ᠳᠡᠩᠳᠡᠭᠦᠦ ᠶᠡᠬᠡ ᠠᠴᠢᠲᠠᠨ-ᠴᠢᠩᠪᠠᠶᠠᠷ Чинбаяр - Дэндүү их ачтан-Chinbayar - Denduu ih achtan ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠩᠳᠡᠭᠦᠦ ᠶᠡᠬᠡ ᠠᠴᠢᠲᠠᠨ-ᠴᠢᠩᠪᠠᠶᠠᠷ Чинбаяр - Дэндүү их ачтан-Chinbayar - Denduu ih achtan

ᠳᠡᠩᠳᠡᠭᠦᠦ ᠶᠡᠬᠡ ᠠᠴᠢᠲᠠᠨ-ᠴᠢᠩᠪᠠᠶᠠᠷ Чинбаяр - Дэндүү их ачтан-Chinbayar - Denduu ih achtan

ᠠᠩᠭᠢᠯᠠᠯ:ᠳᠠᠭᠤᠤ ᠬᠥᠭᠵᠢᠮ
2024-01-19

546

ᠳᠡᠩᠳᠡᠭᠦᠦ ᠶᠡᠬᠡ ᠠᠴᠢᠲᠠᠨ

   ᠦᠭᠡ᠄ ᠳ᠂ ᠪᠠᠶᠠᠨᠳᠠᠯᠠᠢ
   ᠠᠶ᠎ᠠ᠄ ᠮ᠂ ᠠᠯᠲᠠᠨᠭᠡᠷᠡᠯ
   — ᠠ᠋᠂ ᠴᠢᠩᠪᠠᠶᠠᠷ ᠳᠠᠭᠤᠯᠠᠨ᠎ᠠ

ᠮᠥᠮᠥ ᠪᠡᠨ ᠢᠪᠢᠯᠭᠡᠭᠰᠡᠨ ᠡᠪᠦᠷ ᠲᠦ᠍ ᠲᠠᠨᠢ
ᠮᠥᠩᠬᠡ ᠡᠷᠬᠡᠯᠡᠮᠡᠷ ᠪᠣᠯᠬᠤ ᠶᠤᠮ ᠡᠵᠢ ᠠ᠋
ᠮᠥᠨᠳᠥᠷ ᠬᠠᠢᠯᠤᠭᠤᠯᠤᠭᠰᠠᠨ ᠬᠠᠢᠷᠠᠨ ᠳ᠋ᠤ᠌ ᠲᠠᠨᠢ
ᠮᠥᠴᠢᠷ ᠤᠷᠭᠤᠮᠠᠷ ᠪᠣᠯᠬᠤ ᠶᠤᠮ ᠠᠪᠤ ᠠ᠋
ᠳᠠᠯᠠᠢ ᠶᠡᠬᠡ ᠰᠡᠳᠬᠢᠯ ᠦ᠋ᠨ ᠲᠠᠨᠢ ᠬᠣᠢᠮᠣᠷ ᠲᠤ
ᠲᠠᠩᠳᠠ ᠪᠢ ᠨᠢᠯᠬ᠎ᠠ ᠪᠠᠷ ᠢ᠋ᠶ᠋ᠠᠨ ᠪᠠᠢᠬᠤ ᠶᠤᠮ ᠠ᠋
ᠳᠡᠩᠳᠡᠭᠦᠦ ᠶᠡᠬᠡ ᠠᠴᠢ ᠶ᠋ᠢ ᠲᠠᠨᠢ ᠬᠠᠷᠢᠭᠤᠯᠬᠤ ᠳ᠋ᠤ᠌
ᠳᠡᠯᠡᠬᠡᠢ ᠶ᠋ᠢ ᠪᠡᠯᠡᠭᠯᠡᠭᠰᠡᠨ ᠴᠤ᠌ ᠪᠠᠭᠠᠳᠠᠬᠤ ᠶᠤᠮ ᠳᠠ

ᠤᠬᠠᠭᠠᠨ ᠵᠢᠭᠠᠭᠰᠠᠨ ᠬᠠᠷᠠᠴᠠᠨ ᠳ᠋ᠤ᠌ ᠲᠠᠨᠢ
ᠠᠭᠤᠰᠴᠤ ᠰᠢᠩᠭᠡᠮᠡᠷ ᠪᠣᠯᠬᠤ ᠶᠤᠮ ᠠᠪᠤ ᠠ᠋
ᠤᠴᠢᠷᠯᠠᠵᠤ ᠬᠡᠯᠡᠭᠰᠡᠨ ᠦᠭᠡᠨ ᠳ᠋ᠦ᠍ ᠲᠠᠨᠢ
ᠤᠶᠠᠷᠠᠵᠤ ᠬᠠᠢᠯᠤᠮᠠᠷ ᠪᠣᠯᠬᠤ ᠶᠤᠮ ᠡᠵᠢ ᠠ᠋
ᠳᠠᠯᠠᠢ ᠶᠡᠬᠡ ᠰᠡᠳᠬᠢᠯ ᠦ᠋ᠨ ᠲᠠᠨᠢ ᠬᠣᠢᠮᠣᠷ ᠲᠤ
ᠲᠠᠩᠳᠠ ᠪᠢ ᠨᠢᠯᠬ᠎ᠠ ᠪᠠᠷ ᠢ᠋ᠶ᠋ᠠᠨ ᠪᠠᠢᠬᠤ ᠶᠤᠮ ᠠ᠋
ᠳᠡᠩᠳᠡᠭᠦᠦ ᠶᠡᠬᠡ ᠠᠴᠢ ᠶ᠋ᠢ ᠲᠠᠨᠢ ᠬᠠᠷᠢᠭᠤᠯᠬᠤ ᠳ᠋ᠤ᠌
ᠳᠡᠯᠡᠬᠡᠢ ᠶ᠋ᠢ ᠪᠡᠯᠡᠭᠯᠡᠭᠰᠡᠨ ᠴᠤ᠌ ᠪᠠᠭᠠᠳᠠᠬᠤ ᠶᠤᠮ ᠳᠠ

ᠦᠢᠯᠡ ᠦᠶᠡᠷᠯᠡᠭᠰᠡᠨ ᠡᠨᠡ ᠣᠷᠴᠢᠯᠠᠩ ᠳ᠋ᠤ᠌
ᠡᠭᠦᠷᠲᠦᠭᠰᠡᠭᠡᠷ ᠶᠠᠪᠤᠲᠠᠯ᠎ᠠ ᠠᠢᠯᠰᠠᠴᠢᠬᠠᠬᠤ ᠶᠤᠮ ᠠᠪᠤ ᠠ᠋
ᠡᠭᠦᠳᠡᠨ ᠬᠣᠢᠮᠣᠷ ᠤ᠋ᠨ ᠵᠠᠢᠨ ᠳ᠋ᠤ᠌ ᠴᠤ᠌ ᠭᠡᠰᠡᠨ
ᠡᠭᠦᠷᠭᠡ ᠶ᠋ᠢ ᠲᠠᠨᠢ ᠠᠴᠤᠭᠯᠠᠬᠤ ᠶᠤᠮᠰᠠᠨ ᠡᠵᠢ ᠠ᠋
ᠳᠠᠯᠠᠢ ᠶᠡᠬᠡ ᠰᠡᠳᠬᠢᠯ ᠦ᠋ᠨ ᠲᠠᠨᠢ ᠬᠣᠢᠮᠣᠷ ᠲᠤ
ᠲᠠᠩᠳᠠ ᠪᠢ ᠨᠢᠯᠬ᠎ᠠ ᠪᠠᠷ ᠢ᠋ᠶ᠋ᠠᠨ ᠪᠠᠢᠬᠤ ᠶᠤᠮ ᠠ᠋
ᠳᠡᠩᠳᠡᠭᠦᠦ ᠶᠡᠬᠡ ᠠᠴᠢ ᠶ᠋ᠢ ᠲᠠᠨᠢ ᠬᠠᠷᠢᠭᠤᠯᠬᠤ ᠳ᠋ᠤ᠌
ᠳᠡᠯᠡᠬᠡᠢ ᠶ᠋ᠢ ᠪᠡᠯᠡᠭᠯᠡᠭᠰᠡᠨ ᠴᠤ᠌ ᠪᠠᠭᠠᠳᠠᠬᠤ ᠶᠤᠮ ᠳᠠ

ᠳᠠᠯᠠᠢ ᠶᠡᠬᠡ ᠰᠡᠳᠬᠢᠯ ᠦ᠋ᠨ ᠲᠠᠨᠢ ᠬᠣᠢᠮᠣᠷ ᠲᠤ
ᠲᠠᠩᠳᠠ ᠪᠢ ᠨᠢᠯᠬ᠎ᠠ ᠪᠠᠷ ᠢ᠋ᠶ᠋ᠠᠨ ᠪᠠᠢᠬᠤ ᠶᠤᠮ ᠠ᠋
ᠳᠡᠩᠳᠡᠭᠦᠦ ᠶᠡᠬᠡ ᠠᠴᠢ ᠶ᠋ᠢ ᠲᠠᠨᠢ ᠬᠠᠷᠢᠭᠤᠯᠬᠤ ᠳ᠋ᠤ᠌
ᠳᠡᠯᠡᠬᠡᠢ ᠶ᠋ᠢ ᠪᠡᠯᠡᠭᠯᠡᠭᠰᠡᠨ ᠴᠤ᠌ ᠪᠠᠭᠠᠳᠠᠬᠤ ᠶᠤᠮ ᠳᠠ
ᠳᠡᠯᠡᠬᠡᠢ ᠶ᠋ᠢ ᠪᠡᠯᠡᠭᠯᠡᠭᠰᠡᠨ ᠴᠤ᠌ ᠪᠠᠭᠠᠳᠠᠬᠤ ᠶᠤᠮ ᠳᠠ

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
   ᠬᠢᠨᠠᠭᠴᠢ᠄ ᠪᠠᠳᠠᠷᠠᠯᠲᠤ