ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠵᠢᠷᠭᠤᠳᠤᠭᠠᠷ ᠪᠦᠯᠦᠭ > Хөх судрын залгамж - Инжинаш < Далан зургадугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠵᠢᠷᠭᠤᠳᠤᠭᠠᠷ ᠪᠦᠯᠦᠭ > Хөх судрын залгамж - Инжинаш < Далан зургадугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠵᠢᠷᠭᠤᠳᠤᠭᠠᠷ ᠪᠦᠯᠦᠭ > Хөх судрын залгамж - Инжинаш < Далан зургадугаар бүлэг >

ᠠᠩᠭᠢᠯᠠᠯ:ᠲᠡᠦᠬᠡ ᠰᠣᠶᠣᠯ
2024-01-18

311


               ᠳᠠᠯᠠᠨ ᠵᠢᠷᠭᠤᠳᠤᠭᠠᠷ ᠪᠦᠯᠦᠭ  
                           ᠰᠢᠷ᠎ᠠ ᠨᠣᠬᠠᠢ ᠵᠢᠯ  ᠡᠴᠡ ᠰᠢᠷᠬᠠᠴᠢᠨ ᠭᠠᠬᠠᠢ ᠵᠢᠯ ᠂ 
                           ᠥᠭᠡᠳᠡᠢ ᠬᠠᠭᠠᠨ ᠤ᠋ ᠠᠷᠪᠠᠨ ᠨᠢᠭᠡᠳᠦᠭᠡᠷ ᠂ ᠠᠷᠪᠠᠨ ᠬᠣᠶᠠᠳᠤᠭᠠᠷ ᠣᠨ ᠃ 
                           ᠥᠭᠡᠳᠡᠢ ᠬᠠᠭᠠᠨ ᠲᠠᠪᠢᠨ ᠭᠤᠷᠪᠠᠨ ᠰᠡᠭᠦᠳᠡᠷ  ᠲᠡᠢ 

             ᠣᠷᠣᠰ ᠤᠯᠤᠰ ᠢ᠋ ᠡᠷᠬᠡᠨ ᠳ᠋ᠡᠭᠡᠨ ᠣᠷᠣᠭᠤᠯᠬᠤ ᠶ᠋ᠢᠨ ᠲᠥᠯᠥᠭᠡ  
             ᠪᠠᠲᠤ ᠬᠠᠨ ᠬᠣᠶᠠᠷᠳᠠᠬᠢ ᠤᠳᠠᠭ᠎ᠠ ᠴᠡᠷᠢᠭ ᠬᠡᠷᠡᠭᠯᠡᠪᠡᠢ 
             ᠣᠨᠴᠠ ᠰᠢᠳᠤᠷᠭᠤ ᠢᠦ ᠰᠢᠶᠠᠨ ᠥᠯᠥᠰᠬᠦᠯᠡᠩ ᠠᠭᠠᠳ  
             ᠱᠠᠩᠬᠤᠷ ᠥᠷᠪᠢ ᠶ᠋ᠢᠨ ᠪᠠᠳᠠᠭ ᠢ ᠰᠠᠨᠠᠭᠠᠯᠵᠠᠪᠠᠢ 

       ᠥᠭᠦᠯᠡᠬᠦ ᠢᠨᠤ ᠪᠠᠲᠤ ᠬᠠᠨ᠂ ᠰᠥᠪᠡᠭᠡᠳᠡᠢ ᠪᠠᠭᠠᠲᠤᠷ ᠣᠷᠣᠰ ᠸᠠᠩ ᠤ᠋ᠳ ᠬᠣᠭᠣᠷᠣᠨᠳᠣ ᠪᠠᠨ ᠡᠷᠬᠡ ᠪᠤᠯᠢᠶᠠᠯᠳᠤᠨ ᠶᠡᠬᠡ ᠪᠠᠢᠯᠳᠤᠵᠤ ᠠᠬᠤ ᠶ᠋ᠢ ᠰᠣᠨᠣᠰᠤᠭᠠᠳ ᠡᠨᠡᠬᠦ ᠴᠠᠭ ᠲᠣᠬᠢᠶᠠᠯ ᠢ ᠠᠯᠳᠠᠵᠤ ᠪᠣᠯᠬᠤ ᠦᠭᠡᠢ ᠭᠡᠮᠡᠨ ᠳᠠᠷᠤᠢ ᠳᠠᠬᠢᠨ ᠴᠡᠷᠢᠭ ᠬᠡᠷᠡᠭᠯᠡᠬᠦ ᠪᠡᠷ ᠲᠣᠭᠲᠠᠪᠠ᠃ 
       ᠣᠷᠣᠰ ᠸᠠᠩ  ᠤ᠋ᠳ ᠶᠠᠭᠤᠨ ᠳ᠋ᠤᠷ ᠬᠣᠭᠣᠷᠣᠨᠳᠣ ᠪᠠᠨ ᠶᠡᠬᠡᠳᠡ ᠪᠠᠢᠯᠳᠤᠬᠤ ᠪᠣᠯᠪᠠ ᠬᠡᠮᠡᠪᠡᠰᠦ ᠨᠢᠳᠤᠨᠤᠨ ᠡᠪᠦᠯ ᠬᠢᠭᠡᠳ ᠡᠨᠡ ᠬᠠᠪᠤᠷ ᠣᠷᠣᠰ ᠤ᠋ᠨ ᠡᠵᠡᠨ ᠬᠦᠩ ᠬᠧᠤᠷᠬᠢ ᠪᠠ ᠲᠡᠭᠦᠨ ᠦ᠌ ᠭᠤᠷᠪᠠᠨ ᠬᠥᠪᠡᠭᠦᠨ ᠴᠥᠮ ᠮᠣᠩᠭᠣᠯᠴᠤᠳ ᠯᠤᠭ᠎ᠠ ᠶ᠋ᠢᠨ ᠪᠠᠢᠯᠳᠤᠭᠠᠨ ᠳ᠋ᠤᠷ ᠦᠬᠦᠭᠰᠡᠨ ᠡᠴᠡ ᠣᠷᠣᠰ ᠣᠷᠣᠨ ᠤ᠋ ᠡᠵᠡᠨ ᠦ᠌ ᠰᠠᠭᠤᠷᠢᠨ ᠢ ᠵᠠᠯᠭᠠᠮᠵᠢᠯᠠᠬᠤ ᠬᠥᠮᠦᠨ ᠦᠭᠡᠢ ᠪᠣᠯᠤᠭᠰᠠᠨ ᠲᠤᠯᠠ ᠬᠸᠤ᠌ᠷᠬᠢ ᠶ᠋ᠢᠨ ᠳᠡᠭᠦᠦ ᠴᠢᠸᠠ ᠸᠠᠩ ᠶᠠᠯᠣᠰᠯᠣᠸ ᠴᠢᠸᠠ ᠬᠣᠲᠠ ᠠ᠋ᠴᠠ ᠴᠡᠷᠢᠭ ᠠᠪᠴᠤ ᠸᠯᠠᠳᠢᠮᠢᠷ ᠬᠤᠲᠠᠨ᠎ᠠ ᠢᠷᠡᠵᠦ ᠪᠡᠶ᠎ᠡ ᠪᠡᠨ ᠶᠡᠬᠡ ᠬᠦᠩ ᠡᠷᠭᠦᠮᠵᠢᠯᠡᠵᠦ ᠪᠦᠬᠦ ᠣᠷᠣᠰ ᠢ᠋ ᠵᠠᠭᠢᠷᠣᠰᠤᠭᠠᠢ ᠬᠡᠮᠡᠪᠡ᠃ ᠭᠡᠲᠡᠯ᠎ᠡ ᠴᠸᠷᠨᠢᠭᠥ᠋ᠸᠸᠨ ᠦ᠌ ᠸᠠᠩ ᠮᠢᠺᠠᠢᠯ ᠮᠥᠨ ᠴᠦ᠍ ᠬᠸᠤ᠌ᠷᠬᠢ ᠶ᠋ᠢᠨ ᠳᠡᠭᠦᠦ ᠲᠤᠯᠠ ᠶᠡᠬᠡ ᠬᠦᠩ ᠦ᠋ᠨ ᠰᠠᠭᠤᠷᠢᠨ ᠢ᠋ ᠣᠯᠵᠤ ᠠᠮᠵᠢᠭᠰᠠᠨ ᠦᠭᠡᠢ ᠪᠣᠯᠪᠠᠴᠤ ᠴᠢᠸᠠ ᠬᠣᠲᠠ ᠶ᠋ᠢ ᠡᠵᠡᠯᠡᠰᠦᠭᠡᠢ ᠭᠡᠮᠡᠨ ᠴᠡᠷᠢᠭ ᠠᠪᠴᠤ ᠪᠠᠢᠯᠳᠤᠷ᠎ᠠ ᠣᠴᠢᠪᠠ ᠃ ᠶᠠᠯᠣᠰᠯᠣᠸ ᠭᠣᠯᠣᠮᠲᠠ ᠪᠣᠯᠤᠭᠰᠠᠨ ᠴᠢᠸᠠ ᠬᠣᠲᠠ ᠪᠠᠨ ᠲᠠᠯᠪᠢᠵᠤ ᠥᠭᠬᠦ ᠦᠭᠡᠢ ᠸᠯᠠᠳᠢᠮᠢᠷ  ᠠ᠋ᠴᠠ ᠪᠦᠬᠦ ᠴᠡᠷᠢᠭ ᠢ᠋ᠶ᠋ᠡᠨ ᠠᠪᠴᠤ ᠴᠢᠸᠠ ᠬᠣᠲᠠ ᠪᠠᠨ ᠠᠪᠤᠷᠠᠬᠤ ᠪᠠᠷ ᠢᠷᠠᠪᠠᠰᠤ ᠮᠢᠺᠠᠢᠯ ᠪᠣᠳᠣᠪᠠᠰᠤ ᠶᠠᠯᠣᠰᠯᠣᠸ ᠴᠡᠷᠢᠭ ᠣᠯᠠᠨ ᠪᠥᠭᠡᠳ ᠴᠠᠬᠢᠷᠠᠭ ᠲᠤᠯᠠ ᠡᠰᠡᠷᠭᠦᠴᠡᠯ ᠪᠤᠰᠤ ᠪᠠᠨ ᠮᠡᠳᠡᠵᠦ ᠳᠠᠯᠳᠠ ᠵᠠᠮ  ᠢ᠋ᠶ᠋ᠠᠷ ᠴᠡᠷᠢᠭ  ᠢ᠋ᠶ᠋ᠡᠨ ᠠᠪᠴᠤ ᠸᠯᠠᠳᠢᠮᠢᠷ ᠬᠣᠲᠠ ᠶ᠋ᠢ ᠡᠵᠡᠯᠡᠬᠦ ᠭᠡᠵᠦ ᠢᠷᠡᠪᠡ᠃ ᠡᠢᠨ ᠠᠭᠰᠠᠨ ᠠ᠋ᠴᠠ ᠬᠣᠶᠠᠷ ᠸᠠᠩ ᠴᠡᠷᠢᠭ ᠨᠡᠰᠢ ᠴᠠᠰᠢ ᠪᠠᠨ ᠳᠠᠪᠬᠢᠯᠳᠤᠨ ᠪᠠᠢᠯᠳᠤᠬᠤ ᠠᠵᠢ᠃ ᠬᠠᠷᠢᠨ ᠮᠣᠩᠭᠣᠯᠴᠤᠳ ᠢ ᠨᠢᠭᠡᠮᠦᠰᠦᠨ ᠠᠷᠤ ᠳ᠋ᠠᠭᠠᠨ ᠲᠠᠯᠪᠢᠵᠤ ᠥᠴᠦᠬᠡᠨ ᠴᠦ᠍ ᠰᠡᠷᠭᠡᠢᠯᠡᠭᠰᠡᠨ ᠦᠭᠡᠢ᠃ 
       ᠪᠠᠲᠤ ᠡᠨᠡᠬᠦ ᠵᠠᠪᠰᠢᠶᠠᠨ ᠢ᠋ ᠠᠯᠳᠠᠬᠤ ᠦᠭᠡᠢ ᠪᠡᠷ ᠴᠡᠷᠢᠭ ᠮᠣᠷᠳᠠᠬᠤ ᠵᠠᠷᠯᠢᠭ ᠥᠭᠴᠦ ᠰᠦᠪᠡᠭᠡᠲᠡᠢ ᠪᠠᠭᠠᠲᠤᠷ ᠢ᠋ᠶ᠋ᠠᠷ ᠬᠣᠰᠢᠭᠤᠴᠢ ᠪᠣᠯᠭᠠᠨ ᠣᠷᠣᠰ ᠨᠤᠲᠤᠭ ᠤ᠋ᠨ ᠡᠮᠦᠨᠡᠲᠦ ᠵᠠᠬ᠎ᠠ ᠪᠠᠷ ᠳᠠᠷᠤᠨ ᠣᠷᠣᠪᠠ᠃ ᠭᠦᠶᠦᠭ ᠬᠠᠨ ᠤ᠋ ᠳᠤᠮᠳᠠ ᠵᠠᠮ ᠤ᠋ᠨ ᠴᠡᠷᠢᠭ ᠪᠠ ᠤᠷᠲᠠ ᠬᠠᠨ ᠤ᠋ ᠪᠠᠷᠠᠭᠤᠨ ᠵᠢᠭᠦᠷ ᠴᠦ᠍ ᠳᠠᠷᠠᠭ᠎ᠠ ᠳᠠᠷᠠᠭ᠎ᠠ ᠪᠠᠷ ᠣᠷᠣᠰ ᠨᠤᠲᠤᠭ ᠤ᠋ᠨ ᠬᠣᠢᠲᠤ ᠵᠠᠬ᠎ᠠ ᠪᠠᠷ ᠪᠠᠢᠯᠳᠤᠨ ᠣᠷᠣᠪᠠ᠃ 
       ᠣᠷᠣᠰ ᠸᠠᠩ ᠤ᠋ᠳ ᠬᠣᠭᠣᠷᠣᠨᠳᠣ ᠪᠠᠨ ᠡᠶᠡᠳᠡᠰᠢ ᠦᠭᠡᠢ ᠪᠠᠢᠯᠳᠤᠵᠤ ᠪᠦᠬᠦᠢ ᠳ᠋ᠦ᠍ᠷ ᠭᠡᠨᠡᠳᠲᠡ ᠮᠣᠩᠭᠣᠯᠴᠤᠳ ᠬᠡᠳᠦᠨ ᠵᠠᠮ ᠬᠤᠪᠢᠶᠠᠨ ᠬᠦᠷᠴᠦ ᠢᠷᠡᠭᠰᠡᠨ ᠳ᠋ᠦ᠍ᠷ ᠰᠠᠶᠢ ᠠᠶᠤᠨ ᠰᠠᠨᠳᠤᠷᠴᠤ ᠬᠣᠲᠠ ᠪᠠᠯᠭᠠᠰᠤᠨ ᠢ᠋ᠶ᠋ᠠᠨ ᠬᠠᠮᠠᠭᠠᠯᠠᠬᠤ ᠶ᠋ᠢ ᠪᠠᠢᠲᠤᠭᠠᠢ ᠠᠴᠢᠶ᠎ᠠ ᠬᠥᠰᠬᠡ ᠂ ᠠᠮᠤ ᠬᠦᠨᠡᠰᠦ ᠂ ᠴᠡᠷᠢᠭ ᠮᠣᠷᠢ ᠬᠦᠷᠲᠡᠯ᠎ᠡ ᠴᠥᠮ ᠬᠠᠶᠠᠵᠤ ᠠᠬ᠎ᠠ ᠳᠡᠭᠦᠦ ᠬᠣᠶᠠᠭᠤᠯᠠ ᠨᠡᠢᠯᠡᠵᠦ ᠴᠥᠭᠡᠨ ᠰᠢᠳᠠᠷ ᠬᠥᠮᠦᠰ ᠢ᠋ᠶ᠋ᠡᠨ ᠠᠪᠴᠤ ᠤᠬᠠᠭᠠᠨ ᠦᠭᠡᠢ ᠬᠠᠩᠭᠠᠷᠢ ᠳ᠋ᠤᠷ ᠳᠤᠲᠠᠭᠠᠵᠤ ᠣᠷᠣᠪᠠ ᠃ ᠡᠢᠮᠦ ᠡᠴᠡ ᠣᠷᠣᠰ ᠴᠡᠷᠢᠭ ᠦ᠋ᠳ ᠠᠴᠢᠶ᠎ᠠ ᠬᠥᠰᠬᠡ ᠠᠮᠤ ᠬᠦᠨᠡᠰᠦ ᠲᠡᠢ ᠪᠡᠨ ᠴᠥᠮ ᠮᠣᠩᠭᠣᠯ ᠳ᠋ᠤᠷ ᠳᠠᠭᠠᠪᠠ ᠃ ᠮᠣᠩᠭᠣᠯᠴᠤᠳ ᠨᠢᠭᠡ ᠴᠡᠷᠢᠭ ᠨᠢᠭᠡ ᠮᠣᠷᠢ ᠡᠨᠳᠡᠭᠳᠡᠭᠰᠡᠨ ᠦᠭᠡᠢ ᠪᠡᠷ ᠮᠢᠶᠠᠯᠶᠸᠰᠯᠸᠸ ᠂ ᠨᠣᠪᠠᠭᠤᠷᠳ᠋ ᠂ ᠴᠢᠸᠠ ᠵᠡᠷᠭᠡ ᠨᠢᠳᠤᠨᠤᠨ ᠡᠵᠡᠯᠡᠭᠰᠡᠨ ᠦᠭᠡᠢ ᠬᠣᠲᠠᠳ ᠢ ᠡᠵᠡᠯᠡᠨ ᠠᠪᠤᠪᠠ᠃ ᠢᠯᠠᠩᠭᠤᠶ᠎ᠠ ᠴᠢᠸᠠ ᠬᠣᠲᠠ ᠪᠣᠯ ᠬᠣᠶᠠᠷ ᠵᠠᠭᠤ ᠢᠯᠡᠭᠦᠦ ᠵᠢᠯ ᠣᠷᠣᠰ ᠤ᠋ᠨ ᠨᠡᠢᠰᠯᠡᠯ ᠪᠠᠢᠭᠰᠠᠨ ᠪᠥᠭᠡᠳ ᠳ᠋ᠸᠨᠢᠶᠸᠪᠸᠷ ᠭᠣᠣᠯ ᠪᠠ ᠬᠠᠷ᠎ᠠ ᠲᠠᠩᠭᠢᠰ ᠤ᠋ᠨ ᠤᠰᠤᠨ ᠵᠠᠮ ᠢ᠋ ᠠᠰᠢᠭᠯᠠᠨ ᠵᠡᠭᠦᠨ ᠷᠣᠮᠠᠨ ᠤᠯᠤᠰ ᠲᠠᠢ ᠠᠷᠠᠯᠵᠢᠶ᠎ᠠ᠂ ᠬᠤᠳᠠᠯᠳᠤᠭ᠎ᠠ ᠬᠢᠬᠦ ᠲᠤᠯᠠ ᠣᠷᠣᠰ ᠤ᠋ᠨ ᠲᠡᠷᠢᠭᠦᠨ ᠪᠠᠶᠠᠯᠢᠭ ᠬᠣᠲᠠ ᠪᠣᠯᠤᠮᠤᠢ᠃ ᠣᠷᠣᠰ ᠤ᠋ᠳ ᠬᠣᠵᠢᠮ ᠰᠠᠶᠢ ᠴᠢᠸᠨ ᠡᠴᠡ ᠸᠯᠠᠳᠢᠮᠢᠷ ᠬᠤᠲᠠᠨ᠎ᠠ ᠨᠡᠭᠦᠵᠦ ᠨᠡᠢᠰᠯᠡᠪᠡᠢ᠃ 
       ᠮᠣᠩᠭᠣᠯᠴᠤᠳ ᠡᠨᠡ ᠵᠢᠯ ᠣᠷᠣᠰ ᠲᠤᠷ ᠡᠪᠦᠯᠵᠢᠵᠦ ᠰᠠᠭᠤᠭᠠᠳ᠂ ᠣᠷᠣᠰ ᠤ᠋ᠨ ᠬᠠᠭᠤᠴᠢᠨ ᠸᠠᠩ ᠤ᠋ᠳ ᠠᠨᠤ ᠴᠥᠮ ᠬᠠᠷᠢ ᠤᠯᠤᠰ ᠲᠤᠷ ᠳᠤᠲᠠᠭᠠᠭᠰᠠᠨ ᠲᠤᠯᠠ ᠣᠯᠠᠨ ᠳ᠋ᠤᠷ ᠬᠦᠨᠳᠦᠲᠡᠢ ᠣᠷᠣᠰ ᠢᠵᠠᠭᠤᠷᠲᠠᠨ ᠢ ᠰᠣᠩᠭᠣᠵᠤ ᠸᠠᠩ ᠪᠤᠶᠤ ᠤᠯᠤᠰ ᠤ᠋ᠨ ᠶᠡᠬᠡ ᠬᠦᠩ ᠡᠷᠭᠦᠮᠵᠢᠯᠡᠨ ᠵᠠᠰᠠᠬᠤ ᠪᠣᠯᠵᠤ ᠴᠥᠭᠡᠨ ᠮᠣᠩᠭᠣᠯ ᠴᠡᠷᠢᠭ ᠬᠣᠴᠣᠷᠤᠭᠤᠯᠵᠤ ᠲᠡᠢᠨ ᠪᠠᠢᠯᠳᠤᠭᠠᠨ ᠤ᠋ ᠬᠡᠷᠡᠭ ᠢ ᠡᠷᠬᠢᠯᠡᠭᠦᠯᠪᠡ᠃ 
       ᠡᠭᠦᠨ ᠡᠴᠡ ᠣᠷᠣᠰ ᠣᠷᠣᠨ ᠨᠢᠭᠡᠨᠲᠡ ᠶᠡᠬᠡ ᠮᠣᠩᠭᠣᠯ ᠤᠯᠤᠰ ᠤ᠋ᠨ ᠬᠠᠷᠢᠶᠠᠲᠤ ᠤᠯᠤᠰ ᠪᠣᠯᠤᠭᠰᠠᠨ ᠪᠥᠭᠡᠳ ᠪᠠᠲᠤ ᠬᠠᠨ ᠤ᠋ ᠠᠯᠲᠠᠨ ᠣᠷᠳᠣᠨ ᠤᠯᠤᠰ ᠤ᠋ᠨ ᠨᠤᠲᠤᠭ ᠳᠡᠪᠢᠰᠬᠡᠷ ᠦ᠋ᠨ ᠨᠢᠭᠡ ᠬᠡᠰᠡᠭ ᠪᠣᠯᠪᠠᠢ᠃ ᠣᠷᠣᠰ ᠤ᠋ᠳ ᠮᠣᠩᠭᠣᠯ ᠤ᠋ᠨ ᠬᠠᠳ ᠢ᠋ ᠰᠢᠲᠦᠵᠦ  《ᠬᠠᠭᠠᠨ ᠪᠣᠯ ᠦᠨᠡᠨ ᠮᠥᠨ 》᠂  《ᠪᠤᠷᠬᠠᠨ ᠰᠠᠬᠢᠭᠤᠯᠰᠤᠨ ᠤ᠋ ᠬᠦᠴᠦᠨ ᠳ᠋ᠦ᠍ᠷ ᠮᠣᠩᠭᠣᠯ ᠬᠠᠭᠠᠨ ᠤ᠋ ᠴᠠᠭ ᠪᠣᠯᠪᠠ 》ᠭᠡᠮᠡᠨ ᠪᠢᠰᠢᠷᠡᠨ ᠳᠠᠭᠠᠪᠠ᠃ 
       ᠡᠨᠡ ᠬᠠᠪᠤᠷ ᠥᠭᠡᠳᠡᠢ ᠬᠠᠭᠠᠨ ᠵᠠᠵᠢᠨ ᠴᠠᠭᠠᠨ ᠤ᠋ ᠴᠦᠯ ᠳ᠋ᠦ᠍ᠷ ᠶᠡᠬᠡ ᠠᠪᠠ ᠵᠠᠷᠯᠠᠭᠠᠳ ᠰᠣᠯᠢᠨ ᠬᠣᠲᠠ ᠶ᠋ᠢᠨ ᠵᠠᠵᠢᠨ ᠴᠠᠭᠠᠨ ᠣᠷᠳᠣᠨ ᠳ᠋ᠤᠷ ᠵᠤᠨᠵᠢᠭᠠᠳ ᠰᠠᠶᠢ ᠬᠠᠷ᠎ᠠ ᠬᠣᠷᠢᠨ ᠤ᠋ ᠨᠡᠢᠰᠯᠡᠯ ᠳ᠋ᠡᠭᠡᠨ ᠪᠤᠴᠠᠪᠠ᠃ ᠱᠠᠨ ᠳ᠋ᠦᠩ ᠦ᠋ᠨ ᠭᠠᠵᠠᠷ ᠭᠠᠮᠰᠢᠭᠳᠠᠪᠠ ᠭᠡᠮᠡᠨ ᠥᠷᠥᠰᠢᠶᠡᠨ ᠨᠢᠭᠡᠨ ᠵᠢᠯ ᠦ᠋ᠨ ᠭᠠᠢᠯᠢ ᠲᠠᠲᠠᠪᠤᠷᠢ ᠶ᠋ᠢ ᠴᠥᠮ ᠬᠡᠯᠲᠦᠷᠢᠭᠦᠯᠪᠡ᠃ 
       ᠥᠭᠦᠯᠡᠬᠦ ᠢᠨᠤ ᠨᠢᠳᠤᠨᠤᠨ ᠵᠢᠯ ᠰᠢᠶᠠᠩ ᠶᠠᠩ ᠢ᠋ ᠰᠠᠬᠢᠭᠰᠠᠨ ᠮᠣᠩᠭᠣᠯ ᠤ᠋ᠨ ᠳᠡᠳ᠋ ᠵᠠᠩᠵᠤᠨ ᠯᠢᠦ ᠢ ᠭᠣᠣᠯ ᠵᠠᠩᠵᠤᠨ ᠢᠦ ᠰᠢᠶᠠᠨ ᠢ᠋ ᠭᠡᠨᠡᠳᠡᠭᠦᠯᠵᠦ ᠪᠠᠷᠢᠵᠤ ᠠᠪᠤᠭᠠᠳ ᠰᠥᠩ ᠤᠯᠤᠰ ᠲᠤᠷ ᠳᠠᠭᠠᠪᠠᠢ᠃ ᠡᠢᠮᠦ ᠡᠴᠡ ᠮᠣᠩᠭᠣᠯ ᠤ᠋ᠨ ᠲᠥᠷᠥ ᠡᠴᠡ ᠢᠦ ᠰᠢᠶᠠᠨ ᠢ᠋ ᠴᠦ᠍ ᠮᠥᠨ ᠰᠥᠩ ᠤᠯᠤᠰ ᠲᠤᠷ ᠳᠠᠭᠠᠭᠰᠠᠨ ᠪᠣᠢ ᠢ᠋᠎ᠡ ᠭᠡᠮᠡᠨ ᠪᠣᠳᠣᠵᠤ ᠠᠭᠰᠠᠨ ᠪᠥᠯᠥᠭᠡ᠃ ᠡᠳᠦᠭᠡ ᠣᠯᠠᠨ ᠤ᠋ ᠰᠠᠨᠠᠭᠠᠨ ᠳ᠋ᠤᠷ ᠦᠭᠡᠢ ᠪᠡᠷ ᠢᠦ ᠰᠢᠶᠠᠨ ᠬᠣᠲᠠᠨ ᠬᠠᠨ ᠢ ᠳᠠᠭᠠᠵᠤ ᠪᠤᠴᠠᠵᠤ ᠢᠷᠡᠭᠰᠡᠨ ᠳ᠋ᠦ᠍ᠷ ᠬᠠᠭᠠᠨ ᠲᠡᠷᠢᠭᠦᠯᠡᠨ ᠴᠥᠮ ᠭᠠᠢᠬᠠᠪᠠ᠃ ᠤᠴᠢᠷ ᠢ᠋ ᠠᠰᠠᠭᠤᠪᠠᠰᠤ ᠯᠢᠦ ᠢ ᠂ ᠢᠤ᠌ ᠰᠢᠶᠠᠨ ᠤ᠋ ᠰᠠᠨᠠᠮᠰᠠᠷ ᠦᠭᠡᠢ ᠳ᠋ᠦ᠍ᠷ ᠪᠠᠷᠢᠵᠤ ᠠᠪᠤᠭᠠᠳ ᠤᠷᠪᠠᠬᠤ ᠰᠦᠯᠪᠡᠭᠡ ᠳ᠋ᠡᠭᠡᠨ ᠣᠷᠣᠭᠤᠯᠰᠤᠭᠠᠢ ᠬᠡᠮᠡᠭᠰᠡᠨ ᠳ᠋ᠦ᠍ᠷ ᠢᠦ ᠰᠢᠶᠠᠨ ᠰᠢᠳᠤᠷᠭᠤ ᠶ᠋ᠢ ᠭᠦᠢᠴᠡᠳᠬᠡᠨ ᠦᠬᠦᠬᠦ ᠪᠣᠢ ᠊ᠶ᠎ᠠ ᠂ ᠤᠷᠪᠠᠵᠤ ᠲᠡᠷᠰᠯᠡᠬᠦ ᠦᠭᠡᠢ ᠭᠡᠮᠡᠨ ᠣᠭᠲᠣ ᠬᠦᠯᠢᠶᠡᠭᠰᠡᠨ ᠦᠭᠡᠢ ᠳ᠋ᠦ᠍ᠷ ᠯᠢᠦ ᠢ ᠨᠢᠭᠡᠮᠦᠰᠦᠨ ᠬᠣᠷᠣᠰᠴᠤ ᠵᠣᠪᠠᠯ ᠵᠦᠳᠡᠭᠦᠷᠢ ᠠᠮᠰᠠᠭᠤᠯᠵᠤ ᠵᠣᠷᠢᠭ ᠢ᠋ ᠢᠨᠤ ᠮᠣᠬᠣᠭᠣᠰᠤᠭᠠᠢ ᠬᠡᠮᠡᠵᠦ ᠬᠣᠭᠣᠯᠠ ᠤᠮᠳᠠ ᠪᠠᠷ ᠭᠠᠴᠢᠭᠳᠠᠭᠤᠯᠵᠤ ᠴᠡᠷᠢᠭ ᠦ᠋ᠨ ᠠᠷᠠᠳ ᠲᠤᠷ ᠲᠤᠰᠢᠶᠠᠨ ᠬᠠᠲᠠᠭᠤ ᠰᠢᠷᠦᠭᠦᠨ ᠠᠵᠢᠯ ᠬᠢᠯᠭᠡᠵᠦ ᠠᠪᠠᠢ᠃ ᠨᠢᠭᠡᠨ ᠡᠳᠦᠷ ᠴᠡᠷᠢᠭ ᠦ᠋ᠨ ᠠᠷᠠᠳ ᠲᠦᠯᠡᠭᠡ ᠴᠠᠪᠴᠢᠭᠤᠯᠬᠤ ᠭᠡᠮᠡᠨ ᠠᠭᠤᠯᠠᠨ ᠳ᠋ᠤᠷ ᠠᠪᠴᠤ ᠭᠠᠷᠤᠭᠰᠠᠨ ᠳ᠋ᠤᠷ᠂ ᠢᠦ ᠰᠢᠶᠠᠨ ᠴᠡᠷᠢᠭ ᠦ᠋ᠨ ᠠᠷᠠᠳ ᠤ᠋ᠨ ᠠᠩᠬᠠᠷᠤᠯ ᠦᠭᠡᠢ ᠪᠠᠢᠬᠤ ᠶ᠋ᠢ ᠳᠠᠯᠢᠮᠳᠠᠭᠤᠯᠤᠨ ᠣᠢ ᠳ᠋ᠤᠷ ᠰᠢᠷᠭᠤᠵᠤ ᠴᠡᠷᠢᠭ ᠦ᠋ᠨ ᠠᠷᠠᠳ ᠤ᠋ᠨ ᠨᠡᠬᠡᠷ᠎ᠡ ᠢᠷᠡᠬᠦ ᠡᠴᠡ ᠠᠶᠤᠵᠤ᠂ ᠲᠠᠪᠤ ᠵᠢᠷᠭᠤᠭᠠᠨ ᠬᠣᠨᠣᠭ ᠡᠳᠦᠷ ᠰᠥᠨᠢ ᠦᠭᠡᠢ ᠶᠠᠪᠤᠪᠠ ᠃ ᠬᠠᠷᠢᠨ ᠨᠠᠮᠤᠷ ᠤ᠋ᠨ ᠤᠯᠠᠷᠢᠯ ᠲᠤᠯᠠ ᠵᠡᠷᠯᠢᠭ ᠵᠢᠮᠢᠰ ᠨᠣᠭᠣᠭ᠎ᠠ ᠢᠳᠡᠵᠦ ᠠᠮᠢ ᠵᠠᠭᠤᠵᠤ ᠠᠭᠠᠳ ᠨᠢᠭᠡᠮᠦᠰᠦᠨ ᠲᠠᠮᠢᠷ ᠲᠡᠩᠬᠡᠭᠡ ᠠᠯᠳᠠᠵᠤ ᠠᠷᠭ᠎ᠠ ᠪᠤᠰᠤ ᠣᠢ ᠠ᠋ᠴᠠ ᠭᠠᠷᠴᠤ ᠢᠷᠡᠪᠡ ᠃ ᠭᠡᠪᠡᠴᠦ ᠱᠠᠩ ᠬᠡᠰᠢᠭ  ᠲᠣᠷ ᠳᠤᠷᠠᠯᠠᠭᠰᠠᠨ ᠠᠷᠠᠳ ᠲᠤᠷ ᠪᠠᠷᠢᠭᠳᠠᠬᠤ ᠠ᠋ᠴᠠ ᠠᠶᠤᠵᠤ ᠨᠢᠭᠡᠨ ᠠᠢᠯ ᠭᠠᠴᠠᠭ᠎ᠠ ᠠ᠋ᠴᠠ ᠪᠣᠢᠳᠠ ᠰᠦᠮ᠎ᠡ ᠳ᠋ᠦ᠍ᠷ ᠢᠷᠡᠵᠦ ᠰᠦᠮ᠎ᠡ ᠶ᠋ᠢᠨ ᠵᠢᠭᠦᠷ ᠬᠠᠭᠠᠯᠭ᠎ᠠ ᠶ᠋ᠢ ᠲᠣᠭᠰᠢᠬᠤᠢ ᠳ᠋ᠤᠷ ᠳᠣᠲᠣᠷ᠎ᠠ  ᠠ᠋ᠴᠠ ᠨᠢᠭᠡᠨ ᠥᠬᠢᠨ ᠪᠣᠮᠪᠣ ᠲᠦᠴᠢᠭᠢᠨᠡᠲᠡᠯ᠎ᠡ ᠭᠦᠶᠦᠵᠦ ᠢᠷᠡᠭᠡᠳ ᠬᠠᠭᠠᠯᠭ᠎ᠠ ᠪᠠᠨ ᠨᠡᠭᠡᠭᠡᠵᠦ ᠰᠠᠨᠠᠮᠰᠠᠷ ᠦᠭᠡᠢ ᠢᠦ ᠰᠢᠶᠠᠨ ᠢ᠋ ᠦᠵᠡᠭᠡᠳ  《ᠠᠶᠤᠤ  ! 》ᠭᠡᠮᠡᠨ ᠴᠢᠳᠬᠥᠷ ᠦᠵᠡᠭᠰᠡᠨ ᠮᠡᠲᠦ ᠳᠠᠭᠤᠨ ᠠᠯᠳᠠᠵᠤ ᠬᠠᠭᠠᠯᠭ᠎ᠠ ᠪᠠᠨ ᠬᠤᠸᠠᠷᠬᠢᠲᠡᠯ᠎ᠡ ᠳᠠᠷᠤᠭᠠᠳ ᠰᠡᠩᠳᠡ ᠮᠡᠩᠳᠡ ᠳᠣᠲᠣᠭᠰᠢ ᠭᠦᠶᠦᠪᠡ᠃ ᠢᠦ ᠰᠢᠶᠠᠨ ᠬᠠᠭᠠᠯᠭ᠎ᠠ ᠶ᠋ᠢ ᠳᠠᠬᠢᠨ ᠬᠡᠳᠦᠢ ᠲᠣᠭᠰᠢᠪᠠᠴᠤ ᠣᠭᠲᠣ ᠣᠢᠰᠢᠶᠠᠬᠤ ᠬᠥᠮᠦᠨ ᠦᠭᠡᠢ ᠪᠣᠯᠪᠠ᠃ ᠢᠦ ᠰᠢᠶᠠᠨ ᠡᠭᠡᠨᠡᠭᠲᠡ ᠥᠯᠥᠰᠬᠦᠯᠡᠩ ᠪᠥᠭᠡᠳ ᠵᠣᠪᠠᠵᠤ ᠵᠦᠳᠡᠷᠡᠭᠰᠡᠨ ᠡᠴᠡ ᠲᠡᠰᠪᠦᠷᠢᠯᠡᠵᠦ ᠴᠢᠳᠠᠬᠤ ᠦᠭᠡᠢ ᠱᠠᠨ ᠮᠸᠨ ᠦ᠌ ᠶᠡᠨᠳᠡᠷ ᠦ᠋ᠨ ᠨᠥᠮᠥᠷᠢ ᠳ᠋ᠦ᠍ᠷ ᠬᠡᠪᠲᠡᠵᠦ ᠠᠮᠠᠢ ᠲᠡᠮᠡᠴᠡᠵᠦ ᠪᠦᠬᠦᠢ ᠳ᠋ᠦ᠍ᠷ ᠨᠢᠭᠡᠨ ᠰᠢᠯᠤᠭᠤᠨ ᠪᠥᠰ ᠬᠤᠪᠴᠠᠰᠤ ᠲᠠᠢ ᠵᠠᠯᠠᠭᠤ ᠬᠠᠨᠴᠤᠢ ᠰᠠᠵᠢᠯᠠᠨ ᠬᠦᠷᠴᠦ ᠢᠷᠡᠭᠡᠳ ᠬᠠᠭᠠᠯᠭ᠎ᠠ ᠶ᠋ᠢ ᠠᠯᠭᠤᠷ ᠠᠭᠠᠵᠢᠮ ᠲᠣᠭᠰᠢᠮᠤᠢ᠃ ᠶᠡᠨᠳᠡᠷ ᠳᠣᠣᠷ᠎ᠠ ᠬᠡᠪᠲᠡᠭᠰᠡᠨ ᠢᠦ ᠰᠢᠶᠠᠨ ᠢ᠋ ᠣᠭᠲᠣ ᠠᠩᠬᠠᠷᠤᠭᠰᠠᠨ ᠦᠭᠡᠢ᠃ ᠬᠠᠭᠠᠯᠭ᠎ᠠ ᠶ᠋ᠢ ᠬᠡᠳᠦᠨ ᠵᠡᠷᠭᠡ ᠲᠣᠭᠰᠢᠭᠠᠳ ᠬᠥᠮᠦᠨ ᠭᠠᠷᠴᠤ ᠢᠷᠡᠬᠦ ᠦᠭᠡᠢ ᠲᠤᠯᠠ ᠳᠠᠭᠤᠨ ᠥᠭᠴᠦ : 《ᠪᠢ ᠢᠷᠡᠪᠡᠢ  ᠶᠠᠭᠠᠬᠢᠭᠰᠠᠨ ᠪᠣᠢ ? 》ᠬᠡᠮᠡᠭᠰᠡᠨ ᠳ᠋ᠦ᠍ᠷ ᠬᠠᠭᠠᠯᠭ᠎ᠠ ᠰᠠᠶᠢ ᠨᠡᠭᠡᠭᠡᠭᠳᠡᠵᠦ ᠰᠠᠶ᠋ᠢᠬᠠᠨ ᠤ ᠥᠬᠢᠨ ᠪᠣᠮᠪᠣ ᠲᠣᠯᠣᠭᠠᠢ ᠪᠠᠨ ᠭᠠᠷᠭᠠᠵᠤ ᠡᠰᠢ ᠲᠡᠰᠢ ᠬᠠᠷᠠᠭᠰᠠᠨ ᠴᠤ᠌ ᠶᠡᠨᠳᠡᠷ ᠳᠣᠣᠷ᠎ᠠ ᠬᠡᠪᠲᠡᠬᠦ ᠬᠥᠮᠦᠨ ᠢ᠋ ᠣᠯᠵᠤ ᠦᠵᠡᠭᠰᠡᠨ ᠦᠭᠡᠢ ᠲᠤᠯᠠ ᠥᠭᠦᠯᠡᠷᠦᠨ :《ᠰᠠᠶᠢ ᠪᠢ ᠴᠢᠮᠠᠢ ᠢᠷᠡᠪᠡ ᠭᠡᠮᠡᠨ ᠬᠠᠭᠠᠯᠭ᠎ᠠ ᠨᠡᠭᠡᠭᠡᠭᠰᠡᠨ ᠳ᠋ᠦ᠍ᠷ ᠬᠠᠷᠢᠨ ᠨᠢᠭᠡ ᠴᠢᠳᠬᠥᠷ ᠮᠡᠲᠦ ᠭᠤᠢᠷᠠᠨᠴᠢ ᠵᠣᠭᠰᠣᠵᠤ ᠪᠠᠢᠪᠠ ᠃ ᠪᠤᠷᠬᠠᠨ ᠠ᠋ !  ᠠᠶᠤᠭᠰᠠᠨ ᠢ᠋ ᠶᠠᠭᠤᠨ ᠥᠭᠦᠯᠡᠬᠦ ᠃ ᠣᠳᠣ ᠪᠣᠯᠲᠠᠯ᠎ᠠ ᠵᠢᠷᠦᠬᠡ ᠲᠦᠭᠰᠢᠭᠰᠡᠭᠡᠷ ᠪᠣᠢ ᠃ ᠥᠴᠥᠭᠡᠳᠦᠷ ᠰᠥᠨᠢ ᠲᠠᠬᠢᠯ ᠲᠠᠪᠢᠯᠠᠬᠤᠢ ᠳ᠋ᠤᠷ ᠰᠠᠨᠸᠠᠷ ᠠᠯᠳᠠᠪᠠ ᠭᠡᠮᠡᠨ ᠡᠨᠡ ᠡᠳᠦᠷ ᠰᠢᠳᠬᠡᠯ ᠦᠵᠡᠭᠦᠯᠦᠭᠰᠡᠨ ᠪᠤᠶᠤ  》ᠬᠡᠮᠡᠮᠦᠢ ᠃ ᠲᠡᠷᠡ ᠵᠠᠯᠠᠭᠤ ᠢᠨᠢᠶᠡᠨ ᠥᠭᠦᠯᠡᠷᠦᠨ :《ᠰᠠᠬᠢᠯ ᠢ᠋ ᠴᠢᠨᠦ ᠪᠢ ᠠᠯᠳᠠᠭᠤᠯᠤᠭᠰᠠᠨ ᠲᠤᠯᠠ ᠪᠤᠷᠬᠠᠨ ᠤ᠋ ᠰᠢᠳᠬᠡᠯ ᠨᠠᠳᠤᠷ ᠢᠷᠡᠪᠡᠰᠦ ᠵᠣᠬᠢᠬᠤ ᠪᠥᠭᠡᠲᠡᠯ᠎ᠡ ᠴᠢᠮ᠎ᠠ ᠳ᠋ᠤᠷ ᠶᠠᠭᠤᠨ ?  ᠪᠤᠷᠬᠠᠨ ᠮᠥᠨ ᠥᠬᠡᠨᠴᠡ ᠳᠣᠷᠣᠢ ᠶ᠋ᠢ ᠳᠠᠷᠤᠯᠠᠮᠤᠢ ᠤᠤ ? 》 ᠬᠡᠮᠡᠪᠡᠢ ᠃ ᠥᠬᠢᠨ ᠪᠣᠮᠪᠣ ᠴᠢᠷᠠᠢ ᠤᠯᠠᠢᠨ ᠥᠭᠦᠯᠡᠷᠦᠨ :《ᠨᠢᠭᠦᠯ ᠠ᠋ ! ᠨᠢᠭᠦᠯ ᠃ ᠥᠬᠢᠳ ᠦ᠋ᠨ ᠰᠦᠮ᠎ᠡ ᠬᠡᠢᠳ ᠲᠣᠷ ᠡᠷ᠎ᠡ ᠬᠥᠮᠦᠨ ᠢ᠋ ᠬᠠᠯᠭᠠᠬᠤ ᠦᠭᠡᠢ ᠪᠣᠯᠠᠢ ᠂ ᠮᠠᠨ ᠤ᠋ ᠪᠠᠭᠰᠢ ᠨᠢᠭᠦᠯᠡᠰᠴᠦ ᠲᠠ ᠨᠠᠷ ᠢ᠋ ᠠᠪᠴᠤ ᠰᠠᠭᠤᠭᠰᠠᠨ ᠠ᠋ᠴᠠ ᠡᠢᠮᠦ ᠤᠷᠰᠢᠭ ᠪᠣᠯᠵᠤ ᠠᠬᠤ ᠪᠣᠯᠠᠢ 》 ᠬᠡᠮᠡᠯᠳᠦᠨ ᠬᠣᠶᠠᠭᠤᠯᠠ ᠢᠨᠠᠭ ᠳᠣᠲᠣᠨᠣ ᠪᠠᠷ ᠬᠠᠭᠠᠯᠭ᠎ᠠ ᠲᠦᠰᠢᠵᠦ ᠱᠣᠭᠯᠠᠨ ᠶᠠᠷᠢᠯᠴᠠᠮᠤᠢ᠃ ᠪᠤᠷᠠᠬᠠᠨ ᠤ᠋ ᠱᠠᠪᠢ ᠠᠭᠠᠳ ᠰᠠᠬᠢᠯ ᠰᠠᠨᠸᠠᠷ ᠰᠠᠬᠢᠬᠤ ᠦᠭᠡᠢ ᠠᠩᠬ᠎ᠠ ᠰᠠᠶᠢ ᠲᠦᠴᠢᠭᠢᠨᠡᠲᠡᠯ᠎ᠡ ᠭᠦᠶᠦᠬᠦᠢ ᠳ᠋ᠦ᠍ᠷ ᠢᠦ ᠰᠢᠶᠠᠨ ᠳᠠᠷᠤᠢ ᠭᠡᠷ ᠡᠴᠡ ᠭᠠᠷᠤᠭᠰᠠᠨ ᠬᠥᠮᠦᠨ ᠦ᠌ ᠰᠢᠨᠵᠢ ᠦᠭᠡᠢ ᠬᠡᠮᠡᠬᠦ ᠪᠥᠯᠥᠭᠡ ᠃ ᠡᠳᠦᠭᠡ ᠡᠢᠨ ᠶᠠᠷᠢᠯᠴᠠᠬᠤ ᠶ᠋ᠢ ᠰᠣᠨᠣᠰᠴᠤ ᠠᠭᠤᠷᠯᠠᠪᠠᠴᠤ ᠵᠠᠯᠠᠭᠤ ᠬᠥᠮᠦᠰ ᠦ᠋ᠨ ᠨᠢᠭᠤᠷ ᠲᠤᠷ ᠬᠦᠷᠬᠦ ᠡᠴᠡ ᠠᠶᠤᠵᠤ ᠦᠯᠦ ᠮᠡᠳᠡᠭᠴᠢ ᠪᠣᠯᠵᠤ ᠬᠡᠪᠲᠡᠮᠦᠢ᠃ ᠲᠡᠳᠦᠢ ᠳ᠋ᠦ᠍ᠷ ᠥᠬᠢᠨ ᠪᠣᠮᠪᠣ ᠣᠯᠵᠤ ᠦᠵᠡᠭᠡᠳ  《ᠡᠪᠡᠦ ! 》ᠭᠡᠮᠡᠨ ᠳᠠᠭᠤᠨ ᠠᠯᠳᠠᠪᠠ᠃ ᠲᠡᠷᠡ ᠵᠠᠯᠠᠭᠤ ᠥᠬᠢᠨ ᠪᠣᠮᠪᠣ ᠶ᠋ᠢᠨ ᠬᠠᠷᠠᠴᠠ ᠶ᠋ᠢ ᠳᠠᠭᠠᠵᠤ ᠢᠦ ᠰᠢᠶᠠᠨ ᠢ ᠣᠯᠵᠤ ᠦᠵᠡᠭᠡᠳ ᠮᠥᠨ ᠭᠡᠯᠮᠡᠭᠳᠡᠪᠡ᠃ ᠲᠡᠷᠡ ᠣᠭᠲᠣ ᠬᠥᠳᠡᠯᠬᠦ ᠦᠭᠡᠢ ᠬᠡᠪᠲᠡᠬᠦ ᠲᠤᠯᠠ ᠦᠬᠦᠭᠰᠡᠨ ᠪᠣᠢ ᠢ᠋᠎ᠡ ᠭᠡᠮᠡᠨ ᠵᠣᠷᠢᠭ ᠭᠠᠷᠭᠠᠨ ᠳᠡᠷᠭᠡᠳᠡ ᠢᠨᠦ ᠢᠷᠡᠵᠦ ᠳᠠᠭᠤᠳᠠᠬᠤᠢ ᠳ᠋ᠤᠷ ᠢᠦ ᠰᠢᠶᠠᠨ ᠨᠢᠳᠦ ᠪᠡᠨ ᠨᠡᠭᠡᠭᠡᠵᠦ ᠭᠠᠷ ᠢ᠋ᠶ᠋ᠠᠷ ᠠᠮᠠ ᠪᠠᠨ ᠵᠢᠭᠠᠵᠤ ᠥᠯᠪᠡᠷᠦᠮᠦᠢ ᠬᠡᠮᠡᠬᠦᠢ ᠳ᠋ᠦ᠍ᠷ ᠵᠠᠯᠠᠭᠤ ᠥᠬᠢᠨ ᠪᠣᠮᠪᠣ ᠳ᠋ᠤᠷ ᠬᠣᠭᠣᠯᠠ ᠵᠠᠬᠢᠵᠤ  《ᠬᠤᠷᠳᠤᠯᠠ ! 》ᠭᠡᠮᠡᠨ ᠱᠠᠭᠠᠷᠳᠠᠪᠠᠢ᠃ ᠢᠦ ᠰᠢᠶᠠᠨ ᠠᠷᠠᠢ ᠭᠡᠵᠦ ᠶᠡᠨᠳᠡᠷ ᠲᠦᠰᠢᠵᠦ ᠰᠠᠭᠤᠭᠠᠳ ᠵᠠᠯᠠᠭᠤ ᠶ᠋ᠢ ᠠᠵᠢᠭᠯᠠᠪᠠᠰᠤ ᠶᠡᠷᠦ ᠦᠳᠡᠯᠡ ᠪᠤᠰᠤ ᠬᠡᠭᠡᠨᠴᠢᠷ ᠶᠡᠬᠡᠮᠡᠰᠦᠭ ᠲᠤᠯᠠ ᠂ ᠲᠡᠢᠮᠦ ᠴᠦ᠍ ᠢᠴᠢᠩᠭᠦᠷᠢ ᠦᠭᠡᠢ ᠱᠠᠯᠢᠭ ᠵᠠᠪᠠᠬᠠᠢ ᠬᠥᠮᠦᠨ ᠦ᠌ ᠳᠦᠷᠢ ᠦᠭᠡᠢ᠃ ᠲᠡᠢᠨ ᠠᠭᠠᠳ ᠶᠠᠭᠤᠨᠳᠤ ᠥᠬᠢᠨ ᠪᠣᠮᠪᠣ ᠯᠤᠭ᠎ᠠ ᠬᠣᠪᠢᠨ ᠤ᠋ ᠭᠠᠳᠠᠨ᠎ᠠ ᠦᠭᠡ ᠶᠠᠷᠢᠬᠤ ᠪᠣᠢ ᠭᠡᠮᠡᠨ ᠭᠠᠢᠬᠠᠪᠠᠢ᠃ ᠤᠳᠠᠭᠰᠠᠨ ᠦᠭᠡᠢ ᠥᠬᠢᠨ ᠪᠣᠮᠪᠣ ᠨᠢᠭᠡᠨ ᠸᠠᠭᠠᠷ ᠬᠣᠭᠣᠯᠠ ᠠᠪᠴᠤ ᠢᠷᠡᠭᠡᠳ ᠵᠠᠯᠠᠭᠤ ᠳ᠋ᠤᠷ ᠪᠠᠷᠢᠭᠤᠯᠪᠠ᠃ ᠵᠠᠯᠠᠭᠤ ᠢᠤ᠌ ᠰᠢᠶᠠᠨ ᠤ᠋ ᠳᠡᠷᠭᠡᠳᠡ ᠲᠠᠯᠪᠢᠭᠠᠳ ᠠᠰᠠᠭᠤᠷᠤᠨ :《ᠬᠣᠭᠣᠯᠠ ᠲᠡᠢᠮᠦ ᠬᠠᠯᠠᠭᠤᠨ ᠪᠤᠰᠤ ᠂ ᠪᠠᠭ᠎ᠠ ᠢᠳᠡᠮᠦᠢ ᠤᠤ ? 》ᠬᠡᠮᠡᠪᠡᠢ᠃ ᠢᠦ ᠰᠢᠶᠠᠨ ᠵᠠᠯᠠᠭᠤ ᠶ᠋ᠢᠨ ᠶᠣᠰᠣᠷᠬᠠᠭ ᠪᠥᠭᠡᠳ ᠥᠭᠦᠯᠡᠬᠦ ᠪᠠ ᠬᠥᠳᠡᠯᠬᠦ ᠴᠥᠮ ᠠᠷᠤᠤᠬᠠᠨ ᠲᠤᠯᠠ ᠤᠯᠠᠮ ᠭᠠᠢᠬᠠᠵᠤ ᠳᠠᠬᠢᠨ ᠥᠬᠢᠨ ᠪᠣᠮᠪᠣ ᠶ᠋ᠢ ᠬᠢᠯᠠᠪᠬᠢᠨ ᠬᠠᠷᠠᠪᠠᠰᠤ ᠲᠡᠷᠡ ᠥᠬᠢᠨ ᠪᠣᠮᠪᠣ ᠶ᠋ᠢᠨ ᠴᠢᠷᠠᠢ ᠣᠯᠪᠠᠯᠵᠠᠨ ᠠᠩᠬ᠎ᠠ ᠳᠡᠯᠭᠡᠷᠡᠭᠰᠡᠨ ᠲᠣᠭᠣᠷ ᠤ᠋ᠨ ᠴᠡᠴᠡᠭ ᠮᠡᠲᠦ ᠪᠣᠯᠪᠠᠢ᠃ ᠪᠥᠰ ᠬᠤᠪᠴᠠᠰᠤ ᠮᠢᠶᠣᠤ ᠴᠠᠩ ᠤ᠋ᠨ ᠠᠯᠴᠢᠭᠤᠷ ᠵᠡᠭᠦᠵᠦ ᠣᠸ᠎ᠠ ᠡᠩᠭᠡᠰᠬᠡ ᠬᠡᠷᠡᠭᠯᠡᠬᠦ ᠦᠭᠡᠢ ᠪᠡᠷ ᠥᠩᠭᠡ ᠨᠡᠮᠡᠭᠳᠡᠵᠦ ᠨᠢᠳᠦ ᠬᠥᠮᠥᠰᠬᠡ ᠶ᠋ᠢᠨ ᠬᠣᠭᠣᠷᠣᠨᠳᠣ ᠥᠪᠡᠷᠮᠢᠴᠡ ᠠᠷᠢᠭᠤᠨ ᠭᠣᠶᠣᠮᠰᠣᠭ ᠢ ᠬᠠᠳᠠᠭᠠᠯᠠᠵᠤᠬᠤᠢ᠃ ᠬᠡᠳᠦᠢᠪᠡᠷ ᠶᠣᠣ ᠴᠢ ᠨᠠᠭᠤᠷ ᠤ᠋ᠨ ᠬᠣᠪᠣᠷ ᠥᠩᠭᠡᠳᠡᠨ ᠪᠤᠰᠤ ᠪᠣᠯᠪᠠᠴᠤ᠂ ᠮᠥᠨ ᠬᠥᠮᠦᠨ ᠦ᠌ ᠣᠷᠴᠢᠯᠠᠩ ᠳ᠋ᠤᠷ ᠴᠥᠭᠡᠨ ᠲᠣᠬᠢᠶᠠᠯᠳᠤᠬᠤ ᠠᠨᠤ ᠪᠣᠯᠠᠢ᠃ ᠤᠯᠠᠭᠠᠨ ᠥᠩᠬᠡᠲᠡᠨ ᠦ᠌ ᠵᠠᠶᠠᠭ᠎ᠠ ᠨᠢᠮᠭᠡᠨ ᠬᠡᠮᠡᠬᠦ ᠢᠨᠤ ᠡᠨᠡ ᠪᠣᠯᠠᠢ ᠃ ᠶᠠᠭᠠᠬᠢᠨ ᠬᠣᠭᠣᠰᠣᠨ ᠤ᠋ ᠮᠥᠷ ᠲᠣᠷ ᠣᠷᠣᠪᠠ ? 》ᠭᠡᠮᠡᠨ ᠬᠣᠭᠣᠯᠠ ᠪᠠᠨ ᠠᠯᠭᠤᠷ ᠢᠳᠡᠵᠦ ᠠᠭᠠᠳ :《ᠰᠢᠯᠦᠭᠯᠡᠯᠲᠦ ᠨᠣᠮ ᠳ᠋ᠤᠷ ᠥᠭᠦᠯᠡᠭᠰᠡᠨ ᠢᠨᠤ : ᠱᠠᠩᠬᠤᠷ ᠥᠷᠪᠢ ᠭᠣᠣᠯ ᠤ᠋ᠨ ᠲᠡᠬᠢᠮ᠎ᠡ ᠵᠣᠭᠰᠣᠷᠤᠨ ᠴᠡᠯᠭᠡᠷ ᠰᠤᠷᠲᠠᠯᠲᠤ ᠬᠡᠦᠬᠡᠨ ᠢ ᠰᠠᠢᠳ ᠡᠷᠳᠡᠮᠲᠡᠨ ᠬᠦᠰᠡᠮᠦᠢ ᠬᠡᠮᠡᠭᠰᠡᠨ ᠢᠨᠤ ᠪᠣᠯᠠᠢ 》ᠭᠡᠮᠡᠨ ᠬᠡᠩᠰᠢᠨ ᠪᠦᠬᠦᠢ ᠳ᠋ᠦ᠍ᠷ ᠰᠦᠮ᠎ᠡ ᠡᠴᠡ ᠪᠠᠰᠠ ᠨᠢᠭᠡ ᠬᠡᠭᠡᠨᠴᠢᠷ ᠭᠦᠩᠽᠢ ᠠᠯᠭᠤᠷ ᠭᠠᠷᠴᠤ ᠢᠷᠡᠭᠡᠳ ᠥᠬᠢᠨ ᠪᠣᠮᠪᠣ ᠶ᠋ᠢᠨ ᠳᠡᠷᠭᠡᠳᠡ ᠵᠣᠭᠰᠣᠵᠤ ᠢᠤ᠌ ᠰᠢᠶᠠᠨ ᠤ᠋ ᠬᠣᠭᠣᠯᠠ ᠢᠳᠡᠬᠦ ᠶ᠋ᠢ ᠬᠠᠷᠠᠮᠤᠢ᠃ ᠡᠢᠮᠦ ᠠᠷᠤᠤᠬᠠᠨ ᠭᠦᠩᠽᠢ ᠪᠣᠢ ᠠᠲᠠᠯ᠎ᠠ ᠂ ᠯᠠᠪ ᠪᠠᠰᠠ ᠨᠢᠭᠡᠨ ᠦᠶ᠎ᠡ ᠡᠴᠡ ᠲᠠᠰᠤᠷᠬᠠᠢ ᠭᠤᠸ᠎ᠠ ᠦᠵᠡᠰᠬᠦᠯᠡᠩ ᠮᠢᠶᠣᠤ ᠴᠠᠩ ᠭᠠᠷᠴᠤ ᠢᠷᠡᠬᠦ ᠪᠣᠢ ᠊ᠶ᠎ᠠ ᠭᠡᠮᠡᠨ ᠭᠠᠢᠬᠠᠵᠤ ᠠᠬᠤᠢ ᠳ᠋ᠤᠷ ᠵᠠᠯᠠᠭᠤ ᠭᠦᠩᠽᠢ ᠠᠰᠠᠭᠤᠷᠤᠨ :《ᠲᠠ ᠬᠠᠮᠢᠭᠠᠬᠢ ᠶ᠋ᠢᠨ ᠬᠥᠮᠦᠨ ?   ᠶᠠᠭᠤᠨᠳᠤ ᠡᠨᠡ ᠬᠡᠮᠵᠢᠶᠡᠨ ᠳ᠋ᠦ᠍ᠷ ᠬᠦᠷᠪᠡ 》ᠬᠡᠮᠡᠪᠡ ᠃ ᠢᠦ ᠰᠢᠶᠠᠨ ᠥᠭᠯᠢᠭᠡ ᠶ᠋ᠢᠨ ᠡᠵᠡᠨ ᠦ᠌ ᠠᠰᠠᠭᠤᠯᠲᠠ ᠶ᠋ᠢ ᠬᠠᠷᠢᠭᠤᠯᠬᠤ ᠦᠭᠡᠢ ᠦᠯᠦ ᠪᠣᠯᠬᠤ ᠲᠤᠯᠠ ᠴᠢᠷᠮᠠᠢᠨ ᠥᠭᠦᠯᠡᠷᠦᠨ:《ᠪᠢ ᠰᠢᠶᠠᠩ ᠬᠠᠨ ᠤ᠋ ᠭᠠᠵᠠᠷ ᠤ᠋ᠨ ᠬᠤᠳᠠᠯᠳᠤᠭᠠᠴᠢᠨ ᠪᠥᠯᠥᠭᠡ᠃ ᠠᠭᠤᠯᠠ ᠶ᠋ᠢᠨ ᠳᠠᠢᠸᠠᠩ ᠳ᠋ᠤᠷ ᠪᠠᠷᠢᠭᠳᠠᠭᠠᠳ ᠠᠮᠢ ᠭᠠᠷᠰᠤᠭᠠᠢ ᠭᠡᠮᠡᠨ ᠳᠤᠲᠠᠭᠠᠨ ᠶᠠᠪᠤᠵᠤ ᠡᠨᠳᠡ ᠬᠦᠷᠴᠦ ᠢᠷᠡᠪᠡ 》ᠬᠡᠮᠡᠪᠡᠢ ᠂ ᠵᠠᠯᠠᠭᠤ ᠢᠨᠢᠶᠡᠮᠰᠦᠭᠯᠡᠨ ᠥᠭᠦᠯᠡᠷᠦᠨ : 《ᠲᠠ ᠬᠤᠳᠠᠯ ᠦᠭᠡ ᠪᠡᠷ ᠬᠡᠨ ᠢ᠋ ᠮᠡᠬᠡᠯᠡᠰᠦᠭᠡᠢ ᠬᠡᠮᠡᠮᠦᠢ᠃ ᠠᠭᠤᠯᠠ ᠶ᠋ᠢᠨ ᠳᠠᠢᠸᠠᠩ ᠡᠳ᠋ ᠮᠥᠩᠭᠥᠨ ᠦ᠌ ᠲᠥᠯᠥᠭᠡ ᠪᠣᠢ ᠊ᠶ᠎ᠠ ᠃ ᠴᠢᠨᠦ ᠮᠡᠲᠦ ᠪᠡᠶ᠎ᠡ ᠬᠠᠯᠬᠠᠯᠠᠬᠤ ᠬᠤᠪᠴᠠᠰᠤ ᠦᠭᠡᠢ ᠬᠥᠮᠦᠨ ᠢ᠋ᠶ᠋ᠡᠷ ᠶᠠᠭᠤᠨ ᠬᠢᠮᠦᠢ ᠃ ᠵᠢᠴᠢ ᠳ᠋ᠦ᠍ᠷ ᠲᠠ ᠠᠷᠤ ᠭᠠᠵᠠᠷ ᠤ᠋ᠨ ᠠᠶᠠᠯᠭᠤ ᠢᠯᠡ ᠪᠠᠢᠭᠠᠳ ᠡᠮᠦᠨ᠎ᠡ ᠭᠠᠵᠠᠷ ᠤ᠋ᠨ ᠬᠥᠮᠦᠨ ᠬᠡᠮᠡᠬᠦ ᠢᠨᠤ ᠯᠠᠪ ᠭᠡᠮ ᠢ᠋ᠶ᠋ᠡᠨ ᠳᠠᠯᠳᠠᠯᠠᠰᠤᠭᠠᠢ ᠬᠡᠮᠡᠬᠦ ᠪᠤᠶᠤ ᠃ ᠭᠤᠲᠠᠭᠠᠷ ᠲᠤᠷ ᠲᠠᠨ ᠤ᠋ ᠬᠤᠪᠴᠠᠰᠤ ᠬᠡᠳᠦᠢᠪᠡᠷ ᠤᠷᠠᠭᠳᠠᠭᠰᠠᠨ ᠪᠣᠯᠪᠠᠴᠤ ᠮᠠᠩᠨᠤᠭ ᠪᠥᠭᠡᠳ ᠠᠷ ᠤ᠋ᠨ ᠶᠠᠩᠵᠤ ᠢᠯᠡ ᠮᠡᠳᠡᠭᠳᠡᠮᠦᠢ ᠃ ᠥᠴᠥᠭᠡᠳᠦᠷ ᠵᠧᠦ ᠡᠴᠡ ᠵᠠᠷ ᠲᠠᠷᠬᠠᠭᠠᠵᠤ 《ᠮᠣᠩᠭᠣᠯ ᠤ᠋ᠨ ᠨᠢᠭᠡᠨ ᠬᠦᠨᠳᠦ ᠶᠠᠯᠠᠲᠠᠨ ᠳᠤᠲᠠᠭᠠᠭᠰᠠᠨ ᠢ᠋ ᠬᠡᠨ ᠬᠥᠮᠦᠨ ᠪᠠᠷᠢᠪᠠᠰᠤ ᠬᠦᠨᠳᠦ ᠱᠠᠩ ᠥᠭᠭᠦᠮᠦᠢ ᠃ ᠦᠵᠡᠭᠡᠳ ᠲᠠᠯᠪᠢᠵᠤ ᠶᠠᠪᠤᠭᠤᠯᠪᠠᠰᠤ ᠳᠠᠢᠰᠤᠨ ᠲᠠᠢ ᠰᠦᠯᠪᠡᠭᠡᠯᠳᠦᠪᠡ ᠭᠡᠮᠡᠨ ᠶᠠᠯ᠎ᠠ ᠪᠠᠷ ᠰᠢᠳᠬᠡᠮᠦᠢ ᠬᠡᠮᠡᠬᠦ ᠲᠤᠯᠠ ᠡᠰᠡ ᠪᠣᠯᠭᠣᠮᠵᠢᠯᠠᠪᠠᠰᠤ ᠦᠯᠦ ᠪᠣᠯᠤᠮᠤᠢ ᠃ ᠪᠢᠳᠡ ᠬᠣᠶᠠᠭᠤᠯᠠ ᠲᠠᠨ ᠢ᠋ ᠵᠧᠦ ᠶ᠋ᠢᠨ ᠶᠠᠮᠤᠨ ᠳ᠋ᠤᠷ ᠬᠦᠷᠭᠡᠵᠦ ᠥᠭᠰᠦᠭᠡᠢ ᠃ ᠬᠡᠷᠪᠡ ᠬᠤᠳᠠᠯᠳᠤᠭᠠᠴᠢᠨ ᠠᠭᠠᠳ ᠠᠭᠤᠯᠠ ᠶ᠋ᠢᠨ ᠲᠠᠢᠸᠠᠩ ᠳ᠋ᠤᠷ ᠪᠠᠷᠢᠭᠳᠠᠭᠰᠠᠨ ᠪᠥᠭᠡᠰᠦ ᠲᠡᠨᠳᠡ ᠬᠢᠯᠢᠰ ᠢ᠋ᠶ᠋ᠡᠨ ᠮᠡᠳᠡᠭᠦᠯᠵᠦ ᠶᠠᠪᠤᠲᠤᠭᠠᠢ ᠃ ᠬᠠᠷᠢᠨ ᠮᠣᠩᠭᠣᠯ ᠤ᠋ᠨ ᠬᠦᠨᠳᠦ ᠶᠠᠯᠠᠲᠠᠨ ᠪᠥᠭᠡᠰᠦ ᠪᠢᠳᠡ ᠬᠣᠶᠠᠷ ᠪᠠᠰᠠ ᠤᠯᠤᠰ ᠭᠡᠷ ᠲᠦ᠍ᠷ ᠭᠠᠪᠢᠶ᠎ᠠ ᠪᠠᠢᠭᠤᠯᠵᠤ ᠱᠠᠩ ᠬᠡᠰᠢᠭ ᠬᠦᠷᠲᠡᠵᠦ ᠠᠢᠯ ᠭᠠᠴᠠᠭ᠎ᠠ ᠳ᠋ᠠᠭᠠᠨ ᠨᠡᠷ᠎ᠡ ᠨᠢᠭᠤᠷ ᠲᠠᠢ ᠪᠣᠯᠰᠤᠭᠠᠢ 》ᠭᠡᠮᠡᠨ ᠱᠠᠭᠠᠷᠳᠠᠬᠤᠢ ᠳ᠋ᠤᠷ ᠢᠦ ᠰᠢᠶᠠᠨ ᠰᠠᠨᠠᠷᠤᠨ : 《ᠮᠢᠨᠦ ᠠᠶᠤᠵᠤ ᠪᠠᠢᠭᠰᠠᠨ ᠬᠡᠷᠡᠭ ᠣᠳᠣ ᠬᠦᠷᠴᠦ ᠢᠷᠡᠪᠡ 》 ᠭᠡᠮᠡᠨ ᠳᠠᠬᠢᠨ ᠰᠢᠶᠠᠩ ᠶᠠᠩ ᠳ᠋ᠤᠷ ᠬᠦᠷᠭᠡᠭᠳᠡᠪᠡᠰᠦ ᠯᠢᠦ ᠢ ᠬᠡᠷᠬᠢᠪᠡᠴᠦ ᠰᠤᠯᠠ ᠲᠠᠯᠪᠢᠬᠤ ᠦᠭᠡᠢ ᠲᠤᠯᠠ ᠵᠠᠪᠳᠤᠵᠤ ᠶᠠᠪᠤᠬᠤ ᠶ᠋ᠢ ᠪᠣᠳᠣᠵᠤ ᠬᠣᠭᠣᠯᠠ ᠶ᠋ᠢ ᠲᠦᠯᠬᠢᠵᠦ ᠵᠠᠢᠯᠠᠭᠤᠯᠤᠨ ᠪᠣᠰᠴᠤ ᠵᠣᠭᠰᠣᠭᠠᠳ ᠨᠢᠳᠤᠷᠭ᠎ᠠ ᠬᠠᠮᠲᠤᠤᠳᠬᠠᠨ ᠲᠠᠯᠠᠷᠬᠠᠨ ᠶᠣᠰᠣ ᠬᠢᠵᠦ ᠥᠭᠦᠯᠡᠷᠦᠨ᠄  《ᠪᠢ ᠡᠨᠡ ᠳᠦᠷᠢ ᠪᠡᠷ ᠹᠦ ᠵᠧᠦ ᠶ᠋ᠢᠨ ᠭᠠᠵᠠᠷ ᠣᠴᠢᠬᠤ ᠠ᠋ᠴᠠ ᠢᠴᠢᠩᠭᠦᠷᠢᠯᠡᠮᠦᠢ 》ᠭᠡᠮᠡᠨ ᠰᠢᠭᠤᠳ ᠣᠢ ᠶ᠋ᠢ ᠴᠢᠭᠯᠡᠨ ᠶᠠᠪᠤᠪᠠᠰᠤ ᠃ ᠲᠡᠷᠢᠭᠦᠨ ᠦ᠌ ᠵᠠᠯᠠᠭᠤ ᠬᠣᠱᠣᠩᠨᠠᠨ ᠥᠭᠦᠯᠡᠷᠦᠨ: 《 ᠴᠢᠮᠠᠶ᠋ᠢ ᠰᠢᠶᠠᠩ ᠶᠠᠩ ᠳ᠋ᠤᠷ ᠶᠠᠯᠠᠲᠠᠨ ᠭᠡᠮᠡᠨ ᠬᠦᠷᠭᠡᠬᠦ ᠪᠣᠯᠠᠢ᠃ ᠬᠠᠷᠢᠨ ᠰᠢᠨ᠎ᠡ ᠬᠦᠷᠭᠡᠨ ᠪᠣᠯᠭᠠᠰᠤᠭᠠᠢ ᠬᠡᠮᠡᠬᠦ ᠢᠨᠤ ᠪᠤᠰᠤ 》ᠬᠡᠮᠡᠪᠡ ᠃ ᠳᠠᠷᠠᠭᠠᠬᠢ ᠵᠠᠯᠠᠭᠤ ᠥᠭᠦᠯᠡᠷᠦᠨ :  《ᠴᠢ ᠰᠢᠶᠠᠩ ᠬᠠᠨ ᠤ᠋ ᠭᠠᠵᠠᠷ ᠤ᠋ᠨ ᠬᠥᠮᠦᠨ ᠠᠭᠠᠳ ᠶᠠᠭᠤᠨ ᠳ᠋ᠤᠷ ᠵᠦᠭ ᠮᠡᠳᠡᠬᠦ ᠦᠭᠡᠢ ᠪᠣᠢ ᠃ ᠴᠢᠨᠠᠭᠰᠢᠳᠠ ᠠᠢᠯ ᠠᠮᠢᠲᠠᠨ ᠦᠭᠡᠢ ᠪᠥᠭᠡᠳ ᠬᠣᠣᠷᠲᠤ ᠮᠣᠭᠠᠢ ᠲᠣᠭᠰᠢᠨ ᠠᠷᠢᠶᠠᠲᠠᠨ ᠤ᠋ ᠭᠠᠷᠴᠤ ᠣᠷᠣᠬᠤ ᠭᠠᠵᠠᠷ ᠪᠤᠶᠤ ᠃ ᠨᠢᠭᠡᠨᠲᠡ ᠣᠷᠣᠪᠠᠰᠤ ᠭᠠᠷᠴᠤ ᠢᠷᠡᠬᠦ ᠶ᠋ᠢ ᠦᠯᠦ ᠰᠠᠨᠠᠮᠤᠢ ᠃ ᠬᠡᠷᠪᠡ ᠦᠨᠡᠨ ᠢ᠋ᠶ᠋ᠡᠨ ᠶᠠᠷᠢᠵᠤ ᠵᠥᠪᠳᠡᠪᠡᠰᠦ ᠦᠯᠦ ᠪᠣᠯᠬᠤ ᠶᠠᠪᠤᠳᠠᠯ ᠦᠭᠡᠢ ᠪᠥᠯᠥᠭᠡ ᠃ ᠶᠠᠭᠤᠨ ᠳ᠋ᠤᠷ ᠳᠠᠷᠤᠢ ᠠᠮᠢ ᠴᠦᠯᠡᠮᠦᠢ 》ᠬᠡᠮᠡᠪᠡᠢ ᠃ ᠢᠦ ᠰᠢᠶᠠᠨ ᠪᠣᠳᠣᠪᠠᠰᠤ ᠡᠨᠡ ᠬᠣᠶᠠᠷ ᠵᠠᠯᠠᠭᠤ ᠮᠠᠭᠤ ᠬᠥᠮᠦᠨ ᠤ ᠰᠢᠨᠵᠢ ᠦᠭᠡᠢ ᠪᠥᠭᠡᠳ ᠴᠢᠨᠠᠭᠰᠢᠳᠠ ᠶᠠᠪᠤᠪᠠᠰᠤ ᠠᠷᠢᠶᠠᠲᠠᠨ ᠳ᠋ᠤᠷ ᠢᠳᠡᠭᠳᠡᠬᠦ ᠦᠭᠡᠢ ᠪᠣᠯᠪᠠᠴᠤ ᠥᠯᠪᠡᠷᠴᠦ ᠦᠬᠦᠬᠦ ᠠᠶᠤᠯᠲᠠᠢ᠃ ᠬᠡᠷᠪᠡ ᠡᠨᠡ ᠬᠣᠶᠠᠷ ᠯᠤᠭ᠎ᠠ ᠦᠭᠡ ᠵᠥᠷᠢᠯᠳᠦᠬᠦ ᠳ᠋ᠦ᠍ᠷ ᠬᠦᠷᠪᠡᠯ ᠪᠠᠬᠠᠨ ᠴᠢᠳᠠᠯ ᠣᠷᠣᠭᠰᠠᠨ ᠲᠤᠯᠠ ᠵᠠᠨᠴᠢᠵᠤ ᠣᠷᠭᠢᠰᠤᠭᠠᠢ ᠭᠡᠮᠡᠨ ᠪᠣᠳᠣᠭᠠᠳ ᠡᠷᠭᠢᠵᠦ ᠢᠷᠡᠭᠡᠳ ᠄ 《ᠭᠦᠩᠽᠢ ᠶ᠋ᠢᠨ ᠵᠢᠭᠠᠨ ᠰᠤᠷᠭᠠᠬᠤ ᠶ᠋ᠢ ᠬᠦᠰᠡᠮᠦᠢ 》 ᠭᠡᠮᠡᠨ ᠮᠡᠬᠦᠢᠨ ᠶᠣᠰᠣᠯᠠᠬᠤᠢ ᠳ᠋ᠤᠷ ᠬᠣᠶᠠᠷ ᠵᠠᠯᠠᠭᠤ ᠡᠨᠳᠡ ᠦᠭᠡ ᠶᠠᠷᠢᠬᠤ ᠭᠠᠵᠠᠷ ᠪᠤᠰᠤ ᠭᠡᠮᠡᠨ ᠱᠠᠨ ᠮᠸᠨ ᠢ᠋ ᠨᠡᠭᠡᠭᠡᠯᠭᠡᠵᠦ ᠣᠷᠣᠵᠤ ᠰᠠᠭᠤᠯᠴᠠᠪᠠᠢ ᠃ ᠢᠦ ᠰᠢᠶᠠᠨ ᠪᠣᠳᠣᠪᠠᠰᠤ ᠦᠨᠡᠨ ᠬᠥᠮᠦᠨ ᠳ᠋ᠦ᠍ᠷ ᠬᠤᠳᠠᠯ ᠦᠭᠡ ᠪᠤᠤ ᠶᠠᠷᠢ ᠬᠡᠮᠡᠭᠰᠡᠨ ᠲᠤᠯᠠ ᠯᠢᠦ ᠢ ᠳ᠋ᠦ᠍ᠷ ᠪᠠᠷᠢᠭᠳᠠᠵᠤ ᠰᠥᠩ ᠤᠯᠤᠰ ᠲᠤᠷ ᠪᠠᠭᠤᠵᠤ ᠥᠭᠬᠦ ᠶ᠋ᠢ ᠱᠠᠭᠠᠷᠳᠠᠭᠰᠠᠨ ᠠ᠋ᠴᠠ ᠳᠤᠲᠠᠭᠠᠵᠤ ᠭᠠᠷᠴᠤ ᠢᠷᠡᠭᠰᠡᠨ ᠳ᠋ᠦ᠍ᠷ ᠬᠦᠷᠲᠡᠯ᠎ᠡ ᠡᠬᠢ ᠳᠠᠷᠠᠭᠠᠯᠠᠨ ᠶᠠᠷᠢᠵᠤ : 《ᠬᠣᠶᠠᠷ ᠭᠦᠩᠽᠢ ᠱᠠᠩ ᠬᠡᠰᠢᠭ ᠲᠣᠷ ᠳᠤᠷᠠᠯᠠᠪᠠᠰᠤ ᠪᠢ ᠳᠤᠷᠠᠲᠠᠢ ᠳᠠᠭᠠᠵᠤ ᠣᠴᠢᠨ ᠡᠷᠭᠢᠨ ᠲᠠᠨ ᠤ᠋ ᠠᠰᠢᠭ ᠢ᠋ ᠪᠦᠲᠦᠭᠡᠰᠦᠭᠡᠢ 》ᠬᠡᠮᠡᠭᠰᠡᠨ ᠳ᠋ᠦ᠍ᠷ ᠬᠣᠶᠠᠷ ᠵᠠᠯᠠᠭᠤ ᠬᠠᠷᠢᠯᠴᠠᠨ ᠭᠠᠷ ᠠᠯᠠᠭᠠᠳᠠᠨ ᠢᠨᠢᠶᠡᠵᠦ ᠵᠡᠷᠭᠡᠪᠡᠷ ᠪᠣᠰᠴᠤ ᠮᠡᠬᠦᠢᠨ ᠶᠣᠰᠣᠯᠠᠵᠤ :《ᠵᠢᠶᠦ᠋ᠨ ᠾᠧᠦ ᠶ᠋ᠢᠨ ᠢᠷᠡᠭᠰᠡᠨ ᠢ᠋ ᠮᠡᠳᠡᠬᠦ ᠦᠭᠡᠢ ᠶᠣᠰᠣ ᠠᠯᠳᠠᠪᠠ ᠃ ᠰᠠᠶᠢ ᠶ᠋ᠢᠨ ᠶᠠᠷᠢᠭᠰᠠᠨ ᠴᠥᠮ ᠲᠡᠩᠰᠡᠰᠦᠭᠡᠢ ᠬᠡᠮᠡᠭᠰᠡᠨ ᠦᠭᠡ ᠪᠣᠢ ᠊ᠶ᠎ᠠ 》ᠭᠡᠮᠡᠨ ᠥᠪᠡᠷ ᠥᠪᠡᠷ ᠦ᠋ᠨ ᠤᠴᠠᠷᠠᠯ ᠲᠣᠬᠢᠶᠠᠯ ᠢ᠋ᠶ᠋ᠠᠨ ᠶᠠᠷᠢᠵᠤ  《ᠮᠣᠩᠭᠣᠯ ᠤ᠋ᠨ ᠭᠦᠶᠦᠭ ᠬᠠᠨ ᠪᠠ ᠸᠠᠩ ᠰᠢ ᠰᠢᠶᠠᠨ ᠤ᠋ ᠮᠡᠳᠡᠭᠡ ᠶ᠋ᠢ ᠬᠦᠯᠢᠶᠡᠨ ᠤᠳᠠᠪᠠ 》ᠬᠡᠮᠡᠪᠡ ᠃ ᠦᠵᠡᠰᠡ ᠂ ᠲᠡᠷᠢᠭᠦᠨ ᠦ᠌ ᠵᠠᠯᠠᠭᠤ ᠵᠣᠣ ᠢᠦᠢ ᠵᠣ᠌ ᠠᠭᠠᠳ ᠳᠠᠷᠠᠭᠠᠬᠢ ᠵᠠᠯᠠᠭᠤ ᠠᠨᠤ ᠭᠣᠣ ᠶ᠋ᠢᠨ ᠶᠠᠩ ᠪᠣᠯᠠᠢ ᠃ ᠥᠬᠢᠨ ᠪᠣᠮᠪᠣ ᠠᠨᠤ ᠾᠦᠢ ᠡᠯ ᠠᠵᠤᠭᠤ ᠃ ᠢᠦ ᠰᠢᠶᠠᠨ ᠤ᠋ ᠳᠣᠲᠣᠷ᠎ᠠ ᠡᠯᠭᠦᠭᠳᠡᠭᠰᠡᠨ ᠨᠢᠭᠡᠨ ᠬᠡᠰᠡᠭ ᠴᠢᠯᠠᠭᠤ ᠰᠠᠶᠢ ᠪᠠᠭᠤᠪᠠ ᠃ ᠢᠦ ᠰᠢᠶᠠᠨ ᠥᠭᠦᠯᠡᠷᠦᠨ:《ᠲᠡᠭᠷᠢ ᠬᠥᠮᠦᠨ ᠦ᠌ ᠵᠠᠮ ᠢ᠋ ᠦᠯᠦ ᠲᠠᠰᠤᠯᠤᠮᠤᠢ ᠬᠡᠮᠡᠬᠦ ᠢᠨᠤ ᠡᠨᠡ ᠪᠣᠯᠠᠢ ᠃ ᠪᠢ ᠦᠬᠦᠬᠦᠢ ᠳ᠋ᠦ᠍ᠷ ᠬᠦᠷᠦᠭᠡᠳ ᠰᠠᠶᠢ ᠲᠠ ᠬᠣᠶᠠᠭᠤᠯᠠ ᠳ᠋ᠤᠷ ᠠᠭᠤᠯᠵᠠᠪᠠᠢ ᠬᠡᠮᠡᠪᠡᠰᠦ ᠲᠠ ᠬᠣᠶᠠᠷ ᠴᠤ᠌ ᠦᠬᠦᠬᠦᠢ ᠳ᠋ᠦ᠍ᠷ ᠬᠦᠷᠦᠭᠡᠳ ᠰᠠᠶᠢ ᠠᠮᠢᠳᠤᠷᠠᠪᠠᠢ ᠃ ᠡᠷᠲᠡᠨ ᠡᠳᠦᠭᠡᠬᠢ ᠶᠠᠪᠤᠳᠠᠯ ᠴᠥᠮ ᠬᠣᠭᠣᠰᠣᠨ ᠦᠭᠡᠢ 》ᠭᠡᠮᠡᠨ ᠰᠥᠨᠢ ᠳᠦᠯᠢ ᠪᠣᠯᠲᠠᠯ᠎ᠠ ᠠᠭᠤᠵᠢᠷᠠᠲᠠᠯ᠎ᠠ ᠶᠠᠷᠢᠯᠴᠠᠪᠠᠢ ᠃ ᠡᠭᠦᠨ ᠡᠴᠡ ᠭᠣᠣ ᠶ᠋ᠢᠨ ᠶᠠᠩ ᠂ ᠵᠣᠣ ᠢᠦᠢ ᠵᠣ᠌ ᠨᠠᠷ ᠤ᠋ᠨ ᠤᠴᠢᠷ ᠪᠦᠲᠦᠬᠦ ᠵᠦᠭ ᠬᠠᠨᠳᠤᠭᠰᠠᠨ ᠲᠤᠯᠠ ᠴᠥᠮ ᠪᠠᠶᠠᠷ ᠤ᠋ᠨ ᠴᠢᠷᠠᠢ ᠢᠯᠡᠷᠡᠪᠡ ᠃ ᠬᠥᠭᠰᠢᠨ ᠪᠣᠮᠪᠣ ᠪᠠᠰᠠ ᠨᠢᠭᠡᠨ ᠡᠷᠡᠭᠲᠡᠢ ᠥᠭᠯᠢᠭᠡ ᠶ᠋ᠢᠨ ᠡᠵᠡᠨ ᠢᠷᠡᠭᠰᠡᠨ ᠳ᠋ᠦ᠍ᠷ ᠶᠡᠬᠡᠳᠡ ᠳᠤᠷ᠎ᠠ ᠦᠭᠡᠢ ᠪᠣᠯᠪᠠᠴᠤ ᠡᠳ᠋ ᠦ᠋ᠨ ᠡᠵᠡᠳ ᠦ᠋ᠨ ᠨᠢᠭᠤᠷ ᠢ᠋ ᠪᠣᠳᠣᠵᠤ ᠱᠠᠨ ᠮᠸᠨ ᠢ᠋ ᠳᠣᠲᠣᠷ᠎ᠠ ᠠ᠋ᠴᠠ ᠣᠨᠢᠰᠤᠯᠠᠨ ᠭᠠᠳᠠᠷ ᠡᠭᠦᠳᠡᠨ ᠢ᠋ ᠨᠡᠭᠡᠭᠡᠨ ᠥᠭᠴᠦ ᠳᠣᠲᠣᠭᠠᠳᠤ ᠭᠠᠳᠠᠭᠠᠳᠤ ᠬᠤᠳᠬᠤᠯᠳᠤᠬᠤ ᠦᠭᠡᠢ ᠪᠣᠯᠭᠠᠨ ᠢᠦ ᠰᠢᠶᠠᠨ ᠢ᠋ ᠵᠣᠣ ᠢᠦᠢ ᠵᠣ᠌ ᠨᠠᠷ ᠲᠠᠢ ᠬᠠᠨᠢ ᠪᠣᠯᠭᠠᠪᠠ᠃ 

     ᠨᠢᠭᠡᠨ ᠰᠥᠨᠢ ᠥᠨᠵᠢᠭᠡᠳ ᠢᠦ ᠰᠢᠶᠠᠨ ᠳᠡᠪᠡᠯ ᠬᠤᠪᠴᠠᠰᠤ ᠬᠠᠯᠠᠵᠤ ᠂ ᠨᠢᠭᠤᠷ ᠭᠠᠷ  ᠢ᠋ᠶ᠋ᠠᠨ ᠤᠬᠢᠶᠠᠨ ᠭᠡᠵᠢᠭᠡ ᠦᠰᠦ ᠪᠡᠨ ᠰᠠᠮᠨᠠᠭᠰᠠᠨ ᠳ᠋ᠤᠷ ᠭᠱᠠᠨ᠎ᠠ ᠵᠠᠭᠤᠷ᠎ᠠ ᠴᠣᠬᠣᠮ ᠨᠢᠭᠡᠨ ᠡᠷᠬᠢᠮᠲᠡᠨ ᠨᠤᠭᠤᠨ ᠪᠣᠯᠪᠠᠢ ᠃ ᠨᠢᠷᠤᠭᠤ ᠡᠷᠭᠦᠵᠦ ᠱᠠᠨ ᠮᠸᠨ ᠦ᠌ ᠭᠠᠳᠠᠨ᠎ᠠ ᠠᠯᠬᠤᠬᠤ ᠳ᠋ᠠᠭᠠᠨ ᠳᠡᠭᠡᠭᠰᠢ ᠬᠠᠷᠠᠵᠤ ᠰᠦᠮ᠎ᠡ ᠶ᠋ᠢᠨ ᠪᠢᠶᠠᠨ ᠳ᠋ᠤᠷ ᠄ ᠰᠡᠳᠬᠢᠭᠰᠡᠨ ᠢ ᠪᠦᠲᠦᠭᠡᠭᠴᠢ ᠰᠦᠮ᠎ᠡ ᠬᠡᠮᠡᠬᠦ ᠶ᠋ᠢ ᠦᠵᠡᠭᠡᠳ ᠭᠡᠨᠡᠳᠲᠡ ᠥᠬᠢᠨ ᠪᠣᠮᠪᠣ ᠵᠣᠣ ᠢᠦᠢ ᠵᠣ᠌ ᠶ᠋ᠢᠨ ᠦᠭᠡ ᠶ᠋ᠢ ᠰᠠᠨᠠᠭᠠᠯᠵᠠᠭᠠᠳ ᠬᠡᠷᠡᠭ ᠶᠠᠪᠤᠳᠠᠯ ᠢᠩᠭᠢᠵᠦ ᠪᠦᠲᠦᠳᠡᠭ ᠠᠵᠢᠶᠠᠮᠤ ᠭᠡᠮᠡᠨ ᠢᠨᠢᠶᠡᠳᠦ ᠠᠯᠳᠠᠪᠠ᠃ 
       ᠢᠦ ᠰᠢᠶᠠᠨ ᠬᠡᠳᠦᠨ ᠡᠳᠦᠷ ᠪᠡᠶ᠎ᠡ ᠪᠡᠨ ᠰᠤᠪᠢᠯᠠᠭᠠᠳ ᠵᠢᠶᠸᠸ ᠹᠧᠢ ᠨᠠᠷ ᠲᠠᠢ ᠵᠥᠪᠳᠡᠵᠦ ᠨᠢᠭᠡᠯ᠎ᠡ ᠳᠣᠣᠷ᠎ᠠ ᠡᠬᠡᠨᠡᠷ ᠥᠬᠢᠳ ᠣᠯᠠᠨ ᠬᠥᠮᠦᠨ ᠰᠥᠩ ᠤᠯᠤᠰ ᠤ᠋ᠨ ᠬᠢᠯᠢ ᠶ᠋ᠢ ᠳᠠᠪᠠᠵᠤ ᠮᠣᠩᠭᠣᠯ ᠳ᠋ᠤᠷ ᠣᠷᠣᠬᠤ ᠠᠨᠤ ᠲᠤᠩ ᠠᠶᠤᠯᠲᠠᠢ ᠲᠤᠯᠠ ᠤᠷᠢᠳᠴᠢᠯᠠᠨ ᠵᠣᠣ ᠢᠦᠢ ᠵᠣ᠌ ᠲᠠᠢ ᠡᠴᠢᠭᠡ ᠬᠥᠪᠡᠭᠦᠨ ᠭᠡᠮᠡᠨ ᠶᠠᠪᠤᠵᠤ ᠰᠧ ᠴᠦᠸᠡᠨ ᠤ ᠭᠠᠵᠠᠷ ᠬᠣᠲᠠᠨ ᠬᠠᠨ ᠢ᠋ ᠡᠷᠢᠷ᠎ᠡ ᠣᠴᠢᠭᠠᠳ ᠵᠢᠴᠢ ᠠᠷᠭ᠎ᠠ ᠪᠤᠳᠤᠰᠤᠭᠠᠢ ᠭᠡᠮᠡᠨ ᠶᠠᠷᠢᠯᠴᠠᠵᠤ ᠲᠣᠭᠲᠠᠭᠠᠳ ᠮᠣᠷᠳᠠᠬᠤᠢ ᠳ᠋ᠤᠷ ᠴᠥᠮ ᠨᠢᠯᠪᠤᠰᠤ ᠠᠷᠴᠢᠨ ᠰᠠᠯᠤᠯᠴᠠᠪᠠ ᠃ ᠡᠭᠦᠨ ᠳ᠋ᠦ᠍ᠷ ᠥᠬᠢᠨ ᠪᠣᠮᠪᠣ ᠾᠦᠢ ᠡᠯ ᠢᠯᠡ ᠤᠬᠢᠯᠠᠵᠤ ᠡᠰᠡ ᠪᠣᠯᠬᠤ ᠲᠤᠯᠠ ᠮᠣᠳᠣᠨ ᠤ᠋ ᠳᠠᠯᠳᠠ ᠵᠣᠭᠰᠣᠨ ᠵᠣᠣ ᠢᠦᠢ ᠵᠣ᠌ ᠶ᠋ᠢ ᠳᠠᠯᠳᠠ ᠣᠷᠣᠲᠠᠯ᠎ᠠ ᠰᠡᠳᠬᠢᠯ ᠢ᠋ᠶ᠋ᠡᠷ ᠦᠳᠡᠭᠡᠳ ᠰᠠᠶᠢ ᠪᠤᠴᠠᠵᠤ ᠰᠦᠮ᠎ᠡ ᠶ᠋ᠢᠨ ᠬᠠᠭᠠᠯᠭ᠎ᠠ ᠪᠠᠨ ᠲᠠᠭ ᠬᠠᠭᠠᠵᠤ ᠲᠢᠶᠠᠨ ᠳ᠋ᠤᠷ ᠰᠠᠭᠤᠨ ᠨᠣᠮ  ᠢ᠋ᠶ᠋ᠠᠨ ᠡᠬᠢᠯᠡᠨ ᠪᠢᠰᠢᠯᠭᠠᠵᠤᠬᠤᠢ᠃ 
       ᠲᠡᠳᠦᠢ ᠳ᠋ᠦ᠍ᠷ ᠬᠣᠲᠠᠨ ᠬᠠᠨ ᠰᠧ ᠴᠦᠸᠠᠨ ᠤ᠋ ᠭᠠᠵᠠᠷ ᠴᠡᠷᠢᠭ ᠠᠪᠴᠤ ᠢᠷᠡᠭᠡᠳ ᠴᠧᠩ ᠳᠦ ᠂ ᠮᠢᠶᠠᠨ ᠵᠣ᠌ ᠵᠡᠷᠭᠡ ᠬᠣᠲᠠ ᠶ᠋ᠢᠨ ᠴᠡᠷᠢᠭ ᠢ᠋ ᠰᠡᠷᠡᠮᠵᠢᠯᠡᠨ ᠰᠠᠭᠤᠨ ᠪᠦᠬᠦᠢ ᠳ᠋ᠦ᠍ᠷ ᠬᠣᠶᠠᠷ ᠤᠯᠤᠰ  ᠲᠦᠷ ᠵᠠᠭᠤᠷ᠎ᠠ ᠡᠶᠡᠳᠡᠵᠦ ᠲᠡᠢᠨ ᠪᠠᠢᠯᠳᠤᠭᠠᠨ ᠦᠭᠡᠢ ᠲᠤᠯᠠ ᠢᠤ᠌ ᠰᠢᠶᠠᠨ ᠂  ᠵᠣᠣ ᠢᠦᠢ ᠵᠣ᠌ ᠬᠣᠶᠠᠭᠤᠯᠠ ᠰᠥᠩ ᠤᠯᠤᠰ ᠤ᠋ᠨ ᠬᠢᠯᠢ ᠶ᠋ᠢ ᠬᠢᠯᠪᠠᠷᠬᠠᠨ ᠳᠠᠪᠠᠵᠤ ᠮᠣᠩᠭᠣᠯ ᠤ᠋ᠨ ᠲᠤᠷᠰᠢᠭᠤᠯ ᠳ᠋ᠤᠷ ᠤᠴᠠᠷᠠᠵᠤ ᠮᠣᠷᠢ ᠤᠨᠤᠭ᠎ᠠ ᠬᠠᠮᠠᠭᠠᠯᠠᠬᠤ ᠴᠡᠷᠢᠭ ᠲᠡᠢ ᠪᠣᠯᠵᠤ ᠬᠣᠲᠠᠨ ᠬᠠᠨ ᠤ᠋ ᠴᠡᠷᠢᠭ ᠦ᠋ᠨ ᠬᠦᠷᠢᠶᠡᠨ ᠳ᠋ᠦ᠍ᠷ ᠰᠠᠭᠠᠳ ᠦᠭᠡᠢ ᠬᠦᠷᠴᠦ ᠢᠷᠡᠪᠡᠢ᠃ 
       ᠲᠡᠳᠦᠢ ᠳ᠋ᠦ᠍ᠷ ᠬᠣᠲᠠᠨ ᠬᠠᠨ ᠰᠧ ᠴᠦᠸᠡᠨ ᠡᠴᠡ ᠨᠡᠢᠰᠯᠡᠯ ᠬᠠᠷ᠎ᠠ ᠬᠣᠷᠢᠨ ᠳ᠋ᠤᠷ ᠪᠤᠴᠠᠬᠤ ᠭᠡᠵᠦ ᠠᠴᠢᠶ᠎ᠠ ᠬᠥᠰᠬᠡ ᠪᠡᠨ ᠪᠡᠯᠡᠳᠬᠡᠵᠦ ᠪᠦᠬᠦᠢ ᠳ᠋ᠦ᠍ᠷ ᠢᠦ ᠰᠢᠶᠠᠨ ᠤ᠋ ᠬᠦᠷᠴᠦ ᠢᠷᠡᠭᠰᠡᠨ ᠳ᠋ᠦ᠍ᠷ ᠮᠠᠰᠢ ᠪᠠᠶᠠᠷᠯᠠᠨ ᠵᠣᠣ ᠢᠦᠢ ᠵᠣ᠌ ᠶ᠋ᠢ ᠰᠥᠩ ᠦ᠋ᠨ ᠬᠠᠭᠠᠨ ᠤ᠋ ᠤᠭᠰᠠᠭ᠎ᠠ ᠭᠡᠮᠡᠨ ᠬᠦᠨᠳᠦᠳᠬᠡᠨ ᠬᠤᠷᠢᠮ ᠪᠡᠯᠡᠳᠬᠡᠵᠦ ᠤᠭᠲᠤᠭᠠᠳ ᠨᠡᠢᠰᠯᠡᠯ ᠳ᠋ᠦ᠍ᠷ ᠬᠠᠮᠲᠤ ᠣᠷᠣᠰᠤᠭᠠᠢ ᠭᠡᠮᠡᠨ ᠵᠥᠪᠳᠡᠵᠦ ᠲᠡᠷᠭᠡ ᠮᠣᠷᠢ ᠨᠡᠮᠡᠵᠦ ᠲᠡᠷᠡ ᠳᠠᠷᠤᠢᠬᠠᠨ ᠬᠠᠷ᠎ᠠ ᠬᠣᠷᠢᠨ ᠢ᠋ ᠴᠢᠭᠯᠡᠪᠡ᠃ 
       ᠬᠣᠲᠠᠨ ᠬᠠᠨ ᠲᠠᠢ ᠬᠠᠮᠲᠤ ᠶᠠᠪᠤᠬᠤ ᠲᠤᠯᠠ ᠵᠠᠮ ᠵᠠᠭᠤᠷ᠎ᠠ ᠶᠠᠮᠠᠷ ᠴᠤ᠌ ᠬᠠᠷᠰᠢ ᠰᠠᠭᠠᠳ ᠦᠭᠡᠢ ᠪᠡᠷ ᠬᠠᠷ᠎ᠠ ᠬᠣᠷᠢᠨ ᠳ᠋ᠤᠷ ᠬᠦᠷᠴᠦ ᠢᠷᠡᠪᠡ᠃ ᠬᠣᠲᠠᠨ ᠬᠠᠨ ᠥᠭᠡᠳᠡᠢ ᠬᠠᠭᠠᠨ ᠡᠴᠢᠭᠡ ᠳ᠋ᠡᠭᠡᠨ ᠪᠠᠷᠠᠭᠠᠯᠠᠨ ᠰᠧ ᠴᠦᠸᠡᠨ ᠦ᠌ ᠭᠠᠵᠠᠷ ᠤ᠋ᠨ ᠴᠡᠷᠢᠭ ᠠᠷᠠᠳ ᠤ᠋ᠨ ᠪᠠᠢᠳᠠᠯ ᠂ ᠰᠥᠩ ᠤᠯᠤᠰ ᠢᠷᠡᠬᠦ ᠳᠣᠳᠣᠮ ᠣᠮᠣᠭᠰᠢᠵᠤ ᠮᠣᠩᠭᠣᠯ ᠯᠤᠭ᠎ᠠ ᠬᠠᠯᠳᠠᠬᠤ ᠰᠠᠨᠠᠭ᠎ᠠ ᠪᠠᠢᠬᠤ ᠪᠠ ᠵᠢᠴᠢ ᠢᠦ ᠰᠢᠶᠠᠨ ᠤ᠋ ᠰᠢᠶᠠᠩ ᠶᠠᠩ ᠠ᠋ᠴᠠ ᠳᠤᠲᠠᠭᠠᠵᠤ ᠂ ᠰᠥᠩ ᠤᠯᠤᠰ ᠤ᠋ᠨ ᠬᠠᠭᠠᠨ ᠤ᠋ ᠤᠭᠰᠠᠭ᠎ᠠ ᠂ ᠬᠣᠣᠷᠯᠠᠭᠳᠠᠭᠰᠠᠨ ᠲᠠᠢᠽᠢ ᠵᠣᠣ ᠬᠣᠩ ᠤ᠋ᠨ ᠬᠥᠪᠡᠭᠦᠨ ᠦ᠌ ᠬᠠᠮᠲᠤ ᠬᠦᠷᠴᠦ ᠢᠷᠡᠭᠰᠡᠨ ᠤᠴᠢᠷ ᠢ᠋ ᠨᠢᠭᠡ ᠨᠢᠭᠡ ᠪᠡᠷ ᠠᠢᠯᠠᠳᠬᠠᠭᠰᠠᠨ ᠳ᠋ᠤᠷ ᠬᠠᠭᠠᠨ ᠶᠡᠬᠡᠳᠡ ᠭᠠᠢᠬᠠᠨ ᠪᠡᠶᠡᠰᠴᠦ ᠂ ᠢᠦ ᠰᠢᠶᠠᠨ ᠂ ᠵᠣᠣ ᠢᠦᠢ ᠵᠣ᠌ ᠬᠣᠶᠠᠭᠤᠯᠠ ᠶ᠋ᠢ ᠲᠦᠮᠡᠨ ᠠᠮᠤᠭᠤᠯᠠᠩᠲᠤ ᠣᠷᠳᠣᠨ ᠳ᠋ᠤᠷ ᠳᠠᠭᠤᠳᠠᠨ ᠣᠷᠣᠭᠤᠯᠵᠤ ᠵᠣᠣ ᠢᠦᠢ ᠵᠣ᠌ ᠶ᠋ᠢ ᠰᠥᠩ ᠤᠯᠤᠰ ᠤ᠋ᠨ ᠬᠠᠭᠠᠨ ᠤ᠋ ᠤᠭᠰᠠᠭ᠎ᠠ ᠭᠡᠮᠡᠨ ᠣᠨᠴᠣᠭᠣᠢ ᠬᠡᠰᠢᠭ ᠬᠦᠷᠲᠡᠭᠡᠨ ᠰᠠᠭᠤᠳᠠᠯ ᠱᠠᠩᠨᠠᠪᠠ᠃ 
       ᠥᠭᠡᠳᠡᠢ ᠬᠠᠭᠠᠨ ᠢᠤ᠌ ᠰᠢᠶᠠᠨ ᠤ᠋ ᠳᠤᠲᠠᠭᠠᠵᠤ ᠭᠠᠷᠴᠤ ᠢᠷᠡᠭᠰᠡᠨ ᠬᠢᠭᠡᠳ ᠵᠣᠣ ᠢᠦᠢ ᠵᠣ᠌ ᠨᠠᠷ ᠲᠠᠢ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠲᠣᠬᠢᠶᠠᠯᠳᠤᠭᠰᠠᠨ ᠤᠴᠢᠷ ᠶᠠᠪᠤᠳᠠᠯ ᠢ᠋ ᠠᠰᠠᠭᠤᠵᠤ ᠰᠣᠨᠣᠰᠤᠭᠠᠳ ᠶᠡᠬᠡᠳᠡ ᠪᠡᠶᠡᠰᠦᠨ ᠵᠠᠷᠯᠢᠭ ᠪᠣᠯᠤᠷᠤᠨ: 《ᠢᠦ ᠰᠢᠶᠠᠨ ᠰᠢᠳᠤᠷᠭᠤ ᠪᠠᠲᠤ ᠶ᠋ᠢ ᠥᠬᠦᠸᠡᠷ ᠰᠠᠬᠢᠵᠤ ᠯᠢᠦ ᠢ ᠶ᠋ᠢᠨ ᠠᠯᠠᠬᠤ ᠰᠦᠷᠳᠡᠭᠦᠯᠦᠯ ᠡᠴᠡ ᠠᠶᠤᠭᠰᠠᠨ ᠦᠭᠡᠢ ᠪᠥᠭᠡᠳ ᠵᠣᠪᠠᠭᠠᠨ ᠵᠦᠳᠡᠷᠡᠭᠦᠯᠬᠦ ᠶ᠋ᠢ ᠲᠡᠰᠪᠦᠷᠢᠯᠡᠨ ᠵᠠᠪᠰᠢᠶᠠᠨ ᠦᠵᠡᠵᠦ ᠤᠯᠤᠰ ᠲᠠᠭᠠᠨ ᠪᠤᠴᠠᠭᠰᠠᠨ ᠠᠨᠤ ᠰᠢᠳᠤᠷᠭᠤ ᠲᠦᠰᠢᠮᠡᠯ ᠬᠡᠮᠡᠪᠡᠰᠦ ᠪᠣᠯᠤᠮᠤᠢ᠃ ᠲᠡᠭᠦᠨ ᠦ᠌ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠰᠥᠩ ᠦ᠋ᠨ ᠬᠠᠭᠠᠨ ᠤ᠋ ᠤᠭᠰᠠᠭ᠎ᠠ ᠵᠣᠣ ᠢᠦᠢ ᠵᠣ᠌ ᠨᠠᠷ ᠲᠤᠷ ᠠᠭᠤᠯᠵᠠᠭᠰᠠᠨ ᠠᠨᠤ ᠮᠥᠨ ᠭᠠᠢᠬᠠᠯ ᠪᠣᠯᠠᠢ᠃ 
       ᠡᠵᠡᠨ ᠳ᠋ᠡᠭᠡᠨ ᠰᠢᠳᠤᠷᠭᠤ ᠶ᠋ᠢ ᠭᠦᠢᠴᠡᠳᠬᠡᠨ ᠦᠬᠦᠭᠰᠡᠨ ᠰᠥᠩ ᠦ᠋ᠨ ᠰᠢᠳᠤᠷᠭᠤ ᠲᠦᠰᠢᠮᠡᠯ ᠭᠣᠣ ᠵᠢᠶᠸᠸ ᠦ᠋ᠨ ᠡᠬᠡᠨᠡᠷ ᠬᠡᠦᠬᠡᠨ ᠵᠠᠯᠢᠬᠠᠢ ᠲᠦᠰᠢᠮᠡᠯ ᠳ᠋ᠦ᠍ᠷ ᠬᠥᠨᠥᠭᠡᠭᠳᠡᠨ ᠤᠯᠤᠰ ᠲᠠᠭᠠᠨ ᠪᠠᠭᠲᠠᠭᠠᠭᠳᠠᠬᠤ ᠦᠭᠡᠢ ᠢᠨᠦ ᠴᠣᠬᠣᠮ ᠬᠠᠷᠠᠮᠰᠠᠯᠲᠠᠢ ᠬᠡᠷᠡᠭ ᠮᠥᠨ ᠃ ᠰᠢᠳᠤᠷᠭᠤ ᠶ᠋ᠢ ᠲᠤᠰᠠᠯᠠᠵᠤ ᠵᠢᠷᠤᠮᠲᠠᠨ ᠢ᠋ ᠬᠥᠬᠢᠭᠦᠯᠬᠦ ᠶᠠᠪᠤᠳᠠᠯ ᠪᠣᠯ ᠤᠯᠤᠰ ᠭᠡᠷ ᠦ᠋ᠨ ᠦᠨᠳᠦᠰᠦ ᠪᠣᠯᠬᠤ ᠲᠤᠯᠠ ᠪᠠᠭ᠎ᠠ ᠬᠡᠷᠡᠭ ᠭᠡᠮᠡᠨ ᠦᠵᠡᠵᠦ ᠪᠣᠯᠬᠤ ᠦᠭᠡᠢ᠃ ᠢᠯᠠᠩᠭᠤᠶ᠎ᠠ ᠭᠣᠣ ᠶ᠋ᠢᠨ ᠶᠠᠩ ᠭᠦᠶᠦᠭ ᠦ᠋ᠨ ᠡᠷᠭᠦᠮᠡᠯ ᠬᠡᠮᠡᠬᠦ ᠲᠤᠯᠠ ᠨᠡᠩ ᠶᠠᠭᠤᠨ ᠢ᠋ ᠥᠭᠦᠯᠡᠬᠦ ᠠᠵᠢ᠃ ᠡᠰᠡᠪᠡᠰᠦ ᠡᠯᠴᠢ ᠶᠠᠪᠤᠭᠤᠯᠵᠤ ᠂ ᠡᠰᠡᠪᠡᠰᠦ ᠴᠡᠷᠢᠭ ᠶᠠᠪᠤᠭᠤᠯᠵᠤ ᠠᠪᠤᠷᠠᠬᠤ ᠬᠡᠷᠡᠭᠲᠡᠢ᠃ 
       ᠪᠠᠷᠠᠭᠤᠨ ᠬᠢᠵᠠᠭᠠᠷ ᠲᠤᠷ ᠠᠶᠠᠯᠠᠭᠰᠠᠨ ᠴᠡᠷᠢᠭ ᠣᠷᠣᠰ ᠲᠡᠷᠢᠭᠦᠲᠡᠨ ᠣᠯᠠᠨ ᠤᠯᠤᠰ ᠢ᠋ ᠴᠥᠮ ᠲᠦᠪᠰᠢᠳᠬᠡᠭᠰᠡᠨ ᠲᠤᠯᠠ ᠭᠦᠶᠦᠭ ᠲᠡᠷᠢᠭᠦᠲᠡᠨ ᠭᠣᠣᠯ ᠤ᠋ᠨ ᠬᠥᠪᠡᠭᠦᠳ᠂ ᠮᠥᠩᠬᠡ ᠲᠡᠷᠢᠭᠦᠲᠡᠨ ᠵᠡᠭᠦᠨ ᠭᠠᠷᠤᠨ ᠬᠥᠪᠡᠭᠦᠳ ᠢ᠋ ᠴᠥᠮ ᠪᠤᠴᠠᠭᠠᠪᠠᠰᠤ ᠵᠣᠬᠢᠮᠤᠢ᠃ ᠦᠵᠡᠪᠡᠰᠦ ᠰᠥᠩ ᠤᠯᠤᠰ ᠪᠠᠢᠯᠳᠤᠬᠤ ᠪᠡᠯᠡᠳᠬᠡᠯ ᠬᠢᠵᠦ ᠠᠬᠤ ᠲᠤᠯᠠ ᠪᠢᠳᠡ ᠮᠥᠨ ᠵᠦᠭᠡᠷ ᠰᠠᠭᠤᠵᠤ ᠦᠯᠦ ᠪᠣᠯᠤᠮᠤᠢ᠃ ᠪᠠᠷᠠᠭᠤᠨ ᠬᠢᠵᠠᠭᠠᠷ ᠤ᠋ᠨ ᠶᠠᠪᠤᠳᠠᠯ ᠢ᠋ ᠪᠠᠲᠤ ᠬᠢᠭᠡᠳ ᠰᠦᠪᠡᠭᠡᠳᠡᠢ ᠪᠠᠭᠠᠲᠤᠷ ᠢ᠋ ᠮᠡᠳᠡᠲᠦᠭᠡᠢ ᠬᠡᠮᠡᠭᠲᠦᠨ !
       ᠰᠥᠩ ᠤᠯᠤᠰ ᠤ᠋ᠨ ᠬᠣᠣᠷᠯᠠᠭᠳᠠᠭᠰᠠᠨ ᠲᠠᠢᠽᠢ ᠵᠣᠣ ᠬᠣᠩ ᠤ᠋ᠨ ᠬᠥᠪᠡᠭᠦᠨ ᠵᠣᠣ ᠢᠦᠢ ᠵᠣ᠌ ᠨᠢᠭᠡᠨᠲᠡ ᠳᠠᠭᠠᠷ᠎ᠠ ᠢᠷᠡᠭᠰᠡᠨ ᠲᠤᠯᠠ ᠲᠦᠷ ᠬᠦᠩ ᠦ᠋ᠨ ᠡᠷᠬᠢᠮ ᠬᠦᠷᠲᠡᠭᠡᠰᠦᠭᠡᠢ᠃ ᠬᠣᠲᠠ ᠬᠣᠷᠣᠭ᠎ᠠ ᠪᠠᠷᠢᠵᠤ ᠣᠷᠣᠰᠢᠭᠤᠯᠤᠨ ᠥᠷᠥᠰᠢᠶᠡᠯ ᠦᠵᠡᠭᠦᠯᠬᠦ ᠬᠡᠷᠡᠭᠲᠡᠢ 》ᠬᠡᠮᠡᠭᠰᠡᠨ ᠳ᠋ᠦ᠍ᠷ ᠶᠧ ᠯᠢᠦᠢ ᠴᠦ ᠽᠠᠢ ᠵᠡᠷᠭᠡ ᠡᠴᠡ ᠭᠠᠷᠴᠤ ᠮᠡᠬᠦᠢᠨ ᠠᠢᠯᠠᠳᠬᠠᠷᠤᠨ : 《ᠯᠢᠦ ᠢ ᠂ ᠰᠢᠶᠠᠩ ᠶᠠᠩ ᠢ᠋ ᠠᠪᠴᠤ ᠤᠷᠪᠠᠭᠰᠠᠨ ᠳ᠋ᠤᠷ ᠴᠣᠬᠣᠮ ᠰᠥᠩ ᠤᠯᠤᠰ ᠠ᠋ᠴᠠ ᠶᠠᠯ᠎ᠠ ᠠᠰᠠᠭᠤᠪᠠᠰᠤ ᠵᠣᠬᠢᠬᠤ ᠪᠣᠯᠠᠢ᠃ ᠭᠡᠲᠡᠯ᠎ᠡ ᠨᠢᠳᠤᠨᠤᠨ ᠪᠧᠢ ᠱᠠᠨ ᠭᠤᠸᠠᠨ ᠪᠣᠭᠣᠮᠲᠠ ᠶ᠋ᠢ ᠰᠠᠬᠢᠭᠰᠠᠨ ᠵᠠᠩᠵᠤᠨ ᠸᠠᠩ ᠲᠦᠩᡁᠢ ᠳᠡᠰ ᠲᠣᠭᠣᠰ ᠲᠠᠢᠰᠢ ᠳ᠋ᠤᠷ ᠪᠠᠭᠤᠵᠤ ᠥᠭᠭᠦᠭᠰᠡᠨ ᠤᠴᠢᠷ ᠪᠣᠢ ᠲᠤᠯᠠ ᠶᠠᠯ᠎ᠠ ᠠᠰᠠᠭᠤᠬᠤ ᠶ᠋ᠢ ᠬᠣᠢᠰᠢᠯᠠᠭᠰᠠᠨ ᠪᠥᠯᠥᠭᠡ᠃ ᠵᠢᠴᠢ ᠵᠣᠣ ᠢᠦᠢ ᠵᠣ᠌ ᠨᠠᠷ ᠤ᠋ᠨ ᠶᠠᠪᠤᠳᠠᠯ ᠳ᠋ᠤᠷ ᠨᠢᠭᠤᠴᠠ ᠪᠠᠷ ᠲᠤᠰᠠᠯᠠᠪᠠᠰᠤ ᠬᠡᠨ ᠠᠯᠢᠨ ᠳ᠋ᠤᠷ ᠴᠥᠮ ᠳᠥᠭᠥᠮ ᠪᠣᠯᠠᠢ᠃ ᠬᠡᠷᠪᠡ ᠴᠡᠷᠢᠭ ᠮᠣᠷᠢ ᠬᠥᠳᠡᠯᠭᠡᠨ ᠰᠥᠩ ᠤᠯᠤᠰ ᠲᠤᠷ ᠮᠡᠳᠡᠭᠳᠡᠪᠡᠰᠦ ᠭᠣᠣ ᠶ᠋ᠢᠨ ᠶᠠᠩ ᠨᠠᠷ ᠲᠤᠷ ᠲᠤᠰᠠ ᠦᠯᠦ ᠪᠣᠯᠬᠤ ᠪᠥᠭᠡᠳ ᠬᠣᠣᠷ ᠪᠣᠯᠤᠮᠤᠢ᠃ ᠢᠦ ᠰᠢᠶᠠᠨ ᠲᠡᠷᠡ ᠭᠠᠵᠠᠷ ᠤ᠋ᠨ ᠪᠠᠢᠳᠠᠯ ᠢ᠋ ᠮᠡᠳᠡᠬᠦ ᠲᠤᠯᠠ ᠬᠡᠳᠦᠨ ᠱᠠᠯᠠᠮᠠᠭᠠᠢ ᠡᠷᠡᠰ ᠲᠡᠢ ᠬᠠᠮᠲᠤ ᠶᠠᠪᠤᠭᠤᠯᠪᠠᠰᠤ ᠬᠡᠷᠡᠭ ᠪᠦᠲᠦᠮᠦᠢ᠃ 
       ᠵᠢᠴᠢ ᠳ᠋ᠦ᠍ᠷ ᠵᠦᠩ ᠶᠤᠸᠠᠨ ᠤ᠋ ᠭᠠᠵᠠᠷ ᠤ᠋ᠨ ᠠᠷᠠᠯᠵᠢᠭ᠎ᠠ ᠶ᠋ᠢᠨ ᠭᠠᠢᠯᠢ ᠶ᠋ᠢ ᠬᠣᠶᠠᠷ ᠲᠦᠮᠡ ᠬᠣᠶᠠᠷ ᠮᠢᠩᠭᠠᠨ ᠬᠡᠰᠡᠭ ᠮᠥᠩᠭᠥ ᠪᠡᠷ ᠲᠣᠭᠲᠠᠭᠠᠭᠰᠠᠨ ᠪᠥᠯᠥᠭᠡ᠃ ᠴᠢᠳᠠᠪᠤᠷᠢ ᠲᠠᠢ ᠬᠥᠮᠦᠨ ᠣᠯᠵᠤ ᠬᠡᠷᠡᠭᠯᠡᠭᠰᠡᠨ ᠦᠭᠡᠢ ᠲᠤᠯᠠ ᠵᠢᠯ ᠪᠦᠷᠢ ᠲᠣᠭ᠎ᠠ ᠶᠣᠰᠣᠭᠠᠷ ᠬᠤᠷᠢᠶᠠᠵᠤ ᠴᠢᠳᠠᠭᠰᠠᠨ ᠦᠭᠡᠢ ᠪᠤᠶᠤ᠃ ᠡᠳᠦᠭᠡ ᠭᠠᠳᠠᠭᠠᠳᠤ ᠬᠤᠳᠠᠯᠳᠤᠭᠠᠴᠢᠨ ᠠᠪᠳᠤᠯ ᠂ ᠯᠠᡁᠮᠠᠨ ᠳ᠋ᠤᠷ ᠨᠢᠭᠡ ᠳᠠᠬᠢᠨ ᠨᠡᠮᠡᠵᠦ ᠳᠠᠭᠠᠯᠭᠠᠰᠤᠭᠠᠢ ᠭᠡᠮᠡᠨ ᠭᠤᠶᠤᠴᠢᠯᠠᠭᠰᠠᠨ ᠢ᠋ ᠬᠡᠷᠬᠢᠪᠡᠴᠦ ᠵᠥᠪᠰᠢᠶᠡᠷᠡᠵᠦ ᠦᠯᠦ ᠪᠣᠯᠤᠮᠤᠢ ᠃ ᠡᠨᠡ ᠪᠣᠯ ᠡᠷᠲᠡᠨ ᠡᠳᠦᠭᠡ ᠳ᠋ᠦ᠍ᠷ ᠭᠠᠷᠤᠭᠰᠠᠨ ᠦᠭᠡᠢ ᠬᠡᠷᠡᠭ ᠃ ᠵᠥᠪᠰᠢᠶᠡᠷᠡᠪᠡᠰᠦ ᠠᠷᠠᠳ ᠢᠷᠭᠡᠳ ᠢ᠋ ᠳᠠᠯᠢᠮᠳᠠᠭᠤᠯᠤᠨ ᠮᠥᠯᠵᠢᠵᠦ ᠠᠮᠢᠳᠤᠷᠠᠬᠤ ᠵᠠᠮ ᠦᠭᠡᠢ ᠪᠣᠯᠭᠠᠨ ᠤᠯᠤᠰ ᠭᠡᠷ ᠦ᠋ᠨ ᠦᠨᠳᠦᠰᠦ ᠶ᠋ᠢ ᠡᠪᠳᠡᠬᠦ ᠪᠣᠯᠠᠢ 》ᠭᠡᠮᠡᠨ ᠬᠡᠳᠦᠨ ᠵᠦᠢᠯ ᠦ᠋ᠨ ᠬᠡᠷᠡᠭ ᠢ᠋ ᠨᠡᠢᠯᠡᠭᠦᠯᠦᠨ ᠠᠢᠯᠠᠳᠬᠠᠭᠰᠠᠨ ᠳ᠋ᠤᠷ ᠥᠭᠡᠳᠡᠢ ᠬᠠᠭᠠᠨ ᠪᠠᠬᠠᠨ ᠪᠣᠳᠣᠵᠤ ᠦᠵᠡᠭᠡᠳ ᠵᠠᠷᠯᠢᠭ ᠪᠣᠯᠤᠷᠤᠨ ᠄《ᠠᠪᠳᠤᠯ ᠂ ᠯᠠᡁᠮᠠᠨ ᠤ᠋ ᠭᠠᠢᠯᠢ ᠳᠠᠭᠠᠭᠠᠬᠤ ᠤᠴᠢᠷ ᠢ᠋ ᠨᠢᠭᠡᠨᠲᠡ ᠠᠮᠠ ᠠᠯᠳᠠᠵᠤ ᠵᠥᠪᠰᠢᠶᠡᠷᠡᠭᠰᠡᠨ ᠲᠤᠯᠠ ᠲᠦᠷ ᠶᠠᠪᠤᠭᠤᠯᠵᠤ ᠪᠠᠢᠭᠠᠳ ᠮᠡᠳᠡᠲᠦᠭᠡᠢ᠃ ᠪᠤᠰᠤᠳ ᠵᠦᠢᠯ ᠢ᠋ ᠵᠣᠬᠢᠰ ᠢ᠋ ᠦᠵᠡᠵᠦ ᠰᠢᠳᠬᠡ !  ᠳᠠᠬᠢᠨ ᠮᠡᠳᠡᠭᠦᠯᠬᠦ ᠬᠡᠷᠡᠭ ᠦᠭᠡᠢ 》 ᠬᠡᠮᠡᠵᠦᠬᠦᠢ ᠃ ᠶᠧ ᠯᠢᠦᠢ ᠴᠦ ᠽᠠᠢ ᠠᠪᠳᠤᠯ ᠂ ᠯᠠᡁᠮᠠᠨ ᠳ᠋ᠤᠷ ᠭᠠᠢᠯᠢ ᠳᠠᠭᠠᠯᠭᠠᠬᠤ ᠶ᠋ᠢ ᠡᠷᠡᠰ ᠬᠣᠷᠢᠭᠯᠠᠵᠤ ᠵᠢᠰᠦ ᠴᠢᠷᠠᠢ ᠬᠤᠪᠢᠷᠠᠬᠤᠢ ᠳ᠋ᠤᠷ ᠥᠭᠡᠳᠡᠢ ᠬᠠᠭᠠᠨ ᠭᠢᠯᠢᠭᠯᠡᠨ:《ᠴᠢ ᠡᠨᠡ ᠶᠠᠪᠤᠳᠠᠯ ᠤ᠋ᠨ ᠲᠥᠯᠥᠭᠡ ᠨᠠᠮᠠᠶ᠋ᠢ ᠵᠠᠨᠴᠢᠰᠤᠭᠠᠢ ᠬᠡᠮᠡᠮᠦᠢ ᠤᠤ᠃ ᠵᠥᠪᠰᠢᠶᠡᠷᠡᠭᠰᠡᠨ ᠢ᠋ᠶ᠋ᠡᠷ ᠶᠠᠪᠤᠭᠤᠯ !》ᠭᠡᠮᠡᠨ ᠲᠥᠷᠥ ᠡᠴᠡ ᠪᠠᠭᠤᠵᠤ ᠳᠣᠲᠣᠷ᠎ᠠ ᠣᠷᠣᠪᠠ᠃ 
       ᠥᠭᠦᠯᠡᠬᠦ ᠢᠨᠦ ᠂ ᠲᠡᠳᠦᠢ ᠳ᠋ᠦ᠍ᠷ ᠮᠥᠩᠬᠡ ᠬᠠᠨ ᠤ᠋ ᠨᠢᠭᠡᠨ ᠵᠠᠮ ᠤ᠋ᠨ ᠴᠡᠷᠢᠭ ᠠᠰᠤ ᠶ᠋ᠢ ᠴᠢᠭᠯᠡᠨ ᠮᠢᠶᠸᠴᠢᠤᠸᠽ ᠬᠣᠲᠠ ᠶ᠋ᠢ ᠪᠦᠰᠡᠯᠡᠨ ᠪᠠᠢᠯᠳᠤᠭᠠᠳ ᠭᠤᠷᠪᠠᠨ ᠰᠠᠷ᠎ᠠ ᠪᠣᠯᠤᠭᠰᠠᠨ ᠪᠣᠯᠪᠠᠴᠤ ᠬᠣᠲᠠ ᠶ᠋ᠢ ᠰᠠᠬᠢᠭᠰᠠᠨ ᠵᠠᠩᠵᠤᠨ ᠬᠣᠲᠠ ᠶ᠋ᠢᠨ ᠪᠠᠲᠤ ᠪᠡᠬᠢ ᠳ᠋ᠡᠭᠡᠨ ᠢᠲᠡᠭᠡᠵᠦ ᠪᠠᠭᠤᠵᠤ ᠥᠭᠬᠦ ᠦᠭᠡᠢ ᠤᠯᠠᠮ ᠴᠢᠩᠭ᠎ᠠ ᠰᠠᠬᠢᠬᠤ ᠪᠣᠯᠪᠠᠢ᠃ ᠲᠡᠢᠨ ᠬᠦ᠌ ᠪᠠᠲᠤ ᠬᠠᠨ ᠰᠢᠳᠠᠷ ᠴᠡᠷᠢᠭ  ᠢ᠋ᠶ᠋ᠡᠨ ᠠᠪᠴᠤ ᠲᠤᠰᠠᠯᠠᠷ᠎ᠠ ᠮᠣᠷᠳᠠᠭᠰᠠᠨ ᠢ᠋ ᠥᠭᠦᠯᠡᠬᠦ ᠦᠭᠡᠢ᠃ ᠥᠭᠦᠯᠡᠬᠦ ᠢᠨᠦ ᠮᠥᠩᠬᠡ ᠬᠠᠨ ᠤ᠋ ᠴᠠᠴᠠᠷ ᠤ᠋ᠨ ᠡᠪᠦᠭᠡᠨ ᠵᠠᠩᠵᠤᠨ ᠰᠢᠯᠢᠭᠣᠮᠪᠤ ᠤᠳᠠᠲᠠᠯ᠎ᠠ ᠬᠣᠲᠠ ᠶ᠋ᠢ ᠡᠪᠳᠡᠵᠦ ᠡᠰᠡ ᠴᠢᠳᠠᠭᠰᠠᠨ ᠳ᠋ᠤᠷ ᠨᠢᠭᠡᠮᠦᠰᠦᠨ ᠠᠭᠤᠷᠯᠠᠭᠠᠳ ᠦᠬᠦᠬᠦ ᠡᠴᠡ ᠦᠯᠦ ᠠᠶᠤᠬᠤ ᠰᠠᠢᠨ ᠡᠷ᠎ᠡ ᠠᠷᠪᠠ ᠰᠣᠩᠭᠣᠵᠤ ᠠᠪᠤᠭᠠᠳ ᠰᠥᠨᠢ ᠰᠡᠮᠡᠬᠡᠷ ᠱᠠᠲᠤ ᠲᠠᠯᠪᠢᠵᠤ ᠬᠣᠲᠠᠨ ᠳ᠋ᠤᠷ ᠣᠷᠣᠵᠤ ᠠᠷᠪᠠᠭᠠᠳ ᠬᠥᠮᠦᠨ ᠢ᠋ ᠪᠠᠷᠢᠵᠤ ᠠᠪᠤᠭᠠᠳ ᠬᠦᠵᠦᠭᠦᠨ ᠳ᠋ᠦ᠍ᠷ ᠢᠯᠳᠦ ᠲᠠᠯᠪᠢᠵᠤ 《ᠬᠣᠲᠠ ᠠᠪᠲᠠᠪᠠ ! 》 ᠭᠡᠮᠡᠨ ᠠᠯᠪᠠᠲᠠᠨ ᠪᠠᠷᠬᠢᠷᠠᠭᠤᠯᠤᠭᠰᠠᠨ ᠳ᠋ᠤᠷ ᠬᠣᠲᠠ ᠶ᠋ᠢᠨ ᠳᠡᠭᠡᠷ᠎ᠡ ᠳᠣᠣᠷ᠎ᠠ ᠴᠥᠮ ᠰᠠᠮᠠᠭᠤᠷᠠᠨ ᠡᠭᠦᠰᠬᠡᠵᠦ ᠶᠠᠮᠠᠷ ᠬᠡᠷᠡᠭ ᠭᠠᠷᠤᠭᠰᠠᠨ ᠢ᠋ ᠮᠡᠳᠡᠬᠦ ᠦᠭᠡᠢ ᠪᠦᠬᠦᠢ ᠳ᠋ᠦ᠍ᠷ ᠮᠣᠩᠭᠣᠯᠴᠤᠳ ᠲᠠᠭᠠᠯᠴᠠᠨ ᠠᠪᠠᠷᠢᠯᠳᠤᠵᠤ ᠬᠣᠲᠠ ᠶ᠋ᠢ ᠰᠠᠶᠢ ᠡᠪᠳᠡᠵᠦ ᠠᠪᠤᠪᠠ᠃ ᠪᠠᠲᠤ ᠬᠠᠨ ᠬᠦᠷᠴᠦ ᠢᠷᠡᠬᠦᠢ ᠳ᠋ᠦ᠍ᠷ ᠤᠳᠠᠭᠠᠨ ᠬᠣᠨᠣᠭ ᠪᠡᠬᠢᠯᠡᠭᠰᠡᠨ ᠮᠢᠶᠸᠴᠢᠤᠸᠽ ᠬᠣᠲᠠ ᠶ᠋ᠢ ᠬᠢᠳᠤᠬᠤ ᠪᠠᠷ ᠪᠡᠯᠡᠳᠬᠡᠵᠦ ᠠᠪᠠᠢ᠃ ᠮᠥᠩᠬᠡ ᠬᠠᠨ ᠪᠡᠶ᠎ᠡ ᠪᠡᠷ ᠤᠭᠲᠤᠵᠤ ᠠᠪᠤᠭᠠᠳ ᠴᠠᠴᠠᠷ ᠲᠤᠷ ᠵᠠᠯᠠᠵᠤ ᠤᠮᠳᠠ ᠢᠳᠡᠭᠡ ᠪᠠᠷᠢᠭᠰᠠᠨ ᠳ᠋ᠤᠷ ᠪᠠᠲᠤ ᠬᠠᠨ ᠬᠣᠲᠠ ᠶ᠋ᠢ ᠥᠷᠥᠰᠢᠶᠡᠬᠦ ᠶ᠋ᠢ ᠰᠠᠨᠠᠭᠤᠯᠤᠭᠰᠠᠨ ᠳ᠋ᠤᠷ ᠮᠥᠩᠬᠡ ᠬᠠᠭᠠᠨ ᠵᠠᠩᠵᠤᠨ ᠴᠡᠷᠢᠭ ᠠᠷᠠᠳ ᠢᠷᠭᠡᠳ ᠲᠣᠷ ᠬᠤᠳᠠᠯ ᠪᠣᠯᠬᠤ ᠦᠭᠡᠢ ᠭᠡᠮᠡᠨ ᠬᠢᠳᠤᠬᠤ ᠶ᠋ᠢ ᠪᠣᠯᠢᠵᠤ ᠭᠤᠷᠪᠠᠨ ᠡᠳᠦᠷ ᠪᠤᠯᠢᠶᠠᠯᠭᠠᠰᠤᠭᠠᠢ ᠭᠡᠮᠡᠨ ᠵᠠᠷᠯᠢᠭ ᠪᠣᠯᠤᠭᠰᠠᠨ ᠳ᠋ᠤᠷ ᠮᠣᠩᠭᠣᠯ ᠤ᠋ᠨ ᠴᠡᠷᠢᠭ ᠬᠣᠲᠠᠨ ᠳ᠋ᠤᠷ ᠳᠠᠪᠬᠢᠯᠳᠤᠨ ᠣᠷᠣᠵᠤ ᠸᠠᠩ ᠬᠦᠩ ᠂ ᠪᠠᠶᠠᠳ ᠨᠣᠶᠠᠳ ᠂ ᠠᠷᠠᠳ ᠢᠷᠭᠡᠳ ᠢᠯᠭᠠᠬᠤ ᠦᠭᠡᠢ ᠪᠡᠷ ᠡᠷᠦᠬᠡ ᠳᠠᠷᠠᠭᠠᠯᠠᠨ ᠨᠡᠩᠵᠢᠵᠦ ᠡᠬᠡᠨᠡᠷ ᠥᠬᠢᠳ ᠡᠳ᠋ ᠡᠷᠳᠡᠨᠢ ᠶ᠋ᠢ ᠣᠯᠵᠠᠯᠠᠨ ᠡᠰᠡᠷᠭᠦᠴᠡᠭᠰᠡᠨ ᠶᠠᠯ᠎ᠠ ᠳ᠋ᠤᠷ ᠬᠣᠲᠠ ᠶ᠋ᠢᠨ ᠬᠥᠮᠦᠰ ᠢ᠋ ᠬᠣᠭᠣᠰᠣᠷᠠᠭᠤᠯᠵᠤ ᠲᠠᠯᠪᠢᠪᠠ᠃ 
       ᠪᠠᠲᠤ ᠬᠠᠨ ᠮᠢᠶᠸᠴᠢᠤᠸᠽ ᠬᠣᠲᠠ ᠶ᠋ᠢ ᠠᠪᠬᠤᠢ ᠳ᠋ᠤᠷ ᠭᠠᠪᠢᠶ᠎ᠠ ᠪᠠᠢᠭᠤᠯᠤᠭᠰᠠᠨ ᠰᠢᠯᠢᠭᠣᠮᠪᠤ ᠳ᠋ᠤᠷ ᠠᠷᠠᠪ ᠮᠣᠷᠢ ᠬᠣᠶᠠᠷ ᠂ ᠲᠣᠷᠭ᠎ᠠ ᠠᠷᠪᠠᠨ ᠵᠠᠬ᠎ᠠ ᠱᠠᠩᠨᠠᠨ ᠪᠠᠭᠠᠲᠤᠷ ᠴᠣᠯᠠ ᠣᠯᠭᠣᠵᠤ ᠮᠢᠩᠭᠠᠨ ᠤ᠋ ᠨᠣᠶᠠᠨ ᠪᠣᠯᠭᠠᠪᠠ᠃ 
       ᠰᠢᠯᠢᠭᠣᠮᠪᠤ ᠤᠤᠯ ᠠᠨᠤ ᠲᠠᠩᠭᠤᠳ ᠤ᠋ᠨ ᠰᠢᠯᠢ ᠣᠪᠣᠭᠲᠠᠨ ᠪᠣᠯᠠᠢ ᠃ ᠪᠣᠭᠳᠠ ᠡᠵᠡᠨ ᠴᠢᠩᠭᠢᠰ ᠬᠠᠭᠠᠨ ᠪᠠᠷᠠᠭᠤᠨ ᠰᠢᠶᠠ ᠤᠯᠤᠰ ᠢ᠋ ᠳᠠᠢᠯᠠᠨ ᠶᠠᠪᠤᠬᠤᠢ ᠳ᠋ᠤᠷ ᠬᠤᠲᠠᠨᠳᠤᠳᠠᠮᠤᠷ ᠂ ᠰᠢᠯᠢᠭᠤᠮᠪᠤ ᠬᠣᠶᠠᠭᠤᠯᠠ ᠶ᠋ᠢ ᠱᠠᠨ ᠵᠧᠦ ᠪᠠᠯᠭᠠᠰᠤᠨ ᠢ᠋ ᠤᠬᠠᠭᠤᠯᠤᠨ ᠳᠠᠭᠠᠭᠤᠯᠲᠤᠭᠠᠢ ᠭᠡᠮᠡᠨ ᠶᠠᠪᠤᠭᠤᠯᠤᠭᠰᠠᠨ ᠳ᠋ᠤᠷ ᠵᠧᠦ ᠶ᠋ᠢ ᠰᠠᠬᠢᠬᠤ ᠰᠢᠶᠠ ᠶ᠋ᠢᠨ ᠵᠠᠩᠵᠤᠨ ᠬᠠᠭᠤᠷᠮᠠᠭ  ᠢ᠋ᠶ᠋ᠠᠷ ᠠᠷᠢᠬᠢ ᠮᠢᠬ᠎ᠠ ᠭᠠᠷᠭᠠᠨ ᠴᠡᠷᠢᠭ ᠢ᠋ ᠲᠣᠬᠣᠨᠢᠭᠤᠯᠤᠨ ᠲᠡᠷᠢᠭᠦᠨ ᠵᠠᠩᠵᠤᠨ ᠢ᠋ ᠬᠣᠲᠠᠨ ᠳ᠋ᠠᠭᠠᠨ ᠬᠤᠷᠢᠮᠯᠠᠬᠤᠢ ᠭᠡᠮᠡᠨ ᠬᠣᠲᠠ ᠶ᠋ᠢᠨ ᠡᠭᠦᠳᠡᠨ ᠳ᠋ᠦ᠍ᠷ ᠴᠡᠷᠢᠭ ᠪᠦᠭᠭᠦᠵᠦ ᠲᠡᠷᠢᠭᠦᠯᠡᠭᠰᠡᠨ ᠵᠠᠩᠵᠤᠨ ᠬᠦᠷᠴᠦ ᠣᠴᠢᠬᠤᠢ ᠳ᠋ᠤᠷ ᠪᠦᠭᠭᠦᠭᠰᠡᠨ ᠴᠡᠷᠢᠭ ᠵᠡᠷᠭᠡ ᠪᠡᠷ ᠭᠠᠷᠴᠤ ᠮᠣᠷᠢᠨ ᠤ᠋ ᠬᠥᠯ ᠢ᠋ ᠴᠠᠪᠴᠢᠵᠤ ᠳᠣᠭᠤᠯᠠᠭᠤᠯᠤᠭᠰᠠᠨ ᠳ᠋ᠤᠷ ᠰᠢᠯᠢᠭᠣᠮᠪᠤ ᠳᠠᠭᠠᠵᠤ ᠶᠠᠪᠤᠭᠰᠠᠨ ᠲᠤᠯᠠ ᠤᠨᠤᠭᠰᠠᠨ ᠮᠣᠷᠢ ᠪᠠᠨ ᠲᠡᠷᠢᠭᠦᠯᠡᠭᠴᠢ ᠵᠠᠩᠵᠤᠨ ᠬᠤᠲᠠᠨᠳᠤᠳᠠᠮᠤᠷ ᠲᠤᠷ ᠥᠭᠴᠦ ᠲᠡᠭᠦᠨ ᠦ᠌ ᠳᠣᠭᠣᠯᠠᠩ ᠮᠣᠷᠢ ᠶ᠋ᠢ ᠤᠨᠤᠵᠤ ᠬᠠᠢᠭᠤᠯ ᠪᠣᠯᠵᠤ ᠨᠡᠬᠡᠬᠦ ᠴᠡᠷᠢᠭ ᠢ᠋ ᠴᠠᠪᠴᠢᠵᠤ ᠪᠤᠴᠠᠭᠠᠪᠠ᠃ ᠪᠣᠭᠳᠠ ᠡᠵᠡᠨ ᠴᠢᠩᠭᠢᠰ ᠬᠠᠭᠠᠨ ᠰᠣᠨᠣᠰᠤᠭᠠᠳ ᠄ 《ᠦᠬᠦᠯ ᠦ᠋ᠨ ᠭᠠᠵᠠᠷ ᠠᠭᠠᠳ ᠮᠣᠷᠢ ᠪᠠᠨ ᠪᠤᠰᠤᠳ ᠲᠤᠷ ᠥᠭᠬᠦ ᠢᠨᠦ ᠶᠠᠭᠤᠨ ? 》ᠭᠡᠮᠡᠨ ᠠᠰᠠᠭᠤᠪᠠᠰᠤ ᠰᠢᠯᠢᠭᠣᠮᠪᠤ ᠥᠴᠢᠷᠦᠨ :《ᠥᠴᠦᠬᠡᠨ ᠴᠡᠷᠢᠭ ᠦ᠋ᠨ ᠡᠷ᠎ᠡ ᠪᠢ ᠦᠬᠦᠬᠦᠢ ᠳᠤᠠᠷ ᠶᠠᠭᠤᠨ ᠪᠣᠢ ᠃ ᠲᠡᠷᠢᠭᠦᠯᠡᠭᠴᠢ ᠵᠠᠩᠵᠤᠨ ᠪᠥᠭᠡᠰᠦ ᠡᠵᠡᠨ ᠦ᠌ ᠨᠠᠢᠳᠠᠭᠰᠠᠳ ᠠᠨᠤ ᠪᠤᠶᠤ ᠂ ᠠᠯᠳᠠᠵᠤ ᠦᠯᠦ ᠪᠣᠯᠤᠮᠤᠢ 》ᠬᠡᠮᠡᠭᠰᠡᠨ ᠳ᠋ᠦ᠍ ᠪᠣᠭᠳᠠ ᠡᠵᠡᠨ : 《ᠰᠢᠳᠤᠷᠭᠤ 》ᠭᠡᠮᠡᠨ ᠰᠠᠢᠰᠢᠶᠠᠪᠠᠢ᠃ ᠲᠡᠭᠦᠨ ᠡᠴᠡ ᠰᠢᠳᠤᠷᠭᠤ ᠰᠢᠯᠢᠭᠣᠮᠪᠤ ᠬᠡᠮᠡᠬᠦ ᠪᠣᠯᠪᠠᠴᠤ ᠨᠣᠶᠠᠨ ᠤ᠋ ᠵᠡᠷᠭᠡ ᠳ᠋ᠦ᠍ᠷ ᠣᠷᠣᠭᠠᠳᠤᠢ ᠠᠵᠤᠭᠤ᠂ ᠡᠳᠦᠭᠡ ᠨᠢᠭᠡᠨᠲᠡ ᠨᠣᠶᠠᠨ ᠵᠡᠷᠭᠡ ᠳ᠋ᠦ᠍ᠷ ᠣᠷᠣᠭᠰᠠᠨ ᠲᠤᠯᠠ ᠲᠤᠢᠯ ᠢ᠋ᠶ᠋ᠠᠷ ᠪᠠᠶᠠᠷᠯᠠᠵᠤ ᠰᠣᠭᠲᠣᠲᠠᠯ᠎ᠠ ᠤᠤᠭᠤᠭᠠᠳ ᠪᠥᠵᠢᠭᠯᠡᠬᠦ ᠪᠥᠭᠡᠳ ᠳᠠᠭᠤᠯᠠᠵᠤ ᠬᠠᠳ ᠨᠠᠷ ᠢ᠋ ᠪᠠᠶᠠᠰᠤᠭᠤᠯᠤᠮᠤᠢ᠃ ᠬᠤᠷᠢᠮ ᠨᠠᠢᠷ ᠤ᠋ᠨ ᠤᠴᠢᠷ ᠢ ᠲᠦᠷ ᠣᠷᠬᠢᠵᠤ ᠥᠭᠦᠯᠡᠬᠦ ᠢᠨᠦ ᠪᠠᠲᠤ ᠬᠠᠨ᠂ ᠮᠥᠩᠬᠡ ᠬᠠᠨ ᠯᠤᠭ᠎ᠠ ᠵᠥᠪᠳᠡᠵᠦ ᠵᠡᠭᠦᠨ ᠵᠢᠭᠦᠷ ᠦ᠋ᠨ ᠶᠡᠬᠡ ᠴᠡᠷᠢᠭ ᠢ᠋ ᠮᠣᠷᠳᠠᠬᠤ ᠪᠠᠷ ᠪᠡᠯᠡᠳᠭᠡ ᠭᠡᠮᠡᠨ  ᠵᠠᠷᠯᠢᠭ ᠪᠣᠯᠪᠠ᠃ ᠴᠣᠬᠣᠮ ᠬᠠᠮᠢᠭᠠᠰᠢ ᠮᠣᠷᠳᠠᠬᠤ ᠶ᠋ᠢ ᠮᠡᠳᠡᠰᠦᠭᠡᠢ ᠬᠡᠮᠡᠪᠡᠰᠦ ᠳᠠᠷᠠᠭᠠᠬᠢ ᠪᠦᠯᠦᠭ ᠲᠣᠷ ᠦᠵᠡᠲᠦᠭᠡᠢ᠃ 

           ᠰᠤᠯᠠ ᠦᠭᠡ  
       ᠰᠢᠬᠠᠮᠳᠠᠭᠰᠠᠨ ᠴᠠᠭ ᠠᠬᠠᠯᠠᠭᠴᠢ ᠪᠠᠨ ᠠᠪᠤᠷᠠᠭᠰᠠᠨ ᠰᠢᠯᠢᠨᠭᠣᠮᠪᠤ ᠰᠠᠢᠰᠢᠶᠠᠯᠲᠠᠢ  
       ᠰᠢᠶᠠᠩ ᠶᠠᠩ ᠠ᠋ᠴᠠ ᠳᠤᠲᠠᠭᠠᠵᠤ ᠭᠠᠷᠤᠭᠰᠠᠨ ᠢᠦ ᠰᠢᠶᠠᠨ ᠭᠠᠢᠬᠠᠯᠲᠠᠢ 
       ᠰᠢᠨᠲᠠᠷᠠᠰᠢ ᠦᠭᠡᠢ ᠰᠦᠪᠡᠭᠡᠳᠡᠢ ᠪᠠᠭᠠᠲᠤᠷ ᠣᠯᠠᠨ ᠳ᠋ᠠᠭᠠᠨ ᠬᠦᠨᠳᠦᠲᠡᠢ  
       ᠰᠢᠳᠤᠷᠭᠤ ᠶ᠋ᠢ ᠭᠦᠢᠴᠡᠳᠬᠡᠨ ᠦᠬᠦᠨ ᠢᠳᠬᠠᠭᠰᠠᠨ ᠶᠧ ᠯᠢᠦᠢ ᠴᠦ ᠽᠠᠢ ᠰᠤᠷᠤᠯᠴᠠᠭᠤᠰᠢᠲᠠᠢ᠃