ᠮᠣᠩᠭᠣᠯ ᠬᠦᠦ ᠮᠣᠷᠢ ᠲᠠᠢ᠎ ᠪᠠᠨ-ᠲᠤᠯᠭ᠎ᠠМонгол хүү морьтойгоо-Тулга ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠦᠦ ᠮᠣᠷᠢ ᠲᠠᠢ᠎ ᠪᠠᠨ-ᠲᠤᠯᠭ᠎ᠠМонгол хүү морьтойгоо-Тулга

ᠮᠣᠩᠭᠣᠯ ᠬᠦᠦ ᠮᠣᠷᠢ ᠲᠠᠢ᠎ ᠪᠠᠨ-ᠲᠤᠯᠭ᠎ᠠМонгол хүү морьтойгоо-Тулга

ᠠᠩᠭᠢᠯᠠᠯ:ᠳᠠᠭᠤᠤ ᠬᠥᠭᠵᠢᠮ
2024-01-25

915

ᠮᠣᠩᠭᠣᠯ ᠬᠦᠦ ᠮᠣᠷᠢ ᠲᠠᠢ᠎ ᠪᠠᠨ

   ᠦᠭᠡ᠄ ᠰᠢᠷᠠᠬᠦᠦ 
   ᠠᠶ᠎ᠠ᠄ ᠰᠠᠢᠨᠴᠣᠭᠲᠣ 
   ᠳᠠᠭᠤᠴᠢᠨ᠄ ᠲᠤᠯᠭ᠎ᠠ 

ᠰᠢᠩᠭᠡᠬᠦ ᠨᠠᠷᠠᠨ ᠤ᠋ ᠠᠯᠲᠠᠨ ᠰᠠᠴᠤᠷᠠᠭ 
ᠲᠩᠷᠢ ᠶ᠋ᠢᠨ ᠲᠠᠩᠨᠠᠢ ᠳ᠋ᠤ᠌ ᠰᠣᠯᠣᠩᠭᠠᠷᠠᠭᠠᠳ 
ᠰᠢᠩᠭᠡᠨ ᠴᠡᠩᠬᠡᠷ ᠠᠷᠭᠠᠯ ᠤ᠋ᠨ ᠤᠲᠤᠭ᠎ᠠ 
ᠲᠡᠷᠲᠡᠭᠡ ᠳᠡᠨᠵᠢ ᠪᠡᠷ ᠰᠤᠭᠤᠨᠠᠭᠯᠠᠨ᠎ᠠ 
ᠮᠣᠩᠭᠣᠯ ᠬᠦᠦ ᠮᠣᠷᠢ ᠲᠠᠢ ᠪᠠᠨ 
ᠲᠠᠯ᠎ᠠ ᠶ᠋ᠢᠨ ᠠᠭᠤᠳᠠᠮ ᠢ᠋ᠶ᠋ᠠᠷ ᠳᠠᠪᠬᠢᠭᠤᠯᠬᠤ ᠳ᠋ᠤ᠌ 
ᠠᠢᠯ ᠤ᠋ᠨ ᠵᠠᠬ᠎ᠠ ᠳ᠋ᠤ᠌ ᠠᠳᠤᠭᠤ ᠢᠨᠴᠠᠭᠠᠯᠠᠨ 
ᠠᠲᠠᠷ ᠤ᠋ᠨ ᠬᠥᠨᠳᠡᠢ ᠳ᠋ᠦ᠍ ᠭᠥᠷᠥᠭᠡᠰᠦ ᠲᠣᠭᠯᠠᠨ᠎ᠠ 

ᠠᠭᠤᠯᠠ ᠶ᠋ᠢᠨ ᠰᠡᠵᠢᠭᠦᠷ ᠬᠢᠷ᠎ᠠ ᠶ᠋ᠢᠨ ᠪᠠᠯ ᠢ᠋ᠶ᠋ᠠᠷ 
ᠤᠰᠤᠨ ᠴᠢᠭᠢᠭᠯᠢᠭ ᠵᠢᠪᠠᠷ ᠲᠠᠲᠠᠨ᠎ᠠ
ᠤᠷᠢ ᠵᠠᠯᠠᠭᠤ ᠨᠠᠰᠤᠨ ᠤ᠋ ᠴᠣᠭ
ᠤᠨᠤᠭᠰᠠᠨ ᠮᠣᠷᠢᠨ ᠤ᠋ ᠶᠥᠷᠭᠡᠭᠡᠨ ᠳ᠋ᠦ᠍ ᠪᠡᠶᠡᠰᠦᠨ᠎ᠡ
ᠮᠣᠩᠭᠣᠯ ᠬᠦᠦ ᠮᠣᠷᠢ ᠲᠠᠢ ᠪᠠᠨ
ᠭᠣᠣᠯ ᠤ᠋ᠨ ᠲᠣᠬᠣᠢ ᠪᠠᠷ ᠬᠠᠲᠠᠷᠢᠭᠤᠯᠬᠤ ᠳ᠋ᠤ᠌
ᠠᠭᠤᠯᠠᠨ ᠰᠡᠭᠦᠳᠡᠷ ᠤᠰᠤᠨ ᠳ᠋ᠤ᠌ ᠲᠣᠨᠣᠨ
ᠤᠷᠭᠤᠮᠠᠯ ᠤ᠋ᠨ ᠰᠤᠷ ᠳᠥᠷᠦᠭᠡᠨ ᠳ᠋ᠦ᠍ ᠱᠦᠷᠭᠦᠭᠡᠨ᠎ᠡ

ᠪᠠᠢᠭᠠᠯᠢ ᠳᠡᠯᠡᠬᠡᠢ ᠶ᠋ᠢᠨ ᠰᠠᠢᠬᠠᠨ ᠦᠵᠡᠮᠵᠢ
ᠬᠦᠯᠦᠭ ᠦ᠋ᠨ ᠭᠦᠶᠦᠳᠡᠯ ᠳ᠋ᠦ᠍ ᠵᠢᠭᠳᠡᠷᠡᠨ ᠢᠷᠠᠯᠵᠠᠭᠠᠳ
ᠪᠠᠶᠠᠯᠢᠭ ᠰᠠᠢᠬᠠᠨ ᠮᠣᠩᠭᠣᠯ ᠠᠮᠢᠳᠤᠷᠠᠯ
ᠬᠥᠮᠦᠨ ᠦ᠌ ᠴᠡᠭᠡᠵᠢ ᠶ᠋ᠢ ᠰᠡᠷᠭᠦᠭᠡᠨ ᠪᠠᠶᠠᠰᠬᠠᠨ᠎ᠠ
ᠮᠣᠩᠭᠣᠯ ᠬᠦᠦ ᠮᠣᠷᠢ ᠲᠠᠢ ᠪᠠᠨ
ᠨᠤᠲᠤᠭ ᠤ᠋ᠨ ᠴᠡᠭᠡᠯ ᠳ᠋ᠦ᠍ ᠬᠥᠨᠲᠥᠷᠦᠭᠦᠯᠬᠦ ᠳ᠋ᠦ᠍
ᠡᠷᠴᠢ ᠵᠣᠷᠢᠭ ᠪᠠᠳᠠᠷᠠᠨ ᠬᠥᠭᠵᠢᠵᠦ
ᠡᠵᠡᠨ ᠬᠥᠮᠦᠨ ᠦ᠌ ᠣᠮᠣᠭ ᠲᠥᠷᠥᠨ᠎ᠡ
ᠮᠣᠩᠭᠣᠯ ᠬᠦᠦ ᠮᠣᠷᠢ ᠲᠠᠢ ᠪᠠᠨ
ᠨᠤᠲᠤᠭ ᠤ᠋ᠨ ᠴᠡᠭᠡᠯ ᠳ᠋ᠦ᠍ ᠬᠥᠨᠲᠥᠷᠦᠭᠦᠯᠬᠦ ᠳ᠋ᠦ᠍
ᠡᠷᠴᠢ ᠵᠣᠷᠢᠭ ᠪᠠᠳᠠᠷᠠᠨ ᠬᠥᠭᠵᠢᠵᠦ
ᠡᠵᠡᠨ ᠬᠥᠮᠦᠨ ᠦ᠌ ᠣᠮᠣᠭ ᠲᠥᠷᠥᠨ᠎ᠡ
ᠣᠮᠣᠭ ᠲᠥᠷᠥᠨ᠎ᠡ᠁

   ᠦᠰᠦᠭ ᠬᠠᠳᠠᠭᠴᠢ᠄ ᠰᠣᠳᠣ
   ᠦᠰᠦᠭ ᠠᠮᠢᠯᠠᠭᠤᠯᠤᠭᠴᠢ᠄ ᠰᠣᠳᠣ
   ᠬᠢᠨᠠᠭᠴᠢ᠄ ᠣᠳᠬᠠᠨᠰᠣ᠎ᠠ