ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠳᠣᠯᠣᠳᠤᠭᠠᠷ ᠪᠦᠯᠦᠭ > Хөх судрын залгамж - Инжинаш < Далан долдугар бүлэг >
ᠪᠠᠭᠠᠲᠤᠷ ᠵᠠᠯᠠᠭᠤ ᠬᠠᠳ ᠬᠥᠪᠡᠭᠦᠳ ᠢᠯᠠᠭᠤᠭᠰᠠᠨ ᠳᠠᠭᠤᠤ ᠪᠠᠨ ᠳᠠᠭᠤᠯᠠᠨ ᠬᠤᠷᠢᠮᠯᠠᠵᠤ ᠰᠠᠯᠤᠯᠴᠠᠪᠠᠢ
ᠪᠠᠷᠠᠭᠤᠨ ᠬᠢᠵᠠᠭᠠᠷ ᠤ᠋ᠨ ᠡᠵᠡᠨ ᠪᠠᠲᠤ ᠬᠠᠨ ᠫᠣᠯᠠᠨᠳ᠋ ᠬᠠᠩᠭᠠᠷᠢ ᠶ᠋ᠢ ᠪᠠᠢᠯᠳᠤᠬᠤ ᠪᠠᠷ ᠲᠣᠭᠲᠠᠪᠠᠢ
ᠳᠠᠯᠠᠨ ᠳᠣᠯᠣᠳᠤᠭᠠᠷ ᠪᠦᠯᠦᠭ
ᠰᠢᠷᠬᠠᠴᠢᠨ ᠭᠠᠬᠠᠢ ᠵᠢᠯ ᠂ ᠥᠭᠡᠳᠡᠢ ᠬᠠᠭᠠᠨ ᠤ᠋ ᠠᠷᠪᠠᠨ ᠬᠣᠶᠠᠳᠤᠭᠠᠷ ᠣᠨ ᠂
ᠥᠭᠡᠳᠡᠢ ᠬᠠᠭᠠᠨ ᠲᠠᠪᠢᠨ ᠳᠥᠷᠪᠡᠨ ᠰᠡᠭᠦᠳᠡᠷ ᠲᠡᠢ
ᠪᠠᠭᠠᠲᠤᠷ ᠵᠠᠯᠠᠭᠤ ᠬᠠᠳ ᠬᠥᠪᠡᠭᠦᠳ ᠢᠯᠠᠭᠤᠭᠰᠠᠨ
ᠳᠠᠭᠤᠤ ᠪᠠᠨ ᠳᠠᠭᠤᠯᠠᠨ ᠬᠤᠷᠢᠮᠯᠠᠵᠤ ᠰᠠᠯᠤᠯᠴᠠᠪᠠᠢ
ᠪᠠᠷᠠᠭᠤᠨ ᠬᠢᠵᠠᠭᠠᠷ ᠤ᠋ᠨ ᠡᠵᠡᠨ ᠪᠠᠲᠤ ᠬᠠᠨ ᠫᠣᠯᠠᠨᠳ᠋
ᠬᠠᠩᠭᠠᠷᠢ ᠶ᠋ᠢ ᠪᠠᠢᠯᠳᠤᠬᠤ ᠪᠠᠷ ᠲᠣᠭᠲᠠᠪᠠᠢ
ᠥᠭᠦᠯᠡᠬᠦ ᠢᠨᠦ ᠥᠩᠭᠡᠷᠡᠭᠰᠡᠨ ᠡᠪᠦᠯ ᠣᠷᠣᠰ ᠨᠤᠲᠤᠭ ᠴᠠᠰᠤ ᠮᠥᠰᠥ ᠶᠡᠬᠡ ᠲᠡᠢ ᠲᠤᠯᠠ ᠬᠠᠢᠯ ᠪᠠᠭᠤᠮᠠᠭᠴᠠ ᠳᠠᠷᠤᠢ ᠨᠣᠭᠣᠭ᠎ᠠ ᠴᠤᠬᠤᠢᠵᠤ ᠠᠳᠤᠭᠤ ᠡᠷᠲᠡ ᠨᠣᠭᠣᠭᠠᠨ ᠳ᠋ᠤᠷ ᠣᠷᠣᠵᠤᠬᠤᠢ᠃ ᠳᠥᠩᠭᠡᠵᠢ ᠵᠢᠷᠭᠤᠭᠠᠨ ᠰᠠᠷ᠎ᠠ ᠬᠦᠷᠬᠦ ᠲᠡᠢ ᠵᠡᠷᠭᠡ ᠠᠳᠤᠭᠤ ᠤᠰᠤᠨ ᠲᠠᠷᠭᠤ ᠳᠦᠭᠦᠷᠡᠩ ᠠᠪᠴᠤ ᠮᠣᠷᠢ ᠳᠠᠪᠬᠢᠭᠤᠯᠬᠤ ᠰᠠᠢᠨ ᠴᠠᠭ ᠪᠣᠯᠤᠭᠰᠠᠨ ᠲᠤᠯᠠ ᠵᠡᠭᠦᠨ ᠵᠢᠭᠦᠷ ᠦ᠋ᠨ ᠶᠡᠬᠡ ᠴᠡᠷᠢᠭ ᠮᠥᠩᠬᠡ ᠬᠠᠨ ᠤ᠋ ᠵᠠᠷᠯᠢᠭ ᠢ᠋ᠶ᠋ᠠᠷ ᠣᠷᠣᠰ ᠤ᠋ᠨ ᠡᠮᠦᠨᠡᠲᠦ ᠳ᠋ᠦ᠍ᠷ ᠪᠠᠢᠬᠤ ᠺᠡᠯᠢᠽ ( ᠺᠡᠶᠸᠸ ) ᠤᠯᠤᠰ ᠲᠤᠷ ᠴᠥᠮᠥᠷᠡᠨ ᠣᠷᠣᠪᠠ᠃ ᠡᠨᠡ ᠤᠯᠤᠰ ᠤ᠋ᠨ ᠤᠮᠠᠷᠠᠲᠤ ᠬᠢᠯᠢ ᠢᠨᠤ ᠯᠢᠲ᠋ᠤᠤᠸᠠᠨ᠂ ᠡᠮᠦᠨᠡᠲᠦ ᠬᠢᠯᠢ ᠢᠨᠦ ᠺᠡᠷᠪᠡᠲ ᠠᠭᠤᠯᠠ ᠪᠣᠯᠤᠨ ᠫᠦᠯᠦᠰᠢ᠂ ᠰᠢᠯᠬᠠᠢᠲ ᠭᠣᠣᠯ ᠤ᠋ᠨ ᠣᠯᠣᠮ ᠠᠵᠤᠭᠤ᠃ ᠤᠤᠯ ᠠᠨᠤ ᠳ᠋ᠠᠨᠢᠯ ᠸᠠᠷᠢᠶᠠᠺᠡ ᠶ᠋ᠢᠨ ᠣᠷᠣᠰ ᠮᠥᠨ ᠪᠤᠶᠤ᠃ ᠸᠠᠩ ᠠᠨᠤ ᠮᠣᠩᠭᠣᠯᠴᠤᠳ ᠠᠢᠰᠤᠢ ᠭᠡᠮᠡᠨ ᠬᠠᠩᠭᠠᠷᠢ ᠳ᠋ᠤᠷ ᠳᠤᠲᠠᠭᠠᠪᠠ᠃ ᠨᠡᠢᠰᠯᠡᠯ ᠺᠡᠯᠢᠽ ᠬᠣᠲᠠ ᠳ᠋ᠤᠷ ᠬᠣᠴᠣᠷᠤᠨ ᠰᠠᠬᠢᠭᠰᠠᠨ ᠵᠠᠩᠵᠤᠨ ᠳ᠋ᠸᠮᠢᠲ᠋ᠷᠢ ᠬᠦᠩ ᠬᠣᠲᠠ ᠪᠣᠢ ᠪᠥᠭᠡᠰᠦ ᠠᠮᠢ ᠪᠣᠢ᠂ ᠬᠣᠲᠠ ᠠᠪᠲᠠᠪᠠᠰᠤ ᠠᠮᠢ ᠠᠪᠲᠠᠬᠤ ᠪᠣᠯᠠᠢ ᠭᠡᠮᠡᠨ ᠴᠡᠷᠢᠭ ᠦ᠋ᠨ ᠠᠷᠠᠳ ᠢ᠋ᠶ᠋ᠠᠨ ᠳᠠᠢᠴᠢᠯᠠᠨ ᠳᠥᠷᠪᠡᠨ ᠡᠭᠡᠯᠵᠢ ᠪᠡᠷ ᠬᠣᠲᠠ ᠶ᠋ᠢ ᠰᠠᠬᠢᠵᠤ ᠮᠥᠩᠬᠡ ᠬᠠᠨ ᠲᠠᠢ ᠤᠳᠠᠭᠠᠨ ᠡᠰᠡᠷᠭᠦᠴᠡᠯᠳᠦᠬᠦ ᠪᠡᠷ ᠪᠡᠯᠡᠳᠬᠡᠪᠡ᠃ ᠮᠥᠩᠬᠡ ᠬᠠᠨ ᠶᠡᠬᠡ ᠴᠡᠷᠢᠭ ᠢ᠋ᠶ᠋ᠡᠷ ᠬᠣᠲᠠ ᠶ᠋ᠢ ᠪᠦᠰᠡᠯᠡᠵᠦ ᠲᠠᠯᠪᠢᠭᠠᠳ ᠪᠠᠢᠯᠳᠤᠬᠤ ᠶ᠋ᠢ ᠶᠠᠭᠠᠷᠠᠭᠰᠠᠨ ᠦᠭᠡᠢ ᠬᠣᠶᠠᠷ ᠰᠠᠯᠠᠭ᠎ᠠ ᠴᠡᠷᠢᠭ ᠶᠠᠪᠤᠭᠤᠯᠵᠤ ᠣᠢᠷ᠎ᠠ ᠪᠣᠢ ᠬᠣᠲᠠ ᠪᠠᠯᠭᠠᠰᠤᠨ ᠢ᠋ ᠡᠵᠡᠯᠡᠨ ᠠᠪᠴᠤ ᠠᠮᠤ ᠬᠦᠨᠡᠰᠦ ᠪᠡᠨ ᠨᠥᠬᠥᠪᠥᠷᠢᠯᠡᠨ ᠺᠡᠯᠢᠽ ᠬᠣᠲᠠ ᠶ᠋ᠢ ᠥᠨᠦᠴᠢᠷᠡᠭᠦᠯᠦᠨ ᠦᠯᠡᠳᠡᠭᠡᠵᠦ ᠳ᠋ᠸᠮᠢᠲ᠋ᠷᠢ ᠬᠦᠩ ᠦ᠋ᠨ ᠬᠡᠷᠬᠢᠬᠦ ᠶ᠋ᠢ ᠦᠵᠡᠰᠦᠭᠡᠢ ᠭᠡᠮᠡᠨ ᠬᠦᠯᠢᠶᠡᠪᠡ᠃
ᠮᠣᠩᠭᠣᠯᠴᠤᠳ ᠭᠡᠨᠡᠳᠲᠡ ᠣᠯᠠᠰᠢᠷᠠᠵᠤ ᠭᠡᠨᠡᠳᠲᠡ ᠴᠥᠭᠡᠬᠡᠷᠡᠬᠦᠢ ᠳ᠋ᠦ᠍ᠷ ᠳ᠋ᠸᠮᠢᠲ᠋ᠷᠢ ᠬᠦᠩ ᠰᠡᠵᠢᠭᠯᠡᠵᠦ ᠬᠥᠮᠦᠨ ᠭᠠᠷᠭᠠᠨ ᠳᠠᠩᠨᠠᠭᠤᠯᠪᠠᠰᠤ ᠮᠣᠩᠭᠣᠯᠴᠤᠳ ᠤ᠋ᠨ ᠣᠯᠠᠩᠬᠢ ᠴᠡᠷᠢᠭ ᠢᠨᠤ ᠣᠢᠷ᠎ᠠ ᠬᠠᠪᠢ ᠶ᠋ᠢᠨ ᠬᠣᠲᠠ ᠪᠠᠯᠭᠠᠰᠤᠨ ᠢ᠋ ᠡᠵᠡᠯᠡᠬᠦ ᠪᠡᠷ ᠤᠳᠤᠭᠠᠳ᠂ ᠭᠠᠭᠴᠠ ᠮᠥᠩᠬᠡ ᠬᠠᠨ ᠤ᠋ ᠴᠥᠭᠡᠨ ᠴᠡᠷᠢᠭ ᠬᠦᠷᠢᠶ᠎ᠡ ᠪᠡᠨ ᠰᠠᠬᠢᠨ ᠬᠣᠴᠣᠷᠪᠠᠢ ᠭᠡᠮᠡᠨ ᠮᠡᠳᠡᠭᠦᠯᠪᠡ᠃ ᠳ᠋ᠸᠮᠢᠲ᠋ᠷᠢ ᠣᠯᠠᠨ ᠵᠠᠩᠵᠤᠨ ᠲᠦᠰᠢᠮᠡᠳ ᠢ᠋ᠶ᠋ᠡᠨ ᠴᠤᠭᠯᠠᠭᠤᠯᠤᠨ ᠵᠥᠪᠳᠡᠪᠡᠰᠦ ᠴᠥᠮ ᠮᠣᠩᠭᠣᠯᠴᠤᠳ ᠤ᠋ᠨ ᠪᠤᠰᠤ ᠲᠡᠰᠢ ᠮᠣᠷᠳᠠᠭᠰᠠᠨ ᠵᠠᠪ ᠢ ᠠᠰᠢᠭᠯᠠᠨ ᠰᠥᠨᠢ ᠪᠡᠷ ᠲᠡᠭᠦᠨ ᠦ᠌ ᠴᠡᠷᠢᠭ ᠦ᠋ᠨ ᠬᠦᠷᠢᠶ᠎ᠡ ᠶ᠋ᠢ ᠳᠠᠷᠤᠷ᠎ᠠ ᠣᠴᠢᠪᠠᠰᠤ ᠠᠰᠢᠭ ᠣᠯᠵᠤ ᠪᠣᠯᠤᠮᠤᠢ ᠬᠡᠮᠡᠬᠦ ᠲᠤᠯᠠ ᠳ᠋ᠸᠮᠢᠲ᠋ᠷᠢ ᠬᠦᠩ ᠮᠣᠩᠭᠣᠯᠴᠤᠳ ᠤ᠋ᠨ ᠠᠷᠭᠠᠨ ᠳ᠋ᠤᠷ ᠣᠷᠣᠬᠤ ᠡᠴᠡ ᠪᠣᠯᠭᠣᠮᠵᠢᠯᠠᠨ ᠳᠠᠬᠢᠨ ᠲᠤᠷᠰᠢᠭᠤᠯᠪᠠᠰᠤ ᠦᠨᠡᠨ ᠪᠣᠯᠤᠭᠰᠠᠨ ᠳ᠋ᠤᠷ᠂ ᠰᠢᠯᠢᠳᠡᠭ ᠴᠡᠷᠢᠭ ᠲᠦᠮᠡ ᠲᠠᠪᠤᠨ ᠮᠢᠩᠭ᠎ᠠ ᠠᠪᠴᠤ ᠭᠠᠬᠠᠢ ᠴᠠᠭ ᠲᠤᠷ ᠮᠣᠷᠳᠠᠵᠤ᠂ ᠮᠥᠩᠬᠡ ᠬᠠᠨ ᠤ᠋ ᠶᠡᠬᠡ ᠴᠡᠷᠢᠭ ᠦ᠋ᠨ ᠬᠦᠷᠢᠶ᠎ᠡ ᠶ᠋ᠢ ᠳᠠᠷᠤᠷ᠎ᠠ ᠬᠦᠷᠴᠦ ᠢᠷᠡᠬᠦᠢ ᠳ᠋ᠦ᠍ᠷ ᠢᠪ ᠴᠢᠪ ᠴᠢᠮᠡᠭᠡ ᠠᠨᠢᠷ ᠦᠭᠡᠢ᠃ ᠭᠠᠪᠢᠶ᠎ᠠ ᠪᠦᠲᠦᠪᠡᠢ ᠭᠡᠮᠡᠨ ᠳᠣᠲᠣᠷ᠎ᠠ ᠪᠠᠨ ᠪᠣᠳᠣᠨ ᠳᠠᠷᠤᠨ ᠣᠷᠣᠰᠤᠭᠠᠢ ᠬᠡᠮᠡᠲᠡᠯ᠎ᠡ ᠭᠠᠯ ᠭᠡᠭᠡ ᠮᠠᠨᠳᠤᠵᠤ ᠶᠡᠬᠡ ᠴᠡᠷᠢᠭ ᠦ᠋ᠨ ᠬᠦᠷᠢᠶᠡᠨ ᠦ᠌ ᠬᠠᠭᠠᠯᠭ᠎ᠠ ᠨᠡᠭᠡᠭᠡᠭᠳᠡᠵᠦ ᠴᠥᠭᠡᠨ ᠴᠡᠷᠢᠭ ᠵᠢᠭᠰᠠᠨ ᠭᠠᠷᠴᠤ ᠢᠷᠡᠪᠡ᠃ ᠮᠣᠩᠭᠣᠯᠴᠤᠳ ᠪᠠᠰᠠ ᠶᠠᠮᠠᠷ ᠠᠷᠭ᠎ᠠ ᠤᠬᠠᠭᠠᠨ ᠭᠠᠷᠭᠠᠵᠤ ᠪᠠᠢᠬᠤ ᠮᠠᠭᠠᠳ ᠭᠡᠮᠡᠨ ᠣᠷᠣᠬᠤ ᠡᠭᠡᠬᠦ ᠶ᠋ᠢ ᠲᠦᠳᠡᠭᠡᠯᠵᠡᠨ ᠠᠲᠠᠯ᠎ᠠ᠂ ᠵᠢᠭᠦᠷ ᠦ᠋ᠨ ᠵᠠᠩᠵᠤᠨ ᠪᠡᠹᠥ᠋ᠯᠤᠸᠸ ᠴᠡᠷᠢᠭ ᠢ᠋ᠶ᠋ᠡᠨ ᠳᠣᠬᠢᠨ ᠪᠠᠢᠯᠳᠤᠷ᠎ᠠ ᠭᠠᠷᠤᠭᠰᠠᠨ ᠳ᠋ᠤᠷ᠂ ᠮᠣᠩᠭᠣᠯᠴᠤᠳ ᠰᠠᠨᠠᠮᠠᠰᠠᠷ ᠦᠭᠡᠢ ᠡᠴᠡ ᠮᠠᠰᠢ ᠠᠶᠤᠨ ᠰᠣᠴᠢᠵᠤ ᠶᠡᠬᠡᠳᠡ ᠦᠢᠮᠡᠯᠳᠦᠨ ᠳᠠᠢᠰᠤᠨ ᠬᠦᠷᠢᠶ᠎ᠡ ᠳᠠᠷᠤᠷ᠎ᠠ ᠢᠷᠡᠪᠡ ᠭᠡᠮᠡᠨ ᠪᠠᠷᠬᠢᠷᠠᠯᠳᠤᠨ ᠪᠦᠬᠦᠢ ᠳ᠋ᠦ᠍ᠷ ᠪᠠᠹᠦᠢᠯᠤᠸᠸ ᠦᠭᠡ ᠳᠠᠭᠤᠨ ᠦᠭᠡᠢ ᠮᠣᠷᠢ ᠳᠠᠪᠬᠢᠯᠤᠨ ᠣᠷᠣᠭᠰᠠᠨ ᠳ᠋ᠤᠷ ᠨᠢᠭᠡᠨ ᠵᠠᠯᠠᠭᠤ ᠵᠠᠩᠵᠤᠨ ᠤᠷᠲᠤ ᠵᠢᠳᠠ ᠰᠤᠩᠭᠠᠨ ᠲᠣᠰᠣᠨ ᠠᠪᠬᠤ ᠶ᠋ᠢ ᠭᠠᠯ ᠤ᠋ᠨ ᠭᠡᠷᠡᠯ ᠳᠣᠣᠷ᠎ᠠ ᠦᠵᠡᠪᠡᠰᠦ ᠨᠠᠰᠤ ᠭᠤᠴᠢ ᠰᠢᠬᠠᠵᠤ᠂ ᠪᠡᠶ᠎ᠡ ᠥᠨᠳᠥᠷ᠂ ᠮᠥᠷᠥ ᠥᠷᠭᠡᠨ᠂ ᠰᠢᠷᠭ᠎ᠠ ᠮᠣᠷᠢ ᠤᠨᠤᠵᠤ᠂ ᠰᠦᠷ ᠭᠡᠷᠡᠯ ᠠᠳᠠᠪᠠᠰᠢ ᠭᠠᠢᠬᠠᠮᠠᠰᠢᠭ᠋᠃ ᠪᠠᠹᠦ᠋ᠯᠦᠸ᠋ᠸ ᠯᠤᠭ᠎ᠠ ᠬᠡᠳᠦᠨ ᠤᠳᠠᠭ᠎ᠠ ᠵᠦᠷᠢᠯᠳᠤᠭᠰᠠᠨ ᠳ᠋ᠤᠷ ᠵᠢᠳᠠ ᠶ᠋ᠢᠨ ᠤᠯᠠᠷᠢᠨ ᠢᠷᠡᠬᠦ ᠢᠨᠦ ᠴᠠᠰᠤ ᠯᠠᠪᠰᠢᠬᠤᠢ ᠳ᠋ᠤᠷ ᠠᠳᠠᠯᠢ ᠳ᠋ᠤᠷ ᠪᠠᠹᠦ᠋ᠯᠦᠸ᠋ᠸ ᠬᠡᠳᠦᠢ ᠴᠢᠳᠠᠯ ᠶᠡᠬᠡᠲᠡᠢ ᠪᠣᠯᠪᠠᠴᠤ ᠬᠣᠷᠢᠭᠯᠠᠵᠤ ᠴᠢᠳᠠᠬᠤ ᠦᠭᠡᠢ ᠪᠣᠯᠵᠤ ᠪᠤᠷᠤᠭᠤᠯᠠᠨ ᠶᠠᠪᠤᠬᠤᠢ ᠳ᠋ᠤᠷ ᠳ᠋ᠸᠮᠢᠲ᠋ᠷᠢ ᠬᠦᠩ ᠥᠮᠥᠭᠯᠡᠷ᠎ᠡ ᠢᠷᠡᠵᠦ : 《ᠮᠣᠩᠭᠣᠯ ᠤ᠋ᠨ ᠵᠠᠩᠵᠤᠨ ᠵᠢᠳᠠᠨ ᠤ᠋ ᠦᠵᠦᠭᠦᠷ ᠨᠡᠷ᠎ᠡ ᠪᠡᠨ ᠲᠡᠮᠳᠡᠭᠯᠡᠭᠲᠦᠨ ! 》ᠭᠡᠮᠡᠨ ᠳᠠᠭᠤᠳᠠᠬᠤ ᠲᠠᠢ ᠵᠡᠷᠭᠡ ᠨᠢᠭᠡᠨᠲᠡ ᠵᠢᠳᠠᠯᠠᠨ ᠢᠷᠡᠬᠦᠢ ᠳ᠋ᠦ᠍ᠷ ᠮᠣᠩᠭᠣᠯ ᠤ᠋ᠨ ᠵᠠᠩᠵᠤᠨ ᠪᠠᠹᠦ᠋ᠯᠦᠸ᠋ᠸ ᠢ᠋ ᠣᠷᠬᠢᠵᠤ ᠥᠮᠥᠭᠯᠡᠷ᠎ᠡ ᠢᠷᠡᠬᠦ ᠵᠠᠩᠵᠤᠨ ᠤ᠋ ᠵᠢᠳᠠ ᠶ᠋ᠢ ᠲᠣᠰᠣᠨ ᠠᠪᠴᠤ ᠦᠵᠡᠪᠡᠰᠦ᠂ ᠢᠷᠡᠬᠦ ᠵᠠᠩᠵᠤᠨ ᠨᠠᠰᠤ ᠵᠠᠯᠠᠭᠤ ᠪᠡᠶ᠎ᠡ ᠥᠨᠳᠥᠷ᠂ ᠭᠡᠵᠢᠭᠡ ᠦᠰᠦ ᠰᠢᠷ᠎ᠠ ᠪᠣᠯᠪᠠᠴᠤ ᠬᠡᠪ ᠲᠡᠢ᠃ ᠮᠣᠩᠭᠣᠯ ᠤ᠋ᠨ ᠵᠠᠩᠵᠤᠨ ᠦᠭᠡ ᠳᠠᠭᠤᠨ ᠦᠭᠡᠢ ᠲᠣᠰᠣᠨ ᠠᠪᠴᠤ ᠪᠠᠢᠯᠳᠤᠬᠤᠢ ᠳ᠋ᠤᠷ ᠣᠷᠣᠰ ᠵᠠᠩᠵᠤᠨ ᠪᠠᠹᠦ᠋ᠯᠦᠸ᠋ᠸ ᠪᠠᠰᠠ ᠮᠣᠷᠢ ᠪᠤᠴᠠᠭᠠᠨ ᠴᠠᠪᠴᠢᠨ ᠢᠷᠡᠪᠡ᠃ ᠮᠣᠩᠭᠣᠯ ᠵᠠᠩᠵᠤᠨ ᠭᠠᠭᠴᠠᠭᠠᠷ ᠬᠣᠶᠠᠷ ᠡᠷ᠎ᠡ ᠶ᠋ᠢ ᠣᠭᠲᠣ ᠬᠡᠷᠡᠭᠰᠡᠬᠦ ᠦᠭᠡᠢ ᠪᠠᠢᠯᠳᠤᠵᠤ ᠪᠦᠬᠦᠢ ᠳ᠋ᠦ᠍ᠷ ᠴᠡᠷᠢᠭ ᠦ᠋ᠨ ᠬᠦᠷᠢᠶ᠎ᠡ ᠶ᠋ᠢᠨ ᠡᠮᠦᠨ᠎ᠡ ᠭᠠᠯ ᠭᠡᠭᠡ ᠮᠠᠨᠳᠤᠵᠤ ᠪᠠᠮᠪᠠᠷ ᠲᠦᠳᠡᠭ ᠵᠡᠷᠭᠡᠪᠡᠷ ᠬᠡᠷᠡᠯᠳᠦᠬᠦ ᠢᠨᠦ ᠡᠳᠦᠷ ᠮᠡᠲᠦ ᠪᠣᠯᠪᠠᠢ᠃ ᠵᠡᠭᠦᠳᠦᠨ ᠳ᠋ᠦ᠍ᠷ ᠠᠭᠰᠠᠨ ᠮᠣᠩᠭᠣᠯᠴᠤᠳ ᠶᠠᠭᠠᠷᠠᠯᠳᠤᠨ ᠵᠡᠪᠰᠡᠭ ᠢ᠋ᠶ᠋ᠡᠨ ᠠᠪᠤᠯᠴᠠᠨ ᠮᠣᠷᠢ ᠮᠣᠷᠢᠨ ᠳ᠋ᠠᠭᠠᠨ ᠮᠣᠷᠳᠠᠭᠠᠳ ᠵᠠᠭᠤ ᠵᠠᠭᠤ᠂ ᠠᠷᠪᠠ ᠠᠷᠪᠠ ᠪᠠᠷ ᠳᠠᠪᠬᠢᠯᠳᠤᠨ ᠭᠠᠷᠴᠤ ᠢᠷᠡᠨ ᠦᠵᠡᠪᠡᠰᠦ᠂ ᠮᠥᠩᠬᠡ ᠬᠠᠨ ᠭᠠᠭᠴᠠᠭᠠᠷ ᠬᠣᠶᠠᠷ ᠶᠡᠬᠡ ᠡᠷ᠎ᠡ ᠶ᠋ᠢ ᠬᠦᠯᠢᠶᠡᠨ ᠠᠪᠴᠤ ᠪᠠᠢᠯᠳᠤᠬᠤ ᠲᠤᠯᠠ ᠪᠦᠭᠦᠳᠡᠭᠡᠷ ᠠᠶᠤᠯᠳᠤᠵᠤ ᠲᠤᠰᠠᠯᠠᠷ᠎ᠠ ᠢᠷᠠᠪᠠᠰᠤ ᠬᠦᠷᠢᠶᠡᠨ ᠡᠴᠡ ᠬᠠᠷᠠᠩᠭ᠎ᠠ ᠴᠣᠬᠢᠵᠤ ᠴᠡᠷᠢᠭ ᠬᠤᠷᠢᠶᠠᠬᠤ ᠳᠣᠬᠢᠶ᠎ᠠ ᠥᠭᠪᠡ᠃ ᠮᠥᠩᠬᠡ ᠬᠠᠨ ᠮᠣᠷᠢ ᠪᠠᠨ ᠲᠠᠲᠠᠵᠤ ᠄ 《ᠪᠠᠢᠯᠳᠤᠰᠤᠭᠠᠢ ᠬᠡᠮᠡᠪᠡᠰᠦ ᠡᠳᠦᠷ ᠪᠣᠯᠲᠤᠭᠠᠢ ! 》ᠭᠡᠮᠡᠨ ᠴᠡᠷᠢᠭ ᠢ᠋ᠶ᠋ᠡᠨ ᠬᠣᠷᠢᠶᠠᠨ ᠠᠯᠭᠤᠷ ᠢ᠋ᠶ᠋ᠠᠷ ᠬᠦᠷᠢᠶᠡᠨ ᠳ᠋ᠡᠭᠡᠨ ᠣᠷᠣᠪᠠ᠃ ᠳ᠋ᠸᠮᠢᠲ᠋ᠷᠢ ᠶ᠋ᠢᠨ ᠬᠦᠷᠢᠶ᠎ᠡ ᠳᠠᠷᠤᠬᠤ ᠬᠡᠷᠡᠭ ᠪᠦᠲᠦᠭᠰᠡᠨ ᠦᠭᠡᠢ ᠳ᠋ᠦ᠍ᠷ ᠭᠡᠮᠰᠢᠬᠦ ᠪᠣᠯᠪᠠᠴᠤ᠂ ᠵᠠᠪᠰᠢᠶᠠᠨ ᠢ᠋ᠶ᠋ᠠᠷ ᠴᠡᠷᠢᠭ ᠮᠣᠷᠢ ᠡᠨᠳᠡᠭᠳᠡᠯ ᠦᠭᠡᠢ ᠳ᠋ᠦ᠍ᠷ ᠪᠡᠶᠡᠰᠴᠦ ᠳᠣᠲᠣᠷ᠎ᠠ ᠪᠠᠨ ᠮᠣᠩᠭᠣᠯ ᠤ᠋ᠨ ᠵᠠᠩᠵᠤᠨ ᠤ᠋ ᠪᠠᠭᠠᠲᠤᠷ ᠢ᠋ ᠭᠠᠢᠬᠠᠨ ᠬᠣᠲᠠᠨ ᠳ᠋ᠠᠭᠠᠨ ᠪᠤᠴᠠᠪᠠ᠃
ᠮᠥᠩᠬᠡ ᠬᠠᠨ ᠴᠠᠴᠠᠷ ᠲᠤᠷ ᠰᠠᠭᠤᠵᠤ ᠴᠡᠷᠢᠭ ᠬᠤᠷᠢᠶᠠᠬᠤ ᠳᠣᠬᠢᠶ᠎ᠠ ᠲᠠᠯᠪᠢᠭᠰᠠᠨ ᠤᠴᠢᠷ ᠢ᠋ ᠠᠰᠠᠭᠤᠪᠠᠰᠤ ᠶᠡᠬᠡ ᠵᠠᠩᠵᠤᠨ ᠤᠭᠳᠠᠷ ᠬᠠᠨ ᠤ᠋ ᠡᠨᠳᠡᠭᠳᠡᠯ ᠭᠠᠷᠬᠤ ᠶ᠋ᠢ ᠪᠣᠳᠣᠵᠤ ᠬᠠᠷᠠᠩᠭ᠎ᠠ ᠴᠣᠬᠢᠭᠤᠯᠤᠭᠰᠠᠨ ᠢ᠋ ᠮᠡᠳᠡᠭᠦᠯᠵᠦ᠂ ᠬᠠᠨ ᠤ᠋ ᠬᠢᠨᠠᠮᠠᠭᠠᠢ ᠠ᠋ᠴᠠ ᠴᠡᠷᠢᠭ ᠦ᠋ᠨ ᠬᠦᠷᠢᠶ᠎ᠡ ᠪᠠᠢᠴᠠᠭᠠᠷᠠ ᠭᠠᠷᠴᠤ ᠳ᠋ᠧᠮᠢᠲ᠋ᠷᠢ ᠬᠦᠩ ᠦ᠋ᠨ ᠬᠦᠷᠢᠶ᠎ᠡ ᠳᠠᠷᠤᠶ᠎ᠠ ᠢᠷᠡᠭᠰᠡᠨ ᠴᠡᠷᠢᠭ ᠢ᠋ ᠲᠣᠰᠴᠤ ᠪᠠᠢᠯᠳᠤᠭᠠᠳ ᠬᠦᠷᠢᠶ᠎ᠡ ᠳᠦᠭᠦᠷᠡᠩ ᠬᠥᠮᠦᠰ ᠦ᠋ᠨ ᠠᠮᠢ ᠶ᠋ᠢ ᠠᠪᠤᠷᠠᠪᠠ ᠭᠡᠮᠡᠨ ᠪᠠᠶᠠᠰᠤᠯᠴᠠᠵᠤ ᠤᠯᠠᠮ ᠴᠢᠩᠳᠠᠯᠠᠨ ᠰᠡᠷᠭᠡᠢᠯᠡᠬᠦ ᠪᠣᠯᠪᠠᠢ᠃
ᠲᠡᠭᠦᠨ ᠡᠴᠡ ᠣᠷᠣᠰ ᠤ᠋ᠳ ᠳᠣᠲᠣᠷ᠎ᠠ ᠪᠠᠨ ᠮᠣᠩᠭᠣᠯᠴᠤᠳ ᠤ᠋ᠨ ᠴᠡᠷᠢᠭ ᠵᠠᠩᠵᠤᠨ ᠪᠠᠭᠠᠲᠤᠷ ᠴᠢᠭᠢᠷᠠᠭ ᠭᠡᠮᠡᠨ ᠪᠣᠯᠭᠣᠮᠵᠢᠯᠠᠵᠤ ᠭᠠᠷᠴᠤ ᠢᠷᠡᠬᠦ ᠬᠥᠮᠦᠨ ᠦᠭᠡᠢ ᠪᠣᠯᠵᠤ ᠭᠠᠭᠴᠠ ᠬᠣᠲᠠ ᠪᠠᠨ ᠪᠡᠬᠢᠯᠡᠨ ᠰᠠᠬᠢᠬᠤ ᠪᠣᠯᠪᠠᠢ᠃ ᠲᠡᠢᠨ ᠠᠭᠠᠳ ᠨᠢᠭᠡᠨ ᠬᠠᠷᠠᠩᠭᠤᠢ ᠶᠡᠬᠡ ᠪᠣᠷᠣᠭᠠᠨ ᠲᠠᠢ ᠰᠥᠨᠢ ᠶ᠋ᠢ ᠠᠰᠢᠭᠯᠠᠨ ᠮᠥᠩᠬᠡ ᠬᠠᠨ ᠴᠡᠷᠢᠭ ᠭᠠᠷᠭᠠᠨ ᠬᠣᠲᠠ ᠶ᠋ᠢ ᠪᠠᠢᠯᠳᠤᠭᠴᠢ ᠪᠣᠯᠵᠤ ᠳᠥᠷᠪᠡᠨ ᠲᠠᠯ᠎ᠠ ᠠ᠋ᠴᠠ ᠵᠡᠷᠭᠡᠪᠡᠷ ᠬᠠᠰᠬᠢᠷᠤᠨ ᠦᠢᠮᠡᠯᠳᠦᠬᠦᠢ ᠳ᠋ᠦ᠍ᠷ ᠬᠣᠲᠠ ᠰᠠᠬᠢᠭᠴᠢᠳ ᠮᠣᠩᠭᠣᠯᠴᠤᠳ ᠤ᠋ᠨ ᠣᠢᠷᠠᠲᠤᠭᠰᠠᠨ ᠡᠰᠡᠬᠦ ᠶ᠋ᠢ ᠮᠡᠳᠡᠲᠦᠭᠡᠢ ᠭᠡᠮᠡᠨ ᠲᠠᠰᠤᠷᠠᠰᠢ ᠦᠭᠡᠢ ᠳᠣᠭᠣᠭᠰᠢ ᠭᠠᠯ ᠬᠠᠶᠠᠵᠤ ᠮᠣᠳᠣ ᠲᠦᠯᠡᠭᠡ ᠪᠡᠨ ᠴᠥᠮ ᠭᠦᠢᠴᠡᠭᠡᠵᠦᠬᠦᠢ᠃ ᠲᠡᠳᠦᠢ ᠳ᠋ᠦ᠍ᠷ ᠮᠥᠩᠬᠡ ᠬᠠᠨ ᠰᠠᠶᠢ ᠬᠡᠰᠡᠭ ᠰᠠᠢᠨ ᠡᠷᠡᠰ ᠢ᠋ ᠰᠢᠯᠭᠠᠨ ᠠᠪᠴᠤ ᠬᠣᠲᠠ ᠶ᠋ᠢᠨ ᠶᠡᠬᠡ ᠤᠰᠤᠲᠤ ᠭᠣᠣ ᠶ᠋ᠢ ᠬᠦᠪᠦᠵᠦ ᠭᠡᠲᠦᠯᠦᠭᠡᠳ ᠬᠡᠷᠡᠮ ᠥᠭᠡᠳᠡ ᠮᠠᠴᠤᠭᠤᠯᠬᠤ ᠶ᠋ᠢᠨ ᠬᠠᠮᠲᠤ ᠰᠢᠷᠣᠢ ᠴᠢᠯᠠᠭᠤ ᠪᠠᠷ ᠭᠣᠣ ᠳᠦᠭᠦᠷᠭᠡᠵᠦ ᠬᠣᠲᠠ ᠡᠪᠳᠡᠬᠦ ᠨᠦᠳᠦᠭᠦᠷ ᠰᠢᠳᠦᠭᠦᠷ ᠢ᠋ᠶ᠋ᠡᠨ ᠬᠣᠲᠠ ᠣᠢᠷᠠᠲᠤᠭᠤᠯᠤᠨ ᠲᠠᠯᠪᠢᠵᠤ ᠬᠣᠲᠠ ᠰᠠᠬᠢᠬᠤ ᠬᠥᠮᠦᠰ ᠦ᠋ᠨ ᠠᠩᠯᠬᠠᠷᠤᠯ ᠢ ᠲᠠᠲᠠᠵᠤ ᠪᠦᠬᠦᠢ ᠳ᠋ᠦ᠍ᠷ ᠬᠡᠳᠦᠨ ᠰᠠᠢᠨ ᠡᠷ᠎ᠡ ᠨᠢᠭᠡᠨᠲᠡ ᠮᠠᠴᠤᠵᠤ ᠭᠠᠷᠤᠭᠠᠳ ᠳᠣᠭᠣᠭᠰᠢ ᠳᠡᠭᠡᠰᠦ ᠲᠠᠯᠪᠢᠭᠰᠠᠨ ᠳ᠋ᠤᠷ ᠬᠥᠮᠦᠰ ᠲᠠᠭᠠᠯᠴᠠᠨ ᠭᠠᠷᠴᠤ ᠢᠷᠡᠭᠡᠳ ᠨᠢᠭᠡᠨᠲᠡ ᠪᠠᠷᠬᠢᠷᠠᠨ ᠴᠠᠪᠴᠢᠬᠤᠢ ᠳ᠋ᠤᠷ ᠬᠣᠲᠠ ᠰᠠᠬᠢᠬᠤ ᠴᠡᠷᠢᠭ ᠦ᠋ᠳ ᠲᠠᠲ᠋ᠠᠷᠴᠤᠳ ᠨᠢᠭᠡᠨᠲᠡ ᠬᠣᠲᠠᠨ ᠳ᠋ᠤᠷ ᠣᠷᠣᠵᠤ ᠢᠷᠡᠪᠡ ᠭᠡᠮᠡᠨ ᠪᠠᠷᠬᠢᠷᠠᠵᠤ ᠰᠠᠮᠠᠭᠤᠷᠠᠨ ᠳᠤᠲᠠᠭᠠᠬᠤᠢ ᠳ᠋ᠤᠷ ᠰᠠᠶᠢ ᠵᠦᠭ ᠵᠦᠭ ᠡᠴᠡ ᠱᠠᠲᠤ ᠲᠠᠯᠪᠢᠵᠤ ᠠᠪᠠᠷᠢᠯᠳᠤᠨ ᠭᠠᠷᠴᠤ ᠂ ᠦᠷ ᠦ᠋ᠨ ᠦᠶ᠎ᠡ ᠳ᠋ᠦ᠍ᠷ ᠬᠣᠲᠠ ᠶ᠋ᠢ ᠡᠵᠡᠯᠡᠪᠡ᠃
ᠳ᠋ᠸᠮᠢᠲ᠋ᠷᠢ ᠬᠦᠩ ᠬᠡᠳᠦᠢ ᠪᠠᠭᠠᠲᠤᠷ ᠪᠣᠯᠪᠠᠴᠤ ᠠᠯᠢ ᠠᠯᠢᠨ ᠢ᠋ᠶ᠋ᠠᠨ ᠴᠤ᠌ ᠬᠠᠮᠠᠭᠠᠯᠠᠵᠤ ᠴᠢᠳᠠᠭᠰᠠᠨ ᠦᠭᠡᠢ ᠠᠮᠢᠳᠤ ᠪᠠᠷᠢᠭᠳᠠᠪᠠ᠃ ᠮᠥᠩᠬᠡ ᠬᠠᠨ ᠠᠷᠤᠤᠬᠠᠨ ᠰᠠᠢᠨ ᠡᠷ᠎ᠡ ᠭᠡᠮᠡᠨ ᠬᠠᠢᠷᠠᠯᠠᠨ ᠠᠮᠢ ᠶ᠋ᠢ ᠠᠨᠤ ᠠᠪᠤᠷᠠᠰᠤᠭᠠᠢ ᠭᠡᠮᠡᠨ ᠪᠣᠳᠣᠵᠤ ᠰᠦᠷᠳᠡᠭᠦᠯᠵᠦ: 《ᠡᠰᠡᠷᠭᠦᠴᠡᠭᠰᠡᠳ ᠢ᠋ ᠬᠢᠳᠤᠮᠤᠢ ᠬᠡᠮᠡᠭᠰᠡᠨ ᠢ᠋ ᠦᠯᠦ ᠮᠡᠳᠡᠮᠦᠢ ᠤᠤ ? ᠡᠳᠦᠭᠡ ᠬᠠᠰ ᠲᠠᠨ᠎ᠠ ᠶ᠋ᠢ ᠢᠯᠭᠠᠬᠤ ᠦᠭᠡᠢ ᠴᠥᠮ ᠢ᠋ ᠬᠢᠳᠤᠮᠤᠢ᠃ ᠴᠢᠮ᠎ᠠ ᠳ᠋ᠤᠷ ᠶᠠᠷᠢᠬᠤ ᠦᠭᠡ ᠪᠠᠰᠠ ᠪᠣᠢ ᠪᠤᠶᠤ ? 》ᠬᠡᠮᠡᠬᠦᠢ ᠳ᠋ᠦ᠍ᠷ ᠳ᠋ᠸᠮᠢᠲ᠋ᠷᠢ ᠥᠴᠢᠷᠦᠨ :《ᠴᠡᠷᠢᠭ ᠠᠷᠠᠳ ᠪᠣᠯᠤᠭᠴᠢ ᠡᠵᠡᠨ ᠦ᠌ ᠵᠠᠷᠯᠢᠭ ᠢ᠋ᠶ᠋ᠠᠷ ᠬᠣᠲᠠ ᠶ᠋ᠢ ᠰᠠᠬᠢᠵᠤ ᠰᠢᠳᠤᠷᠭᠤ ᠶ᠋ᠢ ᠭᠦᠢᠴᠡᠳᠬᠡᠬᠦ ᠠᠨᠤ ᠬᠤᠪᠢ ᠪᠣᠯᠠᠢ᠃ ᠡᠳᠦᠭᠡ ᠬᠦᠴᠦᠨ ᠬᠦᠷᠦᠯᠴᠡᠬᠦ ᠦᠭᠡᠢ ᠬᠣᠲᠠ ᠶ᠋ᠢ ᠠᠯᠳᠠᠭᠰᠠᠨ ᠲᠤᠯᠠ ᠮᠢᠨᠦ ᠦᠬᠦᠬᠦ ᠢᠨᠤ ᠵᠦᠢ ᠪᠣᠯᠠᠢ᠃ ᠭᠠᠭᠴᠠᠬᠦ ᠬᠣᠲᠠ ᠶ᠋ᠢᠨ ᠠᠷᠠᠳ ᠶᠠᠯ᠎ᠠ ᠦᠭᠡᠢ ᠲᠤᠯᠠ ᠦᠯᠦ ᠬᠥᠨᠥᠭᠡᠬᠦ ᠶ᠋ᠢ ᠬᠦᠰᠡᠮᠦᠢ 》 ᠬᠡᠮᠡᠪᠡ᠃ ᠮᠥᠩᠬᠡ ᠬᠠᠨ ᠴᠠᠪᠴᠢᠬᠤ ᠶ᠋ᠢ ᠲᠦᠷ ᠬᠣᠢᠰᠢᠯᠠᠭᠤᠯᠵᠤ ᠬᠣᠲᠠ ᠶ᠋ᠢᠨ ᠴᠡᠷᠢᠭ ᠠᠷᠠᠳ ᠡᠰᠡᠷᠭᠦᠴᠡᠬᠦ ᠪᠡᠨ ᠵᠣᠭᠰᠣᠵᠤ ᠵᠡᠪᠰᠡᠭ ᠲᠠᠯᠪᠢᠭᠰᠠᠨ ᠪᠦᠬᠦᠨ ᠢ᠋ ᠬᠢᠳᠤᠵᠤ ᠪᠣᠯᠬᠤ ᠦᠭᠡᠢ ᠭᠡᠮᠡᠨ ᠬᠠᠲᠠᠭᠤ ᠵᠠᠷᠯᠢᠭ ᠪᠠᠭᠤᠯᠭᠠᠨ ᠬᠣᠲᠠ ᠶ᠋ᠢ ᠥᠷᠥᠰᠢᠶᠡᠪᠡ᠃
ᠲᠡᠳᠦᠢ ᠳ᠋ᠦ᠍ᠷ ᠪᠠᠷᠠᠭᠤᠨ ᠭᠠᠷ ᠤ᠋ᠨ ᠤᠷᠲᠠ ᠂ ᠱ᠌ᠢᠪᠠᠨ ᠨᠠᠷ ᠤ᠋ᠨ ᠴᠡᠷᠢᠭ ᠮᠥᠩᠬᠡ ᠬᠠᠨ ᠤ᠋ ᠴᠡᠷᠢᠭ ᠺᠠᠯᠢᠽ ᠤᠯᠤᠰ ᠢ᠋ ᠪᠠᠢᠯᠳᠤᠬᠤᠢ ᠳ᠋ᠤᠷ ᠲᠦᠰᠢᠭ ᠪᠣᠯᠵᠤ ᠪᠠᠢᠭᠰᠠᠨ ᠢ᠋ᠶ᠋ᠠᠨ ᠪᠠᠲᠤ ᠬᠠᠨ ᠤ᠋ ᠰᠢᠨ᠎ᠡ ᠵᠠᠷᠯᠢᠭ ᠢ᠋ᠶ᠋ᠠᠷ ᠺᠠᠯᠢᠽ ᠤᠯᠤᠰ ᠤ᠋ᠨ ᠬᠢᠯᠢ ᠶ᠋ᠢ ᠳᠠᠮᠵᠢᠨ ᠯᠢᠤᠢᠪᠤᠯᠢᠨ ᠠᠢᠮᠠᠭ ᠢ᠋ᠶ᠋ᠠᠷ ᠫᠣᠯᠠᠨᠳ᠋ ᠤᠯᠤᠰ ᠲᠤᠷ ᠣᠷᠣᠬᠤ ᠪᠠᠷ ᠪᠡᠯᠡᠳᠬᠡᠵᠦ ᠬᠦᠯᠢᠶᠡᠪᠡ᠃ ᠬᠥᠶᠦᠭ ᠬᠠᠨ ᠤ᠋ ᠳᠤᠮᠳᠠᠳᠤ ᠵᠠᠮ ᠤ᠋ᠨ ᠴᠡᠷᠢᠭ ᠴᠦ᠍ ᠬᠠᠳᠠᠨ᠂ ᠪᠠᠢᠲᠠᠷ ᠨᠠᠷ ᠢ᠋ᠶ᠋ᠠᠷ ᠮᠠᠩᠯᠠᠢᠯᠠᠭᠤᠯᠤᠨ ᠵᠡᠭᠦᠨ ᠹᠦᠯᠦᠰᠢ ᠯᠢᠲ᠋ᠤᠤᠸᠠ ᠶ᠋ᠢ ᠡᠵᠡᠯᠡᠨ ᠠᠪᠴᠤ ᠫᠣᠯᠠᠨᠳ᠋ ᠲᠤᠷ ᠣᠢᠷᠠᠲᠤᠵᠤ ᠠᠢᠰᠤᠢ᠃
ᠲᠡᠷᠡ ᠦᠶ᠎ᠡ ᠫᠣᠯᠠᠨᠳ᠋ ᠤ᠋ᠨ ᠤᠮᠠᠷᠠᠲᠤ ᠬᠢᠯᠢ ᠢᠨᠤ ᠹᠦᠯᠦᠰᠢ ᠪᠠ ᠳᠣᠲᠣᠭᠠᠳᠤ ᠫᠸᠮᠢᠨᠢᠶᠠ ᠪᠠᠢᠵᠤ ᠳᠣᠷᠣᠨ᠎ᠠ ᠬᠢᠯᠢ ᠢᠨᠤ ᠺᠠᠯᠢᠽ ᠤᠯᠤᠰ ᠪᠠ ᠯᠢᠲ᠋ᠣᠣᠸᠠᠨ ᠪᠣᠯᠠᠢ᠃ ᠡᠮᠦᠨᠡᠲᠦ ᠬᠢᠯᠢ ᠢᠨᠤ ᠺᠠᠷᠫᠠᠲ ᠠᠭᠤᠯᠠ ᠶ᠋ᠢ ᠠᠯᠤᠰᠯᠠᠨ ᠬᠠᠩᠭᠠᠷᠢ ᠲᠠᠢ ᠬᠥᠷᠰᠢ ᠪᠣᠯᠤᠮᠤᠢ᠃ ᠥᠷᠥᠨ᠎ᠡ ᠬᠢᠯᠢ ᠢᠨᠤ ᠫᠤᠯᠠᠨᠳ᠋ᠸᠩᠪᠤᠷ ᠬᠢᠭᠡᠳ ᠰᠢᠯᠶᠸᠰᠢᠶᠠ ᠯᠤᠭ᠎ᠠ ᠨᠡᠢᠯᠦᠮᠤᠢ᠃ ᠰᠢᠯᠶᠸᠰᠢᠶᠠ ᠫᠣᠯᠠᠨᠳ᠋ ᠯᠤᠭ᠎ᠠ ᠨᠡᠢᠯᠡᠭᠡᠳᠦᠢ ᠪᠣᠯᠪᠠᠴᠤ ᠬᠠᠷᠢᠶᠠᠲᠤ ᠤᠯᠤᠰ ᠠᠨᠤ ᠪᠣᠯᠤᠮᠤᠢ᠂ ᠮᠢᠩᠭᠠᠨ ᠤ᠋ ᠨᠣᠶᠠᠨ ᠪᠤᠷᠤᠬᠠᠢ ᠲᠤᠷᠰᠢᠭᠤᠯ ᠳ᠋ᠤᠷ ᠭᠠᠷᠴᠤ ᠶᠠᠪᠤᠬᠤ ᠳ᠋ᠠᠭᠠᠨ ᠫᠣᠯᠠᠨᠳ᠋ ᠤ᠋ᠨ ᠯᠢᠤᠢᠪᠤᠯᠢᠨ ᠠᠢᠮᠠᠭ ᠢ᠋ᠶ᠋ᠠᠷ ᠥᠬᠢᠳ ᠡᠮᠡᠰ ᠡᠳ᠋ ᠪᠣᠳᠠᠰ ᠣᠯᠵᠠᠯᠠᠨ ᠺᠠᠯᠢᠽ ᠲᠤᠷ ᠬᠦᠷᠭᠡᠮᠦᠢ᠃ ᠡᠪᠦᠯ ᠪᠣᠯᠤᠭᠰᠠᠨ ᠤ᠋ ᠳᠠᠷᠠᠭ᠎ᠠ ᠰᠢᠭᠤᠳ ᠤᠢᠰᠲ᠋ᠤᠯᠠ ᠭᠣᠣᠯ ᠤ᠋ᠨ ᠮᠥᠰᠥᠨ ᠳᠡᠭᠡᠭᠦᠷ ᠭᠡᠲᠦᠯᠵᠦ ᠰᠠᠩᠲ᠋ᠤᠸᠸᠮᠢᠷ ᠬᠣᠲᠠ ᠶ᠋ᠢ ᠡᠪᠳᠡᠨ ᠠᠪᠤᠭᠠᠳ ᠰᠢᠭᠤᠳ ᠫᠣᠯᠠᠨᠳ᠋ ᠤ᠋ᠨ ᠶᠡᠬᠡ ᠬᠣᠲᠠ ᠺᠸᠯᠠᠺᠸᠸᠨ ᠠ᠋ᠴᠠ ᠬᠡᠳᠦᠬᠡᠨ ᠭᠠᠵᠠᠷ ᠬᠣᠯᠠ ᠢᠷᠡᠵᠦ ᠡᠷᠡᠭᠲᠡᠢ ᠡᠮᠡᠭᠲᠡᠢ ᠣᠯᠠᠨ ᠬᠥᠮᠦᠰ ᠢ᠋ ᠣᠯᠵᠠᠯᠠᠨ ᠡᠵᠡᠨ ᠦᠭᠡᠢ ᠭᠠᠵᠠᠷ ᠮᠡᠲᠦ ᠶᠠᠪᠤᠮᠤᠢ᠃ ᠺᠸᠯᠠᠺᠸᠸᠨ ᠤ᠋ ᠨᠣᠶᠠᠨ ᠸᠯᠠᠲᠢᠮᠢᠷ ᠶᠡᠬᠡᠳᠡ ᠬᠢᠯᠢᠩᠯᠡᠨ ᠮᠠᠴᠠᠭᠯᠠᠯᠤ ᠶ᠋ᠢᠨ ᠴᠡᠭᠡᠷᠯᠡᠯ ᠦ᠋ᠨ ᠣᠢ ᠶ᠋ᠢ ᠲᠣᠬᠢᠶᠠᠯᠳᠤᠭᠤᠯᠤᠨ ᠴᠥᠭᠡᠨ ᠰᠢᠯᠢᠳᠡᠭ ᠴᠡᠷᠢᠭ ᠠᠪᠴᠤ ᠮᠣᠩᠭᠣᠯᠴᠤᠳ ᠤ᠋ᠨ ᠠᠷᠤ ᠠ᠋ᠴᠠ ᠳᠠᠭᠠᠵᠤ ᠶᠠᠪᠤᠭᠠᠳ ᠫᠣᠯᠠᠨ᠋ᠶ᠋ᠾ ᠣᠷᠴᠢᠮ ᠬᠦᠷᠦᠭᠡᠳ ᠭᠡᠨᠡᠳᠡᠭᠦᠯᠦᠨ ᠴᠣᠬᠢᠭᠰᠠᠨ ᠳ᠋ᠤᠷ ᠮᠣᠩᠭᠣᠯᠴᠤᠳ ᠨᠡᠯᠢᠶᠡᠳ ᠬᠣᠣᠷ ᠠᠮᠰᠠᠭᠠᠳ ᠰᠡᠭᠦᠯᠴᠢ ᠪᠡᠷ ᠳᠠᠢᠰᠤᠨ ᠤ᠋ ᠴᠡᠷᠢᠭ ᠴᠥᠭᠡᠨ ᠢ᠋ ᠮᠡᠳᠡᠭᠡᠳ ᠪᠤᠴᠠᠵᠤ ᠴᠣᠬᠢᠭᠠᠳ ᠸᠯᠠᠲᠢᠮᠢᠷ ᠤ᠋ᠨ ᠴᠡᠷᠢᠭ ᠢ᠋ ᠬᠦᠨᠳᠦ ᠬᠣᠬᠢᠷᠠᠭᠤᠯᠤᠭᠰᠠᠨ ᠪᠣᠯᠪᠠᠴᠤ ᠣᠯᠵᠠᠯᠠᠭᠰᠠᠨ ᠣᠯᠠᠨ ᠬᠥᠮᠦᠨ ᠢ᠋ᠶ᠋ᠡᠨ ᠴᠥᠮ ᠠᠯᠳᠠᠵᠤᠬᠤᠢ᠃
ᠥᠭᠦᠯᠡᠬᠦ ᠢᠨᠤ ᠮᠣᠩᠭᠣᠯ ᠤ᠋ᠨ ᠶᠡᠬᠡ ᠴᠡᠷᠢᠭ ᠴᠥᠮ ᠺᠠᠯᠢᠽ ᠤᠯᠤᠰ ᠤ᠋ᠨ ᠣᠢᠷ᠎ᠠ ᠴᠤᠭᠯᠠᠷᠠᠨ ᠢᠷᠡᠵᠦ ᠫᠣᠯᠠᠨᠳ᠋᠂ ᠬᠠᠩᠭᠠᠷᠢ ᠳ᠋ᠤᠷ ᠴᠡᠷᠢᠭ ᠣᠷᠣᠬᠤ ᠪᠠᠷ ᠲᠣᠭᠲᠠᠵᠤ ᠵᠠᠷᠯᠢᠭ ᠬᠦᠯᠢᠶᠡᠮᠦᠢ᠃ ᠡᠨᠡ ᠦᠶᠡᠰ ᠮᠣᠩᠭᠣᠯ ᠳ᠋ᠤᠷ ᠳᠠᠭᠠᠬᠤ ᠦᠭᠡᠢ ᠺᠢᠪᠴᠠᠭ ᠤ᠋ᠳ ᠂ ᠺᠣᠮᠠᠸᠠᠴᠤᠳ ᠂ ᠪᠣᠯᠭᠠᠷᠢᠴᠤᠳ ᠂ ᠣᠷᠣᠰᠴᠤᠳ ᠂ ᠺᠠᠯᠢᠴᠤᠳ ᠴᠥᠮ ᠡᠨᠡ ᠬᠣᠶᠠᠷ ᠤᠯᠤᠰ ᠲᠤᠷ ᠬᠠᠮᠠᠭᠠᠯᠠᠭᠳᠠᠪᠠ᠃ ᠮᠣᠩᠭᠣᠯ ᠴᠡᠷᠢᠭ ᠪᠤᠴᠠᠪᠠᠰᠤ ᠳᠠᠷᠤᠢ ᠤᠯᠤᠰ ᠤᠯᠤᠰ ᠲᠠᠭᠠᠨ ᠪᠤᠴᠠᠵᠤ ᠲᠦᠢᠪᠡᠭᠡᠬᠦ ᠪᠡᠯᠡᠳᠬᠡᠯ ᠬᠢᠵᠦ ᠰᠠᠭᠤᠮᠤᠢ᠃ ᠲᠡᠢᠨ ᠬᠦ᠌ ᠪᠠᠲᠤ ᠬᠠᠨ ᠡᠨᠡ ᠬᠣᠶᠠᠷ ᠤᠯᠤᠰ ᠢ᠋ ᠪᠠᠢᠯᠳᠤᠨ ᠠᠪᠬᠤ ᠪᠠᠷ ᠰᠢᠢᠳᠪᠡ᠃
ᠪᠠᠲᠤ ᠬᠠᠨ ᠯᠢᠲ᠋ᠣᠣᠸᠠᠨ ᠠ᠋ᠴᠠ ᠺᠠᠯᠢᠽ ᠬᠣᠲᠠᠨ᠎ᠠ ᠢᠷᠡᠵᠦ ᠮᠥᠩᠬᠡ ᠬᠠᠨ ᠲᠠᠢ ᠠᠭᠤᠯᠵᠠᠭᠠᠳ ᠲᠡᠢᠨ ᠦ᠌ ᠲᠤᠬᠠᠢ ᠵᠥᠪᠳᠡᠪᠡᠰᠦ ᠮᠥᠩᠬᠡ ᠬᠠᠨ ᠳ᠋ᠸᠮᠢᠲ᠋ᠷᠢ ᠬᠦᠩ ᠢ᠋ ᠪᠠᠷᠢᠪᠴᠢᠯᠠᠭᠰᠠᠨ ᠲᠤᠬᠠᠢ ᠥᠭᠦᠯᠡᠵᠦ ᠬᠣᠷᠢᠭᠤᠯ ᠠ᠋ᠴᠠ ᠭᠠᠷᠭᠠᠨ ᠪᠠᠲᠤ ᠬᠠᠨ ᠳ᠋ᠤᠷ ᠦᠵᠡᠭᠦᠯᠦᠭᠰᠡᠨ ᠳ᠋ᠦ᠍ ᠳ᠋ᠸᠮᠢᠲ᠋ᠷᠢ ᠬᠦᠩ ᠪᠠᠲᠤ ᠬᠠᠨ ᠠ᠋ᠴᠠ ᠲᠦᠷᠭᠡᠨ ᠦᠬᠦᠬᠦ ᠶ᠋ᠢ ᠭᠤᠶᠤᠪᠠ᠃ ᠪᠠᠲᠤ ᠬᠠᠨ ᠦᠵᠡᠪᠡᠰᠦ ᠮᠥᠩᠬᠡ ᠬᠠᠨ ᠲᠡᠭᠦᠨ ᠦ᠌ ᠠᠮᠢ ᠶ᠋ᠢ ᠦᠯᠡᠳᠡᠭᠡᠬᠦ ᠰᠠᠨᠠᠭ᠎ᠠ ᠲᠠᠢ ᠶ᠋ᠢ ᠮᠡᠳᠡᠵᠦ ᠳᠠᠭᠠᠪᠠᠰᠤ ᠳᠠᠭᠠᠲᠤᠭᠠᠢ᠂ ᠣᠳᠪᠠᠰᠤ ᠣᠳᠲᠤᠭᠠᠢ ᠭᠡᠮᠡᠨ ᠴᠡᠷᠢᠭ ᠦ᠋ᠨ ᠠᠷᠠᠳ ᠢ᠋ᠶ᠋ᠠᠷ ᠰᠤᠯᠠᠯᠠᠭᠤᠯᠤᠭᠰᠠᠨ ᠳ᠋ᠤᠷ ᠳ᠋ᠸᠮᠢᠲ᠋ᠷᠢ ᠬᠦᠩ ᠵᠡᠭᠦᠳᠦᠨ ᠮᠡᠲᠦ ᠢᠲᠡᠭᠡᠵᠦ ᠶᠠᠳᠠᠨ ᠲᠠᠲᠠᠭᠠᠯᠵᠠᠨ ᠵᠣᠭᠰᠣᠭᠠᠳ ᠦᠨᠡᠨ ᠰᠤᠯᠠᠯᠠᠭᠰᠠᠨ ᠢ ᠮᠡᠳᠡᠭᠡᠳ ᠲᠣᠯᠣᠭᠠᠢ ᠳᠣᠬᠢᠨ ᠠᠶᠠᠷᠯᠠᠭᠠᠳ ᠰᠢᠭᠤᠳ ᠴᠡᠷᠢᠭ ᠦ᠋ᠨ ᠬᠦᠷᠢᠶᠡᠨ ᠡᠴᠡ ᠭᠠᠷᠴᠤ ᠣᠳᠪᠠᠢ᠃
ᠡᠪᠦᠯ ᠦ᠋ᠨ ᠬᠦᠢᠲᠡᠨ ᠴᠠᠭ ᠪᠠᠰᠠ ᠬᠦᠷᠴᠦ ᠢᠷᠡᠭᠰᠡᠨ ᠪᠥᠭᠡᠳ ᠵᠢᠯ ᠴᠠᠭᠠᠨ ᠰᠠᠷ᠎ᠠ ᠣᠢᠷᠠᠲᠤᠭᠰᠠᠨ ᠲᠤᠯᠠ ᠴᠡᠷᠢᠭ ᠦ᠋ᠨ ᠬᠦᠷᠢᠶ᠎ᠡ ᠪᠦᠬᠦᠨ ᠴᠥᠮ ᠰᠢᠨᠡᠯᠡᠬᠦ ᠬᠡᠷᠡᠭᠴᠡᠭᠡᠨ ᠦ᠌ ᠵᠦᠢᠯ ᠳ᠋ᠦ᠍ᠷ ᠶᠠᠭᠠᠷᠠᠯᠳᠤᠨ ᠪᠡᠯᠡᠳᠬᠡᠯ ᠬᠢᠵᠦ ᠰᠠᠭᠤᠮᠤᠢ᠃ ᠭᠡᠲᠡᠯ᠎ᠡ ᠰᠠᠨᠠᠮᠰᠠᠷ ᠦᠭᠡᠢ ᠬᠠᠭᠠᠨ ᠤ᠋ ᠵᠠᠷᠯᠢᠭ ᠬᠦᠷᠴᠦ ᠢᠷᠡᠭᠰᠡᠨ ᠳ᠋ᠦ᠍ᠷ ᠪᠠᠲᠤ ᠬᠠᠨ ᠣᠯᠠᠨ ᠤ᠋ ᠰᠡᠳᠬᠢᠯ ᠬᠥᠳᠡᠯᠬᠦ ᠶ᠋ᠢ ᠪᠣᠳᠣᠵᠤ ᠣᠯᠠᠨ ᠬᠠᠳ ᠲᠤᠷ ᠨᠢᠭᠤᠴᠠ ᠪᠠᠷ ᠤᠯᠠᠮᠵᠢᠯᠠᠪᠠ᠃ ᠵᠠᠷᠯᠢᠭ ᠲᠤᠷ ᠪᠠᠷᠠᠭᠤᠨ ᠬᠢᠵᠠᠭᠠᠷ ᠤ᠋ᠨ ᠬᠡᠷᠡᠭ ᠢ᠋ ᠪᠠᠷᠠᠭᠤᠨ ᠭᠠᠷᠤᠨ ᠪᠠᠲᠤ ᠲᠡᠷᠢᠭᠦᠲᠡᠨ ᠣᠯᠠᠨ ᠬᠥᠪᠡᠭᠦᠳ ᠪᠠ ᠰᠥᠪᠡᠬᠡᠳᠡᠢ ᠪᠠᠭᠠᠲᠤᠷ ᠨᠣᠶᠠᠨ ᠢ᠋ ᠮᠡᠳᠡᠲᠦᠭᠡᠢ ᠭᠡᠮᠡᠨ ᠵᠢᠴᠢ ᠴᠤᠷᠮᠠᠬᠠᠨ ᠬᠣᠷᠴᠢ ᠯᠤᠭ᠎ᠠ ᠦᠷᠭᠦᠯᠵᠢ ᠡᠯᠴᠢ ᠥᠷᠲᠡᠭᠡ ᠪᠡᠷ ᠬᠠᠷᠢᠯᠴᠠᠵᠤ ᠲᠤᠰᠠᠯᠠᠯᠴᠠᠵᠤ ᠶᠠᠪᠤᠭᠲᠤᠨ ᠬᠡᠮᠡᠭᠡᠳ ᠭᠣᠣᠯ ᠤ᠋ᠨ ᠬᠥᠪᠡᠭᠦᠨ ᠪᠠ ᠵᠡᠭᠦᠨ ᠭᠠᠷᠤᠨ ᠬᠥᠪᠡᠭᠦᠳ ᠢ᠋ ᠳᠠᠷᠤᠢᠬᠠᠨ ᠪᠤᠴᠠᠬᠤ ᠪᠣᠯᠪᠠᠤ ᠬᠡᠮᠡᠪᠡᠢ᠃ ᠲᠡᠢᠨ ᠬᠦ᠌ ᠪᠤᠴᠠᠬᠤ ᠶᠠᠪᠤᠳᠠᠯ ᠢ ᠬᠠᠳ ᠬᠥᠪᠡᠭᠦᠳ ᠵᠥᠪᠳᠡᠯᠴᠢᠭᠡᠳ ᠡᠪᠦᠯ ᠢ᠋ ᠣᠷᠣᠰ ᠨᠤᠲᠤᠭ ᠲᠤᠷ ᠥᠩᠭᠡᠷᠡᠭᠡᠨ ᠢᠷᠡᠬᠦ ᠬᠠᠪᠤᠷ ᠠᠳᠤᠭᠤᠨ ᠤ᠋ ᠬᠥᠯ ᠴᠢᠩᠭᠠᠷᠠᠬᠤ ᠶ᠋ᠢ ᠬᠦᠯᠢᠶᠡᠵᠦ ᠵᠡᠭᠦᠨᠰᠢᠯᠡᠪᠡᠰᠦ ᠲᠠᠯᠠᠭᠠᠷ ᠬᠡᠳᠦᠨ ᠰᠠᠷ᠎ᠠ ᠶ᠋ᠢ ᠰᠤᠯᠠ ᠰᠠᠭᠤᠵᠤ ᠥᠩᠭᠡᠷᠡᠭᠡᠬᠦ ᠡᠴᠡ ᠴᠠᠰᠤ ᠡᠪᠡᠰᠦ ᠶ᠋ᠢ ᠲᠦᠰᠢᠵᠦ ᠠᠯᠭᠤᠷ ᠢ᠋ᠶ᠋ᠠᠷ ᠣᠢᠷᠠᠲᠤᠵᠤ ᠣᠲᠣᠷᠯᠠᠨ ᠶᠠᠪᠤᠵᠤ ᠢᠵᠢᠯ ᠮᠥᠷᠡᠨ ᠢ᠋ ᠭᠡᠲᠦᠯᠦᠨ ᠺᠢᠪᠴᠠᠭ ᠲᠤᠷ ᠵᠤᠨᠵᠢᠵᠤ ᠨᠠᠮᠤᠷ ᠤ᠋ᠨ ᠰᠡᠭᠦᠯᠴᠢ ᠪᠡᠷ ᠬᠠᠷ᠎ᠠ ᠬᠣᠷᠢᠨ ᠳ᠋ᠤᠷ ᠣᠢᠷᠠᠲᠤᠵᠤ ᠪᠣᠯᠤᠮᠤᠢ ᠭᠡᠮᠡᠨ ᠲᠣᠭᠲᠠᠭᠠᠳ ᠰᠢᠨᠡᠯᠡᠬᠦ ᠶ᠋ᠢ ᠬᠦᠯᠢᠶᠡᠬᠦ ᠦᠭᠡᠢ ᠳᠠᠷᠤᠢᠬᠠᠨ ᠮᠣᠷᠳᠠᠬᠤ ᠪᠠᠷ ᠴᠡᠷᠢᠭ ᠦ᠋ᠨ ᠬᠦᠷᠢᠶᠡᠨ ᠳ᠋ᠦ᠍ᠷ ᠵᠠᠷᠯᠢᠭ ᠪᠣᠯᠪᠠ᠃ ᠡᠢᠮᠦ ᠡᠴᠡ ᠢᠷᠡᠭᠰᠡᠨ ᠠᠬᠠᠮᠠᠳ ᠬᠥᠪᠡᠭᠦᠳ ᠴᠥᠮ ᠪᠤᠴᠠᠬᠤ ᠲᠤᠯᠠ ᠡᠷᠡᠭᠦᠯ ᠠᠮᠢᠳᠤ ᠪᠤᠴᠠᠮᠤᠢ ᠭᠡᠮᠡᠨ ᠴᠥᠮ ᠪᠠᠶᠠᠰᠤᠯᠴᠠᠵᠤ ᠲᠤᠰ ᠲᠤᠰ ᠤ᠋ᠨ ᠠᠴᠢᠶ᠎ᠠ ᠬᠥᠰᠬᠡ ᠪᠡᠨ ᠵᠠᠰᠠᠵᠤ ᠣᠯᠵᠠ ᠣᠮᠣᠭ ᠢ᠋ᠶ᠋ᠠᠨ ᠬᠢᠮᠠᠭᠠᠯᠠᠨ ᠪᠠᠭᠴᠠᠯᠠᠵᠤ ᠶᠠᠪᠤᠬᠤᠢ ᠪᠠᠷ ᠲᠣᠬᠢᠷᠠᠪᠠᠢ᠃ ᠬᠠᠳ ᠬᠥᠪᠡᠭᠦᠳ ᠴᠦ᠍ ᠲᠣᠭᠲᠠᠪᠤᠷᠢ ᠦᠭᠡᠢ ᠪᠣᠯᠵᠤ ᠬᠠᠷᠢᠯᠴᠠᠨ ᠤᠷᠲᠤ ᠣᠷᠳᠣᠨ ᠳ᠋ᠠᠭᠠᠨ ᠵᠠᠯᠠᠯᠴᠠᠵᠤ ᠨᠠᠢᠷᠯᠠᠨ ᠬᠤᠷᠢᠮᠯᠠᠮᠤᠢ᠃
ᠴᠡᠷᠢᠭ ᠲᠡᠢᠨ ᠦ᠌ ᠶᠠᠪᠤᠳᠠᠯ ᠢ ᠥᠴᠦᠬᠡᠨ ᠴᠦ᠍ ᠣᠰᠣᠯᠳᠠᠵᠤ ᠪᠣᠯᠬᠤ ᠦᠭᠡᠢ ᠲᠤᠯᠠ ᠪᠤᠴᠠᠬᠤ ᠴᠡᠷᠢᠭ ᠦ᠋ᠨ ᠶᠠᠪᠤᠳᠠᠯ ᠢ᠋ ᠶᠡᠬᠡ ᠵᠠᠩᠵᠤᠨ ᠪᠦᠵᠥᠭ ᠂ ᠣᠭᠲᠠᠷ ᠂ ᠶᠢᠰᠦᠨᠲᠠᠷ ᠨᠠᠷ ᠮᠡᠳᠡᠵᠦ ᠂ ᠬᠠᠷᠠᠭᠤᠯ ᠲᠤᠷᠰᠢᠭᠤᠯ ᠢ᠋ ᠴᠢᠩᠭᠠᠳᠬᠠᠨ ᠰᠡᠷᠭᠡᠢᠯᠡᠵᠦ ᠂ ᠬᠣᠴᠣᠷᠬᠤ ᠴᠡᠷᠢᠭ ᠢ᠋ ᠰᠦᠪᠡᠭᠡᠳᠡᠢ ᠪᠠᠭᠠᠲᠤᠷ ᠨᠣᠶᠠᠯᠠᠵᠤ ᠴᠢᠩᠳᠠᠯᠠᠨ ᠬᠣᠯᠠ ᠣᠢᠷ᠎ᠠ ᠬᠥᠮᠦᠨ ᠭᠠᠷᠭᠠᠨ ᠭᠡᠲᠡᠭᠦᠯᠦᠮᠥᠢ᠃
ᠬᠠᠳ ᠬᠥᠪᠡᠭᠦᠳ ᠦ᠋ᠨ ᠨᠠᠢᠷ ᠬᠥᠷ ᠥᠨᠳᠥᠷ ᠪᠣᠯᠵᠤ ᠪᠦᠬᠦᠢ ᠳ᠋ᠦ᠍ᠷ ᠪᠠᠲᠤ ᠬᠠᠨ ᠢᠯᠠᠭᠤᠭᠰᠠᠨ ᠶᠡᠬᠡ ᠪᠠᠶᠠᠷ ᠭᠡᠮᠡᠨ ᠭᠤᠷᠪᠠᠨ ᠡᠳᠦᠷ ᠦ᠋ᠨ ᠶᠡᠬᠡ ᠬᠤᠷᠢᠮ ᠵᠠᠷᠯᠠᠭᠰᠠᠨ ᠳ᠋ᠤᠷ ᠨᠠᠢᠷ ᠬᠥᠷ ᠨᠡᠩ ᠴᠠᠭᠯᠠᠰᠢ ᠦᠭᠡᠢ ᠪᠣᠯᠪᠠ ᠃ ᠶᠤᠸᠠᠨᠱᠤᠸᠠᠢ ᠶ᠋ᠢᠨ ᠶᠡᠬᠡ ᠴᠠᠴᠠᠷ ᠲᠤᠷ ᠡᠳᠦᠷ ᠪᠣᠯᠭᠠᠨ ᠰᠢᠷᠡᠭᠡ ᠵᠢᠭᠰᠠᠭᠠᠨ ᠬᠠᠳ ᠬᠥᠪᠡᠭᠦᠳ ᠪᠠ ᠲᠦᠮᠡᠨ ᠦ᠌ ᠨᠣᠶᠠᠨ ᠂ ᠮᠢᠩᠭᠠᠨ ᠤ᠋ ᠨᠣᠶᠠᠳ ᠂ ᠭᠠᠪᠢᠶᠠᠲᠤ ᠵᠠᠩᠵᠤᠨ ᠲᠦᠰᠢᠮᠡᠳ ᠳᠦᠭᠦᠷᠲᠡᠯ᠎ᠡ ᠰᠠᠭᠤᠯᠴᠠᠨ ᠪᠠᠲᠤ ᠬᠠᠨ ᠲᠡᠷᠢᠭᠦᠯᠡᠨ ᠣᠯᠠᠨ ᠬᠠᠳ ᠪᠡᠶ᠎ᠡ ᠪᠡᠷ ᠬᠤᠨᠳᠠᠭ᠎ᠠ ᠪᠠᠷᠢᠵᠤ ᠮᠣᠩᠭᠣᠯ ᠬᠡᠦᠬᠡᠨ ᠂ ᠺᠢᠪᠴᠠᠭ ᠬᠡᠦᠬᠡᠨ ᠂ ᠣᠷᠣᠰ ᠬᠡᠦᠬᠡᠨ ᠂ ᠫᠤᠯᠠᠨᠳ᠋ ᠬᠠᠩᠭᠠᠷᠢ ᠬᠡᠦᠬᠡᠨᠴᠦᠳ ᠦ᠋ᠨ ᠳᠠᠭᠤᠤ ᠪᠥᠵᠢᠭ ᠢ᠋ ᠰᠣᠨᠢᠷᠬᠠᠵᠤ ᠪᠡᠶᠡᠰᠦᠮᠦᠢ᠃ ᠴᠠᠭ᠎ᠠ ᠂ ᠥᠳᠬᠡ ᠂ ᠦᠵᠦᠮ ᠦ᠋ᠨ ᠠᠷᠢᠬᠢ ᠂ ᠦᠬᠡᠷ ᠬᠣᠨᠢ ᠶ᠋ᠢᠨ ᠮᠢᠬ᠎ᠠ ᠂ ᠣᠷᠣᠰ ᠂ ᠺᠢᠪᠴᠠᠭ ᠢᠳᠡᠭᠡ ᠶ᠋ᠢ ᠠᠭᠤᠯᠠ ᠳᠠᠯᠠᠢ ᠮᠡᠲᠦ ᠵᠠᠷᠤᠵᠤ ᠪᠠᠶᠠᠰᠤᠯᠴᠠᠨ ᠤᠤᠭᠤᠬᠤᠢ ᠳ᠋ᠤᠷ ᠭᠠᠭᠴᠠ ᠬᠥᠶᠦᠭ ᠬᠠᠨ ᠴᠠᠭ᠎ᠠ ᠤᠮᠳᠠᠯᠠᠵᠤ ᠰᠠᠭᠤᠬᠤ ᠶ᠋ᠢ ᠣᠯᠠᠨ ᠴᠥᠮ ᠠᠩᠬᠠᠷᠴᠤ ᠲᠡᠭᠦᠨ ᠦ᠌ ᠬᠠᠲᠠᠭᠤ ᠠᠷᠢᠬᠢ ᠥᠳᠬᠡ ᠡᠴᠡ ᠬᠣᠯᠠᠳᠠᠭᠰᠠᠨ ᠳ᠋ᠤᠷ ᠪᠢᠰᠢᠷᠡᠯᠴᠡᠮᠦᠢ᠃ ᠪᠠᠲᠤ ᠬᠠᠨ ᠥᠷᠥᠰᠢᠶᠡᠨ ᠠᠷᠭᠠᠰᠤᠨ ᠢ᠋ ᠭᠦᠶᠦᠭ ᠬᠠᠨ ᠤ᠋ ᠴᠠᠴᠠᠷ ᠲᠤᠷ ᠲᠤᠰᠢᠶᠠᠨ ᠪᠤᠴᠠᠭᠠᠲᠤᠭᠠᠢ ᠭᠡᠮᠡᠨ ᠵᠠᠬᠢᠪᠠ᠃
ᠬᠠᠳ ᠨᠣᠶᠠᠳ ᠤ᠋ᠨ ᠤᠤᠭᠤᠯᠴᠠᠵᠤ ᠢᠳᠡᠬᠦ ᠶ᠋ᠢ ᠥᠭᠦᠯᠡᠬᠦ ᠦᠭᠡᠢ ᠂ ᠴᠡᠷᠢᠭ ᠦ᠋ᠨ ᠬᠦᠷᠢᠶᠡᠨ ᠳ᠋ᠦ᠍ᠷ ᠴᠦ᠍ ᠴᠠᠭ᠎ᠠ ᠂ ᠥᠳᠬᠡ ᠂ ᠦᠵᠦᠮ ᠦ᠋ᠨ ᠠᠷᠢᠬᠢ ᠡᠯᠪᠡᠭ ᠱᠠᠩᠨᠠᠭᠰᠠᠨ ᠲᠤᠯᠠ ᠬᠠᠷᠠᠭᠤᠯ ᠲᠤᠷᠰᠢᠭᠤᠯ ᠠ᠋ᠴᠠ ᠪᠤᠰᠤ ᠠᠨᠤ ᠴᠥᠮ ᠬᠠᠨᠤᠲᠠᠯ᠎ᠠ ᠤᠤᠭᠤᠵᠤ ᠢᠳᠡᠭᠡᠳ ᠤᠬᠢᠯᠠᠬᠤ ᠂ ᠳᠠᠭᠤᠯᠠᠬᠤ ᠂ ᠬᠤᠭᠤᠷᠳᠠᠬᠤ ᠂ ᠦᠯᠢᠶᠡᠬᠦ ᠂ ᠪᠢᠰᠢᠭᠦᠷᠳᠡᠬᠦ ᠂ ᠲᠠᠲᠠᠬᠤ ᠴᠣᠬᠢᠬᠤ ᠂ ᠲᠣᠭᠰᠢᠬᠤ ᠂ ᠴᠤᠭᠤᠷᠳᠠᠬᠤ ᠂ ᠪᠦᠷᠢᠶᠡᠳᠦᠬᠦ ᠂ ᠴᠢᠪᠠᠭᠳᠠᠬᠤ ᠂ ᠪᠥᠵᠢᠭᠯᠡᠬᠦ ᠂ ᠪᠠᠷᠢᠯᠳᠤᠬᠤ ᠂ ᠡᠯᠳᠡᠪ ᠱᠣᠭ ᠨᠠᠭᠠᠳᠤᠮ ᠪᠣᠯᠵᠤ ᠬᠥᠭᠡᠷᠦᠯᠳᠦᠮᠦᠢ ᠃ ᠦᠨᠡᠬᠡᠷ : 《ᠠᠯᠲᠠᠨ ᠳᠥᠷᠥᠭᠡ ᠪᠡᠨ ᠬᠠᠩᠭᠢᠨᠠᠭᠤᠯᠤᠨ ᠠᠶᠠᠨ ᠤ᠋ ᠬᠥᠮᠦᠰ ᠢᠯᠠᠭᠤᠭᠰᠠᠨ ᠳᠠᠭᠤᠨ ᠳ᠋ᠤᠷ ᠪᠤᠴᠠᠮᠤᠢ 》 ᠬᠡᠮᠡᠭᠰᠡᠨ ᠮᠡᠲᠦ ᠪᠣᠯᠪᠠᠢ᠃ ᠬᠥᠮᠦᠨ ᠪᠦᠬᠦᠨ ᠪᠠᠶᠠᠷ ᠤᠶᠠᠷᠠᠯ ᠬᠣᠣᠰᠯᠠᠵᠤ ᠤᠨᠠᠭᠰᠠᠨ ᠰᠢᠷᠣᠢ ᠲᠥᠷᠥᠰᠡᠨ ᠨᠤᠲᠤᠭ ᠲᠠᠭᠠᠨ ᠪᠤᠴᠠᠵᠤ ᠡᠴᠢᠭᠡ ᠡᠬᠡ ᠠᠬ᠎ᠠ ᠳᠡᠭᠦᠦ ᠡᠬᠡᠨᠡᠷ ᠬᠡᠦᠬᠡᠳ ᠲᠡᠭᠡᠨ ᠠᠮᠢᠳᠤ ᠵᠢᠷᠭᠠᠯ ᠲᠠᠢ ᠠᠭᠤᠯᠵᠠᠮᠤᠢ ᠭᠡᠮᠡᠨ ᠶᠠᠭᠠᠷᠠᠯᠳᠤᠵᠤ ᠂ ᠨᠠᠢᠷ ᠥᠩᠭᠡᠷᠡᠭᠰᠡᠨ ᠦ᠌ ᠳᠠᠷᠠᠭ᠎ᠠ ᠮᠣᠷᠳᠠᠬᠤ ᠵᠠᠷᠯᠢᠭ ᠪᠠᠭᠤᠮᠠᠭᠴᠠ ᠴᠠᠰᠤ ᠮᠥᠰᠥᠨ ᠦ᠌ ᠳᠤᠮᠳᠠᠭᠤᠷ ᠲᠤᠭ ᠬᠢᠭᠢᠷᠢ ᠪᠡᠨ ᠬᠡᠢᠰᠬᠡᠨ ᠴᠠᠩᠳᠠᠭᠰᠠᠨ ᠮᠣᠷᠢ ᠪᠠᠨ ᠱᠣᠭᠰᠢᠭᠤᠯᠤᠨ ᠲᠥᠷᠥᠭᠰᠡᠨ ᠨᠤᠲᠤᠭ ᠤᠨᠠᠭᠰᠠᠨ ᠰᠢᠷᠣᠢ ᠪᠠᠨ ᠴᠢᠭᠯᠡᠪᠡ᠃
ᠭᠦᠶᠦᠭ ᠬᠠᠨ ᠰᠢᠳᠠᠷ ᠡᠷᠡᠰ ᠢ᠋ᠶ᠋ᠡᠨ ᠠᠪᠴᠤ ᠶᠤᠸᠠᠨᠱᠤᠸᠠᠢ ᠶ᠋ᠢᠨ ᠴᠠᠴᠠᠷ ᠲᠤᠷ ᠠᠶᠠᠷᠯᠠᠷᠠ ᠡᠴᠢᠰᠦᠭᠡᠢ ᠭᠡᠮᠡᠨ ᠪᠦᠬᠦᠢ ᠳ᠋ᠦ᠍ᠷ ᠪᠠᠲᠤ ᠬᠠᠨ ᠣᠯᠠᠨ ᠳᠡᠭᠦᠦ ᠨᠠᠷ ᠢ᠋ᠶ᠋ᠠᠨ ᠳᠠᠭᠠᠭᠤᠯᠤᠨ ᠡᠪᠦᠭᠡᠨ ᠵᠠᠩᠵᠤᠨ ᠰᠦᠪᠡᠭᠡᠲᠡᠢ ᠪᠠᠭᠠᠲᠤᠷ ᠤ᠋ᠨ ᠬᠠᠮᠲᠤ ᠮᠣᠷᠳᠠᠭᠤᠯᠬᠤ ᠪᠠᠷ ᠬᠦᠷᠴᠦ ᠢᠷᠡᠪᠡ᠃
ᠪᠠᠲᠤ ᠬᠠᠨ ᠵᠠᠮ ᠭᠣᠳᠣᠰ ᠠᠮᠤᠷ ᠲᠤᠩᠭᠠᠯᠠᠭ ᠶᠠᠪᠤᠬᠤ ᠶ᠋ᠢ ᠢᠷᠥᠭᠡᠵᠦ ᠮᠣᠷᠳᠠᠬᠤ ᠠᠷᠢᠬᠢ ᠪᠠᠷᠢᠭᠰᠠᠨ ᠳ᠋ᠤᠷ ᠭᠦᠶᠦᠭ ᠬᠠᠨ ᠬᠣᠶᠠᠷ ᠭᠠᠷ ᠢ᠋ᠶ᠋ᠠᠷ ᠲᠣᠰᠴᠤ ᠠᠪᠤᠭᠠᠳ ᠲᠡᠭᠷᠢ ᠭᠠᠵᠠᠷ ᠡᠵᠡᠳ ᠰᠠᠬᠢᠭᠤᠯᠰᠤᠨ ᠳ᠋ᠤᠷ ᠴᠡᠴᠦᠯᠢᠯᠡᠨ ᠦᠯᠡᠳᠡᠭᠰᠡᠨ ᠢ ᠠᠯᠠᠭᠠᠨ ᠳᠡᠭᠡᠷ᠎ᠡ ᠪᠡᠨ ᠳᠤᠰᠬᠠᠵᠤ ᠥᠴᠦᠬᠡᠨ ᠠᠮᠰᠠᠭᠠᠳ ᠳᠤᠭᠤᠯᠠᠭ᠎ᠠ ᠪᠠᠨ ᠮᠢᠯᠢᠶᠠᠪᠠ᠃ ᠵᠢᠴᠢ ᠤᠷᠲᠠ ᠂ ᠪᠠᠢᠳᠠᠷ ᠨᠠᠷ ᠴᠥᠮ ᠠᠬᠠᠴᠢᠯᠠᠨ ᠂ ᠳᠡᠭᠦᠦᠴᠢᠯᠡᠨ ᠠᠷᠢᠬᠢ ᠪᠠᠷᠢᠵᠤ ᠠᠶᠠᠷᠯᠠᠭᠰᠠᠨ ᠳ᠋ᠤᠷ ᠬᠥᠶᠦᠭ ᠬᠠᠨ ᠨᠢᠭᠡ ᠨᠢᠭᠡ ᠪᠡᠷ ᠬᠦᠯᠢᠶᠡᠨ ᠠᠪᠴᠤ ᠰᠠᠯᠬᠤ ᠶᠣᠰᠣ ᠭᠦᠢᠴᠡᠳᠬᠡᠨ ᠬᠡᠭᠡᠷ ᠮᠣᠷᠢᠨ ᠳ᠋ᠠᠭᠠᠨ ᠠᠯᠠᠪᠬᠢᠨ ᠮᠣᠷᠳᠠᠭᠠᠳ ᠪᠠᠲᠤ ᠬᠠᠨ ᠳ᠋ᠤᠷ ᠠᠶᠠᠷᠯᠠᠨ ᠥᠭᠦᠯᠡᠷᠦᠨ : 《ᠡᠷ᠎ᠡ ᠶ᠋ᠢᠨ ᠶᠠᠪᠤᠳᠠᠯ ᠢ᠋ ᠮᠡᠳᠡᠵᠦ ᠦᠯᠦ ᠪᠣᠯᠤᠮᠤᠢ᠃ ᠬᠡᠷᠪᠡ ᠠᠮᠤᠷ ᠮᠡᠨᠳᠦ ᠪᠤᠴᠠᠪᠠᠰᠤ ᠠᠬ᠎ᠠ ᠯᠤᠭ᠎ᠠ ᠬᠠᠷ᠎ᠠ ᠬᠣᠷᠢᠨ ᠳ᠋ᠤᠷ ᠠᠭᠤᠯᠵᠠᠰᠤᠭᠠᠢ 》 ᠭᠡᠮᠡᠨ ᠦᠯᠦ ᠮᠡᠳᠡᠭᠳᠡᠮ᠎ᠡ ᠢᠨᠢᠶᠡᠮᠰᠦᠭᠯᠡᠨ ᠵᠢᠯᠣᠭᠣ ᠪᠠᠨ ᠨᠢᠴᠤᠨ ᠲᠠᠲᠠᠵᠤ ᠠᠶᠠᠨ ᠵᠠᠮ ᠳ᠋ᠠᠭᠠᠨ ᠣᠷᠣᠪᠠ᠃ ᠸᠠᠩ ᠢᠦᠢ ᠵᠸᠨ ᠵᠡᠷᠭᠡ ᠰᠢᠳᠠᠷ ᠳᠠᠭᠠᠭᠰᠠᠳ ᠠᠷᠤ ᠠ᠋ᠴᠠ ᠪᠥᠭᠡᠮᠨᠡᠷᠡᠨ ᠱᠣᠭᠰᠢᠭᠤᠯᠵᠠᠭᠠᠪᠠ᠃ ᠲᠡᠷᠡ ᠬᠦ᠌ ᠬᠣᠭᠣᠷᠣᠨᠳᠣ ᠭᠦᠶᠦᠭ ᠬᠠᠨ ᠤ᠋ ᠣᠷᠳᠣᠨ ᠴᠠᠴᠠᠷ ᠢ᠋ ᠴᠥᠮ ᠪᠠᠭᠤᠯᠭᠠᠨ ᠠᠴᠢᠶᠠᠯᠠᠮᠤᠢ᠃ ᠲᠠᠯ᠎ᠠ ᠳᠦᠭᠦᠷᠡᠩ ᠬᠣᠲᠠ ᠬᠦᠷᠢᠶ᠎ᠡ ᠬᠣᠷᠣᠮᠬᠠᠨ ᠵᠠᠭᠤᠷ᠎ᠠ ᠵᠡᠭᠦᠳᠦᠨ ᠵᠡᠷᠭᠡᠯᠭᠡᠨ ᠮᠡᠲᠦ ᠠᠯᠠᠭ᠎ᠠ ᠪᠣᠯᠵᠤ ᠳᠠᠪᠲᠠᠭᠳᠠᠭᠰᠠᠨ ᠬᠡᠭᠡᠷ᠎ᠡ ᠲᠠᠯ᠎ᠠ ᠦᠵᠡᠰᠢ ᠦᠭᠡᠢ ᠬᠣᠴᠣᠷᠪᠠᠢ᠃
ᠬᠥᠶᠦᠭ ᠬᠠᠨ ᠤ᠋ ᠦᠭᠡ ᠪᠠᠲᠤ ᠬᠠᠨ ᠳ᠋ᠤᠷ ᠨᠢᠭᠡᠨ ᠬᠡᠰᠡᠭ ᠮᠥᠰᠥ ᠵᠠᠯᠭᠢᠭᠰᠠᠨ ᠮᠡᠲᠦ ᠬᠦᠢᠲᠡᠨ ᠰᠠᠨᠠᠭᠳᠠᠵᠤ ᠠᠶ᠎ᠠ ᠦᠭᠡᠢ ᠴᠠᠴᠠᠷ ᠵᠦᠭ ᠢ᠋ᠶ᠋ᠡᠨ ᠭᠡᠯᠳᠡᠷᠢᠬᠦᠢ ᠳ᠋ᠦ᠍ᠷ ᠰᠢᠳᠠᠷ ᠴᠡᠷᠢᠭ ᠮᠥᠩᠬᠡ ᠬᠠᠨ ᠠᠶᠠᠷᠯᠠᠷᠠ ᠢᠷᠡᠵᠦ ᠬᠦᠯᠢᠶᠡᠮᠦᠢ ᠭᠡᠮᠡᠨ ᠮᠡᠳᠡᠭᠦᠯᠦᠭᠰᠡᠨ ᠳ᠋ᠦ᠍ᠷ ᠪᠠᠲᠤ ᠬᠠᠨ ᠶᠠᠭᠠᠷᠠᠨ ᠣᠯᠠᠨ ᠢ᠋ᠶ᠋ᠠᠨ ᠳᠠᠭᠠᠭᠤᠯᠤᠨ ᠥᠨᠳᠡᠢᠨ ᠱᠣᠭᠰᠢᠭᠤᠯᠪᠠ᠃
ᠮᠥᠩᠬᠡ ᠬᠠᠨ ᠴᠡᠷᠢᠭ ᠦ᠋ᠨ ᠬᠦᠷᠢᠶᠡᠨ ᠦ᠌ ᠡᠭᠦᠳᠡᠨ᠎ᠡ ᠮᠣᠷᠢ ᠠ᠋ᠴᠠ ᠪᠠᠨ ᠪᠠᠭᠤᠵᠤ ᠬᠦᠯᠢᠶᠡᠪᠡᠢ᠃ ᠲᠡᠢᠨ ᠬᠦ᠌ ᠪᠠᠲᠤ ᠬᠠᠨ ᠬᠡᠳᠦᠨ ᠠᠯᠬᠤᠮ ᠬᠤᠷᠳᠤᠯᠠᠨ ᠥᠭᠡᠳᠡ ᠡᠴᠡ ᠢᠨᠣ ᠶᠠᠭᠠᠷᠠᠨ ᠢᠷᠡᠬᠦ ᠮᠥᠩᠬᠡ ᠬᠠᠨ ᠤ᠋ ᠭᠠᠷ ᠢ᠋ ᠪᠠᠷᠢᠵᠤ ᠮᠥᠷᠥ ᠵᠡᠷᠭᠡᠴᠡᠨ ᠶᠠᠪᠤᠵᠤ ᠪᠣᠳᠣᠭᠰᠠᠨ ᠢ᠋ᠶ᠋ᠠᠨ ᠶᠠᠷᠢᠯᠴᠠᠮᠤᠢ᠃ ᠮᠥᠩᠬᠡ ᠬᠠᠨ ᠤ᠋ ᠪᠡᠶ᠎ᠡ ᠪᠠᠲᠤ ᠬᠠᠨ ᠠ᠋ᠴᠠ ᠠᠷᠠᠢ ᠥᠨᠳᠥᠷ ᠂ ᠭᠠᠪᠰᠢᠭᠠᠢ ᠨᠠᠷᠢᠨ ᠴᠡᠪᠡᠷᠬᠡᠨ ᠂ ᠠᠳᠠᠯᠢᠳᠬᠠᠪᠠᠰᠤ ᠪᠠᠲᠤ ᠬᠠᠨ ᠮᠢᠬᠠᠯᠢᠭ ᠪᠦᠳᠦᠭᠦᠨ ᠳᠤᠮᠳᠠ ᠨᠠᠰᠤᠨ ᠤ᠋ ᠬᠥᠮᠦᠨ ᠦ᠌ ᠶᠠᠩᠵᠤ ᠨᠡᠯᠢᠶᠡᠳ ᠣᠷᠣᠪᠠ᠃ ᠰᠥᠪᠡᠭᠡᠳᠡᠢ ᠪᠠᠭᠠᠲᠤᠷ ᠠᠷᠤ ᠠ᠋ᠴᠠ ᠠᠨᠤ ᠠᠵᠢᠭᠯᠠᠨ ᠶᠠᠪᠤᠬᠤ ᠳ᠋ᠠᠭᠠᠨ : 《ᠪᠣᠭᠳᠠ ᠡᠵᠡᠨ ᠢ᠋ ᠭᠤᠲᠤᠭᠠᠭᠰᠠᠨ ᠦᠭᠡᠢ 》ᠭᠡᠮᠡᠨ ᠪᠠᠶᠠᠰᠪᠠᠢ᠃
ᠥᠩᠭᠡᠷᠡᠭᠰᠡᠨ ᠡᠴᠡ ᠪᠠᠲᠤ ᠬᠠᠨ ᠂ ᠮᠥᠩᠬᠡ ᠬᠠᠨ ᠬᠣᠶᠠᠭᠤᠯᠠ ᠵᠠᠩ ᠰᠠᠨᠠᠭ᠎ᠠ ᠨᠢᠭᠡᠲᠡᠢ ᠪᠥᠭᠡᠳ ᠳᠤᠷ᠎ᠠ ᠰᠣᠨᠢᠷᠬᠠᠯ ᠠᠳᠠᠯᠢ ᠂ ᠬᠠᠷᠢᠯᠴᠠᠨ ᠬᠦᠨᠳᠦᠳᠬᠡᠬᠦ ᠠᠵᠢ᠃ ᠢᠯᠠᠩᠭᠤᠶ᠎ᠠ ᠬᠡᠳᠦᠨ ᠵᠢᠯ ᠦ᠋ᠨ ᠠᠶᠠᠨ ᠲᠡᠢᠨ ᠳ᠋ᠦ᠍ᠷ ᠬᠠᠮᠲᠤ ᠶᠠᠪᠤᠭᠠᠳ ᠬᠠᠷᠢᠯᠴᠠᠨ ᠤᠯᠠᠮ ᠮᠡᠳᠡᠯᠴᠡᠭᠰᠡᠨᠨ ᠡᠴᠡ ᠨᠢᠭᠡᠨ ᠥᠷᠯᠥᠭᠡ ᠰᠠᠯᠤᠨ ᠤᠳᠤᠮᠤᠢ ᠬᠡᠮᠡᠬᠦᠢ ᠳ᠋ᠦ᠍ᠷ ᠬᠡᠷᠬᠢᠨ ᠲᠦᠪᠡᠭᠳᠡᠬᠦ ᠪᠣᠯᠠᠢ᠃ ᠪᠠᠲᠤ ᠬᠠᠨ ᠮᠣᠷᠳᠠᠬᠤ ᠬᠤᠨᠳᠠᠭ᠎ᠠ ᠪᠠᠷᠢᠵᠤ ᠥᠭᠦᠯᠡᠷᠦᠨ :《ᠡᠨᠡ ᠡᠳᠦᠷ ᠰᠠᠯᠤᠯᠴᠠᠭᠰᠠᠨ ᠤ᠋ ᠬᠣᠢᠨ᠎ᠠ ᠲᠡᠭᠷᠢ ᠭᠠᠵᠠᠷ ᠨᠢᠭᠡᠨ ᠳᠠᠪᠬᠤᠷ ᠠᠯᠤᠰᠯᠠᠮᠤᠢ᠃ ᠬᠥᠮᠦᠨ ᠦ᠌ ᠨᠠᠰᠤ ᠬᠡᠳᠦᠢᠬᠡᠨ ᠠᠵᠢ᠃ ᠳᠠᠬᠢᠨ ᠬᠡᠵᠢᠶ᠎ᠡ ᠠᠭᠤᠯᠵᠠᠬᠤ ᠶ᠋ᠢ ᠮᠡᠳᠡᠵᠦ ᠪᠣᠯᠬᠤ ᠦᠭᠡᠢ᠃ ᠪᠡᠶ᠎ᠡ ᠪᠡᠨ ᠬᠢᠴᠢᠶᠡᠭᠲᠦᠨ᠃ ᠪᠣᠭᠳᠠ ᠡᠵᠡᠨ ᠴᠢᠩᠭᠢᠰ ᠬᠠᠭᠠᠨ ᠡᠪᠦᠭᠡ ᠶ᠋ᠢᠨ ᠮᠠᠨ ᠳ᠋ᠤᠷ ᠦᠯᠡᠳᠡᠭᠡᠵᠦ ᠥᠭᠭᠦᠭᠰᠡᠨ ᠡᠭᠦᠷᠭᠡ ᠪᠠᠭ᠎ᠠ ᠪᠤᠰᠤ ᠲᠤᠯᠠ ᠠᠭᠤᠷ ᠣᠮᠣᠭ ᠢ᠋ᠶ᠋ᠠᠨ ᠳᠠᠷᠤᠵᠤ ᠥᠩᠭᠡ ᠳᠠᠷᠠᠰᠤ ᠠ᠋ᠴᠠ ᠬᠣᠯᠠᠳᠠᠬᠤ ᠬᠡᠷᠡᠭ ᠲᠡᠢ᠃ ᠳᠠᠷᠠᠰᠤ ᠥᠩᠭᠡ ᠬᠣᠶᠠᠷ ᠬᠥᠮᠦᠨ ᠦ᠌ ᠪᠡᠶ᠎ᠡ ᠶ᠋ᠢ ᠬᠣᠣᠷᠯᠠᠵᠤ ᠤᠯᠤᠰ ᠭᠡᠷ ᠢ᠋ ᠮᠥᠬᠥᠭᠡᠮᠦᠢ᠃ ᠴᠠᠭᠠᠲᠠᠢ ᠠᠪᠠᠭ᠎ᠠ ᠠ᠋ᠴᠠ ᠰᠣᠨᠣᠰᠪᠠᠰᠤ ᠤᠷᠢᠳᠠ ᠴᠠᠭ ᠮᠣᠩᠭᠣᠯ ᠳ᠋ᠤᠷ ᠠᠷᠢᠬᠢ ᠪᠠᠢᠭᠰᠠᠨ ᠦᠭᠡᠢ ᠬᠡᠮᠡᠮᠦ᠃ ᠠᠷᠤ ᠤᠰᠤ ᠳ᠋ᠠᠬᠢ ᠵᠢᠬᠤᠯᠢ ᠬᠡᠮᠡᠭᠴᠢ ᠳᠠᠭᠠᠷ᠎ᠠ ᠢᠷᠡᠬᠦ ᠳ᠋ᠡᠭᠡᠨ ᠡᠵᠡᠨ ᠡᠪᠦᠭᠡ ᠳ᠋ᠦ᠍ᠷ ᠵᠢᠷᠭᠤᠭᠠᠨ ᠭᠠᠩ ᠠᠷᠢᠬᠢ ᠪᠠᠷᠢᠭᠰᠠᠨ ᠳ᠋ᠤᠷ ᠪᠣᠭᠳᠠ ᠡᠵᠡᠨ ᠨᠢᠭᠡᠨ ᠬᠤᠳᠠᠭ᠎ᠠ ᠠᠮᠰᠠᠭᠠᠳ ᠵᠠᠷᠯᠢᠭ ᠪᠣᠯᠤᠭᠰᠠᠨ ᠠᠨᠤ : 《ᠡᠭᠦᠨ ᠢ᠋ ᠪᠠᠭ᠎ᠠ ᠡᠳ᠋ᠯᠡᠪᠡᠰᠦ ᠴᠢᠨᠠᠷ ᠢ᠋ ᠪᠠᠳᠠᠷᠠᠭᠤᠯᠵᠤ᠂ ᠶᠡᠬᠡ ᠡᠳᠡᠯᠡᠪᠡᠰᠤ ᠴᠢᠨᠠᠷ ᠢ᠋ ᠪᠠᠯᠠᠷᠠᠭᠤᠯᠤᠮᠤᠢ᠃ ᠬᠡᠷᠡᠭᠯᠡᠵᠦ ᠪᠣᠯᠬᠤ ᠡᠳ᠋ ᠪᠤᠰᠤ 》ᠭᠡᠮᠡᠨ ᠪᠤᠴᠠᠭᠠᠪᠠ ᠬᠡᠮᠡᠮᠦ᠃ ᠡᠳᠦᠭᠡ ᠮᠠᠨ ᠤ᠋ ᠮᠣᠩᠭᠣᠯᠴᠤᠳ ᠡᠪᠦᠭᠡ ᠳᠡᠭᠡᠳᠦᠰ ᠦ᠋ᠨ ᠰᠤᠷᠭᠠᠯ ᠢ ᠨᠢᠭᠡᠮᠦᠰᠦᠨ ᠣᠷᠬᠢᠵᠤ ᠬᠠᠳ ᠨᠣᠶᠠᠳ ᠠ᠋ᠴᠠ ᠲᠡᠷᠢᠭᠦᠯᠡᠨ ᠠᠷᠢᠬᠢ ᠥᠩᠭᠡᠨ ᠳ᠋ᠦ᠍ᠷ ᠰᠢᠨᠤᠵᠤ ᠪᠡᠶ᠎ᠡ ᠪᠡᠨ ᠬᠣᠣᠷᠯᠠᠬᠤ ᠪᠠᠷ ᠦᠯᠦ ᠪᠠᠷᠠᠨ ᠤᠯᠤᠰ ᠢ᠋ ᠡᠪᠳᠡᠬᠦᠢ ᠳ᠋ᠦ᠍ᠷ ᠬᠦᠷᠭᠡᠮᠦᠢ᠃ ᠣᠷᠣᠰ ᠤᠯᠤᠰ ᠴᠢᠳᠠᠯ ᠦᠭᠡᠢ ᠪᠤᠰᠤ ᠂ ᠬᠥᠮᠦᠨ ᠴᠥᠭᠡᠨ ᠪᠤᠰᠤ ᠵᠡᠪᠰᠡᠭ ᠬᠤᠷᠴᠠ ᠂ ᠮᠣᠷᠢ ᠬᠤᠷᠳᠤᠨ ᠠᠭᠠᠳ ᠶᠠᠭᠤᠨ ᠳ᠋ᠤᠷ ᠤᠯᠤᠰ ᠢ᠋ᠶ᠋ᠠᠨ ᠠᠯᠳᠠᠪᠠᠢ ᠬᠡᠮᠡᠪᠡᠰᠦ ᠪᠢᠳᠡᠨ ᠦ᠌ ᠨᠢᠳᠦ ᠪᠡᠷ ᠦᠵᠡᠭᠰᠡᠨ ᠮᠡᠲᠦ ᠥᠩᠭᠡ ᠂ ᠳᠠᠷᠠᠰᠤ ᠂ ᠡᠷᠬᠡ ᠰᠠᠭᠤᠷᠢ ᠪᠤᠯᠢᠶᠠᠯᠳᠤᠨ ᠳᠣᠲᠣᠷ᠎ᠠ ᠵᠠᠭᠤᠷ᠎ᠠ ᠪᠠᠨ ᠲᠡᠮᠡᠴᠡᠯᠳᠦᠭᠰᠡᠭᠡᠷ ᠪᠣᠯᠪᠠᠢ᠃ ᠡᠰᠡ ᠬᠢᠴᠢᠶᠡᠪᠡᠰᠦ ᠪᠣᠯᠤᠮᠤᠢ ᠤᠤ ? 》 ᠬᠡᠮᠡᠪᠡ᠃ ᠮᠥᠩᠬᠡ ᠬᠠᠨ ᠬᠢᠴᠢᠶᠡᠩᠭᠦᠢᠯᠡᠨ ᠰᠣᠨᠣᠰᠤᠭᠠᠳ ᠪᠠᠲᠤ ᠬᠠᠨ ᠲᠡᠭᠦᠨ ᠢ ᠬᠦᠨᠳᠦ ᠡᠷᠡᠮᠡᠯᠵᠡᠯᠡᠵᠦ ᠪᠠᠢᠭ᠎ᠠ ᠶ᠋ᠢ ᠮᠡᠳᠡᠵᠦ ᠭᠦᠨ᠎ᠡ ᠲᠠᠯᠠᠷᠬᠠᠨ ᠬᠠᠷᠢᠯᠴᠠᠨ ᠭᠠᠷ ᠪᠠᠷᠢᠵᠤ ᠰᠠᠯᠤᠯᠴᠠᠪᠠᠢ᠃
ᠭᠣᠣᠯ ᠤ᠋ᠨ ᠬᠠᠳ ᠬᠥᠪᠡᠭᠦᠳ ᠪᠠ ᠵᠡᠭᠦᠨ ᠭᠠᠷ ᠤ᠋ᠨ ᠬᠠᠳ ᠬᠥᠪᠡᠭᠦᠳ ᠴᠥᠮ ᠮᠣᠷᠳᠠᠭᠰᠠᠨ ᠲᠤᠯᠠ ᠫᠤᠯᠠᠨᠳ᠋ ᠲᠤᠷ ᠴᠡᠷᠢᠭᠯᠡᠬᠦ ᠶᠠᠪᠤᠳᠠᠯ ᠢ ᠲᠦᠷ ᠬᠣᠢᠰᠢᠯᠠᠭᠤᠯᠵᠤ ᠰᠢᠨ᠎ᠡ ᠥᠩᠭᠡᠷᠡᠭᠰᠡᠨ ᠦ᠌ ᠬᠣᠢᠨ᠎ᠠ ᠵᠢᠴᠢ ᠮᠡᠳᠡᠰᠦᠭᠡᠢ ᠭᠡᠮᠡᠨ ᠲᠣᠭᠲᠠᠪᠠ᠃ ᠡᠳᠦᠷ ᠰᠠᠷ᠎ᠠ ᠶ᠋ᠢᠨ ᠥᠩᠭᠡᠷᠡᠬᠦ ᠢᠨᠦ ᠵᠡᠪᠡ ᠮᠡᠲᠦ ᠬᠤᠷᠳᠤᠨ ᠲᠤᠯᠠ ᠤᠳᠠᠬᠤ ᠦᠭᠡᠢ ᠬᠥᠬᠡᠭᠡ ᠰᠠᠷ᠎ᠠ ᠶ᠋ᠢᠨ ᠰᠡᠭᠦᠯᠴᠢ ᠪᠣᠯᠵᠤ ᠪᠠᠲᠤ ᠬᠠᠨ᠂ ᠰᠥᠪᠡᠭᠡᠳᠡᠢ ᠪᠠᠭᠠᠲᠤᠷ ᠲᠡᠷᠢᠭᠦᠯᠡᠨ ᠶᠡᠬᠡ ᠴᠠᠴᠠᠷ ᠲᠤᠷ ᠪᠢᠲᠡᠭᠦᠯᠡᠬᠦ ᠶᠡᠬᠡ ᠬᠤᠷᠢᠮ ᠵᠠᠷᠯᠠᠨ ᠪᠢᠲᠡᠭᠦᠯᠡᠵᠦ ᠪᠦᠬᠦᠢ ᠳ᠋ᠦ᠍ᠷ ᠴᠡᠷᠢᠭ ᠦ᠋ᠨ ᠬᠦᠷᠢᠶᠡᠨ ᠦ᠌ ᠡᠭᠦᠳᠡᠨ ᠳ᠋ᠦ᠍ᠷ ᠶᠡᠬᠡᠳᠡ ᠦᠢᠮᠡᠯᠳᠦᠵᠦ ᠡᠭᠦᠰᠬᠡᠪᠡ᠃ ᠴᠠᠴᠠᠷ ᠤ᠋ᠨ ᠬᠤᠷᠢᠮ ᠳ᠋ᠤᠷ ᠪᠠᠢᠭᠰᠠᠨ ᠬᠥᠮᠦᠰ ᠴᠥᠮ ᠰᠣᠴᠢᠵᠤ ᠬᠠᠷᠠᠢᠨ ᠪᠣᠰᠤᠯᠴᠠᠬᠤᠢ ᠳ᠋ᠤᠷ ᠰᠦᠪᠡᠭᠡᠲᠡᠢ ᠪᠠᠭᠠᠲᠤᠷ ᠣᠯᠠᠨ ᠬᠥᠮᠦᠨ ᠢ ᠠᠶᠤᠯᠳᠤᠬᠤ ᠬᠡᠷᠡᠭ ᠦᠭᠡᠢ᠂ ᠪᠢ ᠭᠠᠷᠴᠤ ᠦᠵᠡᠰᠦᠭᠡᠢ ᠭᠡᠮᠡᠨ ᠶᠠᠭᠠᠷᠠᠨ ᠭᠠᠳᠠᠭᠰᠢ ᠭᠠᠷᠴᠤ ᠣᠳᠪᠠ᠃ ᠶᠠᠮᠠᠷ ᠬᠤᠪᠢᠰᠤᠯ ᠭᠠᠷᠤᠭᠰᠠᠨ ᠢ ᠮᠡᠳᠡᠰᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃
ᠰᠤᠯᠠ ᠰᠢᠯᠦᠭ
ᠪᠠᠴᠢᠯᠠᠨ ᠭᠡᠨᠡᠳᠡᠭᠦᠯᠵᠦ ᠮᠥᠩᠬᠡ ᠬᠠᠨ ᠺᠠᠯᠢᠽ ᠬᠣᠲᠠ ᠶ᠋ᠢ ᠬᠢᠯᠪᠠᠷᠬᠠᠨ ᠢ᠋ᠶ᠋ᠠᠷ ᠡᠵᠡᠯᠡᠪᠡ
ᠪᠠᠭᠠᠲᠤᠷ ᠪᠠᠭᠠᠲᠤᠷ ᠢ᠋ᠶ᠋ᠠᠨ ᠬᠠᠢᠷᠠᠯᠠᠬᠤᠶ᠎ᠠ ᠳ᠋ᠧᠮᠢᠲ᠋ᠷᠢ ᠬᠦᠩ ᠬᠣᠲᠠ ᠶ᠋ᠢᠨ ᠣᠯᠠᠨ ᠤ᠋ ᠠᠮᠢ ᠶ᠋ᠢ ᠭᠤᠶᠤᠪᠠ
ᠪᠠᠷᠰ ᠢᠷᠪᠠᠰ ᠮᠡᠲᠦ ᠮᠣᠩᠭᠣᠯᠴᠤᠳ ᠠᠯᠲᠠᠨ ᠳᠥᠷᠥᠭᠡ ᠬᠠᠩᠭᠢᠨᠠᠭᠤᠯᠤᠨ ᠢᠯᠠᠯᠲᠠ ᠶ᠋ᠢᠨ ᠲᠠᠭᠤᠨ᠎ᠠ ᠪᠤᠴᠠᠬᠤᠢ ᠳ᠋ᠤᠷ ᠂
ᠪᠠᠷᠠᠭᠤᠨ ᠬᠢᠵᠠᠭᠠᠷ ᠢ᠋ ᠰᠠᠬᠢᠬᠤ ᠪᠠᠲᠤ ᠬᠠᠨ ᠦᠳᠡᠯᠭᠡ ᠶ᠋ᠢᠨ ᠬᠤᠨᠳᠠᠭ᠎ᠠ ᠪᠠᠷᠢᠵᠤ ᠠᠷᠢᠬᠢ ᠥᠩᠭᠡ ᠶ᠋ᠢ ᠰᠢᠭᠦᠮᠵᠢᠯᠡᠪᠡᠢ᠃
