ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠨᠠᠶᠠᠳᠤᠭᠠᠷ ᠪᠦᠯᠦᠭ > Хөх судрын залгамж - Инжинаш < Наядугаар бүлэг >
ᠨᠠᠶᠠᠳᠤᠭᠠᠷ ᠪᠦᠯᠦᠭ
ᠬᠠᠷ᠎ᠠ ᠪᠠᠷᠰ ᠵᠢᠯ ᠡᠴᠡ ᠬᠠᠷᠠᠭᠴᠢᠨ ᠲᠠᠤᠯᠠᠢ ᠵᠢᠯ ᠬᠦᠷᠲᠡᠯ᠎ᠡ
ᠨᠡᠢ᠍ᠮᠡᠵᠡᠨ ᠦ᠌ ᠲᠡᠷᠢᠭᠦᠨ᠎ᠡ ᠬᠠᠲᠤᠨ ᠤ᠋ ᠡᠷᠬᠡ ᠪᠠᠷᠢᠭᠰᠠᠨ
ᠲᠡᠷᠢᠭᠦᠨ ᠂ ᠳᠡᠳ᠋ ᠣᠨ ᠤ᠋ ᠶᠠᠪᠤᠳᠠᠯ
ᠲᠡᠷᠢᠭᠦᠨ᠎ᠡ ᠬᠠᠲᠤᠨ ᠡᠷᠬᠡ ᠪᠠᠷᠢᠭᠠᠳ ᠬᠠᠭᠤᠴᠢᠨ ᠰᠠᠢᠳ ᠠ᠋ᠴᠠ ᠲᠡᠪᠴᠢᠵᠦ
ᠲᠥᠷᠥ ᠶ᠋ᠢᠨ ᠶᠣᠰᠣ ᠶ᠋ᠢ ᠡᠪᠳᠡᠪᠡᠢ
ᠲᠡᠮᠡᠴᠡᠯ ᠠᠲᠠᠭ᠎ᠠ ᠬᠣᠣᠷ ᠬᠥᠨᠥᠭᠡᠯ ᠡᠴᠡ ᠪᠣᠯᠭᠣᠮᠵᠢᠯᠠᠵᠤ
ᠪᠠᠲᠤ ᠬᠠᠨ - ᠠᠷᠤ ᠬᠥᠮᠬᠢ ᠳ᠋ᠦ᠍ᠷ ᠵᠢᠯᠣᠭᠣ ᠲᠠᠲᠠᠪᠠᠢ
ᠥᠭᠦᠯᠡᠬᠦ ᠢᠨᠤ ᠥᠭᠡᠳᠡᠢ ᠬᠠᠭᠠᠨ ᠲᠡᠭᠷᠢ ᠪᠣᠯᠤᠭᠰᠠᠨ ᠤ᠋ ᠳᠠᠷᠠᠭ᠎ᠠ ᠲᠡᠷᠢᠭᠦᠨ᠎ᠡ ᠬᠠᠲᠤᠨ ᠤᠯᠤᠰ ᠢ᠋ ᠰᠠᠬᠢᠵᠤ ᠲᠥᠷᠥ ᠶ᠋ᠢᠨ ᠡᠷᠬᠡ ᠶ᠋ᠢ ᠪᠠᠷᠢᠵᠤ᠂ ᠳᠡᠭᠡᠳᠦᠰ ᠦ᠋ᠨ ᠶᠣᠰᠣᠭᠠᠷ ᠬᠠᠳ ᠨᠣᠶᠠᠳ ᠤ᠋ᠨ ᠬᠤᠷᠠᠯ ᠢ᠋ ᠬᠤᠷᠠᠯᠳᠤᠭᠤᠯᠵᠤ ᠰᠢᠨ᠎ᠡ ᠬᠠᠭᠠᠨ ᠰᠣᠩᠭᠣᠬᠤ ᠶᠠᠪᠤᠳᠠᠯ ᠢ᠋ ᠣᠭᠲᠣ ᠳᠤᠷᠠᠳᠬᠤ ᠦᠭᠡᠢ ᠮᠥᠷᠲᠡᠭᠡᠨ ᠥᠭᠡᠳᠡᠢ ᠬᠠᠭᠠᠨ ᠤ᠋ ᠭᠡᠷᠢᠶᠡᠰᠦᠯᠡᠭᠰᠡᠨ ᠠᠴᠢ ᠰᠢᠷᠡᠮᠦᠨ ᠢ ᠴᠦ᠍ ᠣᠭᠲᠣ ᠭᠠᠷᠭᠠᠵᠤ ᠶᠠᠷᠢᠬᠤ ᠦᠭᠡᠢ᠂ ᠬᠠᠷᠢᠨ ᠥᠪᠡᠷᠦᠨ ᠬᠥᠪᠡᠭᠦᠨ ᠬᠥᠶᠦᠭ ᠬᠠᠨ ᠢ ᠵᠠᠯᠭᠠᠮᠵᠢᠯᠠᠭᠤᠯᠬᠤ ᠰᠠᠨᠠᠭ᠎ᠠ ᠲᠠᠢ ᠶ᠋ᠢ ᠵᠠᠮ ᠤ᠋ᠨ ᠬᠥᠮᠦᠰ ᠴᠥᠮ ᠮᠡᠳᠡᠬᠦ ᠪᠣᠯᠪᠠᠢ᠃
ᠡᠨᠡ ᠰᠠᠨᠠᠭᠠᠨ ᠳ᠋ᠠᠭᠠᠨ ᠬᠦᠷᠭᠡᠬᠦ ᠶ᠋ᠢᠨ ᠲᠥᠯᠥᠭᠡ ᠬᠡᠷᠪᠡ ᠬᠠᠭᠤᠴᠢᠨ ᠲᠥᠷᠥ ᠶ᠋ᠢᠨ ᠲᠦᠰᠢᠮᠡᠳ ᠦ᠋ᠨ ᠡᠷᠬᠡ ᠬᠦᠨᠳᠦ ᠶ᠋ᠢ ᠡᠰᠡ ᠬᠥᠳᠡᠯᠭᠡᠪᠡᠰᠦ ᠬᠥᠰᠢᠭᠦᠷ ᠪᠣᠯᠬᠤ ᠪᠥᠭᠡᠳ ᠨᠡᠩ ᠠᠶᠤᠬᠤ ᠵᠦᠢᠯ ᠢᠨᠤ ᠥᠭᠡᠳᠡᠢ ᠬᠠᠭᠠᠨ ᠤ᠋ ᠵᠠᠷᠯᠢᠭ ᠢ᠋ ᠪᠠᠷᠢᠵᠤ ᠰᠢᠷᠡᠮᠦᠨ ᠢ᠋ ᠰᠠᠭᠤᠷᠢᠨ ᠵᠠᠯᠭᠠᠮᠵᠢᠯᠠᠭᠤᠯᠪᠠᠰᠤ ᠲᠥᠷᠥ ᠶ᠋ᠢᠨ ᠡᠷᠬᠡ ᠴᠥᠮ ᠰᠢᠷᠡᠮᠦᠨ ᠡᠬᠡ ᠬᠥᠪᠡᠭᠦᠨ ᠬᠣᠶᠠᠭᠤᠯᠠ ᠶ᠋ᠢᠨ ᠭᠠᠷ ᠲᠤᠷ ᠣᠷᠣᠵᠤ ᠲᠡᠷᠢᠭᠦᠨ᠎ᠡ ᠬᠠᠲᠤᠨ ᠤᠢᠳᠬᠠᠷᠯᠠᠨ ᠰᠠᠭᠤᠬᠤ ᠳ᠋ᠤᠷ ᠬᠥᠷᠥᠮᠦᠢ᠃ ᠮᠠᠰᠢ ᠡᠷᠲᠡ ᠡᠴᠡ ᠲᠥᠷᠥ ᠶ᠋ᠢᠨ ᠬᠡᠷᠡᠭ ᠲᠦ᠍ᠷ ᠰᠡᠳᠬᠢᠯ ᠲᠠᠯᠪᠢᠵᠤ ᠬᠣᠯᠠ ᠶ᠋ᠢᠨ ᠰᠠᠨᠠᠭ᠎ᠠ ᠡᠪᠦᠷᠯᠡᠵᠦ ᠢᠷᠡᠭᠰᠡᠨ ᠨᠠᠢ᠍ᠮᠠᠵᠠᠨ ᠬᠠᠲᠤᠨ ᠬᠡᠷᠬᠢᠨ ᠬᠢᠯᠪᠠᠷ ᠢ᠋ᠶ᠋ᠠᠷ ᠪᠤᠰᠤᠳ ᠲᠤᠷ ᠲᠠᠯᠪᠢᠵᠤ ᠥᠭᠬᠦ ᠠᠵᠢ᠃ ᠣᠷᠳᠣᠨ ᠤ᠋ ᠰᠤᠯᠠ ᠬᠠᠲᠤᠨ ᠪᠠᠳᠮ᠎ᠠ ᠲᠡᠷᠢᠭᠦᠨ᠎ᠡ ᠬᠠᠲᠤᠨ ᠤ᠋ ᠰᠠᠨᠠᠭ᠎ᠠ ᠶ᠋ᠢ ᠮᠡᠳᠡᠵᠦ ᠵᠠᠢ ᠵᠠᠪᠰᠠᠷ ᠢ᠋ ᠦᠵᠡᠵᠦ ᠲᠥᠷᠥ ᠶ᠋ᠢᠨ ᠰᠠᠢᠳ ᠲᠦᠰᠢᠮᠡᠳ ᠢ ᠮᠠᠭᠤᠴᠢᠯᠠᠨ ᠦᠭᠡ ᠪᠡᠷ ᠥᠳᠥᠭᠡᠵᠦ ᠡᠳᠦᠭᠦᠷ ᠬᠥᠰᠢᠭᠦᠷ ᠰᠠᠭᠠᠳ ᠪᠣᠯᠵᠤ ᠪᠠᠢᠭ᠎ᠠ ᠥᠲᠡᠭᠦᠰ ᠢ ᠲᠣᠨᠢᠯᠭᠠᠵᠤ ᠰᠡᠳᠬᠢᠯ ᠰᠠᠨᠠᠭᠠᠨ ᠤ᠋ ᠰᠢᠨ᠎ᠡ ᠬᠥᠮᠦᠨ ᠢ᠋ᠶ᠋ᠡᠷ ᠣᠷᠣᠯᠠᠭᠤᠯᠲᠤᠭᠠᠢ ᠬᠡᠮᠡᠬᠦ ᠳᠠᠯᠳᠠ ᠤᠳᠬ᠎ᠠ ᠲᠠᠢ ᠦᠭᠡ ᠪᠡᠷ ᠰᠡᠷᠭᠦᠭᠡᠮᠦᠢ᠃ ᠨᠢᠭᠡᠨ ᠡᠳᠦᠷ ᠬᠠᠲᠤᠨ ᠲᠥᠷᠥ ᠡᠴᠡ ᠤᠨᠲᠤᠭᠤᠨ ᠲᠠᠢ ᠪᠤᠴᠠᠬᠤᠢ ᠳ᠋ᠤᠷ ᠪᠠᠳᠮ᠎ᠠ ᠤᠮᠳᠠ ᠪᠠᠷᠢᠬᠤ ᠵᠠᠭᠤᠷ᠎ᠠ ᠥᠭᠦᠯᠡᠷᠦᠨ :《ᠦᠨᠡᠨ ᠳ᠋ᠡᠭᠡᠨ ᠵᠠᠷᠢᠮ ᠦᠭᠡ ᠪᠣᠭᠣᠯ ᠵᠠᠷᠤᠳᠠᠰᠤ ᠮᠠᠨ ᠤ᠋ ᠠᠮᠠᠨ ᠳ᠋ᠤᠷ ᠦᠯᠦ ᠪᠠᠭᠲᠠᠮᠤᠢ᠃ ᠭᠡᠲᠡᠯ᠎ᠡ ᠪᠣᠳᠣᠭᠰᠠᠨ ᠢ᠋ᠶ᠋ᠠᠨ ᠡᠰᠡ ᠮᠡᠳᠡᠭᠦᠯᠪᠡᠰᠦ ᠰᠢᠳᠤᠷᠭᠤ ᠪᠤᠰᠤ ᠲᠤᠯᠠ ᠬᠡᠯᠡ ᠣᠭᠲᠣᠯᠬᠤ ᠶᠠᠯ᠎ᠠ ᠠ᠋ᠴᠠ ᠠᠶᠤᠬᠤ ᠦᠭᠡᠢ ᠠᠢᠯᠠᠳᠬᠠᠰᠤᠭᠠᠢ᠃ ᠲᠡᠳᠡᠭᠡᠷ ᠡᠷᠬᠡᠲᠦ ᠰᠠᠢᠳ ᠬᠠᠲᠤᠨ ᠤ᠋ ᠵᠠᠷᠯᠢᠭ ᠵᠢᠭᠠᠪᠤᠷᠢ ᠶ᠋ᠢ ᠨᠢᠳᠦᠨ ᠳ᠋ᠡᠭᠡᠨ ᠬᠠᠪᠴᠢᠬᠤ ᠦᠭᠡᠢ ᠴᠥᠮ ᠥᠪᠡᠷᠰᠡᠳ ᠦ᠋ᠨ ᠠᠰᠢᠭ ᠲᠤᠷ ᠨᠡᠢᠴᠡᠭᠰᠡᠨ ᠢ᠋ᠶ᠋ᠡᠷ ᠶᠠᠪᠤᠭᠤᠯᠤᠮᠤᠢ᠃ ᠲᠡᠳᠡ ᠨᠠᠷ ᠤ᠋ᠨ ᠠᠰᠢᠭ ᠲᠤᠰᠠ ᠳ᠋ᠤᠷ ᠡᠰᠡ ᠨᠡᠢᠴᠡᠪᠡᠰᠦ ᠳᠠᠷᠤᠢ ᠬᠠᠭᠤᠴᠢᠨ ᠲᠥᠷᠥ ᠶ᠋ᠢᠨ ᠶᠣᠰᠣ ᠭᠡᠮᠡᠨ ᠬᠠᠲᠤᠨ ᠢ᠋ ᠬᠡᠮᠵᠢᠮᠦᠢ᠃ ᠡᠭᠦᠨ ᠢ᠋ ᠡᠰᠡ ᠥᠭᠦᠯᠡᠪᠡᠴᠦ ᠬᠥᠮᠦᠨ ᠪᠦᠷᠢ ᠮᠡᠳᠡᠨᠡᠮ ᠶᠠ᠃ ᠪᠣᠳᠣᠪᠠᠰᠤ ᠬᠠᠲᠤᠨ ᠢ᠋ ᠡᠬᠡᠨᠡᠷ ᠬᠥᠮᠦᠨ ᠭᠡᠮᠡᠨ ᠬᠥᠩᠭᠡᠯᠡᠬᠦ ᠪᠤᠶᠤ᠃ ᠲᠡᠢᠨ ᠬᠦ᠌ ᠨᠢᠭᠡᠨ ᠬᠣᠶᠠᠷ ᠥᠲᠡᠭᠦᠰ ᠢ᠋ ᠴᠢᠩᠳᠠᠯᠠᠨ ᠰᠢᠳᠬᠡᠵᠦ ᠳᠦᠷᠢᠮ ᠦᠵᠡᠭᠦᠯᠬᠦ ᠦᠭᠡᠢ ᠪᠥᠭᠡᠰᠦ ᠤᠯᠠᠮ ᠳᠠᠪᠰᠢᠭᠤᠷᠠᠵᠤ ᠶᠠᠮᠠᠷ ᠪᠣᠯᠬᠤ ᠶ᠋ᠢ ᠮᠡᠳᠡᠬᠦ ᠦᠭᠡᠢ᠃ ᠳᠡᠯᠡᠬᠡᠢ ᠳ᠋ᠠᠬᠢᠨ ᠤ᠋ ᠲᠦᠮᠡᠨ ᠬᠡᠷᠡᠭ ᠴᠥᠮ ᠬᠠᠲᠠᠭᠤ ᠶ᠋ᠢ ᠦᠵᠡᠭᠡᠳ ᠰᠠᠶᠢ ᠮᠢᠲᠠᠷᠠᠮᠤᠢ᠃ ᠬᠢᠲᠤᠭ᠎ᠠ ᠵᠥᠭᠡᠯᠡᠨ ᠵᠦᠭ ᠲᠡᠭᠡᠨ ᠬᠡᠮᠡᠭᠰᠡᠨ ᠪᠤᠰᠤ ᠤᠤ ? ᠪᠣᠭᠣᠯ ᠪᠢ ᠬᠠᠲᠤᠨ ᠤ᠋ ᠬᠦᠨᠳᠦ ᠬᠡᠰᠡᠭ ᠢ᠋ ᠬᠦᠷᠲᠡᠭᠰᠡᠨ ᠲᠤᠯᠠ ᠠᠶᠤᠮᠰᠢᠭ ᠦᠭᠡᠢ ᠵᠣᠷᠢᠭᠯᠠᠨ ᠠᠢᠯᠠᠳᠬᠠᠪᠠ᠃ ᠬᠢᠷᠢ ᠡᠴᠡ ᠬᠡᠲᠦᠷᠡᠭᠰᠡᠨ ᠶᠠᠯ᠎ᠠ ᠶ᠋ᠢ ᠬᠡᠯᠲᠦᠷᠢᠭᠦᠯᠬᠦ ᠪᠣᠯᠪᠠᠤ ! 》 ᠬᠡᠮᠡᠭᠰᠡᠨ ᠳ᠋ᠦ᠍ᠷ ᠲᠡᠷᠢᠭᠦᠨ᠎ᠡ ᠬᠠᠲᠤᠨ ᠳᠣᠲᠣᠷ᠎ᠠ ᠪᠠᠨ ᠡᠨᠡ ᠡᠬᠡᠨᠡᠷ ᠬᠢᠯᠪᠠᠷ ᠪᠤᠰᠤ ᠭᠡᠮᠡᠨ ᠮᠡᠳᠡᠭᠰᠡᠨ ᠪᠣᠯᠪᠠᠴᠤ ᠦᠭᠡ ᠪᠦᠷᠢ ᠳᠣᠲᠣᠷ᠎ᠠ ᠰᠠᠭᠤᠭᠳᠠᠬᠤ ᠲᠤᠯᠠ ᠭᠠᠷ ᠠ᠋ᠴᠠ ᠲᠡᠳᠡᠨ ᠣᠢᠷᠠᠲᠤᠭᠤᠯᠵᠤ :《ᠴᠢ ᠪᠢᠳᠡ ᠡᠭᠡᠴᠢ ᠳᠡᠭᠦᠦ ᠶᠠᠮᠠᠷ ᠦᠭᠡ ᠪᠣᠢ ᠪᠥᠭᠡᠰᠦ ᠥᠭᠦᠯᠡᠬᠦ ᠦᠭᠡᠢ ᠶᠠᠭᠠᠬᠢᠮᠤᠢ᠃ ᠭᠡᠪᠡᠴᠦ ᠬᠣᠷᠮᠣᠢ ᠤᠷᠲᠤ ᠪᠥᠭᠡᠰᠦ ᠬᠥᠯ ᠢ ᠣᠷᠢᠶᠠᠨ ᠬᠣᠩᠰᠢᠶᠠᠷ ᠤᠷᠲᠤ ᠪᠥᠭᠡᠰᠦ ᠬᠦᠵᠦᠭᠦᠦ ᠶ᠋ᠢ ᠣᠷᠢᠶᠠᠮᠤᠢ᠃ ᠣᠢᠷᠠᠳ ᠤ᠋ᠨ ᠬᠡᠦᠬᠡᠨᠴᠦᠳ ᠭᠠᠮᠰᠢᠭᠳᠠᠭᠰᠠᠨ ᠳ᠋ᠤᠷ ᠬᠠᠭᠠᠨ ᠤ᠋ ᠤᠨᠲᠤᠭᠤᠴᠠᠭᠰᠠᠨ ᠢ᠋ ᠮᠠᠲᠠᠨᠠᠮ ᠊ᠶ᠎ᠠ ? ᠪᠢ ᠨᠢᠭᠤᠷ ᠲᠠᠯᠪᠢᠵᠤ ᠡᠰᠡ ᠬᠣᠷᠢᠭᠯᠠᠭᠰᠠᠨ ᠪᠥᠭᠡᠰᠦ ᠳᠡᠭᠦᠦ ᠲᠠ ᠶᠠᠮᠠᠷ ᠬᠡᠮᠵᠢᠶᠡᠨ ᠳ᠋ᠦ᠍ᠷ ᠬᠦᠷᠬᠦ ᠶ᠋ᠢ ᠬᠡᠷᠬᠢᠨ ᠮᠡᠳᠡᠬᠦ ᠪᠣᠢ ? ᠠᠮᠠ ᠬᠣᠩᠰᠢᠶᠠᠷ ᠢ᠋ᠶ᠋ᠠᠨ ᠬᠢᠴᠢᠶᠡᠭᠲᠦᠨ ! 》 ᠭᠡᠮᠡᠨ ᠪᠤᠴᠠᠭᠠᠪᠠ᠃ ᠬᠠᠲᠤᠨ ᠤ᠋ ᠴᠢᠷᠠᠢ ᠳ᠋ᠤᠷ ᠠᠭᠤᠷᠯᠠᠬᠤ ᠰᠢᠨᠵᠢ ᠦᠭᠡᠢ ᠲᠤᠯᠠ ᠮᠢᠨᠦ ᠦᠭᠡ ᠲᠡᠭᠦᠨ ᠦ᠌ ᠰᠡᠳᠬᠢᠯ ᠳ᠋ᠦ᠍ᠷ ᠰᠠᠭᠤᠪᠠ ᠭᠡᠮᠡᠨ ᠪᠠᠳᠮ᠎ᠠ ᠰᠠᠮ ᠢ᠋ᠶ᠋ᠠᠷ ᠪᠠᠶᠠᠷᠯᠠᠵᠤ ᠥᠷᠥᠰᠢᠶᠡᠯ ᠭᠡᠮᠡᠨ ᠬᠡᠳᠦᠨ ᠵᠡᠷᠭᠡ ᠮᠥᠷᠭᠥᠵᠦ ᠤᠬᠤᠷᠢᠵᠤ ᠭᠠᠷᠴᠤ ᠢᠷᠡᠪᠡ᠃
ᠡᠭᠦᠨ ᠡᠴᠡ ᠬᠣᠢᠰᠢ ᠪᠠᠳᠮ᠎ᠠ ᠲᠡᠷᠢᠭᠦᠨ᠎ᠡ ᠬᠠᠲᠤᠨ ᠤ᠋ ᠨᠢᠳᠦ ᠴᠢᠬᠢ ᠪᠣᠯᠬᠤ ᠪᠠᠷ ᠦᠯᠦ ᠪᠠᠷᠠᠨ ᠲᠥᠷᠥ ᠶ᠋ᠢᠨ ᠶᠡᠬᠡ ᠶᠠᠪᠤᠳᠠᠯ ᠳ᠋ᠤᠷ ᠴᠤ᠌ ᠠᠷᠭ᠎ᠠ ᠤᠬᠠᠭᠠᠨ ᠭᠠᠷᠭᠠᠨ ᠬᠠᠲᠤᠨ ᠤ᠋ ᠭᠣᠣᠯ ᠨᠠᠢᠳᠠᠭᠤᠰᠢᠲᠠᠢ ᠵᠥᠪᠳᠡᠭᠴᠢ ᠪᠣᠯᠪᠠ᠃ ᠬᠣᠵᠢᠮ ᠪᠣᠯᠵᠤ ᠰᠡᠳᠬᠢᠯ ᠦ᠋ᠨ ᠡᠷ᠎ᠡ ᠠᠪᠳᠤᠯ ᠯᡁᠮᠠᠨ ᠢ᠋ ᠲᠠᠨᠢᠯᠴᠠᠭᠤᠯᠤᠨ ᠲᠡᠷᠢᠭᠦᠨ ᠰᠠᠢᠳ ᠪᠣᠯᠭᠠᠭᠰᠠᠨ ᠠ᠋ᠴᠠ ᠶᠡᠬᠡ ᠡᠷᠬᠡ ᠴᠥᠮ ᠪᠠᠳᠮ᠎ᠠ ᠶ᠋ᠢᠨ ᠭᠠᠷ ᠲᠤᠷ ᠣᠷᠣᠵᠤ ᠬᠠᠷᠢᠶᠠᠲᠤ ᠤᠯᠤᠰ ᠤ᠋ᠨ ᠡᠵᠡᠨ ᠂ ᠸᠠᠩ ᠂ ᠬᠦᠩ ᠬᠢᠭᠡᠳ ᠬᠠᠳ ᠨᠣᠶᠠᠳ ᠲᠤᠷ ᠬᠦᠷᠲᠡᠯ᠎ᠡ ᠴᠥᠮ ᠪᠠᠳᠮ᠎ᠠ ᠶ᠋ᠢᠨ ᠡᠭᠦᠳᠡ ᠶ᠋ᠢ ᠡᠷᠢᠵᠦ ᠬᠡᠷᠡᠭ ᠶᠠᠪᠤᠳᠠᠯ ᠢ ᠰᠢᠢᠳᠪᠦᠷᠢᠯᠡᠮᠦᠢ᠃
ᠪᠠᠳᠮ᠎ᠠ ᠬᠡᠮᠡᠭᠴᠢ ᠬᠣᠷᠰᠸᠮ ᠤ᠋ᠨ ᠲᠡᠢᠨ ᠳ᠋ᠦ᠍ᠷ ᠪᠦᠬᠠᠷ ᠠ᠋ᠴᠠ ᠣᠯᠵᠠᠯᠠᠭᠳᠠᠭᠰᠠᠨ ᠡᠮᠡᠭᠲᠡᠢ ᠮᠥᠨ᠃ ᠲᠡᠷᠡ ᠥᠩᠭᠡ ᠵᠢᠰᠦ ᠲᠡᠢ ᠪᠥᠭᠡᠳ ᠵᠢᠰᠤᠷ ᠵᠠᠯᠢᠬᠠᠢ ᠠᠷᠭ᠎ᠠ ᠤᠬᠠᠭᠠᠨ ᠢ᠋ᠶ᠋ᠠᠷ ᠬᠡᠳᠦᠨ ᠠᠢᠯ ᠢ᠋ ᠳᠡᠮᠵᠢᠵᠦ ᠬᠠᠷ᠎ᠠ ᠬᠣᠷᠢᠨ᠎ᠠ ᠢᠷᠡᠵᠦ ᠵᠠᠭᠤᠴᠢᠯᠠᠵᠤ ᠠᠭᠠᠳ ᠮᠠᠴᠤᠭᠰᠠᠭᠠᠷ ᠣᠷᠳᠣᠨ ᠤ᠋ ᠰᠤᠯᠠ ᠬᠠᠲᠤᠨ ᠤ᠋ ᠬᠤᠪᠢ ᠬᠦᠷᠲᠡᠪᠡ᠃ ᠲᠡᠷᠡ ᠬᠥᠮᠦᠨ ᠦ᠌ ᠵᠢᠰᠦ ᠴᠢᠷᠠᠢ ᠶ᠋ᠢ ᠦᠵᠡᠵᠦ ᠰᠡᠳᠬᠢᠯ ᠢ᠋ ᠮᠡᠳᠡᠬᠦ ᠬᠡᠴᠡᠭᠦᠦ ᠲᠤᠯᠠ ᠦᠷᠭᠦᠯᠵᠢ ᠬᠠᠭᠠᠨ᠂ ᠬᠠᠲᠤᠨ ᠤ᠋ ᠲᠠᠭᠠᠯᠠᠮᠵᠢᠯᠠᠬᠤ ᠦᠭᠡ ᠶ᠋ᠢ ᠶᠠᠷᠢᠵᠤ ᠪᠠᠶᠠᠰᠬᠠᠬᠤ ᠲᠤᠯᠠ ᠮᠠᠰᠢ ᠲᠦᠷᠭᠡᠨ ᠥᠷᠦᠰᠢᠶᠡᠭᠳᠡᠪᠡ᠃ ᠣᠢᠷᠠᠳ ᠤ᠋ᠨ ᠬᠡᠦᠬᠡᠨᠴᠦᠳ ᠦ᠋ᠨ ᠬᠤᠷᠢᠶᠠᠭᠳᠠᠭᠰᠠᠨ ᠬᠡᠷᠡᠭ ᠳᠠᠷᠤᠢ ᠪᠠᠳᠮ᠎ᠠ ᠶ᠋ᠢᠨ ᠬᠣᠩᠰᠢᠶᠠᠷ ᠵᠥᠭᠡᠭᠡᠭᠰᠡᠨ ᠡᠴᠡ ᠪᠣᠯᠪᠠ᠃ ᠥᠭᠡᠳᠡᠢ ᠬᠠᠭᠠᠨ ᠭᠡᠮᠰᠢᠨ ᠪᠠᠳᠮ᠎ᠠ ᠶ᠋ᠢ ᠰᠢᠳᠬᠡᠰᠦᠭᠡᠢ ᠬᠡᠮᠡᠭᠰᠡᠨ ᠳ᠋ᠦ᠍ᠷ ᠲᠡᠷᠢᠭᠦᠨ᠎ᠡ ᠬᠠᠲᠤᠨ ᠥᠮᠥᠭᠯᠡᠨ ᠬᠡᠯᠲᠦᠷᠢᠭᠦᠯᠪᠡ᠃
ᠲᠡᠷᠢᠭᠦᠨ᠎ᠡ ᠬᠠᠲᠤᠨ ᠪᠠᠳᠮ᠎ᠠ ᠶ᠋ᠢᠨ ᠵᠢᠰᠤᠷ ᠤᠬᠠᠭᠠᠨ ᠢ᠋ᠶ᠋ᠠᠷ ᠲᠥᠷᠥ ᠶ᠋ᠢᠨ ᠬᠠᠭᠤᠴᠢᠨ ᠰᠠᠢᠳ ᠤ᠋ᠳ ᠢ᠋ ᠬᠡᠮᠵᠢᠵᠦ ᠬᠠᠳ ᠨᠣᠶᠠᠳ ᠢ᠋ ᠪᠠᠭ᠎ᠠ ᠰᠠᠭ᠎ᠠ ᠬᠡᠰᠢᠭ ᠬᠦᠷᠲᠡᠭᠡᠨ ᠪᠠᠶᠠᠰᠤᠭᠤᠯᠵᠤ ᠪᠡᠶ᠎ᠡ ᠳ᠋ᠡᠭᠡᠨ ᠲᠡᠳᠡᠨ ᠥᠪᠡᠷ ᠦ᠋ᠨ ᠬᠦᠴᠦᠨ ᠢ᠋ᠶ᠋ᠡᠨ ᠶᠡᠬᠡᠳᠬᠡᠮᠦᠢ᠃ ᠨᠢᠭᠡᠨ ᠡᠳᠦᠷ ᠲᠥᠷᠥ ᠶ᠋ᠢᠨ ᠶᠠᠪᠤᠳᠠᠯ ᠢ᠋ ᠶᠡᠷᠦᠩᠬᠡᠢᠯᠡᠨ ᠮᠡᠳᠡᠬᠦ ᠵᠸᠬᠠᠢ ᠨᠣᠶᠠᠨ ᠲᠡᠷᠢᠭᠦᠨ ᠰᠠᠢᠳ ᠶᠠᠯᠤᠸᠠᠴᠢ ᠬᠣᠶᠠᠷ ᠢ ᠶᠠᠯ᠎ᠠ ᠨᠥᠮᠥᠷᠭᠡᠨ ᠪᠠᠷᠢᠬᠤ ᠵᠠᠷᠯᠢᠭ ᠭᠠᠷᠭᠠᠭᠰᠠᠨ ᠳ᠋ᠤᠷ ᠵᠸᠬᠠᠢ ᠰᠡᠷᠡᠮᠵᠢᠯᠡᠵᠦ ᠮᠡᠳᠡᠭᠡᠳ ᠲᠡᠷᠢᠭᠦᠨ᠎ᠡ ᠬᠠᠲᠤᠨ ᠤ᠋ ᠳᠡᠳ᠋ ᠬᠥᠪᠡᠭᠦᠨ ᠬᠣᠲᠠᠨ ᠬᠠᠨ ᠤ᠋ ᠣᠷᠳᠣᠨ ᠳ᠋ᠤᠷ ᠠᠮᠢ ᠰᠢᠷᠭᠤᠪᠠ᠃ ᠶᠠᠯᠣᠸᠠᠴᠢ ᠬᠢᠳᠠᠨ ᠤ᠋ ᠠᠯᠪᠠᠨ ᠳ᠋ᠤᠷ ᠪᠠᠢᠭᠰᠠᠨ ᠲᠤᠯᠠ ᠪᠠᠷᠢᠬᠤ ᠪᠠᠷ ᠣᠴᠢᠭᠰᠠᠨ ᠡᠯᠴᠢ ᠶ᠋ᠢ ᠬᠦᠨᠳᠦᠯᠡᠨ ᠬᠡᠭᠡᠯᠢ ᠬᠠᠬᠤᠯᠢ ᠡᠷᠭᠦᠵᠦ ᠣᠨᠴᠠ ᠶᠡᠬᠡ ᠬᠤᠷᠢᠮᠯᠠᠨ ᠭᠤᠷᠪᠠᠨ ᠡᠳᠦᠷ ᠠᠮᠠᠷᠠᠵᠤ ᠵᠢᠴᠢ ᠮᠣᠷᠳᠠᠬᠤ ᠪᠣᠯᠪᠠᠤ ᠭᠡᠮᠡᠨ ᠭᠤᠶᠤᠵᠤ ᠡᠨᠡ ᠬᠣᠭᠣᠷᠣᠨᠳᠣ ᠲᠡᠷᠭᠡ ᠮᠣᠷᠢ ᠪᠡᠯᠡᠳᠬᠡᠨ ᠭᠤᠷᠪᠠᠳᠤᠭᠠᠷ ᠰᠥᠨᠢ ᠡᠯᠴᠢ ᠨᠠᠷ ᠨᠣᠢᠷᠰᠤᠵᠤ ᠪᠦᠬᠦᠢ ᠳ᠋ᠦ᠍ᠷ ᠭᠡᠷ ᠡᠷᠦᠬᠡ ᠪᠡᠨ ᠠᠪᠴᠤ ᠮᠥᠨ ᠬᠣᠲᠠᠨ ᠬᠠᠨ ᠤ᠋ ᠣᠷᠣᠨ ᠳ᠋ᠤᠷ ᠠᠮᠢ ᠰᠢᠷᠭᠤᠪᠠ᠃ ᠲᠡᠷᠢᠭᠦᠨ᠎ᠡ ᠬᠠᠲᠤᠨ ᠶᠡᠬᠡᠳᠡ ᠠᠭᠤᠷᠯᠠᠨ ᠬᠡᠳᠦ ᠤᠳᠠᠭ᠎ᠠ ᠡᠯᠴᠢ ᠶᠠᠪᠤᠭᠤᠯᠵᠤ ᠵᠸᠬᠠᠢ᠂ ᠶᠠᠯᠣᠸᠠᠴᠢ ᠬᠣᠶᠠᠷ ᠢ ᠬᠦᠷᠭᠡᠵᠦ ᠢᠷ᠎ᠡ ᠭᠡᠮᠡᠨ ᠵᠠᠷᠯᠢᠭ ᠥᠭᠭᠦᠭᠰᠡᠨ ᠳ᠋ᠦ᠍ᠷ ᠬᠣᠲᠠᠨ ᠬᠠᠨ ᠵᠠᠷᠯᠢᠭ ᠢ ᠨᠢᠴᠤᠭᠠᠨ ᠥᠭᠦᠯᠡᠷᠦᠨ : 《ᠰᠢᠪᠠᠭᠤ ᠳᠦᠷᠢᠮᠲᠡᠢ ᠪᠤᠲᠠ ᠳ᠋ᠤᠷ ᠰᠢᠷᠭᠤᠪᠠᠰᠤ ᠪᠤᠲᠠ ᠲᠡᠭᠦᠨ ᠢ ᠠᠪᠤᠷᠠᠬᠤ ᠪᠥᠯᠥᠭᠡ᠃ ᠮᠢᠨᠦ ᠣᠷᠳᠣᠨ ᠪᠤᠲᠠ ᠶ᠋ᠢ ᠬᠦᠷᠬᠦ ᠦᠭᠡᠢ ᠤᠤ ? 》 ᠭᠡᠮᠡᠨ ᠪᠠᠰᠠ 《ᠬᠠᠭᠤᠴᠢᠨ ᠲᠥᠷᠥ ᠶ᠋ᠢᠨ ᠬᠦᠨᠳᠦᠲᠦ ᠰᠠᠢᠳ ᠤ᠋ᠨ ᠶᠠᠯ᠎ᠠ ᠢᠯᠡᠷᠡᠭᠡᠳᠦᠢ ᠪᠡᠷ ᠡᠢᠨ ᠬᠥᠨᠥᠭᠡᠪᠡᠰᠦ ᠲᠥᠷᠥ ᠳ᠋ᠦ᠍ᠷ ᠵᠢᠳᠬᠦᠬᠦ ᠬᠥᠮᠦᠨ ᠦᠭᠡᠢ ᠪᠣᠯᠤᠮᠤᠢ 》ᠬᠡᠮᠡᠵᠦᠬᠦᠢ᠃ ᠬᠠᠲᠤᠨ ᠪᠠᠳᠮ᠎ᠠ ᠠ᠋ᠴᠠ ᠠᠷᠭ᠎ᠠ ᠠᠰᠠᠭᠤᠪᠠᠰᠤ ᠪᠠᠳᠮ᠎ᠠ ᠰᠠᠢᠳ ᠢᠮᠡᠲᠤ - ᠮᠣᠯᠧᠷᠧ ᠂ ᠮᠥᠬᠠᠮᠸᠳ᠋ ᠢ᠋ ᠥᠳᠥᠭᠡᠵᠦ ᠵᠸᠬᠠᠢ ᠂ ᠶᠠᠯᠣᠸᠠᠴᠢ ᠨᠠᠷ ᠯᠤᠭ᠎ᠠ ᠤᠯᠤᠰ ᠠ᠋ᠴᠠ ᠲᠡᠷᠰᠯᠡᠬᠦ ᠭᠡᠷ᠎ᠡ ᠪᠠᠢᠭᠤᠯᠪᠠ ᠭᠡᠮᠡᠨ ᠨᠢᠭᠤᠷᠳᠠᠨ ᠭᠡᠷᠡᠴᠢᠯᠡᠪᠡᠰᠦ ᠬᠡᠷᠡᠭ ᠥᠩᠭᠡᠷᠡᠭᠰᠡᠨ ᠬᠣᠢᠨ᠎ᠠ ᠶᠡᠬᠡ ᠰᠠᠢᠳ ᠪᠣᠯᠭᠠᠬᠤ ᠪᠠᠷ ᠦᠯᠦ ᠪᠠᠷᠠᠨ ᠰᠢᠵᠢᠷ ᠠᠯᠲᠠ ᠮᠢᠩᠭᠠᠨ ᠯᠠᠩ ᠦᠭᠭᠦᠰᠦᠭᠡᠢ ᠭᠡᠮᠡᠨ ᠱᠠᠭᠠᠷᠳᠠᠪᠠᠰᠤ ᠮᠥᠬᠠᠮᠸᠳ᠋ ᠬᠦᠯᠢᠶᠡᠨ ᠠᠪᠤᠭᠰᠠᠨ ᠦᠭᠡᠢ ᠳ᠋ᠦ᠍ᠷ ᠭᠢᠨᠳᠠᠨ ᠳ᠋ᠤᠷ ᠬᠣᠷᠢᠭᠤᠯᠪᠠ᠃ ᠶᠡᠬᠡ ᠰᠠᠢᠳ ᠮᠠᠰᠢᠬᠤᠪᠢ ᠪᠠᠢᠳᠠᠯ ᠪᠤᠰᠤ ᠶ᠋ᠢ ᠦᠵᠡᠭᠡᠳ ᠪᠠᠲᠤ ᠬᠠᠨ ᠤ᠋ ᠣᠷᠳᠣᠨ ᠳ᠋ᠤᠷ ᠠᠮᠢ ᠰᠢᠷᠭᠤᠷ᠎ᠠ ᠬᠣᠯᠠ ᠠᠶᠠᠯᠠᠪᠠ᠃
ᠲᠥᠷᠥ ᠳ᠋ᠦ᠍ᠷ ᠡᠷᠬᠡ ᠬᠦᠨᠳᠦᠲᠦ ᠰᠠᠢᠳ ᠬᠣᠭᠣᠰᠣᠷᠠᠵᠤ ᠣᠳᠣ ᠬᠠᠷᠰᠢᠯ ᠪᠣᠯᠬᠤ ᠬᠥᠮᠦᠨ ᠦᠭᠡᠢ ᠪᠣᠯᠪᠠ ᠭᠡᠮᠡᠨ ᠲᠡᠷᠢᠭᠦᠨ᠎ᠡ ᠬᠠᠲᠤᠨ ᠪᠠᠶᠠᠰᠬᠤᠢ ᠳ᠋ᠤᠷ ᠪᠠᠳᠮ᠎ᠠ ᠥᠭᠦᠯᠡᠷᠦᠨ : 《ᠡᠳᠦᠭᠡ ᠰᠢᠯᠭᠠᠵᠤ ᠦᠵᠡᠭᠡᠳᠦᠢ ᠲᠤᠯᠠ ᠪᠠᠶᠠᠷᠯᠠᠬᠤ ᠠᠨᠤ ᠡᠷᠲᠡᠳᠴᠤᠬᠤᠢ᠃ ᠰᠢᠯᠭᠠᠵᠤ ᠦᠵᠡᠭᠰᠡᠨᠨ ᠦ᠌ ᠳᠠᠷᠠᠭ᠎ᠠ ᠵᠢᠴᠢ ᠪᠠᠶᠠᠷᠯᠠᠬᠤᠢ ᠳ᠋ᠤᠷ ᠬᠣᠵᠢᠮᠳᠠᠬᠤ ᠦᠭᠡᠢ 》ᠬᠡᠮᠡᠪᠡ᠃ ᠲᠡᠷᠢᠭᠦᠨ᠎ᠡ ᠬᠠᠲᠤᠨ ᠰᠢᠯᠭᠠᠬᠤ ᠠᠷᠭ᠎ᠠ ᠶ᠋ᠢ ᠠᠰᠠᠭᠤᠪᠠᠰᠤ ᠪᠠᠳᠮ᠎ᠠ ᠥᠭᠦᠯᠡᠷᠦᠨ ᠄ 《ᠡᠳᠦᠭᠡ ᠬᠠᠲᠤᠨ ᠲᠠᠨ ᠤ᠋ ᠵᠠᠷᠯᠢᠭ ᠵᠢᠭᠠᠪᠤᠷᠢ ᠶ᠋ᠢ ᠰᠣᠨᠣᠰᠬᠤ ᠨᠢᠭᠡᠨ ᠬᠥᠮᠦᠨ ᠢ ᠲᠡᠷᠢᠭᠦᠨ ᠰᠠᠢᠳ ᠢ᠋ᠶ᠋ᠠᠷ ᠡᠷᠭᠦᠮᠵᠢᠯᠡᠵᠦ ᠤᠯᠤᠰ ᠤ᠋ᠨ ᠬᠡᠷᠡᠭ ᠢ ᠶᠡᠷᠦᠩᠬᠡᠢᠯᠡᠨ ᠮᠡᠳᠡᠬᠦ ᠡᠷᠬᠡ ᠶ᠋ᠢ ᠲᠤᠰᠢᠶᠠᠪᠠᠰᠤ ᠪᠣᠯᠬᠤ ᠪᠠ ᠦᠯᠦ ᠪᠣᠯᠬᠤ ᠭᠡᠮᠡᠨ ᠬᠣᠷᠢᠭᠯᠠᠬᠤ ᠬᠥᠮᠦᠨ ᠪᠣᠢ ᠪᠥᠭᠡᠰᠦ ᠰᠠᠭᠠᠳ ᠬᠥᠰᠢᠭᠦᠷ ᠳᠠᠷᠤᠢ ᠠᠷᠢᠯᠤᠭᠠᠳᠤᠢ ᠭᠡᠮᠡᠨ ᠮᠡᠳᠡᠵᠦ ᠪᠣᠯᠤᠮᠤᠢ 》ᠬᠡᠮᠡᠪᠡ᠃ ᠬᠠᠲᠤᠨ ᠨᠢᠭᠡᠯᠡ ᠳᠣᠣᠷ᠎ᠠ ᠤᠯᠤᠰ ᠤ᠋ᠨ ᠶᠠᠪᠤᠳᠠᠯ ᠢ᠋ ᠶᠡᠷᠦᠩᠬᠡᠢᠯᠡᠨ ᠮᠡᠳᠡᠬᠦ ᠬᠥᠮᠦᠨ ᠢ ᠪᠣᠳᠣᠵᠤ ᠣᠯᠬᠤ ᠦᠭᠡᠢ ᠪᠦᠬᠦᠢ ᠳ᠋ᠦ᠍ᠷ ᠪᠠᠳᠮ᠎ᠠ ᠥᠭᠦᠯᠡᠷᠦᠨ ᠄《ᠬᠠᠲᠤᠨ ᠲᠠ ᠬᠡᠷᠪᠡ ᠲᠥᠷᠥ ᠶ᠋ᠢᠨ ᠬᠥᠮᠦᠰ ᠦ᠋ᠨ ᠬᠦᠷᠢᠶᠡᠯᠡᠬᠦ ᠬᠥᠮᠦᠨ ᠢ᠋ ᠰᠣᠩᠭᠣᠪᠠᠰᠤ ᠲᠡᠳᠡ ᠨᠠᠷ ᠤ᠋ᠨ ᠰᠠᠨᠠᠭ᠎ᠠ ᠰᠡᠳᠬᠢᠯ ᠳ᠋ᠦ᠍ᠷ ᠨᠡᠢᠴᠡᠬᠦ ᠲᠤᠯᠠ ᠬᠠᠲᠤᠨ ᠤ᠋ ᠬᠡᠰᠢᠭ ᠬᠦᠷᠲᠡᠭᠡᠯ ᠭᠡᠮᠡᠨ ᠰᠢᠲᠦᠬᠦ ᠦᠭᠡᠢ ᠬᠠᠷᠢᠨ ᠬᠠᠭᠤᠴᠢᠨ ᠲᠥᠷᠥ ᠶ᠋ᠢᠨ ᠰᠠᠢᠳ ᠲᠦᠰᠢᠮᠡᠯ ᠯᠦ᠍ᠬᠡ ᠨᠡᠢᠯᠡᠵᠦ ᠬᠠᠲᠤᠨ ᠢ ᠬᠡᠮᠵᠢᠬᠦ ᠪᠣᠯᠠᠢ᠃ ᠡᠢᠨ ᠪᠥᠭᠡᠰᠦ ᠡᠮᠦᠨ᠎ᠡ ᠡᠭᠦᠳᠡ ᠪᠡᠷ ᠴᠢᠨᠣ᠎ᠠ ᠶ᠋ᠢ ᠴᠣᠬᠢᠵᠤ ᠭᠠᠷᠭᠠᠭᠠᠳ ᠠᠷᠤ ᠡᠭᠦᠳᠡ ᠪᠡᠷ ᠪᠠᠷᠰ ᠢ ᠣᠷᠣᠭᠤᠯᠵᠤ ᠢᠷᠡᠬᠦ ᠬᠡᠷᠡᠭ ᠪᠣᠯᠤᠮᠤᠢ᠃ ᠮᠢᠨᠦ ᠦᠵᠡᠬᠦ ᠪᠡᠷ ᠨᠡᠷ᠎ᠡ ᠲᠥᠷᠥ ᠦᠭᠡᠢ ᠬᠥᠮᠦᠨ ᠢ ᠭᠠᠷᠭᠠᠪᠠᠰᠤ ᠬᠠᠲᠤᠨ ᠤ᠋ ᠬᠡᠰᠢᠭ ᠢ ᠰᠢᠲᠦᠬᠦ ᠪᠥᠭᠡᠳ ᠪᠤᠭᠤ ᠶ᠋ᠢ ᠵᠢᠭᠠᠵᠤ ᠮᠣᠷᠢ ᠪᠣᠯᠭᠠᠵᠤ ᠴᠢᠳᠠᠬᠤ ᠡᠰᠡᠬᠦ ᠶ᠋ᠢ ᠮᠡᠳᠡᠵᠦ ᠪᠣᠯᠤᠮᠤᠢ᠃ ᠪᠢ ᠨᠢᠭᠡᠨ ᠬᠥᠮᠦᠨ ᠳᠤᠷᠠᠳᠪᠠᠰᠤ ᠬᠠᠲᠤᠨ ᠦᠯᠦ ᠬᠢᠯᠢᠩᠯᠡᠭᠲᠦᠨ 》ᠭᠡᠮᠡᠨ ᠥᠪᠡᠷ ᠦ᠋ᠨ ᠰᠡᠳᠬᠢᠯ ᠦ᠋ᠨ ᠡᠷ᠎ᠡ ᠠᠪᠳᠤᠯ ᠂ ᠯᡁᠮᠠᠨ ᠢ ᠲᠠᠨᠢᠯᠴᠠᠭᠤᠯᠪᠠ᠃ ᠲᠡᠷᠢᠭᠦᠨ᠎ᠡ ᠬᠠᠲᠤᠨ ᠨᠢᠭᠡᠨᠲᠡ ᠡᠷᠬᠡ ᠠᠰᠢᠭ ᠲᠤᠷ ᠰᠢᠨᠤᠭᠰᠠᠨ ᠲᠤᠯᠠ ᠪᠠᠳᠮ᠎ᠠ ᠶ᠋ᠢᠨ ᠦᠭᠡ ᠲᠡᠭᠦᠨ ᠳ᠋ᠦ᠍ᠷ ᠲᠤᠰᠠᠲᠠᠢ ᠪᠣᠯᠤᠭᠠᠳ ᠳᠠᠷᠤᠢ ᠵᠠᠷᠯᠢᠭ ᠭᠠᠷᠭᠠᠨ ᠵᠦᠩ ᠶᠤᠸᠠᠨ ᠤ᠋ ᠭᠠᠵᠠᠷ ᠤ᠋ᠨ ᠭᠠᠢᠯᠢ ᠶ᠋ᠢᠨ ᠳᠠᠭᠠᠭᠠᠮᠠᠯ ᠠᠪᠳᠤᠯ ᠂ ᠯᡁᠮᠠᠨ ᠢ ᠲᠡᠷᠢᠭᠦᠨ ᠰᠠᠢᠳ ᠤ᠋ᠨ ᠬᠤᠪᠢ ᠥᠭᠴᠦ ᠤᠯᠤᠰ ᠤ᠋ᠨ ᠠᠯᠢᠪᠠ ᠬᠡᠷᠡᠭ ᠢ᠋ ᠶᠡᠷᠦᠩᠬᠡᠢᠯᠡᠨ ᠮᠡᠳᠡ ᠬᠡᠮᠡᠵᠦᠬᠦᠢ᠃
ᠲᠥᠷᠥ ᠶ᠋ᠢᠨ ᠶᠡᠬᠡ ᠪᠠᠭ᠎ᠠ ᠰᠠᠢᠳ ᠲᠦᠰᠢᠮᠡᠳ ᠡᠭᠦᠨ ᠢ᠋ ᠰᠣᠨᠣᠰᠤᠭᠠᠳ ᠴᠥᠮ ᠦᠨᠡᠮᠰᠢᠬᠦ ᠦᠭᠡᠢ ᠪᠡᠷᠬᠡᠰᠢᠶᠡᠪᠡ᠃ ᠶᠧ ᠯᠢᠦᠢ ᠴᠦ ᠽᠠᠢ ᠠ᠋ᠴᠠ ᠥᠭᠡᠷ᠎ᠡ ᠬᠥᠮᠦᠨ ᠠᠶᠤᠮᠰᠢᠭ ᠦᠭᠡᠢ ᠬᠣᠷᠢᠭᠯᠠᠵᠤ ᠴᠢᠳᠠᠭᠰᠠᠨ ᠦᠭᠡᠢ᠃ ᠡᠭᠦᠨ ᠡᠴᠡ ᠶᠡᠬᠡ ᠮᠣᠩᠭᠣᠯ ᠤ᠋ᠨ ᠲᠥᠷᠥ ᠶ᠋ᠢᠨ ᠡᠷᠬᠡ ᠴᠥᠮ ᠲᠡᠷᠢᠭᠦᠨ᠎ᠡ ᠬᠠᠲᠤᠨ ᠤ᠋ ᠭᠠᠷ ᠲᠤᠷ ᠣᠷᠣᠵᠤ ᠂ ᠪᠠᠳᠮ᠎ᠠ ᠂ ᠠᠪᠳᠤᠯ ᠂ ᡀᠮᠠᠨ ᠤ᠋ ᠳᠤᠷ᠎ᠠ ᠪᠠᠷ ᠪᠣᠯᠤᠭᠰᠠᠨ ᠢ᠋ ᠭᠡᠷᠡᠴᠢᠯᠡᠪᠡ᠃
ᠥᠩᠭᠡᠷᠡᠭᠰᠡᠨ ᠳ᠋ᠦ᠍ᠷ ᠲᠡᠷᠢᠭᠦᠨ᠎ᠡ ᠬᠠᠲᠤᠨ ᠭᠤᠸ᠎ᠠ ᠦᠵᠡᠰᠬᠦᠯᠡᠩ ᠢ᠋ᠶ᠋ᠡᠷ ᠥᠭᠡᠳᠡᠢ ᠬᠠᠭᠠᠨ ᠤ᠋ ᠬᠠᠢᠷ᠎ᠠ ᠥᠷᠥᠰᠢᠶᠡᠯ ᠢ᠋ ᠣᠯᠤᠭᠰᠠᠨ ᠪᠤᠰᠤ ᠂ ᠬᠠᠷᠢᠨ ᠬᠤᠷᠴᠠ ᠰᠡᠷᠭᠦᠯᠡᠩ ᠬᠡᠷᠡᠭ ᠶᠠᠪᠤᠳᠠᠯ ᠳ᠋ᠤᠷ ᠲᠤᠯᠭᠠᠭᠤᠷᠢᠲᠠᠢ ᠲᠥᠪ ᠶᠡᠬᠡᠮᠰᠦᠭ ᠲᠣᠷ ᠬᠠᠭᠠᠨ ᠤ᠋ ᠢᠲᠡᠭᠡᠯ ᠨᠠᠢᠳᠠᠪᠤᠷᠢ ᠶ᠋ᠢ ᠣᠯᠪᠠᠢ᠃ ᠢᠯᠠᠩᠭᠤᠶ᠎ᠠ ᠭᠣᠣᠯ ᠣᠷᠳᠣᠨ ᠤ᠋ ᠮᠥᠭᠡ ᠬᠠᠲᠤᠨ ᠠ᠋ᠴᠠ ᠦᠷ᠎ᠡ ᠬᠡᠦᠬᠡᠳ ᠦᠭᠡᠢ ᠪᠥᠭᠡᠳ ᠪᠡᠶ᠎ᠡ ᠥᠩᠭᠡᠷᠡᠭᠰᠡᠨ ᠦ᠌ ᠬᠣᠢᠨ᠎ᠠ ᠳᠣᠲᠣᠭᠠᠳᠤ ᠣᠷᠳᠣᠨ ᠤ᠋ ᠡᠷᠬᠡ ᠴᠥᠮ ᠲᠡᠭᠦᠨ ᠦ᠌ ᠭᠠᠷ ᠲᠤᠷ ᠣᠷᠣᠪᠠ᠃ ᠲᠡᠷᠢᠭᠦᠨ᠎ᠡ ᠬᠠᠲᠤᠨ ᠥᠭᠡᠳᠡᠢ ᠬᠠᠭᠠᠨ ᠤ᠋ ᠠᠰᠠᠭᠤᠵᠤ ᠵᠥᠪᠳᠡᠬᠦ ᠵᠦᠢᠯ ᠢ᠋ ᠯᠠᠪ ᠯᠦᠪ ᠬᠠᠭᠠᠨ ᠤ᠋ ᠪᠣᠳᠣᠭᠰᠠᠨ ᠲᠠᠢ ᠠᠳᠠᠯᠢ ᠬᠠᠷᠢᠭᠤᠯᠬᠤ ᠲᠤᠯᠠ ᠤᠯᠠᠮ ᠬᠦ᠋ᠨᠳᠦᠳᠬᠡᠭᠲᠡᠨ ᠲᠥᠷᠥ ᠶ᠋ᠢᠨ ᠭᠠᠳᠠᠭᠠᠳᠤ ᠳᠣᠲᠣᠭᠠᠳᠤ ᠬᠡᠷᠡᠭ ᠶᠠᠪᠤᠳᠠᠯ ᠢ᠋ ᠴᠦ᠍ ᠲᠡᠷᠢᠭᠦᠨ᠎ᠡ ᠬᠠᠲᠤᠨ ᠯᠤᠭ᠎ᠠ ᠵᠥᠪᠳᠡᠬᠦ ᠪᠣᠯᠪᠠᠢ᠃ ᠲᠡᠢᠨ ᠬᠦ᠌ ᠲᠡᠷᠡ ᠦᠶᠡᠰ ᠡᠴᠡ ᠲᠡᠷᠢᠭᠦᠨ᠎ᠡ ᠬᠠᠲᠤᠨ ᠲᠥᠷᠥ ᠶ᠋ᠢᠨ ᠶᠠᠪᠤᠳᠠᠯ ᠳ᠋ᠤᠷ ᠰᠡᠳᠬᠢᠯ ᠲᠠᠯᠪᠢᠬᠤ ᠪᠣᠯᠵᠤᠬᠤᠢ᠃
ᠢᠯᠠᠩᠭᠤᠶ᠎ᠠ ᠪᠡᠶ᠎ᠡ ᠡᠴᠡ ᠠᠬᠠᠮᠠᠳ ᠬᠥᠪᠡᠭᠦᠨ ᠬᠥᠶᠦᠭ ᠢ᠋ ᠲᠥᠷᠥᠭᠰᠡᠨ ᠲᠤᠯᠠ ᠡᠬᠡ ᠢᠨᠤ ᠬᠥᠪᠡᠭᠦᠨ ᠢ᠋ᠶ᠋ᠡᠷ ᠡᠷᠬᠢᠮ ᠪᠣᠯᠤᠮᠤᠢ ᠬᠡᠮᠡᠭᠰᠡᠨ ᠮᠡᠲᠦ ᠣᠷᠳᠣᠨ ᠤ᠋ ᠳᠣᠲᠣᠭᠠᠳᠤ ᠭᠠᠳᠠᠭᠠᠳᠤ ᠳ᠋ᠤᠷ ᠬᠡᠨ ᠠᠶᠤᠯ ᠦᠭᠡᠢ ᠦᠯᠦ ᠬᠦᠨᠳᠦᠳᠬᠡᠮᠦᠢ᠃
ᠥᠭᠦᠯᠡᠬᠦ ᠢᠨᠤ ᠲᠡᠷᠢᠭᠦᠨ᠎ᠡ ᠬᠠᠲᠤᠨ ᠳᠣᠲᠣᠭᠠᠳᠤ ᠶ᠋ᠢᠨ ᠰᠠᠭᠠᠳ ᠬᠥᠰᠢᠭᠦᠷ ᠢ᠋ ᠠᠷᠢᠯᠭᠠᠭᠰᠠᠨ ᠲᠤᠯᠠ ᠭᠠᠳᠠᠭᠠᠳᠤ ᠳ᠋ᠤᠷ ᠪᠦᠲᠦᠭᠡᠮᠵᠢ ᠲᠡᠢ ᠪᠣᠯᠭᠠᠰᠤᠭᠠᠢ ᠭᠡᠮᠡᠨ ᠬᠠᠷ᠎ᠠ ᠪᠠᠷᠰ ᠵᠢᠯ ᠦ᠋ᠨ ᠵᠤᠨ ᠲᠦᠮᠡᠨ ᠦ᠌ ᠨᠣᠶᠠᠨ ᠴᠡᠷᠢᠭ ᠵᠠᠰᠠᠭ ᠢ ᠳᠠᠪᠬᠤᠷᠯᠠᠨ ᠵᠠᠬᠢᠷᠠᠬᠤ ᠶᠡᠷᠦᠩᠬᠡᠢ ᠶᠤᠸᠠᠨᠱᠤᠸᠠᠢ ᠶᠠᠩ ᠿᠧᠦ ᠵᠡᠷᠭᠡ ᠬᠥᠮᠦᠨ ᠳ᠋ᠦ᠍ᠷ ᠨᠠᠢ᠍ᠮᠠᠨ ᠲᠦᠮᠡᠨ ᠴᠡᠷᠢᠭ ᠥᠭᠴᠦ ᠰᠥᠩ ᠤᠯᠤᠰ ᠢ ᠪᠠᠢᠯᠳᠤᠭᠤᠯᠵᠤ᠂ ᠪᠤᠤ ᠵᠧᠦ ᠬᠣᠲᠠ ᠶ᠋ᠢ ᠡᠵᠡᠯᠡᠨ ᠠᠪᠤᠭᠠᠳ ᠶᠡᠬᠡ ᠴᠡᠷᠢᠭ ᠲᠠᠪᠤᠨ ᠭᠣᠣᠯ ᠤ᠋ᠨ ᠠᠮᠠ ᠪᠠᠷ ᠣᠷᠣᠵᠤ ᠬᠤᠸᠠᠢ ᠾᠧ ᠭᠣᠣᠯ ᠢ ᠭᠡᠲᠦᠯᠦᠨ ᠭᠧ ᠵᠧᠦ ᠶ᠋ᠢᠨ ᠣᠯᠠᠨ ᠬᠣᠲᠠ ᠶ᠋ᠢ ᠡᠵᠡᠯᠡᠨ ᠠᠪᠤᠭᠠᠳ ᠴᠡᠷᠢᠭ ᠪᠤᠴᠠᠬᠤᠢ ᠳ᠋ᠤᠷ ᠵᠠᠩ ᠿᠧᠦ ᠮᠢᠩᠭᠠᠨ ᠬᠥᠮᠦᠨ ᠭᠠᠷᠭᠠᠨ ᠰᠢᠶᠠᠩ ᠶᠠᠩ ᠬᠣᠲᠠ ᠶ᠋ᠢᠨ ᠣᠢᠷ᠎ᠠ ᠲᠠᠷᠢᠶ᠎ᠠ ᠳᠠᠷᠢᠭᠤᠯᠤᠨ ᠰᠠᠭᠤᠯᠭᠠᠵᠤᠬᠤᠢ᠃
ᠬᠠᠷᠠᠭᠴᠢᠨ ᠲᠠᠤᠯᠠᠢ ᠵᠢᠯ ᠦ᠋ᠨ ᠬᠠᠪᠤᠷ ᠶᠡᠬᠡ ᠵᠠᠩᠵᠤᠨ ᠴᠠᠭᠠᠨ ᠤ᠋ ᠠᠢᠯᠠᠳᠬᠠᠭᠰᠠᠨ ᠢ᠋ᠶ᠋ᠠᠷ ᠄ ᠵᠠᠩ ᠿᠧᠦ ᠪᠡᠷ ᠶᠡᠬᠡ ᠴᠡᠷᠢᠭ ᠵᠠᠬᠢᠷᠠᠭᠤᠯᠵᠤ ᠴᠢ ᠶ᠋ᠢᠨ ᠭᠠᠵᠠᠷ ᠢ ᠳᠠᠷᠤᠩᠭᠤᠢᠯᠠᠨ ᠰᠠᠭᠤᠯᠭᠠᠪᠠᠰᠤ ᠵᠣᠬᠢᠮᠤᠢ᠃ ᠠᠩᠬ᠎ᠠ ᠬᠠᠲᠤᠨ ᠭᠣᠣᠯ ᠳᠡᠯᠪᠡᠷᠡᠭᠡᠳ ᠪᠢᠶᠠᠨ ᠯᠢᠶᠠᠩ ᠤ᠋ᠨ ᠪᠠᠷᠠᠭᠤᠨ ᠡᠮᠦᠨ᠎ᠡ ᠪᠡᠷ ᠴᠸᠨ ᠯᠢᠦ ᠶ᠋ᠢᠨ ᠭᠠᠵᠠᠷ ᠬᠦᠷᠦᠭᠡᠳ ᠭᠤᠷᠪᠠᠨ ᠰᠠᠯᠠᠭ᠎ᠠ ᠪᠣᠯᠵᠤᠬᠤᠢ᠃ ᠴᠢ ᠶ᠋ᠢᠨ ᠭᠠᠵᠠᠷ ᠶᠠᠭ ᠲᠡᠭᠦᠨ ᠦ᠌ ᠳᠤᠮᠳᠠ ᠪᠣᠢ᠃ ᠰᠥᠩ ᠤᠯᠤᠰ ᠤ᠋ᠨ ᠴᠡᠷᠢᠭ ᠂ ᠣᠩᠭᠣᠴᠠ ᠵᠠᠪᠢ ᠳ᠋ᠠᠭᠠᠨ ᠲᠦᠰᠢᠭᠯᠡᠨ ᠪᠢᠶᠠᠨ ᠯᠢᠶᠠᠩ ᠂ ᠯᠦᠸᠧ ᠶᠠᠩ ᠵᠡᠷᠭᠡ ᠬᠣᠲᠠ ᠶ᠋ᠢ ᠬᠠᠯᠳᠠᠬᠤ ᠪᠠᠷ ᠦᠯᠦ ᠪᠠᠷᠠᠨ ᠾᠧ ᠨᠠᠨ ᠤ᠋ ᠭᠠᠵᠠᠷ ᠬᠦᠷᠲᠡᠯ᠎ᠡ ᠳᠦᠢᠪᠡᠭᠡᠮᠦᠢ᠃ ᠡᠭᠦᠨ ᠦ᠌ ᠲᠤᠯᠠ ᠴᠢ ᠶ᠋ᠢᠨ ᠭᠠᠵᠠᠷ ᠤ᠋ᠨ ᠵᠡᠭᠦᠨ ᠪᠠᠷᠠᠭᠤᠨ ᠳᠤᠮᠳᠠ ᠭᠤᠷᠪᠠᠨ ᠠᠭᠤᠯᠠ ᠶ᠋ᠢᠨ ᠠᠮᠠᠨ ᠳ᠋ᠤᠷ ᠬᠣᠲᠠ ᠪᠠᠷᠢᠵᠤ ᠭᠣᠣᠯ ᠳᠡᠭᠡᠭᠦᠷ ᠲᠠᠲᠠᠮᠠᠯ ᠬᠥᠭᠥᠷᠭᠡ ᠲᠠᠲᠠᠵᠤ ᠪᠠᠡᠯᠡᠳᠭᠡᠪᠡᠰᠤ ᠤᠷᠤᠭᠰᠢᠯᠠᠬᠤᠢ ᠳ᠋ᠤᠷ ᠠᠰᠢᠭ ᠲᠠᠢ ᠪᠥᠭᠡᠳ ᠪᠤᠴᠠᠪᠠᠰᠤ ᠲᠠᠷᠢᠶᠠᠯᠠᠨ ᠰᠠᠭᠤᠵᠤ ᠳᠠᠢᠰᠤᠨ ᠤ᠋ ᠵᠠᠮ ᠢ᠋ ᠬᠠᠭᠠᠵᠤ ᠪᠣᠯᠤᠮᠤᠢ ᠬᠡᠮᠡᠭᠰᠡᠨ ᠳ᠋ᠦ᠍ᠷ ᠲᠡᠷᠢᠭᠦᠨ᠎ᠡ ᠬᠠᠲᠤᠨ ᠮᠥᠨ ᠭᠡᠮᠡᠨ ᠵᠥᠪᠰᠢᠶᠡᠷᠡᠵᠦ ᠶᠡᠬᠡ ᠵᠠᠩᠵᠤᠨ ᠴᠠᠭᠠᠨ ᠢ᠋ᠶ᠋ᠠᠷ ᠬᠡᠳᠦᠨ ᠵᠠᠮ ᠤ᠋ᠨ ᠴᠡᠷᠢᠭ ᠳᠠᠢᠴᠢᠯᠠᠭᠤᠯᠤᠨ ᠱᠧᠦ ᠵᠧᠦ ᠬᠣᠲᠠ ᠶ᠋ᠢ ᠡᠵᠡᠯᠡᠨ ᠴᠢᠨᠠᠭᠰᠢᠯᠠᠨ ᠽᠢ ᠵᠧᠦ ᠶ᠋ᠢᠨ ᠭᠠᠵᠠᠷ ᠰᠥᠩ ᠤᠯᠤᠰ ᠤ᠋ᠨ ᠶᠡᠬᠡ ᠴᠡᠷᠢᠭ ᠢ᠋ ᠰᠥᠨᠥᠭᠡᠵᠦ ᠴᠡᠷᠢᠭ ᠲᠠᠲᠠᠪᠠ᠃
ᠲᠡᠳᠦᠢ ᠳ᠋ᠦ᠍ᠷ ᠵᠠᠩ ᠿᠧᠦ ᠶ᠋ᠢᠨ ᠴᠠᠴᠠᠷ ᠤ᠋ᠨ ᠨᠢᠭᠡᠨ ᠠᠯᠪᠠᠨ ᠤ᠋ ᠬᠥᠮᠦᠨ ᠰᠢᠶᠠ ᠵᠣ᠌ ᠬᠡᠮᠡᠭᠴᠢ ᠶᠠᠯ᠎ᠠ ᠬᠢᠵᠦ ᠳᠤᠲᠠᠭᠠᠵᠤ ᠶᠠᠪᠤᠬᠤ ᠳ᠋ᠠᠭᠠᠨ ᠦᠭᠡ ᠵᠣᠬᠢᠶᠠᠵᠤ ᠵᠠᠩ ᠿᠧᠦ ᠂ ᠲᠡᠭᠦᠨ ᠦ᠌ ᠵᠢᠭᠡ ᠵᠠᠩ ᠰᠢ ᠵᠢᠶᠧ ᠯᠤᠭ᠎ᠠ ᠰᠦᠯᠪᠡᠭᠡᠯᠡᠨ ᠰᠥᠩ ᠤᠯᠤᠰ ᠲᠤᠷ ᠪᠠᠭᠤᠵᠤ ᠥᠭᠰᠦᠭᠡᠢ ᠬᠡᠮᠡᠬᠦ ᠨᠢᠭᠤᠴᠠ ᠶ᠋ᠢ ᠳᠡᠭᠡᠷ᠎ᠡ ᠮᠡᠳᠡᠭᠦᠯᠬᠦ ᠪᠡᠷ ᠢᠷᠡᠪᠡ ᠭᠡᠮᠡᠨ ᠠᠢᠯᠠᠳᠬᠠᠭᠰᠠᠨ ᠳ᠋ᠤᠷ ᠲᠡᠷᠢᠭᠦᠨ᠎ᠡ ᠬᠠᠲᠤᠨ ᠬᠡᠳᠦᠢᠨᠡᠢ ᠨᠢᠭᠡ ᠬᠣᠶᠠᠷ ᠶᠡᠬᠡ ᠰᠠᠢᠳ ᠲᠦᠰᠢᠮᠡᠳ ᠢ᠋ ᠴᠠᠪᠴᠢᠵᠤ ᠰᠦᠷ ᠦᠵᠡᠭᠦᠯᠰᠦᠭᠡᠢ ᠭᠡᠮᠡᠨ ᠲᠠᠰᠢᠶᠠᠷᠠᠮ ᠲᠠᠭᠠᠷᠠᠬᠤ ᠦᠭᠡᠢ ᠪᠠᠢᠭᠰᠠᠨ ᠲᠤᠯᠠ ᠶᠡᠬᠡᠳᠡ ᠪᠡᠶᠡᠰᠦᠨ ᠬᠥᠮᠦᠨ ᠶᠠᠪᠤᠭᠤᠯᠵᠤ ᠵᠠᠩ ᠿᠧᠦ ᠶ᠋ᠢ ᠴᠠᠴᠠᠷ ᠠ᠋ᠴᠠ ᠢᠨᠤ ᠪᠠᠷᠢᠭᠤᠯᠤᠨ ᠬᠠᠷ᠎ᠠ ᠬᠣᠷᠢᠨ ᠳ᠋ᠤᠷ ᠬᠦᠷᠭᠡᠯᠭᠡᠨ ᠢᠷᠡᠵᠦ ᠶᠠᠯ᠎ᠠ ᠲᠤᠯᠭᠠᠰᠤᠭᠠᠢ ᠬᠡᠮᠡᠬᠦᠢ ᠳ᠋ᠦ᠍ᠷ ᠲᠥᠷᠥ ᠶ᠋ᠢᠨ ᠣᠯᠠᠨ ᠰᠠᠢᠳ ᠲᠦᠰᠢᠮᠡᠳ ᠬᠢᠯᠢᠰ ᠭᠡᠮᠡᠨ ᠮᠡᠳᠡᠵᠦ ᠭᠡᠷ ᠡᠷᠦᠬᠡ ᠪᠡᠷ ᠢ᠋ᠶ᠋ᠡᠨ ᠳᠠᠭᠠᠭᠠᠮᠠᠯ ᠪᠣᠯᠭᠠᠨ ᠰᠢᠳᠬᠡᠬᠦ ᠶ᠋ᠢ ᠬᠣᠢᠰᠢᠯᠠᠭᠤᠯᠤᠨ ᠡᠴᠦᠰ ᠲᠦ᠍ᠷ ᠰᠢᠶᠠ ᠵᠣ᠌ ᠶ᠋ᠢᠨ ᠬᠤᠳᠠᠯ ᠢ᠋ ᠣᠯᠵᠤ ᠴᠠᠪᠴᠢᠭᠠᠳ ᠶᠡᠬᠡ ᠵᠠᠩᠵᠤᠨ ᠵᠠᠩ ᠿᠧᠦ ᠠᠷᠠᠢ ᠭᠡᠵᠦ ᠠᠮᠢ ᠭᠠᠷᠪᠠᠢ᠃ ᠡᠭᠦᠨ ᠡᠴᠡ ᠲᠥᠷᠥ ᠶ᠋ᠢᠨ ᠲᠦᠰᠢᠮᠡᠳ ᠴᠥᠮ ᠬᠢᠯᠢᠰ ᠬᠡᠷᠡᠭ ᠲᠦ᠍ᠷ ᠣᠷᠣᠬᠤ ᠠ᠋ᠴᠠ ᠠᠶᠤᠵᠤ ᠡᠭᠦᠳᠡᠨ ᠦ᠌ ᠴᠠᠰᠤ ᠪᠠᠨ ᠠᠷᠢᠯᠭᠠᠵᠤ ᠰᠠᠭᠤᠵᠤᠬᠤᠢ᠃
ᠲᠡᠳᠦᠢ ᠳ᠋ᠦ᠍ᠷ ᠢᠷᠡᠨ ᠂ ᠢᠷᠠᠺ ᠵᠡᠷᠭᠡ ᠭᠠᠵᠠᠷ ᠢ᠋ ᠡᠩᠬᠡᠵᠢᠭᠦᠯᠦᠨ ᠬᠣᠷᠢᠶᠠᠨ ᠳᠠᠷᠤᠩᠭᠤᠢᠯᠠᠨ ᠰᠠᠭᠤᠭᠰᠠᠨ ᠴᠤᠷᠮᠠᠬᠠᠨ ᠬᠣᠷᠴᠢ ᠪᠠᠭᠲᠠᠳ ᠢ ᠪᠠᠢᠯᠳᠤᠬᠤᠢ ᠳ᠋ᠤᠷ ᠳᠠᠢᠰᠤᠨ ᠬᠠᠯᠢᠫᠢ ᠣᠰᠲ᠋ᠠᠱ ᠨᠠᠷ ᠢᠷᠠᠺ ᠂ ᠰᠸᠯᠳ᠋ᠡᠴᠦᠺ ᠲᠥᠷᠥ ᠶ᠋ᠢᠨ ᠰᠦᠯᠲᠠᠨ ᠨᠠᠷ ᠲᠠᠢ ᠨᠡᠢᠯᠡᠨ ᠴᠣᠷᠮᠠᠬᠠᠨ ᠢ ᠳᠡᠢᠯᠦᠭᠡᠳ ᠢᠷᠠᠺ ᠠ᠋ᠴᠠ ᠬᠥᠭᠡᠭᠡᠨ ᠭᠠᠷᠭᠠᠪᠠ᠃ ᠴᠣᠷᠮᠠᠬᠠᠨ ᠳᠡᠢᠯᠦᠭᠳᠡᠭᠰᠡᠨ ᠴᠡᠷᠢᠭ ᠢ᠋ᠶ᠋ᠡᠨ ᠠᠪᠴᠤ ᠢᠷᠡᠨ ᠳ᠋ᠦ᠍ ᠪᠤᠴᠠᠵᠤ ᠢᠷᠡᠭᠡᠳ ᠳᠡᠮᠡᠢ ᠤᠳᠠᠭᠰᠠᠨ ᠦᠭᠡᠢ ᠪᠤᠬᠢᠨᠢᠳᠤᠵᠤ ᠪᠡᠶ᠎ᠡ ᠥᠩᠭᠡᠷᠡᠪᠡ᠃ ᠡᠭᠦᠨ ᠡᠴᠡ ᠲᠡᠭᠦᠨ ᠦ᠌ ᠡᠷᠬᠡ ᠮᠠᠲᠠᠯ ᠢ ᠴᠥᠮ ᠲᠡᠭᠦᠨ ᠦ᠌ ᠬᠥᠪᠡᠭᠦᠨ ᠪᠠᠢᠵᠤᠤ ᠬᠦᠯᠢᠶᠡᠨ ᠠᠪᠴᠤ ᠺᠠᠰᠳ᠋ᠠᠷᠬᠦ ᠬᠡᠮᠡᠬᠦ ᠭᠠᠵᠠᠷ ᠰᠸᠯᠳ᠋ᠴᠤᠺ ᠤ᠋ᠨ ᠰᠦᠯᠲᠠᠨ ᠺᠸᠷᠵᠢ ᠂ ᠠᠷᠰᠯᠠᠩ ᠢ ᠴᠣᠬᠢᠭᠠᠳ ᠪᠠᠭᠤᠯᠭᠠᠨ ᠠᠪᠤᠪᠠ᠃ ᠡᠢᠮᠦ ᠡᠴᠡ ᠠᠷᠮᠢᠨᠢᠶᠠ ᠶ᠋ᠢᠨ ᠸᠠᠩ ᠾᠲ᠋ᠣᠮᠤ ᠴᠤ᠌ ᠳᠠᠭᠠᠷ᠎ᠠ ᠢᠷᠡᠭᠰᠡᠨ ᠲᠤᠯᠠ ᠮᠣᠩᠭᠣᠯ ᠤ᠋ᠨ ᠰᠦᠷ ᠬᠦᠴᠦᠨ ᠲᠡᠷᠢᠭᠦᠨ᠎ᠡ ᠬᠠᠲᠤᠨ ᠤ᠋ ᠦᠶ᠎ᠡ ᠳ᠋ᠦ᠍ᠷ ᠺᠠᠰᠫᠢ ᠲᠠᠩᠭᠢᠰ ᠤ᠋ᠨ ᠬᠥᠪᠡᠭᠡ ᠳ᠋ᠡᠬᠢ ᠭᠧ ᠷᠤᠵᠢᠶᠠ ᠶ᠋ᠢ ᠪᠠᠭᠲᠠᠭᠠᠪᠠ᠃
ᠲᠡᠳᠦᠢ ᠳ᠋ᠦ᠍ᠷ ᠪᠠᠲᠤ ᠬᠠᠨ ᠣᠷᠣᠰᠴᠤᠳ ᠤ᠋ᠨ ᠸᠠᠩ ᠬᠦᠩ ᠨᠠᠷ ᠢ᠋ ᠴᠥᠮ ᠣᠷᠣᠭᠤᠯᠵᠤ ᠠᠪᠤᠭᠠᠳ ᠬᠠᠩᠭᠠᠷᠢ ᠶ᠋ᠢᠨ ᠴᠡᠷᠢᠭ ᠢ᠋ᠶ᠋ᠡᠨ ᠲᠠᠲᠠᠵᠤ ᠢᠵᠢᠯ ᠮᠥᠷᠡᠨ ᠦ᠌ ᠬᠥᠪᠡᠭᠡᠨ ᠳ᠋ᠦ᠍ᠷ ᠰᠢᠷ᠎ᠠ ᠬᠣᠲᠠ ᠶ᠋ᠢ ᠪᠠᠢᠭᠤᠯᠵᠤ ᠲᠥᠪ ᠪᠣᠯᠭᠠᠨ ᠰᠠᠭᠤᠪᠠ᠃
ᠡᠨᠡ ᠦᠶ᠎ᠡ ᠳ᠋ᠦ᠍ᠷ ᠥᠷᠥᠨ᠎ᠡ ᠵᠦᠭ ᠦ᠋ᠨ ᠠᠶᠠᠨ ᠲᠡᠢᠨ ᠳ᠋ᠦ᠍ᠷ ᠶᠠᠪᠤᠭᠰᠠᠨ ᠭᠣᠣᠯ ᠤ᠋ᠨ ᠬᠥᠪᠡᠭᠦᠳ ᠬᠥᠶᠦᠭ ᠬᠠᠨ ᠪᠠ ᠵᠡᠭᠦᠨ ᠭᠠᠷᠤᠨ ᠬᠥᠪᠡᠭᠦᠨ ᠮᠥᠩᠬᠡ ᠬᠣᠶᠠᠷ ᠡᠪᠦᠯ ᠢ᠋ ᠥᠩᠭᠡᠷᠡᠭᠡᠨ ᠥᠭᠡᠳᠡᠢ ᠬᠠᠭᠠᠨ ᠤ᠋ ᠪᠡᠶ᠎ᠡ ᠥᠩᠭᠡᠷᠡᠭᠰᠡᠨ ᠦ᠌ ᠬᠣᠢᠨ᠎ᠠ ᠬᠠᠷ᠎ᠠ ᠪᠠᠷᠰ ᠵᠢᠯ ᠦ᠋ᠨ ᠬᠠᠪᠤᠷ ᠰᠠᠶᠢ ᠤᠯᠤᠰ ᠲᠠᠭᠠᠨ ᠬᠦᠷᠴᠦ ᠢᠷᠡᠭᠡᠳ ᠥᠭᠡᠳᠡᠢ ᠬᠠᠭᠠᠨ ᠤ᠋ ᠮᠥᠩᠬᠡ ᠶ᠋ᠢᠨ ᠶᠠᠪᠤᠳᠠᠯ ᠨᠢᠭᠡᠨᠲᠠᠡ ᠲᠡᠭᠦᠰᠦᠭᠰᠡᠨ ᠲᠤᠯᠠ ᠲᠤᠰ ᠲᠤᠰ ᠤ᠋ᠨ ᠥᠮᠴᠢ ᠨᠤᠲᠤᠭ ᠲᠠᠭᠠᠨ ᠪᠤᠴᠠᠪᠠ᠃
ᠥᠭᠦᠯᠡᠬᠦ ᠢᠨᠦ ᠪᠠᠲᠤ ᠬᠠᠨ ᠤ᠋ ᠪᠡᠶ᠎ᠡ ᠬᠡᠳᠦᠢ ᠪᠡᠷ ᠰᠢᠷ᠎ᠠ ᠬᠣᠲᠠ ᠶ᠋ᠢᠨ ᠠᠯᠲᠠᠨ ᠣᠷᠳᠣᠨ ᠳ᠋ᠤᠷ ᠪᠣᠢ ᠪᠣᠯᠪᠠᠴᠤ ᠬᠠᠷ᠎ᠠ ᠬᠣᠷᠢᠨ ᠤ᠋ ᠴᠢᠮᠡᠭᠡ ᠮᠡᠳᠡᠭᠡ ᠶ᠋ᠢ ᠬᠦᠯᠢᠶᠡᠵᠦ ᠰᠡᠳᠬᠢᠯ ᠠᠮᠤᠷ ᠦᠭᠡᠢ ᠰᠠᠭᠤᠬᠤ ᠠᠵᠤᠭᠤ᠃ ᠪᠠᠲᠤ ᠬᠠᠨ ᠤᠭ ᠠ᠋ᠴᠠ ᠬᠠᠭᠠᠨ ᠰᠠᠭᠤᠬᠤ ᠶ᠋ᠢ ᠪᠣᠳᠣᠭᠰᠠᠨ ᠦᠭᠡᠢ ᠪᠥᠭᠡᠳ ᠬᠠᠳ ᠨᠣᠶᠠᠳ ᠯᠤᠭ᠎ᠠ ᠠᠰᠢᠭ ᠬᠣᠣᠷ ᠤ᠋ᠨ ᠲᠡᠮᠡᠴᠡᠯ ᠴᠦ᠍ ᠦᠭᠡᠢ ᠪᠣᠯᠠᠢ᠃ ᠭᠠᠭᠴᠠᠬᠦ ᠪᠣᠭᠳᠠ ᠡᠪᠦᠭᠡ ᠶ᠋ᠢᠨ ᠢ᠋ᠶ᠋ᠡᠨ ᠪᠠᠢᠭᠤᠯᠤᠭᠰᠠᠨ ᠥᠷᠭᠡᠨ ᠶᠡᠬᠡ ᠤᠯᠤᠰ ᠢ᠋ ᠪᠦᠷᠢᠨ ᠪᠦᠲᠦᠭᠡᠨ ᠠᠪᠴᠤ ᠶᠠᠪᠤᠬᠤ ᠶ᠋ᠢ ᠪᠣᠳᠣᠵᠤ ᠵᠣᠪᠠᠬᠤ ᠪᠥᠯᠥᠭᠡ᠃ ᠨᠡᠩ ᠥᠭᠡᠳᠡᠢ ᠬᠠᠭᠠᠨ ᠲᠡᠭᠷᠢ ᠪᠣᠯᠤᠭᠰᠠᠨ ᠠ᠋ᠴᠠ ᠬᠣᠢᠰᠢ ᠪᠠᠲᠤ ᠤᠭᠰᠠᠭ᠎ᠠ ᠳ᠋ᠠᠭᠠᠨ ᠠᠬᠠᠮᠠᠳ ᠪᠣᠯᠬᠤ ᠲᠤᠯᠠ ᠰᠠᠨᠠᠭ᠎ᠠ ᠰᠡᠳᠬᠢᠯ ᠢ᠋ᠶ᠋ᠡᠨ ᠨᠡᠩ ᠢᠯᠡᠭᠦᠦ ᠮᠣᠩᠭᠣᠯ ᠤ᠋ᠨ ᠶᠡᠬᠡ ᠲᠥᠷᠥ ᠳ᠋ᠦ᠍ᠷ ᠲᠠᠯᠪᠢᠬᠤ ᠪᠣᠯᠠᠢ᠃
ᠭᠡᠲᠡᠯ᠎ᠡ ᠲᠡᠷᠢᠭᠦᠨ᠎ᠡ ᠬᠠᠲᠤᠨ ᠡᠷᠬᠡ ᠪᠠᠷᠢᠭᠰᠠᠨ ᠠ᠋ᠴᠠ ᠬᠣᠢᠰᠢ ᠪᠠᠲᠤ ᠬᠠᠨ ᠤ᠋ ᠲᠤᠬᠠᠢ ᠰᠡᠵᠢᠭ ᠲᠠᠭᠠᠮᠠᠭᠯᠠᠯ ᠶᠠᠷᠢᠶ᠎ᠠ ᠬᠣᠯᠠ ᠣᠢᠷ᠎ᠠ ᠳᠡᠯᠭᠡᠷᠡᠵᠦ ᠬᠡᠷᠪᠡ ᠡᠨᠡ ᠬᠢᠷᠢ ᠳ᠋ᠦ᠍ᠷ ᠴᠡᠷᠢᠭ ᠮᠣᠷᠢᠲᠠᠢ ᠬᠠᠷ᠎ᠠ ᠬᠣᠷᠢᠨ ᠳ᠋ᠤᠷ ᠪᠠᠭᠤᠪᠠᠰᠤ ᠨᠡᠩ ᠰᠡᠵᠢᠭ ᠲᠠᠭᠠᠮᠠᠬᠠᠯᠠᠯ ᠡᠭᠦᠰᠴᠦ ᠤᠴᠢᠷ ᠶᠠᠪᠤᠳᠠᠯ ᠡᠪᠯᠡᠷᠡᠰᠢ ᠦᠭᠡᠢ ᠪᠣᠯᠵᠤ ᠮᠡᠳᠡᠬᠦ ᠪᠥᠭᠡᠳ ᠬᠡᠷᠪᠡ ᠴᠡᠷᠢᠭ ᠮᠣᠷᠢ ᠦᠭᠡᠢ ᠬᠠᠷ᠎ᠠ ᠬᠣᠷᠢᠨ᠎ᠠ ᠣᠴᠢᠪᠠᠰᠤ ᠪᠠᠲᠤ ᠬᠠᠨ ᠢ᠋ ᠵᠢᠪᠡᠭᠦᠴᠡᠬᠦ ᠰᠦᠷᠭᠡᠦᠴᠤᠳ ᠠᠮᠢ ᠶ᠋ᠢ ᠬᠣᠣᠷᠯᠠᠬᠤ ᠪᠣᠯᠪᠠᠤ ? ᠭᠡᠮᠡᠨ ᠲᠠᠲᠠᠭᠠᠯᠵᠠᠨ ᠣᠴᠢᠪᠠᠰᠤ ᠬᠡᠷᠡᠭ ᠲᠦ᠍ᠷ ᠲᠤᠰᠠ ᠦᠭᠡᠢ ᠪᠥᠭᠡᠳ ᠬᠣᠣᠷ ᠪᠣᠯᠬᠤ ᠪᠥᠭᠡᠰᠦ ᠣᠴᠢᠬᠤ ᠦᠭᠡᠢ ᠢᠨᠤ ᠳᠡᠭᠡᠷ᠎ᠡ ᠭᠡᠮᠡᠨ ᠬᠦᠯᠢᠶᠡᠬᠦ ᠪᠣᠯᠠᠢ᠃ ᠡᠢᠨ ᠠᠭᠠᠳ ᠲᠠᠤᠯᠠᠢ ᠵᠢᠯ ᠦ᠋ᠨ ᠬᠠᠪᠤᠷ ᠤ᠋ᠨ ᠭᠤᠷᠪᠠᠨ ᠰᠠᠷ᠎ᠠ ᠶ᠋ᠢᠨ ᠬᠥᠬᠡ ᠬᠤᠯᠤᠭᠠᠨ᠎ᠠ ᠡᠳᠦᠷ ᠶᠡᠬᠡ ᠨᠡᠢᠰᠯᠡᠯ ᠬᠠᠷ᠎ᠠ ᠬᠣᠷᠢᠨ ᠠ᠋ᠴᠠ ᠠᠯᠲᠠᠨ ᠲᠡᠮᠳᠡᠭᠲᠦ ᠡᠯᠴᠢ ᠥᠷᠲᠡᠭᠡ ᠪᠦᠬᠦᠨ ᠦ᠌ ᠮᠣᠷᠢ ᠶ᠋ᠢ ᠳᠠᠪᠬᠢᠭᠤᠯᠤᠨ ᠥᠰᠥᠷᠬᠡᠭᠰᠡᠭᠡᠷ ᠵᠠᠮ ᠳᠠᠭᠠᠤ : 《ᠮᠣᠷᠢ ! ᠮᠣᠷᠢ ! 》 ᠬᠡᠮᠡᠵᠦ ᠰᠢᠷ᠎ᠠ ᠬᠣᠲᠠᠨ ᠳ᠋ᠤᠷ ᠨᠢᠰᠦᠨ ᠬᠦᠷᠴᠦ ᠲᠡᠷᠢᠭᠦᠨ᠎ᠡ ᠬᠠᠲᠤᠨ ᠤ᠋ ᠵᠠᠷᠯᠢᠭ ᠢ ᠪᠠᠲᠤ ᠬᠠᠨ ᠳ᠋ᠤ᠌ ᠬᠦᠷᠭᠡᠵᠦ ᠢᠷᠡᠪᠡ᠃
ᠪᠠᠲᠤ ᠬᠠᠨ ᠲᠡᠷᠡ ᠵᠠᠷᠯᠢᠭ ᠢ᠋ ᠦᠵᠡᠪᠡᠰᠦ ᠵᠠᠷᠯᠢᠭ ᠤ᠋ᠨ ᠦᠭᠡ ᠄
ᠠᠪᠠᠭ᠎ᠠ ᠡᠬᠡ ᠪᠡᠷ ᠬᠠᠨ ᠬᠥᠪᠡᠭᠦᠨ ᠪᠠᠲᠤ ᠳ᠋ᠤᠷ ᠢᠯᠡᠭᠡᠪᠡ᠃ ᠲᠥᠷᠥ ᠳ᠋ᠦ᠍ᠷ ᠨᠢᠭᠡᠨ ᠡᠳᠦᠷ ᠡᠵᠡᠨ ᠦᠭᠡᠢ ᠦᠯᠦ ᠪᠣᠯᠤᠮᠤᠢ᠃ ᠪᠣᠭᠳᠠ ᠡᠵᠡᠨ ᠡᠴᠢᠭᠡ ᠴᠢᠩᠭᠢᠰ ᠬᠠᠭᠠᠨ ᠲᠡᠭᠷᠢ ᠪᠣᠯᠤᠭᠰᠠᠨ ᠳ᠋ᠤᠷ ᠵᠠᠪᠰᠢᠶᠠᠨ ᠢ᠋ᠶ᠋ᠠᠷ ᠳᠡᠭᠦᠦ ᠲᠣᠯᠢ ᠪᠣᠢ ᠲᠤᠯᠠ ᠤᠯᠤᠰ ᠢ᠋ ᠰᠠᠬᠢᠨ ᠰᠠᠭᠤᠵᠤ ᠬᠠᠳ ᠨᠣᠶᠠᠳ ᠤ᠋ᠨ ᠶᠡᠬᠡ ᠬᠤᠷᠠᠯ ᠢ᠋ ᠵᠠᠷᠯᠠᠨ ᠥᠩᠭᠡᠷᠡᠭᠰᠡᠨ ᠬᠠᠭᠠᠨ ᠢ᠋ ᠰᠣᠩᠭᠣᠵᠤ ᠡᠴᠢᠭᠡ ᠴᠢᠩᠭᠢᠰ ᠬᠠᠭᠠᠨ ᠤ᠋ ᠠᠯᠲᠠᠨ ᠰᠢᠷᠡᠭᠡ ᠶ᠋ᠢ ᠵᠠᠯᠭᠠᠮᠵᠢᠯᠠᠪᠠ᠃ ᠭᠡᠲᠡᠯ᠎ᠡ ᠥᠩᠭᠡᠷᠡᠭᠰᠡᠨ ᠬᠠᠭᠠᠨ ᠤ᠋ ᠠᠬ᠎ᠠ ᠳᠡᠭᠦᠦ ᠴᠥᠮ ᠥᠩᠭᠡᠷᠡᠭᠡᠳ ᠠᠬᠠᠮᠠᠳ ᠬᠥᠪᠡᠭᠦᠨ ᠴᠥᠮ ᠠᠶᠠᠨ ᠲᠡᠢᠨ ᠳ᠋ᠦ᠍ᠷ ᠮᠣᠷᠳᠠᠭᠠᠳ ᠡᠪᠦᠭᠡ ᠳᠡᠭᠡᠳᠦᠰ ᠦ᠋ᠨ ᠥᠷᠭᠡᠨ ᠶᠡᠬᠡ ᠠᠯᠲᠠᠨ ᠲᠥᠷᠥ ᠶ᠋ᠢ ᠲᠦᠷ ᠰᠠᠬᠢᠬᠤ ᠬᠥᠮᠦᠨ ᠡᠰᠡ ᠣᠯᠳᠠᠭᠰᠠᠨ ᠲᠤᠯᠠ ᠠᠪᠠᠭ᠎ᠠ ᠡᠬᠡ ᠪᠢ ᠪᠡᠶ᠎ᠡ ᠪᠡᠨ ᠡᠬᠡᠨᠡᠷ ᠬᠥᠮᠦᠨ ᠭᠡᠮᠡᠨ ᠡᠰᠡ ᠪᠣᠳᠣᠵᠤ ᠲᠥᠷᠥ ᠶ᠋ᠢ ᠰᠠᠬᠢᠪᠠ᠃ ᠮᠥᠩᠬᠡ ᠲᠡᠭᠷᠢ ᠶ᠋ᠢᠨ ᠬᠦᠴᠦᠨ ᠳ᠋ᠦ᠍ᠷ ᠪᠣᠭᠳᠠ ᠡᠴᠢᠭᠡ ᠶ᠋ᠢᠨ ᠰᠦᠯᠳᠡ ᠪᠡᠷ ᠬᠡᠳᠦᠨ ᠵᠢᠯ ᠦ᠋ᠨ ᠬᠣᠭᠣᠷᠣᠨᠳᠣ ᠶᠡᠬᠡ ᠡᠨᠳᠡᠭᠦᠦ ᠠᠯᠳᠠᠭ᠎ᠠ ᠭᠠᠷᠭᠠᠭᠰᠠᠨ ᠦᠭᠡᠢ᠃ ᠭᠡᠪᠡᠴᠦ ᠬᠠᠳ ᠨᠣᠶᠠᠳ ᠤ᠋ᠨ ᠶᠡᠬᠡ ᠬᠤᠷᠠᠯ ᠢ᠋ ᠵᠠᠷᠯᠠᠬᠤ ᠲᠤᠬᠠᠢ ᠵᠥᠪᠳᠡᠭᠰᠡᠭᠡᠷ ᠬᠣᠶᠠᠷ ᠵᠢᠯ ᠪᠣᠯᠪᠠ᠃ ᠳᠡᠯᠡᠬᠡᠢ ᠳ᠋ᠠᠬᠢᠨ ᠴᠥᠮ ᠰᠢᠨ᠎ᠡ ᠬᠠᠭᠠᠨ ᠢ᠋ ᠡᠷᠡᠮᠡᠯᠵᠡᠮᠦᠢ᠃ ᠬᠦᠰᠡᠬᠦ ᠢᠨᠦ ᠭᠠᠳᠠᠨ᠎ᠠ ᠳᠣᠲᠣᠨ᠎ᠠ ᠶ᠋ᠢᠨ ᠰᠡᠵᠢᠭ ᠲᠠᠭᠠᠮᠠᠭᠯᠠᠯ ᠢ᠋ ᠰᠣᠨᠣᠰᠬᠤ ᠦᠭᠡᠢ ᠪᠡᠷ ᠬᠥᠬᠡ ᠯᠤᠤ ᠵᠢᠯ ᠦ᠋ᠨ ᠠᠷᠪᠠᠨ ᠰᠠᠷ᠎ᠠ ᠳ᠋ᠤᠷ ᠬᠠᠳ ᠨᠣᠶᠠᠳ ᠤ᠋ᠨ ᠬᠤᠷᠠᠯ ᠢ ᠵᠠᠷᠯᠠᠭᠰᠠᠨ ᠲᠤᠯᠠ ᠴᠠᠭ ᠲᠤᠬᠠᠢ ᠳ᠋ᠤᠷ ᠨᠡᠢᠰᠯᠡᠯ ᠬᠠᠷ᠎ᠠ ᠬᠣᠷᠢᠨ᠎ᠠ ᠮᠣᠷᠢᠯᠠᠨ ᠢᠷᠠᠮᠤ ᠬᠡᠮᠡᠵᠦᠬᠦᠢ᠃
ᠪᠠᠲᠤ ᠬᠠᠨ ᠡᠯᠴᠢ ᠶ᠋ᠢ ᠬᠦᠨᠳᠦᠳᠬᠡᠨ ᠳᠠᠢᠯᠠᠵᠤ ᠳᠡᠭᠡᠳᠦ ᠨᠡᠢᠰᠯᠡᠯ ᠦ᠋ᠨ ᠠᠮᠤᠭᠤᠯᠠᠩ ᠰᠠᠢᠨ ᠢ᠋ ᠯᠠᠪᠯᠠᠵᠤ ᠬᠡᠷᠬᠢᠪᠡᠰᠦ ᠰᠠᠢᠨ ᠢ᠋ ᠰᠦᠪᠡᠭᠡᠳᠡᠢ ᠪᠠᠭᠠᠲᠤᠷ ᠯᠤᠭ᠎ᠠ ᠵᠥᠪᠳᠡᠰᠦᠭᠡᠢ ᠭᠡᠮᠡᠨ ᠢᠷᠡᠪᠡᠰᠦ ᠰᠥᠪᠡᠭᠡᠲᠡᠢ ᠪᠠᠭᠠᠲᠤᠷ ᠤᠬᠢᠶᠠᠨ ᠴᠡᠪᠡᠷᠯᠡᠭᠡᠳ ᠳᠠᠯᠤ ᠰᠢᠲᠠᠭᠠᠵᠤ ᠮᠥᠷ ᠦᠵᠡᠮᠦᠢ᠃ ᠰᠢᠳᠠᠷ ᠬᠥᠮᠦᠰ ᠪᠠᠲᠤ ᠬᠠᠨ ᠮᠣᠷᠢᠯᠠᠨ ᠢᠷᠡᠪᠡ ᠭᠡᠮᠡᠨ ᠮᠡᠳᠡᠭᠦᠯᠬᠦ ᠶ᠋ᠢᠨ ᠬᠠᠮᠲᠤ ᠡᠭᠦᠳᠡ ᠶ᠋ᠢᠨ ᠬᠠᠷᠠᠭᠤᠯ ᠡᠭᠦᠳᠡ ᠰᠡᠬᠦᠮᠡᠭᠴᠡ ᠪᠠᠲᠤ ᠬᠠᠨ ᠮᠡᠬᠦᠢᠨ ᠠᠯᠬᠤᠵᠤ ᠣᠷᠣᠵᠤ ᠢᠷᠡᠪᠡ᠃ ᠰᠥᠪᠡᠭᠡᠲᠡᠢ ᠪᠠᠭᠠᠲᠤᠷ ᠶᠠᠭᠠᠷᠠᠨ ᠪᠣᠰᠴᠤ ᠤᠭᠲᠤᠪᠠ᠃
ᠪᠠᠲᠤ ᠬᠠᠨ ᠳᠡᠭᠡᠷ᠎ᠡ ᠰᠠᠭᠤᠭᠰᠠᠨ ᠤ᠋ ᠬᠣᠢᠨ᠎ᠠ ᠰᠢᠳᠠᠷ ᠴᠡᠷᠢᠭ ᠵᠤᠯᠠ ᠶ᠋ᠢ ᠰᠢᠨᠡᠳᠬᠡᠨ ᠤᠮᠳᠠ ᠪᠠᠷᠢᠭᠰᠠᠨ ᠳ᠋ᠤᠷ ᠪᠠᠲᠤ ᠬᠠᠨ ᠡᠪᠦᠭᠡᠨ ᠵᠠᠩᠵᠤᠨ ᠤ᠋ ᠬᠦᠷᠡᠯ ᠮᠡᠲᠦ ᠳᠥᠷᠪᠡᠯᠵᠢᠨ ᠬᠠᠷ᠎ᠠ ᠴᠢᠷᠠᠢ ᠶ᠋ᠢ ᠬᠠᠷᠠᠵᠤ ᠥᠭᠦᠯᠡᠷᠦᠨ : 《ᠬᠥᠶᠦᠭ ᠬᠠᠨ ᠠᠮᠤᠷ ᠮᠡᠨᠳᠦ ᠬᠠᠷ᠎ᠠ ᠬᠣᠷᠢᠨ᠎ᠠ ᠪᠤᠴᠠᠪᠠᠢ ᠬᠡᠮᠡᠮᠦ᠃ ᠬᠠᠭᠠᠨ ᠠᠪᠠᠭ᠎ᠠ ᠵᠠᠪᠰᠢᠶᠠᠨ ᠪᠤᠰᠤ ᠪᠠᠷ ᠡᠭᠦᠯᠡᠨ᠎ᠡ ᠳᠠᠯᠳᠠᠯᠠᠪᠠᠢ᠃ ᠣᠳᠣ ᠪᠢ ᠬᠥᠶᠦᠭ ᠦ᠋ᠨ ᠵᠥᠩᠨᠡᠭᠰᠡᠨ ᠢ᠋ᠶ᠋ᠡᠷ ᠬᠠᠷ᠎ᠠ ᠬᠣᠷᠢᠨ᠎ᠠ ᠣᠴᠢᠵᠤ ᠠᠭᠤᠯᠵᠠᠬᠤ ᠠᠨᠤ ᠤᠤ ? 》ᠬᠡᠮᠡᠭᠰᠡᠨ ᠳ᠋ᠦ᠍ᠷ ᠰᠥᠪᠡᠭᠡᠳᠡᠢ ᠪᠠᠭᠠᠲᠤᠷ ᠭᠠᠳᠠᠭᠰᠢ ᠬᠠᠨᠳᠤᠵᠤ ᠲᠥᠪ ᠰᠠᠭᠤᠭᠠᠳ ᠪᠠᠲᠤ ᠬᠠᠨ ᠤ᠋ ᠵᠢᠬᠡᠭᠦᠨ ᠴᠢᠷᠠᠢ ᠶ᠋ᠢ ᠬᠠᠷᠠᠬᠤ ᠦᠭᠡᠢ ᠪᠡᠷ ᠥᠴᠢᠷᠦᠨ : 《ᠶᠡᠬᠡ ᠬᠠᠨ ᠲᠠ ᠤᠭᠰᠠᠭ᠎ᠠ ᠳ᠋ᠠᠭᠠᠨ ᠠᠬᠠᠮᠠᠳ ᠪᠣᠯᠠᠢ᠃ ᠬᠥᠮᠦᠨ ᠪᠦᠬᠦᠨ ᠬᠠᠨ ᠤ᠋ ᠠᠮᠠ ᠶ᠋ᠢ ᠬᠠᠷᠠᠮᠤᠢ᠃ ᠬᠠᠳ ᠤ᠋ᠨ ᠬᠤᠷᠠᠯ ᠰᠡᠳᠦᠭᠰᠡᠭᠡᠷ ᠤᠳᠠᠪᠠ᠃ ᠶᠡᠬᠡ ᠦᠢᠯᠡ ᠶ᠋ᠢ ᠬᠠᠲᠤᠨ ᠠᠪᠠᠬᠠᠢ ᠳ᠋ᠤᠷ ᠤᠳᠠᠭᠠᠨ ᠪᠠᠷᠢᠭᠤᠯᠪᠠᠰᠤ ᠬᠠᠭᠠᠴᠠᠯ ᠲᠡᠮᠡᠴᠡᠯ ᠭᠠᠷᠴᠤ ᠮᠡᠳᠡᠮᠦᠢ 》 ᠬᠡᠮᠡᠭᠰᠡᠨ ᠳ᠋ᠦ᠍ᠷ ᠪᠠᠲᠤ ᠬᠠᠨ ᠮᠥᠨ ᠭᠡᠮᠡᠨ ᠬᠥᠬᠡ ᠯᠤᠤ ᠵᠢᠯ ᠦ᠋ᠨ ᠳᠣᠯᠣᠭᠠᠨ ᠰᠠᠷ᠎ᠠ ᠳ᠋ᠤᠷ ᠢᠵᠢᠯ ᠮᠥᠷᠡᠨ ᠤ ᠰᠢᠷ᠎ᠠ ᠬᠣᠲᠠᠨ ᠳ᠋ᠤᠷ ᠪᠠᠷᠠᠭᠤᠨ ᠭᠠᠷᠤᠨ ᠬᠠᠳ ᠨᠣᠶᠠᠳ ᠢ᠋ ᠴᠤᠭᠯᠠᠭᠤᠯᠤᠨ ᠵᠡᠭᠦᠨᠰᠢ ᠬᠠᠮᠲᠤ ᠮᠣᠷᠳᠠᠪᠠ᠃
ᠬᠠᠳ ᠨᠣᠶᠠᠳ ᠤ᠋ᠨ ᠶᠡᠬᠡ ᠬᠤᠷᠠᠯ ᠶᠠᠮᠠᠷ ᠪᠣᠯᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃
ᠰᠤᠯᠠ ᠰᠢᠯᠦᠭ
ᠡᠩᠬᠡ ᠴᠠᠭ ᠡᠬᠡᠨᠡᠷ ᠬᠥᠮᠦᠨ ᠡᠵᠡᠨ ᠪᠣᠯᠬᠤ ᠬᠣᠪᠣᠷ
ᠡᠷᠬᠡ ᠬᠦᠨᠳᠦ ᠶ᠋ᠢ ᠡᠨᠡᠷᠢᠩᠭᠦᠢ ᠬᠥᠮᠦᠨ ᠣᠯᠬᠤ ᠴᠥᠭᠡᠨ
ᠡᠪᠳᠡᠷᠡᠯ ᠬᠠᠭᠠᠴᠠᠯ ᠡᠳᠦᠭᠰᠡᠳ ᠰᠢᠳᠤᠷᠭᠤ ᠬᠡᠮᠡᠭᠳᠡᠵᠦ
ᠡᠵᠡᠷᠬᠡᠭᠯᠡᠨ ᠪᠤᠯᠢᠶᠠᠭᠴᠢᠳ ᠠᠷᠢᠭᠤᠨ ᠨᠡᠷ᠎ᠡ ᠶ᠋ᠢ ᠣᠯᠤᠮᠤᠢ᠃
ᠡᠷᠲᠡᠨ ᠡᠳᠦᠭᠡᠬᠢ ᠣᠯᠠᠨ ᠶᠠᠪᠤᠳᠠᠯ ᠦᠨᠡᠨ ᠬᠡᠮᠡᠲᠡᠯ᠎ᠡ ᠬᠤᠳᠠᠯ ᠪᠣᠯᠵᠤ
ᠡᠴᠦᠰ ᠲᠡᠭᠡᠨ ᠴᠥᠮ ᠬᠠᠪᠤᠷ ᠤ᠋ᠨ ᠵᠡᠭᠦᠳᠦᠨ ᠲᠡᠷᠡ ᠵᠠᠭᠤᠷᠠᠬᠢ ᠬᠡᠷᠡᠭ ᠠ᠋᠃
