ᠠᠵᠠ ᠵᠢᠷᠭᠠᠯ ᠬᠦᠰᠡᠶ᠎ᠡ-ᠤᠷᠠᠨᠵᠠᠶᠠᠭ᠎ᠠ ᠰᠦᠬᠡSuhee Uranzaya - Az jargal husey _ Уранзаяа Сүхээ - Аз жаргал хүсье
ᠠᠵᠠ ᠵᠢᠷᠭᠠᠯ ᠬᠦᠰᠡᠶ᠎ᠡ
ᠦᠭᠡ᠄ ᠢᠷᠦᠭᠡᠯᠴᠢ ᠰᠦᠬᠡ
ᠠᠶ᠎ᠠ᠄ ᠮ᠂ ᠠᠷᠢᠭᠤᠨᠳᠤᠯᠭᠠ
— ᠪ᠂ ᠤᠷᠠᠨᠵᠠᠶᠠᠭ᠎ᠠ ᠂ ᠢᠷᠦᠭᠡᠯᠴᠢ ᠰᠦᠬᠡ ᠳᠠᠭᠤᠯᠠᠨ᠎ᠠ
ᠨᠠᠷᠠ ᠲᠠᠢ ᠴᠡᠯᠮᠡᠭ ᠬᠥᠷ ᠲᠡᠢ
ᠨᠠᠢᠷ ᠲᠠᠢ ᠮᠣᠷᠢᠨ ᠬᠤᠭᠤᠷ ᠲᠠᠢ
ᠠᠶᠠᠯᠬᠤ ᠳᠠᠭᠤᠤ ᠲᠠᠢ ᠡᠢᠮᠦ ᠡᠳᠦᠷ ᠲᠤ ᠳᠤᠷᠠᠲᠠᠢ
ᠵᠢᠷᠭᠠᠯ ᠤ᠋ᠨ ᠴᠠᠭ ᠢᠷᠡᠯ᠎ᠡ
ᠨᠠᠢᠷ ᠤ᠋ᠨ ᠭᠤᠷᠪᠠᠨ ᠳᠠᠭᠤᠤ ᠲᠠᠢ
ᠬᠠᠢᠷ᠎ᠠ ᠶ᠋ᠢᠨ ᠭᠣᠶᠣ ᠪᠣᠯᠵᠣᠭ᠎ᠠ ᠲᠠᠢ
ᠥᠨᠵᠢᠨ ᠬᠦᠯᠢᠶᠡᠭᠰᠡᠨ ᠡᠳᠦᠷ ᠢᠷᠡᠯ᠎ᠡ
ᠥᠨᠥᠳᠥᠷ ᠪᠠᠶᠠᠷ ᠤ᠋ᠨ ᠡᠳᠦᠷ
ᠭᠡᠭᠡᠨ ᠵᠢᠷᠭᠠᠯᠲᠠᠢ ᠪᠠᠶᠠᠷ ᠤ᠋ᠨ ᠡᠳᠦᠷ
ᠭᠢᠲ᠋ᠠᠷ ᠢ᠋ᠶ᠋ᠠᠨ ᠪᠠᠷᠢᠨ ᠳᠠᠭᠤᠯᠠᠨ ᠪᠥᠵᠢᠭᠯᠡᠶ᠎ᠡ
ᠦ ᠁ ᠦ ᠁
ᠥᠷᠯᠥᠭᠡ ᠪᠣᠯᠲᠠᠯ᠎ᠠ ᠨᠠᠳᠠ ᠲᠠᠢ ᠬᠠᠮᠲᠤ ᠳᠠᠭᠤᠯᠠᠭᠠᠴᠢ
ᠦ ᠁ ᠦ ᠁
ᠭᠠᠭᠴᠠᠬᠠᠨ ᠵᠦᠢᠯ ᠢ᠋ ᠴᠢᠮ᠎ᠠ ᠳ᠋ᠤ᠌ ᠬᠡᠯᠡᠶ᠎ᠡ
ᠠᠵᠠ ᠵᠢᠷᠭᠠᠯ ᠬᠦᠰᠡᠶ᠎ᠡ
ᠠᠨᠳᠠ ᠨᠠᠢᠵᠠ ᠨᠤᠭᠤᠳ ᠢ᠋ᠶ᠋ᠠᠨ ᠳᠡᠭᠡᠵᠢᠯᠡᠨ
ᠠᠶ᠎ᠠ ᠳᠠᠭᠤᠤ ᠪᠠᠷ ᠪᠡᠯᠡᠭ ᠪᠠᠷᠢᠵᠤ
ᠣᠷᠭᠢᠯᠤᠭᠤᠨ ᠳᠠᠷᠠᠰᠤ ᠲᠠᠢ ᠬᠤᠨᠳᠠᠭ᠎ᠠ ᠪᠠᠨ ᠡᠷᠭᠦᠨ
ᠣᠳᠣᠳ ᠲᠠᠢ ᠬᠠᠮᠲᠤ ᠪᠥᠵᠢᠭᠯᠡᠶ᠎ᠡ
ᠦᠦᠷ ᠪᠢᠲᠡᠭᠡᠢ ᠴᠠᠢᠭᠠᠰᠠᠢ
ᠦᠷᠭᠦᠯᠵᠢ ᠬᠠᠮᠲᠤ ᠪᠠᠢᠭᠠᠰᠠᠢ
ᠵᠥᠩᠳᠡᠭᠡᠨ ᠤᠳᠠᠭᠠᠨ ᠡᠢᠮᠦ ᠭᠣᠶᠣ ᠪᠠᠢᠬᠤ ᠤᠤ
ᠠᠵᠠ ᠵᠢᠷᠭᠠᠯ ᠢ᠋ ᠬᠠᠮᠲᠤ ᠬᠠᠢᠬᠤ ᠤᠤ
ᠭᠡᠭᠡᠨ ᠵᠢᠷᠭᠠᠯᠲᠠᠢ ᠪᠠᠶᠠᠷ ᠤ᠋ᠨ ᠡᠳᠦᠷ
ᠭᠢᠲ᠋ᠠᠷ ᠪᠠᠷᠢᠨ ᠳᠠᠭᠤᠯᠠᠨ ᠪᠥᠵᠢᠭᠯᠡᠶ᠎ᠡ
ᠦ ᠁ ᠦ ᠁
ᠥᠷᠯᠥᠭᠡ ᠪᠣᠯᠲᠠᠯ᠎ᠠ ᠨᠠᠳᠠ ᠲᠠᠢ ᠬᠠᠮᠲᠤ ᠳᠠᠭᠤᠯᠠᠭᠠᠴᠢ
ᠦ ᠁ ᠦ ᠁
ᠭᠠᠭᠴᠠᠬᠠᠨ ᠵᠦᠢᠯ ᠢ᠋ ᠴᠢᠮ᠎ᠠ ᠳ᠋ᠤ᠌ ᠬᠡᠯᠡᠶ᠎ᠡ
ᠠᠵᠠ ᠵᠢᠷᠭᠠᠯ ᠬᠦᠰᠡᠶ᠎ᠡ
ᠭᠡᠭᠡᠨ ᠵᠢᠷᠭᠠᠯᠲᠠᠢ ᠪᠠᠶᠠᠷ ᠤ᠋ᠨ ᠡᠳᠦᠷ
ᠭᠢᠲ᠋ᠠᠷ ᠢ᠋ᠶ᠋ᠠᠨ ᠪᠠᠷᠢᠨ ᠳᠠᠭᠤᠯᠠᠨ ᠪᠥᠵᠢᠭᠯᠡᠶ᠎ᠡ
ᠦ ᠁ ᠦ ᠁
ᠥᠷᠯᠥᠭᠡ ᠪᠣᠯᠲᠠᠯ᠎ᠠ ᠨᠠᠳᠠ ᠲᠠᠢ ᠬᠠᠮᠲᠤ ᠳᠠᠭᠤᠯᠠᠭᠠᠴᠢ
ᠦ ᠁ ᠦ ᠁
ᠭᠠᠭᠴᠠᠬᠠᠨ ᠵᠦᠢᠯ ᠢ᠋ ᠴᠢᠮ᠎ᠠ ᠳ᠋ᠤ᠌ ᠬᠡᠯᠡᠶ᠎ᠡ
ᠠᠵᠠ ᠵᠢᠷᠭᠠᠯ ᠬᠦᠰᠡᠶ᠎ᠡ
ᠭᠡᠭᠡᠨ ᠵᠢᠷᠭᠠᠯᠲᠠᠢ ᠪᠠᠶᠠᠷ ᠤ᠋ᠨ ᠡᠳᠦᠷ
ᠭᠢᠲ᠋ᠠᠷ ᠢ᠋ᠶ᠋ᠠᠨ ᠪᠠᠷᠢᠨ ᠳᠠᠭᠤᠯᠠᠨ ᠪᠥᠵᠢᠭᠯᠡᠶ᠎ᠡ
ᠦ ᠁ ᠦ ᠁
ᠥᠷᠯᠥᠭᠡ ᠪᠣᠯᠲᠠᠯ᠎ᠠ ᠨᠠᠳᠠ ᠲᠠᠢ ᠬᠠᠮᠲᠤ ᠳᠠᠭᠤᠯᠠᠭᠠᠴᠢ
ᠦ ᠁ ᠦ ᠁
ᠭᠠᠭᠴᠠᠬᠠᠨ ᠵᠦᠢᠯ ᠢ᠋ ᠴᠢᠮ᠎ᠠ ᠳ᠋ᠤ᠌ ᠬᠡᠯᠡᠶ᠎ᠡ
ᠠᠵᠠ ᠵᠢᠷᠭᠠᠯ ᠬᠦᠰᠡᠶ᠎ᠡ
ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
ᠬᠢᠨᠠᠭᠴᠢ᠄ ᠪᠠᠳᠠᠷᠠᠯᠲᠤ
