ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠨᠠᠢ᠍ᠮᠠᠳᠤᠭᠠᠷ ᠪᠦᠯᠦᠭ > Хөх судрын залгамж - Инжинаш < Далан наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠨᠠᠢ᠍ᠮᠠᠳᠤᠭᠠᠷ ᠪᠦᠯᠦᠭ > Хөх судрын залгамж - Инжинаш < Далан наймдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠨᠠᠢ᠍ᠮᠠᠳᠤᠭᠠᠷ ᠪᠦᠯᠦᠭ > Хөх судрын залгамж - Инжинаш < Далан наймдугаар бүлэг >

ᠠᠩᠭᠢᠯᠠᠯ:ᠲᠡᠦᠬᠡ ᠰᠣᠶᠣᠯ
2024-01-23

292

ᠪᠠᠢᠳᠠᠯ ᠪᠤᠰᠤ ᠶ᠋ᠢ ᠮᠡᠳᠡᠭᠰᠡᠨ ᠫᠤᠯᠠᠨᠳ᠋ ᠸᠠᠩ ᠤᠷᠭᠤᠨ ᠳᠤᠲᠠᠭᠠᠬᠤ ᠶ᠋ᠢ ᠡᠷᠲᠡ ᠡᠴᠡ ᠪᠡᠯᠡᠳᠬᠡᠪᠡᠢ

ᠪᠠᠢᠯᠳᠤᠨ ᠲᠡᠮᠡᠴᠡᠬᠦ ᠪᠡᠷ ᠪᠡᠯᠡᠳᠬᠡᠭᠰᠡᠨ ᠬᠠᠩᠭᠠᠷᠢ ᠸᠠᠩ ᠫᠸᠱᠲ᠋ᠤ ᠬᠤᠳᠠᠨ᠎ᠠ ᠣᠯᠠᠨ ᠴᠡᠷᠢᠭ ᠢ᠋ᠶ᠋ᠡᠨ ᠴᠤᠭᠯᠠᠭᠤᠯᠪᠠᠢ


                  ᠳᠠᠯᠠᠨ ᠨᠠᠢ᠍ᠮᠠᠳᠤᠭᠠᠷ ᠪᠦᠯᠦᠭ  
                             ᠴᠠᠭᠠᠨ ᠬᠤᠯᠤᠭᠠᠨ᠎ᠠ ᠵᠢᠯ ᠂ ᠥᠭᠡᠳᠡᠢ ᠬᠠᠭᠠᠨ ᠤ᠋ ᠠᠷᠪᠠᠨ ᠭᠤᠷᠪᠠᠳᠤᠭᠠᠷ ᠣᠨ ᠂ 
                             ᠥᠭᠡᠳᠡᠢ ᠬᠠᠭᠠᠨ ᠡᠨᠡ ᠵᠢᠯ ᠲᠠᠪᠢᠨ ᠲᠠᠪᠤᠨ ᠰᠡᠭᠦᠳᠡᠷ ᠲᠡᠢ 

                ᠪᠠᠢᠳᠠᠯ ᠪᠤᠰᠤ ᠶ᠋ᠢ ᠮᠡᠳᠡᠭᠰᠡᠨ ᠫᠤᠯᠠᠨᠳ᠋ ᠸᠠᠩ 
                       ᠤᠷᠭᠤᠨ ᠳᠤᠲᠠᠭᠠᠬᠤ ᠶ᠋ᠢ ᠡᠷᠲᠡ ᠡᠴᠡ ᠪᠡᠯᠡᠳᠬᠡᠪᠡᠢ 
                ᠪᠠᠢᠯᠳᠤᠨ ᠲᠡᠮᠡᠴᠡᠬᠦ ᠪᠡᠷ ᠪᠡᠯᠡᠳᠬᠡᠭᠰᠡᠨ ᠬᠠᠩᠭᠠᠷᠢ ᠸᠠᠩ 
                       ᠫᠸᠱᠲ᠋ᠤ ᠬᠤᠳᠠᠨ᠎ᠠ ᠣᠯᠠᠨ ᠴᠡᠷᠢᠭ ᠢ᠋ᠶ᠋ᠡᠨ ᠴᠤᠭᠯᠠᠭᠤᠯᠪᠠᠢ

       ᠥᠭᠦᠯᠡᠬᠦ ᠢᠨᠣ ᠪᠤᠷᠤᠬᠠᠢ ᠮᠢᠩᠭᠠᠨ ᠤ᠋ ᠲᠤᠷᠰᠢᠭᠤᠯ ᠳ᠋ᠤᠷ ᠭᠠᠷᠤᠭᠰᠠᠨ ᠴᠡᠷᠢᠭ ᠸᠧᠢᠰᠲ᠋ᠤᠯ᠎ᠠ ᠭᠣᠣᠯ ᠢ᠋ ᠭᠡᠲᠦᠯᠵᠦ ᠶᠠᠪᠤᠨ ᠠᠲᠠᠯ᠎ᠠ ᠫᠤᠯᠠᠨᠳ᠋ ᠤ᠋ᠨ ᠺᠸᠯᠠᠺᠸᠸᠨ ᠬᠣᠲᠠ ᠶ᠋ᠢ ᠰᠠᠬᠢᠭᠰᠠᠨ ᠵᠠᠩᠵᠤᠨ ᠸᠯᠠᠳᠢᠮᠢᠷ ᠮᠣᠩᠭᠣᠯᠴᠤᠳ ᠤ᠋ᠨ ᠪᠤᠴᠠᠬᠤ ᠵᠠᠮ ᠳ᠋ᠤᠷ ᠶᠡᠬᠡ ᠴᠡᠷᠢᠭ ᠪᠦᠭᠭᠦᠵᠦ ᠠᠷᠤ ᠥᠪᠥᠷ ᠡᠴᠡ ᠢᠨᠣ ᠭᠡᠨᠡᠳᠡᠭᠦᠯᠦᠨ ᠴᠣᠬᠢᠭᠰᠠᠨ ᠳ᠋ᠤᠷ ᠪᠤᠷᠤᠬᠠᠢ ᠮᠢᠩᠭᠠᠨ ᠬᠦᠴᠦᠨ ᠮᠡᠬᠦᠰ ᠲᠤᠯᠠ ᠬᠣᠣᠷ ᠠᠮᠰᠠᠬᠤ ᠠ᠋ᠴᠠ ᠠᠶᠤᠵᠤ ᠬᠦᠴᠦᠯᠡᠨ ᠪᠠᠢᠯᠳᠤᠭᠰᠠᠨ ᠦᠭᠡᠢ᠃ ᠪᠤᠴᠠᠬᠤ ᠵᠠᠮ ᠢ ᠨᠢᠭᠡᠨᠲᠡ ᠪᠦᠭᠭᠦᠭᠰᠡᠨ ᠲᠤᠯᠠ ᠠᠷᠭ᠎ᠠ ᠪᠤᠰᠤ ᠳᠠᠢᠰᠤᠨ ᠤ᠋ ᠪᠦᠰᠡᠯᠡᠯᠲᠡ ᠶ᠋ᠢ ᠨᠢᠴᠤᠨ ᠳᠠᠭᠠᠷᠢᠵᠤ ᠫᠤᠯᠠᠨᠳ᠋ ᠤ᠋ᠨ ᠰᠠᠩᠲ᠋ᠤᠤᠸᠧᠮᠢᠷ ᠬᠣᠲᠠ ᠶ᠋ᠢᠨ ᠵᠠᠮ ᠢ ᠪᠠᠷᠢᠵᠤ ᠪᠤᠷᠤᠭᠤᠯᠠᠨ ᠭᠠᠷᠪᠠ᠃ ᠬᠡᠷᠪᠡ ᠴᠡᠷᠢᠭ ᠭᠠᠷᠴᠤ ᠲᠤᠰᠠᠯᠠᠬᠤ ᠦᠭᠡᠢ ᠪᠥᠭᠡᠰᠦ ᠪᠤᠷᠤᠬᠠᠢ ᠮᠢᠩᠭᠠᠨ ᠤ᠋ ᠣᠯᠠᠨ ᠰᠥᠨᠥᠭᠡᠭᠳᠡᠬᠦ ᠠᠶᠤᠯ ᠲᠠᠢ ᠭᠡᠮᠡᠨ ᠲᠤᠷᠰᠢᠭᠤᠯ ᠤ᠋ᠨ ᠬᠥᠮᠦᠰ ᠶᠠᠭᠠᠷᠠᠤ ᠮᠡᠳᠡᠭᠦᠯᠬᠦ ᠬᠡᠮᠡᠭᠰᠡᠨ ᠳ᠋ᠦ᠍ᠷ ᠡᠭᠦᠳᠡᠨ ᠦ᠌ ᠬᠠᠷᠠᠭᠤᠯ ᠬᠠᠳ ᠨᠣᠶᠠᠳ ᠬᠤᠷᠢᠮᠯᠠᠵᠤ ᠪᠣᠢ ᠲᠤᠯᠠ ᠮᠡᠳᠡᠭᠦᠯᠬᠦ ᠶ᠋ᠢ ᠲᠦᠷ ᠬᠣᠢᠰᠢᠯᠠᠭᠤᠯᠬᠤ ᠬᠡᠮᠡᠭᠡᠳ ᠬᠡᠳᠦᠭᠦᠯᠡ ᠴᠤᠤᠭᠢᠯᠳᠤᠨ ᠡᠬᠢᠯᠡᠪᠡ᠃ ᠪᠢᠲᠡᠭᠦᠯᠡᠵᠦ ᠪᠣᠢ ᠲᠤᠯᠠ ᠲᠣᠷᠭᠠᠨ ᠴᠡᠷᠢᠭ ᠦ᠋ᠳ ᠮᠥᠨ ᠪᠠᠭ᠎ᠠ ᠰᠠᠭ᠎ᠠ ᠥᠳᠬᠡ ᠵᠠᠯᠭᠢᠯᠠᠨ ᠲᠤᠷᠰᠢᠭᠤᠯ ᠤ᠋ᠳ ᠢ᠋ ᠲᠦᠯᠬᠢᠵᠦ ᠲᠠᠲᠠᠭᠰᠠᠨ ᠳ᠋ᠤᠷ ᠤᠴᠢᠷ ᠤᠯᠠᠮ ᠶᠡᠬᠡ ᠪᠣᠯᠵᠤ ᠦᠢᠮᠡᠯᠳᠦᠬᠦ ᠳᠠᠭᠤᠨ ᠳᠣᠲᠣᠷ᠎ᠠ ᠥᠷᠥᠭᠡᠨ ᠳ᠋ᠦ᠍ᠷ ᠰᠣᠨᠣᠰᠳᠠᠪᠠᠢ᠃ ᠰᠥᠪᠡᠭᠡᠲᠡᠢ ᠪᠠᠭᠠᠲᠤᠷ ᠡᠭᠦᠨ ᠢ᠋ ᠰᠣᠨᠣᠰᠤᠭᠠᠳ ᠲᠣᠷᠭᠠᠨ ᠴᠡᠷᠢᠭ᠂ ᠲᠤᠷᠰᠢᠭᠤᠯ ᠤ᠋ᠳ ᠲᠠᠢ ᠦᠢᠮᠡᠯᠳᠦᠵᠦ ᠴᠡᠷᠢᠭ ᠦ᠋ᠨ ᠬᠦᠷᠢᠶᠡᠨ ᠦ᠌ ᠶᠣᠰᠣ ᠳᠦᠷᠢᠮ ᠢ᠋ ᠡᠪᠳᠡᠭᠰᠡᠨ ᠳ᠋ᠦ᠍ᠷ ᠴᠣᠬᠣᠮ ᠰᠢᠳᠬᠡᠪᠡᠰᠦ ᠵᠣᠬᠢᠬᠤ ᠪᠣᠯᠪᠠᠴᠤ ᠪᠢᠲᠡᠭᠦᠯᠡᠵᠦ ᠪᠣᠢ ᠪᠥᠭᠡᠳ ᠬᠡᠷᠡᠭ ᠪᠠᠴᠢᠮ ᠲᠤᠯᠠ ᠵᠢᠴᠢ ᠮᠡᠳᠡᠰᠦᠭᠡᠢ ᠭᠡᠮᠡᠨ ᠪᠣᠯᠣᠲ᠋ᠡᠮᠣᠷ ᠮᠢᠩᠭᠠᠨ ᠬᠢᠭᠡᠳ ᠠᠷᠰᠯᠠᠨ ᠮᠢᠩᠭᠠᠨ ᠢ᠋ ᠮᠣᠷᠳᠠᠭᠤᠯᠬᠤ ᠪᠠᠷ ᠪᠣᠯᠵᠤ ᠰᠤᠷᠭᠠᠵᠤ ᠥᠭᠦᠯᠡᠷᠦᠨ :《 ᠸᠯᠠᠳᠢᠮᠢᠷ ᠬᠡᠷᠬᠢᠪᠡᠴᠦ ᠪᠤᠷᠤᠬᠠᠢ ᠮᠢᠩᠭᠠᠨ ᠢ᠋ ᠲᠠᠯᠪᠢᠬᠤ ᠦᠭᠡᠢ ᠨᠡᠬᠡᠮᠵᠢᠯᠡᠮᠦᠢ᠃ ᠲᠡᠢᠨ ᠬᠦ᠌ ᠺᠸᠯᠠᠺᠸᠸᠨ ᠠ᠋ᠴᠠ ᠪᠠᠨ ᠬᠣᠯᠠᠳᠠᠬᠤ ᠲᠤᠯᠠ ᠲᠠ ᠬᠣᠶᠠᠷ ᠰᠢᠭᠤᠳ ᠰᠦᠷ ᠲᠠᠯᠪᠢᠨ ᠺᠸᠯᠠᠺᠸᠸᠨ ᠢ᠋ ᠪᠠᠢᠯᠳᠤᠷ᠎ᠠ ᠣᠴᠢᠪᠠᠰᠤ ᠸᠯᠡᠳᠢᠮᠢᠷ ᠶᠠᠭᠠᠷᠠᠨ ᠪᠤᠴᠠᠬᠤ ᠪᠣᠯᠤᠭᠠᠳ ᠪᠤᠷᠤᠬᠠᠢ ᠮᠢᠩᠭᠠᠨ ᠰᠠᠶᠢ ᠠᠶᠤᠯ ᠠ᠋ᠴᠠ ᠬᠡᠯᠲᠦᠷᠢᠮᠦᠢ᠃ ᠸᠯᠠᠳᠢᠮᠢᠷ ᠶᠠᠭᠠᠷᠠᠨ ᠺᠸᠯᠠᠺᠸᠸᠨ ᠳ᠋ᠠᠭᠠᠨ ᠪᠤᠴᠠᠭᠰᠠᠨ ᠬᠣᠢᠨ᠎ᠠ ᠲᠠ ᠬᠣᠶᠠᠷ ᠪᠣᠷᠤᠬᠠᠢ ᠮᠢᠩᠭᠠᠨ ᠯᠤᠭ᠎ᠠ ᠨᠡᠢᠯᠡᠭᠡᠳ ᠰᠡᠩᠲ᠋ᠤᠸᠸᠮᠢᠷ ᠬᠣᠲᠠ ᠰᠠᠨᠠᠮᠰᠠᠷ ᠦᠭᠡᠢ ᠪᠦᠬᠦᠢ ᠳ᠋ᠦ᠍ᠷ ᠡᠵᠡᠯᠡᠨ ᠠᠪᠴᠤ ᠶᠡᠬᠡ ᠴᠡᠷᠢᠭ ᠢ᠋ ᠬᠥᠯᠢᠶᠡᠭᠳᠦᠨ 》 ᠭᠡᠮᠡᠨ ᠮᠣᠷᠳᠠᠭᠤᠯᠪᠠ᠃  
       ᠲᠡᠳᠦᠢ ᠳ᠋ᠦ᠍ᠷ ᠫᠤᠯᠠᠨᠳ᠋ ᠤ᠋ᠨ ᠪᠧᠯᠧᠰᠯᠤᠧ  ᠸᠠᠩ ᠫᠤᠯᠠᠨᠳ᠋ ᠲᠤᠷ ᠳᠤᠲᠠᠭᠠᠨ ᠣᠷᠣᠵᠤ ᠢᠷᠡᠭᠰᠡᠨ ᠺᠢᠪᠴᠠᠭ᠂ ᠺᠤᠮᠠᠸᠠᠨ᠂ ᠣᠷᠣᠰ᠂ ᠳᠦᠷᠺᠡᠮᠡᠸᠡᠨ ᠵᠡᠷᠭᠡ ᠠᠢᠮᠠᠭ ᠤᠯᠤᠰ ᠤ᠋ᠨ ᠢᠵᠠᠭᠤᠷᠲᠠᠨ᠂ ᠪᠠᠶᠠᠳ ᠨᠣᠶᠠᠳ ᠠ᠋ᠴᠠ ᠮᠣᠩᠭᠣᠯᠴᠤᠳ ᠢ᠋ ᠢᠯᠠᠭᠳᠠᠰᠢ ᠦᠭᠡᠢ ᠪᠥᠭᠡᠳ ᠬᠠᠷᠭᠢᠰ ᠲᠣᠭᠰᠢᠨ ᠭᠡᠮᠡᠨ ᠰᠣᠨᠣᠰᠤᠭᠠᠳ ᠠᠶᠤᠨ ᠠᠲᠠᠯ᠎ᠠ ᠮᠣᠩᠭᠣᠯᠴᠤᠳ ᠬᠡᠰᠡᠭ ᠪᠦᠯᠦᠭ ᠢ᠋ᠶ᠋ᠡᠷ ᠬᠢᠯᠢ ᠬᠢᠵᠠᠭᠠᠷ ᠢ᠋ ᠢᠨᠣ ᠡᠪᠳᠡᠵᠦ ᠣᠷᠣᠵᠤ ᠢᠷᠡᠭᠡᠳ ᠬᠥᠮᠦᠨ ᠮᠠᠯ ᠢ᠋ ᠣᠯᠵᠠᠯᠠᠵᠤ ᠶᠠᠪᠤᠬᠤᠢ ᠳ᠋ᠤᠷ ᠰᠥᠰᠥ ᠬᠡᠮᠬᠡᠷᠡᠵᠦ ᠳᠤᠲᠠᠭᠠᠬᠤ ᠪᠠᠷ ᠠᠴᠢᠶ᠎ᠠ ᠬᠥᠰᠬᠡ ᠪᠡᠨ ᠪᠡᠯᠡᠬᠡᠨ ᠪᠣᠯᠭᠠᠵᠤ ᠲᠠᠯᠪᠢᠭᠠᠳ ᠨᠢᠭᠡᠨᠲᠡᠭᠡᠭᠦᠷ ᠬᠠᠷᠢᠶᠠᠲᠤ ᠸᠠᠩ ᠤ᠋ᠳ ᠪᠠ ᠮᠣᠵᠢ ᠶ᠋ᠢᠨ ᠨᠣᠶᠠᠳ ᠢ᠋ᠶ᠋ᠠᠨ ᠴᠤᠭᠯᠠᠭᠤᠯᠤᠨ ᠬᠡᠷᠬᠢᠪᠡᠰᠦ ᠰᠠᠢᠨ ᠭᠡᠮᠡᠨ ᠠᠷᠭ᠎ᠠ ᠠᠰᠠᠭᠤᠪᠠᠰᠤ ᠴᠥᠮ ᠪᠡᠶ᠎ᠡ ᠪᠡᠶ᠎ᠡ ᠪᠡᠨ ᠰᠢᠷᠲᠡᠯᠴᠡᠨ ᠳᠠᠭᠤᠨ ᠭᠠᠷᠬᠤ ᠬᠥᠮᠦᠨ ᠦᠭᠡᠢ᠃ ᠨᠡᠯᠢᠶᠡᠳ ᠤᠳᠠᠭᠠᠳ ᠺᠸᠯᠡᠺᠸᠸᠨ ᠦ᠌ ᠨᠣᠶᠠᠨ ᠸᠯᠡᠳᠢᠮᠢᠷ ᠥᠭᠦᠯᠡᠷᠦᠨ ᠄《ᠮᠠᠨ ᠤ᠋ ᠤᠯᠤᠰ ᠴᠡᠷᠢᠭ ᠴᠥᠭᠡᠨ ᠪᠥᠭᠡᠳ ᠲᠡᠢᠨ ᠪᠠᠢᠯᠳᠤᠭᠠᠨ ᠦᠭᠡᠢ ᠤᠳᠠᠭᠰᠠᠨ ᠲᠤᠯᠠ ᠴᠡᠷᠢᠭ ᠮᠣᠷᠢ ᠪᠣᠯᠪᠠᠰᠤᠷᠠᠯ ᠢ᠋ᠶ᠋ᠠᠨ ᠠᠯᠳᠠᠵᠤ ᠤᠳᠠᠪᠠ᠃ ᠭᠱᠠᠨ ᠵᠠᠭᠤᠷ᠎ᠠ ᠬᠦᠴᠦᠷᠬᠡᠭ ᠮᠣᠩᠭᠣᠯ ᠢ᠋ ᠬᠡᠷᠬᠢᠨ ᠲᠠᠢᠯᠵᠤ ᠴᠢᠳᠠᠬᠤ ᠠᠵᠢ᠃ ᠡᠢᠨ ᠬᠡᠮᠡᠪᠡᠰᠦ ᠦᠵᠡᠲᠡᠯ᠎ᠡ ᠣᠭᠲᠣ ᠡᠰᠡᠷᠭᠦᠴᠡᠬᠦ ᠦᠭᠡᠢ ᠪᠡᠷ ᠤᠯᠤᠰ ᠭᠡᠷ ᠢ᠋ᠶ᠋ᠡᠨ ᠲᠠᠯᠪᠢᠵᠤ ᠥᠭᠴᠦ ᠬᠡᠷᠬᠢᠨ ᠲᠦᠪᠡᠭᠳᠡᠬᠦ ᠪᠣᠯᠠᠢ᠃ ᠪᠢᠳᠡ ᠪᠦᠬᠦ ᠬᠦᠴᠦᠨ ᠢ᠋ᠶ᠋ᠡᠨ ᠺᠸᠯᠡᠺᠸᠸᠨ᠂ ᠰᠡᠩᠲ᠋ᠤᠸᠸᠮᠢᠷ ᠲᠤᠷ ᠲᠠᠯᠪᠢᠨ ᠭᠦᠨ ᠭᠣᠣ ᠥᠨᠳᠥᠷ ᠤᠨᠢᠭᠤᠯ ᠪᠠᠷᠢᠵᠤ ᠰᠠᠬᠢᠪᠠᠰᠤ ᠮᠣᠩᠭᠣᠯᠴᠤᠳ ᠤ᠋ᠨ ᠬᠥᠯ ᠢ᠋ ᠲᠦᠷ ᠬᠣᠷᠢᠵᠤ ᠪᠣᠯᠤᠮᠤᠢ᠃ ᠡᠨᠡ ᠵᠠᠪᠰᠢᠶᠠᠨ ᠳ᠋ᠤᠷ ᠣᠯᠠᠨ ᠡᠲᠡᠭᠡᠳ ᠲᠡᠢ ᠬᠣᠯᠪᠣᠭ᠎ᠠ ᠠᠪᠴᠤ ᠴᠡᠷᠢᠭ ᠮᠣᠷᠢ ᠡᠯᠰᠡᠵᠦ ᠪᠣᠯᠪᠠᠰᠤᠷᠠᠭᠤᠯᠤᠨ ᠪᠡᠯᠡᠳᠬᠡᠬᠦ ᠶ᠋ᠢᠨ ᠬᠠᠮᠲᠤ ᠨᠢᠭᠡᠨ ᠦᠭᠡ ᠬᠡᠯᠡ ᠳ᠋ᠡᠭᠡᠨ ᠤᠷᠠᠨ ᠨᠠᠢᠳᠠᠭᠤᠰᠢᠲᠠᠢ ᠬᠥᠮᠦᠨ ᠢ᠋ ᠡᠯᠴᠢ ᠪᠣᠯᠭᠠᠨ ᠬᠠᠩᠭᠠᠷᠢ ᠳ᠋ᠤᠷ ᠵᠠᠷᠤᠵᠤ ᠤᠷᠤᠭᠤᠯ ᠰᠢᠳᠦᠨ ᠦ᠌ ᠬᠠᠷᠢᠴᠠᠭ᠎ᠠ ᠶ᠋ᠢ ᠶᠠᠷᠢᠵᠤ᠂ ᠠᠰᠢᠭ ᠬᠣᠣᠷ ᠢ ᠬᠠᠮᠲᠤᠳᠬᠠᠨ ᠴᠡᠷᠢᠭ ᠲᠤᠰᠠᠯᠠᠬᠤ ᠶ᠋ᠢ ᠵᠥᠪᠳᠡᠵᠦ ᠴᠢᠳᠠᠪᠠᠰᠤ ᠮᠣᠩᠭᠣᠯ ᠠ᠋ᠴᠠ ᠵᠣᠪᠠᠬᠤ ᠬᠡᠷᠡᠭ ᠶᠠᠭᠤᠨ 》 ᠬᠡᠮᠡᠪᠡ᠃ 
       ᠬᠤᠷᠠᠯ ᠳ᠋ᠤᠷ ᠣᠷᠣᠯᠴᠠᠭᠰᠠᠳ ᠤ᠋ᠨ ᠳᠣᠲᠣᠷ᠎ᠠ ᠫᠣᠯᠠᠨᠳ᠋ ᠤ᠋ᠨ ᠰᠠᠢᠳ ᠲᠦᠰᠢᠮᠡᠳ ᠡᠴᠡ ᠭᠠᠳᠠᠨ᠎ᠠ ᠰᠢᠯᠶ᠋ᠰᠢᠶ᠎ᠠ ᠬᠦᠩ ᠬᠡᠧᠩᠯᠢ ᠮᠦᠯᠡᠸᠢᠢᠶ᠎ᠠ ᠶ᠋ᠢᠨ ᠾᠧᠦ ᠳ᠋ᠢᠹᠧᠯᠢᠳ᠋ ᠦ᠋ᠨ ᠬᠥᠪᠡᠭᠦᠨ ᠪᠧᠯᠧᠰᠯᠤᠧ ᠂ ᠺᠸᠯᠡᠺᠸᠸᠨ ᠦ᠌ ᠨᠣᠶᠠᠨ ᠸᠯᠠᠳᠢᠮᠢᠷ ᠤ᠋ᠨ ᠳᠡᠭᠦᠦ ᠱᠤᠯᠢᠰᠯᠤᠧ ᠲᠢᠶᠣᠣᠳᠤᠨ ᠤ᠋ ᠮᠣᠷᠢᠲᠠᠨ ᠤ᠋ ᠠᠬᠠᠯᠠᠭᠴᠢ ᠹᠸᠹᠸᠢ ᠯᠢᠭᠧᠨᠢᠾᠢ ᠶ᠋ᠢᠨ ᠨᠣᠶᠠᠳ ᠵᠡᠷᠭᠡ ᠲᠠᠪᠢ ᠭᠠᠷᠤᠢ ᠬᠥᠮᠦᠨ ᠪᠠᠢᠪᠠ᠃ ᠵᠥᠪᠳᠡᠯᠴᠡᠭᠡᠳ ᠥᠭᠡᠷ᠎ᠡ ᠰᠠᠢᠨ ᠠᠷᠭ᠎ᠠ ᠣᠯᠳᠠᠬᠤ ᠦᠭᠡᠢ ᠲᠤᠯᠠ ᠴᠥᠮ ᠸᠯᠡᠲᠢᠮᠢᠷ ᠦ᠋ᠨ ᠦᠭᠡ ᠪᠡᠷ ᠪᠣᠯᠲᠤᠭᠠᠢ ᠭᠡᠮᠡᠨ ᠳᠣᠲᠣᠷ᠎ᠠ ᠳᠣᠲᠣᠷ᠎ᠠ ᠪᠠᠨ ᠠᠶᠤᠯᠳᠤᠨ ᠳᠤᠲᠠᠭᠠᠬᠤ ᠪᠠᠨ ᠪᠣᠳᠣᠵᠤ ᠰᠠᠭᠤᠮᠤᠢ᠃ ᠫᠣᠯᠠᠨᠳ᠋ ᠡᠵᠡᠨ ᠪᠧᠯᠧᠰᠯᠤᠧ ᠺᠸᠯᠡᠺᠸᠸᠨ ᠦ᠌ ᠨᠣᠶᠠᠳ ᠲᠤᠷ ᠭᠤᠷᠪᠠᠨ ᠲᠦᠮᠡᠨ ᠴᠡᠷᠢᠭ ᠨᠡᠮᠡᠵᠦ ᠥᠭᠭᠦᠭᠡᠳ ᠸᠯᠡᠲᠢᠮᠢᠷ ᠵᠣᠬᠢᠰ ᠢ᠋ ᠦᠵᠡᠵᠦ ᠬᠡᠷᠡᠭᠯᠡᠭᠲᠦᠨ᠂ ᠥᠭᠡᠷ᠎ᠡ ᠴᠡᠷᠢᠭ ᠨᠡᠮᠡᠵᠦ ᠴᠢᠳᠠᠬᠤ ᠦᠭᠡᠢ ᠭᠡᠮᠡᠨ ᠶᠠᠪᠤᠭᠤᠯᠪᠠ᠃ ᠳᠠᠬᠢᠨ ᠮᠦᠯᠡᠸᠢᠢᠶ᠎ᠠ ᠶ᠋ᠢᠨ ᠾᠧᠦ ᠳ᠋ᠢᠹᠧᠯᠢᠳ᠋ ᠤᠤᠯ ᠠ᠋ᠴᠠ ᠪᠠᠢᠷᠠ ᠸᠠᠩ ᠯᠤᠭ᠎ᠠ ᠨᠢᠭᠤᠷ ᠲᠠᠯ᠎ᠠ ᠲᠠᠢ ᠲᠤᠯᠠ ᠬᠣᠶᠠᠷ ᠤᠯᠤᠰ ᠤ᠋ᠨ ᠬᠣᠯᠪᠣᠭ᠎ᠠ ᠪᠠᠢᠭᠤᠯᠬᠤ ᠡᠯᠴᠢ ᠶ᠋ᠢᠨ ᠰᠠᠢᠳ ᠤ᠋ᠨ ᠬᠦᠨᠳᠦ ᠲᠤᠰᠢᠶᠠᠯ ᠢ ᠨᠠᠢᠳᠠᠵᠤ ᠶᠠᠪᠤᠭᠤᠯᠪᠠ᠃ ᠵᠢᠴᠢ ᠣᠯᠠᠨ ᠮᠣᠵᠢ ᠬᠣᠲᠠ ᠶ᠋ᠢᠨ ᠡᠷᠬᠡᠲᠡᠨ ᠢ ᠪᠤᠴᠠᠭᠠᠨ ᠳᠠᠷᠤᠢ ᠲᠦᠷᠭᠡᠨ ᠴᠡᠷᠢᠭ ᠮᠣᠷᠢ ᠡᠯᠰᠡᠵᠦ ᠯᠢᠭᠧᠨᠢᠾᠢ ᠳ᠋ᠦ᠍ᠷ ᠴᠤᠭᠯᠠᠷᠠᠨ ᠺᠸᠯᠠᠺᠸᠸᠠ ᠳ᠋ᠤᠷ ᠪᠠᠷ᠎ᠠ ᠪᠣᠯᠵᠤ ᠰᠠᠭᠤᠰᠤᠭᠠᠢ ᠭᠡᠮᠡᠨ ᠲᠤᠰ ᠲᠤᠰ ᠡᠭᠦᠷᠭᠡ ᠲᠤᠰᠢᠶᠠᠯ ᠥᠭᠴᠦ ᠪᠤᠴᠠᠭᠠᠪᠠ᠃ 
       ᠲᠡᠷᠡ ᠦᠶ᠎ᠡ ᠳ᠋ᠦ᠍ᠷ ᠬᠠᠩᠭᠠᠷᠢ ᠶ᠋ᠢᠨ ᠬᠢᠯᠢ ᠠᠳ᠋ᠸᠯᠢᠶᠠᠲᠠᠢ ᠳᠠᠯᠠᠢ ᠬᠦᠷᠴᠦ ᠪᠠᠢᠪᠠ᠃ ᠬᠠᠩᠭᠠᠷᠢ ᠶ᠋ᠢᠨ ᠸᠠᠩ ᠠᠨᠳ᠋ᠸᠯᠶᠸᠸ ᠤ᠋ᠨ ᠬᠥᠪᠡᠭᠦᠨ ᠪᠠᠢᠷᠠ ᠳᠥᠷᠪᠡᠳᠦᠭᠡᠷ ᠡᠵᠡᠨ ᠰᠠᠭᠤᠷᠢᠨ ᠳ᠋ᠤᠷ ᠰᠠᠭᠤᠭᠠᠳ ᠨᠢᠭᠡᠨᠲᠡ ᠲᠠᠪᠤᠨ ᠵᠢᠯ ᠪᠣᠯᠵᠤ ᠡᠷᠬᠡ ᠰᠠᠭᠤᠷᠢ ᠪᠠᠨ ᠪᠠᠲᠤᠳᠬᠠᠨ ᠵᠠᠪᠳᠤᠪᠠ᠃ ᠪᠠᠲᠤ ᠬᠠᠨ ᠣᠷᠣᠰ ᠢ ᠡᠵᠡᠯᠡᠨ ᠺᠠᠯᠢᠽ ( ᠺᠧᠶᠧᠧ ) ᠳ᠋ᠦ᠍ᠷ ᠣᠷᠣᠵᠤ ᠢᠷᠡᠭᠰᠡᠨ ᠦ᠌ ᠳᠠᠷᠠᠭ᠎ᠠ ᠡᠯᠴᠢ ᠶᠠᠪᠤᠭᠤᠯᠵᠤ ᠪᠠᠭᠤᠵᠤ ᠥᠭ ᠭᠡᠮᠡᠨ ᠱᠠᠭᠠᠷᠳᠠᠭᠰᠠᠨ ᠪᠥᠭᠡᠳ ᠮᠣᠩᠭᠣᠯ ᠤ᠋ᠨ ᠨᠡᠬᠡᠮᠵᠢᠯᠡᠵᠦ  ᠪᠠᠢᠭ᠎ᠠ ᠣᠷᠣᠰ ᠂ ᠺᠤᠮᠠᠨ ᠂ ᠺᠢᠪᠴᠠᠭ ᠂ ᠪᠣᠯᠭᠠᠷᠢ ᠳᠦᠷᠺᠡᠮᠡᠸᠡᠨ ᠦ᠌ ᠢᠵᠠᠭᠤᠷᠲᠠᠨ ᠪᠠ ᠪᠠᠶᠠᠳ ᠨᠣᠶᠠᠳ ᠢ᠋ ᠬᠠᠯᠭᠠᠵᠤ ᠪᠣᠯᠬᠤ ᠦᠭᠡᠢ ᠭᠡᠮᠡᠨ ᠴᠢᠩᠭ᠎ᠠ ᠲᠤᠰᠢᠶᠠᠭᠰᠠᠨ ᠳ᠋ᠤᠷ ᠪᠠᠢᠷᠠ ᠸᠠᠩ ᠤᠢᠰᠢᠶᠠᠭᠰᠠ ᠦᠭᠡᠢ᠃ ᠺᠡᠷᠫᠢᠲ ᠠᠭᠤᠯᠠ ᠶ᠋ᠢᠨ ᠬᠢᠯᠢ ᠶ᠋ᠢᠨ ᠬᠠᠪᠴᠢᠯ ᠪᠣᠭᠣᠮᠲᠠ ᠪᠠᠨ ᠬᠠᠮᠠᠭᠠᠯᠠᠬᠤ ᠴᠡᠷᠢᠭ ᠭᠠᠷᠭᠠᠨ ᠮᠣᠳᠣ ᠴᠢᠯᠠᠭᠤ ᠣᠪᠣᠭᠠᠯᠠᠨ ᠵᠠᠮ ᠮᠥᠷ ᠢ᠋ ᠪᠥᠭᠯᠡᠨ ᠲᠠᠯᠪᠢᠵᠤ ᠪᠤᠷᠬᠠᠨ ᠰᠢᠲᠦᠭᠡᠨ ᠳ᠋ᠡᠭᠡᠨ ᠵᠠᠯᠪᠠᠷᠢᠨ ᠳᠠᠭᠠᠳᠬᠠᠵᠤ ᠠᠶᠤᠯ ᠦᠭᠡᠢ ᠪᠠᠢᠬᠤ ᠶ᠋ᠢ ᠵᠥᠩᠨᠡᠵᠦ ᠠᠭᠰᠠᠨ ᠠᠵᠤᠭᠤ᠃ ᠬᠣᠵᠢᠮ ᠮᠣᠩᠭᠣᠯ ᠤ᠋ᠨ ᠲᠠᠩᠨᠠᠭᠤᠯ ᠲᠤᠷᠰᠢᠭᠤᠯ ᠨᠢᠭᠡᠨᠲᠡ ᠬᠢᠯᠢ ᠬᠢᠵᠠᠭᠠᠷ ᠲᠤᠷ ᠣᠷᠣᠵᠤ ᠢᠷᠡᠭᠰᠡᠨ ᠪᠠᠴᠢᠮ ᠮᠡᠳᠡᠭᠡ ᠶ᠋ᠢ ᠰᠣᠨᠣᠰᠴᠤ ᠰᠠᠶᠢ ᠰᠠᠨᠳᠤᠷᠪᠠ᠃ ᠲᠡᠢᠨ ᠬᠦ᠌ ᠪᠤᠲᠠ ᠬᠣᠲᠠ ᠳ᠋ᠤᠷ ᠪᠦᠬᠦ ᠤᠯᠤᠰ ᠤ᠋ᠨ ᠬᠠᠳ ᠨᠣᠶᠠᠳ ᠾᠷᠢᠰᠲ᠋ᠣᠰ ᠱᠠᠰᠢᠨ ᠤ᠋ ᠰᠤᠷᠭᠠᠭᠴᠢ ᠢᠵᠠᠭᠤᠷᠲᠠᠨ ᠢ᠋ ᠴᠤᠭᠯᠠᠭᠤᠯᠤᠨ ᠮᠣᠩᠭᠣᠯᠴᠤᠳ ᠲᠠᠢ ᠪᠠᠢᠯᠳᠤᠬᠤ ᠪᠡᠯᠡᠳᠬᠡᠯ ᠬᠢᠬᠦ ᠲᠤᠬᠠᠢ ᠵᠥᠪᠳᠡᠰᠦᠭᠡᠢ ᠬᠡᠮᠡᠬᠦᠢ ᠳ᠋ᠦ᠍ᠷ ᠬᠤᠷᠠᠯ ᠳ᠋ᠤᠷ ᠢᠷᠡᠭᠰᠡᠨ ᠺᠤᠮᠠᠨ ᠤ᠋ ᠡᠵᠡᠨ ᠬᠤᠲ᠋ᠠᠨ ( ᠺᠤᠲ᠋ᠠᠶᠠᠩ ) ᠢ᠋ ᠪᠠᠷᠢᠪᠴᠢᠯᠠᠨ ᠬᠣᠷᠢᠵᠤ ᠲᠠᠯᠪᠢᠪᠠ᠃ ᠤᠴᠢᠷ ᠠᠨᠤ ᠪᠠᠢᠷᠠ ᠸᠠᠩ ᠡᠵᠡᠨ ᠦ᠌ ᠣᠷᠣ ᠶ᠋ᠢ ᠵᠠᠯᠭᠠᠮᠵᠢᠯᠠᠬᠤ ᠠ᠋ᠴᠠ ᠡᠮᠦᠨ᠎ᠡ ᠵᠠᠷᠢᠮ ᠬᠣᠪᠴᠢ ᠪᠠᠶᠠᠳ ᠨᠣᠶᠠᠳ ᠪᠠᠢᠷᠠ ᠸᠠᠩ ᠡᠴᠢᠭᠡ ᠬᠥᠪᠡᠭᠦᠨ ᠦ᠌ ᠬᠣᠭᠣᠷᠣᠨᠳᠣ ᠬᠣᠪ ᠵᠥᠭᠡᠭᠡᠵᠦ᠂ ᠡᠪᠳᠡᠯᠡᠭᠡ ᠬᠢᠭᠰᠡᠨ ᠲᠤᠯᠠ ᠪᠠᠢᠷᠠ ᠸᠠᠩ ᠡᠵᠡᠨ ᠦ᠌ ᠰᠠᠭᠤᠷᠢᠨ᠎ ᠢ ᠵᠠᠯᠭᠠᠯᠮᠵᠢᠯᠠᠭᠰᠠᠨ ᠬᠣᠢᠨ᠎ᠠ ᠡᠳᠡᠭᠡᠷ ᠬᠥᠮᠦᠰ ᠢ ᠴᠥᠮ ᠰᠢᠳᠬᠡᠯ ᠥᠭᠴᠦ ᠬᠠᠰᠢᠷᠠᠭᠤᠯᠪᠠ ᠃ ᠪᠠᠰᠠ ᠡᠷᠬᠡ ᠪᠡᠨ ᠠᠰᠢᠭᠯᠠᠨ ᠴᠥᠭᠡᠨ ᠢᠵᠠᠭᠤᠷᠲᠠᠨ ᠤ᠋ ᠭᠠᠵᠠᠷ ᠲᠠᠷᠢᠶ᠎ᠠ ᠶ᠋ᠢ ᠬᠣᠷᠢᠶᠠᠨ ᠠᠪᠴᠤ ᠪᠡᠶ᠎ᠡ ᠳ᠋ᠡᠭᠡᠨ ᠥᠮᠴᠢᠯᠡᠭᠰᠡᠨ ᠤᠴᠢᠷ ᠴᠤ᠌ ᠪᠣᠢ ᠪᠥᠯᠥᠭᠡ᠃ ᠡᠢᠮᠦ ᠡᠴᠡ ᠡᠳᠡᠭᠡᠷ ᠬᠥᠮᠦᠰ ᠪᠠᠢᠷᠠ ᠶ᠋ᠢ ᠨᠤᠷᠠᠭᠠᠵᠤ ᠸᠠᠩ ᠤ᠋ᠨ ᠡᠷᠬᠡ ᠶ᠋ᠢ ᠠᠦ᠋ᠳᠠᠯᠢ ᠶ᠋ᠢᠨ ᠬᠦᠩ ᠪᠤᠶᠤ  ᠹᠧᠢᠯᠶ᠋ᠳᠧᠯᠢ ᠬᠣᠶᠠᠳᠤᠭᠠᠷ ᠲᠤᠷ ᠥᠭᠬᠦ ᠰᠦᠯᠪᠡᠭᠡ ᠬᠢᠵᠦ ᠵᠠᠬᠢᠳᠠᠯ ᠴᠢᠮᠡᠭᠡ ᠬᠠᠷᠢᠯᠴᠠᠵᠤ ᠪᠠᠢᠭᠠᠳ ᠪᠠᠢᠷᠠ ᠸᠠᠩ ᠳ᠋ᠤᠷ ᠮᠡᠳᠡᠭᠳᠡᠭᠡᠳ ᠬᠣᠯᠪᠣᠭᠳᠠᠬᠤ ᠬᠥᠮᠦᠰ ᠲᠣᠷ ᠬᠦᠨᠳᠦ ᠪᠢᠰᠢ ᠪᠣᠯᠪᠠᠴᠤ ᠴᠥᠮ ᠰᠢᠳᠬᠡᠯ ᠥᠭᠴᠦᠬᠦᠢ᠃ ᠡᠢᠮᠦ ᠡᠴᠡ ᠡᠳᠡᠭᠡᠷ ᠬᠥᠮᠦᠰ ᠪᠠᠢᠷᠨ ᠸᠠᠩ ᠳ᠋ᠤᠷ ᠬᠡᠵᠢᠶᠡᠨᠡᠢ ᠳᠤᠷ᠎ᠠ ᠦᠭᠡᠢᠰᠴᠦ ᠪᠠᠢᠭᠰᠠᠨ ᠪᠦᠯᠦᠭᠡ᠃ ᠬᠣᠶᠠᠷ ᠵᠢᠯ ᠦ᠋ᠨ ᠡᠮᠦᠨ᠎ᠡ ᠨᠢᠭᠡ ᠪᠦᠯᠦᠭ ᠬᠣᠷᠢᠨ ᠲᠦᠮᠡ ᠢᠯᠡᠭᠦᠦ ᠺᠢᠪᠴᠠᠭ ᠤ᠋ᠳ ᠂ ᠺᠤᠮᠠᠨᠴᠤᠳ ᠂ ᠮᠣᠩᠭᠣᠯᠴᠤᠳ ᠠ᠋ᠴᠠ ᠳᠤᠲᠠᠭᠠᠨ ᠬᠤᠲ᠋ᠠᠨ ( ᠺᠤᠲ᠋ᠠᠶᠠᠩ ) ᠸᠠᠩ ᠢ᠋ᠶ᠋ᠠᠨ ᠳᠠᠭᠠᠵᠤ ᠬᠠᠩᠭᠠᠷᠢ ᠳ᠋ᠤᠷ ᠣᠷᠣᠵᠤ ᠢᠷᠡᠭᠡᠳ ᠬᠤᠲ᠋ᠠᠨ ᠥᠬᠢᠨ ᠢ᠋ᠶ᠋ᠡᠨ ᠪᠠᠢᠷᠠ ᠸᠠᠩ ᠳ᠋ᠤᠷ ᠬᠠᠲᠤᠨ ᠪᠣᠯᠭᠠᠨ ᠥᠭᠴᠦ ᠥᠪᠡᠷᠰᠡᠳ ᠦ᠋ᠨ ᠢᠰᠯᠠᠮ ᠰᠤᠷᠲᠠᠬᠤᠨ ᠢ᠋ᠶ᠋ᠠᠨ ᠬᠠᠯᠠᠵᠤ ᠾᠷᠢᠰᠲ᠋ᠣᠰ ᠱᠠᠰᠢᠨ ᠳ᠋ᠤᠷ ᠳᠠᠭᠠᠵᠤ ᠰᠠᠨᠸᠠᠷ ᠠᠪᠤᠭᠰᠠᠨ ᠠᠵᠤᠭᠤ᠃ ᠭᠡᠪᠡᠴᠦ ᠺᠤᠮᠠᠨᠴᠤᠳ ᠬᠢᠭᠡᠳ ᠬᠠᠩᠭᠠᠷᠢᠴᠤᠳ ᠤ᠋ᠨ ᠬᠣᠭᠣᠷᠣᠨᠳᠣ ᠦᠷᠭᠦᠯᠵᠢ ᠬᠡᠷᠡᠭᠦᠯ ᠵᠣᠳᠣᠭᠠᠨ ᠭᠠᠷᠭᠠᠵᠤ ᠬᠡᠷᠡᠭ ᠪᠤᠯᠬᠤᠢ ᠳ᠋ᠤᠷ ᠴᠥᠮ ᠪᠠᠢᠷᠠ ᠸᠠᠩ ᠬᠤᠲ᠋ᠠᠨ ᠤ᠋ ᠬᠡᠦᠬᠡᠨ ᠳ᠋ᠦ᠍ᠷ ᠳᠤᠷᠠᠯᠠᠵᠤ ᠴᠢᠷᠦᠭᠰᠡᠨ ᠶᠠᠷᠰᠢᠭ ᠭᠡᠮᠡᠨ ᠳᠤᠷ᠎ᠠ ᠥᠭᠡᠢᠰᠴᠦ ᠪᠣᠢ ᠪᠥᠯᠥᠭᠡ᠃ ᠡᠳᠦᠭᠡ ᠮᠣᠩᠭᠣᠯᠴᠤᠳ ᠬᠦᠷᠴᠦ ᠢᠷᠡᠭᠰᠡᠨ ᠶᠠᠪᠤᠳᠠᠯ ᠪᠣᠯ ᠴᠥᠮ ᠬᠤᠲ᠋ᠠᠨ ᠤ᠋ ᠬᠡᠷᠡᠭ ᠭᠡᠮᠡᠨ ᠬᠡᠷᠪᠡ ᠬᠤᠲ᠋ᠠᠨ ᠢ ᠪᠠᠷᠢᠵᠤ ᠬᠦᠷᠭᠡᠪᠡᠰᠦ ᠮᠣᠩᠭᠣᠯᠴᠤᠳ ᠠᠶᠠᠨᠳᠠᠭᠠᠨ ᠪᠤᠴᠠᠮᠤᠢ ᠭᠡᠮᠡᠨ ᠬᠤᠲ᠋ᠠᠨ ᠢ ᠪᠠᠷᠢᠪᠴᠢᠯᠠᠪᠠ᠃ ᠦᠨᠡᠨ ᠳ᠋ᠡᠭᠡᠨ ᠪᠠᠢᠷᠠ ᠸᠠᠩ ᠳ᠋ᠠᠭᠠᠨ ᠬᠡᠷᠡᠭ ᠲᠤᠯᠭᠠᠰᠤᠭᠠᠢ ᠬᠡᠮᠡᠭᠰᠡᠨ ᠬᠡᠷᠡᠭ ᠪᠤᠶᠤ᠃ ᠭᠡᠲᠡᠯ᠎ᠡ ᠬᠡᠷᠡᠭ ᠶᠠᠪᠤᠬᠤ ᠳᠣᠳᠣᠮ ᠶᠡᠬᠡᠳᠴᠦ ᠬᠤᠳᠠᠯ ᠬᠡᠷᠡᠭ ᠦᠨᠡᠨ ᠪᠣᠯᠵᠤ ᠬᠣᠵᠢᠮ ᠬᠣᠢᠨ᠎ᠠ ᠳ᠋ᠠᠭᠠᠨ ᠬᠤᠲ᠋ᠠᠨ ᠸᠠᠩ ᠢ ᠮᠣᠩᠭᠣᠯᠴᠤᠳ ᠤ᠋ᠨ ᠲᠥᠷᠥᠯ ᠂ ᠮᠣᠩᠭᠣᠯᠴᠤᠳ ᠤ᠋ᠨ ᠲᠠᠩᠨᠠᠭᠤᠯ ᠭᠡᠮᠡᠨ ᠴᠤᠤ ᠲᠠᠷᠬᠠᠵᠤ ᠬᠤᠲ᠋ᠠᠨ ᠢ ᠠᠯᠠᠬᠤ ᠭᠡᠵᠦ ᠡᠳᠦᠢ ᠲᠡᠳᠦᠢ ᠬᠥᠮᠦᠰ ᠢᠷᠡᠵᠦ ᠺᠤᠮᠡᠨᠴᠤᠳ ᠲᠠᠢ ᠪᠠᠢᠯᠳᠤᠭᠠᠨ ᠪᠣᠯᠵᠤ ᠡᠴᠦᠰ ᠲᠦ᠍ᠷ ᠬᠤᠲ᠋ᠠᠨ ᠠᠯᠠᠭᠳᠠᠪᠠ᠃ ᠪᠠᠰᠠ ᠬᠠᠩᠭᠠᠷᠢᠴᠤᠳ ᠪᠣᠰᠤᠯᠴᠠᠨ ᠺᠤᠮᠠᠨᠴᠤᠳ ᠢ ᠠᠯᠠᠵᠤ ᠬᠥᠷᠥᠩᠭᠡ ᠮᠥᠩᠭᠥ ᠶ᠋ᠢ ᠢᠨᠦ ᠪᠤᠯᠢᠶᠠᠨ ᠳᠡᠭᠡᠷᠡᠮᠳᠡᠮᠦᠢ᠃ ᠺᠤᠮᠠᠨᠴᠤᠳ ᠨᠢᠭᠡᠳᠦᠯᠴᠡᠨ ᠭᠡᠳᠡᠷᠭᠡᠨ ᠳᠠᠭᠠᠷᠢᠵᠤ ᠲᠠᠯ᠎ᠠ ᠶ᠋ᠢᠨ ᠣᠯᠠᠨ ᠠᠢᠯ ᠭᠠᠴᠠᠭ᠎ᠠ ᠶ᠋ᠢ ᠬᠢᠳᠤᠵᠤ ᠨᠢᠭᠡᠨ ᠰᠦᠷᠦᠭ ᠬᠠᠩᠭᠠᠷᠢ ᠶ᠋ᠢᠨ ᠢᠵᠠᠭᠤᠷᠲᠠᠨ ᠮᠣᠩᠭᠣᠯ ᠤ᠋ᠨ ᠠᠶᠤᠯ ᠠ᠋ᠴᠠ ᠳᠤᠲᠠᠭᠠᠨ ᠶᠠᠪᠤᠵᠤ ᠠᠭᠠᠳ ᠺᠤᠮᠠᠨᠴᠤᠳ ᠲᠤᠷ ᠲᠣᠬᠢᠶᠠᠯᠳᠤᠨ ᠨᠢᠭᠡᠴᠦ ᠭᠠᠷᠤᠭᠰᠠᠨ ᠦᠭᠡᠢ ᠴᠥᠮ ᠬᠢᠳᠤᠭᠳᠠᠪᠠ᠃ ᠲᠡᠢᠨ ᠬᠦ᠌ ᠮᠣᠩᠭᠣᠯᠴᠤᠳ ᠣᠷᠣᠵᠤ ᠢᠷᠡᠬᠦ ᠡᠴᠡ ᠡᠮᠦᠨ᠎ᠡ ᠬᠠᠩᠭᠠᠷᠢ ᠳ᠋ᠤᠷ ᠰᠠᠮᠠᠭᠤᠷᠠᠯ ᠡᠭᠦᠰᠪᠡ᠃ 
       ᠭᠤᠷᠪᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠡᠳᠦᠷ ᠬᠢᠯᠢ ᠶ᠋ᠢ ᠰᠠᠬᠢᠬᠤ ᠵᠠᠩᠵᠤᠨ ᠤ᠋ ᠪᠠᠴᠢᠮ ᠮᠡᠳᠡᠭᠡᠨ ᠳ᠋ᠦ᠍ᠷ ᠬᠢᠯᠢ ᠶ᠋ᠢᠨ ᠴᠡᠷᠢᠭ ᠴᠥᠮ ᠰᠥᠨᠥᠭᠡᠳ ᠲᠠᠲ᠋ᠠᠷᠴᠤᠳ ᠬᠠᠩᠭᠠᠷᠢ ᠳ᠋ᠤᠷ ᠴᠥᠮᠥᠷᠡᠨ ᠣᠷᠣᠵᠤ ᠢᠷᠡᠪᠡ ᠬᠡᠮᠡᠪᠡ᠃ ᠬᠠᠩᠭᠠᠷᠢ ᠶ᠋ᠢᠨ ᠢᠵᠠᠭᠤᠷᠲᠠᠨ ᠡᠭᠦᠨ ᠢ᠋ ᠰᠣᠨᠣᠰᠤᠭᠠᠳ ᠥᠪᠡᠷᠰᠡᠳ ᠦ᠋ᠨ ᠭᠠᠷᠭᠠᠭᠰᠠᠨ ᠨᠠᠭᠠᠳᠤᠮ ᠬᠡᠲᠦᠷᠡᠪᠡ ᠭᠡᠮᠡᠨ ᠮᠡᠳᠡᠵᠦ ᠦᠭᠡ ᠦᠭᠡᠢ ᠪᠣᠯᠪᠠ᠃ 
       ᠪᠠᠢᠷᠠ ᠸᠠᠩ ᠬᠤᠷᠠᠯ ᠳ᠋ᠤᠷ ᠣᠷᠣᠯᠴᠠᠭᠰᠠᠳ ᠢ᠋ ᠵᠠᠩᠳᠤᠷᠤᠨ ᠲᠤᠰ ᠲᠤᠰ ᠤ᠋ᠨ ᠮᠣᠵᠢ ᠬᠣᠲᠠᠨ ᠳ᠋ᠤᠷ ᠪᠤᠴᠠᠭᠠᠨ ᠴᠡᠷᠢᠭ ᠮᠣᠷᠢ ᠡᠯᠰᠡᠵᠦ ᠳᠠᠢᠰᠤᠨ ᠲᠠᠢ ᠲᠤᠯᠤᠯᠳᠤᠬᠤ ᠪᠠᠷ ᠪᠡᠯᠡᠳᠭᠡ ᠭᠡᠮᠡᠨ ᠬᠤᠷᠠᠯ ᠢ᠋ᠶ᠋ᠠᠨ ᠳ᠋ᠦᠩ ᠥᠬᠡᠢ ᠲᠠᠷᠬᠠᠭᠠᠵᠤ ᠥᠪᠡᠷᠦᠨ ᠪᠡᠶ᠎ᠡ ᠪᠡᠷ ᠠᠷᠠᠪᠠ ᠂ ᠽᠢᠲ᠋ᠧᠯᠢᠭᠦᠸᠧᠨᠢᠶ᠎ᠠ ᠬᠣᠶᠠᠷ ᠭᠠᠵᠠᠷ ᠠ᠋ᠴᠠ ᠴᠡᠷᠢᠭ ᠡᠯᠰᠡᠵᠦ ᠪᠤᠲᠠ ᠬᠣᠲᠠ ᠳ᠋ᠤᠷ ᠣᠯᠠᠨ ᠬᠠᠷᠢᠶᠠᠲᠤ ᠸᠠᠩ ᠂ ᠨᠣᠶᠠᠳ ᠬᠡᠷᠭᠡᠮᠲᠡᠨ ᠦ᠌ ᠬᠦᠷᠴᠦ ᠢᠷᠡᠬᠦ ᠶ᠋ᠢ ᠬᠦᠯᠢᠶᠡᠰᠦᠭᠡᠢ ᠭᠡᠮᠡᠨ ᠳᠠᠷᠤᠢ ᠮᠣᠷᠳᠠᠯᠴᠠᠪᠠ᠃ 
       ᠪᠤᠲᠠ ᠬᠣᠲᠠ ᠬᠢᠭᠡᠳ ᠫᠸᠱᠲ᠋ᠤ ᠬᠣᠲᠠ ᠪᠥᠭᠡᠰᠦ ᠸᠸᠢᠢᠽᠡᠸ᠋ᠨ ᠭᠣᠣᠯ ᠤ᠋ᠨ ᠡᠮᠦᠨ᠎ᠡ ᠬᠣᠢᠨ᠎ᠠ ᠰᠤᠨᠳᠠᠯᠠᠨ ᠣᠷᠣᠰᠢᠬᠤ ᠬᠣᠶᠠᠷ ᠬᠣᠲᠠ ᠪᠣᠯᠠᠢ᠃ ᠭᠣᠣᠯ ᠳ᠋ᠤᠷ ᠲᠠᠲᠠᠮᠠᠯ ᠬᠥᠭᠥᠷᠭᠡ ᠪᠡᠷ ᠨᠡᠪᠲᠡᠷᠡᠯᠴᠡᠮᠦᠢ ᠃ ᠪᠠᠢᠷᠠ ᠸᠠᠩ ᠪᠤᠲᠠ ᠬᠣᠲᠠ ᠳ᠋ᠤᠷ ᠠᠷᠪᠠᠨ ᠲᠦᠮᠡᠨ ᠰᠢᠯᠢᠳᠡᠭ ᠴᠡᠷᠢᠭ ᠦᠯᠡᠳᠡᠭᠡᠵᠦ ᠰᠠᠬᠢᠭᠤᠯᠤᠨ ᠮᠥᠷᠡᠨ ᠦ᠌ ᠴᠢᠨᠠᠳᠤ ᠫᠸᠱᠲ᠋ᠤ ᠬᠣᠲᠠᠨ ᠳ᠋ᠤᠷ ᠭᠣᠣᠯ ᠬᠦᠴᠦᠨ ᠦ᠌ ᠰᠢᠯᠢᠳᠡᠭ ᠴᠡᠷᠢᠭ ᠭᠤᠴᠢᠨ ᠲᠦᠮᠡᠨ ᠦ᠌ ᠣᠯᠠᠨ ᠢ ᠴᠤᠭᠯᠠᠭᠤᠯᠤᠨ ᠬᠣᠶᠠᠷ ᠬᠣᠲᠠ ᠬᠠᠷᠢᠯᠴᠠᠨ ᠲᠤᠰᠠᠯᠠᠯᠴᠠᠬᠤ ᠪᠠᠷ ᠪᠡᠯᠡᠳᠬᠡᠪᠡ᠃ ᠡᠭᠦᠨ ᠢ᠋ᠶ᠋ᠡᠷ ᠦᠯᠦ ᠪᠠᠷᠠᠨ ᠬᠠᠷᠢᠶᠠᠲᠤ ᠮᠣᠵᠢ ᠬᠣᠲᠠ ᠠ᠋ᠴᠠ ᠪᠠᠰᠠ ᠡᠳᠦᠢ ᠲᠡᠳᠦᠢ ᠴᠡᠷᠢᠭ ᠲᠠᠲᠠᠵᠤ  ᠮᠣᠩᠭᠣᠯᠴᠤᠳ ᠲᠠᠢ ᠡᠷᠡᠭᠴᠢᠨ ᠡᠮᠡᠭᠴᠢᠨ ᠢ ᠢᠯᠭᠠᠰᠤᠭᠠᠢ ᠭᠡᠮᠡᠨ ᠬᠦᠯᠢᠶᠡᠮᠦᠢ᠃ 
       ᠥᠭᠦᠯᠡᠬᠦ ᠢᠨᠦ ᠮᠦᠯᠡᠸᠢᠢᠶ᠎ᠠ ᠶ᠋ᠢᠨ ᠾᠧᠦ ᠳ᠋ᠢᠪᠸᠯᠸᠳ᠋ ᠪᠤᠲ᠌ᠨ ᠬᠤᠲᠠᠨ᠎ᠠ ᠬᠦᠷᠴᠦ ᠢᠷᠡᠬᠦᠢ ᠳ᠋ᠦ᠍ᠷ ᠪᠠᠢᠷᠠ ᠸᠠᠩ ᠮᠥᠷᠡᠨ ᠦ᠌ ᠴᠢᠨᠠᠳᠤ  ᠫᠸᠱᠲ᠋ᠤ ᠬᠣᠲᠠᠨ ᠳ᠋ᠤᠷ ᠪᠠᠢᠬᠤ ᠶ᠋ᠢ ᠮᠡᠳᠡᠵᠦ ᠲᠠᠲᠠᠮᠠᠯ ᠬᠥᠭᠥᠷᠭᠡ ᠪᠡᠷ ᠳᠠᠮᠵᠢᠨ ᠫᠸᠱᠲ᠋ᠤ ᠳ᠋ᠤᠷ ᠬᠦᠷᠴᠦ ᠢᠷᠡᠭᠰᠡᠨ ᠳ᠋ᠦ᠍ᠷ ᠬᠣᠲᠠ ᠶ᠋ᠢᠨ ᠭᠠᠳᠠᠨ᠎ᠠ ᠳᠣᠲᠣᠨ᠎ᠠ ᠳ᠋ᠤᠷ ᠲᠤᠭ ᠬᠢᠭᠢᠷᠢ ᠪᠡᠷ ᠳᠦᠭᠦᠷᠴᠦ ᠬᠥᠮᠦᠨ ᠴᠢᠭᠢᠷᠠᠭ ᠂ ᠮᠣᠷᠢ ᠲᠠᠷᠭᠤᠨ ᠵᠡᠪᠰᠡᠭ ᠬᠤᠷᠴᠠ ᠬᠤᠶᠠᠭ ᠬᠠᠲᠠᠭᠤ ᠂ ᠠᠮᠤ ᠬᠦᠨᠡᠰᠦ ᠠᠭᠤᠯᠠ ᠣᠪᠣᠭ᠎ᠠ ᠮᠡᠲᠦ ᠬᠤᠷᠢᠶᠠᠮᠤᠢ᠃ ᠴᠡᠷᠢᠭ ᠦ᠋ᠨ ᠰᠦᠷ ᠰᠦᠯᠳᠡ ᠶᠡᠬᠡᠳᠡ ᠮᠠᠨᠳᠤᠵᠤ ᠫᠣᠯᠠᠨᠳ᠋ ᠠᠳᠠᠯᠢᠳᠬᠠᠰᠢ ᠦᠭᠡᠢ ᠭᠡᠮᠡᠨ ᠳ᠋ᠢᠪᠸᠯᠸᠳ᠋ ᠳᠣᠲᠣᠷ᠎ᠠ ᠪᠠᠨ ᠮᠠᠰᠢ ᠭᠠᠢᠬᠠᠨ ᠪᠢᠰᠢᠷᠡᠵᠦ ᠪᠦᠬᠦᠢ ᠳ᠋ᠦ᠍ᠷ ᠪᠠᠢᠷᠠ ᠸᠠᠩ ᠳ᠋ᠢᠪᠸᠯᠸᠳ᠋ ᠯᠤᠭ᠎ᠠ ᠬᠣᠪᠢᠨ ᠨᠠᠢᠷ ᠵᠤᠵᠠᠭᠠᠨ ᠲᠤᠯᠠ ᠤᠭᠲᠤᠷ᠎ᠠ ᠢᠷᠡᠵᠦ ᠭᠠᠷ ᠪᠠᠷᠢᠯᠴᠠᠨ ᠬᠠᠷᠢᠯᠴᠠᠨ ᠳᠣᠲᠣᠨᠣ ᠮᠡᠨᠳᠦᠴᠢᠯᠡᠨ ᠸᠠᠩ ᠤ᠋ᠨ ᠶᠡᠬᠡ ᠤᠷᠲᠤᠨ᠎ᠠ ᠣᠴᠢᠬᠤ ᠵᠠᠭᠤᠷ᠎ᠠ ᠪᠠᠢᠷᠠ ᠸᠠᠩ ᠠᠰᠠᠭᠤᠷᠤᠨ ᠄《 ᠮᠢᠨᠦ ᠴᠡᠷᠢᠭ ᠮᠣᠷᠢ ᠠᠷᠠᠢ ᠴᠥᠭᠡᠨ ᠪᠣᠯᠪᠠᠴᠤ ᠮᠣᠩᠭᠣᠯᠴᠤᠳ ᠯᠤᠭ᠎ᠠ ᠨᠢᠭᠡᠨᠲᠡ ᠡᠷᠡᠭᠴᠢᠨ ᠡᠮᠡᠭᠴᠢᠨ ᠢ᠋ ᠢᠯᠭᠠᠰᠤᠭᠠᠢ ᠬᠡᠮᠡᠮᠦᠢ ᠃ ᠬᠦᠩ ᠲᠠᠨ ᠤ᠋ ᠦᠵᠡᠬᠦ ᠪᠡᠷ ᠶᠠᠮᠠᠷ ?》 ᠬᠡᠮᠡᠪᠡ᠃ 
       ᠪᠠᠢᠷᠨ ᠸᠠᠩ ᠨᠠᠰᠤ ᠳᠥᠴᠢ ᠬᠡᠲᠦᠷᠡᠪᠡᠢ᠃ ᠪᠡᠶ᠎ᠡ ᠴᠢᠭᠢᠷᠠᠭ ᠥᠨᠳᠥᠷ ᠂ ᠰᠢᠷᠢᠨ ᠭᠤᠲᠤᠯ ᠤ᠋ᠨ ᠲᠦᠷᠡᠢ ᠡᠪᠦᠳᠦᠭ ᠳᠠᠪᠠᠵᠤ ᠨᠠᠷᠢᠨ ᠣᠶᠣᠭᠰᠠᠨ ᠠᠯᠲᠠᠨ ᠡᠮᠵᠢᠶᠡᠷ ᠲᠡᠢ ᠸᠠᠩ ᠤ᠋ᠨ ᠬᠤᠪᠴᠠᠰᠤ ᠶ᠋ᠢᠨ ᠡᠩᠭᠡᠷ ᠳᠦᠭᠦᠷᠡᠩ ᠠᠯᠲᠠᠨ ᠮᠥᠩᠭᠥᠨ ᠮᠧᠲ᠋ᠠᠯ ᠵᠡᠭᠦᠵᠦ ᠤᠯᠠᠭᠠᠨ ᠵᠠᠩᠴᠢ ᠪᠠᠨ ᠲᠠᠯ᠎ᠠ ᠮᠥᠷᠥ ᠳ᠋ᠡᠭᠡᠨ ᠡᠯᠭᠦᠵᠦ ᠮᠠᠰᠢ ᠨᠠᠷᠢᠨ ᠵᠠᠰᠠᠭᠰᠠᠨ ᠬᠠᠷ᠎ᠠ ᠰᠠᠬᠠᠯ ᠡᠪᠦᠭᠡᠰᠢᠷᠡᠬᠦ ᠨᠠᠰᠤᠨ ᠤ᠋ ᠴᠠᠭᠠᠨ ᠴᠢᠷᠠᠢ ᠯᠤᠭ᠎ᠠ ᠣᠨᠴᠠ ᠲᠣᠳᠣ ᠢᠯᠠᠭᠠᠷᠠᠮᠤᠢ᠃ ᠳ᠋ᠢᠪᠸᠯᠸᠳ᠋ ᠮᠠᠰᠢ ᠪᠠᠬᠠᠷᠤᠨ᠄《ᠡᠵᠡᠨ ᠪᠠᠭᠠᠲᠤᠷ ᠴᠡᠷᠢᠭ ᠴᠢᠭᠢᠷᠠᠭ ᠬᠡᠮᠡᠬᠦ ᠢᠨᠤ ᠳᠠᠷᠤᠢ ᠡᠨᠡ ᠪᠣᠯᠠᠢ᠂ ᠡᠢᠨ ᠬᠦ᠌ ᠪᠠᠭᠠᠲᠤᠷ ᠴᠡᠷᠢᠭ ᠢ᠋ ᠬᠡᠷᠢᠶ᠎ᠡ ᠮᠡᠲᠦ ᠱᠤᠤᠭᠢᠯᠳᠤᠵᠤ ᠰᠦᠷᠦᠭᠯᠡᠨ ᠢᠷᠡᠬᠦ ᠮᠣᠩᠭᠣᠯᠴᠤᠳ ᠬᠡᠷᠬᠢᠨ ᠡᠰᠡᠷᠭᠦᠴᠡᠨ ᠴᠢᠳᠠᠮᠤᠢ ᠃ ᠪᠠᠲᠤ ᠬᠠᠨ ᠣᠳᠣ ᠨᠡᠷ᠎ᠡ ᠪᠡᠨ ᠭᠡᠭᠡᠵᠦ ᠠᠮᠢ ᠪᠠᠨ ᠠᠯᠳᠠᠬᠤ ᠴᠠᠭ ᠪᠣᠯᠪᠠᠢ 》 ᠭᠡᠮᠡᠨ ᠡᠷᠭᠦᠨ ᠮᠠᠭᠲᠠᠭᠰᠠᠭᠠᠷ ᠪᠠᠢᠷᠠ ᠸᠠᠩ ᠤ᠋ᠨ ᠶᠡᠬᠡ ᠣᠷᠳᠣᠨ ᠳ᠋ᠤᠷ ᠬᠦᠷᠴᠦ ᠨᠠᠢᠷ ᠲᠠᠯᠪᠢᠨ ᠰᠠᠭᠤᠯᠴᠠᠪᠠ᠃ ᠡᠷᠲᠡᠨ ᠡᠳᠦᠭᠡᠬᠢ ᠶᠣᠰᠣ ᠨᠢᠭᠡᠨ ᠪᠤᠶᠤ ᠂ ᠬᠥᠮᠦᠨ ᠢ᠋ ᠭᠤᠶᠤᠬᠤ ᠬᠥᠮᠦᠨ ᠢᠨᠢᠶᠡᠮᠰᠦᠭ ᠴᠢᠷᠠᠢᠯᠠᠬᠤ ᠲᠤᠯᠠ ᠳ᠋ᠢᠪᠸᠯᠸᠳ᠋ ᠴᠦ᠍ ᠥᠭᠡᠷ᠎ᠡ ᠦᠭᠡᠢ ᠬᠥᠩᠭᠡᠮᠰᠦᠭᠯᠡᠬᠦᠢ ᠳ᠋ᠦ᠍ᠷ ᠪᠠᠢᠷᠠ ᠸᠠᠩ ᠤᠴᠢᠷ ᠲᠠᠢ ᠶ᠋ᠢ ᠮᠡᠳᠡᠭᠡᠳ ᠫᠣᠯᠠᠨᠳ᠋ ᠤ᠋ᠨ ᠪᠠᠢᠳᠠᠯ ᠢ᠋ ᠠᠰᠠᠭᠤᠪᠠᠰᠤ ᠳ᠋ᠢᠪᠸᠯᠸᠳ᠋ ᠬᠣᠯᠪᠣᠭ᠎ᠠ ᠪᠠᠢᠭᠤᠯᠬᠤ ᠪᠠᠷ ᠢᠷᠡᠭᠰᠡᠨ ᠲᠤᠯᠠ ᠫᠣᠯᠠᠨᠳ᠋ ᠤ᠋ᠨ ᠴᠡᠷᠢᠭ ᠦ᠋ᠨ ᠬᠦᠴᠦᠨ ᠢ᠋ ᠬᠡᠳᠦ ᠳᠣᠣᠷ᠎ᠠ ᠬᠡᠮᠡᠪᠡᠰᠦ ᠬᠣᠯᠪᠣᠭ᠎ᠠ ᠪᠦᠲᠦᠬᠦ ᠦᠭᠡᠢ ᠡᠴᠡ ᠠᠶᠤᠨ ᠲᠦᠯᠬᠢᠵᠦ ᠥᠭᠦᠯᠡᠷᠦᠨ ᠄《 ᠶᠡᠬᠡ ᠵᠠᠩᠵᠤᠨ ᠸᠯᠠᠳᠢᠮᠢᠷ ᠠᠷᠪᠠᠨ ᠲᠦᠮᠡᠨ ᠦ᠌ ᠣᠯᠠᠨ ᠢ᠋ᠶ᠋ᠠᠷ ᠺᠸᠯᠡᠺᠸᠸᠨ ᠬᠠᠪᠢ ᠳ᠋ᠤᠷ ᠵᠢᠭᠰᠠᠭᠠᠨ ᠮᠣᠩᠭᠣᠯ ᠤ᠋ᠨ ᠬᠥᠯ ᠢ᠋ ᠲᠡᠳᠡᠨ ᠬᠣᠷᠢᠵᠤ ᠂ ᠯᠢᠭᠧᠨᠢᠾᠢ ᠳ᠋ᠦ᠍ᠷ ᠬᠣᠷᠢᠨ ᠲᠦᠮᠡᠨ ᠶᠡᠬᠡ ᠴᠡᠷᠢᠭ ᠴᠤᠭᠯᠠᠭᠤᠯᠤᠨ ᠠᠷᠤ ᠲᠦᠰᠢᠭ ᠪᠣᠯᠭᠠᠪᠠ᠃ ᠣᠯᠠᠨ ᠮᠣᠵᠢ ᠶ᠋ᠢᠨ ᠰᠢᠨ᠎ᠡ ᠡᠯᠰᠡᠵᠦ ᠠᠪᠤᠭᠰᠠᠨ ᠴᠡᠷᠢᠭ ᠪᠠᠰᠠ ᠤᠳᠠᠬᠤ ᠦᠭᠡᠢ ᠬᠦᠷᠴᠦ ᠢᠷᠡᠮᠦᠢ 》 ᠬᠡᠮᠡᠪᠡ᠃ 
       ᠪᠠᠢᠷᠠ ᠸᠠᠩ ᠢᠲᠡᠭᠡᠵᠦ ᠶᠠᠳᠠᠨ ᠢᠨᠢᠶᠡᠨ ᠠᠰᠠᠭᠤᠷᠤᠨ ᠄《 ᠮᠣᠩᠭᠣᠯᠴᠤᠳ ᠫᠣᠯᠠᠡᠳ᠋ ᠲᠦ᠍ᠷ ᠡᠵᠡᠨ ᠦᠭᠡᠢ ᠭᠠᠵᠠᠷ ᠮᠡᠲᠦ ᠣᠷᠣᠵᠤ ᠭᠠᠷᠤᠮᠤᠢ ᠭᠡᠮᠡᠨ ᠰᠣᠨᠣᠰᠴᠤ ᠤᠳᠠᠪᠠ᠃ ᠲᠠ ᠮᠣᠩᠭᠣᠯᠴᠤᠳ ᠤ᠋ᠨ ᠪᠠᠢᠳᠠᠯ ᠢ᠋ ᠯᠠᠪ ᠲᠣᠳᠣᠷᠬᠠᠢ ᠣᠢᠯᠠᠭᠠᠭᠰᠠᠨ ᠪᠣᠶ᠎ᠡ᠃ ᠴᠣᠬᠣᠮ ᠶᠠᠮᠠᠷ ᠢ᠋ ᠰᠣᠨᠣᠰᠬᠤ ᠶ᠋ᠢ ᠬᠦᠰᠡᠮᠦᠢ 》 ᠬᠡᠮᠡᠪᠡ᠃ 
       ᠳ᠋ᠢᠪᠸᠯᠸᠳ᠋ ᠪᠣᠳᠣᠪᠠᠰᠤ ᠪᠠᠢᠷᠠ ᠸᠠᠩ ᠮᠣᠩᠭᠣᠯᠴᠤᠳ ᠤ᠋ᠨ ᠪᠠᠢᠳᠠᠯ ᠢ᠋ ᠮᠡᠳᠡᠵᠦ ᠪᠠᠢᠬᠤ ᠲᠤᠯᠠ ᠦᠨᠡᠨ ᠢ᠋ᠶ᠋ᠡᠷ ᠶᠠᠷᠢᠬᠤ ᠬᠡᠷᠡᠭᠲᠡᠢ ᠭᠡᠮᠡᠨ ᠪᠣᠳᠣᠵᠤ ᠄《ᠮᠣᠩᠭᠣᠯ ᠤ᠋ᠨ ᠴᠡᠷᠢᠭ ᠤᠤᠯ ᠠᠨᠤ ᠲᠠᠪᠢᠨ ᠲᠦᠮᠡ ᠭᠡᠮᠡᠨ ᠠᠯᠳᠠᠷᠰᠢᠭᠰᠠᠨ ᠪᠣᠯᠪᠠᠴᠤ ᠦᠨᠡᠨ ᠳ᠋ᠡᠭᠡᠨ ᠭᠤᠴᠢᠨ ᠲᠠᠪᠤᠨ ᠲᠦᠮᠡ ᠬᠦᠷᠬᠦ ᠦᠭᠡᠢ ᠪᠥᠯᠥᠭᠡ᠃ ᠡᠳᠦᠭᠡ ᠬᠥᠶᠦᠭ ᠬᠠᠨ ᠪᠠ ᠮᠥᠩᠬᠡ ᠬᠠᠨ ᠤ᠋ ᠴᠡᠷᠢᠭ ᠴᠥᠮ ᠪᠤᠴᠠᠭᠰᠠᠨ ᠲᠤᠯᠠ ᠮᠣᠩᠭᠣᠯ ᠤ᠋ᠨ ᠴᠡᠷᠢᠭ ᠬᠣᠷᠢᠨ ᠲᠠᠪᠤᠨ ᠲᠦᠮᠡ ᠠᠷᠠᠢ ᠢᠯᠡᠭᠦᠦ ᠪᠣᠢ ᠬᠡᠮᠡᠮᠦ᠃ ᠡᠭᠦᠨ ᠦ᠌ ᠳᠣᠲᠣᠷ᠎ᠠ ᠮᠣᠩᠭᠣᠯ ᠴᠡᠷᠢᠭ ᠠᠷᠪᠠᠨ ᠲᠦᠮᠡ ᠡᠴᠡ ᠬᠡᠲᠦᠷᠡᠬᠦ ᠦᠭᠡᠢ᠃ ᠪᠤᠰᠤᠳ ᠠᠨᠤ ᠵᠠᠮ ᠳᠠᠭᠠᠤ ᠣᠷᠣᠭᠤᠯᠵᠤ ᠠᠪᠤᠭᠰᠠᠨ ᠺᠢᠪᠴᠠᠭ ᠂ ᠺᠣᠮᠠᠨ ᠂ ᠣᠷᠣᠰ ᠂ ᠪᠣᠯᠭᠠᠷᠢ ᠂ ᠠᠷᠠᠹᠴᠤᠤᠨ ᠂ ᠲᠦᠷᠺᠡᠮᠡᠸᠠᠨ ᠂ ᠺᠠᠯᠢᠼ ᠤ᠋ᠨ ᠬᠡᠷᠢᠶᠡᠯᠡᠨ ᠰᠦᠷᠦᠭᠯᠡᠭᠰᠡᠨ ᠣᠯᠠᠨ ᠪᠤᠶᠤ᠃ ᠳᠡᠢᠯᠦᠭᠳᠡᠰᠢ ᠦᠭᠡᠢ ᠬᠡᠮᠡᠭᠴᠢ ᠬᠣᠭᠣᠰᠣᠨ ᠨᠡᠷ᠎ᠡ ᠲᠡᠳᠦᠢ ᠪᠣᠢ ‍ᠶ᠎ᠠ 》ᠬᠡᠮᠡᠪᠡ᠃ 
       ᠪᠠᠢᠷᠠ ᠸᠠᠩ ᠢᠨᠢᠶᠡᠨ ᠥᠭᠦᠯᠡᠷᠦᠨ᠄《ᠡᠷᠭᠢᠨ ᠦ᠌ ᠥᠭᠦᠯᠡᠬᠦ ᠪᠡᠷ ᠫᠣᠯᠠᠡᠳ᠋ ᠳᠥᠴᠢᠨ ᠲᠦᠮᠡᠨ ᠦ᠌ ᠣᠯᠠᠨ ᠢ᠋ᠶ᠋ᠠᠷ ᠬᠡᠷᠢᠶ᠎ᠡ ᠱᠠᠭᠠᠵᠠᠭᠠᠢ ᠮᠡᠲᠦ ᠰᠦᠷᠦᠭᠯᠡᠵᠦ ᠶᠠᠪᠤᠭ᠎ᠠ ᠮᠣᠩᠭᠣᠯᠴᠤᠳ ᠢ᠋ ᠬᠢᠯᠪᠠᠷᠬᠠᠨ ᠲᠠᠢᠯᠵᠤ ᠪᠣᠯᠬᠤ ᠲᠤᠯᠠ ᠬᠠᠩᠭᠠᠷᠢ ᠬᠠᠷᠢᠨ ᠬᠡᠰᠢᠭ ᠲᠣᠷ ᠰᠢᠲᠦᠵᠦ ᠠᠮᠤᠭᠤᠯᠠᠩ ᠪᠣᠯᠬᠤ ᠪᠣᠯᠠᠢ 》 ᠬᠡᠮᠡᠪᠡ᠃ 
       ᠳ᠋ᠢᠪᠸᠯᠸᠳ᠋ ᠰᠡᠭᠦᠷᠡᠰᠦ ᠠᠯᠳᠠᠵᠤ ᠥᠭᠦᠯᠡᠷᠦᠨ᠄《ᠴᠡᠷᠢᠭ ᠲᠡᠢᠨ ᠬᠡᠮᠡᠭᠴᠢ ᠭᠡᠨᠡᠨ ᠬᠡᠷᠡᠭ ᠪᠣᠯᠠᠢ᠃ ᠲᠠᠢᠯᠤᠨ ᠳᠡᠢᠯᠦᠭᠳᠡᠬᠦ ᠶ᠋ᠢ ᠬᠡᠷᠬᠢᠨ ᠤᠷᠢᠳᠴᠢᠯᠠᠨ ᠮᠡᠳᠡᠬᠦ ᠠᠵᠢ ᠃ ᠡᠰᠡ ᠬᠢᠴᠢᠶᠡᠪᠡᠰᠤ ᠡᠨᠳᠡᠭᠳᠡᠬᠦᠢ ᠳ᠋ᠦ᠍ᠷ ᠬᠦᠷᠬᠦ ᠲᠤᠯᠠ ᠡᠷᠭᠢᠨ ᠸᠠᠩ ᠯᠤᠭ᠎ᠠ ᠤᠷᠤᠭᠤᠯ ᠰᠢᠳᠦᠨ ᠦ᠌ ᠬᠣᠯᠪᠣᠭ᠎ᠠ ᠪᠠᠢᠭᠤᠯᠰᠤᠭᠠᠢ ᠬᠡᠮᠡᠮᠦᠢ᠃ ᠬᠠᠩᠭᠠᠷᠢ ᠳ᠋ᠤᠷ ᠠᠪᠴᠤ ᠥᠭᠦᠯᠡᠪᠡᠰᠦ ᠳᠠᠢᠰᠤᠨ ᠢ ᠬᠢᠯᠢ ᠶ᠋ᠢᠨ ᠭᠠᠳᠠᠨ᠎ᠠ ᠨᠢᠴᠤᠭᠠᠨ ᠂ ᠫᠣᠯᠠᠨᠳ᠋ ᠲᠤᠷ ᠠᠪᠴᠤ ᠥᠭᠦᠯᠡᠪᠡᠰᠦ ᠠᠭᠤᠯᠠ ᠬᠠᠳᠠ ᠮᠡᠲᠦ ᠲᠦᠰᠢᠭᠦᠷᠢ ᠲᠡᠢ ᠪᠣᠯᠤᠮᠤᠢ᠃ ᠴᠡᠷᠢᠭ ᠦ᠋ᠨ ᠲᠠᠯ᠎ᠠ ᠪᠠᠷ ᠠᠪᠴᠤ ᠥᠭᠦᠯᠡᠪᠡᠰᠦ ᠪᠢᠳᠡ ᠬᠣᠶᠠᠷ ᠤᠯᠤᠰ ᠤ᠋ᠨ ᠴᠡᠷᠢᠭ ᠢ᠋ᠶ᠋ᠡᠷ ᠵᠢᠭᠰᠠᠭᠠᠨ ᠬᠣᠷᠢᠭᠯᠠᠪᠠᠰᠤ ᠮᠣᠩᠭᠣᠯᠴᠤᠳ ᠠᠶᠤᠨ ᠬᠠᠯᠳᠠᠮᠤᠢ ᠤᠤ ?   ᠫᠣᠯᠠᠨᠳ᠋ ᠢ᠋ ᠴᠡᠷᠢᠭ ᠪᠠᠭᠤᠷᠠᠢ ᠭᠡᠮᠡᠨ ᠦᠯᠦ ᠪᠣᠳᠣᠭᠲᠤᠨ ᠂ ᠬᠡᠷᠬᠢᠪᠡᠴᠦ ᠨᠢᠭᠡᠨ ᠮᠥᠷᠥ ᠶ᠋ᠢᠨ ᠬᠦᠴᠦᠨ ᠪᠣᠯᠤᠮᠤᠢ᠃ ᠡᠰᠡ ᠪᠥᠭᠡᠰᠦ ᠂ ᠫᠣᠯᠠᠨᠳ᠋ ᠳᠡᠢᠯᠦᠭᠳᠡᠬᠦᠢ ᠳ᠋ᠦ᠍ᠷ ᠬᠦᠷᠪᠡᠰᠦ ᠬᠠᠩᠭᠠᠷᠢ ᠬᠠᠯᠬᠠᠪᠴᠢ ᠪᠠᠨ ᠠᠯᠳᠠᠵᠤ ᠮᠣᠩᠭᠣᠯ ᠤ᠋ᠨ ᠡᠮᠦᠨ᠎ᠡ ᠢᠯᠡ ᠲᠠᠪᠢᠭᠳᠠᠵᠤ ᠂ ᠫᠣᠯᠠᠨᠳ᠋ ᠤ᠋ᠨ ᠣᠯᠠᠨ ᠮᠣᠩᠭᠣᠯ ᠳ᠋ᠤᠷ ᠣᠯᠵᠠᠯᠠᠭᠳᠠᠨ ᠬᠠᠩᠭᠠᠷᠢ ᠳ᠋ᠤᠷ ᠲᠡᠢᠰᠤᠩᠨᠡᠭᠦᠢ ᠳ᠋ᠦ᠍ᠷ ᠬᠥᠷᠥᠮᠦᠢ ᠂ ᠮᠢᠨᠦ ᠢᠷᠡᠭᠰᠡᠨ ᠢᠨᠤ ᠫᠣᠯᠠᠨᠳ᠋ ᠤ᠋ᠨ ᠲᠥᠯᠥᠭᠡ ᠬᠡᠮᠡᠪᠡᠴᠦ ᠮᠥᠨ ᠬᠠᠩᠭᠠᠷᠢ ᠶ᠋ᠢᠨ ᠲᠥᠯᠥᠭᠡ ᠪᠤᠰᠤ ᠬᠡᠮᠡᠮᠦᠢ ᠤᠤ ?   ᠸᠠᠩ ᠲᠠ ᠲᠤᠩᠭᠠᠵᠤ ᠦᠵᠡᠬᠦ ᠪᠣᠯᠪᠠᠤ 》 ᠬᠡᠮᠡᠬᠦᠢ ᠳ᠋ᠦ᠍ᠷ ᠪᠠᠢᠷᠠ ᠸᠠᠩ ᠳ᠋ᠢᠪᠸᠯᠸᠳ᠋ ᠦ᠋ᠨ ᠭᠠᠷ ᠢ᠋ ᠪᠠᠷᠢᠵᠤ ᠶᠡᠬᠡᠳᠡ ᠢᠨᠢᠶᠡᠨ《ᠾᠧᠦ ᠨᠣᠶᠠᠨ ᠲᠠ ᠡᠨᠡ ᠡᠳᠦᠷ ᠬᠡᠯᠡᠨ ᠦ᠌ ᠤᠷᠠᠨ ᠢ᠋ᠶ᠋ᠠᠷ ᠬᠠᠩᠭᠠᠷᠢ ᠴᠡᠷᠢᠭ ᠢ᠋ᠶ᠋ᠡᠷ ᠫᠣᠯᠠᠨᠳ᠋ ᠢ᠋ ᠬᠠᠮᠠᠭᠠᠯᠠᠭᠤᠯᠰᠤᠭᠠᠢ ᠬᠡᠮᠡᠬᠦ ᠠᠨᠤ ᠪᠤᠰᠤ ᠤᠤ ?  》ᠭᠡᠮᠡᠨ ᠥᠭᠦᠯᠡᠭᠡᠳ ᠬᠠᠷᠢᠯᠴᠠᠨ ᠮᠡᠳᠡᠭᠡ ᠨᠡᠪᠲᠡᠷᠡᠵᠦ ᠪᠠᠴᠢᠮᠳᠠᠪᠠᠰᠤ ᠬᠠᠷᠢᠯᠴᠠᠨ ᠴᠡᠷᠢᠭ ᠢ᠋ᠶ᠋ᠡᠷ ᠲᠤᠰᠠᠯᠠᠯᠴᠠᠰᠤᠭᠠᠢ ᠭᠡᠮᠡᠨ ᠬᠡᠯᠡᠯᠴᠡᠨ ᠭᠡᠷ᠎ᠡ ᠪᠠᠢᠭᠤᠯᠪᠠ᠃ 
       ᠳ᠋ᠢᠪᠸᠯᠸᠳ᠋ ᠦ᠋ᠨ ᠢᠷᠡᠭᠰᠡᠨ ᠶᠠᠪᠤᠳᠠᠯ ᠪᠦᠲᠦᠮᠵᠢ ᠲᠡᠢ ᠲᠤᠯᠠ ᠮᠠᠰᠢ ᠪᠠᠶᠠᠷᠯᠠᠨ ᠫᠣᠯᠠᠡᠳ᠋ ᠸᠠᠩ ᠳ᠋ᠠᠭᠠᠨ ᠮᠡᠳᠡᠭᠦᠯᠬᠦ ᠪᠡᠷ ᠪᠤᠴᠠᠪᠠ᠃ 
       ᠥᠭᠦᠯᠡᠬᠦ ᠢᠨᠦ ᠺᠣᠮᠠᠨ ᠸᠠᠩ ᠤ᠋ᠨ ᠨᠢᠭᠡᠨ ᠰᠢᠳᠠᠷ ᠵᠠᠩᠵᠤᠨ ᠬᠣᠲ᠋ᠠᠨ ᠤ᠋ ᠬᠢᠯᠢᠰ ᠦᠬᠦᠭᠰᠡᠨ ᠳ᠋ᠦ᠍ᠷ ᠮᠠᠰᠢ ᠬᠣᠷᠣᠰᠬᠤ ᠪᠥᠯᠥᠭᠡ᠃ ᠲᠡᠷᠡ ᠪᠠᠢᠷᠠ ᠸᠠᠩ ᠤ᠋ᠨ ᠳᠣᠣᠷ᠎ᠠ ᠠᠮᠢ ᠰᠢᠷᠭᠤᠵᠤ ᠬᠣᠲ᠋ᠠᠨ ᠤ᠋ ᠣᠰᠢᠶ᠎ᠡ ᠶ᠋ᠢ ᠠᠪᠰᠤᠭᠠᠢ ᠭᠡᠮᠡᠨ ᠵᠠᠨᠤᠵᠤ ᠫᠤᠯᠠᠡᠳ᠋ ᠬᠠᠩᠭᠠᠷᠢ ᠬᠠᠷᠢᠯᠴᠠ᠊ᠨ ᠲᠤᠰᠠᠯᠠᠯᠴᠠᠬᠤ ᠭᠡᠷ᠎ᠡ ᠪᠠᠢᠭᠤᠯᠤᠭᠰᠠᠨ ᠨᠠᠷᠢᠨ ᠤᠴᠢᠷ ᠢ᠋ ᠮᠡᠳᠡᠵᠦ ᠰᠢᠭᠤᠳ ᠺᠠᠯᠢᠽ ᠲᠤᠷ ᠢᠷᠡᠵᠦ ᠪᠠᠲᠤ ᠬᠠᠨ ᠳ᠋ᠤᠷ ᠮᠡᠳᠡᠭᠦᠯᠪᠡ᠃ 
       ᠪᠠᠲᠤ ᠬᠠᠨ ᠂ ᠰᠥᠪᠡᠭᠡᠳᠡᠢ ᠪᠠᠭᠠᠲᠤᠷ ᠡᠨᠡ ᠮᠡᠳᠡᠭᠡ ᠶ᠋ᠢ ᠰᠣᠨᠣᠰᠤᠭᠠᠳ ᠮᠠᠰᠢ ᠰᠣᠴᠢᠪᠠ᠃ ᠬᠡᠷᠪᠡ ᠡᠨᠡ ᠬᠣᠶᠠᠷ ᠤᠯᠤᠰ ᠦᠨᠡᠬᠡᠷ ᠬᠠᠷᠢᠯᠴᠠᠨ ᠲᠤᠰᠠᠯᠠᠯᠴᠠᠪᠠᠰᠤ ᠡᠪᠳᠡᠬᠦᠢ ᠳ᠋ᠦ᠍ᠷ ᠪᠡᠷᠬᠡ ᠪᠣᠯᠤᠮᠤᠢ ᠭᠡᠮᠡᠨ ᠫᠤᠯᠠᠡᠳ᠋ ᠨᠢᠭᠡᠨᠲᠡ ᠠᠷᠪᠠᠨ ᠲᠦᠮᠡᠨ ᠴᠡᠷᠢᠭ ᠢ᠋ᠶ᠋ᠡᠷ ᠮᠣᠩᠭᠣᠯ ᠢ᠋ ᠬᠣᠷᠢᠵᠤ ᠰᠠᠭᠤᠭᠰᠠᠨ ᠪᠥᠭᠡᠲᠡᠯ᠎ᠡ ᠪᠠᠰᠠ ᠬᠠᠩᠭᠠᠷᠢ ᠶ᠋ᠢᠨ 《 ᠪᠤᠴᠠᠰᠢ ᠦᠭᠡᠢ 》 ᠠᠯᠳᠠᠷᠲᠠᠢ ᠴᠡᠷᠢᠭ ᠯᠦ᠍ᠭᠡ ᠨᠡᠢᠯᠡᠪᠡᠰᠦ ᠰᠦᠷᠡᠬᠡᠢ ᠬᠦᠴᠦᠨ ᠪᠣᠯᠬᠤ ᠲᠤᠯᠠ ᠬᠣᠶᠠᠷ ᠤᠯᠤᠰ ᠲᠤᠷ ᠵᠡᠷᠭᠡᠪᠡᠷ ᠴᠡᠷᠢᠭ ᠣᠷᠣᠵᠤ ᠬᠠᠩᠭᠠᠷᠢ ᠶ᠋ᠢ ᠰᠡᠵᠢᠭᠯᠡᠭᠦᠯᠵᠦ ᠪᠠᠭᠤᠷᠠᠢ ᠫᠣᠯᠠᠨᠳ᠋ ᠢ᠋ ᠳᠠᠭᠠᠷᠢᠯᠲᠠ ᠪᠠᠷ ᠤᠷᠢᠳᠴᠢᠯᠠᠨ ᠰᠥᠨᠥᠭᠡᠵᠦ ᠵᠢᠴᠢ ᠬᠠᠩᠭᠠᠷᠢ ᠳ᠋ᠤᠷ ᠴᠤᠭᠯᠠᠷᠠᠰᠤᠭᠠᠢ ᠭᠡᠮᠡᠨ ᠪᠠᠲᠤ ᠬᠠᠨ ᠪᠣᠳᠣᠵᠤ ᠲᠣᠭᠲᠠᠭᠠᠳ ᠡᠪᠦᠭᠡᠨ ᠵᠠᠩᠵᠤᠨ ᠰᠥᠪᠡᠭᠡᠲᠡᠢ ᠪᠠᠭᠠᠲᠤᠷ ᠲᠤᠷ ᠨᠠᠢ᠍ᠮᠠᠨ ᠲᠦᠮᠡᠨ ᠴᠡᠷᠢᠭ ᠥᠭᠴᠦ ᠬᠣᠷᠢᠨ ᠲᠦᠮᠡ ᠭᠡᠮᠡᠨ ᠠᠯᠳᠠᠷᠰᠢᠭᠤᠯᠤᠨ ᠰᠢᠭᠤᠳ ᠬᠠᠩᠭᠠᠷᠢ ᠳ᠋ᠤᠷ ᠣᠷᠣᠵᠤ ᠪᠤᠲᠠ -  ᠫᠧᠱᠲ᠋ᠤ ᠬᠣᠲᠠ ᠣᠢᠷᠠᠲᠤᠵᠤ ᠪᠠᠭᠤᠳᠠᠯᠯᠠᠭᠠᠳ ᠰᠦᠷᠳᠡᠭᠦᠯᠵᠦ ᠫᠤᠯᠠᠡᠳ᠋ ᠲᠦ᠍ᠷ ᠴᠡᠷᠢᠭ ᠲᠤᠰᠠᠯᠠᠬᠤ ᠭᠣᠷᠢ ᠶ᠋ᠢ ᠠᠨᠤ ᠲᠠᠰᠤᠯᠵᠤ ᠴᠢᠳᠠᠪᠠᠰᠤ ᠳᠠᠷᠤᠢ ᠲᠡᠷᠢᠭᠦᠨ ᠭᠠᠪᠢᠶ᠎ᠠ ᠭᠡᠮᠡᠨ ᠶᠠᠪᠤᠭᠤᠯᠤᠭᠠᠳ ᠪᠠᠰᠠ ᠤᠷᠳᠠ ᠬᠠᠨ ᠂ ᠰᠢᠪᠠᠨ ᠬᠠᠨ ᠂ ᠬᠠᠳᠠᠨ ᠬᠠᠨ ᠢ᠋ ᠳᠠᠭᠤᠳᠠᠨ ᠲᠤᠰ ᠲᠤᠰ ᠭᠠᠪᠰᠢᠭᠠᠢ ᠴᠡᠷᠢᠭ ᠲᠦᠮᠡ ᠥᠭᠴᠦ ᠬᠠᠩᠭᠠᠷᠢ ᠳ᠋ᠤᠷ ᠭᠤᠷᠪᠠᠨ ᠵᠠᠮ ᠢ᠋ᠶ᠋ᠠᠷ ᠳᠠᠷᠤᠨ ᠣᠷᠣᠵᠤ ᠮᠠᠨ ᠤ᠋ ᠴᠡᠷᠢᠭ ᠦ᠋ᠨ ᠭᠣᠣᠯ ᠬᠦᠴᠦᠨ ᠬᠠᠮᠢᠭ᠎ᠠ ᠪᠣᠢ ᠶ᠋ᠢ ᠳᠠᠢᠰᠤᠨ ᠳ᠋ᠤᠷ ᠮᠡᠳᠡᠭᠳᠡᠬᠦ ᠦᠭᠡᠢ ᠪᠣᠯᠭᠠᠲᠤᠭᠠᠢ ᠭᠡᠮᠡᠨ ᠶᠠᠪᠤᠭᠤᠯᠪᠠ᠃ 
       ᠪᠠᠰᠠ ᠬᠠᠢᠳᠤ ᠬᠠᠨ ᠂ ᠪᠠᠢᠳᠠᠷ ᠬᠠᠨ ᠂ ᠬᠤᠯᠤᠭᠤ ᠬᠠᠨ ᠫᠣᠯᠠᠨᠳ᠋ ᠢ᠋ ᠪᠠᠢᠯᠳᠤᠬᠤ ᠬᠣᠰᠢᠭᠤᠴᠢ ᠪᠣᠯᠭᠠᠨ ᠲᠤᠰ ᠪᠦᠷᠢ ᠬᠦᠨᠳᠦ ᠬᠤᠶᠠᠭᠲᠤ ᠮᠣᠷᠢᠲᠤ ᠴᠡᠷᠢᠭ ᠲᠦᠮᠡ ᠶ᠋ᠢ ᠠᠪᠴᠤ ᠭᠤᠷᠪᠠᠨ ᠵᠠᠮ ᠢ᠋ᠶ᠋ᠠᠷ ᠴᠥᠮᠥᠷᠡᠨ ᠣᠷᠣᠵᠤ ᠰᠢᠷᠦᠭᠦᠨ ᠳᠠᠭᠠᠷᠢᠯᠲᠠ ᠬᠢᠵᠦ ᠲᠣᠯᠣᠭᠠᠢ ᠰᠡᠭᠦᠯ ᠢ᠋ᠶ᠋ᠡᠨ ᠬᠠᠮᠠᠭᠠᠯᠠᠵᠤ ᠴᠢᠳᠠᠬᠤ ᠦᠭᠡᠢ ᠪᠣᠯᠭᠠᠲᠤᠭᠠᠢ ᠭᠡᠮᠡᠨ ᠮᠣᠷᠳᠠᠭᠤᠯᠤᠭᠠᠳ ᠪᠠᠲᠤ ᠬᠠᠨ ᠠᠷᠪᠠᠨ ᠲᠦᠮᠡᠨ ᠴᠡᠷᠢᠭ ᠠᠪᠴᠤ ᠠᠷᠤ ᠲᠦᠰᠢᠭ ᠪᠣᠯᠵᠤ ᠠᠯᠭᠤᠷ ᠬᠥᠳᠡᠯᠪᠡ᠃  ᠰᠦᠪᠡᠭᠡᠳᠡᠢ ᠪᠠᠭᠠᠲᠤᠷ ᠪᠠᠲᠤ ᠬᠠᠨ ᠤ᠋ ᠰᠠᠨᠳᠤᠷᠬᠤ ᠶ᠋ᠢ ᠮᠡᠳᠡᠵᠦ ᠰᠠᠭᠠᠳ ᠦᠭᠡᠢ ᠮᠣᠷᠳᠠᠭᠠᠳ ᠰᠢᠭᠤᠳ ᠺᠠᠷᠫᠢᠲ ᠨᠢᠷᠤᠭᠤ ᠶ᠋ᠢ ᠳᠠᠪᠠᠵᠤ ᠣᠷᠣᠰ ᠬᠠᠭᠠᠯᠭ᠎ᠠ ( ᠪᠣᠭᠣᠮᠲᠠ ) ᠪᠠᠷ ᠰᠢᠪᠲᠤᠯᠤᠨ ᠣᠷᠣᠵᠤ ᠰᠠᠶᠣ᠋ ᠭᠣᠣᠯ ᠤ᠋ᠨ ᠵᠡᠭᠦᠨ ᠡᠷᠭᠢ ᠶ᠋ᠢ ᠳᠠᠭᠠᠵᠤ ᠠᠯᠭᠤᠷ ᠢ᠋ᠶ᠋ᠠᠷ ᠣᠷᠣᠭᠤᠳᠠᠯᠠᠨ ᠫᠧᠱᠲ᠋ᠤ -  ᠺᠤᠯᠠᠨ ᠢ᠋ ᠬᠠᠪᠢᠳᠠᠵᠤ ᠪᠠᠭᠤᠳᠠᠯᠯᠠᠭᠠᠳ ᠡᠳᠦᠷ ᠪᠦᠷᠢ ᠴᠡᠷᠢᠭ ᠭᠠᠷᠭᠠᠨ ᠰᠦᠷᠳᠡᠭᠦᠯᠵᠦ ᠲᠦᠢᠪᠡᠭᠡᠮᠦᠢ᠃ 
       ᠲᠡᠳᠦᠢ ᠳ᠋ᠦ᠍ᠷ ᠫᠣᠯᠠᠨᠳ᠋ ᠸᠠᠩ  ᠪᠧᠯᠧᠰᠯᠤᠧ ᠂ ᠳ᠋ᠢᠪᠸᠯᠸᠳ᠋ ᠬᠦᠩ ᠬᠠᠩᠭᠠᠷᠢ ᠯᠤᠭ᠎ᠠ ᠬᠠᠷᠢᠯᠴᠠᠨ ᠲᠤᠰᠠᠯᠠᠯᠴᠠᠬᠤ ᠬᠡᠯᠡᠯᠴᠡᠭᠡᠷ ᠦ᠋ᠨ ᠪᠦᠲᠦᠮᠵᠢ ᠶ᠋ᠢ ᠥᠭᠦᠯᠡᠵᠦ ᠤᠳᠠᠬᠤ ᠦᠭᠡᠢ ᠲᠤᠰᠠᠯᠠᠬᠤ ᠴᠡᠷᠢᠭ ᠬᠦᠷᠴᠦ ᠢᠷᠡᠮᠦᠢ ᠭᠡᠮᠡᠨ ᠡᠵᠡᠨ ᠲᠦᠰᠢᠮᠡᠳ ᠴᠥᠮ ᠪᠠᠶᠠᠰᠤᠯᠴᠠᠨ ᠵᠣᠷᠢᠭ ᠣᠷᠣᠵᠤ ᠪᠠᠰᠠ ᠵᠦᠭ ᠵᠦᠭ ᠡᠴᠡ ᠴᠡᠷᠢᠭ ᠮᠣᠷᠢ ᠡᠯᠰᠡᠵᠦ ᠰᠠᠭᠤᠬᠤ ᠠᠵᠢ᠃ ᠲᠡᠳᠦᠢ ᠳ᠋ᠦ᠍ᠷ ᠫᠣᠯᠠᠨᠳ᠋ ᠤ᠋ᠨ ᠺᠸᠯᠡᠺᠸᠸᠨ ᠦ᠌ ᠨᠣᠶᠠᠨ ᠸᠯᠠᠳᠢᠮᠢᠷ ᠤᠤᠯ ᠠ᠋ᠴᠠ ᠤᠯᠤᠰ ᠲᠠᠭᠠᠨ ᠪᠠᠭᠠᠲᠤᠷ ᠴᠤᠤ ᠲᠠᠢ ᠪᠥᠭᠡᠳ ᠪᠣᠷᠤᠬᠠᠢ ᠮᠢᠩᠭᠠᠨ ᠢ᠋ ᠬᠣᠶᠠᠷ ᠳᠠᠬᠢᠨ ᠭᠠᠴᠠᠭᠠᠭᠰᠠᠨ ᠢ᠋ᠶ᠋ᠠᠷ ᠨᠡᠷ᠎ᠡ ᠰᠦᠷ ᠤᠯᠠᠮ ᠨᠡᠮᠡᠭᠳᠡᠵᠦ ᠡᠳᠦᠭᠡ ᠪᠠᠰᠠ ᠭᠤᠷᠪᠠᠨ ᠲᠦᠮᠡᠨ ᠰᠢᠯᠢᠳᠡᠭ ᠴᠡᠷᠢᠭ ᠨᠡᠮᠡᠵᠦ ᠰᠢᠨ᠎ᠡ ᠬᠠᠭᠤᠴᠢᠨ ᠲᠠᠢ  ᠪᠠᠨ ᠨᠡᠢᠯᠡᠭᠡᠳ ᠳᠣᠯᠣᠭᠠᠨ ᠲᠦᠮᠡᠨ ᠦ᠌ ᠣᠯᠠᠨ ᠲᠠᠢ ᠪᠣᠯᠤᠭᠰᠠᠨ ᠲᠤᠯᠠ᠂ ᠠᠭᠤᠷ ᠣᠮᠣᠭ ᠤᠯᠠᠮ ᠶᠡᠬᠡᠳᠴᠦ ᠪᠡᠬᠢᠯᠡᠨ ᠰᠠᠬᠢᠬᠤ ᠪᠡᠯᠡᠳᠬᠡᠯ ᠢ᠋ᠶ᠋ᠡᠨ ᠴᠦ᠍ ᠳᠡᠮᠡᠢ ᠬᠡᠷᠡᠭ ᠲᠦ᠍ᠷ ᠪᠣᠳᠣᠬᠤ ᠦᠭᠡᠢ ᠪᠣᠯᠵᠤ ᠰᠡᠩᠲ᠋ᠤᠸᠸᠮᠢᠷ ᠬᠠᠪᠢ ᠶ᠋ᠢᠨ ᠠᠭᠤᠯᠠᠨ ᠤ᠋ ᠵᠡᠪᠡ ᠳ᠋ᠦ᠍ᠷ ᠬᠣᠷᠢᠭᠳᠠᠵᠤ ᠰᠠᠭᠤᠬᠤ ᠪᠣᠷᠣᠬᠠᠢ ᠨᠠᠷ ᠤ᠋ᠨ ᠴᠡᠷᠢᠭ ᠢ᠋ ᠬᠠᠪᠴᠢᠨ ᠴᠣᠬᠢᠵᠤ ᠰᠥᠨᠥᠭᠡᠰᠦᠭᠡᠢ ᠭᠡᠮᠡᠨ ᠰᠡᠩᠲ᠋ᠤᠸᠸᠮᠢᠷ ᠢ᠋ ᠰᠠᠬᠢᠬᠤ ᠵᠠᠩᠵᠤᠨ ᠯᠤᠭ᠎ᠠ ᠵᠥᠪᠳᠡᠵᠦ ᠲᠦᠮᠡᠨ ᠴᠡᠷᠢᠭ ᠠᠪᠴᠤ ᠺᠸᠯᠡᠺᠸᠸᠨ ᠡᠴᠡ ᠪᠡᠨ ᠭᠠᠷᠴᠤ ᠢᠷᠡᠭᠡᠳ ᠶᠡᠬᠡ ᠵᠠᠮ ᠪᠠᠷᠢᠵᠤ ᠰᠡᠷᠡᠮᠵᠢ ᠦᠭᠡᠢ ᠶᠠᠪᠤᠵᠤ ᠠᠲᠠᠯ᠎ᠠ ᠨᠢᠭᠡᠨ ᠠᠩᠭᠢ ᠴᠡᠷᠢᠭ ᠲᠡᠭᠷᠢ ᠡᠴᠡ ᠪᠠᠭᠤᠭᠰᠠᠨ ᠮᠡᠲᠦ ᠠᠷᠤ ᠥᠪᠥᠷ ᠡᠴᠡ ᠬᠤᠮᠢᠵᠤ ᠢᠷᠡᠮᠦᠢ᠃ ᠸᠯᠠᠳᠢᠮᠢᠷ ᠶᠡᠬᠡᠳᠡ ᠰᠣᠴᠢᠵᠤ ᠴᠡᠷᠢᠭ ᠢ᠋ᠶ᠋ᠡᠨ ᠵᠢᠭᠰᠠᠭᠠᠵᠤ ᠠᠮᠵᠢᠭᠰᠠᠨ ᠦᠭᠡᠢ ᠪᠡᠷ ᠳᠠᠷᠤᠢ ᠴᠠᠪᠴᠢᠯᠳᠤᠪᠠ᠃ ᠦᠵᠡᠰᠡ! ᠡᠨᠡ ᠬᠠᠷᠢᠨ ᠪᠠᠲᠤ ᠬᠠᠨ ᠤ᠋ ᠵᠠᠷᠯᠢᠭ ᠢ᠋ᠶ᠋ᠠᠷ ᠰᠡᠩᠲ᠋ᠤᠸᠸᠮᠢᠷ ᠬᠣᠲᠠ ᠶ᠋ᠢ ᠴᠢᠭᠯᠡᠵᠦ ᠶᠠᠪᠤᠬᠤ ᠪᠠᠢᠳᠠᠷ ᠬᠠᠨ ᠤ᠋ ᠨᠢᠭᠡᠨ ᠰᠠᠯᠠᠭ᠎ᠠ ᠴᠡᠷᠢᠭ ᠪᠣᠯᠠᠢ᠃ ᠪᠠᠢᠳᠠᠷ ᠬᠠᠨ ᠳᠠᠢᠰᠤᠨ ᠤ᠋ ᠲᠡᠷᠢᠭᠦᠯᠡᠭᠴᠢ ᠵᠠᠩᠵᠤᠨ ᠢ᠋ ᠦᠵᠡᠪᠡᠰᠦ ᠪᠡᠶ᠎ᠡ ᠥᠨᠳᠥᠷ ᠂ ᠴᠢᠷᠠᠢ ᠤᠯᠠᠪᠲᠤᠷ ᠂ ᠰᠠᠬᠠᠯ ᠦᠰᠦ ᠵᠤᠵᠠᠭᠠᠨ ᠮᠠᠰᠢ ᠰᠦᠷ ᠭᠡᠷᠡᠯ ᠲᠡᠢ᠃ ᠳᠠᠮ ᠢᠯᠳᠦ ᠬᠡᠷᠡᠭᠯᠡᠮᠦᠢ᠃ ᠪᠠᠢᠳᠠᠷ ᠬᠠᠨ ᠶᠡᠬᠡ ᠳᠠᠭᠤᠨ ᠢ᠋ᠶ᠋ᠠᠷ ᠄《 ᠳᠠᠢᠰᠤᠨ ᠤ᠋ ᠵᠠᠩᠵᠤᠨ ᠨᠡᠷ᠎ᠡ ᠪᠡᠨ ᠮᠡᠳᠡᠭᠦᠯᠵᠦ ᠪᠠᠭᠤᠵᠤ ᠥᠭᠬᠦ ᠦᠭᠡᠢ ᠶᠠᠮᠪᠠᠷ ᠴᠠᠭ ᠢ᠋ ᠬᠦᠯᠢᠶᠡᠮᠦᠢ !》 ᠭᠡᠮᠡᠨ ᠵᠠᠩᠳᠤᠷᠪᠠᠰᠤ ᠸᠯᠠᠳᠢᠮᠢᠷ ᠮᠣᠩᠭᠣᠯ ᠤ᠋ᠨ ᠲᠡᠷᠢᠭᠦᠯᠡᠭᠴᠢ ᠵᠠᠩᠵᠤᠨ ᠵᠠᠯᠠᠭᠤ ᠪᠥᠭᠡᠳ ᠠᠯᠲᠠ ᠬᠠᠰ ᠡᠳ᠋ᠯᠡᠵᠦ ᠣᠯᠠᠨ ᠴᠠᠬᠢᠷᠠᠭ ᠡᠷᠡᠰ ᠬᠠᠮᠠᠭᠠᠯᠠᠵᠤ ᠶᠠᠪᠤᠬᠤ ᠲᠤᠯᠠ ᠪᠠᠲᠤ ᠬᠠᠨ ᠪᠤᠰᠤ ᠪᠣᠯᠪᠠᠴᠤ ᠯᠠᠪ ᠬᠠᠨ ᠤ᠋ ᠤᠭᠰᠠᠭ᠎ᠠ ᠭᠡᠮᠡᠨ ᠮᠡᠳᠡᠵᠦ᠂ ᠡᠭᠦᠨ ᠢ᠋ ᠪᠠᠷᠢᠪᠠᠰᠤ ᠲᠦᠮᠡᠨ ᠴᠡᠷᠢᠭ ᠯᠦ᠍ᠭᠡ ᠲᠡᠩᠴᠡᠮᠦᠢ ᠭᠡᠮᠡᠨ ᠪᠣᠳᠣᠵᠤ ᠡᠷ᠎ᠡ ᠭᠠᠷᠭᠠᠨ ᠪᠠᠢᠳᠠᠷ ᠬᠠᠨ ᠢ᠋ ᠴᠢᠭᠯᠡᠨ ᠢᠷᠡᠪᠡᠰᠦ᠂  ᠪᠠᠢᠳᠠᠷ ᠬᠠᠨ ᠤ᠋ ᠰᠢᠳᠠᠷ ᠡᠷᠡᠰ ᠬᠠᠲᠠᠭᠤ ᠨᠤᠮᠤ ᠪᠠᠷ ᠬᠠᠷᠪᠤᠵᠤ ᠸᠯᠠᠳᠢᠮᠢᠷ ᠢ᠋ ᠣᠢᠷᠠᠲᠤᠭᠤᠯᠤᠭᠰᠠᠨ ᠦᠭᠡᠢ᠃ ᠣᠯᠠᠨ ᠴᠡᠷᠢᠭ ᠬᠠᠷᠢᠯᠴᠠᠨ ᠨᠠᠰᠢ ᠴᠠᠰᠢ ᠳᠠᠪᠬᠢᠯᠳᠤᠨ ᠴᠠᠪᠴᠢᠯᠳᠠᠬᠤᠢ ᠳ᠋ᠤᠷ ᠠᠭᠤᠯᠠ ᠶ᠋ᠢᠨ ᠠᠷᠤ ᠠ᠋ᠴᠠ ᠪᠠᠰᠠ ᠨᠢᠭᠡ ᠰᠠᠯᠠᠭ᠎ᠠ ᠴᠡᠷᠢᠭ ᠨᠢᠰᠬᠦ ᠮᠡᠲᠦ ᠬᠦᠷᠴᠦ ᠢᠷᠡᠨ ᠸᠯᠠᠳᠢᠮᠢᠷ ᠤ᠋ᠨ ᠴᠡᠷᠢᠭ ᠲᠦ᠍ᠷ ᠴᠠᠪᠴᠢᠨ ᠣᠷᠣᠵᠤ ᠬᠣᠨᠢ ᠶ᠋ᠢᠨ ᠰᠦᠷᠦᠭ ᠲᠣᠷ ᠪᠠᠭᠤᠭᠰᠠᠨ ᠴᠢᠨᠣ᠎ᠠ ᠰᠢᠭ᠋ ᠬᠥᠨᠳᠡᠯᠡᠨ ᠭᠤᠯᠳᠤ ᠪᠠᠷ ᠳᠠᠭᠠᠷᠢᠨ ᠬᠢᠳᠤᠬᠤᠢ ᠳ᠋ᠤᠷ ᠫᠣᠯᠠᠨᠳ᠋ ᠴᠡᠷᠢᠭ ᠠᠶᠤᠯᠳᠤᠨ ᠵᠠᠷᠯᠢᠭ ᠵᠢᠭᠠᠪᠤᠷᠢ ᠠᠪᠬᠤ ᠦᠭᠡᠢ ᠪᠣᠯᠵᠤ ᠰᠠᠷᠨᠢᠨ ᠪᠤᠷᠤᠭᠤᠯᠠᠪᠠ᠃ ᠪᠠᠢᠳᠠᠷ ᠬᠠᠨ ᠪᠤᠷᠤᠬᠠᠢ ᠨᠠᠷ ᠤ᠋ᠨ ᠴᠡᠷᠢᠭ ᠭᠡᠮᠡᠨ ᠲᠠᠨᠢᠭᠰᠠᠨ ᠪᠣᠯᠪᠠᠴᠤ ᠠᠰᠠᠭᠤᠵᠤ ᠮᠡᠳᠡᠬᠦ ᠴᠢᠯᠥᠭᠡ ᠦᠭᠡᠢ ᠮᠥᠨ ᠳᠠᠭᠠᠷᠢᠨ ᠬᠢᠳᠤᠵᠤ ᠮᠠᠰᠢ ᠣᠯᠠᠨ ᠠᠯᠠᠵᠤ ᠣᠯᠵᠠᠯᠠᠪᠠ ᠃ ᠸᠯᠠᠳᠢᠮᠢᠷ ᠴᠥᠭᠡᠨ ᠵᠠᠩᠵᠤᠨ ᠢ᠋ᠶ᠋ᠠᠨ ᠳᠠᠭᠠᠭᠤᠯᠤᠨ ᠺᠸᠯᠡᠺᠸᠸᠨ ᠡᠨᠳᠡᠭᠳᠡᠯ ᠭᠠᠷᠬᠤ ᠪᠣᠯᠪᠠᠤ ᠭᠡᠮᠡᠨ ᠪᠤᠴᠠᠵᠤ ᠳᠠᠪᠬᠢᠪᠠ ᠃ ᠮᠣᠩᠭᠣᠯᠴᠤᠳ ᠪᠠᠢᠳᠠᠯ ᠮᠡᠳᠡᠬᠦ ᠬᠡᠳᠦᠨ ᠬᠥᠮᠦᠨ ᠢ᠋ ᠣᠯᠵᠠᠯᠠᠵᠤ ᠠᠰᠠᠭᠤᠪᠠᠰᠤ ᠰᠡᠩᠲ᠋ᠤᠸᠸᠮᠢᠷ ᠤ᠋ᠨ ᠴᠡᠷᠢᠭ ᠯᠦ᠍ᠭᠡ ᠪᠣᠷᠤᠬᠠᠢ ᠨᠠᠷ ᠢ᠋ ᠬᠠᠪᠴᠢᠨ ᠪᠠᠢᠯᠳᠤᠬᠤ ᠪᠠᠷ ᠺᠸᠯᠡᠺᠸᠸᠨ ᠡᠴᠡ ᠢᠷᠡᠪᠡ ᠬᠡᠮᠡᠬᠦ ᠲᠤᠯᠠ ᠸᠯᠠᠳᠢᠮᠢᠷ ᠤ᠋ᠨ ᠲᠤᠭ ᠲᠡᠮᠳᠡᠭ ᠢ᠋ ᠡᠮᠦᠨ᠎ᠡ ᠪᠡᠨ ᠪᠠᠷᠢᠵᠤ ᠰᠡᠩᠲ᠋ᠤᠸᠸᠮᠢᠷ ᠬᠤᠳᠠᠨ᠎ᠠ ᠢᠷᠡᠵᠦ ᠡᠭᠦᠳᠡ ᠶ᠋ᠢ ᠮᠡᠬᠡᠯᠡᠨ ᠠᠪᠴᠤ ᠡᠵᠡᠯᠡᠪᠡ᠃ ᠬᠣᠲᠠ ᠶ᠋ᠢᠨ ᠴᠡᠷᠢᠭ ᠠᠷᠠᠳ ᠡᠰᠡᠷᠭᠦᠴᠡᠵᠦ ᠠᠮᠵᠢᠭᠰᠠᠨ ᠦᠭᠡᠢ ᠲᠤᠯᠠ ᠲᠡᠷᠢᠭᠦᠯᠡᠭᠴᠢ ᠬᠡᠳᠦᠨ ᠵᠠᠩᠵᠤᠨ ᠢ᠋ ᠴᠠᠪᠴᠢᠵᠤ ᠪᠤᠰᠤᠳ ᠢ᠋ ᠴᠥᠮ ᠳᠠᠭᠠᠭᠤᠯᠪᠠ᠃ 
       ᠪᠠᠢᠳᠠᠷ ᠬᠠᠨ ᠰᠡᠩᠲ᠋ᠤᠸᠸᠮᠢᠷ ᠬᠣᠲᠠ ᠶ᠋ᠢ ᠡᠵᠡᠯᠡᠭᠰᠡᠨ ᠦ᠌ ᠳᠠᠷᠠᠭ᠎ᠠ ᠪᠤᠷᠤᠬᠠᠢ ᠨᠠᠷ ᠢ᠋ ᠳᠠᠭᠤᠳᠠᠵᠤ ᠠᠰᠠᠭᠤᠪᠠᠰᠤ ᠺᠸᠯᠡᠺᠸᠸᠨ ᠦ᠌ ᠨᠣᠶᠠᠨ ᠸᠯᠠᠳᠢᠮᠢᠷ ᠪᠤᠷᠤᠬᠠᠢ ᠮᠢᠩᠭᠠᠨ ᠤ᠋ ᠪᠤᠴᠠᠬᠤ ᠵᠠᠮ ᠢ᠋ ᠪᠥᠭᠯᠡᠭᠰᠡᠨ ᠳ᠋ᠦ᠍ᠷ ᠪᠤᠷᠤᠬᠠᠢ ᠮᠢᠩᠭᠠᠨ ᠠᠮᠢ ᠭᠠᠷᠰᠤᠭᠠᠢ ᠭᠡᠮᠡᠨ ᠰᠡᠩᠲ᠋ᠤᠸᠸᠮᠢᠷ ᠬᠣᠲᠠ ᠶ᠋ᠢᠨ ᠵᠠᠮ ᠢ᠋ ᠪᠠᠷᠢᠵᠤ ᠪᠤᠷᠤᠭᠤᠯᠠᠪᠠ᠃ ᠸᠯᠠᠳᠢᠮᠢᠷ ᠲᠠᠯᠪᠢᠬᠤ ᠦᠭᠡᠢ ᠨᠡᠬᠡᠮᠵᠢᠯᠡᠨ ᠶᠠᠪᠤᠬᠤᠢ ᠳ᠋ᠤᠷ ᠪᠣᠯᠤᠲ᠋ᠡᠮᠥᠷ ᠂ ᠠᠷᠰᠯᠠᠨ ᠬᠣᠶᠠᠷ ᠮᠢᠩᠭᠠᠨ ᠰᠥᠪᠡᠭᠡᠳᠡᠢ ᠪᠠᠭᠠᠲᠤᠷ ᠤ᠋ᠨ ᠰᠤᠷᠭᠠᠭᠰᠠᠨ ᠢ᠋ᠶ᠋ᠠᠷ ᠺᠸᠯᠡᠺᠸᠸᠨ ᠢ᠋ ᠠᠪᠤᠷ᠎ᠠ ᠣᠴᠢᠬᠤᠢ ᠳ᠋ᠤᠷ ᠸᠯᠠᠳᠢᠮᠢᠷ ᠰᠠᠶᠢ ᠶᠠᠭᠠᠷᠠᠨ ᠪᠤᠴᠠᠪᠠ᠃ ᠲᠡᠢᠨ ᠬᠦ᠌ ᠪᠤᠯᠤᠲ᠋ᠡᠮᠥᠷ ᠠᠷᠰᠯᠠᠨ ᠬᠣᠶᠠᠷ ᠮᠢᠩᠭᠠᠨ ᠪᠤᠷᠤᠬᠠᠢ ᠮᠢᠩᠭᠠᠨ ᠤ᠋ ᠠᠷᠤ ᠠ᠋ᠴᠠ ᠬᠦᠷᠴᠦ ᠢᠷᠡᠭᠡᠳ ᠰᠡᠩᠲ᠋ᠤᠸᠸᠮᠢᠷ ᠢ᠋ ᠭᠡᠨᠡᠳᠡᠭᠦᠯᠦᠨ ᠴᠣᠬᠢᠰᠤᠭᠠᠢ ᠭᠡᠮᠡᠨ ᠶᠠᠪᠤᠬᠤᠢ ᠳ᠋ᠤᠷ ᠂ ᠰᠡᠩᠲ᠋ᠤᠸᠸᠮᠢᠷ  ᠠ᠋ᠴᠠ ᠺᠸᠯᠡᠺᠸᠸᠨ ᠵᠦᠭ ᠶᠠᠪᠤᠵᠤ ᠪᠠᠢᠭᠰᠠᠨ ᠴᠡᠷᠢᠭ ᠯᠦ᠍ᠭᠡ ᠰᠠᠨᠠᠭᠠᠨ ᠦᠭᠡᠢ ᠲᠣᠬᠢᠶᠠᠯᠳᠤᠭᠰᠠᠨ ᠳ᠋ᠤᠷ ᠵᠡᠷᠭᠡ ᠪᠡᠷ ᠄《ᠲᠠᠲ᠋ᠠᠷᠴᠤᠳ! ᠲᠠᠲ᠋ᠠᠷᠴᠤᠳ! 》 ᠭᠡᠮᠡᠨ ᠪᠠᠷᠬᠢᠷᠠᠯᠳᠤᠨ ᠰᠡᠩᠲ᠋ᠤᠸᠸᠮᠢᠷ ᠲᠠᠭᠠᠨ ᠪᠤᠴᠠᠪᠠ᠃ ᠰᠡᠩᠲ᠋ᠤᠸᠸᠮᠢᠷ ᠨᠢᠭᠡᠨᠲᠡ ᠪᠡᠯᠡᠳᠬᠡᠯ ᠲᠡᠢ ᠪᠣᠯᠤᠭᠰᠠᠨ ᠢ᠋ ᠮᠡᠳᠡᠵᠦ ᠠᠷᠭ᠎ᠠ ᠥᠬᠡᠢ ᠵᠡᠪᠡ ᠶ᠋ᠢᠨ ᠶᠡᠬᠡ ᠲᠣᠰᠬᠣᠨ ᠢ᠋ ᠡᠵᠡᠯᠡᠨ ᠠᠪᠴᠤ ᠴᠠᠢᠵᠠ ᠪᠠᠢᠭᠤᠯᠵᠤ ᠰᠠᠭᠤᠭᠠᠳ ᠶᠡᠬᠡ ᠴᠡᠷᠢᠭ ᠢ᠋ ᠬᠦᠯᠢᠶᠡᠪᠡ ᠭᠡᠮᠡᠨ ᠮᠡᠳᠡᠭᠦᠯᠦᠭᠰᠡᠨ ᠳ᠋ᠦ᠍ᠷ ᠪᠠᠢᠳᠠᠷ ᠬᠠᠨ ᠶᠡᠬᠡᠳᠡ ᠪᠠᠶᠠᠷᠯᠠᠵᠤ ᠡᠨᠡ ᠡᠳᠦᠷ ᠠᠷᠤ ᠠ᠋ᠴᠠ ᠢᠨᠦ ᠡᠰᠡ ᠳᠠᠭᠠᠷᠢᠭᠰᠠᠨ ᠪᠥᠭᠡᠰᠦ ᠮᠠᠨ ᠤ᠋ ᠴᠡᠷᠢᠭ ᠬᠣᠬᠢᠷᠠᠯ ᠠᠮᠰᠠᠮᠤᠢ ᠭᠡᠮᠡᠨ ᠬᠣᠲᠠ ᠶ᠋ᠢᠨ ᠠᠷᠠᠳ ᠢ᠋ᠶ᠋ᠠᠷ ᠬᠣᠲᠠ ᠶ᠋ᠢ ᠨᠤᠷᠠᠭᠠᠯᠭᠠᠨ ᠣᠷᠬᠢᠵᠤ ᠺᠸᠯᠡᠺᠸᠸᠨ ᠵᠦᠭ ᠮᠣᠷᠳᠠᠪᠠ᠃ 
       ᠥᠭᠦᠯᠡᠬᠦ ᠢᠨᠤ ᠫᠤᠯᠠᠨᠳ᠋ ᠤ᠋ᠨ ᠶᠡᠬᠡ ᠵᠠᠩᠵᠤᠨ ᠸᠠᠯᠲᠢᠮᠢᠷ ᠺᠸᠯᠡᠺᠸᠸᠨ ᠵᠦᠭ ᠪᠤᠷᠤᠭᠤᠯᠠᠨ ᠬᠦᠷᠴᠦ ᠢᠷᠠᠪᠠᠰᠤ ᠬᠠᠢᠳᠤ ᠬᠠᠨ ᠤ᠋ ᠴᠡᠷᠢᠭ ᠠᠷᠤ ᠠ᠋ᠴᠠ ᠲᠠᠭᠠᠯᠴᠠᠨ ᠬᠦᠷᠴᠦ ᠢᠷᠡᠭᠰᠡᠨ ᠳ᠋ᠦ᠍ᠷ ᠬᠣᠲᠠᠨ ᠳ᠋ᠠᠭᠠᠨ ᠣᠷᠣᠵᠤ ᠴᠢᠳᠠᠬᠤ ᠦᠭᠡᠢ ᠪᠦᠬᠦᠢ ᠳ᠋ᠦ᠍ᠷ ᠬᠣᠲᠠ ᠶ᠋ᠢᠨ ᠴᠢᠨᠠᠳᠤ ᠬᠤᠮᠠᠭ ᠲᠣᠭᠣᠰᠣ ᠶᠡᠬᠡᠳᠡ ᠮᠠᠨᠳᠤᠨ ᠪᠠᠰᠠ ᠨᠢᠭᠡᠨ ᠰᠠᠯᠠᠭ᠎ᠠ ᠶᠡᠬᠡ ᠴᠡᠷᠢᠭ ᠬᠦᠷᠴᠦ ᠢᠷᠡᠮᠦᠢ᠃ ᠣᠯᠠᠨ ᠴᠥᠭᠡᠨ ᠢ᠋ ᠮᠡᠳᠡᠬᠦ ᠠᠷᠭ᠎ᠠ ᠦᠭᠡᠢ᠃ ᠦᠵᠡᠲᠡᠯ᠎ᠡ ᠺᠸᠯᠡᠺᠸᠸᠨ ᠢ᠋ ᠰᠠᠬᠢᠵᠤ ᠪᠣᠯᠬᠤ ᠦᠭᠡᠢ ᠪᠣᠯᠤᠭᠰᠠᠨ ᠲᠤᠯᠠ ᠬᠣᠲᠠ ᠪᠠᠨ ᠲᠣᠭᠣᠷᠢᠨ ᠭᠠᠷᠬᠤᠢ ᠳ᠋ᠤᠷ ᠬᠣᠲᠠᠨ ᠤ᠋ ᠴᠡᠷᠢᠭ ᠢ᠋ᠶ᠋ᠡᠨ ᠳᠠᠯᠠᠯᠤᠨ ᠭᠠᠷᠭᠠᠵᠤ ᠯᠢᠭᠧᠨᠢᡁᠢ ᠵᠦᠭ ᠪᠤᠷᠤᠭᠤᠯᠠᠪᠠ᠃ ᠠᠢᠰᠤᠢ ᠴᠡᠷᠢᠭ ᠢᠨᠦ ᠬᠤᠯᠤᠭᠤ ᠬᠠᠨ ᠤ᠋ ᠨᠢᠭᠡᠨ ᠰᠠᠯᠠᠭ᠎ᠠ ᠪᠣᠯᠠᠢ᠃ 
       ᠬᠣᠲᠠ ᠰᠠᠬᠢᠬᠤ ᠴᠡᠷᠢᠭ ᠴᠥᠮ ᠪᠤᠷᠤᠭᠤᠯᠠᠭᠰᠠᠨ ᠲᠤᠯᠠ ᠬᠣᠲᠠ ᠶ᠋ᠢᠨ ᠠᠷᠠᠳ ᠬᠠᠭᠠᠯᠬ᠎ᠠ ᠪᠠᠨ ᠨᠡᠭᠡᠭᠡᠵᠦ ᠤᠭᠲᠤᠵᠤ ᠳᠠᠭᠠᠪᠠᠢ᠃ ᠲᠡᠢᠨ ᠬᠦ᠌ ᠠᠷᠠᠳ ᠲᠤᠷ ᠬᠣᠲᠠ ᠪᠠᠨ ᠨᠤᠷᠠᠭᠠᠭᠲᠤᠨ ᠭᠡᠮᠡᠨ ᠵᠠᠷᠯᠢᠭ ᠥᠭᠴᠦ ᠴᠥᠭᠡᠨ ᠴᠡᠷᠢᠭ ᠢ᠋ᠶ᠋ᠡᠷ ᠰᠠᠬᠢᠭᠤᠯᠵᠤ ᠂ ᠬᠠᠢᠳᠤ ᠂ ᠪᠠᠢᠳᠠᠷ ᠂ ᠬᠤᠯᠤᠭᠤ ᠭᠤᠷᠪᠠᠨ ᠵᠠᠮ ᠬᠤᠪᠢᠶᠠᠨ ᠸᠯᠠᠳᠢᠮᠢᠷ ᠢ᠋ ᠨᠡᠬᠡᠮᠵᠢᠯᠡᠨ ᠯᠢᠭᠧᠨᠢᡁᠢ ᠶ᠋ᠢ ᠴᠢᠭᠯᠡᠪᠡ᠃
       ᠬᠠᠢᠳᠤ ᠬᠠᠨ ᠰᠢᠯᠶ᠋ᠰᠢᠶ᠎ᠠ ᠶ᠋ᠢᠨ ᠵᠠᠮ ᠢ᠋ᠶ᠋ᠠᠷ ᠣᠷᠣᠵᠤ ᠳ᠋ᠧᠪᠠᠨᠢᠷ ᠭᠣᠣᠯ ᠤ᠋ᠨ ᠬᠥᠭᠥᠷᠭᠡ ᠶ᠋ᠢ ᠫᠤᠯᠠᠨᠴᠤᠳ ᠨᠢᠭᠡᠨᠲᠡ ᠡᠪᠳᠡᠭᠰᠡᠨ ᠲᠤᠯᠠ ᠤᠷᠤᠰᠬᠠᠯ ᠢ᠋ ᠳᠠᠭᠠᠵᠤ ᠤᠷᠤᠭᠤᠳᠠᠵᠤ ᠯᠠᠳᠢᠪᠧᠠᠷ ᠬᠠᠪᠢ ᠪᠠᠷ ᠣᠯᠣᠮ ᠪᠠᠷᠢᠵᠤ ᠰᠠᠯ ᠪᠤᠶᠤ ᠬᠦᠪᠦᠵᠦ ᠭᠡᠲᠦᠯᠪᠡ᠃ ᠰᠢᠯᠶ᠋ᠰᠢᠶ᠎ᠠ ᠬᠦᠩ ᠮᠢᠰᠰᠯᠤᠧ ᠪᠠᠢᠯᠳᠤᠭᠰᠠᠨ ᠦᠭᠡᠢ ᠪᠡᠷ ᠴᠡᠷᠢᠭ ᠢ᠋ᠶ᠋ᠡᠨ ᠠᠪᠴᠤ ᠯᠢᠭᠧᠨᠢᡁᠢ ᠳ᠋ᠦ᠍ᠷ ᠬᠧᠩᠯᠢ ᠬᠣᠶᠠᠳᠤᠭᠠᠷ ᠤ᠋ᠨ ᠴᠡᠷᠢᠭ ᠲᠦ᠍ᠷ ᠣᠴᠢᠵᠤ ᠨᠡᠢᠯᠡᠪᠡᠢ᠃ ᠲᠡᠢᠨ ᠬᠦ᠌ ᠬᠠᠢ᠍ᠳᠤ ᠬᠠᠨ ᠰᠢᠯᠶ᠋ᠰᠢᠶ᠎ᠠ ᠶ᠋ᠢᠨ ᠲᠥᠪ  ᠪᠦᠯᠧᠸ᠋ᠰᠯᠤᠧ ᠬᠦᠷᠴᠦ ᠢᠷᠡᠬᠦᠢ  ᠳ᠋ᠦ᠍ᠷ ᠬᠣᠲᠠ ᠶ᠋ᠢᠨ ᠠᠷᠠᠳ ᠡᠳ᠋ ᠬᠥᠷᠥᠩᠭᠡ ᠪᠡᠨ ᠮᠣᠩᠭᠣᠯᠴᠤᠳ ᠲᠤᠷ ᠥᠭᠬᠦ ᠦᠭᠡᠢ ᠭᠡᠮᠡᠨ ᠬᠣᠲᠠ ᠪᠠᠨ ᠭᠠᠯᠳᠠᠵᠤ ᠳᠣᠲᠣᠭᠠᠳᠤ ᠪᠡᠬᠢᠯᠡᠯᠲᠡ ᠳ᠋ᠡᠭᠡᠨ ᠣᠷᠣᠵᠤ ᠰᠠᠬᠢᠵᠤᠬᠤᠢ ! ᠬᠠᠢᠲᠤ ᠬᠠᠨ ᠪᠡᠬᠢᠯᠡᠯᠲᠡ ᠶ᠋ᠢ ᠡᠪᠳᠡᠰᠦᠭᠡᠢ ᠭᠡᠮᠡᠨ ᠪᠣᠬᠦᠢ ᠳ᠋ᠦ᠍ᠷ ᠯᠢᠭᠧᠨᠢᡁᠢ ᠶ᠋ᠢᠨ ᠶᠡᠬᠡ ᠪᠠᠢᠯᠳᠤᠭᠠᠨ ᠳ᠋ᠤᠷ ᠣᠷᠣᠯᠴᠠᠲᠤᠭᠠᠢ ᠭᠡᠮᠡᠨ ᠪᠠᠲᠤ ᠬᠠᠨ ᠵᠠᠷᠯᠢᠭ ᠬᠦᠷᠴᠦ ᠢᠷᠡᠪᠡ᠃
       ᠯᠢᠭᠧᠨᠢᡁᠢ ᠶ᠋ᠢᠨ ᠬᠦᠩ ᠭᠧᠩᠯᠢ ᠬᠣᠶᠠᠳᠤᠭᠠᠷ ᠤᠤᠯ ᠠ᠋ᠴᠠ ᠴᠡᠷᠢᠭ ᠮᠣᠷᠢᠨ ᠳ᠋ᠤᠷ ᠪᠣᠯᠪᠠᠰᠤᠷᠠᠩᠭᠤᠢ ᠪᠥᠭᠡᠳ ᠲᠠᠪᠤᠨ ᠲᠦᠮᠡᠨ ᠪᠣᠯᠪᠠᠰᠤᠷᠠᠩᠭᠤᠢ ᠰᠢᠯᠢᠳᠡᠭ ᠴᠡᠷᠢᠭ ᠪᠠᠢᠬᠤ ᠶ᠋ᠢᠨ ᠬᠠᠮᠲᠤ ᠬᠣᠲᠠ ᠠᠨᠤ ᠪᠠᠲᠤ ᠪᠡᠬᠢ ᠲᠤᠯᠠ ᠬᠥᠮᠦᠰ ᠴᠥᠮ ᠨᠠᠢᠳᠠᠭᠤᠰᠢᠲᠠᠢ ᠭᠡᠮᠡᠨ ᠡᠨᠳᠡ ᠴᠤᠭᠯᠠᠷᠠᠨ ᠢᠷᠡᠯᠴᠡᠪᠡ᠃ ᠫᠣᠯᠠᠨᠳ᠋ ᠸᠠᠩ  ᠪᠧᠯᠧᠰᠯᠤᠧ ᠪᠦᠬᠦ ᠴᠡᠷᠢᠭ ᠢ᠋ᠶ᠋ᠡᠨ ᠴᠥᠮ ᠭᠧᠩᠯᠢ ᠬᠣᠶᠠᠳᠤᠭᠠᠷ ᠲᠤᠷ ᠲᠤᠰᠢᠶᠠᠨ ᠥᠪᠡᠷᠦᠨ ᠪᠡᠶ᠎ᠡ ᠰᠠᠶᠢ ᠳᠡᠢᠯᠦᠭᠳᠡᠵᠦ ᠢᠷᠡᠭᠰᠡᠨ ᠸᠯᠠᠳᠢᠮᠢᠷ ᠤ᠋ᠨ ᠬᠠᠮᠲᠤ ᠯᠢᠭᠧᠨᠢᡁᠢ ᠬᠣᠲᠠᠨ ᠳ᠋ᠤᠷ ᠬᠣᠴᠣᠷᠴᠤ ᠰᠠᠬᠢᠪᠠ᠃ ᠭᠧᠩᠯᠢ ᠬᠣᠶᠠᠳᠤᠭᠠᠷ ᠡᠷᠡᠭᠴᠢᠨ ᠡᠮᠡᠭᠴᠢᠨ ᠢ ᠢᠯᠭᠠᠰᠤᠭᠠᠢ ᠭᠡᠮᠡᠨ ᠠᠷᠪᠠᠨ ᠲᠦᠮᠡᠨ ᠰᠢᠯᠢᠳᠡᠭ ᠴᠡᠷᠢᠭ ᠠᠪᠴᠤ ᠬᠣᠲᠠ ᠠ᠋ᠴᠠ ᠭᠤᠴᠢᠭᠠᠳ ᠭᠠᠵᠠᠷ ᠬᠣᠯᠠ ᠭᠠᠷᠴᠤ ᠨᠡᠢᠰ ᠭᠣᠣᠯ ᠤ᠋ᠨ ᠲᠦᠪᠰᠢᠨ ᠲᠠᠯ᠎ᠠ ᠳ᠋ᠤᠷ ᠲᠠᠪᠤᠨ ᠬᠦᠷᠢᠶ᠎ᠡ ᠬᠤᠪᠢᠶᠠᠨ ᠪᠠᠭᠤᠳᠠᠯᠯᠠᠪᠠ᠃ 
       ᠨᠢᠭᠡᠳᠦᠭᠡᠷ ᠬᠦᠷᠢᠶ᠎ᠡ ᠢᠨᠦ ᠭᠧᠷᠮᠠᠨᠴᠤᠳ ᠭᠣᠣᠯ ᠲᠠᠢ ᠭᠧᠯᠧᠳᠧᠪᠡᠷ ᠬᠠᠪᠢ ᠶ᠋ᠢᠨ ᠣᠯᠠᠨ ᠠᠭᠤᠷᠬᠠᠢ ᠶ᠋ᠢᠨ ᠠᠵᠢᠯᠴᠢᠨ ᠢ᠋ᠶ᠋ᠠᠷ ᠪᠦᠷᠢᠯᠳᠦᠭᠰᠡᠨ ᠦᠬᠦᠬᠦ ᠡᠴᠡ ᠦᠯᠦ ᠠᠶᠤᠬᠤ ᠡᠷᠡᠰ ᠬᠡᠮᠡᠮᠦ᠃ ᠪᠧᠯᠶᠧᠰᠯᠤᠧ ᠤᠳᠤᠷᠢᠳᠤᠪᠠ᠃ 
       ᠬᠣᠶᠠᠳᠤᠭᠠᠷ ᠬᠦᠷᠢᠶ᠎ᠡ ᠢᠨᠦ ᠺᠸᠯᠡᠺᠸᠸᠨ ᠡᠴᠡ ᠪᠤᠷᠤᠭᠤᠯᠠᠨ ᠭᠠᠷᠴᠤ ᠢᠷᠡᠭᠰᠡᠨ ᠰᠠᠢᠨ ᠡᠷᠡᠰ ᠢ᠋ᠶ᠋ᠡᠷ ᠪᠦᠷᠢᠯᠳᠦᠪᠡ᠃ ᠶᠡᠬᠡ ᠵᠠᠩᠵᠤᠨ ᠸᠯᠠᠳᠢᠮᠢᠷ ᠤ᠋ᠨ ᠳᠡᠭᠦᠦ ᠱᠤᠯᠢᠰᠯᠤᠧ ᠤᠳᠤᠷᠢᠳᠤᠪᠠ᠃ 
       ᠭᠤᠷᠪᠠᠳᠤᠭᠠᠷ ᠬᠦᠷᠢᠶ᠎ᠡ ᠢᠨᠦ ᠸᠸᠹᠸᠩ ᠂ ᠯᠠᠳᠢᠪᠧᠠᠷ ᠤ᠋ᠨ ᠴᠡᠷᠢᠭ ᠪᠠᠢᠵᠤ ᠮᠢᠰᠰᠯᠤᠧ ᠬᠦᠩ ᠪᠡᠶ᠎ᠡ ᠪᠡᠷ ᠤᠳᠤᠷᠢᠳᠤᠪᠠ᠃ 
       ᠳᠥᠷᠪᠡᠳᠦᠭᠡᠷ ᠬᠦᠷᠢᠶ᠎ᠡ ᠲᠢᠶᠦᠤᠳᠤᠨ ᠤ᠋ ᠮᠣᠷᠢᠲᠠᠨ ᠡᠷᠡᠰ ᠠᠵᠤᠭᠤ ᠃ ᠮᠣᠷᠢᠲᠠᠨ ᠢ᠋ ᠠᠬᠠᠯᠠᠭᠴᠢ ᠹᠸᠸᠹᠸᠸ ᠥᠪᠡᠷᠦᠨ ᠪᠡᠶ᠎ᠡ ᠪᠡᠷ ᠤᠳᠤᠷᠢᠳᠤᠪᠠ᠃ 
       ᠲᠠᠪᠤᠳᠤᠭᠠᠷ ᠬᠦᠷᠢᠶ᠎ᠡ ᠢᠨᠤ ᠫᠤᠯᠠᠨᠳ᠋ ᠪᠣᠯᠤᠨ ᠰᠢᠯᠶ᠋ᠰᠢᠶ᠎ᠠ ᠶ᠋ᠢᠨ ᠣᠮᠣᠭᠰᠢᠯ ᠠᠯᠳᠠᠷᠲᠠᠢ ᠬᠠᠮᠤᠭ ᠰᠢᠯᠢᠳᠡᠭ ᠴᠡᠷᠢᠭ ᠪᠠᠢᠵᠤ ᠣᠯᠠᠩᠬᠢ ᠠᠨᠤ ᠭᠧᠷᠮᠠᠨᠴᠤᠳ ᠪᠣᠯᠠᠢ᠃  ᠭᠧᠩᠯᠢ ᠬᠣᠶᠠᠳᠤᠭᠠᠷ ᠪᠡᠶ᠎ᠡ ᠪᠡᠷ ᠢ᠋ᠶ᠋ᠡᠨ ᠤᠳᠤᠷᠢᠳᠤᠪᠠ᠃ ᠦᠨᠡᠬᠡᠷ ᠴᠡᠷᠢᠭ ᠦ᠋ᠨ ᠬᠦᠷᠢᠶ᠎ᠡ ᠭᠤᠴᠢᠨ ᠭᠠᠵᠠᠷ ᠵᠠᠯᠭᠠᠯᠳᠤᠨ ᠰᠦᠷ ᠬᠦᠴᠦᠨ ᠬᠥᠷᠥᠰᠥᠲᠦ ᠠᠭᠤᠯᠠ ᠤᠰᠤᠲᠤ ᠮᠥᠷᠡᠨ ᠢ᠋ ᠳᠣᠯᠭᠢᠰᠤᠭᠤᠯᠵᠤ ᠂ ᠤᠨᠢᠶᠠᠷ ᠲᠣᠭᠣᠰᠣ ᠠᠭᠠᠷ ᠣᠭᠲᠠᠷᠭᠤᠢ ᠳ᠋ᠤᠷ ᠵᠠᠮᠬᠠᠷᠠᠨ ᠬᠠᠷ᠎ᠠ ᠡᠭᠦᠯᠡ ᠲᠡᠭᠷᠢ ᠶ᠋ᠢᠨ ᠬᠠᠶᠠᠭᠠᠨ ᠠ᠋ᠴᠠ ᠮᠠᠨᠳᠤᠵᠤ ᠬᠥᠮᠦᠨ ᠦ᠌ ᠰᠡᠳᠬᠢᠯ ᠵᠡᠷᠯᠢᠭᠰᠢᠵᠦ ᠠᠯᠠᠬᠤ ᠠᠭᠤᠷ ᠲᠠᠯ᠎ᠠ ᠶ᠋ᠢ ᠪᠦᠷᠬᠦᠪᠡ᠃ 
       ᠲᠡᠳᠦᠢ ᠳ᠋ᠦ᠍ᠷ ᠪᠠᠲᠤ ᠬᠠᠨ ᠤ᠋ ᠶᠡᠬᠡ ᠴᠡᠷᠢᠭ ᠨᠡᠢᠰ ᠭᠣᠣᠯ ᠤ᠋ᠨ ᠡᠬᠢᠨ ᠳ᠋ᠦ᠍ᠷ ᠪᠠᠭᠤᠳᠠᠯᠯᠠᠭᠠᠳ ᠬᠤᠯᠤᠭᠤ ᠂ ᠬᠠᠢᠳᠤ ᠂ ᠪᠠᠢᠳᠠᠷ ᠬᠣᠵᠢᠳ ᠤᠷᠢᠳ ᠬᠦᠷᠦᠯᠴᠡᠨ ᠢᠷᠡᠭᠰᠡᠨ ᠦ᠌ ᠳᠠᠷᠠᠭ᠎ᠠ ᠪᠠᠲᠤ ᠬᠠᠨ ᠳᠠᠷᠤᠢ ᠫᠤᠯᠠᠨᠳ᠋ ᠡᠵᠡᠨ ᠳ᠋ᠦ᠍ᠷ ᠡᠯᠴᠢ ᠶᠠᠪᠤᠭᠤᠯᠵᠤ ᠪᠠᠭᠤᠵᠤ ᠥᠭᠭᠦᠭᠲᠦᠨ ! ᠡᠰᠡᠪᠡᠰᠦ ᠴᠥᠮ ᠢ᠋ ᠬᠢᠳᠤᠮᠤᠢ ᠭᠡᠮᠡᠨ ᠱᠠᠭᠠᠷᠳᠠᠪᠠ᠃ ᠫᠤᠯᠠᠨᠳ᠋ ᠡᠵᠡᠨ ᠵᠠᠷᠯᠢᠭ ᠢ᠋ ᠦᠵᠡᠭᠡᠳ ᠶᠡᠬᠡᠳᠡ ᠠᠶᠤᠵᠤ ᠪᠠᠷᠢᠵᠤ ᠲᠠᠯᠪᠢᠬᠤ ᠪᠠᠨ ᠣᠯᠬᠤ ᠦᠭᠡᠢ ᠪᠣᠯᠪᠠ᠃ ᠭᠧᠩᠯᠢ ᠦᠵᠡᠭᠡᠳ ᠬᠦᠢᠲᠡᠨ ᠢ᠋ᠶ᠋ᠡᠷ ᠢᠨᠢᠶᠡᠨ ᠬᠢᠯᠢᠭᠯᠡᠵᠦ ᠥᠭᠦᠯᠡᠷᠦᠨ ᠄《ᠡᠷᠲᠡᠨ ᠡᠴᠡ ᠳᠠᠢᠰᠤᠨ ᠢᠷᠠᠪᠠᠰᠤ ᠴᠡᠷᠢᠭ ᠢ᠋ᠶ᠋ᠡᠷ ᠤᠰᠠᠳᠬᠠᠨ ᠦᠶᠡᠷ ᠢᠷᠠᠪᠠᠰᠤ ᠰᠢᠷᠣᠢ ᠪᠠᠷ ᠬᠠᠰᠢᠮᠤᠢ ᠬᠡᠮᠡᠬᠦ ᠪᠤᠰᠤ ᠤᠤ ? ᠶᠠᠭᠤᠨ ᠳ᠋ᠤᠷ ᠳᠠᠷᠤᠢ ᠠᠶᠤᠬᠤ ᠳ᠋ᠤᠷ ᠬᠦᠷᠪᠡᠢ!》 ᠭᠡᠮᠡᠨ ᠡᠯᠴᠢ ᠶ᠋ᠢ ᠴᠠᠪᠴᠢᠵᠤ ᠰᠦᠷ ᠦᠵᠡᠭᠦᠯᠵᠦ ᠡᠯᠴᠢ ᠶ᠋ᠢᠨ ᠳᠠᠭᠠᠭᠰᠠᠳ ᠲᠤᠷ ᠪᠠᠢᠯᠳᠤᠬᠤ ᠡᠳᠦᠷ ᠢ᠋ᠶ᠋ᠡᠨ ᠲᠣᠭᠲᠠᠭᠠᠨ ᠮᠡᠳᠡᠭᠳᠡᠲᠦᠭᠡᠢ ᠬᠡᠮᠡᠭᠰᠡᠨ ᠳ᠋ᠦ᠍ᠷ ᠺᠸᠯᠡᠺᠸᠸᠨ ᠦ᠌ ᠨᠣᠶᠠᠨ ᠸᠯᠠᠳᠢᠮᠢᠷ ᠬᠣᠷᠢᠭᠯᠠᠵᠤ ᠥᠭᠦᠯᠡᠷᠦᠨ ᠄《ᠮᠣᠩᠭᠣᠯᠴᠤᠳ ᠢ᠋ ᠬᠢᠯᠪᠠᠷ ᠢ᠋ᠶ᠋ᠠᠷ ᠦᠵᠡᠵᠦ ᠪᠣᠯᠬᠤ ᠦᠭᠡᠢ !  ᠪᠢᠳᠡ ᠬᠣᠲᠠ ᠪᠠᠨ ᠴᠢᠩᠳᠠᠯᠠᠨ ᠰᠠᠬᠢᠵᠤ ᠬᠠᠩᠭᠠᠷᠢ ᠶ᠋ᠢᠨ ᠲᠤᠰᠠᠯᠠᠬᠤ ᠴᠡᠷᠢᠭ ᠢ᠋ ᠬᠦᠯᠢᠶᠡᠬᠦ ᠢᠨᠦ ᠳᠡᠭᠡᠳᠦ ᠠᠷᠭ᠎ᠠ ᠪᠣᠯᠠᠢ᠃ ᠮᠣᠩᠭᠣᠯᠴᠤᠳ ᠬᠣᠯᠠ ᠠ᠋ᠴᠠ ᠢᠷᠡᠵᠦ ᠲᠦᠷᠭᠡᠨ ᠪᠠᠢᠯᠳᠤᠬᠤ ᠶ᠋ᠢ ᠰᠠᠨᠠᠬᠤ ᠲᠤᠯᠠ ᠪᠢᠳᠡ ᠤᠭᠲᠤᠨ ᠪᠠᠢᠯᠳᠤᠪᠠᠰᠤ ᠲᠡᠳᠡᠨ ᠦ᠌ ᠠᠷᠭᠠᠨ ᠳ᠋ᠤᠷ ᠣᠷᠣᠮᠤᠢ 》 ᠭᠡᠮᠡᠨ ᠬᠣᠷᠢᠭᠯᠠᠪᠠᠰᠤ ᠭᠧᠩᠯᠢ ᠬᠣᠶᠠᠳᠤᠭᠠᠷ ᠶᠡᠬᠡᠳᠡ ᠠᠭᠤᠷᠯᠠᠨ ᠰᠢᠷᠡᠭᠡ ᠠᠯᠠᠭᠠᠳᠠᠵᠤ ᠥᠭᠦᠯᠡᠷᠦᠨ ᠄《 ᠴᠢᠨᠦ ᠺᠸᠯᠡᠺᠸᠸᠨ ᠢ᠋ ᠰᠠᠬᠢᠭᠰᠠᠨ ᠠᠨᠤ ᠬᠠᠮᠢᠭ᠎ᠠ ᠪᠣᠢ ? ᠲᠠᠯᠠᠭᠠᠷ ᠵᠠᠩᠵᠤᠨ ᠴᠡᠷᠢᠭ ᠢ᠋ ᠰᠦᠢᠳᠬᠡᠵᠦ ᠬᠣᠲᠠ ᠪᠠᠨ ᠠᠯᠳᠠᠭᠠᠳ ᠡᠳᠦᠭᠡ ᠪᠠᠰᠠ ᠳᠠᠢᠰᠤᠨ ᠢ᠋ ᠡᠷᠭᠦᠵᠦ ᠥᠪᠡᠷ ᠦ᠋ᠨ ᠴᠡᠷᠢᠭ ᠦ᠋ᠨ ᠰᠦᠷ ᠢ᠋ ᠳᠠᠷᠤᠬᠤ ᠠᠨᠤ ᠶᠠᠭᠤᠨ! 》 ᠬᠡᠮᠡᠭᠰᠡᠨ ᠳ᠋ᠦ᠍ᠷ ᠳᠡᠢᠯᠦᠭᠳᠡᠭᠰᠡᠨ ᠵᠠᠩᠵᠤᠨ ᠢ᠋ ᠡᠷ᠎ᠡ ᠬᠡᠮᠡᠬᠦ ᠦᠭᠡᠢ ᠬᠡᠮᠡᠭᠰᠡᠨ ᠢ᠋ᠶ᠋ᠡᠷ ᠸᠯᠡᠳᠢᠮᠢᠷ ᠦᠭᠡ ᠬᠠᠭᠠᠭᠳᠠᠪᠠ᠃ ᠫᠣᠯᠠᠨᠳ᠋ ᠤ᠋ᠨ ᠡᠵᠡᠨ ᠬᠡᠷᠬᠢᠬᠦ ᠶ᠋ᠢ ᠲᠠᠰᠤᠯᠵᠤ ᠴᠢᠳᠠᠬᠤ ᠦᠭᠡᠢ ᠪᠦᠬᠦᠢ ᠳ᠋ᠦ᠍ᠷ ᠭᠧᠩᠯᠢ ᠬᠦᠩ ᠵᠠᠩᠳᠤᠷᠴᠤ ᠡᠯᠴᠢ ᠶ᠋ᠢ ᠴᠠᠪᠴᠢᠭᠤᠯᠵᠤ ᠳᠠᠭᠠᠭᠰᠠᠳ ᠲᠤᠷ ᠭᠤᠷᠪᠠᠨ ᠡᠳᠦᠷ ᠦ᠋ᠨ ᠳᠠᠷᠠᠭ᠎ᠠ ᠨᠡᠢᠰ ᠭᠣᠣᠯ ᠤ᠋ᠨ ᠲᠦᠪᠰᠢᠨ ᠲᠠᠯ᠎ᠠ ᠳ᠋ᠤᠷ ᠪᠠᠢᠯᠳᠤᠰᠤᠭᠠᠢ ᠭᠡᠮᠡᠨ ᠪᠣᠯᠵᠣᠭᠠᠯᠠᠨ ᠡᠯᠴᠢ ᠶ᠋ᠢᠨ ᠲᠡᠷᠢᠭᠦᠨ ᠢ᠋ ᠥᠭᠴᠦ ᠶᠠᠪᠤᠭᠤᠯᠪᠠ᠃ 
       ᠪᠠᠲᠤ ᠬᠠᠨ ᠡᠯᠴᠢ ᠶ᠋ᠢᠨ ᠳᠠᠭᠠᠭᠰᠠᠳ ᠤ᠋ᠨ ᠦᠭᠡ ᠶ᠋ᠢ ᠰᠣᠨᠣᠰᠴᠤ ᠥᠭᠦᠯᠡᠷᠦᠨ ᠄ 《 ᠭᠧᠩᠯᠢ ᠬᠦᠩ ᠬᠠᠷᠢᠨ ᠬᠥᠩᠭᠡᠨ ᠬᠠᠭᠤᠳᠠᠮ ᠬᠥᠮᠦᠨ ᠪᠣᠯᠤᠯᠲᠠᠢ᠃ ᠨᠢᠭᠡᠨ ᠡᠯᠴᠢ ᠶ᠋ᠢ ᠦᠯᠦ ᠪᠠᠭᠲᠠᠭᠠᠬᠤ ᠪᠥᠭᠡᠲᠡᠯ᠎ᠡ ᠪᠤᠰᠤᠳ ᠢ᠋ ᠨᠡᠩ ᠶᠠᠭᠤᠨ ᠥᠭᠦᠯᠡᠬᠦ ᠠᠵᠢ᠃ ᠪᠢᠳᠡ ᠲᠡᠭᠦᠨ ᠢ᠋ ᠬᠥᠭᠡᠷᠦᠭᠦᠯᠵᠦ ᠠᠭᠠᠳ ᠲᠠᠢᠯᠵᠤ ᠪᠣᠯᠤᠮᠤᠢ᠃ ᠲᠡᠷᠡ ᠬᠡᠷᠪᠡ ᠸᠯᠠᠳᠢᠮᠢᠷ ᠤ᠋ᠨ ᠦᠭᠡ ᠶ᠋ᠢ ᠠᠪᠤᠭᠰᠠᠨ ᠪᠥᠭᠡᠰᠦ ᠮᠠᠨ ᠤ᠋ ᠵᠠᠮ ᠳ᠋ᠤᠷ ᠬᠠᠷᠢᠨ ᠨᠡᠯᠢᠶᠡᠳ ᠰᠠᠭᠠᠳ ᠪᠣᠯᠬᠤ ᠪᠣᠯᠠᠢ 》 ᠭᠡᠮᠡᠨ ᠵᠠᠩᠵᠤᠨ ᠴᠡᠷᠢᠭ ᠲᠡᠭᠡᠨ ᠲᠤᠰ ᠲᠤᠰ ᠠᠷᠭ᠎ᠠ ᠰᠤᠷᠭᠠᠵᠤ ᠶᠠᠪᠤᠭᠤᠯᠤᠭᠠᠳ ᠥᠪᠡᠷ ᠦ᠋ᠨ ᠪᠡᠶ᠎ᠡ ᠢᠨᠣ ᠲᠠᠪᠤᠨ ᠮᠢᠩᠭᠠᠨ ᠰᠢᠳᠠᠷ ᠴᠡᠷᠢᠭ ᠢ᠋ᠶ᠋ᠡᠨ ᠠᠪᠴᠤ ᠮᠣᠷᠳᠠᠪᠠ᠃ 
       ᠭᠤᠷᠪᠠᠨ ᠡᠳᠦᠷ ᠦ᠋ᠨ ᠳᠠᠷᠠᠭ᠎ᠠ ᠬᠣᠶᠠᠷ ᠤᠯᠤᠰ ᠤ᠋ᠨ ᠴᠡᠷᠢᠭ ᠨᠡᠢᠰ ᠭᠣᠣᠯ ᠤ᠋ᠨ ᠲᠦᠪᠰᠢᠨ ᠲᠠᠯ᠎ᠠ ᠳ᠋ᠤᠷ ᠪᠣᠯᠵᠣᠭ᠎ᠠ ᠶ᠋ᠢᠨ ᠶᠣᠰᠣ ᠪᠠᠷ ᠬᠦᠷᠦᠯᠴᠡᠨ ᠢᠷᠡᠵᠦ ᠵᠢᠭᠰᠠᠭᠠᠪᠠ᠃ ᠭᠧᠩᠯᠢ ᠬᠦᠩ ᠦ᠋ᠨ ᠴᠡᠷᠢᠭ ᠬᠤᠷᠴᠠ ᠂ ᠮᠣᠷᠢ ᠥᠨᠳᠥᠷ ᠂ ᠵᠢᠭᠰᠠᠭᠠᠯ ᠴᠢᠩᠭ᠎ᠠ ᠲᠡᠭᠰᠢ ᠂ ᠲᠤᠭ ᠬᠢᠭᠢᠷᠢ ᠰᠢᠨ᠎ᠡ ᠥᠩᠭᠡᠯᠢᠭ ᠂ ᠮᠠᠰᠢ ᠰᠦᠷ ᠦᠵᠡᠮᠵᠢᠲᠡᠢ᠃ ᠮᠣᠩᠭᠣᠯᠴᠤᠳ ᠤ᠋ᠨ ᠵᠢᠭᠰᠠᠭᠠᠯ ᠢ᠋ ᠦᠵᠡᠪᠡᠰᠦ ᠬᠥᠭᠰᠢᠨ ᠪᠠᠭᠤᠷᠠᠢ ᠪᠥᠭᠡᠳ ᠬᠤᠶᠠᠭ ᠪᠣᠢ ᠪᠥᠭᠡᠰᠦ ᠳᠤᠭᠤᠯᠠᠭ᠎ᠠ ᠦᠭᠡᠢ᠃ ᠲᠤᠭ ᠳᠠᠯᠪᠠᠭ᠎ᠠ ᠬᠠᠭᠤᠴᠢᠷᠠᠨ ᠤᠷᠠᠭᠳᠠᠵᠤ ᠂ ᠵᠢᠭᠰᠠᠭᠠᠯ ᠡᠩᠨᠡᠭᠡ ᠦᠭᠡᠢ ᠬᠡᠰᠡᠭ ᠪᠣᠰᠤᠭ ᠪᠥᠭᠡᠮᠨᠡᠷᠡᠨ ᠵᠣᠭᠰᠣᠯᠴᠠᠵᠤ ᠲᠡᠢᠨ  ᠪᠠᠢᠯᠳᠤᠭᠠᠨ ᠳ᠋ᠤᠷ ᠶᠠᠪᠤᠭ᠎ᠠ ᠪᠤᠰᠤ ᠬᠠᠷᠢᠨ ᠬᠤᠷᠢᠮ ᠨᠠᠢᠷ ᠤ᠋ᠨ ᠰᠤᠯᠠ ᠬᠥᠮᠦᠰ ᠮᠡᠲᠦ ᠡᠨᠡᠬᠡᠨ ᠲᠡᠷᠡᠬᠡᠨ ᠢ᠋ᠶ᠋ᠡᠨ ᠶᠠᠷᠢᠯᠴᠠᠵᠤ ᠱᠣᠤᠣᠭᠢᠯᠳᠤᠮᠤᠢ᠃ 
       ᠭᠧᠩᠯᠢ ᠬᠣᠶᠠᠳᠤᠭᠠᠷ ᠮᠣᠷᠢᠨ ᠳ᠋ᠠᠭᠠᠨ ᠬᠥᠨᠳᠡᠯᠡᠨ ᠰᠠᠭᠤᠵᠤ ᠶᠡᠬᠡᠳᠡ ᠢᠨᠢᠶᠡᠨ ᠲᠠᠰᠢᠭᠤᠷ ᠢ᠋ᠶ᠋ᠠᠷ ᠮᠣᠩᠭᠣᠯᠴᠤᠳ ᠢ᠋ ᠵᠢᠭᠠᠵᠤ ᠄《ᠡᠨᠡ ᠳᠠᠷᠤᠢ ᠢᠯᠠᠭᠳᠠᠰᠢ ᠦᠭᠡᠢ ᠮᠣᠩᠭᠣᠯᠴᠤᠳ  ᠤᠤ ? 》ᠬᠡᠮᠡᠪᠡᠰᠦ ᠱᠤᠯᠢᠰᠯᠤᠧ ᠥᠭᠦᠯᠡᠷᠦᠨ ᠄ 《ᠡᠳᠡᠭᠡᠷ ᠬᠥᠮᠦᠰ ᠦ᠋ᠨ ᠠᠶᠤᠵᠤ ᠰᠠᠨᠳᠤᠷᠬᠤ ᠦᠭᠡᠢ ᠪᠠᠢᠳᠠᠯ ᠢ᠋ ᠦᠵᠡᠪᠡᠰᠦ ᠠᠷᠤ ᠳ᠋ᠤᠷ ᠯᠠᠪ ᠲᠦᠰᠢᠭ ᠪᠣᠢ ᠃ ᠮᠣᠩᠭᠣᠯᠴᠤᠳ ᠴᠡᠷᠢᠭ ᠪᠦᠭᠭᠦᠬᠦᠢ ᠳ᠋ᠦ᠍ᠷ ᠣᠨᠴᠠ ᠳᠠᠳᠮᠠᠭᠠᠢ ᠬᠡᠮᠡᠬᠦ ᠲᠤᠯᠠ ᠬᠢᠴᠢᠶᠡᠪᠡᠰᠦ ᠵᠣᠬᠢᠮᠤᠢ 》ᠬᠡᠮᠡᠪᠡ ᠃ ᠭᠸᠡᠭᠯᠢ  ᠬᠣᠶᠠᠳᠤᠭᠠᠷ ᠪᠠᠰᠠᠬᠦ ᠢᠨᠢᠶᠡᠨ ᠱᠤᠯᠢᠰᠯᠤᠧ ᠶ᠋ᠢ ᠳᠣᠬᠢᠵᠤ ᠥᠭᠦᠯᠡᠷᠦᠨ ᠄《ᠡᠨᠡ ᠲᠠᠯ᠎ᠠ ᠳ᠋ᠤᠷ ᠴᠡᠷᠢᠭ ᠪᠦᠭᠭᠦᠬᠦ ᠭᠠᠵᠠᠷ ᠪᠣᠢ ᠤᠤ ? ᠮᠢᠨᠦ ᠡᠨᠳᠡ ᠪᠠᠢᠯᠳᠤᠰᠤᠭᠠᠢ ᠬᠡᠮᠡᠭᠰᠡᠨ ᠠᠨᠤ ᠳᠠᠷᠤᠢ ᠲᠡᠳᠡᠨ ᠦ᠌ ᠵᠢᠰᠤᠷ ᠵᠠᠯᠢᠬᠠᠢ ᠠᠷᠭᠠᠨ ᠳ᠋ᠤᠷ ᠭᠡᠨᠡᠳᠡᠭᠳᠡᠬᠦ ᠡᠴᠡ ᠬᠢᠴᠢᠶᠡᠪᠡ᠃ ᠵᠠᠩᠵᠤᠨ ᠬᠡᠮᠡᠭᠴᠢ ᠡᠭᠦᠨ ᠢ᠋ ᠪᠣᠳᠣᠬᠤ ᠦᠭᠡᠢ ᠬᠡᠷᠬᠢᠵᠦ ᠪᠣᠯᠤᠮᠤᠢ᠃ ᠡᠳᠦᠭᠡ ᠡᠳᠡᠭᠡᠷ ᠭᠡᠷᠢᠶᠡᠯᠡᠨ ᠰᠦᠷᠦᠭᠯᠡᠭᠰᠡᠨ ᠣᠯᠠᠨ ᠶᠠᠮᠠᠷ ᠵᠠᠯᠢ ᠪᠠᠢᠭᠰᠠᠨ ᠴᠤ᠌ ᠮᠢᠨᠦ ᠴᠡᠷᠢᠭ ᠢ᠋ ᠬᠡᠷᠬᠢᠮᠦᠢ  》ᠭᠡᠮᠡᠨ ᠬᠡᠩᠭᠡᠷᠭᠡ ᠴᠣᠬᠢᠭᠤᠯᠤᠨ《 ᠬᠡᠨ ᠭᠠᠷᠴᠤ ᠲᠡᠷᠢᠭᠦᠨ ᠭᠠᠪᠢᠶ᠎ᠠ ᠪᠠᠢᠭᠤᠯᠤᠮᠤᠢ !》 ᠬᠡᠮᠡᠲᠡᠯ᠎ᠡ ᠨᠢᠭᠡᠳᠦᠭᠡᠷ ᠬᠦᠷᠢᠶ᠎ᠡ ᠶ᠋ᠢᠨ ᠨᠣᠶᠠᠨ ᠮᠧᠯᠶᠧᠨᠢᠶ᠎ᠠ ᠶ᠋ᠢᠨ ᠾᠧᠦ ᠪᠧᠯᠶᠧᠰᠯᠤᠧ ᠲᠡᠷᠢᠭᠦᠨ ᠭᠠᠪᠢᠶ᠎ᠠ ᠶ᠋ᠢ ᠨᠠᠳᠤᠷ ᠳᠡᠯᠪᠢ ᠭᠡᠮᠡᠨ ᠪᠤᠰᠤᠳ ᠤ᠋ᠨ ᠪᠤᠯᠢᠶᠠᠯᠳᠤᠬᠤ ᠠ᠋ᠴᠠ ᠠᠶᠤᠵᠤ ᠵᠥᠪᠰᠢᠶᠡᠷᠡᠯ ᠢ᠋ ᠬᠦᠯᠢᠶᠡᠬᠦ ᠦᠭᠡᠢ ᠰᠢᠭᠤᠳ ᠳᠥᠷᠪᠡᠯᠵᠢᠨ ᠵᠢᠭᠰᠠᠭᠠᠯ ᠢ᠋ᠶ᠋ᠠᠷ ᠳᠠᠭᠠᠷᠢᠨ ᠣᠷᠣᠬᠤᠢ ᠳ᠋ᠤᠷ ᠮᠣᠩᠭᠣᠯᠴᠤᠳ ᠰᠠᠯᠬᠢᠨ ᠤ᠋ ᠠᠶ᠎ᠠ ᠪᠠᠷ ᠬᠡᠳᠦᠨ ᠲᠡᠰᠢ ᠬᠠᠭᠠᠷᠠᠨ ᠪᠤᠷᠤᠭᠤᠯᠠᠵᠤ ᠶᠠᠪᠤᠮᠤᠢ᠃ ᠲᠣᠰᠴᠤ ᠪᠠᠢᠯᠳᠤᠬᠤ ᠬᠥᠮᠦᠨ ᠨᠢᠭᠡᠴᠦ ᠦᠭᠡᠢ᠃ ᠪᠧᠯᠶᠧᠰᠯᠤᠧ ᠬᠡᠷᠬᠢᠬᠦ ᠪᠡᠨ ᠣᠯᠬᠤ ᠦᠭᠡᠢ ᠪᠦᠬᠦᠢ ᠳ᠋ᠦ᠍ᠷ ᠲᠡᠭᠦᠨ ᠦ᠌ ᠴᠡᠷᠢᠭ ᠲᠠᠢᠯᠪᠠ ᠭᠡᠮᠡᠨ ᠬᠥᠭᠡᠷᠦᠯᠳᠦᠵᠦ ᠵᠢᠭᠰᠠᠭᠠᠯ ᠢ᠋ᠶ᠋ᠠᠨ ᠴᠥᠮ ᠬᠠᠶᠠᠵᠤ ᠬᠦᠴᠦ ᠮᠡᠳᠡᠨ ᠨᠡᠬᠡᠮᠵᠢᠯᠡᠨ ᠰᠠᠮᠠᠭᠤᠷᠠᠬᠤᠢ ᠳ᠋ᠤᠷ ᠪᠧᠯᠶᠧᠰᠯᠤᠧ ᠠᠷᠭᠠᠨ ᠳ᠋ᠤᠷ ᠣᠷᠣᠭᠰᠠᠨ ᠢ᠋ᠶ᠋ᠠᠨ ᠮᠡᠳᠡᠭᠰᠡᠨ ᠪᠣᠯᠪᠠᠴᠤ ᠳᠠᠪᠬᠢᠯᠳᠤᠨ ᠨᠡᠬᠡᠮᠵᠢᠯᠡᠬᠦ ᠣᠯᠠᠨ ᠢ᠋ᠶ᠋ᠠᠨ ᠬᠣᠷᠢᠶᠠᠨ ᠠᠪᠴᠤ ᠴᠢᠳᠠᠬᠤ ᠦᠭᠡᠢ ᠪᠣᠯᠪᠠ᠃ ᠲᠡᠢᠨ ᠬᠦ᠌ ᠮᠥᠨ ᠰᠠᠷᠨᠢᠨ ᠪᠤᠷᠤᠭᠤᠯᠠᠬᠤ ᠮᠣᠩᠭᠣᠯᠴᠤᠳ ᠤ᠋ᠨ ᠠᠷᠤ ᠠ᠋ᠴᠠ ᠳᠠᠪᠬᠢᠭᠤᠯᠪᠠ᠃ 
       ᠲᠡᠳᠦᠢ ᠳ᠋ᠦ᠍ᠷ ᠭᠡᠨᠡᠳᠲᠡ ᠳᠣᠬᠢᠶ᠎ᠠ ᠫᠤᠤ ᠶ᠋ᠢᠨ ᠳᠠᠭᠤᠨ ᠭᠠᠷᠤᠮᠠᠭᠴᠠ ᠰᠠᠮᠠᠭᠤᠨ ᠴᠡᠷᠢᠭ ᠦ᠋ᠨ ᠠᠷᠤ ᠳ᠋ᠤᠷ ᠨᠢᠭᠤᠭᠳᠠᠵᠤ ᠪᠠᠢᠭᠰᠠᠨ ᠨᠢᠭᠡᠨ ᠠᠩᠭᠢ ᠬᠦᠨᠳᠦ ᠬᠤᠶᠠᠭᠲᠤ ᠮᠣᠷᠢᠲᠤ ᠴᠡᠷᠢᠭ ᠳᠥᠷᠪᠡᠯᠵᠢᠨ ᠵᠢᠭᠰᠠᠭᠠᠯ ᠢ᠋ᠶ᠋ᠠᠷ ᠪᠧᠯᠶᠧᠰᠯᠤᠧ ᠶ᠋ᠢᠨ ᠴᠡᠷᠢᠭ ᠢ᠋ ᠤᠭᠲᠤᠵᠤ ᠠᠪᠤᠪᠠ᠃ ᠨᠢᠭᠡᠨᠲᠡ ᠵᠢᠭᠰᠠᠭᠠᠯ ᠡᠩᠨᠡᠭᠡ ᠦᠭᠡᠢ ᠪᠣᠯᠤᠭᠰᠠᠨ ᠲᠤᠯᠠ ᠪᠧᠯᠶᠧᠰᠯᠤᠧ ᠤᠭᠲᠤᠵᠤ ᠪᠠᠢᠯᠳᠤᠬᠤ ᠠᠷᠭ᠎ᠠ ᠦᠭᠡᠢ ᠪᠤᠴᠠᠵᠤ ᠳᠠᠪᠬᠢᠬᠤᠢ ᠳ᠋ᠤᠷ ᠰᠠᠷᠨᠢᠨ ᠪᠤᠷᠤᠭᠤᠯᠠᠭᠰᠠᠨ ᠮᠣᠩᠭᠣᠯᠴᠤᠳ ᠬᠤᠮᠢᠵᠤ ᠢᠷᠡᠭᠡᠳ ᠨᠣᠮᠣᠨᠠᠯᠴᠠᠮᠤᠢ᠃  ᠵᠡᠪᠡ ᠬᠦᠷᠦᠭᠰᠡᠨ ᠭᠠᠵᠠᠷ ᠮᠢᠬ᠎ᠠ ᠲᠠᠰᠤᠷᠠᠨ ᠴᠢᠰᠤ ᠤᠷᠤᠰᠴᠤ ᠶᠣᠣᠯᠠᠵᠤ ᠣᠷᠢᠯᠠᠬᠤ ᠳᠠᠭᠤᠨ ᠬᠥᠳᠡᠭᠡ ᠲᠠᠯ᠎ᠠ ᠳ᠋ᠤᠷ ᠳᠥᠭᠥᠪᠡ᠃ 
       ᠲᠡᠳᠦᠢ ᠳ᠋ᠦ᠍ᠷ ᠮᠢᠰᠰᠯᠤᠧ ᠂ ᠱᠤᠯᠢᠰᠯᠤᠧ ᠶ᠋ᠢᠨ ᠤᠳᠤᠷᠢᠳᠤᠭᠰᠠᠨ ᠬᠣᠶᠠᠳᠤᠭᠠᠷ ᠂ ᠭᠤᠷᠪᠠᠳᠤᠭᠠᠷ ᠬᠦᠷᠢᠶ᠎ᠡ ᠶ᠋ᠢᠨ ᠴᠡᠷᠢᠭ ᠪᠧᠯᠶᠧᠰᠯᠤᠧ ᠶ᠋ᠢ ᠲᠡᠩᠬᠡᠷᠡᠭᠦᠯᠰᠦᠭᠡᠢ ᠭᠡᠮᠡᠨ ᠮᠣᠷᠢ ᠲᠠᠯᠪᠢᠨ ᠬᠦᠷᠴᠦ ᠢᠷᠡᠬᠦᠢ ᠳ᠋ᠦ᠍ᠷ ᠮᠣᠩᠭᠣᠯᠴᠤᠳ ᠮᠥᠨ ᠨᠢᠭᠡᠨᠲᠡ ᠢᠰᠬᠢᠷᠦᠯᠳᠦᠨ ᠵᠦᠭ ᠵᠦᠭ ᠰᠠᠮᠠᠭᠤᠷᠠᠨ ᠪᠤᠷᠤᠭᠤᠯᠠᠵᠤ ᠶᠠᠪᠤᠮᠤᠢ᠃ ᠲᠡᠢᠨ ᠬᠦ᠌ ᠮᠢᠰᠰᠯᠤᠧ ᠂ ᠱᠤᠯᠢᠰᠯᠤᠧ ᠶ᠋ᠢᠨ ᠴᠡᠷᠢᠭ ᠲᠠᠢᠯᠪᠠ ᠭᠡᠮᠡᠨ ᠪᠧᠯᠶᠧᠰᠯᠤᠧ ᠶ᠋ᠢᠨ ᠬᠣᠷᠢᠭᠯᠠᠬᠤ ᠶ᠋ᠢ ᠰᠣᠨᠣᠰᠬᠤ ᠦᠭᠡᠢ ᠰᠠᠮᠠᠭᠤᠷᠠᠨ ᠨᠢᠰᠬᠦ ᠮᠣᠩᠭᠣᠯᠴᠤᠳ ᠤ᠋ᠨ ᠠᠷᠤ ᠠ᠋ᠴᠠ ᠳᠠᠪᠬᠢᠯᠳᠤᠵᠤ ᠵᠢᠭᠰᠠᠭᠠᠯ ᠡᠩᠨᠡᠭᠡ ᠪᠡᠨ ᠴᠥᠮ ᠠᠯᠳᠠᠵᠤ ᠪᠦᠬᠦᠢ ᠳ᠋ᠦ᠍ᠷ ᠮᠣᠩᠭᠣᠯ ᠤ᠋ᠨ ᠪᠠᠰᠠ ᠨᠢᠭᠡᠨ ᠠᠩᠭᠢ ᠲᠡᠮᠦᠷ ᠬᠤᠶᠠᠭᠲᠤ ᠮᠣᠷᠢᠲᠤ ᠴᠡᠷᠢᠭ ᠰᠠᠮᠠᠭᠤᠨ ᠴᠡᠷᠢᠭ ᠦ᠋ᠨ ᠠᠷᠤ ᠠ᠋ᠴᠠ ᠳᠥᠷᠪᠡᠯᠵᠢᠨ ᠵᠢᠭᠰᠠᠭᠠᠯ ᠢ᠋ᠶ᠋ᠠᠷ ᠭᠠᠷᠴᠤ ᠢᠷᠡᠭᠡᠳ ᠤᠭᠲᠤᠵᠤ ᠠᠪᠤᠪᠠ᠃ ᠪᠤᠷᠤᠭᠤᠯᠠᠵᠤ ᠶᠠᠪᠤᠬᠤ ᠮᠣᠩᠭᠣᠯᠴᠤᠳ ᠠᠪᠠ ᠶ᠋ᠢᠨ ᠬᠦᠷᠢᠶ᠎ᠡ ᠲᠠᠲᠠᠭᠰᠠᠨ ᠮᠡᠲᠦ ᠢᠨᠢᠶᠡᠨ ᠱᠤᠤᠭᠢᠯᠳᠤᠨ《 ᠬᠦᠢ!  ᠬᠦᠢ!  ᠵᠠ ᠵᠠ! 》ᠭᠡᠮᠡᠨ ᠣᠷᠢᠯᠠᠯᠳᠤᠵᠤ ᠬᠤᠮᠢᠨ ᠢᠷᠡᠬᠦᠢ ᠳ᠋ᠦ᠍ᠷ ᠪᠧᠯᠶᠧᠰᠯᠤᠧ ᠨᠠᠷ ᠡᠰᠡᠷᠭᠦᠴᠡᠯ ᠪᠤᠰᠤ ᠪᠠᠨ ᠮᠡᠳᠡᠵᠦ ᠠᠮᠢ ᠭᠠᠷᠰᠤᠭᠠᠢ ᠭᠡᠮᠡᠨ ᠨᠢᠳᠦ ᠦᠭᠡᠢ ᠳᠠᠪᠬᠢᠯᠳᠤᠨ ᠶᠠᠪᠤᠮᠤᠢ᠃ ᠮᠣᠩᠭᠣᠯᠴᠤᠳ ᠤ᠋ᠨ ᠬᠣᠶᠠᠷ ᠰᠠᠯᠠᠭ᠎ᠠ ᠬᠦᠨᠳᠦ ᠬᠣᠶᠠᠨᠲᠤ ᠮᠣᠷᠢᠲᠤ ᠴᠡᠷᠢᠭ ᠤᠷᠲᠤ ᠵᠢᠭᠰᠠᠭᠠᠯ ᠬᠤᠪᠢᠷᠠᠭᠤᠯᠤᠨ ᠶᠠᠭᠠᠷᠠᠯ ᠦᠭᠡᠢ ᠱᠣᠭᠰᠢᠭᠤᠯᠵᠤ ᠨᠡᠬᠡᠮᠦᠢ᠃ ᠮᠣᠩᠭᠣᠯᠴᠤᠳ ᠢ᠋ ᠬᠢᠳᠤᠬᠤ ᠪᠠᠷ ᠬᠦᠯᠢᠶᠡᠵᠦ ᠪᠠᠢᠭᠰᠠᠨ ᠭᠧᠩᠯᠢ ᠬᠣᠶᠠᠳᠤᠭᠠᠷ ᠤ᠋ᠨ ᠤᠳᠤᠷᠢᠳᠤᠭᠰᠠᠨ ᠲᠠᠪᠤᠳᠤᠭᠠᠷ ᠬᠦᠷᠢᠶ᠎ᠡ ᠪᠠ ᠹᠸᠸᠹᠸᠸ ᠦ᠋ᠨ ᠤᠳᠤᠷᠢᠳᠤᠭᠰᠠᠨ ᠳᠥᠷᠪᠡᠳᠦᠭᠡᠷ ᠬᠦᠷᠢᠶ᠎ᠡ ᠡᠬᠢᠯᠡᠭᠡᠳ ᠮᠣᠩᠭᠣᠯᠴᠤᠳ ᠤ᠋ᠨ ᠪᠤᠷᠤᠭᠤᠯᠠᠬᠤ ᠶ᠋ᠢ ᠦᠵᠡᠭᠡᠳ ᠳᠠᠷᠤᠢ ᠭᠠᠷᠴᠤ ᠬᠢᠳᠤᠰᠤᠭᠠᠢ ᠬᠡᠮᠡᠭᠰᠡᠨ ᠢ᠋ ᠹᠸᠧᠹᠧᠧ ᠣᠯᠠᠨ ᠢ᠋ ᠥᠩᠭᠡᠷᠡᠭᠡᠭᠰᠡᠨ ᠬᠥᠮᠦᠨ ᠲᠤᠯᠠ ᠬᠣᠷᠢᠭᠯᠠᠵᠤ᠂ ᠲᠠᠢᠯᠤᠨ ᠳᠡᠢᠯᠦᠭᠳᠡᠬᠦ ᠣᠳᠣ ᠢᠯᠭᠠᠷᠠᠭᠠᠳᠤᠢ ᠂ ᠪᠤᠭᠤ ᠬᠡᠨ ᠦ᠌ ᠭᠠᠷ ᠲᠤᠷ ᠤᠨᠠᠬᠤ ᠶ᠋ᠢ ᠮᠡᠳᠡᠵᠦ ᠪᠣᠯᠬᠤ ᠦᠭᠡᠢ ᠭᠡᠮᠡᠨ ᠪᠦᠬᠦᠢ ᠳ᠋ᠦ᠍ᠷ ᠂ ᠮᠣᠩᠭᠣᠯᠴᠤᠳ ᠭᠡᠨᠡᠳᠲᠡ ᠫᠤᠤ ᠶ᠋ᠢᠨ ᠳᠠᠭᠤᠨ ᠢ᠋ᠶ᠋ᠠᠷ ᠪᠤᠴᠠᠨ ᠳᠠᠪᠬᠢᠨ ᠪᠥᠭᠡᠮᠨᠡᠷᠡᠨ ᠢᠷᠡᠬᠦᠢ ᠳ᠋ᠦ᠍ᠷ᠂ ᠬᠠᠷᠢᠨ ᠮᠢᠰᠰᠯᠤᠧ ᠨᠠᠷ ᠤ᠋ᠨ ᠴᠡᠷᠢᠭ ᠨᠢᠭᠡᠨᠲᠡ ᠬᠤᠢᠯᠠᠷᠠᠵᠤ ᠠᠪᠤᠭᠠᠳ ᠪᠥᠭᠡᠮᠨᠡᠷᠡᠨ ᠢᠷᠡᠬᠦ ᠮᠣᠩᠭᠣᠯᠴᠤᠳ ᠤ᠋ᠨ ᠳᠠᠯᠳᠠ ᠣᠷᠣᠵᠤ ᠂ ᠤᠳᠠᠭᠰᠠᠨ ᠦᠭᠡᠢ ᠪᠧᠯᠶᠧᠰᠯᠤᠧ ᠂ ᠮᠢᠰᠰᠯᠤᠧ ᠨᠠᠷ ᠤ᠋ᠨ ᠭᠤᠷᠪᠠᠨ ᠬᠦᠷᠢᠶ᠎ᠡ ᠴᠡᠷᠢᠭ ᠦᠶᠡᠷ ᠦ᠋ᠨ ᠤᠰᠤ ᠮᠡᠲᠦ ᠪᠤᠷᠤᠭᠤᠯᠠᠨ ᠬᠦᠷᠴᠦ ᠢᠷᠡᠭᠡᠳ ᠭᠧᠩᠯᠢ ᠬᠣᠶᠠᠳᠤᠭᠠᠷ ᠤ᠋ᠨ ᠲᠠᠪᠤᠳᠤᠭᠠᠷ ᠬᠦᠷᠢᠶ᠎ᠡ ᠬᠢᠭᠡᠳ ᠹᠸᠸᠹᠸᠸ ᠦ᠋ᠨ ᠳᠥᠷᠪᠡᠳᠦᠭᠡᠷ ᠬᠦᠷᠢᠶ᠎ᠡ ᠶ᠋ᠢᠨ ᠴᠡᠷᠢᠭ ᠢ᠋ ᠳᠠᠭᠠᠷᠢᠨ ᠰᠠᠮᠠᠭᠤᠷᠠᠭᠤᠯᠵᠤ ᠨᠢᠭᠡᠨᠲᠡ ᠵᠠᠷᠯᠢᠭ ᠵᠢᠭᠠᠪᠤᠷᠢ ᠠᠪᠬᠤ ᠦᠭᠡᠢ ᠲᠠᠭᠠᠯᠴᠠᠨ ᠪᠤᠷᠤᠭᠤᠯᠠᠪᠠ᠃ ᠭᠧᠩᠯᠢ ᠬᠦᠩ ᠦᠵᠡᠪᠡᠰᠦ ᠹᠸᠸᠹᠸᠸ ᠬᠡᠳᠦᠢᠨᠡᠢ ᠠᠯᠠᠭ᠎ᠠ ᠪᠣᠯᠵᠤ ᠳᠡᠷᠭᠡᠳᠡ ᠢᠨᠤ ᠳᠦᠷᠪᠡᠭᠡᠨ ᠮᠣᠷᠢᠲᠠᠨ ᠬᠣᠴᠣᠷᠪᠠᠢ᠃ ᠳᠤᠲᠠᠭᠠᠨ ᠶᠠᠪᠤᠬᠤᠢ ᠳ᠋ᠤᠷ ᠤᠨᠤᠭᠰᠠᠨ ᠮᠣᠷᠢ ᠠᠨᠤ ᠰᠠᠮᠠᠭᠤᠨ ᠵᠡᠪᠡ ᠳ᠋ᠦ᠍ᠷ ᠣᠨᠣᠭᠳᠠᠭᠰᠠᠨ ᠢ᠋ᠶ᠋ᠠᠷ ᠮᠣᠷᠢ ᠰᠣᠯᠢᠬᠤ ᠭᠡᠮᠡᠨ ᠪᠦᠬᠦᠢ ᠳ᠋ᠦ᠍ᠷ ᠪᠤᠷᠤᠩᠬᠤᠢ ᠮᠢᠩᠭᠠᠨ ᠬᠦᠷᠴᠦ ᠢᠷᠡᠭᠡᠳ ᠭᠧᠩᠯᠢ ᠰᠡᠯᠡᠮ᠎ᠡ ᠠᠪᠴᠤ ᠠᠮᠵᠢᠬᠤ ᠠ᠋ᠴᠠ ᠡᠮᠦᠨ᠎ᠡ ᠤᠯᠠᠭᠠᠨ ᠰᠤᠭᠤ ᠪᠠᠷ ᠠᠨᠤ ᠨᠡᠪᠲᠡ ᠵᠢᠳᠠᠯᠠᠨ ᠲᠡᠷᠢᠭᠦᠨ ᠢ᠋ ᠠᠪᠴᠤ ᠮᠣᠷᠢᠨ ᠤ᠋ ᠬᠦᠵᠦᠭᠦᠨ ᠳ᠋ᠡᠭᠡᠨ ᠡᠯᠭᠦᠵᠦ ᠡᠰᠡᠷᠭᠦᠴᠡᠬᠦ ᠪᠦᠬᠦᠨ ᠢ᠋ ᠪᠠᠭᠤᠵᠤ ᠥᠭ ᠭᠡᠮᠡᠨ ᠱᠠᠭᠠᠷᠳᠠᠮᠤᠢ᠃ 
       ᠲᠡᠳᠦᠢ ᠳ᠋ᠦ᠍ᠷ ᠯᠢᠭᠧᠨᠢᡁᠢ ᠬᠣᠲᠠ ᠶ᠋ᠢ ᠰᠠᠬᠢᠵᠤ ᠬᠣᠴᠣᠷᠤᠭᠰᠠᠨ ᠪᠧᠯᠶᠧᠰᠯᠤᠧ ᠸᠠᠩ ᠡᠮᠦᠨ᠎ᠡ ᠴᠡᠷᠢᠭ ᠦ᠋ᠨ ᠮᠡᠳᠡᠭᠡ ᠶ᠋ᠢ ᠠᠪᠴᠤ ᠬᠦᠯᠢᠶᠡᠨ ᠠᠲᠠᠯ᠎ᠠ ᠳᠡᠢᠯᠦᠭᠳᠡᠭᠰᠡᠨ ᠴᠡᠷᠢᠭ ᠬᠦᠷᠴᠦ ᠢᠷᠡᠨ ᠬᠣᠲᠠ ᠶ᠋ᠢᠨ ᠬᠠᠭᠠᠯᠭ᠎ᠠ ᠨᠡᠭᠡᠭᠡᠭᠲᠦᠨ᠂ ᠮᠣᠩᠭᠣᠯᠴᠤᠳ ᠠᠢᠰᠤᠢ ᠭᠡᠮᠡᠨ ᠪᠠᠷᠬᠢᠷᠠᠮᠤᠢ᠃ ᠸᠯᠠᠳ᠋ᠢᠮᠢᠷ ᠬᠠᠰᠠᠷ ᠬᠥᠮᠦᠨ ᠲᠤᠯᠠ ᠣᠰᠣᠯ ᠭᠠᠷᠬᠤ ᠠ᠋ᠴᠠ ᠠᠶᠤᠵᠤ ᠲᠦᠷ ᠬᠦᠯᠢᠶᠡᠭᠲᠦᠨ᠂ ᠸᠠᠩ ᠤ᠋ᠨ ᠵᠠᠷᠯᠢᠭ ᠢ᠋ ᠠᠪᠰᠤᠭᠠᠢ ᠭᠡᠮᠡᠨ ᠬᠣᠢᠰᠢᠯᠠᠭᠤᠯᠪᠠᠰᠤ ᠨᠢᠭᠡᠳᠦᠭᠡᠷ ᠬᠦᠷᠢᠶ᠎ᠡ ᠶ᠋ᠢᠨ ᠨᠣᠶᠠᠨ ᠪᠧᠯᠶᠧᠰᠯᠤᠧ ᠬᠦᠷᠴᠦ ᠢᠷᠡᠭᠡᠳ ᠄ 《ᠳᠠᠢᠰᠤᠨ ᠠᠷᠤ ᠠ᠋ᠴᠠ ᠠᠢᠰᠤᠢ᠂ ᠲᠦᠷᠭᠡᠨ ᠬᠣᠲᠠ ᠨᠡᠬᠡᠭᠡ  》 ᠭᠡᠮᠡᠨ ᠱᠠᠭᠠᠷᠳᠠᠬᠤᠢ  ᠳ᠋ᠤᠷ ᠸᠯᠠᠳ᠋ᠢᠮᠢᠷ ᠰᠠᠶᠢ ᠢᠲᠡᠭᠡᠵᠦ ᠬᠣᠲᠠ ᠶ᠋ᠢᠨ ᠡᠭᠦᠳᠡ ᠶ᠋ᠢ ᠨᠡᠭᠡᠭᠡᠯᠭᠡᠪᠡᠰᠦ ᠳᠠᠷᠤᠭᠳᠠᠭᠰᠠᠨ ᠴᠡᠷᠢᠭ ᠦ᠋ᠳ ᠠᠮᠢ ᠲᠡᠮᠡᠴᠡᠨ ᠰᠢᠬᠠᠯᠳᠤᠨ ᠣᠷᠣᠵᠤ ᠢᠷᠡᠮᠦᠢ᠃ ᠪᠠᠢᠴᠠᠭᠠᠬᠤ ᠠᠷᠭ᠎ᠠ ᠨᠢᠭᠡᠨᠲᠡ ᠦᠭᠡᠢ ᠪᠣᠯᠪᠠ᠃ ᠡᠮᠦᠨᠡᠲᠦ ᠴᠡᠷᠢᠭ ᠳᠡᠢᠯᠦᠭᠳᠡᠭᠰᠡᠨ ᠲᠤᠯᠠ ᠬᠣᠲᠠ ᠳᠦᠭᠦᠷᠡᠩ ᠦᠢᠮᠡᠯᠳᠦᠨ ᠪᠦᠬᠦᠢ ᠳ᠋ᠦ᠍ᠷ ᠬᠡᠳᠦ ᠬᠡᠳᠦᠨ ᠭᠠᠵᠠᠷ ᠭᠠᠯ ᠭᠠᠷᠴᠤ ᠮᠣᠩᠭᠣᠯᠴᠤᠳ ᠨᠢᠭᠡᠨᠲᠡ ᠬᠣᠲᠠᠨ ᠳ᠋ᠤᠷ ᠣᠷᠣᠵᠤ ᠢᠷᠡᠪᠡ ᠭᠡᠮᠡᠨ ᠰᠠᠮᠠᠭᠤᠷᠠᠮᠤᠢ᠃ ᠪᠧᠯᠶᠧᠰᠯᠤᠧ ᠸᠠᠩ ᠨᠢᠭᠡᠨᠲᠡ ᠨᠤᠮᠤᠳᠠᠭᠳᠠᠭᠰᠠᠨ ᠰᠢᠪᠠᠭᠤ ᠪᠣᠯᠵᠤ ᠬᠣᠲᠠ ᠶ᠋ᠢ ᠣᠷᠬᠢᠵᠤ ᠶᠠᠪᠤᠰᠤᠭᠠᠢ ᠬᠡᠮᠡᠪᠡᠰᠦ ᠸᠯᠠᠳ᠋ᠢᠮᠢᠷ ᠬᠣᠷᠢᠭᠯᠠ ᠠᠪᠴᠤ ᠄ 《ᠮᠣᠩᠭᠣᠯᠴᠤᠳ ᠬᠣᠲᠠᠨ ᠳ᠋ᠤᠷ ᠣᠷᠣᠵᠤ ᠢᠷᠡᠭᠰᠡᠨ ᠪᠣᠯᠪᠠᠴᠤ ᠴᠥᠭᠡᠨ ᠬᠥᠮᠦᠨ  ᠪᠣᠢ ‍ᠶ᠎ᠠ ᠃ ᠠᠶᠤᠬᠤ ᠬᠡᠷᠡᠭ ᠦᠭᠡᠢ᠃ ᠬᠣᠲᠠ ᠶ᠋ᠢᠨ ᠡᠭᠦᠳᠡ ᠶ᠋ᠢ ᠳᠠᠷᠤᠵᠤ ᠪᠠᠷᠢᠪᠠᠰᠤ ᠪᠣᠯᠤᠮᠤᠢ 》ᠭᠡᠮᠡᠨ ᠬᠣᠲᠠ ᠶ᠋ᠢᠨ ᠬᠠᠭᠠᠯᠭ᠎ᠠ ᠬᠦᠷᠴᠦ ᠦᠵᠡᠪᠡᠰᠦ ᠴᠡᠷᠢᠭ ᠠᠷᠠᠳ ᠡᠭᠦᠳᠡ ᠪᠠᠭᠲᠠᠬᠤ ᠦᠭᠡᠢ ᠴᠢᠬᠢᠯᠳᠦᠵᠦ ᠣᠷᠣᠵᠤ ᠢᠷᠡᠬᠦ ᠲᠤᠯᠠ ᠰᠠᠢᠨ ᠮᠠᠭᠤ ᠶ᠋ᠢ ᠢᠯᠭᠠᠬᠤ ᠠᠷᠭ᠎ᠠ ᠦᠭᠡᠢ ᠬᠠᠭᠠᠯᠭ᠎ᠠ ᠶ᠋ᠢ ᠳᠠᠷᠤᠰᠤᠭᠠᠢ ᠭᠡᠮᠡᠨ ᠬᠡᠳᠦ ᠬᠡᠳᠦᠨ ᠬᠥᠮᠦᠨ ᠢ᠋ ᠴᠠᠪᠴᠢᠵᠤ ᠰᠦᠷᠳᠡᠭᠦᠯᠪᠡᠴᠦ ᠲᠤᠰᠠ ᠦᠭᠡᠢ ᠪᠣᠯᠪᠠ᠃ ᠫᠤᠯᠠᠨᠳ᠋ ᠸᠠᠩ ᠬᠡᠵᠢᠶᠡᠨᠡᠢ ᠪᠡᠯᠡᠳᠬᠡᠯ ᠲᠡᠢ ᠲᠤᠯᠠ ᠸᠯᠠᠳᠢᠮᠢᠷ ᠢ᠋ ᠴᠦ᠍ ᠬᠦᠯᠢᠶᠡᠭᠰᠡᠨ ᠦᠭᠡᠢ ᠪᠠᠷᠠᠭᠤᠨ ᠬᠠᠭᠠᠯᠭ᠎ᠠ ᠪᠠᠷ ᠭᠠᠷᠴᠤ ᠳᠤᠲᠠᠭᠠᠪᠠ᠃ ᠲᠡᠳᠦᠢ ᠳ᠋ᠦ᠍ᠷ ᠮᠣᠩᠭᠣᠯᠴᠤᠳ ᠳᠣᠲᠣᠭᠠᠳᠤ ᠭᠠᠳᠠᠭᠠᠳᠤ ᠠ᠋ᠴᠠ ᠨᠡᠢᠯᠡᠨ ᠠᠷᠤ ᠬᠠᠭᠠᠯᠭ᠎ᠠ ᠶ᠋ᠢ ᠴᠠᠪᠴᠢᠨ ᠡᠵᠡᠯᠡᠵᠦ ᠮᠣᠷᠢᠲᠤ ᠴᠡᠷᠢᠭ ᠢ᠋ ᠲᠠᠯᠪᠢᠨ ᠣᠷᠣᠭᠤᠯᠪᠠ ᠭᠡᠮᠡᠨ ᠮᠡᠳᠡᠭᠦᠯᠦᠭᠰᠡᠨ ᠳ᠋ᠦ᠍ᠷ ᠸᠯᠠᠳᠢᠮᠢᠷ ᠰᠠᠶᠢ ᠫᠤᠯᠠᠨᠳ᠋ ᠪᠤᠴᠠᠯᠲᠠ ᠦᠭᠡᠢ ᠢᠯᠠᠭᠳᠠᠭᠰᠠᠨ ᠢ᠋ᠶ᠋ᠠᠨ ᠮᠡᠳᠡᠵᠦ ᠬᠡᠰᠡᠭ ᠴᠡᠷᠢᠭ ᠮᠣᠷᠢ ᠪᠠᠨ ᠠᠪᠴᠤ ᠬᠠᠩᠭᠠᠷᠢ ᠶ᠋ᠢ ᠴᠢᠭᠯᠡᠨ ᠪᠤᠷᠤᠭᠤᠯᠠᠪᠠ᠃ ᠲᠡᠳᠦᠢ ᠳ᠋ᠦ᠍ᠷ ᠮᠣᠩᠭᠣᠯ ᠤ᠋ᠨ ᠠᠷᠤ ᠲᠠᠯ᠎ᠠ ᠶ᠋ᠢᠨ ᠴᠡᠷᠢᠭ ᠮᠥᠨ ᠬᠦᠷᠴᠦ ᠢᠷᠡᠭᠰᠡᠨ ᠲᠤᠯᠠ ᠬᠣᠲᠠ ᠰᠠᠬᠢᠬᠤ ᠴᠡᠷᠢᠭ ᠭᠠᠷᠴᠤ ᠵᠠᠪᠳᠤᠭᠰᠠᠨ ᠦᠭᠡᠢ ᠴᠥᠮ ᠪᠠᠭᠤᠵᠤ ᠥᠭᠪᠡ᠃ 
       ᠦᠨᠡᠬᠡᠷ ᠳ᠋ᠢᠪᠸᠯᠸᠳ᠋ ᠦ᠋ᠨ ᠥᠭᠦᠯᠡᠭᠰᠡᠨ ᠮᠡᠲᠦ ᠡᠳᠡᠭᠡᠷ ᠴᠡᠷᠢᠭ ᠮᠣᠷᠢ ᠮᠣᠩᠭᠣᠯᠴᠤᠳ ᠲᠤᠷ ᠲᠤᠰᠠᠯᠠᠵᠤ ᠬᠠᠩᠭᠠᠷᠢ ᠶ᠋ᠢ ᠪᠠᠢᠯᠳᠤᠬᠤ ᠪᠣᠯᠪᠠ᠃ ᠡᠨᠡ ᠤᠳᠠᠭᠠᠨ ᠤ᠋ ᠪᠠᠢᠯᠳᠤᠭᠠᠨ ᠴᠥᠮ ᠪᠠᠲᠤ ᠬᠠᠨ ᠤ᠋ ᠪᠣᠳᠣᠭᠰᠠᠨ ᠠ᠋ᠴᠠ ᠭᠠᠷᠤᠭᠰᠠᠨ ᠦᠭᠡᠢ ᠪᠣᠯᠠᠢ᠃ ᠪᠠᠲᠤ ᠬᠠᠨ ᠠᠩᠬᠠᠨ ᠳ᠋ᠤᠷ ᠪᠤᠷᠤᠬᠠᠢ ᠂ ᠪᠣᠯᠤᠲ᠋ᠡᠮᠤᠷ ᠂ ᠠᠷᠰᠯᠠᠨ ᠭᠤᠷᠪᠠᠨ ᠮᠢᠩᠭᠠᠨ ᠢ᠋ ᠮᠠᠩᠯᠠᠢ ᠴᠡᠷᠢᠭ ᠪᠣᠯᠭᠠᠨ ᠪᠠᠭᠤᠷᠠᠢ ᠪᠠᠨ ᠦᠵᠡᠭᠦᠯᠵᠦ ᠲᠡᠳᠡ ᠨᠠᠷ ᠤ᠋ᠨ  ᠠᠷᠤ ᠪᠠᠷ ᠪᠠᠢᠳᠠᠷ ᠂ ᠬᠠᠢᠳᠦ ᠬᠣᠶᠠᠷ ᠬᠠᠨ ᠤ᠋ ᠲᠡᠮᠦᠷ ᠮᠣᠷᠢᠲᠤ ᠴᠡᠷᠢᠭ ᠢ᠋ ᠨᠢᠭᠤᠵᠤ ᠲᠠᠯᠪᠢᠭᠠᠳ ᠳᠠᠢᠰᠤᠨ ᠢᠯᠠᠪᠠ ᠭᠡᠮᠡᠨ ᠰᠠᠮᠠᠭᠤᠷᠠᠨ ᠳᠠᠭᠠᠷᠢᠬᠤ ᠶ᠋ᠢ ᠬᠦᠯᠢᠶᠡᠨ ᠭᠡᠳᠡᠷᠭᠡᠨ ᠳᠠᠭᠠᠷᠢᠵᠤ ᠳᠠᠢᠰᠤᠨ ᠢ᠋ ᠲᠣᠭᠲᠠᠵᠤ ᠴᠢᠳᠠᠬᠤ ᠦᠭᠡᠢ ᠪᠣᠯᠭᠠᠭᠰᠠᠨ ᠪᠠ ᠬᠤᠯᠤᠭᠤ ᠬᠠᠨ ᠤ᠋ ᠲᠡᠮᠦᠷ ᠮᠣᠷᠢᠲᠤ ᠴᠡᠷᠢᠭ ᠢ᠋ ᠤᠷᠢᠳᠴᠢᠯᠠᠨ ᠯᠢᠭᠧᠨᠢᡁᠢ ᠬᠣᠲᠠ ᠶ᠋ᠢᠨ ᠠᠷᠤ ᠳ᠋ᠤᠷ ᠪᠦᠭᠭᠦᠯᠵᠦ ᠬᠣᠲᠠᠨ ᠳ᠋ᠤᠷ ᠪᠤᠷᠤᠭᠤᠯᠠᠨ ᠣᠷᠣᠬᠤ ᠳᠠᠢᠰᠤᠨ ᠤ᠋ ᠴᠡᠷᠢᠭ ᠲᠦ᠍ᠷ ᠡᠳᠦᠢ ᠲᠡᠳᠦᠢ ᠰᠠᠢᠨ ᠡᠷᠡᠰ ᠢ᠋ ᠬᠣᠯᠢᠯᠳᠤᠨ ᠣᠷᠣᠭᠤᠯᠵᠤ ᠭᠠᠯ ᠲᠠᠯᠪᠢᠭᠤᠯᠤᠨ ᠰᠠᠮᠠᠭᠤᠷᠠᠯ ᠡᠳᠦᠵᠦ ᠯᠢᠭ᠍ᠸᠨᠢᡁᠢ ᠬᠣᠲᠠ ᠶ᠋ᠢ ᠮᠠᠰᠢ ᠲᠦᠷᠭᠡᠨ ᠬᠢᠯᠪᠠᠷ ᠡᠵᠡᠯᠡᠪᠡ᠃ ᠡᠰᠡ ᠪᠥᠭᠡᠰᠦ ᠸᠯᠡᠳᠢᠮᠢᠷ ᠨᠠᠷ ᠬᠥᠯ ᠲᠣᠭᠲᠠᠵᠤ ᠬᠡᠳᠦᠨ ᠠᠷᠪᠠᠨ ᠲᠦᠮᠡᠨ ᠬᠥᠮᠦᠨ ᠦ᠌ ᠬᠦᠴᠦᠨ ᠢ᠋ᠶ᠋ᠡᠷ ᠯᠢᠭᠧᠨᠢᡁᠢ ᠬᠣᠲᠠ ᠶ᠋ᠢ  ᠰᠠᠬᠢᠭᠰᠠᠨ ᠪᠥᠭᠡᠰᠦ ᠡᠳᠦᠷ ᠬᠣᠨᠣᠭ ᠣᠷᠣᠵᠤ ᠴᠡᠷᠢᠭ ᠮᠣᠷᠢ ᠬᠣᠬᠢᠷᠠᠬᠤ ᠶ᠋ᠢ ᠶᠠᠭᠤᠨ ᠥᠭᠦᠯᠡᠮᠦᠢ᠃ 
       ᠫᠤᠯᠠᠨᠳ᠋ ᠡᠭᠦᠨ ᠡᠴᠡ ᠴᠡᠷᠢᠭ ᠵᠢᠭᠰᠠᠭᠠᠨ ᠪᠠᠢᠯᠳᠤᠬᠤ ᠬᠦᠴᠦᠨ ᠦᠭᠡᠢ ᠪᠣᠯᠤᠭᠰᠠᠨ ᠪᠥ᠍ᠭᠡᠳ ᠫᠤᠯᠠᠨᠳ᠋ ᠸᠠᠩ ᠴᠤ᠌ ᠤᠷᠭᠤᠨ ᠳᠤᠲᠠᠭᠠᠵᠤ ᠣᠷᠣᠨ ᠰᠠᠭᠤᠴᠠ ᠦᠭᠡᠢ ᠪᠣᠯᠪᠠ᠃ ᠨᠡᠩ ᠮᠣᠩᠭᠣᠯᠴᠤᠳ ᠢᠯᠠᠭᠳᠠᠰᠢ ᠦᠭᠡᠢ ᠬᠡᠮᠡᠬᠦ ᠨᠡᠷ᠎ᠡ ᠥᠷᠭᠡᠨ ᠳᠡᠯᠭᠡᠷᠡᠵᠦ ᠠᠶᠤᠨ ᠰᠦᠷᠳᠡᠵᠦ ᠳᠠᠭᠠᠷ᠎ᠠ ᠢᠷᠡᠬᠦ ᠢᠨᠦ ᠲᠣᠭᠠᠯᠠᠰᠢ ᠦᠭᠡᠢ ᠪᠣᠯᠪᠠ᠃ ᠲᠡᠳᠦᠢ ᠪᠧᠯᠶᠧᠰᠯᠤᠧ ᠸᠠᠩ ᠡᠬᠡ ᠪᠠ ᠡᠬᠡᠨᠡᠷ ᠬᠡᠦᠬᠡᠳ ᠢ᠋ᠶ᠋ᠡᠨ ᠠᠪᠴᠤ ᠺᠠᠷᠫᠢ᠊ᠲ ᠠᠭᠤᠯᠠᠨ ᠤ᠋ ᠰᠡᠩᠳᠧᡁᠢ ᠬᠣᠲᠠ ᠶ᠋ᠢᠨ ᠣᠷᠴᠢᠮ ᠤ᠋ᠨ ᠨᠢᠭᠡᠨ ᠪᠡᠬᠢᠯᠡᠯᠲᠡ ᠳ᠋ᠦ᠍ᠷ ᠣᠷᠣᠵᠤ ᠨᠢᠭᠤᠭᠰᠠᠨ ᠪᠣᠯᠪᠠᠴᠤ ᠪᠠᠰᠠ ᠪᠠᠲᠤᠯᠠᠭ᠎ᠠ ᠦᠭᠡᠢ ᠭᠡᠮᠡᠨ ᠮᠸᠯᠶᠧᠨᠢᠶ᠎ᠠ ᠶ᠋ᠢᠨ ᠪᠣᠮᠪᠣ ᠶ᠋ᠢᠨ ᠰᠦᠮ᠎ᠡ ᠳ᠋ᠦ᠍ᠷ ᠣᠴᠢᠵᠤ ᠨᠢᠭᠤᠭᠳᠠᠪᠠ᠃ ᠫᠤᠯᠠᠨᠳ᠋ ᠤ᠋ᠨ ᠪᠠᠶᠠᠳ ᠨᠣᠶᠠᠳ ᠴᠥᠮ ᠬᠠᠩᠭᠠᠷᠢ ᠳ᠋ᠤᠷ ᠳᠤᠲᠠᠭᠠᠨ ᠣᠷᠣᠵᠤ ᠶᠠᠪᠤᠵᠤ ᠠᠮᠵᠢᠭᠰᠠᠨ ᠦᠭᠡᠢ ᠢᠨᠦ ᠣᠢ ᠰᠢᠭᠤᠢ ᠳ᠋ᠤᠷ ᠰᠢᠷᠭᠤᠨ ᠴᠥᠭᠡᠨ ᠪᠤᠰᠤ ᠬᠥᠮᠦᠨ ᠥᠯᠪᠡᠷᠴᠦ ᠡᠪᠡᠳᠴᠢᠯᠡᠨ ᠦᠬᠦᠪᠡ᠃ ᠪᠠᠲᠤ ᠬᠠᠨ ᠴᠡᠷᠢᠭ ᠢ᠋ᠶ᠋ᠡᠨ ᠬᠣᠷᠢᠶᠠᠨ ᠨᠡᠢᠰ ᠭᠣᠣᠯ ᠤ᠋ᠨ ᠲᠦᠪᠰᠢᠨ ᠲᠠᠯ᠎ᠠ ᠳ᠋ᠤᠷ ᠶᠡᠬᠡ ᠴᠠᠴᠠᠷ ᠪᠠᠷᠢᠵᠤ ᠣᠯᠠᠨ ᠬᠠᠳ ᠨᠣᠶᠠᠳ ᠪᠠ ᠰᠢᠨ᠎ᠡ ᠳᠠᠭᠠᠭᠰᠠᠨ ᠸᠠᠩ ᠬᠦᠩ ᠳ᠋ᠦ᠍ᠷ ᠬᠤᠷᠢᠮ ᠬᠠᠢᠷᠠᠯᠠᠨ ᠬᠣᠷᠢᠮᠠᠯᠠᠬᠤᠢ ᠳ᠋ᠤᠷ ᠪᠦᠭᠦᠳᠡᠭᠡᠷ ᠪᠠᠲᠤ ᠬᠠᠨ ᠤ᠋ ᠴᠡᠷᠢᠭ ᠬᠡᠷᠡᠭᠯᠡᠬᠦ ᠢᠨᠦ ᠪᠣᠭᠳᠠ ᠡᠵᠡᠨ ᠴᠢᠩᠭᠢᠰ ᠬᠠᠭᠠᠨ ᠤ᠋ ᠴᠡᠷᠢᠭ ᠦ᠋ᠨ ᠤᠬᠠᠭᠠᠨ ᠶᠡᠬᠡ ᠪᠣᠢ ᠭᠡᠮᠡᠨ ᠬᠤᠨᠳᠠᠭ᠎ᠠ ᠪᠠᠷᠢᠪᠠ᠃ 
       ᠪᠠᠲᠤ ᠬᠠᠨ ᠥᠭᠦᠯᠡᠷᠦᠨ ᠄ 《ᠭᠧᠩᠯᠢ ᠬᠦᠩ ᠳᠣᠯᠭᠢᠨ ᠪᠠᠯᠠᠮᠠᠳ ᠲᠤᠯᠠ ᠬᠢᠯᠢᠩ ᠣᠮᠣᠭᠰᠢᠯ ᠢ᠋ᠶ᠋ᠠᠷ ᠴᠡᠷᠢᠭ ᠬᠡᠷᠡᠭᠯᠡᠬᠦᠢ ᠳ᠋ᠦ᠍ᠷ ᠬᠢᠯᠪᠠᠷ ᠳᠡᠢᠯᠦᠭᠳᠡᠪᠡ᠃ ᠸᠯᠠᠳᠢᠮᠢᠷ ᠤ᠋ᠨ ᠦᠭᠡ ᠶ᠋ᠢ ᠠᠪᠤᠭᠰᠠᠨ ᠪᠥᠭᠡᠰᠦ ᠡᠨᠡ ᠬᠣᠲᠠ ᠬᠦᠴᠦᠨ ᠣᠷᠣᠬᠤ ᠪᠣᠯᠠᠢ 》 ᠭᠡᠮᠡᠨ ᠵᠢᠴᠢ ᠵᠠᠷᠯᠢᠭ ᠪᠣᠯᠤᠷᠤᠨ ᠄《ᠡᠳᠦᠭᠡ ᠫᠤᠯᠠᠨᠳ᠋ ᠨᠢᠭᠡᠨᠲᠡ ᠢᠯᠠᠭᠳᠠᠪᠠ᠃ ᠭᠡᠪᠡᠴᠦ ᠯᠢᠺᠦᠨᠢᠽ ᠮᠡᠲᠦ ᠴᠥᠭᠡᠨ ᠬᠣᠲᠠ ᠪᠠᠰᠠ ᠪᠡᠬᠢᠯᠡᠨ ᠰᠠᠬᠢᠵᠤ ᠳᠠᠭᠠᠭᠠᠳᠤᠢ᠃ ᠲᠦᠷ ᠳᠠᠷᠤᠩᠭᠤᠢᠯᠠᠨ ᠡᠰᠡ ᠰᠠᠭᠤᠪᠠᠰᠤ ᠬᠤᠪᠢᠰᠤᠯ ᠭᠠᠷᠴᠤ ᠮᠡᠳᠡᠬᠦ ᠲᠤᠯᠠ ᠬᠤᠯᠤᠭᠤ ᠂ ᠬᠠᠢᠳᠤ ᠂ ᠪᠠᠢᠳᠠᠷ ᠭᠤᠷᠪᠠᠨ ᠬᠠᠨ ᠦᠯᠡᠳᠡᠵᠦ ᠳᠠᠭᠠᠭᠠᠳᠤᠢ ᠬᠣᠲᠠ ᠲᠣᠰᠬᠣᠨ ᠢ᠋ ᠪᠠᠢᠯᠳᠤᠨ ᠠᠪᠴᠤ ᠳᠠᠷᠤᠢᠬᠠᠨ ᠬᠠᠩᠭᠠᠷᠢ  ᠳ᠋ᠤᠷ ᠵᠠᠮ ᠬᠤᠪᠢᠶᠠᠨ ᠣᠷᠣᠵᠤ ᠶᠡᠬᠡ ᠴᠡᠷᠢᠭ ᠦ᠋ᠨ ᠪᠠᠢᠯᠳᠤᠬᠤᠢ ᠳ᠋ᠤᠷ ᠲᠤᠰᠠᠯᠠᠮᠵᠢ ᠦᠵᠡᠭᠦᠯ 》 ᠬᠡᠮᠡᠪᠡᠢ᠃ ᠬᠤᠷᠢᠮ ᠤ᠋ᠨ ᠳᠠᠷᠠᠭ᠎ᠠ ᠪᠠᠲᠤ ᠬᠠᠨ ᠡᠮᠦᠨᠡᠲᠦ ᠴᠡᠷᠢᠭ ᠢ᠋ᠶ᠋ᠡᠨ ᠳᠥᠷᠪᠡᠨ ᠵᠠᠮ ᠬᠤᠪᠢᠶᠠᠨ ᠰᠢᠭᠤᠳ ᠬᠠᠩᠭᠠᠷᠢ ᠳ᠋ᠤᠷ ᠡᠩᠨᠡᠵᠦ ᠣᠷᠣᠭᠲᠤᠨ ᠭᠡᠮᠡᠨ ᠮᠣᠷᠳᠠᠭᠤᠯᠤᠭᠠᠳ ᠥᠪᠡᠷ ᠢ᠋ᠶ᠋ᠡᠨ ᠶᠡᠬᠡ ᠴᠡᠷᠢᠭ ᠠᠪᠴᠤ ᠠᠷᠤ ᠳ᠋ᠤᠷ ᠲᠦᠰᠢᠭ ᠪᠣᠯᠵᠤ ᠠᠯᠭᠤᠷ ᠶᠠᠪᠤᠵᠤ ᠭᠦᠸᠧ ᠨᠢᠩ ᠭᠣᠣᠯ ᠤ᠋ᠨ ᠵᠡᠭᠦᠨ᠎ᠡ ᠨᠠᠭᠤᠷ ᠲᠣᠭᠣᠷᠢᠮ ᠶᠡᠬᠡ ᠲᠡᠢ ᠭᠠᠵᠠᠷ ᠢ᠋ ᠰᠣᠩᠭᠣᠵᠤ ᠪᠠᠭᠤᠳᠠᠯᠯᠠᠭᠰᠠᠨ ᠰᠦᠪᠡᠬᠡᠲᠡᠢ ᠪᠠᠭᠠᠲᠤᠷ ᠤ᠋ᠨ ᠴᠡᠷᠢᠭ ᠲᠦ᠍ᠷ ᠨᠡᠢᠯᠡᠷ᠎ᠡ ᠣᠳᠪᠠ᠃ 
       ᠲᠡᠳᠦᠢ ᠳ᠋ᠦ᠍ᠷ ᠬᠠᠳᠠᠨ ᠬᠠᠨ ᠵᠠᠷᠯᠢᠭ ᠢ᠋ ᠬᠦᠯᠢᠶᠡᠨ ᠬᠠᠩᠭᠠᠷᠢ ᠳ᠋ᠤᠷ ᠣᠷᠣᠵᠤ ᠢᠷᠡᠬᠦᠢ ᠳ᠋ᠦ᠍ᠷ ᠶᠡᠬᠡ ᠴᠡᠷᠢᠭ ᠲᠣᠬᠢᠶᠠᠯᠳᠤᠭᠰᠠᠨ ᠦᠭᠡᠢ ᠪᠣᠯᠪᠠᠴᠤ ᠣᠯᠠᠩᠬᠢ ᠬᠣᠲᠠ ᠪᠠᠯᠭᠠᠰᠤᠨ ᠦᠬᠦᠨ ᠰᠠᠬᠢᠵᠤ ᠪᠠᠭᠤᠵᠤ ᠥᠭᠬᠦ ᠦᠭᠡᠢ ᠲᠤᠯᠠ ᠴᠡᠷᠢᠭ ᠦ᠋ᠨ ᠮᠥᠷ ᠳᠡᠭᠡᠷ᠎ᠡ ᠶᠡᠬᠡ ᠰᠠᠭᠠᠳ ᠪᠣᠯᠪᠠ᠃ ᠣᠷᠳᠠ ᠬᠠᠨ ᠤ᠋ ᠨᠢᠭᠡᠨ ᠰᠠᠯᠠᠭ᠎ᠠ ᠴᠡᠷᠢᠭ ᠸᠠᠴᠢᠨ ᠬᠣᠲᠠ ᠶ᠋ᠢ ᠬᠡᠳᠦᠨ ᠡᠳᠦᠷ ᠰᠢᠷᠦᠭᠦᠨ ᠪᠠᠢᠯᠳᠤᠵᠤ ᠡᠵᠡᠯᠡᠪᠡ᠃ ᠡᠨᠡ ᠬᠣᠲᠠ ᠳ᠋ᠤᠨᠠᠣ᠋ ᠭᠣᠣᠯ ᠤ᠋ᠨ ᠳᠡᠭᠡᠳᠦ ᠡᠬᠢᠨ ᠦ᠌ ᠲᠡᠷᠢᠭᠦᠨ ᠶᠡᠬᠡ ᠬᠣᠲᠠ ᠲᠤᠯᠠ ᠬᠠᠩᠭᠠᠷᠢ ᠶ᠋ᠢᠨ ᠪᠠᠶᠠᠳ ᠨᠣᠶᠠᠳ ᠡᠳ᠋ ᠡᠷᠳᠡᠨᠢ ᠪᠡᠨ ᠠᠪᠴᠤ ᠡᠨᠡ ᠬᠣᠲᠠᠨ ᠳ᠋ᠤᠷ ᠨᠢᠭᠤᠭᠳᠠᠰᠤᠭᠠᠢ ᠭᠡᠮᠡᠨ ᠢᠷᠡᠭᠡᠳ ᠴᠥᠮ ᠬᠣᠣᠷ ᠠᠮᠰᠠᠪᠠ ᠃ ᠱᠣᠩᠬᠣᠷ ᠬᠠᠨ ᠤ᠋ ᠨᠢᠭᠡᠨ ᠰᠠᠯᠠᠭ᠎ᠠ ᠴᠡᠷᠢᠭ ᠡᠩᠸᠯᠢᠶᠠᠨ ᠬᠣᠲᠠ ᠶ᠋ᠢ ᠪᠠᠢᠯᠳᠤᠬᠤᠢ ᠳ᠋ᠤᠷ ᠰᠢᠷᠦᠭᠦᠨ ᠡᠰᠡᠷᠭᠦᠴᠡᠯ ᠤᠴᠠᠷᠠᠭᠰᠠᠨ ᠲᠤᠯᠠ ᠬᠣᠲᠠ ᠶ᠋ᠢ ᠡᠵᠡᠯᠡᠭᠰᠡᠨ ᠬᠣᠢᠨ᠎ᠠ ᠪᠤᠯᠢᠶᠠᠨ ᠣᠯᠵᠠᠯᠠᠵᠤ ᠢᠯᠠᠩᠭᠤᠶ᠎ᠠ ᠸᠯᠡᠳᠢᠨ ᠰᠦᠮ᠎ᠡ ᠶ᠋ᠢᠨ ᠡᠳ᠋ ᠡᠷᠳᠡᠨᠢ ᠶ᠋ᠢ ᠥᠴᠦᠬᠡᠨ ᠴᠦ᠍ ᠦᠯᠡᠳᠡᠭᠡᠭᠰᠡᠨ ᠦᠭᠡᠢ ᠰᠦᠢᠳᠬᠡᠪᠡ᠃ ᠸᠯᠡᠳᠢᠨ ᠰᠦᠮ᠎ᠡ ᠶ᠋ᠢᠨ ᠶᠡᠬᠡ ᠰᠤᠷᠭᠠᠭᠴᠢ ᠴᠡᠷᠢᠭ ᠢ᠋ᠶ᠋ᠡᠨ ᠠᠪᠴᠤ ᠪᠤᠲᠠ ᠬᠣᠲᠠᠨ ᠳ᠋ᠤᠷ ᠣᠴᠢᠬᠤ ᠪᠠᠷ ᠮᠣᠷᠳᠠᠭᠠᠳ ᠡᠨᠡ ᠮᠡᠳᠡᠭᠡ ᠶ᠋ᠢ ᠰᠣᠨᠣᠰᠴᠤ ᠲᠤᠢᠯ ᠢ᠋ᠶ᠋ᠠᠷ ᠬᠠᠷᠠᠮᠰᠠᠵᠤ ᠴᠡᠷᠢᠭ ᠢ᠋ᠶ᠋ᠡᠨ ᠠᠪᠴᠤ ᠪᠤᠴᠠᠪᠠᠰᠤ ᠱᠣᠩᠬᠣᠷ ᠬᠠᠨ ᠪᠠᠢᠭᠰᠠᠨ ᠦᠭᠡᠢ ᠴᠥᠭᠡᠨ ᠮᠣᠩᠭᠣᠯᠴᠤᠳ ᠬᠣᠴᠣᠷᠴᠤ ᠪᠠᠢᠭᠰᠠᠨ ᠢ᠋ ᠸᠯᠡᠳᠢᠨ ᠰᠤᠷᠭᠠᠭᠴᠢ ᠤᠯᠠᠢᠨ ᠳᠠᠭᠠᠷᠢᠬᠤᠢ ᠳ᠋ᠤᠷ ᠮᠣᠩᠭᠣᠯᠴᠤᠳ ᠮᠣᠷᠢ ᠳᠡᠭᠡᠷ᠎ᠡ ᠡᠪᠡᠰᠦᠨ ᠬᠥᠮᠦᠨ ᠤᠶᠠᠵᠤ ᠮᠡᠬᠡᠯᠡᠭᠡᠳ ᠴᠡᠷᠢᠭ ᠪᠦᠭᠭᠦᠵᠦ ᠶᠡᠬᠡᠳᠡ ᠲᠠᠢᠯᠪᠠ᠃ ᠸᠯᠡᠳᠢᠨ ᠦ᠌ ᠴᠡᠷᠢᠭ ᠶᠡᠬᠡᠳᠡ ᠬᠣᠬᠢᠷᠠᠭᠰᠠᠨ ᠲᠤᠯᠠ ᠳᠠᠬᠢᠨ ᠸᠯᠡᠳᠢᠨ ᠬᠣᠲᠠᠨ ᠳ᠋ᠠᠭᠠᠨ ᠪᠤᠴᠠᠵᠤ ᠴᠡᠷᠢᠭ ᠠᠷᠠᠳ ᠢ᠋ᠶ᠋ᠠᠨ ᠴᠤᠭᠯᠠᠭᠤᠯᠤᠨ ᠫᠸᠱᠲ᠋ᠤ ᠶ᠋ᠢᠨ ᠪᠠᠢᠷᠨ ᠸᠠᠩ ᠯᠤᠭ᠎ᠠ ᠨᠡᠢᠯᠡᠬᠦ ᠪᠡᠷ ᠶᠠᠪᠤᠪᠠ᠃ 
       ᠮᠣᠩᠭᠣᠯ ᠤ᠋ᠨ ᠳᠥᠷᠪᠡᠨ ᠵᠠᠮ ᠤ᠋ᠨ ᠴᠡᠷᠢᠭ ᠬᠠᠩᠭᠠᠷᠢ ᠶ᠋ᠢᠨ ᠠᠷᠤ ᠪᠠᠷ ᠣᠷᠣᠵᠤ ᠢᠷᠡᠭᠡᠳ ᠯᠢᠲ᠋ᠤᠧ ᠪᠣᠯᠤᠨ ᠵᠡᠭᠦᠨ ᠹᠷᠦ᠋ᠰᠰᠢ ᠶ᠋ᠢᠨ ᠬᠣᠲᠠ ᠲᠣᠰᠬᠣᠨ ᠢ᠋ ᠡᠵᠡᠯᠡᠨ ᠲᠦᠢᠪᠡᠭᠡᠵᠦ ᠶᠠᠪᠤᠬᠤᠢ ᠳ᠋ᠤᠷ ᠬᠠᠩᠭᠠᠷᠢ ᠶ᠋ᠢᠨ ᠶᠡᠬᠡ ᠪᠠᠭ᠎ᠠ ᠸᠠᠩ ᠤ᠋ᠳ ᠲᠣᠭᠲᠠᠵᠤ ᠴᠢᠳᠠᠬᠤ ᠦᠭᠡᠢ ᠲᠤᠰ ᠲᠤᠰ ᠤ᠋ᠨ ᠴᠡᠷᠢᠭ ᠢ᠋ᠶ᠋ᠡᠨ ᠠᠪᠴᠤ ᠫᠸᠱᠲ᠋ᠤ ᠬᠣᠲᠠᠨ ᠳ᠋ᠤᠷ ᠴᠤᠭᠯᠠᠷᠠᠨ ᠢᠷᠡᠯᠴᠡᠮᠦᠢ᠃ ᠲᠡᠢᠨ ᠬᠦ᠌ ᠫᠸᠱᠲ᠋ᠤ ᠳ᠋ᠤᠷ ᠲᠠᠪᠢᠨ ᠲᠦᠮᠡᠨ ᠶᠡᠬᠡ  ᠴᠡᠷᠢᠭ ᠲᠡᠢ ᠪᠣᠯᠵᠤ ᠰᠦᠷ ᠬᠦᠴᠦᠨ ᠤᠯᠠᠮ ᠨᠡᠮᠡᠭᠳᠡᠪᠡ᠃ 
       ᠥᠭᠦᠯᠡᠬᠦ ᠢᠨᠣ ᠫᠤᠯᠠᠨᠳ᠋ ᠲᠤᠷ ᠳᠠᠷᠤᠩᠭᠤᠢᠯᠠᠨ ᠰᠠᠭᠤᠭᠰᠠᠨ ᠬᠠᠢᠳᠤ ᠂ ᠪᠠᠢᠳᠠᠷ ᠬᠤᠯᠤᠭᠤ ᠨᠠᠷ ᠪᠠᠭᠤᠵᠤ ᠦᠬᠦᠭᠡᠳᠦᠢ ᠬᠣᠲᠠ ᠪᠠᠯᠭᠠᠰᠤᠨ ᠢ᠋ ᠵᠠᠷᠯᠢᠭᠳᠠᠨ ᠪᠠᠭᠤᠯᠭᠠᠨ ᠠᠪᠴᠤ ᠯᠢᠺᠦᠨᠢᠽ ᠬᠦᠷᠴᠦ ᠢᠷᠡᠭᠰᠡᠨ ᠳ᠋ᠦ᠍ᠷ ᠯᠢᠺᠦᠨᠢᠽᠴᠦᠳ ᠪᠡᠬᠢᠯᠡᠯᠲᠡ ᠳ᠋ᠡᠭᠡᠨ ᠲᠦᠰᠢᠭᠯᠡᠨ ᠪᠠᠭᠤᠵᠤ ᠥᠭᠬᠦ ᠦᠭᠡᠢ᠃ ᠪᠠᠢᠳᠠᠷ ᠬᠠᠨ ᠪᠠᠭᠤᠵᠤ ᠥᠭᠬᠦ ᠦᠭᠡᠢ ᠪᠥᠭᠡᠰᠦ ᠬᠢᠳᠤᠮᠤᠢ ᠬᠡᠮᠡᠭᠰᠡᠨ ᠳ᠋ᠦ᠍ᠷ ᠯᠢᠺᠦᠨᠢᠽᠴᠦᠳ ᠬᠠᠷᠢᠨ ᠬᠣᠲᠠ ᠪᠠᠨ ᠲᠦᠢᠮᠡᠷᠳᠡᠨ ᠳᠣᠲᠣᠭᠠᠳᠤ ᠪᠡᠬᠢᠯᠡᠯᠲᠡ ᠳ᠋ᠡᠭᠡᠨ ᠣᠷᠣᠵᠤ ᠰᠠᠬᠢᠪᠠᠢ᠃ ᠪᠠᠢᠳᠠᠷ ᠬᠠᠨ ᠳᠣᠲᠣᠷ᠎ᠠ ᠪᠠᠨ ᠠᠷᠭ᠎ᠠ ᠪᠣᠳᠣᠵᠤ ᠨᠡᠢᠰ ᠭᠣᠣᠯ ᠬᠠᠪᠢ ᠸᠧᠲ᠋ᠧᠮᠤᠭ᠍ᠸᠧᠨ ᠢ᠋ ᠡᠵᠡᠯᠡᠨ ᠰᠠᠭᠤᠵᠤ ᠴᠡᠷᠢᠭ ᠮᠣᠷᠢ ᠪᠠᠨ ᠠᠮᠠᠷᠠᠭᠤᠯᠬᠤ ᠶ᠋ᠢᠨ ᠬᠠᠮᠲᠤ ᠯᠢᠺᠦᠨᠢᠽ ᠢ᠋ ᠭᠡᠲᠡᠭᠦᠯᠵᠦ ᠪᠠᠢᠪᠠ᠃ ᠯᠢᠺᠦᠨᠢᠽᠴᠦᠳ ᠮᠣᠩᠭᠣᠯᠴᠤᠳ ᠢᠷᠡᠭᠰᠡᠨ ᠦᠭᠡᠢ ᠤᠳᠠᠭᠰᠠᠨ ᠲᠤᠯᠠ ᠪᠡᠬᠢᠯᠡᠯᠲᠡ ᠡᠴᠡ ᠭᠠᠷᠴᠤ ᠢᠷᠡᠭᠡᠳ ᠰᠢᠲᠠᠭᠠᠭᠳᠠᠭᠰᠠᠨ ᠭᠡᠷ ᠬᠦᠷᠢᠶ᠎ᠡ ᠪᠡᠨ ᠰᠡᠯᠪᠢᠨ ᠵᠠᠰᠠᠵᠤ ᠰᠡᠳᠬᠢᠯ ᠠᠮᠤᠷ ᠠᠬᠤᠢ ᠶ᠋ᠢ ᠮᠡᠳᠡᠵᠦ ᠲᠡᠮᠤᠷᠪᠦ᠋ᠬᠡ ᠨᠣᠶᠠᠨ ᠢ᠋ ᠶᠠᠪᠤᠭᠤᠯᠤᠨ ᠭᠡᠨᠡᠳᠲᠡ ᠬᠦᠷᠴᠦ ᠪᠡᠬᠢᠯᠡᠯᠲᠡ ᠶ᠋ᠢ ᠠᠨᠤ ᠡᠵᠡᠯᠡᠨ ᠠᠪᠴᠤ ᠨᠤᠷᠠᠭᠠᠵᠤ ᠲᠠᠯᠪᠢᠭᠠᠳ ᠡᠰᠡᠷᠭᠦᠴᠡᠪᠡ ᠭᠡᠮᠡᠨ ᠡᠷᠡᠭᠲᠡᠢ ᠡᠮᠡᠭᠲᠡᠢ ᠬᠣᠶᠠᠷ ᠲᠦᠮᠡ ᠢᠯᠡᠭᠦᠦ ᠬᠥᠮᠦᠨ ᠣᠯᠵᠠᠯᠠᠵᠤ ᠡᠳ᠋ ᠬᠥᠷᠥᠩᠭᠡ ᠶ᠋ᠢ ᠬᠤᠷᠢᠶᠠᠪᠠ᠃ ᠲᠡᠨᠳᠡ ᠡᠴᠡ ᠪᠦᠸ᠋ᠯᠶᠧᠰᠢᠰᠺ ᠢ᠋ ᠴᠢᠭᠯᠡᠨ ᠢᠷᠠᠪᠠᠰᠤ ᠬᠣᠲᠠ ᠶ᠋ᠢ ᠰᠠᠬᠢᠭᠰᠠᠨ ᠨᠣᠶᠠᠨ ᠂ ᠴᠡᠷᠢᠭ ᠢ᠋ᠶ᠋ᠡᠨ ᠠᠪᠴᠤ ᠳᠤᠲᠠᠭᠠᠭᠰᠠᠨ ᠲᠤᠯᠠ ᠬᠣᠲᠠᠨ ᠳ᠋ᠤᠷ ᠰᠢᠨ᠎ᠡ ᠨᠣᠶᠠᠨ ᠲᠣᠮᠢᠯᠠᠨ ᠬᠣᠲᠠ ᠶ᠋ᠢ ᠨᠤᠷᠠᠭᠠᠵᠤ ᠮᠦᠸᠧᠯᠡᠸᠧᠨᠢᠶᠠ ᠬᠦᠷᠴᠡᠢ᠃ ᠴᠢᠨ᠋ᠨᠠᠭᠰᠢᠠ ᠳᠠᠷᠤᠢ  ᠪᠦᠸᠧᠬᠠᠢᠮᠢ ᠂ ᠠᠦ᠋ᠳᠡᠯᠢ ᠶ᠋ᠢᠨ ᠬᠢᠯᠢ ᠪᠣᠯᠤᠮᠤᠢ᠃ ᠪᠦᠸᠧᠬᠠᠢᠮᠢ ᠬᠢᠭᠡᠳ ᠠᠦ᠋ᠳᠡᠯᠢ  ᠬᠣᠶᠠᠷ ᠤᠯᠤᠰ ᠲᠡᠷᠡ ᠦᠶ᠎ᠡ ᠳ᠋ᠦ᠍ᠷ ᠪᠦᠸᠧᠬᠠᠢᠮᠢ ᠸᠠᠩ ᠸᠧᠨᠽᠡᠰᠯᠤᠧ ᠳ᠋ᠦ᠍ᠷ ᠬᠠᠷᠢᠶᠠᠯᠠᠭᠳᠠᠬᠤ ᠪᠥᠯᠥᠭᠡ ᠃ ᠳᠠᠲ᠋ᠠᠷᠴᠤᠳ ᠠᠢᠰᠤᠢ ᠭᠡᠮᠡᠨ ᠰᠣᠨᠣᠰᠤᠭᠠᠳ ᠮᠦᠸᠧᠯᠡᠸᠧᠨᠢᠶᠠ ᠶ᠋ᠢᠨ ᠡᠵᠡᠨ ᠴᠡᠷᠢᠭ ᠭᠤᠶᠤᠬᠤᠢ ᠳ᠋ᠤᠷ ᠪᠦᠸᠧᠬᠠᠢᠮᠢ ᠸᠠᠩ ᠴᠡᠷᠢᠭ ᠴᠥᠭᠡᠨ ᠪᠦᠸᠧᠬᠠᠢᠮᠢ ᠂ ᠯᠢᠤᠢ᠌ᠽᠡᠽᠢ ᠬᠣᠶᠠᠷ ᠬᠣᠲᠠ ᠪᠠᠨ ᠬᠠᠮᠠᠭᠠᠯᠠᠵᠤ ᠬᠦᠷᠬᠦ ᠦᠭᠡᠢ ᠭᠡᠮᠡᠨ ᠰᠢᠯᠲᠠᠭᠠᠯᠠᠨ ᠵᠥᠪᠬᠡᠨ ᠲᠠᠪᠤᠨ ᠮᠢᠩᠭᠠᠨ ᠴᠡᠷᠢᠭ ᠥᠭᠴᠦ ᠵᠠᠩᠵᠤᠨ ᠶᠠᠯᠤᠸᠧᠰᠯᠤᠧ ᠂ ᠽᠠᠳᠠᠢᠯᠳᠪᠸᠢᠢᠯ ᠢ᠋ᠶ᠋ᠠᠷ ᠤᠳᠤᠷᠢᠳᠤᠭᠤᠯᠤᠨ ᠪᠠᠰᠠ ᠬᠣᠬᠢᠷᠠᠯ ᠭᠠᠷᠬᠤ ᠠ᠋ᠴᠠ ᠠᠶᠤᠨ ᠰᠠᠬᠢᠵᠤ ᠰᠠᠭᠤᠬᠤ ᠠ᠋ᠴᠠ ᠪᠤᠰᠤ ᠭᠠᠷᠴᠤ ᠪᠠᠢᠯᠳᠤᠵᠤ ᠪᠣᠯᠬᠤ ᠦᠭᠡᠢ ᠭᠡᠮᠡᠨ ᠳᠠᠬᠢᠨ ᠳᠠᠪᠲᠠᠨ ᠵᠠᠬᠢᠵᠤ ᠶᠠᠪᠤᠭᠤᠯᠪᠠ᠃ 
       ᠪᠦᠸᠧᠬᠠᠢᠮᠢ ᠸᠠᠩ ᠥᠪᠡᠷᠲᠡᠭᠡᠨ ᠲᠠᠪᠤᠨ ᠲᠦᠮᠡᠨ ᠴᠡᠷᠢᠭ ᠠᠪᠴᠤ ᠬᠣᠢᠰᠢ ᠤᠬᠤᠷᠢᠵᠤ ᠲᠢᠶᠣᠣᠯᠢᠨᠭᠸᠨ ᠂ ᠽᠡᠺᠦᠰᠸᠨ ᠦ᠌ ᠴᠡᠷᠢᠭ ᠲᠦ᠍ᠷ ᠣᠴᠢᠵᠤ ᠨᠡᠢᠯᠡᠪᠡ᠃ 
       ᠥᠭᠦᠯᠡᠬᠦ ᠢᠨᠣ ᠽᠠᠳᠠᠢᠯᠳᠪᠸᠢᠢᠯ ᠴᠡᠷᠢᠭ ᠢ᠋ᠶ᠋ᠡᠨ ᠠᠪᠴᠤ ᠮᠧᠶᠧᠨᠢᠶ᠎ᠠ ᠶ᠋ᠢᠨ ᠸᠸᠯᠸᠮᠤᡁᠢ ᠬᠤᠲᠠᠨ᠎ᠠ ᠢᠷᠡᠪᠡᠰᠦ ᠲᠡᠷᠡ ᠬᠣᠲᠠ ᠬᠠᠷᠢᠨ ᠨᠡᠯᠢᠶᠡᠳ ᠴᠡᠷᠢᠭ ᠡᠯᠰᠡᠵᠦ ᠬᠣᠲᠠ ᠪᠠᠨ ᠬᠠᠮᠠᠭᠠᠯᠠᠮᠤᠢ᠃ ᠽᠠᠳᠠᠢᠯᠳᠪᠸᠢᠢᠯ ᠳᠥᠷᠪᠡᠨ ᠮᠢᠩᠭᠠᠨ ᠴᠡᠷᠢᠭ ᠢ᠋ᠶ᠋ᠡᠨ ᠡᠨᠡ ᠬᠣᠲᠠᠨ ᠳ᠋ᠤᠷ ᠦᠯᠡᠳᠡᠭᠡᠵᠦ ᠪᠡᠶ᠎ᠡ ᠪᠡᠷ ᠮᠢᠩᠭᠠᠨ ᠴᠡᠷᠢᠭ ᠠᠪᠴᠤ ᠪᠦᠯᠢᠨ ᠬᠣᠲᠠ ᠶ᠋ᠢ ᠣᠴᠢᠵᠤ ᠰᠠᠬᠢᠪᠠᠢ᠃ ᠪᠠᠢᠳᠠᠷ ᠬᠠᠨ ᠶᠡᠬᠡ ᠴᠡᠷᠢᠭ ᠠᠪᠴᠤ ᠲᠠᠭᠠᠯᠴᠠᠨ ᠬᠦᠷᠴᠦ ᠢᠷᠡᠭᠡᠳ ᠬᠣᠲᠠ ᠣᠢᠷᠠᠲᠤᠵᠤ ᠪᠠᠭᠤᠳᠠᠯᠯᠠᠬᠤᠢ ᠳ᠋ᠤᠷ ᠰᠥᠨᠢ ᠬᠣᠲᠠ ᠶ᠋ᠢᠨ ᠬᠠᠢᠰᠠᠩ ᠳ᠋ᠤᠷ ᠭᠠᠷᠴᠤ ᠳᠥᠷᠪᠡᠨ ᠵᠦᠭ ᠦᠵᠡᠪᠡᠰᠦ ᠪᠠᠮᠪᠠᠷ ᠲᠦᠳᠡᠭ ᠦ᠋ᠨ ᠭᠠᠯ ᠭᠡᠭᠡ ᠂ ᠠᠭᠠᠷ ᠲᠡᠭᠷᠢ ᠶ᠋ᠢᠨ ᠣᠳᠣᠨ ᠮᠡᠴᠢᠳ ᠯᠦ᠍ᠭᠡ ᠦᠷᠭᠦᠯᠵᠢᠯᠡᠮᠦᠢ᠃ ᠵᠢᠴᠢ ᠡᠳᠦᠷ ᠮᠣᠩᠭᠣᠯᠴᠤᠳ ᠬᠣᠲᠠ ᠶ᠋ᠢᠨ ᠣᠢᠷ᠎ᠠ ᠢᠷᠡᠭᠡᠳ ᠬᠣᠲᠠ ᠶ᠋ᠢ ᠲᠦᠮᠡ ᠬᠣᠶᠠᠷ ᠮᠢᠩᠭᠠᠨ ᠬᠥᠮᠦᠨ ᠰᠠᠬᠢᠮᠤᠢ ᠭᠡᠮᠡᠨ ᠰᠣᠨᠣᠰᠤᠭᠠᠳ ᠬᠡᠷᠡᠭ ᠪᠣᠯᠭᠠᠭᠰᠠᠨ ᠦᠭᠡᠢ᠃ ᠰᠦᠷᠳᠡᠭᠦᠯᠰᠦᠭᠡᠢ ᠭᠡᠮᠡᠨ ᠴᠡᠷᠢᠭ ᠦ᠋ᠳ ᠢ᠋ᠶ᠋ᠡᠷ ᠬᠣᠲᠠ ᠲᠣᠭᠣᠷᠢᠨ ᠬᠠᠷᠪᠤᠭᠤᠯᠤᠭᠰᠠᠨ ᠳ᠋ᠤᠷ ᠵᠡᠪᠡ ᠴᠠᠰᠤ ᠪᠣᠷᠣᠭᠠᠨ ᠮᠡᠲᠦ ᠪᠠᠭᠤᠵᠤ ᠡᠳᠦᠷ ᠢ᠋ᠶ᠋ᠡᠷ ᠬᠠᠷᠠᠩᠭᠤᠢ ᠪᠣᠯᠪᠠ᠃ ᠮᠣᠩᠭᠣᠯᠴᠤᠳ ᠪᠠᠰᠠ ᠪᠠᠢᠯᠳᠤᠷ᠎ᠠ ᠭᠠᠷᠴᠤ ᠢᠷ᠎ᠡ ᠭᠡᠮᠡᠨ ᠶᠠᠩᠵᠤ ᠪᠠᠷ ᠥᠳᠥᠭᠡᠮᠦᠢ᠃ ᠽᠠᠳᠠᠢᠯᠳᠪᠸᠢᠢᠯ ᠣᠭᠲᠣ ᠣᠢᠰᠢᠶᠠᠬᠤ ᠦᠭᠡᠢ ᠳ᠋ᠦ᠍ᠷ ᠮᠣᠩᠭᠣᠯᠴᠤᠳ ᠴᠤ᠌ ᠪᠦᠯᠢᠨ ᠬᠣᠲᠠ ᠶ᠋ᠢᠨ ᠣᠯᠠᠨ ᠢ᠋ ᠨᠢᠳᠦᠨ ᠳ᠋ᠡᠭᠡᠨ ᠬᠠᠪᠴᠢᠬᠤ ᠦᠭᠡᠢ ᠴᠡᠷᠢᠭ ᠮᠣᠷᠢ ᠪᠠᠨ ᠠᠮᠠᠷᠠᠭᠤᠯᠤᠨ ᠠᠵᠢᠭ ᠦᠭᠡᠢ ᠰᠠᠭᠤᠮᠤᠢ᠃ ᠽᠠᠳᠠᠢᠯᠳᠪᠸᠢᠢᠯ ᠵᠢᠷᠭᠤᠳᠤᠭᠠᠷ ᠰᠠᠷ᠎ᠠ ᠶ᠋ᠢᠨ ᠬᠣᠷᠢᠨ ᠳᠥᠷᠪᠡᠨ ᠦ᠌ ᠰᠥᠨᠢ ᠮᠣᠩᠭᠣᠯᠴᠤᠳ ᠤ᠋ᠨ ᠬᠦᠷᠢᠶᠡᠨ ᠢ ᠳᠠᠷᠤᠨ ᠣᠷᠣᠵᠤ ᠴᠠᠪᠴᠢᠪᠠ᠃ ᠪᠡᠢᠳᠡᠷ ᠬᠠᠨ ᠶᠠᠭᠠᠷᠠᠨ ᠭᠠᠷᠴᠤ ᠢᠷᠡᠭᠡᠳ ᠤᠭᠲᠤᠨ ᠪᠠᠢᠯᠳᠤᠵᠤ ᠠᠭᠠᠳ ᠰᠠᠮᠠᠭᠤᠨ ᠵᠡᠪᠡ ᠳ᠋ᠦ᠍ᠷ ᠣᠨᠣᠭᠳᠠᠵᠤ ᠰᠢᠷᠬᠠᠲᠤᠪᠠ᠃ ᠵᠢᠭᠦᠷ ᠦ᠋ᠨ ᠴᠡᠷᠢᠭ ᠲᠤᠰᠠᠯᠠᠷ᠎ᠠ ᠬᠦᠷᠴᠦ ᠢᠷᠡᠬᠦᠢ ᠳ᠋ᠦ᠍ᠷ ᠽᠠᠳᠠᠢᠯᠳᠪᠸᠢᠢᠯ ᠬᠡᠳᠦᠢᠨᠡᠢ ᠬᠣᠲᠠᠨ ᠳ᠋ᠠᠭᠠᠨ ᠣᠷᠣᠵᠤᠬᠤᠢ᠃ 
       ᠪᠠᠢᠳᠠᠷ ᠬᠠᠨ ᠪᠦᠯᠢᠨ ᠬᠣᠲᠠ ᠶ᠋ᠢ ᠪᠠᠭ᠎ᠠ ᠪᠥᠭᠡᠳ ᠴᠡᠷᠢᠭ ᠴᠥᠭᠡᠨ ᠭᠡᠮᠡᠨ ᠪᠠᠰᠤᠮᠵᠢᠯᠠᠵᠤ ᠪᠠᠢᠯᠳᠤᠬᠤ ᠶ᠋ᠢ ᠶᠠᠭᠠᠷᠠᠭᠰᠠᠨ ᠦᠭᠡᠢ ᠪᠥᠭᠡᠳ ᠰᠡᠷᠡᠮᠵᠢ ᠦᠭᠡᠢ ᠡᠴᠡ ᠡᠢᠮᠦ ᠬᠣᠬᠢᠷᠠᠯ ᠠᠮᠰᠠᠵᠤ ᠥᠪᠡᠷᠦᠨ ᠪᠡᠶ᠎ᠡ ᠪᠠᠰᠠ ᠰᠢᠷᠬᠠᠲᠤᠭᠰᠠᠨ ᠳ᠋ᠤᠷ ᠶᠡᠬᠡᠳᠡ ᠢᠴᠡᠩᠭᠦᠷᠢᠨ ᠬᠣᠷᠣᠰᠴᠤ ᠵᠠᠷᠯᠢᠭ ᠪᠣᠯᠵᠤ ᠬᠣᠲᠠ ᠶ᠋ᠢ ᠬᠢᠳᠦᠰᠦᠭᠡᠢ ᠭᠡᠮᠡᠨ ᠠᠲᠠᠯ᠎ᠠ ᠪᠠᠲᠤ ᠬᠠᠨ ᠤ᠋ ᠵᠠᠷᠯᠢᠭ ᠬᠦᠷᠴᠦ ᠢᠷᠡᠭᠡᠳ ᠬᠠᠩᠭᠠᠷᠢ ᠶ᠋ᠢᠨ ᠶᠡᠬᠡ ᠪᠠᠢᠯᠳᠤᠭᠠᠨ ᠳ᠋ᠤᠷ ᠰᠠᠭᠠᠳ ᠦᠭᠡᠢ ᠣᠷᠣᠯᠴᠠᠭᠲᠤᠨ ᠬᠡᠮᠡᠪᠡ᠃ 
       ᠪᠠᠢᠳᠠᠷ ᠬᠠᠨ ᠭᠡᠨᠡᠳᠡᠭᠳᠡᠭᠰᠡᠨ ᠳ᠋ᠡᠭᠡᠨ ᠭᠡᠮᠰᠢᠵᠦ ᠪᠦᠯᠢᠨ ᠬᠣᠲᠠ ᠶ᠋ᠢ ᠲᠠᠯᠠᠭᠠᠷ ᠣᠷᠬᠢᠵᠤ ᠶᠠᠪᠤᠬᠤ ᠦᠭᠡᠢ ᠭᠡᠮᠡᠨ ᠨᠢᠭᠡᠨ ᠠᠷᠭ᠎ᠠ ᠣᠯᠵᠤ ᠶᠡᠬᠡ ᠴᠡᠷᠢᠭ ᠦ᠋ᠨ ᠬᠦᠷᠢᠶᠡᠨ ᠳ᠋ᠦ᠍ᠷ ᠭᠠᠰᠢᠭᠤᠳᠠᠯ ᠤ᠋ᠨ ᠲᠡᠮᠳᠡᠭ ᠡᠯᠭᠦᠭᠦᠯᠵᠦ ᠪᠡᠢᠳᠡᠷ ᠬᠠᠨ ᠰᠢᠷᠬ᠎ᠠ ᠶ᠋ᠢᠨ ᠬᠠᠯᠠᠭᠤᠨ ᠢ᠋ᠶ᠋ᠠᠷ ᠦᠬᠦᠪᠡ ᠭᠡᠮᠡᠨ ᠴᠤᠤ ᠭᠠᠷᠭᠠᠨ ᠭᠠᠰᠢᠭᠤᠳᠠᠨ ᠤᠬᠢᠯᠠᠬᠤ ᠳᠠᠭᠤᠨ ᠡᠭᠦᠰᠬᠡᠨ ᠠᠴᠢᠶ᠎ᠠ ᠬᠥᠰᠬᠡ ᠪᠡᠨ ᠠᠪᠴᠤ ᠬᠣᠯᠠ ᠶᠠᠪᠤᠬᠤ ᠪᠠᠷ ᠮᠣᠷᠳᠠᠪᠠ᠃ 
       ᠽᠠᠳᠠᠢᠯᠳᠪᠸᠢᠢᠯ ᠬᠠᠰᠢᠷ ᠬᠥᠮᠦᠨ ᠲᠤᠯᠠ ᠨᠡᠬᠡᠮᠵᠢᠯᠡᠭᠰᠡᠨ ᠦᠭᠡᠢ᠃ ᠬᠥᠮᠦᠨ ᠶᠠᠪᠤᠭᠤᠯᠵᠤ ᠲᠤᠷᠰᠢᠭᠤᠯᠪᠠᠰᠤ ᠦᠨᠡᠬᠡᠷ ᠬᠠᠩᠭᠠᠷᠢ ᠶ᠋ᠢ ᠴᠢᠭᠯᠡᠪᠡ᠃ ᠵᠠᠮ ᠵᠠᠭᠤᠷ᠎ᠠ ᠴᠤ᠌ ᠪᠦᠭᠭᠦᠭᠰᠡᠨ ᠴᠡᠷᠢᠭ ᠮᠣᠷᠢ ᠦᠭᠡᠢ ᠭᠡᠮᠡᠨ ᠯᠠᠪᠲᠠᠢ ᠪᠠᠲᠤᠯᠠᠭᠰᠠᠨ ᠬᠣᠢᠨ᠎ᠠ ᠪᠠᠢᠳᠠᠷ ᠬᠠᠨ ᠦᠬᠦᠪᠡ ᠭᠡᠮᠡᠨ ᠦᠨᠡᠮᠰᠢᠵᠦ ᠡᠵᠡᠨ ᠳ᠋ᠡᠭᠡᠨ ᠮᠡᠳᠡᠭᠦᠯᠵᠦ ᠴᠡᠷᠢᠭ ᠢ᠋ᠶ᠋ᠡᠨ ᠠᠮᠠᠷᠠᠭᠤᠯᠤᠨ ᠬᠣᠲᠠ ᠶ᠋ᠢᠨ ᠠᠷᠠᠳ ᠢ᠋ ᠴᠦ᠍ ᠲᠦᠯᠡᠭᠡ ᠮᠣᠳᠣ ᠴᠠᠪᠴᠢᠭᠤᠯᠠᠷ᠎ᠡ ᠭᠠᠷᠭᠠᠬᠤᠢ ᠳ᠋ᠤᠷ ᠬᠣᠶᠠᠷ ᠰᠠᠯᠠᠭ᠎ᠠ ᠮᠣᠩᠭᠣᠯ ᠴᠡᠷᠢᠭ ᠭᠡᠨᠡᠳᠲᠡ ᠬᠣᠢᠲᠤ ᠬᠠᠭᠠᠯᠭ᠎ᠠ ᠬᠢᠭᠡᠳ ᠪᠠᠷᠠᠭᠤᠨ ᠬᠠᠭᠠᠯᠭ᠎ᠠ ᠪᠠᠷ ᠰᠢᠪᠲᠤᠯᠤᠨ ᠣᠷᠣᠵᠤ ᠢᠷᠡᠭᠡᠳ ᠵᠠᠬ᠎ᠠ ᠳᠠᠷᠠᠭᠠᠯᠠᠨ ᠬᠢᠳᠤᠮᠤᠢ᠃ ᠽᠠᠳᠠᠢᠯᠳᠪᠸᠢᠢᠯ ᠰᠠᠨᠠᠭᠠᠨ ᠳ᠋ᠤᠷ ᠦᠭᠡᠢ ᠲᠤᠯᠠ ᠭᠡᠨᠡᠳᠲᠡ ᠵᠦᠭ ᠵᠦᠭ ᠡᠴᠡ ᠭᠠᠯ ᠮᠠᠨᠳᠤᠨ ᠬᠥᠮᠦᠨ ᠮᠣᠷᠢ ᠣᠢᠮᠠᠯᠳᠤᠬᠤᠢ ᠳ᠋ᠤᠷ ᠶᠠᠮᠠᠷ ᠤᠴᠢᠷ ᠭᠠᠷᠤᠭᠰᠠᠨ ᠢ᠋ ᠮᠡᠳᠡᠬᠦ ᠦᠭᠡᠢ ᠶᠠᠭᠠᠷᠠᠤ ᠮᠣᠷᠢᠨ ᠳ᠋ᠠᠭᠠᠨ ᠮᠣᠷᠳᠠᠵᠤ ᠳᠡᠷᠭᠡᠳᠡ ᠪᠠᠢᠭᠰᠠᠨ ᠴᠥᠭᠡᠨ ᠴᠡᠷᠢᠭ ᠢ᠋ᠶ᠋ᠡᠨ ᠠᠪᠴᠤ ᠢᠷᠡᠪᠡᠰᠦ ᠠᠷᠤ ᠥᠪᠥᠷ ᠢ᠋ᠶ᠋ᠡᠷ ᠴᠥᠮ ᠮᠣᠩᠭᠣᠯ ᠴᠡᠷᠢᠭ ᠲᠤᠯᠠ ᠳᠠᠮ ᠢᠯᠳᠦ ᠳᠠᠯᠠᠢᠨ ᠵᠠᠮ ᠪᠤᠯᠢᠶᠠᠨ ᠭᠠᠷᠬᠤᠢ ᠳ᠋ᠤᠷ ᠨᠢᠭᠡᠨ ᠴᠠᠭᠠᠨ ᠮᠣᠷᠢᠲᠠᠢ ᠵᠠᠯᠠᠭᠤ ᠨᠣᠶᠠᠨ ᠵᠢᠳᠠ ᠬᠥᠨᠳᠡᠯᠡᠨ ᠪᠠᠷᠢᠵᠤ ᠵᠠᠮ ᠢ᠋ ᠬᠠᠭᠠᠪᠠ᠃ ᠦᠵᠡᠪᠡᠰᠦ ᠠᠯᠲᠠᠨ ᠳᠤᠭᠤᠯᠠᠭ᠎ᠠ ᠂ ᠠᠯᠲᠠᠨ ᠬᠤᠶᠠᠭ ᠲᠠᠢ ᠥᠩᠭᠡ ᠵᠢᠰᠦ ᠠᠷᠢᠭᠤᠨ ᠶᠡᠬᠡᠮᠰᠦᠭ ᠂ ᠬᠡᠳᠦ ᠬᠡᠳᠦᠨ ᠶᠡᠬᠡ ᠵᠠᠩᠵᠤᠨ ᠬᠠᠮᠠᠭᠠᠯᠠᠨ ᠵᠣᠭᠰᠣᠪᠠᠢ᠃  ᠪᠣᠳᠣᠪᠠᠰᠤ ᠪᠠᠢᠳᠠᠷ ᠬᠠᠨ ᠲᠤᠯᠠ ᠭᠠᠷᠴᠤ ᠴᠢᠳᠠᠬᠤ ᠦᠭᠡᠢ ᠪᠡᠨ ᠮᠡᠳᠡᠵᠦ ᠪᠤᠴᠠᠵᠤ ᠪᠤᠷᠤᠭᠤᠯᠠᠰᠤᠭᠠᠢ ᠭᠡᠮᠡᠨ ᠪᠦᠬᠦᠢ ᠳ᠋ᠦ᠍ᠷ ᠨᠢᠭᠡᠨ ᠵᠡᠪᠡ ᠲᠥᠪ ᠭᠡᠮᠡᠨ ᠨᠢᠷᠤᠭᠤᠨ ᠳ᠋ᠤᠷ ᠠᠨᠤ ᠬᠠᠳᠬᠤᠵᠤ ᠂ ᠽᠠᠳᠠᠢᠯᠳᠪᠸᠢᠢᠯ ᠮᠣᠷᠢᠨ ᠠ᠋ᠴᠠ ᠪᠠᠨ ᠲᠣᠩᠭᠣᠷᠴᠣᠭᠯᠠᠨ ᠤᠨᠠᠪᠠ᠃  ᠪᠠᠢᠳᠠᠷ ᠬᠠᠨ ᠲᠣᠯᠣᠭᠠᠢ ᠶ᠋ᠢ ᠠᠨᠤ ᠠᠪᠤᠭᠤᠯᠤᠨ ᠮᠣᠷᠢᠨ ᠤ᠋ ᠬᠦᠵᠦᠭᠦᠨ ᠳ᠋ᠦ᠍ᠷ ᠡᠯᠭᠦᠵᠦ ᠶᠠᠪᠤᠬᠤᠢ ᠳ᠋ᠤᠷ ᠬᠣᠲᠠ ᠶ᠋ᠢᠨ ᠴᠡᠷᠢᠭ ᠠᠷᠠᠳ ᠡᠵᠡᠨ ᠦᠭᠡᠢ ᠪᠣᠯᠤᠭᠰᠠᠨ ᠢ᠋ᠶ᠋ᠠᠨ ᠮᠡᠳᠡᠵᠦ ᠳᠠᠭᠠᠬᠤ ᠶ᠋ᠢ ᠭᠤᠶᠤᠪᠠ᠃ ᠣᠯᠠᠨ ᠵᠠᠩᠵᠤᠨ ᠴᠥᠮ ᠬᠢᠳᠦᠰᠦᠭᠡᠢ ᠭᠡᠮᠡᠨ ᠪᠦᠬᠦᠢ ᠳ᠋ᠦ᠍ᠷ ᠪᠠᠢᠳᠠᠷ ᠬᠠᠨ ᠥᠭᠦᠯᠡᠷᠦᠨ ᠄ 《ᠮᠢᠨᠦ ᠬᠢᠨᠠᠮᠠᠭᠠᠢ ᠦᠭᠡᠢ ᠡᠴᠡ ᠴᠡᠷᠢᠭ ᠵᠠᠩᠵᠤᠨ ᠬᠣᠬᠢᠷᠠᠪᠠ᠃ ᠽᠠᠳᠠᠢᠯᠳᠪᠸᠢᠢᠯ ᠠ᠋ᠴᠠ ᠨᠢᠭᠡ ᠵᠡᠪᠡ ᠶ᠋ᠢᠨ ᠥᠰᠢᠶ᠎ᠡ ᠪᠡᠨ ᠠᠪᠴᠤ ᠠᠯᠠᠭᠰᠠᠨ ᠲᠤᠯᠠ ᠬᠣᠲᠠ ᠶ᠋ᠢᠨ ᠣᠯᠠᠨ ᠢ ᠬᠡᠯᠲᠦᠷᠢᠭᠦᠯᠰᠦᠭᠡᠢ》 ᠭᠡᠮᠡᠨ ᠴᠡᠷᠢᠭ ᠢ᠋ᠶ᠋ᠡᠨ ᠲᠠᠲᠠᠵᠤ ᠶᠡᠬᠡ ᠴᠡᠷᠢᠭ ᠦ᠋ᠨ ᠠᠷᠤ ᠠ᠋ᠴᠠ ᠲᠦᠷᠭᠡᠯᠡᠨ ᠶᠠᠪᠤᠵᠤ ᠨᠡᠢᠯᠡᠪᠡ᠃ ᠡᠨᠡ ᠪᠥᠭᠡᠰᠦ ᠲᠡᠮᠤᠷᠪᠦ᠋ᠬᠡ ᠶ᠋ᠢᠨ ᠲᠦᠮᠡᠨ ᠯᠢᠲ᠋ᠤᠧ ᠂ ᠵᠡᠭᠦᠨ ᠹᠷᠦ᠋ᠰᠰᠢ ᠶ᠋ᠢ ᠡᠵᠡᠯᠡᠵᠦ ᠠᠪᠤᠭᠠᠳ ᠪᠠᠢᠳᠠᠷ ᠬᠠᠨ ᠤ᠋ ᠴᠡᠷᠢᠭ ᠲᠦ᠍ᠷ ᠣᠢᠷᠠᠲᠤᠰᠤᠭᠠᠢ ᠭᠡᠮᠡᠨ ᠪᠣᠢ ᠶ᠋ᠢ ᠪᠠᠢᠳᠠᠷ ᠬᠠᠨ ᠮᠡᠳᠡᠵᠦ ᠪᠦᠯᠢᠨ ᠬᠣᠲᠠ ᠶ᠋ᠢᠨ ᠠᠷᠤ ᠳ᠋ᠤᠷ ᠪᠦᠭᠭᠦᠭᠦᠯᠵᠦ ᠪᠠᠢᠳᠠᠷ ᠬᠠᠨ ᠰᠢᠳᠠᠷ ᠡᠷᠡᠰ ᠢ᠋ᠶ᠋ᠡᠨ ᠠᠪᠴᠤ ᠰᠥᠨᠢ ᠣᠴᠢᠵᠤ ᠨᠡᠢᠯᠡᠭᠡᠳ ᠪᠦᠯᠢᠨ ᠬᠣᠲᠠ ᠶ᠋ᠢ ᠭᠡᠨᠡᠳᠡᠭᠦᠯᠦᠨ ᠠᠪᠴᠤ ᠥᠰᠢᠶ᠎ᠡ ᠪᠡᠨ ᠬᠠᠷᠢᠭᠤᠯᠪᠠ᠃ 
       ᠬᠠᠩᠭᠠᠷᠢ ᠶ᠋ᠢᠨ ᠸᠠᠩ ᠂ ᠬᠦᠩ ᠂ ᠡᠷᠭᠢᠮᠲᠡᠳ ᠂ ᠵᠠᠩᠵᠤᠨ ᠴᠡᠷᠢᠭ ᠴᠥᠮ ᠪᠤᠲᠠ ᠫᠧᠱᠲ᠋ᠤ ᠬᠣᠶᠠᠷ ᠬᠣᠲᠠᠨ ᠳ᠋ᠤᠷ ᠴᠤᠭᠯᠠᠷᠠᠨ ᠢᠷᠡᠯᠴᠡᠬᠦᠢ ᠳ᠋ᠦ᠍ᠷ ᠫᠤᠯᠠᠡᠳ᠋ ᠢ᠋ ᠡᠵᠡᠯᠡᠵᠦ ᠶᠠᠪᠤᠭᠰᠠᠨ ᠭᠤᠷᠪᠠᠨ ᠰᠠᠯᠠᠭ᠎ᠠ ᠴᠡᠷᠢᠭ ᠵᠠᠷᠯᠢᠭ ᠢ᠋ᠶ᠋ᠠᠷ  ᠬᠠᠩᠭᠠᠷᠢ ᠳ᠋ᠤᠷ ᠳᠠᠷᠤᠨ ᠣᠷᠣᠵᠤ ᠢᠷᠡᠭᠡᠳ ᠵᠠᠮ  ᠳᠠᠭᠠᠤ ᠬᠣᠲᠠ ᠲᠣᠰᠬᠣᠨ ᠤ᠋ ᠡᠰᠡᠷᠭᠦᠴᠡᠭᠰᠡᠨ ᠪᠦᠬᠦᠨ ᠢ ᠬᠢᠳᠤᠵᠤ ᠡᠵᠡᠯᠡᠭᠰᠡᠭᠡᠷ ᠬᠣᠵᠢᠳ ᠤᠷᠢᠳ ᠴᠥᠮ ᠭᠦᠸᠧ ᠨᠢᠩ ᠭᠣᠣᠯ ᠤ᠋ᠨ ᠵᠡᠭᠦᠨ᠎ᠡ ᠪᠠᠲᠤ ᠬᠠᠨ ᠂ ᠰᠦᠪᠡᠬᠡᠲᠡᠢ ᠪᠠᠭᠠᠲᠤᠷ ᠤ᠋ᠨ ᠶᠡᠬᠡ ᠬᠦᠷᠢᠶᠡᠨ ᠳ᠋ᠦ᠍ᠷ ᠴᠤᠭᠯᠠᠷᠠᠵᠤ ᠢᠷᠡᠮᠦᠢ᠃ ᠵᠥᠪᠬᠡᠨ ᠬᠤᠯᠤᠭᠤ ᠬᠠᠨ ᠤ᠋ ᠨᠢᠭᠡ ᠰᠠᠯᠠᠭ᠎ᠠ ᠴᠡᠷᠢᠭ ᠫᠤᠯᠠᠡᠳ᠋ ᠬᠠᠩᠭᠠᠷᠢ ᠶ᠋ᠢᠨ ᠬᠢᠯᠢ ᠪᠡᠷ ᠳᠠᠷᠤᠩᠭᠤᠢᠯᠠᠨ ᠶᠠᠪᠤᠵᠤ ᠵᠠᠮ ᠳ᠋ᠤᠷ ᠲᠣᠬᠢᠶᠠᠯᠳᠤᠭᠰᠠᠨ ᠬᠣᠲᠠ ᠲᠣᠰᠬᠣᠨ ᠢ᠋ ᠡᠵᠡᠯᠡᠨ ᠠᠪᠬᠤ ᠶ᠋ᠢ ᠥᠭᠦᠯᠡᠬᠦ ᠦᠭᠡᠢ᠃ ᠥᠭᠦᠯᠡᠬᠦ ᠢᠨᠦ ᠪᠠᠲᠤ ᠬᠠᠨ ᠦᠵᠡᠪᠡᠰᠦ ᠣᠯᠠᠨ ᠵᠠᠮ ᠤ᠋ᠨ ᠴᠡᠷᠢᠭ ᠨᠢᠭᠡᠨᠲᠡ ᠴᠤᠭᠯᠠᠷᠠᠨ ᠢᠷᠡᠭᠰᠡᠨ ᠲᠤᠯᠠ ᠲᠦᠷᠭᠡᠯᠡᠨ ᠪᠠᠢᠯᠳᠤᠰᠤᠭᠠᠢ ᠭᠡᠮᠡᠨ ᠪᠣᠳᠣᠵᠤ ᠲᠣᠭᠲᠠᠭᠠᠳ ᠡᠳᠦᠷ ᠪᠦᠷᠢ ᠴᠡᠷᠢᠭ ᠭᠠᠷᠭᠠᠨ ᠪᠤᠲᠠ ᠬᠣᠲᠠ ᠶ᠋ᠢᠨ ᠳᠣᠣᠷ᠎ᠠ ᠬᠦᠷᠴᠦ ᠪᠠᠢᠯᠳᠤᠰᠤᠭᠠᠢ ᠭᠡᠮᠡᠨ ᠥᠳᠥᠭᠡᠮᠦᠢ ᠃ ᠪᠠᠢᠷᠡ ᠸᠠᠩ ᠭᠡᠷ᠎ᠡ ᠶ᠋ᠢᠨ ᠶᠣᠰᠣᠭᠠᠷ ᠫᠤᠯᠠᠡᠳ᠋ ᠲᠣᠷ ᠴᠡᠷᠢᠭ ᠲᠤᠰᠠᠯᠠᠬᠤ ᠵᠠᠪ ᠦᠭᠡᠢ ᠪᠡᠷ ᠫᠤᠯᠠᠡᠳ᠋ ᠮᠥᠬᠥᠭᠡᠳ ᠡᠳᠦᠭᠡ ᠮᠣᠩᠭᠣᠯᠴᠤᠳ ᠪᠦᠬᠦ ᠬᠦᠴᠦᠨ ᠢ᠋ᠶ᠋ᠡᠷ ᠬᠠᠩᠭᠠᠷᠢ ᠶ᠋ᠢ ᠪᠠᠢᠯᠳᠤᠬᠤ ᠲᠤᠯᠠ ᠡᠰᠡ ᠬᠢᠴᠢᠶᠡᠪᠡᠰᠦ ᠦᠯᠦ ᠪᠣᠯᠤᠮᠤᠢ ᠭᠡᠮᠡᠨ ᠠᠷᠪᠠᠨ ᠬᠤᠪᠢ ᠶ᠋ᠢᠨ ᠪᠠᠷᠢᠮᠲᠠ ᠦᠭᠡᠢ ᠪᠥᠭᠡᠰᠦ ᠭᠠᠷᠴᠤ ᠪᠠᠢᠯᠳᠤᠵᠤ ᠪᠣᠯᠬᠤ ᠦᠭᠡᠢ ᠭᠡᠮᠡᠨ ᠴᠠᠭᠠᠵᠠᠯᠠᠪᠠ᠃ ᠭᠡᠲᠡᠯ᠎ᠡ ᠮᠣᠩᠭᠣᠯᠴᠤᠳ ᠡᠳᠦᠷ ᠪᠦᠷᠢ ᠢᠷᠡᠵᠦ ᠥᠳᠥᠭᠡᠬᠦᠢ ᠳ᠋ᠦ᠍ᠷ ᠭᠧᠯᠤᠸᠧᠴᠠ ᠶ᠋ᠢᠨ ᠠᠭᠯᠠᠭᠴᠢ ᠰᠤᠷᠭᠠᠭᠴᠢ ᠢᠦᠢᠭᠦᠸᠧᠯᠢᠨ ᠬᠡᠮᠡᠭᠴᠢ ᠵᠠᠩ ᠳᠣᠭᠰᠢᠨ ᠠᠭᠤᠷ ᠲᠦᠷᠭᠡᠨ ᠪᠠᠭᠠᠲᠤᠷ ᠬᠦᠴᠦᠷᠬᠡᠭ ᠲᠡᠭᠡᠨ ᠪᠠᠷᠳᠠᠮᠨᠠᠨ ᠪᠤᠰᠤᠳ ᠢ᠋ ᠨᠢᠳᠦ ᠳ᠋ᠡᠭᠡᠨ ᠬᠠᠪᠴᠢᠬᠤ ᠦᠭᠡᠢ᠃  ᠪᠠᠢᠷᠠ ᠸᠠᠩ ᠢ᠋ ᠵᠢᠷᠦᠬᠡ ᠦᠭᠡᠢ ᠠᠶᠤᠮᠠᠲᠠᠭᠠᠢ ᠭᠡᠮᠡᠨ ᠲᠡᠭᠦᠨ ᠦ᠌ ᠵᠠᠷᠯᠢᠭ ᠵᠢᠭᠠᠪᠤᠷᠢ ᠶ᠋ᠢ ᠬᠥᠩᠭᠡᠯᠡᠬᠦ ᠪᠣᠯᠠᠢ᠃ ᠲᠡᠷᠡ ᠡᠳᠦᠷ ᠰᠦᠪᠡᠭᠡᠲᠡᠢ ᠪᠠᠭᠠᠲᠤᠷ ᠴᠥᠭᠡᠨ ᠴᠡᠷᠢᠭ ᠠᠪᠴᠤ ᠢᠷᠡᠭᠡᠳ ᠪᠤᠲᠠ ᠬᠣᠲᠠ ᠶ᠋ᠢᠨ ᠳᠣᠣᠷ᠎ᠠ ᠬᠠᠷᠪᠤᠯᠲᠠ ᠬᠡᠮᠵᠢᠶᠡᠨ ᠦ᠌ ᠭᠠᠵᠠᠷ ᠢᠷᠡᠵᠦ ᠬᠣᠲᠠ ᠶ᠋ᠢᠨ ᠬᠠᠢᠰᠠᠩ ᠥᠭᠡᠳᠡ ᠬᠠᠷᠠᠭᠠᠨ ᠳ᠋ᠤᠨᠢ ᠣᠷᠣᠬᠤ ᠪᠦᠬᠦᠨ ᠢ᠋ ᠨᠡᠮᠨᠡᠮᠦᠢ᠃ ᠲᠡᠢᠨ ᠬᠦ᠌ ᠬᠣᠲᠠ ᠰᠠᠬᠢᠬᠤ ᠴᠡᠷᠢᠭ ᠥᠨᠳᠡᠢᠵᠦ ᠪᠣᠯᠬᠤ ᠦᠭᠡᠢ ᠪᠣᠯᠪᠠ᠃ ᠬᠡᠴᠢᠶᠡᠬᠦ ᠦᠭᠡᠢ ᠢᠨᠦ ᠠᠮᠢ ᠪᠠᠨ ᠠᠯᠳᠠᠬᠤ ᠪᠤᠶᠤ ᠰᠢᠷᠬᠠᠲᠤᠬᠤ ᠤᠴᠢᠷ ᠲᠠᠰᠤᠷᠠᠬᠤ ᠦᠭᠡᠢ ᠪᠣᠯᠪᠠ᠃ ᠲᠡᠢᠨᠬᠦ ᠢᠦᠢᠭᠦᠸᠧᠯᠢᠨ ᠪᠠᠢᠷᠠ ᠸᠠᠩ ᠤ᠋ᠨ ᠵᠠᠷᠯᠢᠭ ᠢ᠋ ᠬᠦᠯᠢᠶᠡᠬᠦ ᠦᠭᠡᠢ ᠵᠣᠷᠢᠭ ᠮᠡᠳᠡᠨ ᠬᠠᠷᠢᠶᠠᠲᠤ ᠴᠡᠷᠢᠭ ᠲᠠᠪᠤᠨ ᠮᠢᠩᠭ᠎ᠠ ᠠᠪᠴᠤ ᠲᠡᠷᠢᠭᠦᠨ ᠤᠳᠠᠭᠠᠨ ᠤ᠋ ᠪᠠᠢᠯᠳᠤᠭᠠᠨ ᠲᠤᠯᠠ ᠡᠷᠬᠡᠪᠰᠢ ᠦᠬᠦᠨ ᠴᠢᠷᠮᠠᠢᠬᠤ ᠬᠡᠷᠡᠭᠲᠡᠢ ᠭᠡᠮᠡᠨ ᠬᠥᠮᠦᠨ ᠪᠦᠷᠢ ᠮᠣᠷᠳᠠᠬᠤ ᠠᠷᠢᠬᠢ ᠨᠢᠭᠡ ᠴᠣᠮᠣ ᠪᠠᠷᠢᠵᠤ ᠭᠠᠪᠢᠶ᠎ᠠ ᠪᠠᠢᠭᠤᠯᠤᠭᠰᠠᠳ ᠲᠤᠷ ᠶᠡᠬᠡ ᠱᠠᠩ ᠥᠭᠭᠦᠮᠦᠢ ᠭᠡᠮᠡᠨ ᠲᠠᠩᠭᠠᠷᠢᠭᠯᠠᠨ ᠦᠬᠦᠭᠰᠡᠨ ᠴᠦ᠍ ᠳᠡᠭᠡᠳᠦ ᠲᠡᠭᠷᠢ ᠶ᠋ᠢᠨ ᠡᠵᠡᠨ ᠦ᠌ ᠲᠥᠯᠥᠭᠡ ᠭᠡᠮᠡᠨ ᠵᠣᠷᠢᠭᠵᠢᠭᠤᠯᠵᠤ ᠬᠣᠲᠠ ᠶ᠋ᠢᠨ ᠡᠭᠦᠳᠡ ᠶ᠋ᠢ ᠵᠠᠩᠳᠤᠷᠤᠨ ᠨᠡᠭᠡᠭᠡᠯᠭᠡᠨ ᠭᠠᠷᠴᠤ ᠢᠷᠡᠪᠡ᠃ ᠰᠥᠪᠡᠭᠡᠲᠡᠢ ᠪᠠᠭᠠᠲᠤᠷ ᠦᠵᠡᠪᠡᠰᠦ ᠮᠠᠰᠢ ᠬᠤᠷᠴᠠ ᠲᠤᠯᠠ ᠪᠠᠬᠠᠨ ᠮᠣᠬᠣᠭᠣᠬᠤ ᠦᠭᠡᠢ ᠪᠣᠯᠬᠤ ᠦᠭᠡᠢ ᠭᠡᠮᠡᠨ ᠳᠣᠬᠢᠶ᠎ᠠ ᠥᠭᠴᠦ ᠪᠠᠰᠠᠯ᠎ᠠ ᠳᠡᠢᠯᠦᠭᠳᠡᠭᠴᠢ ᠪᠣᠯᠵᠤ ᠪᠤᠷᠤᠭᠤᠯᠠᠨ ᠨᠠᠭᠤᠷ ᠨᠠᠮᠤᠭ ᠢ᠋ ᠲᠣᠭᠣᠷᠢᠨ ᠶᠠᠪᠤᠬᠤᠢ ᠳ᠋ᠤᠷ ᠠᠬᠠᠯᠠᠭᠴᠢ ᠢᠦᠢᠭᠦᠸᠧᠯᠢᠨ ᠨᠡᠩ ᠠᠭᠤᠷᠯᠠᠨ ᠲᠠᠯᠪᠢᠬᠤ ᠦᠭᠡᠢ ᠨᠡᠬᠡᠮᠵᠢᠯᠡᠵᠦ ᠠᠭᠠᠳ ᠴᠥᠮ ᠰᠢᠭᠢᠳᠬᠦ ᠨᠠᠮᠤᠭ ᠲᠤᠷ ᠣᠷᠣᠵᠤ ᠨᠡᠰᠢ ᠴᠠᠰᠢ ᠦᠭᠡᠢ ᠂ ᠲᠡᠯᠴᠢᠯᠡᠬᠦ ᠳᠣᠳᠣᠮ ᠰᠢᠭᠢᠳᠮᠦᠢ᠃ ᠮᠣᠩᠭᠣᠯᠴᠤᠳ ᠪᠤᠴᠠᠵᠤ ᠢᠷᠡᠭᠡᠳ ᠵᠢᠯᠣᠭᠣ ᠲᠠᠲᠠᠵᠤ ᠢᠨᠢᠶᠡᠯᠳᠦᠨ ᠨᠠᠮᠨᠠᠯᠴᠠᠮᠤᠢ᠃ ᠪᠠᠭᠠᠲᠤᠷ ᠵᠠᠩᠵᠤᠨ ᠢᠦᠢᠭᠦᠸᠧᠯᠢᠨ ᠵᠡᠷᠭᠡ ᠳᠥᠷᠪᠡᠭᠦᠯᠡ ᠵᠠᠪᠰᠢᠶᠠᠨ ᠢ᠋ᠶ᠋ᠠᠷ ᠠᠮᠢᠳᠤ ᠪᠤᠴᠠᠪᠠ᠃ ᠢᠦᠢᠭᠦᠸᠧᠯᠢᠨ ᠴᠡᠷᠢᠭ ᠳᠠᠷᠤᠭᠳᠠᠭᠰᠠᠨ ᠳ᠋ᠠᠭᠠᠨ ᠭᠡᠮᠰᠢᠬᠦ ᠦᠭᠡᠢ ᠬᠠᠷᠢᠨ ᠪᠠᠢᠷᠠ ᠸᠠᠩ ᠢ ᠴᠡᠷᠢᠭ ᠭᠠᠷᠴᠤ ᠠᠪᠤᠷᠠᠭᠰᠠᠨ ᠦᠭᠡᠢ ᠭᠡᠮᠡᠨ ᠬᠢᠯᠢᠩᠯᠡᠮᠦᠢ᠃ ᠡᠭᠦᠨ ᠡᠴᠡ ᠬᠠᠩᠭᠠᠷᠢᠴᠤᠳ ᠤ᠋ᠨ ᠳᠣᠲᠣᠷ᠎ᠠ ᠪᠠᠢᠯᠳᠤᠬᠤ ᠪᠦᠯᠦᠭ ᠬᠢᠭᠡᠳ ᠰᠠᠬᠢᠬᠤ ᠪᠦᠯᠦᠭ ᠭᠡᠮᠡᠨ ᠢᠯᠭᠠᠷᠠᠵᠤ ᠶᠠᠷᠢᠶᠠᠨ ᠦᠭᠡᠢ ᠪᠠᠢᠷᠠ ᠸᠠᠩ ᠰᠠᠬᠢᠬᠤ ᠪᠦᠯᠦᠭ ᠦ᠋ᠨ ᠲᠡᠷᠢᠭᠦᠨ ᠪᠣᠯᠵᠤ ᠤᠴᠢᠷ ᠶᠠᠪᠤᠳᠠᠯ ᠵᠥᠪᠳᠡᠬᠦᠢ ᠳ᠋ᠦ᠍ᠷ ᠠᠳᠠᠯᠢ ᠦᠭᠡᠢ ᠬᠣᠶᠠᠷ ᠳ᠋ᠦᠩ ᠭᠠᠷᠴᠤ ᠠᠯᠢ ᠠᠯᠢᠨ ᠤ᠋ ᠰᠠᠨᠠᠯ ᠴᠥᠮ ᠤᠷᠤᠭᠰᠢᠲᠠᠢ ᠶᠠᠪᠤᠭᠳᠠᠵᠤ ᠴᠢᠳᠠᠬᠤ ᠦᠭᠡᠢ ᠪᠣᠯᠪᠠ᠃ ᠡᠴᠦᠰ ᠲᠡᠭᠡᠨ ᠶᠠᠮᠠᠷ ᠪᠣᠯᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃  

                   ᠰᠤᠯᠠ ᠰᠢᠯᠦᠭ  
       ᠤᠴᠢᠷ ᠢ᠋ ᠮᠡᠳᠡᠭᠰᠡᠨ ᠫᠤᠯᠠᠡᠳ᠋ ᠸᠠᠩ ᠠᠴᠢᠶ᠎ᠠ ᠬᠥᠰᠬᠡ ᠪᠡᠨ ᠪᠡᠯᠡᠳᠬᠡᠭᠰᠡᠨ ᠢᠨᠦ ᠵᠠᠪᠰᠢᠶᠠᠨ           
       ᠣᠢᠯᠠᠭᠠᠮᠵᠢ ᠦᠭᠡᠢ ᠭᠧᠩᠯᠢ ᠬᠢᠷᠢ ᠪᠡᠨ ᠮᠡᠳᠡᠬᠦ ᠦᠭᠡᠢ ᠦᠬᠦᠭᠰᠡᠨ ᠢᠨᠦ ᠮᠤᠩᠬᠠᠭ 
       ᠤᠷᠤᠰᠬᠠᠯ ᠲᠦᠷᠭᠡᠨ ᠨᠡᠢᠰ ᠭᠣᠣᠯ ᠤ᠋ᠨ ᠲᠦᠪᠰᠢᠨ ᠦ᠌ ᠬᠥᠭᠡᠷᠦᠬᠦᠢ ᠣᠯᠠᠨ ᠬᠡᠭᠦᠷ ᠢ᠋  
       ᠤᠩᠬᠢᠯᠠᠨ ᠰᠠᠨᠠᠭᠠᠯᠵᠠᠬᠤ ᠤᠶᠠᠬᠠᠨ ᠰᠡᠳᠬᠢᠯᠲᠦ ᠵᠣᠴᠢᠳ ᠬᠡᠳᠦᠬᠡᠨ ᠪᠣᠢ ?