ᠪᠢᠴᠢ᠁ ᠦᠷᠭᠦᠯᠵᠢ ᠪᠢᠴᠢ- ᠣᠳᠬᠣᠨᠴᠡᠴᠡᠭБич… үргэлж бич-Отгонцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠴᠢ᠁ ᠦᠷᠭᠦᠯᠵᠢ ᠪᠢᠴᠢ- ᠣᠳᠬᠣᠨᠴᠡᠴᠡᠭБич… үргэлж бич-Отгонцэцэг

ᠪᠢᠴᠢ᠁ ᠦᠷᠭᠦᠯᠵᠢ ᠪᠢᠴᠢ- ᠣᠳᠬᠣᠨᠴᠡᠴᠡᠭБич… үргэлж бич-Отгонцэцэг

2024-01-25

528

ᠪᠢᠴᠢ᠁ ᠦᠷᠭᠦᠯᠵᠢ ᠪᠢᠴᠢ

         ᠣᠳᠬᠣᠨᠴᠡᠴᠡᠭ 
ᠠᠪᠠᠬ᠎ᠡ ᠶ᠋ᠢᠨ ᠠᠬᠠᠮᠠᠳ ᠠ᠊ ᠠ᠋ᠴᠠ 
ᠠᠮᠢᠨᠴᠢᠯᠠᠵᠤ ᠬᠠᠢᠷᠠᠯᠠᠵᠤ ᠪᠢᠴᠢᠶ᠎ᠡ 
ᠠᠮᠢ ᠨᠠᠰᠤ ᠲᠠᠢ ᠪᠠᠨ ᠠᠳᠠᠯᠢᠳᠬᠠᠨ 
ᠠᠪᠤᠷᠠᠵᠤ ᠲᠡᠩᠭᠡᠭᠡᠷᠡᠭᠦᠯᠵᠦ ᠪᠢᠴᠢᠶ᠎ᠡ 

ᠡᠷᠬᠡᠰ ᠳᠣᠯᠣᠭᠠᠨ ᠪᠤᠷᠬᠠᠳ ᠰᠢᠭ᠋ 
ᠡᠭᠡᠰᠢᠭ ᠳᠣᠯᠣᠭ᠎ᠠ ᠪᠠᠨ ᠪᠢᠴᠢᠶ᠎ᠡ 
ᠡᠯ᠎ᠡ ᠦᠨᠳᠦᠰᠦᠲᠡᠨ ᠲᠡᠢ ᠵᠡᠷᠭᠡᠴᠡᠨ 
ᠡᠷᠬᠡ ᠲᠡᠭᠰᠢ ᠪᠡᠷ ᠪᠢᠴᠢᠶ᠎ᠡ 

ᠬᠡᠢᠮᠣᠷᠢᠯᠢᠭ ᠰᠤᠤᠲᠤ ᠪᠢᠴᠢᠭ ᠢ᠋ᠶ᠋ᠡᠨ
ᠬᠡᠵᠢᠶ᠎ᠡ ᠴᠦ᠍ ᠪᠣᠯᠭᠠᠨ ᠪᠢᠴᠢᠶ᠎ᠡ
ᠬᠡᠯᠡ ᠰᠣᠶᠣᠯ ᠢ᠋ᠶ᠋ᠠᠨ ᠪᠠᠲᠤᠳᠬᠠᠬᠤ ᠪᠠᠷ
ᠬᠡᠷᠡᠭᠯᠡᠵᠦ ᠦᠷᠭᠦᠯᠵᠢ ᠪᠢᠴᠢᠶ᠎ᠡ

ᠮᠣᠩᠭᠣᠯ ᠰᠣᠶᠣᠯ ᠤ᠋ᠨ ᠢ᠋ᠶ᠋ᠠᠨ ᠢᠷᠡᠭᠡᠳᠦᠢ ᠶ᠋ᠢ 
ᠮᠥᠩᠬᠡᠷᠡᠭᠦᠯᠬᠦ ᠠᠮᠢᠯᠠᠯ ᠲᠠᠢ ᠪᠢᠴᠢᠶ᠎ᠡ 
ᠮᠥᠩᠬᠡ ᠬᠥᠬᠡ ᠲᠩᠷᠢ ᠳ᠋ᠡᠭᠡᠨ 
ᠮᠥᠷᠭᠥᠨ ᠳᠠᠭᠠᠳᠬᠠᠵᠤ ᠪᠢᠴᠢᠶ᠎ᠡ 

ᠪᠤᠭᠤᠷᠤᠯ ᠳᠡᠭᠡᠳᠦᠰ ᠡᠴᠡ ᠤᠯᠪᠠᠭᠠᠯᠠᠭᠰᠠᠨ
ᠪᠣᠰᠤᠭ᠎ᠠ ᠦᠰᠦᠭ ᠢ᠋ᠶ᠋ᠡᠨ ᠪᠢᠴᠢᠶ᠎ᠡ
ᠪᠤᠷᠤᠭᠤ ᠬᠠᠵᠠᠭᠠᠢ ᠪᠠᠨ ᠵᠠᠰᠠᠮᠵᠢᠯᠠᠨ
ᠪᠣᠳᠣᠯ ᠢ᠋ᠶ᠋ᠠᠨ ᠲᠥᠪᠯᠡᠷᠡᠭᠦᠯᠦᠨ ᠪᠢᠴᠢᠶ᠎ᠡ

ᠥᠰᠪᠥᠷᠢ ᠪᠠᠭ᠎ᠠ ᠬᠡᠦᠬᠡᠳ ᠦ᠋ᠳ ᠲᠡᠭᠡᠨ
ᠥᠪᠯᠡᠨ ᠵᠠᠯᠭᠠᠮᠵᠢᠯᠠᠭᠤᠯᠵᠤ ᠪᠢᠴᠢᠭᠦᠯᠦᠶ᠎ᠡ
ᠥᠯ ᠬᠣᠭᠣᠯᠠ ᠪᠠᠨ ᠵᠠᠯᠬᠠᠭᠤ ᠰᠢᠭ᠋
ᠥᠲᠡᠯᠵᠦ ᠥᠭᠢᠷᠡᠲᠡᠯ᠎ᠡ ᠪᠡᠨ ᠪᠢᠴᠢᠴᠢᠬᠡᠶ᠎ᠡ

ᠪᠦᠷᠦᠭ ᠪᠠᠷᠤᠭ ᠠ᠋ᠴᠠ ᠭᠡᠭᠡᠷᠡᠵᠦ
ᠪᠦᠯᠬᠦᠮᠳᠡᠨ ᠨᠢᠭᠲᠠᠷᠠᠵᠤ ᠪᠢᠴᠢᠶ᠎ᠡ
ᠪᠥᠮᠪᠥᠷᠴᠡᠭ ᠳᠡᠯᠡᠬᠡᠢ ᠳ᠋ᠦ᠍ ᠲᠦᠭᠡᠮᠡᠯᠵᠢᠭᠦᠯᠬᠦ ᠪᠡᠷ
ᠪᠦᠭᠦᠳᠡᠭᠡᠷ ᠢ᠋ᠶ᠋ᠡᠨ ᠴᠢᠬᠤᠯᠠᠴᠢᠯᠠᠨ ᠪᠢᠴᠢᠶ᠎ᠡ

                2024. 1.10 ᠥᠷᠯᠥᠭᠡ
     ᠦᠰᠦᠭ ᠠᠮᠢᠯᠠᠭᠤᠯᠤᠭᠰᠠᠨ ᠨᠢ᠄ ᠣᠳᠬᠤᠨᠴᠡᠴᠡᠭ