ᠠᠳᠤᠭᠤᠴᠢᠨ ᠤ ᠬᠡᠢᠮᠣᠷᠢ -ᠭᠠᠩᠲᠤᠶᠠᠭ᠎ᠠGantuya Aduuchnii hiimori Гантуяа Адуучны хийморь ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤᠴᠢᠨ ᠤ ᠬᠡᠢᠮᠣᠷᠢ -ᠭᠠᠩᠲᠤᠶᠠᠭ᠎ᠠGantuya Aduuchnii hiimori Гантуяа Адуучны хийморь

ᠠᠳᠤᠭᠤᠴᠢᠨ ᠤ ᠬᠡᠢᠮᠣᠷᠢ -ᠭᠠᠩᠲᠤᠶᠠᠭ᠎ᠠGantuya Aduuchnii hiimori Гантуяа Адуучны хийморь

ᠠᠩᠭᠢᠯᠠᠯ:ᠳᠠᠭᠤᠤ ᠬᠥᠭᠵᠢᠮ
2024-01-19

542

ᠠᠳᠤᠭᠤᠴᠢᠨ ᠤ ᠬᠡᠢᠮᠣᠷᠢ

   ᠦᠭᠡ᠄ ᠴ᠂ ᠴᠢᠮᠡᠳᠳᠣᠷᠵᠢ 
   ᠠᠶ᠎ᠠ᠄ ᠵ᠂ ᠪᠠᠲᠤᠰᠦ᠋ᠬᠡ 
   —  ᠪ᠂ ᠭᠠᠩᠳᠤᠶᠠᠭ᠎ᠠ ᠳᠠᠭᠤᠯᠠᠨ᠎ᠠ 

ᠭᠠᠩ ᠲᠠᠢ ᠬᠠᠳᠠ ᠲᠠᠢ ᠲᠤᠭᠤᠷᠠᠢ ᠳ᠋ᠤ᠌ ᠨᠢ ᠬᠦ 
ᠳᠥᠯᠥ ᠲᠡᠢ ᠴᠠᠬᠢᠭᠤᠷ ᠮᠠᠨᠠᠯᠵᠠᠨ᠎ᠠ ᠳᠠ ᠬᠦ 
ᠬᠠᠲᠠᠷᠢᠨ ᠬᠠᠲᠠᠷᠢᠨ ᠬᠠᠲᠠᠷᠢᠬᠤ ᠮᠣᠷᠢ ᠮᠢᠨᠢ 
ᠬᠠᠵᠠᠭᠠᠷ ᠳᠠᠷᠤᠨ ᠲᠦᠬᠦᠭᠡᠯᠵᠡᠨ᠎ᠡ ᠳᠧ ᠬᠦ 
ᠠᠮᠠᠭᠠᠢ ᠵᠤᠤᠵᠠᠢ ᠰᠢᠭᠰᠢᠷᠡᠭᠡ ᠨᠢ ᠬᠦ 
ᠠᠨᠢᠷᠬᠠᠨ ᠲᠠᠯ᠎ᠠ ᠳ᠋ᠠᠭᠠᠨ ᠴᠢᠮᠡᠭᠡ ᠲᠡᠢ ᠳᠧ ᠬᠦ 
ᠪᠠᠶᠠᠨ ᠪᠠᠶᠠᠨ ᠪᠠᠶᠠᠨ ᠰᠦᠷᠦᠭ ᠮᠢᠨᠢ 
ᠪᠠᠷ᠎ᠠ ᠶ᠋ᠢᠨ ᠭᠠᠵᠠᠷ ᠠ᠋ᠴᠠ ᠦᠦᠷᠰᠡᠯᠳᠦᠨ᠎ᠡ ᠳᠧ ᠬᠦ 
ᠠᠢ ᠬᠦ ᠂ ᠵᠧ ᠬᠦ 
ᠦᠦᠷᠰᠡᠯᠳᠦᠨ᠎ᠡ ᠳᠧ ᠦᠦᠷᠰᠡᠯᠳᠦᠨ᠎ᠡ ᠳᠧ ᠬᠦ 

ᠠᠰᠠᠵᠤ ᠮᠠᠨᠳᠤᠬᠤ ᠨᠠᠷᠠᠨ ᠳ᠋ᠤ᠌ ᠨᠢ ᠬᠦ
ᠡᠪᠡᠰᠦᠨ ᠦ᠌ ᠲᠣᠯᠣᠭᠠᠢ ᠭᠢᠯᠠᠯᠵᠠᠨ᠎ᠠ ᠳᠠ ᠬᠦ
ᠠᠳᠤᠭᠤ ᠠᠳᠤᠭᠤ ᠠᠳᠤᠭᠤᠨ ᠰᠦᠷᠦᠭ ᠮᠢᠨᠢ 
ᠰᠢᠭᠦᠳᠡᠷᠢ ᠰᠢᠯᠭᠡᠭᠡᠨ ᠰᠣᠷᠲᠣᠯᠵᠠᠨ᠎ᠠ ᠳᠠ ᠬᠦ
ᠭᠠᠩᠭ᠎ᠠ ᠲᠠᠢ ᠠᠭᠢ ᠲᠠᠢ ᠰᠠᠯᠬᠢᠨ ᠳ᠋ᠤ᠌ ᠨᠢ ᠬᠦ
ᠳᠠᠭᠤᠨ ᠤ᠋ ᠡᠬᠡᠰᠢᠭ ᠪᠢᠳᠡᠷᠯᠡᠨ᠎ᠡ ᠳᠧ ᠬᠦ
ᠭᠠᠯ ᠲᠠᠢ ᠭᠠᠯ ᠲᠠᠢ ᠭᠠᠯ ᠲᠠᠢ ᠰᠦᠷᠦᠭ ᠮᠢᠨᠢ
ᠬᠡᠢᠮᠣᠷᠢ ᠪᠠᠳᠠᠷᠠᠭᠠᠨ ᠳᠦᠷᠡᠯᠵᠡᠨ᠎ᠡ ᠳᠧ ᠬᠦ
ᠠᠢ ᠬᠦ ᠂ ᠵᠧ ᠬᠦ
ᠳᠦᠷᠡᠯᠵᠡᠨ᠎ᠡ ᠳᠧ ᠂ ᠳᠦᠷᠡᠯᠵᠡᠨ᠎ᠡ ᠳᠧ ᠬᠦ
ᠠᠢ ᠬᠦ᠂ ᠵᠧ ᠬᠦ
ᠦᠦᠷᠰᠡᠯᠳᠦᠨ᠎ᠡ ᠳᠧ ᠦᠦᠷᠰᠡᠯᠳᠦᠨ᠎ᠡ ᠳᠧ ᠬᠦ
ᠲᠦᠬᠦᠭᠡᠯᠵᠡᠨ᠎ᠡ ᠳᠧ ᠂ ᠲᠦᠬᠦᠭᠡᠯᠵᠡᠨ᠎ᠡ ᠳᠧ ᠬᠦ

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠤ
   ᠬᠢᠨᠠᠭᠴᠢ᠄ ᠪᠠᠳᠠᠷᠠᠯᠲᠤ