ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠨᠢᠭᠡᠳᠦᠭᠡᠷ ᠪᠦᠯᠦᠭ > Хөх судрын залгамж - Инжинаш < Наян нэгдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠨᠢᠭᠡᠳᠦᠭᠡᠷ ᠪᠦᠯᠦᠭ > Хөх судрын залгамж - Инжинаш < Наян нэгдүгээр бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠨ ᠨᠢᠭᠡᠳᠦᠭᠡᠷ ᠪᠦᠯᠦᠭ > Хөх судрын залгамж - Инжинаш < Наян нэгдүгээр бүлэг >

ᠠᠩᠭᠢᠯᠠᠯ:ᠲᠡᠦᠬᠡ ᠰᠣᠶᠣᠯ
2024-01-26

295


                 ᠨᠠᠶᠠᠨ ᠨᠢᠭᠡᠳᠦᠭᠡᠷ ᠪᠦᠯᠦᠭ  
                           ᠬᠥᠬᠡ ᠯᠤᠤ ᠵᠢᠯ ᠡᠴᠡ ᠬᠥᠬᠡᠭᠴᠢᠨ ᠮᠣᠭᠠᠢ ᠵᠢᠯ ᠂ 
                           ᠲᠡᠷᠢᠭᠦᠨ᠎ᠡ ᠬᠠᠲᠤᠨ ᠤ᠋ ᠡᠷᠬᠡ ᠪᠠᠷᠢᠭᠰᠠᠨ ᠭᠤᠷᠪᠠᠳᠤᠭᠠᠷ᠂ ᠳᠥᠷᠪᠡᠳᠦᠭᠡᠷ ᠣᠨ 

             ᠪᠣᠭᠳᠠ ᠡᠵᠡᠨ ᠴᠢᠩᠭᠢᠰ ᠬᠠᠭᠠᠨ ᠤ᠋ ᠭᠡᠷᠢᠶᠡᠰᠦᠯᠡᠭᠰᠡᠨ ᠰᠠᠢᠳ 
                  ᠶᠧ ᠯᠢᠦᠢ ᠴᠦ ᠽᠠᠢ ᠲᠡᠷᠢᠭᠦᠨ᠎ᠡ ᠬᠠᠲᠤᠨ ᠳ᠋ᠤᠷ ᠡᠨᠳᠡ ᠪᠣᠯᠪᠠᠢ 
             ᠪᠣᠯᠭᠣᠮᠵᠢ ᠶᠡᠬᠡᠲᠡᠢ ᠪᠠᠲᠤ ᠬᠠᠨ ᠨᠠᠢᠷᠠᠮᠳᠠᠬᠤ ᠶ᠋ᠢ ᠪᠣᠳᠣᠵᠤ ᠬᠥᠶᠦᠭ ᠢ᠋ ᠰᠣᠩᠭᠣᠵᠤ 
                  ᠮᠣᠩᠭᠣᠯ ᠤ᠋ᠨ ᠶᠡᠬᠡ ᠲᠥᠷᠥ ᠶ᠋ᠢ ᠡᠵᠡᠯᠡᠬᠦ ᠶ᠋ᠢ ᠵᠥᠪᠰᠢᠶᠡᠷᠡᠪᠡᠢ  

       ᠥᠭᠦᠯᠡᠬᠦ ᠢᠨᠣ ᠥᠭᠡᠳᠡᠢ ᠬᠠᠭᠠᠨ ᠡᠭᠦᠯᠡᠨ᠎ᠡ ᠳᠠᠯᠳᠠᠯᠠᠭᠰᠠᠨ ᠠ᠋ᠴᠠ ᠠᠪᠤᠭᠠᠳ ᠲᠡᠷᠢᠭᠦᠨ᠎ᠡ ᠬᠠᠲᠤᠨ ᠲᠥᠷᠥ ᠶ᠋ᠢ ᠮᠡᠳᠡᠵᠦ ᠠᠪᠳᠤᠯ᠂ ᡀᠮᠠᠨ ᠢ᠋ ᠬᠦᠨᠳᠦ ᠬᠡᠷᠡᠭᠯᠡᠵᠦ ᠠᠷᠠᠳ ᠢᠷᠭᠡᠳ ᠢ᠋ ᠬᠢᠬᠠᠭᠠᠨ ᠪᠥᠭᠡᠲᠡᠯ᠎ᠡ ᠡᠷᠬᠡ ᠮᠡᠳᠡᠯᠲᠡᠨ ᠪᠠᠶᠠᠨ ᠨᠣᠶᠠᠳ ᠴᠥᠮ ᠪᠠᠶᠠᠵᠢᠵᠤ ᠳᠡᠭᠡᠭᠰᠢᠯᠡᠬᠦ ᠶ᠋ᠢ ᠪᠣᠳᠣᠵᠤ ᡀᠮᠠᠨ ᠳ᠋ᠤᠷ ᠬᠡᠭᠡᠯᠢ ᠬᠠᠬᠤᠯᠢ ᠲᠦᠯᠬᠢᠵᠦ ᠡᠷᠬᠡ ᠰᠠᠭᠤᠷᠢ ᠪᠠᠨ ᠪᠠᠲᠤᠳᠬᠠᠨ ᠠᠷᠠᠳ ᠢᠷᠭᠡᠳ ᠢ᠋ ᠰᠢᠪᠬᠠᠵᠤ ᠠᠮᠢᠳᠤᠷᠠᠬᠤ ᠠᠷᠭ᠎ᠠ ᠦᠭᠡᠢ ᠪᠣᠯᠭᠠᠭᠰᠠᠨ ᠤ᠋ ᠳᠡᠭᠡᠷ᠎ᠡ ᠦᠷᠭᠦᠯᠵᠢᠯᠡᠨ ᠬᠣᠶᠠᠷ ᠵᠢᠯ ᠭᠠᠩᠳᠠᠵᠤ ᠭᠠᠵᠠᠷ ᠲᠠᠷᠢᠶᠠᠯᠠᠩ ᠤᠯᠠᠢᠨ ᠥᠯᠥᠰᠬᠦᠯᠡᠩ ᠬᠤᠨ ᠬᠠᠮᠢᠭ᠎ᠠ ᠪᠣᠯᠭᠠᠨ ᠳᠦᠭᠦᠷᠴᠦ ᠥᠭᠡᠳᠡᠢ ᠬᠠᠭᠠᠨ ᠤ᠋ ᠦᠶ᠎ᠡ ᠶ᠋ᠢᠨ ᠲᠦᠪᠰᠢᠨ ᠨᠠᠢᠷᠠᠮᠳᠠᠭᠤ ᠪᠠᠶᠠᠨ ᠡᠯᠪᠡᠭ ᠲᠥᠷᠥ ᠨᠢᠭᠡᠨᠲᠡ ᠬᠣᠯᠠ ᠶ᠋ᠢᠨ ᠬᠡᠷᠡᠭ ᠪᠣᠯᠪᠠ᠃ ᠪᠣᠭᠳᠠ ᠴᠢᠩᠭᠢᠰ ᠬᠠᠭᠠᠨ ᠤ᠋ ᠲᠥᠷᠥ ᠳ᠋ᠦ᠍ᠷ ᠵᠢᠳᠬᠦᠭᠰᠡᠨ ᠶᠧ ᠯᠢᠦᠢ ᠴᠦ ᠽᠠᠢ ᠦᠵᠡᠲᠡᠯ᠎ᠡ ᠪᠣᠭᠳᠠ ᠳᠡᠭᠡᠳᠦᠰ ᠦ᠋ᠨ ᠪᠠᠢᠭᠤᠯᠤᠭᠰᠠᠨ ᠶᠡᠬᠡ ᠲᠤᠯᠭᠤᠷ ᠲᠥᠷᠥ ᠨᠢᠭᠡᠨ ᠥᠴᠦᠬᠡᠨ ᠠᠷᠠᠯᠵᠢᠭᠠᠴᠢᠨ ᠤ᠋ ᠭᠠᠷ ᠲᠤᠷ ᠮᠥᠬᠥᠬᠦ ᠶ᠋ᠢ ᠦᠵᠡᠨ ᠲᠦᠪᠳᠡᠬᠦ ᠦᠭᠡᠢ ᠵᠣᠪᠠᠭᠰᠠᠭᠠᠷ ᠡᠪᠡᠳᠴᠢᠯᠡᠭᠡᠳ ᠭᠡᠷ ᠲᠦ᠍ᠷ ᠡᠮ ᠳᠠᠩ ᠤᠤᠭᠤᠬᠤ ᠨᠥᠭᠡᠴᠡ ᠵᠣᠭᠣᠰ ᠮᠥᠩᠭᠥ ᠦᠭᠡᠢ ᠲᠤᠯᠠ ᠤᠳᠠᠭᠰᠠᠨ ᠦᠭᠡᠢ ᠡᠴᠦᠰᠯᠡᠪᠡ᠃ ᠬᠥᠬᠡ ᠯᠤᠤ ᠵᠢᠯ ᠦ᠋ᠨ ᠵᠤᠨ ᠤ᠋ ᠤᠯᠠᠷᠢᠯ ᠤ᠋ᠨ ᠲᠠᠪᠤᠳᠤᠭᠠᠷ ᠰᠠᠷ᠎ᠠ ᠳ᠋ᠤᠷ ᠪᠥᠯᠥᠭᠡ᠃ ᠲᠠᠪᠢᠨ ᠲᠠᠪᠤᠨ ᠰᠡᠭᠦᠳᠡᠷ ᠲᠡᠢ᠃ 
       ᠭᠠᠰᠢᠭᠤᠳᠠᠯ ᠤ᠋ᠨ ᠮᠡᠳᠡᠭᠡ ᠭᠠᠷᠤᠮᠠᠭᠴᠠ ᠠᠷᠠᠳ ᠢᠷᠭᠡᠳ ᠨᠣᠶᠠᠳ ᠲᠦᠰᠢᠮᠡᠳ ᠲᠡᠷᠢᠭᠦᠯᠡᠨ ᠭᠠᠰᠢᠭᠤᠳᠠᠨ ᠪᠡᠯᠪᠡᠰᠦᠷᠡᠵᠦ ᠶᠡᠬᠡ ᠨᠡᠢᠰᠯᠡᠯ ᠦ᠋ᠨ ᠸᠧᠩ ᠱᠠᠨ ᠳ᠋ᠤᠷ ᠬᠦᠨᠳᠦᠳᠬᠡᠨ ᠣᠷᠣᠰᠢᠭᠤᠯᠪᠠᠢ᠃      
       ᠡᠷᠲᠡᠨ ᠡᠴᠡ ᠬᠠᠭᠠᠨ ᠡᠵᠡᠳ ᠮᠣᠷᠢᠨ ᠤ᠋ ᠨᠢᠷᠤᠭᠤᠨ ᠳᠡᠭᠡᠷ᠎ᠡ ᠤᠯᠤᠰ ᠢ᠋ ᠣᠯᠵᠤ ᠪᠢᠴᠢᠭ ᠦ᠋ᠨ ᠲᠦᠰᠢᠮᠡᠳ ᠠᠯᠪᠠᠨ ᠰᠢᠷᠡᠭᠡᠨ ᠳ᠋ᠦ᠍ ᠤᠯᠤᠰ ᠢ᠋ ᠵᠠᠰᠠᠮᠤᠢ ᠬᠡᠮᠡᠬᠦ ᠪᠥᠯᠥᠭᠡ᠃ ᠮᠣᠩᠭᠣᠯ ᠲᠥᠷᠥ ᠳ᠋ᠦ᠍ᠷ ᠠᠷᠠᠢ ᠡᠢᠮᠦ ᠪᠤᠰᠤ ᠪᠣᠯᠪᠠᠴᠤ ᠶᠧ ᠯᠢᠦᠢ ᠴᠦ ᠽᠠᠢ ᠮᠡᠲᠦ ᠰᠢᠳᠤᠷᠭᠤ ᠶ᠋ᠢ ᠭᠦᠢᠴᠡᠳᠬᠡᠨ᠂ ᠤᠮᠠᠷᠲᠠᠭᠰᠠᠨ ᠢ᠋ ᠰᠠᠨᠠᠭᠤᠯᠵᠤ᠂ ᠬᠠᠷᠭᠢᠰ ᠵᠠᠯᠢᠬᠠᠢ ᠶ᠋ᠢ ᠢᠯᠡᠴᠢᠯᠡᠨ᠂ ᠥᠷᠥᠰᠢᠶᠡᠯ ᠵᠢᠷᠤᠮ ᠢ᠋ ᠬᠦᠨᠳᠦᠳᠬᠡᠨ ᠠᠷᠢᠭᠤᠨ ᠴᠢᠬᠡᠴᠢ ᠪᠡᠷ ᠵᠢᠳᠬᠦᠭᠰᠡᠨ ᠢᠨᠦ ᠴᠥᠭᠡᠨ ᠪᠣᠯᠠᠢ᠃ 
       ᠶᠧ ᠯᠢᠦᠢ ᠴᠦ ᠽᠠᠢ ᠪᠡᠶ᠎ᠡ ᠥᠨᠳᠥᠷ ᠂ ᠰᠠᠬᠠᠯ ᠤᠷᠲᠤ ᠡᠩᠬᠡᠯᠢᠭ ᠲᠦᠪᠰᠢᠨ ᠳ᠋ᠦ᠍ᠷ ᠪᠣᠭᠳᠠ ᠴᠢᠩᠭᠢᠰ ᠬᠠᠭᠠᠨ ᠲᠡᠭᠦᠨ ᠢ ᠤᠷᠲᠤ ᠰᠠᠬᠠᠯᠲᠤ ᠭᠡᠮᠡᠨ ᠬᠦᠨᠳᠦᠳᠬᠡᠨ ᠥᠭᠡᠳᠡᠢ ᠬᠠᠭᠠᠨ ᠳ᠋ᠤᠷ ᠲᠤᠰᠢᠶᠠᠵᠤ ᠥᠭᠦᠯᠡᠭᠰᠡᠨ ᠢᠨᠦ ᠄ 《ᠡᠨᠡ ᠬᠥᠮᠦᠨ ᠢ᠋ ᠲᠡᠭᠷᠢ ᠮᠠᠨ ᠤ᠋ ᠭᠡᠷ ᠲᠦ᠍ᠷ ᠰᠣᠶᠣᠷᠬᠠᠭᠰᠠᠨ ᠪᠣᠯᠠᠢ᠃ ᠤᠯᠤᠰ ᠭᠡᠷ ᠴᠡᠷᠢᠭ ᠵᠠᠰᠠᠭ ᠤ᠋ᠨ ᠠᠯᠢᠪᠠ ᠶᠡᠬᠡ ᠶᠠᠪᠤᠳᠠᠯ ᠢ᠋ ᠨᠠᠢᠳᠠᠵᠤ ᠪᠣᠯᠤᠮᠤᠢ 》ᠬᠡᠮᠡᠪᠡ᠃ 
       ᠶᠧ ᠯᠢᠦᠢ ᠴᠦ ᠽᠠᠢ ᠤᠯᠤᠰ ᠤ᠋ᠨ ᠪᠠᠢᠳᠠᠯ ᠳ᠋ᠤᠷ ᠲᠣᠬᠢᠷᠠᠭᠤᠯᠤᠨ ᠬᠠᠤᠯᠢ ᠴᠠᠭᠠᠵᠠ ᠶ᠋ᠢ ᠨᠢᠭᠡᠳᠬᠡᠬᠦ ᠂ ᠭᠠᠢᠯᠢ ᠲᠠᠲᠠᠪᠤᠷᠢ ᠶ᠋ᠢ ᠬᠥᠩᠭᠡᠯᠡᠨ ᠲᠣᠭᠲᠠᠭᠠᠵᠤ ᠠᠷᠠᠳ ᠢᠷᠭᠡᠳ ᠢ᠋ ᠠᠵᠤ ᠲᠥᠷᠥᠬᠦ ᠵᠠᠮ ᠲᠠᠢ ᠪᠣᠯᠭᠠᠨ ᠵᠧᠦ ᠰᠢᠶᠠᠨ ᠤ᠋ ᠭᠠᠵᠠᠷ ᠢ ᠢᠵᠠᠭᠤᠷᠲᠠᠨ ᠳ᠋ᠤᠷ ᠬᠤᠪᠢᠳᠠᠵᠤ ᠥᠭᠬᠦ ᠶ᠋ᠢ ᠬᠣᠷᠢᠭᠯᠠᠨ ᠡᠷᠬᠡ ᠬᠦᠨᠳᠦᠲᠡᠨ ᠢ ᠬᠢᠵᠠᠭᠠᠷᠯᠠᠬᠤ ᠠᠯᠪᠠᠨ ᠲᠦᠰᠢᠮᠡᠳ ᠢ᠋ᠶ᠋ᠡᠷ ᠵᠠᠰᠠᠭ ᠤ᠋ᠨ ᠡᠷᠬᠡ ᠶ᠋ᠢ ᠪᠠᠷᠢᠭᠤᠯᠵᠤ ᠪᠢᠴᠢᠭ ᠦ᠋ᠨ ᠡᠷᠳᠡᠮᠲᠡᠨ ᠢ᠋ ᠰᠢᠯᠭᠠᠵᠤ ᠬᠡᠷᠡᠭᠯᠡᠨ ᠶᠣᠰᠣ ᠳᠢᠭᠯᠡᠮ ᠢ᠋ ᠡᠷᠬᠢᠮᠯᠡᠪᠡᠢ᠃ 
       ᠥᠭᠡᠳᠡᠢ ᠬᠠᠭᠠᠨ ᠪᠠᠢᠬᠤ ᠳ᠋ᠤᠷ ᠬᠡᠯᠡᠮᠦᠷᠴᠢ ᠲᠢᠶᠠᠨ ᠾᠧ ᠬᠡᠮᠡᠭᠴᠢ ᠶᠡᠬᠡ ᠰᠠᠢᠳ ᠵᠸᠡᠬᠠᠢ ᠳ᠋ᠤᠷ ᠬᠡᠷᠡᠭ ᠬᠠᠯᠳᠠᠭᠠᠨ ᠠᠷᠠᠯᠵᠢᠭᠠᠴᠢᠨ ᠠᠪᠳᠤᠯ᠂ ᡀᠮᠠᠨ ᠢ᠋ ᠪᠠᠷᠠᠭᠠᠯᠠᠭᠤᠯᠤᠨ ᠵᠦᠩ ᠶᠤᠸᠠᠨ ᠤ᠋ ᠭᠠᠢᠯᠢ ᠶ᠋ᠢ ᠨᠢᠭᠡ ᠳᠠᠬᠢᠨ ᠨᠡᠮᠡᠵᠦ ᠳᠠᠭᠠᠭᠠᠯᠭᠠᠨ ᠥᠭᠭᠦᠭᠰᠡᠨ ᠳ᠋ᠦ᠍ᠷ ᠬᠦᠴᠦᠯᠡᠨ ᠬᠣᠷᠢᠭᠯᠠᠵᠤ ᠴᠢᠳᠠᠭᠰᠠᠨ ᠦᠭᠡᠢ ᠲᠤᠯᠠ ᠰᠡᠭᠦᠷᠡᠰᠦ ᠠᠯᠳᠠᠵᠤ ᠵᠣᠪᠠᠬᠤ ᠪᠥᠯᠥᠭᠡ᠃ 
       ᠵᠠᠯᠢᠬᠠᠢ ᠰᠠᠢᠳ ᠠᠪᠲᠤᠯ᠂ ᡀᠮᠠᠨ ᠤᠯᠤᠰ ᠤ᠋ᠨ ᠬᠠᠤᠯᠢ ᠴᠠᠭᠠᠵᠠ ᠶ᠋ᠢ ᠬᠠᠢᠬᠤᠷᠬᠤ ᠦᠭᠡᠢ ᠳᠤᠷ᠎ᠠ ᠪᠠᠷ ᠡᠪᠳᠡᠵᠦ ᠶᠠᠪᠤᠬᠤᠢ ᠳ᠋ᠤᠷ ᠲᠡᠭᠦᠨ ᠦ᠌ ᠡᠷᠬᠡ ᠰᠦᠷ ᠡᠴᠡ ᠠᠶᠤᠵᠤ ᠳᠤᠤᠭᠠᠷᠬᠤ ᠬᠥᠮᠦᠨ ᠦᠭᠡᠢ ᠪᠣᠯᠪᠠ᠂ ᠭᠠᠭᠴᠠ ᠶᠧ ᠯᠢᠦᠢ ᠴᠦ ᠽᠠᠢ ᠣᠭᠲᠣ ᠨᠢᠭᠤᠷ ᠲᠠᠯᠪᠢᠬᠤ ᠦᠭᠡᠢ ᠨᠢᠭᠤᠷᠳᠠᠵᠤ ᠪᠤᠷᠤᠭᠤᠰᠢᠶᠠᠮᠤᠢ᠃ ᠬᠠᠲᠤᠨ ᠤ᠋ ᠡᠮᠦᠨ᠎ᠡ ᠬᠥᠮᠦᠰ ᠠᠶᠤᠵᠤ ᠡᠰᠡ ᠶᠠᠷᠢᠬᠤ ᠦᠭᠡ ᠶ᠋ᠢ ᠶᠠᠷᠢᠬᠤᠢ ᠳ᠋ᠤᠷ ᠪᠤᠰᠤᠳ ᠴᠥᠮ ᠠᠶᠤᠯᠲᠠᠢ ᠭᠡᠮᠡᠨ ᠲᠡᠭᠦᠨ ᠦ᠌ ᠲᠤᠯᠠ ᠵᠣᠪᠠᠮᠤᠢ᠃ ᠬᠠᠷᠠᠭᠴᠢᠨ ᠲᠠᠤᠯᠠᠢ ᠵᠢᠯ ᠦ᠋ᠨ ᠲᠠᠪᠤᠳᠤᠭᠠᠷ ᠰᠠᠷ᠎ᠠ ᠳ᠋ᠤᠷ ᠲᠥᠷᠥ ᠳ᠋ᠦ᠍ᠷ ᠴᠡᠷᠢᠭ ᠦ᠋ᠨ ᠬᠤᠪᠢᠰᠤᠯ ᠭᠠᠷᠬᠤᠢ ᠳ᠋ᠤᠷ ᠲᠡᠷᠢᠭᠦᠨ᠎ᠡ ᠬᠠᠲᠤᠨ ᠰᠡᠳᠬᠢᠯ ᠵᠢᠷᠦᠬᠡᠨ ᠦ᠌ ᠴᠥᠭᠡᠨ ᠬᠥᠮᠦᠨ ᠢ᠋ᠶ᠋ᠡᠨ ᠠᠪᠴᠤ ᠥᠷᠥᠨ᠎ᠡ ᠵᠦᠭ ᠵᠠᠢᠯᠠᠨ ᠪᠤᠷᠤᠭᠤᠯᠠᠰᠤᠭᠠᠢ ᠬᠡᠮᠡᠬᠦᠢ ᠳ᠋ᠦ᠍ᠷ ᠶᠧ ᠯᠢᠦᠢ ᠴᠦ ᠽᠠᠢ ᠮᠡᠳᠡᠭᠡᠳ: 《ᠲᠥᠷᠥ ᠬᠡᠮᠡᠭᠴᠢ ᠤᠯᠤᠰ ᠣᠷᠣᠨ ᠤ᠋ ᠦᠨᠳᠦᠰᠦ ᠪᠣᠯᠠᠢ᠃ ᠦᠨᠳᠦᠰᠦ ᠬᠥᠳᠡᠯᠪᠡᠰᠦ ᠤᠯᠤᠰ ᠰᠠᠮᠠᠭᠤᠷᠠᠮᠤᠢ᠃ ᠰᠠᠢᠳ ᠪᠢ ᠲᠡᠭᠷᠢ ᠶ᠋ᠢᠨ ᠵᠦᠢ ᠶ᠋ᠢ ᠬᠢᠨᠠᠪᠠᠰᠤ ᠯᠠᠪ ᠭᠡᠮ ᠦᠭᠡᠢ 》 ᠭᠡᠮᠡᠨ ᠦᠬᠦᠨ ᠬᠣᠷᠢᠭᠯᠠᠵᠤ ᠵᠣᠭᠰᠣᠭᠠᠪᠠ᠃ ᠦᠨᠡᠬᠡᠷ ᠬᠡᠳᠦᠨ ᠡᠳᠦᠷ ᠦ᠋ᠨ ᠳᠠᠷᠠᠭ᠎ᠠ ᠰᠠᠮᠠᠭᠤᠨ ᠳᠠᠷᠤᠭᠳᠠᠪᠠ᠃ ᠨᠢᠭᠡᠨ ᠡᠳᠦᠷ ᠲᠡᠷᠢᠭᠦᠨ᠎ᠡ ᠬᠠᠲᠤᠨ ᠮᠠᠰᠢ ᠤᠨᠲᠤᠭᠤᠨ ᠲᠠᠢ ᠵᠠᠷᠯᠢᠭ ᠪᠣᠯᠵᠤ ᠠᠪᠲᠤᠯ ᠂ ᡀᠮᠠᠨ ᠤ᠋ ᠵᠠᠷᠯᠢᠭ ᠵᠢᠭᠠᠪᠤᠷᠢ ᠶ᠋ᠢ ᠪᠢᠴᠢᠵᠦ ᠲᠠᠮᠠᠭᠠᠯᠠᠨ ᠲᠠᠷᠬᠠᠭᠠᠬᠤ ᠳ᠋ᠤᠷ ᠲᠥᠷᠥ ᠶ᠋ᠢᠨ ᠠᠯᠪᠠᠨ ᠲᠦᠰᠢᠮᠡᠳ ᠰᠠᠭᠠᠳ ᠪᠣᠯᠵᠤ ᠪᠠᠢᠬᠤ ᠲᠤᠯᠠ᠂ ᠡᠭᠦᠨ ᠡᠴᠡ ᠬᠣᠢᠰᠢ ᠲᠠᠮᠠᠭᠠᠲᠤ ᠴᠠᠭᠠᠰᠤ ᠶ᠋ᠢ ᠴᠥᠮ ᠠᠪᠳᠤᠯ ᠂ ᡀᠮᠠᠨ ᠳ᠋ᠤᠷ ᠲᠤᠰᠢᠶᠠᠨ ᠬᠡᠷᠡᠭᠯᠡᠭᠦᠯᠲᠦᠭᠡᠢ ᠬᠡᠮᠡᠭᠰᠡᠨ ᠳ᠋ᠦ᠍ᠷ ᠶᠧ ᠯᠢᠦᠢ ᠴᠦ ᠽᠠᠢ ᠴᠢᠷᠠᠢ ᠬᠤᠪᠢᠷᠠᠵᠤ ᠥᠴᠢᠷᠦᠨ : 《ᠤᠷᠢᠳᠤ ᠬᠠᠭᠠᠨ ᠤ᠋ ᠲᠣᠭᠲᠠᠭᠠᠭᠰᠠᠨ ᠳᠦᠷᠢᠮ ᠪᠣᠢ᠃ ᠡᠳᠦᠭᠡ ᠡᠪᠳᠡᠰᠦᠭᠡᠢ ᠬᠡᠮᠡᠪᠡᠰᠦ ᠲᠦᠰᠢᠮᠡᠯ ᠪᠢ ᠬᠦᠯᠢᠶᠡᠵᠦ ᠴᠢᠳᠠᠬᠤ ᠦᠭᠡᠢ 》ᠭᠡᠮᠡᠨ ᠣᠭᠲᠣ ᠬᠦᠯᠢᠶᠡᠭᠰᠡᠨ ᠦᠭᠡᠢ ᠳ᠋ᠦ᠍ᠷ ᠲᠡᠷᠢᠭᠦᠨ᠎ᠡ ᠬᠠᠲᠤᠨ ᠳᠠᠬᠢᠨ ᠵᠠᠷᠯᠢᠭ ᠪᠣᠯᠵᠤ :《ᠬᠡᠨ ᠬᠥᠮᠦᠨ ᠠᠪᠳᠤᠯ ᠂ ᡀᠮᠠᠨ ᠤ᠋ ᠪᠢᠴᠢ ᠬᠡᠮᠡᠭᠰᠡᠨ ᠢ ᠡᠰᠡ ᠪᠢᠴᠢᠪᠡᠰᠦ ᠭᠠᠷ ᠢ ᠴᠠᠪᠴᠢᠮᠤᠢ 》ᠬᠡᠮᠡᠬᠦᠢ ᠳ᠋ᠦ᠍ᠷ ᠶᠧ ᠯᠢᠦᠢ ᠴᠦ ᠽᠠᠢ ᠥᠴᠢᠷᠦᠨ : 《ᠤᠯᠤᠰ ᠤ᠋ᠨ ᠬᠠᠤᠯᠢ ᠳᠦᠷᠢᠮ ᠢ᠋ ᠤᠷᠢᠳᠤ ᠬᠠᠭᠠᠨ ᠴᠥᠮ ᠬᠥᠭᠰᠢᠨ ᠲᠦᠰᠢᠮᠡᠯ ᠨᠠᠳᠤᠷ ᠨᠠᠢᠳᠠᠪᠠᠢ᠃ ᠪᠢᠴᠢᠭᠡᠴᠢ ᠲᠦᠰᠢᠮᠡᠯ ᠳ᠋ᠦ᠍ᠷ ᠶᠠᠮᠠᠷ ᠶᠠᠯ᠎ᠠ ᠪᠣᠢ᠃ ᠵᠥᠪ ᠤᠴᠢᠷ ᠪᠥᠭᠡᠰᠦ ᠵᠠᠷᠯᠢᠭ ᠢ᠋ ᠳᠠᠭᠠᠮᠤᠢ᠃ ᠳᠦᠷᠢᠮ ᠲᠣᠭᠲᠠᠭᠠᠯ ᠳ᠋ᠤᠷ ᠨᠡᠢᠴᠡᠬᠦ ᠦᠭᠡᠢ ᠪᠥᠭᠡᠰᠦ ᠵᠠᠷᠯᠢᠭ ᠳᠠᠭᠠᠵᠤ ᠴᠢᠳᠠᠬᠤ ᠦᠭᠡᠢ᠃ ᠰᠢᠳᠤᠷᠭᠤ ᠲᠦᠰᠢᠮᠡᠯ ᠦᠬᠦᠬᠦ ᠡᠴᠡ ᠠᠶᠤᠬᠤ ᠦᠭᠡᠢ ᠪᠥᠭᠡᠲᠡᠯ᠎ᠡ ᠭᠠᠷ ᠢ᠋ ᠴᠠᠪᠴᠢᠬᠤ ᠶ᠋ᠢ ᠶᠠᠭᠤᠨ ᠥᠭᠦᠯᠡᠬᠦ ᠠᠵᠢ  》 ᠬᠡᠮᠡᠪᠡ᠃ ᠬᠠᠲᠤᠨ ᠶᠡᠬᠡᠳᠡ ᠬᠢᠯᠢᠩᠯᠡᠬᠦᠢ ᠳ᠋ᠦ᠍ᠷ ᠥᠴᠢᠷᠦᠨ ᠄  《ᠬᠥᠭᠰᠢᠨ ᠰᠠᠢᠳ ᠪᠢ ᠪᠣᠭᠳᠠ ᠡᠵᠡᠨ᠂ ᠤᠷᠢᠳᠤ ᠬᠠᠭᠠᠨ ᠳ᠋ᠤᠷ ᠭᠤᠴᠢ ᠢᠯᠡᠭᠦᠦ ᠵᠢᠯ ᠦᠢᠯᠡᠴᠢᠯᠡᠪᠡ᠃ ᠡᠵᠡᠨ ᠦ᠌ ᠵᠠᠷᠯᠢᠭ ᠢ᠋ ᠭᠤᠲᠤᠭᠠᠭᠰᠠᠨ ᠭᠠᠵᠠᠷ ᠦᠭᠡᠢ᠃ ᠬᠠᠲᠤᠨ ᠲᠠ ᠲᠦᠰᠢᠮᠡᠯ ᠨᠠᠮᠠᠶ᠋ᠢ ᠶᠠᠯ᠎ᠠ ᠦᠭᠡᠢ ᠪᠡᠷ ᠠᠯᠠᠬᠤᠢ ᠳ᠋ᠤᠷ ᠬᠦᠷᠬᠦ ᠦᠭᠡᠢ ᠪᠣᠢ ᠢ᠋᠎ᠡ  》ᠬᠡᠮᠡᠪᠡ ᠃ ᠬᠠᠲᠤᠨ ᠬᠡᠳᠦᠢ ᠪᠡᠷ ᠠᠳᠠ ᠦᠵᠡᠬᠦ ᠪᠣᠯᠪᠠᠴᠤ ᠤᠷᠢᠳᠤ ᠲᠥᠷᠥ ᠶ᠋ᠢᠨ ᠭᠠᠪᠢᠶᠠᠲᠤ ᠰᠠᠢᠳ ᠪᠥᠭᠡᠳ ᠣᠯᠠᠨ ᠤ᠋ ᠬᠦᠨᠳᠦ ᠶ᠋ᠢ ᠣᠯᠤᠭᠰᠠᠨ ᠬᠥᠮᠦᠨ ᠲᠤᠯᠠ ᠪᠣᠯᠭᠣᠮᠵᠢᠯᠠᠬᠤ ᠪᠣᠯᠪᠠ ᠃ ᠪᠡᠶ᠎ᠡ ᠥᠩᠭᠡᠷᠡᠭᠰᠡᠨ ᠦ᠌ ᠳᠠᠷᠠᠭ᠎ᠠ ᠬᠥᠮᠦᠨ ᠬᠠᠲᠤᠨ ᠳ᠋ᠤᠷ ᠬᠣᠪᠴᠢᠯᠠᠨ : ᠶᠧ ᠯᠢᠦᠢ ᠴᠦ ᠽᠠᠢ ᠲᠡᠷᠢᠭᠦᠨ ᠰᠠᠢᠳ ᠪᠣᠯᠤᠭᠠᠳ ᠤᠳᠠᠭᠠᠨ ᠵᠢᠯ ᠪᠣᠯᠪᠠ᠃ ᠤᠯᠤᠰ ᠤ᠋ᠨ ᠬᠠᠭᠠᠰ ᠬᠥᠷᠥᠩᠭᠡ ᠴᠥᠮ ᠲᠡᠭᠦᠨ ᠦ᠌ ᠬᠢ ᠪᠣᠯᠵᠤᠬᠤᠢ ᠬᠡᠮᠡᠭᠰᠡᠨ ᠳ᠋ᠦ᠍ᠷ ᠬᠠᠲᠤᠨ ᠰᠢᠳᠠᠷ ᠲᠦᠰᠢᠮᠡᠯ ᠮᠠᠯᠵᠠ ᠶ᠋ᠢ ᠣᠴᠢᠭᠤᠯᠵᠤ ᠪᠠᠢᠴᠠᠭᠠᠯᠭᠠᠪᠠᠰᠤ ᠭᠠᠭᠴᠠᠬᠦ ᠶᠠᠲᠤᠭ᠎ᠠ ᠂ ᠱᠠᠰᠲᠢᠷ ᠂ ᠨᠣᠮ ᠂ ᠵᠢᠷᠤᠭ ᠤ᠋ᠨ ᠲᠡᠳᠦᠢᠯᠡ ᠪᠣᠯᠠᠢ᠃ 
       ᠥᠭᠦᠯᠡᠬᠦ ᠢᠨᠦ ᠰᠥᠩ ᠤᠯᠤᠰ ᠤ᠋ᠨ ᠰᠠᠢᠳ ᠮᠡᠷᠭᠡᠳ ᠥᠭᠡᠳᠡᠢ ᠬᠠᠭᠠᠨ ᠤ᠋ ᠲᠡᠭᠷᠢ ᠪᠣᠯᠤᠭᠰᠠᠨ ᠪᠠ ᠰᠢᠨ᠎ᠡ ᠬᠠᠭᠠᠨ ᠪᠣᠢ ᠪᠣᠯᠤᠭᠠᠳᠤᠢ ᠳᠡᠭᠡᠷ᠎ᠡ ᠭᠠᠩ ᠭᠠᠮᠰᠢᠭ ᠦᠷᠭᠦᠯᠵᠢᠯᠡᠭᠰᠡᠨ ᠢ ᠦᠵᠡᠭᠡᠳ ᠵᠠᠪᠰᠢᠶᠠᠨ ᠪᠣᠯᠪᠠᠢ ᠭᠡᠮᠡᠨ ᠲᠠᠰᠤᠷᠠᠯᠲᠠ ᠦᠭᠡᠢ ᠡᠵᠡᠨ ᠬᠠᠭᠠᠨ ᠢ᠋ᠶ᠋ᠠᠨ ᠱᠠᠭᠠᠷᠳᠠᠨ ᠲᠡᠭᠷᠢ ᠮᠣᠩᠭᠣᠯ ᠢ᠋ ᠮᠥᠬᠥᠭᠡᠰᠦᠭᠡᠢ ᠬᠡᠮᠡᠮᠦᠢ᠃ ᠠᠪᠤᠪᠠᠰᠤ ᠵᠣᠬᠢᠬᠤ ᠶ᠋ᠢ ᠡᠰᠡ ᠠᠪᠤᠪᠠᠰᠤ ᠭᠡᠳᠡᠷᠭᠡᠨ ᠬᠣᠣᠷ ᠪᠣᠯᠤᠮᠤᠢ ᠭᠡᠮᠡᠨ ᠴᠡᠷᠢᠭ ᠮᠣᠷᠢ ᠪᠠᠨ ᠲᠥᠪᠯᠡᠷᠡᠭᠦᠯᠦᠨ ᠲᠠᠰᠤᠷᠠᠯᠲᠠ ᠦᠭᠡᠢ ᠮᠣᠩᠭᠣᠯ ᠤ᠋ᠨ ᠬᠢᠯᠢ ᠬᠢᠵᠠᠭᠠᠷ ᠢ ᠬᠠᠯᠳᠠᠵᠤ ᠲᠤᠷᠰᠢᠬᠤᠢ ᠳ᠋ᠤᠷ ᠬᠥᠬᠡᠭᠴᠢᠨ ᠮᠣᠭᠠᠢ ᠵᠢᠯ ᠦ᠋ᠨ ᠨᠠᠮᠤᠷ ᠲᠡᠷᠢᠭᠦᠨ᠎ᠡ ᠬᠠᠲᠤᠨ ᠴᠠᠭᠠᠨ ᠢ᠋ ᠮᠣᠷᠢᠲᠤ ᠶᠠᠪᠠᠭᠠᠨ ᠴᠡᠷᠢᠭ ᠦ᠋ᠨ ᠶᠤᠸᠠᠨᠱᠤᠸᠠᠢ ᠪᠣᠯᠭᠠᠨ ᠭᠤᠷᠪᠠᠨ ᠲᠦᠮᠡᠨ ᠮᠣᠷᠢᠲᠤ ᠴᠡᠷᠢᠭ ᠥᠭᠴᠦ ᠵᠠᠩ ᠿᠧᠦ ᠶ᠋ᠢᠨ ᠬᠠᠮᠲᠤ ᠰᠥᠩ ᠤᠯᠤᠰ ᠢ᠋ ᠨᠢᠴᠤᠭᠠᠭᠲᠤᠨ ᠭᠡᠮᠡᠨ ᠶᠠᠪᠤᠭᠤᠯᠪᠠ᠃ ᠴᠠᠭᠠᠨ᠎ᠠ ᠮᠣᠷᠢᠲᠠᠨ ᠢ᠋ᠶ᠋ᠠᠨ ᠳᠠᠢᠴᠢᠯᠠᠨ ᠰᠢᠭᠤᠳ ᠬᠤᠸᠠᠢ ᠰᠢ ᠪᠡᠷ ᠥᠩᠭᠡᠷᠡᠨ ᠱ᠌ᠸᠤ ᠵᠧᠦ ᠶ᠋ᠢ ᠳᠠᠬᠢᠨ ᠡᠵᠡᠯᠡᠵᠦ ᠽᠢ ᠵᠧᠦ ᠂ ᠢᠦᠢ ᠶᠧ ᠬᠢᠭᠡᠳ ᠶᠠᠩ ᠵᠧᠦ ᠶ᠋ᠢ ᠪᠠᠢᠯᠳᠤᠬᠤᠢ ᠳ᠋ᠤᠷ ᠰᠥᠩ ᠤᠯᠤᠰ ᠡᠰᠡᠷᠭᠦᠴᠡᠯ ᠪᠤᠰᠤ ᠪᠠᠨ ᠮᠡᠳᠡᠵᠦ ᡁᠢ ᡁᠢ ᠰᠢ ᠲᠦᠰᠢᠮᠡᠯ ᠵᠣᠣ ᠽᠠᠢ ᠶ᠋ᠢ ᠶᠠᠪᠤᠭᠤᠯᠵᠤ ᠡᠶᠡᠳᠡᠬᠦ ᠶ᠋ᠢ ᠭᠤᠶᠤᠵᠤ ᠳᠠᠭᠤᠤ ᠪᠥᠵᠢᠭ ᠦ᠋ᠨ ᠥᠬᠢᠨ ᠠᠷᠪᠠᠨ ᠲᠠᠪᠤ ᠂ ᠬᠠᠰ ᠲᠠᠨ᠎ᠠ ᠶ᠋ᠢᠨ ᠵᠦᠢᠯ ᠬᠣᠶᠠᠷ ᠠᠪᠳᠠᠷ᠎ᠠ ᠂ ᠠᠯᠲᠠ ᠮᠥᠩᠭᠥᠨ  ᠦ᠌ ᠰᠠᠪᠠ ᠬᠡᠷᠡᠭᠰᠡᠯ ᠲᠣᠷᠭ᠎ᠠ ᠳᠤᠷᠳᠤᠩ ᠬᠡᠳᠦᠨ ᠲᠡᠷᠭᠡ ᠬᠦᠷᠭᠡᠵᠦ ᠢᠷᠡᠭᠰᠡᠨ ᠳ᠋ᠦ᠍ᠷ ᠲᠡᠷᠢᠭᠦᠨ᠎ᠡ ᠬᠠᠲᠤᠨ ᠵᠥᠪᠰᠢᠶᠡᠷᠡᠵᠦ ᠴᠡᠷᠢᠭ ᠲᠠᠲᠠᠪᠠ᠃ 
       ᠤᠯᠠᠭᠠᠨ ᠮᠣᠷᠢᠨ ᠵᠢᠯ ᠦ᠋ᠨ ᠵᠤᠨ ᠤ᠋ ᠡᠬᠢᠨ ᠰᠠᠷ᠎ᠠ ᠳ᠋ᠤᠷ ᠲᠡᠷᠢᠭᠦᠨ᠎ᠡ ᠬᠠᠲᠤᠨ ᠭᠠᠳᠠᠨ᠎ᠠ ᠳᠣᠲᠣᠨ᠎ᠠ ᠶ᠋ᠢᠨ ᠶᠠᠷᠢᠶ᠎ᠠ ᠰᠢᠭᠦᠮᠵᠢ ᠡᠴᠡ ᠠᠶᠤᠨ ᠵᠣᠷᠢᠭ ᠰᠢᠭᠤᠳᠴᠤ ᠣᠷᠬᠣᠨ ᠭᠣᠣᠯ ᠤ᠋ᠨ ᠳᠠᠯᠠᠨ ᠳᠡᠪᠠᠭᠠᠰᠤᠲᠤ ᠳ᠋ᠤᠷ ᠬᠠᠳ ᠤ᠋ᠨ ᠬᠤᠷᠠᠯ ᠬᠤᠷᠠᠯᠳᠤᠭᠤᠯᠵᠤ ᠡᠪᠦᠭᠡ ᠳᠡᠭᠡᠳᠦᠰ ᠦ᠋ᠨ ᠵᠢᠷᠤᠮ ᠢ᠋ᠶ᠋ᠠᠷ ᠬᠠᠭᠠᠨ ᠰᠣᠩᠭᠣᠭᠤᠯᠬᠤ ᠪᠠᠷ ᠳᠠᠬᠢᠨ ᠵᠠᠷᠯᠠᠪᠠ᠃ 
       ᠲᠡᠳᠦᠢ ᠳ᠋ᠦ᠍ᠷ ᠶᠧ ᠯᠢᠦᠢ ᠴᠦ ᠽᠠᠢ ᠨᠥᠭᠴᠢᠭᠡᠳ ᠵᠸᠡᠬᠠᠢ ᠨᠠᠷ ᠤᠷᠭᠤᠭᠰᠠᠨ ᠲᠤᠯᠠ ᠂ ᠠᠪᠳᠤᠯ ᠂ ᠯᡁᠮᠠᠨ ᠣᠭᠲᠣ ᠠᠶᠤᠮᠰᠢᠭ ᠦᠭᠡᠢ ᠡᠬᠡᠨᠡᠷ ᠪᠠᠳᠮ᠎ᠠ ᠯᠤᠭ᠎ᠠ ᠲᠥᠷᠥ ᠶ᠋ᠢᠨ ᠡᠷᠬᠡ ᠶ᠋ᠢ ᠪᠠᠷᠢᠵᠤ ᠬᠤᠳᠠᠯᠳᠤᠭᠠᠴᠢᠨ ᠭᠠᠷᠤᠯᠲᠠᠢ ᠲᠤᠯᠠ ᠠᠮᠠ ᠨᠡᠭᠡᠭᠡᠮᠡᠭᠴᠡ ᠳᠠᠷᠤᠢ ᠵᠣᠭᠣ᠋ᠰ ᠮᠥᠩᠭᠥ ᠬᠡᠮᠡᠵᠦ ᠲᠦᠰᠢᠮᠡᠯ ᠵᠡᠷᠭᠡ ᠶ᠋ᠢ ᠡᠳ᠋ ᠪᠠᠷᠠᠭ᠎ᠠ ᠪᠣᠯᠭᠠᠨ ᠦᠨ᠎ᠡ ᠬᠠᠩᠰᠢ ᠲᠣᠭᠲᠠᠭᠠᠨ ᠬᠤᠳᠠᠯᠳᠤᠵᠤ ᠶᠡᠬᠡ ᠮᠣᠩᠭᠣᠯ ᠤ᠋ᠨ ᠲᠤᠯᠭᠤᠷ ᠲᠥᠷᠥ ᠶ᠋ᠢ ᠬᠡᠦᠬᠡᠳ ᠦ᠋ᠨ ᠨᠠᠭᠠᠳᠤᠮ ᠪᠣᠯᠭᠠᠪᠠ᠃ 
       ᠡᠭᠦᠨ ᠢ᠋ ᠳᠠᠯᠢᠮᠳᠠᠭᠤᠯᠤᠨ ᠬᠠᠳ ᠨᠣᠶᠠᠳ ᠡᠷᠬᠡ ᠬᠦᠨᠳᠦᠲᠡᠨ ᠠᠪᠳᠤᠯ ᠂ ᠯᡁᠮᠠᠨ ᠠ᠋ᠴᠠ ᠠᠯᠲᠠ ᠮᠥᠩᠭᠥᠨ ᠲᠡᠮᠳᠡᠭ ᠬᠤᠳᠠᠯᠳᠤᠨ ᠠᠪᠴᠤ ᠲᠤᠰ ᠲᠤᠰ ᠤ᠋ᠨ ᠠᠰᠢᠭ ᠬᠣᠨᠵᠢᠪᠤᠷᠢ ᠳᠤᠷ᠎ᠠ ᠰᠣᠨᠢᠷᠬᠠᠯ ᠤ᠋ᠨ ᠲᠥᠯᠥᠭᠡ ᠡᠯᠴᠢ ᠵᠠᠷᠤᠴᠠ ᠪᠠᠨ ᠲᠣᠮᠢᠯᠠᠨ ᠵᠧᠦ ᠵᠢᠶᠦ᠋ᠨ ᠢ᠋ ᠬᠢᠬᠠᠭᠠᠨ ᠮᠥᠯᠵᠢᠵᠦ ᠥᠷᠲᠡᠭᠡ ᠪᠦᠬᠦᠨ ᠳ᠋ᠦ᠍ᠷ ᠠᠯᠲᠠ ᠮᠥᠩᠭᠥᠨ ᠲᠡᠮᠳᠡᠭᠲᠦ ᠡᠯᠴᠢ ᠳᠦᠭᠦᠷᠴᠦ ᠠᠪᠬᠤ ᠵᠦᠢᠯ ᠢ᠋ ᠡᠰᠡ ᠭᠦᠢᠴᠡᠭᠡᠪᠡᠰᠦ ᠲᠥᠷᠥ ᠶ᠋ᠢᠨ ᠲᠦᠰᠢᠮᠡᠳ ᠥᠷᠲᠡᠭᠡᠨ ᠦ᠌ ᠮᠡᠳᠡᠭᠴᠢ ᠭᠡᠮᠡᠨ ᠢᠯᠭᠠᠬᠤ ᠦᠭᠡᠢ ᠡᠷᠡᠭᠦᠦ ᠲᠤᠯᠭᠠᠨ ᠬᠠᠪᠴᠢᠬᠤ ᠪᠣᠯᠤᠭᠰᠠᠨ ᠲᠤᠯᠠ ᠠᠷᠠᠳ ᠢᠷᠭᠡᠳ ᠢ ᠨᠡᠩ ᠶᠠᠭᠤᠨ ᠥᠭᠦᠯᠡᠬᠦ ᠠᠵᠢ᠃ 
       ᠡᠭᠦᠨ ᠦ᠌ ᠳᠡᠭᠡᠷ᠎ᠡ ᠭᠠᠩ ᠬᠠᠪᠰᠠᠷᠠᠭᠠᠨ ᠦᠷᠭᠦᠯᠵᠢᠯᠡᠨ ᠭᠣᠣᠯ ᠮᠥᠷᠡᠨ ᠴᠥᠮ ᠬᠠᠲᠠᠵᠤ ᠡᠪᠡᠰᠦ ᠮᠣᠳᠣ ᠬᠤᠪᠠᠬᠠᠢᠷᠠᠨ ᠮᠠᠯ ᠠᠳᠤᠭᠤ ᠠᠷᠪᠠᠨ ᠤ᠋ ᠨᠠᠢ᠍ᠮᠠ ᠶᠢᠰᠦ ᠢᠨᠤ ᠦᠬᠦᠵᠦ ᠬᠥᠮᠦᠨ ᠬᠥᠮᠦᠨ ᠢ᠋ᠶ᠋ᠡᠨ ᠢᠳᠡᠬᠦ ᠴᠠᠭ ᠪᠥᠭᠡᠲᠡᠯ᠎ᠡ ᠠᠪᠳᠤᠯ ᠂ ᠯᡁᠮᠠᠨ ᠤ᠋ ᠭᠠᠢᠯᠢ ᠬᠤᠷᠢᠶᠠᠬᠤ ᠵᠠᠷᠤᠴᠠ ᠨᠠᠷ ᠠᠷᠠᠯᠵᠢᠭ᠎ᠠ ᠬᠤᠳᠠᠯᠳᠤᠭ᠎ᠠ ᠮᠠᠯᠴᠢᠨ ᠲᠠᠷᠢᠶᠠᠴᠢᠨ ᠠ᠋ᠴᠠ ᠭᠠᠢᠯᠢ ᠲᠠᠲᠠᠪᠤᠷᠢ ᠬᠤᠷᠢᠶᠠᠬᠤ ᠭᠡᠮᠡᠨ ᠡᠷᠡᠭᠦᠦ ᠲᠤᠯᠭᠠᠨ ᠠᠯᠠᠵᠤ ᠴᠠᠪᠴᠢᠬᠤ ᠠᠨᠤ ᠡᠩ ᠦ᠋ᠨ ᠬᠡᠷᠡᠭ ᠪᠣᠯᠪᠠ᠃ 
       ᠣᠯᠠᠨ ᠬᠠᠳ ᠨᠣᠶᠠᠳ ᠪᠠᠢᠳᠠᠯ ᠪᠤᠰᠤ ᠶ᠋ᠢ ᠮᠡᠳᠡᠵᠦ ᠲᠤᠰ ᠲᠤᠰ ᠴᠡᠷᠢᠭ ᠮᠣᠷᠢ ᠪᠠᠨ ᠪᠣᠯᠪᠠᠰᠤᠷᠠᠨ ᠰᠢᠯᠭᠠᠵᠤ ᠵᠠᠷᠢᠮ ᠠᠨᠤ ᠲᠥᠷᠥ ᠶ᠋ᠢ ᠴᠡᠪᠡᠷᠯᠡᠬᠦ ᠨᠡᠷ᠎ᠡ ᠪᠡᠷ ᠬᠠᠷ᠎ᠠ ᠬᠣᠷᠢᠨ ᠤ᠋ ᠠᠯᠲᠠᠨ ᠰᠠᠭᠤᠷᠢᠨ ᠳ᠋ᠤᠷ ᠭᠣᠷᠢᠳᠠᠮᠤᠢ᠃ ᠪᠦᠬᠦ ᠤᠯᠤᠰ ᠤ᠋ᠨ ᠬᠥᠮᠦᠨ ᠦ᠌ ᠰᠡᠳᠬᠢᠯ ᠨᠢᠭᠡᠨᠲᠡ ᠬᠥᠳᠡᠯᠵᠦ ᠬᠠᠭᠤᠷᠠᠢ ᠲᠦᠯᠡᠭᠡ ᠮᠡᠲᠦ ᠣᠴᠢ ᠦᠰᠦᠷᠪᠡᠰᠦ ᠨᠣᠴᠣᠬᠤ ᠪᠣᠯᠤᠭᠰᠠᠨ ᠲᠤᠯᠠ ᠲᠡᠷᠢᠭᠦᠨ᠎ᠡ ᠬᠠᠲᠤᠨ ᠰᠠᠶᠢ ᠰᠠᠨᠳᠤᠷᠬᠤ ᠪᠣᠯᠪᠠᠢ᠃      
       ᠥᠭᠦᠯᠡᠬᠦ ᠢᠨᠣ ᠪᠠᠲᠤ ᠬᠠᠨ ᠣᠯᠠᠨ ᠬᠠᠳ᠂ ᠨᠣᠶᠠᠳ ᠢ᠋ ᠠᠪᠴᠤ ᠰᠢᠷ᠎ᠠ ᠬᠣᠲᠠᠨ ᠠ᠋ᠴᠠ ᠮᠣᠷᠳᠠᠵᠤ ᠬᠠᠷ᠎ᠠ ᠬᠣᠷᠢᠨ ᠢ᠋ ᠴᠢᠭᠯᠡᠨ ᠠᠶᠠᠯᠠᠬᠤ ᠶ᠋ᠢᠨ ᠬᠠᠮᠲᠤ ᠲᠡᠰᠦᠷᠡᠰᠢ ᠦᠭᠡᠢ ᠲᠤᠷᠰᠢᠭᠤᠯ ᠶᠠᠪᠤᠭᠤᠯᠵᠤ ᠳᠣᠲᠣᠭᠠᠳᠤ ᠪᠠᠢᠳᠠᠯ ᠢ᠋ ᠣᠢᠯᠠᠭᠠᠨ ᠮᠡᠳᠡᠵᠦ ᠠᠪᠬᠤ ᠪᠥᠯᠥᠭᠡ᠃ ᠠᠷᠤ - ᠺᠥᠮᠬᠢ ᠬᠦᠷᠴᠦ ᠢᠷᠠᠪᠠᠰᠤ ᠬᠠᠷ᠎ᠠ ᠬᠣᠷᠢᠨ ᠳ᠋ᠤᠷ ᠦᠨᠡᠨ ᠬᠤᠳᠠᠯ ᠴᠤᠤ ᠴᠢᠮᠡᠭᠡ ᠭᠠᠷᠴᠤ ᠬᠥᠮᠦᠰ ᠦ᠋ᠨ ᠰᠡᠳᠬᠢᠯ ᠲᠣᠭᠲᠠᠪᠤᠷᠢ ᠦᠭᠡᠢ᠂ ᠶᠡᠷᠦ ᠪᠤᠰᠤ ᠬᠡᠷᠡᠭ ᠭᠠᠷᠬᠤ ᠠᠶᠤᠯ ᠪᠣᠢ ᠪᠣᠯᠪᠠᠴᠤ ᠭᠠᠭᠴᠠ ᠪᠠᠲᠤ ᠬᠠᠨ ᠤ᠋ ᠰᠦᠷ ᠬᠦᠴᠦᠨ ᠳ᠋ᠦ᠍ᠷ ᠳᠠᠷᠤᠭᠳᠠᠮᠤᠢ ᠬᠡᠮᠡᠬᠦ ᠶ᠋ᠢ ᠰᠣᠨᠣᠰᠴᠤ ᠮᠡᠳᠡᠭᠡᠳ ᠲᠤᠩᠭᠠᠪᠠᠰᠤ ᠬᠤᠷᠠᠯ ᠳ᠋ᠤᠷ ᠣᠴᠢᠬᠤ ᠠ᠋ᠴᠠ ᠰᠦᠷᠳᠡᠭᠦᠯᠦᠨ ᠰᠠᠭᠤᠵᠤ ᠬᠤᠪᠢᠰᠤᠯ ᠭᠠᠷᠬᠤ ᠶ᠋ᠢ ᠰᠡᠷᠭᠡᠢᠯᠡᠰᠦᠭᠡᠢ ᠭᠡᠮᠡᠨ ᠪᠣᠳᠣᠵᠤ ᠲᠣᠭᠲᠠᠭᠠᠳ ᠠᠭᠲᠠ ᠶ᠋ᠢᠨ ᠬᠥᠯ ᠰᠤᠯᠠᠷᠠᠪᠠ ᠭᠡᠮᠡᠨ ᠠᠷᠤ - ᠺᠥᠮᠬᠢ ᠳ᠋ᠦ᠍ᠷ ᠵᠢᠯᠣᠭᠣ ᠲᠠᠲᠠᠵᠤ ᠴᠡᠷᠢᠭ ᠮᠣᠷᠢ ᠪᠠᠨ ᠪᠣᠯᠪᠠᠰᠤᠷᠠᠨ ᠰᠢᠯᠭᠠᠵᠤ ᠰᠠᠭᠤᠬᠤ ᠶ᠋ᠢᠨ ᠬᠠᠮᠲᠤ ᠥᠪᠡᠷ ᠦ᠋ᠨ ᠳᠡᠭᠦᠦ ᠱ᠌ᠢᠪᠠᠨ᠂ ᠤᠷᠳᠠ᠂ ᠱᠣᠩᠬᠣᠷ ᠨᠠᠷ ᠬᠢᠭᠡᠳ ᠪᠠᠷᠠᠭᠤᠨ ᠭᠠᠷ ᠤ᠋ᠨ ᠬᠠᠳ ᠨᠣᠶᠠᠳ ᠰᠦᠪᠡᠭᠡᠲᠡᠢ ᠨᠠᠷ ᠢ᠋ ᠬᠤᠷᠠᠯ ᠳ᠋ᠤᠷ ᠣᠷᠣᠯᠴᠠᠲᠤᠭᠠᠢ ᠭᠡᠮᠡᠨ ᠮᠣᠷᠳᠠᠭᠤᠯᠪᠠᠢ᠃ 
       ᠬᠠᠨ ᠨᠣᠶᠠᠳ ᠤ᠋ᠨ ᠶᠡᠬᠡ ᠬᠤᠷᠠᠯ ᠳ᠋ᠤᠷ ᠭᠠᠳᠠᠭᠠᠳᠤ ᠳᠣᠲᠣᠭᠠᠳᠤ ᠶ᠋ᠢᠨ ᠸᠠᠩ ᠂ ᠬᠦᠩ ᠂ ᠤᠯᠤᠰ ᠤ᠋ᠨ ᠡᠵᠡᠨ ᠂ ᠬᠠᠳ ᠨᠣᠶᠠᠳ ᠂ ᠢᠵᠠᠭᠤᠷᠲᠠᠨ ᠱᠠᠰᠢᠨ ᠰᠤᠷᠲᠠᠬᠤᠨ ᠤ᠋ ᠡᠲᠡᠭᠡᠳ ᠠᠷᠠᠯᠵᠢᠭ᠎ᠠ ᠂ ᠬᠤᠳᠠᠯᠳᠤᠭ᠎ᠠ ᠪᠠᠶᠠᠳ ᠨᠣᠶᠠᠳ ᠪᠠ ᠲᠡᠳᠡᠨᠡᠷ ᠦ᠋ᠨ ᠵᠠᠷᠤᠴᠠ ᠬᠥᠲᠥᠴᠢ ᠶ᠋ᠢᠨ ᠬᠠᠮᠲᠤ ᠬᠡᠳᠦᠨ ᠮᠢᠩᠭᠠᠨ ᠤ᠋ ᠣᠯᠠᠨ ᠴᠤᠭᠯᠠᠷᠠᠨ ᠢᠷᠡᠵᠦ ᠦᠪᠡᠳᠡᠭᠰᠢ ᠶᠡᠬᠡ ᠬᠤᠷᠢᠮ ᠨᠠᠢᠷ ᠪᠣᠯᠪᠠ ᠃ ᠥᠭᠡᠷ᠎ᠡ ᠰᠠᠨᠠᠭ᠎ᠠ ᠡᠪᠦᠷᠯᠡᠵᠦ ᠠᠭᠰᠠᠨ ᠬᠥᠮᠦᠰ ᠪᠠᠲᠤ ᠬᠠᠨ ᠶᠡᠬᠡ ᠴᠡᠷᠢᠭ ᠠᠪᠴᠤ ᠠᠷᠤ - ᠺᠥᠮᠬᠢ ᠳ᠋ᠦ᠍ᠷ ᠳᠠᠷᠤᠨ ᠰᠠᠭᠤᠭᠰᠠᠨ ᠪᠥᠭᠡᠳ ᠳᠡᠭᠦᠦ ᠨᠠᠷ ᠪᠠ ᠣᠯᠠᠨ ᠨᠣᠶᠠᠳ ᠢ ᠬᠤᠷᠠᠯ ᠳ᠋ᠤᠷ ᠣᠷᠣᠯᠴᠠᠭᠤᠯᠤᠭᠰᠠᠨ ᠢ᠋ ᠦᠵᠡᠭᠡᠳ ᠠᠶᠤᠮᠰᠢᠭ ᠦᠭᠡᠢ ᠬᠥᠳᠡᠯᠵᠦ ᠴᠢᠳᠠᠭᠰᠠᠨ ᠦᠭᠡᠢ᠃ 
       ᠬᠤᠷᠠᠯ ᠳ᠋ᠤᠷ ᠲᠡᠷᠢᠭᠦᠨ᠎ᠡ ᠬᠠᠲᠤᠨ ᠤ᠋ ᠠᠰᠢᠭ ᠲᠤᠰᠠ ᠶ᠋ᠢ ᠬᠦᠷᠲᠡᠭᠰᠡᠨ ᠲᠡᠳᠡᠭᠡᠷ ᠬᠠᠳ᠂ ᠬᠠᠭᠠᠨ ᠤ᠋ ᠭᠡᠷᠢᠶᠡᠰᠦᠯᠡᠭᠰᠡᠨ ᠰᠢᠷᠡᠮᠦᠨ ᠢ᠋ ᠳᠤᠷᠠᠳᠬᠤ ᠦᠭᠡᠢ ᠬᠠᠷᠢᠨ ᠭᠦᠶᠦᠭ ᠬᠠᠨ ᠢ᠋ ᠳᠤᠷᠠᠳᠬᠤᠢ ᠳ᠋ᠤᠷ ᠲᠡᠷᠢᠭᠦᠨ᠎ᠡ ᠬᠠᠲᠤᠨ ᠤ᠋ ᠡᠷᠬᠡ ᠰᠦᠷ ᠡᠴᠡ ᠠᠶᠤᠬᠤ ᠬᠥᠮᠦᠰ ᠵᠥᠪᠰᠢᠶᠡᠷᠡᠨ ᠲᠠᠭᠠᠯᠴᠠᠪᠠ᠃ ᠭᠡᠪᠡᠴᠦ ᠪᠣᠯᠬᠤ ᠪᠠ ᠦᠭᠡᠢ ᠶ᠋ᠢ ᠤᠭᠰᠠᠭ᠎ᠠ ᠶ᠋ᠢᠨ ᠠᠬᠠᠮᠠᠳ ᠪᠠᠲᠤ ᠬᠠᠨ ᠤ᠋ ᠵᠠᠷᠯᠢᠭ ᠢ᠋ᠶ᠋ᠠᠷ ᠪᠣᠯᠬᠤ ᠲᠤᠯᠠ ᠡᠯᠴᠢ ᠳᠠᠪᠬᠢᠭᠤᠯᠵᠤ ᠬᠦᠯᠢᠶᠡᠵᠦ ᠰᠠᠭᠤᠪᠠ᠃ ᠲᠡᠷᠢᠭᠦᠨ᠎ᠡ ᠬᠠᠲᠤᠨ᠂ ᠪᠠᠳᠮ᠎ᠠ ᠨᠠᠷ ᠪᠠ ᠬᠤᠤᠪᠢᠯᠳᠤᠭᠰᠠᠨ ᠬᠥᠮᠦᠰ ᠬᠡᠳᠦᠨ ᠡᠳᠦᠷ ᠰᠥᠨᠢ ᠢᠳᠡᠬᠦ ᠬᠣᠭᠣᠯᠠ ᠤᠨᠲᠠᠬᠤ ᠨᠣᠢᠷ ᠦᠭᠡᠢ ᠳᠡᠪᠵᠢᠶᠡᠷᠡᠵᠦ ᠪᠠᠢᠭᠰᠠᠨ ᠢ᠋ ᠶᠠᠭᠤᠨ ᠥᠭᠦᠯᠡᠮᠦᠢ᠃ ᠭᠡᠲᠡᠯ᠎ᠡ ᠪᠠᠲᠤ ᠬᠠᠨ ᠠᠬ᠎ᠠ ᠳᠡᠭᠦᠦ ᠨᠠᠷ ᠤ᠋ᠨ ᠨᠠᠢᠷᠠᠮᠳᠠᠬᠤ ᠶ᠋ᠢ ᠪᠣᠳᠣᠵᠤ ᠬᠠᠭᠠᠴᠠᠯ ᠲᠡᠮᠡᠴᠡᠯ ᠭᠠᠷᠤᠭᠰᠠᠨ ᠦᠭᠡᠢ ᠳ᠋ᠦ᠍ᠷ ᠪᠡᠶᠡᠰᠦᠨ ᠵᠥᠪᠰᠢᠶᠡᠷᠡᠪᠡ᠃ 
       ᠬᠡᠷᠡᠭ ᠶᠠᠪᠤᠳᠠᠯ ᠲᠡᠷᠢᠭᠦᠨ᠎ᠡ ᠬᠠᠲᠤᠨ ᠤ᠋ ᠰᠠᠨᠠᠭᠰᠠᠨ ᠠ᠋ᠴᠠ ᠢᠯᠡᠭᠦᠦ ᠰᠡᠳᠬᠢᠯᠴᠢᠯᠡᠨ ᠪᠦᠲᠦᠭᠰᠡᠨ ᠲᠤᠯᠠ ᠬᠤᠷᠢᠮ ᠨᠠᠢᠷ ᠢ᠋ ᠦᠯᠡᠮᠵᠢ ᠶᠡᠬᠡ ᠪᠡᠯᠡᠳᠬᠡᠨ ᠶᠢᠰᠦᠨ ᠬᠣᠨᠣᠭ ᠤ᠋ᠨ ᠶᠡᠬᠡ ᠬᠤᠷᠢᠮ ᠵᠠᠷᠯᠠᠪᠠ᠃ ᠪᠥᠬᠡ ᠦᠵᠡᠭᠡᠴᠢ ᠪᠡᠷ ᠮᠠᠩᠯᠠᠢ ᠰᠠᠢᠨ ᠡᠳᠦᠷ ᠰᠣᠩᠭᠣᠭᠤᠯᠪᠠᠰᠤ ᠳᠣᠯᠣᠳᠤᠭᠠᠷ ᠰᠠᠷ᠎ᠠ ᠠᠨᠤ ᠲᠠᠯ᠎ᠠ ᠰᠠᠷ᠎ᠠ ᠬᠡᠮᠡᠬᠦ ᠲᠤᠯᠠ ᠴᠤᠭᠯᠠᠷᠠᠵᠤ ᠢᠷᠡᠭᠰᠡᠨ ᠬᠠᠳ ᠨᠣᠶᠠᠳ ᠱᠠᠩ ᠬᠡᠰᠢᠭ ᠢ᠋ᠶ᠋ᠡᠨ ᠠᠪᠴᠤ ᠣᠷᠳᠣᠨ ᠳ᠋ᠠᠭᠠᠨ ᠪᠤᠴᠠᠪᠠ᠃    
       ᠬᠥᠶᠦᠭ ᠬᠠᠨ ᠠᠯᠲᠠᠨ ᠰᠢᠷᠡᠭᠡᠨ ᠳ᠋ᠦ᠍ᠷ ᠰᠠᠭᠤᠵᠤ ᠴᠢᠳᠠᠬᠤ ᠡᠰᠡᠬᠦ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃  

                ᠰᠤᠯᠠ ᠰᠢᠯᠦᠭ    
       ᠡᠬᠡᠨᠡᠷ ᠬᠥᠮᠦᠨ ᠦ᠌ ᠲᠥᠷᠥ ᠶ᠋ᠢ ᠬᠤᠷᠮᠤᠰᠲᠠ ᠲᠡᠭᠷᠢ ᠴᠦ᠍ ᠥᠷᠥᠰᠢᠶᠡᠬᠦ ᠦᠭᠡᠢ 
       ᠡᠮᠦᠨ᠎ᠡ ᠤᠷᠢᠳ ᠦᠭᠡᠢ ᠭᠠᠩ ᠬᠠᠪᠰᠠᠷᠠᠭᠠᠨ ᠦᠷᠭᠦᠯᠵᠢᠯᠡᠪᠡᠢ 
       ᠡᠬᠡ ᠶ᠋ᠢᠨ ᠢ᠋ᠶ᠋ᠡᠨ ᠡᠷᠬᠡ ᠰᠦᠷ ᠢ᠋ᠶ᠋ᠡᠷ ᠬᠥᠶᠦᠭ ᠡᠵᠡᠨ ᠪᠣᠯᠤᠭᠠᠳ  
       ᠡᠷᠬᠡᠲᠦ ᠰᠠᠢᠳ ᠢ᠋ ᠴᠠᠪᠴᠢᠮᠤᠢ ᠢ᠋᠎ᠡ ᠲᠡᠭᠷᠢ ᠶ᠋ᠢᠨ ᠴᠠᠭ ᠢ᠋ ᠬᠡᠷᠬᠢᠮᠦᠢ᠃