ᠮᠣᠩᠭᠣᠯ ᠢᠶᠠᠷ ᠢᠶᠠᠨ ᠪᠠᠢᠭᠠᠰᠠᠢ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠢᠶᠠᠷ ᠢᠶᠠᠨ ᠪᠠᠢᠭᠠᠰᠠᠢ-ᠮᠠᠨᠳᠤᠬᠤ ᠪᠠᠭᠰᠢ ᠶᠢᠨ ᠤᠷᠠᠨ ᠪᠢᠴᠢᠯᠭᠡ

ᠮᠣᠩᠭᠣᠯ ᠢᠶᠠᠷ ᠢᠶᠠᠨ ᠪᠠᠢᠭᠠᠰᠠᠢ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-01-16

527

ᠮᠣᠩᠭᠣᠯ ᠢᠶᠡᠷ ᠢᠶᠡᠨ ᠪᠠᠢᠭᠠᠰᠠᠢ

  
                  ᠳᠠᠭᠤᠴᠢᠨ - ᠰ ∙ ᠵᠢᠪᠬᠤᠯᠠᠩ  
                   ᠠᠶ᠎ᠠ - ᠪᠠᠶᠠᠨ   
                   ᠦᠭᠡ – ᠴᠣᠭᠵᠢᠯᠲᠤ  

 ᠠᠭᠠᠷ ᠲᠩᠷᠢ ᠮᠢᠨᠢ ᠴᠡᠩᠬᠡᠷ ᠢ᠋ᠶ᠋ᠡᠷ ᠢ᠋ᠶ᠋ᠡᠨ ᠪᠠᠢᠭᠠᠰᠠᠢ  
 ᠠᠭᠤᠳᠠᠮ ᠲᠠᠯ᠎ᠠ ᠮᠢᠨᠢ ᠨᠣᠭᠣᠭᠠᠨ ᠢ᠋ᠶ᠋ᠠᠷ ᠢ᠋ᠶ᠋ᠠᠨ ᠪᠠᠢᠭᠠᠰᠠᠢ  
 ᠠᠭᠤᠯᠠ ᠨᠢᠷᠤᠭᠤᠳ ᠮᠢᠨᠢ ᠬᠥᠬᠡ ᠪᠡᠷ ᠢ᠋ᠶ᠋ᠡᠨ ᠪᠠᠢᠭᠠᠰᠠᠢ  
 ᠤᠰᠤ ᠮᠥᠷᠡᠨ ᠮᠢᠨᠢ ᠤᠷᠤᠰᠬᠠᠯᠲᠠᠢ ᠪᠠᠢᠭᠠᠰᠠᠢ  
     ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
     ᠮᠣᠩᠭᠣᠯ ᠢ᠋ᠶ᠋ᠠᠷ ᠢ᠋ᠶ᠋ᠠᠨ ᠵᠢᠷᠭᠠᠭᠠᠰᠠᠢ  
     ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
     ᠮᠥᠩᠬᠡ ᠶᠢᠷᠲᠢᠨᠴᠦ ᠳ᠋ᠦ᠍ ᠵᠢᠷᠭᠠᠭᠠᠰᠠᠢ  

 ᠤᠤᠭᠤᠳᠠᠭ ᠴᠠᠢ ᠮᠢᠨᠢ ᠰᠦ ᠲᠡᠢ ᠪᠡᠨ ᠪᠠᠢᠭᠠᠰᠠᠢ  
 ᠤᠨᠤᠳᠠᠭ ᠬᠦᠯᠦᠭ ᠮᠢᠨᠢ ᠠᠷᠭᠤᠮᠠᠭ ᠢ᠋ᠶ᠋ᠠᠷ ᠢ᠋ᠶ᠋ᠠᠨ ᠪᠠᠢᠭᠠᠰᠠᠢ  
 ᠤᠷᠲᠤ ᠶ᠋ᠢᠨ ᠳᠠᠭᠤᠤ ᠮᠢᠨᠢ ᠤᠶᠠᠩᠭᠠᠲᠠᠢ ᠪᠠᠢᠭᠠᠰᠠᠢ  
 ᠤᠳᠤᠮᠲᠤ ᠮᠣᠩᠭᠣᠯ ᠮᠢᠨᠢ ᠡᠯᠢᠭᠡ ᠪᠦᠲᠦᠨ ᠪᠠᠢᠭᠠᠰᠠᠢ  
      ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
      ᠮᠣᠩᠭᠣᠯ ᠢ᠋ᠶ᠋ᠠᠷ ᠢ᠋ᠶ᠋ᠠᠨ ᠵᠢᠷᠭᠠᠭᠠᠰᠠᠢ  
      ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
      ᠮᠥᠩᠬᠡ ᠶᠢᠷᠲᠢᠨᠴᠦ ᠳ᠋ᠦ᠍ ᠵᠢᠷᠭᠠᠭᠠᠰᠠᠢ  

 ᠲᠥᠷᠥᠭᠰᠡᠨ ᠨᠤᠲᠤᠭ ᠮᠢᠨᠢ ᠣᠩᠭᠣᠨ ᠢ᠋ᠶ᠋ᠠᠷ ᠢ᠋ᠶ᠋ᠠᠨ ᠪᠠᠢᠭᠠᠰᠠᠢ  
 ᠲᠥᠷᠥᠯᠬᠢ ᠬᠡᠯᠡ ᠮᠢᠨᠢ ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
 ᠲᠦᠮᠡᠨ ᠠᠷᠠᠳ ᠮᠢᠨᠢ ᠵᠢᠷᠭᠠᠯᠲᠠᠢ ᠪᠠᠢᠭᠠᠰᠠᠢ  
 ᠲᠥᠷᠥ ᠭᠦᠷᠦᠨ ᠮᠢᠨᠢ ᠠᠮᠤᠭᠤᠯᠠᠩ ᠪᠠᠢᠭᠠᠰᠠᠢ  
      ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
      ᠮᠣᠩᠭᠣᠯ ᠢ᠋ᠶ᠋ᠠᠷ ᠢ᠋ᠶ᠋ᠠᠨ ᠵᠢᠷᠭᠠᠭᠠᠰᠠᠢ  
      ᠮᠣᠩᠭᠣᠯ ᠢ᠋ᠶ᠋ᠠᠷ ᠢ᠋ᠶ᠋ᠠᠨ ᠪᠠᠢᠭᠠᠰᠠᠢ  
      ᠮᠥᠩᠬᠡ ᠶᠢᠷᠲᠢᠨᠴᠦ ᠳ᠋ᠦ᠍ ᠵᠢᠷᠭᠠᠭᠠᠰᠠᠢ  
      ᠮᠥᠩᠬᠡ ᠶᠢᠷᠲᠢᠨᠴᠦ ᠳ᠋ᠦ᠍ ᠵᠢᠷᠭᠠᠭᠠᠰᠠᠢ  

           ᠦᠰᠦᠭ ᠠᠮᠢᠯᠠᠭᠤᠯᠤᠭᠴᠢ᠄ ᠴᠡᠴᠡᠭ 
                ᠬᠢᠨᠠᠭᠴᠢ᠄ ᠱᠤᠸᠠᠩᠬᠤᠸᠠᠷ