ᠳᠡᠯᠡᠬᠡᠢ- ᠪ᠂ ᠶᠠᠪᠤᠭᠤᠬᠤᠯᠠᠨ ДЭЛХИЙ- Б.Явуухулан
ᠳᠡᠯᠡᠬᠡᠢ
ᠪ᠂ ᠶᠠᠪᠤᠭᠤᠬᠤᠯᠠᠨ
ᠶᠡᠬᠡ ᠰᠢᠯᠦᠭᠴᠢ ᠪ᠂ ᠶᠠᠪᠤᠭᠤᠬᠤᠯᠠᠨ ᠲᠤᠰ ᠰᠢᠯᠦᠭ ᠲᠤ ᠪᠡᠨ ᠭᠦᠨ ᠭᠦᠨᠵᠡᠭᠡᠢ ᠥᠪᠡᠷᠮᠢᠴᠡ ᠰᠡᠳᠬᠢᠬᠦᠢ ᠪᠡᠷ ᠳᠡᠯᠡᠬᠡᠢ ᠶ᠋ᠢᠨ ᠪᠥᠮᠪᠥᠷᠴᠡᠭ ᠪᠣᠯ ᠬᠥᠮᠦᠨ ᠲᠥᠷᠥᠯᠬᠢᠲᠡᠨ ᠦ᠌《ᠠᠮᠢ ᠠᠮᠢᠳᠤᠷᠠᠯ ᠤ᠋ᠨ ᠠᠯᠲᠠᠨ ᠥᠯᠥᠭᠡᠢ》 ᠪᠣᠯᠬᠤ ᠶ᠋ᠢᠨ ᠤᠴᠢᠷ ᠶᠣᠰᠣ ᠶ᠋ᠢ ᠰᠢᠯᠦᠭᠯᠡᠬᠦ ᠶ᠋ᠢᠨ ᠬᠠᠮᠲᠤ ᠡᠨᠡ ᠬᠦ᠌《ᠲᠤᠵᠢ ᠡᠷᠭᠢᠯᠳᠦᠬᠦ ᠬᠠᠲᠠᠭᠤ ᠪᠥᠮᠪᠥᠯᠢᠭ》 ᠢ᠋ᠶ᠋ᠡᠨ ᠬᠠᠢᠷᠠᠯᠠᠵᠤ ᠬᠠᠮᠠᠭᠠᠯᠠᠵᠤ ᠶᠠᠪᠤᠬᠤ ᠶ᠋ᠢᠨ ᠤᠳᠬ᠎ᠠ ᠴᠢᠨᠠᠷ ᠢ᠋ ᠤᠶᠠᠩᠭᠠᠯᠠᠵᠤ ᠪᠣᠢ᠃
ᠳᠡᠯᠡᠬᠡᠢ ᠶ᠋ᠢᠨ ᠪᠥᠮᠪᠥᠷᠴᠡᠭ ᠦ᠋ᠨ ᠪᠥᠮᠪᠥᠯᠢᠭ ᠬᠡᠯᠪᠡᠷᠢ ᠲᠡᠢ ᠠᠳᠠᠯᠢ ᠪᠠᠷ ᠰᠢᠯᠦᠭ ᠴᠦ᠍《ᠢᠷᠡᠬᠦ ᠪᠤᠴᠠᠬᠤ ᠶ᠋ᠢᠨ ᠡᠭᠡᠯᠵᠢᠯᠡᠬᠦ ᠴᠠᠭ》 ᠢ᠋ ᠡᠬᠢᠯᠡᠯᠲᠡ ᠲᠡᠭᠦᠰᠬᠡᠯ ᠢ᠋ᠶ᠋ᠡᠨ ᠢᠵᠢᠯ ᠪᠠᠳᠠᠭ ᠢ᠋ᠶ᠋ᠠᠷ ᠤᠳᠬ᠎ᠠ ᠠᠮᠠᠳᠠᠭᠤᠯᠤᠨ ᠬᠤᠮᠢᠭᠰᠠᠨ ᠪᠥᠭᠡᠳ ᠰᠢᠯᠦᠭ ᠦ᠋ᠨ ᠭᠣᠣᠯ ᠠᠭᠤᠯᠭ᠎ᠠ ᠶ᠋ᠢᠨ ᠪᠦᠯᠦᠭ ᠪᠣᠯᠭᠠᠨ ᠢ᠋ᠶ᠋ᠠᠨ《ᠠᠢ ᠳᠠ ᠳᠡᠯᠡᠬᠡᠢ᠂ ᠳᠡᠯᠡᠬᠡᠢ᠂ ᠳᠡᠯᠡᠬᠡᠢ/ᠠᠮᠢ᠂ ᠠᠮᠢᠳᠤᠷᠠᠯ ᠤ᠋ᠨ ᠠᠯᠲᠠᠨ ᠥᠯᠥᠭᠡᠢ》 ᠭᠡᠬᠦ ᠤᠳᠬ᠎ᠠ ᠶ᠋ᠢᠨ ᠳᠠᠪᠲᠠᠯᠲᠠ ᠪᠠᠷ ᠡᠬᠢᠯᠡᠵᠦ᠂ ᠠᠭᠤᠯᠭ᠎ᠠ ᠶ᠋ᠢᠨ ᠬᠤᠷᠢᠶᠠᠩᠭᠤᠢᠯᠠᠯ ᠪᠣᠯᠬᠤ ᠬᠣᠶᠠᠷ ᠮᠥᠷ ᠢ᠋ᠶ᠋ᠡᠷ ᠳᠠᠷᠠᠭᠠᠴᠢ ᠶ᠋ᠢᠨ ᠠᠭᠤᠯᠭ᠎ᠠ— ᠥᠩᠭᠡ ᠪᠡᠷ ᠢᠯᠭᠠᠰᠢ ᠦᠭᠡᠢ ᠤᠷᠠᠨ ᠰᠣᠯᠣᠩᠭᠠᠯᠢᠭ/ ᠦᠭᠡ ᠪᠡᠷ ᠥᠭᠦᠯᠡᠰᠢ ᠦᠭᠡᠢ ᠦᠨᠡᠨ ᠭᠠᠢᠬᠠᠮᠰᠢᠭ ᠤ᠋ᠳ ᠢ᠋ ᠤᠶᠠᠩᠭᠠᠯᠠᠵᠤ ᠪᠠᠢᠨ᠎ᠠ᠃
ᠲᠤᠰ ᠰᠢᠯᠦᠭ ᠦ᠋ᠨ ᠡᠨᠡ ᠣᠨᠴᠠᠯᠢᠭ ᠢ᠋ ᠮᠥᠷᠳᠡᠵᠦ ᠰᠣᠨᠢᠷᠬᠠᠵᠠᠢ᠃ ᠪᠠᠳᠠᠭ ᠪᠣᠯᠭᠠᠨ᠂ ᠮᠥᠷ ᠪᠣᠯᠭᠠᠨ᠂ ᠦᠭᠡ ᠪᠣᠯᠭᠠᠨ ᠳ᠋ᠤ᠌ ᠰᠢᠩᠭᠡᠭᠰᠡᠨ ᠭᠦᠨ ᠤᠳᠬ᠎ᠠ᠂ ᠪᠢᠯᠬᠠᠮ᠎ᠠ ᠰᠡᠳᠬᠢᠯᠭᠡ ᠶ᠋ᠢ ᠰᠡᠳᠬᠢᠵᠦ ᠤᠬᠠᠭᠠᠷᠠᠢ!
ᠨᠢᠭᠡ
ᠲᠤᠯᠬᠤ ᠴᠠᠭ ᠦᠭᠡᠢ ᠨᠠᠯᠠᠤ ᠲᠡᠩᠭᠡᠯᠢᠭ
ᠲᠤᠵᠢ ᠡᠷᠭᠢᠯᠳᠦᠬᠦ ᠬᠠᠲᠠᠭᠤ ᠪᠥᠮᠪᠥᠯᠢᠭ
ᠥᠩᠭᠡ ᠪᠡᠷ ᠢᠯᠭᠠᠰᠢ ᠦᠭᠡᠢ ᠤᠷᠠᠨ ᠰᠣᠯᠣᠩᠭᠠᠯᠢᠭ
ᠦᠭᠡ ᠪᠡᠷ ᠥᠭᠦᠯᠡᠰᠢ ᠦᠭᠡᠢ ᠦᠨᠡᠨ ᠭᠠᠢᠬᠠᠮᠰᠢᠭ!
ᠪᠦᠷᠦᠩᠬᠦᠢ ᠰᠠᠨᠰᠠᠷ ᠤ᠋ᠨ ᠴᠡᠩᠬᠡᠷ ᠨᠢᠳᠦ
ᠪᠦᠬᠦᠢ ᠯᠡ ᠠᠮᠢᠲᠠᠨ ᠤ᠋ ᠦᠳᠡᠯᠡᠬᠦ ᠦᠳᠡ
ᠢᠷᠡᠬᠦ ᠪᠤᠴᠠᠬᠤ ᠶ᠋ᠢᠨ ᠡᠭᠡᠯᠵᠢᠯᠡᠬᠦ ᠴᠠᠭ—
ᠡᠨᠡ ᠪᠣᠯ ᠮᠠᠨ ᠤ᠋ ᠳᠡᠯᠡᠬᠡᠢ ᠶ᠋ᠢᠨ ᠪᠥᠮᠪᠥᠷᠴᠡᠭ!
ᠬᠣᠶᠠᠷ
ᠠᠢ ᠳᠠ ᠳᠡᠯᠡᠬᠡᠢ᠂ ᠳᠡᠯᠡᠬᠡᠢ᠂ ᠳᠡᠯᠡᠬᠡᠢ
ᠠᠮᠢ᠂ ᠠᠮᠢᠳᠤᠷᠠᠯ ᠤ᠋ᠨ ᠠᠯᠲᠠᠨ ᠥᠯᠥᠭᠡᠢ!
ᠴᠡᠩᠭᠡᠭ ᠤᠰᠤ᠂ ᠠᠭᠠᠷ᠂ ᠨᠠᠷᠠᠨ ᠤ᠋ ᠣᠷᠣᠨ
ᠴᠣᠭ ᠵᠢᠪᠬᠤᠯᠠᠩᠲᠤ ᠬᠥᠮᠦᠨ᠂ ᠴᠢᠨᠦ ᠡᠵᠡᠨ!
ᠨᠠᠷᠠᠨ ᠭᠡᠢᠭᠰᠡᠨ ᠳᠡᠯᠡᠬᠡᠢ ᠴᠢᠮ᠎ᠠ ᠳᠡᠭᠡᠷ᠎ᠡ
ᠨᠠᠰᠤ ᠪᠠᠨ ᠡᠯᠡᠭᠡᠬᠦ ᠪᠢᠳᠡ ᠵᠢᠮ᠎ᠡ ᠲᠡᠢ᠃
ᠠᠷᠢᠭᠤᠬᠠᠨ ᠴᠢᠮ᠎ᠠ ᠶ᠋ᠢ ᠪᠡᠨ᠂ ᠦᠶ᠎ᠡ ᠶ᠋ᠢᠨ ᠦᠶ᠎ᠡ ᠪᠡᠷ
ᠠᠯᠠᠭ ᠨᠢᠳᠦ ᠰᠢᠭ ᠢ᠋ᠶ᠋ᠡᠨ ᠬᠠᠢᠷᠠᠯᠠᠬᠤ ᠤᠴᠢᠷ ᠲᠠᠢ!
ᠡᠩ ᠦᠭᠡᠢ ᠠᠭᠤᠳᠠᠮ ᠤ᠋ᠨ ᠴᠢᠨᠢ ᠨᠢᠭᠡᠬᠡᠨ ᠵᠠᠢ ᠳ᠋ᠤ᠌
ᠡᠬᠡ ᠣᠷᠣᠨ ᠮᠢᠨᠢ ᠴᠡᠯᠡᠢᠵᠦ ᠪᠠᠢᠨ᠎ᠠ᠃
ᠬᠥᠷᠥᠰᠥᠲᠦ ᠭᠠᠵᠠᠷ ᠤ᠋ᠨ ᠴᠢᠨᠢ ᠨᠢᠭᠡᠨ ᠨᠤᠭᠤ ᠳ᠋ᠤ᠌
ᠬᠦᠢ ᠳᠠᠷᠤᠭᠰᠠᠨ ᠴᠢᠯᠠᠭᠤ ᠮᠢᠨᠢ ᠪᠣᠢ!
ᠬᠣᠷᠸ᠎ᠠ ᠳ᠋ᠤ᠌ ᠢᠷᠡᠬᠦ ᠳ᠋ᠦ᠍ ᠮᠢᠨᠢ ᠤᠭᠲᠤᠵᠤ ᠠᠪᠤᠭᠰᠠᠨ
ᠬᠥᠮᠦᠨ ᠦ᠌ ᠰᠠᠢᠬᠠᠨ ᠰᠡᠳᠬᠢᠯ ᠪᠣᠢ᠂
ᠬᠣᠯᠠᠬᠢ ᠳᠡᠭᠡᠳᠦᠰ ᠦ᠋ᠨ ᠮᠢᠨᠢ ᠲᠡᠦᠬᠡ ᠬᠠᠳᠠᠭᠠᠯᠠᠭᠰᠠᠨ
ᠬᠥᠮᠦᠨ ᠠᠷᠠᠳ ᠤ᠋ᠨ ᠮᠢᠨᠢ ᠰᠣᠶᠣᠯ ᠪᠣᠢ!
ᠭᠤᠷᠪᠠ
ᠠᠢ ᠳᠠ᠂ ᠳᠡᠯᠡᠬᠡᠢ᠂ ᠳᠡᠯᠡᠬᠡᠢ᠂ ᠳᠡᠯᠡᠬᠡᠢ
ᠠᠮᠢ᠂ ᠠᠮᠢᠳᠤᠷᠠᠯ ᠤ᠋ᠨ ᠠᠯᠲᠠᠨ ᠥᠯᠥᠭᠡᠢ!
ᠬᠠᠮᠢᠭ᠎ᠠ ᠴᠤ᠌ ᠪᠠᠢᠬᠤ ᠦᠭᠡᠢ ᠭᠠᠭᠴᠠ ᠳ᠋ᠧᠪᠠᠵᠠᠨ
ᠬᠠᠷᠠᠬᠤ ᠨᠢᠳᠦᠨ ᠳ᠋ᠦ᠍ ᠭᠣᠴᠣ ᠪᠠᠶᠠᠰᠬᠤᠯᠠᠩ!
ᠡᠴᠢᠭᠡ ᠶ᠋ᠢᠨ ᠳᠦᠷᠢ ᠰᠢᠭ ᠪᠤᠭᠤᠷᠤᠯ ᠠᠭᠤᠯᠠᠰ
ᠡᠬᠡ ᠶ᠋ᠢᠨ ᠰᠡᠳᠬᠢᠯ ᠰᠢᠭ ᠠᠭᠤᠳᠠᠮ ᠲᠠᠯ᠎ᠠ
ᠬᠡᠦᠬᠡᠨ ᠦ᠌ ᠮᠢᠨᠢ ᠭᠡᠵᠢᠭᠡ ᠰᠢᠭ ᠭᠣᠣᠯ ᠮᠥᠷᠡᠨ
ᠬᠦᠦ ᠶ᠋ᠢᠨ ᠮᠢᠨᠢ ᠳᠠᠬᠢ ᠰᠢᠭ᠋ ᠣᠢ ᠰᠢᠭᠤᠢ!
ᠠᠭᠤᠯᠠᠨ ᠳ᠋ᠤ᠌ ᠰᠢᠲᠦᠵᠦ ᠠᠮᠢᠳᠤᠷᠠᠬᠤ ᠠᠷᠢᠶᠠᠲᠠᠨ
ᠤᠰᠤᠨ ᠳ᠋ᠤ᠌ ᠰᠢᠲᠦᠵᠦ ᠦᠷᠡᠵᠢᠬᠦ ᠵᠢᠭᠠᠰᠤ
ᠠᠭᠠᠷ ᠲᠤ᠌ ᠰᠢᠲᠦᠵᠦ ᠨᠢᠰᠬᠦ ᠵᠢᠭᠦᠷᠲᠡᠨ
ᠠᠲᠠᠷ ᠲᠤ᠌ ᠰᠢᠲᠦᠵᠦ ᠠᠷᠪᠢᠵᠢᠬᠤ ᠰᠦᠷᠦᠭ!
ᠨᠠᠮᠤᠷ ᠤ᠋ᠨ ᠲᠠᠷᠢᠶᠠᠨ ᠤ᠋ ᠰᠢᠷ᠎ᠠ ᠰᠢᠭᠤᠷᠭ᠎ᠠ
ᠨᠠᠮᠵᠢᠶᠠ ᠳᠡᠯᠡᠬᠡᠢ ᠶ᠋ᠢᠨ ᠤᠶᠠᠩᠭᠠᠲᠤ ᠱᠠᠭᠱᠤᠤᠷᠭ᠎ᠠ
ᠤᠰᠤᠨ ᠴᠡᠩᠬᠡᠷ ᠳᠥᠷᠪᠡᠨ ᠳᠠᠯᠠᠢ
ᠤᠷᠭᠤᠮᠠᠯ ᠨᠣᠭᠣᠭᠠᠨ ᠲᠠᠪᠤᠨ ᠲᠢᠪ!
ᠳᠥᠷᠪᠡ
ᠠᠢ ᠳᠠ᠂ ᠳᠡᠯᠡᠬᠡᠢ᠂ ᠳᠡᠯᠡᠬᠡᠢ᠂ ᠳᠡᠯᠡᠬᠡᠢ
ᠠᠮᠢ᠂ ᠠᠮᠢᠳᠤᠷᠠᠯ ᠤ᠋ᠨ ᠠᠯᠲᠠᠨ ᠥᠯᠥᠭᠡᠢ!
ᠬᠦᠢ ᠪᠡᠶ᠎ᠡ ᠪᠡᠷ ᠢ᠋ᠶ᠋ᠡᠨ ᠡᠷᠳᠡᠨᠢ ᠶ᠋ᠢᠨ ᠬᠦᠳᠡᠷ
ᠬᠥᠮᠦᠨ ᠲᠥᠷᠥᠯᠬᠢᠲᠡᠨ ᠦ᠌ ᠲᠡᠦᠬᠡᠨ ᠰᠤᠳᠤᠷ!
ᠦᠶ᠎ᠡ ᠡᠯᠡᠭᠡᠭᠰᠡᠨ ᠬᠡᠭᠡᠷ᠎ᠡ ᠶ᠋ᠢᠨ ᠪᠠᠯᠭᠠᠰᠤ
ᠦᠨᠡᠨ ᠢ᠋ᠶ᠋ᠡᠨ ᠨᠢᠭᠤᠭᠰᠠᠨ ᠡᠩᠭᠡᠷ ᠦ᠋ᠨ ᠪᠤᠯᠠᠰᠢ
ᠣᠮᠣᠭ ᠳᠠᠮᠵᠢᠭᠰᠠᠨ ᠬᠠᠭᠤᠴᠢᠨ ᠰᠡᠯᠡᠮ᠎ᠡ
ᠣᠩᠭᠣᠯᠠᠵᠤ ᠳᠠᠭᠢᠭᠰᠠᠨ ᠥᠨᠥᠴᠢᠨ ᠰᠦᠮ᠎ᠡ!
ᠬᠣᠷᠸ᠎ᠠ ᠶ᠋ᠢ ᠬᠡᠷᠦᠭᠰᠡᠨ ᠬᠥᠮᠦᠨ ᠦ᠌ ᠬᠠᠷᠭᠤᠢ
ᠬᠣᠲᠠᠯᠠ ᠬᠤᠷᠠᠭᠰᠠᠨ ᠬᠣᠲᠠ ᠰᠠᠭᠤᠷᠢᠨ
ᠫᠤᠤ ᠪᠠᠷᠢᠭᠰᠠᠨ ᠬᠢᠯᠢ ᠶ᠋ᠢᠨ ᠬᠠᠷᠠᠭᠤᠯ
ᠪᠠᠭᠤᠷᠢ ᠪᠠᠨ ᠳᠠᠷᠤᠭᠰᠠᠨ ᠤᠯᠤᠰ ᠭᠦᠷᠦᠨ!
ᠮᠠᠭᠤ ᠲᠠᠢ ᠰᠠᠢᠨ ᠲᠠᠢ ᠪᠤᠭᠤᠷᠤᠯ ᠥᠩᠭᠡᠷᠡᠭᠰᠡᠨ
ᠮᠥᠩᠬᠡ ᠶ᠋ᠢᠨ ᠢᠷᠦᠭᠡᠯ ᠲᠡᠢ ᠰᠠᠷᠠᠭᠤᠯ ᠢᠷᠡᠭᠡᠳᠦᠢ
ᠠᠳᠠ ᠦᠵᠡᠭᠳᠡᠵᠦ ᠨᠤᠷᠠᠭᠰᠠᠨ ᠺᠠᠫᠢᠲ᠋ᠠᠯᠢᠰᠮ②
ᠠᠮᠢ ᠲᠠᠯᠪᠢᠵᠤ ᠣᠯᠤᠭᠰᠠᠨ ᠰᠣᠼᠢᠶᠠᠯᠢᠰᠮ③᠃
ᠲᠠᠪᠤ
ᠠᠢ ᠳᠠ᠂ ᠳᠡᠯᠡᠬᠡᠢ᠂ ᠳᠡᠯᠡᠬᠡᠢ᠂ ᠳᠡᠯᠡᠬᠡᠢ
ᠠᠮᠢ᠂ ᠠᠮᠢᠳᠤᠷᠠᠯ ᠤ᠋ᠨ ᠠᠯᠲᠠᠨ ᠥᠯᠥᠭᠡᠢ!
ᠭᠡᠷᠡᠯ ᠬᠠᠷᠠᠩᠭᠤᠢ ᠶ᠋ᠢᠨ ᠲᠡᠷᠰᠯᠡᠬᠦ ᠲᠠᠯᠠᠪᠤᠷ
ᠭᠡᠭᠡᠨ ᠤᠬᠠᠭᠠᠨ ᠤ᠋ ᠢᠯᠠᠬᠤ ᠪᠠᠮᠪᠠᠷ!
ᠦᠵᠡᠰᠬᠦᠯᠡᠩᠲᠦ ᠰᠠᠢᠬᠠᠨ ᠮᠠᠨ ᠤ᠋ ᠭᠠᠷᠠᠭ
ᠦᠨᠡᠨ ᠢ᠋ ᠬᠡᠯᠡᠬᠦ ᠳ᠋ᠦ᠍ ᠶᠠᠨᠳᠠᠰᠢ ᠦᠭᠡᠢ ᠪᠠᠶᠠᠨ!
ᠬᠣᠮᠣᠬᠠᠢ ᠰᠡᠳᠬᠢᠯ᠂ ᠤᠰᠤᠨ ᠲᠡᠨᠡᠭ
ᠬᠣᠷᠸ᠎ᠠ ᠳ᠋ᠤ᠌ ᠴᠢᠨᠦ ᠭᠠᠭᠴᠠ ᠳᠠᠢᠰᠤᠨ!
ᠥᠮᠴᠢ ᠭᠥᠷᠥᠩᠬᠡᠨ ᠦ᠌ ᠬᠡᠲᠦᠷᠬᠡᠢ ᠰᠢᠨᠤᠯ
ᠡᠭᠦᠳᠡᠨ ᠳ᠋ᠦ᠍ ᠴᠣᠣᠵᠢ ᠵᠡᠭᠦᠬᠦ ᠪᠣᠯᠤᠭᠰᠠᠨ ᠶᠤᠮ
ᠥᠷᠭᠡᠨ ᠳᠡᠯᠡᠬᠡᠢ ᠶ᠋ᠢ ᠴᠣᠣᠵᠢᠯᠠᠭᠰᠠᠨ ᠲᠡᠨᠡᠭᠯᠡᠯ
ᠦᠬᠦᠭᠡᠷ ᠦ᠋ᠨ ᠲᠡᠢᠨ ᠳᠡᠭᠳᠡᠭᠡᠬᠦ ᠪᠣᠯᠤᠭᠰᠠᠨ ᠶᠤᠮ᠃
ᠬᠦᠢᠲᠡᠨ ᠰᠦᠰᠦᠲᠡᠨ ᠦ᠌ ᠠᠲ᠋ᠣᠮ ᠤ᠋ᠨ ᠭᠠᠮᠰᠢᠭ ᠲᠤ᠌
ᠬᠥᠮᠦᠨ ᠲᠡᠢ ᠪᠡᠨ ᠬᠠᠮᠲᠤ ᠳᠡᠯᠡᠬᠡᠢ ᠮᠢᠨᠢ ᠰᠢᠷᠠᠭᠳᠤᠭᠰᠠᠨ ᠶᠤᠮ᠃
ᠦᠬᠦᠯ ᠳᠡᠢᠯᠳᠡᠭ ᠦᠭᠡᠢ ᠦᠯᠢᠭᠡᠷ ᠦ᠋ᠨ ᠪᠠᠭᠠᠲᠤᠷ ᠰᠢᠭ᠋
ᠦᠨᠡᠰᠦᠨ ᠳᠤᠮᠳᠠ ᠠ᠋ᠴᠠ ᠬᠣᠶᠠᠭᠤᠯᠠ ᠪᠠᠨ ᠪᠣᠰᠤᠭᠰᠠᠨ ᠶᠤᠮ!
ᠵᠢᠷᠭᠤᠭ᠎ᠠ
ᠠᠢ ᠳᠠ ᠳᠡᠯᠡᠬᠡᠢ᠂ ᠳᠡᠯᠡᠬᠡᠢ᠂ ᠳᠡᠯᠡᠬᠡᠢ
ᠠᠮᠢ᠂ ᠠᠮᠢᠳᠤᠷᠠᠯ ᠤ᠋ᠨ ᠠᠯᠲᠠᠨ ᠥᠯᠥᠭᠡᠢ!
ᠰᠠᠨᠰᠠᠷ ᠬᠣᠷᠸ᠎ᠠ ᠶ᠋ᠢᠨ ᠴᠡᠩᠬᠡᠷ ᠨᠢᠳᠦ
ᠰᠠᠷᠠᠭᠤᠯ ᠤᠬᠠᠭᠠᠨ ᠤ᠋ ᠴᠡᠯᠡᠭᠡᠷ ᠡᠭᠦᠳᠡ!
ᠬᠥᠮᠦᠨ ᠦ᠌ ᠤᠬᠠᠭᠠᠨ ᠰᠠᠷᠠᠭᠤᠯᠰᠢᠭᠠᠳ
ᠬᠦᠵᠢ ᠳᠡᠯᠡᠬᠡᠢ ᠪᠡᠨ ᠰᠣᠶᠣᠯ ᠢ᠋ᠶ᠋ᠠᠷ ᠴᠢᠮᠡᠵᠦ ᠪᠠᠢᠨ᠎ᠠ!
ᠰᠠᠨᠰᠠᠷ᠂ ᠰᠠᠷᠠᠨ ᠳ᠋ᠤ᠌ ᠬᠡᠳᠦᠬᠡᠨ ᠬᠣᠨᠣᠭᠠᠳ
ᠰᠠᠢᠬᠠᠨ ᠴᠢᠮ᠎ᠠ ᠶ᠋ᠢ ᠪᠡᠨ ᠰᠠᠨᠠᠴᠢᠬᠠᠭᠠᠳ ᠢᠷᠡᠵᠦ ᠪᠠᠢᠨ᠎ᠠ!
ᠦᠵᠡᠮᠵᠢ ᠭᠤᠸ᠎ᠠ ᠶ᠋ᠢᠨ ᠭᠠᠢᠬᠠᠮᠰᠢᠭ ᠴᠢᠮ᠎ᠠ ᠶ᠋ᠢ ᠪᠡᠨ
ᠦᠯᠢᠭᠡᠷ ᠦ᠋ᠨ ᠬᠣᠯᠠ ᠠ᠋ᠴᠠ ᠭᠠᠭᠠᠷᠢᠨ ᠠᠩᠬ᠎ᠠ ᠬᠠᠷᠠᠭᠰᠠᠨ ᠶᠤᠮ᠃
ᠬᠡᠵᠢᠶ᠎ᠡ ᠴᠦ᠍ ᠣᠷᠬᠢᠬᠤ ᠦᠭᠡᠢ ᠳᠡᠯᠡᠬᠡᠢ ᠴᠢᠮ᠎ᠠ ᠶ᠋ᠢ ᠪᠡᠨ
ᠬᠥᠮᠦᠨ ᠲᠥᠷᠥᠯᠬᠢᠲᠡᠨ ᠤᠯᠠᠮ ᠬᠠᠢᠷᠠᠯᠠᠭᠰᠠᠨ ᠶᠤᠮ!
ᠲᠡᠢᠮᠦ ᠴᠦ᠍ ᠤᠴᠢᠷ ᠠ᠋ᠴᠠ ᠦᠨᠳᠦᠰᠦᠲᠡᠨ ᠠᠷᠠᠰᠤᠲᠠᠨ
ᠲᠢᠪ ᠬᠣᠭᠣᠷᠣᠨᠳᠣ ᠪᠠᠨ ᠨᠠᠢᠷᠠᠮᠳᠠᠬᠤ ᠪᠣᠯᠤᠭᠰᠠᠨ ᠶᠤᠮ᠃
ᠳᠠᠶᠠᠩ ᠳᠡᠯᠡᠬᠡᠢ ᠶ᠋ᠢᠨ ᠡᠩᠬᠡ ᠲᠠᠢᠪᠤᠩ
ᠳᠠᠭᠢᠬᠤ ᠰᠦᠯᠳᠡ ᠨᠢ ᠪᠣᠯᠵᠤ ᠮᠠᠨᠳᠤᠭᠰᠠᠨ ᠶᠤᠮ!
ᠳᠣᠯᠣᠭ᠎ᠠ
ᠠᠢ ᠳᠠ ᠳᠡᠯᠡᠬᠡᠢ᠂ ᠳᠡᠯᠡᠬᠡᠢ᠂ ᠳᠡᠯᠡᠬᠡᠢ
ᠠᠮᠢ᠂ ᠠᠮᠢᠳᠤᠷᠠᠯ ᠤ᠋ᠨ ᠠᠯᠲᠠᠨ ᠥᠯᠥᠭᠡᠢ!
ᠴᠡᠩᠭᠡᠭ ᠤᠰᠤ᠂ ᠠᠭᠠᠷ᠂ ᠨᠠᠷᠠᠨ ᠤ᠋ ᠣᠷᠣᠨ
ᠴᠣᠭ ᠵᠢᠪᠬᠤᠯᠠᠩᠲᠤ ᠬᠥᠮᠦᠨ᠂ ᠴᠢᠨᠦ ᠡᠵᠡᠨ!
ᠰᠠᠷᠠᠭᠤᠯᠬᠠᠨ ᠳᠡᠯᠡᠬᠡᠢ ᠮᠢᠨᠢ ᠴᠢᠨᠦ ᠡᠵᠡᠨ
ᠰᠠᠢᠬᠠᠨ ᠢᠷᠡᠭᠡᠳᠦᠢ ᠪᠡᠨ ᠲᠣᠳᠣ ᠬᠠᠷᠠᠵᠤ ᠪᠠᠢᠨ᠎ᠠ!
ᠦᠶ᠎ᠡ ᠶ᠋ᠢᠨ ᠦᠶ᠎ᠡ ᠳ᠋ᠦ᠍ ᠨᠠᠢᠷᠠᠮᠳᠠᠬᠤ ᠶ᠋ᠢ ᠬᠦᠰᠡᠭᠰᠡᠨ
ᠦᠢ ᠣᠯᠠᠨ ᠤ᠋ ᠲᠡᠮᠡᠴᠡᠯ ᠢᠯᠠᠵᠤ ᠪᠠᠢᠨ᠎ᠠ!
ᠵᠤᠯᠠᠢ ᠪᠠᠨ ᠭᠢᠰᠬᠢᠭᠰᠡᠨ ᠡᠵᠢ ᠶ᠋ᠢᠨ ᠬᠡᠦᠬᠡᠳ ᠦ᠋ᠳ ᠰᠢᠭ
ᠵᠤᠵᠠᠭᠠᠨ ᠡᠪ ᠢ᠋ᠶ᠋ᠡᠷ ᠪᠢᠳᠡ ᠠᠬ᠎ᠠ ᠳᠡᠭᠦᠦᠰ ᠪᠤᠯᠵᠠᠭᠠᠨ᠎ᠠ!
ᠡᠭᠦᠳᠡᠨ ᠦ᠌ ᠪᠡᠨ ᠭᠠᠳᠠᠭ᠎ᠠ ᠬᠡᠨ ᠨᠢᠭᠡ ᠪᠡᠨ ᠣᠷᠭᠢᠯ ᠦᠭᠡᠢ
ᠦᠨᠳᠦᠰᠦᠲᠡᠨ ᠣᠯᠠᠨ ᠨᠢᠭᠡ ᠭᠡᠷ ᠪᠦᠯᠢ ᠳ᠋ᠦ᠍ ᠠᠮᠢᠳᠤᠷᠠᠨ᠎ᠠ!
ᠰᠡᠭᠦᠯᠴᠢ ᠶ᠋ᠢᠨ ᠴᠡᠷᠢᠭ ᠲᠡᠭᠡᠬᠦ ᠳ᠋ᠦ᠍ ᠫᠤᠤ ᠪᠠᠨ ᠣᠷᠬᠢᠵᠤ
ᠡᠴᠦᠰ ᠦ᠋ᠨ ᠭᠠᠭᠴᠠ ᠴᠣᠣᠵᠢ ᠶ᠋ᠢ ᠮᠦᠽᠧᠢ ᠳ᠋ᠦ᠍ ᠲᠠᠯᠪᠢᠨ᠎ᠠ!
ᠬᠥᠮᠦᠨ ᠦ᠌ ᠡᠷᠬᠡ ᠲᠡᠭᠦᠰ ᠢᠯᠠᠭᠰᠠᠨ ᠭᠠᠷᠠᠭ ᠭᠡᠵᠦ
ᠬᠦᠵᠢ ᠳᠡᠯᠡᠬᠡᠢ ᠪᠡᠨ ᠪᠦᠬᠦᠯᠢ ᠪᠡᠷ ᠨᠢ ᠨᠡᠷᠡᠯᠡᠨ᠎ᠡ᠃
ᠨᠠᠢ᠍ᠮᠠ
ᠲᠤᠯᠬᠤ ᠴᠠᠭ ᠦᠭᠡᠢ ᠨᠡᠯᠦ ᠲᠡᠩᠭᠡᠯᠢᠭ
ᠲᠤᠵᠢ ᠡᠷᠭᠢᠯᠳᠦᠬᠦ ᠬᠠᠲᠠᠭᠤ ᠪᠥᠮᠪᠥᠯᠢᠭ
ᠥᠩᠭᠡ ᠪᠡᠷ ᠢᠯᠭᠠᠰᠢ ᠦᠭᠡᠢ ᠤᠷᠠᠨ ᠰᠣᠯᠣᠩᠭᠠᠯᠢᠭ
ᠦᠭᠡ ᠪᠡᠷ ᠥᠭᠦᠯᠡᠰᠢ ᠦᠭᠡᠢ ᠦᠨᠡᠨ ᠭᠠᠢᠬᠠᠮᠰᠢᠭ!
ᠪᠦᠷᠦᠩᠬᠦᠢ ᠰᠠᠨᠰᠠᠷ ᠤ᠋ᠨ ᠴᠡᠩᠬᠡᠷ ᠨᠢᠳᠦ
ᠪᠦᠬᠦᠢ ᠯᠡ ᠠᠮᠢᠲᠠᠨ ᠤ᠋ ᠦᠳᠡᠯᠡᠬᠦ ᠦᠳᠡ
ᠢᠷᠡᠬᠦ ᠪᠤᠴᠠᠬᠤ ᠶ᠋ᠢᠨ ᠡᠭᠡᠯᠵᠢᠯᠡᠬᠦ ᠴᠠᠭ!
ᠡᠨᠡ ᠪᠣᠯ ᠮᠠᠨ ᠤ᠋ ᠳᠡᠯᠡᠬᠡᠢ ᠶ᠋ᠢᠨ ᠪᠥᠮᠪᠥᠷᠴᠡᠭ!
1977 ᠣᠨ
① ᠲᠤᠰ ᠬᠢᠴᠢᠶᠡᠯ ᠢ᠋《ᠮᠣᠩᠭᠣᠯ ᠤ᠋ᠨ ᠰᠢᠯᠢᠳᠡᠭ ᠢᠷᠠᠭᠤ ᠨᠠᠢᠷᠠᠭ》( ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂1986 ᠣᠨ ᠤ᠋ ᠬᠡᠪᠯᠡᠯ) ᠡᠴᠡ ᠰᠣᠩᠭᠣᠪᠠ᠃
②ᠺᠠᠫᠢᠲ᠋ᠠᠯᠢᠰᠮ— ᠬᠥᠷᠥᠩᠭᠡᠲᠦ ᠶᠣᠰᠣ᠃
③ ᠰᠣᠼᠢᠶᠠᠯᠢᠰᠮ— ᠨᠡᠢᠭᠡᠮ ᠵᠢᠷᠤᠮᠲᠤ ᠶᠣᠰᠣ᠃
ᠢᠷᠡᠯᠲᠡ᠄
ᠪᠦᠬᠦᠯᠢ ᠡᠳᠦᠷ ᠦ᠋ᠨ ᠳᠦᠷᠢᠮᠲᠦ ᠡᠩ ᠦ᠋ᠨ ᠳᠡᠭᠡᠳᠦ ᠵᠡᠷᠭᠡ ᠶ᠋ᠢᠨ
ᠳᠤᠮᠳᠠᠳᠤ ᠰᠤᠷᠭᠠᠭᠤᠯᠢ ᠳ᠋ᠤ᠌ ᠦᠵᠡᠬᠦ ᠬᠡᠯᠡ ᠪᠢᠴᠢᠭ ᠦ᠋ᠨ
ᠤᠩᠰᠢᠬᠤ ᠪᠢᠴᠢᠭ
ᠳᠥᠷᠪᠡᠳᠦᠭᠡᠷ ᠳᠡᠪᠲᠡᠷ
ᠳᠤᠮᠳᠠᠳᠤ ᠪᠠᠭ᠎ᠠ ᠰᠤᠷᠭᠠᠭᠤᠯᠢ ᠶ᠋ᠢᠨ《ᠬᠡᠯᠡ ᠪᠢᠴᠢᠭ》 ᠨᠠᠢᠷᠠᠭᠤᠯᠬᠤ ᠺᠣᠮᠢᠰ ᠨᠠᠢᠷᠠᠭᠤᠯᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠠᠰᠢᠳᠠ ᠨᠡᠷᠡᠮᠵᠢᠲᠦ ᠰᠤᠷᠭᠠᠨ ᠬᠥᠮᠦᠵᠢᠯ ᠦ᠋ᠨ ᠬᠡᠪᠯᠡᠬᠦ
ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠬᠡᠪᠯᠡᠪᠡ
2002 ᠣᠨ ᠤ᠋11 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
2008 ᠣᠨ ᠤ᠋11 ᠰᠠᠷ᠎ᠠ ᠳ᠋ᠤ᠌ ᠳᠣᠯᠣᠳᠤᠭᠠᠷ ᠤᠳᠠᠭ᠎ᠠ ᠬᠡᠪᠯᠡᠪᠡ
ᠦᠨ᠎ᠡ᠄6.88 ᠲᠥᠭᠥᠷᠢᠭ
ᠦᠰᠦᠭ ᠠᠮᠢᠯᠠᠭᠤᠯᠤᠭᠴᠢ᠄ ᠳ ·ᠣᠶᠤᠨᠴᠡᠴᠡᠭ
ᠦᠵᠢᠶᠡᠳ᠂ ᠡᠷᠳᠡᠨᠢᠴᠡᠴᠡᠭ ᠨᠠᠷᠠᠨᠰᠤᠶᠤᠯ
ᠬᠢᠨᠠᠭᠴᠢ᠄ ᠠ᠊ · ᠰᠠᠷᠠᠨᠭᠡᠷᠡᠯ· ᠳ ·ᠣᠶᠤᠨᠴᠡᠴᠡᠭ
2024᠂1᠂14
