ᠪᠠᠭᠰᠢ ᠮᠢᠨᠦ ᠵᠢᠷᠭᠠᠯ-ᠮᠠᠨᠳᠤᠬᠤ ᠪᠠᠭᠰᠢ ᠶᠢᠨ ᠤᠷᠠᠨ ᠪᠢᠴᠢᠯᠭᠡ
ᠪᠠᠭᠰᠢ ᠮᠢᠨᠦ ᠵᠢᠷᠭᠠᠯ
ᠦ ᠶ᠋ᠢᠨ ᠪᠢᠷ ᠲᠡᠢ ᠴᠠᠭ ᠪᠦᠷᠢ ᠨᠥᠬᠥᠷᠯᠡᠭᠡᠳ
ᠣᠯᠠᠨ ᠬᠡᠦᠬᠡᠳ ᠲᠡᠢ ᠡᠳᠦᠷ ᠪᠦᠷᠢ ᠱᠤᠤᠭᠢᠯᠳᠤᠭᠠᠳ
ᠣᠯᠳᠠᠰᠢ ᠦᠭᠡᠢ ᠡᠨᠡ ᠠᠵᠢᠯ ᠳ᠋ᠠᠭᠠᠨ
ᠣᠮᠣᠭᠰᠢᠵᠤ ᠶᠠᠪᠤᠬᠤ ᠨᠢ ᠮᠢᠨᠦ ᠵᠢᠷᠭᠠᠯ
ᠪᠠᠭᠠᠴᠤᠳ ᠤ᠋ᠨ ᠲᠥᠯᠥᠭᠡ ᠪᠠᠬᠠᠲᠠᠢ ᠠᠵᠢᠯᠯᠠᠬᠤ ᠨᠢ
ᠪᠠᠭᠰᠢ ᠮᠢᠨᠦ ᠵᠢᠩᠬᠢᠨᠢ ᠵᠢᠷᠭᠠᠯ ᠠ᠋᠃
ᠰᠢᠨ᠎ᠡ ᠡᠷᠳᠡᠮ ᠢ᠋ ᠰᠢᠮᠳᠠᠨ ᠰᠤᠷᠬᠤ ᠳ᠋ᠤᠨᠢ
ᠴᠠᠭᠠᠰᠤ ᠨᠢ ᠪᠣᠯᠤᠭᠰᠠᠨ ᠴᠤ᠌ ᠳᠤᠷᠠᠲᠠᠢ ᠪᠢ
ᠰᠢᠨᠵᠢᠯᠡᠬᠦ ᠤᠬᠠᠭᠠᠨ ᠤ᠋ ᠣᠷᠭᠢᠯ ᠳ᠋ᠤ᠌ ᠠᠪᠠᠷᠢᠬᠤ ᠳ᠋ᠤᠨᠢ
ᠵᠠᠮ ᠨᠢ ᠪᠣᠯᠤᠭᠰᠠᠨ ᠴᠤ᠌ ᠪᠠᠶᠠᠷᠲᠠᠢ ᠪᠢ
ᠪᠠᠭᠠᠴᠤᠳ ᠤ᠋ᠨ ᠲᠥᠯᠥᠭᠡ ᠪᠠᠬᠠᠲᠠᠢ ᠠᠵᠢᠯᠯᠠᠬᠤ ᠨᠢ
ᠪᠠᠭᠰᠢ ᠮᠢᠨᠦ ᠵᠢᠩᠬᠢᠨᠢ ᠵᠢᠷᠭᠠᠯ ᠠ᠋᠃
ᠬᠥᠮᠦᠨ ᠦ᠌ ᠣᠷᠴᠢᠯᠠᠩ ᠳ᠋ᠤ᠌ ᠣᠶᠤᠲᠠᠨ ᠢ᠋ ᠪᠡᠯᠡᠭᠯᠡᠵᠦ
ᠬᠦᠰᠡᠯᠡᠩ ᠦ᠋ᠨ ᠢᠷᠡᠭᠡᠳᠦᠢ ᠳ᠋ᠦ᠍ ᠬᠥᠯᠥᠰᠥ ᠪᠡᠨ ᠨᠡᠮᠡᠷᠢᠯᠡᠭᠡᠳ
ᠬᠥᠮᠦᠨ ᠲᠥᠷᠥᠯᠬᠢᠲᠡᠨ ᠦ᠌ ᠣᠶᠤᠨ ᠤ᠋ ᠢᠨᠵᠧᠨᠧᠷ ᠭᠡᠵᠦ
ᠬᠦᠨᠳᠦᠯᠡᠭᠳᠡᠵᠦ ᠶᠠᠪᠤᠬᠤ ᠨᠢ ᠮᠢᠨᠦ ᠵᠢᠷᠭᠠᠯ
ᠪᠠᠭᠠᠴᠤᠳ ᠤ᠋ᠨ ᠲᠥᠯᠥᠭᠡ ᠪᠠᠬᠠᠲᠠᠢ ᠠᠵᠢᠯᠯᠠᠬᠤ ᠨᠢ
ᠪᠠᠭᠰᠢ ᠮᠢᠨᠦ ᠵᠢᠩᠬᠢᠨᠢ ᠵᠢᠷᠭᠠᠯ ᠠ᠋
ᠪᠠᠭᠠᠴᠤᠳ ᠤ᠋ᠨ ᠲᠥᠯᠥᠭᠡ ᠪᠠᠬᠠᠲᠠᠢ ᠠᠵᠢᠯᠯᠠᠬᠤ ᠨᠢ
ᠪᠠᠭᠰᠢ ᠮᠢᠨᠦ ᠵᠢᠩᠬᠢᠨᠢ ᠵᠢᠷᠭᠠᠯ ᠠ᠋᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
