ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯ᠎ᠠ ᠶᠢᠰᠦᠳᠦᠭᠡᠷ ᠪᠦᠯᠦᠭ > Хөх судрын залгамж - Инжинаш < Дал есдүгээр бүлэг >
ᠴᠠᠭᠠᠭᠴᠢᠨ ᠦᠬᠡᠷ ᠵᠢᠯ ᠂ ᠥᠭᠡᠳᠡᠢ ᠬᠠᠭᠠᠨ ᠤ᠋ ᠠᠷᠪᠠᠨ ᠳᠥᠷᠪᠡᠳᠦᠭᠡᠷ ᠣᠨ ᠃
ᠥᠭᠡᠳᠡᠢ ᠬᠠᠭᠠᠨ ᠡᠨᠡ ᠵᠢᠯ ᠲᠠᠪᠢᠨ ᠵᠢᠷᠭᠤᠭᠠᠨ ᠰᠡᠭᠦᠳᠡᠷᠢ ᠲᠡᠢ
ᠠᠬᠠᠮᠠᠳ ᠪᠠᠭᠠᠲᠤᠷ ᠰᠥᠪᠡᠭᠡᠲᠡᠢ ᠰᠠᠶᠣ᠋ ᠭᠣᠣᠯ ᠳ᠋ᠤᠷ
ᠤᠷᠠᠨ ᠠᠷᠭ᠎ᠠ ᠶ᠋ᠢ ᠬᠡᠷᠡᠭᠯᠡᠵᠦ ᠭᠠᠪᠢᠶ᠎ᠠ ᠪᠠᠢᠭᠤᠯᠪᠠᠢ
ᠠᠭᠤᠳᠠᠮ ᠥᠷᠥᠰᠢᠶᠡᠯᠲᠦ ᠥᠭᠡᠳᠡᠢ ᠬᠠᠭᠠᠨ
ᠠᠷᠢᠬᠢᠨ ᠤ᠋ ᠬᠣᠣᠷ᠎ᠠ ᠠ᠋ᠴᠠ ᠪᠣᠯᠵᠤ ᠲᠡᠭᠷᠢ ᠳᠠᠪᠰᠢᠪᠠᠢ
ᠥᠭᠦᠯᠡᠬᠦ ᠢᠨᠦ ᠮᠣᠩᠭᠣᠯ ᠬᠠᠳ ᠨᠣᠶᠠᠳ ᠰᠠᠶᠣ᠋ ᠭᠣᠣᠯ ᠤ᠋ᠨ ᠵᠡᠭᠦᠨ ᠡᠷᠭᠢ ᠳ᠋ᠦ᠍ᠷ ᠴᠤᠭᠯᠠᠷᠠᠨ ᠢᠷᠡᠵᠦ ᠪᠠᠲᠤ ᠬᠠᠨ ᠤ᠋ ᠵᠠᠷᠯᠢᠭ ᠢ᠋ᠶ᠋ᠠᠷ ᠬᠠᠩᠭᠠᠷᠢ ᠶ᠋ᠢ ᠬᠡᠷᠬᠢᠨ ᠪᠠᠢᠯᠳᠤᠪᠠᠰᠤ ᠵᠣᠬᠢᠬᠤ ᠶ᠋ᠢ ᠵᠥᠪᠳᠡᠭᠦᠯᠪᠡᠰᠦ ᠢᠯᠠᠭᠤ ᠨᠣᠶᠠᠨ ᠥᠭᠦᠯᠡᠷᠦᠨ ᠄《ᠬᠠᠩᠭᠠᠷᠢ ᠶ᠋ᠢᠨ ᠴᠡᠷᠢᠭ ᠦ᠋ᠨ ᠰᠦᠷ ᠬᠦᠴᠦᠨ ᠶᠡᠬᠡᠳᠡ ᠮᠠᠨᠳᠤᠵᠤ ᠪᠣᠢ ᠲᠤᠯᠠ ᠬᠥᠩᠭᠡᠯᠡᠨ ᠪᠠᠢᠯᠳᠤᠵᠤ ᠦᠯᠦ ᠪᠣᠯᠤᠮᠤᠢ᠃ ᠪᠠᠢᠳᠠᠯ ᠠ᠋ᠴᠠ ᠦᠵᠡᠪᠡᠰᠦ ᠬᠠᠩᠭᠠᠷᠢᠴᠤᠳ ᠠᠰᠢᠭ ᠲᠠᠢ ᠲᠠᠯ᠎ᠠ ᠶ᠋ᠢ ᠡᠵᠡᠯᠡᠵᠦ ᠰᠠᠬᠢᠵᠤ ᠰᠠᠭᠤᠪᠠᠢ᠃ ᠪᠢᠳᠡ ᠵᠣᠴᠢᠨ ᠪᠠᠢᠷᠢ ᠠ᠋ᠴᠠ ᠪᠡᠷᠬᠡ ᠶ᠋ᠢ ᠪᠠᠢᠯᠳᠤᠬᠤ ᠪᠥᠭᠡᠳ ᠳᠠᠢᠰᠤᠨ ᠣᠯᠠᠨ ᠪᠢᠳᠡ ᠴᠥᠭᠡᠨ᠃ ᠲᠡᠳᠡ ᠳᠡᠢᠯᠦᠭᠳᠡᠪᠡᠰᠦ ᠬᠣᠲᠠᠨ ᠳ᠋ᠠᠭᠠᠨ ᠣᠷᠣᠵᠤ ᠰᠠᠬᠢᠬᠤ ᠪᠥᠭᠡᠳ ᠴᠡᠷᠢᠭ ᠮᠣᠷᠢ ᠠᠮᠤ ᠬᠦᠨᠡᠰᠦ ᠡᠯᠰᠡᠬᠦ ᠭᠠᠵᠠᠷ ᠪᠣᠢ᠃
ᠭᠡᠲᠡᠯ᠎ᠡ ᠪᠢᠳᠡ ᠡᠢᠮᠦ ᠪᠤᠰᠤ᠂ ᠨᠢᠭᠡᠨᠲᠡ ᠪᠠᠢᠯᠳᠤᠪᠠᠰᠤ ᠡᠷᠬᠡᠪᠰᠢ ᠲᠠᠢᠯᠤᠮᠤᠢ ᠭᠡᠮᠡᠨ ᠡᠴᠦᠰ ᠲᠦ᠍ ᠲᠤᠯᠲᠠᠯ᠎ᠠ ᠴᠠᠪᠴᠢᠯᠳᠤᠮᠤᠢ᠃ ᠲᠡᠢᠨ ᠪᠥᠭᠡᠰᠦ ᠶᠡᠬᠡ ᠬᠣᠬᠢᠷᠠᠬᠤ ᠲᠤᠯᠠ ᠳᠡᠢᠯᠦᠭᠰᠡᠨ ᠴᠦ᠍ ᠳᠠᠬᠢᠨ ᠪᠠᠢᠯᠳᠤᠬᠤ ᠬᠦᠴᠦᠨ ᠦᠭᠡᠢ ᠪᠣᠯᠵᠤ ᠡᠴᠦᠰ ᠲᠡᠭᠡᠨ ᠮᠥᠨ ᠳᠡᠢᠯᠦᠭᠳᠡᠭᠰᠡᠨ ᠳ᠋ᠦ᠍ᠷ ᠲᠣᠭᠠᠴᠠᠭᠳᠠᠮᠤᠢ᠃ ᠲᠡᠢᠨ ᠬᠦ᠌ ᠪᠠᠢᠯᠳᠤᠬᠤ ᠪᠠ ᠡᠰᠡᠬᠦ ᠶ᠋ᠢ ᠰᠠᠢᠲᠤᠷ ᠯᠠᠪᠯᠠᠬᠤ ᠴᠢᠬᠤᠯᠠ ᠲᠠᠢ 》ᠬᠡᠮᠡᠪᠡᠢ᠃
ᠱ᠌ᠢᠪᠠᠨ ᠨᠠᠷ ᠴᠤ᠌ ᠬᠥᠩᠭᠡᠯᠡᠵᠦ ᠪᠣᠯᠬᠤ ᠦᠭᠡᠢ ᠬᠡᠮᠡᠯᠳᠦᠮᠦᠢ᠂ ᠪᠠᠲᠤ ᠬᠠᠨ ᠡᠭᠦᠨ ᠢ᠋ ᠰᠣᠨᠣᠰᠤᠭᠠᠳ ᠬᠥᠮᠥᠰᠬᠡ ᠪᠡᠨ ᠵᠠᠩᠭᠢᠳᠤᠨ ᠪᠣᠳᠣᠯ ᠪᠣᠯᠵᠤ ᠥᠭᠦᠯᠡᠷᠦᠨ ᠄ 《ᠪᠣᠭᠳᠠ ᠡᠵᠡᠨ ᠴᠢᠩᠭᠢᠰ ᠬᠠᠭᠠᠨ ᠮᠠᠨ ᠳ᠋ᠤᠷ ᠲᠡᠢᠨ ᠪᠠᠢᠯᠳᠤᠭᠠᠨ ᠳ᠋ᠤᠷ ᠳᠠᠢᠰᠤᠨ ᠤ᠋ ᠣᠯᠠᠨ ᠴᠥᠭᠡᠨ ᠴᠢᠭᠢᠷᠠᠭ ᠪᠠᠭᠤᠷᠠᠢ ᠪᠠ ᠠᠰᠢᠭ ᠲᠠᠢ ᠡᠰᠡᠬᠦ ᠶ᠋ᠢ ᠦᠵᠡᠵᠦ ᠴᠡᠷᠢᠭ ᠬᠡᠷᠡᠭᠯᠡᠭᠲᠦᠨ ᠬᠡᠮᠡᠭᠰᠡᠨ ᠡᠴᠡ ᠪᠤᠰᠤ ᠴᠡᠷᠢᠭ ᠬᠡᠷᠡᠭᠯᠡᠵᠦ ᠪᠣᠯᠬᠤ ᠦᠭᠡᠢ ᠬᠡᠮᠡᠭᠰᠡᠨ ᠪᠤᠰᠤ ᠪᠣᠯᠠᠢ᠃ ᠴᠡᠷᠢᠭ ᠬᠡᠷᠡᠭᠯᠡᠮᠦᠢ ᠬᠡᠮᠡᠭᠴᠢ ᠠᠰᠢᠭ ᠦᠭᠡᠢ ᠪᠥᠭᠡᠲᠡᠯ᠎ᠡ ᠠᠰᠢᠭ ᠲᠠᠢ ᠪᠠᠢᠳᠠᠯ ᠳ᠋ᠤᠷ ᠣᠷᠣᠭᠤᠯᠬᠤ᠃ ᠴᠥᠭᠡᠨ ᠪᠥᠭᠡᠲᠡᠯ᠎ᠡ ᠣᠯᠠᠨ ᠪᠣᠯᠭᠠᠨ ᠬᠡᠷᠡᠭᠯᠡᠬᠦ ᠂ ᠵᠣᠴᠢᠨ ᠪᠠᠢᠷᠢ ᠳ᠋ᠤᠷ ᠠᠭᠠᠳ ᠡᠵᠡᠨ ᠪᠠᠢᠷᠢ ᠳ᠋ᠤᠷ ᠣᠷᠣᠬᠤ ᠶ᠋ᠢ ᠰᠠᠶᠢ ᠴᠡᠷᠢᠭ ᠬᠡᠷᠡᠭᠯᠡᠮᠦᠢ ᠬᠡᠮᠡᠬᠦ ᠪᠣᠢ ᠶᠠ᠃ ᠢᠯᠠᠭᠤ ᠨᠣᠶᠠᠨ ᠤ᠋ ᠦᠭᠡ ᠴᠣᠬᠣᠮ ᠲᠥᠷᠥ ᠶ᠋ᠢᠨ ᠪᠢᠴᠢᠭᠡᠴᠢ ᠨᠠᠷ ᠤ᠋ᠨ ᠰᠤᠯᠠ ᠰᠢᠭᠦᠮᠵᠢ ᠪᠤᠶᠤ᠃ ᠡᠵᠡᠨ ᠡᠪᠦᠭᠡ ᠬᠤᠷᠸᠰᠮ ᠢ᠋ ᠲᠠᠢᠯᠠᠬᠤᠢ ᠳ᠋ᠤᠷ ᠪᠠᠢᠯᠳᠤᠬᠤ ᠴᠡᠷᠢᠭ ᠠᠷᠪᠠᠨ ᠲᠠᠪᠤᠨ ᠲᠦᠮᠡ ᠬᠦᠷᠬᠦ ᠦᠭᠡᠢ ᠪᠥᠯᠥᠭᠡ᠃ ᠰᠥᠪᠡᠭᠡᠲᠡᠢ ᠪᠠᠭᠠᠲᠤᠷ ᠵᠡᠪᠡ ᠨᠣᠶᠠᠨ ᠬᠣᠶᠠᠭᠤᠯᠠ ᠬᠣᠶᠠᠷ ᠲᠦᠮᠡ ᠪᠡᠷ ᠬᠠᠷ᠎ᠠ ᠲᠠᠩᠭᠢᠰ ᠬᠦᠷᠲᠡᠯ᠎ᠡ ᠣᠯᠠᠨ ᠤᠯᠤᠰ ᠤ᠋ᠨ ᠴᠡᠷᠢᠭ ᠢ ᠪᠤᠲᠠ ᠴᠣᠬᠢᠨ ᠶᠠᠪᠤᠵᠤ ᠪᠢᠯᠡ᠃ ᠡᠳᠦᠭᠡ ᠪᠢᠳᠡ ᠭᠤᠴᠢᠨ ᠲᠦᠮᠡᠨ ᠦ᠌ ᠣᠯᠠᠨ ᠢ᠋ ᠵᠠᠬᠢᠷᠴᠤ ᠠᠭᠠᠳ ᠪᠠᠰᠠ ᠴᠥᠭᠡᠨ ᠬᠡᠮᠡᠮᠦᠢ ᠤᠤ ? 》 ᠬᠡᠮᠡᠬᠦᠢ ᠳ᠋ᠦ᠍ᠷ ᠂ ᠰᠥᠪᠡᠭᠡᠲᠡᠢ ᠪᠠᠭᠠᠲᠤᠷ ᠬᠥᠬᠡ ᠰᠠᠬᠠᠯ ᠢ᠋ᠶ᠋ᠠᠨ ᠰᠢᠪᠠᠳᠤᠷᠤᠨ ᠲᠣᠯᠣᠭᠠᠢ ᠳᠣᠬᠢᠵᠤ ᠥᠭᠦᠯᠡᠷᠦᠨ : 《ᠴᠡᠷᠢᠭ ᠬᠡᠮᠡᠭᠴᠢ ᠣᠯᠠᠨ ᠴᠥᠭᠡᠨ ᠳ᠋ᠦ᠍ᠷ ᠦᠭᠡᠢ ᠬᠤᠷᠴᠠ ᠴᠢᠭᠢᠷᠠᠭ ᠲᠤᠷ ᠪᠣᠢ᠃ ᠴᠠᠪᠴᠢᠪᠠᠰᠤ ᠢᠯᠳᠦ ᠴᠠᠪᠴᠢᠭᠰᠠᠨ ᠭᠠᠵᠠᠷ ᠢ᠋ ᠲᠠᠰᠤᠴᠠᠬᠤ᠃ ᠵᠢᠳᠠᠯᠠᠪᠠᠰᠤ ᠵᠢᠳᠠ ᠵᠢᠳᠠᠯᠠᠭᠰᠠᠨ ᠭᠠᠵᠠᠷ ᠢ ᠨᠡᠪᠲᠡᠴᠡᠬᠦ᠃ ᠵᠢᠭᠰᠠᠭᠠᠪᠠᠰᠤ ᠬᠡᠷᠡᠮ᠂ ᠬᠦᠷᠢᠶᠡᠯᠡᠭᠡᠳ ᠠᠪᠤᠪᠠᠰᠤ ᠬᠣᠲᠠ᠃ ᠮᠣᠷᠳᠠᠭᠠᠳ ᠭᠠᠷᠤᠬᠤᠢ ᠳ᠋ᠤᠷ ᠬᠠᠷᠪᠤᠭᠰᠠᠨ ᠵᠡᠪᠡ᠂ ᠵᠢᠱ᠌ᠢᠭᠰᠡᠨ ᠭᠠᠵᠠᠷ ᠬᠦᠷᠬᠦ᠃ ᠡᠢᠮᠦ ᠴᠡᠷᠢᠭ ᠪᠣᠢ ᠪᠥᠭᠡᠰᠦ ᠴᠥᠭᠡᠨ ᠢ᠋ᠶ᠋ᠡᠷ ᠣᠯᠠᠨ ᠢ᠋ ᠬᠢᠳᠤᠵᠤ ᠪᠣᠯᠤᠮᠤᠢ᠃ ᠣᠯᠠᠨ ᠢ᠋ᠶ᠋ᠠᠷ ᠶᠠᠭᠤᠨ ᠬᠢᠬᠦ 》ᠬᠡᠮᠡᠪᠡ ᠃ ᠪᠦᠭᠦᠳᠡᠭᠡᠷ ᠪᠠᠲᠤ ᠬᠠᠨ ᠢ᠋ ᠪᠣᠭᠳᠠ ᠡᠵᠡᠨ ᠦ᠌ ᠴᠡᠷᠢᠭ ᠦ᠋ᠨ ᠤᠬᠠᠭᠠᠨ ᠢ᠋ ᠣᠨᠴᠠ ᠰᠤᠷᠪᠠᠢ ᠭᠡᠮᠡᠨ ᠪᠢᠰᠢᠷᠡᠪᠡ᠃
ᠪᠠᠲᠤ ᠬᠠᠨ ᠥᠭᠦᠯᠡᠷᠦᠨ : 《ᠡᠳᠦᠭᠡ ᠪᠠᠢᠷᠠ ᠸᠠᠩ ᠪᠤᠲᠠ ᠫᠸᠱᠲ᠋ᠦ ᠦᠬᠡᠷ ᠦ᠋ᠨ ᠡᠪᠡᠷ ᠮᠡᠲᠦ ᠬᠣᠶᠠᠷ ᠬᠣᠲᠠ ᠶ᠋ᠢ ᠭᠣᠣᠯ ᠠᠯᠤᠰᠯᠠᠨ ᠰᠠᠬᠢᠵᠤ ᠮᠠᠨ ᠤ᠋ ᠰᠡᠪ ᠢ ᠦᠵᠡᠵᠦ ᠵᠠᠪᠰᠢᠶᠠᠨ ᠣᠯᠵᠤ ᠨᠢᠭᠡᠨᠲᠡ ᠪᠠᠢᠯᠳᠤᠵᠤ ᠰᠥᠨᠥᠭᠡᠬᠦ ᠶᠡᠬᠡ ᠰᠠᠨᠠᠭ᠎ᠠ ᠡᠪᠦᠷᠯᠡᠵᠦ ᠬᠦᠯᠢᠶᠡᠮᠦᠢ᠃ ᠲᠡᠢᠨ ᠬᠦ᠌ ᠲᠡᠳᠡ ᠦᠯᠦ ᠪᠠᠢᠯᠳᠤᠬᠤ ᠠᠨᠤ ᠪᠣᠯᠠᠢ᠃ ᠢᠯᠠᠩᠭᠤᠶ᠎ᠠ ᠪᠢᠳᠡ ᠨᠢᠭᠡ ᠬᠣᠲᠠ ᠶ᠋ᠢ ᠪᠠᠢᠯᠳᠤᠪᠠᠰᠤ ᠨᠥᠭᠦᠭᠡ ᠠᠨᠤ ᠲᠤᠰᠠᠯᠠᠬᠤ ᠲᠤᠯᠠ ᠬᠢᠯᠪᠠᠷ ᠠᠪᠴᠤ ᠦᠯᠦ ᠪᠣᠯᠤᠮᠤᠢ᠃ ᠪᠢᠳᠡ ᠠᠷᠭ᠎ᠠ ᠪᠣᠳᠣᠵᠤ ᠪᠠᠢᠷᠠ ᠸᠠᠩ ᠢ᠋ ᠬᠣᠲᠠᠨ ᠡᠴᠡ ᠠᠪᠴᠤ ᠭᠠᠷᠭᠠᠬᠤ ᠬᠡᠷᠡᠭᠲᠡᠢ ᠪᠣᠯᠠᠢ 》ᠭᠡᠮᠡᠨ ᠣᠯᠠᠨ ᠠ᠋ᠴᠠ ᠠᠷᠭ᠎ᠠ ᠠᠰᠠᠭᠤᠪᠠᠰᠤ ᠪᠦᠭᠦᠳᠡᠭᠡᠷ ᠴᠥᠮ ᠰᠦᠪᠡᠭᠡᠲᠡᠢ ᠪᠠᠭᠠᠲᠤᠷ ᠢ ᠬᠠᠷᠠᠮᠤᠢ᠃ ᠡᠪᠦᠭᠡᠨ ᠵᠠᠩᠵᠤᠨ ᠥᠴᠦᠬᠡᠨ ᠢᠨᠢᠶᠡᠮᠰᠦᠭᠯᠡᠨ ᠥᠭᠦᠯᠡᠷᠦᠨ :《ᠰᠣᠨᠣᠰᠪᠠᠰᠤ ᠽᠧᠲ᠋ᠧᠯᠢᠭᠦᠧᠧᠨᠢᠶᠠ ᠬᠣᠲᠠ ᠪᠥᠭᠡᠰᠦ ᠬᠠᠩᠭᠠᠷᠢ ᠶ᠋ᠢᠨ ᠬᠠᠭᠤᠴᠢᠨ ᠨᠡᠢᠰᠯᠡᠯ ᠪᠥᠭᠡᠳ ᠲᠡᠷᠢᠭᠦᠨ ᠶᠡᠬᠡ ᠪᠠᠶᠠᠯᠢᠭ ᠬᠣᠲᠠ ᠬᠡᠮᠡᠮᠦ᠃ ᠴᠢᠬᠢ ᠶ᠋ᠢ ᠲᠠᠲᠠᠪᠠᠰᠤ ᠡᠷᠡᠦ ᠬᠥᠳᠡᠯᠬᠦ ᠦᠭᠡᠢ ᠶᠣᠰᠣ ᠪᠤᠶᠤ᠃ ᠪᠢᠳᠡ ᠡᠪᠡᠳᠬᠦ ᠭᠠᠵᠠᠷ ᠠ᠋ᠴᠠ ᠣᠭᠲᠣᠴᠢᠪᠠᠰᠤ ᠪᠠᠢᠷᠠ ᠸᠠᠩ ᠬᠡᠷᠬᠢᠨ ᠠᠮᠤᠷ ᠰᠠᠭᠤᠬᠤ ᠪᠣᠯᠠᠢ᠃ ᠪᠢᠳᠡ ᠽᠧᠲ᠋ᠧᠯᠢᠭᠦᠧᠧᠨᠢᠶᠠ ᠶ᠋ᠢ ᠠᠪᠤᠷᠠ ᠣᠳᠤᠮᠤᠢ ᠭᠡᠮᠡᠨ ᠴᠤᠤ ᠲᠠᠷᠬᠠᠭᠠᠪᠠᠰᠤ ᠪᠠᠢᠷᠠ ᠸᠠᠩ ᠯᠠᠪ ᠰᠠᠶᠣ᠋ ᠭᠣᠣᠯ ᠤ᠋ᠨ ᠶᠡᠬᠡ ᠬᠥᠭᠥᠷᠭᠡ ᠶ᠋ᠢ ᠪᠤᠯᠢᠶᠠᠯᠳᠤᠬᠤ ᠪᠠᠷ ᠢᠷᠡᠮᠦᠢ᠃ ᠴᠥᠭᠡᠨ ᠴᠡᠷᠢᠭ ᠪᠥᠭᠡᠰᠦ ᠪᠢᠳᠡᠨ ᠢ᠋ ᠬᠣᠷᠢᠭᠯᠠᠵᠤ ᠴᠢᠳᠠᠬᠤ ᠦᠭᠡᠢ ᠭᠡᠮᠡᠨ ᠯᠠᠪ ᠪᠦᠬᠦ ᠬᠦᠴᠦᠨ ᠢ᠋ᠶ᠋ᠡᠷ ᠢ᠋ᠶ᠋ᠡᠨ ᠣᠷᠣᠯᠴᠠᠮᠤᠢ᠃ ᠲᠡᠳᠦᠢ ᠳ᠋ᠦ᠍ᠷ ᠲᠣᠬᠢᠶᠠᠯ ᠢ᠋ ᠦᠵᠡᠵᠦ ᠰᠥᠨᠥᠭᠡᠰᠦᠭᠡᠢ 》ᠬᠡᠮᠡᠭᠰᠡᠨ ᠳ᠋ᠦ᠍ᠷ ᠣᠯᠠᠨ ᠢ᠋ᠶ᠋ᠠᠷ ᠢ᠋ᠶ᠋ᠠᠨ ᠴᠥᠮ ᠪᠣᠯᠬᠤ ᠠᠷᠭ᠎ᠠ ᠪᠣᠯᠪᠠᠴᠤ ᠡᠨᠡ ᠮᠡᠳᠡᠭᠡ ᠶ᠋ᠢ ᠬᠡᠨ ᠪᠠᠢᠷᠨ ᠸᠠᠩ ᠳ᠋ᠤᠷ ᠬᠦᠷᠭᠡᠵᠦ ᠬᠡᠷᠬᠢᠵᠦ ᠦᠨᠡᠮᠰᠢᠭᠦᠯᠬᠦ ᠪᠣᠢ ? ᠭᠡᠮᠡᠨ ᠢᠲᠡᠭᠡᠯ ᠦᠭᠡᠢ ᠳ᠋ᠦ᠍ᠷ ᠰᠦᠪᠡᠭᠡᠲᠡᠢ ᠪᠠᠭᠠᠲᠤᠷ : 《ᠨᠠᠳᠤᠷ ᠪᠦᠲᠦᠭᠰᠡᠨ ᠭᠠᠵᠠᠷ ᠪᠣᠢ 》ᠭᠡᠮᠡᠨ ᠪᠠᠲᠤ ᠬᠠᠨ ᠤ᠋ ᠴᠢᠬᠢᠨ ᠳ᠋ᠦ᠍ᠷ ᠬᠡᠳᠦᠨ ᠦᠭᠡ ᠮᠡᠳᠡᠭᠦᠯᠦᠭᠰᠡᠨ ᠳ᠋ᠦ᠍ᠷ ᠪᠠᠲᠤ ᠬᠠᠨ ᠢᠨᠢᠶᠡᠨ :《ᠴᠡᠷᠢᠭ ᠬᠡᠷᠡᠭᠯᠡᠬᠦᠢ ᠳ᠋ᠦ᠍ᠷ ᠪᠠᠰᠢᠷ ᠵᠠᠯᠢ ᠢᠯᠡᠭᠦᠳᠡᠬᠦ ᠦᠭᠡᠢ ᠬᠡᠮᠡᠯᠦᠭᠡ᠂ ᠲᠡᠢᠨ ᠪᠣᠯᠲᠤᠭᠠᠢ 》 ᠬᠡᠮᠡᠪᠡᠢ᠃ ᠣᠯᠠᠨ ᠢ᠋ᠶ᠋ᠠᠷ ᠢ᠋ᠶ᠋ᠠᠨ ᠬᠡᠳᠦᠢ ᠪᠡᠷ ᠨᠠᠷᠢᠨ ᠤᠴᠢᠷ ᠢ᠋ ᠮᠡᠳᠡᠬᠦ ᠦᠭᠡᠢ ᠪᠣᠯᠪᠠᠴᠤ ᠯᠠᠪ ᠪᠦᠲᠦᠭᠡᠮᠵᠢ ᠲᠡᠢ ᠠᠷᠭ᠎ᠠ ᠣᠯᠪᠠ ᠭᠡᠮᠡᠨ ᠢᠲᠡᠭᠡᠵᠦ ᠪᠠᠶᠠᠰᠤᠯᠴᠠᠪᠠᠢ᠃
ᠵᠢᠴᠢ ᠡᠳᠦᠷ ᠰᠥᠪᠡᠭᠡᠳᠡᠢ ᠪᠠᠭᠠᠲᠤᠷ ᠶᠡᠬᠡ ᠴᠠᠴᠠᠷ ᠲᠤᠷ ᠰᠠᠭᠤᠵᠤ ᠣᠯᠵᠠᠯᠠᠭᠰᠠᠨ ᠠᠬᠠᠯᠠᠭᠴᠢ ᠰᠤᠷᠭᠠᠭᠴᠢ ᠢᠣᠢᠭᠦᠧᠧᠯᠢᠨ ᠦ᠌ ᠮᠣᠷᠢᠲᠠᠨ ᠡᠷᠡᠰ ᠲᠠᠪᠤᠭᠤᠯᠠ ᠶ᠋ᠢ ᠬᠣᠷᠢᠭᠤᠯ ᠠ᠋ᠴᠠ ᠭᠠᠷᠭᠠᠨ ᠠᠪᠴᠤ ᠢᠷᠡᠭᠡᠳ ᠰᠢᠭᠦᠬᠦᠢ ᠳ᠋ᠦ᠍ᠷ ᠬᠤᠯᠤᠭᠤ ᠬᠠᠨ ᠤ᠋ ᠡᠯᠴᠢ ᠭᠡᠮᠡᠨ ᠨᠢᠭᠡᠨ ᠬᠠᠷ᠎ᠠ ᠡᠷ᠎ᠡ ᠴᠡᠷᠢᠭ ᠦ᠋ᠨ ᠨᠢᠭᠤᠴᠠ ᠮᠡᠳᠡᠭᠦᠯᠬᠦ ᠪᠡᠷ ᠢᠷᠡᠪᠡ ᠬᠡᠮᠡᠬᠦᠢ ᠳ᠋ᠦ᠍ᠷ ᠰᠥᠪᠡᠭᠡᠳᠡᠢ ᠪᠠᠭᠠᠲᠤᠷ ᠠᠪᠴᠤ ᠠᠭᠤᠯᠵᠠᠭᠠᠳ ᠮᠣᠷᠢᠲᠠᠨ ᠡᠷᠡᠰ ᠢ᠋ ᠮᠣᠩᠭᠣᠯ ᠦᠭᠡ ᠮᠡᠳᠡᠬᠦ ᠦᠭᠡᠢ ᠬᠡᠮᠡᠭᠰᠡᠨ ᠪᠣᠯᠤᠯᠲᠠᠢ᠃ ᠤᠳᠠᠲᠠᠯ᠎ᠠ ᠵᠥᠪᠳᠡᠯᠴᠡᠭᠡᠳ ᠭᠠᠷᠴᠤ ᠶᠠᠪᠤᠪᠠ᠃ ᠮᠣᠷᠢᠲᠠᠨ ᠡᠷᠡᠰ ᠮᠣᠩᠭᠣᠯ ᠦᠭᠡ ᠮᠡᠳᠡᠬᠦ ᠦᠭᠡᠢ ᠪᠣᠯᠪᠠᠴᠤ ᠽᠧᠲ᠋ᠧᠯᠢᠭᠥᠧᠧᠨᠢᠶᠠ ᠬᠡᠮᠡᠬᠦ ᠪᠠ ᠪᠠᠲᠤ ᠬᠠᠨ ᠂ ᠤᠷᠲᠠ ᠂ ᠱ᠌ᠢᠪᠠᠨ ᠂ ᠬᠠᠢᠲᠤ ᠂ ᠪᠠᠢᠳᠠᠷ ᠂ ᠬᠤᠯᠤᠭᠤ ᠨᠠᠷ ᠤ᠋ᠨ ᠨᠡᠷ᠎ᠡ ᠶ᠋ᠢ ᠣᠯᠠᠨᠲᠠ ᠬᠣᠯᠪᠣᠵᠤ ᠶᠠᠷᠢᠭᠰᠠᠨ ᠢ᠋ ᠬᠠᠷᠢᠨ ᠮᠡᠳᠡᠮᠦᠢ᠃ ᠠᠩᠬᠠᠨ ᠳ᠋ᠠᠭᠠᠨ ᠭᠠᠢᠬᠠᠵᠤ ᠳᠠᠷᠠᠭ᠎ᠠ ᠪᠠᠷ ᠨᠢᠭᠲᠠᠯᠠᠪᠠᠰᠤ ᠡᠳᠡᠭᠡᠷ ᠬᠥᠮᠦᠨ ᠽᠧᠲ᠋ᠧᠯᠢᠭᠥᠧᠧᠨᠢᠶᠠ ᠳ᠋ᠤᠷ ᠮᠣᠷᠳᠠᠰᠤᠭᠠᠢ ᠬᠡᠮᠡᠬᠦ ᠢᠨᠤ ᠪᠤᠰᠤ ᠤᠤ ᠭᠡᠮᠡᠨ ᠰᠡᠵᠢᠭᠯᠡᠵᠦ ᠠᠲᠠᠯ᠎ᠠ ᠰᠥᠪᠡᠭᠡᠲᠡᠢ ᠪᠠᠭᠠᠲᠤᠷ ᠳᠠᠬᠢᠨ ᠤᠳᠠᠲᠠᠯ᠎ᠠ ᠰᠢᠭᠦᠭᠡᠳ ᠬᠣᠷᠢᠭᠤᠯ ᠳ᠋ᠤᠷ ᠪᠤᠴᠠᠭᠠᠪᠠ᠃
ᠮᠣᠷᠢᠲᠠᠨ ᠤ᠋ ᠠᠭᠯᠠᠭᠴᠢ ᠨᠥᠭᠦᠭᠡ ᠳᠥᠷᠪᠡ ᠳ᠋ᠡᠭᠡᠨ ᠥᠭᠦᠯᠡᠷᠦᠨ :《ᠮᠣᠩᠭᠣᠯᠴᠤᠳ ᠽᠧᠲ᠋ᠧᠯᠢᠭᠦᠧᠧᠨᠢᠶᠠ ᠶ᠋ᠢ ᠠᠪᠤᠷᠠ ᠤᠳᠤᠮᠤᠢ᠃ ᠡᠨᠡ ᠮᠡᠳᠡᠭᠡ ᠶ᠋ᠢ ᠫᠸᠱᠲ᠋ᠦ ᠳ᠋ᠦ᠍ᠷ ᠬᠦᠷᠭᠡᠪᠡᠰᠦ ᠬᠠᠷᠢᠨ ᠶᠡᠬᠡ ᠭᠠᠪᠢᠶ᠎ᠠ ᠪᠣᠯᠠᠢ 》ᠬᠡᠮᠡᠪᠡ᠃ ᠲᠡᠷᠡ ᠳᠥᠷᠪᠡ ᠢᠨᠦ ᠢᠲᠡᠭᠡᠬᠦ ᠦᠭᠡᠢ 《ᠲᠠ ᠬᠡᠷᠬᠢᠨ ᠮᠡᠳᠡᠪᠡ ? 》ᠬᠡᠮᠡᠬᠦᠢ ᠳ᠋ᠦ᠍ᠷ ᠮᠣᠷᠢᠲᠠᠨ ᠤ᠋ ᠠᠬᠠᠯᠠᠭᠴᠢ : 《ᠲᠡᠳᠡ ᠪᠠᠲᠤ ᠬᠠᠨ ᠬᠢᠭᠡᠳ ᠽᠧᠲ᠋ᠧᠯᠢᠭᠦᠧᠧᠨᠢᠶᠠ ᠶ᠋ᠢᠨ ᠨᠡᠷ᠎ᠡ ᠶ᠋ᠢ ᠣᠯᠠᠨᠲᠠ ᠬᠣᠯᠪᠣᠵᠤ ᠶᠠᠷᠢᠭᠰᠠᠨ ᠢ᠋ ᠰᠣᠨᠣᠰᠤᠭᠰᠠᠨ ᠦᠭᠡᠢ ᠤᠤ ? ᠦᠵᠡᠵᠦ ᠪᠠᠢᠭᠠᠷᠠᠢ᠃ ᠡᠨᠡ ᠬᠣᠶᠠᠷ ᠡᠳᠦᠷ ᠯᠠᠪ ᠬᠥᠳᠡᠯᠦᠮᠦᠢ 》ᠭᠡᠮᠡᠨ ᠮᠡᠷᠭᠡᠯᠡᠵᠦ ᠰᠠᠭᠤᠪᠠ᠃
ᠲᠡᠷᠡ ᠡᠳᠦᠷ ᠨᠠᠷᠠ ᠰᠢᠩᠭᠡᠬᠦ ᠬᠢᠷᠢ ᠳ᠋ᠦ᠍ᠷ ᠭᠡᠨᠡᠳᠲᠡ ᠵᠠᠷᠯᠢᠭ ᠪᠣᠯᠵᠤ ᠴᠡᠷᠢᠭ ᠴᠤᠭᠯᠠᠷᠠᠨ ᠭᠡᠷ ᠮᠠᠢᠬᠠᠨ ᠢ᠋ᠶ᠋ᠠᠨ ᠪᠠᠭᠤᠯᠭᠠᠨ ᠬᠥᠮᠦᠨ ᠮᠣᠷᠢ ᠦᠢᠮᠡᠯᠳᠦᠮᠦᠢ᠃ ᠮᠣᠷᠢᠲᠠᠨ ᠤ᠋ ᠠᠬᠠᠯᠠᠭᠴᠢ ᠪᠡᠶ᠎ᠡ ᠪᠡᠨ ᠵᠥᠪ ᠮᠡᠷᠭᠡᠯᠡᠪᠡ ᠭᠡᠮᠡᠨ ᠪᠣᠳᠣᠵᠤ ᠯᠠᠪ ᠢ ᠮᠡᠳᠡᠰᠦᠭᠡᠢ ᠭᠡᠮᠡᠨ ᠬᠡᠯᠡᠮᠦᠷᠴᠢ ᠶ᠋ᠢᠨ ᠰᠠᠨᠠᠮᠰᠠᠷ ᠦᠭᠡᠢ ᠪᠠᠢᠬᠤ ᠶ᠋ᠢ ᠠᠰᠢᠭᠯᠠᠨ ᠠᠰᠠᠭᠤᠷᠤᠨ: 《ᠰᠥᠨᠢ ᠣᠷᠣᠢ ᠬᠠᠮᠢᠭᠠᠰᠢ ᠮᠣᠷᠳᠠᠮᠤᠢ ? 》ᠬᠡᠮᠡᠪᠡᠰᠦ ᠬᠡᠯᠡᠮᠦᠷᠴᠢ ᠡᠨᠡ ᠡᠳᠦᠷ ᠬᠠᠷᠢᠨ ᠦᠭᠡᠨ ᠳ᠋ᠦ᠍ᠷ ᠳᠤᠷᠠᠲᠠᠢ ᠪᠣᠯᠵᠤ ᠥᠭᠦᠯᠡᠷᠦᠨ : 《ᠲᠠ ᠲᠠᠪᠤᠭᠤᠯᠠ ᠶ᠋ᠢᠨ ᠲᠡᠷᠢᠭᠦᠨ ᠢ᠋ᠶ᠋ᠡᠷ ᠶᠡᠬᠡ ᠴᠡᠷᠢᠭ ᠽᠧᠲ᠋ᠧᠯᠢᠭᠦᠧᠧᠨᠢᠶᠠ ᠵᠦᠭ ᠮᠣᠷᠳᠠᠭᠤᠯᠤᠮᠤᠢ 》ᠭᠡᠮᠡᠨ ᠥᠭᠦᠯᠡᠭᠡᠳ ᠴᠡᠷᠢᠭ ᠦ᠋ᠨ ᠠᠷᠠᠳ ᠯᠤᠭ᠎ᠠ ᠦᠭᠡ ᠶᠠᠷᠢᠯᠴᠠᠵᠤ ᠵᠢᠭᠲᠡᠢ ᠬᠠᠷᠠᠵᠤ ᠢᠨᠢᠶᠡᠯᠳᠦᠮᠦᠢ᠃ ᠡᠭᠦᠨ ᠢ᠋ ᠰᠣᠨᠣᠰᠤᠭᠠᠳ ᠲᠠᠪᠤᠭᠤᠯᠠ ᠦᠬᠦᠯ ᠦ᠋ᠨ ᠡᠭᠦᠳᠡᠨ ᠳ᠋ᠦ᠍ᠷ ᠬᠦᠷᠦᠭᠰᠡᠨ ᠢ᠋ᠶ᠋ᠡᠨ ᠰᠠᠶᠢ ᠮᠡᠳᠡᠵᠦ ᠴᠢᠷᠠᠢ ᠠᠯᠳᠠᠪᠠ᠃ ᠦᠬᠦᠬᠦ ᠡᠴᠡ ᠠᠶᠤᠬᠤ ᠦᠭᠡᠢ ᠬᠡᠮᠡᠬᠦ ᠢᠨᠦ ᠬᠤᠳᠠᠯ ᠦᠭᠡ ᠪᠤᠶᠤ᠃ ᠡᠨᠡ ᠲᠠᠪᠤᠭᠤᠯᠠ ᠤᠬᠠᠭᠠᠨ ᠦᠭᠡᠢ ᠠᠶᠤᠵᠤ ᠬᠥᠳᠡᠯᠵᠦ ᠪᠠᠷᠢᠬᠤ ᠪᠠᠨ ᠴᠤ᠌ ᠮᠡᠳᠡᠬᠦ ᠦᠭᠡᠢ ᠪᠣᠯᠪᠠ᠃ ᠬᠡᠳᠦᠨ ᠴᠡᠷᠢᠭ ᠦ᠋ᠨ ᠡᠷᠡᠰ ᠢᠷᠡᠵᠦ ᠲᠠᠪᠤᠭᠤᠯᠠ ᠶ᠋ᠢ ᠭᠠᠷ ᠠ᠋ᠴᠠ ᠬᠣᠯᠪᠣᠵᠤ ᠤᠶᠠᠭᠠᠳ ᠬᠡᠯᠡᠵᠦ ᠮᠣᠷᠢᠲᠤ ᠴᠡᠷᠢᠭ ᠦ᠋ᠨ ᠠᠷᠤ ᠠ᠋ᠴᠠ ᠱᠣᠭᠰᠢᠭᠤᠯᠤᠮᠤᠢ᠃ ᠶᠠᠭᠠᠬᠢᠵᠤ ᠵᠠᠩᠳᠤᠷᠴᠤ ᠲᠠᠰᠢᠭᠤᠷᠳᠠᠪᠠᠴᠤ ᠮᠣᠷᠢᠲᠤ ᠴᠡᠷᠢᠭ ᠢ᠋ ᠬᠡᠷᠬᠢᠨ ᠳᠠᠭᠠᠵᠤ ᠭᠦᠢᠴᠡᠬᠦ ᠪᠣᠢ᠃ ᠶᠠᠪᠤᠬᠤ ᠳᠣᠳᠣᠮ ᠬᠣᠴᠣᠷᠤᠮᠤᠢ᠃ ᠡᠢᠨ ᠠᠭᠠᠳ ᠮᠣᠷᠢᠲᠠᠨ ᠤ᠋ ᠠᠬᠠᠯᠠᠭᠴᠢ ᠬᠠᠷᠠᠩᠭᠤᠢ ᠶ᠋ᠢ ᠠᠰᠢᠭᠯᠠᠨ ᠳᠡᠮᠡᠢ ᠬᠦᠴᠢᠷ ᠣᠷᠣᠭᠰᠠᠨ ᠦᠭᠡᠢ ᠪᠡᠷ ᠭᠠᠷ ᠤ᠋ᠨ ᠤᠶᠠᠭᠠᠰᠤ ᠪᠠᠨ ᠮᠤᠯᠲᠤᠯᠵᠤ ᠵᠠᠯᠭᠠᠪᠠᠷ ᠡᠮᠦᠨ᠎ᠡ ᠬᠣᠢᠨ᠎ᠠ ᠬᠢ ᠬᠥᠮᠦᠰ ᠦ᠋ᠨ ᠭᠠᠷ ᠢ᠋ ᠴᠦ᠍ ᠬᠠᠮᠵᠢᠯᠴᠠᠨ ᠲᠠᠢᠯᠵᠤ ᠥᠭᠭᠦᠭᠡᠳ ᠣᠢ ᠳᠤᠮᠳᠠ ᠬᠦᠷᠦᠮᠡᠭᠴᠡ ᠳᠣᠲᠣᠭᠰᠢ ᠰᠢᠷᠭᠤᠵᠤ ᠰᠠᠷᠨᠢᠨ ᠳᠤᠲᠠᠭᠠᠪᠠ᠃ ᠮᠣᠩᠭᠣᠯᠴᠤᠳ ᠨᠢᠭᠡ ᠵᠡᠷᠭᠡ ᠦᠢᠮᠡᠯᠳᠦᠨ ᠨᠡᠬᠡᠮᠵᠢᠯᠡᠭᠡᠳ ᠄ 《ᠬᠠᠷᠠᠩᠭᠤᠢ ᠰᠥᠨᠢ ᠣᠢ ᠳᠣᠲᠣᠷ᠎ᠠ ᠠ᠋ᠴᠠ ᠬᠡᠳᠦᠨ ᠬᠥᠮᠦᠨ ᠢ᠋ ᠬᠠᠮᠢᠭ᠎ᠠ ᠠ᠋ᠴᠠ ᠣᠯᠬᠤ ᠪᠣᠢ ? 》ᠬᠡᠮᠡᠯᠳᠦᠨ ᠪᠤᠴᠠᠪᠠ᠃ ᠮᠣᠷᠢᠲᠠᠨ ᠤ᠋ ᠠᠬᠠᠯᠠᠭᠴᠢ ᠰᠥᠨᠢ ᠶ᠋ᠢᠨ ᠬᠠᠷᠠᠩᠭᠤᠢ ᠳ᠋ᠤᠷ ᠠᠮᠠᠢ ᠭᠠᠷᠪᠠ ᠭᠡᠮᠡᠨ ᠪᠠᠶᠠᠷᠯᠠᠵᠤ ᠭᠦᠶᠦᠵᠦ ᠶᠠᠪᠤᠲᠠᠯ᠎ᠠ ᠪᠠᠢᠷᠨ ᠸᠠᠩ ᠤ᠋ᠨ ᠶᠠᠪᠤᠭᠤᠯᠤᠭᠰᠠᠨ ᠲᠤᠷᠰᠢᠭᠤᠯ ᠤ᠋ᠳ ᠲᠠᠢ ᠤᠴᠠᠷᠠᠭᠠᠳ ᠶᠠᠭᠠᠷᠠᠤ ᠮᠡᠳᠡᠭᠡ ᠲᠡᠢ ᠭᠡᠮᠡᠨ ᠮᠣᠷᠢ ᠶ᠋ᠢ ᠠᠪᠴᠤ ᠤᠨᠤᠭᠠᠳ ᠫᠸᠱᠲ᠋ᠦ ᠤᠷᠤᠭᠤ ᠣᠴᠢ ᠦᠰᠦᠷᠡᠲᠡᠯᠡ ᠳᠠᠪᠬᠢᠭᠤᠯᠤᠨ ᠶᠠᠪᠤᠵᠤ ᠲᠡᠷᠡ ᠰᠥᠨᠢ ᠳᠤᠮᠳᠠ ᠫᠸᠱᠲ᠋ᠦ ᠬᠣᠲᠠᠨ ᠳ᠋ᠤᠷ ᠬᠦᠷᠴᠦ ᠢᠷᠡᠭᠡᠳ ᠪᠠᠴᠢᠮ ᠮᠡᠳᠡᠭᠡ ᠭᠡᠮᠡᠨ ᠪᠠᠢᠷᠠ ᠸᠠᠩ ᠢ᠋ ᠨᠣᠢᠷ ᠠ᠋ᠴᠠ ᠰᠡᠷᠡᠭᠡᠭᠡᠵᠦ ᠮᠣᠩᠭᠣᠯᠴᠤᠳ ᠽᠧᠲ᠋ᠧᠯᠢᠭᠦᠧᠧᠨᠢᠶᠠ ᠶ᠋ᠢ ᠠᠪᠤᠷᠠ ᠣᠴᠢᠬᠤ ᠪᠠᠷ ᠪᠣᠢ ᠭᠡᠮᠡᠨ ᠮᠡᠳᠡᠭᠦᠯᠪᠡ᠃
ᠪᠠᠢ᠌ᠷᠨ ᠸᠠᠩ ᠲᠡᠭᠦᠨ ᠢ᠋ ᠳᠠᠢᠰᠤᠨ ᠤ᠋ ᠬᠦᠷᠢᠶ᠎ᠡ ᠡᠴᠡ ᠳᠤᠲᠠᠭᠠᠵᠤ ᠭᠠᠷᠴᠤ ᠢᠷᠡᠭᠰᠡᠨ ᠭᠡᠮᠡᠨ ᠪᠣᠯᠭᠣᠮᠵᠢᠯᠠᠵᠤ ᠵᠥᠪᠬᠡᠨ ᠰᠡᠭᠦᠷᠡᠰᠦ ᠠᠯᠳᠠᠵᠤ ᠰᠠᠭᠤᠮᠤᠢ᠃ ᠭᠧᠯᠥᠧᠡᠴᠡ ᠶ᠋ᠢᠨ ᠠᠬᠠᠯᠠᠭᠴᠢ ᠰᠤᠷᠭᠠᠭᠴᠢ ᠢᠤᠢᠭᠥᠧᠧᠯᠢᠨ ᠮᠡᠳᠡᠭᠡᠳ ᠬᠡᠷᠬᠢᠪᠡᠴᠦ ᠮᠣᠩᠭᠣᠯᠴᠤᠳ ᠢ᠋ ᠰᠠᠶᠣ᠋ ᠭᠣᠣᠯ ᠭᠡᠲᠦᠯᠦᠭᠦᠯᠵᠦ ᠪᠣᠯᠬᠤ ᠦᠭᠡᠢ ᠭᠡᠮᠡᠨ ᠪᠠᠢᠷᠠ ᠸᠠᠩ ᠢ᠋ ᠱᠠᠭᠠᠷᠳᠠᠮᠤᠢ᠃ ᠲᠡᠳᠦᠢ ᠳ᠋ᠦ᠍ᠷ ᠮᠣᠷᠢᠲᠠᠨ ᠤ᠋ ᠠᠬᠠᠯᠠᠭᠴᠢ ᠲᠠᠢ ᠬᠠᠮᠲᠤ ᠳᠤᠲᠠᠭᠠᠵᠤ ᠭᠠᠷᠴᠤ ᠢᠷᠡᠭᠰᠡᠨ ᠨᠥᠭᠦᠭᠡ ᠳᠥᠷᠪᠡᠭᠦᠯᠡ ᠪᠠᠰᠠ ᠬᠣᠵᠢᠳ ᠤᠷᠢᠳ ᠬᠦᠷᠴᠦ ᠢᠷᠡᠭᠡᠳ ᠮᠡᠳᠡᠭᠦᠯᠬᠦ ᠠᠨᠤ ᠴᠥᠮ ᠠᠳᠠᠯᠢ ᠪᠣᠯᠪᠠᠴᠤ ᠪᠠᠢ᠌ᠷᠨ ᠸᠠᠩ ᠪᠠᠰᠠ ᠲᠠᠲᠠᠭᠠᠯᠵᠠᠨ ᠣᠯᠠᠨ ᠨᠣᠶᠠᠳ ᠲᠦᠰᠢᠮᠡᠳ ᠢ᠋ᠶ᠋ᠡᠨ ᠴᠤᠭᠯᠠᠭᠤᠯᠤᠨ ᠵᠥᠪᠳᠡᠪᠡᠰᠦ ᠲᠡᠳᠡᠭᠡᠷ ᠸᠠᠩ ᠬᠦᠩ ᠵᠠᠩᠵᠤᠨ ᠲᠦᠰᠢᠮᠡᠳ ᠡᠨᠡ ᠮᠡᠳᠡᠭᠡ ᠶ᠋ᠢ ᠰᠣᠨᠣᠰᠤᠭᠠᠳ ᠴᠥᠮ ᠽᠧᠲ᠋ᠧᠯᠢᠭᠦᠧᠧᠨᠢᠶᠠ ᠶ᠋ᠢ ᠠᠪᠤᠷᠠᠬᠤ ᠠᠨᠤ ᠵᠦᠢ ᠬᠡᠮᠡᠮᠦᠢ᠃ ᠪᠠᠰᠠ ᠵᠠᠷᠢᠮ ᠠᠨᠤ 《ᠪᠢᠳᠡ ᠮᠣᠩᠭᠣᠯᠴᠤᠳ ᠯᠤᠭ᠎ᠠ ᠡᠷᠲᠡ ᠣᠷᠣᠢ ᠦᠭᠡᠢ ᠨᠢᠭᠡᠨ ᠤᠳᠠᠭ᠎ᠠ ᠦᠵᠡᠯᠴᠡᠬᠦ ᠲᠤᠯᠠ ᠡᠳᠦᠭᠡ ᠮᠣᠩᠭᠣᠯᠴᠤᠳ ᠴᠤᠭᠯᠠᠷᠠᠵᠤ ᠢᠷᠡᠬᠦ ᠡᠴᠡ ᠡᠮᠦᠨ᠎ᠡ ᠦᠵᠡᠯᠴᠡᠬᠦ ᠢᠨᠦ ᠠᠰᠢᠭ ᠲᠠᠢ᠃ ᠡᠷᠲᠡ ᠨᠢᠭᠡᠨ ᠡᠳᠦᠷ ᠢᠯᠠᠪᠠᠰᠤ ᠬᠠᠩᠭᠠᠷᠢ ᠶ᠋ᠢᠨ ᠠᠷᠠᠳ ᠲᠦᠮᠡᠨ ᠡᠷᠲᠡ ᠨᠢᠭᠡᠨ ᠡᠳᠦᠷ ᠭᠠᠯ ᠤᠰᠤᠨ ᠤ᠋ ᠵᠣᠪᠠᠯᠠᠩ ᠠ᠋ᠴᠠ ᠠᠩᠭᠢᠵᠢᠷᠠᠮᠤᠢ᠃ ᠡᠳᠦᠭᠡ ᠪᠦᠬᠦ ᠤᠯᠤᠰ ᠤ᠋ᠨ ᠠᠷᠠᠳ ᠢᠷᠭᠡᠳ ᠸᠠᠩ ᠤ᠋ᠨ ᠴᠡᠷᠢᠭ ᠢ᠋ ᠬᠠᠷᠠᠬᠤ ᠠᠨᠤ ᠨᠢᠯᠬ᠎ᠠ ᠬᠡᠦᠬᠡᠳ ᠬᠥᠬᠥᠭᠦᠯᠬᠦ ᠶ᠋ᠢ ᠬᠦᠯᠢᠶᠡᠬᠦ ᠮᠡᠲᠦ ᠠᠮᠤᠢ᠃ ᠢᠯᠠᠩᠭᠤᠶ᠎ᠠ ᠽᠧᠲ᠋ᠧᠯᠢᠭᠥᠧᠧᠨᠢᠶᠠ ᠢᠨᠦ ᠬᠠᠩᠭᠠᠷᠢ ᠶ᠋ᠢᠨ ᠬᠠᠭᠤᠴᠢᠨ ᠨᠡᠢᠰᠯᠡᠯ ᠪᠥᠭᠡᠳ ᠲᠡᠷᠢᠭᠦᠨ ᠪᠠᠶᠠᠯᠢᠭ ᠬᠣᠲᠠ ᠲᠤᠯᠠ ᠬᠡᠷᠬᠢᠪᠡᠴᠦ ᠮᠣᠩᠭᠣᠯᠴᠤᠳ ᠤ᠋ᠨ ᠭᠠᠷ ᠲᠤᠷ ᠣᠷᠣᠭᠤᠯᠵᠤ ᠪᠣᠯᠬᠤ ᠦᠭᠡᠢ᠃ ᠡᠳᠦᠭᠡ ᠪᠠᠲᠤ ᠶ᠋ᠢᠨ ᠴᠡᠷᠢᠭ ᠴᠤᠭᠯᠠᠷᠠᠵᠤ ᠠᠮᠵᠢᠭᠠᠳᠤᠢ ᠠᠨᠤ ᠮᠠᠭᠠᠳ ᠦᠨᠡᠨ ᠪᠣᠯᠠᠢ᠃ ᠬᠠᠩᠭᠠᠷᠢ ᠶ᠋ᠢᠨ ᠪᠠᠷᠠᠭᠤᠨ ᠬᠡᠰᠡᠭ ᠂ ᠬᠣᠢᠲᠤ ᠬᠡᠰᠡᠭ ᠢ᠋ᠶ᠋ᠡᠷ ᠮᠣᠩᠭᠣᠯᠴᠤᠳ ᠤ᠋ᠨ ᠲᠦᠢᠪᠡᠭᠡᠵᠦ ᠪᠠᠢᠭ᠎ᠠ ᠴᠢᠮᠡᠭᠡ ᠮᠡᠳᠡᠭᠡ ᠡᠳᠦᠷ ᠪᠣᠯᠭᠠᠨ ᠲᠠᠰᠤᠷᠠᠬᠤ ᠦᠭᠡᠢ ᠪᠣᠢ᠃ ᠲᠡᠳᠡ ᠲᠤᠰ ᠲᠤᠰ ᠤ᠋ᠨ ᠠᠰᠢᠭ ᠲᠤᠰᠠ ᠶ᠋ᠢ ᠪᠣᠳᠣᠵᠤ᠂ ᠠᠯᠢ ᠪᠠᠶᠠᠯᠢᠭ ᠬᠣᠲᠠ ᠪᠠᠯᠭᠠᠰᠤᠨ ᠢ᠋ ᠳᠡᠭᠡᠷᠡᠮᠳᠡᠵᠦ ᠶᠠᠪᠤᠮᠤᠢ ᠶᠠ᠃ ᠡᠨᠡ ᠵᠠᠪᠰᠢᠶᠠᠨ ᠳ᠋ᠤᠷ ᠪᠠᠲᠤ ᠶ᠋ᠢᠨ ᠴᠡᠷᠢᠭ ᠢ᠋ ᠰᠥᠨᠥᠭᠡᠬᠦ ᠶ᠋ᠢ ᠪᠠᠢᠲᠤᠭᠠᠢ ᠨᠢᠭᠡᠨ ᠤᠳᠠᠭ᠎ᠠ ᠳᠡᠢᠯᠪᠡᠰᠦ ᠮᠣᠩᠭᠣᠯᠴᠤᠳ ᠬᠠᠩᠭᠠᠷᠢ ᠳ᠋ᠤᠷ ᠤᠳᠠᠭᠠᠨ ᠲᠣᠭᠲᠠᠵᠤ ᠴᠢᠳᠠᠬᠤ ᠦᠭᠡᠢ ᠪᠣᠯᠤᠮᠤᠢ᠃ ᠲᠡᠷᠡ ᠦᠶ᠎ᠡ ᠳ᠋ᠦ᠍ᠷ ᠳᠠᠷᠤᠨ ᠬᠢᠳᠤᠪᠠᠰᠤ ᠡᠰᠡᠷᠭᠦᠴᠡᠯ ᠦᠭᠡᠢ ᠪᠣᠯᠤᠮᠤᠢ᠃ ᠲᠡᠭᠷᠢ ᠶ᠋ᠢᠨ ᠥᠭᠭᠦᠭᠰᠡᠨ ᠡᠨᠡ ᠵᠠᠪᠰᠢᠶᠠᠨ ᠢ᠋ ᠠᠯᠳᠠᠵᠤ ᠪᠣᠯᠬᠤ ᠦᠭᠡᠢ 》ᠬᠡᠮᠡᠯᠳᠦᠪᠡ᠃
ᠪᠠᠢᠷᠠ ᠸᠠᠩ ᠤ᠋ᠨ ᠤᠳᠠᠭᠠᠨ ᠰᠠᠬᠢᠵᠤ ᠬᠤᠪᠢᠰᠤᠯ ᠢ᠋ ᠬᠠᠷᠠᠵᠤ ᠪᠠᠢᠯᠳᠤᠵᠤ ᠰᠥᠨᠥᠭᠡᠬᠦ ᠦᠵᠡᠯ ᠢ᠋ ᠠᠶᠤᠮᠠᠬᠠᠢ ᠪᠣᠳᠣᠯ ᠭᠡᠮᠡᠨ ᠰᠣᠨᠣᠰᠬᠤ ᠬᠥᠮᠦᠨ ᠦᠭᠡᠢ ᠪᠣᠯᠪᠠᠢ ᠃ ᠡᠳᠦᠭᠡ ᠮᠣᠩᠭᠣᠯᠴᠤᠳ ᠤ᠋ᠨ ᠭᠠᠷ ᠠ᠋ᠴᠠ ᠮᠤᠯᠲᠤᠷᠠᠭᠰᠠᠨ ᠬᠡᠳᠦᠨ ᠬᠥᠮᠦᠨ ᠦ᠌ ᠦᠭᠡᠨ ᠳ᠋ᠦ᠍ᠷ ᠣᠷᠣᠵᠤ ᠬᠥᠩᠭᠡᠨ ᠢ᠋ᠶ᠋ᠡᠷ ᠬᠣᠲᠠ ᠰᠠᠭᠤᠷᠢᠨ ᠠ᠋ᠴᠠ ᠪᠠᠨ ᠰᠠᠯᠤᠭᠠᠳ ᠪᠤᠰᠤᠳ ᠤ᠋ᠨ ᠠᠷᠭᠠᠨ ᠳ᠋ᠤᠷ ᠣᠷᠣᠪᠠᠰᠤ ᠬᠠᠩᠭᠠᠷᠢ ᠲᠦᠭᠰᠢᠭᠦᠷᠢᠲᠡᠢ ᠪᠣᠯᠤᠮᠤᠢ ᠭᠡᠮᠡᠨ ᠪᠠᠢᠷᠨ ᠸᠠᠩ ᠪᠣᠳᠣᠵᠤ ᠮᠡᠳᠡᠭᠰᠡᠨ ᠪᠣᠯᠪᠠᠴᠤ ᠣᠯᠠᠨ ᠬᠥᠮᠦᠨ ᠦ᠌ ᠱᠠᠭᠠᠷᠳᠠᠯᠭ᠎ᠠ ᠪᠠᠷ ᠰᠠᠶᠣ᠋ ᠭᠣᠣᠯ ᠤ᠋ᠨ ᠬᠥᠭᠥᠷᠭᠡ ᠶ᠋ᠢ ᠰᠠᠬᠢᠵᠤ ᠪᠠᠲᠤ ᠶ᠋ᠢᠨ ᠴᠡᠷᠢᠭ ᠢ᠋ ᠭᠡᠲᠦᠯᠭᠡᠭᠦᠯᠬᠦ ᠦᠭᠡᠢ ᠪᠠᠢᠵᠤ ᠵᠢᠴᠢ ᠮᠡᠳᠡᠰᠦᠭᠡᠢ ᠭᠡᠮᠡᠨ ᠣᠯᠠᠨ ᠤ᠋ ᠠᠶ᠎ᠠ ᠶ᠋ᠢ ᠳᠤᠷᠠᠲᠠᠢ ᠪᠤᠰᠤ ᠳᠠᠭᠠᠪᠠ᠃
ᠶᠠᠭᠤᠨ ᠤ᠋ ᠡᠮᠦᠨ᠎ᠡ ᠰᠠᠶᠣ᠋ ᠭᠣᠣᠯ ᠤ᠋ᠨ ᠬᠥᠭᠥᠷᠭᠡ ᠶ᠋ᠢ ᠰᠠᠬᠢᠬᠤ ᠬᠦᠨᠳᠦ ᠲᠤᠰᠢᠶᠠᠯ ᠢ ᠪᠠᠴᠢᠮ ᠵᠠᠩ ᠲᠠᠢ ᠵᠠᠩᠵᠤᠨ ᠠᠭᠯᠠᠭᠴᠢ ᠰᠤᠷᠭᠠᠭᠴᠢ ᠢᠤᠢᠭᠥᠧᠧᠯᠢᠨ ᠬᠦᠯᠢᠶᠡᠨ ᠠᠪᠴᠤ ᠮᠣᠷᠢᠲᠠᠨ ᠡᠷᠡᠰ ᠮᠢᠩᠭᠠᠨ ᠬᠥᠮᠦᠨ ᠠᠪᠴᠤ ᠬᠦᠯᠢᠶᠡᠵᠦ ᠶᠠᠳᠠᠨ ᠤᠷᠢᠳᠴᠢᠯᠠᠨ ᠮᠣᠷᠳᠠᠪᠠ᠃ ᠪᠠᠢ᠌ᠷᠨ ᠸᠠᠩ ᠤ᠋ᠨ ᠶᠡᠬᠡ ᠴᠡᠷᠢᠭ ᠴᠦ᠍ ᠳᠠᠷᠠᠭ᠎ᠠ ᠳᠠᠷᠠᠭ᠎ᠠ ᠪᠠᠷ ᠮᠣᠷᠳᠠᠵᠤ ᠰᠠᠶᠣ᠋ ᠭᠣᠣᠯ ᠣᠢᠷᠠᠲᠤᠬᠤᠢ ᠳ᠋ᠤᠷ ᠵᠠᠮ ᠳ᠋ᠤᠷ ᠲᠣᠬᠢᠶᠠᠯᠳᠤᠭᠰᠠᠨ ᠮᠣᠩᠭᠣᠯᠴᠤᠳ ᠨᠢᠭᠡᠴᠦ ᠡᠰᠡᠷᠭᠦᠴᠡᠭᠰᠡᠨ ᠦᠭᠡᠢ ᠰᠠᠯᠬᠢᠨ ᠤ᠋ ᠠᠶ᠎ᠠ ᠪᠠᠷ ᠪᠤᠷᠤᠭᠤᠯᠠᠮᠤᠢ᠃ ᠠᠬᠠᠯᠠᠭᠴᠢ ᠰᠤᠷᠭᠠᠭᠴᠢ ᠢᠤᠢᠭᠥᠧᠧᠯᠢᠨ ᠤᠯᠠᠮ ᠣᠮᠣᠭᠰᠢᠵᠤ ᠮᠣᠷᠢᠲᠠᠨ ᠰᠠᠢᠨ ᠡᠷᠡᠰ ᠦ᠋ᠨ ᠬᠠᠮᠲᠤ ᠭᠠᠭᠴᠠ ᠬᠥᠭᠥᠷᠭᠡ ᠶ᠋ᠢ ᠰᠠᠬᠢᠬᠤ ᠲᠤᠯᠠ ᠬᠥᠭᠥᠷᠭᠡ ᠳᠡᠭᠡᠭᠦᠷ ᠤᠯᠠᠭᠠᠨ ᠬᠣᠭᠣᠯᠠᠢᠲᠦ ᠠᠮᠢᠲᠠᠨ ᠢ ᠭᠠᠷᠭᠠᠬᠤ ᠦᠭᠡᠢ ᠭᠡᠮᠡᠨ ᠪᠠᠷᠳᠠᠮᠨᠠᠨ ᠪᠠᠲᠤᠯᠠᠪᠠ᠃ ᠪᠠᠢᠷᠠ ᠸᠠᠩ ᠳᠠᠬᠢᠨ ᠳᠠᠪᠲᠠᠨ ᠬᠢᠴᠢᠶᠡᠭᠲᠦᠨ ᠭᠡᠮᠡᠨ ᠰᠠᠨᠠᠭᠤᠯᠤᠭᠠᠳ ᠪᠠᠰᠠ ᠰᠡᠳᠬᠢᠯ ᠠᠮᠤᠷ ᠦᠭᠡᠢ ᠬᠥᠭᠥᠷᠭᠡ ᠠᠪᠲᠠᠪᠠᠰᠤ ᠮᠠᠨ ᠤ᠋ ᠴᠢᠷᠮᠠᠢᠭᠰᠠᠨ ᠠᠵᠤ ᠲᠠᠯᠠᠭᠠᠷ ᠪᠣᠯᠤᠮᠤᠢ ᠭᠡᠮᠡᠨ ᠶᠡᠬᠡ ᠴᠡᠷᠢᠭ ᠦ᠋ᠨ ᠬᠦᠷᠢᠶ᠎ᠡ ᠪᠡᠨ ᠬᠥᠭᠥᠷᠭᠡ ᠶ᠋ᠢ ᠠᠮᠠᠳᠠᠵᠤ ᠠᠭᠤᠯᠠ ᠶ᠋ᠢ ᠲᠦᠰᠢᠵᠦ ᠪᠠᠭᠤᠳᠠᠯᠯᠠᠪᠠ᠃ ᠭᠠᠵᠠᠷ ᠢᠪᠴᠤᠤ ᠴᠡᠷᠢᠭ ᠣᠯᠠᠨ ᠲᠤᠯᠠ ᠭᠡᠷ ᠮᠠᠢᠬᠠᠨ ᠢᠭᠴᠢ ᠰᠢᠬᠠᠯᠳᠤᠨ ᠲᠡᠷᠭᠡ ᠲᠤᠷᠪᠢ ᠬᠥᠯ ᠬᠥᠰᠢᠶ᠎ᠡ ᠦᠭᠡᠢ ᠪᠣᠯᠪᠠᠢ᠃ ᠡᠭᠦᠨ ᠢ᠋ ᠬᠠᠩᠭᠠᠷᠢᠴᠤᠳ ᠠᠩᠬᠠᠷᠤᠯ ᠳ᠋ᠠᠭᠠᠨ ᠠᠪᠤᠭᠰᠠᠨ ᠠᠨᠤ ᠨᠢᠭᠡᠴᠦ ᠦᠭᠡᠢ᠃ ᠭᠠᠭᠴᠠ ᠮᠣᠩᠭᠣᠯᠴᠤᠳ ᠭᠣᠣᠯ ᠭᠡᠲᠦᠯᠬᠦ ᠪᠥᠭᠡᠰᠦ ᠡᠷᠬᠡᠪᠰᠢ ᠬᠥᠭᠥᠷᠭᠡ ᠶ᠋ᠢ ᠪᠤᠯᠢᠶᠠᠮᠤᠢ ᠭᠡᠮᠡᠨ ᠪᠣᠳᠣᠵᠤ ᠪᠠᠢᠪᠠ᠃
ᠲᠡᠳᠦᠢ ᠳ᠋ᠦ᠍ᠷ ᠰᠥᠪᠡᠭᠡᠲᠡᠢ ᠪᠠᠭᠠᠲᠤᠷ ᠰᠠᠶᠣ᠋ ᠭᠣᠣᠯ ᠤ᠋ᠨ ᠭᠠᠵᠠᠷ ᠤ᠋ᠨ ᠪᠠᠢᠴᠠ᠂ ᠭᠣᠣᠯ ᠤᠰᠤᠨ ᠤ᠋ ᠭᠦᠨ ᠭᠦᠶᠦᠭᠡᠨ ᠭᠣᠣᠯ ᠤ᠋ᠨ ᠪᠠᠷᠠᠭᠤᠨ ᠤ᠋ ᠪᠠᠭᠲᠠᠭᠠᠮᠵᠢ ᠬᠦᠷᠲᠡᠯ᠎ᠡ ᠮᠡᠳᠡᠵᠦ ᠠᠪᠤᠭᠰᠠᠨ ᠲᠤᠯᠠ ᠪᠠᠢᠷᠠ ᠸᠠᠩ ᠤ᠋ᠨ ᠳᠥᠴᠢᠨ ᠲᠦᠮᠡᠨ ᠦ᠌ ᠣᠯᠠᠨ ᠴᠥᠮ ᠬᠥᠭᠥᠷᠭᠡ ᠶ᠋ᠢ ᠠᠮᠠᠳᠠᠵᠤ ᠠᠭᠤᠯᠠ ᠶ᠋ᠢ ᠲᠦᠰᠢᠵᠦ ᠵᠢᠴᠢ ᠰᠢᠬᠠᠯᠳᠤᠨ ᠪᠠᠭᠤᠳᠠᠯᠠᠭᠰᠠᠨ ᠢ ᠮᠡᠳᠡᠭᠡᠳ ᠶᠡᠬᠡᠳᠡ ᠪᠠᠶᠠᠷᠯᠠᠨ ᠲᠡᠭᠷᠢ ᠬᠠᠩᠭᠠᠷᠢ ᠶ᠋ᠢ ᠮᠥᠬᠥᠭᠡᠮᠦᠢ ᠭᠡᠮᠡᠨ ᠵᠠᠯᠪᠠᠷᠢᠵᠤ ᠪᠠᠲᠤ ᠬᠠᠨ ᠳ᠋ᠤᠷ ᠮᠡᠳᠡᠭᠦᠯᠦᠨ ᠵᠥᠪᠳᠡᠭᠡᠳ᠂ ᠴᠡᠷᠢᠭ ᠢ᠋ ᠭᠤᠷᠪᠠᠨ ᠵᠠᠮ ᠬᠤᠪᠢᠶᠠᠵᠤ ᠳᠥᠲᠥᠭᠡᠷ ᠡᠳᠦᠷ ᠲᠣᠷ ᠪᠠᠢᠯᠳᠤᠬᠤ ᠪᠠᠷ ᠲᠣᠭᠲᠠᠪᠠ᠃
ᠪᠠᠲᠤ ᠬᠠᠨ ᠪᠣᠳᠣᠪᠠᠰᠤ ᠡᠨᠡ ᠤᠳᠠᠭᠠᠨ ᠤ᠋ ᠪᠠᠢᠯᠳᠤᠭᠠᠨ ᠳ᠋ᠤᠷ ᠣᠰᠣᠯᠳᠠᠵᠤ ᠪᠣᠯᠬᠤ ᠦᠭᠡᠢ ᠲᠤᠯᠠ᠂ ᠰᠠᠶᠣ᠋ ᠭᠣᠣᠯ ᠤ᠋ᠨ ᠳᠣᠣᠷᠠᠲᠤ ᠤᠷᠤᠰᠬᠠᠯ ᠢ ᠰᠠᠯ ᠢ᠋ᠶ᠋ᠠᠷ ᠭᠡᠲᠦᠯᠬᠦ ᠨᠢᠭᠡᠨ ᠵᠠᠮ ᠢ᠋ ᠡᠪᠦᠭᠡᠨ ᠵᠠᠩᠵᠤᠨ ᠰᠥᠪᠡᠭᠡᠳᠡᠢ ᠪᠠᠭᠠᠲᠤᠷ ᠲᠤᠷ ᠲᠤᠰᠢᠶᠠᠨ ᠭᠣᠣᠯ ᠤ᠋ᠨ ᠳᠡᠭᠡᠳᠦ ᠤᠷᠤᠰᠬᠠᠯ ᠤ᠋ᠨ ᠣᠯᠣᠮ ᠢ ᠮᠣᠷᠢ ᠪᠠᠷ ᠭᠡᠲᠦᠯᠬᠦ ᠨᠢᠭᠡᠨ ᠵᠠᠮ ᠢ᠋ ᠤᠷᠲᠠ ᠬᠠᠨ ᠢ᠋ᠶ᠋ᠠᠷ ᠨᠣᠶᠠᠯᠠᠭᠤᠯᠵᠤ ᠳᠡᠭᠡᠷ᠎ᠡ ᠳᠣᠣᠷ᠎ᠠ ᠬᠣᠶᠠᠷ ᠲᠠᠯ᠎ᠠ ᠠ᠋ᠴᠠ ᠬᠠᠪᠴᠢᠨ ᠪᠠᠢᠯᠳᠤᠵᠤ ᠦᠳᠡ ᠶ᠋ᠢᠨ ᠬᠢᠷᠢ ᠳ᠋ᠦ᠍ᠷ ᠬᠥᠭᠥᠷᠭᠡ ᠣᠢᠷᠠᠲᠤᠬᠤ ᠪᠠᠷ ᠪᠣᠯᠵᠣᠭᠠᠯᠠᠵᠤ ᠳᠠᠢᠰᠤᠨ ᠢ ᠬᠤᠮᠢᠵᠤ ᠠᠪᠤᠭᠰᠠᠨ ᠤ᠋ ᠳᠠᠷᠠᠭ᠎ᠠ ᠪᠠᠷᠠᠭᠤᠨ ᠬᠣᠢᠲᠤ ᠵᠦᠭ ᠦ᠋ᠨ ᠵᠠᠮ ᠢ᠋ ᠲᠠᠯᠪᠢᠨ ᠥᠭᠴᠦ ᠬᠠᠩᠭᠠᠷᠢᠴᠤᠳ ᠲᠤᠷ ᠪᠤᠷᠤᠭᠤᠯᠠᠬᠤ ᠵᠠᠮ ᠦᠯᠡᠳᠡᠭᠡᠬᠦ ᠦᠭᠡᠢ ᠪᠥᠭᠡᠰᠦ ᠬᠠᠷᠢᠨ ᠦᠬᠦᠨ ᠪᠠᠢᠯᠳᠤᠮᠤᠢ ᠬᠡᠮᠡᠭᠡᠳ ᠲᠤᠰ ᠲᠤᠰ ᠮᠣᠷᠳᠠᠭᠤᠯᠪᠠ᠃ ᠪᠠᠲᠤ ᠬᠠᠨ ᠥᠪᠡᠷ ᠦ᠋ᠨ ᠪᠡᠶ᠎ᠡ ᠪᠡᠷ ᠬᠥᠭᠥᠷᠭᠡ ᠪᠤᠯᠢᠶᠠᠬᠤ ᠭᠣᠣᠯ ᠵᠠᠮ ᠤ᠋ᠨ ᠴᠡᠷᠢᠭ ᠢ᠋ ᠤᠳᠤᠷᠢᠳᠤᠪᠠ᠃
ᠵᠢᠴᠢ ᠥᠷᠯᠥᠭᠡ ᠪᠠᠲᠤ ᠬᠠᠨ ᠰᠠᠶᠣ᠋ ᠭᠣᠣᠯ ᠤ᠋ᠨ ᠶᠡᠬᠡ ᠬᠥᠭᠦᠷᠭᠡᠨ ᠳ᠋ᠦ᠍ᠷ ᠣᠢᠷᠠᠲᠤᠵᠤ ᠦᠵᠡᠪᠡᠰᠦ ᠂ ᠬᠠᠩᠭᠠᠷᠢᠴᠤᠳ ᠬᠥᠭᠥᠷᠭᠡ ᠶ᠋ᠢ ᠪᠡᠬᠢᠯᠡᠵᠦ ᠰᠠᠬᠢᠬᠤ ᠪᠣᠯᠪᠠᠴᠤ ᠬᠥᠭᠥᠷᠭᠡ ᠶ᠋ᠢᠨ ᠢᠨᠠᠳᠤ ᠳ᠋ᠤᠷ ᠬᠥᠮᠦᠨ ᠦᠭᠡᠢ ᠲᠤᠯᠠ ᠮᠠᠰᠢ ᠪᠠᠶᠠᠷᠯᠠᠨ ᠶᠡᠬᠡ ᠫᠤᠤ ᠳᠣᠯᠣᠭ᠎ᠠ ᠶ᠋ᠢ ᠤᠷᠢᠲᠠᠵᠤ ᠲᠠᠯᠪᠢᠭᠤᠯᠤᠭᠠᠳ ᠶᠡᠬᠡ ᠵᠠᠩᠵᠤᠨ ᠪᠠᠭᠠᠲᠤᠷ ᠲᠤᠷ ᠭᠤᠷᠪᠠᠨ ᠵᠠᠭᠤᠨ ᠭᠠᠪᠰᠢᠭᠠᠢ ᠡᠷ᠎ᠡ ᠥᠭᠴᠦ ᠬᠥᠭᠥᠷᠭᠡ ᠶ᠋ᠢᠨ ᠠᠮᠠ ᠶ᠋ᠢ ᠪᠦᠭᠭᠦᠭᠦᠯᠦᠨ ᠰᠠᠭᠤᠯᠭᠠᠨ ᠵᠢᠴᠢ ᠬᠥᠭᠥᠷᠭᠡ ᠪᠡᠷ ᠮᠠᠩᠯᠠᠢᠯᠠᠨ ᠳᠠᠭᠠᠷᠢᠬᠤ ᠬᠦᠨᠳᠦ ᠬᠤᠶᠠᠭᠲᠤ ᠮᠣᠷᠢᠲᠤ ᠴᠡᠷᠢᠭ ᠲᠠᠪᠤᠨ ᠮᠢᠩᠭᠠᠨ ᠢ᠋ ᠰᠢᠯᠭᠠᠨ ᠠᠪᠴᠤ ᠳᠠᠭᠠᠯᠳᠤᠨ ᠭᠡᠲᠦᠯᠬᠦ ᠶᠡᠬᠡ ᠴᠡᠷᠢᠭ ᠢ᠋ ᠵᠢᠭᠰᠠᠭᠠᠨ ᠭᠠᠭᠴᠠ ᠪᠠᠢᠯᠳᠤᠬᠤ ᠶ᠋ᠢ ᠬᠦᠯᠢᠶᠡᠮᠦᠢ᠃
ᠲᠡᠳᠦᠢ ᠳ᠋ᠦ᠍ᠷ ᠰᠥᠪᠡᠭᠡᠲᠡᠢ ᠪᠠᠭᠠᠲᠤᠷ ᠭᠤᠷᠪᠠᠨ ᠲᠦᠮᠡᠨ ᠭᠠᠪᠰᠢᠭᠠᠢ ᠡᠷᠡᠰ ᠠᠪᠴᠤ ᠨᠢᠭᠡᠨᠲᠡ ᠤᠷᠢᠳᠴᠢᠯᠠᠨ ᠲᠤᠷᠰᠢᠵᠤ ᠲᠣᠭᠲᠠᠭᠠᠭᠰᠠᠨ ᠭᠣᠣᠯ ᠭᠡᠲᠦᠯᠬᠦ ᠭᠠᠵᠠᠷ ᠢᠷᠡᠵᠦ ᠮᠣᠳᠣ ᠴᠠᠪᠴᠢᠨ ᠰᠠᠯ ᠤᠶᠠᠵᠤ ᠶᠠᠭᠠᠷᠠᠯᠳᠤᠨ ᠪᠦᠬᠦᠢ ᠳ᠋ᠦ᠍ᠷ ᠬᠡᠳᠦᠨ ᠮᠠᠵᠠᠷ ᠤ᠋ᠳ ᠵᠢᠭᠠᠰᠤᠯᠠᠠ ᠶᠠᠪᠤᠵᠤ ᠠᠭᠠᠳ ᠰᠦᠪᠡᠭᠡᠳᠡᠢ ᠪᠠᠭᠠᠲᠤᠷ ᠨᠠᠷ ᠢ ᠣᠯᠵᠤ ᠦᠵᠡᠭᠡᠳ ᠮᠠᠰᠢ ᠲᠦᠷᠭᠡᠨ ᠵᠠᠢᠯᠠᠵᠤ ᠣᠳᠪᠠ᠃ ᠭᠣᠣᠯ ᠭᠡᠲᠦᠯᠬᠦ ᠨᠢᠭᠤᠴᠠ ᠵᠠᠳᠠᠷᠠᠪᠠᠰᠤ ᠡᠨᠡ ᠤᠳᠠᠭᠠᠨ ᠤ᠋ ᠶᠡᠬᠡ ᠲᠡᠢᠨ ᠢ᠋ ᠨᠥᠯᠥᠭᠡᠯᠡᠬᠦ ᠲᠤᠯᠠ ᠰᠥᠪᠡᠭᠡᠲᠡᠢ ᠪᠠᠭᠠᠲᠤᠷ ᠭᠠᠪᠰᠢᠭᠠᠢ ᠡᠷᠡᠰ ᠦ᠋ᠳ ᠢ᠋ᠶ᠋ᠡᠷ ᠨᠡᠬᠡᠮᠵᠢᠯᠡᠭᠦᠯᠦᠨ ᠮᠠᠵᠠᠷ ᠤ᠋ᠨ ᠴᠡᠷᠢᠭ ᠦ᠋ᠨ ᠬᠦᠷᠢᠶ᠎ᠡ ᠬᠦᠷᠬᠦ ᠡᠴᠡ ᠡᠮᠦᠨ᠎ᠡ ᠡᠷᠬᠡᠪᠰᠢ ᠠᠮᠵᠢᠵᠤ ᠪᠠᠷᠢᠭᠲᠤᠨ ᠭᠡᠮᠡᠨ ᠶᠠᠪᠤᠭᠤᠯᠤᠭᠠᠳ ᠪᠠᠰᠠ ᠮᠠᠵᠠᠷ ᠤ᠋ᠳ ᠤ᠋ᠨ ᠠᠩᠬᠠᠷᠤᠯ ᠢ ᠲᠠᠲᠠᠬᠤ ᠦᠭᠡᠢ ᠶ᠋ᠢᠨ ᠲᠤᠯᠠᠳᠠ ᠨᠢᠭᠡᠨᠲᠡ ᠤᠶᠠᠭᠰᠠᠨ ᠰᠠᠯ ᠢ᠋ᠶ᠋ᠠᠨ ᠴᠥᠮ ᠵᠠᠳᠠᠯᠵᠤ ᠣᠢ ᠳ᠋ᠤᠷ ᠨᠢᠭᠤᠪᠠ᠃ ᠭᠣᠣᠯ ᠭᠡᠲᠦᠯᠬᠦ ᠲᠡᠷᠡ ᠰᠥᠨᠢ ᠪᠦᠷᠬᠦᠭᠯᠡᠭᠡᠳ ᠲᠦᠨᠡᠷ ᠬᠠᠷᠠᠩᠭᠤᠢ ᠲᠤᠯᠠ ᠬᠡᠳᠦᠢ ᠰᠠᠯ ᠤ᠋ᠨ ᠮᠣᠳᠣ ᠪᠠᠨ ᠴᠥᠮ ᠭᠣᠣᠯ ᠤ᠋ᠨ ᠬᠥᠪᠡᠭᠡ ᠳ᠋ᠦ᠍ᠷ ᠣᠢᠷᠠᠲᠤᠭᠤᠯᠤᠭᠰᠠᠨ ᠪᠣᠯᠪᠠᠴᠤ ᠰᠠᠯ ᠤᠶᠠᠵᠤ ᠴᠢᠳᠠᠭᠰᠠᠨ ᠦᠭᠡᠢ᠂ ᠦᠷ ᠢ᠋ᠶ᠋ᠡᠷ ᠰᠠᠶᠢ ᠤᠶᠠᠬᠤ ᠪᠣᠯᠤᠭᠰᠠᠨ ᠲᠤᠯᠠ ᠭᠣᠣᠯ ᠭᠡᠲᠦᠯᠬᠦ ᠳ᠋ᠦ᠍ᠷ ᠮᠠᠰᠢ ᠰᠠᠭᠠᠳ ᠪᠣᠯᠪᠠ᠃ ᠳᠥᠩᠭᠡᠵᠢ ᠭᠣᠣᠯ ᠭᠡᠲᠦᠯᠵᠦ ᠵᠢᠭᠰᠠᠭᠠᠵᠤ ᠠᠮᠵᠢᠬᠤ ᠠ᠋ᠴᠠ ᠡᠮᠦᠨ᠎ᠡ ᠮᠠᠵᠠᠷ ᠤ᠋ᠨ ᠭᠣᠣᠯ ᠴᠠᠭᠳᠠᠬᠤ ᠴᠡᠷᠢᠭ ᠯᠦ᠍ᠭᠡ ᠲᠣᠬᠢᠶᠠᠯᠳᠤᠭᠠᠳ ᠪᠠᠰᠠ ᠨᠢᠭᠡᠨ ᠵᠡᠷᠭᠡ ᠰᠠᠢᠲᠤᠷ ᠴᠠᠪᠴᠢᠯᠳᠤᠵᠤ ᠨᠡᠬᠡᠮᠵᠢᠯᠡᠨ ᠪᠠᠢᠯᠳᠤᠵᠤ ᠰᠠᠶᠣ᠋ ᠭᠣᠣᠯ ᠤ᠋ᠨ ᠬᠥᠭᠥᠷᠭᠡ ᠶ᠋ᠢᠨ ᠣᠢᠷ᠎ᠠ ᠬᠦᠷᠴᠦ ᠢᠷᠡᠬᠦᠢ ᠳ᠋ᠦ᠍ᠷ ᠨᠢᠭᠡᠨᠲᠡ ᠦᠳᠡ ᠬᠡᠯᠪᠡᠢᠵᠦᠬᠦᠢ᠃ ᠪᠠᠢᠯᠳᠤᠭᠠᠨ ᠤ᠋ ᠲᠥᠷᠥ ᠲᠣᠭᠣᠰᠣ ᠡᠳᠦᠷ ᠦ᠋ᠨ ᠨᠠᠷᠠᠨ ᠬᠠᠯᠬᠠᠯᠠᠨ ᠬᠥᠮᠦᠨ ᠮᠣᠷᠢᠨ ᠤ᠋ ᠱᠤᠤᠭᠢᠶᠠᠨ ᠠᠭᠤᠯᠠ ᠶ᠋ᠢᠨ ᠦᠶᠡᠷ ᠬᠦᠷᠬᠢᠷᠡᠬᠦ ᠮᠡᠲᠦ᠃ ᠰᠥᠪᠡᠭᠡᠲᠡᠢ ᠪᠠᠭᠠᠲᠤᠷ ᠪᠣᠳᠣᠪᠠᠰᠤ ᠴᠠᠪᠴᠢᠯᠳᠤᠵᠤ ᠡᠬᠢᠯᠡᠭᠡᠳ ᠨᠡᠯᠢᠶᠡᠳ ᠤᠳᠠᠭᠰᠠᠨ ᠪᠣᠯᠤᠯᠲᠠᠢ᠃ ᠪᠣᠯᠵᠣᠭ᠎ᠠ ᠠ᠋ᠴᠠ ᠪᠠᠨ ᠬᠣᠴᠣᠷᠤᠭᠰᠠᠨ ᠲᠤᠯᠠ ᠡᠪᠦᠭᠡᠨ ᠵᠠᠩᠵᠤᠨ ᠭᠡᠮᠰᠢᠵᠦ ᠪᠠᠲᠤ ᠬᠠᠨ ᠤ᠋ ᠨᠠᠢᠳᠠᠭᠰᠠᠨ ᠢ᠋ ᠬᠥᠰᠡᠷᠳᠡᠭᠦᠯᠪᠡ ᠭᠡᠮᠡᠨ ᠪᠤᠬᠢᠨᠢᠳᠤᠵᠤ ᠬᠥᠪᠡᠭᠦᠨ ᠤᠷᠢᠶᠠᠩᠬᠠᠳᠠᠢ ᠪᠠᠷ ᠬᠠᠢᠭᠤᠯ ᠪᠣᠯᠭᠠᠨ ᠠᠷᠤ ᠪᠠᠨ ᠬᠠᠮᠠᠭᠠᠯᠠᠭᠤᠯᠤᠨ᠂ ᠥᠪᠡᠷᠦᠨ ᠪᠡᠶ᠎ᠡ ᠪᠡᠷ ᠤᠯᠠᠢᠨ ᠳᠠᠭᠠᠷᠢᠵᠤ ᠬᠤᠷᠴᠠ ᠮᠡᠰᠡ ᠮᠡᠲᠦ ᠬᠥᠮᠦᠨ ᠵᠤᠵᠠᠭᠠᠨ ᠭᠠᠵᠠᠷ ᠢ᠋ ᠦᠵᠡᠵᠦ ᠴᠠᠪᠴᠢᠵᠤ ᠣᠷᠣᠪᠠᠰᠤ ᠪᠠᠲᠤ ᠬᠠᠨ ᠪᠡᠶ᠎ᠡ ᠪᠡᠷ ᠬᠥᠭᠥᠷᠭᠡ ᠶ᠋ᠢᠨ ᠪᠠᠷᠠᠭᠤᠨ ᠠᠮᠠ ᠶ᠋ᠢ ᠴᠥᠭᠡᠨ ᠬᠥᠮᠦᠰ ᠲᠡᠢ ᠰᠠᠬᠢᠵᠤ ᠠᠷᠤ ᠥᠪᠥᠷ ᠢ᠋ᠶ᠋ᠡᠷ ᠬᠤᠮᠢᠵᠤ ᠢᠷᠡᠭᠰᠡᠨ ᠬᠠᠩᠭᠠᠷᠢᠴᠤᠳ ᠢ᠋ ᠲᠣᠰᠣᠨ ᠠᠪᠴᠤ ᠪᠠᠢᠯᠳᠤᠮᠤᠢ᠃ ᠲᠡᠢᠨ ᠬᠦ᠌ ᠰᠦᠪᠡᠭᠡᠲᠡᠢ ᠪᠠᠭᠠᠲᠤᠷ ᠨᠡᠩ ᠰᠣᠴᠢᠵᠤ ᠦᠭᠡ ᠦᠭᠡᠢ ᠲᠤᠰᠠᠯᠠᠷ᠎ᠠ ᠢᠷᠡᠪᠡ᠃
ᠥᠭᠦᠯᠡᠬᠦ ᠢᠨᠦ ᠪᠠᠲᠤ ᠬᠠᠨ ᠪᠣᠯᠵᠣᠭ᠎ᠠ ᠶᠣᠰᠣᠭᠠᠷ ᠳᠡᠭᠡᠷ᠎ᠡ ᠳᠣᠣᠷ᠎ᠠ ᠬᠣᠶᠠᠷ ᠲᠠᠯ᠎ᠠ ᠶ᠋ᠢᠨ ᠬᠠᠪᠴᠢᠵᠤ ᠪᠠᠢᠯᠳᠤᠬᠤ ᠴᠡᠷᠢᠭ ᠣᠢᠷᠠᠲᠤᠪᠠᠰᠤ ᠬᠥᠭᠥᠷᠭᠡ ᠶ᠋ᠢ ᠪᠤᠯᠢᠶᠠᠨ ᠭᠡᠲᠦᠯᠰᠦᠭᠡᠢ ᠭᠡᠮᠡᠨ ᠦᠳᠡ ᠪᠣᠯᠲᠠᠯ᠎ᠠ ᠬᠦᠯᠢᠶᠡᠭᠡᠳ ᠣᠭᠲᠣ ᠴᠢᠮᠡᠭᠡ ᠢᠮᠡᠭᠡ ᠦᠭᠡᠢ ᠳ᠋ᠦ᠍ᠷ ᠭᠠᠢᠬᠠᠨ ᠪᠠᠴᠢᠮᠳᠠᠵᠤ ᠠᠲᠠᠯ᠎ᠠ ᠭᠣᠣᠯ ᠤ᠋ᠨ ᠳᠡᠭᠡᠳᠦ ᠤᠷᠤᠰᠬᠠᠯ ᠳ᠋ᠤᠷ ᠴᠡᠷᠢᠭ ᠮᠣᠷᠢ ᠦᠢᠮᠡᠯᠳᠦᠨ ᠬᠠᠩᠭᠠᠷᠢ ᠴᠡᠷᠢᠭ ᠲᠡᠷᠡ ᠵᠦᠭ ᠦᠶᠡᠷ ᠦ᠋ᠨ ᠤᠰᠤ ᠮᠡᠲᠦ ᠳᠠᠪᠬᠢᠯᠳᠤᠮᠤᠢ᠃ ᠭᠣᠣᠯ ᠤ᠋ᠨ ᠳᠣᠣᠷᠠᠲᠤ ᠤᠷᠤᠰᠬᠠᠯ ᠤ᠋ᠨ ᠰᠦᠪᠡᠬᠡᠲᠡᠢ ᠪᠠᠭᠠᠲᠤᠷ ᠤ᠋ᠨ ᠴᠡᠷᠢᠭ ᠣᠭᠲᠣ ᠴᠢᠮᠡᠭᠡ ᠦᠭᠡᠢ᠃ ᠬᠡᠷᠪᠡ ᠬᠠᠩᠭᠠᠷᠢᠴᠤᠳ ᠤ᠋ᠨ ᠠᠩᠬᠠᠷᠤᠯ ᠢ᠋ ᠪᠤᠰᠤ ᠲᠡᠰᠢ ᠲᠠᠲᠠᠬᠤ ᠦᠭᠡᠢ ᠪᠥᠭᠡᠰᠦ ᠬᠠᠳᠠᠨ ᠬᠠᠨ ᠤ᠋ ᠴᠡᠷᠢᠭ ᠪᠦᠬᠦ ᠬᠠᠩᠭᠠᠷᠢ ᠶ᠋ᠢᠨ ᠴᠡᠷᠢᠭ ᠢ᠋ ᠬᠡᠷᠬᠢᠨ ᠬᠦᠯᠢᠶᠡᠨ ᠴᠢᠳᠠᠬᠤ ᠠᠵᠢ᠂ ᠲᠡᠢᠨ ᠬᠦ᠌ ᠪᠠᠲᠤ ᠬᠠᠨ ᠰᠦᠪᠡᠭᠡᠲᠡᠢ ᠪᠠᠭᠠᠲᠤᠷ ᠢ ᠬᠦᠯᠢᠶᠡᠬᠦ ᠦᠭᠡᠢ ᠪᠡᠷ ᠵᠠᠷᠯᠢᠭ ᠪᠠᠭᠤᠯᠭᠠᠨ ᠬᠥᠭᠥᠷᠭᠡ ᠶ᠋ᠢᠨ ᠴᠢᠨᠠᠳᠤ ᠠ᠋ᠴᠠ ᠳᠣᠯᠣᠭᠠᠨ ᠶᠡᠬᠡ ᠫᠤᠤ ᠪᠠᠷ ᠬᠥᠭᠥᠷᠭᠡ ᠶ᠋ᠢᠨ ᠪᠠᠷᠠᠭᠤᠨ ᠠᠮᠠ ᠶ᠋ᠢ ᠰᠠᠬᠢᠬᠤ ᠮᠣᠷᠢᠲᠠᠨ ᠰᠠᠢᠨ ᠡᠷᠡᠰ ᠢ᠋ ᠭᠠᠯᠯᠠᠭᠤᠯᠤᠭᠰᠠᠨ ᠳ᠋ᠤᠷ ᠬᠥᠭᠥᠷᠭᠡ ᠶ᠋ᠢᠨ ᠣᠢᠷ᠎ᠠ ᠬᠥᠮᠦᠨ ᠠᠮᠢᠲᠠᠨ ᠬᠠᠯᠤᠷᠢᠵᠤ ᠪᠣᠯᠬᠤ ᠦᠭᠡᠢ ᠪᠣᠯᠪᠠ᠃ ᠲᠡᠢᠨ ᠬᠦ᠌ ᠪᠠᠷᠳᠠᠮ ᠦᠭᠡ ᠲᠡᠢ ᠢᠦᠶ᠋ᠶ᠋ᠭᠦᠸᠸᠯᠢᠨ ᠬᠥᠭᠥᠷᠭᠡ ᠠᠯᠳᠠᠬᠤ ᠳ᠋ᠤᠷ ᠬᠦᠷᠦᠭᠰᠡᠨ ᠲᠤᠯᠠ ᠡᠴᠦᠰ ᠦ᠋ᠨ ᠠᠷᠭ᠎ᠠ ᠪᠠᠨ ᠬᠡᠷᠡᠭᠯᠡᠵᠦ ᠡᠪᠡᠰᠦ ᠲᠥᠯᠥᠭᠡ ᠣᠢᠷᠠᠲᠤᠭᠤᠯᠵᠤ ᠭᠠᠯᠳᠠᠰᠤᠭᠠᠢ ᠭᠡᠮᠡᠨ ᠪᠦᠬᠦᠢ ᠶ᠋ᠢ ᠪᠠᠲᠤ ᠬᠠᠨ ᠣᠯᠵᠤ ᠦᠵᠡᠭᠡᠳ ᠳᠠᠢᠰᠤᠨ ᠢ᠋ ᠭᠠᠯᠳᠠᠵᠤ ᠠᠮᠵᠢᠬᠤ ᠠ᠋ᠴᠠ ᠡᠮᠦᠨ᠎ᠡ ᠡᠷᠬᠡᠪᠰᠢ ᠬᠥᠭᠥᠷᠭᠡ ᠶ᠋ᠢ ᠡᠵᠡᠯᠡᠨ ᠠᠪᠬᠤ ᠬᠡᠷᠡᠭ ᠲᠡᠢ ᠭᠡᠮᠡᠨ ᠰᠢᠳᠠᠷ ᠵᠠᠩᠵᠤᠨ ᠪᠠᠭᠠᠲᠤᠷ ᠲᠤᠷ ᠵᠠᠭᠤᠭᠠᠳ ᠰᠠᠢᠨ ᠡᠷᠡᠰ ᠥᠭᠴᠦ ᠶᠠᠪᠤᠭᠤᠯᠪᠠ᠃ ᠪᠠᠭᠠᠲᠤᠷ ᠵᠠᠷᠯᠢᠭ ᠢ᠋ ᠬᠦᠯᠢᠶᠡᠨ ᠵᠡᠪᠡ ᠴᠢᠯᠠᠭᠤᠨ ᠤ᠋ ᠳᠤᠮᠳᠠᠭᠤᠷ ᠰᠢᠷᠭᠤᠯᠤᠨ ᠬᠥᠭᠥᠷᠭᠡ ᠳᠡᠭᠡᠭᠦᠷ ᠮᠣᠷᠢ ᠬᠡᠢᠰᠬᠡᠨ ᠭᠠᠷᠴᠤ ᠬᠥᠭᠥᠷᠭᠡ ᠭᠠᠯᠳᠠᠬᠤ ᠪᠠᠷ ᠶᠠᠭᠠᠷᠠᠯᠳᠤᠵᠤ ᠪᠠᠢᠭᠰᠠᠨ ᠬᠠᠩᠭᠠᠷᠢᠴᠤᠳ ᠢ᠋ ᠠᠯᠠᠨ ᠰᠠᠷᠨᠢᠭᠤᠯᠵᠤ ᠬᠥᠭᠥᠷᠭᠡ ᠶ᠋ᠢᠨ ᠠᠮᠠ ᠪᠠᠷ ᠴᠠᠪᠴᠢᠵᠤ ᠭᠠᠷᠬᠤᠢ ᠳ᠋ᠤᠷ ᠬᠥᠭᠥᠷᠭᠡ ᠶ᠋ᠢ ᠰᠠᠬᠢᠬᠤ ᠮᠣᠷᠢᠲᠠᠨ ᠰᠠᠢᠨ ᠡᠷᠡᠰ ᠪᠠᠭᠯᠠᠷᠠᠨ ᠬᠦᠷᠴᠦ ᠢᠷᠡᠭᠡᠳ ᠮᠣᠩᠭᠣᠯᠴᠤᠳ ᠴᠥᠭᠡᠨ ᠲᠤᠯᠠ ᠪᠠᠰᠤᠮᠵᠢᠯᠠᠨ ᠴᠠᠪᠴᠢᠮᠤᠢ᠃ ᠦᠵᠡᠲᠡᠯ᠎ᠡ ᠪᠠᠭᠠᠲᠤᠷ ᠨᠠᠷ ᠨᠢᠭᠡᠨᠲᠡ ᠬᠤᠮᠢᠭᠳᠠᠨ ᠪᠠᠭᠠᠲᠤᠷ ᠰᠠᠮᠠᠭᠤᠨ ᠵᠡᠪᠡ ᠳ᠋ᠦ᠍ᠷ ᠦᠬᠦᠪᠡ᠃ ᠪᠠᠲᠤ ᠬᠠᠨ ᠲᠤᠢᠯ ᠢ᠋ᠶ᠋ᠠᠷ ᠬᠠᠷᠠᠮᠰᠠᠵᠤ ᠪᠣᠢ ᠳ᠋ᠤᠷ ᠳᠠᠢᠰᠤᠨ ᠬᠥᠭᠥᠷᠭᠡ ᠪᠤᠯᠢᠶᠠᠷ᠎ᠠ ᠢᠷᠡᠮᠦᠢ᠃ ᠬᠡᠷᠪᠡ ᠳᠠᠢᠰᠤᠨ ᠬᠥᠭᠥᠷᠭᠡ ᠶ᠋ᠢ ᠳᠠᠬᠢᠨ ᠪᠤᠯᠢᠶᠠᠨ ᠠᠪᠴᠤ ᠭᠠᠯᠳᠠᠪᠠᠰᠤ ᠡᠨᠡ ᠶᠡᠬᠡ ᠲᠡᠢᠨ ᠢᠯᠠᠭᠳᠠᠬᠤ ᠳ᠋ᠤᠷ ᠬᠦᠷᠬᠦ ᠲᠤᠯᠠ ᠪᠠᠲᠤ ᠬᠠᠭᠠᠨ ᠤᠷᠲᠤ ᠵᠢᠳᠠ ᠰᠤᠩᠭᠠᠨ ᠬᠥᠭᠥᠷᠭᠡ ᠳᠡᠭᠡᠭᠦᠷ ᠰᠤᠮᠤ ᠮᠡᠲᠦ ᠬᠠᠷᠠᠢᠯᠭᠠᠨ ᠭᠠᠷᠴᠤ ᠬᠥᠭᠥᠷᠭᠡ ᠶ᠋ᠢᠨ ᠠᠮᠠ ᠬᠦᠷᠴᠦ ᠢᠷᠡᠭᠡᠳ ᠬᠡᠳᠦ ᠬᠡᠳᠦᠨ ᠬᠥᠮᠦᠨ ᠢ᠋ ᠵᠢᠳᠠᠯᠠᠨ ᠤᠨᠠᠭᠠᠵᠤ ᠰᠠᠮᠠᠭᠤᠨ ᠵᠡᠪᠡ ᠶ᠋ᠢ ᠵᠢᠳᠠ ᠪᠠᠷ ᠵᠠᠢᠯᠠᠭᠤᠯᠤᠨ ᠬᠡᠷᠡᠮ ᠮᠡᠲᠦ ᠪᠠᠮᠪᠠᠢ ᠪᠠᠷᠢᠵᠤ ᠵᠣᠭᠰᠣᠭᠰᠠᠨ ᠳᠠᠢᠰᠤᠨ ᠢ ᠳᠠᠭᠠᠷᠢᠨ ᠬᠣᠯᠠᠳᠠᠭᠤᠯᠵᠤ ᠴᠢᠳᠠᠭᠰᠠᠨ ᠪᠣᠯᠪᠠᠴᠤ ᠠᠷᠤ ᠠ᠋ᠴᠠ ᠲᠠᠭᠠᠯᠴᠠᠨ ᠬᠦᠷᠴᠦ ᠢᠷᠡᠭᠰᠡᠨ ᠵᠠᠩᠵᠤᠨ ᠴᠡᠷᠢᠭ ᠴᠥᠮ ᠬᠥᠭᠥᠷᠭᠡ ᠳᠡᠭᠡᠷ᠎ᠡ ᠬᠣᠷᠢᠭᠳᠠᠵᠤ ᠭᠠᠷᠴᠤ ᠴᠢᠳᠠᠬᠤ ᠦᠭᠡᠢ ᠪᠦᠬᠦᠢ ᠳ᠋ᠦ᠍ᠷ ᠬᠠᠩᠭᠠᠷᠢ ᠶ᠋ᠢᠨ ᠲᠣᠭᠰᠢᠨ ᠵᠠᠩᠵᠳ ᠢᠥᠢᠥᠭᠥᠧᠧᠯᠢᠨ ᠦᠵᠡᠪᠡᠰᠦ ᠨᠢᠭᠡᠨ ᠠᠯᠲᠠᠨ ᠳᠤᠭᠤᠯᠠᠭ᠎ᠠ ᠠᠯᠲᠠᠨ ᠬᠤᠶᠠᠭᠲᠤ ᠠᠷᠤᠤᠬᠠᠨ ᠵᠠᠩᠵᠤᠨ ᠬᠥᠭᠥᠷᠭᠡ ᠶ᠋ᠢᠨ ᠠᠮᠠᠨ ᠳ᠋ᠤᠷ ᠮᠣᠷᠢ ᠲᠡᠳᠡᠨ ᠵᠣᠭᠰᠣᠵᠤ ᠬᠥᠮᠦᠨ ᠣᠢᠷᠠᠲᠤᠭᠤᠯᠵᠤ ᠦᠭᠡᠢ ᠳ᠋ᠦ᠍ᠷ ᠶᠡᠬᠡᠳᠡ ᠬᠢᠯᠢᠭᠯᠡᠨ ᠢᠯᠳᠦ ᠪᠥᠵᠢᠭᠯᠡᠨ ᠴᠠᠪᠴᠢᠨ ᠢᠷᠡᠬᠦᠢ ᠳ᠋ᠦ᠍ᠷ ᠪᠠᠲᠤ ᠬᠠᠨ ᠲᠣᠰᠣᠨ ᠠᠪᠴᠤ ᠬᠠᠷᠢᠭᠤᠯᠪᠠᠰᠤ ᠢᠥᠢᠭᠥᠧᠧᠯᠢᠨ ᠰᠠᠶᠢ ᠬᠡᠴᠡᠭᠦᠦ ᠭᠡᠮᠡᠨ ᠮᠡᠳᠡᠵᠦ ᠠᠷᠤ ᠶ᠋ᠢᠨ ᠴᠡᠷᠢᠭ ᠢ᠋ᠶ᠋ᠡᠨ ᠳᠠᠯᠠᠯᠤᠨ ᠪᠠᠲᠤ ᠬᠠᠨ ᠤ᠋ ᠠᠷᠤ ᠥᠪᠥᠷ ᠡᠴᠡ ᠳᠠᠭᠠᠷᠢᠨ ᠢᠷᠡᠮᠦᠢ᠃ ᠪᠠᠲᠤ ᠬᠠᠨ ᠶᠠᠭᠠᠷᠠᠨ ᠢᠥᠢᠭᠥᠧᠧᠯᠢᠨ ᠢ᠋ ᠬᠦᠴᠦᠯᠡᠨ ᠨᠢᠭᠡᠨᠲᠡ ᠵᠢᠳᠠᠯᠠᠪᠠᠰᠤ ᠬᠤᠶᠠᠭ ᠵᠤᠵᠠᠭᠠᠨ ᠪᠣᠯᠪᠠᠴᠤ ᠳᠠᠯᠤ ᠣᠨᠣᠭᠳᠠᠨ ᠰᠢᠷᠬᠠᠲᠤᠵᠤ ᠪᠤᠷᠤᠭᠤᠯᠠᠪᠠ᠃ ᠪᠠᠲᠤ ᠬᠠᠨ ᠠᠷᠤ ᠥᠪᠥᠷ ᠢ᠋ᠶ᠋ᠡᠷ ᠣᠷᠣᠵᠤ ᠢᠷᠡᠭᠰᠡᠨ ᠬᠡᠳᠦ ᠬᠡᠳᠦᠨ ᠬᠥᠮᠦᠨ ᠢ᠋ ᠤᠨᠠᠭᠠᠵᠤ ᠴᠢᠬᠤᠯᠳᠠᠨ ᠪᠠᠴᠢᠮᠳᠠᠵᠤ ᠪᠦᠬᠦᠢ ᠳ᠋ᠦ᠍ᠷ ᠬᠠᠩᠭᠠᠷᠢ ᠴᠡᠷᠢᠭ ᠦ᠋ᠨ ᠠᠷᠤ ᠲᠠᠯ᠎ᠠ ᠰᠠᠮᠠᠭᠤᠷᠠᠨ ᠡᠭᠦᠰᠴᠦ᠂ ᠤᠳᠠᠯ ᠦᠭᠡᠢ ᠡᠪᠦᠭᠡᠨ ᠵᠠᠩᠵᠤᠨ ᠰᠥᠪᠡᠭᠡᠲᠡᠢ ᠪᠠᠭᠠᠲᠤᠷᠴᠤᠳ ᠢ᠋ᠶ᠋ᠠᠨ ᠳᠠᠭᠠᠭᠤᠯᠤᠨ ᠴᠠᠪᠴᠢᠨ ᠬᠦᠷᠴᠦ ᠢᠷᠡᠪᠡ᠃ ᠡᠳᠦᠢ ᠳ᠋ᠦ᠍ᠷ ᠪᠠᠲᠤ ᠬᠠᠨ ᠰᠡᠳᠬᠢᠯ ᠰᠠᠶᠢ ᠰᠤᠯᠠ ᠪᠣᠯᠵᠤ ᠳᠠᠢᠰᠤᠨ ᠤ᠋ ᠵᠤᠵᠠᠭᠠᠨ ᠭᠠᠵᠠᠷ ᠢ᠋ ᠡᠷᠢᠵᠦ ᠪᠠᠢᠯᠳᠤᠨ ᠣᠷᠣᠭᠰᠠᠨ ᠳ᠋ᠤᠷ ᠳᠠᠢᠰᠤᠨ ᠰᠠᠶᠢ ᠪᠤᠴᠠᠪᠠ᠃ ᠬᠥᠭᠥᠷᠭᠡ ᠶ᠋ᠢᠨ ᠠᠮᠠ ᠪᠠᠬᠠᠨ ᠵᠠᠢ ᠭᠠᠷᠤᠭᠰᠠᠨ ᠳ᠋ᠤᠷ ᠬᠥᠭᠥᠷᠭᠡ ᠳᠡᠭᠡᠷ᠎ᠡ ᠲᠦᠭᠵᠢᠵᠦ ᠪᠠᠢ᠌ᠭ᠍ᠰᠠᠨ ᠬᠦᠨᠳᠦ ᠬᠤᠶᠠᠭᠲᠤ ᠮᠣᠷᠢᠲᠤ ᠴᠡᠷᠢᠭ ᠵᠢᠭᠰᠠᠭᠠᠯ ᠤ᠋ᠨ ᠡᠩᠨᠡᠭᠡ ᠪᠡᠷ ᠱᠣᠭᠰᠢᠭᠤᠯᠤᠨ ᠭᠠᠷᠴᠤ ᠢᠷᠡᠭᠡᠳ ᠬᠠᠩᠭᠠᠷᠢᠴᠤᠳ ᠤ᠋ᠨ ᠵᠢᠭ᠍ᠰᠭ᠋ᠠᠯ ᠳ᠋ᠤᠷ ᠳᠠᠭᠠᠷᠢᠨ ᠣᠷᠣᠪᠠ᠃ ᠬᠣᠶᠠᠷ ᠡᠲᠡᠭᠡᠳ ᠦ᠋ᠨ ᠪᠠᠢᠯᠳᠤᠬᠤ ᠠᠯᠠᠯᠳᠤᠬᠤ ᠳᠠᠭᠤᠨ ᠶᠡᠬᠡᠳᠡ ᠮᠠᠨᠳᠤᠨ ᠵᠢᠳᠠᠯᠠ ! ᠴᠠᠪᠴᠢ ! ᠠᠯᠠ ! ᠬᠡᠮᠡᠬᠦ ᠡᠴᠡ ᠥᠭᠡᠷ᠎ᠡ ᠦᠭᠡ ᠰᠣᠨᠣᠰᠳᠠᠬᠤ ᠦᠭᠡᠢ ᠪᠣᠯᠪᠠ᠃ ᠮᠣᠩᠭᠣᠯᠴᠤᠳ ᠬᠥᠭᠥᠷᠭᠡ ᠳᠡᠭᠡᠭᠦᠷ ᠮᠥᠷᠡᠨ ᠦ᠌ ᠤᠰᠤ ᠮᠡᠲᠦ ᠭᠠᠷᠴᠤ ᠢᠷᠡᠨ ᠬᠦᠴᠦ ᠨᠡᠮᠡᠬᠦ ᠲᠤᠯᠠ ᠬᠠᠩᠭᠠᠷᠢᠴᠤᠳ ᠢᠳᠡᠭ ᠢᠳᠡᠭ ᠬᠦᠴᠦᠨ ᠮᠡᠬᠦᠰᠳᠡᠵᠦ ᠤᠬᠤᠷᠢᠬᠤ ᠪᠣᠯᠪᠠᠢ᠃ ᠪᠠᠢᠷᠠ ᠸᠠᠩ ᠥᠨᠳᠥᠷ ᠳᠡᠭᠡᠷ᠎ᠡ ᠡᠴᠡ ᠦᠵᠡᠪᠡᠰᠦ ᠮᠣᠩᠭᠣᠯᠴᠤᠳ ᠴᠠᠪᠴᠢᠯᠳᠤᠬᠤ ᠶ᠋ᠢ ᠶᠠᠭᠠᠷᠠᠬᠤ ᠦᠭᠡᠢ ᠬᠠᠷᠢᠨ ᠬᠠᠩᠭᠠᠷᠢ ᠶ᠋ᠢᠨ ᠶᠡᠬᠡ ᠴᠡᠷᠢᠭ ᠦ᠋ᠨ ᠬᠦᠷᠢᠶ᠎ᠡ ᠶ᠋ᠢ ᠳᠡᠭᠡᠷ᠎ᠡ ᠳᠣᠣᠷ᠎ᠠ ᠬᠣᠶᠠᠷ ᠲᠠᠯ᠎ᠠ ᠪᠠᠷ ᠬᠤᠮᠢᠵᠤ ᠢᠷᠡᠮᠦᠢ᠃ ᠬᠠᠩᠭᠠᠷᠢ ᠶ᠋ᠢᠨ ᠵᠠᠩᠵᠤᠨ ᠴᠡᠷᠢᠭ ᠬᠥᠭᠥᠷᠭᠡ ᠠᠯᠳᠠᠭᠰᠠᠨ ᠳ᠋ᠤᠷ ᠴᠥᠮ ᠰᠥᠰᠥ ᠬᠡᠮᠬᠡᠷᠡᠨ ᠠᠶᠤᠯᠳᠤᠵᠤ ᠭᠠᠷᠴᠤ ᠪᠠᠢᠯᠳᠤᠬᠤ ᠬᠥᠮᠦᠨ ᠴᠥᠭᠡᠨ ᠪᠣᠯᠪᠠ᠃ ᠭᠠᠭᠴᠠᠬᠦ ᠸᠠᠩ ᠤ᠋ᠨ ᠳᠡᠭᠦᠦ ᠭᠧᠯᠦᠧᠧᠮᠡᠨ ᠬᠦᠩ ᠬᠢᠭᠡᠳ ᠭᠧᠯᠦᠧᠧᠴᠡ ᠰᠦᠮ᠎ᠡ ᠶ᠋ᠢᠨ ᠶᠡᠬᠡ ᠮᠡᠳᠡᠯᠲᠡᠨ᠂ ᠳᠠᠯᠤ ᠰᠢᠷᠬᠠᠲᠤᠭᠰᠠᠨ ᠶᠡᠬᠡ ᠰᠤᠷᠭᠠᠭᠴᠢ ᠢᠥᠢᠭᠥᠧᠧᠯᠢᠨ ᠭᠧᠯᠡᠺᠧᠧᠨ ᠦ᠌ ᠨᠣᠶᠠᠨ ᠸᠯᠢᠳᠢᠮᠢᠷ ᠨᠠᠷ ᠴᠡᠷᠢᠭ ᠵᠠᠩᠵᠤᠨ ᠢ᠋ᠶ᠋ᠠᠨ ᠵᠣᠷᠢᠭᠵᠢᠭᠤᠯᠵᠤ ᠪᠠᠢᠯᠳᠤᠮᠤᠢ᠃
ᠲᠡᠳᠦᠢ ᠳ᠋ᠦ᠍ᠷ ᠪᠠᠲᠤ ᠬᠠᠨ᠂ ᠬᠠᠢᠷᠠᠲᠤ ᠵᠠᠩᠵᠤᠨ ᠪᠠᠭᠠᠲᠤᠷ ᠤ᠋ᠨ ᠦᠬᠦᠭᠰᠡᠨ ᠳ᠋ᠦ᠍ᠷ ᠬᠣᠷᠣᠰᠤᠯ ᠵᠠᠩᠭᠢᠳᠴᠤ ᠬᠢᠯᠢᠩᠯᠡᠬᠦ ᠲᠤᠯᠠ ᠬᠥᠮᠦᠨ ᠤ ᠬᠣᠷᠢᠭᠯᠠᠬᠤ ᠶ᠋ᠢ ᠰᠣᠨᠣᠰᠬᠤ ᠦᠭᠡᠢ ᠮᠣᠷᠢ ᠲᠠᠯᠪᠢᠨ ᠣᠷᠣᠬᠤᠢ ᠳ᠋ᠤᠷ ᠶᠡᠬᠡ ᠵᠠᠩᠵᠤᠨ ᠸᠯᠠᠳᠢᠮᠧᠶ᠋ᠷ ᠤᠭᠲᠤᠨ ᠠᠪᠴᠤ ᠰᠦᠬᠡ ᠡᠷᠭᠢᠭᠦᠯᠦᠨ ᠴᠠᠪᠴᠢᠪᠰᠦ ᠪᠠᠲᠤ ᠬᠠᠨ ᠪᠡᠶ᠎ᠡ ᠬᠡᠯᠪᠡᠢᠨ ᠥᠩᠭᠡᠷᠡᠭᠡᠭᠡᠳ ᠭᠡᠳᠡᠷᠭᠡᠨ ᠵᠢᠳᠠᠯᠠᠵᠤ ᠮᠣᠷᠢᠨ ᠠ᠋ᠴᠠ ᠤᠨᠠᠭᠠᠪᠠ᠃ ᠬᠠᠩᠭᠠᠷᠢᠴᠤᠳ ᠵᠡᠷᠭᠡ ᠪᠡᠷ ᠭᠠᠷᠴᠤ ᠸᠯᠠᠳᠢᠮᠢᠷ ᠢ᠋ ᠲᠡᠩᠬᠡᠷᠡᠭᠦᠯᠦᠨ ᠬᠦᠷᠢᠶᠡᠨ ᠳ᠋ᠡᠭᠡᠨ ᠪᠤᠴᠠᠪᠠ᠃ ᠤᠳᠠᠲᠠᠯ᠎ᠠ ᠳᠠᠬᠢᠨ ᠭᠠᠷᠴᠤ ᠪᠠᠢᠯᠳᠤᠬᠤ ᠬᠥᠮᠦᠨ ᠦᠭᠡᠢ ᠲᠤᠯᠠ ᠸᠠᠩ ᠤ᠋ᠨ ᠳᠡᠭᠦᠦ ᠭᠧᠯᠦᠧᠧᠮᠡᠨ ᠬᠦᠩ ᠂ ᠢᠦᠢᠭᠦᠧᠧᠮᠢᠨ ᠮᠣᠷᠢᠲᠠᠨ ᠰᠠᠢᠨ ᠡᠷᠡᠰ ᠢ᠋ ᠠᠪᠴᠤ ᠭᠠᠷᠴᠤ ᠢᠷᠡᠬᠦᠢ ᠳ᠋ᠦ᠍ᠷ ᠪᠣᠷᠤᠬᠠᠢ ᠮᠢᠩᠭᠠᠨ ᠤᠭᠲᠤᠨ ᠠᠪᠴᠤ ᠪᠠᠢᠯᠳᠤᠮᠤᠢ᠃ ᠲᠠᠢᠯᠤᠨ ᠳᠡᠢᠯᠦᠭᠳᠡᠬᠦ ᠢᠨᠤ ᠢᠯᠭᠠᠷᠠ ᠦᠭᠡᠢ ᠳ᠋ᠦ᠍ᠷ ᠬᠦᠷᠢᠶᠡᠨ ᠳ᠋ᠦ᠍ᠷ ᠪᠣᠢ ᠬᠠᠩᠭᠠᠷᠢᠴᠤᠤᠨ ᠪᠦᠯᠦᠭ ᠪᠦᠯᠦᠭ ᠢ᠋ᠶ᠋ᠡᠷ ᠪᠠᠷᠠᠭᠤᠨ ᠬᠣᠢᠲᠤ ᠵᠠᠮ ᠢ᠋ᠶ᠋ᠠᠷ ᠭᠠᠷᠴᠤ ᠪᠤᠷᠤᠭᠤᠯᠠᠮᠤᠢ᠃ ᠪᠠᠢᠷᠨ ᠸᠠᠩ ᠡᠬᠢᠯᠡᠭᠡᠳ ᠭᠠᠷᠴᠤ ᠪᠠᠢᠯᠳᠤᠬᠤ ᠴᠡᠷᠢᠭ ᠭᠡᠮᠡᠨ ᠰᠠᠨᠠᠵᠤ ᠠᠭᠰᠠᠨ ᠳ᠋ᠤᠷ ᠬᠠᠷᠢᠨ ᠪᠦᠰᠡᠯᠡᠭᠳᠡᠬᠦ ᠡᠴᠡ ᠠᠶᠤᠨ ᠪᠤᠷᠤᠭᠤᠯᠠᠬᠤ ᠠᠵᠤᠭᠤ᠃ ᠪᠠᠢᠳᠠᠯ ᠢ᠋ ᠦᠵᠡᠪᠡᠰᠦ ᠨᠢᠭᠡᠨᠲᠡ ᠬᠣᠷᠢᠭᠯᠠᠵᠤ ᠦᠯᠦ ᠪᠣᠯᠬᠤ ᠲᠤᠯᠠ ᠬᠣᠲᠠ ᠠ᠋ᠴᠠ ᠭᠠᠷᠴᠤ ᠢᠷᠡᠭᠰᠡᠨ ᠳ᠋ᠡᠭᠡᠨ ᠭᠡᠮᠰᠢᠵᠦ ᠰᠡᠭᠦᠷᠡᠰᠦ ᠠᠯᠳᠠᠵᠤ ᠮᠥᠨ ᠲᠡᠷᠡ ᠵᠠᠮ ᠢ᠋ᠶ᠋ᠠᠷ ᠭᠠᠷᠴᠤ ᠪᠤᠷᠤᠭᠤᠯᠠᠪᠠ᠃ ᠭᠡᠷ ᠮᠠᠢᠬᠠᠨ ᠢ᠋ᠶ᠋ᠠᠨ ᠬᠡᠲᠦᠷᠬᠡᠢ ᠰᠢᠬᠠᠭᠤ ᠪᠠᠷᠢᠭᠰᠠᠨ ᠲᠤᠯᠠ ᠣᠭᠣᠰᠣᠷ ᠪᠦᠴᠡ ᠰᠦᠯᠵᠢᠯᠳᠦᠨ ᠳᠡᠭᠡᠰᠦ ᠲᠠᠲᠠᠯᠭ᠎ᠠ ᠡᠭᠡᠳᠡᠷᠡᠨ ᠰᠠᠨᠳᠤᠷᠴᠤ ᠪᠤᠷᠤᠭᠤᠯᠤᠬᠤ ᠬᠥᠮᠦᠨ ᠮᠣᠷᠢ ᠳ᠋ᠤ᠌ ᠲᠣᠣᠷᠯᠠᠭᠳᠠᠵᠤ ᠣᠪᠣᠭᠠᠷᠠᠯᠳᠤᠨ ᠣᠢᠴᠢᠵᠤ ᠦᠬᠦᠬᠦ ᠢᠨᠦ ᠴᠦ᠍ ᠴᠥᠭᠡᠨ ᠦᠭᠡᠢ᠃ ᠪᠠᠢᠯᠳᠤᠵᠤ ᠪᠦᠬᠦᠢ ᠲᠡᠳᠡᠭᠡᠷ ᠬᠠᠩᠭᠠᠷᠢᠴᠤᠳ ᠡᠭᠦᠨ ᠢ᠋ ᠦᠵᠡᠭᠡᠳ ᠶᠠᠮᠠᠷ ᠪᠠᠢᠯᠳᠤᠬᠤ ᠰᠡᠳᠬᠢᠯ ᠪᠠᠢᠵᠤ ᠪᠣᠯᠬᠤ ᠪᠣᠢ᠃ ᠵᠢᠭᠰᠠᠭᠠᠯ ᠢ᠋ᠶ᠋ᠠᠨ ᠬᠠᠶᠠᠵᠤ ᠮᠥᠨ ᠲᠡᠷᠡ ᠵᠦᠭ ᠭᠠᠷᠴᠤ ᠳᠤᠲᠠᠭᠠᠪᠠ᠃ ᠮᠣᠩᠭᠣᠯᠴᠤᠳ ᠶᠠᠭᠠᠷᠠᠯ ᠦᠭᠡᠢ ᠠᠷᠤ ᠠ᠋ᠴᠠ ᠳᠠᠭᠠᠵᠤ ᠨᠠᠭᠤᠷ ᠲᠣᠭᠣᠷᠢᠮ ᠭᠠᠵᠠᠷ ᠬᠠᠰᠢᠵᠤ ᠠᠪᠤᠭᠠᠳ ᠲᠡᠳᠡᠭᠡᠷ ᠵᠦᠳᠡᠷᠡᠭᠰᠡᠨ ᠬᠠᠩᠭᠠᠷᠢᠴᠤᠳ ᠤ᠋ᠨ ᠠᠷᠤ ᠠ᠋ᠴᠠ ᠲᠤᠯᠵᠤ ᠢᠷᠡᠭᠡᠳ ᠴᠠᠪᠴᠢᠨ ᠬᠢᠳᠤᠪᠠᠢ᠃
ᠴᠸᠲ᠋ᠸᠯᠢᠭᠦᠸᠸᠨᠢᠶᠠ ᠂ ᠭᠧᠯᠦᠧᠧᠴᠡ ᠶ᠋ᠢᠨ ᠾᠷᠢᠰᠲ᠋ᠣᠰ ᠱᠠᠰᠢᠨ ᠤ᠋ ᠶᠡᠬᠡ ᠮᠡᠳᠡᠯᠲᠡᠨ ᠪᠠ ᠲᠡᠭᠦᠨ ᠦ᠌ ᠬᠠᠷᠢᠶᠠᠲᠤ ᠬᠥᠮᠦᠰ ᠡᠳᠦᠢ ᠲᠡᠳᠦᠢ ᠢᠵᠠᠭᠤᠷᠲᠠᠨ ᠴᠥᠮ ᠡᠨᠡ ᠪᠠᠢᠯᠳᠤᠭᠠᠨ ᠳ᠋ᠤᠷ ᠠᠯᠠᠭᠳᠠᠪᠠ᠃
ᠪᠠᠢ᠌ᠷᠠ ᠸᠠᠩ ᠮᠣᠷᠢ ᠰᠠᠢᠲᠠᠢ ᠳ᠋ᠠᠭᠠᠨ ᠠᠷᠠᠢ ᠠᠮᠢ ᠭᠠᠷᠴᠤ ᠂ ᠺᠠᠷᠫᠢᠲ ᠨᠢᠷᠤᠭᠤᠨ ᠤ᠋ ᠣᠢᠷ᠎ᠠ ᠲᠣᠯᠣᠸᠸᡁᠢ ᠮᠣᠵᠢ ᠳ᠋ᠤᠷ ᠬᠦᠷᠦᠭᠡᠳ ᠬᠦᠷᠭᠡᠨ ᠺᠸᠯᠠᠺᠸᠸᠠ ᠬᠦᠩ ᠪᠸᠯᠸᠸᠰᠯᠤ ᠲᠠᠢ ᠤᠴᠠᠷᠠᠪᠠ᠃ ᠸᠠᠩ ᠤ᠋ᠨ ᠳᠡᠭᠦᠦ ᠭᠧᠯᠦᠧᠧᠮᠡᠨ ᠬᠦᠩ ᠫᠸᠱᠲ᠋ᠤ ᠬᠣᠲᠠ ᠪᠠᠷ ᠪᠤᠷᠤᠭᠤᠯᠠᠨ ᠭᠠᠷᠬᠤᠢ ᠳ᠋ᠤᠷ ᠬᠣᠲᠠ ᠶ᠋ᠢᠨ ᠣᠯᠠᠨ ᠢ᠋ ᠲᠦᠷᠭᠡᠨ ᠵᠠᠢᠯᠠᠵᠤ ᠶᠠᠪᠤᠭᠲᠤᠨ᠂ ᠲᠠᠲ᠋ᠠᠷᠴᠤᠳ ᠠᠢᠰᠤᠢ ᠭᠡᠮᠡᠨ ᠰᠡᠷᠡᠮᠵᠢᠯᠡᠭᠦᠯᠦᠭᠡᠳ ᠥᠮᠴᠢ ᠨᠤᠲᠤᠭ ᠸᠠᠯᠸᠸᠮᠠᠲ ᠺᠸᠯᠤᠸᠸᠨᠲ ᠲᠠᠭᠠᠨ ᠪᠤᠴᠠᠭᠠᠳ ᠰᠢᠷᠬ᠎ᠠ ᠶ᠋ᠢᠨ ᠬᠠᠯᠠᠭᠤᠨ ᠢ᠋ᠶ᠋ᠠᠷ ᠦᠬᠦᠪᠡ᠃
ᠥᠭᠦᠯᠡᠬᠦ ᠢᠨᠦ ᠮᠣᠩᠭᠣᠯᠴᠤᠳ ᠶᠡᠬᠡᠳᠡ ᠳᠡᠢᠯᠦᠭᠡᠳ ᠴᠡᠷᠢᠭ ᠢ᠋ᠶ᠋ᠡᠨ ᠬᠤᠷᠢᠶᠠᠬᠤᠢ ᠳ᠋ᠤᠷ ᠰᠥᠪᠡᠭᠡᠲᠡᠢ ᠪᠠᠭᠠᠲᠤᠷ ᠶᠡᠬᠡ ᠳᠠᠭᠤᠨ ᠢ᠋ᠶ᠋ᠠᠷ ᠥᠭᠦᠯᠡᠷᠦᠨ: 《ᠳᠠᠢᠰᠤᠨ ᠬᠥᠯ ᠲᠣᠭᠲᠠᠵᠤ ᠴᠢᠳᠠᠬᠤ ᠠ᠋ᠴᠠ ᠡᠮᠦᠨ᠎ᠡ ᠡᠰᠡ ᠡᠪᠳᠡᠪᠡᠰᠦ ᠬᠣᠵᠢᠮ ᠬᠣᠣᠷ ᠪᠣᠯᠤᠮᠤᠢ᠃ ᠬᠠᠳ ᠲᠠ ᠪᠤᠴᠠᠪᠠᠰᠤ ᠪᠤᠴᠠᠲᠤᠭᠠᠢ᠃ ᠪᠢ ᠮᠠᠵᠠᠷ ᠬᠣᠲᠠᠨ ᠳ᠋ᠤᠷ ᠬᠦᠷᠬᠦ ᠦᠭᠡᠢ ᠪᠥᠭᠡᠰᠦ ᠦᠯᠦ ᠪᠤᠴᠠᠮᠤᠢ 》ᠭᠡᠮᠡᠨ ᠬᠠᠷᠢᠶᠠᠲᠤ ᠴᠡᠷᠢᠭ ᠢ᠋ᠶ᠋ᠡᠨ ᠠᠪᠴᠤ ᠫᠸᠱᠲ᠋ᠤ ᠬᠣᠲᠠ ᠶ᠋ᠢ ᠴᠢᠭᠯᠡᠨ ᠳᠠᠪᠬᠢᠵᠤᠬᠤᠢ᠃
ᠪᠠᠲᠤ ᠬᠠᠨ ᠡᠪᠦᠭᠡᠨ ᠵᠠᠩᠵᠤᠨ ᠤ᠋ ᠵᠠᠷᠯᠢᠭ ᠦᠭᠡᠢ ᠶᠠᠪᠤᠭᠰᠠᠨ ᠳ᠋ᠤᠷ ᠳᠤᠷ᠎ᠠ ᠦᠭᠡᠢᠴᠡᠭᠰᠡᠨ ᠪᠣᠯᠪᠠᠴᠤ᠂ ᠨᠢᠭᠡ ᠳ᠋ᠦ᠍ᠷ ᠡᠪᠦᠭᠡᠨ ᠵᠠᠩᠵᠤᠨ ᠤ᠋ ᠦᠭᠡ ᠵᠦᠢ ᠪᠥᠭᠡᠳ ᠵᠢᠴᠢ ᠳ᠋ᠦ᠍ᠷ ᠲᠥᠷᠥ ᠶ᠋ᠢᠨ ᠲᠤᠯᠭᠤᠷ ᠲᠦᠰᠢᠭᠦᠷ ᠲᠤᠯᠠ ᠡᠨᠳᠡᠭᠳᠡᠯ ᠭᠠᠷᠬᠤ ᠳ᠋ᠤᠷ ᠬᠦᠷᠪᠡᠯ ᠡᠨᠡ ᠤᠳᠠᠭᠠᠨ ᠤ᠋ ᠲᠡᠢᠨ ᠦ᠌ ᠢᠯᠠᠯᠲᠠ ᠠ᠋ᠴᠠ ᠢᠯᠡᠭᠦᠦ ᠭᠠᠷᠤᠵᠠ ᠭᠡᠮᠡᠨ ᠪᠣᠳᠣᠵᠤ :《ᠬᠡᠳᠦᠢ ᠪᠡᠷ ᠴᠥᠮ ᠵᠦᠳᠡᠷᠡᠭᠰᠡᠨ ᠪᠣᠯᠪᠠᠴᠤ ᠨᠢᠭᠡᠨ ᠴᠠᠭ ᠤ᠋ᠨ ᠵᠣᠪᠠᠭᠤᠷᠢ ᠶ᠋ᠢ ᠪᠣᠳᠣᠬᠤ ᠦᠭᠡᠢ ᠪᠡᠷ ᠴᠡᠷᠢᠭ ᠣᠷᠣᠵᠤ ᠬᠣᠵᠢᠮ ᠤ᠋ᠨ ᠬᠣᠣᠷ ᠢ ᠠᠷᠢᠯᠭᠠᠰᠤᠭᠠᠢ 》ᠭᠡᠮᠡᠨ ᠰᠦᠪᠡᠭᠡᠳᠡᠢ ᠪᠠᠭᠠᠲᠤᠷ ᠤ᠋ᠨ ᠠᠷᠤ ᠠ᠋ᠴᠠ ᠬᠡᠳᠦᠨ ᠵᠠᠮ ᠬᠤᠪᠠᠶᠠᠨ ᠬᠠᠩᠭᠠᠷᠢ ᠶ᠋ᠢᠨ ᠨᠡᠢᠰᠯᠡᠯ ᠢ᠋ ᠴᠢᠭᠯᠡᠪᠡ᠃
ᠲᠡᠳᠦᠢ ᠳ᠋ᠦ᠍ᠷ ᠬᠠᠩᠭᠠᠷᠢ ᠶ᠋ᠢᠨ ᠳ᠋ᠤᠨᠨᠤ ᠭᠣᠣᠯ ᠳᠠᠭᠠᠤ ᠨᠤᠲᠤᠭ ᠲᠠᠢ ᠠᠷᠠᠳ ᠴᠥᠮ ᠮᠣᠩᠭᠣᠯᠴᠤᠳ ᠠ᠋ᠴᠠ ᠳᠤᠲᠠᠭᠠᠨ ᠫᠸᠱᠲ᠋ᠤ ᠪᠤᠲᠠ ᠬᠣᠶᠠᠷ ᠬᠣᠲᠠᠨ ᠳ᠋ᠤᠷ ᠴᠤᠭᠯᠠᠷᠠᠪᠠ᠃ ᠭᠧᠯᠦᠧᠧᠮᠡᠨ ᠬᠦᠩ ᠬᠣᠲᠠ ᠶ᠋ᠢᠨ ᠠᠷᠠᠳ ᠢ᠋ ᠵᠠᠢᠯᠠᠵᠤ ᠶᠠᠪᠤ ᠭᠡᠮᠡᠨ ᠰᠡᠷᠡᠮᠵᠢᠭᠦᠯᠦᠭᠰᠡᠨ ᠪᠣᠯᠪᠠᠴᠤ ᠠᠷᠠᠳ ᠤ᠋ᠳ ᠦᠭᠡ ᠠᠪᠬᠤ ᠦᠭᠡᠢ ᠬᠠᠷᠢᠨ ᠪᠡᠬᠢᠯᠡᠨ ᠰᠠᠬᠢᠬᠤ ᠪᠡᠯᠡᠳᠬᠡᠯ ᠬᠢᠵᠦ ᠬᠦᠯᠢᠶᠡᠪᠡᠢ᠃ ᠤᠳᠠᠭᠰᠠᠨ ᠦᠭᠡᠢ ᠰᠦᠪᠡᠭᠡᠲᠡᠢ ᠪᠠᠭᠠᠲᠤᠷ ᠬᠦᠷᠴᠦ ᠢᠷᠡᠭᠡᠳ ᠬᠣᠲᠠ ᠶ᠋ᠢᠨ ᠬᠣᠢᠲᠤ ᠡᠭᠦᠳᠡ ᠶ᠋ᠢ ᠡᠪᠳᠡᠵᠦ ᠣᠷᠣᠭᠠᠳ ᠵᠡᠪᠰᠡᠭ ᠪᠠᠷᠢᠭᠰᠠᠨ ᠪᠦᠬᠦᠨ ᠢ᠋ ᠬᠢᠳᠤᠵᠤ ᠬᠣᠲᠠ ᠶ᠋ᠢ ᠨᠤᠷᠠᠭᠠᠨ ᠲᠠᠯᠪᠢᠪᠠ᠃ ᠪᠠᠲᠤ ᠬᠠᠨ ᠤ᠋ ᠶᠡᠬᠡ ᠴᠡᠷᠢᠭ ᠠᠷᠤ ᠠ᠋ᠴᠠᠭᠠᠨ ᠲᠠᠭᠠᠯᠴᠠᠨ ᠬᠦᠷᠴᠦ ᠢᠷᠡᠭᠰᠡᠨ ᠲᠤᠯᠠ ᠪᠤᠲᠠ ᠬᠣᠲᠠ ᠶ᠋ᠢᠨ ᠣᠯᠠᠩᠬᠢ ᠠᠨᠤ ᠭᠠᠷᠴᠤ ᠳᠤᠲᠠᠭᠠᠵᠤ ᠬᠣᠴᠣᠷᠤᠭᠰᠠᠨ ᠬᠥᠮᠦᠰ ᠬᠣᠲᠠ ᠶ᠋ᠢᠨ ᠡᠭᠦᠳᠡ ᠪᠡᠨ ᠨᠡᠭᠡᠭᠡᠨ ᠳᠠᠭᠠᠪᠠ᠃ ᠪᠠᠲᠤ ᠬᠠᠨ ᠬᠣᠲᠠ ᠶ᠋ᠢ ᠨᠤᠷᠠᠭᠠᠯᠭᠠᠨ ᠴᠡᠷᠢᠭ ᠠᠮᠠᠷᠠᠭᠤᠯᠪᠠ᠃
ᠢᠯᠠᠭᠳᠠᠰᠢ ᠦᠭᠡᠢ ᠭᠡᠮᠡᠨ ᠠᠯᠳᠠᠷᠰᠢᠭᠰᠠᠨ ᠬᠠᠩᠭᠠᠷᠢ ᠶ᠋ᠢᠨ ᠭᠣᠣᠯ ᠬᠦᠴᠦᠨ ᠦ᠌ ᠴᠡᠷᠢᠭ ᠢ᠋ᠶ᠋ᠡᠨ ᠰᠥᠨᠥᠭᠡᠭᠳᠡᠭᠰᠡᠨ ᠲᠤᠯᠠ ᠳᠠᠬᠢᠨ ᠮᠣᠩᠭᠣᠯᠴᠤᠳ ᠤ᠋ᠨ ᠬᠥᠯ ᠢ᠋ ᠬᠣᠷᠢᠵᠤ ᠴᠢᠳᠠᠬᠤ ᠬᠦᠴᠦᠨ ᠦᠭᠡᠢ ᠪᠣᠯᠪᠠ᠃ ᠭᠡᠪᠡᠴᠦ ᠴᠥᠭᠡᠨ ᠬᠣᠲᠠ ᠪᠠᠯᠭᠠᠰᠤ ᠴᠡᠷᠢᠭ ᠮᠣᠷᠢ ᠡᠯᠰᠡᠵᠦ ᠲᠤᠰ ᠲᠤᠰ ᠢ᠋ᠶ᠋ᠠᠷ ᠢ᠋ᠶ᠋ᠠᠨ ᠲᠤᠭ ᠪᠤᠰᠬᠠᠵᠤ ᠬᠣᠲᠠ ᠪᠠᠨ ᠰᠠᠬᠢᠨ ᠪᠠᠭᠤᠵᠤ ᠥᠭᠬᠦ ᠦᠭᠡᠢ ᠲᠤᠯᠠ ᠬᠠᠳ ᠲᠤᠷ ᠴᠥᠭᠡᠨ ᠴᠡᠷᠢᠭ ᠥᠭᠴᠦ ᠬᠡᠳᠦᠨ ᠵᠠᠮ ᠢ᠋ᠶ᠋ᠠᠷ ᠭᠠᠷᠴᠤ ᠬᠣᠲᠠ ᠪᠠᠯᠭᠠᠰᠤᠨ ᠢ᠋ ᠡᠵᠡᠯᠡᠨ ᠠᠪ ᠭᠡᠮᠡᠨ ᠶᠠᠪᠤᠭᠤᠯᠪᠠ᠃
ᠥᠭᠦᠯᠡᠬᠦ ᠢᠨᠦ ᠬᠠᠳᠠᠨ ᠬᠠᠨ ᠵᠠᠷᠯᠢᠭ ᠢ᠋ ᠬᠦᠯᠢᠶᠡᠨ ᠨᠢᠭᠡ ᠲᠦᠮᠡᠨ ᠭᠠᠪᠰᠢᠭᠠᠢ ᠴᠡᠷᠢᠭ ᠠᠪᠴᠤ ᠲᠸᠯᠡᠨᠰᠢᠯᠸᠸᠨᠨᠢᠶᠠ ᠶ᠋ᠢᠨ ᠬᠢᠯᠢ ᠡᠴᠡ ᠣᠢ ᠶ᠋ᠢᠨ ᠵᠠᠮ ᠢ᠋ᠶ᠋ᠠᠷ ᠣᠷᠣᠵᠤ ᠭᠤᠷᠪᠠᠨ ᠡᠳᠦᠷ ᠶᠠᠪᠤᠨ᠂ ᠯᠤᠤ ᠳ᠋ᠠᠨ ᠬᠣᠲᠠᠨ ᠳ᠋ᠤᠷ ᠬᠦᠷᠴᠦ ᠢᠷᠡᠪᠡ᠃ ᠡᠨᠡ ᠪᠣᠯ ᠬ᠌ᠸᠷᠮᠠᠨᠴᠤᠳ ᠤ᠋ᠨ ᠪᠠᠢᠭᠤᠯᠤᠭᠰᠠᠨ ᠬᠣᠲᠠ ᠮᠥᠨ᠃ ᠳᠡᠷᠭᠡᠳᠡ ᠢᠨᠦ ᠮᠥᠩᠭᠥᠨ ᠠᠭᠤᠷᠬᠠᠢ ᠶᠡᠬᠡ ᠪᠣᠢ ᠪᠥᠯᠥᠭᠡ᠃ ᠮᠣᠩᠭᠣᠯᠴᠤᠳ ᠢ᠋ ᠦᠵᠡᠭᠡᠳ ᠬᠣᠲᠠ ᠶ᠋ᠢᠨ ᠴᠡᠷᠢᠭ ᠠᠷᠠᠳ ᠤᠭᠲᠤᠨ ᠪᠠᠢᠯᠳᠤᠷ᠎ᠠ ᠭᠠᠷᠴᠤ ᠢᠷᠡᠬᠦᠢ ᠳ᠋ᠦ᠍ᠷ ᠬᠠᠳᠠᠨ ᠬᠠᠨ ᠪᠠᠭᠤᠷᠠᠢ ᠪᠠᠢᠳᠠᠯ ᠦᠵᠡᠭᠦᠯᠵᠦ ᠳᠤᠲᠠᠭᠠᠪᠠᠢ᠃ ᠯᠤᠤ ᠳ᠋ᠠᠨ ᠬᠣᠲᠠ ᠶ᠋ᠢᠨ ᠴᠡᠷᠢᠭ ᠠᠷᠠᠳ ᠬᠣᠯᠠ ᠭᠠᠷᠲᠠᠯ᠎ᠠ ᠨᠡᠬᠡᠮᠵᠢᠯᠡᠭᠡᠳ ᠳᠡᠢᠯᠦᠭᠰᠡᠨ ᠶᠣᠰᠣ ᠪᠠᠷ ᠬᠣᠲᠠ ᠳ᠋ᠠᠭᠠᠨ ᠪᠤᠴᠠᠵᠤ ᠬᠤᠷᠢᠮᠯᠠᠨ ᠠᠷᠢᠬᠢᠳᠠᠵᠤ ᠰᠣᠭᠲᠣᠲᠠᠯ᠎ᠠ ᠤᠤᠭᠤᠵᠤ ᠪᠦᠬᠦᠢ ᠳ᠋ᠦ᠍ᠷ ᠬᠠᠳᠠᠨ ᠬᠠᠨ ᠤ᠋ ᠴᠡᠷᠢᠭ ᠮᠥᠷ ᠢ᠋ᠶ᠋ᠡᠷ ᠢᠨᠦ ᠳᠠᠭᠠᠵᠤ ᠢᠷᠡᠭᠡᠳ ᠬᠣᠲᠠᠨ ᠳ᠋ᠤᠷ ᠭᠡᠨᠡᠳᠲᠡ ᠳᠠᠭᠠᠷᠢᠨ ᠣᠷᠣᠵᠤ ᠡᠳᠦᠢ ᠲᠡᠳᠦᠢ ᠡᠰᠡᠷᠭᠦᠴᠡᠭᠰᠡᠳ ᠢ᠋ ᠬᠢᠳᠤᠵᠤ ᠵᠢᠷᠭᠤᠭᠠᠨ ᠵᠠᠭᠤ ᠢᠯᠡᠭᠦᠦ ᠰᠣᠭᠲᠣᠭᠤ ᠭᠧᠷᠮᠠᠨ ᠴᠡᠷᠢᠭ ᠢ᠋ ᠣᠯᠵᠠᠯᠠᠭᠠᠳ ᠬᠣᠲᠠ ᠶ᠋ᠢ ᠨᠤᠷᠠᠭᠠᠨ ᠣᠷᠬᠢᠵᠤ ᠠᠭᠤᠯᠠ ᠶ᠋ᠢ ᠳᠠᠪᠠᠵᠤ ᠪᠠᠯᠠᠷ ᠣᠢ ᠳᠤᠮᠳᠠᠭᠤᠷ ᠵᠠᠮ ᠨᠡᠭᠡᠭᠡᠵᠦ ᠸᠠᠯᠠᠳᠢᠨ ᠬᠣᠲᠠᠨ ᠳ᠋ᠤᠷ ᠬᠦᠷᠴᠦ ᠢᠷᠡᠪᠡ᠂ ᠡᠨᠡ ᠬᠣᠲᠠᠨ ᠳ᠋ᠤᠷ ᠴᠡᠷᠢᠭ ᠲᠡᠢᠨ ᠦ᠌ ᠠᠶᠤᠯ ᠠ᠋ᠴᠠ ᠵᠠᠢᠯᠠᠵᠤ ᠢᠷᠡᠭᠰᠡᠨ ᠪᠠᠶᠠᠳ ᠨᠣᠶᠠᠳ ᠢᠵᠠᠭᠤᠷᠲᠠᠨ ᠣᠯᠠᠨ ᠪᠠᠢᠭᠰᠠᠨ ᠠᠵᠤᠭᠤ᠂ ᠬᠣᠲᠠᠨ ᠤ᠋ ᠭᠠᠳᠠᠨ᠎ᠠ ᠨᠢᠭᠡᠨ ᠶᠡᠬᠡ ᠪᠡᠬᠢᠯᠡᠯᠲᠡ ᠪᠣᠢ᠃ ᠪᠡᠬᠢᠯᠡᠯᠲᠡ ᠶ᠋ᠢᠨ ᠬᠡᠷᠡᠮ ᠥᠨᠳᠥᠷ ᠪᠥᠭᠡᠳ ᠵᠤᠵᠠᠭᠠᠨ ᠬᠡᠷᠡᠮ ᠦ᠋ᠨ ᠳᠡᠭᠡᠷ᠎ᠡ ᠪᠠᠰᠠ ᠪᠠᠢᠯᠳᠤᠬᠤ ᠬᠠᠯᠠᠠᠪᠴᠢ ᠸᠠᠩ ᠯᠧᠦ ᠪᠣᠢ᠃ ᠮᠣᠩᠭᠣᠯᠴᠤᠳ ᠢ ᠦᠵᠡᠭᠡᠳ ᠴᠥᠮ ᠪᠡᠬᠢᠯᠡᠯᠲᠡ ᠳ᠋ᠡᠭᠡᠨ ᠣᠷᠣᠵᠤ ᠰᠠᠬᠢᠵᠤᠬᠤᠢ᠃ ᠮᠣᠩᠭᠣᠯᠴᠤᠳ ᠬᠥᠮᠦᠨ ᠦᠭᠡᠢ ᠬᠣᠭᠣᠰᠣᠨ ᠬᠣᠲᠠ ᠶ᠋ᠢ ᠠᠨᠤ ᠭᠠᠯᠳᠠᠵᠤ ᠣᠷᠬᠢᠭᠠᠳ ᠶᠠᠪᠤᠪᠠ᠃ ᠪᠡᠬᠢᠯᠡᠯᠲᠡ ᠳ᠋ᠦ᠍ᠷ ᠣᠷᠣᠭᠰᠠᠨ ᠬᠣᠲᠠ ᠶ᠋ᠢᠨ ᠴᠡᠷᠢᠭ ᠠᠷᠠᠳ ᠲᠤᠷᠰᠢᠭᠤᠯᠪᠠᠰᠤ ᠬᠣᠯᠠᠳᠠᠭᠰᠠᠨ ᠲᠤᠯᠠ ᠬᠣᠲᠠᠨ ᠳ᠋ᠠᠭᠠᠨ ᠪᠤᠴᠠᠵᠤ ᠭᠡᠷ ᠪᠠᠢᠰᠢᠩ ᠢ᠋ᠶ᠋ᠠᠨ ᠰᠡᠯᠪᠢᠨ ᠠᠬᠤᠢ ᠳ᠋ᠤᠷ ᠮᠣᠩᠭᠣᠯᠴᠤᠳ ᠭᠡᠨᠡᠳᠲᠡ ᠪᠤᠴᠠᠵᠤ ᠢᠷᠡᠭᠡᠳ ᠣᠯᠠᠨ ᠬᠥᠮᠦᠨ ᠢ᠋ ᠣᠯᠵᠠᠯᠠᠨ ᠪᠡᠬᠢᠯᠡᠯᠲᠡ ᠶ᠋ᠢ ᠢᠨᠤ ᠳᠡᠯᠪᠡᠴᠡᠨ ᠡᠪᠳᠡᠭᠡᠳ ᠡᠰᠡᠷᠭᠦᠴᠡᠭᠰᠡᠨ ᠬᠥᠮᠦᠰ ᠢ᠋ ᠴᠠᠪᠴᠢᠵᠤ ᠬᠢᠳᠤᠪᠠ᠃ ᠭᠧᠷᠮᠠᠨ ᠤ᠋ ᠶᠡᠬᠡ ᠪᠠᠯᠭᠠᠰᠤᠨ ᠰᠠᠩᠲ᠋ᠤᠸ᠋ᠸ ᠮᠢᠴᠢᠶᠣᠣ ᠂ ᠪᠧᠯᠬᠧ ᠵᠡᠷᠭᠡ ᠬᠣᠲᠠᠳ ᠢ᠋ ᠴᠥᠮ ᠡᠨᠡ ᠮᠡᠲᠦ ᠪᠠᠭ᠎ᠠ ᠵᠠᠯᠢ ᠬᠡᠷᠡᠭᠯᠡᠵᠦ ᠂ ᠴᠡᠷᠢᠭ ᠮᠣᠷᠢ ᠰᠦᠢᠳᠬᠡᠭᠰᠡᠨ ᠦᠭᠡᠢ ᠡᠵᠡᠯᠡᠨ ᠠᠪᠤᠪᠠ᠃
ᠥᠭᠦᠯᠡᠬᠦ ᠢᠨᠦ ᠮᠣᠩᠭᠣᠯᠴᠤᠳ ᠰᠠᠶᠣ᠋ ᠭᠣᠣᠯ ᠤ᠋ᠨ ᠰᠢᠢᠳᠪᠦᠷᠢᠲᠦ ᠶᠡᠬᠡ ᠲᠡᠢᠨ ᠦ᠌ ᠳᠠᠷᠠᠭ᠎ᠠ ᠬᠠᠳ ᠤ᠋ᠨ ᠭᠠᠪᠰᠢᠭᠠᠷ ᠴᠡᠷᠢᠭ ᠠᠪᠴᠤ ᠭᠠᠷᠤᠭᠠᠳ ᠶᠡᠬᠡ ᠪᠠᠭ᠎ᠠ ᠬᠣᠲᠠ ᠪᠠᠯᠭᠠᠰᠤᠨ ᠢ᠋ ᠡᠵᠡᠯᠡᠵᠦ ᠳ᠋ᠣᠨᠨᠣ᠋ ᠭᠣᠣᠯ ᠤ᠋ᠨ ᠢᠨᠠᠳᠤ ᠶ᠋ᠢ ᠴᠥᠮ ᠡᠷᠬᠡᠰᠢᠶᠡᠯ ᠳ᠋ᠡᠭᠡᠨ ᠣᠷᠣᠭᠤᠯᠵᠤ ᠠᠷᠠᠳ ᠢᠷᠭᠡᠳ ᠲᠣᠷ ᠭᠠᠵᠠᠷ ᠲᠠᠷᠢᠶ᠎ᠠ ᠬᠤᠪᠢᠶᠠᠨ ᠥᠭᠴᠦ ᠠᠷᠠᠯᠵᠢᠭ᠎ᠠ ᠬᠤᠳᠠᠯᠳᠤᠭ᠎ᠠ ᠶ᠋ᠢ ᠦᠷᠭᠦᠯᠵᠢᠯᠡᠭᠦᠯᠦᠨ ᠬᠢᠯᠭᠡᠵᠦ ᠮᠥᠩᠭᠥᠨ ᠵᠣᠭᠣᠰ ᠤ᠋ᠨ ᠦᠢᠯᠡᠳᠪᠦᠷᠢ ᠪᠠᠢᠭᠤᠯᠵᠤ ᠮᠣᠩᠭᠣᠯ ᠬᠠᠭᠠᠨ ᠤ᠋ ᠨᠡᠷ᠎ᠡ ᠲᠡᠢ ᠵᠣᠭᠣᠰ ᠢ ᠬᠡᠷᠡᠭᠯᠡᠬᠦ ᠪᠣᠯᠪᠠᠢ᠃
ᠣᠯᠠᠨ ᠬᠠᠳ ᠨᠣᠶᠠᠳ ᠨᠢᠭᠡᠨ ᠡᠳᠦᠷ ᠪᠠᠲᠤ ᠬᠠᠨ ᠤ᠋ ᠴᠠᠴᠠᠷ ᠲᠣᠢ ᠴᠤᠭᠯᠠᠷᠠᠨ ᠢᠷᠡᠵᠦ ᠢᠯᠠᠯᠲᠠ ᠶ᠋ᠢᠨ ᠶᠡᠬᠡ ᠪᠠᠶᠠᠷ ᠲᠤᠷ ᠨᠡᠢᠯᠡᠭᠦᠯᠦᠨ ᠪᠠᠲᠤ ᠬᠠᠨ ᠳ᠋ᠤᠷ ᠬᠤᠨᠳᠠᠭ᠎ᠠ ᠪᠠᠷᠢᠬᠤᠢ ᠳ᠋ᠤᠷ ᠪᠠᠲᠤ ᠬᠠᠨ ᠬᠡᠳᠦ ᠳᠠᠬᠢᠨ ᠮᠠᠷᠭᠤᠭᠠᠳ ᠰᠠᠶᠢ ᠬᠦᠯᠢᠶᠡᠨ ᠠᠪᠴᠤ ᠪᠠᠶᠠᠷ ᠲᠤᠷ ᠢᠷᠡᠭᠰᠡᠨ ᠬᠥᠮᠦᠰ ᠲᠣᠷ ᠬᠤᠷᠢᠮ ᠬᠠᠢᠷᠠᠯᠠᠨ ᠬᠤᠷᠢᠮᠯᠠᠬᠤ ᠶ᠋ᠢᠨ ᠵᠠᠭᠤᠷ᠎ᠠ ᠡᠵᠡᠨ ᠲᠦᠰᠢᠮᠡᠳ ᠡᠨᠡ ᠤᠳᠠᠭᠠᠨ ᠤ᠋ ᠶᠡᠬᠡ ᠪᠠᠢᠯᠳᠤᠭᠠᠨ ᠢ᠋ ᠰᠢᠭᠦᠮᠵᠢᠯᠡᠬᠦᠢ ᠳ᠋ᠦ᠍ᠷ ᠪᠠᠲᠤ ᠬᠠᠨ ᠬᠠᠢᠷᠠᠲᠤ ᠵᠠᠩᠵᠤᠨ ᠪᠠᠭᠠᠲᠤᠷ ᠤ᠋ᠨ ᠦᠬᠦᠭᠰᠡᠨ ᠳ᠋ᠦ᠍ᠷ ᠮᠠᠰᠢ ᠬᠠᠷᠠᠮᠰᠠᠵᠤ ᠄ 《ᠬᠡᠷᠪᠡ ᠰᠥᠪᠡᠭᠡᠳᠡᠢ ᠪᠠᠭᠠᠲᠤᠷ ᠡᠷᠲᠡ ᠨᠢᠭᠡᠨ ᠠᠯᠬᠤᠮ ᠬᠦᠷᠴᠦ ᠢᠷᠡᠭᠰᠡᠨ ᠪᠥᠭᠡᠰᠦ ᠮᠢᠨᠦ ᠭᠤᠴᠢᠭᠠᠳ ᠰᠠᠢᠨ ᠡᠷᠡᠰ ᠬᠢᠭᠡᠳ ᠶᠡᠬᠡ ᠵᠠᠩᠵᠤᠨ ᠪᠠᠭᠠᠲᠤᠷ ᠦᠬᠦᠬᠦᠢ ᠳ᠋ᠦ᠍ᠷ ᠬᠦᠷᠬᠦ ᠦᠭᠡᠢ ᠪᠣᠯᠠᠢ 》 ᠬᠡᠮᠡᠬᠦᠢ ᠳ᠋ᠦ᠍ᠷ ᠰᠦᠪᠡᠭᠡᠲᠡᠢ ᠪᠠᠭᠠᠲᠤᠷ ᠥᠴᠢᠷᠦᠨ : 《ᠬᠠᠨ ᠲᠠ ᠨᠠᠮᠠᠶ᠋ᠢ ᠴᠠᠭ ᠲᠠᠭᠠᠨ ᠢᠷᠡᠭᠰᠡᠨ ᠦᠭᠡᠢ ᠭᠡᠮᠡᠨ ᠬᠢᠯᠢᠩ ᠠᠬᠤᠭᠤᠯᠵᠤ ᠪᠣᠢ ᠪᠤᠶᠤ᠃ ᠭᠡᠲᠡᠯ᠎ᠡ ᠬᠠᠨ ᠲᠠ ᠮᠢᠨᠦ ᠰᠠᠯ ᠤᠶᠠᠬᠤ ᠭᠡᠵᠦ ᠶᠠᠭᠠᠷᠠᠯᠳᠤᠵᠤ ᠪᠠᠢᠭᠰᠠᠨ ᠢ᠋ ᠬᠡᠷᠬᠢᠨ ᠮᠡᠳᠡᠬᠦ ᠪᠣᠢ᠃ ᠤᠷᠢᠳᠴᠢᠯᠠᠨ ᠤᠶᠠᠵᠤ ᠪᠡᠯᠡᠳᠬᠡᠪᠡᠰᠦ ᠪᠠᠰᠠ ᠬᠠᠩᠭᠠᠷᠢᠴᠤᠳ ᠰᠡᠵᠢᠭ ᠠᠪᠬᠤ ᠠ᠋ᠴᠠ ᠠᠶᠤᠵᠤ ᠤᠶᠠᠵᠤ ᠪᠦᠲᠦᠭᠡᠭᠰᠡᠨ ᠢ᠋ᠶ᠋ᠡᠨ ᠴᠦ᠍ ᠡᠪᠳᠡᠵᠦ ᠣᠷᠬᠢᠭᠰᠠᠨ ᠢ᠋ ᠨᠡᠩ ᠶᠠᠭᠤᠨ ᠢ᠋ ᠥᠭᠦᠯᠡᠬᠦ ᠠᠵᠤᠭᠤ 》 ᠬᠡᠮᠡᠪᠡ᠃ ᠪᠠᠲᠤ ᠬᠠᠨ ᠥᠭᠦᠯᠡᠷᠦᠨ : 《ᠡᠪᠦᠭᠡᠨ ᠵᠠᠩᠵᠤᠨ ᠬᠦᠴᠢᠷ ᠲᠤᠯᠭᠠᠷᠠᠬᠤ ᠦᠭᠡᠢ ᠪᠥᠭᠡᠰᠦ ᠬᠣᠵᠢᠮᠳᠠᠬᠤ ᠦᠭᠡᠢ ᠶ᠋ᠢ ᠪᠢ ᠮᠡᠳᠡᠮᠦᠢ᠃ ᠡᠨᠡ ᠤᠳᠠᠭᠠᠨ ᠤ᠋ ᠪᠠᠢᠯᠳᠤᠭᠠᠨ ᠳ᠋ᠤᠷ ᠡᠪᠦᠭᠡᠨ ᠵᠠᠩᠵᠤᠨ ᠤ᠋ ᠭᠠᠪᠢᠶ᠎ᠠ ᠵᠢᠳᠬᠦᠯ ᠦᠯᠡᠮᠵᠢ ᠲᠤᠯᠠ ᠬᠤᠨᠳᠠᠭ᠎ᠠ ᠪᠠᠷᠢᠭᠲᠤᠨ ! 》ᠭᠡᠮᠡᠨ ᠬᠤᠨᠳᠠᠭ᠎ᠠ ᠪᠠᠷᠢᠭᠠᠳ ᠴᠧᠲ᠋ᠧᠯᠢᠭᠥᠧᠧᠨᠢᠶᠠ ᠶ᠋ᠢ ᠪᠠᠢᠯᠳᠤᠮᠤᠢ ᠭᠡᠮᠡᠨ ᠴᠤᠤ ᠲᠠᠷᠬᠠᠭᠠᠵᠤ ᠪᠠᠢᠷᠠ ᠸᠠᠩ ᠢ᠋ ᠮᠡᠬᠡᠯᠡᠵᠦ ᠫᠧᠱᠲ᠋ᠸ᠋ ᠬᠣᠲᠠ ᠠ᠋ᠴᠠ ᠰᠠᠶᠣ᠋ ᠭᠣᠣᠯ ᠤ᠋ᠨ ᠬᠠᠪᠴᠢᠭ ᠲᠤᠷ ᠠᠪᠴᠤ ᠢᠷᠡᠭᠰᠡᠨ ᠤᠷᠠᠨ ᠠᠷᠭ᠎ᠠ ᠶ᠋ᠢ ᠶᠠᠷᠢᠵᠤ ᠴᠠᠭ᠎ᠠ᠂ ᠦᠵᠦᠮᠦᠨ ᠠᠷᠢᠬᠢ ᠤᠤᠭᠤᠯᠴᠠᠵᠤ ᠪᠠᠶᠠᠰᠤᠯᠴᠠᠪᠠᠢ᠃ ᠣᠳᠣ ᠪᠣᠯᠤᠭᠠᠳ ᠬᠥᠮᠦᠰ ᠰᠠᠶᠢ ᠮᠣᠷᠢᠲᠠᠨ ᠡᠷᠡᠰ ᠳᠤᠲᠠᠭᠠᠪᠠ ᠬᠡᠮᠡᠬᠦ ᠢᠨᠦ ᠡᠪᠦᠭᠡᠨ ᠵᠠᠩᠵᠤᠨ ᠵᠣᠷᠢᠭᠤᠳᠠ ᠲᠠᠯᠪᠢᠵᠤ ᠶᠠᠪᠤᠭᠤᠯᠤᠭᠰᠠᠨ ᠭᠡᠮᠡᠨ ᠮᠡᠳᠡᠪᠡ᠃
ᠤᠳᠠᠭᠰᠠᠨ ᠦᠭᠡᠢ ᠪᠠᠰᠠ ᠵᠤᠨ ᠤ᠋ ᠳᠤᠮᠳᠠ ᠰᠠᠷ᠎ᠠ ᠪᠣᠯᠤᠭᠰᠠᠨ ᠲᠤᠯᠠ ᠳ᠋ᠣᠨᠨᠣ᠋ ᠭᠣᠣᠯ ᠢ᠋ ᠭᠡᠲᠦᠯᠵᠦ ᠽᠧᠲ᠋ᠧᠯᠢᠭᠦᠧᠧᠨᠢᠶᠡ ᠲᠡᠷᠢᠭᠦᠲᠡᠨ ᠣᠯᠠᠨ ᠬᠣᠲᠠ ᠶ᠋ᠢ ᠠᠪᠬᠤ ᠰᠠᠨᠠᠭ᠎ᠠ ᠦᠭᠡᠢ ᠴᠡᠷᠢᠭ ᠢ᠋ᠶ᠋ᠡᠨ ᠠᠮᠤᠵᠤ ᠠᠭᠲᠠ ᠪᠠᠨ ᠲᠠᠷᠭᠤ ᠠᠪᠤᠭᠤᠯᠵᠤ ᠵᠤᠨ ᠤ᠋ ᠰᠠᠢᠬᠠᠨ ᠴᠠᠭ ᠢ᠋ ᠥᠩᠭᠡᠷᠡᠵᠦ ᠲᠣᠬᠢᠷᠠᠮᠵᠢᠲᠠᠢ ᠨᠤᠲᠤᠭ ᠪᠡᠯᠴᠢᠭᠡᠷ ᠣᠯᠵᠤ ᠪᠠᠶᠠᠨ ᠨᠠᠮᠤᠷ ᠢ᠋ ᠤᠭᠲᠤᠪᠠ᠃
ᠡᠳᠦᠷ ᠰᠠᠷ᠎ᠠ ᠶ᠋ᠢᠨ ᠥᠩᠭᠡᠷᠡᠬᠦ ᠢᠨᠦ ᠥᠳᠥᠲᠦ ᠵᠡᠪᠡ ᠮᠡᠲᠦ ᠲᠤᠯᠠ ᠤᠳᠠᠭᠰᠠᠨ ᠦᠭᠡᠢ ᠪᠠᠰᠠ ᠬᠦᠢᠲᠡᠨ ᠡᠪᠦᠯ ᠵᠠᠯᠭᠠᠪᠠ᠃ ᠡᠨᠡ ᠡᠪᠦᠯ ᠮᠠᠰᠢ ᠬᠦᠢᠲᠡᠨ ᠲᠤᠯᠠ ᠤᠳᠠᠭᠠᠨ ᠵᠢᠯ ᠪᠢᠲᠡᠭᠦᠷᠡᠭᠰᠡᠨ ᠦᠭᠡᠢ ᠳ᠋ᠤᠨᠨᠤ ᠭᠣᠣᠯ ᠳᠡᠰ ᠬᠥᠯᠳᠡᠪᠡ᠃ ᠭᠣᠣᠯ ᠤ᠋ᠨ ᠪᠠᠷᠠᠭᠤᠨ ᠳ᠋ᠤᠷ ᠰᠦᠨᠳᠡᠷᠯᠡᠬᠦ ᠢᠨᠦ ᠽᠸᠲ᠋ᠸᠯᠢᠭᠦᠸᠸᠨᠢᠶᠠ ᠪᠣᠯᠠᠢ᠃ ᠬᠡᠷᠪᠡ ᠭᠣᠣᠯ ᠤ᠋ᠨ ᠮᠥᠰᠥ ᠬᠥᠮᠦᠨ ᠮᠣᠷᠢ ᠶ᠋ᠢ ᠳᠠᠭᠠᠭᠠᠪᠠᠰᠤ ᠽᠸᠲ᠋ᠸᠯᠢᠭᠦᠸᠸᠨᠢᠶᠠ ᠳᠠᠷᠤᠢ ᠭᠣᠣᠯ ᠤ᠋ᠨ ᠵᠡᠭᠦᠨ ᠬᠥᠪᠡᠭᠡᠨ ᠳ᠋ᠦ᠍ᠷ ᠡᠪᠦᠯᠵᠢᠬᠦ ᠮᠣᠩᠭᠣᠯᠴᠤᠳ ᠤ᠋ᠨ ᠳᠡᠷᠭᠡᠳᠡ ᠲᠠᠪᠢᠭᠳᠠᠮᠤᠢ᠃ ᠭᠡᠲᠡᠯ᠎ᠡ ᠬᠡᠨ ᠠᠶᠤᠮᠰᠢᠭ ᠦᠭᠡᠢ ᠬᠥᠯ ᠦᠭᠡᠢ ᠮᠥᠷᠡᠨ ᠦ᠌ ᠨᠢᠮᠭᠡᠨ ᠮᠥᠰᠥ ᠪᠡᠷ ᠲᠤᠷᠰᠢᠵᠤ ᠶᠠᠪᠤᠬᠤ ᠠᠵᠢ᠃
ᠨᠢᠭᠡᠨ ᠡᠳᠦᠷ ᠭᠡᠨᠡᠳᠲᠡ ᠪᠠᠲᠤ ᠬᠠᠨ ᠤ᠋ ᠪᠠᠴᠢᠮ ᠵᠠᠷᠯᠢᠭ ᠢᠷᠡᠵᠦ ᠬᠥᠮᠦᠰ ᠢ᠋ ᠶᠠᠭᠠᠷᠠᠭᠤᠯᠤᠨ ᠮᠣᠷᠳᠠᠭᠤᠯᠬᠤ ᠪᠣᠯᠤᠭᠰᠠᠨ ᠳ᠋ᠤᠷ ᠭᠡᠷ ᠮᠠᠢᠬᠠᠨ ᠢ᠋ᠶ᠋ᠠᠨ ᠬᠠᠰᠢ ᠶᠠᠰᠢ ᠪᠠᠭᠤᠯᠭᠠᠨ ᠠᠪᠴᠤ ᠠᠳᠤᠭᠤ ᠮᠠᠯ ᠪᠠᠨ ᠴᠦ᠍ ᠬᠤᠷᠢᠶᠠᠬᠤ ᠵᠠᠪ ᠴᠢᠯᠥᠭᠡ ᠣᠯᠳᠠᠭᠰᠠᠨ ᠦᠭᠡᠢ ᠬᠤᠷᠳᠤᠨ ᠳᠡᠭᠡᠷ᠎ᠡ ᠬᠤᠷᠳᠤᠯᠠ ᠭᠡᠮᠡᠨ ᠵᠡᠭᠦᠨᠰᠢ ᠮᠣᠷᠳᠠᠵᠤ ᠳ᠋ᠤᠨᠨᠤ ᠭᠣᠣᠯ ᠤ᠋ᠨ ᠬᠠᠯᠠᠭᠤᠨ ᠳᠤᠯᠠᠭᠠᠨ ᠡᠪᠦᠯᠵᠢᠶ᠎ᠡ ᠡᠴᠡ ᠪᠡᠨ ᠬᠣᠯᠠᠳᠠᠵᠤ ᠶᠠᠪᠤᠪᠠ᠃
ᠬᠠᠩᠭᠠᠷᠢᠴᠤᠳ ᠦᠵᠡᠵᠦ ᠠᠲᠠᠯ᠎ᠠ ᠮᠣᠩᠭᠣᠯᠴᠤᠳ ᠭᠡᠷ ᠮᠠᠢᠬᠠᠨ ᠢ᠋ᠶ᠋ᠠᠨ ᠬᠠᠭᠠᠰ ᠳᠤᠲᠠᠭᠤ ᠪᠠᠭᠤᠯᠭᠠᠨ ᠠᠳᠤᠭᠤ ᠮᠠᠯ ᠢ᠋ᠶ᠋ᠠᠨ ᠣᠷᠬᠢᠵᠤ ᠪᠠᠷ᠎ᠠ ᠲᠤᠷᠤᠭ ᠦᠭᠡᠢ ᠶᠠᠪᠤᠭᠰᠠᠨ ᠢ᠋ ᠦᠵᠡᠭᠡᠳ ᠣᠯᠵᠠ ᠣᠯᠬᠤ ᠭᠡᠵᠦ ᠭᠣᠣᠯ ᠤ᠋ᠨ ᠮᠥᠰᠥ ᠳᠡᠭᠡᠭᠦᠷ ᠳᠠᠪᠬᠢᠯᠳᠤᠨ ᠭᠠᠷᠴᠤ ᠢᠷᠡᠭᠡᠳ ᠠᠳᠤᠭᠤ ᠦᠬᠡᠷ ᠢ᠋ ᠰᠦᠷᠦᠭ ᠰᠦᠷᠦᠭ ᠢ᠋ᠶ᠋ᠡᠷ ᠢᠨᠦ ᠬᠥᠭᠡᠭᠡᠵᠦ ᠭᠣᠣᠯ ᠮᠥᠰᠥ ᠪᠡᠷ ᠭᠡᠲᠦᠯᠵᠦ ᠬᠣᠲᠠᠨ ᠳ᠋ᠠᠭᠠᠨ ᠠᠪᠴᠤ ᠣᠷᠣᠮᠤᠢ᠃ ᠳᠡᠮᠡᠢ ᠤᠳᠠᠭᠰᠠᠨ ᠦᠭᠡᠢ ᠮᠣᠩᠭᠣᠯ ᠤ᠋ᠨ ᠶᠡᠬᠡ ᠴᠡᠷᠢᠭ ᠲᠠᠭᠠᠯᠴᠠᠨ ᠢᠷᠡᠵᠦ ᠮᠥᠰᠥᠨ ᠳᠡᠭᠡᠭᠦᠷ ᠮᠣᠷᠢ ᠲᠡᠷᠭᠡ ᠪᠡᠷ ᠭᠡᠲᠦᠯᠵᠦ ᠽᠸᠲ᠋ᠸᠯᠢᠭᠦᠸᠸᠨᠢᠶᠠ ᠶ᠋ᠢ ᠰᠠᠯᠬᠢ ᠨᠡᠪᠲᠡᠷᠡᠬᠦ ᠦᠭᠡᠢ ᠪᠣᠯᠲᠠᠯ᠎ᠠ ᠪᠦᠰᠡᠯᠡᠵᠦ ᠠᠪᠤᠪᠠ᠃ ᠬᠠᠩᠭᠠᠷᠢᠴᠤᠳ ᠴᠥᠭᠡᠨ ᠦᠬᠡᠷ ᠠᠳᠤᠭᠤᠨ ᠳ᠋ᠤᠷ ᠭᠣᠷᠢᠳᠠᠵᠤ ᠪᠠᠲᠤ ᠬᠠᠨ ᠤ᠋ ᠠᠷᠭᠠᠨ ᠳ᠋ᠤᠷ ᠣᠷᠣᠭᠰᠠᠨ ᠢ᠋ᠶ᠋ᠠᠨ ᠰᠠᠶᠢ ᠮᠡᠳᠡᠪᠡ᠃
ᠽᠸᠲ᠋ᠸᠯᠢᠭᠦᠸᠸᠨᠢᠶᠠ ᠪᠥᠭᠡᠰᠦ ᠬᠠᠩᠭᠠᠷᠢ ᠶ᠋ᠢᠨ ᠬᠠᠭᠤᠴᠢᠨ ᠨᠡᠢᠰᠯᠡᠯ ᠪᠣᠯᠠᠢ᠃ ᠬᠣᠲᠠ ᠥᠨᠳᠥᠷ ᠪᠥᠭᠡᠳ ᠪᠠᠲᠤ᠂ ᠬᠣᠲᠠ ᠬᠠᠮᠠᠭᠠᠯᠠᠬᠤ ᠭᠣᠣ ᠭᠦᠨ ᠪᠥᠭᠡᠳ ᠥᠷᠭᠡᠨ ᠪᠠᠢᠯᠳᠤᠬᠤᠢ ᠳ᠋ᠤᠷ ᠪᠡᠷᠬᠡ᠂ ᠢᠯᠠᠩᠭᠤᠶ᠎ᠠ ᠳ᠋ᠤᠨᠨᠤ ᠭᠣᠣᠯ ᠤ᠋ᠨ ᠪᠠᠢᠭᠠᠯᠢ ᠶ᠋ᠢᠨ ᠬᠠᠯᠠᠬᠠᠪᠴᠢ ᠲᠠᠢ ᠲᠤᠯᠠ ᠤᠯᠠᠮ ᠪᠠᠷᠳᠠᠮ ᠪᠠᠢᠵᠤᠬᠤᠢ᠃ ᠡᠳᠦᠭᠡ ᠳ᠋ᠤᠨᠨᠤ ᠭᠣᠣᠯ ᠰᠠᠨᠠᠮᠰᠠᠷ ᠦᠭᠡᠢ ᠪᠢᠲᠡᠭᠦᠷᠡᠭᠰᠡᠨ ᠳ᠋ᠦ᠍ᠷ ᠬᠠᠩᠭᠠᠷᠢᠴᠤᠳ ᠰᠠᠶᠢ ᠭᠠᠢᠬᠠᠨ ᠰᠠᠨᠳᠤᠷᠪᠠ᠃
ᠬᠣᠲᠠ ᠶ᠋ᠢᠨ ᠴᠡᠷᠢᠭ ᠠᠷᠠᠳ ᠮᠣᠩᠭᠣᠯᠴᠤᠳ ᠢ ᠠᠩᠬ᠎ᠠ ᠦᠵᠡᠬᠦ ᠳ᠋ᠡᠭᠡᠨ ᠳᠡᠮᠡᠢ ᠠᠶᠤᠬᠤ ᠦᠭᠡᠢ ᠪᠠᠢᠪᠠ᠃ ᠮᠣᠩᠭᠣᠯᠴᠤᠳ ᠬᠣᠲᠠ ᠪᠠᠢᠯᠳᠤᠬᠤ ᠵᠡᠪᠰᠡᠭ ᠭᠤᠴᠢ ᠢᠯᠡᠭᠦᠦ ᠤᠭᠰᠠᠷᠠᠭᠠᠳ ᠣᠯᠵᠠᠯᠠᠭᠰᠠᠳ ᠢ ᠡᠮᠦᠨ᠎ᠡ ᠪᠡᠨ ᠲᠠᠭᠤᠵᠤ ᠬᠣᠲᠠ ᠶ᠋ᠢᠨ ᠭᠣᠣ ᠶ᠋ᠢᠨ ᠢᠷᠮᠡᠭ ᠢ᠋ᠶ᠋ᠡᠷ ᠮᠣᠳᠣ ᠪᠤᠯᠠᠭᠤᠯᠵᠤ ᠬᠠᠯᠬᠠᠪᠴᠢ ᠪᠣᠯᠭᠠᠨ ᠠᠷᠤ ᠠ᠋ᠴᠠ ᠬᠣᠲᠠ ᠡᠪᠳᠡᠬᠦ ᠫᠤᠤ ᠪᠠᠨ ᠥᠷᠲᠥᠵᠦ ᠲᠠᠯᠪᠢᠭᠠᠳ ᠲᠡᠰᠦᠷᠡᠰᠢ ᠦᠭᠡᠢ ᠮᠣᠳᠣ ᠴᠢᠯᠠᠭᠤ ᠳᠡᠯᠪᠡᠷᠡᠬᠦ ᠲᠡᠮᠦᠷ ᠪᠥᠮᠪᠥᠭᠡ ᠰᠤᠮᠤᠳᠠᠵᠤ ᠣᠷᠣᠭᠤᠯᠬᠤ ᠶ᠋ᠢᠨ ᠬᠠᠮᠲᠤ ᠭᠦᠨ ᠭᠣᠣ ᠶ᠋ᠢ ᠤᠭᠤᠲᠠ ᠲᠠᠢ ᠰᠢᠷᠣᠢ ᠬᠠᠶᠠᠵᠤ ᠳᠦᠭᠦᠷᠭᠡᠮᠦᠢ᠃ ᠬᠣᠲᠠ ᠶ᠋ᠢᠨ ᠬᠥᠮᠦᠰ ᠡᠭᠦᠨ ᠢ᠋ ᠦᠵᠡᠭᠡᠳ ᠰᠠᠶᠢ ᠠᠶᠤᠯᠳᠤᠪᠠ᠃ ᠬᠣᠲᠠᠨ ᠳ᠋ᠤᠷ ᠪᠦᠰᠡᠯᠡᠭᠳᠡᠭᠰᠡᠨ ᠹᠷᠠᠨᠼᠢ ᠂ ᠭᠧᠷᠮᠠᠨ ᠂ ᠯᠦᠩᠪᠠᠷᠳᠠᠢ ᠵᠡᠷᠭᠡ ᠤᠯᠤᠰ ᠤ᠋ᠨ ᠠᠷᠠᠯᠵᠢᠭᠠᠴᠢᠳ ᠮᠣᠩᠭᠣᠯ ᠳ᠋ᠤᠷ ᠠᠯᠲᠠ ᠮᠥᠩᠭᠥ ᠪᠡᠨ ᠥᠭᠬᠦ ᠦᠭᠡᠢ ᠭᠡᠮᠡᠨ ᠭᠠᠵᠠᠷ ᠪᠤᠯᠠᠵᠤ᠂ ᠪᠥᠰ ᠪᠠᠷᠠᠭ᠎ᠠ ᠪᠠᠨ ᠰᠢᠲᠠᠭᠠᠵᠤ ᠮᠣᠷᠢ ᠮᠠᠯ ᠢ᠋ᠶ᠋ᠠᠨ ᠠᠯᠠᠵᠤ ᠴᠢᠯᠠᠭᠤᠨ ᠪᠡᠬᠢᠯᠡᠯᠲᠡ ᠳ᠋ᠡᠭᠡᠨ ᠣᠷᠣᠵᠤ ᠰᠠᠬᠢᠪᠠᠢ᠃ ᠪᠠᠶᠠᠳ ᠨᠣᠶᠠᠳ ᠠᠷᠠᠯᠵᠢᠭᠠᠴᠢᠳ ᠡᠳ᠋ ᠪᠠᠷᠠᠭ᠎ᠠ ᠪᠠᠨ ᠭᠠᠯᠳᠠᠬᠤᠢ ᠳ᠋ᠤᠷ ᠬᠣᠲᠠ ᠶ᠋ᠢᠨ ᠠᠷᠠᠳ ᠤ᠋ᠨ ᠭᠡᠷ ᠪᠠᠢᠰᠢᠩ ᠰᠢᠲᠠᠭᠠᠭᠳᠠᠵᠤ ᠬᠣᠲᠠ ᠳᠦᠭᠦᠷᠡᠩ ᠭᠠᠯ ᠤᠲᠤᠭ᠎ᠠ ᠳᠡᠭᠳᠡᠵᠦ ᠤᠬᠢᠯᠠᠯᠴᠠᠬᠤ ᠳᠠᠭᠤᠨ ᠲᠩᠷᠢ ᠲᠤᠯᠤᠮᠤᠢ᠃ ᠪᠠᠲᠤ ᠬᠠᠨ ᠡᠭᠦᠨ ᠢ ᠦᠵᠡᠭᠡᠳ ᠶᠡᠬᠡᠳᠡ ᠬᠢᠯᠢᠩᠯᠡᠨ ᠬᠣᠲᠠ ᠶ᠋ᠢ ᠡᠳᠦᠷ ᠰᠥᠨᠢ ᠦᠭᠡᠢ ᠡᠭᠡᠯᠵᠢᠯᠡᠨ ᠪᠠᠢᠯᠳᠤᠭᠤᠯᠬᠤ ᠶ᠋ᠢᠨ ᠬᠠᠮᠲᠤ ᠬᠣᠲᠠ ᠶ᠋ᠢᠨ ᠴᠡᠷᠢᠭ ᠠᠷᠠᠳ ᠡᠰᠡᠷᠭᠦᠴᠡᠬᠦ ᠦᠭᠡᠢ ᠪᠦᠬᠦᠨ ᠢ᠋ ᠦᠯᠦ ᠬᠠᠯᠳᠠᠮᠤᠢ ᠭᠡᠮᠡᠨ ᠵᠠᠷ ᠪᠢᠴᠢᠵᠦ ᠰᠤᠮᠤᠳᠠᠵᠤ ᠣᠷᠣᠭᠤᠯᠤᠮᠤᠢ᠃ ᠲᠡᠢᠨ ᠬᠦ᠌ ᠬᠣᠲᠠ ᠰᠠᠬᠢᠬᠤ ᠴᠡᠷᠢᠭ ᠠᠷᠠᠳ ᠵᠠᠪᠰᠢᠶᠠᠨ ᠢ᠋ ᠦᠵᠡᠵᠦ ᠰᠠᠷᠨᠢᠨ ᠳᠤᠲᠠᠭᠠᠮᠤᠢ᠃ ᠡᠢᠨ ᠠᠭᠠᠳ ᠵᠢᠷᠭᠤᠳᠤᠭᠠᠷ ᠡᠳᠦᠷ ᠲᠦ᠍ ᠪᠠᠭ᠎ᠠ ᠵᠠᠩᠵᠤᠨ ᠤᠷᠢᠶᠠᠩᠬᠠᠳᠠᠢ ᠡᠭᠦᠯᠡᠨ ᠱᠠᠲᠤᠨ ᠤ᠋ ᠣᠷᠣᠢ ᠳ᠋ᠤᠷ ᠵᠣᠭᠰᠣᠵᠤ ᠱᠠᠲᠤ ᠬᠣᠲᠠ ᠶ᠋ᠢᠨ ᠬᠡᠷᠡᠮ ᠡᠴᠡ ᠠᠯᠲᠠ ᠬᠣᠯᠠ ᠪᠣᠢ ᠳ᠋ᠤᠷ ᠬᠠᠷᠠᠢᠨ ᠣᠷᠣᠵᠤ ᠴᠠᠪᠴᠢᠵᠤ ᠬᠡᠳᠦ ᠬᠡᠳᠦᠨ ᠢ᠋ ᠠᠯᠠᠭᠰᠠᠨ ᠳ᠋ᠤᠷ ᠬᠣᠲᠠ ᠰᠠᠬᠢᠬᠤ ᠬᠥᠮᠦᠰ ᠲᠡᠭᠷᠢ ᠡᠴᠡ ᠪᠠᠭᠤᠪᠠ ᠭᠡᠮᠡᠨ ᠠᠶᠤᠯᠳᠤᠵᠤ ᠣᠢᠷᠠᠲᠤᠬᠤ ᠦᠭᠡᠢ ᠪᠦᠬᠦᠢ ᠳ᠋ᠦ᠍ᠷ ᠡᠭᠦᠯᠡᠨ ᠱᠠᠲᠤ ᠶ᠋ᠢ ᠬᠣᠲᠠ ᠶ᠋ᠢᠨ ᠬᠠᠢᠰᠩ ᠳ᠋ᠤᠷ ᠲᠦᠰᠢᠭᠦᠯᠦᠮᠡᠭᠴᠡ ᠮᠣᠩᠭᠣᠯᠴᠤᠳ ᠲᠠᠭᠠᠯᠴᠠᠨ ᠭᠠᠷᠴᠤ ᠢᠷᠡᠯᠴᠡᠪᠡ᠃ ᠲᠡᠢᠨ ᠬᠦ᠌ ᠬᠣᠲᠠ ᠳᠦᠭᠦᠷᠡᠩ ᠦᠢᠮᠡᠯᠳᠦᠵᠦ ᠬᠣᠲᠠ ᠠᠪᠲᠠᠪᠠ ᠬᠡᠮᠡᠬᠦ ᠲᠤᠯᠠ ᠪᠠᠶᠠᠳ᠂ ᠨᠣᠶᠠᠳ ᠠᠷᠠᠯᠵᠢᠭᠠᠴᠢᠳ ᠦᠨᠡᠨ ᠬᠤᠳᠠᠯ ᠢ᠋ ᠢᠯᠭᠠᠬᠤ ᠦᠭᠡᠢ ᠳᠣᠲᠣᠭᠠᠳᠤ ᠴᠢᠯᠠᠭᠤᠨ ᠪᠡᠬᠢᠯᠡᠯᠲᠡ ᠳ᠋ᠦ᠍ᠷ ᠣᠷᠣᠵᠤ ᠰᠠᠬᠢᠪᠠᠢ᠃ ᠪᠠᠲᠤ ᠬᠠᠨ ᠪᠡᠶ᠎ᠡ ᠪᠡᠷ ᠤᠳᠤᠷᠢᠳᠤᠨ ᠴᠢᠯᠠᠭᠤᠨ ᠪᠡᠬᠢᠯᠡᠯᠲᠡ ᠶ᠋ᠢ ᠪᠠᠢᠯᠳᠤᠭᠤᠯᠵᠤ ᠡᠪᠳᠡᠭᠡᠳ ᠪᠠᠶᠠᠳ ᠂ ᠨᠣᠶᠠᠳ ᠂ ᠭᠠᠳᠠᠭᠠᠳᠤ ᠳᠣᠲᠣᠭᠠᠳᠤ ᠶ᠋ᠢᠨ ᠠᠷᠠᠯᠵᠢᠶ᠎ᠠ ᠬᠤᠳᠠᠯᠳᠤᠭ᠎ᠠ ᠶ᠋ᠢ ᠢᠯᠭᠠᠨ ᠭᠠᠷᠭᠠᠵᠤ ᠭᠠᠯ ᠳ᠋ᠤᠷ ᠳᠤᠷᠠᠲᠠᠢ ᠬᠥᠮᠦᠰ ᠭᠡᠮᠡᠨ ᠭᠠᠯ ᠢ᠋ᠶ᠋ᠠᠷ ᠰᠢᠷᠠᠵᠤ ᠂ ᠡᠳ᠋ ᠬᠣᠭᠰᠢᠯ ᠢ᠋ᠶ᠋ᠠᠨ ᠭᠠᠷᠭᠠᠭᠲᠤᠨ ᠭᠡᠮᠡᠨ ᠮᠠᠰᠢ ᠣᠯᠠᠨ ᠬᠥᠮᠦᠰ ᠢ᠋ ᠲᠠᠮᠤ ᠦᠵᠡᠭᠦᠯᠪᠡ᠃
ᠬᠠᠩᠭᠠᠷᠢ ᠶ᠋ᠢ ᠡᠭᠦᠨ ᠡᠴᠡ ᠴᠥᠮ ᠡᠵᠡᠯᠡᠨ ᠠᠪᠴᠤ ᠶᠡᠬᠡ ᠬᠡᠮᠵᠢᠶᠡᠨ ᠦ᠌ ᠪᠠᠢᠯᠳᠤᠭᠠᠨ ᠦᠭᠡᠢ ᠪᠣᠯᠤᠭᠰᠠᠨ ᠲᠤᠯᠠ ᠪᠠᠲᠤ ᠬᠠᠨ ᠵᠠᠷᠯᠢᠭ ᠪᠣᠯᠵᠤ ᠬᠠᠳᠠᠨ ᠬᠠᠨ ᠳ᠋ᠤᠷ ᠨᠢᠭᠡᠨ ᠰᠠᠯᠠᠭ᠎ᠠ ᠴᠡᠷᠢᠭ ᠥᠭᠴᠦ ᠪᠠᠢᠷᠨ ᠸᠠᠩ ᠢ᠋ ᠪᠡᠷᠢ ᠭᠡᠮᠡᠨ ᠶᠠᠪᠤᠭᠤᠯᠪᠠ᠃
ᠲᠡᠳᠦᠢ ᠳ᠋ᠦ᠍ᠷ ᠪᠠᠢᠷᠨ ᠸᠠᠩ ᠲᠣᠸᠯᠤᠸᠸᡁᠢ ᠮᠣᠵᠢ ᠡᠴᠡ ᠳᠤᠲᠠᠭᠠᠨ ᠫᠯᠯᠸᠰᠪᠤᠷ ᠲᠤᠷ ᠬᠦᠷᠬᠦᠢ ᠳ᠋ᠦ᠍ᠷ ᠠᠦ᠋ᠳᠠᠯᠢ ᠶ᠋ᠢᠨ ᠬᠦᠩ ᠫᠸᠢᠢᠳ᠋ᠸᠯᠢᠶᠸ ᠪᠡᠶ᠎ᠡ ᠪᠡᠷ ᠢᠷᠡᠵᠦ ᠤᠭᠲᠤᠨ ᠠᠪᠴᠤ ᠳ᠋ᠣᠨᠨᠤ ᠭᠣᠣᠯ ᠢ᠋ ᠭᠡᠲᠦᠯᠵᠦ ᠠᠤᠢᠳᠠᠯᠢ ᠳ᠋ᠤᠷ ᠢᠷᠡᠵᠦ ᠳᠠᠯᠳᠠᠯᠠᠮᠤ ᠭᠡᠮᠡᠨ ᠤᠷᠢᠭᠰᠠᠨ ᠳ᠋ᠤᠷ ᠪᠠᠢᠷᠨ ᠸᠠᠩ ᠣᠷᠣᠬᠤ ᠭᠠᠵᠠᠷ ᠦᠭᠡᠢ ᠶᠠᠪᠤᠬᠤ ᠲᠤᠯᠠ ᠮᠠᠰᠢ ᠪᠠᠶᠠᠷᠯᠠᠨ ᠢᠲᠡᠭᠡᠵᠦ ᠭᠣᠣᠯ ᠢ᠋ ᠭᠡᠲᠦᠯᠦᠭᠡᠳ ᠠᠤᠢᠳᠠᠯᠢ ᠳ᠋ᠤᠷ ᠣᠷᠣᠭᠰᠠᠨ ᠳ᠋ᠤᠷ ᠫᠸᠢᠢᠳ᠋ᠸᠯᠢᠶᠸ ᠬᠦᠩ ᠴᠢᠷᠠᠢ ᠬᠤᠪᠢᠷᠠᠵᠤ ᠡᠷᠬᠡᠨ ᠳ᠋ᠡᠭᠡᠨ ᠣᠷᠣᠭᠤᠯᠵᠤ ᠠᠪᠤᠭᠠᠳ ᠶᠡᠬᠡ ᠬᠡᠮᠵᠢᠶᠡᠨ ᠦ᠌ ᠠᠯᠲᠠ ᠮᠥᠩᠭᠥ ᠡᠳ᠋ ᠡᠷᠳᠡᠨᠢ ᠥᠭᠬᠦ ᠦᠭᠡᠢ ᠪᠥᠭᠡᠰᠦ ᠠᠮᠢ ᠶ᠋ᠢ ᠠᠪᠤᠮᠤᠢ ᠭᠡᠮᠡᠨ ᠰᠦᠷᠳᠡᠭᠦᠯᠵᠦ ᠶ᠋ᠢᠨ ᠪᠠᠢᠷᠠ ᠸᠠᠩ ᠤ᠋ᠨ ᠪᠠᠢᠬᠤ ᠪᠦᠬᠦᠨ ᠢ᠋ ᠴᠥᠮ ᠠᠪᠤᠭᠠᠳ ᠪᠠᠰᠠ ᠬᠠᠨᠤᠭᠰᠠᠨ ᠦᠭᠡᠢ ᠳ᠋ᠣᠨᠨᠣ ᠭᠣᠣᠯ ᠤ᠋ᠨ ᠪᠠᠷᠠᠭᠤᠨ ᠤ᠋ ᠭᠤᠷᠪᠠᠨ ᠮᠣᠵᠢ ᠶ᠋ᠢᠨ ᠭᠠᠵᠠᠷ ᠢ᠋ ᠲᠠᠰᠤᠳᠠᠵᠤ ᠠᠪᠬᠤ ᠪᠠᠷ ᠲᠣᠭᠲᠠᠪᠠ᠃ ᠫᠸᠢᠢᠳ᠋ᠸᠯᠢᠶᠸ ᠬᠦᠩ ᠪᠠᠰᠠ ᠬᠠᠨᠤᠭᠰᠠᠨ ᠦᠭᠡᠢ ᠴᠡᠷᠢᠭ ᠠᠪᠴᠤ ᠳ᠋ᠣᠨᠨᠣ ᠭᠣᠣᠯ ᠤ᠋ᠨ ᠪᠠᠷᠠᠭᠤᠨ ᠤ᠋ ᠬᠠᠩᠭᠠᠷᠢ ᠶ᠋ᠢᠨ ᠮᠤᠵᠢᠳ ᠢ᠋ ᠲᠦᠢᠪᠡᠭᠡᠨ ᠳᠡᠭᠡᠷᠡᠮᠳᠡᠵᠦ ᠺᠠᠹᠦ᠋ ᠬᠣᠲᠠ ᠶ᠋ᠢ ᠡᠵᠡᠯᠡᠵᠦ ᠠᠪᠤᠪᠠ᠃ ᠨᠤᠲᠤᠭ ᠤ᠋ᠨ ᠠᠷᠠᠳ ᠭᠧᠷᠮᠠᠨ ᠤ᠋ ᠬᠠᠷᠭᠢᠰᠯᠠᠬᠤ ᠶ᠋ᠢ ᠲᠡᠰᠪᠦᠷᠢᠯᠡᠨ ᠴᠢᠳᠠᠬᠤ ᠦᠭᠡᠢ ᠠᠭᠤᠷᠯᠠᠨ ᠪᠣᠰᠤᠯᠴᠠᠵᠤ ᠺᠠᠹᠦ᠋ ᠬᠣᠲᠠ ᠪᠠᠨ ᠪᠤᠴᠠᠭᠠᠨ ᠠᠪᠴᠤ ᠬᠣᠲᠠ ᠰᠠᠬᠢᠭᠰᠠᠨ ᠭᠧᠷᠮᠠᠨᠴᠤᠳ ᠢ᠋ ᠨᠢᠭᠡᠴᠦ ᠦᠯᠡᠳᠡᠭᠡᠭᠰᠡᠨ ᠦᠭᠡᠢ ᠴᠥᠮ ᠰᠢᠲᠠᠭᠠᠵᠤ ᠠᠯᠠᠪᠠ᠃ ᠪᠠᠢᠷᠠ ᠸᠠᠩ ᠫᠸᠢᠢᠳ᠋ᠸᠯᠢᠶᠸ ᠦ᠋ᠨ ᠭᠠᠷ ᠠ᠋ᠴᠠ ᠳᠥᠩᠭᠡᠵᠢ ᠠᠮᠢ ᠲᠠᠢ ᠮᠤᠯᠲᠤᠷᠠᠭᠠᠳ ᠭᠡᠷ ᠡᠷᠦᠬᠡ ᠪᠡᠨ ᠠᠪᠴᠤ ᠭᠸᠯᠤᠸᠸᠨᠲ ᠤ᠋ᠨ ᠬᠢᠯᠢ ᠳ᠋ᠦ᠍ᠷ ᠪᠣᠢ ᠠᠷᠸᠠᠯᠠᠮᠤ ᠬᠤᠲᠠᠨ᠎ᠠ ᠢᠷᠡᠵᠦ ᠵᠤᠨᠵᠢᠪᠠ᠃ ᠮᠣᠩᠭᠣᠯᠴᠤᠳ ᠡᠴᠡ ᠵᠠᠢᠯᠠᠨ ᠳᠤᠲᠠᠭᠠᠵᠤ ᠪᠠᠢᠭᠰᠠᠨ ᠬᠠᠩᠭᠠᠷᠢᠴᠤᠳ ᠤ᠋ᠨ ᠢᠵᠠᠭᠤᠷᠲᠠᠨ ᠴᠥᠮ ᠪᠠᠢᠷᠠ ᠸᠠᠩ ᠢ᠋ ᠡᠨᠳᠡ ᠡᠷᠢᠨ ᠢᠷᠡᠵᠦ ᠨᠡᠢᠯᠡᠪᠡ᠃
ᠳᠡᠮᠡᠢ ᠤᠳᠠᠭᠰᠠᠨ ᠦᠭᠡᠢ ᠪᠠᠢᠷᠠ ᠸᠠᠩ ᠬᠠᠳᠠᠨ ᠤ᠋ ᠴᠡᠷᠢᠭ ᠠᠢᠰᠤᠢ ᠬᠡᠮᠡᠬᠦ ᠴᠢᠮᠡᠭᠡ ᠶ᠋ᠢ ᠣᠯᠵᠤ ᠣᠯᠠᠨ ᠢ᠋ᠶ᠋ᠠᠨ ᠠᠪᠴᠤ ᠸᠯᠠᠳ᠋ᠠᠮᠢᠲ ᠲᠤᠷ ᠬᠦᠷᠴᠦ ᠲᠡᠨᠳᠡ ᠡᠴᠡ ᠲᠸᠯᠦ ᠪᠡᠬᠢᠯᠡᠯᠲᠡ ᠬᠦᠷᠴᠦ ᠪᠠᠰᠠ ᠪᠠᠲᠤᠯᠠᠭ᠎ᠠ ᠦᠭᠡᠢ ᠭᠡᠮᠡᠨ ᠣᠢᠷ᠎ᠠ ᠪᠠᠢᠭ᠎ᠠ ᠳᠠᠯᠠᠢ ᠶ᠋ᠢᠨ ᠠᠷᠠᠯ ᠳ᠋ᠤᠷ ᠭᠠᠷᠴᠤᠬᠤᠢ᠃ ᠬᠠᠳᠠᠨ ᠬᠠᠨ ᠤ᠋ ᠴᠡᠷᠢᠭ ᠮᠣᠷᠢᠲᠠᠨ ᠨᠡᠬᠡᠵᠦ ᠲᠠᠯᠪᠢᠬᠤ ᠦᠭᠡᠢ ᠽᠸᠲᠸᠯᠢᠭᠦᠸᠸᠨᠢᠶᠠ ᠪᠠᠷ ᠳᠠᠮᠵᠢᠨ ᠪᠠᠢᠷᠨ ᠸᠠᠩ ᠢ᠋ ᠨᠢᠭᠡᠨᠲᠡ ᠳᠠᠯᠠᠢ ᠶ᠋ᠢᠨ ᠬᠥᠪᠡᠭᠡ ᠬᠦᠷᠴᠡᠢ ᠭᠡᠮᠡᠨ ᠯᠠᠪ ᠴᠢᠮᠡᠭᠡ ᠶ᠋ᠢ ᠣᠯᠤᠭᠠᠳ ᠰᠠᠶᠢ ᠠᠯᠭᠤᠷ ᠶᠠᠪᠤᠵᠤ ᠰᠢᠷᠪᠢᠶᠤᠮ ᠭᠣᠣᠯ ᠬᠦᠷᠴᠦ ᠴᠡᠷᠢᠭ ᠮᠣᠷᠢ ᠶ᠋ᠢ ᠪᠡᠨ ᠬᠡᠳᠦᠨ ᠡᠳᠦᠷ ᠠᠮᠠᠷᠠᠭᠤᠯᠵᠤ ᠭᠸᠯᠣᠸᠸᠠᠲ ᠤ᠋ᠨ ᠬᠢᠯᠢ ᠪᠡᠷ ᠣᠷᠣᠵᠤ ᠽᠠᠹᠠᠯᠠᠲᠸᠯᠤᠸᠸ ᠬᠣᠲᠠ ᠬᠦᠷᠴᠦ ᠭᠸᠯᠢᠽᠠᠨ ᠪᠡᠬᠢᠯᠡᠯᠲᠡ ᠶ᠋ᠢ ᠪᠦᠰᠡᠯᠡᠨ ᠴᠣᠬᠢᠪᠠᠢ᠃ ᠡᠨᠡᠬᠦ ᠪᠡᠬᠢᠯᠡᠯᠲᠡ ᠢᠨᠦ ᠥᠩᠭᠡᠢᠮᠡ ᠬᠠᠳᠠᠨ ᠳᠡᠭᠡᠷ᠎ᠡ ᠪᠠᠢᠭᠤᠯᠤᠭᠰᠠᠨ ᠲᠤᠯᠠ ᠬᠢᠯᠪᠠᠷ ᠠᠪᠴᠤ ᠪᠣᠯᠬᠤ ᠦᠭᠡᠢ ᠲᠤᠯᠠ ᠬᠠᠩᠭᠠᠷᠢ ᠸᠠᠩ ᠡᠨᠳᠡ ᠡᠴᠡ ᠭᠠᠷᠴᠤ ᠶᠠᠪᠤᠭᠰᠠᠨ ᠢ᠋ ᠮᠡᠳᠡᠭᠡᠳ ᠣᠷᠬᠢᠨ ᠶᠠᠪᠤᠵᠤ ᠲᠸᠯᠦ ᠬᠣᠲᠠ ᠬᠦᠷᠴᠦ ᠪᠠᠢᠷᠨ ᠸᠠᠩ ᠤ᠋ᠨ ᠰᠠᠭᠤᠭᠰᠠᠨ ᠳᠠᠯᠠᠢ ᠶ᠋ᠢᠨ ᠠᠷᠠᠯ ᠤ᠋ᠨ ᠨᠠᠭᠠᠳᠤ ᠬᠥᠪᠡᠭᠡᠨ ᠳ᠋ᠦ᠍ᠷ ᠰᠠᠬᠢᠨ ᠰᠠᠭᠤᠵᠤ ᠬᠦᠯᠢᠶᠡᠪᠡᠢ᠃ ᠪᠠᠢᠷᠨ ᠸᠠᠩ ᠰᠠᠷᠲᠠᠭᠤᠯ ᠤ᠋ᠨ ᠡᠵᠡᠨ ᠱᠠᠭ ᠂ ᠮᠦᠬᠠᠮᠸᠳ᠋ ᠮᠡᠲᠦ ᠪᠣᠯᠬᠤ ᠠ᠋ᠴᠠ ᠠᠶᠤᠨ ᠭᠡᠷ ᠡᠷᠦᠬᠡ ᠪᠡᠨ ᠴᠥᠮ ᠣᠩᠭᠣᠴᠠᠨ᠎ᠠ ᠠᠴᠢᠶᠠᠯᠠᠨ ᠳᠤᠲᠠᠭᠠᠬᠤ ᠪᠠᠷ ᠪᠡᠯᠡᠬᠡᠨ ᠪᠣᠯᠭᠠᠵᠤ ᠪᠠᠢᠪᠠ᠃ ᠬᠠᠳᠠᠨ ᠬᠠᠨ ᠰᠠᠷ᠎ᠠ ᠰᠢᠬᠠᠮ ᠰᠠᠬᠢᠵᠤ ᠣᠩᠭᠣᠴᠠ ᠰᠠᠯ ᠦᠢᠯᠡᠳᠴᠦ ᠳᠠᠯᠠᠢ ᠳ᠋ᠤᠷ ᠣᠷᠣᠬᠤ ᠪᠠᠷ ᠪᠣᠢ ᠳ᠋ᠤᠷ ᠪᠠᠲᠤ ᠬᠠᠨ ᠠ᠋ᠴᠠ ᠶᠠᠪᠤᠭᠤᠯᠤᠭᠰᠠᠨᠨ ᠥᠭᠡᠳᠡᠢ ᠬᠠᠭᠠᠨ ᠤ᠋ ᠲᠡᠭᠷᠢ ᠪᠣᠯᠤᠭᠰᠠᠨ ᠮᠡᠳᠡᠭᠡ ᠶ᠋ᠢ ᠣᠯᠵᠤ ᠠᠪᠤᠭᠠᠳ ᠰᠠᠶᠢ ᠪᠠᠢᠷᠠ ᠸᠠᠩ ᠢ ᠣᠷᠬᠢᠵᠤ ᠵᠢᠯᠣᠭᠣ ᠪᠠᠨ ᠨᠢᠴᠤᠨ ᠲᠠᠲᠠᠵᠤ ᠸᠯᠡᠳ᠋ᠠᠮᠢᠲ ᠤ᠋ᠨ ᠥᠨᠳᠥᠷᠯᠢᠭ ᠢ ᠳᠠᠪᠠᠵᠤ ᠯᠠᠺᠤᠽ ᠬᠠᠪᠢ ᠶ᠋ᠢ ᠪᠠᠢᠯᠳᠤᠭᠰᠠᠨ ᠦᠭᠡᠢ ᠂ ᠺᠠᠲᠸᠯᠤᠸᠸ ᠰᠣᠸᠠᡁᠠᠶᠤ ᠂ ᠳ᠋ᠸᠯᠢᠸᠡᠽ ᠵᠡᠷᠭᠡ ᠬᠣᠲᠠ ᠶ᠋ᠢ ᠡᠪᠳᠡᠨ ᠠᠪᠴᠤ ᠽᠠᠢᠯᠸᠸᠶᠠ ᠶ᠋ᠢᠨ ᠵᠠᠮ ᠳ᠋ᠤᠷ ᠣᠷᠣᠵᠤ ᠪᠠᠲᠤ ᠬᠠᠨ ᠤ᠋ ᠶᠡᠬᠡ ᠴᠡᠷᠢᠭ ᠲᠦ᠍ᠷ ᠢᠷᠡᠵᠦ ᠨᠡᠢᠯᠡᠪᠡ᠃
ᠪᠠᠲᠤ ᠬᠠᠨ ᠰᠢᠨ᠎ᠡ ᠲᠣᠮᠢᠯᠠᠭᠰᠠᠨ ᠸᠠᠩ ᠬᠦᠩ ᠱᠠᠰᠢᠨ ᠤ᠋ ᠡᠲᠡᠭᠡᠳ ᠪᠠᠶᠠᠳ ᠨᠣᠶᠠᠳ ᠢ᠋ ᠴᠤᠭᠯᠠᠭᠤᠯᠤᠨ ᠬᠤᠷᠢᠮᠯᠠᠵᠤ ᠬᠡᠵᠢᠶᠡᠳᠡ ᠮᠣᠩᠭᠣᠯ ᠡᠴᠡ ᠤᠷᠪᠠᠬᠤ ᠦᠭᠡᠢ ᠲᠠᠩᠭᠠᠷᠢᠭ ᠢ᠋ ᠠᠪᠴᠤ ᠶᠡᠬᠡ ᠴᠡᠷᠢᠭ ᠵᠡᠭᠦᠨᠰᠢᠯᠡᠬᠦ ᠵᠠᠷᠯᠢᠭ ᠭᠠᠷᠭᠠᠪᠠ᠃
ᠥᠭᠡᠳᠡᠢ ᠬᠠᠭᠠᠨ ᠤ᠋ ᠲᠡᠭᠷᠢ ᠪᠣᠯᠤᠭᠰᠠᠨ ᠮᠡᠳᠡᠭᠡ ᠬᠦᠷᠴᠦ ᠢᠷᠡᠭᠰᠡᠨ ᠢ᠋ᠶ᠋ᠡᠷ ᠪᠠᠢᠷᠠ ᠸᠠᠩ ᠬᠥᠭᠡᠭᠡᠭᠳᠡᠵᠦ ᠶᠠᠪᠤᠭᠠᠳ ᠺᠣᠷᠣᠲᠸᠢ ᠪᠠ ᠳ᠋ᠠᠷᠤᠮᠠᠲᠸᠢ ᠬᠦᠷᠴᠦ ᠠᠳᠠᠷᠢᠶᠠ ᠲᠠᠩᠭᠢᠰ ᠤ᠋ᠨ ᠳᠤᠷᠠᠨ ᠠᠷᠠᠯ ᠳ᠋ᠤᠷ ᠣᠴᠢᠭᠠᠳ ᠰᠠᠶᠢ ᠨᠡᠬᠡᠯ ᠡᠴᠡ ᠠᠩᠭᠢᠵᠢᠷᠠᠪᠠ᠃ ᠲᠡᠭᠦᠨᠴᠢᠯᠡᠨ ᠠᠦᠢᠳᠠᠯᠢ ᠪᠠ ᠪᠦᠸᠸᠮᠢᠶᠠ ᠬᠣᠶᠠᠷ ᠤᠯᠤᠰ ᠪᠠᠲᠤ ᠬᠠᠨ ᠤ᠋ ᠬᠢᠨᠠᠯᠲᠠ ᠠ᠋ᠴᠠ ᠮᠤᠯᠲᠤᠷᠠᠪᠠ᠃
ᠥᠭᠦᠯᠡᠬᠦ ᠢᠨᠦ ᠥᠭᠡᠳᠡᠢ ᠬᠠᠭᠠᠨ ᠰᠣᠯᠢᠨ ᠬᠣᠲᠠ ᠶ᠋ᠢᠨ ᠵᠠᠵᠢᠨ ᠴᠠᠭᠠᠨ ᠣᠷᠳᠣᠨ ᠳ᠋ᠤᠷ ᠬᠠᠪᠤᠷᠵᠢᠭᠠᠳ ᠬᠣᠶᠠᠳᠤᠭᠠᠷ ᠰᠠᠷ᠎ᠠ ᠳ᠋ᠤᠷ ᠪᠡᠶ᠎ᠡ ᠴᠢᠯᠡᠭᠡᠷᠡᠨ ᠪᠦᠬᠦᠢ ᠳ᠋ᠦ᠍ᠷ ᠶᠡᠬᠡ ᠥᠷᠥᠰᠢᠶᠡᠯ ᠪᠣᠯᠵᠤ ᠶᠠᠯᠠᠲᠠᠨ ᠪᠦᠬᠦᠨ ᠢ᠋ ᠰᠤᠯᠠᠯᠠᠬᠤ ᠵᠠᠷᠯᠢᠭ ᠪᠠᠭᠤᠯᠭᠠᠭᠰᠠᠨ ᠠ᠋ᠴᠠ ᠬᠠᠭᠠᠨ ᠤ᠋ ᠴᠢᠯᠡᠭᠡ ᠠᠷᠢᠯᠤᠭᠰᠠᠨ ᠪᠥᠯᠥᠭᠡ᠃ ᠡᠨᠡ ᠵᠢᠯ ᠰᠣᠯᠣᠩᠭᠣᠰ ᠸᠠᠩ ᠵᠧ ᠤᠭᠰᠠᠭ᠎ᠠ ᠶ᠋ᠢᠨ ᠬᠥᠪᠡᠭᠦᠨ ᠸᠠᠩ ᠰᠦᠨ ᠢ ᠳᠡᠨᠵᠢ ᠪᠣᠯᠭᠠᠨ ᠬᠦᠷᠭᠡᠵᠦ ᠢᠷᠡᠭᠰᠡᠨ ᠳ᠋ᠦ᠍ᠷ ᠬᠠᠭᠠᠨ ᠤᠷᠤᠭ ᠰᠠᠳᠤᠨ ᠤᠯᠤᠰ ᠭᠡᠮᠡᠨ ᠣᠨᠴᠠ ᠬᠡᠰᠢᠭ ᠬᠦᠷᠲᠡᠭᠡᠵᠦ ᠰᠦᠨ ᠢ ᠬᠠᠳ ᠨᠣᠶᠠᠳ ᠤ᠋ᠨ ᠬᠥᠪᠡᠭᠦᠳ ᠦ᠋ᠨ ᠬᠠᠮᠲᠤ ᠮᠣᠩᠭᠣᠯ ᠤᠢᠭᠤᠷ ᠪᠧᠷᠰ ᠬᠢᠲᠠᠳ ᠳᠥᠷᠪᠡᠨ ᠬᠡᠯᠡ ᠶ᠋ᠢ ᠰᠤᠷᠬᠤ ᠰᠤᠷᠭᠠᠭᠤᠯᠢ ᠳ᠋ᠤᠷ ᠰᠤᠷᠤᠯᠴᠠᠭᠤᠯᠪᠠ᠃ ᠠᠷᠪᠠᠨ ᠨᠢᠭᠡᠨ ᠰᠠᠷ᠎ᠠ ᠶ᠋ᠢᠨ ᠤᠯᠠᠭᠠᠨᠭ᠍ᠴᠢᠨ ᠭᠠᠬᠠᠢ ᠡᠳᠦᠷ ᠬᠠᠭᠠᠨ ᠶᠡᠬᠡ ᠠᠪᠠ ᠵᠠᠷᠯᠠᠵᠤ ᠴᠠᠭᠠᠨ ᠪᠠᠷᠰ ᠡᠳᠦᠷ ᠣᠲᠣᠭ ᠬᠣᠯᠠ ᠠᠭᠤᠯᠠᠨ ᠳ᠋ᠤᠷ ᠪᠠᠭᠤᠳᠠᠯᠯᠠᠬᠤᠢ ᠳ᠋ᠤᠷ ᠵᠦᠩ ᠶᠤᠸᠠᠨ ᠤ᠋ ᠭᠠᠢᠯᠢ ᠶ᠋ᠢᠨ ᠳᠠᠭᠠᠭᠠᠮᠠᠯ ᠠᠪᠳᠤᠯ ᠂ ᠯᠾᠮᠠᠨ ᠠᠷᠢᠬᠢ ᠪᠠᠷᠢᠭᠰᠠᠨ ᠳ᠋ᠤᠷ ᠬᠠᠭᠠᠨ ᠪᠡᠶᠡᠰᠦᠨ ᠰᠥᠨᠢᠵᠢᠨ ᠤᠤᠭᠤᠭᠠᠳ ᠴᠠᠭᠠᠭᠴᠢᠨ ᠲᠠᠤᠯᠠᠢ ᠡᠳᠦᠷ ᠦ᠋ᠨ ᠥᠷᠯᠥᠭᠡ ᠪᠠᠭᠤᠴᠠ ᠶ᠋ᠢᠨ ᠣᠷᠳᠣᠨ ᠳ᠋ᠠᠭᠠᠨ ᠭᠡᠨᠡᠳᠲᠡ ᠲᠡᠭᠷᠢ ᠪᠣᠯᠪᠠ᠃
ᠥᠭᠡᠳᠡᠢ ᠬᠠᠭᠠᠨ ᠰᠠᠭᠤᠷᠢᠨ᠎ᠠ ᠠᠷᠪᠠᠨ ᠭᠤᠷᠪᠠᠨ ᠵᠢᠯ ᠪᠣᠯᠵᠤ ᠲᠠᠪᠢᠨ ᠵᠢᠷᠭᠤᠭᠠᠨ ᠰᠡᠭᠦᠳᠡᠷ ᠲᠡᠢ ᠥᠭᠡᠳᠡᠯᠡᠪᠡ᠃ ᠰᠥᠩ ᠤᠯᠤᠰ ᠢ ᠬᠦᠴᠦᠨ ᠢ᠋ᠶ᠋ᠡᠷ ᠡᠶᠡᠳᠡᠭᠦᠯᠵᠦ ᠠᠯᠪᠠ ᠪᠠᠷᠢᠭᠤᠯᠤᠭᠰᠠᠨ ᠪᠥᠭᠡᠳ ᠲᠥᠪ ᠪᠠ ᠥᠷᠥᠨ᠎ᠡ ᠠᠽᠢ ᠶ᠋ᠢᠨ ᠬᠢᠯᠢ ᠬᠢᠵᠠᠭᠠᠷ ᠢ᠋ ᠶᠡᠬᠡᠳᠬᠡᠨ ᠪᠡᠬᠢᠵᠢᠭᠦᠯᠵᠦ ᠧᠦ᠋ᠷᠣᠫᠠ ᠶ᠋ᠢᠨ ᠺᠣᠮᠠᠨ ᠂ ᠣᠷᠣᠰ ᠂ ᠬᠠᠩᠭᠠᠷᠢ ᠂ ᠫᠣᠯᠠᠨᠳ᠋ ᠂ ᠪᠣᠯᠭᠠᠷᠢ ᠵᠡᠷᠭᠡ ᠣᠯᠠᠨ ᠤᠯᠤᠰ ᠢ᠋ ᠪᠠᠢᠯᠳᠤᠨ ᠳᠠᠭᠠᠭᠤᠯᠬᠤ ᠶᠡᠬᠡ ᠦᠢᠯᠡᠰ ᠢ᠋ ᠬᠦᠴᠦᠲᠡᠢ ᠶᠠᠪᠤᠭᠤᠯᠪᠠ᠃
ᠥᠭᠡᠳᠡᠢ ᠬᠠᠭᠠᠨ ᠠᠭᠤᠤ ᠪᠠᠭᠲᠠᠭᠠᠮᠵᠢᠲᠠᠢ ᠂ ᠥᠷᠥᠰᠢᠶᠡᠩᠭᠦᠢ ᠭᠣᠣᠯᠴᠢ᠂ ᠥᠭᠯᠢᠭᠡ ᠳ᠋ᠦ᠍ᠷ ᠳᠤᠷᠠᠲᠠᠢ ᠂ ᠬᠡᠷᠡᠭ ᠶᠠᠪᠤᠳᠠᠯ ᠳ᠋ᠤᠷ ᠪᠣᠯᠭᠣᠮᠵᠢᠲᠠᠢ ᠪᠥᠭᠡᠳ ᠴᠠᠭ ᠢ᠋ ᠮᠡᠳᠡᠵᠦ ᠬᠦᠴᠦᠨ ᠢ᠋ᠶ᠋ᠡᠨ ᠦᠵᠡᠵᠦ ᠬᠢᠷᠢ ᠡᠴᠡ ᠪᠡᠨ ᠬᠡᠲᠦᠷᠡᠭᠰᠡᠨ ᠬᠡᠷᠡᠭ ᠶᠠᠪᠤᠳᠠᠯ ᠦᠢᠯᠡᠳᠦᠭᠰᠡᠨ ᠦᠭᠡᠢ᠃ ᠤᠯᠤᠰ ᠣᠷᠣᠨ ᠡᠩᠬᠡ ᠠᠮᠤᠭᠤᠯᠠᠩ ᠢ᠋ ᠡᠳ᠋ᠯᠡᠵᠦ ᠬᠤᠸᠠ ᠰᠢᠶᠠ ᠶ᠋ᠢᠨ ᠭᠠᠵᠠᠷ ᠬᠦᠷᠲᠡᠯ᠎ᠡ ᠠᠳᠤᠭᠤ ᠮᠠᠯ ᠰᠦᠷᠦᠭ ᠰᠦᠷᠦᠭ ᠂ ᠠᠶᠠᠨ ᠤ᠋ ᠬᠥᠮᠦᠰ ᠲᠦ᠍ᠷ ᠬᠣᠭᠣᠯᠠ ᠬᠦᠨᠡᠰᠦᠨ ᠦ᠌ ᠵᠣᠪᠠᠯᠠᠩ ᠦᠭᠡᠢ ᠪᠣᠯᠪᠠ᠃ ᠦᠶ᠎ᠡ ᠶ᠋ᠢᠨ ᠬᠥᠮᠦᠰ ᠲᠦᠪᠰᠢᠨ ᠨᠠᠢᠷᠠᠮᠳᠠᠭᠤ ᠪᠠᠶᠠᠨ ᠴᠢᠨᠡᠭᠡᠯᠢᠭ ᠲᠥᠷᠥ ᠬᠡᠮᠡᠮᠦᠢ᠃
ᠭᠠᠰᠢᠭᠤᠳᠠᠯ ᠤ᠋ᠨ ᠮᠡᠳᠡᠭᠡ ᠲᠠᠷᠬᠠᠭᠠᠭᠰᠠᠨ ᠳ᠋ᠤᠷ ᠤᠯᠤᠰ ᠳᠠᠶᠠᠭᠠᠷ ᠪᠡᠯᠪᠡᠰᠦᠷᠡᠯ ᠦᠢᠯᠡᠳᠦᠨ ᠲᠡᠷᠢᠭᠦᠨ ᠰᠠᠢᠳ ᠡᠯᠵᠢᠭᠡᠳᠡᠢ ᠂ ᠬᠣᠩᠬᠣᠷᠲᠠᠢ ᠂ ᠵᠠᠩᠭᠢ ᠂ ᠶᠧ ᠯᠢᠦᠢ ᠴᠦ ᠽᠠᠢ ᠨᠠᠷ ᠬᠣᠵᠢᠮ ᠤ᠋ᠨ ᠬᠡᠷᠡᠭ ᠢ ᠰᠢᠳᠬᠡᠮᠦᠢ᠃ ᠤᠭᠰᠠᠭ᠎ᠠ ᠶ᠋ᠢᠨ ᠣᠯᠠᠨ ᠬᠠᠳ ᠨᠣᠶᠠᠳ ᠴᠥᠮ ᠤᠯᠤᠰ ᠤᠯᠤᠰ ᠠ᠋ᠴᠠ ᠪᠠᠨ ᠪᠡᠯᠪᠡᠰᠦᠷᠡᠯ ᠳ᠋ᠦ᠍ᠷ ᠬᠦᠷᠦᠯᠴᠡᠨ ᠢᠷᠡᠮᠦᠢ᠃
ᠲᠡᠳᠦᠢ ᠳ᠋ᠦ᠍ᠷ ᠬᠠᠳ ᠬᠥᠪᠡᠭᠦᠳ ᠦ᠋ᠨ ᠠᠬᠠᠮᠠᠳ ᠪᠠᠲᠤ ᠬᠠᠩᠭᠠᠷᠢ ᠳ᠋ᠤᠷ ᠴᠡᠷᠢᠭ ᠬᠡᠷᠡᠭᠯᠡᠵᠦ ᠪᠠᠢᠭᠰᠠᠨ ᠪᠠ ᠬᠥᠶᠦᠭ ᠮᠥᠩᠬᠡ ᠬᠣᠶᠠᠷ ᠬᠠᠨ ᠴᠤ᠌ ᠵᠠᠷᠯᠢᠭ ᠢ᠋ᠶ᠋ᠠᠷ ᠪᠠᠷᠠᠭᠤᠨ ᠬᠢᠵᠠᠭᠠᠷ ᠠ᠋ᠴᠠ ᠪᠤᠴᠠᠬᠤ ᠵᠠᠮ ᠵᠠᠭᠤᠷ᠎ᠠ ᠪᠣᠢ ᠪᠣᠯᠠᠢ᠃ ᠤᠯᠤᠰ ᠲᠤᠷ ᠨᠢᠭᠡᠨ ᠡᠳᠦᠷ ᠡᠵᠡᠨ ᠦᠭᠡᠢ ᠦᠯᠦ ᠪᠣᠯᠤᠮᠤᠢ ᠭᠡᠮᠡᠨ ᠨᠠᠢ᠍ᠮᠡᠵᠡᠨ ᠣᠪᠣᠭᠲᠤ ᠲᠡᠷᠢᠭᠦᠨ᠎ᠡ ᠬᠠᠲᠤᠨ ᠲᠥᠷᠥ ᠶ᠋ᠢᠨ ᠡᠷᠬᠡ ᠶ᠋ᠢ ᠪᠠᠷᠢᠵᠤ ᠬᠠᠭᠠᠨ ᠤ᠋ ᠮᠥᠩᠬᠡ ᠶ᠋ᠢᠨ ᠶᠠᠪᠤᠳᠠᠯ ᠢ ᠦᠵᠡᠵᠦ ᠬᠠᠷᠠᠭᠠᠯᠵᠠᠮᠤᠢ᠃ ᠬᠠᠭᠠᠨ ᠤ᠋ ᠬᠥᠪᠡᠭᠦᠨ ᠬᠠᠩᠭᠢᠨ᠂ ᠠᠴᠢ ᠬᠤᠪᠢᠯᠠᠢ ᠨᠠᠷ ᠮᠥᠷᠭᠥᠯ ᠳ᠋ᠦ᠍ᠷ ᠠᠪᠠᠢ᠃ ᠬᠠᠭᠠᠨ ᠤ᠋ ᠴᠢᠨᠳᠠᠷ ᠢ᠋ ᠠᠯᠲᠠᠨ ᠳ᠋ᠤᠷ ᠠᠪᠰᠠᠯᠠᠵᠤ ᠶᠡᠬᠡ ᠭᠠᠰᠢᠭᠤᠳᠠᠯ ᠢ ᠭᠦᠢᠴᠡᠳᠬᠡᠨ ᠴᠢ ᠯᠢᠶᠠᠨ ( ᠨᠢᠶᠠᠨ ) ᠬᠦ᠌ ᠳ᠋ᠦ᠍ᠷ ᠣᠷᠣᠰᠢᠭᠤᠯᠪᠠ᠃
ᠴᠢ ᠯᠢᠶᠠᠨ(ᠨᠢᠶᠠᠨ)ᠬᠦ᠌ ᠬᠡᠮᠡᠬᠦ ᠭᠠᠵᠠᠷ ᠬᠠᠮᠢᠭ᠎ᠠ ᠪᠠᠢᠬᠤ ᠶ᠋ᠢ ᠬᠥᠮᠦᠰ ᠮᠠᠰᠢ ᠠᠩᠬᠠᠷᠬᠤ ᠪᠣᠯᠠᠢ ᠃ ᠦᠨᠡᠨ ᠳ᠋ᠡᠭᠡᠨ ᠡᠨᠡ ᠪᠣᠯ ᠭᠠᠵᠠᠷ ᠤ᠋ᠨ ᠨᠡᠷ᠎ᠡ ᠪᠤᠰᠤ᠃ ᠯᠢᠶᠠᠨ ( ᠨᠢᠶᠠᠨ ) ᠬᠡᠮᠡᠬᠦ ᠦᠰᠦᠭ ᠢᠨᠦ ᠬᠠᠭᠠᠨ ᠤ᠋ ᠴᠢᠨᠳᠠᠷ ᠤ᠋ᠨ ᠲᠡᠷᠭᠡ ᠶ᠋ᠢ ᠥᠭᠦᠯᠡᠵᠦ 《ᠴᠢ 》ᠬᠡᠮᠡᠬᠦ ᠦᠰᠦᠭ ᠢᠨᠦ ᠮᠣᠷᠳᠠᠭᠰᠠᠨ ᠬᠡᠮᠡᠬᠦ ᠤᠳᠬ᠎ᠠ ᠲᠠᠢ ᠲᠤᠯᠠ ᠡᠵᠡᠨ ᠦ᠌ ᠴᠢᠨᠳᠠᠷ ᠤ᠋ᠨ ᠲᠡᠷᠭᠡ ᠮᠣᠷᠳᠠᠭᠰᠠᠨ ᠵᠦᠭ ᠲᠦ᠍ᠷ ᠣᠷᠣᠰᠢᠭᠤᠯᠪᠠ ᠬᠡᠮᠡᠬᠦ ᠤᠳᠬ᠎ᠠ ᠲᠠᠢ ᠪᠣᠯᠠᠢ᠃
ᠡᠳᠦᠭᠡ ᠴᠢᠨ ᠂ ᠬᠠᠨ ᠂ ᠳᠠᠩ ᠂ ᠰᠥᠩ ᠂ ᠮᠢᠩ ᠂ ᠴᠢᠩ ᠦ᠋ᠨ ᠬᠠᠳ ᠨᠣᠶᠠᠳ ᠤ᠋ᠨ ᠣᠩᠭᠣᠨ ᠢ ᠴᠥᠮ ᠣᠯᠵᠤ ᠣᠯᠠᠩᠬᠢ ᠨᠢ ᠴᠥᠮ ᠠᠭᠤᠳᠠᠯᠤᠭᠰᠠᠨ ᠪᠥᠭᠡᠲᠡᠯ᠎ᠡ ᠮᠣᠩᠭᠣᠯ ᠬᠠᠭᠠᠳ ᠤ᠋ᠨ ᠣᠩᠭᠣᠨ ᠢ ᠦᠯᠦ ᠣᠯᠬᠤ ᠠᠨᠤ ᠪᠣᠭᠳᠠ ᠡᠵᠡᠨ ᠦ᠌ ᠭᠦᠨ ᠬᠣᠯᠠ ᠪᠣᠳᠣᠯᠭ᠎ᠠ ᠠ᠋ᠴᠠ ᠪᠣᠯᠪᠠᠢ ᠬᠡᠮᠡᠬᠦ ᠮᠡᠷᠭᠡᠳ ᠦ᠋ᠨ ᠶᠠᠷᠢᠶ᠎ᠠ ᠪᠣᠢ᠃
ᠰᠤᠯᠠ ᠦᠭᠡ ᠶ᠋ᠢ ᠣᠷᠬᠢᠵᠤ ᠵᠢᠴᠢ ᠥᠭᠦᠯᠡᠬᠦ ᠠᠨᠤ ᠲᠡᠷᠢᠭᠦᠨ᠎ᠡ ᠬᠠᠲᠤᠨ ᠲᠥᠷᠥ ᠶ᠋ᠢᠨ ᠡᠷᠬᠡ ᠶ᠋ᠢ ᠪᠠᠷᠢᠵᠤ ᠴᠠᠭᠠᠵᠠ ᠶᠠᠪᠤᠭᠤᠯᠬᠤ ᠲᠤᠯᠠ ᠵᠠᠷᠯᠢᠭ ᠪᠣᠯᠵᠤ ᠲᠥᠷᠥ ᠶ᠋ᠢᠨ ᠲᠦᠰᠢᠮᠡᠳ ᠶᠢᠰᠦᠨ ᠶᠢᠰᠦ ᠨᠠᠶᠠᠨ ᠨᠢᠭᠡᠨ ᠬᠣᠨᠣᠭ ᠤ᠋ᠨ ᠪᠡᠯᠪᠡᠰᠦᠷᠡᠯ ᠭᠦᠢᠴᠡᠳᠬᠡᠬᠦ ᠪᠡᠷ ᠲᠣᠭᠲᠠᠭᠠᠵᠤ ᠠᠯᠴᠢᠭᠤᠷ ᠪᠦᠰᠡ ᠶ᠋ᠢ ᠴᠥᠮ ᠬᠠᠷ᠎ᠠ ᠶ᠋ᠢ ᠬᠡᠷᠡᠭᠯᠡᠨ ᠳᠠᠭᠤᠤ ᠬᠥᠭᠵᠢᠮ ᠬᠤᠷᠢᠮ ᠨᠠᠢᠷ ᠢ ᠴᠥᠮ ᠴᠠᠭᠠᠵᠠᠯᠠᠨ ᠬᠢᠯᠢ ᠬᠢᠵᠠᠭᠠᠷ ᠤ᠋ᠨ ᠨᠣᠶᠠᠳ ᠲᠦᠰᠢᠮᠡᠳ ᠢ ᠴᠥᠮ ᠰᠡᠷᠭᠡᠢᠯᠡᠨ ᠴᠢᠩᠳᠠᠯᠠ ᠭᠡᠮᠡᠨ ᠪᠠᠰᠠ ᠲᠥᠷᠥ ᠶ᠋ᠢᠨ ᠬᠠᠭᠤᠴᠢᠨ ᠲᠦᠰᠢᠮᠡᠳ ᠶᠧ ᠯᠢᠦᠢ ᠴᠦ ᠽᠠᠢ᠂ ᠵᠧᠬᠠᠢ᠂ ᠮᠥᠬᠠᠮᠧᠳ᠋ ᠵᠡᠷᠭᠡ ᠬᠥᠮᠦᠰ ᠢ᠋ ᠲᠤᠰᠢᠶᠠᠯ ᠠ᠋ᠴᠠ ᠤᠭᠴᠠᠷᠠᠭᠤᠯᠤᠨ ᠢᠰᠯᠠᠮ ᠰᠤᠷᠲᠠᠬᠤᠨ ᠤ᠋ ᠠᠪᠳᠤᠯ᠂ ᠯᠾᠮᠡᠨ ᠢ᠋ ᠳᠡᠭᠡᠳᠦ ᠪᠢᠴᠢᠭ ᠦ᠋ᠨ ᠰᠠᠢᠳ ᠪᠣᠯᠭᠠᠨ ᠲᠣᠮᠢᠯᠠᠵᠤ ᠥᠭᠡᠳᠡᠢ ᠬᠠᠭᠠᠨ ᠤ᠋ ᠭᠡᠷᠢᠶᠡᠰᠦᠯᠡᠭᠰᠡᠨ ᠶᠣᠰᠣᠭᠠᠷ ᠠᠴᠢ( ᠣᠮᠪᠣᠯ ) ᠰᠢᠷᠡᠮᠦᠨ ᠦ᠌ ᠰᠠᠭᠤᠷᠢᠨ ᠵᠠᠯᠭᠠᠮᠵᠢᠯᠠᠬᠤ ᠶᠠᠪᠤᠳᠠᠯ ᠢ ᠬᠣᠢᠰᠢᠯᠠᠭᠤᠯᠤᠭᠰᠠᠨ ᠳ᠋ᠤᠷ ᠲᠥᠷᠥ ᠶ᠋ᠢᠨ ᠳᠡᠭᠡᠷ᠎ᠡ ᠳᠣᠣᠷ᠎ᠠ ᠬᠥᠳᠡᠭᠡ ᠭᠠᠳᠠᠨ᠎ᠠ ᠬᠦᠷᠲᠡᠯ᠎ᠡ ᠴᠥᠮ ᠶᠠᠷᠢᠶᠠᠨ ᠪᠣᠯᠪᠠ᠃ ᠮᠣᠩᠭᠣᠯ ᠬᠠᠭᠠᠨ ᠤ᠋ ᠰᠠᠭᠤᠷᠢᠨ ᠴᠣᠬᠣᠮ ᠬᠡᠨ ᠦ᠌ ᠭᠠᠷ ᠲᠤᠷ ᠣᠷᠣᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃
