ᠡᠬᠡ ᠬᠡᠯᠡ ᠮᠢᠨᠢ- ᠪᠠᠲᠤᠪᠤᠶᠠᠨЭх хэл минь-Батбуяан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ ᠮᠢᠨᠢ- ᠪᠠᠲᠤᠪᠤᠶᠠᠨЭх хэл минь-Батбуяан

ᠡᠬᠡ ᠬᠡᠯᠡ ᠮᠢᠨᠢ- ᠪᠠᠲᠤᠪᠤᠶᠠᠨЭх хэл минь-Батбуяан

2024-01-14

563

ᠡᠬᠡ ᠬᠡᠯᠡ ᠮᠢᠨᠢ

         ᠪᠠᠲᠤᠪᠤᠶᠠᠨ 

ᠡᠨᠡ ᠳᠡᠯᠡᠬᠡᠢ ᠳ᠋ᠦ᠍ ᠡᠵᠢ ᠳᠠᠭᠤᠳᠠᠭᠤᠯᠤᠭᠰᠠᠨ ᠡᠭᠡᠰᠢᠭ ᠠᠶᠠᠯᠭᠤ 
ᠡᠨᠡᠷᠢᠯ ᠬᠠᠢᠷ᠎ᠠ ᠶ᠋ᠢ ᠵᠢᠷᠦᠬᠡᠨ ᠳ᠋ᠦ᠍ ᠤᠶᠠᠩᠭᠠᠯᠠᠬᠤ ᠰᠡᠳᠬᠢᠯ ᠦ᠋ᠨ ᠲᠡᠩᠬᠡᠭᠡ 
ᠡᠷ᠎ᠡ ᠪᠣᠰᠤᠭ᠎ᠠ ᠣᠮᠣᠭ ᠰᠢᠪᠡᠨᠡᠭᠰᠡᠨ ᠬᠦᠰᠡᠯ ᠦ᠋ᠨ ᠳᠠᠭᠤᠯᠠᠯ 
ᠶᠡᠬᠡ ᠳᠠᠯᠠᠢ ᠠ᠋ᠴᠠ ᠡᠷᠳᠡᠨᠢ ᠱᠦᠭᠦᠬᠦ ᠣᠶᠤᠨ ᠤ᠋ ᠲᠦᠯᠬᠢᠭᠦᠷ 
ᠡᠬᠡ ᠬᠡᠯᠡ ᠮᠢᠨᠢ! 
ᠵᠣᠪᠠᠬᠤ ᠴᠠᠭ ᠲᠤ ᠵᠣᠷᠢᠭ ᠨᠡᠮᠡᠬᠦ ᠠᠮᠤ ᠬᠦᠨᠡᠰᠦ 
ᠵᠢᠷᠭᠠᠯᠲᠠᠢ ᠨᠠᠰᠤᠨ ᠳ᠋ᠤ᠌ ᠵᠢᠭᠦᠷ ᠳᠡᠯᠭᠡᠬᠦ ᠮᠣᠩᠭᠣᠯ ᠠᠭᠠᠷ 
ᠵᠡᠭᠦᠳᠦᠨ ᠶᠢᠷᠲᠢᠨᠴᠦ ᠳ᠋ᠦ᠍ ᠰᠠᠨᠠᠭᠰᠠᠨ ᠢ᠋ᠶ᠋ᠠᠨ ᠪᠡᠶᠡᠯᠡᠭᠦᠯᠬᠦ ᠰᠣᠯᠣᠩᠭ᠎ᠠ ᠭᠡᠭᠡ 
ᠵᠢᠷᠦᠬᠡᠨ ᠡᠴᠡ ᠰᠠᠴᠤᠷᠠᠬᠤ ᠮᠣᠩᠭᠣᠯ ᠨᠠᠢᠷᠠᠭ— 
ᠡᠬᠡ ᠬᠡᠯᠡ ᠮᠢᠨᠢ! 
ᠤᠷᠲᠤ ᠶ᠋ᠢᠨ ᠳᠠᠭᠤᠤ ᠶ᠋ᠢᠨ ᠢᠷᠠᠭᠤ ᠨᠤᠭᠤᠯᠭᠠᠨ ᠳ᠋ᠤ᠌ 
ᠬᠦᠰᠡᠯ ᠳᠠᠯᠠᠯᠤᠨ ᠳᠠᠭᠰᠢᠭᠰᠠᠨ
ᠪᠣᠷᠣᠬᠠᠨ ᠬᠠᠢᠷ᠎ᠠ ᠶ᠋ᠢᠨ ᠮᠢᠨᠢ ᠬᠦᠯᠦᠭ
ᠪᠣᠳᠣᠯ ᠭᠣᠶᠣᠯᠠᠭᠰᠠᠨ ᠰᠣᠯᠣᠩᠭᠠᠨ ᠮᠥᠷᠥᠭᠡᠳᠦᠯ—
ᠡᠬᠡ ᠬᠡᠯᠡ ᠮᠢᠨᠢ!
ᠲᠩᠷᠢ ᠡᠴᠡ ᠬᠡᠷᠡᠯᠳᠦᠵᠦ ᠪᠠᠭᠤᠬᠤ
ᠳᠡᠭᠡᠳᠦᠰ ᠦ᠋ᠨ ᠠᠮᠢᠰᠬᠤᠭ᠎ᠠ ᠲᠠᠢ᠂
ᠳᠤᠷᠠᠯᠠᠯ ᠰᠤᠳᠠᠯ ᠢ᠋ᠶ᠋ᠠᠷ ᠯᠤᠭᠰᠢᠬᠤ
ᠳᠣᠯᠣᠭᠠᠨ ᠪᠤᠷᠬᠠᠨ ᠭᠡᠢᠭᠦᠯᠦᠭᠴᠢ ᠲᠡᠢ
ᠵᠦᠩ ᠰᠣᠪᠢᠩ ᠭᠠᠳᠠᠷᠯᠠᠬᠤ
ᠵᠦᠢᠯ ᠦ᠋ᠨ ᠮᠢᠩᠭᠠᠨ ᠠᠪᠢᠶ᠎ᠠ ᠲᠠᠢ
ᠵᠢᠷᠦᠬᠡᠨ ᠦ᠌ ᠳᠣᠯᠭᠢᠶ᠎ᠠ ᠴᠢᠩᠨᠠᠬᠤ
ᠵᠡᠭᠦᠳᠦ ᠠᠨᠢᠷᠯᠠᠭᠰᠠᠨ ᠡᠭᠡᠰᠢᠭ ᠲᠡᠢ᠁
ᠡᠬᠡ ᠬᠡᠯᠡ ᠮᠢᠨᠢ!
ᠶᠠᠭᠤ ᠪᠠᠷ ᠴᠤ᠌ ᠰᠣᠯᠢᠵᠤ ᠪᠣᠯᠣᠰᠢ ᠦᠭᠡᠢ ᠰᠡᠳᠬᠢᠯ ᠦ᠋ᠨ ᠳᠠᠭᠤᠯᠠᠯ
ᠶᠡᠷᠦᠳᠡᠭᠡᠨ ᠥᠲᠡᠯᠬᠦ ᠶ᠋ᠢ ᠮᠡᠳᠡᠬᠦ ᠦᠭᠡᠢ ᠳᠤᠷᠠᠯᠠᠯ ᠤ᠋ᠨ ᠠᠮᠢᠰᠬᠤᠭ᠎ᠠ—
ᠡᠬᠡ ᠬᠡᠯᠡ ᠮᠢᠨᠢ!

   ᠠᠯᠠᠱᠠ ᠠᠢᠮᠠᠭ ᠤ᠋ᠨ ᠡᠵᠡᠨ᠎ᠡ ᠬᠤᠰᠢᠭᠤᠨ ᠤ᠋ ᠮᠥᠩᠭᠦᠲᠦ ᠭᠠᠴᠠᠭ᠎ᠠ
   ᠦᠰᠦᠭ ᠠᠮᠢᠯᠠᠭᠤᠯᠤᠭᠰᠠᠨ᠄ ᠪᠠᠶᠠᠨᠰᠡᠷᠡᠩ
   ᠬᠢᠨᠠᠭᠴᠢ ᠪᠠᠭᠰᠢ᠄ ᠣᠳᠬᠠᠨᠰᠣ᠎ᠠ