ᠮᠠᠯᠴᠢᠨ ᠲᠦᠮᠡᠨ ᠦ ᠳᠠᠭᠤᠯᠠᠯ-ᠨᠢᠮᠠᠳᠠᠪᠠ ᠶᠢᠨ ᠨᠣᠷᠪᠤᠰᠠᠮᠪᠤᠤ-Нямдаваагийн НоровсамбууМалчин түмний дуулал
ᠮᠠᠯᠴᠢᠨ ᠲᠦᠮᠡᠨ ᠦ ᠳᠠᠭᠤᠯᠠᠯ
ᠰᠢᠯᠦᠭ᠄ ᠪ· ᠵᠠᠮᠪᠠᠯᠳᠣᠷᠵᠢ
ᠠᠶ᠎ᠠ᠄ ᠪ· ᠫᠦᠷᠪᠥᠰᠦᠷᠦᠩ
ᠳᠠᠭᠤᠴᠢᠨ᠄ ᠨ᠂ ᠨᠤᠷᠪᠤᠰᠠᠮᠪᠤ
ᠳᠡᠯᠭᠡᠭᠰᠡᠨ ᠡᠭᠦᠳᠡ ᠪᠡᠷ ᠠᠯᠤᠰ ᠢ᠋ ᠬᠠᠷᠠᠭᠤᠯᠳᠠᠨ
ᠳᠡᠯᠡᠬᠡᠢ ᠶ᠋ᠢᠨ ᠠᠶᠠᠰ ᠢ᠋ ᠴᠢᠩᠨᠠᠩᠬᠠᠨ ᠰᠠᠭᠤᠳᠠᠭ
ᠡᠳᠦᠷ ᠦ᠋ᠨ ᠨᠠᠷᠠ ᠶ᠋ᠢ ᠠᠯᠠᠭᠠᠨ ᠳ᠋ᠠᠭᠠᠨ ᠥᠨᠵᠢᠭᠡᠨ
ᠥᠪᠡᠷ ᠦ᠋ᠨ ᠪᠣᠳᠣᠯ ᠳ᠋ᠠᠭᠠᠨ ᠦᠨᠡᠨᠴᠢᠬᠡᠨ ᠶᠠᠪᠤᠳᠠᠭ
ᠤᠳᠤᠮᠲᠤ ᠨᠤᠲᠤᠭ ᠢ᠋ᠶ᠋ᠠᠨ ᠳᠡᠭᠡᠳᠦᠯᠡᠨ ᠰᠢᠲᠦᠭᠰᠡᠨ
ᠪᠤᠶᠠᠨᠲᠤ ᠰᠦᠷᠦᠭ ᠢ᠋ᠶ᠋ᠡᠨ ᠬᠠᠷᠠᠵᠤ ᠵᠢᠷᠭᠠᠭᠰᠠᠨ
ᠪᠤᠢ᠋ᠳᠠᠬᠠᠨ ᠠᠯᠤᠰ ᠤ᠋ᠨ ᠠᠨᠢᠷᠬᠠᠨ ᠬᠥᠳᠡᠭᠡ ᠳ᠋ᠦ᠍
ᠪᠤᠭᠤᠷᠤᠯ ᠳᠡᠭᠡᠳᠦᠰ ᠮᠢᠨᠢ ᠮᠠᠯᠴᠢᠨ ᠪᠢᠯᠡ᠃
ᠬᠠᠳᠠᠭ ᠤ᠋ᠨ ᠴᠡᠩᠬᠡᠷ ᠲᠩᠷᠢ ᠶ᠋ᠢᠨ ᠳᠣᠣᠷ᠎ᠠ
ᠬᠠᠭᠠᠨ ᠠᠪᠤ ᠮᠢᠨᠢ ᠮᠠᠯᠴᠢᠨ ᠪᠢᠯᠡ᠃
ᠬᠠᠨ᠎ᠠ ᠪᠠᠨ ᠳᠤᠭᠤᠢᠯᠠᠵᠤ ᠴᠠᠢ ᠪᠠᠨ ᠳᠡᠭᠡᠵᠢᠯᠡᠭᠰᠡᠨ
ᠬᠠᠲᠤᠨ ᠡᠵᠢ ᠮᠢᠨᠢ ᠲᠥᠯᠴᠢᠨ ᠪᠢᠯᠡ᠃
ᠬᠦᠯᠦᠭ ᠦ᠋ᠨ ᠢᠨᠴᠠᠭ᠎ᠠ ᠬᠠᠯᠠᠰᠠᠭᠰᠠᠨ ᠬᠥᠳᠡᠭᠡ ᠳ᠋ᠦ᠍
ᠬᠥᠮᠦᠨ ᠦ᠌ ᠠᠮᠢᠳᠤᠷᠠᠯ ᠥᠷᠨᠢᠩᠬᠡᠨ ᠪᠠᠢᠳᠠᠭ
ᠣᠳᠣᠳ ᠬᠡᠯᠬᠢᠭᠰᠡᠨ ᠦᠳᠡᠰᠢ ᠶ᠋ᠢᠨ ᠰᠡᠯᠡᠭᠦᠦ ᠪᠡᠷ
ᠣᠮᠣᠭᠣᠯᠠᠩ ᠬᠦᠯᠦᠭ ᠢ᠋ᠶ᠋ᠡᠨ ᠤᠶᠠᠵᠤ ᠰᠣᠢᠭᠰᠠᠨ
ᠳᠥᠷᠦᠭᠡᠨ ᠳᠡᠭᠡᠷ᠎ᠡ ᠪᠡᠨ ᠡᠭᠴᠡᠬᠡᠨ ᠥᠨᠳᠡᠢᠭᠡᠳ
ᠳᠡᠭᠦᠯᠢᠬᠦ ᠬᠦᠯᠦᠭ ᠦ᠋ᠨ ᠵᠢᠯᠣᠭᠣ ᠳᠤᠭᠲᠤᠷᠳᠠᠭ
ᠬᠠᠨᠠᠨ ᠳ᠋ᠠᠭᠠᠨ ᠵᠡᠭᠦᠭᠰᠡᠨ ᠬᠦᠬᠦᠷ ᠨᠢ ᠳᠦᠭᠦᠷᠦᠭᠡᠳ
ᠬᠠᠯᠭᠢᠯᠠᠵᠤ ᠴᠠᠯᠭᠢᠯᠠᠭᠰᠠᠨ ᠮᠠᠯᠴᠢᠨ ᠪᠢᠯᠡ
ᠬᠠᠳᠠᠭ ᠤ᠋ᠨ ᠴᠡᠩᠬᠡᠷ ᠲᠩᠷᠢ ᠶ᠋ᠢᠨ ᠳᠣᠣᠷ᠎ᠠ
ᠬᠠᠭᠠᠨ ᠠᠪᠤ ᠮᠢᠨᠢ ᠮᠠᠯᠴᠢᠨ ᠪᠢᠯᠡ᠃
ᠬᠠᠨ᠎ᠠ ᠪᠠᠨ ᠳᠤᠭᠤᠢᠯᠠᠵᠤ ᠴᠠᠢ ᠪᠠᠨ ᠳᠡᠭᠡᠵᠢᠯᠡᠭᠰᠡᠨ
ᠬᠠᠲᠤᠨ ᠡᠵᠢ ᠮᠢᠨᠢ ᠲᠥᠯᠴᠢᠨ ᠪᠢᠯᠡ᠃
ᠠᠮᠠᠭᠠᠢ ᠬᠠᠭᠠᠷᠢᠭᠰᠠᠨ ᠡᠪᠦᠯ ᠦ᠋ᠨ ᠦᠳᠡᠰᠢ ᠪᠡᠷ
ᠠᠯᠠᠭᠬᠠᠨ ᠦᠷᠡᠰ ᠢ᠋ᠶ᠋ᠡᠨ ᠵᠢᠩᠳᠡᠭᠦᠯᠵᠦ ᠬᠣᠨᠣᠭ᠎ᠠ ᠦᠭᠡᠢ
ᠳᠥᠷᠪᠡᠨ ᠴᠠᠭ ᠤ᠋ᠨ ᠬᠠᠲᠠᠭᠤ ᠵᠥᠭᠡᠯᠡᠨ ᠳ᠋ᠦ᠍
ᠳᠥᠷᠥᠭᠡ ᠮᠤᠯᠲᠤᠯᠤᠭᠠᠳ ᠬᠠᠯᠬᠠᠯᠠᠵᠤ ᠶᠠᠳᠠᠷᠠᠭ᠎ᠠ ᠦᠭᠡᠢ
ᠲᠠᠩᠰᠤᠭ ᠰᠠᠢᠬᠠᠨ ᠢᠳᠡᠭᠡᠨ ᠢ᠋ᠶ᠋ᠡᠨ ᠳᠡᠯᠭᠡᠭᠡᠳ
ᠲᠠᠨ ᠤ᠋ ᠮᠠᠨᠠᠢᠬᠢ ᠲᠠᠢᠯᠠᠩᠬᠠᠨ ᠤᠭᠲᠤᠳᠠᠭ
ᠠᠢᠷᠠᠭ ᠴᠠᠭ᠎ᠠ ᠪᠠᠨ ᠳᠡᠯᠭᠡᠨ ᠪᠠᠷᠢᠳᠠᠭ
ᠠᠵᠢᠯᠰᠠᠭ ᠬᠥᠳᠡᠯᠮᠦᠷᠢᠴᠢ ᠮᠠᠯᠴᠢᠨ ᠪᠢᠯᠡ᠃
ᠬᠠᠳᠠᠭ ᠤ᠋ᠨ ᠴᠡᠩᠬᠡᠷ ᠲᠩᠷᠢ ᠶ᠋ᠢᠨ ᠳᠣᠣᠷ᠎ᠠ
ᠬᠠᠭᠠᠨ ᠠᠪᠤ ᠮᠢᠨᠢ ᠮᠠᠯᠴᠢᠨ ᠪᠢᠯᠡ᠃
ᠬᠠᠨ᠎ᠠ ᠪᠠᠨ ᠳᠤᠭᠤᠢᠯᠠᠵᠤ ᠴᠠᠢ ᠪᠠᠨ ᠳᠡᠭᠡᠵᠢᠯᠡᠭᠰᠡᠨ
ᠬᠠᠲᠤᠨ ᠡᠵᠢ ᠮᠢᠨᠢ ᠲᠥᠯᠴᠢᠨ ᠪᠢᠯᠡ᠃
ᠦᠰᠦᠭ ᠠᠮᠢᠯᠠᠭᠤᠯᠤᠭᠴᠢ᠄ ᠪᠠᠳᠠᠷᠠᠯᠲᠤ
ᠦᠰᠦᠭ ᠬᠠᠲᠠᠵᠤ ᠬᠢᠨᠠᠭᠴᠢ᠄ ᠬᠠᠷᠠᠭᠳᠠᠨ ᠷ᠂ ᠴᠢᠷᠮᠠᠢ᠋ᠯᠳᠤ
