ᠡᠷᠪᠡᠬᠡᠢ-ᠤᠷᠠᠨᠵᠠᠶᠠᠭ᠎ᠠUranzaya-Erveehii Б.Уранзаяа-Эрвээхий ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠪᠡᠬᠡᠢ-ᠤᠷᠠᠨᠵᠠᠶᠠᠭ᠎ᠠUranzaya-Erveehii Б.Уранзаяа-Эрвээхий

ᠡᠷᠪᠡᠬᠡᠢ-ᠤᠷᠠᠨᠵᠠᠶᠠᠭ᠎ᠠUranzaya-Erveehii Б.Уранзаяа-Эрвээхий

ᠠᠩᠭᠢᠯᠠᠯ:ᠳᠠᠭᠤᠤ ᠬᠥᠭᠵᠢᠮ
2024-01-14

703

ᠡᠷᠪᠡᠬᠡᠢ

   ᠦᠭᠡ ᠠᠶ᠎ᠠ᠄ ᠵ᠂ ᠣᠳᠬᠣᠨᠪᠠᠶᠠᠷ
   ᠳᠠᠭᠤᠴᠢᠨ᠄  ᠤ᠋᠂ ᠤᠷᠠᠨᠵᠠᠶᠠᠭ᠎ᠠ

ᠴᠠᠮᠢᠨ ᠭᠠᠩᠭᠠᠩ ᠥᠩᠭᠡ ᠨᠢ ᠰᠣᠯᠣᠩᠭᠠᠷᠠᠭᠠᠳ
ᠴᠢᠩᠬ᠎ᠠ ᠳᠡᠭᠡᠷ᠎ᠡ ᠨᠢ ᠡᠷᠭᠢᠯᠳᠦᠭᠰᠡᠨ ᠠᠯᠲᠠᠨ ᠵᠤᠯᠠ
ᠴᠢ ᠪᠢᠳᠡ ᠬᠣᠶᠠᠷ ᠤ᠋ᠨ ᠵᠤᠯᠠᠢ ᠳ᠋ᠤ᠌ ᠪᠠᠳᠮᠠᠯᠠᠭᠰᠠᠨ
ᠴᠢᠩ ᠬᠠᠢᠷ᠎ᠠ ᠶ᠋ᠢᠨ ᠠᠮᠢᠨ ᠴᠡᠴᠡᠭ
ᠴᠡᠯᠮᠡᠭ ᠲᠡᠭᠷᠢ ᠶ᠋ᠢᠨ ᠮᠠᠨᠳᠠᠯ ᠳ᠋ᠤ᠌ ᠬᠥᠭᠡᠷᠦᠭᠡᠳ
ᠰᠣᠯᠣᠩᠭ᠎ᠠ ᠲᠠᠲᠠᠭᠠᠳ
ᠨᠠᠮᠠᠶ᠋ᠢ ᠪᠠᠶᠠᠰᠬᠠᠭᠰᠠᠨ
ᠡᠷᠪᠡᠬᠡᠢ ᠴᠢ ᠨᠢᠰᠳᠡᠭ ᠴᠡᠴᠡᠭ

ᠭᠠᠩᠭᠠᠩ ᠲᠠᠩᠰᠤᠭ ᠥᠩᠭᠡ ᠪᠡᠨ ᠭᠠᠢᠬᠠᠭᠤᠯᠤᠭᠠᠳ
ᠭᠠᠷ ᠳᠡᠭᠡᠷ᠎ᠡ ᠮᠢᠨᠢ ᠡᠷᠭᠢᠯᠳᠦᠭᠰᠡᠨ ᠬᠣᠩᠭᠣᠷ ᠵᠤᠯᠠ
ᠴᠢ ᠪᠢᠳᠡ ᠬᠣᠶᠠᠷ ᠤ᠋ᠨ ᠵᠢᠷᠦᠬᠡᠨ ᠳ᠋ᠦ᠍ ᠪᠠᠳᠮᠠᠯᠠᠭᠰᠠᠨ
ᠴᠢᠩ ᠬᠠᠢᠷ᠎ᠠ ᠶ᠋ᠢᠨ ᠠᠮᠢᠨ ᠴᠡᠴᠡᠭ
ᠴᠡᠯᠮᠡᠭ ᠲᠡᠭᠷᠢ ᠶ᠋ᠢᠨ ᠮᠠᠨᠳᠠᠯ ᠳ᠋ᠤ᠌ ᠬᠥᠭᠡᠷᠦᠭᠡᠳ
ᠰᠣᠯᠣᠩᠭ᠎ᠠ ᠲᠠᠲᠠᠭᠠᠳ
ᠨᠠᠮᠠᠶ᠋ᠢ ᠪᠠᠶᠠᠰᠬᠠᠭᠰᠠᠨ
ᠡᠷᠪᠡᠬᠡᠢ ᠴᠢ ᠨᠢᠰᠳᠡᠭ ᠴᠡᠴᠡᠭ

ᠠᠷᠢᠭᠤᠨ ᠲᠠᠩᠰᠤᠭ ᠥᠩᠭᠡ ᠪᠡᠨ ᠭᠠᠢᠬᠠᠭᠤᠯᠤᠭᠠᠳ
ᠠᠯᠠᠭᠠᠨ ᠳᠡᠭᠡᠷ᠎ᠡ ᠮᠢᠨᠢ ᠡᠷᠭᠢᠯᠳᠦᠭᠰᠡᠨ ᠭᠡᠷᠡᠯᠲᠦ ᠵᠤᠯᠠ
ᠴᠢ ᠪᠢᠳᠡ ᠬᠣᠶᠠᠷ ᠤ᠋ᠨ ᠰᠡᠳᠬᠢᠯ ᠳ᠋ᠦ᠍ ᠨᠠᠬᠢᠶᠠᠯᠠᠭᠰᠠᠨ
ᠴᠢᠩ ᠬᠠᠢᠷ᠎ᠠ ᠶ᠋ᠢᠨ ᠠᠮᠢᠨ ᠴᠡᠴᠡᠭ
ᠴᠡᠯᠮᠡᠭ ᠲᠡᠭᠷᠢ ᠶ᠋ᠢᠨ ᠮᠠᠨᠳᠠᠯ ᠳ᠋ᠤ᠌ ᠬᠥᠭᠡᠷᠦᠭᠡᠳ
ᠰᠣᠯᠣᠩᠭ᠎ᠠ ᠲᠠᠲᠠᠭᠠᠳ
ᠨᠠᠮᠠᠶ᠋ᠢ ᠪᠠᠶᠠᠰᠬᠠᠭᠰᠠᠨ
ᠡᠷᠪᠡᠬᠡᠢ ᠴᠢ ᠨᠢᠰᠳᠡᠭ ᠴᠡᠴᠡᠭ

ᠴᠠᠮᠢᠨ ᠭᠠᠩᠭᠠᠩ ᠥᠩᠭᠡ ᠨᠢ ᠰᠣᠯᠣᠩᠭᠠᠷᠠᠭᠠᠳ
ᠴᠢᠩᠬ᠎ᠠ ᠳᠡᠭᠡᠷ᠎ᠡ ᠮᠢᠨᠢ ᠡᠷᠭᠢᠯᠳᠦᠭᠰᠡᠨ ᠠᠯᠲᠠᠨ ᠵᠤᠯᠠ
ᠴᠢ ᠪᠢᠳᠡ ᠬᠣᠶᠠᠷ ᠤ᠋ᠨ ᠵᠤᠯᠠᠢ ᠳ᠋ᠤ᠌ ᠪᠠᠳᠮᠠᠯᠠᠭᠰᠠᠨ
ᠴᠢᠩ ᠬᠠᠢᠷ᠎ᠠ ᠶ᠋ᠢᠨ ᠠᠮᠢᠨ ᠴᠡᠴᠡᠭ
ᠴᠡᠯᠮᠡᠭ ᠲᠡᠭᠷᠢ ᠶ᠋ᠢᠨ ᠮᠠᠨᠳᠠᠯ ᠳ᠋ᠤ᠌ ᠬᠥᠭᠡᠷᠦᠭᠡᠳ
ᠰᠣᠯᠣᠩᠭ᠎ᠠ ᠲᠠᠲᠠᠭᠠᠳ
ᠨᠠᠮᠠᠶ᠋ᠢ ᠪᠠᠶᠠᠰᠬᠠᠭᠰᠠᠨ
ᠡᠷᠪᠡᠬᠡᠢ ᠴᠢ ᠨᠢᠰᠳᠡᠭ ᠴᠡᠴᠡᠭ
ᠴᠡᠯᠮᠡᠭ ᠲᠡᠭᠷᠢ ᠶ᠋ᠢᠨ ᠮᠠᠨᠳᠠᠯ ᠳ᠋ᠤ᠌ ᠬᠥᠭᠡᠷᠦᠭᠡᠳ
ᠰᠣᠯᠣᠩᠭ᠎ᠠ ᠲᠠᠲᠠᠭᠠᠳ
ᠨᠠᠮᠠᠶ᠋ᠢ ᠪᠠᠶᠠᠰᠬᠠᠭᠰᠠᠨ
ᠡᠷᠪᠡᠬᠡᠢ ᠴᠢ ᠨᠢᠰᠳᠡᠭ ᠴᠡᠴᠡᠭ
ᠡᠷᠪᠡᠬᠡᠢ ᠴᠢ ᠨᠢᠰᠳᠡᠭ ᠴᠡᠴᠡᠭ

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
   ᠬᠢᠨᠠᠭᠴᠢ᠄ ᠪᠠᠳᠠᠷᠠᠯᠲᠤ