠴᠢ ᠡᠭᠦᠳᠡᠨ ᠢ᠋ ᠣᠷᠣᠭᠠᠳ ᠰᠠᠶᠢ ᠳᠣᠲᠣᠭᠠᠳᠤ ᠶᠡᠬᠡ ᠣᠷᠳᠣᠨ ᠳ᠋ᠤᠷ ᠬᠦᠷᠴᠦ ᠢᠷᠡᠪᠡ᠃ 
       ᠣᠷᠳᠣᠨ ᠤ᠋ ᠥᠬᠢᠳ ᠬᠡᠳᠦᠢᠨᠡᠢ ᠵᠠᠮ ᠬᠠᠪᠴᠢᠨ ᠵᠣᠭᠰᠣᠵᠤ ᠡᠪᠦᠳᠦᠭ ᠳᠠᠷᠤᠵᠤ ᠤᠭᠲᠤᠨ ᠠᠪᠴᠤ ᠣᠷᠳᠣᠨ ᠤ᠋ ᠭᠣᠣᠯ ᠶᠡᠬᠡ ᠡᠭᠦᠳᠡ ᠪᠡᠷ ᠳᠠᠭᠠᠭᠤᠯᠤᠨ ᠣᠷᠣᠪᠠ᠃ ᠭᠣᠣ ᠶ᠋ᠢᠨ ᠶᠠᠩ ᠠᠶᠤᠮᠰᠢᠭ ᠦᠭᠡᠢ ᠳᠡᠭᠡᠭᠰᠢ ᠬᠠᠷᠠᠭᠰᠠᠨ ᠦᠭᠡᠢ ᠃ ᠲᠡᠷᠢᠭᠦᠨ᠎ᠡ ᠬᠠᠲᠤᠨ ᠰᠤᠯᠠ ᠬᠤᠪᠴᠠᠰᠤ ᠪᠠᠷ ᠥᠨᠳᠥᠷ ᠲᠠᠪᠴᠠᠩ ᠳ᠋ᠤᠷ ᠵᠢᠭᠰᠠᠭᠠᠭᠰᠠᠨ ᠠᠯᠲᠠᠨ ᠰᠢᠷᠡᠭᠡᠨ ᠳ᠋ᠦ᠍ᠷ ᠡᠮᠦᠨᠡᠰᠢ ᠬᠠᠨᠳᠤᠵᠤ ᠲᠥᠪ ᠶᠡᠬᠡᠮᠰᠦᠭ ᠰᠠᠭᠠᠳᠠᠮᠤᠢ᠃ ᠬᠡᠳᠦᠨ ᠡᠮᠡᠭᠲᠡᠢ ᠲᠦᠰᠢᠮᠡᠯ ᠡᠮᠦᠨ᠎ᠡ ᠢᠨᠤ ᠰᠥᠭᠥᠳᠴᠦ ᠬᠡᠷᠡᠭ ᠮᠡᠳᠡᠭᠦᠯᠦᠮᠦᠢ᠃ ᠭᠣᠣ ᠶ᠋ᠢᠨ ᠶᠠᠩ ᠨᠠᠷ ᠤ᠋ᠨ ᠭᠣᠣᠯ ᠡᠭᠦᠳᠡ ᠪᠡᠷ ᠣᠷᠣᠵᠤ ᠢᠷᠡᠬᠦ ᠶ᠋ᠢ ᠲᠡᠳᠡᠨᠦᠰ ᠦᠵᠡᠭᠡᠳ ᠬᠠᠳ ᠤ᠋ᠨ ᠤᠭᠰᠠᠭ᠎ᠠ ᠭᠡᠮᠡᠨ ᠮᠡᠳᠡᠵᠦ ᠶᠠᠭᠠᠷᠠᠨ ᠪᠣᠰᠴᠤ ᠬᠠᠵᠠᠭᠤ ᠲᠠᠰᠢ ᠪᠠᠨ ᠵᠠᠢᠯᠠᠨ ᠵᠣᠭᠰᠣᠵᠤᠬᠤᠢ᠃ ᠪᠠᠳᠮ᠎ᠠ ᠶᠠᠭᠠᠷᠠᠨ ᠣᠷᠣᠭᠰᠢ ᠲᠠᠪᠰᠢᠵᠤ ᠰᠥᠭᠥᠳᠦᠭᠡᠳ ᠭᠦᠶᠦᠭ ᠬᠠᠨ ᠤ᠋ ᠡᠷᠭᠦᠮᠡᠯ ᠭᠣᠣ ᠶ᠋ᠢᠨ ᠶᠠᠩ ᠬᠠᠲᠤᠨ ᠳ᠋ᠤᠷ ᠪᠠᠷᠠᠭᠠᠯᠠᠷ᠎ᠠ ᠢᠷᠡᠪᠡ ᠭᠡᠮᠡᠨ ᠭᠣᠣ ᠶ᠋ᠢᠨ ᠶᠠᠩ ᠢ᠋ ᠲᠣᠬᠢᠬᠤᠢ ᠳ᠋ᠤᠷ ᠭᠣᠣ ᠶ᠋ᠢᠨ ᠶᠠᠩ ᠶᠠᠭᠠᠷᠠᠨ ᠰᠥᠭᠥᠳᠴᠦ ᠠᠮᠤᠭᠤᠯᠠᠩ ᠢ᠋ ᠠᠢᠯᠠᠤᠬᠠᠨ ᠵᠢᠴᠢ ᠭᠤᠷᠪᠠᠳᠠ ᠰᠥᠭᠥᠳᠴᠦ ᠶᠢᠰᠦᠨ ᠵᠡᠷᠭᠡ ᠮᠥᠷᠭᠥᠵᠦ ᠳᠠᠬᠢᠨ ᠰᠥᠭᠥᠳᠴᠦ ᠵᠠᠷᠯᠢᠭ ᠢ᠋ ᠬᠦᠯᠢᠶᠡᠪᠡᠰᠦ ᠬᠠᠲᠤᠨ ᠤ᠋ ᠴᠢᠷᠠᠢ ᠳ᠋ᠤᠷ ᠢᠨᠢᠶᠡᠮᠰᠦᠭᠯᠡᠬᠦ ᠬᠤᠨᠢᠶᠠᠰᠤ ᠢᠯᠡᠷᠡᠨ ᠳᠡᠷᠭᠡᠳᠡᠬᠢ ᠬᠡᠯᠡᠮᠦᠷᠴᠢ ᠬᠡᠦᠬᠡᠨ ᠳ᠋ᠦ᠍ᠷ ᠬᠡᠳᠦᠨ ᠦᠭᠡ ᠠᠢᠯᠠᠳᠪᠠ᠃ ᠬᠡᠯᠡᠮᠦᠷᠴᠢ ᠬᠡᠦᠬᠡᠨ ᠭᠣᠣ ᠶ᠋ᠢᠨ ᠶᠠᠩ ᠤ᠋ᠨ ᠳᠡᠷᠭᠡᠳᠡ ᠢᠷᠡᠵᠦ ᠳᠣᠣᠷ᠎ᠠ ᠳᠠᠭᠤᠨ ᠢ᠋ᠶ᠋ᠠᠷ ᠬᠠᠲᠤᠨ ᠤ᠋ ᠵᠠᠷᠯᠢᠭ : ᠠᠪᠠᠬᠠᠢ ᠲᠠᠨ ᠢ᠋ ᠨᠢᠭᠡᠨᠲᠡ ᠠᠴᠢ ᠪᠣᠯᠤᠭᠰᠠᠨ ᠲᠤᠯᠠ ᠦᠷᠭᠦᠯᠵᠢ ᠢᠷᠡᠵᠦ ᠠᠪᠠᠰᠤ ᠳᠠᠰᠤᠯᠴᠠᠬᠤᠢ ᠳ᠋ᠤᠷ ᠰᠠᠢᠨ ᠬᠡᠮᠡᠭᠰᠡᠨ ᠪᠥᠭᠡᠳ ᠵᠢᠭᠦᠷ ᠣᠷᠲᠤᠨ᠎ᠠ ᠬᠤᠷᠢᠮ ᠬᠦᠷᠲᠡᠭᠡ᠂ ᠶᠠᠷᠢᠬᠤ ᠦᠭᠡ ᠪᠣᠢ ᠪᠥᠭᠡᠰᠦ ᠪᠠᠳᠮ᠎ᠠ ᠳ᠋ᠤᠷ ᠶᠠᠷᠢᠵᠤ ᠮᠡᠳᠡᠭᠦᠯ ᠬᠡᠮᠡᠪᠡ ᠬᠡᠮᠡᠭᠰᠡᠨ ᠳ᠋ᠦ᠍ᠷ ᠭᠣᠣ ᠶ᠋ᠢᠨ ᠶᠠᠩ ᠶᠠᠭᠠᠷᠠᠨ ᠬᠡᠰᠢᠭ ᠲᠣᠷ ᠭᠤᠷᠪᠠᠨ ᠵᠡᠷᠭᠡ ᠮᠥᠷᠭᠥᠵᠦ ᠪᠠᠳᠮ᠎ᠠ ᠶ᠋ᠢ ᠳᠠᠭᠠᠵᠤ ᠭᠠᠷᠴᠤ ᠢᠷᠡᠪᠡ᠃ ᠬᠠᠲᠤᠨ ᠤ᠋ ᠰᠦᠷ ᠭᠡᠷᠡᠯ ᠳ᠋ᠦ᠍ᠷ ᠭᠣᠣ ᠶ᠋ᠢᠨ ᠶᠠᠩ ᠨᠢᠭᠡᠮᠦᠰᠦᠨ ᠭᠥᠯᠢᠷᠡᠵᠦ ᠠᠯᠠᠷ ᠪᠠᠯᠠᠷ ᠪᠣᠯᠤᠭᠠᠳ ᠬᠠᠲᠤᠨ ᠤ᠋ ᠵᠢᠰᠦ ᠴᠢᠷᠠᠢ ᠶ᠋ᠢ ᠪᠣᠳᠣᠪᠠᠰᠤ - ᠰᠡᠳᠬᠢᠭᠰᠡᠨ ᠢ᠋ ᠪᠦᠲᠦᠭᠡᠭᠴᠢ ᠰᠦᠮ᠎ᠡ ᠶ᠋ᠢᠨ ᠭᠤᠸᠠᠨ ᠢᠨ ᠳᠠᠩ ᠤ᠋ᠨ ᠬᠣᠮᠰᠢᠮ ᠪᠣᠳᠢᠰᠠᠳ᠋ᠸ᠎ᠠ ᠶ᠋ᠢ ᠰᠠᠨᠠᠭᠠᠯᠵᠠᠬᠤ ᠪᠣᠯᠪᠠ᠃ 
       ᠬᠠᠲᠤᠨ ᠪᠠᠳᠮ᠎ᠠ ᠶ᠋ᠢᠨ ᠰᠠᠭᠤᠬᠤ ᠵᠢᠭᠦᠷ ᠣᠷᠳᠣᠨ ᠳ᠋ᠤᠷ ᠬᠤᠷᠢᠮ ᠤ᠋ᠨ ᠬᠡᠰᠢᠭ ᠬᠦᠷᠲᠡᠭᠡᠳ ᠬᠠᠲᠤᠨ ᠡᠮᠡᠭᠡ ᠶ᠋ᠢᠨ ᠬᠡᠰᠢᠭ ᠲᠣᠷ ᠮᠥᠷᠭᠥᠰᠦᠭᠡᠢ ᠬᠡᠮᠡᠬᠦᠢ ᠳ᠋ᠦ᠍ᠷ ᠬᠠᠲᠤᠨ ᠤ᠋ ᠨᠣᠢᠷᠰᠤᠬᠤ ᠴᠠᠭ ᠲᠤᠯᠠ ᠡᠭᠦᠳᠡᠨ ᠦ᠌ ᠭᠠᠳᠠᠨ᠎ᠠ ᠠ᠋ᠴᠠ ᠬᠢᠴᠢᠶᠡᠨ ᠮᠥᠷᠭᠥᠵᠦ ᠪᠤᠴᠠᠬᠤᠢ ᠳ᠋ᠤᠷ ᠪᠠᠳᠮ᠎ᠠ ᠣᠷᠳᠣᠨ ᠤ᠋ ᠬᠡᠳᠦᠨ ᠥᠬᠢᠳ ᠢ᠋ ᠳᠠᠭᠤᠳᠠᠨ ᠬᠡᠳᠦ ᠬᠡᠳᠦᠨ ᠰᠡᠦᠬᠡ ᠪᠡᠷ ᠬᠦᠷᠭᠡᠵᠦ ᠥᠭᠪᠡ ᠃ ᠪᠠᠳᠮ᠎ᠠ ᠬᠠᠲᠤᠨ ᠣᠷᠳᠣᠨ ᠤ᠋ ᠬᠥᠭᠥᠷᠭᠡ ᠳ᠋ᠦ᠍ᠷ ᠵᠣᠭᠰᠣᠵᠤ ᠦᠳᠡᠪᠡ᠃ ᠲᠠᠨᠢᠯᠴᠠᠭᠰᠠᠨ ᠱᠠᠩ ᠬᠡᠰᠢᠭ ᠦ᠋ᠨ ᠦᠯᠡᠮᠵᠢ ᠶ᠋ᠢ ᠬᠡᠷᠬᠢᠨ ᠶᠠᠷᠢᠵᠤ ᠪᠠᠷᠠᠬᠤ ᠠᠵᠢ᠃ 
       ᠲᠡᠳᠦᠢ ᠳ᠋ᠦ᠍ᠷ ᠥᠷᠥᠨ᠎ᠡ ᠵᠦᠭ ᠦ᠋ᠨ ᠠᠶᠠᠨ ᠲᠡᠢᠨ ᠳ᠋ᠦ᠍ᠷ ᠶᠠᠪᠤᠭᠰᠠᠨ ᠬᠠᠳ ᠬᠥᠪᠡᠭᠦᠳ ᠴᠥᠮ ᠪᠤᠴᠠᠵᠤ ᠢᠷᠡᠭᠡᠳ ᠲᠤᠰ ᠲᠤᠰ ᠤ᠋ᠨ ᠬᠠᠷᠢᠶᠠᠲᠤ ᠤᠯᠤᠰ ᠲᠠᠭᠠᠨ ᠪᠤᠴᠠᠪᠠ᠃ ᠸᠠᠩ ᠢᠦᠢ ᠵᠸᠨ ᠮᠥᠨ ᠳᠠᠭᠠᠵᠤ ᠪᠤᠴᠠᠵᠤ ᠢᠷᠡᠭᠡᠳ ᠡᠬᠡ ᠪᠡᠨ ᠠᠰᠠᠷᠠᠵᠤ ᠰᠠᠭᠤᠬᠤ ᠪᠣᠯᠪᠠᠴᠤ ᠭᠣᠣ ᠶ᠋ᠢᠨ ᠶᠠᠩ ᠨᠠᠷ ᠤ᠋ᠨ ᠬᠦᠷᠴᠦ ᠢᠷᠡᠭᠰᠡᠨ ᠢ ᠬᠡᠷᠬᠢᠨ ᠮᠡᠳᠡᠬᠦ ᠠᠵᠢ᠃ ᠡᠳᠦᠷ ᠪᠦᠷᠢ ᠡᠬᠡ ᠪᠡᠨ ᠰᠤᠪᠢᠯᠠᠵᠤ ᠨᠣᠮ ᠪᠢᠴᠢᠭ ᠳᠡᠯᠭᠡᠵᠦ ᠰᠠᠭᠤᠬᠤ ᠪᠣᠯᠠᠢ ᠃ 
       ᠨᠢᠭᠡᠨ ᠡᠳᠦᠷ ᠵᠣᠣ ᠢᠦᠢ ᠵᠣ᠌ ᠬᠥᠮᠦᠰ ᠡᠴᠡ ᠸᠠᠩ ᠢᠦᠢ ᠵᠸᠨ ᠦ᠌ ᠪᠡᠯᠪᠡᠰᠦᠨ ᠡᠬᠡ ᠬᠠᠷ᠎ᠠ ᠬᠣᠷᠢᠨ ᠳ᠋ᠤᠷ ᠪᠠᠢᠭ᠎ᠠ ᠶ᠋ᠢ ᠰᠣᠨᠣᠰᠴᠤ ᠭᠣᠣ ᠹᠦ ᠷᠸᠨ ᠨᠠᠷ ᠲᠠᠢ ᠵᠥᠪᠳᠡᠪᠡᠰᠦ ᠭᠣᠣ ᠹᠦ ᠷᠸᠨ ᠨᠠᠷ ᠤ᠋ᠨ ᠥᠭᠦᠯᠡᠬᠦ ᠢᠨᠦ ᠭᠣᠣ ᠶ᠋ᠢᠨ ᠶᠠᠩ ᠤ᠋ᠨ ᠤᠷᠤᠭ ᠤ᠋ᠨ ᠤᠴᠢᠷ ᠪᠠᠯᠠᠩ ᠰᠡᠯᠲᠡ ᠲᠠᠯᠪᠢᠵᠤ ᠲᠣᠭᠲᠠᠭᠰᠠᠨ ᠪᠢᠰᠢ ᠲᠤᠯᠠ ᠸᠠᠩ ᠢᠦᠢ ᠵᠸᠨ ᠡᠷᠢᠷ᠎ᠡ ᠢᠷᠡᠬᠦ ᠡᠴᠡ ᠪᠤᠰᠤ ᠭᠣᠣ ᠣᠪᠣᠭᠲᠤ ᠠ᠋ᠴᠠ ᠡᠷᠢᠷ᠎ᠡ ᠣᠴᠢᠬᠤ ᠶᠣᠰᠣ ᠦᠭᠡᠢ᠃ ᠢᠯᠠᠩᠭᠤᠶ᠎ᠠ ᠬᠡᠷᠡᠭ ᠥᠩᠭᠡᠷᠡᠭᠡᠳ ᠨᠡᠯᠢᠶᠡᠳ ᠤᠳᠠᠭᠰᠠᠨ ᠲᠤᠯᠠ ᠬᠡᠷᠪᠡ ᠸᠠᠩ ᠢᠦᠢ ᠵᠸᠨ ᠨᠢᠭᠡᠨᠲᠡ ᠤᠮᠠᠷᠲᠠᠭᠰᠠᠨ ᠪᠥᠭᠡᠳ ᠡᠬᠡᠨᠡᠷ ᠬᠡᠦᠬᠡᠳ ᠲᠡᠢ ᠪᠣᠯᠤᠭᠰᠠᠨ ᠠᠪᠠᠰᠤ ᠨᠡᠩ ᠠᠮᠲᠠ ᠦᠭᠡᠢ ᠪᠣᠯᠤᠮᠤᠢ ᠭᠡᠮᠡᠨ ᠬᠠᠷ᠎ᠠ ᠬᠣᠷᠢᠨ ᠳ᠋ᠤᠷ ᠢᠷᠡᠭᠡᠳ ᠬᠠᠷᠢᠨ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠪᠠᠢᠬᠤ ᠠ᠋ᠴᠠ ᠢᠯᠡᠭᠦᠦ ᠵᠣᠪᠠᠭᠤᠷᠢ ᠲᠠᠢ ᠪᠣᠯᠪᠠᠢ᠃ ᠡᠨᠡ ᠬᠡᠷᠡᠭ ᠢ᠋ ᠡᠰᠡ ᠲᠠᠰᠤᠯᠪᠠᠰᠤ ᠪᠣᠯᠬᠤ ᠦᠭᠡᠢ ᠲᠤᠯᠠ ᠭᠣᠣ ᠶ᠋ᠢᠨ ᠶᠠᠩ ᠰᠡᠳᠬᠢᠯ ᠰᠢᠭᠤᠳᠴᠤ ᠨᠢᠭᠡᠨ ᠬᠠᠭᠤᠳᠠᠰᠤ ᠪᠢᠴᠢᠭ ᠪᠢᠴᠢᠵᠦ ᠸᠠᠩ ᠹᠦ ᠳ᠋ᠦ᠍ᠷ ᠬᠦᠷᠭᠡᠵᠦ ᠡᠨᠳᠡ ᠪᠠᠢᠭ᠎ᠠ ᠪᠠᠨ ᠮᠡᠳᠡᠭᠳᠡᠰᠦᠭᠡᠢ ᠭᠡᠮᠡᠨ ᠪᠡᠬᠡ ᠵᠢᠭᠤᠷᠠᠵᠤ ᠪᠢᠷ ᠢᠳᠡᠭᠦᠯᠦᠨ ᠪᠣᠳᠣᠪᠠᠰᠤ ᠭᠠᠭᠴᠠ ᠡᠨᠳᠡ ᠬᠦᠷᠴᠦ ᠢᠷᠡᠭᠰᠡᠨ ᠢ᠋ᠶ᠋ᠡᠨ ᠮᠡᠳᠡᠭᠳᠡᠬᠦ ᠪᠣᠢ ᠊ᠶ᠎ᠠ ᠂ ᠦᠯᠡᠮᠵᠢ ᠥᠭᠦᠯᠡᠵᠦ ᠥᠬᠢᠨ ᠬᠥᠮᠦᠨ ᠦ᠌ ᠰᠠᠬᠢᠯ ᠢ ᠠᠯᠳᠠᠵᠤ ᠣᠯᠠᠨ ᠬᠥᠮᠦᠨ ᠦ᠌ ᠵᠤᠭ᠎ᠠ ᠪᠣᠯᠪᠠᠰᠤ ᠬᠡᠷᠬᠢᠮᠦᠢ ᠭᠡᠮᠡᠨ ᠮᠠᠰᠢ ᠬᠢᠴᠢᠶᠡᠵᠦ ᠪᠢᠴᠢᠭᠰᠡᠨ ᠢᠨᠤ ᠄ 
       ᠪᠠᠲᠤ ᠠᠭᠤᠯᠠ ᠮᠢᠶᠠᠨ ᠵᠣ᠌ ᠶ᠋ᠢᠨ ᠭᠣᠣ ᠣᠪᠣᠭᠲᠤ ᠪᠠᠷ ᠡᠷᠭᠢᠨ ᠵᠠᠩᠵᠤᠨ ᠸᠠᠩ ᠢᠦᠢ ᠵᠸᠨ ᠦ᠌ ᠴᠠᠴᠠᠷ ᠤ᠋ᠨ ᠰᠢᠷᠡᠭᠡᠨ᠎ᠡ ᠳᠡᠪᠰᠢᠭᠦᠯᠪᠡ᠃ 
       ᠠᠶ᠎ᠠ ! ᠡᠳᠦᠷ ᠰᠠᠷ᠎ᠠ ᠶ᠋ᠢᠨ ᠥᠩᠭᠡᠷᠡᠬᠦ ᠢᠨᠤ ᠬᠠᠷᠪᠤᠭᠰᠠᠨ ᠰᠤᠮᠤ ᠮᠡᠲᠦ᠃ ᠵᠠᠩᠵᠤᠨ ᠤ᠋ ᠭᠡᠭᠡᠨ ᠡᠴᠡ ᠰᠠᠯᠤᠭᠠᠳ ᠰᠠᠨᠠᠮᠰᠠᠷ ᠦᠭᠡᠢ ᠵᠢᠷᠭᠤᠭᠠᠨ ᠵᠢᠯ ᠪᠣᠯᠪᠠᠢ᠃ ᠬᠡᠳᠦᠢ ᠪᠡᠷ ᠵᠢᠯ ᠣᠨ ᠤᠳᠠᠪᠠᠢ ᠬᠡᠮᠡᠪᠡᠴᠦ ᠵᠠᠩᠵᠤᠨ ᠤ᠋ ᠨᠢᠭᠡᠨ ᠴᠠᠭ ᠤ᠋ᠨ ᠬᠠᠯᠠᠭᠤᠨ ᠰᠡᠳᠬᠢᠯ ᠢ᠋ᠶ᠋ᠡᠷ ᠠᠮᠢ ᠶ᠋ᠢ ᠠᠪᠤᠷᠠᠵᠤ ᠬᠠᠷᠢ ᠶ᠋ᠢᠨ ᠵᠠᠩᠵᠤᠨ ᠤ᠋ ᠦᠷ᠎ᠡ ᠬᠡᠦᠬᠡᠳ ᠭᠡᠮᠡᠨ ᠵᠢᠭᠰᠢᠭᠰᠡᠨ ᠦᠭᠡᠢ ᠪᠡᠷ ᠳᠣᠲᠣᠨᠣ ᠦᠵᠡᠵᠦ ᠢᠲᠡᠭᠡᠮᠵᠢ ᠶ᠋ᠢᠨ ᠲᠡᠮᠳᠡᠭ ᠬᠠᠢᠷᠠᠯᠠᠨ ᠬᠣᠵᠢᠮ ᠠᠭᠤᠯᠵᠠᠬᠤ ᠶ᠋ᠢ ᠠᠮᠠᠯᠠᠭᠰᠠᠨ ᠳ᠋ᠤᠷ ᠰᠢᠲᠦᠵᠦ ᠡᠳᠦᠷ ᠰᠥᠨᠢ ᠦᠭᠡᠢ ᠰᠡᠳᠬᠢᠯ ᠰᠠᠨᠠᠭᠠᠨ ᠳ᠋ᠠᠭᠠᠨ ᠬᠠᠲᠠᠵᠤ ᠶᠠᠪᠤᠬᠤ ᠪᠣᠯᠥᠭᠡ᠃ ᠡᠳᠦᠭᠡ ᠡᠷᠭᠢᠨ ᠦ᠌ ᠪᠡᠶ᠎ᠡ ᠶ᠋ᠢ ᠪᠠᠷᠠᠭᠤᠨ ᠬᠢᠵᠠᠭᠠᠷ ᠠ᠋ᠴᠠ ᠢᠯᠠᠭᠠᠳ ᠪᠤᠴᠠᠪᠠ ᠬᠡᠮᠡᠬᠦ ᠮᠡᠳᠡᠭᠡ ᠶ᠋ᠢ ᠣᠯᠵᠤ ᠨᠢᠭᠡᠨᠲᠡ ᠠᠭᠤᠯᠵᠠᠰᠤᠭᠠᠢ ᠭᠡᠮᠡᠨ ᠲᠦᠮᠡᠨ ᠭᠠᠵᠠᠷ ᠬᠣᠯᠠ ᠱᠤ᠌ ᠶ᠋ᠢᠨ ᠭᠠᠵᠠᠷ ᠠ᠋ᠴᠠ ᠵᠣᠣ ᠸᠠᠩ ᠤ᠋ᠨ ᠬᠥᠪᠡᠭᠦᠨ ᠵᠣᠣ ᠢᠦᠢ ᠵᠣ᠌ ᠶ᠋ᠢ ᠳᠠᠭᠠᠵᠤ ᠡᠨᠳᠡ ᠢᠷᠡᠪᠡ᠃ ᠵᠠᠩᠵᠤᠨ ᠲᠠ ᠬᠠᠭᠤᠴᠢᠨ ᠢ᠋ᠶ᠋ᠠᠨ ᠡᠰᠡ ᠤᠮᠠᠷᠲᠠᠪᠠᠰᠤ ᠡᠷᠬᠢᠮ ᠪᠡᠶ᠎ᠡ ᠶ᠋ᠢ ᠵᠦᠳᠡᠭᠡᠨ ᠵᠣᠣ ᠹᠦ ᠳ᠋ᠦ᠍ᠷ ᠮᠣᠷᠢᠯᠠᠨ ᠢᠷᠡᠪᠡᠰᠦ ᠳᠠᠷᠤᠢ ᠵᠠᠪᠰᠢᠶᠠᠨ ᠲᠤᠯᠠ ᠵᠣᠣ ᠹᠦ ᠶ᠋ᠢᠨ ᠨᠢᠭᠡᠨ ᠬᠤᠨᠳᠠᠭ᠎ᠠ ᠠᠷᠢᠭᠤᠨ ᠴᠠᠢ ᠪᠠᠷ ᠡᠷᠭᠢᠨ ᠦ᠌ ᠬᠦᠨᠳᠦ ᠠᠴᠢ ᠶ᠋ᠢ ᠬᠠᠷᠢᠭᠤᠯᠰᠤᠭᠠᠢ ᠬᠡᠮᠡᠨᠡᠮ᠃ ᠡᠭᠦᠨ ᠦ᠌ ᠲᠤᠯᠠ ᠬᠡᠮᠡᠪᠡᠢ᠃ 
       ᠭᠣᠣ ᠶ᠋ᠢᠨ ᠶᠠᠩ ᠪᠢᠴᠢᠵᠦ ᠲᠡᠭᠦᠰᠬᠡᠭᠡᠳ ᠬᠡᠳᠦ ᠳᠠᠬᠢᠨ ᠤᠩᠰᠢᠵᠤ ᠨᠢᠭᠲᠠ ᠪᠢᠲᠡᠭᠦᠮᠵᠢᠯᠡᠨ ᠵᠣᠣ ᠹᠦ ᠶ᠋ᠢᠨ ᠭᠡᠷ ᠦ᠋ᠨ ᠠᠷᠠᠳ ᠵᠣᠣ ᠰᠠᠨ ᠢ᠋ᠶ᠋ᠠᠷ ᠸᠠᠩ ᠹᠦ ᠳ᠋ᠦ᠍ᠷ ᠬᠦᠷᠭᠡᠯᠭᠡᠨ ᠬᠠᠷᠢᠭᠤ ᠶ᠋ᠢ ᠠᠪᠴᠤ ᠢᠷ᠎ᠡ ᠭᠡᠮᠡᠨ ᠶᠠᠪᠤᠭᠤᠯᠪᠠ᠃ ᠳᠡᠮᠡᠢ ᠤᠳᠠᠭᠰᠠᠨ ᠦᠭᠡᠢ ᠵᠣᠣ ᠰᠠᠨ ᠪᠤᠴᠠᠵᠤ ᠢᠷᠡᠭᠡᠳ ᠥᠭᠦᠯᠡᠬᠦ ᠢᠨᠤ : 《ᠸᠠᠩ ᠹᠦ ᠳ᠋ᠦ᠍ᠷ ᠬᠥᠮᠦᠨ ᠠᠮᠠ ᠮᠠᠰᠢ ᠴᠥᠭᠡᠨ᠂ ᠡᠭᠦᠳᠡ ᠰᠠᠬᠢᠬᠤ ᠨᠢᠭᠡᠨ ᠡᠪᠦᠭᠡᠨ ᠬᠣᠶᠠᠷ ᠵᠠᠷᠤᠴᠠ ᠥᠬᠢᠳ ᠡᠴᠡ ᠥᠭᠡᠷ᠎ᠡ ᠬᠥᠮᠦᠨ ᠦᠭᠡᠢ᠃ ᠪᠢᠴᠢᠭ ᠢ᠋ ᠬᠥᠭᠰᠢᠨ ᠹᠦ ᠷᠸᠨ ᠬᠦᠯᠢᠶᠡᠨ ᠠᠪᠴᠤ ᠭᠡᠭᠡᠭᠳᠡᠭᠦᠯᠬᠦ ᠦᠭᠡᠢ᠃ ᠢᠦᠢ ᠵᠸᠨ ᠳ᠋ᠦ᠍ᠷ ᠲᠤᠰᠢᠶᠠᠰᠤᠭᠠᠢ ᠬᠡᠮᠡᠬᠦ ᠲᠤᠯᠠ ᠬᠠᠷᠢᠭᠤ ᠶ᠋ᠢ ᠱᠠᠭᠠᠷᠳᠠᠪᠠᠰᠤ ᠶᠣᠰᠣ ᠠᠯᠳᠠᠬᠤ ᠮᠡᠲᠦ᠃ ᠡᠭᠦᠳᠡᠨ ᠤ ᠡᠪᠦᠭᠡᠨ ᠡᠴᠡ ᠠᠰᠠᠭᠤᠪᠠᠰᠤ ᠸᠠᠩ ᠭᠦᠩᠽᠢ ᠬᠠᠷᠢᠵᠤ ᠢᠷᠭᠡᠳ ᠤᠳᠠᠭᠠᠳᠤᠢ ᠬᠡᠮᠡᠮᠦ᠂ ᠡᠨᠡ ᠡᠳᠦᠷ ᠭᠡᠷ ᠦ᠋ᠨ ᠬᠡᠷᠡᠭ ᠢ᠋ᠶ᠋ᠡᠷ ᠭᠠᠷᠴᠤ ᠤᠳᠠᠬᠤ ᠦᠭᠡᠢ ᠬᠠᠷᠢᠵᠤ ᠢᠷᠡᠮᠦᠢ ᠬᠡᠮᠡᠵᠦ ᠵᠣᠣ ᠰᠠᠨ ᠤᠴᠢᠷ ᠶᠠᠪᠤᠳᠠᠯ ᠢ᠋ ᠮᠠᠰᠢ ᠢᠯᠭᠠᠭᠤᠷᠢᠲᠠᠢ ᠶᠠᠷᠢᠭᠰᠠᠨ ᠳ᠋ᠤᠷ ᠭᠣᠣ ᠶ᠋ᠢᠨ ᠶᠠᠩ ᠲᠤᠢᠯ ᠢ᠋ᠶ᠋ᠠᠷ ᠪᠠᠶᠠᠷᠯᠠᠨ ᠬᠣᠪᠢᠨ ᠠ᠋ᠴᠠ ᠢᠯᠡᠭᠦᠦ ᠯᠠᠩ ᠮᠥᠩᠭᠥ ᠱᠠᠩᠨᠠᠵᠤ ᠠᠷᠢᠬᠢ ᠤᠤᠭᠤ ᠭᠡᠮᠡᠨ ᠶᠠᠪᠤᠭᠤᠯᠤᠭᠠᠳ ᠳᠣᠲᠣᠷ᠎ᠠ ᠪᠠᠨ ᠰᠡᠮᠡᠬᠡᠷ ᠢᠨᠢᠶᠡᠵᠦ ᠵᠣᠣ ᠢᠦᠢ ᠵᠣ᠌ ᠳ᠋ᠤᠷ ᠸᠠᠩ ᠢᠦᠢ ᠵᠸᠨ ᠦ᠌ ᠶᠠᠪᠤᠳᠠᠯ ᠢ᠋ ᠥᠭᠦᠯᠡᠵᠦ ᠪᠡᠯᠡᠳᠬᠡᠯ ᠲᠡᠢ ᠬᠦᠯᠢᠶᠡᠪᠡ᠃ ᠲᠡᠷᠡ ᠡᠳᠦᠷ ᠸᠠᠩ ᠢᠦᠢ ᠵᠸᠨ ᠪᠤᠴᠠᠵᠤ ᠢᠷᠡᠭᠡᠳ ᠪᠢᠴᠢᠭ ᠢ ᠣᠯᠵᠤ ᠨᠢᠳᠦ ᠪᠡᠨ ᠢᠲᠡᠭᠡᠬᠦ ᠦᠭᠡᠢ ᠬᠡᠳᠦ ᠳᠠᠬᠢᠨ ᠯᠠᠪᠯᠠᠵᠤ ᠵᠡᠭᠦᠳᠦᠨ ᠪᠣᠯᠪᠠᠤ ᠬᠡᠮᠡᠮᠦᠢ᠃ ᠲᠡᠷᠡ ᠰᠥᠨᠢ ᠨᠣᠢᠷ ᠦᠭᠡᠢ ᠥᠩᠭᠡᠷᠡᠭᠡᠵᠦ ᠦᠷ ᠢ᠋ᠶ᠋ᠡᠷ ᠪᠣᠰᠴᠤ ᠨᠢᠭᠤᠷ ᠭᠠᠷ ᠢ᠋ᠶ᠋ᠠᠨ ᠤᠬᠢᠶᠠᠨ ᠴᠡᠪᠡᠷᠯᠡᠵᠦ ᠬᠤᠪᠴᠠᠰᠤ ᠬᠤᠨᠠᠷ ᠢ᠋ᠶ᠋ᠠᠨ ᠬᠠᠯᠠᠵᠤ ᠬᠠᠢᠷᠠᠲᠠᠢ ᠬᠡᠭᠡᠷ ᠮᠣᠷᠢᠨ ᠳ᠋ᠠᠭᠠᠨ ᠮᠥᠩᠭᠥᠨ ᠡᠮᠡᠭᠡᠯ ᠳᠠᠷᠤᠵᠤ ᠵᠣᠣ ᠹᠦ ᠳ᠋ᠦ᠍ᠷ ᠢᠷᠡᠪᠡᠢ᠃ ᠡᠭᠦᠳᠡᠨ ᠦ᠌ ᠬᠥᠮᠦᠨ ᠮᠣᠷᠢ ᠶ᠋ᠢ ᠠᠪᠴᠤ ᠳᠣᠲᠣᠭᠰᠢ ᠤᠯᠠᠮᠵᠢᠯᠠᠮᠠᠭᠴᠠ ᠵᠣᠣ ᠢᠦᠢ ᠵᠣ᠌ ᠮᠠᠯᠠᠭᠠᠢ ᠵᠠᠰᠠᠵᠤ ᠳᠣᠲᠣᠭᠠᠳᠤ ᠬᠠᠭᠠᠯᠭ᠎ᠠ ᠶ᠋ᠢᠨ ᠭᠠᠳᠠᠨ᠎ᠠ ᠵᠣᠭᠰᠣᠵᠤ ᠤᠭᠲᠤᠪᠠ᠃ ᠦᠵᠡᠪᠡᠰᠦ ᠠᠷᠤᠤᠬᠠᠨ ᠬᠡᠭᠡᠨᠴᠢᠷ ᠵᠠᠯᠠᠭᠤ ᠲᠤᠯᠠ ᠳᠣᠲᠣᠷ᠎ᠠ ᠪᠠᠨ ᠮᠠᠰᠢ ᠪᠠᠶᠠᠷᠯᠠᠪᠠᠢ᠃ ᠭᠡᠷ ᠦ᠋ᠨ ᠬᠡᠦᠬᠡᠨ ᠤᠳᠤᠷᠢᠳᠤᠨ ᠳᠣᠲᠣᠭᠠᠳᠤ ᠪᠢᠴᠢᠭ ᠦ᠋ᠨ ᠭᠡᠷ ᠦ᠋ᠨ ᠡᠭᠦᠳᠡ ᠶ᠋ᠢ ᠰᠡᠬᠦᠭᠰᠡᠨ ᠳ᠋ᠦ᠍ᠷ ᠸᠠᠩ ᠢᠦᠢ ᠵᠸᠨ ᠨᠠᠢᠷ ᠲᠠᠯᠪᠢᠵᠤ ᠬᠠᠵᠠᠭᠤ ᠲᠡᠰᠢ ᠵᠣᠭᠰᠣᠵᠤ ᠵᠣᠣ ᠢᠦᠢ ᠵᠣ᠌ ᠶ᠋ᠢᠨ ᠠᠷᠤ ᠠ᠋ᠴᠠ ᠳᠠᠭᠠᠵᠤ ᠣᠷᠣᠵᠤ ᠢᠷᠡᠭᠡᠳ ᠬᠡᠳᠦᠨᠲᠡ ᠨᠠᠢᠷ ᠲᠠᠯᠪᠢᠵᠤ ᠰᠠᠶᠢ ᠵᠣᠴᠢᠨ ᠤ᠋ ᠰᠠᠭᠤᠳᠠᠯ ᠳ᠋ᠤᠷ ᠰᠠᠭᠤᠪᠠ᠃ 
       ᠲᠡᠳᠦᠢ ᠳ᠋ᠦ᠍ᠷ ᠭᠣᠣ ᠹᠦ ᠷᠸᠨ ᠂ ᠵᠢᠶᠧ ᠹᠧᠢ ᠂ ᠵᠸᠨ ᠪᠦᠸᠧ ᠨᠠᠷ ᠬᠦᠷᠭᠡᠨ ᠦᠵᠡᠮᠦᠢ ᠭᠡᠮᠡᠨ ᠪᠠᠶᠠᠰᠤᠯᠴᠠᠵᠤ ᠭᠣᠣᠯ ᠲᠠᠩᠬᠢᠮ ᠳ᠋ᠤᠷ ᠰᠠᠭᠤᠵᠤ ᠬᠦᠯᠢᠶᠡᠪᠡᠢ᠃ ᠸᠠᠩ ᠢᠦᠢ ᠵᠸᠨ ᠭᠣᠣ ᠹᠦ ᠷᠸᠨ ᠨᠠᠷ ᠤ᠋ᠨ ᠠᠮᠤᠷ ᠢ᠋ ᠡᠷᠢᠵᠦ ᠶᠣᠰᠣᠯᠠᠨ ᠵᠣᠯᠭᠠᠰᠤᠭᠠᠢ ᠬᠡᠮᠡᠬᠦᠢ ᠳ᠋ᠦ᠍ᠷ ᠵᠣᠣ ᠢᠦᠢ ᠵᠣ᠌ ᠮᠥᠨ ᠭᠡᠮᠡᠨ ᠥᠬᠢᠳ ᠢ ᠳᠠᠭᠤᠳᠠᠵᠤ ᠳᠣᠲᠣᠭᠰᠢ ᠮᠡᠳᠡᠭᠦᠯᠪᠡᠰᠦ ᠹᠦ ᠷᠸᠨ ᠨᠠᠷ  《ᠵᠣᠴᠢᠨ ᠢ᠋ ᠵᠠᠯᠠ ! 》ᠬᠡᠮᠡᠭᠰᠡᠨ ᠳ᠋ᠦ᠍ᠷ ᠵᠣᠣ ᠢᠦᠢ ᠵᠣ᠌  ᠪᠡᠶ᠎ᠡ ᠪᠡᠷ ᠳᠠᠭᠠᠭᠤᠯᠤᠨ ᠭᠣᠣᠯ ᠲᠠᠩᠬᠢᠮ ᠳ᠋ᠤᠷ ᠣᠷᠣᠪᠠᠰᠤ ᠵᠢᠶᠧ ᠹᠧᠢ ᠂ ᠵᠧᠨ ᠪᠦᠸᠧ ᠂ ᠭᠣᠣ ᠹᠦ ᠷᠸᠨ ᠰᠠᠨᠳᠠᠯᠢ ᠳ᠋ᠤᠷ ᠵᠡᠷᠭᠡᠴᠡᠨ ᠰᠠᠭᠤᠵᠤ ᠬᠦᠯᠢᠶᠡᠮᠦᠢ᠃ ᠸᠠᠩ ᠢᠦᠢ ᠵᠸᠨ ᠂ ᠵᠣᠣ ᠢᠦᠢ ᠵᠣ᠌ ᠶ᠋ᠢᠨ ᠲᠠᠨᠢᠯᠴᠠᠭᠤᠯᠬᠤ ᠪᠠᠷ ᠭᠤᠷᠪᠠᠨ ᠹᠦ ᠷᠸᠨ ᠳ᠋ᠦ᠍ᠷ ᠶᠣᠰᠣ ᠬᠢᠵᠦ ᠪᠠᠷᠠᠭᠠᠳ ᠤᠬᠤᠷᠢᠨ ᠭᠠᠷ ᠲᠠᠯᠪᠢᠵᠤ ᠵᠣᠭᠰᠣᠭᠰᠠᠨ ᠳ᠋ᠤᠷ ᠵᠣᠣ ᠢᠦᠢ ᠵᠣ᠌ ᠨᠠᠢᠷ ᠲᠠᠯᠪᠢᠵᠤ ᠴᠠᠢ ᠶ᠋ᠢᠨ ᠰᠢᠷᠡᠭᠡᠨ ᠳ᠋ᠦ᠍ᠷ ᠰᠠᠭᠤᠯᠭᠠᠨ ᠥᠬᠢᠳ ᠴᠠᠢ ᠪᠠᠷᠢᠭᠰᠠᠨ ᠤ᠋ ᠳᠠᠷᠠᠭ᠎ᠠ ᠭᠤᠷᠪᠠᠨ ᠹᠦ ᠷᠸᠨ ᠬᠣᠭᠣᠷᠣᠨᠳᠣ ᠪᠠᠨ ᠳᠣᠣᠷ᠎ᠠ ᠳᠠᠭᠤᠨ ᠢ᠋ᠶ᠋ᠠᠷ ᠬᠡᠳᠦᠨ ᠦᠭᠡ ᠵᠥᠪᠳᠡᠭᠡᠳ  《ᠥᠬᠢᠳ ᠢ ᠳᠠᠭᠤᠳᠠ ! 》 ᠬᠡᠮᠡᠭᠰᠡᠨ ᠳ᠋ᠦ᠍ᠷ ᠤᠳᠠᠭᠰᠠᠨ ᠦᠭᠡᠢ ᠪᠠᠭ᠎ᠠ ᠥᠬᠢᠳ ᠣᠷᠬᠢᠭᠤᠯ ᠰᠡᠬᠦᠵᠦ ᠬᠡᠳᠦᠨ ᠥᠬᠢᠳ ᠲᠠᠭᠠᠯᠴᠠᠨ ᠣᠯᠠᠨ ᠣᠳᠣᠨ ᠰᠠᠷᠠ ᠶ᠋ᠢ ᠬᠦᠷᠢᠶᠡᠯᠡᠬᠦ ᠮᠡᠲᠦ ᠭᠤᠷᠪᠠᠨ ᠠᠪᠠᠬᠠᠢ ᠶ᠋ᠢ ᠲᠣᠭᠣᠷᠢᠯᠲᠠ ᠣᠷᠣᠵᠤ ᠢᠷᠡᠭᠡᠳ ᠭᠤᠷᠪᠠᠨ ᠹᠦ ᠷᠸᠨ ᠦ᠌ ᠠᠷᠤ ᠳ᠋ᠤᠷ ᠰᠢᠬᠠᠯᠴᠠᠨ ᠰᠠᠭᠤᠪᠠᠢ᠃ ᠦᠨᠡᠬᠡᠷ ᠰᠠᠷᠠ ᠶ᠋ᠢ ᠭᠤᠲᠤᠭᠠᠵᠤ ᠴᠡᠴᠡᠭ ᠢ ᠢᠴᠢᠭᠡᠬᠦ ᠲᠡᠭᠷᠢ ᠶ᠋ᠢᠨ ᠳᠠᠭᠢᠨᠢ ᠮᠡᠲᠦ᠃ ᠸᠠᠩ ᠢᠦᠢ ᠵᠸᠨ ᠠᠪᠠᠬᠠᠢ ᠨᠠᠷ ᠤ᠋ᠨ ᠭᠤᠸ᠎ᠠ ᠦᠵᠡᠰᠬᠦᠯᠡᠩ ᠢ᠋ ᠭᠠᠢᠬᠠᠵᠤ ᠪᠦᠬᠦᠢ ᠳ᠋ᠦ᠍ᠷ ᠭᠣᠣ ᠹᠦ ᠷᠸᠨ᠄ 《 ᠠᠴᠢᠲᠤ ᠬᠥᠮᠦᠨ ᠳ᠋ᠦ᠍ᠷ ᠶᠣᠰᠣᠯᠠᠭᠲᠤᠨ ! 》ᠬᠡᠮᠡᠭᠰᠡᠨ ᠳ᠋ᠦ᠍ᠷ ᠭᠣᠣ ᠶ᠋ᠢᠨ ᠶᠠᠩ ᠡᠬᠡ ᠶ᠋ᠢᠨ ᠠᠷᠤ ᠠ᠋ᠴᠠ ᠭᠠᠷᠴᠤ ᠢᠷᠡᠭᠡᠳ ᠡᠪᠦᠳᠦᠭ ᠳᠠᠷᠤᠵᠤ ᠶᠣᠰᠣᠯᠠᠬᠤᠢ ᠳ᠋ᠤᠷ ᠸᠠᠩ ᠢᠦᠢ ᠵᠸᠨ ᠶᠠᠭᠠᠷᠠᠨ ᠪᠣᠰᠴᠤ ᠵᠣᠭᠰᠣᠭᠠᠳ ᠬᠠᠭᠠᠰ ᠶᠣᠰᠣ ᠶ᠋ᠢ ᠬᠦᠯᠢᠶᠡᠨ ᠬᠠᠷᠠᠪᠠᠰᠤ ᠪᠠᠭ᠎ᠠ ᠦᠶ᠎ᠡ ᠶ᠋ᠢᠨ ᠲᠥᠯᠥᠪ  ᠢ᠋ᠶ᠋ᠡᠨ ᠠᠯᠳᠠᠭᠰᠠᠨ ᠦᠭᠡᠢ ᠪᠥᠭᠡᠳ ᠤᠯᠠᠮ ᠥᠩᠭᠡ ᠵᠢᠰᠦ ᠨᠡᠮᠡᠭᠳᠡᠵᠦ ᠠᠯᠬᠤᠵᠤ ᠭᠡᠰᠬᠢᠬᠦᠢ ᠳ᠋ᠦ᠍ᠷ ᠶᠡᠬᠡᠮᠰᠦᠭ ᠯᠠᠪᠳᠠᠭᠤᠨ ᠪᠣᠯᠪᠠᠢ ᠃ ᠭᠣᠣ ᠶ᠋ᠢᠨ ᠶᠠᠩ ᠴᠤ᠌ ᠡᠷᠬᠡ ᠦᠭᠡᠢ ᠸᠠᠩ ᠢᠦᠢ ᠵᠸᠨ ᠤ ᠨᠢᠭᠤᠷ ᠴᠢᠷᠠᠢ ᠠ᠋ᠴᠠ ᠪᠠᠭ᠎ᠠ ᠶ᠋ᠢᠨ ᠲᠠᠨᠢᠯᠴᠠᠭᠰᠠᠨ ᠲᠥᠯᠥᠪ ᠢ ᠣᠯᠬᠤ ᠭᠡᠵᠦ ᠬᠠᠷᠢᠯᠴᠠᠨ ᠰᠢᠷᠳᠡᠯᠴᠡᠵᠦ ᠪᠡᠶ᠎ᠡ ᠪᠡᠨ ᠡᠵᠡᠯᠡᠵᠦ ᠴᠢᠳᠠᠬᠤ ᠦᠭᠡᠢ ᠤᠶᠠᠷᠠᠯ ᠭᠣᠮᠣᠳᠠᠯ ᠤ᠋ᠨ ᠨᠢᠯᠪᠤᠰᠤ ᠤᠨᠠᠭᠠᠬᠤᠢ ᠳ᠋ᠤᠷ ᠭᠣᠣ ᠹᠦ ᠷᠸᠨ ᠬᠠᠯᠠᠬᠠᠯᠠᠰᠤᠭᠠᠢ ᠭᠡᠮᠡᠨ : 《ᠵᠣᠴᠢᠨ ᠢ᠋ ᠬᠣᠷᠢᠮᠠᠯᠠᠬᠳᠣᠨ ! 》 ᠭᠡᠮᠡᠨ ᠵᠠᠬᠢᠭᠰᠠᠨ ᠳ᠋ᠤᠷ ᠸᠠᠩ ᠢᠦᠢ ᠵᠸᠨ ᠰᠠᠶᠢ ᠰᠡᠬᠡᠰᠬᠢᠵᠦ ᠪᠡᠶ᠎ᠡ ᠮᠡᠬᠦᠢᠨ ᠠᠶᠠᠷᠯᠠᠵᠤ ᠵᠣᠣ ᠢᠦᠢ ᠵᠣ᠌ ᠶ᠋ᠢᠨ ᠦ᠌ ᠬᠠᠮᠲᠤ ᠪᠢᠴᠢᠭ ᠦ᠋ᠨ ᠭᠡᠷ ᠲᠦ᠍ᠷ ᠢᠷᠡᠪᠡᠢ᠃ 
       ᠲᠡᠳᠦᠢ ᠳ᠋ᠦ᠍ᠷ ᠢᠦ ᠰᠢᠶᠠᠨ ᠬᠡᠳᠦᠢᠨᠡᠢ ᠪᠢᠴᠢᠭ ᠦ᠋ᠨ ᠭᠡᠷ ᠲᠦ᠍ᠷ ᠰᠠᠭᠤᠵᠤ ᠬᠦᠯᠢᠶᠡᠭᠰᠡᠨ ᠠᠵᠤᠭᠤ᠃ ᠵᠣᠣ ᠢᠦᠢ ᠵᠣ᠌ ᠂ ᠸᠠᠩ ᠢᠦᠢ ᠵᠸᠨ ᠢ ᠢᠦ ᠰᠢᠶᠠᠨ ᠳ᠋ᠤᠷ ᠲᠠᠨᠢᠯᠴᠠᠭᠤᠯᠵᠤ ᠥᠪᠡᠷᠦᠨ ᠪᠡᠶ᠎ᠡ ᠢᠨᠤ ᠶᠣᠰᠣ ᠠᠯᠳᠠᠮᠤᠢ ᠭᠡᠮᠡᠨ ᠪᠤᠰᠤᠳ ᠬᠡᠷᠡᠭ ᠢ᠋ᠶ᠋ᠡᠷ ᠰᠢᠯᠲᠠᠭᠠᠯᠠᠨ ᠭᠠᠷᠴᠤ ᠣᠳᠪᠠ᠃ ᠢᠦ ᠰᠢᠶᠠᠨ ᠵᠣᠣ ᠢᠦᠢ ᠵᠣ᠌ ᠶ᠋ᠢᠨ ᠵᠠᠢ ᠲᠠᠯᠪᠢᠵᠤ ᠥᠭᠭᠦᠭᠰᠡᠨ ᠢ᠋ ᠮᠡᠳᠡᠵᠦ ᠳᠠᠷᠤᠢ ᠦᠭᠡ ᠡᠭᠦᠰᠬᠡᠨ ᠭᠣᠣ ᠶ᠋ᠢᠨ ᠶᠠᠩ ᠤ᠋ᠨ ᠯᠢᠶᠠᠩ ᠢᠦᠢ ᠹᠦ ᠳ᠋ᠦ᠍ᠷ ᠵᠣᠣ ᠢᠦᠢ ᠵᠢᠩ ᠵᠢᠶᠦ᠋ᠨ ᠵᠣ᠌ ᠯᠤᠭ᠎ᠠ ᠤᠷᠤᠭ ᠬᠣᠯᠪᠣᠭᠰᠠᠨ ᠠ᠋ᠴᠠ ᠠᠪᠤᠭᠠᠳ ᠡᠳᠦᠭᠡ ᠭᠣᠣ ᠹᠦ ᠮᠠ᠋ ᠪᠡᠷᠢ ᠪᠡᠨ ᠠᠪᠴᠤ ᠬᠠᠳᠠᠮ ᠵᠣᠣ ᠹᠦ ᠳ᠋ᠦ᠍ᠷ ᠰᠠᠭᠤᠵᠤ ᠪᠠᠢᠬᠤ ᠪᠠ ᠡᠴᠦᠰ ᠲᠡᠭᠡᠨ ᠬᠠᠮᠢᠭᠠᠰᠢ ᠪᠣᠯᠬᠤ ᠶ᠋ᠢ ᠬᠦᠯᠢᠶᠡᠵᠦ ᠪᠣᠢ ᠭᠡᠮᠡᠨ ᠬᠡᠳᠦᠨ ᠵᠢᠯ  ᠦ᠋ᠨ ᠶᠠᠪᠤᠳᠠᠯ ᠢ᠋ ᠬᠣᠱᠣᠩ ᠪᠣᠯᠭᠠᠨ ᠥᠭᠦᠯᠡᠭᠡᠳ ᠴᠢᠷᠠᠢ ᠲᠣᠪ ᠪᠣᠯᠭᠠᠨ ᠭᠣᠣ ᠹᠦ ᠷᠸᠨ ᠬᠢᠭᠡᠳ ᠵᠣᠣ ᠹᠦ ᠬᠣᠶᠠᠷ ᠡᠲᠡᠭᠡᠳ ᠦ᠋ᠨ ᠨᠠᠢᠳᠠᠯᠭ᠎ᠠ ᠪᠠᠷ ᠵᠠᠭᠤᠴᠢ ᠶ᠋ᠢᠨ ᠠᠵᠢᠯ ᠢ᠋ ᠭᠦᠢᠴᠡᠳᠬᠡᠬᠦ ᠲᠤᠯᠠ ᠬᠣᠶᠠᠷ ᠡᠲᠡᠭᠡᠳ ᠦ᠋ᠨ ᠰᠠᠨᠠᠯ ᠢ᠋ ᠠᠪᠤᠮᠤᠢ ᠬᠡᠮᠡᠬᠦᠢ ᠳ᠋ᠦ᠍ᠷ ᠸᠠᠩ ᠢᠦᠢ ᠵᠸᠨ ᠰᠠᠶᠢ ᠰᠣᠭᠲᠣᠭᠰᠠᠨ ᠠ᠋ᠴᠠ ᠰᠡᠷᠡᠭᠰᠡᠨ ᠮᠡᠲᠦ ᠤᠴᠢᠷ ᠢ᠋ ᠮᠡᠳᠡᠵᠦ ᠳᠣᠲᠣᠷ᠎ᠠ ᠪᠠᠨ ᠶᠡᠬᠡᠳᠡ ᠪᠠᠶᠠᠷᠯᠠᠨ ᠪᠣᠰᠴᠤ ᠵᠣᠭᠰᠣᠭᠠᠳ ᠭᠦᠨ ᠲᠠᠯ᠎ᠠ ᠬᠢᠵᠦ ᠡᠬᠡ ᠳ᠋ᠦ᠍ᠷ ᠮᠡᠳᠡᠭᠦᠯᠵᠦ ᠶᠣᠰᠣᠨ ᠢ᠋ ᠭᠦᠢᠴᠡᠳᠬᠡᠰᠦᠭᠡᠢ ᠭᠡᠮᠡᠨ ᠪᠣᠳᠣᠪᠠᠰᠤ ᠶᠡᠬᠡ ᠲᠦᠰᠢᠮᠡᠯ ᠢᠦ ᠰᠢᠶᠠᠨ ᠲᠠᠢ ᠵᠡᠷᠭᠡᠴᠡᠨ ᠰᠠᠭᠤᠵᠤ ᠠᠷᠢᠬᠢ ᠤᠤᠭᠤᠵᠤ ᠪᠣᠯᠬᠤ ᠦᠭᠡᠢ ᠪᠥᠭᠡᠳ ᠵᠣᠣ ᠢᠦᠢ ᠵᠣ᠌ ᠣᠳᠣ ᠬᠠᠳᠠᠮ ᠠᠬ᠎ᠠ ᠪᠣᠯᠬᠤ ᠲᠤᠯᠠ ᠮᠥᠨ ᠶᠣᠰᠣ ᠠᠯᠳᠠᠬᠤ ᠠ᠋ᠴᠠ ᠠᠶᠤᠵᠤ ᠬᠤᠨᠳᠠᠭ᠎ᠠ ᠶ᠋ᠢ ᠳᠣᠲᠣᠭᠰᠢ ᠲᠦᠯᠬᠢᠵᠦ ᠠᠶᠠᠷᠯᠠᠬᠤᠢ ᠳ᠋ᠤᠷ ᠢᠦ ᠰᠢᠶᠠᠨ ᠮᠥᠨ ᠬᠣᠷᠢᠭᠯᠠᠭᠰᠠᠨ ᠦᠭᠡᠢ ᠭᠠᠷ ᠡᠷᠭᠦᠨ ᠦᠳᠡᠬᠦ ᠶᠣᠰᠣ ᠪᠣᠯᠭᠠᠨ ᠶᠠᠪᠤᠭᠤᠯᠤᠭᠠᠳ ᠶᠡᠬᠡ ᠳᠠᠭᠤᠨ ᠢ᠋ᠶ᠋ᠠᠷ ᠭᠡᠷ ᠦ᠋ᠨ ᠬᠡᠦᠬᠡᠳ ᠢ᠋ ᠳᠠᠭᠤᠳᠠᠨ ᠭᠤᠷᠪᠠᠨ ᠹᠦ ᠷᠸᠨ ᠢ᠋ ᠭᠣᠣᠯ ᠲᠢᠩᠬᠢᠮ ᠳ᠋ᠦ᠍ᠷ ᠵᠠᠯᠠ ᠬᠡᠮᠡᠪᠡ᠃ ᠲᠡᠨᠳᠡ ᠬᠡᠳᠦᠢᠨᠡᠢ ᠪᠠᠰᠠ ᠨᠢᠭᠡᠨ ᠰᠢᠷᠡᠭᠡ ᠵᠠᠰᠠᠵᠤ ᠪᠡᠯᠡᠳᠬᠡᠭᠰᠡᠨ ᠲᠤᠯᠠ ᠵᠢᠶᠧ ᠹᠧᠢ ᠂ ᠭᠣᠣ ᠹᠦ ᠷᠸᠨ ᠂ ᠵᠸᠨ ᠪᠦᠸᠧ ᠨᠠᠷ ᠥᠬᠢᠳ ᠢ᠋ ᠲᠦᠰᠢᠵᠦ ᠬᠤᠷᠢᠮ ᠳ᠋ᠤᠷ ᠰᠠᠭᠤᠵᠤ ᠥᠬᠢᠳ ᠢ ᠳᠠᠭᠤᠳᠠᠪᠠᠰᠤ ᠭᠠᠭᠴᠠ ᠾᠦᠢ ᠡᠯ ᠭᠠᠷᠴᠤ ᠢᠷᠡᠪᠡ᠃ ᠢᠦ ᠰᠢᠶᠠᠨ ᠭᠤᠷᠪᠠᠨ ᠹᠦ ᠷᠸᠨ ᠳ᠋ᠦ᠍ᠷ ᠪᠠᠶᠠᠷ ᠤ᠋ᠨ ᠬᠤᠨᠳᠠᠭ᠎ᠠ ᠡᠷᠭᠦᠵᠦ ᠰᠢᠨ᠎ᠡ ᠬᠦᠷᠭᠡᠨ ᠬᠡᠭᠡᠨᠴᠢᠷ ᠰᠡᠷᠭᠦᠯᠡᠩ ᠂ ᠬᠡᠳᠦᠨ ᠵᠢᠯ ᠪᠠᠲᠤ ᠶ᠋ᠢ ᠰᠠᠬᠢᠵᠤ ᠡᠰᠡ ᠭᠡᠷᠯᠡᠭᠰᠡᠨ  ᠢ᠋ ᠱᠠᠭᠰᠢᠨ ᠮᠠᠭᠲᠠᠵᠤ ᠪᠠᠶᠠᠷ ᠭᠡᠮᠡᠨ ᠤᠤᠭᠤᠯᠴᠠᠬᠤᠢ ᠳ᠋ᠤᠷ ᠵᠣᠣ ᠢᠦᠢ ᠵᠣ᠌ ᠂ ᠵᠢᠶᠧ ᠹᠧᠢ ᠂ ᠭᠣᠣ ᠹᠦ ᠷᠸᠨ ᠂ ᠵᠸᠨ ᠪᠦᠸᠧ ᠨᠠᠷ ᠴᠤ᠌ ᠢᠦ ᠰᠢᠶᠠᠨ ᠢ᠋ ᠵᠦᠳᠡᠭᠡᠪᠡ ᠭᠡᠮᠡᠨ ᠬᠤᠨᠳᠠᠭ᠎ᠠ ᠪᠠᠷᠢᠵᠤ ᠬᠠᠷᠢᠯᠴᠠᠨ ᠤᠤᠭᠤᠭᠰᠠᠭᠠᠷ ᠣᠷᠣᠢ ᠪᠣᠯᠤᠭᠠᠳ ᠢᠦ ᠰᠢᠶᠠᠨ ᠨᠡᠯᠢᠶᠡᠳ ᠬᠠᠯᠠᠮᠰᠠᠭᠰᠠᠨ ᠲᠤᠯᠠ ᠵᠣᠣ ᠢᠦᠢ ᠵᠣ᠌ ᠲᠦᠰᠢᠵᠦ ᠮᠣᠷᠳᠠᠭᠤᠯᠤᠭᠠᠳ ᠭᠡᠷ ᠦ᠋ᠨ ᠠᠷᠠᠳ ᠵᠣᠣ ᠰᠠᠨ ᠢ᠋ᠶ᠋ᠠᠷ ᠬᠦᠷᠭᠡᠯᠭᠡᠪᠡ᠃ 
       ᠳᠠᠷᠠᠭ᠎ᠠ ᠡᠳᠦᠷ ᠸᠠᠩ ᠢᠦᠢ ᠵᠸᠨ ᠂ ᠢᠦᠢ ᠰᠢᠶᠠᠨ ᠤ᠋ ᠶᠡᠬᠡ ᠬᠣᠷᠣᠭᠠᠨ ᠳ᠋ᠤᠷ ᠣᠴᠢᠵᠤ᠂ ᠲᠠᠯᠠᠷᠬᠠᠨ ᠮᠥᠷᠭᠥᠵᠦ ᠬᠣᠶᠠᠷ ᠬᠤᠪᠢ ᠪᠡᠯᠡᠭ ᠪᠡᠯᠡᠳᠬᠡᠨ ᠬᠠᠳᠠᠭ ᠲᠠᠯᠪᠢᠬᠤ ᠡᠳᠦᠷ ᠢ᠋ ᠠᠰᠠᠭᠤᠪᠠᠰᠤ ᠢᠦ ᠰᠢᠶᠠᠨ : ᠬᠠᠭᠠᠨ ᠤ᠋ ᠪᠡᠯᠪᠡᠰᠦᠷᠡᠯ  ᠢ᠋ ᠭᠦᠢᠴᠡᠳᠬᠡᠨ ᠵᠢᠴᠢ ᠬᠤᠷᠢᠮᠯᠠᠬᠤ ᠤᠴᠢᠷ ᠢ᠋ ᠶᠠᠷᠢᠯᠴᠠᠵᠤ᠂ ᠰᠠᠢᠨ ᠡᠳᠦᠷ ᠢ᠋ ᠰᠣᠩᠭᠣᠨ ᠬᠠᠳᠠᠭ ᠳᠡᠯᠪᠢ ᠬᠡᠮᠡᠭᠰᠡᠨ ᠳ᠋ᠦ᠍ᠷ ᠸᠠᠩ ᠢᠦᠢ ᠵᠸᠨ ᠳᠠᠬᠢᠨ ᠲᠠᠯᠠᠷᠬᠠᠨ ᠭᠦᠨ ᠶᠣᠰᠣᠯᠠᠵᠤ ᠪᠤᠴᠠᠪᠠ᠃ ᠡᠭᠦᠨ ᠡᠴᠡ ᠵᠣᠣ᠂ ᠸᠠᠩ ᠬᠣᠶᠠᠷ ᠹᠦ ᠴᠥᠮ ᠬᠤᠷᠢᠮ ᠤ᠋ᠨ ᠪᠡᠯᠡᠳᠬᠡᠯ ᠳ᠋ᠦ᠍ᠷ ᠶᠠᠭᠠᠷᠠᠯᠳᠤᠬᠤ ᠶ᠋ᠢ ᠨᠠᠷᠢᠨ ᠥᠭᠦᠯᠡᠬᠦ ᠦᠭᠡᠢ᠃ 
       ᠥᠭᠦᠯᠡᠬᠦ ᠢᠨᠦ ᠲᠡᠳᠦᠢ ᠳ᠋ᠦ᠍ᠷ ᠬᠠᠳ ᠨᠣᠶᠠᠳ ᠤ᠋ᠨ ᠶᠡᠬᠡ ᠬᠤᠷᠠᠯ ᠪᠣᠯᠵᠤ ᠬᠥᠶᠦᠭ ᠬᠠᠨ ᠢ᠋ ᠬᠠᠭᠠᠨ ᠰᠠᠭᠤᠷᠢᠨ ᠳ᠋ᠤ᠌ ᠵᠠᠯᠠᠬᠤ ᠪᠠᠷ ᠥᠩᠭᠡᠨ ᠰᠢᠮᠢᠨ ᠲᠠᠯ᠎ᠠ ᠶ᠋ᠢᠨ ᠵᠤᠰᠠᠯᠠᠩ ᠳ᠋ᠤᠷ ᠶᠡᠬᠡ ᠶᠣᠰᠣᠯᠠᠯ ᠤ᠋ᠨ ᠮᠠᠨᠳᠠᠯ ᠪᠠᠢᠭᠤᠯᠤᠭᠠᠳ ᠭᠡᠷ ᠮᠠᠢᠬᠠᠨ ᠣᠷᠳᠣᠨ ᠬᠠᠷᠰᠢ ᠪᠠᠷᠢᠵᠤ ᠶᠡᠬᠡ ᠪᠡᠷ ᠪᠡᠯᠡᠳᠬᠡᠪᠡ᠃ 
       ᠲᠡᠳᠦᠢ ᠳ᠋ᠦ᠍ᠷ ᠡᠮᠦᠨᠡᠲᠦ ᠰᠥᠩ ᠤᠯᠤᠰ ᠮᠣᠩᠭᠣᠯᠴᠤᠳ ᠡᠵᠡᠨ ᠦᠭᠡᠢ ᠭᠡᠮᠡᠨ ᠳᠣᠷᠣᠮᠵᠢᠯᠠᠵᠤ ᠴᠡᠷᠢᠭ ᠮᠣᠷᠢ ᠪᠡᠯᠡᠳᠬᠡᠵᠦ ᠪᠣᠢ ᠭᠡᠮᠡᠨ ᠤᠯᠤᠰ ᠳᠦᠭᠦᠷᠡᠩ ᠦᠢᠮᠡᠯᠳᠦᠵᠦ ᠪᠣᠢ ᠲᠤᠯᠠ ᠨᠠᠢ᠌ᠮᠠᠵᠢᠨ ᠬᠠᠲᠤᠨ ᠴᠡᠷᠢᠭ ᠭᠠᠷᠭᠠᠵᠤ ᠳᠠᠷᠤᠯᠲᠠ ᠦᠵᠡᠭᠦᠯᠦᠨ ᠨᠠᠢᠷᠠᠮᠳᠠᠰᠤᠭᠠᠢ ᠭᠡᠮᠡᠨ ᠶᠡᠬᠡ ᠵᠠᠩᠵᠤᠨ ᠲᠠᠬᠠᠢ ᠸᠠᠩ ᠳᠧ ᠰᠢᠨ ᠢ ᠳᠠᠬᠢᠨ ᠪᠠᠷᠠᠭᠤᠨ ᠱᠤ᠌ ᠳ᠋ᠤᠷ ᠴᠡᠷᠢᠭ ᠣᠷᠣᠭᠤᠯᠵᠤ ᠴᠧᠩ ᠳᠦ ᠶ᠋ᠢ ᠡᠵᠡᠯᠡᠨ ᠠᠪᠴᠤ ᠰᠠᠬᠢᠭᠰᠠᠨ ᠵᠠᠩᠵᠤᠨ ᠴᠧᠨ ᠯᠦᠩ ᡁᠢ ᠶ᠋ᠢ ᠪᠠᠷᠢᠵᠤ ᠠᠪᠤᠭᠠᠳ ᠬᠠᠨ ᠵᠧᠦ ᠬᠣᠲᠠᠨ ᠳ᠋ᠤᠷ ᠠᠪᠴᠤ ᠢᠷᠡᠭᠡᠳ ᠬᠣᠲᠠ ᠰᠠᠬᠢᠬᠠᠰᠠᠨ ᠵᠠᠩᠵᠤᠨ ᠸᠠᠩ ᠺᠦᠢ ᠶ᠋ᠢ ᠬᠡᠯᠡᠯᠴᠡᠵᠦ ᠳᠠᠭᠠᠭᠤᠯᠪᠠᠰᠤ ᠠᠮᠠᠢ ᠬᠡᠯᠲᠦᠷᠢᠭᠦᠯᠦᠮᠦᠢ ᠬᠡᠮᠡᠬᠦᠢ ᠳ᠋ᠦ᠍ᠷ ᠂ ᠴᠸᠨ ᠯᠦᠩ ᡁᠢ ᠳᠤᠷᠠᠲᠠᠢ ᠬᠦᠯᠢᠶᠡᠨ ᠠᠪᠴᠤ ᠬᠣᠲᠠ ᠶ᠋ᠢᠨ ᠬᠠᠭᠠᠯᠭ᠎ᠠ ᠬᠦᠷᠦᠭᠡᠳ ᠬᠠᠷᠢᠨ : 《ᠶᠡᠬᠡ ᠡᠷ᠎ᠡ ᠬᠡᠮᠡᠭᠴᠢ ᠠᠮᠢ ᠴᠦᠯᠡᠵᠦ ᠵᠢᠷᠤᠮ ᠢ ᠰᠠᠬᠢᠮᠤᠢ ᠢ᠎ᠡ᠃ ᠨᠢᠭᠡᠨᠲᠡ ᠦᠬᠦᠬᠦ ᠡᠴᠡ ᠶᠠᠭᠤᠨ ᠡᠮᠢᠶᠡᠮᠦᠢ᠂ ᠠᠷᠤ ᠶ᠋ᠢᠨ ᠵᠡᠷᠯᠢᠭ ᠦ᠋ᠳ ᠲᠣᠷ ᠦᠯᠦ ᠳᠠᠭᠠᠲᠤᠭᠠᠢ 》 ᠭᠡᠮᠡᠨ ᠪᠠᠷᠬᠢᠷᠠᠭᠰᠠᠨ ᠳ᠋ᠤᠷ ᠠᠷᠤ ᠳ᠋ᠤᠷ ᠵᠣᠭᠰᠣᠭᠰᠠᠨ ᠴᠡᠷᠢᠭ ᠦ᠋ᠨ ᠠᠷᠠᠳ ᠲᠠᠰᠤ ᠴᠠᠪᠴᠢᠵᠤ ᠣᠷᠬᠢᠪᠠ᠃ ᠸᠠᠩ ᠺᠦᠢ ᠬᠠᠨ ᠵᠧᠦ ᠶ᠋ᠢᠨ ᠭᠤᠷᠪᠠᠨ ᠮᠢᠩᠭᠠᠨ ᠰᠢᠯᠢᠳᠡᠭ ᠴᠡᠷᠢᠭ ᠢ᠋ ᠠᠪᠴᠤ ᠵᠢᠷᠤᠮᠲᠤ ᠵᠠᠩᠵᠤᠨ ᠴᠧᠨ ᠯᠦᠩ ᡁᠢ ᠶ᠋ᠢᠨ ᠬᠡᠭᠦᠷ ᠢ᠋ ᠪᠤᠯᠢᠶᠠᠰᠤᠭᠠᠢ ᠭᠡᠮᠡᠨ ᠭᠠᠷᠴᠤ ᠢᠷᠡᠭᠡᠳ ᠲᠠᠬᠠᠢ ᠵᠠᠩᠵᠤᠨ ᠤ᠋ ᠵᠢᠭᠰᠠᠭᠠᠯ ᠢ᠋ ᠪᠠᠢᠯᠳᠤᠷ᠎ᠠ ᠢᠷᠡᠬᠦᠢ ᠳ᠋ᠦ᠍ᠷ ᠲᠠᠬᠠᠢ ᠵᠠᠩᠵᠤᠨ ᠲᠣᠰᠣᠨ ᠠᠪᠴᠤ ᠭᠠᠭᠴᠠ ᠤᠳᠠᠭᠠᠨ ᠳ᠋ᠤᠷ ᠳᠠᠯᠤ ᠪᠠᠷ ᠠᠨᠤ ᠵᠢᠳᠠᠯᠠᠭᠰᠠᠨ ᠳ᠋ᠤᠷ ᠬᠤᠶᠠᠭ ᠰᠠᠢᠨᠲᠠᠢ ᠲᠤᠯᠠ ᠰᠢᠷᠬ᠎ᠠ ᠬᠦᠨᠳᠦ ᠪᠢᠰᠢ ᠡᠴᠡ ᠵᠡᠪᠰᠡᠭ  ᠢ᠋ᠶ᠋ᠡᠨ ᠠᠯᠳᠠᠵᠤ ᠭᠠᠭᠴᠠ ᠪᠡᠶ᠎ᠡ ᠪᠡᠷ ᠬᠣᠲᠠᠨ ᠳ᠋ᠠᠭᠠᠨ ᠪᠤᠷᠤᠭᠤᠯᠠᠨ ᠣᠷᠣᠪᠠ᠃ ᠬᠣᠴᠣᠷᠤᠭᠰᠠᠨ ᠴᠡᠷᠢᠭ ᠢᠨᠤ ᠴᠥᠮ ᠵᠡᠪᠰᠡᠭ  ᠢ᠋ᠶ᠋ᠡᠨ ᠬᠠᠶᠠᠵᠤ ᠳᠠᠭᠠᠵᠤᠬᠤᠢ᠃ 
       ᠮᠣᠩᠭᠣᠯ ᠤ᠋ᠨ ᠴᠡᠷᠢᠭ ᠤᠳᠠᠭ᠎ᠠ ᠳᠠᠷᠠᠭᠠᠯᠠᠨ ᠲᠠᠢᠯᠵᠤ ᠰᠦᠭ ᠤᠯᠤᠰ ᠲᠤᠷ ᠬᠦᠨᠳᠦ ᠴᠣᠬᠢᠯᠲᠠ ᠥᠭᠭᠦᠭᠰᠡᠨ ᠲᠤᠯᠠ ᠨᠡᠢ᠍ᠮᠡᠵᠡᠨ ᠬᠠᠲᠤᠨ ᠰᠥᠩ ᠤᠯᠤᠰ ᠯᠤᠭ᠎ᠠ ᠨᠠᠢᠷᠠᠮᠳᠠᠵᠤ ᠪᠣᠯᠬᠤ ᠴᠠᠭ ᠪᠣᠯᠪᠠ ᠭᠡᠮᠡᠨ ᠪᠣᠳᠣᠵᠤ ᠲᠥᠷᠥ ᠶ᠋ᠢᠨ ᠰᠠᠢᠳ ᠸᠠᠩ ᠵᠢᠶᠧ ᠶ᠋ᠢ ᠤᠷᠢᠳ ᠬᠣᠵᠢᠳ ᠳᠥᠷᠪᠡ ᠳᠠᠬᠢᠨ ᠰᠥᠩ ᠤᠯᠤᠰ ᠲᠤᠷ ᠵᠠᠷᠤᠵᠤ ᠡᠶᠡᠳᠡᠬᠦ ᠶ᠋ᠢ ᠵᠥᠪᠳᠡᠪᠡᠰᠦ ᠰᠥᠩ ᠤᠯᠤᠰ ᠬᠡᠳᠦᠢ ᠪᠡᠷ ᠴᠡᠷᠢᠭ ᠳᠠᠷᠤᠭᠳᠠᠵᠤ ᠭᠠᠵᠠᠷ ᠠᠯᠳᠠᠭᠰᠠᠨ ᠪᠣᠯᠪᠠᠴᠤ ᠤᠯᠠᠮ ᠡᠷᠲᠡᠢᠵᠦ ᠬᠦᠯᠢᠶᠡᠬᠦ ᠦᠭᠡᠢ ᠲᠤᠯᠠ ᠲᠠᠬᠠᠢ ᠂ ᠸᠠᠩ ᠳᠧ ᠰᠢᠨ ᠂ ᠵᠠᠩ ᠿᠦ᠍ ᠵᠡᠷᠭᠡ ᠰᠥᠩ ᠤᠯᠤᠰ ᠢ᠋ ᠰᠡᠷᠭᠡᠢᠯᠡᠨ ᠰᠠᠭᠤᠭᠰᠠᠨ ᠣᠯᠠᠨ ᠵᠠᠩᠵᠤᠨ ᠢ ᠵᠡᠷᠭᠡ ᠪᠡᠷ ᠪᠠᠢᠯᠳᠤᠬᠤ ᠪᠡᠯᠡᠳᠬᠡᠯ ᠬᠢᠯᠭᠡᠵᠦ ᠰᠦᠷ ᠦᠵᠡᠭᠦᠯᠦᠨ ᠠᠯᠪᠠᠲᠠᠨ ᠡᠶᠡᠳᠡᠬᠦ ᠪᠡᠷ ᠵᠠᠷᠯᠢᠭ ᠪᠣᠯᠵᠤ ᠵᠠᠩ ᠵᠢᠶᠧ ᠶ᠋ᠢ ᠲᠠᠪᠤ ᠳᠠᠬᠢᠨ ᠡᠯᠴᠢ ᠪᠡᠷ ᠰᠥᠩ ᠤᠯᠤᠰ ᠲᠤᠷ ᠵᠠᠷᠤᠪᠠ᠃ ᠭᠡᠲᠡᠯ᠎ᠡ ᠰᠥᠩ ᠤᠯᠤᠰ ᠤᠯᠠᠮ ᠬᠡᠳᠡᠷᠯᠡᠵᠦ ᠡᠶᠡᠳᠡᠬᠦ ᠭᠡᠷ᠎ᠡ ᠪᠠᠢᠭᠤᠯᠬᠤ ᠶ᠋ᠢ ᠵᠥᠪᠰᠢᠶᠡᠷᠡᠬᠦ ᠦᠭᠡᠢ ᠪᠡᠷ ᠦᠯᠦ ᠪᠠᠷᠠᠨ ᠮᠣᠩᠭᠣᠯ ᠤᠯᠤᠰ ᠢ᠋ ᠴᠠᠭ ᠵᠢᠭᠠᠵᠤ ᠰᠥᠨᠥᠭᠡᠮᠦᠢ ᠭᠡᠮᠡᠨ ᠴᠡᠷᠢᠭ ᠮᠣᠷᠢ ᠪᠠᠨ ᠰᠢᠯᠭᠠᠵᠤ ᠸᠠᠩ ᠵᠢᠶᠧ ᠵᠡᠷᠭᠡ ᠡᠯᠴᠢ ᠶ᠋ᠢᠨ ᠰᠠᠢᠳ ᠲᠦᠰᠢᠮᠡᠳ ᠳᠠᠯᠠ ᠢᠯᠡᠭᠦᠦ ᠬᠥᠮᠦᠰ ᠢ ᠪᠤᠴᠠᠭᠠᠬᠤ ᠦᠭᠡᠢ ᠬᠣᠷᠢᠵᠤ ᠲᠠᠯᠪᠢᠭᠠᠳ ᠡᠴᠦᠰ ᠲᠡᠭᠡᠨ ᠬᠣᠣᠷ ᠥᠭᠴᠦ ᠠᠯᠠᠭᠠᠳ ᠡᠪᠡᠳᠴᠢᠯᠡᠵᠦ ᠦᠬᠦᠪᠡ ᠭᠡᠮᠡᠨ ᠬᠡᠭᠦᠷ ᠢ ᠪᠤᠴᠠᠭᠠᠪᠠ᠃ ᠲᠡᠳᠦᠢ ᠳ᠋ᠦ᠍ᠷ ᠮᠣᠩᠭᠣᠯ ᠤᠯᠤᠰ ᠤ᠋ᠨ ᠭᠠᠩ ᠭᠠᠮᠰᠢᠭ ᠤᠯᠠᠮ ᠬᠦᠨᠳᠦᠷᠡᠨ ᠪᠦᠬᠦᠢ ᠳ᠋ᠦ᠍ᠷ ᠰᠥᠩ ᠤᠯᠤᠰ ᠬᠠᠷᠢᠨ ᠲᠡᠭᠷᠢ ᠶ᠋ᠢᠨ ᠰᠠᠨᠠᠭ᠎ᠠ ᠮᠣᠩᠭᠣᠯ ᠢ᠋ ᠮᠥᠬᠥᠭᠡᠮᠦᠢ ᠭᠡᠮᠡᠨ ᠨᠡᠢ᠍ᠮᠡᠵᠡᠨ ᠬᠠᠲᠤᠨ ᠤ᠋ ᠵᠢᠷᠭᠤᠲᠤᠬᠢ ᠤᠳᠠᠭᠠᠨ ᠤ᠋ ᠡᠶᠡᠳᠡᠬᠦ ᠭᠡᠷ᠎ᠡ ᠪᠠᠢᠭᠤᠯᠬᠤ ᠬᠡᠯᠡᠯᠴᠡᠭᠡᠷ ᠲᠣᠷ ᠶᠠᠪᠤᠭᠤᠯᠤᠭᠰᠠᠨ ᠶᠣᠯᠮᠣᠲᠤ ᠵᠡᠷᠭᠡ ᠭᠤᠷᠪᠠᠨ ᠰᠠᠢᠳ ᠵᠠᠭᠤ ᠰᠢᠬᠠᠮ ᠳᠠᠭᠠᠭᠰᠠᠳ ᠢ᠋ ᠴᠠᠩ ᠱᠠ ᠶ᠋ᠢᠨ ᠵᠠᠮ ᠢ᠋ ᠰᠠᠬᠢᠬᠤ ᠴᠠᠢᠵᠠ ᠶ᠋ᠢᠨ ᠴᠡᠷᠢᠭ ᠪᠠᠷᠢᠵᠤ ᠠᠪᠤᠭᠠᠳ ᠪᠠᠭᠤᠵᠤ ᠥᠭ ᠭᠡᠮᠡᠨ ᠠᠯᠪᠠᠳᠠᠵᠤ ᠬᠤᠷᠢᠶᠠᠵᠤ ᠲᠠᠯᠪᠢᠭᠠᠳ ᠮᠥᠨ ᠬᠣᠣᠷ ᠥᠭᠴᠦ ᠴᠥᠮ ᠠᠯᠠᠪᠠ᠃ 
       ᠥᠭᠦᠯᠡᠬᠦ ᠢᠨᠤ ᠲᠥᠷᠥ ᠶ᠋ᠢᠨ ᠡᠷᠬᠡ ᠶ᠋ᠢ ᠪᠠᠷᠢᠬᠤ ᠶᠡᠬᠡ ᠰᠠᠢᠳ ᠠᠪᠳᠤᠯ ᠂ ᠯᡁᠮᠠᠨ ᠣᠷᠳᠣᠨ ᠤ᠋ ᠳᠣᠲᠣᠭᠠᠳᠤ ᠳ᠋ᠤᠷ ᠰᠤᠯᠠ ᠬᠠᠲᠤᠨ ᠪᠠᠳᠮ᠎ᠠ ᠯᠤᠭ᠎ᠠ ᠨᠡᠢᠯᠡᠵᠦ ᠨᠢᠳᠦ ᠴᠢᠬᠢ ᠪᠣᠯᠭᠠᠨ ᠭᠠᠳᠠᠭᠠᠳᠤ ᠰᠠᠢᠳ ᠢ ᠡᠳ᠋ ᠠᠰᠢᠭ ᠂ ᠡᠷᠬᠡ ᠥᠩᠭᠡ ᠪᠡᠷ ᠲᠠᠲᠠᠵᠤ ᠪᠦᠯᠦᠭᠯᠡᠭᠰᠡᠨ ᠲᠤᠯᠠ ᠲᠡᠳᠡ ᠨᠠᠷ ᠤ᠋ᠨ ᠡᠷᠬᠡ ᠰᠦᠷ ᠲᠣᠷ ᠬᠠᠯᠳᠠᠬᠤ ᠬᠥᠮᠦᠨ ᠦᠭᠡᠢ ᠳ᠋ᠦ᠍ᠷ ᠠᠷᠠᠳ ᠢᠷᠭᠡᠳ ᠤᠯᠠᠮ ᠠᠮᠢᠳᠤᠷᠠᠬᠤ ᠵᠠᠮ ᠦᠭᠡᠢ ᠪᠣᠯᠵᠤ ᠤᠯᠤᠰ ᠭᠡᠷ ᠳᠣᠷᠣᠢᠲᠠᠵᠤ ᠪᠤᠭᠤ ᠬᠡᠨ ᠦ᠌ ᠭᠠᠷ ᠲᠤᠷ ᠦᠬᠦᠬᠦ ᠶ᠋ᠢ ᠮᠡᠳᠡᠬᠦ ᠦᠭᠡᠢ ᠪᠣᠯᠪᠠᠢ᠃ 
       ᠨᠢᠭᠡᠨ ᠡᠳᠦᠷ ᠶᠡᠬᠡ ᠨᠣᠶᠠᠨ ᠪᠦᠵᠥᠭ ᠭᠦᠶᠦᠭ ᠬᠠᠭᠠᠨ ᠤ᠋ ᠣᠷᠳᠣᠨ ᠳ᠋ᠤᠷ ᠢᠷᠡᠵᠦ ᠭᠠᠳᠠᠭᠠᠳᠤ ᠳᠣᠲᠣᠭᠠᠳᠤ ᠶ᠋ᠢᠨ ᠶᠠᠷᠢᠶ᠎ᠠ ᠬᠡᠯᠡᠯᠴᠡᠭᠡ ᠶ᠋ᠢ ᠮᠡᠳᠡᠮᠦᠢ ᠤᠤ ? ᠭᠡᠮᠡᠨ ᠠᠰᠠᠭᠤᠪᠠᠰᠤ ᠬᠥᠶᠦᠭ ᠬᠠᠭᠠᠨ ᠲᠣᠯᠣᠭᠠᠢ ᠳᠣᠬᠢᠪᠠ᠃ ᠲᠦᠷᠭᠡᠯᠡᠪᠡᠰᠦ ᠵᠣᠬᠢᠮᠤᠢ ᠬᠡᠮᠡᠬᠦᠢ ᠳ᠋ᠦ᠍ᠷ ᠬᠥᠶᠦᠭ ᠬᠠᠭᠠᠨ ᠮᠥᠨ ᠲᠣᠯᠣᠭᠠᠢ ᠳᠣᠬᠢᠵᠤ ᠬᠠᠷᠢᠭᠤᠯᠤᠭᠰᠠᠨ ᠳ᠋ᠤᠷ ᠪᠦᠵᠥᠭ ᠨᠣᠶᠠᠨ ᠱᠠᠩᠨᠠᠭᠰᠠᠨ ᠰᠠᠭᠤᠳᠠᠯ ᠳ᠋ᠤᠷ ᠰᠠᠭᠤᠭᠰᠠᠨ ᠦᠭᠡᠢ ᠬᠠᠢᠷᠠᠯᠠᠭᠰᠠᠨ ᠠᠷᠢᠬᠢ ᠶ᠋ᠢ ᠤᠤᠭᠤᠭᠰᠠᠨ ᠦᠭᠡᠢ ᠰᠡᠳᠬᠢᠯ ᠠᠮᠤᠷᠠᠪᠠ  ᠭᠡᠮᠡᠨ ᠪᠤᠴᠠᠪᠠ᠃ 
       ᠥᠭᠦᠯᠡᠬᠦ ᠢᠨᠤ ᠰᠢᠶᠠᠩ ᠬᠠᠨ ᠤ᠋ ᠭᠠᠵᠠᠷ ᠢ᠋ ᠰᠠᠬᠢᠵᠤ ᠰᠠᠭᠤᠭᠰᠠᠨ ᠶᠡᠬᠡ ᠵᠠᠩᠵᠤᠨ ᠴᠡᠷᠢᠭ ᠠᠷᠠᠳ ᠢ᠋ ᠵᠠᠬᠢᠷᠠᠬᠤ ᠰᠦᠩᠱᠤᠸᠠᠢ ᠵᠠᠩ ᠿᠧᠦ ᠨᠡᠢᠰᠯᠡᠯ ᠳ᠋ᠦ᠍ᠷ ᠢᠷᠡᠵᠦ ᠭᠦᠶᠦᠭ ᠬᠠᠭᠠᠨ ᠳ᠋ᠤᠷ ᠪᠠᠷᠠᠭᠠᠯᠠᠬᠤᠢ ᠳ᠋ᠤᠷ ᠭᠦᠶᠦᠭ ᠬᠠᠭᠠᠨ ᠮᠠᠰᠢ ᠥᠷᠥᠰᠢᠶᠡᠨ ᠬᠢᠯᠢ ᠬᠢᠵᠠᠭᠠᠷ ᠢ ᠬᠠᠮᠠᠭᠠᠯᠠᠭᠰᠠᠨ ᠭᠠᠪᠢᠶᠠᠲᠤ ᠰᠠᠢᠳ ᠭᠡᠮᠡᠨ ᠬᠦᠨᠳᠦ ᠱᠠᠩ ᠬᠡᠰᠢᠭ ᠬᠦᠷᠲᠡᠭᠡᠵᠦ ᠴᠡᠷᠢᠭ ᠵᠠᠩᠵᠤᠨ  ᠢ᠋ᠶ᠋ᠠᠨ ᠪᠣᠯᠪᠠᠰᠤᠷᠠᠭᠤᠯᠤᠨ ᠪᠠᠢᠯᠳᠤᠬᠤ ᠪᠡᠯᠡᠳᠬᠡᠯ ᠬᠢᠭᠲᠦᠨ ᠭᠡᠮᠡᠨ ᠵᠠᠷᠯᠢᠭ ᠪᠣᠯᠵᠤ ᠤᠳᠠᠭᠰᠠᠨ ᠦᠭᠡᠢ ᠪᠠᠰᠠ ᠬᠥᠭᠰᠢᠨ ᠰᠠᠢᠳ ᠡᠯᠵᠢᠭᠡᠳᠡᠢ ᠳ᠋ᠦ᠍ᠷ ᠰᠦᠽᠠᠮᠠᠨ ᠤ᠋ ᠬᠠᠷᠢᠶᠠᠲᠤ ᠴᠡᠷᠢᠭ ᠪᠠ ᠢᠷᠡᠨ ᠳ᠋ᠦ᠍ᠷ ᠪᠣᠢ ᠴᠤᠷᠮᠠᠬᠠᠨ ᠤ᠋ ᠬᠥᠪᠡᠭᠦᠨ ᠪᠠᠢᠵᠤᠤ ᠶ᠋ᠢ ᠬᠠᠷᠢᠶᠠᠯᠠᠨ ᠪᠠᠷᠠᠭᠤᠨ ᠬᠢᠵᠠᠭᠠᠷ ᠢ ᠰᠡᠷᠭᠡᠢᠯᠡᠨ ᠴᠡᠷᠢᠭ ᠮᠣᠷᠢ ᠪᠠᠨ ᠴᠢᠩᠳᠠᠯᠠᠨ ᠪᠡᠯᠡᠳᠭᠡ ! ᠭᠡᠮᠡᠨ ᠮᠣᠷᠳᠠᠭᠤᠯᠪᠠ᠃ ᠡᠳᠡᠭᠡᠷ ᠶᠠᠪᠤᠳᠠᠯ ᠢ ᠲᠥᠷᠥ ᠶ᠋ᠢᠨ ᠳᠣᠲᠣᠭᠠᠳᠤ ᠭᠠᠳᠠᠭᠠᠳᠤ ᠶ᠋ᠢᠨ ᠬᠥᠮᠦᠰ ᠦᠵᠡᠭᠡᠳ ᠴᠥᠮ ᠭᠦᠶᠦᠭ ᠬᠠᠭᠠᠨ ᠤ᠋ ᠪᠣᠳᠣᠭᠰᠠᠨ ᠭᠠᠵᠠᠷ ᠪᠣᠢ ᠭᠡᠮᠡᠨ ᠡᠷᠡᠮᠡᠯᠵᠡᠵᠦ ᠰᠠᠭᠤᠪᠠ᠃ 
       ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠡᠳᠦᠷ ᠪᠥᠭᠡᠰᠦ ᠬᠥᠶᠦᠭ ᠬᠠᠨ ᠬᠠᠭᠠᠨ ᠰᠠᠭᠤᠷᠢᠨ ᠳ᠋ᠤᠷ ᠰᠠᠭᠤᠬᠤ ᠬᠡᠰᠢᠭᠲᠦ ᠡᠳᠦᠷ ᠲᠤᠯᠠ ᠶᠡᠬᠡ ᠮᠠᠨᠳᠠᠯ ᠳ᠋ᠤᠷ ᠠᠷᠴᠢ ᠽᠠᠨᠳᠠᠨ ᠳᠡᠭᠳᠡᠭᠡᠨ ᠣᠯᠠᠨ ᠬᠠᠳ ᠨᠣᠶᠠᠳ ᠰᠠᠢᠳ ᠲᠦᠰᠢᠮᠡᠳ ᠴᠥᠮ ᠪᠠᠶᠠᠷ ᠤ᠋ᠨ ᠬᠤᠪᠴᠠᠰᠤ ᠡᠮᠦᠰᠴᠦ ᠴᠤᠭᠯᠠᠷᠠᠨ ᠢᠷᠡᠵᠦ ᠲᠡᠭᠷᠢ ᠭᠠᠵᠠᠷ ᠨᠠᠷᠠ ᠰᠠᠷᠠᠨ ᠡᠪᠦᠭᠡ ᠳᠡᠭᠡᠳᠦᠰ ᠦ᠋ᠨ ᠰᠦᠯᠳᠡ ᠶ᠋ᠢ ᠳᠠᠬᠢᠵᠤ ᠬᠥᠶᠦᠭ ᠬᠠᠨ ᠬᠢᠭᠡᠳ ᠬᠠᠲᠤᠨ ᠠᠭᠤᠯᠬᠠᠢᠮᠰ ᠢ᠋ ᠠᠷᠢᠭᠤᠳᠬᠠᠨ ᠬᠡᠪᠢᠰᠯᠡᠭᠰᠡᠨ ᠥᠷᠭᠥᠭᠡ ᠣᠷᠳᠣᠨ ᠳ᠋ᠤᠷ ᠵᠠᠯᠠᠵᠤ ᠨᠠᠷᠢᠨ ᠬᠢᠴᠡ ᠲᠡᠢ ᠥᠨᠳᠥᠷ ᠠᠯᠲᠠᠨ ᠰᠢᠷᠡᠭᠡᠨ ᠳ᠋ᠦ᠍ᠷ ᠲᠦᠰᠢᠵᠦ ᠰᠠᠭᠠᠳᠠᠭᠤᠯᠤᠨ ᠶᠣᠰᠣᠯᠠᠯ ᠤ᠋ᠨ ᠰᠠᠢᠳ ᠤ᠋ᠨ ᠳᠠᠭᠤᠳᠠᠯᠭ᠎ᠠ ᠪᠠᠷ ᠪᠥᠬᠡ ᠠᠷᠢᠬᠢ ᠴᠠᠴᠤᠯᠠᠨ ᠢᠷᠦᠭᠡᠯ ᠠᠢᠯᠠᠳᠬᠠᠭᠰᠠᠨ ᠤ᠋ ᠳᠠᠷᠠᠭ᠎ᠠ ᠣᠯᠠᠨ ᠬᠠᠳ ᠨᠣᠶᠠᠳ ᠲᠡᠷᠢᠭᠦᠯᠡᠨ ᠲᠥᠷᠥ ᠶ᠋ᠢᠨ ᠰᠠᠢᠳ ᠲᠦᠰᠢᠮᠡᠳ ᠭᠠᠳᠠᠭᠠᠳᠤ ᠤᠯᠤᠰ ᠤ᠋ᠨ ᠡᠵᠡᠨ ᠂ ᠸᠠᠩ ᠂ ᠬᠦᠩ ᠂ ᠡᠯᠴᠢ ᠶ᠋ᠢᠨ ᠰᠠᠢᠳ ᠴᠥᠮ ᠳᠡᠰ ᠳᠠᠷᠠᠭᠠᠯᠠᠨ ᠬᠤᠨᠳᠠᠭ᠎ᠠ ᠪᠠᠷᠢᠵᠤ ᠮᠥᠷᠭᠥᠭᠡᠳ ᠪᠠᠯᠩ ᠪᠠᠷᠢᠵᠤ ᠥᠩᠭᠡᠷᠡᠭᠰᠡᠨ ᠦ᠌ ᠬᠣᠢᠨ᠎ᠠ ᠶᠡᠬᠡ ᠣᠷᠳᠣᠨ ᠳ᠋ᠤᠷ ᠪᠠᠶᠠᠷ ᠤ᠋ᠨ ᠶᠡᠬᠡ ᠬᠤᠷᠢᠮ ᠵᠠᠷᠯᠠᠪᠠ᠃ 
       ᠶᠡᠬᠡ ᠪᠠᠶᠠᠷ ᠲᠤᠷ ᠣᠯᠠᠨ ᠬᠠᠳ ᠨᠣᠶᠠᠳ ᠂ ᠬᠠᠲᠤᠨ ᠠᠪᠠᠬᠠᠢ ᠴᠥᠮ ᠴᠢᠮᠡᠭ ᠦ᠋ᠨ ᠰᠠᠢᠨ ᠢ᠋ᠶ᠋ᠠᠷ ᠴᠢᠮᠡᠭᠯᠡᠵᠦ ᠡᠮᠦᠰᠬᠦ ᠶ᠋ᠢᠨ ᠰᠠᠢᠨ ᠢ᠋ᠶ᠋ᠠᠷ ᠡᠮᠦᠰᠴᠦ ᠂ ᠬᠠᠲᠤᠨ ᠠᠪᠠᠬᠠᠢ ᠪᠠᠨ ᠠᠪᠴᠤ ᠰᠢᠳᠠᠷ ᠲᠦᠰᠢᠮᠡᠳ ᠵᠠᠷᠤᠴᠠ ᠪᠠᠨ ᠳᠠᠭᠠᠭᠤᠯᠤᠨ ᠴᠡᠷᠢᠭ ᠮᠣᠷᠢ ᠪᠠᠨ ᠳᠠᠢᠴᠢᠯᠠᠨ ᠬᠦᠷᠴᠦ ᠢᠷᠡᠭᠰᠡᠨ  ᠢ᠋ᠶ᠋ᠡᠷ ᠦᠯᠦ ᠪᠠᠷᠠᠨ ᠬᠠᠷᠢᠶᠠᠲᠤ ᠣᠯᠠᠨ ᠤᠯᠤᠰ ᠤ᠋ᠨ ᠸᠠᠩ ᠬᠦᠩ ᠡᠵᠡᠨ ᠬᠠᠨ ᠭᠠᠳᠠᠭᠠᠳᠤ ᠤᠯᠤᠰ ᠤ᠋ᠨ ᠡᠵᠡᠨ ᠲᠦᠰᠢᠮᠡᠳ ᠴᠥᠮ ᠨᠤᠲᠤᠭ ᠣᠷᠣᠨ ᠤ᠋ ᠬᠤᠪᠴᠠᠰᠤ ᠬᠤᠨᠠᠷ ᠵᠠᠰᠠᠯ ᠴᠢᠮᠡᠯ ᠦ᠋ᠨ ᠳᠡᠭᠡᠳᠦ ᠶ᠋ᠢᠨ ᠳᠡᠭᠡᠳᠦ ᠪᠡᠷ ᠬᠤᠪᠴᠠᠯᠠᠨ ᠴᠢᠮᠡᠵᠦ ᠬᠦᠷᠦᠯᠴᠡᠨ ᠢᠷᠡᠭᠰᠡᠨ ᠲᠤᠯᠠ ᠶᠠᠩᠵᠤ ᠪᠦᠷᠢ ᠶ᠋ᠢᠨ ᠬᠤᠪᠴᠠᠰᠤ᠂ ᠴᠢᠮᠡᠯ ᠵᠡᠷᠭᠡᠯᠡᠨ ᠬᠥᠮᠦᠰ ᠴᠥᠮ ᠦᠵᠡᠭᠰᠡᠨ ᠦᠭᠡᠢ ᠪᠡᠨ ᠦᠵᠡᠵᠦ ᠰᠣᠨᠣᠰᠤᠭᠰᠠᠨ ᠦᠭᠡᠢ ᠪᠡᠨ ᠰᠣᠨᠣᠰᠴᠤ ᠨᠢᠳᠦ ᠡᠷᠢᠶᠡᠯᠵᠡᠨ ᠲᠣᠯᠣᠭᠠᠢ ᠡᠷᠭᠢᠮᠦᠢ᠂ ᠰᠤᠷᠭᠤᠭᠲ᠋ᠠᠨ᠎ᠠ ᠬᠠᠲᠤᠨ ᠡᠬᠡ ᠬᠥᠪᠡᠭᠦᠨ ᠢ᠋ᠶ᠋ᠡᠨ ᠳᠠᠭᠠᠭᠤᠯᠤᠨ ᠠᠯᠲᠠᠨ ᠬᠠᠰ ᠢ᠋ᠶ᠋ᠠᠷ ᠴᠢᠮᠡᠭᠰᠡᠨ ᠳᠠᠶᠠᠩ ᠳᠡᠯᠡᠬᠡᠢ ᠳ᠋ᠦ᠍ᠷ ᠬᠣᠣᠰ ᠦᠭᠡᠢ ᠳᠥᠷᠪᠡᠨ ᠬᠦᠷᠳᠦᠲᠦ ᠰᠡᠦᠬᠡ ᠲᠡᠷᠭᠡ ᠪᠡᠷ ᠤᠷᠢᠳᠴᠢᠯᠠᠨ ᠬᠦᠷᠴᠦ ᠢᠷᠡᠪᠡ᠃ ᠲᠡᠷᠢᠭᠦᠨ᠎ᠡ ᠬᠠᠲᠤᠨ ᠣᠯᠠᠨ ᠬᠥᠪᠡᠭᠦᠳ ᠢ᠋ᠶ᠋ᠡᠨ ᠳᠠᠭᠠᠭᠤᠯᠤᠨ ᠣᠷᠳᠣᠨ ᠤ᠋ ᠡᠭᠦᠳᠡᠨ ᠳ᠋ᠦ᠍ᠷ ᠤᠭᠲᠤᠵᠤ ᠠᠪᠤᠭᠠᠳ ᠬᠥᠬᠡ ᠣᠷᠳᠣᠨ ᠳ᠋ᠤᠷ ᠵᠠᠯᠠᠪᠠ᠃ ᠳᠣᠷᠣᠨ᠎ᠠ ᠵᠦᠭ ᠡᠴᠡ ᠢᠷᠡᠭᠰᠡᠨ ᠬᠣᠲᠠᠨ ᠬᠠᠨ᠂ ᠣᠳᠴᠢᠭᠢᠨ ᠪᠠ ᠲᠡᠭᠦᠨ ᠦ᠌ ᠥᠬᠢᠳ ᠬᠥᠪᠡᠭᠦᠨ ᠬᠢᠭᠡᠳ ᠬᠦᠨᠳᠦᠲᠦ ᠡᠨᠡᠵᠡᠲᠡᠢ ᠨᠠᠷ ᠲᠠᠭᠠᠯᠴᠠᠨ ᠢᠷᠡᠵᠡᠢ᠃ ᠴᠠᠭᠠᠲᠠᠢ ᠬᠠᠨ ᠤ᠋ ᠣᠷᠳᠣᠨ ᠠ᠋ᠴᠠ ᠬᠠᠷ᠎ᠠ ᠬᠤᠯᠤᠭᠤ᠂ ᠶᠢᠰᠦᠨᠮᠥ᠋ᠩᠬᠡ ᠂ ᠪᠦᠷᠢ ᠂ ᠪᠠᠢᠳᠠᠷ ᠂ ᠶᠢᠰᠦᠨᠲᠤᠭ ᠂ ᠬᠢᠭᠡᠳ ᠠᠴᠢ ᠨᠠᠷ ᠣᠯᠠᠨ ᠬᠥᠮᠦᠨ ᠪᠠᠢᠪᠠ᠃ ᠠᠯᠲᠠᠨ ᠣᠷᠳᠣᠨ ᠤ᠋ ᠪᠠᠲᠤ ᠬᠠᠨ ᠤ᠋ ᠡᠮᠦᠨ᠎ᠡ ᠡᠴᠡ ᠳᠡᠭᠦᠦ ᠱ᠌ᠢᠪᠠᠨ ᠂ ᠤᠷᠳᠠ ᠂ ᠪᠠᠷᠠᠭᠠᠢ ᠂ ᠲᠣᠭᠲᠡᠮᠦᠷ ᠨᠠᠷ ᠪᠠᠢᠯᠴᠠᠪᠠ᠃ 
       ᠡᠳᠡᠭᠡᠷ ᠬᠠᠳ ᠨᠣᠶᠠᠳ ᠢ᠋ ᠳᠠᠭᠠᠵᠤ ᠢᠷᠡᠭᠰᠡᠨ ᠬᠦᠨᠳᠦᠲᠦ ᠰᠠᠢᠳ ᠲᠦᠰᠢᠮᠡᠳ ᠡᠳᠦᠢ ᠲᠡᠳᠦᠢ ᠬᠥᠮᠦᠨ ᠢ᠋ ᠬᠡᠷᠬᠢᠨ ᠨᠢᠭᠡ ᠨᠢᠭᠡ ᠪᠡᠷ ᠲᠡᠮᠳᠡᠭᠯᠡᠵᠦ ᠴᠢᠳᠠᠬᠤ ᠠᠵᠢ᠃ ᠬᠢᠳᠠᠨ ᠠ᠋ᠴᠠ ᠢᠷᠡᠭᠰᠡᠨ ᠨᠣᠶᠠᠳ ᠲᠦᠰᠢᠮᠡᠳ ᠲᠤᠷᠺᠠᠰᠲ᠋ᠠᠨ ᠪᠠ ᠾᠧ ᠵᠦᠩ ᠡᠴᠡ ᠢᠷᠡᠭᠰᠡᠨ ᠨᠣᠶᠠᠳ ᠲᠦᠰᠢᠮᠡᠳ᠃ ᠶᠡᠬᠡ ᠨᠣᠶᠠᠨ ᠠᠷᠢᠭᠤᠨ ᠢ᠋ ᠳᠠᠭᠠᠵᠤ ᠢᠷᠡᠭᠰᠡᠨ ᠬᠤᠷᠱᠠᠨ ᠂ ᠢᠷᠠᠺ ᠂ ᠯᠣᠡᠤᠷ ᠂ ᠠᠽᠠᠷᠪᠠᠢᠵᠢᠶᠠᠩ ᠂ ᠰᠢᠷᠸᠠᠨ ᠤ᠋ ᠬᠠᠳ ᠨᠣᠶᠠᠳ ᠂ ᠷᠣᠮ ᠤ᠋ᠨ ᠰᠦᠯᠲᠠᠨ ᠯᠤᠺᠸᠨᠠᠳᠢᠨ ᠪᠠ ᠰᠦᠯᠲᠠᠨ ᠲᠠᠴᠢᠶᠠᠸᠠᠷ ᠂ ᠬᠦᠷᠵᠢ ᠡᠴᠡ ᠢᠷᠡᠭᠰᠡᠨ ᠳ᠋ᠠᠸᠸᠢᠢᠳ᠋ᠸ ᠲᠠᠪᠤᠳᠤᠭᠠᠷ᠃ ᠠᠷᠠᠹ ᠠ᠋ᠴᠠ ᠠᠷᠠᠹ ᠤ᠋ᠨ ᠸᠠᠩ ᠤ᠋ᠨ ᠳᠡᠭᠦᠦ᠃ ᠮᠠᠤᠰᠢᠯᠢ ᠠ᠋ᠴᠠ ᠰᠦᠯᠲᠠᠨ ᠪᠶᠸᠳᠤᠯᠤᠳᠢᠨ᠂ ᠯᠤᠯᠤ᠃ ᠪᠠᠬᠢᠳᠠ ᠠ᠋ᠴᠠ ᠢᠷᠡᠭᠰᠡᠨ ᠳ᠋ᠠᠭᠳᠢ ᠂ ᠫᠠᠬᠠᠯᠤᠳᠢᠨ᠃ ᠡᠷᠵᠸᠯᠤᠮᠤ ᠶ᠋ᠢᠨ ᠰᠦᠯᠲᠠᠨ ᠵᠡᠷᠭᠡ ᠬᠥᠮᠦᠨ ᠪᠠᠢᠪᠠ᠃ ᠵᠣᠴᠢᠳ ᠤ᠋ᠨ ᠳᠣᠲᠣᠷ᠎ᠠ ᠷᠣᠮ ᠤ᠋ᠨ ᠱᠠᠰᠢᠨ ᠤ᠋ ᠬᠠᠭᠠᠨ ᠢᠨᠠᠤᠺᠸᠨ᠌ᠲ᠋ᠤᠽᠢ ᠳᠥᠷᠪᠡᠳᠦᠭᠡᠷ ᠦ᠋ᠨ ᠡᠯᠴᠢ ᠫᠡᠷᠡᠨ᠋ᠴᠸᠰᠺᠦ ᠨᠡᠢᠭᠡᠮᠯᠡᠭ ᠦ᠋ᠨ ᠬᠤᠸᠠᠷᠠᠭ ᠵᠣ᠌ ᠂ ᠳ ᠂ ᠫᠠᠯᠠᠨᠤ᠋ ᠂ ᠺᠠᠷᠫᠠᠨᠢ ᠪᠠ ᠠᠯᠶ᠋ᠪᠠᠰᠠᠨᠳᠠᠷ ᠂ ᠨᠢᠶᠸᠺᠠᠰᠺᠠᠢᠨ ᠤ᠋ ᠡᠴᠢᠭᠡ ᠬᠢᠭᠡᠳ ᠣᠷᠣᠰ ᠤ᠋ᠨ ᠸᠠᠩ ᠶᠡᠷᠦᠰᠯᠸᠸ᠃ ᠭᠷᠤᠵᠢᠶ᠎ᠠ ᠶ᠋ᠢᠨ ᠬᠠᠨ ᠤ᠋ ᠬᠣᠶᠠᠷ ᠬᠥᠪᠡᠭᠦᠨ ᠬᠢᠭᠡᠳ ᠰᠡᠭᠦᠯᠴᠢ ᠶ᠋ᠢᠨ ᠠᠪᠪᠰᠢᠳ ᠬᠠᠯᠢᠫᠢ ᠮᠣᠰᠲ᠋ᠠᠰᠢᠮᠢᠨ ᠤ᠋ ᠡᠯᠴᠢ ᠶ᠋ᠢᠨ ᠰᠠᠢᠳ ᠪᠠ ᠯᠠᠯᠤ ᠶ᠋ᠢᠨ ᠬᠡᠳᠦᠨ ᠰᠦᠯᠲᠠᠨ᠃ ᠬᠢᠲᠠᠳ᠂ ᠰᠣᠯᠣᠩᠭᠣᠰ ᠤ᠋ᠨ ᠡᠯᠴᠢ ᠶ᠋ᠢᠨ ᠰᠠᠢᠳ ᠪᠠᠢᠪᠠ᠃ ᠪᠠᠰᠠ ᠹᠷᠠᠨᠼᠢ ᠶ᠋ᠢᠨ ᠡᠯᠴᠢ ᠶ᠋ᠢᠨ ᠰᠠᠢᠳ ᠤ᠋ᠨ ᠪᠦᠯᠬᠦᠮ᠂ ᠫᠷᠰ ᠬᠢᠭᠡᠳ ᠴᠢᠷᠮᠡᠨ᠂ ᠠᠯᠠᠮᠤᠲᠤ ᠶ᠋ᠢᠨ ᠸᠠᠩ ᠤ᠋ᠳ ᠪᠠ ᠠᠯᠤᠸᠠᠳᠢᠨ ᠠ᠋ᠴᠠ ᠲᠣᠮᠢᠯᠠᠭᠰᠠᠨ ᠪᠠ ᠬᠣᠰᠢᠰᠲ᠋ᠠᠨ ᠤ᠋ ᠨᠣᠶᠠᠨ ᠰᠢᠬᠠᠪᠥ᠋ᠳ᠋ᠢᠨ ᠵᠠᠨᠽᠠᠳᠢᠨ ᠨᠠᠷ ᠴᠥᠮ ᠲᠤᠰ ᠲᠤᠰ ᠤ᠋ᠨ ᠲᠡᠷᠭᠡ ᠮᠣᠷᠢ ᠰᠢᠳᠠᠷ ᠠᠷᠠᠳ᠂ ᠴᠡᠷᠢᠭ ᠵᠠᠩᠵᠤᠨ ᠢ᠋ᠶ᠋ᠠᠨ ᠳᠠᠭᠠᠭᠤᠯᠤᠨ ᠬᠦᠷᠴᠦ ᠢᠷᠡᠭᠰᠡᠨ ᠲᠤᠯᠠ ᠣᠷᠳᠣᠨ ᠬᠠᠷᠰᠢ ᠬᠥᠮᠦᠨ ᠲᠦᠭᠦᠷᠡᠭᠰᠡᠨ ᠢ᠋ᠶ᠋ᠡᠷ ᠦᠯᠦ ᠪᠠᠷᠠᠨ ᠵᠡᠷᠭᠡᠭᠦᠯᠦᠨ ᠪᠠᠷᠢᠭᠰᠠᠨ ᠬᠡᠳᠦᠨ ᠮᠢᠩᠭᠠᠨ ᠴᠠᠭᠠᠨ ᠭᠡᠷ ᠴᠥᠮ ᠪᠠᠭᠲᠠᠭᠠᠬᠤ ᠦᠭᠡᠢ ᠴᠠᠴᠠᠷ ᠮᠠᠢᠬᠠᠨ ᠦᠷᠭᠦᠯᠵᠢᠯᠡᠨ ᠥᠷᠭᠡᠨ ᠲᠠᠯ᠎ᠠ ᠢᠪᠴᠤᠳᠠᠵᠤ ᠤᠤᠭᠤᠬᠤᠢ ᠳ᠋ᠤᠷ ᠭᠣᠣᠯ ᠮᠥᠷᠡᠨ ᠬᠠᠲᠠᠭᠠᠳ ᠢᠳᠡᠬᠦᠢ ᠳ᠋ᠦ᠍ᠷ ᠠᠭᠤᠯᠠ ᠣᠪᠣᠭ᠎ᠠ ᠬᠣᠭᠣᠰᠣᠷᠠᠪᠠᠢ᠃ ᠡᠯᠳᠡᠪ ᠳᠠᠭᠤᠤ ᠶᠠᠩᠵᠤ ᠶ᠋ᠢᠨ ᠪᠥᠵᠢᠭ᠂ ᠶᠢᠰᠦᠨ ᠬᠣᠶᠠᠷ ᠬᠥᠭᠵᠢᠮ ᠵᠡᠷᠭᠡ ᠪᠡᠷ ᠨᠠᠷᠭᠢᠵᠤ ᠬᠠᠭᠠᠨ ᠰᠠᠭᠤᠷᠢᠨ ᠢ᠋ ᠵᠠᠯᠭᠠᠮᠵᠢᠯᠠᠬᠤ ᠨᠠᠢᠷ ᠣᠷᠭᠢᠯ ᠳ᠋ᠠᠭᠠᠨ ᠬᠦᠷᠵᠦᠬᠦᠢ᠃ 
       ᠶᠡᠬᠡ ᠨᠠᠢᠷ ᠳᠣᠯᠣᠭᠠᠨ ᠡᠳᠦᠷ ᠦᠷᠭᠦᠯᠵᠢᠯᠡᠨ ᠬᠠᠭᠠᠨ ᠬᠢᠭᠡᠳ ᠬᠠᠲᠤᠨ ᠡᠳᠦᠷ ᠪᠦᠷᠢ ᠪᠠᠷᠠᠭᠠᠯᠠᠬᠤ ᠬᠠᠷᠰᠢ ᠳ᠋ᠤᠷ ᠮᠣᠷᠢᠯᠠᠨ ᠡᠷᠬᠢᠮ ᠬᠠᠷᠠᠴᠤᠳ ᠤ᠋ᠨ ᠢᠯᠭᠠᠯ ᠦᠭᠡᠢ ᠲᠤᠰ ᠲᠤᠰ ᠤ᠋ᠨ ᠬᠤᠪᠢ ᠬᠡᠮᠵᠢᠶᠡᠨ ᠳ᠋ᠦ᠍ᠷ ᠲᠣᠬᠢᠷᠠᠭᠰᠠᠨ ᠰᠠᠭᠤᠳᠠᠯ ᠢ᠋ᠶ᠋ᠠᠨ ᠣᠯᠵᠤ ᠪᠦᠭᠦᠳᠡᠭᠡᠷ ᠢᠷᠦᠭᠡᠯ ᠮᠠᠭᠲᠠᠭᠠᠯ ᠠᠢᠯᠠᠳᠬᠠᠨ ᠳᠠᠭᠤᠯᠠᠷᠤᠨ ᠄ 
             ᠪᠠᠭᠠᠲᠤᠷ ᠮᠡᠷᠭᠡᠨ ᠡᠵᠡᠨ ᠬᠠᠭᠠᠨ ᠲᠠ 
             ᠪᠠᠷᠠᠭᠳᠠᠰᠢ ᠦᠭᠡᠢ ᠣᠶᠤᠨ ᠤᠬᠠᠭᠠᠨ ᠳ᠋ᠠᠭᠠᠨ 
             ᠪᠠᠢᠭᠠᠯᠢ ᠳᠡᠯᠡᠬᠡᠢ ᠶ᠋ᠢᠨ ᠣᠯᠠᠨ ᠢᠷᠭᠡᠳ ᠢ᠋ 
             ᠪᠠᠷᠠᠭᠤᠨ ᠵᠠᠬ᠎ᠠ ᠠ᠋ᠴᠠ ᠵᠡᠭᠦᠨ ᠵᠠᠬ᠎ᠠ ᠬᠦᠷᠲᠡᠯ᠎ᠡ ᠪᠠᠭᠲᠠᠭᠠᠨ 
             ᠪᠠᠯᠠᠷᠠᠰᠢ ᠦᠭᠡᠢ ᠮᠣᠩᠭᠣᠯ ᠤ᠋ᠨ ᠲᠥᠷᠥ ᠶ᠋ᠢ ᠡᠵᠡᠯᠡᠨ 
             ᠡᠯᠡᠳᠡᠭᠰᠢ ᠦᠭᠡᠢ ᠡᠷᠳᠡᠨᠢ ᠶ᠋ᠢᠨ ᠰᠠᠭᠤᠷᠢᠨ ᠳ᠋ᠠᠭᠠᠨ 
             ᠥᠨᠢ ᠮᠥᠩᠬᠡ ᠵᠢᠷᠭᠠᠲᠤᠭᠠᠢ ᠭᠡᠮᠡᠨ ᠳᠠᠭᠤᠯᠠᠬᠤᠶ᠎ᠠ 
ᠭᠡᠭᠡ ᠭᠦᠩᠵᠦ ᠬᠠᠲᠤᠨ ᠠᠪᠠᠬᠠᠢ ᠨᠠᠷ ᠴᠥᠮ ᠲᠡᠭᠷᠢ ᠶ᠋ᠢᠨ ᠳᠠᠭᠢᠨᠢ ᠮᠡᠲᠦ ᠴᠢᠮᠡᠵᠦ ᠪᠡᠶᠡᠰᠦᠨ ᠢᠨᠢᠶᠡᠯᠳᠦᠵᠦ ᠬᠤᠨᠳᠠᠭ᠎ᠠ ᠪᠠᠷᠢᠵᠤ ᠳᠠᠭᠤᠤ ᠬᠥᠭᠵᠢᠮ ᠡᠷᠭᠦᠮᠦᠢ᠃ ᠰᠤᠪᠤᠳ ᠲᠠᠨ᠎ᠠ ᠭᠢᠯᠪᠡᠰᠬᠦᠶ᠎ᠡ ᠣᠳᠣᠨ ᠮᠡᠴᠢᠳ ᠠᠲᠠᠭᠠᠷᠠᠨ ᠂ ᠲᠣᠷᠭ᠎ᠠ ᠳᠤᠷᠳᠤᠩ ᠮᠢᠷᠠᠯᠵᠠᠨ ᠴᠡᠴᠡᠭ ᠦ᠋ᠨ ᠥᠩᠭᠡ ᠶ᠋ᠢ ᠪᠤᠯᠢᠶᠠᠮᠤᠢ᠃ ᠲᠠᠵᠢ ᠶ᠋ᠢᠨ ᠳᠡᠭᠡᠷ᠎ᠡ ᠲᠣᠬᠣᠵᠤ ᠠᠯᠲᠠᠨ ᠬᠠᠰ ᠢ ᠬᠣᠣᠰᠯᠠᠵᠤ ᠦᠨᠡᠬᠡᠷ ᠪᠠᠶᠠᠨ ᠡᠷᠬᠢᠮ ᠦ᠋ᠨ ᠲᠤᠢᠯ ᠳ᠋ᠤᠷ ᠬᠦᠷᠪᠡᠢ᠃ ᠨᠠᠢᠷ ᠲᠠᠷᠬᠠᠬᠤ ᠡᠳᠦᠷ ᠬᠥᠶᠦᠭ ᠬᠠᠭᠠᠨ ᠂ ᠬᠠᠭᠠᠨ ᠰᠠᠩ ᠤ᠋ᠨ ᠶᠡᠬᠡ ᠡᠭᠦᠳᠡ ᠶ᠋ᠢ ᠨᠡᠭᠡᠭᠡᠵᠦ ᠬᠠᠳ ᠨᠣᠶᠠᠳ ᠴᠡᠷᠢᠭ ᠠᠷᠠᠳ ᠤ᠋ᠨ ᠢᠯᠭᠠᠯ ᠦᠭᠡᠢ ᠲᠤᠰ ᠲᠤᠰ ᠤ᠋ᠨ ᠬᠤᠪᠢ ᠬᠡᠮᠵᠢᠶ᠎ᠡ ᠳ᠋ᠦ᠍ᠷ ᠲᠣᠬᠢᠷᠠᠭᠰᠠᠨ ᠬᠠᠨᠤᠮᠵᠢᠲᠠᠢ ᠱᠠᠩ ᠬᠡᠰᠢᠭ ᠬᠦᠷᠲᠡᠭᠡᠵᠦ ᠪᠠᠶᠠᠰᠬᠠᠨ ᠮᠣᠷᠳᠠᠭᠤᠯᠪᠠ᠃ 
       ᠭᠦᠶᠦᠭ ᠬᠠᠭᠠᠨ ᠰᠠᠭᠤᠷᠢᠨ ᠢ ᠵᠠᠯᠭᠠᠮᠵᠢᠯᠠᠬᠤ ᠶᠡᠬᠡ ᠬᠤᠷᠠᠯ ᠥᠩᠭᠡᠷᠡᠭᠰᠡᠨ ᠪᠣᠯᠪᠠᠴᠤ ᠲᠡᠷᠢᠭᠦᠨ᠎ᠡ ᠬᠠᠲᠤᠨ ᠡᠷᠬᠡ ᠮᠡᠳᠡᠵᠦ ᠵᠠᠰᠠᠭ ᠵᠠᠷᠯᠢᠭ ᠶᠠᠪᠤᠭᠤᠯᠵᠤ ᠵᠠᠬᠢᠷᠠᠬᠤ ᠬᠡᠪ  ᠢ᠋ᠶ᠋ᠡᠷ ᠲᠤᠯᠠ ᠬᠥᠶᠦᠭ ᠬᠠᠭᠠᠨ ᠨᠡᠷ᠎ᠡ ᠶ᠋ᠢᠨ ᠲᠡᠳᠦᠢᠯᠡ ᠪᠣᠯᠪᠠᠢ᠃ 
       ᠢᠯᠠᠩᠭᠤᠶ᠎ᠠ ᠴᠠᠭᠠᠲᠠᠢ ᠬᠠᠨ ᠠᠪᠠᠭ᠎ᠠ ᠮᠥᠨ ᠳᠡᠮᠡᠢ ᠤᠳᠠᠭᠰᠠᠨ ᠦᠭᠡᠢ ᠨᠥᠭᠴᠢᠭᠰᠡᠨ ᠲᠤᠯᠠ ᠲᠡᠷᠢᠭᠦᠨ᠎ᠡ ᠬᠠᠲᠤᠨ ᠬᠠᠮᠤᠭ ᠡᠭᠡᠴᠢᠮᠡᠳ ᠪᠣᠯᠬᠤ ᠲᠤᠯᠠ ᠨᠡᠩ ᠵᠣᠷᠢᠭ ᠢ᠋ᠶ᠋ᠠᠷ ᠪᠣᠯᠪᠠ᠃ ᠭᠡᠪᠡᠴᠦ ᠴᠠᠭᠠᠲᠠᠢ ᠬᠠᠨ ᠤ᠋ ᠠᠴᠢ ᠬᠠᠷ᠎ᠠ ᠬᠤᠯᠤᠭᠤ ᠡᠪᠦᠭᠡ ᠶ᠋ᠢᠨ ᠢ᠋ᠶ᠋ᠡᠨ ᠰᠠᠭᠤᠷᠢᠨ ᠢ ᠵᠠᠯᠭᠠᠮᠵᠢᠯᠠᠬᠤᠢ ᠳ᠋ᠤᠷ ᠬᠥᠶᠦᠭ ᠬᠠᠭᠠᠨ ᠳᠤᠷ᠎ᠠ ᠥᠭᠡᠢᠰᠴᠦ ᠵᠠᠷᠯᠢᠭ ᠪᠣᠯᠤᠷᠤᠨ: 《ᠬᠥᠪᠡᠭᠦᠨ ᠬᠡᠳᠦ ᠪᠣᠢ ᠪᠥᠭᠡᠲᠡᠯ᠎ᠡ ᠠᠴᠢ ᠪᠣᠯᠣᠭᠰᠠᠳ ᠬᠡᠷᠬᠢᠨ ᠠᠬᠠᠯᠠᠮᠤᠢ 》ᠭᠡᠮᠡᠨ ᠬᠠᠷ᠎ᠠ ᠬᠤᠯᠤᠭᠤ ᠶ᠋ᠢ ᠪᠠᠭᠤᠷᠠᠭᠤᠯᠵᠤ ᠶᠢᠰᠦᠨᠮᠦ᠋ᠩᠬᠡ ᠪᠡᠷ ᠵᠠᠯᠭᠠᠮᠵᠢᠯᠠᠭᠤᠯᠪᠠ᠃ 
       ᠬᠣᠲᠠᠨ ᠬᠠᠨ ᠭᠡᠨᠡᠳᠲᠡ ᠬᠦᠨᠳᠦ ᠡᠪᠡᠳᠴᠢᠯᠡᠭᠡᠳ ᠦᠯᠦ ᠡᠳᠡᠭᠡᠷᠡᠬᠦᠢ ᠳ᠋ᠦ᠍ᠷ ᠰᠡᠮᠡᠷᠺᠡᠨᠳ᠋ ᠡᠴᠡ ᠢᠷᠡᠭᠰᠡᠨ ᠨᠢᠭᠡᠨ ᠪᠥᠬᠡ ᠰᠢᠷᠠ ᠬᠡᠮᠡᠭᠴᠢ ᠦᠵᠡᠭᠡᠳ ᠣᠷᠳᠣᠨ ᠤ᠋ ᠡᠮᠡᠭᠲᠡᠢ ᠪᠠᠳᠮ᠎ᠠ ᠭᠠᠵᠢᠭᠤ ᠤᠪᠠᠳᠢᠰ  ᠢ᠋ᠶ᠋ᠠᠷ ᠠᠲᠠᠯᠠᠮᠤᠢ ᠬᠡᠮᠡᠪᠡ᠃ ᠲᠡᠢᠨ ᠬᠦ᠌ ᠬᠣᠲᠠᠨ ᠬᠠᠨ ᠂ ᠬᠥᠶᠦᠭ ᠬᠠᠭᠠᠨ ᠳ᠋ᠤᠷ ᠭᠡᠷᠢᠶᠡᠰᠦᠯᠡᠭᠰᠡᠨ ᠢᠨᠦ : ᠬᠡᠷᠪᠡ ᠪᠢ ᠡᠢᠮᠦ ᠲᠡᠢᠮᠦ ᠪᠣᠯᠬᠤ ᠳ᠋ᠤᠷ ᠬᠦᠷᠪᠡᠯ ᠠᠬ᠎ᠠ ᠲᠠ ᠮᠢᠨᠦ ᠥᠰᠢᠶ᠎ᠡ ᠶ᠋ᠢ ᠠᠪᠴᠤ ᠥᠭᠭᠥᠨᠡᠦ ᠬᠡᠮᠡᠪᠡ᠃ ᠤᠳᠠᠭᠰᠠᠨ ᠦᠭᠡᠢ ᠬᠣᠲᠠᠨ ᠬᠠᠨ ᠨᠥᠭᠴᠢᠭᠰᠡᠨ ᠳ᠋ᠦ᠍ᠷ ᠬᠥᠶᠦᠭ ᠬᠠᠭᠠᠨ ᠬᠢᠯᠢᠩᠯᠡᠨ ᠣᠷᠳᠣᠨ ᠠ᠋ᠴᠠ ᠪᠠᠳᠮ᠎ᠠ ᠶ᠋ᠢ ᠠᠪᠤᠭᠤᠯᠬᠤ ᠪᠠᠷ ᠣᠴᠢᠭᠤᠯᠪᠠ᠃ ᠡᠬᠡ ᠢᠨᠦ ᠲᠡᠷᠢᠭᠦᠨ᠎ᠡ ᠬᠠᠲᠤᠨ ᠬᠣᠵᠢᠮ ᠣᠴᠢᠭᠤᠯᠰᠤᠭᠠᠢ ᠭᠡᠮᠡᠨ ᠪᠤᠴᠠᠭᠠᠪᠠ᠃ ᠭᠦᠶᠦᠭ ᠬᠠᠭᠠᠨ ᠳᠠᠬᠢᠨ ᠬᠥᠮᠦᠨ ᠣᠴᠢᠭᠤᠯᠵᠤ ᠬᠡᠷᠬᠢᠪᠡᠴᠦ ᠥᠭᠲᠦᠭᠡᠢ ᠬᠡᠮᠡᠭᠰᠡᠨ ᠳ᠋ᠦ᠍ᠷ ᠪᠠᠳᠮ᠎ᠠ ᠲᠡᠷᠢᠭᠦᠨ᠎ᠡ ᠬᠠᠲᠤᠨ ᠤ᠋ ᠬᠣᠷᠮᠣᠢ ᠠ᠋ᠴᠠ ᠵᠠᠭᠤᠵᠤ ᠨᠠᠮᠠᠶ᠋ᠢ ᠬᠠᠲᠤᠨ ᠳ᠋ᠤᠷ ᠦᠢᠯᠡᠴᠢᠯᠡᠭᠰᠡᠨ ᠢ᠋ᠶ᠋ᠡᠷ ᠮᠠᠭᠤ ᠬᠥᠮᠦᠨ ᠬᠣᠪᠴᠢᠯᠠᠨ ᠴᠤᠤᠷᠬᠠᠯ ᠡᠳᠦᠭᠰᠡᠨ ᠢᠨᠦ ᠪᠣᠯᠠᠢ᠃ ᠬᠢᠯᠢᠰ ᠢ᠋ ᠬᠠᠲᠤᠨ ᠲᠠ ᠮᠡᠳᠡᠬᠦ ᠲᠤᠯᠠ ᠨᠠᠮᠠᠶ᠋ᠢ ᠠᠪᠤᠷᠠᠮᠤ ᠭᠡᠮᠡᠨ ᠭᠣᠶᠣᠬᠤᠢ ᠳ᠋ᠤᠷ ᠲᠡᠷᠢᠭᠦᠨ᠎ᠡ ᠬᠠᠲᠤᠨ ᠲᠡᠪᠴᠢᠵᠦ ᠴᠢᠳᠠᠬᠤ ᠦᠭᠡᠢ ᠲᠤᠯᠠ ᠠᠪᠤᠷ᠎ᠠ ᠢᠷᠡᠭᠰᠡᠳ ᠢ᠋ ᠳᠠᠬᠢᠨ ᠪᠤᠴᠠᠭᠠᠪᠠ᠃ ᠭᠡᠲᠡᠯ᠎ᠡ ᠬᠥᠶᠦᠭ ᠬᠠᠭᠠᠨ ᠬᠠᠲᠤᠨ ᠡᠬᠡ ᠶ᠋ᠢᠨ ᠵᠠᠷᠯᠢᠭ ᠢ᠋ ᠨᠢᠴᠤᠭᠠᠨ ᠥᠭᠬᠦ ᠦᠭᠡᠢ ᠪᠥᠭᠡᠰᠦ ᠴᠡᠷᠢᠭ ᠦ᠋ᠨ ᠬᠦᠴᠦᠨ ᠬᠡᠷᠡᠭᠯᠡᠵᠦ ᠪᠠᠷᠢᠮᠤᠢ ᠭᠡᠮᠡᠨ ᠬᠥᠮᠦᠨ ᠵᠠᠷᠤᠭᠰᠠᠨ ᠲᠤᠯᠠ ᠬᠠᠲᠤᠨ ᠭᠣᠮᠣᠳᠠᠬᠤ ᠶ᠋ᠢᠨ ᠲᠤᠢᠯ ᠳ᠋ᠤᠷ ᠬᠦᠷᠴᠦ ᠪᠥᠭ᠌ᠰᠢᠨ ᠤᠬᠢᠯᠠᠵᠤ ᠪᠠᠳᠮ᠎ᠠ ᠶ᠋ᠢ ᠥᠭᠴᠦ ᠶᠠᠪᠤᠭᠤᠯᠬᠤᠢ ᠳ᠋ᠤᠷ ᠪᠠᠳᠮ᠎ᠠ ᠥᠪᠡᠷ ᠦ᠋ᠨ ᠶᠠᠮᠠᠷ ᠪᠣᠯᠬᠤ ᠪᠠᠨ ᠮᠡᠳᠡᠵᠦ ᠬᠠᠲᠤᠨ ᠤ᠋ ᠭᠤᠲᠤᠯ ᠢ᠋ ᠳᠣᠯᠢᠶᠠᠨ ᠠᠪᠤᠷᠠᠯ ᠡᠷᠢᠭᠰᠡᠨ ᠪᠣᠯᠪᠠᠴᠤ ᠬᠠᠲᠤᠨ ᠨᠢᠳᠦ ᠪᠡᠨ ᠬᠠᠯᠬᠠᠯᠠᠨ ᠲᠦᠷ ᠣᠴᠢᠲᠤᠭᠠᠢ᠂ ᠪᠢ ᠠᠷᠤ ᠠ᠋ᠴᠠ ᠬᠥᠮᠦᠨ ᠵᠠᠷᠤᠵᠤ ᠢᠯᠭᠠᠵᠤ ᠥᠭᠦᠯᠡᠰᠦᠭᠡᠢ ᠭᠡᠮᠡᠨ ᠵᠠᠷᠯᠢᠭ ᠪᠤᠯᠬᠤᠢ ᠳ᠋ᠤᠷ ᠪᠠᠳᠮ᠎ᠠ ᠪᠠᠰᠠ ᠬᠠᠲᠤᠨ ᠤ᠋ ᠬᠣᠷᠮᠣᠢ ᠳᠣᠣᠷ᠎ᠠ ᠬᠣᠷᠭᠣᠳᠠᠬᠤᠢ ᠳ᠋ᠤᠷ ᠬᠥᠶᠦᠭ ᠬᠠᠭᠠᠨ ᠤ᠋ ᠯᠤᠤ ᠪᠠᠷᠰ ᠮᠡᠲᠦ ᠲᠣᠷᠭᠤᠳ ᠴᠢᠷᠴᠦ ᠠᠪᠴᠤ ᠶᠠᠪᠤᠪᠠ᠃ 
       ᠬᠠᠲᠤᠨ ᠬᠢᠯᠢᠩ ᠢ᠋ᠶ᠋ᠡᠨ ᠳᠠᠷᠤᠵᠤ ᠨᠢᠯᠪᠤᠰᠤ ᠪᠠᠨ ᠠᠷᠴᠢᠵᠤ ᠬᠣᠪᠴᠢ ᠦᠭᠡ ᠶ᠋ᠢ ᠰᠣᠨᠣᠰᠬᠤ ᠦᠭᠡᠢ ᠪᠡᠷ ᠪᠠᠳᠮ᠎ᠠ ᠶ᠋ᠢ ᠬᠥᠩᠭᠡᠯᠡᠨ ᠰᠢᠳᠬᠡ ᠭᠡᠮᠡᠨ ᠵᠠᠷᠯᠢᠭ ᠥᠭᠭᠦᠭᠰᠡᠨ ᠪᠣᠯᠪᠠᠴᠤ ᠬᠥᠶᠦᠭ ᠰᠣᠨᠣᠰᠤᠭᠰᠠᠨ ᠦᠭᠡᠢ᠃ ᠰᠣᠨᠣᠰᠬᠤᠢ ᠳ᠋ᠤᠷ ᠪᠠᠳᠮ᠎ᠠ ᠶ᠋ᠢ ᠨᠢᠴᠦᠭᠦᠨ ᠪᠡᠶ᠎ᠡ ᠪᠡᠷ ᠡᠷᠡᠭᠦᠦ ᠪᠦᠬᠦᠨ ᠢ᠋ ᠬᠦᠷᠲᠡᠭᠡᠳ ᠬᠣᠩᠰᠢᠶᠠᠷ ᠮᠠᠭᠤ ᠭᠡᠮᠡᠨ ᠠᠮᠠ ᠪᠥᠭᠰᠡ ᠶ᠋ᠢ ᠠᠨᠤ ᠣᠶᠣᠭᠤᠯᠵᠤ ᠢᠷᠡᠬᠦ ᠲᠥᠷᠥᠯ  ᠳ᠋ᠡᠭᠡᠨ ᠪᠢᠲᠡᠭᠦᠦ ᠪᠣᠯᠲᠤᠭᠠᠢ ᠭᠡᠮᠡᠨ ᠤᠰᠤᠨ ᠳ᠋ᠤᠷ ᠬᠠᠶᠠᠪᠠ ᠬᠡᠮᠡᠮᠦ᠃ ᠲᠡᠢᠨ ᠬᠦ᠌ ᠲᠡᠷᠢᠭᠦᠨ᠎ᠡ ᠬᠠᠲᠤᠨ ᠬᠣᠷᠣᠰᠤᠯ ᠭᠣᠮᠣᠳᠠᠯ ᠬᠣᠣᠰᠯᠠᠵᠤ ᠰᠡᠳᠬᠢᠯ ᠰᠠᠨᠠᠭ᠎ᠠ ᠡᠪ ᠦᠭᠡᠢ ᠪᠣᠯᠵᠤ ᠰᠥᠨᠢ ᠪᠦᠷᠢ ᠪᠠᠳᠮ᠎ᠠ ᠶ᠋ᠢᠨ ᠦᠵᠡᠰᠢ ᠦᠭᠡᠢ ᠪᠣᠯᠲᠠᠯ᠎ᠠ ᠲᠠᠮᠤᠯᠠᠭᠳᠠᠭᠰᠠᠨ ᠳᠦᠷᠰᠦ ᠪᠡᠷ ᠴᠢᠰᠤ ᠨᠥᠵᠢ ᠭᠣᠭᠣᠵᠢᠭᠤᠯᠤᠨ ᠵᠡᠭᠦᠳᠦᠨ ᠳ᠋ᠦ᠍ᠷ ᠣᠷᠣᠵᠤ ᠬᠢᠯᠢᠰ ᠭᠡᠮᠡᠨ ᠭᠠᠰᠠᠯᠠᠨ ᠣᠷᠢᠯᠠᠬᠤᠢ ᠳ᠋ᠤᠷ ᠬᠠᠲᠤᠨ ᠤ᠋ ᠳᠣᠲᠣᠷ᠎ᠠ ᠨᠡᠩ ᠠᠮᠤᠷ ᠦᠭᠡᠢ ᠪᠣᠯᠪᠠ᠃ ᠬᠥᠶᠦᠭ ᠬᠠᠭᠠᠨ ᠬᠠᠲᠤᠨ ᠡᠬᠡ ᠶ᠋ᠢᠨ ᠪᠡᠶ᠎ᠡ ᠴᠢᠯᠡᠭᠡᠷᠡᠪᠡ ᠭᠡᠮᠡᠨ ᠣᠷᠳᠣᠨ ᠳ᠋ᠤᠷ ᠢᠷᠡᠵᠦ ᠠᠮᠤᠭᠤᠯᠠᠩ ᠢ᠋ ᠠᠢᠯᠠᠳᠬᠠᠪᠠᠰᠤ ᠬᠠᠲᠤᠨ ᠬᠡᠯᠢᠩ ᠬᠣᠷᠣᠰᠤᠯᠲᠠᠢ ᠲᠤᠯᠠ ᠨᠢᠳᠦ ᠪᠡᠨ ᠠᠨᠢᠵᠤ ᠦᠯᠦ ᠣᠢᠰᠢᠶᠠᠪᠠᠢ᠃ 
       ᠲᠡᠭᠦᠨ ᠡᠴᠡ ᠬᠠᠲᠤᠨ ᠰᠥᠨᠢ ᠪᠣᠯᠪᠠᠰᠤ ᠠᠶᠤᠯ ᠰᠣᠴᠢᠯ ᠪᠣᠯᠵᠤ ᠣᠷᠳᠣᠨ ᠤ᠋ ᠥᠬᠢᠳ ᠲᠠᠪᠤ ᠠᠷᠪᠠ ᠪᠠᠷ ᠡᠭᠡᠯᠵᠢᠯᠡᠨ ᠬᠠᠨᠢ ᠪᠣᠯᠵᠤ ᠠᠭᠠᠳ ᠪᠠᠰᠠ ᠪᠤᠭ ᠵᠡᠳᠭᠦᠷ ᠦᠵᠡᠭᠳᠡᠪᠡ ᠭᠡᠮᠡᠨ ᠠᠶᠤᠨ ᠡᠮᠢᠶᠡᠮᠦᠢ ᠃ ᠬᠠᠲᠤᠨ ᠤ᠋ ᠪᠡᠶ᠎ᠡ ᠡᠳᠦᠷ ᠪᠥᠭᠡᠰᠦ ᠠᠯᠵᠢᠶᠠᠷᠠᠨ ᠬᠠᠵᠠᠭᠤᠯᠠᠵᠤ ᠢᠳᠡᠭᠡᠨ ᠤᠮᠳᠠᠭᠠᠨ ᠠ᠋ᠴᠠ ᠲᠡᠪᠴᠢᠵᠦ ᠤᠳᠠᠭᠰᠠᠨ ᠦᠭᠡᠢ ᠥᠭᠡᠳᠡ ᠪᠣᠯᠪᠠᠢ᠃
       ᠭᠦᠶᠦᠭ ᠬᠠᠭᠠᠨ ᠶᠡᠷᠦ ᠠᠴᠢᠯᠠᠯᠲᠠᠢ ᠬᠡᠮᠡᠭᠳᠡᠬᠦ ᠲᠤᠯᠠ ᠪᠠᠳᠮ᠎ᠠ ᠶ᠋ᠢᠨ ᠶᠠᠪᠤᠳᠠᠯ ᠳ᠋ᠤᠷ ᠡᠬᠡ ᠶ᠋ᠢᠨ ᠰᠠᠨᠠᠭ᠎ᠠ ᠶ᠋ᠢ ᠭᠣᠮᠣᠳᠠᠭᠤᠯᠤᠭᠰᠠᠨ ᠳ᠋ᠠᠭᠠᠨ ᠶᠡᠬᠡᠳᠡ ᠭᠠᠰᠢᠭᠤᠳᠠᠨ ᠭᠡᠮᠰᠢᠵᠦ ᠰᠡᠳᠬᠢᠯ ᠰᠠᠨᠠᠭᠠᠨ ᠤ᠋ ᠳᠠᠷᠤᠭᠠᠰᠤ ᠪᠣᠯᠵᠤ ᠬᠠᠲᠤᠨ ᠡᠬᠡ ᠡᠴᠡ ᠬᠣᠢᠰᠢ ᠪᠠᠶᠠᠰᠤᠩᠭᠤᠢ ᠴᠢᠷᠠᠢ ᠦᠭᠡᠢ ᠪᠣᠯᠪᠠᠢ᠃ ᠭᠦᠶᠦᠭ ᠬᠠᠭᠠᠨ ᠬᠠᠲᠤᠨ ᠡᠬᠡ ᠶ᠋ᠢᠨ ᠢ᠋ᠶ᠋ᠡᠨ ᠪᠡᠯᠪᠡᠰᠦᠷᠡᠯ ᠢ᠋ ᠵᠠᠷᠯᠠᠨ ᠭᠠᠰᠢᠭᠤᠳᠠᠬᠤ ᠬᠠᠮᠲᠤ ᠨᠢᠭᠡᠨ ᠡᠳᠦᠷ ᠤᠯᠤᠰ ᠤ᠋ᠨ ᠶᠠᠪᠤᠳᠠᠯ ᠤ᠋ᠨ ᠶᠡᠬᠡ ᠣᠷᠳᠣᠨ ᠳ᠋ᠤᠷ ᠣᠯᠠᠨ ᠲᠦᠰᠢᠮᠡᠳ ᠦ᠋ᠨ ᠶᠣᠰᠣᠯᠠᠯ ᠢ᠋ ᠬᠦᠯᠢᠶᠡᠨ ᠠᠪᠴᠤ ᠨᠢᠳᠦ ᠡᠷᠭᠦᠨ ᠦᠵᠡᠪᠡᠰᠦ ᠠᠪᠳᠤᠯ ᠂ ᠯᡁᠮᠠᠨ ᠲᠡᠷᠢᠭᠦᠨ ᠰᠠᠢᠳ ᠤ᠋ᠨ ᠬᠣᠪᠢᠨ ᠳ᠋ᠤᠷ ᠠᠭᠠᠳ ᠬᠠᠲᠤᠨ ᠡᠬᠡ ᠶ᠋ᠢᠨ ᠪᠡᠯᠪᠡᠰᠦᠷᠡᠯ ᠦ᠋ᠨ ᠬᠤᠭᠤᠴᠠᠭᠠᠨ ᠳ᠋ᠤᠷ ᠮᠥᠨ ᠴᠦ᠍ ᠲᠠᠵᠢ ᠮᠠᠩᠨᠤᠭ ᠡᠮᠦᠰᠴᠦ ᠰᠤᠪᠤᠳ ᠲᠠᠨ᠎ᠠ ᠭᠢᠯᠠᠯᠵᠠᠭᠤᠯᠤᠨ ᠲᠥᠷᠥ ᠶ᠋ᠢᠨ ᠪᠢᠴᠢᠭ ᠴᠡᠷᠢᠭ ᠰᠠᠢᠳ ᠢ᠋ ᠨᠢᠳᠦᠨ ᠳ᠋ᠡᠭᠡᠨ ᠬᠠᠪᠴᠢᠬᠤ ᠦᠭᠡᠢ ᠬᠡᠬᠦᠯᠵᠡᠨ ᠠᠬᠤᠢ ᠳ᠋ᠤᠷ ᠭᠦᠶᠦᠭ ᠬᠠᠭᠠᠨ ᠭᠡᠨᠡᠳᠲᠡ ᠴᠢᠷᠠᠢ ᠬᠤᠪᠢᠷᠠᠨ ᠠᠪᠳᠤᠯ ᠂ ᠯᡁᠮᠠᠨ ᠢ ᠣᠯᠠᠨ ᠤ᠋ ᠵᠡᠷᠭᠡ ᠡᠴᠡ ᠳᠠᠭᠤᠳᠠᠨ ᠭᠠᠷᠭᠠᠨ :《ᠬᠠᠲᠤᠨ ᠡᠬᠡ ᠶ᠋ᠢᠨ ᠪᠡᠯᠪᠡᠰᠦᠷᠡᠯ ᠦ᠋ᠨ ᠵᠠᠷ ᠲᠠᠷᠬᠠᠭᠠᠭᠰᠠᠨ ᠪᠥᠭᠡᠲᠡᠯ᠎ᠡ ᠴᠢ ᠲᠡᠷᠢᠭᠦᠨ ᠰᠠᠢᠳ ᠭᠡᠮᠡᠨ ᠠᠭᠠᠳ ᠶᠣᠰᠣ ᠶ᠋ᠢ ᠭᠦᠢᠴᠡᠳᠬᠡᠬᠦ ᠦᠭᠡᠢ ᠬᠠᠷᠢᠨ ᠭᠣᠶᠣᠯᠠᠨ ᠴᠢᠮᠡᠬᠦ ᠶᠠᠭᠤᠨ ?  》 ᠭᠡᠮᠡᠨ ᠵᠠᠩᠳᠤᠷᠬᠤᠢ ᠳ᠋ᠤᠷ ᠠᠪᠳᠤᠯ ᠂ ᠯᡁᠮᠠᠨ ᠪᠡᠶ᠎ᠡ ᠪᠡᠨ ᠰᠢᠨ᠎ᠡ ᠡᠵᠡᠨ ᠢ᠋ ᠰᠠᠭᠤᠷᠢᠨ᠎ᠠ ᠵᠠᠯᠠᠬᠤᠢ ᠳ᠋ᠤᠷ ᠬᠦᠴᠦ ᠡᠷᠭᠦᠭᠰᠡᠨ ᠪᠥᠭᠡᠳ ᠬᠠᠲᠤᠨ ᠤ᠋ ᠥᠷᠥᠰᠢᠶᠡᠯ ᠢ᠋ ᠬᠦᠷᠲᠡᠭᠰᠡᠨ ᠭᠠᠪᠢᠶᠠᠲᠤ ᠰᠠᠢᠳ ᠭᠡᠮᠡᠨ ᠳᠡᠮᠡᠢ ᠠᠶᠤᠯ ᠦᠭᠡᠢ : 《ᠲᠦᠰᠢᠮᠡᠯ ᠪᠢ ᠬᠠᠭᠠᠨ ᠤ᠋ ᠵᠠᠷᠯᠢᠭ ᠢ᠋ ᠬᠦᠯᠢᠶᠡᠮᠦᠢ 》 ᠭᠡᠮᠡᠨ ᠥᠴᠢᠬᠦᠢ ᠳ᠋ᠦ᠍ᠷ ᠬᠥᠶᠦᠭ ᠬᠠᠭᠠᠨ ᠬᠦᠢᠲᠡᠨ ᠢ᠋ᠶ᠋ᠡᠷ ᠢᠨᠢᠶᠡᠨ ᠠᠰᠠᠭᠤᠷᠤᠨ ᠄ 《ᠲᠡᠷᠢᠭᠦᠨ ᠰᠠᠢᠳ ᠬᠡᠮᠡᠭᠴᠢ ᠶᠠᠭᠤᠨ ᠢ᠋ ᠡᠷᠬᠢᠮᠯᠡᠮᠦᠢ ? 》ᠬᠡᠮᠡᠬᠦᠢ ᠳ᠋ᠦ᠍ᠷ ᠠᠪᠳᠤᠯ ᠂ ᠯᡁᠮᠠᠨ ᠬᠠᠭᠠᠰ ᠴᠠᠭ ᠦᠭᠡ ᠥᠴᠢᠵᠦ ᠡᠰᠡ ᠴᠢᠳᠠᠪᠠ᠃ ᠴᠢᠷᠠᠢ ᠰᠢᠷᠠᠯᠠᠨ ᠰᠠᠶᠢ ᠪᠠᠬᠠᠨ ᠠᠶᠤᠨ ᠡᠢᠨ ᠠᠰᠠᠭᠤᠬᠤ ᠶ᠋ᠢ ᠪᠣᠳᠣᠪᠠᠰᠤ ᠯᠠᠪ ᠤᠴᠢᠷ ᠪᠣᠢ ᠭᠡᠮᠡᠨ ᠪᠣᠳᠣᠵᠤ ᠴᠢᠷᠮᠠᠢᠨ ᠠᠢᠯᠠᠳᠬᠠᠷᠤᠨ᠄ 《ᠲᠦᠰᠢᠮᠡᠯ ᠪᠢ ᠤᠯᠤᠰ ᠤ᠋ᠨ ᠡᠬᠡ᠂ ᠡᠵᠡᠨ ᠬᠠᠭᠠᠨ ᠤ᠋ ᠥᠷᠥᠰᠢᠶᠡᠯ ᠢ᠋ ᠬᠠᠷᠢᠭᠤᠯᠰᠤᠭᠠᠢ ᠭᠡᠮᠡᠨ ᠡᠳᠦᠷ ᠰᠥᠨᠢ ᠶ᠋ᠢᠨ ᠬᠣᠪᠢᠨ ᠳ᠋ᠤᠷ ᠬᠢᠴᠢᠶᠡᠬᠦ ᠪᠥᠯᠥᠭᠡ᠃ ᠦᠯᠦ ᠮᠡᠳᠡᠬᠦ ᠶ᠋ᠢᠨ ᠡᠷᠬᠡ ᠪᠡᠷ ᠵᠠᠷᠯᠢᠭ ᠢ ᠭᠤᠲᠤᠭᠠᠭᠰᠠᠨ ᠵᠦᠢᠯ ᠪᠣᠢ ᠪᠥᠭᠡᠰᠦ ᠢᠯᠡ ᠰᠣᠶᠣᠷᠬᠠᠮᠤ ! 》 ᠭᠡᠮᠡᠨ ᠬᠡᠳᠦᠨᠲᠡ ᠮᠥᠷᠭᠥᠭᠰᠡᠨ ᠳ᠋ᠦ᠍ᠷ ᠬᠥᠶᠦᠭ ᠬᠠᠭᠠᠨ ᠵᠢᠬᠡᠭᠦᠨ ᠢ᠋ᠶ᠋ᠡᠷ ᠢᠨᠢᠶᠡᠨ ᠄  《ᠴᠢ ᠲᠡᠷᠢᠭᠦᠨ ᠰᠠᠢᠳ ᠭᠡᠮᠡᠨ ᠠᠭᠠᠳ ᠤᠷᠢᠳᠤ ᠲᠥᠷᠥ ᠶ᠋ᠢᠨ ᠬᠠᠤᠯᠢ ᠴᠠᠭᠠᠵᠠ ᠶ᠋ᠢ ᠬᠡᠷᠬᠢᠨ ᠰᠠᠬᠢᠪᠠ ?  ᠥᠷᠭᠡᠨ ᠶᠡᠬᠡ ᠮᠣᠩᠭᠣᠯ ᠤ᠋ᠨ ᠲᠥᠷᠥ ᠶ᠋ᠢ ᠬᠡᠦᠬᠡᠳ ᠦ᠋ᠨ ᠨᠠᠭᠠᠳᠤᠮ ᠪᠣᠯᠭᠠᠨ ᠵᠡᠷᠭᠡ ᠡᠷᠬᠢᠮ ᠢ᠋ ᠦᠨ᠎ᠡ ᠲᠣᠭᠲᠠᠭᠠᠨ ᠬᠤᠳᠠᠯᠳᠤᠵᠤ ᠡᠳ᠋ ᠮᠥᠩᠭᠥ ᠳ᠋ᠦ᠍ᠷ ᠬᠣᠪᠳᠣᠭᠯᠠᠨ ᠠᠷᠠᠳ ᠢᠷᠭᠡᠳ ᠢ ᠪᠠᠢᠲᠤᠭᠠᠢ ᠵᠧᠦ ᠵᠢᠶᠦ᠋ᠨ ᠦ᠌ ᠲᠦᠰᠢᠮᠡᠯ ᠳ᠋ᠦ᠍ᠷ ᠡᠷᠡᠭᠦᠦ ᠲᠤᠯᠭᠠᠵᠤ ᠲᠦᠮᠡᠨ ᠬᠥᠮᠦᠨ ᠦ᠌ ᠨᠢᠳᠦᠨ ᠳᠣᠣᠷ᠎ᠠ ᠲᠥᠷᠥ ᠶ᠋ᠢ ᠰᠠᠮᠠᠭᠤᠷᠠᠭᠤᠯᠵᠤ ᠳᠣᠲᠣᠭᠠᠳᠤ ᠳ᠋ᠤᠷ ᠵᠣᠯᠪᠢᠩ ᠡᠬᠡᠨᠡᠷ ᠪᠠᠳᠮ᠎ᠠ ᠯᠤᠭ᠎ᠠ ᠰᠦᠯᠪᠡᠭᠡᠯᠡᠨ ᠤᠯᠤᠰ ᠤ᠋ᠨ ᠡᠬᠡ ᠶ᠋ᠢ ᠮᠡᠬᠡᠯᠡᠵᠦ ᠤᠯᠤᠰ ᠭᠡᠷ ᠢ ᠳᠣᠷᠣᠢᠲᠠᠭᠤᠯᠤᠭᠰᠠᠨ ᠶᠠᠯ᠎ᠠ ᠪᠠᠨ ᠪᠠᠰᠠ ᠪᠠᠭ᠎ᠠ ᠬᠡᠮᠡᠮᠦ ! ᠥᠴᠢᠭ ᠢ᠋ ᠠᠪ ! 》 ᠭᠡᠮᠡᠨ ᠵᠠᠩᠳᠤᠷᠬᠤᠢ ᠳ᠋ᠤᠷ ᠬᠡᠳᠦᠨ ᠪᠠᠷᠰ ᠢᠷᠪᠢᠰ ᠮᠡᠲᠦ ᠬᠡᠰᠢᠭᠲᠡᠨ ᠡᠷᠡᠰ ᠣᠷᠣᠵᠤ ᠢᠷᠡᠭᠡᠳ ᠴᠢᠷᠴᠦ ᠭᠠᠷᠭᠠᠪᠠ᠃ 
       ᠦᠨᠡᠬᠡᠷ ᠭᠡᠨᠡᠳᠲᠡ ᠠᠶᠤᠩᠭ᠎ᠠ ᠴᠢᠬᠢ ᠪᠥᠭᠯᠡᠬᠦ ᠵᠠᠪ ᠦᠭᠡᠢ ᠬᠡᠮᠡᠭᠰᠡᠨ ᠮᠡᠲᠦ ᠠᠪᠳᠤᠯ ᠂ ᠯᡁᠮᠠᠨ ᠤ᠋ ᠰᠠᠨᠠᠭᠠᠨ ᠳ᠋ᠤᠷ ᠦᠭᠡᠢ ᠪᠥᠭᠡᠳ ᠲᠥᠷᠥ ᠶ᠋ᠢᠨ ᠰᠠᠢᠳ ᠤ᠋ᠳ ᠤ᠋ᠨ ᠰᠠᠨᠠᠭᠠᠨ ᠳ᠋ᠤᠷ ᠴᠤ᠌ ᠦᠭᠡᠢ ᠲᠤᠯᠠ ᠴᠥᠮ ᠠᠶᠤᠯᠳᠤᠪᠠ᠃ ᠬᠠᠭᠠᠨ ᠵᠠᠷᠯᠢᠭ ᠪᠣᠯᠵᠤ ᠶᠡᠬᠡ ᠰᠠᠢᠳ ᠬᠣᠩᠬᠤᠷᠳᠠᠢ ᠳ᠋ᠤᠷ ᠲᠣᠷᠭᠠᠨ ᠤ᠋ ᠮᠢᠩᠭᠠᠨ ᠢ ᠥᠭᠴᠦ ᠠᠪᠳᠤᠯ᠂ ᠯᡁᠮᠠᠨ ᠤ᠋ ᠭᠡᠷ ᠬᠣᠷᠣᠭᠠᠨ ᠢ᠋ ᠪᠠᠢᠴᠠᠭᠠᠨ ᠪᠢᠲᠡᠭᠦᠮᠵᠢᠯᠡᠬᠦ ᠪᠡᠷ ᠶᠠᠪᠤᠭᠤᠯᠤᠭᠠᠳ ᠬᠠᠭᠤᠴᠢᠨ ᠰᠠᠢᠳ ᠵᠸᠨᠬᠠᠢ᠂ ᠮᠦᠬᠠᠮᠸᠳ᠋ ᠬᠣᠶᠠᠷ ᠢ᠋ ᠳᠠᠭᠤᠳᠠᠨ ᠠᠪᠴᠤ ᠢᠷᠡᠭᠡᠳ ᠰᠠᠭᠤᠳᠠᠯ ᠬᠠᠢᠷᠠᠯᠠᠨ ᠰᠣᠶᠣᠷᠬᠠᠭᠰᠠᠨ ᠠᠨᠤ ᠄ ᠲᠥᠷᠥ ᠶ᠋ᠢᠨ ᠡᠪᠳᠡᠭᠳᠡᠭᠰᠡᠨ ᠬᠠᠤᠯᠢ ᠴᠠᠭᠠᠵᠠ ᠶ᠋ᠢ ᠰᠡᠷᠭᠦᠭᠡᠨ ᠠᠷᠠᠳ ᠢᠷᠭᠡᠳ ᠢ᠋ ᠡᠩᠬᠡᠵᠢᠭᠦᠯᠬᠦᠢ ᠳ᠋ᠦ᠍ᠷ ᠰᠡᠳᠬᠢᠯ ᠳᠡᠯᠪᠢ᠃ ᠭᠠᠩ ᠭᠠᠮᠰᠢᠭ ᠬᠡᠳᠦᠨ ᠵᠢᠯ ᠦᠷᠭᠦᠯᠵᠢᠯᠡᠭᠰᠡᠨ ᠢ᠋ᠶ᠋ᠡᠷ ᠠᠷᠠᠳ ᠢᠷᠭᠡᠳ ᠲᠡᠩᠬᠡᠷᠡᠭᠡᠳᠦᠢ ᠭᠠᠮᠰᠢᠭᠳᠠᠭᠰᠠᠨ ᠣᠷᠣᠨ ᠤ᠋ ᠭᠠᠢᠯᠢ ᠶ᠋ᠢ ᠭᠤᠷᠪᠠᠨ ᠵᠢᠯ ᠬᠡᠯᠲᠦᠷᠢᠭᠦᠯ᠃ ᠤᠯᠤᠰ ᠤ᠋ᠨ ᠰᠠᠩ ᠬᠥᠮᠥᠷᠭᠡ ᠪᠦᠬᠦᠨ ᠢ᠋ ᠨᠡᠭᠡᠭᠡᠵᠦ ᠥᠯᠥᠰᠬᠦᠯᠡᠩ ᠠᠷᠠᠳ ᠢ᠋ ᠠᠪᠤᠷᠠᠭᠲᠤᠨ᠃ ᠲᠣᠬᠢᠷᠠᠮᠵᠢᠲᠠᠢ ᠬᠥᠮᠦᠨ ᠣᠯᠵᠤ ᠬᠡᠷᠡᠭᠯᠡᠪᠡᠰᠦ ᠵᠣᠬᠢᠮᠤᠢ᠃ ᠵᠠᠷᠯᠢᠭ ᠢ᠋ ᠵᠦᠷᠴᠢᠵᠦ ᠱᠠᠮᠰᠢᠵᠤ ᠪᠦᠷᠢᠯᠭᠡᠬᠦ ᠬᠥᠮᠦᠰ ᠢ᠋ ᠵᠣᠭᠰᠣᠭ᠎ᠠ ᠪᠠᠷ ᠴᠠᠪᠴᠢ᠃ ᠮᠢᠨᠦ ᠢᠲᠡᠭᠡᠵᠦ ᠨᠠᠢᠳᠠᠭᠰᠠᠨ ᠢ ᠬᠥᠰᠡᠷᠳᠡᠭᠦᠯᠬᠦᠢ ᠳ᠋ᠦ᠍ᠷ ᠦᠯᠦ ᠭᠥᠷᠥᠭᠦᠯ᠃ ᠬᠡᠴᠢᠶᠡᠭᠳᠦᠨ ! 》ᠭᠡᠮᠡᠨ ᠤᠭ ᠲᠤᠰᠢᠶᠠᠯ  ᠢ᠋ᠶ᠋ᠠᠷ ᠵᠡᠭᠦᠨ ᠂ ᠪᠠᠷᠠᠭᠤᠨ ᠭᠠᠷᠤᠨ ᠤ᠋ ᠶᠡᠬᠡ ᠰᠠᠢᠳ ᠢ᠋ᠶ᠋ᠠᠷ ᠬᠡᠷᠡᠭᠯᠡᠪᠡ᠃ ᠡᠭᠦᠨ ᠳ᠋ᠦ᠍ᠷ ᠲᠥᠷᠥ ᠶ᠋ᠢᠨ ᠬᠠᠳ ᠨᠣᠶᠠᠳ ᠵᠡᠷᠭᠡ ᠪᠡᠷ ᠪᠠᠶᠠᠰᠤᠯᠴᠠᠨ : 《ᠬᠠᠭᠠᠨ ᠲᠩᠷᠢ ᠠ᠋ ! 》ᠭᠡᠮᠡᠨ ᠤᠷᠠᠢᠯᠠᠪᠠ᠃ 
       ᠬᠣᠩᠬᠣᠷᠳᠢ᠂ ᠠᠪᠲᠤᠯ᠂ ᡀᠮᠠᠨ ᠤ᠋ ᠭᠡᠷ ᠬᠣᠷᠣᠭ᠎ᠠ ᠶ᠋ᠢ ᠪᠢᠲᠡᠭᠦᠮᠵᠢᠯᠡᠬᠦᠢ ᠳ᠋ᠦ᠍ᠷ ᠡᠳ᠋ ᠡᠷᠳᠡᠨᠢ᠂ ᠠᠯᠲᠠ ᠮᠥᠩᠭᠥ᠂ ᠲᠣᠷᠭ᠎ᠠ ᠳᠤᠷᠳᠤᠩ᠂ ᠲᠠᠵᠢ ᠮᠠᠩᠨᠤᠭ᠂ ᠠᠯᠲᠠᠲᠤ᠂ ᠮᠥᠩᠬᠡᠲᠦ ᠨᠣᠯᠣᠮ᠂ ᠬᠣᠷᠭᠣᠢ ᠬᠡᠮᠡᠷᠯᠢᠭ ᠦ᠋ᠨ ᠵᠦᠢᠯ ᠴᠥᠮ ᠬᠠᠭᠠᠨ ᠰᠠᠩ ᠠ᠋ᠴᠠ ᠬᠡᠲᠦᠷᠬᠡᠢ ᠬᠡᠮᠡᠮᠦᠢ᠃ ᠭᠡᠷ ᠦ᠋ᠨ ᠠᠷᠠᠳ ᠮᠢᠩᠭ᠎ᠠ ᠬᠡᠲᠦᠷᠡᠵᠦ ᠬᠠᠷ᠎ᠠ ᠡᠷᠡᠰ ᠲᠠᠪᠤᠨ ᠵᠠᠭᠤ ᠢᠯᠡᠭᠦᠦ ᠪᠠᠢᠪᠠ᠃ 
       ᠥᠴᠢᠭ ᠲᠣᠷ ᠲᠡᠮᠳᠡᠭᠯᠡᠭᠰᠡᠨ ᠢ᠋ᠶ᠋ᠡᠷ ᠰᠥᠷᠭᠡᠦ ᠰᠠᠨᠠᠭ᠎ᠠ ᠪᠣᠢ ᠪᠣᠯᠪᠠᠴᠤ ᠪᠠᠲᠤ ᠬᠠᠨ ᠶᠡᠬᠡ ᠴᠡᠷᠢᠭ ᠠᠪᠴᠤ ᠠᠷᠤ ᠬᠥᠮᠬᠢ ᠳ᠋ᠦ᠍ ᠰᠠᠭᠤᠭᠰᠠᠨ ᠲᠤᠯᠠ ᠰᠦᠷᠳᠡᠵᠦ ᠡᠰᠡ ᠬᠥᠳᠡᠯᠪᠡᠢ ᠬᠡᠮᠡᠮᠦ᠃ ᠶᠠᠯ᠎ᠠ ᠶᠡᠬᠡ ᠪᠣᠯᠤᠭᠰᠠᠨ ᠲᠤᠯᠠ ᠲᠠᠯ᠎ᠠ ᠳ᠋ᠤᠷ ᠭᠠᠷᠭᠠᠨ ᠴᠠᠪᠴᠢᠭᠤᠯᠵᠤ ᠠᠪᠲᠤᠯ ᠂ ᡀᠮᠠᠨ ᠳ᠋ᠤᠷ ᠬᠡᠭᠡᠯᠢ ᠬᠠᠬᠤᠤᠯᠢ ᠲᠦᠯᠬᠢᠵᠦ ᠨᠣᠶᠠᠨ ᠲᠦᠰᠢᠮᠡᠯ ᠪᠣᠯᠤᠭᠰᠠᠨ ᠬᠥᠮᠦᠰ ᠢ᠋ ᠪᠠᠢᠴᠠᠭᠠᠨ ᠮᠡᠳᠡᠭᠦᠯ ᠬᠡᠮᠡᠭᠰᠡᠨ ᠳ᠋ᠦ᠍ᠷ ᠲᠡᠳᠡᠭᠡᠷ ᠡᠷᠬᠡ ᠰᠠᠭᠤᠷᠢ ᠳ᠋ᠤᠷ ᠰᠢᠨᠤᠬᠠᠢᠷᠠᠭᠰᠠᠳ ᠴᠥᠮ ᠠᠶᠤᠨ ᠡᠮᠢᠶᠡᠨ ᠵᠡᠷᠭᠡ ᠡᠷᠬᠢᠮ ᠢ᠋ᠶ᠋ᠡᠨ ᠣᠷᠬᠢᠵᠤ ᠨᠢᠭᠤᠨ ᠳᠠᠯᠳᠠᠯᠠᠵᠤ ᠵᠠᠷᠢᠮ ᠠᠨᠤ ᠠᠷᠠᠳ ᠢᠷᠭᠡᠳ ᠲᠣᠷ ᠪᠠᠷᠢᠭᠳᠠᠵᠤ ᠣᠯᠠᠨ ᠤ᠋ ᠬᠥᠯ ᠳ᠋ᠦ᠍ᠷ ᠦᠬᠦᠭᠰᠡᠨ ᠴᠦ᠍ ᠪᠣᠢ ᠬᠡᠮᠡᠮᠦ᠃ 
       ᠬᠠᠭᠠᠨ ᠤ᠋ ᠭᠡᠭᠡᠬᠡᠨ ᠢ᠋ᠶ᠋ᠡᠷ ᠬᠥᠮᠦᠰ ᠦ᠋ᠨ ᠰᠡᠳᠬᠢᠯ ᠲᠣᠭᠲᠠᠵᠤ ᠠᠷᠠᠳ ᠢᠷᠭᠡᠳ ᠠᠮᠢ ᠭᠣᠣᠯ ᠵᠣᠯᠭᠠᠬᠤ ᠪᠣᠯᠵᠤ ᠠᠵᠤ ᠲᠥᠷᠥᠬᠦ ᠳ᠋ᠦ᠍ᠷ ᠴᠢᠷᠮᠠᠢᠯᠳᠤᠮᠤᠢ᠃ ᠡᠨᠡ ᠡᠪᠦᠯ ᠬᠥᠶᠦᠭ ᠬᠠᠭᠠᠨ ᠳᠠᠬᠢ ᠶ᠋ᠢᠨ ᠲᠠᠯ᠎ᠠ ᠳ᠋ᠤᠷ ᠵᠡᠭᠡᠷ᠎ᠡ ᠠᠩᠨᠠᠵᠤ ᠰᠠᠭᠤᠪᠠ᠃ ᠲᠡᠳᠦᠢ ᠳ᠋ᠦ᠍ᠷ ᠲᠦᠮᠡᠨ ᠦ᠌ ᠨᠣᠶᠠᠨ ᠰᠢ ᠲᠡᠶᠡᠨ ᠽᠢ ᠰᠧᠴᠤᠸᠠᠨ᠂ ᠬᠤᠸᠠᠢ ᠶ᠋ᠢᠨ ᠭᠠᠵᠠᠷ ᠬᠢᠭᠡᠳ ᠬᠡᠦ ᠲᠧᠦ ᠭᠤᠸᠠᠨ ᠴᠠᠢᠵᠠ ᠶ᠋ᠢ ᠡᠵᠡᠯᠡᠭᠡᠳ ᠭᠤᠸᠠᠩ ᠵᠧᠦ ᠶ᠋ᠢ ᠪᠦᠰᠡᠯᠡᠨ ᠪᠠᠢᠯᠳᠤᠵᠤ ᠠᠪᠤᠭᠠᠳ ᠮᠣᠩᠭᠣᠯ ᠴᠡᠷᠢᠭ ᠦ᠋ᠨ ᠰᠦᠷ ᠬᠦᠴᠦᠨ ᠢ᠋ ᠶᠡᠬᠡᠳᠡ ᠮᠠᠨᠳᠤᠭᠤᠯᠵᠤ ᠰᠥᠩ ᠤᠯᠤᠰ ᠤ᠋ᠨ ᠤᠮᠠᠷᠠᠰᠢ ᠳᠠᠢᠯᠠᠬᠤ ᠵᠠᠷᠯᠢᠭ ᠰᠠᠨᠠᠭᠠᠨ ᠢ ᠨᠢᠴᠤᠭᠠᠪᠠ᠃ 
       ᠤᠯᠠᠭᠠᠭᠴᠢᠨ ᠬᠣᠨᠢᠨ ᠵᠢᠯ ᠂ ᠭᠦᠶᠦᠭ ᠬᠠᠭᠠᠨ ᠤ᠋ ᠬᠣᠶᠠᠳᠤᠭᠠᠷ ᠣᠨ ᠤ᠋ ᠬᠠᠪᠤᠷ ᠶᠡᠬᠡ ᠵᠠᠩᠵᠤᠨ ᠵᠠᠩ ᠿᠧᠦ ᠰᠥᠩ ᠤᠯᠤᠰ ᠤ᠋ᠨ ᠽᠢ ᠵᠧᠦ ᠬᠣᠲᠠ ᠶ᠋ᠢ ᠶᠡᠬᠡᠳᠡ ᠪᠠᠢᠯᠳᠤᠵᠤ ᠰᠥᠩ ᠤᠯᠤᠰ ᠤ᠋ᠨ ᠬᠢᠯᠢ ᠬᠢᠵᠠᠭᠠᠷ ᠢ᠋ ᠬᠠᠯᠳᠠᠬᠤ ᠶᠠᠪᠤᠳᠠᠯ ᠳ᠋ᠤᠷ ᠬᠦᠨᠳᠦ ᠴᠣᠬᠢᠯᠲᠠ ᠥᠭᠪᠡ᠃ ᠵᠤᠨ ᠤ᠋ ᠳᠤᠮᠳᠠ ᠰᠠᠷ᠎ᠠ ᠡᠵᠡᠨ ᠦ᠌ ᠪᠡᠶ᠎ᠡ ᠭᠡᠨᠡᠳᠲᠡ ᠴᠢᠯᠡᠭᠡᠷᠡᠵᠦ ᠵᠡᠭᠦᠨ ᠬᠣᠰᠢᠭᠤ ᠬᠡᠮᠡᠬᠦ ᠭᠠᠵᠠᠷ ᠵᠤᠨᠵᠢᠭᠠᠳ ᠴᠢᠯᠡᠭᠡ ᠠᠷᠢᠯᠬᠤ ᠦᠭᠡᠢ ᠲᠤᠯᠠ ᠬᠠᠨ ᠪᠠᠢᠬᠤ ᠳ᠋ᠠᠭᠠᠨ ᠥᠮᠴᠢᠯᠡᠵᠦ ᠪᠠᠢᠭᠰᠠᠨ ᠨᠤᠲᠤᠭ ᠤ᠋ᠨ ᠤᠰᠤ ᠰᠢᠷᠣᠢ ᠢᠳᠡᠭᠡᠰᠢᠪᠡ ᠭᠡᠮᠡᠨ ᠪᠠᠷᠠᠭᠤᠨᠰᠢ ᠰᠤᠪᠢᠯᠠᠬᠤ ᠪᠠᠷ ᠮᠣᠷᠢᠯᠠᠪᠠ᠃ 
       ᠭᠡᠲᠡᠯ᠎ᠡ ᠵᠠᠷᠢᠮ ᠬᠥᠮᠦᠰ ᠬᠥᠶᠦᠭ ᠬᠠᠭᠠᠨ ᠢ᠋ ᠥᠷᠥᠨ᠎ᠡ ᠵᠦᠭ ᠪᠠᠲᠤ ᠬᠠᠨ ᠢ᠋ ᠳᠠᠢᠯᠠᠷ᠎ᠠ ᠠᠷᠭ᠎ᠠ ᠭᠠᠷᠭᠠᠵᠤ ᠮᠣᠷᠳᠠᠪᠠ ᠬᠡᠮᠡᠮᠦᠢ᠃ ᠤᠴᠢᠷ ᠶᠠᠭᠤᠨ ᠪᠣᠯᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃ 
             
               ᠰᠤᠯᠠ ᠰᠢᠯᠦᠭ 
         ᠰᠠᠨᠠᠭᠠᠨ ᠤ᠋ ᠬᠥᠮᠦᠨ ᠦ᠌ ᠪᠣᠯᠵᠣᠭ᠎ᠠ ᠪᠦᠷᠦᠢ ᠲᠠᠰᠤᠷᠠᠬᠤ ᠦᠶᠡᠰ 
         ᠰᠠᠷᠠᠨ ᠤ᠋ ᠭᠡᠷᠡᠯ ᠤᠳᠠ ᠶ᠋ᠢᠨ ᠠᠷᠤ ᠪᠠᠷ ᠮᠠᠨᠳᠤᠬᠤ ᠴᠠᠭ 
         ᠰᠠᠨᠠᠮᠰᠠᠷ ᠦᠭᠡᠢ ᠮᠥᠩᠭᠥᠨ ᠭᠡᠷᠡᠯ ᠳ᠋ᠦ᠍ᠷ ᠰᠢᠨᠠᠭᠡᠷᠡᠨ ᠰᠢᠷᠳᠡᠯᠴᠢᠭᠡᠳ 
         ᠰᠠᠨᠳᠤ ᠮᠦᠨᠳᠦ ᠴᠠᠰᠢ ᠪᠠᠨ ᠳᠠᠯᠳᠢᠷᠠᠮᠤᠢ 

        ᠡᠨᠡᠷᠢᠯ ᠰᠡᠳᠬᠢᠯ ᠢ᠋ ᠬᠦᠨᠳᠦ ᠭᠡᠮᠡᠨ 
        ᠡᠪᠴᠢᠭᠦᠨ ᠳ᠋ᠦ᠍ᠷ ᠲᠦᠰᠢᠭᠦᠷᠯᠡᠵᠦ ᠪᠠᠭᠲᠠᠭᠠᠪᠠᠢ 
        ᠡᠭᠡᠨᠡᠭᠲᠡ ᠡᠴᠦᠳ ᠪᠣᠯᠬᠤ ᠶ᠋ᠢ ᠬᠦᠯᠢᠶᠡᠭᠰᠡᠨ ᠢ᠋ 
        ᠡᠷᠭᠢᠭᠦᠦ ᡀᠮᠠᠨ ᠡᠰᠡ ᠮᠡᠳᠡᠪᠡᠢ 
        ᠡᠬᠡ ᠶ᠋ᠢᠨ ᠰᠡᠳᠬᠢᠯ ᠢ᠋ ᠦᠯᠦ ᠨᠢᠴᠤᠨ ᠭᠡᠮᠡᠨ 
        ᠡᠶ᠎ᠡ ᠡᠪ ᠦᠵᠡᠨ ᠰᠠᠭᠤᠬᠤᠶ᠎ᠠ 
        ᠡᠵᠡᠨ ᠰᠠᠭᠤᠷᠢᠨ ᠤᠳᠠᠭᠠᠨ ᠬᠣᠭᠣᠰᠣᠷᠠᠪᠠ 
        ᠡᠮᠡᠭᠲᠡᠢ ᠪᠠᠳᠮ᠎ᠠ ᠶ᠋ᠢᠨ ᠥᠴᠦᠬᠡᠨ ᠶᠠᠪᠤᠳᠠᠯ ᠳ᠋ᠤᠷ ᠡᠷᠭᠢᠭᠦᠳᠡᠨ 
        ᠡᠪᠡᠳᠴᠢᠨ ᠦ᠌ ᠦᠨᠳᠦᠰᠦ ᠪᠣᠯᠤᠭᠰᠠᠨ ᠢ᠋ ᠬᠡᠨ ᠮᠡᠳᠡᠪᠡᠢ᠃